ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠠᠷᠪᠠᠨ ᠨᠢᠭᠡ> Хан мунын сүүрс < дээд > – Мөнх зохиоов ᠂ Тэргүүн бодь – Нэгдүгээр бүлэг <11> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠠᠷᠪᠠᠨ ᠨᠢᠭᠡ> Хан мунын сүүрс < дээд > – Мөнх зохиоов ᠂ Тэргүүн бодь – Нэгдүгээр бүлэг <11>

ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠠᠷᠪᠠᠨ ᠨᠢᠭᠡ> Хан мунын сүүрс < дээд > – Мөнх зохиоов ᠂ Тэргүүн бодь – Нэгдүгээр бүлэг <11>

ᠠᠩᠭᠢᠯᠠᠯ:ᠲᠤᠭᠤᠵᠢ ᠷᠣᠮᠠᠨ
2024-05-07

362

ᠲᠡᠷᠢᠭᠦᠨ ᠪᠣᠲᠢ – ᠨᠢᠭᠡᠳᠦᠭᠡᠷ ᠪᠦᠯᠦᠭ < ᠠᠷᠪᠠᠨ ᠨᠢᠭᠡ >


                   ᠠᠷᠪᠠᠨ ᠨᠢᠭᠡ

       ᠨᠣᠢᠷ ᠢ᠋ ᠨᠢ ᠨᠥᠭᠦᠭᠡ ᠬᠣᠶᠠᠷ ᠡᠷ᠎ᠡ ᠭᠠᠨᠵᠤᠭᠠᠯᠠᠭᠠᠳ ᠶᠠᠪᠤᠴᠢᠬᠠᠪᠠ ᠤᠤ ᠭᠡᠮᠡᠷ ᠰᠥᠨᠢᠵᠢᠨ ᠨᠣᠢᠷ ᠬᠤᠯᠵᠢᠭᠠᠳ ᠤᠨᠲᠠᠵᠤ ᠣᠷᠣᠭᠰᠠᠨ ᠦᠭᠡᠢ ᠠᠩᠴᠢᠨᠵᠠᠪ ᠡᠷᠲᠡ ᠪᠣᠰᠴᠤ ᠬᠦᠷᠡᠩ ᠦᠷᠢᠶ᠎ᠡ ᠪᠡᠨ ᠡᠮᠡᠭᠡᠯᠯᠡᠴᠢᠬᠡᠭᠡᠳ᠄ 
       — ᠡᠵᠢ ᠠ᠋᠂ ᠥᠨᠥᠳᠥᠷ ᠪᠢ ᠪᠠᠰᠠ ᠤᠯᠠᠮᠪᠠᠶᠠᠷ ᠲᠠᠢᠵᠢ ᠶ᠋ᠢᠨ ᠦᠷᠢᠶ᠎ᠡ ᠬᠠᠭᠠᠷᠢᠬᠤ ᠳ᠋ᠤᠨᠢ ᠬᠠᠮᠵᠢᠯᠴᠠᠨ᠎ᠠ᠃ ᠪᠢ ᠡᠷᠲᠡᠬᠡᠨ ᠰᠢᠭ ᠣᠴᠢᠶ᠎ᠠ ᠳᠠ! ᠭᠡᠳ ᠡᠵᠢ ᠪᠡᠨ ᠬᠠᠭᠤᠷᠴᠤ ᠣᠷᠬᠢᠭᠠᠳ ᠪᠤᠲᠠ ᠪᠣᠷᠣᠯᠵᠢ ᠲᠠᠢ ᠳᠣᠪᠣᠴᠠᠭ ᠤ᠋ᠨ ᠴᠠᠭᠠᠭᠤᠷ ᠪᠠᠷ᠎ᠠ ᠳᠠᠯᠳᠠᠷᠠᠮᠠᠭᠴᠠ ᠵᠢᠯᠣᠭᠣ ᠪᠠᠨ ᠵᠠᠯᠠᠨ ᠥᠴᠥᠭᠡᠳᠦᠷ ᠦ᠋ᠨ ᠲᠡᠷᠡ ᠬᠣᠶᠠᠷ ᠰᠠᠢᠨ ᠡᠷ᠎ᠡ ᠶᠢᠨ ᠬᠦᠯᠦᠭ ᠦ᠋ᠨ ᠮᠥᠷ ᠢ᠋ᠶ᠋ᠡᠷ ᠳᠣᠪᠲᠣᠯᠵᠤ ᠵᠠᠮ ᠳ᠋ᠤ᠌ ᠲᠠᠭᠠᠷᠠᠯᠳᠤᠭᠰᠠᠨ ᠠᠳᠤᠭᠤᠳ ᠠ᠋ᠴᠠ ᠶᠡᠭᠦᠯᠡᠯᠭᠡ ᠶ᠋ᠢᠨ ᠤᠨᠤᠭ᠎ᠠ ᠪᠠᠷᠢᠵᠤ ᠬᠥᠲᠥᠯᠦᠭᠡᠳ ᠮᠣᠷᠳᠠᠪᠠ᠃ 
       ᠬᠦᠷᠡᠩ ᠦᠷᠢᠶ᠎ᠡ ᠡᠬᠢᠯᠡᠭᠡᠳ ᠳᠠᠪᠬᠢᠬᠤ ᠳ᠋ᠠᠭᠠᠨ ᠠᠮᠠ ᠬᠠᠲᠠᠭᠤ ᠴᠤᠯᠪᠤᠭᠤᠷ ᠢ᠋ᠶ᠋ᠠᠨ ᠳᠤᠭᠲᠤᠷᠤᠨ ᠳᠠᠪᠬᠢᠬᠤ ᠲᠤᠯᠠ ᠡᠵᠡᠨ ᠦ᠌ ᠪᠡᠨ ᠰᠡᠳᠬᠢᠯ ᠢ᠋ ᠪᠠᠶᠠᠰᠬᠠᠬᠤ《 ᠰᠠᠢᠨ ᠮᠣᠷᠢ ᠡᠷ᠎ᠡ ᠬᠥᠮᠦᠨ ᠦ᠌ ᠬᠠᠨᠢ》 ᠭᠡᠵᠦ ᠠᠷᠭ᠎ᠠ ᠦᠭᠡᠢ ᠯᠡ ᠦᠨᠡᠨ ᠶᠦᠮ ᠳᠡ! ᠭᠡᠵᠦ ᠠᠩᠴᠢᠨᠵᠠᠪ ᠪᠣᠳᠣᠵᠤ ᠶᠠᠪᠤᠨ᠎ᠠ᠃ 
       ᠲᠠᠴᠢᠭᠢᠨᠠᠨ ᠳᠠᠪᠬᠢᠬᠤ ᠲᠤᠭᠤᠷᠠᠢ ᠶ᠋ᠢᠨ ᠴᠢᠮᠡᠭᠡ ᠭᠠᠵᠠᠷ ᠤ᠋ᠨ ᠪᠥᠮᠪᠥᠷᠴᠡᠭ ᠦ᠋ᠨ ᠠᠰᠤᠷᠤ ᠶᠡᠬᠡ ᠠᠷᠠᠰᠤᠨ ᠬᠡᠩᠭᠡᠷᠭᠡ ᠶ᠋ᠢ ᠳᠡᠯᠡᠳᠴᠦ ᠳᠣᠪᠲᠣᠯᠤᠭ᠎ᠠ ᠴᠤ᠌ ᠶᠤᠮ ᠰᠢᠭ᠋ ᠠᠢᠵᠠᠮᠲᠠᠢ ᠰᠣᠨᠣᠰᠳᠠᠬᠤ ᠨᠢ ᠰᠡᠳᠬᠢᠯ ᠳ᠋ᠦ᠍ᠨᠢ ᠨᠢᠭᠡ ᠯᠡ ᠲᠡᠨᠢᠭᠦᠨ ᠪᠠᠢᠪᠠ᠃ 
       ᠠᠩᠴᠢᠨᠵᠠᠪ ᠶᠠᠭ ᠯᠠ ᠬᠠᠳᠠᠨ ᠬᠣᠩᠬᠣᠯ ᠳ᠋ᠠᠬᠢ ᠡᠭᠦᠷ ᠡᠴᠡ ᠪᠡᠨ ᠠᠩᠬ᠎ᠠ ᠵᠢᠭᠦᠷ ᠳᠠᠯᠠᠪᠴᠢ ᠪᠠᠨ ᠳᠠᠩᠰᠠᠨ ᠨᠢᠰᠴᠦ ᠪᠠᠢᠭ᠎ᠠ ᠵᠤᠯᠵᠠᠭᠠᠨ ᠪᠦᠷᠭᠦᠳ ᠰᠢᠭ ᠴᠡᠯᠡᠭᠡᠷ ᠠᠭᠤᠵᠢᠮ ᠣᠭᠲᠠᠷᠭᠤᠢ ᠳ᠋ᠤ᠌ ᠡᠷᠬᠡ ᠳᠤᠷ᠎ᠠ ᠪᠠᠷ ᠢ᠋ᠶ᠋ᠠᠨ ᠳᠡᠭᠦᠯᠢᠨ ᠨᠢᠰᠴᠦ ᠬᠥᠷᠥᠰᠥᠲᠦ ᠳᠡᠯᠡᠬᠡᠢ ᠶ᠋ᠢᠨ ᠠᠯᠢᠪᠠ ᠪᠦᠬᠦᠨ ᠢ᠋ ᠨᠡᠪᠲᠡ ᠬᠠᠷᠠᠬᠤ ᠰᠢᠭ᠋ ᠪᠥᠭᠡᠳ ᠭᠥᠷᠥᠭᠡᠰᠦ ᠠᠮᠢᠲᠠᠨ ᠢ᠋ ᠳᠤᠷ᠎ᠠ ᠮᠡᠳᠡᠨ ᠰᠢᠭᠦᠷᠡᠵᠦ ᠮᠡᠳᠡᠬᠦ ᠣᠣᠷ ᠴᠢᠨᠠᠷ ᠤ᠋ᠨ ᠢ᠋ᠶ᠋ᠠᠨ ᠵᠠᠩ ᠠᠷᠠᠨᠰᠢᠨ ᠳ᠋ᠤ᠌ ᠡᠷᠳᠦᠵᠦ ᠥᠨᠳᠥᠷ ᠲᠦ᠍ ᠬᠠᠯᠢᠨ ᠠᠯᠤᠰ ᠢ᠋ ᠪᠠᠷᠠᠯᠠᠬᠤ ᠰᠢᠭ᠋ ᠣᠮᠣᠭᠣᠯᠠᠩ ᠰᠠᠨᠠᠭᠳᠠᠬᠤ ᠳ᠋ᠤ᠌᠂ 
          ᠡᠷ᠎ᠡ ᠪᠣᠷᠣ ᠬᠠᠷᠴᠠᠭᠠᠢ 
          ᠰᠢᠭᠦᠷᠡᠯᠭᠡᠨ ᠳ᠋ᠡᠭᠡᠨ ᠬᠦᠴᠦᠲᠡᠢ ᠳᠡ  
          ᠢᠳᠡᠷ ᠵᠠᠯᠠᠭᠤ ᠨᠠᠰᠤ ᠪᠠᠨ 
          ᠳᠠᠩᠴᠤ ᠠᠵᠢᠭ ᠦᠭᠡᠢ ᠥᠩᠭᠡᠷᠡᠭᠡᠯ᠎ᠡ        
          ᠠᠷᠰᠯᠠᠨ ᠤ᠋ ᠬᠣᠶᠠᠷ ᠵᠤᠯᠵᠠᠭ᠎ᠠ 
          ᠠᠭᠤᠯᠠᠨ ᠳ᠋ᠠᠭᠠᠨ ᠬᠦᠴᠦᠲᠡᠢ ᠳᠡ᠁ ᠭᠡᠵᠦ《 ᠡᠷ᠎ᠡ ᠪᠣᠷᠣ ᠬᠠᠷᠴᠠᠭᠠᠢ》 ᠶ᠋ᠢ ᠰᠢᠷᠤᠩᠬᠠᠢᠯᠠᠨ ᠳᠠᠭᠤᠯᠠᠬᠤ ᠳ᠋ᠤ᠌ ᠬᠦᠷᠡᠩ ᠦᠷᠢᠶ᠎ᠡ ᠴᠦ᠍ ᠡᠵᠡᠨ ᠦ᠌ ᠪᠡᠨ ᠣᠮᠣᠭᠣᠯᠠᠩ ᠰᠠᠨᠠᠭ᠎ᠠ ᠶ᠋ᠢ ᠣᠢᠯᠠᠭᠠᠭᠰᠠᠨ ᠰᠢᠭ᠋ ᠴᠢᠨᠣ᠎ᠠ ᠶ᠋ᠢᠨ ᠬᠣᠶᠠᠷ ᠴᠢᠬᠢ ᠪᠡᠨ ᠬᠤᠯᠮᠠᠯᠵᠠᠭᠤᠯᠤᠨ ᠳᠠᠪᠬᠢᠨ᠎ᠠ᠁  
       ᠠᠭᠤᠯᠠ ᠨᠢᠷᠤᠭᠤᠳ ᠬᠥᠲᠥᠯ ᠳᠠᠪᠠᠭ᠎ᠠ᠂ ᠭᠣᠪᠢ ᠲᠠᠯ᠎ᠠ᠂ ᠵᠢᠯᠠᠭ᠎ᠠ ᠬᠥᠨᠳᠡᠢ ᠶ᠋ᠢ ᠲᠤᠭᠤᠯᠵᠤ᠂ ᠨᠥᠭᠦᠭᠡ ᠬᠣᠶᠠᠷ ᠮᠣᠷᠢᠲᠠᠨ ᠤ᠋ ᠶᠠᠪᠤᠭᠰᠠᠨ ᠮᠥᠷ ᠢ᠋ ᠠᠯᠳᠠᠯ ᠦᠭᠡᠢ ᠮᠥᠷᠳᠡᠵᠦ ᠶᠠᠪᠤᠨ᠎ᠠ᠃ ᠬᠣᠨᠣᠭᠠᠳ ᠶᠠᠪᠤᠭᠠᠳ ᠲᠡᠷᠡ ᠬᠣᠶᠠᠷ ᠤ᠋ᠨ ᠪᠠᠷ᠎ᠠ ᠶ᠋ᠢ ᠴᠦ᠍ ᠣᠯᠵᠤ ᠬᠠᠷᠠᠭᠰᠠᠨ ᠦᠭᠡᠢ᠃ ᠨᠥᠭᠦᠭᠡ ᠬᠣᠶᠠᠷ ᠡᠷ᠎ᠡ ᠴᠦ᠍ ᠮᠥᠨ ᠳᠣᠬᠢ ᠲᠣᠯᠣᠭᠠᠢ ᠪᠣᠯᠤᠯᠲᠠᠢ᠃ ᠡᠳᠦᠷ ᠢ᠋ᠶ᠋ᠡᠷ ᠪᠠᠭᠤᠷᠠᠢᠬᠠᠨ ᠠᠢᠯ ᠰᠣᠩᠭᠣᠵᠤ ᠦᠳᠡᠯᠡᠨ ᠬᠣᠭᠣᠯᠠᠢ ᠪᠠᠨ ᠨᠤᠷᠠᠭᠠᠵᠤ ᠰᠥᠨᠢ ᠳ᠋ᠡᠭᠡᠨ ᠬᠡᠭᠡᠷ᠎ᠡ ᠬᠣᠨᠣᠳᠠᠭ ᠪᠣᠯᠤᠯ᠎ᠠ᠃ 
       ᠲᠡᠷᠡ ᠬᠣᠶᠠᠷ ᠡᠷ᠎ᠡ ᠶ᠋ᠢᠨ ᠥᠴᠥᠭᠡᠳᠦᠷ ᠰᠥᠨᠢ ᠶ᠋ᠢᠨ ᠪᠠᠭᠤᠳᠠᠯᠯᠠᠵᠤ ᠬᠣᠨᠣᠭᠯᠠᠭᠰᠠᠨ ᠪᠠᠭᠤᠷᠢ ᠠ᠋ᠴᠠ ᠣᠷᠣᠰ ᠰᠢᠬᠢᠷ ᠦ᠋ᠨ ᠴᠠᠭᠠᠰᠤ᠂ ᠶᠨᠨᠵᠤᠤᠷ ᠲᠠᠮᠠᠬᠢᠨ ᠤ᠋ ᠲᠥᠭᠥᠴᠡᠭ᠂ ᠮᠥᠯᠵᠢᠭᠰᠡᠨ ᠰᠡᠭᠡᠷ ᠶᠠᠰᠤ᠂ ᠴᠣᠭᠣᠯᠤᠭᠰᠠᠨ ᠲᠠᠯᠤᠨ ᠤ᠋ ᠶᠠᠰᠤ ᠵᠡᠷᠭᠡ ᠶ᠋ᠢ ᠬᠠᠷᠠᠪᠠ᠃ ᠴᠠᠢᠲᠠᠯ᠎ᠠ ᠴᠡᠪᠡᠷᠬᠡᠨ ᠴᠠᠭᠠᠯᠠᠭᠰᠠᠨ ᠲᠠᠯᠤᠨ ᠤ᠋ ᠶᠠᠰᠤ ᠶ᠋ᠢ ᠴᠥᠮᠥᠯᠵᠦ ᠭᠠᠯ ᠳ᠋ᠤ᠌ ᠲᠦᠯᠡᠭᠡᠳ ᠮᠥᠷ ᠵᠦᠭ ᠢ᠋ᠶ᠋ᠡᠨ ᠲᠥᠯᠭᠡ ᠦᠵᠡᠵᠦ ᠪᠤᠷᠤᠭᠤᠯᠠᠭᠰᠠᠨ ᠨᠢ ᠢᠯᠡᠳᠲᠡ᠃ ᠣᠷᠣᠰ ᠰᠢᠬᠢᠷ ᠦ᠋ᠨ ᠴᠠᠭᠠᠰᠤ᠂ ᠶᠠᠨᠵᠤᠤᠷ ᠲᠠᠮᠠᠬᠢᠨ ᠤ᠋ ᠲᠥᠭᠥᠴᠡᠭ ᠡᠴᠡ ᠨᠢ ᠰᠢᠨᠵᠢᠪᠡᠯ ᠭᠠᠵᠠᠷ ᠡᠯᠡᠭᠡᠵᠦ ᠨᠢᠳᠦ ᠨᠡᠭᠡᠭᠡᠭᠰᠡᠨ ᠬᠠᠰᠢᠷ ᠭᠠᠷ ᠭᠡᠰᠡᠨ ᠨᠢ ᠮᠡᠳᠡᠭᠳᠡᠨ᠎ᠡ᠃ ᠤᠯᠠᠮ ᠢ᠋ᠶ᠋ᠠᠷ ᠡᠨᠡ ᠬᠣᠶᠠᠷ ᠬᠥᠮᠦᠨ ᠦ᠌ ᠬᠢᠳᠡᠯ ᠠᠷᠠᠨᠰᠢᠨ ᠨᠢ ᠲᠠᠨᠢᠭᠳᠠᠬᠤ ᠳ᠋ᠤ᠌ ᠠᠩᠴᠢᠨᠵᠠᠪ《 ᠭᠤᠨᠠᠨ ᠪᠠᠳᠠᠢ ᠲᠠᠢ ᠴᠠᠭᠠᠭᠤᠷ ᠢ᠋ᠶ᠋ᠠᠨ ᠬᠣᠯᠪᠣᠭ᠎ᠠ ᠲᠠᠢ ᠰᠠᠢᠨ ᠡᠷ᠎ᠡ ᠪᠠᠢᠵᠤ ᠲᠠᠭᠠᠷᠠᠨ᠎ᠠ》 ᠭᠡᠵᠦ ᠪᠦᠷ ᠴᠦ᠍ ᠬᠦᠴᠦᠲᠡᠢ ᠪᠣᠳᠣᠭᠳᠠᠭᠠᠳ ᠪᠠᠢᠬᠤ ᠪᠣᠯᠪᠠ᠃ ᠠᠩᠴᠢᠨᠵᠠᠪ ᠡᠨᠡ ᠬᠣᠶᠠᠷ ᠡᠷ᠎ᠡ ᠶ᠋ᠢ ᠵᠠᠪᠠᠯ ᠬᠥᠭᠡᠭᠡᠵᠦ ᠭᠦᠢᠴᠡᠨ ᠬᠠᠨᠢᠯᠠᠵᠤ ᠭᠤᠨᠠᠨ ᠪᠠᠳᠠᠢ ᠲᠠᠢ ᠪᠡᠶ᠎ᠡ ᠪᠡᠷ ᠢ᠋ᠶ᠋ᠡᠨ ᠠᠭᠤᠯᠵᠠᠵᠤ《 ᠰᠠᠢᠨ ᠡᠷ᠎ᠡ ᠲᠡᠢ ᠬᠠᠨᠢᠯᠠᠵᠤ ᠰᠠᠢᠨ ᠬᠦᠯᠦᠭ ᠡᠳ᠋ᠯᠡᠬᠦ ᠶᠤᠮᠰᠠᠨ 》ᠭᠡᠰᠡᠨ ᠭᠣᠷᠢᠳᠠᠯ ᠨᠢ ᠲᠡᠭᠦᠨ ᠦ᠌ ᠪᠣᠳᠣᠯ ᠳᠤ ᠴᠠᠭ ᠲᠣᠰᠤᠮ ᠥᠰᠴᠦ᠂ ᠥᠰᠬᠦ ᠲᠣᠰᠤᠮ ᠠᠭᠤᠯᠵᠠᠬᠤ ᠶ᠋ᠢ ᠶᠠᠭᠠᠷᠠᠨ ᠣᠢ ᠪᠣᠳᠣᠯ ᠤ᠋ᠨ ᠵᠠᠢ ᠳ᠋ᠤᠨᠢ ᠭᠠᠵᠠᠷ ᠠᠪᠴᠤ ᠠᠮᠤᠷ ᠪᠠᠢᠯᠭᠠᠬᠤ ᠦᠭᠡᠢ ᠪᠣᠯᠪᠠ᠃ ᠲᠡᠷᠡ ᠡᠵᠢ ᠶ᠋ᠢᠨ ᠢ᠋ᠶ᠋ᠡᠨ ᠭᠤᠨᠢᠭ ᠤ᠋ᠨ ᠨᠢᠳᠦ᠂ ᠭᠣᠮᠣᠳᠠᠯ ᠤ᠋ᠨ ᠰᠡᠭᠦᠷᠡᠰᠦ ᠡᠴᠡ《 ᠡᠴᠢᠭᠡ ᠴᠢᠨᠢ ᠮᠥᠨ ᠤᠷᠢᠳᠤ ᠰᠢᠯᠢ ᠶ᠋ᠢᠨ ᠰᠠᠢᠨ ᠡᠷ᠎ᠡ ᠪᠠᠢᠭᠰᠠᠨ ᠶᠤᠮ᠃ ᠰᠣᠯᠢ᠂ ᠭᠣᠣᠯ ᠤ᠋ᠨ ᠳ᠋ᠠᠬᠢ ᠠᠵᠢᠷᠭᠠᠲᠤ ᠶ᠋ᠢᠨ ᠬᠠᠯᠲᠠᠷ ᠬᠠᠯᠢᠭᠤᠨ ᠢ᠋ ᠪᠠᠷᠢᠵᠤ ᠬᠦᠯᠦᠭ ᠪᠣᠯᠭᠠᠵᠤ᠂ ᠪᠠᠶᠠᠳ ᠨᠣᠶᠠᠳ ᠤ᠋ᠨ ᠠᠳᠤᠭᠤᠨ ᠠ᠋ᠴᠠ ᠲᠠᠰᠤᠳᠠᠵᠤ ᠬᠥᠭᠡᠭᠡᠭᠡᠳ ᠡᠮᠦᠨ᠎ᠡ ᠭᠣᠪᠢ ᠶ᠋ᠢᠨ ᠴᠠᠭᠠᠭᠤᠷ ᠠᠪᠠᠴᠢᠵᠤ ᠪᠣᠷᠣᠯᠠᠭᠤᠯᠳᠠᠭ ᠪᠠᠢᠯ᠎ᠠ᠁ ᠬᠤᠢ ᠰᠢᠭ᠋ ᠬᠤᠷᠳᠤᠨ ᠳᠠᠬᠢ ᠶ᠋ᠢᠨ ᠬᠠᠯᠢᠭᠤᠨ ᠮᠣᠷᠢ ᠪᠠᠨ ᠤᠨᠤᠵᠤ ᠰᠠᠯᠬᠢ ᠲᠠᠢ ᠤᠷᠤᠯᠳᠤᠨ ᠭᠣᠪᠢ ᠶ᠋ᠢᠨ ᠬᠠᠷ᠎ᠠ ᠰᠡᠭᠦᠯᠲᠦ ᠶ᠋ᠢ ᠮᠣᠷᠢᠨ ᠳᠡᠭᠡᠷ᠎ᠡ ᠡᠴᠡ ᠪᠡᠨ ᠰᠢᠭᠦᠷᠡᠵᠦ ᠳᠡᠭᠦᠷᠦᠭᠡᠳ ᠢᠷᠡᠳᠡᠭ ᠰᠠᠢᠨ ᠡᠷ᠎ᠡ ᠪᠠᠢᠭᠰᠠᠨ᠁》 ᠭᠡᠵᠦ ᠣᠯᠠᠨᠲᠠ ᠬᠡᠯᠡᠵᠦ ᠪᠠᠢᠭᠰᠠᠨ ᠢ᠋ ᠰᠠᠨᠠᠵᠤ《 ᠰᠡᠭᠦᠯ ᠦ᠋ᠨ ᠦᠶ᠎ᠡ ᠳ᠋ᠦ᠍ ᠰᠠᠢᠨ ᠡᠷ᠎ᠡ ᠶᠠᠪᠤᠭᠰᠠᠨ ᠡᠴᠢᠭᠡ ᠶ᠋ᠢᠨ ᠰᠤᠪᠢᠨ ᠪᠠᠢᠨ ᠪᠠᠢᠨ ᠪᠡᠶ᠎ᠡ ᠳ᠋ᠦ᠍ᠨᠢ ᠣᠷᠣᠰᠢᠵᠤ ᠪᠤᠯᠴᠢᠩ ᠰᠢᠷᠪᠥᠰᠥ ᠨᠢ ᠬᠠᠲᠠᠭᠤᠵᠢᠨ ᠵᠠᠩᠭᠢᠷᠠᠬᠤ ᠪᠣᠯᠤᠭᠰᠠᠨ》 ᠰᠢᠭ᠋ ᠰᠠᠨᠠᠭᠳᠠᠳᠠᠭ ᠪᠣᠯᠵᠠᠢ᠃ ᠭᠡᠨᠡᠳᠲᠡ ᠬᠡᠵᠢᠶᠡᠳᠡ ᠮᠠᠭᠤ ᠬᠦᠦ ᠶ᠋ᠢᠨ ᠢ᠋ᠶ᠋ᠡᠨ ᠬᠣᠢᠨ᠎ᠠ ᠠ᠋ᠴᠠ ᠰᠠᠨᠠᠭ᠎ᠠ ᠪᠣᠯᠳᠠᠭ ᠡᠵᠢ ᠪᠡᠨ ᠬᠠᠭᠤᠷᠴᠤ ᠬᠣᠨᠣᠭᠤᠲᠠ ᠥᠨᠵᠢᠭᠦᠲᠡ ᠠᠯᠠᠭ᠎ᠠ ᠪᠣᠯᠬᠤ ᠳ᠋ᠤ᠌《ᠬᠦᠦ ᠮᠢᠨᠢ ᠶᠠᠭᠠᠬᠢᠪᠠ?》 ᠭᠡᠵᠦ ᠰᠠᠷᠠᠪᠴᠢᠯᠠᠵᠤ ᠵᠣᠭᠰᠣᠭᠰᠠᠨ ᠡᠵᠢ ᠶ᠋ᠢᠨ ᠬᠢᠨᠢ ᠪᠠᠷ᠎ᠠ ᠪᠥᠷᠲᠥᠯᠵᠡᠬᠦ ᠰᠢᠭ ᠪᠣᠯᠬᠤ ᠳ᠋ᠤ᠌ ᠬᠡᠰᠡᠭ ᠲᠡᠭᠡᠨ ᠵᠣᠷᠢᠭ ᠮᠣᠬᠣᠵᠤ ᠵᠢᠯᠣᠭᠣ ᠡᠷᠭᠢᠭᠦᠯᠴᠢᠬᠡᠮᠡᠷ ᠰᠠᠨᠠᠭᠳᠠᠨ᠎ᠠ᠃《 ( ᠡᠷ᠎ᠡ ᠬᠥᠮᠦᠨ ᠰᠠᠨᠠᠭᠰᠠᠨ ᠳ᠋ᠠᠭᠠᠨ ᠬᠦᠷᠬᠦ ᠦᠭᠡᠢ ᠪᠣᠯ ᠡᠯᠢᠭᠡ ᠨᠢ ᠬᠠᠲᠠᠵᠤ ᠦᠬᠦᠨ᠎ᠡ᠂ ᠡᠷ᠎ᠡ ᠬᠦᠯᠦᠭ ᠵᠣᠷᠢᠭᠰᠠᠨ ᠳ᠋ᠠᠭᠠᠨ ᠬᠦᠷᠬᠦ ᠦᠭᠡᠢ ᠪᠣᠯ ᠲᠤᠭᠤᠷᠠᠢ ᠨᠢ ᠬᠠᠲᠠᠵᠤ ᠦᠬᠦᠨ᠎ᠡ) ᠭᠡᠳᠡᠭ ᠰᠢᠦ! ᠡᠵᠢ ᠮᠢᠨᠢ ᠲᠠ ᠰᠠᠨᠠᠭ᠎ᠠ ᠠᠮᠤᠷ ᠪᠠᠢ᠂ ᠪᠢ ᠵᠠᠪᠠᠯ ᠡᠨᠡ ᠬᠣᠶᠠᠷ ᠰᠠᠢᠨ ᠡᠷ᠎ᠡ ᠲᠡᠢ ᠠᠭᠤᠯᠵᠠᠵᠤ ᠬᠡᠯᠡ ᠤᠯᠠ ᠪᠠᠨ ᠣᠯᠤᠯᠴᠠᠭᠠᠳ ᠪᠤᠴᠠᠨ᠎ᠠ᠃ ᠪᠣᠯᠣᠮᠵᠢᠲᠠᠢ ᠪᠣᠯ ᠬᠠᠯᠲᠠᠷ ᠬᠡᠭᠡᠷ ᠢ᠋ ᠨᠢ ᠶᠡᠭᠦᠯᠡᠵᠦ ᠤᠨᠤᠭᠠᠳ ᠬᠠᠷᠢᠨ᠎ᠠ᠁》 ᠭᠡᠵᠦ ᠪᠡᠶ᠎ᠡ ᠪᠡᠨ ᠵᠥᠪᠲᠦᠭᠡᠨ ᠵᠣᠷᠢᠭ ᠬᠥᠪᠴᠢᠯᠡᠨ ᠴᠢᠨᠠᠭᠰᠢᠳᠠ ᠶᠠᠪᠤᠭᠰᠠᠭᠠᠷ ᠪᠠᠢᠪᠠ᠃  
       ᠭᠤᠷᠪᠠᠳᠠᠬᠢ ᠡᠳᠦᠷ ᠦ᠋ᠨ ᠨᠠᠷᠠ ᠤᠨᠠᠬᠤ ᠠᠯᠲᠠ ᠪᠠᠷ ᠠᠩᠴᠢᠨᠵᠠᠪ ᠬᠥᠬᠡ ᠬᠠᠳᠠ ᠲᠠᠢ ᠨᠠᠮᠬᠠᠨ ᠪᠣᠨᠲᠣᠭᠣᠷ ᠲᠣᠯᠣᠭᠠᠢ ᠳᠡᠭᠡᠷ᠎ᠡ ᠭᠠᠷᠤᠭᠠᠳ ᠮᠣᠷᠢᠨ ᠠ᠋ᠴᠠ ᠪᠠᠨ ᠪᠠᠭᠤᠪᠠ᠃ 
       ᠬᠣᠶᠠᠷ ᠮᠣᠷᠢ ᠮᠤᠨᠳᠠᠭ᠎ᠠ ᠮᠤᠨᠳᠠᠭ᠎ᠠ ᠪᠠᠨ ᠫᠡᠷ ᠫᠡᠷ ᠬᠠᠵᠠᠯᠠᠨ ᠳᠣᠷᠭᠢᠵᠤ ᠬᠥᠯᠥᠰᠥ ᠪᠡᠨ ᠵᠢᠭᠠᠬᠠᠨ ᠰᠡᠪᠢᠵᠦ ᠨᠢᠷᠤᠭᠤ ᠲᠡᠨᠢᠢᠬᠦ ᠶᠤᠮᠰᠠᠨ ᠭᠡᠰᠡᠨ ᠰᠢᠤᠬᠠᠨ ᠢᠵᠢᠯᠢᠳᠦᠨ᠎ᠡ᠃ 
       ᠲᠡᠷᠲᠡᠭᠡ ᠵᠡᠭᠦᠨ ᠬᠣᠢᠨ᠎ᠠ ᠳᠣᠪᠣᠴᠠᠭ ᠤ᠋ᠨ ᠡᠩᠭᠡᠷ ᠲᠦ᠍ ᠵᠢᠵᠢᠭ ᠴᠠᠭᠠᠨ ᠮᠠᠢᠬᠠᠨ ᠱᠣᠪᠣᠢᠵᠤ ᠬᠠᠷᠠᠭᠳᠠᠨ ᠲᠡᠳᠡᠨ ᠡᠴᠡ ᠨᠡᠯᠢᠶᠡᠳ ᠵᠠᠢᠰ ᠬᠣᠲᠣᠭᠣᠷ ᠲᠤ᠌ ᠬᠣᠶᠠᠷ ᠪᠠᠷᠠᠭᠠᠨ ᠮᠣᠷᠢ ᠬᠠᠷᠠᠭᠳᠠᠨ᠎ᠠ᠃ 
       — ᠡᠨᠡ ᠬᠣᠶᠠᠷ ᠰᠠᠢᠨ ᠡᠷ᠎ᠡ ᠥᠨᠥ ᠰᠥᠨᠢ ᠡᠨᠳᠡ ᠬᠣᠨᠣᠭᠯᠠᠬᠤ ᠨᠢ ᠠ᠋᠃ ᠰᠢᠭᠤᠳ ᠬᠦᠷᠴᠦ ᠠᠭᠤᠯᠵᠠᠪᠠᠯ ᠶᠠᠭᠠᠬᠢᠳᠠᠭ ᠪᠣᠯ? ᠨᠠᠮᠠᠶ᠋ᠢ ᠲᠡᠳᠡᠨ ᠢ᠋ ᠬᠣᠨᠣᠭᠤᠲᠠ ᠥᠨᠵᠢᠭᠦᠲᠡ ᠭᠡᠲᠡᠵᠦ ᠳᠠᠭᠠᠯ᠎ᠠ ᠭᠡᠵᠦ ᠬᠠᠷᠠᠳᠠᠬᠤ ᠪᠣᠯ ᠤᠤ? ᠲᠡᠭᠡᠪᠡᠯ ᠴᠦ᠍ ᠪᠢ ᠭᠠᠭᠴᠠ ᠪᠡᠶ᠎ᠡ᠂ ᠲᠡᠳᠡ ᠬᠣᠶᠠᠭᠤᠯᠠ ᠪᠣᠯᠬᠣᠷ ᠨᠠᠮᠠᠶ᠋ᠢ ᠶᠠᠭᠠᠬᠢᠵᠤ ᠴᠦ᠍ ᠴᠢᠳᠠᠨ᠎ᠠ ᠳᠠ! ᠠᠢᠯ ᠠᠮᠢᠲᠠᠨ ᠠ᠋ᠴᠠ ᠵᠠᠢᠳᠠᠭᠤ ᠶᠠᠪᠤᠵᠤ ᠬᠣᠨᠣᠵᠤ ᠬᠡᠪᠲᠡᠳᠡᠭ ᠨᠢ ᠴᠠᠭᠠᠨ᠎ᠠ ᠪᠠᠨ ᠯᠠᠪ ᠤᠴᠢᠷ ᠲᠠᠢ᠃ ᠡᠨᠡ ᠦᠶ᠎ᠡ ᠳ᠋ᠦ᠍ ᠶᠠᠪᠤᠭᠠᠳ ᠣᠴᠢᠪᠠᠯ ᠳᠠᠩᠴᠤ ᠴᠣᠴᠢᠮᠠᠭᠳᠠᠵᠤ ᠰᠡᠵᠢᠭ ᠦᠭᠡᠢ ᠬᠥᠮᠦᠨ ᠳ᠋ᠦ᠍ ᠰᠡᠵᠢᠭ ᠣᠷᠣᠭᠤᠯᠤᠨ ᠶᠠᠭᠤᠮ᠎ᠠ ᠪᠤᠷᠤᠭᠤ ᠪᠠᠷ ᠡᠷᠭᠢᠵᠦ ᠮᠠᠭᠠᠳ ᠦᠭᠡᠢ ᠭᠡᠵᠦ ᠪᠣᠳᠣᠩᠭᠤᠲᠠ ᠲᠡᠷᠡ ᠪᠣᠨᠲᠣᠭᠣᠷ ᠲᠣᠯᠣᠭᠠᠢ ᠳᠡᠭᠡᠷ᠎ᠡ ᠡᠴᠡ ᠱᠠᠯᠠᠪᠬᠠᠨ ᠪᠠᠭᠤᠵᠤ ᠳᠠᠯᠳᠠ ᠣᠷᠣᠪᠠ᠃  ᠠᠩᠴᠢᠨᠵᠠᠪ᠂ ᠡᠨᠡ ᠬᠣᠶᠠᠷ ᠰᠠᠢᠨ ᠡᠷ᠎ᠡ ᠶ᠋ᠢ ᠳᠣᠲᠣᠷ᠎ᠠ ᠠ᠋ᠴᠠ ᠪᠠᠨ ᠪᠢᠰᠢᠷᠡᠵᠦ ᠶᠠᠪᠤᠭ᠎ᠠ ᠨᠢ ᠭᠤᠨᠠᠨ ᠪᠠᠳᠠᠢ ᠶ᠋ᠢ ᠰᠢᠳᠦᠨ ᠪᠢᠰᠢᠷᠡᠳᠡᠭ ᠲᠡᠢ ᠬᠣᠯᠪᠣᠭ᠎ᠠ ᠲᠠᠢ ᠶᠤᠮ᠃ ᠰᠠᠢᠨ ᠡᠷ᠎ᠡ ᠲᠡᠢ ᠵᠠᠮ ᠬᠠᠨᠢᠰᠠᠬᠤ ᠭᠡᠵᠦ ᠬᠣᠨᠣᠭᠤᠲᠠ ᠥᠨᠵᠢᠭᠦᠲᠡ ᠡᠳᠡ ᠬᠣᠶᠠᠷ ᠢ᠋ ᠨᠡᠬᠡᠵᠦ ᠲᠠᠭᠤᠵᠤ ᠶᠠᠪᠤᠭᠠᠳ ᠠᠭᠤᠯᠵᠠᠬᠤ ᠶ᠋ᠢᠨ ᠲᠣᠯᠣᠭᠠᠢ ᠳᠡᠭᠡᠷ᠎ᠡ ᠶᠠᠪᠤᠳᠠᠯ ᠪᠤᠷᠤᠭᠤ ᠪᠠᠷ ᠡᠷᠭᠢᠵᠦ ᠴᠠᠭᠠᠳᠤᠭᠤᠯᠠ ᠨᠢ ᠰᠡᠵᠢᠭᠯᠡᠭᠡᠳ ᠥᠪᠡᠷ ᠢ᠋ ᠨᠢ ᠦᠭᠡᠢ ᠬᠢᠴᠢᠬᠡᠬᠦ ᠡᠴᠡ ᠬᠢᠴᠢᠶᠡᠳᠡᠭ ᠨᠢ ᠪᠠᠰᠠ ᠴᠦ᠍ ᠡᠷ᠎ᠡ ᠬᠥᠮᠦᠨ ᠦ᠌ ᠬᠡᠷᠰᠡᠦ ᠵᠠᠩ᠃ ᠠᠩᠴᠢᠨᠵᠠᠪ ᠳᠣᠲᠣᠷ᠎ᠠ ᠪᠠᠨ《 ᠵᠠ᠂ ᠪᠠᠢᠵᠠ! ᠬᠠᠷᠠᠩᠭᠤᠢ ᠪᠣᠯᠭᠠᠵᠤ ᠪᠠᠢᠭᠠᠳ ᠬᠠᠯᠲᠠᠷ ᠬᠡᠭᠡᠷ ᠢ᠋ ᠨᠢ ᠶᠡᠭᠦᠯᠡᠵᠦ ᠤᠨᠤᠭᠠᠳ ᠣᠷᠣᠨ ᠳ᠋ᠤᠨᠢ ᠬᠦᠷᠡᠩ ᠦᠷᠢᠶ᠎ᠡ ᠡᠨᠡ ᠬᠣᠶᠠᠷ ᠢ᠋ᠶ᠋ᠠᠨ ᠣᠷᠬᠢᠵᠤ ᠭᠡᠷ ᠵᠦᠭ ᠢ᠋ᠶ᠋ᠡᠨ ᠪᠤᠴᠠᠶ᠎ᠠ!》 ᠭᠡᠵᠦ ᠰᠥᠨᠢ ᠪᠡᠷ ᠬᠥᠳᠡᠯᠬᠦ ᠪᠡᠷ ᠪᠣᠯᠤᠭᠠᠳ ᠮᠣᠷᠢᠳ ᠤ᠋ᠨ ᠢ᠋ᠶ᠋ᠠᠨ ᠬᠠᠵᠠᠭᠠᠷ ᠢ᠋ ᠮᠤᠯᠲᠤᠯᠤᠨ ᠡᠮᠡᠭᠡᠯ ᠢ᠋ ᠨᠢ ᠬᠠᠭᠤᠯᠵᠤ ᠡᠪᠡᠰᠦ ᠬᠠᠵᠠᠯᠠᠭᠤᠯᠤᠭᠠᠳ᠂ ᠲᠣᠬᠣᠮ ᠢ᠋ᠶ᠋ᠠᠨ ᠳᠡᠪᠢᠰᠴᠦ ᠡᠮᠡᠭᠡᠯ ᠢ᠋ᠶ᠋ᠡᠨ ᠳᠡᠷᠡᠯᠡᠭᠡᠳ ᠠᠮᠠᠷᠠᠪᠠ᠃ 
       ᠥᠩᠭᠡᠷᠡᠭᠴᠢ ᠵᠢᠯ ᠪᠠᠶᠠᠷᠲᠤ ᠯᠠᠮᠠᠬᠦᠦ ᠬᠣᠶᠠᠷ ᠭᠤᠨᠠᠨ ᠪᠠᠳᠠᠢ ᠲᠠᠢ ᠲᠠᠮᠢᠷ ᠤ᠋ᠨ ᠬᠥᠨᠳᠡᠢ ᠡᠴᠡ ᠯᠤᠤ ᠬᠦᠩ ᠦ᠋ᠨ ᠨᠣᠶᠠᠨ ᠤ᠋ ᠠᠳᠤᠭᠤ ᠶ᠋ᠢ ᠲᠠᠰᠤᠳᠠᠵᠤ ᠬᠥᠭᠡᠭᠡᠭᠡᠳ ᠶᠠᠪᠤᠵᠤ ᠠᠲᠠᠯ᠎ᠠ ᠲᠠᠮᠢᠷ ᠤ᠋ᠨ ᠭᠣᠣᠯ ᠦᠶᠡᠷᠯᠡᠵᠦ ᠵᠠᠮ ᠪᠣᠭᠣᠭᠳᠠᠵᠠᠢ᠃ ᠠᠷᠤ ᠠ᠋ᠴᠠ ᠵᠠᠰᠠᠭᠲᠤ ᠬᠠᠨ ᠤ᠋ ᠴᠡᠷᠢᠭ ᠬᠥᠭᠡᠭᠡᠭᠰᠡᠨ ᠳ᠋ᠦ᠍ ᠠᠷᠭ᠎ᠠ ᠪᠤᠰᠤ ᠬᠡᠳᠦᠭᠦᠯᠡ ᠬᠡᠳᠦᠨ ᠲᠡᠢᠰᠢ ᠬᠡᠰᠡᠭ ᠪᠤᠰᠠᠭ ᠴᠥᠭᠡᠪᠦᠷ ᠠᠳᠤᠭᠤ ᠪᠤᠲᠠᠷᠠᠭᠠᠨ ᠬᠥᠭᠡᠭᠡᠵᠡᠢ᠃ ᠪᠠᠶᠠᠷᠲᠤ ᠬᠣᠶᠠᠭᠤᠯᠠ ᠲᠠᠮᠢᠷ ᠤ᠋ᠨ ᠭᠣᠣᠯ ᠤ᠋ᠨ ᠦᠶᠡᠷ ᠢ᠋ ᠠᠷᠠᠢ ᠴᠢᠷᠠᠢ ᠭᠠᠲᠤᠯᠵᠤ ᠨᠤᠲᠤᠭ ᠵᠦᠭ ᠢ᠋ᠶ᠋ᠡᠨ ᠭᠡᠯᠢᠭᠰᠡᠨ ᠬᠡᠳᠦᠬᠡᠨ ᠠᠳᠤᠭᠤ ᠲᠠᠢ ᠪᠠᠨ ᠭᠠᠨᠵᠤᠭ᠎ᠠ ᠰᠤᠯᠠ ᠪᠤᠴᠠᠪᠠ᠃ ᠭᠤᠨᠠᠨ ᠪᠠᠳᠠᠢ ᠮᠣᠷᠢ ᠠ᠋ᠴᠠ ᠪᠠᠨ ᠰᠠᠯᠵᠤ ᠦᠶᠡᠷ ᠲᠦ᠍ ᠬᠥᠪᠦᠨ ᠲᠡᠯᠴᠢᠯᠡᠵᠦ ᠶᠠᠪᠤᠭᠠᠳ ᠵᠠᠰᠠᠭ ᠤ᠋ᠨ ᠲᠠᠮᠠᠭ᠎ᠠ ᠶ᠋ᠢᠨ ᠲᠠᠬᠠᠷ ᠲᠤ ᠪᠠᠷᠢᠭᠳᠠᠭᠰᠠᠨ ᠢ᠋ ᠲᠣᠭᠣᠯᠤᠭ᠎ᠠ ᠦᠭᠡᠢ᠃ ᠨᠡᠩ ᠴᠤ᠌ ᠱᠣᠷᠣᠩ ᠳ᠋ᠤ᠌ ᠣᠷᠣᠵᠤ ᠰᠢᠷᠢᠯᠡᠭᠳᠡᠭᠰᠡᠨ ᠢ᠋ ᠲᠡᠳᠡ ᠶᠠᠭᠠᠬᠢᠨ ᠮᠡᠳᠡᠬᠦ ᠪᠢᠯᠡ⁈ ᠬᠠᠷᠢᠨ ᠲᠡᠷᠡ ᠡᠳᠦᠷ ᠵᠠᠮ ᠳ᠋ᠠᠭᠠᠨ ᠠᠢᠯ ᠳ᠋ᠤ᠌ ᠦᠳᠡᠯᠡᠵᠦ ᠰᠠᠭᠤᠬᠤ ᠵᠠᠭᠤᠷ᠎ᠠ ᠵᠢᠭᠠᠯ ᠬᠦᠦ ᠶ᠋ᠢᠨ ᠠᠮᠠᠨ ᠠ᠋ᠴᠠ《 ᠭᠤᠨᠠᠨ ᠪᠠᠳᠠᠢ ᠰᠠᠢᠨ ᠡᠷ᠎ᠡ ᠯᠤᠤ ᠬᠦᠩ ᠦ᠋ᠨ ᠨᠣᠶᠠᠨ ᠤ᠋ ᠰᠦᠷᠦᠭ ᠡᠴᠡ ᠠᠳᠤᠭᠤ ᠲᠠᠰᠤᠳᠠᠵᠤ ᠲᠠᠭᠤᠭᠠᠳ ᠪᠠᠷᠢᠭᠳᠠᠵᠤ ᠰᠠᠷᠯᠤᠭ ᠤ᠋ᠨ ᠲᠦᠭᠦᠬᠡᠢ ᠰᠢᠷᠢ ᠳ᠋ᠦ᠍ ᠰᠢᠷᠢᠯᠡᠭᠳᠡᠭᠰᠡᠨ᠁ ᠪᠠᠰᠠ ᠲᠡᠭᠡᠭᠡᠳ ᠣᠷᠭᠣᠭᠠᠳ ᠠᠯᠠᠭ᠎ᠠ ᠪᠣᠯᠴᠢᠬᠠᠯ᠎ᠠ》 ᠭᠡᠰᠡᠨ ᠴᠢᠮᠡᠭᠡ ᠰᠣᠨᠣᠰᠤᠭᠠᠳ ᠲᠣᠭᠲᠠᠪᠤᠷᠢ ᠠᠯᠲᠠᠨ ᠭᠤᠨᠠᠨ ᠪᠠᠳᠠᠢ ᠲᠠᠢ ᠱᠠᠯᠠᠪᠬᠠᠨ ᠠᠭᠤᠯᠵᠠᠬᠤ ᠶ᠋ᠢ ᠵᠣᠷᠢᠨ ᠶᠠᠪᠤᠵᠤ᠂ ᠭᠤᠷᠪᠠᠳᠠᠬᠢ ᠡᠳᠦᠷ ᠦ᠋ᠨ ᠪᠦᠷᠦᠢ ᠪᠣᠯᠬᠤ ᠳ᠋ᠤ᠌ ᠡᠨᠡ ᠳᠣᠪᠣᠴᠠᠭ ᠤ᠋ᠨ ᠡᠩᠭᠡᠷ ᠲᠦ᠍ ᠮᠠᠢᠬᠠᠨ ᠰᠢᠭᠠᠵᠤ ᠶᠠᠰᠤ ᠠᠮᠠᠷᠠᠭᠠᠵᠤ ᠪᠠᠢᠭ᠎ᠠ ᠨᠢ ᠡᠨᠡ ᠠᠵᠤᠭᠤ᠃  ᠠᠮᠢᠨ ᠤ᠋ ᠲᠠᠩᠭᠠᠷᠢᠭ ᠲᠠᠢ ᠠᠨᠳᠠ ᠶ᠋ᠢᠨ ᠢ᠋ᠶ᠋ᠡᠨ ᠠᠵᠠ ᠮᠠᠭᠤᠲᠠᠢ ᠰᠤᠷᠠᠭ ᠢ᠋ ᠰᠣᠨᠣᠰᠤᠭᠠᠳ ᠡᠳᠡ ᠬᠣᠶᠠᠷ ᠨᠢᠭᠡ ᠯᠡ ᠲᠣᠭᠲᠠᠪᠤᠷᠢ ᠦᠭᠡᠢ᠃ ᠶᠠᠪᠤᠵᠤ ᠰᠠᠭᠤᠬᠤ᠂ ᠬᠣᠨᠣᠵᠤ ᠬᠡᠪᠲᠡᠬᠦ᠂ ᠠᠢᠯ ᠬᠣᠲᠠ ᠳ᠋ᠤ᠌ ᠪᠠᠭᠤᠬᠤ᠂ ᠬᠥᠮᠦᠨ ᠠᠮᠢᠲᠠᠨ ᠲᠠᠢ ᠠᠭᠤᠯᠵᠠᠬᠤ ᠳ᠋ᠠᠭᠠᠨ ᠴᠦ᠍ ᠪᠣᠯᠭᠣᠮᠵᠢᠲᠠᠢ ᠬᠡᠷᠰᠡᠦᠬᠡᠨ ᠪᠠᠢᠵᠤ᠂ ᠣᠷᠣᠢ ᠤᠨᠲᠠᠬᠤ ᠳ᠋ᠠᠭᠠᠨ ᠴᠦ᠍ ᠡᠭᠡᠯᠵᠢ ᠪᠡᠷ ᠨᠢᠳᠦ ᠳᠠᠷᠤᠵᠤ ᠠᠪᠤᠨ᠎ᠠ᠃  ᠪᠠᠶᠠᠷᠲᠤ ᠮᠣᠷᠢ ᠪᠠᠨ ᠴᠢᠳᠥᠷᠯᠡᠵᠦ ᠲᠠᠯᠪᠢᠴᠢᠬᠠᠭᠠᠳ ᠮᠠᠢᠬᠠᠨ ᠳ᠋ᠠᠭᠠᠨ ᠪᠥᠬᠥᠰᠬᠢᠨ ᠣᠷᠣᠬᠤ ᠭᠡᠲᠡᠯ᠎ᠡ ᠬᠠᠮᠢᠭ᠎ᠠ ᠨᠢᠭᠡ ᠠᠭᠲᠠ ᠲᠤᠷᠭᠢᠬᠤ ᠴᠢᠮᠡᠭᠡ ᠰᠣᠨᠣᠰᠳᠠᠬᠤ ᠪᠠᠷ ᠭᠡᠳᠡᠷᠭᠦ ᠴᠤᠬᠤᠷᠢᠨ ᠭᠠᠷᠴᠤ《 ᠶᠠᠭᠤᠨ ᠤ᠋ ᠠᠳᠤᠭᠤ ᠲᠤᠷᠭᠢᠪᠠ?》 ᠭᠡᠵᠦ ᠰᠡᠵᠢᠭᠲᠡᠢ ᠨᠢᠳᠦ ᠪᠡᠷ ᠬᠡᠳᠦᠨ ᠲᠡᠢᠰᠢ ᠨᠢᠳᠦ ᠪᠡᠯᠴᠢᠭᠡᠪᠡᠯ ᠪᠠᠷᠠᠭᠤᠨ ᠡᠮᠦᠨ᠎ᠡ ᠨᠠᠮᠬᠠᠨ ᠰᠡᠬᠦᠢᠬᠦ ᠬᠥᠬᠡ ᠬᠠᠳᠠ ᠲᠠᠢ ᠬᠥᠲᠥᠯ ᠳᠡᠭᠡᠷ᠎ᠡ ᠬᠥᠲᠥᠯᠦᠭᠡ ᠮᠣᠷᠢ ᠲᠠᠢ ᠬᠥᠮᠦᠨ ᠴᠤᠬᠤᠰ ᠬᠠᠷᠠᠭᠳᠠᠭᠠᠳ ᠳᠠᠯᠳᠠᠷᠠᠭᠰᠡᠨ ᠢ᠋ ᠨᠠᠷᠢᠨ ᠠᠵᠢᠭᠯᠠᠪᠠ᠃ 
       — ᠥᠨᠥ ᠰᠥᠨᠢ ᠰᠡᠷᠡᠮᠵᠢᠲᠡᠢ ᠤᠨᠲᠠᠶ᠎ᠠ! ᠨᠢᠭᠡ ᠤᠴᠢᠷ ᠪᠣᠯᠵᠤ ᠮᠠᠭᠠᠳ ᠦᠭᠡᠢ ᠭᠡᠵᠦ ᠪᠠᠶᠠᠷᠲᠤ ᠶ᠋ᠢ ᠬᠡᠯᠡᠬᠦ ᠳ᠋ᠦ᠍ ᠯᠠᠮᠠᠬᠦᠦ᠄ 
       — ᠶᠠᠭᠠᠬᠢᠪᠠ? ᠭᠡᠵᠦ ᠠᠰᠠᠭᠤᠪᠠ᠃ 
       — ᠴᠠᠭᠠᠳᠤ ᠬᠥᠬᠡ ᠬᠠᠳᠠ ᠲᠠᠢ ᠬᠠᠮᠠᠷ ᠳᠡᠭᠡᠷ᠎ᠡ ᠬᠥᠲᠥᠯᠦᠭᠡ ᠮᠣᠷᠢ ᠲᠠᠢ ᠬᠥᠮᠦᠨ ᠪᠤᠯᠲᠠᠯᠵᠠᠵᠤ ᠠᠪᠤᠭᠠᠳ ᠳᠠᠯᠳᠠᠷᠠᠪᠠ᠃ 
       — ᠰᠠᠢᠬᠢ ᠮᠠᠨ ᠤ᠋ ᠰᠠᠢᠨ ᠡᠷ᠎ᠡ ᠪᠢᠰᠢ ᠪᠢᠵᠡ? 
       — ᠭᠤᠨᠠᠨ ᠪᠠᠳᠠᠢ ᠪᠠᠢᠭᠰᠠᠨ ᠪᠣᠯ ᠴᠢ ᠪᠢᠳᠡ ᠬᠣᠶᠠᠷ ᠤ᠋ᠨ ᠦᠨᠦᠷ ᠢ᠋ᠶ᠋ᠡᠷ ᠲᠠᠨᠢᠭᠠᠳ ᠠᠯᠢ ᠤᠵᠠᠭᠤᠷ ᠤ᠋ᠨ ᠦᠭᠡᠢ ᠥᠰᠥᠷᠬᠡᠭᠡᠳ ᠢᠷᠡᠭᠰᠡᠨ ᠪᠠᠢᠯᠭᠦᠢ!
       — ᠦᠭᠡᠢ ᠠ᠋᠂ ᠲᠡᠷᠡ ᠰᠠᠢᠨ ᠡᠷ᠎ᠡ ᠰᠥᠨᠢ ᠳᠦᠯᠢ ᠪᠡᠷ ᠴᠢᠳᠥᠷ ᠲᠡᠢ ᠮᠣᠷᠢ ᠶ᠋ᠢ ᠴᠢᠨᠢ ᠬᠣᠯᠬᠢᠵᠤ ᠭᠠᠳᠠᠰᠤ ᠲᠠᠢ ᠮᠠᠢᠬᠠᠨ ᠢ᠋ ᠴᠢᠨᠢ ᠬᠠᠭᠤᠯᠵᠤ ᠬᠠᠶᠠᠨ ᠠᠶᠤᠯᠭᠠᠵᠤ ᠮᠠᠭᠠᠳ ᠦᠭᠡᠢ᠃ ᠨᠠᠭᠠᠳᠤᠮ ᠬᠠᠲᠠᠭᠤ ᠵᠣᠯᠢᠭ ᠰᠢᠦ! 
       — ᠤᠳᠠᠭᠠᠨ ᠠᠭᠤᠯᠵᠠᠭᠰᠠᠨ ᠦᠭᠡᠢ ᠲᠤᠯᠠ ᠲᠡᠢᠮᠦ ᠲᠡᠰᠪᠦᠷᠢᠲᠡᠢ ᠪᠠᠢᠵᠤ ᠴᠢᠳᠠᠬᠤ ᠦᠭᠡᠢ᠃ ᠪᠢ ᠦᠵᠡᠪᠡᠯ ᠭᠤᠨᠠᠨ ᠪᠠᠳᠠᠢ ᠪᠢᠰᠢ! ᠬᠠᠷᠢᠨ ᠴᠠᠭᠠᠳᠤ ᠵᠠᠰᠠᠭ ᠲᠠᠮᠠᠭᠠᠨ ᠤ᠋ ᠭᠡᠲᠡᠭᠦᠯ ᠪᠠᠢᠵᠤ ᠶᠠᠳᠠᠬᠤ ᠦᠭᠡᠢ ᠭᠡᠵᠦ ᠬᠡᠷᠰᠡᠦ ᠶᠠᠭᠤᠮ᠎ᠠ ᠶᠠᠷᠢᠪᠠᠯ ᠯᠠᠮᠠᠬᠦᠦ᠄ 
       — ᠲᠡᠷᠡ ᠴᠦ᠍ ᠠᠷᠠᠢ ᠪᠢᠰᠢ ᠪᠠᠢᠬ᠎ᠠ! ᠠᠯᠢ ᠡᠰᠡᠬᠦᠯ᠎ᠡ ᠮᠠᠭᠤ ᠰᠠᠢᠨ ᠮᠣᠷᠢᠨ ᠤ᠋ ᠬᠤᠯᠠᠭᠠᠢᠴᠢ ᠪᠣᠯᠪᠠ ᠤᠤ⁈ ᠭᠡᠵᠦ ᠤᠷᠵᠢ ᠶ᠋ᠢᠨ ᠴᠠᠭᠠᠳᠤ ᠡᠳᠦᠷ ᠦ᠋ᠨ ᠠᠢᠯ ᠳ᠋ᠤ᠌ ᠤᠴᠠᠷᠠᠭᠰᠠᠨ ᠵᠢᠭᠠᠯ ᠵᠠᠯᠠᠭᠤ ᠶ᠋ᠢ ᠰᠠᠨᠠᠵᠤ《 ᠬᠠᠯᠲᠠᠷ ᠬᠡᠭᠡᠷ ᠢ᠋ ᠳᠠᠩᠴᠤ ᠨᠢᠭᠡ ᠱᠣᠬᠣᠭᠣᠷᠬᠠᠭᠠᠳ ᠪᠠᠢᠭᠰᠠᠨ ᠶᠤᠮ᠂ ᠲᠡᠷᠡ ᠬᠦᠦ ᠪᠠᠢᠵᠤ ᠮᠡᠳᠡᠨ᠎ᠡ》 ᠭᠡᠳ ᠭᠠᠤᠯᠢᠨ ᠲᠣᠭᠣᠭ᠎ᠠ ᠲᠠᠢ ᠴᠠᠢ ᠪᠤᠴᠠᠯᠬᠤ ᠳ᠋ᠤ᠌ ᠳᠠᠪᠤᠰᠤ ᠣᠷᠬᠢᠵᠤ ᠰᠠᠮᠤᠷᠪᠠ᠃ 
       ᠪᠦᠷᠦᠢ ᠪᠣᠯᠪᠠ᠃ 
       ᠬᠣᠶᠠᠭᠤᠯᠠ ᠬᠠᠲᠠᠭᠠᠭᠰᠠᠨ ᠮᠢᠬ᠎ᠠ ᠬᠥᠰᠬᠥᠯᠡᠵᠦ ᠴᠠᠢ  ᠤᠤᠭᠤᠵᠤ ᠭᠡᠳᠡᠰᠦ ᠭᠠᠷᠤᠭᠠᠳ ᠬᠠᠵᠠᠭᠤᠯᠠᠪᠠ᠃ 
       — ᠵᠠ᠂ ᠲᠡᠭᠡᠭᠡᠳ ᠴᠠᠭᠠᠳᠤᠬᠢ ᠴᠢᠨᠢ ᠰᠠᠨᠠᠭ᠎ᠠ ᠪᠤᠷᠤᠭᠤ ᠡᠲᠡᠭᠡᠳ ᠪᠢᠰᠢ ᠯᠡ ᠪᠣᠯ ᠶᠠᠭᠠᠬᠢᠬᠤ ᠪᠣᠢ ᠳᠠ! ᠭᠤᠨᠠᠨ ᠪᠠᠳᠠᠢ ᠮᠢᠨᠢ ᠪᠤᠶᠤ ᠵᠠᠮ ᠤ᠋ᠨ ᠠᠢᠯ ᠤ᠋ᠨ ᠬᠦᠦ ᠠᠩᠴᠢᠨᠵᠠᠪ ᠴᠣ ᠪᠣᠯ ᠭᠠᠢᠭᠤᠢ ᠬᠡᠷᠡᠭ! ᠭᠡᠳ ᠯᠠᠮᠠᠬᠦᠦ ᠤᠷᠢᠳ ᠢ᠋ᠶ᠋ᠠᠷ ᠤᠨᠲᠠᠬᠤ ᠪᠠᠷ ᠪᠣᠯᠵᠤ ᠭᠤᠲᠤᠯ ᠢ᠋ᠶ᠋ᠠᠨ ᠳᠡᠷᠡᠯᠡᠭᠡᠳ ᠴᠠᠭᠠᠰᠢ ᠬᠠᠷᠠᠮᠠᠭᠴᠠ ᠤᠳᠠᠯ ᠦᠭᠡᠢ ᠬᠤᠷᠬᠢᠷᠠᠵᠤ ᠡᠬᠢᠯᠡᠪᠡ᠃ 
       ᠠᠩᠴᠢᠨᠵᠠᠪ ᠨᠢᠭᠡ ᠲᠤᠭ ᠬᠢᠵᠦ ᠠᠪᠤᠭᠠᠳ ᠰᠡᠷᠡᠬᠦ ᠳ᠋ᠦ᠍ ᠭᠤᠷᠪᠠᠨ ᠮᠠᠷᠠᠯ ᠭᠤᠳᠤᠢᠭᠰᠠᠨ ᠪᠠᠢᠯ᠎ᠠ᠃ 
       ᠲᠡᠷᠡ ᠶᠠᠪᠠᠭᠠᠨ ᠢ᠋ᠶ᠋ᠠᠷ ᠰᠠᠮ ᠰᠠᠮ ᠶᠠᠪᠤᠵᠤ ᠨᠥᠭᠦᠭᠡ ᠬᠣᠶᠠᠷ ᠤ᠋ᠨ ᠪᠠᠭᠤᠳᠠᠯᠯᠠᠭᠰᠠᠨ ᠮᠠᠢᠬᠠᠨ ᠤ᠋ ᠬᠠᠪᠢ ᠳ᠋ᠤ᠌ ᠬᠦᠷᠪᠡᠯ ᠮᠠᠢᠬᠠᠨ ᠳᠣᠲᠣᠷ᠎ᠠ ᠠ᠋ᠴᠠ ᠬᠤᠷᠬᠢᠷᠠᠬᠤ ᠳᠠᠭᠤᠨ ᠠᠢᠵᠠᠮᠲᠠᠢ ᠦᠷᠭᠦᠯᠵᠢᠯᠡᠬᠦ ᠳ᠋ᠦ᠍ ᠰᠠᠨᠠᠭ᠎ᠠ ᠠᠮᠠᠷᠠᠵᠤ ᠵᠣᠷᠢᠭ ᠨᠢ ᠪᠦᠳᠦᠭᠦᠷᠡᠨ《 ᠡᠨᠡ ᠬᠣᠶᠠᠷ ᠴᠦ᠍ ᠲᠤᠭ ᠨᠣᠢᠷ ᠲᠠᠭᠠᠨ ᠪᠠᠢᠨ᠎ᠠ》 ᠭᠡᠵᠦ ᠪᠣᠳᠣᠨ ᠬᠠᠯᠲᠠᠷ ᠬᠡᠭᠡᠷ ᠮᠣᠷᠢᠨ ᠤ᠋ ᠴᠢᠳᠥᠷ ᠢ᠋ ᠲᠠᠢᠯᠬᠤ ᠪᠠᠷ ᠮᠣᠷᠢ ᠤᠷᠤᠭᠤ ᠨᠢ ᠣᠢᠷᠠᠳᠪᠠ᠃ 
       ᠥᠨᠳᠥᠷ ᠬᠡᠭᠡᠷ ᠥᠷᠥᠭᠡᠯ ᠬᠥᠮᠦᠨ ᠪᠠᠢᠲᠤᠭᠠᠢ ᠥᠪᠡᠷ ᠢ᠋ ᠨᠢ ᠤᠨᠤᠵᠤ ᠡᠳ᠋ᠯᠡᠳᠡᠭ ᠡᠵᠡᠨ ᠢ᠋ᠶ᠋ᠡᠨ ᠬᠦᠷᠲᠡᠯ᠎ᠡ ᠣᠢᠷᠠᠳᠴᠤ ᠣᠴᠢᠬᠤ ᠳ᠋ᠤ᠌ ᠵᠠᠪᠠᠯ ᠬᠣᠷᠳ᠋ ᠬᠠᠷᠳ᠋ ᠭᠡᠵᠦ ᠬᠠᠮᠠᠷ ᠢ᠋ᠶ᠋ᠠᠨ ᠳᠤᠤᠭᠠᠷᠭᠠᠨ ᠬᠤᠤᠬᠢᠨᠠᠳᠠᠭ ᠮᠠᠭᠤ ᠵᠠᠩ ᠲᠠᠢ ᠲᠤᠯᠠ ᠠᠩᠴᠢᠨᠵᠠᠪ ᠢ᠋ ᠣᠢᠷᠠᠳᠬᠤ ᠲᠠᠢ ᠵᠡᠷᠭᠡ ᠦᠨᠦᠷ ᠢ᠋ᠶ᠋ᠡᠷ ᠨᠢ ᠥᠭᠡᠷ᠎ᠡ ᠬᠥᠮᠦᠨ ᠭᠡᠳᠡᠭ ᠢ᠋ ᠲᠠᠨᠢᠭᠠᠳ ᠬᠠᠮᠠᠷ ᠢ᠋ᠶ᠋ᠠᠨ ᠳᠤᠤᠭᠠᠷᠭᠠᠨ ᠪᠥᠭᠰᠡ ᠪᠡᠨ ᠥᠭᠭᠦᠭᠡᠳ ᠬᠠᠪᠢᠳᠠᠭᠤᠯᠳᠠᠭ ᠶᠠᠭᠤᠮ᠎ᠠ ᠪᠢᠰᠢ᠃ ᠨᠠᠰᠤ ᠪᠠᠭ᠎ᠠ ᠪᠣᠯᠪᠠᠴᠤ ᠠᠳᠤᠭᠤ ᠮᠠᠯ ᠳ᠋ᠤ᠌ ᠬᠠᠰᠢᠷ᠂ ᠶᠠᠮᠠᠷ ᠴᠦ᠍ ᠲᠣᠭᠰᠢᠨ ᠡᠮᠨᠢᠭ ᠢ᠋ ᠡᠪ ᠢ᠋ ᠨᠢ ᠣᠯᠤᠭᠠᠳ ᠤᠨᠤᠴᠢᠬᠠᠳᠠᠭ ᠲᠤᠯᠠ ᠠᠩᠴᠢᠨᠵᠠᠪ ᠬᠠᠯᠲᠠᠷ ᠬᠡᠭᠡᠷ ᠦ᠋ᠨ ᠬᠣᠨᠳᠣᠯᠠᠢ ᠶ᠋ᠢ ᠠᠶᠠᠷᠬᠠᠨ ᠮᠠᠭᠠᠵᠢᠵᠤ ᠳᠠᠰᠬᠠᠭᠰᠠᠭᠠᠷ ᠪᠡᠶ᠎ᠡ ᠳ᠋ᠦ᠍ᠨᠢ ᠣᠢᠷᠠᠳᠴᠤ ᠨᠣᠭᠲᠣ ᠶ᠋ᠢ ᠨᠢ ᠲᠡᠮᠲᠡᠷᠢᠨ《 ᠴᠢᠭᠢᠶᠡᠲᠦᠷᠦ! ᠭᠤᠷᠪᠠᠨ ᠬᠥᠯ ᠢ᠋ ᠴᠢᠨᠢ ᠪᠣᠭᠣᠭᠰᠠᠨ ᠴᠢᠳᠥᠷ ᠢ᠋ ᠴᠢᠨᠢ ᠳᠡᠢᠯᠦᠨ᠎ᠡ ᠳᠠ ᠣᠳᠣ! ᠲᠡᠭᠡᠭᠡᠳ ᠯᠡ ᠨᠢᠷᠤᠭᠤᠨ ᠳᠡᠭᠡᠷ᠎ᠡ ᠴᠢᠨᠢ ᠭᠠᠷᠬᠤ ᠳ᠋ᠤ᠌ ᠡᠷ᠎ᠡ ᠬᠥᠮᠦᠨ ᠦ᠌ ᠬᠡᠢ ᠮᠣᠷᠢ ᠶᠠᠮᠠᠷᠬᠠᠨ ᠪᠠᠢᠳᠠᠭ ᠢ᠋ ᠠᠮᠲᠠᠯᠠᠨ᠎ᠠ ᠰᠢᠦ!》 ᠭᠡᠵᠦ ᠰᠡᠳᠬᠢᠯ ᠳ᠋ᠡᠭᠡᠨ ᠰᠢᠪᠡᠨᠡᠨ ᠬᠠᠯᠲᠠᠷ ᠬᠡᠭᠡᠷ ᠦ᠋ᠨ ᠨᠤᠭᠲᠤᠨ ᠤ᠋ ᠬᠢᠨᠢ ᠴᠤᠯᠪᠤᠭᠤᠷ ᠨᠢ ᠬᠦᠵᠦᠭᠦᠨ ᠳ᠋ᠦ᠍ᠨᠢ ᠪᠠᠢᠭ᠎ᠠ ᠦᠭᠡᠢ ᠭᠠᠵᠠᠷ ᠴᠢᠷᠦᠭᠳᠡᠭᠰᠡᠨ ᠢ᠋ ᠭᠠᠢᠬᠠᠨ ᠴᠤᠯᠪᠤᠭᠤᠷ ᠢ᠋ ᠰᠢᠭᠦᠷᠡᠬᠦ ᠭᠡᠵᠦ ᠪᠥᠬᠥᠢᠲᠡᠯ᠎ᠡ ᠡᠯᠢᠶ᠎ᠡ ᠰᠢᠪᠠᠭᠤ ᠭᠠᠵᠠᠷ ᠠ᠋ᠴᠠ ᠶᠠᠭᠤᠮ᠎ᠠ ᠰᠢᠭᠦᠷᠡᠬᠦ ᠰᠢᠭ ᠱᠦᠷᠳ᠋ ᠭᠡᠳ ᠰᠠᠯᠬᠢ ᠲᠠᠲᠠᠭᠰᠠᠨ ᠮᠠᠭᠤᠬᠠᠢ ᠳᠠᠭᠤᠨ ᠭᠠᠷᠴᠤ ᠶᠠᠭᠠᠬᠢᠬᠤ ᠶ᠋ᠢᠨ ᠴᠦ᠍ ᠵᠠᠪ ᠦᠭᠡᠢ ᠪᠡᠶ᠎ᠡ ᠳ᠋ᠦ᠍ᠨᠢ ᠬᠦᠯᠢᠶ᠎ᠡ ᠣᠷᠣᠵᠤ ᠠᠲᠤᠷᠢᠲᠠᠯ᠎ᠠ ᠬᠦᠯᠢᠭᠳᠡᠪᠡ᠃ 
       ᠤᠵᠠᠭᠤᠷ ᠤ᠋ᠨ ᠠᠵᠢᠭ ᠰᠡᠵᠢᠭ ᠮᠡᠳᠡᠭᠰᠡᠨ ᠬᠣᠶᠠᠷ ᠰᠠᠢᠨ ᠡᠷ᠎ᠡ ᠬᠠᠯᠲᠠᠷ ᠬᠡᠭᠡᠷ ᠦ᠋ᠨ ᠴᠤᠯᠪᠤᠭᠤᠷ ᠠ᠋ᠴᠠ ᠤᠷᠲᠤ ᠠᠷᠭᠠᠮᠵᠢᠶ᠎ᠠ ᠵᠠᠯᠭᠠᠵᠤ ᠪᠠᠶᠠᠷᠲᠤ ᠬᠥᠯ ᠳ᠋ᠡᠭᠡᠨ ᠤᠶᠠᠵᠤ ᠰᠡᠷᠡᠮᠵᠢᠲᠡᠢ ᠮᠠᠨᠠᠵᠤ ᠬᠡᠪᠲᠡᠵᠡᠢ᠃ ᠡᠨᠡ ᠨᠢ ᠡᠳᠡ ᠬᠣᠶᠠᠷ ᠤ᠋ᠨ ᠰᠠᠢᠨ ᠬᠦᠯᠦᠭ ᠢ᠋ᠶ᠋ᠡᠨ ᠬᠤᠯᠠᠭᠠᠢ ᠳ᠋ᠤ᠌ ᠠᠯᠳᠠᠬᠤ ᠠ᠋ᠴᠠ ᠦᠷᠭᠦᠢ ᠰᠡᠷᠡᠮᠵᠢᠯᠡᠳᠡᠭ ᠳᠠᠯᠳᠠ ᠤᠬᠠᠭᠠᠨ ᠪᠠᠢᠵᠠᠢ᠃ ᠡᠨᠡ ᠬᠠᠢᠷᠠᠲᠤ ᠬᠦᠯᠦᠭ ᠦ᠋ᠨ ᠢ᠋ᠶ᠋ᠡᠨ ᠤᠴᠢᠷ ᠲᠤ ᠲᠡᠳᠡ ᠬᠣᠶᠠᠷ ᠵᠠᠯᠭᠠᠭ᠎ᠠ ᠬᠥᠳᠡᠭᠡ ᠭᠠᠳᠠᠭ᠎ᠠ ᠬᠣᠨᠣᠵᠤ ᠬᠠᠯᠲᠠᠷ ᠬᠡᠭᠡᠷ ᠢ᠋ᠶ᠋ᠡᠨ ᠡᠪᠡᠰᠦᠯᠡᠭᠦᠯᠬᠦ ᠶ᠋ᠢᠨ ᠳᠠᠭᠠᠤ ᠡᠭᠡᠯᠵᠢ ᠪᠡᠷ ᠮᠠᠨᠠᠵᠤ ᠬᠣᠨᠣᠳᠠᠭ ᠠᠵᠢ᠃ 
       ᠬᠤᠯᠤᠭᠤ ᠪᠠᠷ ᠢ᠋ᠶ᠋ᠠᠨ ᠬᠣᠯᠠ ᠶ᠋ᠢᠨ ᠴᠢᠮᠡᠭᠡ ᠴᠢᠩᠨᠠᠵᠤ᠂ ᠳᠠᠯᠤ ᠪᠠᠷ ᠢ᠋ᠶ᠋ᠠᠨ ᠳᠠᠯᠳᠠ ᠶ᠋ᠢᠨ ᠠᠨᠢᠷ ᠢ᠋ ᠮᠠᠨᠠᠭᠰᠠᠭᠠᠷ ᠬᠡᠪᠲᠡᠵᠦ ᠶᠠᠭ ᠦᠷᠭᠡᠯᠡᠬᠦ ᠶ᠋ᠢᠨ ᠲᠣᠯᠣᠭᠠᠢ ᠳᠡᠭᠡᠷ᠎ᠡ ᠬᠥᠯ ᠳ᠋ᠦ᠍ᠨᠢ ᠤᠶᠠᠭᠰᠠᠨ ᠠᠷᠭᠠᠮᠵᠢᠶ᠎ᠠ ᠴᠢᠷᠦᠯᠳᠦᠵᠦ ᠲᠡᠭᠦᠨ ᠢ᠋ ᠨᠣᠢᠷ ᠠ᠋ᠴᠠ ᠨᠢ ᠰᠡᠷᠡᠭᠡᠪᠡ᠃ 
       ᠬᠠᠯᠲᠠᠷ ᠬᠡᠭᠡᠷ ᠦ᠋ᠨ ᠬᠠᠷ ᠬᠤᠷ ᠬᠢᠨ ᠬᠠᠮᠠᠷ ᠢ᠋ᠶ᠋ᠠᠨ ᠳᠤᠤᠭᠠᠷᠭᠠᠨ ᠳᠡᠪᠬᠡᠴᠡᠬᠦ ᠳᠠᠭᠤ ᠨᠢ《 ᠬᠤᠯᠠᠭᠠᠢ ᠢᠷᠡᠭᠰᠡᠨ ᠠ᠋᠂ ᠪᠤᠰᠢᠭᠤ!》 ᠭᠡᠵᠦ ᠲᠡᠭᠦᠨ ᠢ᠋ ᠰᠡᠷᠡᠭᠡᠭᠰᠡᠨ ᠰᠢᠭ! ᠭᠠᠷᠤᠭᠠᠳ ᠰᠠᠢᠬᠠᠨ ᠬᠠᠷᠠᠪᠠᠯ ᠬᠠᠷᠠᠩᠭᠤᠢ ᠳ᠋ᠤ᠌ ᠬᠠᠯᠲᠠᠷ ᠬᠡᠭᠡᠷ ᠮᠣᠷᠢᠨ ᠤ᠋ ᠪᠥᠭᠰᠡ ᠳ᠋ᠦ᠍ ᠨᠢᠭᠡ ᠬᠥᠮᠦᠨ ᠰᠡᠭᠦᠳᠡᠭᠡᠨᠡᠨ ᠬᠠᠷᠠᠭᠳᠠᠨ᠎ᠠ᠁  
       ᠮᠣᠷᠢᠨ ᠳᠡᠭᠡᠷ᠎ᠡ ᠡᠴᠡ ᠡᠮᠨᠢᠭ ᠦ᠋ᠨ ᠲᠣᠯᠣᠭᠠᠢ ᠳ᠋ᠤ᠌ ᠵᠠᠳᠠᠭᠠᠢ ᠨᠣᠭᠲᠣ ᠬᠠᠶᠠᠬᠤ ᠰᠢᠭ᠋ ᠰᠤᠷ ᠤᠷᠠᠬ᠎ᠠ ᠪᠠᠨ ᠰᠢᠳᠡᠵᠦ ᠭᠣᠭᠴᠣᠭ᠎ᠠ ᠲᠠᠢ ᠦᠵᠦᠭᠦᠷ ᠢ᠋ ᠨᠢ ᠴᠢᠩᠭᠠᠯᠠᠨ ᠲᠠᠲᠠᠭᠰᠠᠨ ᠳ᠋ᠤ᠌ ᠨᠥᠭᠦᠭᠡ ᠬᠤᠯᠠᠭᠠᠢ ᠶ᠋ᠢᠨ ᠬᠣᠶᠠᠷ ᠭᠠᠷ ᠨᠢ ᠳᠡᠮᠡᠢ ᠯᠡ ᠠᠷᠪᠠᠭᠠᠨᠠᠬᠤ ᠠ᠋ᠴᠠ ᠴᠠᠭᠠᠰᠢ ᠦᠭᠡᠢ ᠪᠣᠯᠪᠠ᠃ 
       ᠨᠢᠭᠡ ᠮᠡᠳᠡᠬᠦ ᠳ᠋ᠦ᠍ ᠠᠩᠴᠢᠨᠵᠠᠪ ᠢ᠋ ᠨᠥᠭᠦᠭᠡ ᠬᠣᠶᠠᠷ ᠰᠠᠢᠨ ᠡᠷ᠎ᠡ ᠮᠠᠢᠬᠠᠨ ᠤ᠋ ᠪᠠᠨ ᠡᠭᠦᠳᠡᠨ ᠳᠡᠭᠡᠷ᠎ᠡ ᠨᠢᠭᠡ ᠬᠥᠯ ᠢ᠋ ᠨᠢ ᠲᠠᠬᠢᠮ ᠢ᠋ᠶ᠋ᠠᠷ ᠨᠢ ᠨᠤᠭᠤᠯᠵᠤ ᠬᠣᠶᠠᠷ ᠭᠠᠷ ᠢ᠋ ᠨᠢ ᠠᠷᠤᠨᠰᠢ ᠨᠢ ᠵᠥᠷᠢᠭᠦᠯᠵᠦ ᠠᠮᠠᠨ ᠬᠦᠵᠦᠭᠦᠦ ᠶ᠋ᠢ ᠨᠢ ᠪᠣᠭᠣᠵᠤ ᠴᠢᠳᠥᠷᠯᠡᠭᠰᠡᠨ ᠪᠠᠢᠪᠠ᠃ 
       ᠠᠩᠴᠢᠨᠵᠠᠪ ᠠᠲᠤᠷᠢᠲᠠᠯ᠎ᠠ ᠴᠢᠳᠥᠷᠯᠡᠭᠳᠡᠭᠰᠡᠨ ᠪᠣᠯᠪᠠᠴᠤ ᠡᠳᠡ ᠬᠣᠶᠠᠷ ᠠ᠋ᠴᠠ ᠥᠴᠦᠬᠡᠨ ᠴᠦ᠍ ᠠᠶᠤᠵᠤ ᠭᠡᠯᠮᠡᠭᠳᠡᠭᠰᠡᠨ ᠦᠭᠡᠢ᠃《 ᠪᠢ ᠡᠳᠡᠨᠥᠰ ᠦ᠋ᠨ ᠠᠮᠢᠨ ᠳ᠋ᠤ᠌ ᠣᠷᠣᠭᠰᠠᠨ ᠦᠭᠡᠢ ᠶᠦᠮ ᠴᠢᠨᠢ᠃ ᠨᠢᠭᠡᠨᠲᠡ ᠪᠠᠷᠢᠭᠳᠠᠭᠰᠠᠨ ᠠ᠋ᠴᠠ ᠬᠣᠢᠰᠢ ᠶᠠᠭᠠᠬᠢᠪᠠᠯ ᠶᠠᠭᠠᠬᠢᠭ ᠴᠠᠭᠠᠰᠢ ᠪᠠᠨ᠂ ᠭᠤᠨᠠᠨ ᠪᠠᠳᠠᠢ ᠰᠢᠭ᠋ ᠯᠡ ᠰᠢᠵᠠᠭᠤᠷ ᠵᠠᠭᠤᠶ᠎ᠠ! ᠭᠤᠨᠠᠨ ᠪᠠᠳᠠᠢ ᠬᠣᠩᠭᠣ ᠪᠠᠨ ᠰᠢᠯᠪᠤᠷᠠᠲᠠᠯ᠎ᠠ ᠵᠠᠨᠴᠢᠭᠳᠠᠬᠤ ᠳ᠋ᠠᠭᠠᠨ ᠥᠴᠢᠭ ᠢ᠋ᠶ᠋ᠡᠨ ᠥᠭᠬᠦ ᠪᠠᠢᠲᠤᠭᠠᠢ< ᠶᠣ> ᠭᠡᠵᠦ ᠳᠤᠤᠭᠠᠷᠳᠠᠭ ᠦᠭᠡᠢ ᠰᠢᠲᠦ ᠨᠢ ᠲᠠᠴᠢᠭᠢᠨᠠᠭᠠᠳ ᠪᠠᠢᠳᠠᠭ ᠭᠡᠰᠡᠨ!》 ᠭᠡᠵᠦ ᠪᠣᠳᠣᠬᠤ ᠳ᠋ᠤ᠌ ᠵᠣᠷᠢᠭ ᠨᠢ ᠪᠦᠳᠦᠭᠦᠷᠡᠨ᠎ᠡ᠃  
       — ᠬᠠᠮᠢᠭᠠᠰᠢ ᠶ᠋ᠢᠨ ᠮᠠᠭᠤ ᠬᠤᠯᠠᠭᠠᠢ ᠪᠣᠢ? ᠭᠡᠵᠦ ᠯᠠᠮᠠᠭᠦᠦ ᠵᠠᠩᠳᠤᠷᠤᠨ ᠠᠰᠠᠭᠤᠬᠤ ᠳ᠋ᠤ᠌ ᠠᠩᠴᠢᠨᠵᠠᠪ᠄  
       — ᠬᠣᠰᠢᠭᠤ ᠨᠤᠲᠤᠭ ᠤ᠋ᠨ ᠢ᠋ᠶ᠋ᠠᠨ ᠬᠢᠵᠠᠭᠠᠷ ᠲᠤ ᠯᠠ ᠬᠥᠯ ᠭᠢᠰᠬᠢᠵᠦ ᠶᠠᠪᠤᠭ᠎ᠠ ᠬᠥᠮᠦᠨ ᠪᠠᠢᠨ᠎ᠠ ᠪᠢ ᠭᠡᠪᠡ᠃ 
       — ᠬᠡᠩ! ᠬᠤᠯᠠᠭᠠᠢ ᠬᠤᠯᠠᠭᠠᠢ ᠳ᠋ᠠᠭᠠᠨ ᠰᠢᠯᠢ ᠶ᠋ᠢᠨ ᠰᠠᠢᠨ ᠡᠷ᠎ᠡ ᠰᠢᠭ ᠬᠤᠯᠠᠭᠠᠢ ᠪᠢᠰᠢ! ᠤᠮᠠᠳᠠᠭ ᠲᠠᠭᠠᠨ ᠰᠢᠭᠡᠭᠰᠡᠨ ᠮᠠᠭᠤ ᠬᠤᠯᠠᠭᠠᠢ ᠪᠠᠢᠨ᠎ᠠ᠃   
       — ᠶᠠᠭᠠᠬᠢᠭᠠᠳ? 
       — ᠴᠢᠳᠥᠷ ᠲᠡᠢ ᠮᠣᠷᠢᠨ ᠤ᠋ ᠴᠢᠳᠥᠷ ᠢ᠋ ᠴᠦ᠍ ᠲᠠᠢᠯᠵᠤ ᠴᠢᠳᠠᠳᠠᠭ ᠦᠭᠡᠢ ᠪᠡᠲᠡᠷᠡᠭᠰᠡᠨ ᠮᠣᠩᠭᠣᠯ ᠬᠤᠯᠠᠭᠠᠢ ᠬᠠᠮᠢᠭ᠎ᠠ ᠪᠠᠢᠯ᠎ᠠ? 
       — ᠪᠡᠲᠡᠷᠡᠭᠰᠡᠨ ᠬᠤᠯᠠᠭᠠᠢ ᠭᠡᠨ᠎ᠡ ᠤᠤ? ᠬᠡᠩ᠂ ᠵᠢᠭᠠᠬᠠᠨ ᠱᠠᠯᠠᠪ ᠬᠥᠳᠡᠯᠦᠭᠰᠡᠨ ᠪᠣᠯ ᠬᠠᠯᠲᠠᠷ ᠬᠡᠭᠡᠷ ᠴᠢᠨᠢ ᠮᠢᠨᠦᠬᠢ ᠪᠣᠯᠤᠭᠰᠠᠨ! ᠭᠡᠵᠦ ᠬᠡᠷᠰᠡᠦᠯᠡᠭᠰᠡᠨ ᠦᠭᠡᠢ ᠳ᠋ᠡᠭᠡᠨ ᠬᠠᠷᠠᠮᠰᠠᠭᠰᠠᠨ ᠪᠣᠯᠪᠠᠴᠤ《ᠲᠠ ᠬᠣᠶᠠᠷ ᠨᠠᠳᠠ ᠳᠠᠬᠢᠭᠠᠳ ᠵᠠᠪᠰᠢᠶᠠᠨ ᠣᠯᠭᠣᠵᠤ ᠥᠭ! ᠨᠢᠭᠡ ᠶ᠋ᠢ ᠨᠢ ᠤᠨᠤᠭᠠᠳ ᠨᠥᠭᠦᠭᠡ ᠶ᠋ᠢ ᠨᠢ ᠬᠥᠲᠥᠯᠦᠭᠡᠳ ᠭᠣᠳᠣᠢᠨ᠎ᠠ ᠳᠠ! ᠲᠡᠷᠡ ᠦᠶ᠎ᠡ ᠳ᠋ᠦ᠍ ᠲᠠ ᠬᠣᠶᠠᠷ ᠠᠮᠠ ᠪᠠᠨ ᠪᠠᠷᠢᠭᠠᠳ ᠬᠣᠴᠣᠷᠤᠨ᠎ᠠ ᠳᠠ!》 ᠭᠡᠵᠦ ᠲᠡᠷᠡ ᠬᠣᠶᠠᠷ ᠢ᠋ ᠬᠣᠷᠤᠰᠤᠯᠲᠠᠢᠬᠠᠨ ᠰᠢᠷᠲᠡᠬᠦ ᠳ᠋ᠦ᠍ ᠨᠢᠳᠦᠨ ᠡᠴᠡ ᠨᠢ ᠣᠴᠢ ᠦᠰᠦᠷᠬᠦ ᠰᠢᠭ ᠭᠢᠯᠠᠯᠵᠠᠨ᠎ᠠ᠃  
       — ᠪᠡᠲᠡᠷᠡᠭᠰᠡᠨ ᠮᠠᠭᠤ ᠬᠤᠯᠠᠭᠠᠢ ᠪᠢᠰᠢ᠂ ᠭᠤᠨᠠᠨ ᠪᠠᠳᠠᠢ ᠰᠢᠭ᠋ ᠰᠢᠯᠢ ᠶ᠋ᠢᠨ ᠰᠠᠢᠨ ᠡᠷ᠎ᠡ ᠰᠠᠨ ᠪᠣᠯ ᠵᠠᠰᠠᠭᠲᠤ ᠬᠠᠨ ᠤ᠋ ᠯᠤᠤ ᠬᠦᠩ ᠦ᠋ᠨ ᠨᠣᠶᠠᠨ ᠤ᠋ ᠠᠳᠤᠭᠤ ᠶ᠋ᠢ ᠬᠥᠭᠡᠭᠡᠬᠦ ᠶᠦᠮ ᠤᠤ᠂ ᠡᠰᠡᠪᠡᠰᠦ ᠰᠣᠯᠢ ᠶ᠋ᠢᠨ ᠭᠣᠣᠯ ᠤ᠋ᠨ ᠳᠠᠬᠢ ᠶ᠋ᠢᠨ ᠤᠳᠤᠮ ᠲᠠᠢ ᠰᠦᠷᠦᠭ ᠰᠠᠯᠭᠠᠵᠤ ᠲᠠᠭᠤᠬᠤ ᠦᠭᠡᠢ ᠶᠠᠭᠤ ᠭᠡᠵᠦ ᠠᠢᠯ ᠤ᠋ᠨ ᠭᠠᠳᠠᠨ᠎ᠠ ᠠ᠋ᠴᠠ ᠴᠢᠳᠥᠷ ᠲᠡᠢ ᠮᠣᠷᠢ ᠬᠤᠯᠠᠭᠠᠢᠯᠠᠳᠠᠭ ᠪᠣᠢ⁈ ᠭᠡᠰᠡᠨ ᠯᠠᠮᠠᠭᠦᠦ ᠶᠢᠨ ᠬᠣᠷᠣᠲᠠᠢ ᠠᠰᠠᠭᠤᠯᠲᠠ ᠳ᠋ᠤ᠌ ᠠᠩᠴᠢᠨᠵᠠᠪ ᠥᠭᠡᠳᠡ ᠡᠴᠡ ᠨᠢ ᠣᠯᠢᠭᠲᠠᠢ ᠦᠭᠡ ᠣᠯᠵᠤ ᠬᠡᠯᠡᠭᠰᠡᠨ ᠦᠭᠡᠢ᠃ 
       — ᠁  
       ᠠᠩᠴᠢᠨᠵᠠᠪ ᠬᠣᠷᠣᠨ ᠳ᠋ᠠᠭᠠᠨ ᠠᠮᠢᠰᠬᠤᠭ᠎ᠠ ᠨᠢ ᠳᠠᠪᠬᠤᠴᠠᠨ ᠰᠦᠢᠯᠡᠬᠢᠯᠡᠵᠦ᠄ 
       — ᠨᠠᠮᠠᠶ᠋ᠢ ᠪᠣᠰᠢᠭᠣ ᠰᠤᠯᠠᠯᠠᠭᠠᠴᠢ! ᠶᠠᠭᠤ ᠭᠡᠵᠦ ᠨᠠᠮᠠᠶ᠋ᠢ ᠢᠩᠭᠢᠵᠦ ᠬᠦᠯᠢᠵᠦ ᠲᠠᠮᠤᠯᠠᠬᠤ ᠪᠣᠢ? ᠁ ᠭᠡᠵᠦ ᠬᠡᠦᠬᠡᠳ ᠵᠠᠩ ᠭᠠᠷᠭᠠᠵᠤ ᠦᠷᠦ ᠡᠪᠡᠳᠦᠯᠲᠡᠢ ᠳᠤᠤᠭᠠᠷᠬᠤ ᠳ᠋ᠤ᠌ ᠴᠠᠭᠠᠳᠤ ᠬᠣᠶᠠᠷ ᠴᠤ᠌ ᠬᠥᠬᠡ ᠢᠨᠢᠶᠡᠳᠦ ᠨᠢ ᠬᠦᠷᠴᠦ᠄ 
       — ᠴᠢᠮ᠎ᠠ ᠳ᠋ᠤ᠌ ᠪᠢᠳᠡ ᠳᠠᠩᠴᠤ ᠬᠥᠩᠭᠡᠨ ᠬᠠᠨᠳᠤᠵᠤ ᠪᠠᠢᠨ᠎ᠠ ᠭᠡᠪᠡ᠃  
       — ᠥᠭᠡᠷ᠎ᠡ ᠶᠠᠮᠠᠷ ᠨᠢᠭᠡ ᠵᠢᠰᠦ ᠪᠤᠷᠤᠭᠤ ᠠᠮᠢᠲᠠᠨ ᠪᠠᠢᠭᠰᠠᠨ ᠪᠣᠯ ᠠᠯᠢ ᠬᠡᠳᠦᠢᠨ ᠪᠠᠯᠢᠩ ᠲᠠᠬᠢᠯ ᠢ᠋ ᠨᠢ ᠬᠤᠷᠢᠶᠠᠴᠢᠬᠠᠭᠰᠠᠨ᠃ ᠶᠠᠭᠠᠬᠢᠯ᠎ᠠ ᠭᠡᠵᠦ ᠴᠢᠮ᠎ᠠ ᠰᠢᠭ ᠴᠣᠷ ᠴᠣᠷ ᠬᠢᠯᠭᠡᠬᠦ ᠪᠣᠢ⁈ 
       — ᠬᠠᠯᠲᠠᠷ ᠬᠡᠭᠡᠷ ᠢ᠋ ᠴᠢᠨᠢ ᠬᠤᠯᠠᠭᠠᠢᠯᠠᠭ᠎ᠠ ᠦᠭᠡᠢ ᠡᠴᠡ ᠬᠣᠢᠰᠢ ᠨᠠᠮᠠᠶ᠋ᠢ ᠰᠤᠯᠠᠯᠠᠭᠠᠴᠢ! ᠳᠠᠬᠢᠭᠠᠳ ᠬᠡᠯᠡᠪᠡᠯ ᠬᠠᠯᠲᠠᠷ ᠬᠡᠭᠡᠷ ᠢ᠋ ᠴᠢᠨᠢ ᠬᠤᠯᠠᠭᠠᠢᠯᠠᠬᠤ ᠪᠠᠷ ᠪᠣᠳᠣᠬᠤ ᠳ᠋ᠤ᠌ ᠣᠷᠣᠨ ᠳ᠋ᠤᠨᠢ ᠬᠥᠯ ᠵᠠᠯᠠᠭᠠᠬᠤ ᠶᠠᠭᠤᠮ᠎ᠠ ᠦᠯᠡᠳᠡᠭᠡᠵᠦ ᠥᠭᠭᠦᠨ᠎ᠡ ᠯᠡ ᠳᠡ! ᠪᠢ ᠲᠡᠢᠮᠦ ᠬᠣᠢᠲᠤ ᠮᠥᠷ ᠦᠭᠡᠢ ᠶᠠᠪᠤᠳᠠᠯ ᠬᠢᠬᠦ ᠦᠭᠡᠢ᠃ ᠮᠢᠨᠦ ᠬᠦᠷᠡᠩ ᠦᠷᠢᠶ᠎ᠡ ᠴᠦ᠍ ᠬᠠᠩᠭᠢ ᠰᠢᠨᠳᠠᠰᠤ ᠲᠠᠢ ᠠᠳᠤᠭᠤᠰᠤ ᠰᠢᠦ! ᠭᠡᠬᠦ ᠳ᠋ᠦ᠍ ᠪᠠᠶᠠᠷᠲᠤ ᠯᠠᠮᠠᠭᠦᠦ ᠬᠣᠶᠠᠷ ᠨᠢᠭᠡ ᠨᠢᠭᠡᠨ ᠳ᠋ᠡᠭᠡᠨ ᠨᠢᠳᠦ ᠵᠠᠷᠤᠵᠤ《 ᠠᠩᠴᠢᠨᠵᠠᠪ ᠢ᠋ ᠰᠤᠯᠠᠯᠠᠴᠢᠬᠠᠶ᠎ᠠ!》 ᠭᠡᠵᠦ ᠪᠣᠯᠵᠣᠭᠠᠳ᠄ 
       — ᠴᠢ ᠪᠠᠰᠠ ᠬᠠᠩᠭᠢ ᠰᠢᠯᠢ ᠶ᠋ᠢᠨ ᠰᠠᠢᠨ ᠡᠷ᠎ᠡ ᠶ᠋ᠢᠨ ᠰᠢᠨᠵᠢᠲᠡᠢ ᠦᠭᠡ ᠬᠡᠯᠡᠵᠦ ᠪᠠᠢᠨ᠎ᠠ! ᠭᠡᠵᠦ ᠪᠠᠶᠠᠷᠲᠤ ᠲᠡᠭᠦᠨ ᠢ᠋ ᠲᠣᠭᠣᠵᠤ ᠱᠠᠭᠰᠢᠭᠰᠠᠨ ᠳ᠋ᠤ᠌ ᠯᠠᠮᠠᠭᠦᠦ᠄ 
       — ᠠᠩᠴᠢᠨᠵᠠᠪ ᠠ᠋᠂ ᠪᠢᠳᠡ ᠬᠣᠶᠠᠷ ᠢ᠋ ᠳᠠᠭᠠᠵᠤ ᠶᠠᠪᠤᠨ᠎ᠠ ᠤᠤ ᠴᠢ⁈ ᠰᠢᠯᠢ ᠶ᠋ᠢᠨ ᠰᠠᠢᠨ ᠡᠷ᠎ᠡ ᠪᠣᠯᠬᠤ ᠳᠤᠷᠠᠲᠠᠢ ᠤᠤ? ᠲᠡᠭᠡᠭᠡᠳ ᠦᠨᠡᠨ ᠢ᠋ᠶ᠋ᠡᠨ ᠬᠡᠯᠡᠪᠡᠯ ᠴᠢᠮᠠᠶ᠋ᠢ ᠰᠤᠯᠠᠯᠠᠶ᠎ᠠ ᠭᠡᠰᠡᠨ ᠳ᠋ᠦ᠍ ᠠᠩᠴᠢᠨᠵᠠᠪ᠄ 
       — ᠲᠠ ᠬᠣᠶᠠᠷ ᠦᠨᠡᠬᠡᠷ ᠨᠠᠮᠠᠶ᠋ᠢ ᠳᠠᠭᠠᠭᠤᠯᠪᠠᠯ ᠪᠢ ᠴᠦ᠍ ᠳᠠᠭᠠᠵᠤ ᠶᠠᠪᠤᠨ᠎ᠠ ᠭᠡᠯ᠎ᠡ᠃ 
       — ᠦᠨᠡᠬᠡᠷ ᠤᠤ?  
       — ᠦᠨᠡᠬᠡᠷ! ᠪᠢ ᠳᠤᠷᠠᠲᠠᠢ ᠰᠢᠯᠢ ᠶ᠋ᠢᠨ ᠰᠠᠢᠨ ᠡᠷ᠎ᠡ ᠪᠣᠯᠤᠨ᠎ᠠ! 
       — ᠰᠢᠯᠢ ᠶ᠋ᠢᠨ ᠰᠠᠢᠨ ᠡᠷ᠎ᠡ ᠪᠣᠯᠬᠤ ᠳ᠋ᠤ᠌ ᠠᠮᠠ ᠬᠠᠲᠠᠭᠤ᠂ ᠶᠠᠰᠤ ᠬᠠᠲᠠᠭᠤ᠂ ᠵᠣᠷᠢᠭ ᠬᠠᠲᠠᠭᠤ ᠪᠠᠢᠬᠤ ᠬᠡᠷᠡᠭᠲᠡᠢ ᠰᠢᠦ! 
       — ᠵᠠ᠂ ᠮᠡᠳᠡᠯ᠎ᠡ᠃ ᠲᠠ ᠨᠠᠷ ᠲᠡᠭᠡᠭᠡᠳ ᠦᠨᠡᠬᠡᠷ ᠭᠤᠨᠠᠨ ᠪᠠᠳᠠᠢ ᠲᠠᠢ ᠠᠭᠤᠯᠵᠠᠬᠤ ᠪᠠᠷ ᠶᠠᠪᠤᠵᠤ ᠪᠠᠢᠭ᠎ᠠ ᠶᠤᠮ ᠤᠤ?  
       — ᠳᠡᠭᠡᠯ ᠦᠭᠡᠢ ᠶᠠᠭᠠᠬᠢᠬᠤ ᠪᠣᠢ⁈ ᠠᠭᠤᠯᠵᠠᠬᠤ ᠪᠠᠷ ᠪᠠᠷᠠᠬᠤ ᠦᠭᠡᠢ᠂ ᠬᠡᠵᠢᠶᠡᠳᠡ ᠴᠣᠭ ᠪᠠᠢᠯᠴᠠᠨ᠎ᠠ ᠰᠢᠦ ᠳᠡ! ᠭᠡᠵᠦ ᠪᠠᠶᠠᠷᠲᠤ ᠶ᠋ᠢ ᠬᠡᠯᠡᠬᠦ ᠳ᠋ᠦ᠍ ᠯᠠᠮᠠᠭᠦᠦ ᠬᠥᠭᠵᠢᠯᠲᠡᠢ ᠢᠨᠢᠶᠡᠨ᠎ᠡ᠃ ᠠᠩᠴᠢᠨᠵᠠᠪ ᠴᠤ᠌ ᠲᠡᠰᠦᠭᠰᠡᠨ ᠦᠭᠡᠢ ᠳᠠᠭᠠᠯᠳᠤᠨ ᠢᠨᠢᠶᠡᠪᠡ᠃ 
       ᠠᠩᠴᠢᠨᠵᠠᠪ ᠴᠢᠳᠥᠷ ᠦ᠋ᠨ ᠬᠦᠯᠢᠶᠡᠰᠦ ᠡᠴᠡ ᠪᠡᠨ ᠮᠤᠯᠲᠤᠷᠠᠵᠤ ᠮᠥᠷᠥ ᠳᠠᠯᠤ ᠪᠠᠨ ᠬᠥᠳᠡᠯᠭᠡᠨ ᠬᠥᠯ ᠭᠠᠷ ᠢ᠋ᠶ᠋ᠠᠨ ᠵᠢᠭᠢᠵᠦ᠂ ᠡᠨᠡ ᠬᠣᠶᠠᠷ ᠢ᠋ ᠱᠠᠯ ᠲᠣᠭᠣᠬᠤ ᠦᠭᠡᠢ ᠰᠢᠭ ᠠᠪᠤᠷᠢᠯᠠᠨ《ᠲᠠ ᠨᠠᠷ ᠨᠠᠮᠠᠶ᠋ᠢ ᠴᠢᠳᠥᠷᠯᠡᠭᠡᠳ ᠪᠠᠢᠳᠠᠭ ᠦᠭᠡᠢ ᠶᠠᠭᠠᠬᠢᠭ᠎ᠠ ᠪᠣᠢ》 ᠭᠡᠰᠡᠨ ᠲᠥᠯᠥᠪᠲᠡᠢ ᠡᠭᠰᠡᠢᠵᠦ ᠬᠠᠷᠠᠭᠳᠠᠨ᠎ᠠ᠃ 

          ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ᠂ ᠠᠯᠲᠠᠨᠴᠢᠮᠡᠭ᠂ ᠪᠠᠭᠠᠲᠤᠷ
                ᠬᠢᠨᠠᠭᠴᠢ᠄ ᠠᠯᠲᠠᠨᠴᠢᠮᠡᠭ