ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠠᠷᠪᠠ> Хан мунын сүүрс < дээд > – Мөнх зохиоов ᠂ Тэргүүн бодь – Нэгдүгээр бүлэг <10> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠠᠷᠪᠠ> Хан мунын сүүрс < дээд > – Мөнх зохиоов ᠂ Тэргүүн бодь – Нэгдүгээр бүлэг <10>

ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠠᠷᠪᠠ> Хан мунын сүүрс < дээд > – Мөнх зохиоов ᠂ Тэргүүн бодь – Нэгдүгээр бүлэг <10>

ᠠᠩᠭᠢᠯᠠᠯ:ᠲᠤᠭᠤᠵᠢ ᠷᠣᠮᠠᠨ
2024-05-04

324

ᠲᠡᠷᠢᠭᠦᠨ ᠪᠣᠲᠢ – ᠨᠢᠭᠡᠳᠦᠭᠡᠷ ᠪᠦᠯᠦᠭ <ᠠᠷᠪᠠ>


                ᠠᠷᠪᠠ 

       ᠮᠢᠩᠭᠠᠨᠪᠤᠤ ᠴᠠᠰᠤᠨ ᠤ᠋ ᠴᠣᠬᠣᠷᠲᠤᠭᠰᠠᠨ ᠬᠡᠰᠡᠭ ᠢ᠋ ᠪᠠᠷᠢᠵᠤ ᠠᠳᠤᠭᠤᠴᠢᠨ ᠰᠣᠳᠨᠠᠮ ᠭᠤᠸᠠᠢ ᠶ᠋ᠢᠨ ᠶᠠᠪᠤᠭᠰᠠᠨ ᠮᠥᠷ ᠢ᠋ᠶ᠋ᠡᠷ ᠬᠥᠲᠥᠯᠦᠭᠡ ᠮᠣᠷᠢ ᠲᠠᠢ ᠰᠤᠨᠤᠮ᠎ᠠ ᠨᠢᠭᠡ ᠡᠳᠦᠷ ᠶᠠᠪᠤᠪᠠ᠃ ᠣᠢᠷ᠎ᠠ ᠲᠥᠰᠦᠷ ᠠᠢᠯ ᠤ᠋ᠨ ᠪᠠᠷ᠎ᠠ ᠬᠠᠷᠠᠭᠳᠠᠭᠰᠠᠨ ᠦᠭᠡᠢ᠃  ᠬᠡᠳᠦᠨ ᠮᠣᠷᠢ ᠲᠠᠢ ᠬᠥᠮᠦᠨ ᠶᠠᠪᠤᠭᠰᠠᠨ ᠮᠥᠷ ᠬᠠᠶᠠ ᠪᠠᠯᠠᠷᠠᠵᠤ ᠬᠠᠶᠠ ᠲᠣᠳᠣᠷᠠᠨ᠎ᠠ᠃  ᠵᠠᠷᠢᠮ ᠳ᠋ᠠᠭᠠᠨ ᠬᠡᠳᠦ ᠬᠡᠳᠦᠨ ᠭᠠᠵᠠᠷ ᠴᠠᠰᠤ ᠰᠥᠬᠥᠷᠡᠵᠦ ᠲᠡᠳᠡᠨ ᠦ᠌ ᠮᠥᠷ ᠪᠤᠯᠠᠭᠳᠠᠬᠤ ᠳ᠋ᠤ᠌ ᠲᠥᠯᠥᠪ ᠴᠢᠭ ᠪᠠᠷᠢᠵᠤ ᠶᠠᠪᠤᠬᠤ ᠠ᠋ᠴᠠ ᠥᠭᠡᠷ᠎ᠡ ᠠᠷᠭ᠎ᠠ ᠦᠭᠡᠢ ᠪᠠᠢᠪᠠ᠃ ᠲᠡᠭᠦᠨ ᠦ᠌ ᠵᠠᠮ ᠳ᠋ᠤ᠌ ᠦᠨᠡᠭᠡ ᠲᠠᠤᠯᠠᠢ ᠶ᠋ᠢᠨ ᠮᠥᠷ ᠬᠠ ᠶᠠ ᠦᠭᠡᠢ ᠲᠣᠬᠢᠶᠠᠯᠳᠤᠨ᠎ᠠ᠃ ᠲᠡᠭᠡᠪᠡᠴᠦ ᠵᠡᠭᠦᠨ ᠬᠣᠢᠰᠢᠯᠠᠬᠤ ᠵᠦᠭ ᠢ᠋ᠶ᠋ᠡᠨ ᠠᠯᠳᠠᠬᠤ ᠦᠭᠡᠢ  ᠶᠠᠪᠤᠨ ᠶᠠᠪᠤᠭᠰᠠᠭᠠᠷ ᠪᠦᠷᠦᠢ ᠪᠣᠯᠬᠤ ᠳ᠋ᠤ᠌ ᠮᠢᠩᠭᠠᠨᠪᠤᠤ ᠰᠣᠳᠨᠠᠮ ᠡᠪᠦᠭᠡᠨ ᠲᠡᠳᠡᠨ ᠦ᠌ ᠬᠣᠨᠣᠭᠯᠠᠵᠤ ᠥᠩᠭᠡᠷᠡᠭᠰᠡᠨ ᠪᠠᠭᠤᠷᠠᠢ ᠶ᠋ᠢ ᠣᠯᠵᠤ ᠠᠪᠤᠪᠠ᠃  
       ᠮᠢᠩᠭᠠᠨᠪᠤᠤ ᠮᠣᠷᠢᠨ ᠠ᠋ᠴᠠ ᠪᠠᠨ ᠪᠠᠭᠤᠵᠤ ᠭᠠᠵᠠᠷ ᠤ᠋ᠨ ᠪᠠᠢᠴᠠ ᠶ᠋ᠢ ᠠᠵᠢᠭᠯᠠᠬᠤᠯ᠎ᠠ ᠪᠠᠷᠠᠭᠤᠨ ᠲᠠᠯ᠎ᠠ ᠪᠠᠷ ᠢ᠋ᠶ᠋ᠠᠨ ᠳᠡᠨᠵᠢᠷᠬᠡᠭ ᠵᠡᠭᠦᠨᠰᠢ ᠪᠡᠨ ᠨᠠᠯᠠᠤ ᠭᠠᠵᠠᠷ ᠪᠠᠢᠯ᠎ᠠ᠃   ᠨᠢᠭᠡ ᠲᠣᠮᠣᠬᠠᠨ ᠬᠠᠪᠲᠠᠭᠠᠢ ᠬᠥᠬᠡ ᠴᠢᠯᠠᠭᠤᠨ ᠤ᠋ ᠨᠥᠮᠥᠷᠢ ᠪᠠᠷᠢᠵᠤ ᠪᠠᠭᠤᠳᠠᠯᠯᠠᠭᠰᠠᠨ ᠪᠠᠢᠨ᠎ᠠ᠃ ᠲᠡᠷᠡ ᠪᠡᠷ ᠬᠠᠪᠲᠠᠭᠠᠢ ᠬᠥᠬᠡ ᠴᠢᠯᠠᠭᠤᠨ ᠤ᠋ ᠨᠥᠮᠥᠷᠢ ᠳ᠋ᠡᠬᠢ ᠴᠠᠰᠤ ᠶ᠋ᠢ ᠴᠡᠪᠡᠷᠯᠡᠵᠦ ᠬᠠᠭᠤᠷᠠᠢ ᠡᠪᠡᠰᠦ ᠵᠤᠯᠭᠠᠭᠠᠵᠤ ᠬᠣᠶᠠᠷ ᠮᠣᠷᠢ ᠪᠠᠨ ᠲᠡᠵᠢᠭᠡᠪᠡ᠃ ᠡᠨᠡ ᠨᠢ ᠪᠠᠰᠠ ᠪᠠᠷᠠᠭᠤᠨ ᠬᠣᠢᠨ᠎ᠠ ᠠ᠋ᠴᠠ ᠲᠡᠢᠯᠳᠡᠭᠦᠦ ᠵᠢᠪᠠᠷᠯᠠᠳᠠᠭ ᠵᠢᠪᠠᠷ ᠰᠠᠯᠬᠢ ᠬᠠᠯᠬᠠᠯᠠᠳᠠᠭ ᠤᠬᠠᠭᠠᠨ ᠲᠠᠢ᠃ ᠮᠢᠩᠭᠠᠨᠪᠤᠤ ᠬᠠᠪᠲᠠᠭᠠᠢ ᠬᠥᠬᠡ ᠴᠢᠯᠠᠭᠤᠨ ᠤ᠋ ᠨᠥᠮᠥᠷᠢ ᠳ᠋ᠦ᠍ ᠭᠠᠯ ᠨᠣᠴᠣᠭᠠᠨ ᠴᠠᠢ ᠴᠢᠨᠠᠵᠤ ᠮᠢᠬ᠎ᠠ ᠭᠥᠰᠭᠥᠯᠵᠦ ᠢᠳᠡᠵᠦ ᠤᠤᠭᠤᠴᠢᠬᠠᠭᠠᠳ ᠡᠪᠦᠷ ᠡᠴᠡ ᠪᠡᠨ ᠰᠢᠮᠡᠭᠦᠷ ᠬᠣᠣ ᠪᠠᠨ ᠲᠡᠮᠲᠡᠷᠢᠨ ᠭᠠᠷᠭᠠᠵᠤ ᠭᠠᠰᠢᠭᠤᠨ ᠬᠠᠷ᠎ᠠ ᠠ᠋ᠴᠠ ᠬᠡᠳᠦᠨ ᠣᠭᠣᠴᠢ ᠰᠢᠮᠡᠵᠦ ᠪᠦᠯᠢᠶᠡᠰᠪᠡ᠃ ᠮᠢᠩᠭᠠᠨᠪᠤᠤ ᠦᠦᠷ ᠴᠠᠢᠮᠠᠭᠴᠠ  ᠮᠣᠷᠳᠠᠵᠤ ᠨᠠᠷᠠ ᠪᠤᠯᠲᠠᠢᠬᠤ ᠳ᠋ᠤ᠌ ᠰᠣᠯᠢ ᠶ᠋ᠢᠨ ᠭᠣᠣᠯ ᠤ᠋ᠨ ᠪᠠᠷᠠᠭᠤᠨ ᠡᠮᠦᠨ᠎ᠡ ᠨᠢᠭᠡᠨ ᠨᠠᠮᠬᠠᠨ ᠳᠣᠪᠣᠴᠠᠭ ᠳᠡᠭᠡᠷ᠎ᠡ ᠭᠠᠷᠪᠠ᠃ ᠮᠢᠩᠭᠠᠨᠪᠤᠤ ᠶ᠋ᠢᠨ ᠤᠨᠤᠭᠰᠠᠨ ᠵᠡᠭᠡᠷᠳᠡ ᠮᠣᠷᠢ ᠨᠢ ᠴᠠᠩᠲᠤᠭᠠᠳ ᠶᠠᠭᠠᠨ ᠪᠤᠭᠤᠷᠤᠯ ᠪᠣᠯᠵᠤ ᠥᠪᠡᠷ ᠦ᠋ᠨ ᠬᠢᠨᠢ ᠨᠢᠳᠦ ᠬᠥᠮᠥᠰᠬᠡ ᠰᠠᠬᠠᠯ ᠰᠠᠮᠪᠠᠢ ᠨᠢ ᠴᠤ᠌ ᠴᠠᠩᠲᠤᠵᠠᠢ᠃ ᠪᠡᠶ᠎ᠡ ᠨᠢ ᠬᠠᠯᠠᠰᠠᠵᠤ ᠳᠠᠪᠬᠢᠬᠤ ᠶ᠋ᠢ ᠭᠣᠷᠢᠳᠠᠭᠰᠠᠨ ᠬᠠᠯᠵᠠᠨ ᠵᠡᠭᠡᠷᠳᠡ ᠮᠣᠷᠢ ᠲᠣᠯᠣᠭᠠᠢ ᠪᠠᠷ ᠢ᠋ᠶ᠋ᠠᠨ ᠨᠠᠭᠠᠳᠤᠨ ᠪᠠᠢᠨ ᠪᠠᠢᠨ ᠡᠵᠡᠨ ᠦ᠌ ᠪᠡᠨ ᠳᠠᠯᠤ ᠮᠥᠷᠥ ᠶ᠋ᠢ ᠨᠢᠳᠤᠷᠴᠤ ᠫᠦᠷᠳ᠋ᠬᠢᠨ ᠲᠤᠷᠭᠢᠬᠤ ᠨᠢ《 ᠬᠤᠷᠳᠤᠨ ᠶᠠᠪᠤᠶ᠎ᠠ》 ᠭᠡᠵᠦ ᠬᠡᠯᠡᠬᠦ ᠰᠢᠭ ᠪᠠᠢᠯ᠎ᠠ᠃  
       ᠰᠠᠢᠬᠠᠨ ᠡᠳᠦᠷ ᠪᠠᠢᠪᠠ᠃ ᠡᠪᠦᠯ ᠦ᠋ᠨ ᠡᠪᠦᠭᠡᠨ ᠨᠠᠷᠠ ᠵᠠᠯᠬᠠᠭᠤᠲᠠᠢ ᠠᠨᠢᠪᠠᠯᠵᠠᠭᠰᠠᠭᠠᠷ ᠳᠡᠭᠡᠭᠰᠢ ᠳᠡᠭᠳᠡᠵᠦ《 ᠮᠣᠩᠭᠣᠯ ᠨᠤᠲᠤᠭ ᠰᠠᠢᠨ ᠨᠣᠢᠷᠰᠤᠪᠠ ᠤᠤ?》 ᠭᠡᠳ ᠪᠤᠮᠠᠨ ᠰᠠᠴᠤᠷᠠᠭ ᠢᠯᠴᠢ ᠪᠡᠨ ᠡᠬᠡ ᠳᠡᠯᠡᠬᠡᠢ ᠳ᠋ᠦ᠍ ᠲᠦᠭᠡᠭᠡᠬᠦ ᠳ᠋ᠡᠭᠡᠨ《 ᠮᠣᠩᠭᠣᠯ ᠨᠤᠲᠤᠭ ᠲᠤ ᠢᠯᠡᠭᠦᠦ ᠬᠤᠪᠢᠳᠠᠭᠤᠯᠤᠶ᠎ᠠ》 ᠭᠡᠰᠡᠨ ᠰᠢᠭ ᠢᠰᠪᠡᠯᠵᠡᠨ᠎ᠡ᠃ ᠮᠢᠩᠭᠠᠨᠪᠣᠤ ᠢᠯᠴᠢ ᠭᠡᠷᠡᠯ ᠢ᠋ᠶ᠋ᠡᠨ ᠬᠣᠷᠸ᠎ᠠ ᠳ᠋ᠤ᠌ ᠲᠤᠰᠬᠠᠭᠰᠠᠨ ᠡᠪᠦᠭᠡᠨ ᠨᠠᠷᠠᠨ ᠤ᠋ ᠠᠭᠠᠵᠢᠮ ᠢ᠋ᠶ᠋ᠠᠷ ᠳᠡᠭᠳᠡᠬᠦ ᠶ᠋ᠢ ᠬᠠᠷᠠᠭᠠᠳ ᠡᠩ ᠦ᠋ᠨ ᠡᠳᠦᠷ ᠡᠴᠡ ᠨᠡᠩᠳᠡ ᠢᠯᠡᠭᠦᠦ ᠳᠣᠲᠣᠨᠣ ᠰᠠᠨᠠᠭᠳᠠᠪᠠ᠃ ᠨᠡᠯᠦᠢᠭᠰᠡᠨ ᠴᠠᠭᠠᠨ ᠴᠠᠰᠤᠨ ᠳ᠋ᠤ᠌ ᠨᠠᠷᠠᠨ ᠤ᠋ ᠭᠡᠷᠡᠯ ᠢ᠋ᠶ᠋ᠡᠷ ᠭᠢᠯᠲᠠᠭᠠᠨᠠᠨ ᠴᠡᠩᠬᠡᠷᠯᠡᠬᠦ ᠰᠣᠯᠢ ᠶ᠋ᠢᠨ ᠭᠣᠣᠯ ᠤ᠋ᠨ ᠮᠥᠰᠥ ᠬᠣᠯᠠ ᠠ᠋ᠴᠠ ᠬᠠᠷᠠᠬᠤ ᠳ᠋ᠤ᠌ ᠠᠯᠳᠠᠯᠠᠨ ᠰᠤᠩᠭᠠᠭᠰᠠᠨ ᠴᠡᠩᠬᠡᠷ ᠬᠠᠳᠠᠭ ᠰᠢᠭ᠋ ᠠᠵᠢ᠃ ᠲᠡᠷᠲᠡᠭᠡ ᠪᠤᠲᠠ ᠮᠣᠳᠣ ᠲᠠᠢ ᠡᠩᠭᠡᠷ ᠳᠡᠭᠡᠭᠦᠷ ᠠᠳᠤᠭᠤᠨ ᠤ᠋ ᠬᠥᠯ ᠳ᠋ᠦ᠍ ᠭᠢᠰᠬᠢᠭᠳᠡᠭᠰᠡᠨ ᠴᠠᠰᠤ ᠴᠣᠬᠣᠷᠯᠠᠨ ᠬᠠᠷᠠᠭᠳᠠᠵᠤ ᠳᠠᠬᠢ ᠶ᠋ᠢᠨ ᠠᠵᠢᠷᠭ᠎ᠠ ᠲᠠᠢ ᠬᠠᠯᠢᠭᠤᠭᠴᠢ ᠭᠡᠭᠦᠦ ᠵᠡᠷᠭᠡ ᠠᠷᠪᠠᠭᠠᠳ ᠠᠳᠤᠭᠤ ᠮᠢᠩᠭᠠᠪᠣᠤ ᠶ᠋ᠢᠨ ᠳᠤᠷᠠᠨ ᠳ᠋ᠤ᠌ ᠲᠣᠳᠣᠷᠠᠪᠠ᠃ ᠳᠠᠬᠢ ᠶ᠋ᠢᠨ ᠠᠵᠢᠷᠭ᠎ᠠ ᠲᠠᠢ ᠵᠡᠷᠯᠢᠭ ᠠᠳᠤᠭᠤ ᠥᠨᠵᠢᠭᠦᠲᠡ ᠬᠣᠨᠣᠭᠤᠲᠠ ᠮᠥᠰᠥᠨ ᠦ᠌ ᠬᠠᠯᠢᠶ᠎ᠠ ᠳ᠋ᠤ᠌ ᠪᠠᠭᠤᠵᠤ ᠢᠷᠡᠵᠦ ᠤᠰᠤ ᠤᠤᠭᠤᠳᠠᠭ ᠠᠵᠢ᠁ ᠳᠠᠬᠢ ᠶ᠋ᠢᠨ ᠠᠵᠢᠷᠭ᠎ᠠ ᠲᠦᠷᠦᠭᠦᠲᠠᠢ ᠬᠠᠯᠢᠭᠤᠭᠴᠢ ᠭᠡᠭᠦᠦ ᠬᠣᠷᠢᠭᠠᠳ ᠵᠡᠷᠯᠢᠭ ᠠᠳᠤᠭᠤ ᠬᠢᠷ᠎ᠠ ᠠ᠋ᠴᠠ ᠳᠣᠷᠣᠭᠰᠢ ᠭᠣᠣᠯ ᠤ᠋ᠨ ᠬᠠᠯᠢᠶ᠎ᠠ ᠰᠢᠮᠡᠬᠦ ᠪᠡᠷ ᠴᠤᠪᠤᠵᠤ ᠪᠠᠭᠤᠨ᠎ᠠ᠃ 
       ᠵᠡᠷᠯᠢᠭ ᠠᠳᠤᠭᠤᠳ ᠭᠣᠣᠯ ᠤ᠋ᠨ ᠬᠥᠪᠡᠭᠡ ᠣᠢᠷᠠᠳᠬᠤ ᠳ᠋ᠤ᠌ ᠬᠣᠢᠲᠤ ᠵᠦᠭ ᠦ᠋ᠨ ᠪᠠᠷᠠᠭᠤᠨ ᠲᠠᠯ᠎ᠠ ᠠ᠋ᠴᠠ ᠬᠡᠰᠡᠭ ᠮᠣᠷᠢᠲᠠᠢ ᠬᠥᠮᠦᠰ ᠴᠠᠰᠤ ᠪᠤᠲᠠᠷᠠᠭᠤᠯᠤᠨ ᠳᠠᠪᠬᠢᠵᠤ ᠢᠷᠡᠭᠡᠳ《 ᠬᠠᠢ᠂ ᠬᠥᠶᠢ》 ᠬᠠᠰᠬᠢᠷᠤᠯᠴᠠᠨ ᠵᠡᠷᠯᠢᠭ ᠠᠳᠤᠭᠤᠳ ᠢ᠋ ᠭᠣᠣᠯ ᠤ᠋ᠨ ᠮᠥᠰᠥ ᠤᠷᠤᠭᠤ ᠶᠠᠭᠤ ᠬᠠᠢ ᠦᠭᠡᠢ ᠰᠢᠬᠠᠪᠠ᠃ ᠡᠮᠦᠨ᠎ᠡ ᠨᠢ ᠪᠢᠲᠡᠭᠦᠦ ᠪᠤᠷᠭᠠᠰᠤ ᠲᠠᠢ ᠪᠣᠯᠬᠣᠷ ᠲᠡᠳᠡ ᠵᠡᠷᠯᠢᠭ ᠠᠳᠤᠭᠤᠳ ᠤ᠋ᠨ ᠪᠤᠷᠭᠠᠰᠤᠨ ᠳ᠋ᠤ᠌ ᠰᠢᠷᠭᠤᠬᠤ ᠠ᠋ᠴᠠ ᠠᠶᠤᠬᠤ ᠦᠭᠡᠢ ᠪᠠᠢᠯ᠎ᠠ᠃ 
       ᠵᠡᠷᠯᠢᠭ ᠠᠳᠤᠭᠤᠳ ᠴᠤ᠌ ᠬᠥᠮᠦᠨ ᠡᠴᠡ ᠮᠡᠷᠭᠡᠨ᠂ ᠲᠡᠷᠡ ᠬᠦ᠌ ᠬᠠᠰᠢᠶ᠎ᠠ ᠰᠢᠭ᠋ ᠪᠢᠲᠡᠭᠦᠦ ᠪᠤᠷᠭᠠᠰᠤ ᠤᠷᠤᠭᠤ ᠦᠯᠦ ᠬᠠᠪᠢᠳᠠᠨ᠎ᠠ᠃ ᠬᠡᠳᠦᠨ ᠵᠦᠭ ᠡᠴᠡ ᠬᠥᠮᠦᠰ ᠬᠠᠰᠬᠢᠷᠤᠯᠳᠤᠨ ᠰᠢᠬᠠᠭᠰᠠᠨ ᠠ᠋ᠴᠠ ᠵᠡᠷᠯᠢᠭ ᠠᠳᠤᠭᠤᠳ ᠦᠷᠭᠦᠨ ᠪᠢᠵᠢᠬᠢᠨᠠᠵᠤ᠂ ᠬᠠᠯᠢᠶ᠎ᠠ ᠬᠦᠪᠦᠷᠡᠭᠰᠡᠨ ᠮᠥᠰᠥ ᠤᠷᠤᠭᠤ ᠴᠢᠬᠢᠯᠳᠦᠵᠦ ᠰᠣᠯᠢ ᠶ᠋ᠢᠨ ᠭᠣᠣᠯ ᠤ᠋ᠨ ᠮᠥᠰᠥᠨ ᠦ᠌ ᠬᠥᠪᠡᠭᠡᠨ ᠳ᠋ᠦ᠍ ᠪᠤᠵᠢᠭᠢᠨᠠᠯᠳᠤᠨ᠎ᠠ᠃ ᠬᠡᠳᠦᠨ ᠪᠠᠢᠳᠠᠰᠤ ᠬᠠᠯᠢᠶ᠎ᠠ ᠤᠷᠤᠰᠤᠭᠰᠠᠨ ᠮᠥᠰᠥᠨ ᠳᠡᠭᠡᠷ᠎ᠡ ᠣᠢᠴᠢᠭᠠᠳ ᠪᠣᠰᠴᠤ ᠲᠡᠢᠯᠡᠬᠦ ᠦᠭᠡᠢ ᠬᠣᠩᠰᠢᠶᠠᠷ ᠢ᠋ᠶ᠋ᠠᠨ ᠮᠥᠰᠥᠨ ᠳᠡᠭᠡᠷ᠎ᠡ ᠲᠦᠱ ᠲᠦᠱ ᠭᠡᠲᠡᠯ᠎ᠡ ᠮᠥᠷᠭᠥᠵᠦ ᠲᠡᠢᠴᠢᠭᠢᠨᠡᠨ᠎ᠡ᠃ ᠴᠢᠬᠢ ᠨᠢ ᠬᠤᠯᠮᠠᠯᠵᠠᠭᠰᠠᠨ ᠳᠠᠬᠢ ᠶ᠋ᠢᠨ ᠠᠵᠢᠷᠭ᠎ᠠ ᠲᠣᠯᠣᠭᠠᠢ ᠪᠠᠨ ᠭᠠᠵᠠᠷ ᠰᠢᠭᠠᠨ᠂ ᠴᠠᠰᠤ ᠰᠢᠷᠣᠢ ᠪᠤᠵᠢᠭᠢᠨᠠᠲᠠᠯ᠎ᠠ ᠪᠥᠭᠡᠮᠨᠡᠷᠡᠯᠳᠦᠭᠰᠡᠨ ᠠᠳᠤᠭᠤ ᠪᠠᠨ ᠬᠡᠳᠦ ᠲᠣᠭᠣᠷᠢᠨ ᠬᠤᠷᠢᠶᠠᠭᠠᠳ ᠬᠤᠤᠬᠢᠲᠤᠨᠠᠨ ᠦᠦᠷᠰᠡᠵᠦ《 ᠪᠢ ᠣᠳᠣ ᠡᠨᠡ ᠪᠦᠰᠡᠯᠡᠯᠲᠡ ᠶ᠋ᠢᠨ ᠰᠡᠲᠡᠷᠬᠡᠢ ᠪᠡᠷ ᠰᠢᠪᠲᠤᠯᠤᠶ᠎ᠠ! ᠲᠠ ᠨᠠᠷ ᠨᠠᠮ᠎ᠠ ᠶ᠋ᠢ ᠵᠠᠪᠳᠤᠭᠤᠯ》 ᠭᠡᠰᠡᠨ ᠰᠢᠤᠬᠠᠨ ᠭᠡᠨᠡᠳᠲᠡ ᠪᠠᠷᠠᠭᠤᠨ ᠬᠣᠢᠰᠢ ᠳᠠᠭᠠᠷᠢᠪᠠ᠃ ᠬᠠᠰᠢᠯᠲᠠ ᠶ᠋ᠢᠨ ᠴᠠᠭᠠᠨᠠᠬᠠᠨ ᠠᠯᠢ ᠤᠵᠠᠭᠤᠷ ᠤ᠋ᠨ ᠪᠡᠯᠡᠳᠬᠡᠯ ᠲᠡᠢ ᠪᠠᠢᠭᠰᠠᠨ ᠬᠢᠵᠢᠶᠡᠯ ᠨᠠᠰᠤᠨ ᠤ᠋ ᠨᠢᠭᠡ ᠠᠳᠤᠭᠤᠴᠢ ᠲᠣᠯᠣᠭᠠᠢ ᠪᠠᠨ ᠭᠠᠵᠠᠷ ᠰᠢᠭᠠᠵᠤ ᠴᠢᠬᠢ ᠪᠡᠨ ᠬᠤᠯᠮᠠᠯᠵᠠᠭᠤᠯᠤᠭᠰᠠᠨ ᠳᠠᠬᠢ ᠶ᠋ᠢᠨ ᠠᠵᠢᠷᠭᠠᠨ ᠤ᠋ ᠬᠦᠵᠦᠭᠦᠨ ᠳ᠋ᠦ᠍ ᠠᠮᠵᠢᠵᠤ ᠤᠷᠭ᠎ᠠ ᠶ᠋ᠢᠨ ᠬᠤᠢᠪᠢ ᠬᠠᠶᠠᠵᠤ ᠵᠠᠪᠳᠤᠪᠠ᠃ ᠣᠩᠭᠣᠨ ᠭᠦᠶᠦᠭᠰᠡᠨ ᠳᠠᠬᠢ ᠶ᠋ᠢᠨ ᠠᠵᠢᠷᠭ᠎ᠠ ᠬᠦᠵᠦᠭᠦᠨ ᠳ᠋ᠦ᠍ᠨᠢ ᠨᠢᠭᠡ ᠶᠠᠭᠤᠮ᠎ᠠ ᠲᠣᠷᠣᠯᠳᠤᠬᠤ ᠳ᠋ᠤ᠌ ᠰᠣᠴᠢᠨ ᠵᠢᠭᠰᠢᠵᠦ ᠣᠩᠭᠣᠰᠤ  ᠠᠯᠲᠠᠨ᠂ ᠬᠦᠵᠦᠭᠦᠦ ᠰᠡᠭᠡᠷ ᠢ᠋ᠶ᠋ᠡᠨ ᠰᠡᠭᠰᠦᠷᠦᠩᠭᠡᠨ ᠵᠢᠳᠬᠦᠬᠦ ᠳ᠋ᠦ᠍ ᠨᠥᠭᠦᠭᠡ ᠠᠳᠤᠭᠤᠴᠢ ᠡᠷ᠎ᠡ ᠳᠠᠬᠢ ᠶ᠋ᠢᠨ ᠠᠵᠢᠷᠭᠠᠨ ᠤ᠋ ᠣᠭᠵᠣᠮ ᠬᠦᠴᠦᠨ ᠳ᠋ᠦ᠍ ᠲᠡᠢᠯᠳᠦᠵᠦ ᠤᠷᠭ᠎ᠠ ᠪᠠᠨ ᠠᠯᠳᠠᠪᠠ᠃ ᠬᠡᠳᠦᠨ ᠠᠯᠲᠠ ᠤᠷᠲᠤ ᠬᠤᠰᠤᠨ ᠤᠷᠭ᠎ᠠ ᠳᠠᠬᠢ ᠶ᠋ᠢᠨ ᠠᠵᠢᠷᠭᠠᠨ ᠤ᠋ ᠬᠦᠵᠦᠭᠦᠦ ᠡᠩᠭᠡᠯᠵᠡᠭᠦᠷ ᠡᠴᠡ ᠵᠡᠭᠦᠭᠳᠡᠬᠦ ᠳ᠋ᠦ᠍ ᠥᠨᠥᠬᠢ ᠨᠢ ᠤᠯᠠᠮ ᠡᠭᠳᠡᠭᠦᠦ ᠨᠢ ᠬᠦᠷᠴᠦ ᠰᠡᠭᠦᠯ ᠡᠴᠡ ᠪᠡᠨ ᠦᠷᠭᠦᠨ ᠪᠤᠯᠭᠢᠨ ᠪᠤᠯᠭᠢᠨ ᠳᠠᠪᠬᠢᠨ᠎ᠠ᠃ 
       ᠲᠡᠭᠡᠬᠦ ᠳ᠋ᠦ᠍ ᠭᠡᠨᠡᠳᠲᠡ ᠨᠢᠭᠡ ᠠᠳᠤᠭᠤᠴᠢᠨ ᠤᠷᠭ᠎ᠠ ᠴᠢᠷᠦᠨ ᠳᠠᠪᠬᠢᠭᠰᠠᠨ ᠠᠵᠢᠷᠭᠠᠨ ᠤ᠋ ᠬᠣᠢᠨ᠎ᠠ ᠠ᠋ᠴᠠ ᠬᠠᠷᠪᠤᠭᠰᠠᠨ ᠰᠤᠮᠤ ᠰᠢᠭ᠋ ᠭᠦᠢᠴᠡᠭᠡᠳ ᠬᠠᠷᠠᠵᠤ ᠪᠠᠢᠲᠠᠯ᠎ᠠ ᠡᠮᠡᠭᠡᠯ ᠦ᠋ᠨ ᠢ᠋ᠶ᠋ᠡᠨ ᠪᠤᠷᠤᠭᠤ ᠲᠡᠢᠰᠢ ᠬᠥᠯᠪᠡᠷᠢᠨ ᠪᠦᠷᠭᠦᠳ ᠲᠠᠤᠯᠠᠢ ᠰᠢᠭᠦᠷᠡᠬᠦ ᠠᠳᠠᠯᠢ ᠴᠢᠷᠦᠭᠳᠡᠭᠰᠡᠨ ᠤᠷᠭ᠎ᠠ ᠶ᠋ᠢ ᠰᠢᠭᠦᠷᠡᠨ ᠠᠪᠤᠪᠠ᠃ ᠡᠨᠡ ᠡᠷ᠎ᠡ ᠪᠣᠯ ᠮᠢᠩᠭᠠᠨᠪᠣᠤ ᠪᠠᠢᠯ᠎ᠠ᠃ ᠬᠠᠯᠵᠠᠨ ᠵᠡᠭᠡᠷᠳᠡ ᠡᠵᠡᠨ ᠦ᠌ ᠪᠡᠨ ᠰᠠᠨᠠᠭ᠎ᠠ ᠤᠷᠭ᠎ᠠ ᠶ᠋ᠢᠨ ᠳᠣᠬᠢᠯᠲᠠ ᠪᠠᠷ ᠪᠥᠭᠰᠡ ᠪᠡᠷ ᠢ᠋ᠶ᠋ᠡᠨ ᠴᠤᠬᠤᠢᠨ ᠰᠠᠭᠤᠭᠰᠠᠨ ᠳ᠋ᠤ᠌ ᠬᠥᠷ ᠴᠠᠰᠤ ᠬᠠᠢᠷ ᠴᠢᠯᠠᠭᠤᠳ ᠶᠡᠭᠦᠷᠡᠬᠦ ᠰᠢᠭ ᠰᠠᠳᠠᠷᠠᠨ ᠪᠤᠲᠠᠷᠠᠨ᠎ᠠ᠃ ᠮᠢᠩᠭᠠᠨᠪᠣᠤ ᠶ᠋ᠢᠨ ᠲᠠᠮᠢᠷᠵᠢᠭᠰᠠᠨ ᠳᠤᠷᠪᠢᠲᠦ ᠠᠳᠬᠤᠭᠠᠯ ᠤᠷᠭ᠎ᠠ ᠶ᠋ᠢᠨ ᠡᠷᠴᠢᠮ ᠢ᠋ ᠴᠢᠩᠭᠠᠯᠠᠬᠤ ᠳ᠋ᠤ᠌ ᠪᠥᠭᠡᠮ ᠴᠠᠰᠤ ᠬᠤᠢᠯᠠᠷᠠᠨ ᠴᠠᠭᠠᠨ ᠪᠤᠭᠤᠷᠤᠯ ᠮᠠᠨᠠᠨ ᠳᠡᠭᠳᠡᠪᠡ᠃ ᠠᠳᠠ ᠦᠵᠡᠭᠰᠡᠨ ᠰᠢᠭ ᠨᠠᠳᠬᠤᠨ ᠲᠡᠮᠡᠦᠯᠦᠭᠰᠡᠨ ᠳᠠᠬᠢ ᠶ᠋ᠢᠨ ᠠᠵᠢᠷᠭᠠᠨ ᠤ᠋ ᠬᠦᠴᠦ ᠮᠢᠩᠭᠠᠨᠪᠣᠤ ᠶ᠋ᠢᠨ ᠲᠠᠮᠢᠷ ᠬᠣᠶᠠᠷ ᠲᠡᠩᠴᠡᠵᠦ ᠳᠠᠬᠢ ᠶ᠋ᠢᠨ ᠠᠵᠢᠷᠭ᠎ᠠ ᠬᠣᠢᠲᠤ ᠬᠣᠶᠠᠷ ᠬᠥᠯ ᠳᠡᠭᠡᠷ᠎ᠡ ᠪᠡᠨ ᠴᠣᠷᠣᠢᠨ ᠪᠣᠰᠪᠠ᠃ ᠮᠢᠩᠭᠠᠨᠪᠣᠤ《 ᠣᠳᠣ ᠴᠢᠮ᠎ᠠ ᠶ᠋ᠢ ᠶᠠᠭᠠᠬᠢᠬᠤ ᠶ᠋ᠢ ᠴᠢᠨᠢ ᠬᠠᠷᠠᠶ᠎ᠠ ᠪᠠᠢᠵᠠ》 ᠭᠡᠵᠦ ᠪᠣᠳᠣᠲᠠᠯ᠎ᠠ ᠴᠣᠷᠣᠢᠨ ᠪᠣᠰᠤᠭᠰᠠᠨ ᠳᠠᠬᠢ ᠶ᠋ᠢᠨ ᠠᠵᠢᠷᠭ᠎ᠠ ᠬᠠᠩᠭᠢᠨᠠᠲᠠᠯ᠎ᠠ ᠦᠦᠷᠰᠡᠭᠡᠳ ᠡᠮᠦᠨ᠎ᠡ ᠬᠣᠶᠠᠷ ᠲᠤᠭᠤᠷᠠᠢ ᠪᠠᠨ ᠴᠠᠪᠴᠢᠯᠠᠨ ᠲᠣᠯᠣᠭᠠᠢ ᠪᠠᠨ ᠭᠠᠵᠠᠷ ᠰᠢᠭᠠᠨ ᠵᠢᠳᠬᠦᠭᠰᠡᠨ ᠳ᠋ᠦ᠍ ᠤᠷᠭ᠎ᠠ ᠶ᠋ᠢᠨ ᠴᠡᠭᠡᠵᠢ ᠫᠢᠰ ᠬᠢᠨ ᠬᠤᠭᠤᠷᠠᠵᠤ ᠮᠢᠩᠭᠠᠨᠪᠣᠤ ᠮᠣᠷᠢ ᠲᠠᠢ ᠪᠠᠨ ᠠᠷᠤᠨᠰᠢ ᠳᠠᠷᠤᠯᠴᠠᠨ ᠤᠨᠠᠪᠠ᠃ ᠥᠨᠥ ᠳᠠᠬᠢ ᠶ᠋ᠢᠨ ᠠᠵᠢᠷᠭ᠎ᠠ ᠲᠣᠯᠣᠭᠠᠢ ᠪᠠᠨ ᠰᠡᠭᠰᠦᠷᠦᠨ ᠰᠡᠭᠰᠦᠷᠦᠨ ᠣᠮ ᠬᠣᠮ ᠦᠭᠡᠢ ᠳᠠᠪᠬᠢᠨ ᠣᠳᠪᠠ᠃ ᠡᠨᠡ ᠵᠠᠭᠤᠷ᠎ᠠ ᠮᠣᠷᠢᠨ ᠳ᠋ᠠᠭᠠᠨ ᠳᠠᠬᠢᠨ ᠮᠣᠷᠳᠠᠭᠰᠠᠨ ᠮᠢᠩᠭᠠᠨᠪᠣᠣ ᠳᠠᠬᠢ ᠶ᠋ᠢᠨ ᠠᠵᠢᠷᠭᠠᠨ ᠤ᠋ ᠬᠣᠢᠨ᠎ᠠ ᠠ᠋ᠴᠠ ᠰᠤᠭᠤᠷᠠᠵᠤ ᠭᠦᠶᠦᠭᠰᠡᠨ ᠬᠠᠯᠢᠭᠤᠭᠴᠢ ᠭᠡᠭᠦᠦ ᠶ᠋ᠢ ᠠᠮᠠᠳᠠᠨ ᠲᠣᠰᠴᠤ ᠵᠠᠳᠠᠭᠠᠢ ᠨᠣᠭᠲᠣ ᠬᠠᠶᠠᠵᠤ ᠪᠠᠷᠢᠪᠠ᠃ 
       ᠮᠥᠰᠥᠨ ᠦ᠌ ᠬᠥᠪᠡᠭᠡᠨ ᠳ᠋ᠦ᠍ ᠬᠡᠳᠦᠨ ᠠᠳᠤᠭᠤᠴᠢ ᠬᠠᠰᠢᠭᠳᠠᠭᠰᠠᠨ ᠠᠳᠤᠭᠤ ᠶ᠋ᠢ ᠪᠠᠷᠢᠵᠤ ᠬᠦᠴᠦᠷᠡ ᠠᠯᠲᠠᠨ ᠮᠥᠰᠥ ᠤᠷᠤᠭᠤ ᠰᠢᠬᠠᠵᠤ ᠪᠤᠵᠢᠭᠢᠨᠠᠯᠳᠤᠨ᠎ᠠ᠃ ᠨᠣᠭᠲᠣ ᠰᠠᠬᠠᠯ ᠲᠠᠢ ᠨᠢᠭᠡ ᠡᠷ᠎ᠡ ᠨᠢᠭᠡ ᠪᠠᠢᠳᠠᠰᠤ ᠴᠢᠬᠢᠳᠡᠵᠦ ᠤᠨᠠᠭᠠᠭᠰᠠᠨ ᠳ᠋ᠤ᠌ ᠨᠥᠭᠦᠭᠡ ᠠᠳᠤᠭᠤᠴᠢ ᠶᠠᠴᠢᠶᠠᠷ ① ᠲᠡᠢ ᠨᠣᠭᠲᠣ ᠨᠣᠭᠲᠣᠯᠠᠬᠤ ᠪᠠᠷ ᠶᠠᠭᠠᠷᠠᠨ᠎ᠠ᠃ 
       — ᠨᠠᠮᠳᠠᠭ ᠠ᠋᠂ ᠴᠢ ᠭᠡᠵᠦ ᠶᠣᠰᠣᠲᠠᠢ ᠨᠢᠭᠡ ᠤᠮᠠᠳᠠᠭ ᠲᠠᠭᠠᠨ ᠰᠢᠭᠡᠭᠰᠡᠨ ᠵᠣᠯᠢᠭ! ᠶᠡᠬᠡ ᠶ᠋ᠢ ᠰᠠᠨᠠᠵᠤ ᠳᠠᠬᠢ ᠶ᠋ᠢᠨ ᠠᠵᠢᠷᠭᠠᠨ ᠳ᠋ᠤ᠌ ᠰᠠᠨᠠᠭᠠᠷᠬᠠᠭᠠᠳ ᠡᠴᠦᠰ ᠲᠡᠭᠡᠨ ᠠᠵᠢᠷᠭ᠎ᠠ ᠴᠤ᠌ ᠦᠭᠡᠢ ᠭᠡᠭᠦᠦ ᠴᠤ᠌ ᠦᠭᠡᠢ ᠪᠦᠭᠦᠳᠡ ᠶ᠋ᠢ ᠠᠯᠳᠠᠭᠠᠳ ᠲᠠᠭᠤᠴᠢᠬᠠᠬᠤ ᠭᠡᠵᠦ᠁ ᠣᠳᠣ ᠡᠨᠡ ᠴᠢᠬᠢᠳᠡᠭᠦᠯᠦᠭᠰᠡᠨ ᠪᠠᠢᠳᠠᠰᠤ ᠶ᠋ᠢ ᠴᠤ᠌ ᠨᠣᠭᠲᠣᠯᠠᠵᠤ ᠶᠠᠳᠠᠭᠠᠳ ᠪᠠᠢᠳᠠᠭ ᠴᠢᠨᠢ᠂ ᠮᠥᠨ ᠴᠤ᠌ ᠪᠤᠳᠤᠯᠢᠭᠤ ᠠᠮᠢᠲᠠᠨ ᠶᠤᠮ ᠠ᠋ ᠴᠢ!《 ᠨᠣᠭᠲᠣ ᠪᠠᠨ ᠨᠠᠭᠠᠰᠢ ᠪᠠᠨ》 ᠭᠡᠵᠦ ᠡᠷᠡᠦ ᠬᠠᠯᠲᠠᠷ ᠡᠷ᠎ᠡ ᠨᠠᠮᠳᠠᠭ ᠠ᠋ᠴᠠ ᠨᠣᠭᠲᠣ ᠶ᠋ᠢ ᠠᠪᠴᠤ ᠰᠣᠯᠣᠭᠠᠢ ᠭᠠᠷ ᠢ᠋ᠶ᠋ᠠᠷ ᠢ᠋ᠶ᠋ᠠᠨ ᠪᠠᠢᠳᠠᠰᠤ ᠶ᠋ᠢ ᠨᠣᠭᠲᠣᠯᠠᠪᠠ᠃ 
       — ᠬᠥᠶᠢ᠂ ᠨᠠᠮᠳᠠᠭ ᠠ᠋! ᠴᠠᠭᠠᠳᠤᠬᠢ ᠴᠢᠨᠢ ᠬᠡᠨ ᠪᠣᠢ? ᠬᠠᠯᠢᠭᠤᠭᠴᠢ ᠭᠡᠭᠦᠦ ᠶ᠋ᠢ ᠬᠥᠲᠥᠯᠦᠭᠡᠳ ᠢᠷᠡᠯ᠎ᠡ ᠳᠠ! ᠭᠡᠰᠡᠨ ᠳ᠋ᠦ᠍ ᠬᠡᠳᠦᠨ ᠠᠳᠤᠭᠤᠴᠢ ᠶ᠋ᠢᠨ ᠨᠢᠳᠦ ᠮᠢᠩᠭᠠᠨᠪᠣᠣ ᠶ᠋ᠢ ᠪᠢᠰᠢᠷᠡᠯ ᠠᠲᠠᠭᠠᠷᠬᠠᠯ ᠬᠣᠣᠰᠯᠠᠭᠰᠠᠨ ᠬᠠᠷᠠᠴᠠ ᠪᠠᠷ ᠰᠢᠷᠲᠡᠵᠡᠭᠡᠨ᠎ᠡ᠃ 
       — ᠵᠠ᠂ ᠲᠠ ᠨᠠᠷ ᠰᠠᠢᠨ ᠪᠠᠢᠵᠠᠭᠠᠨ᠎ᠠ ᠤᠤ? ᠭᠡᠳ ᠮᠢᠩᠭᠠᠨᠪᠣᠣ ᠮᠣᠷᠢᠨ ᠠ᠋ᠴᠠ ᠪᠠᠨ ᠪᠠᠭᠤᠵᠤ ᠬᠡᠩᠬᠦᠯᠵᠡᠨ ᠠᠯᠬᠤᠬᠤ ᠳ᠋ᠤ᠌ ᠬᠠᠯᠵᠠᠨ ᠵᠡᠭᠡᠷᠳᠡ ᠶ᠋ᠢᠨ ᠬᠢᠨᠢ ᠴᠢᠨᠣ᠎ᠠ ᠶ᠋ᠢᠨ ᠬᠣᠶᠠᠷ ᠴᠢᠬᠢ ᠨᠢ ᠰᠣᠯᠪᠢᠴᠠᠨ ᠲᠣᠯᠣᠭᠠᠢ ᠪᠠᠷ ᠢ᠋ᠶ᠋ᠠᠨ ᠲᠣᠭᠯᠠᠨ ᠨᠠᠭᠠᠳᠴᠤ᠂ ᠬᠠᠮᠠᠷ ᠨᠢ ᠣᠩᠭᠣᠯᠵᠠᠬᠤ ᠨᠢ ᠡᠵᠡᠨ ᠦ᠌ ᠪᠡᠨ ᠣᠷᠣᠨ ᠳ᠋ᠤ᠌ ᠪᠡᠶ᠎ᠡ ᠪᠡᠨ ᠭᠠᠢᠬᠠᠭᠤᠯᠤᠭᠰᠨ ᠪᠢᠰᠢᠷᠡᠭᠰᠡᠨ ᠠᠯᠢᠨ ᠪᠣᠯᠬᠤ ᠨᠢ ᠲᠣᠳᠣ ᠦᠭᠡᠢ ᠬᠠᠷᠠᠴᠠ ᠪᠠᠷ ᠲᠡᠭᠦᠨ ᠢ᠋ ᠰᠢᠷᠳᠡᠨ᠎ᠡ᠃ ᠮᠢᠩᠭᠠᠨᠪᠣᠣ᠂ ᠭᠣᠪᠢ ᠶ᠋ᠢᠨ ᠠᠳᠤᠭᠤᠳ ᠤ᠋ᠨ ᠲᠡᠷᠡ ᠬᠠᠷᠠᠴᠠᠨ ᠳᠣᠣᠷ᠎ᠠ ᠶᠠᠪᠤᠵᠤ ᠰᠣᠳᠨᠠᠮ ᠡᠪᠦᠭᠡᠨ ᠦ᠌ ᠳᠡᠷᠭᠡᠳᠡ ᠣᠴᠢᠭᠠᠳ᠄
       —ᠠᠪᠤ ᠲᠠ ᠠᠮᠤᠷ ᠰᠠᠢᠨ? ᠪᠡᠶ᠎ᠡ ᠯᠠᠭᠱᠠᠨ ᠲᠤᠩᠭᠠᠯᠠᠭ? ᠭᠡᠵᠦ ᠡᠪᠦᠳᠦᠭ ᠰᠥᠬᠥᠷᠡᠨ ᠮᠡᠨᠳᠦᠯᠡᠭᠰᠡᠨ ᠳ᠋ᠦ᠍ ᠡᠪᠦᠭᠡᠨ᠄ 
       — ᠵᠠ᠂ ᠰᠠᠢᠨ! ᠪᠠᠢᠵᠠ ᠳᠠ᠂ ᠡᠨᠡ ᠬᠦᠦ ᠴᠢᠨᠢ ᠬᠡᠨ ᠪᠢᠯᠡ? ᠬᠢᠵᠦ ᠶᠠᠭᠠᠬᠢᠬᠤ ᠠᠷᠭ᠎ᠠ ᠦᠭᠡᠢ ᠲᠠᠨᠢᠬᠤ ᠮᠡᠲᠦ ᠠᠲᠠᠯ᠎ᠠ ᠪᠠᠨ ᠳᠠᠷᠤᠢᠬᠠᠨ ᠪᠣᠳᠣᠵᠤ ᠡᠰᠡ ᠣᠯᠤᠨ ᠡᠪᠦᠭᠡᠨ ᠪᠣᠷᠣ ᠨᠢᠳᠦ ᠨᠢ ᠠᠨᠢᠯᠵᠠᠬᠤ ᠳ᠋ᠤᠨᠢ ᠮᠢᠩᠭᠠᠨᠪᠣᠣ᠄ 
       — ᠪᠢ ᠬᠠᠪᠤᠷ ᠲᠠᠨ ᠤ᠋ ᠳ᠋ᠤ᠌ ᠢᠨᠵᠠᠭ᠎ᠠ ᠲᠡᠪᠡᠷᠢᠵᠦ ᠠᠪᠠᠴᠢᠭᠰᠠᠨ ᠰᠢᠳᠡ! ᠭᠡᠪᠡ᠃ 
       — ᠵᠠ᠂ ᠵᠠ ᠣᠳᠣ ᠲᠠᠨᠢᠯ᠎ᠠ᠂ ᠮᠤᠨᠠ ᠶ᠋ᠢᠨ ᠵᠡᠭᠦᠨ ᠥᠪᠥᠷ ᠦ᠋ᠨ ᠭᠡᠰᠡᠨ᠂ ᠠᠯᠢ ᠪᠠᠢᠵᠠ ᠠ᠋᠂ ᠨᠡᠷ᠎ᠡ ᠴᠢᠨᠢ ᠬᠡᠨ ᠭᠡᠯ᠎ᠡ? 
       — ᠤᠷᠠᠳ ᠤ᠋ᠨ ᠪᠠᠷᠠᠭᠤᠨ ᠬᠦᠩ ᠦ᠋ᠨ ᠲᠠᠢᠵᠢ ᠢᠵᠠᠭᠤᠷᠲᠤ ᠬᠠᠷᠠᠨᠤᠳ ᠮᠢᠩᠭᠠᠨᠪᠣᠣ᠃ 
       — ᠵᠠ᠂ ᠲᠡᠢᠮᠦ ᠪᠠᠢᠭᠰᠠᠨ ᠪᠠᠢᠬ᠎ᠠ᠃ 
       — ᠁ 
       — ᠭᠠᠮᠢᠩ ᠤ᠋ᠨ ᠬᠠᠷ᠎ᠠ ᠴᠡᠷᠢᠭ ᠪᠠᠰᠠ ᠨᠠᠭᠠᠰᠢᠯᠠᠬᠤ ᠨᠢ ᠤᠤ? ᠴᠢᠭᠢᠶᠡᠲᠦᠷᠦᠦ! 
       — ᠦᠭᠡᠢ ᠠ᠋᠂ ᠪᠢ ᠲᠠ ᠨᠠᠷ ᠢ᠋ ᠡᠷᠭᠢᠵᠦ ᠦᠵᠡᠬᠦ ᠪᠡᠷ ᠢᠷᠡᠭᠰᠡᠨ ᠶᠦᠮ ᠠ᠋᠂ ᠢᠨᠵᠠᠭ᠎ᠠ ᠴᠤ᠌ ᠬᠣᠪᠢᠯᠴᠡᠴᠡᠭ ᠦ᠋ᠨ ᠳᠣᠳᠣᠮᠳᠠᠯᠭ᠎ᠠ ᠪᠠᠷ ᠲᠣᠮᠣ ᠪᠣᠯᠴᠢᠬᠠᠵᠠᠢ᠃ 
       — ᠲᠡᠭᠡ ᠯᠡ ᠦᠭᠡᠢ᠂ ᠬᠥᠭᠡᠷᠦᠬᠦᠢ! ᠢᠷᠡᠵᠦ ᠣᠴᠢᠬᠤ ᠳ᠋ᠤ᠌ ᠪᠦᠷ ᠬᠥᠮᠦᠨ ᠦ᠌ ᠬᠥᠯ ᠣᠷᠢᠶᠠᠭᠠᠳ ᠰᠠᠯᠵᠤ ᠥᠭᠳᠡᠭ ᠦᠭᠡᠢ ᠬᠥᠭᠡᠷᠦᠬᠦᠨ ᠠᠮᠢᠲᠠᠨ ᠶᠤᠮ ᠠ᠋! ᠮᠠᠭᠤ ᠥᠬᠢᠨ ᠲᠡᠢ ᠮᠢᠨᠢ ᠪᠦᠷ ᠴᠤ᠌ ᠳᠠᠰᠤᠯ᠃ ᠠᠶᠠᠭ᠎ᠠ ᠲᠠᠢ ᠪᠠᠨ ᠬᠤᠪᠢᠶᠠᠯᠴᠠᠵᠤ ᠠᠯᠢᠶᠠᠷᠬᠠᠭᠠᠳ ᠰᠦᠢᠳ ᠪᠣᠯᠳᠠᠭ ᠰᠢᠦ ᠳᠡ ᠭᠡᠳ ᠢᠨᠵᠠᠭ᠎ᠠ ᠶ᠋ᠢᠨ ᠲᠤᠬᠠᠢ ᠰᠡᠳᠦᠪ ᠡᠯᠭᠦᠬᠦ ᠳ᠋ᠦ᠍ ᠰᠣᠳᠨᠠᠮ ᠡᠪᠦᠭᠡᠨ ᠦ᠌ ᠴᠢᠷᠠᠢ ᠳ᠋ᠤ᠌ ᠡᠨᠡᠷᠢᠩᠭᠦᠢ ᠪᠣᠷᠣ ᠢᠨᠢᠶᠡᠳᠦ ᠰᠠᠴᠤᠷᠠᠨ᠎ᠠ᠃ ᠡᠨᠡ ᠵᠤᠵᠠᠭᠠᠨ ᠴᠠᠰᠤ ᠲᠠᠢ ᠬᠠᠷ᠎ᠠ ᠬᠦᠢᠲᠡᠨ ᠳ᠋ᠦ᠍ ᠮᠢᠩᠭᠠᠨᠪᠣᠣ ᠶ᠋ᠢᠨ ᠡᠨᠳᠡ ᠶᠠᠭᠤ ᠬᠢᠬᠦ ᠪᠡᠷ ᠢᠷᠡᠭᠰᠡᠨ ᠢ᠋ ᠴᠠᠭᠠᠨ᠎ᠠ ᠨᠢ ᠭᠠᠷᠲᠠᠯ᠎ᠠ ᠮᠡᠳᠡᠭᠰᠡᠨ ᠡᠪᠦᠭᠡᠨ᠄《 ᠵᠠ᠂ ᠵᠠᠯᠠᠭᠤ ᠬᠥᠮᠦᠨ ᠢᠷᠡᠪᠡᠯ ᠬᠦᠴᠦ ᠨᠡᠮᠡᠨ᠎ᠡ ᠭᠡᠳᠡᠭ᠃ ᠡᠨᠡ ᠬᠦᠦ ᠴᠤ᠌ ᠮᠥᠨ ᠠᠳᠤᠭᠤᠨ ᠳ᠋ᠤ᠌ ᠬᠡᠴᠡᠭᠦᠦ ᠡᠪ ᠲᠡᠢ ᠬᠥᠮᠦᠨ ᠪᠠᠢᠨ᠎ᠠ᠃ ᠤᠷᠭ᠎ᠠ ᠬᠠᠪᠢᠳᠠᠭᠤᠯᠬᠤ ᠦᠭᠡᠢ ᠰᠢᠯᠢᠷᠡᠭᠡᠳ ᠪᠠᠢᠳᠠᠭ ᠬᠠᠯᠢᠭᠤᠭᠴᠢ ᠭᠡᠭᠦᠦ ᠶ᠋ᠢ ᠨᠣᠭᠲᠣᠯᠠᠵᠤ ᠢᠷᠡᠭᠰᠡᠨ ᠬᠥᠮᠦᠨ ᠮᠠᠨ ᠤ᠋ ᠡᠨᠡ ᠬᠡᠳᠦᠨ ᠠᠳᠤᠭᠤᠴᠢᠨ ᠳ᠋ᠤ᠌ ᠭᠠᠷᠤᠭ᠎ᠠ ᠦᠭᠡᠢ᠃ ᠮᠠᠨ ᠤ᠋ ᠤᠷᠠᠳ ᠤ᠋ᠳ ᠴᠤ᠌ ᠬᠠᠮᠢᠭ᠎ᠠ ᠶ᠋ᠢᠨ ᠬᠢ ᠭᠡᠰᠡᠨ ᠦᠭᠡᠢ ᠠᠳᠤᠭᠤᠨ ᠳ᠋ᠤ᠌ ᠭᠠᠷᠮᠠᠭᠠᠢ ᠶᠤᠮ᠃ ᠮᠤᠨᠠ ᠠᠭᠤᠯᠠ ᠶ᠋ᠢᠨ ᠥᠪᠥᠷ ᠦ᠋ᠨ ᠬᠦᠦ ᠡᠳᠡᠨᠥᠰ ᠲᠤ ᠭᠠᠢᠬᠠᠭᠤᠯᠤᠭᠰᠠᠨ ᠶᠤᠮ ᠰᠢᠭ᠋ ᠬᠠᠯᠢᠭᠤᠭᠴᠢ ᠭᠡᠭᠦᠦ ᠶ᠋ᠢ ᠬᠥᠲᠥᠯᠦᠭᠡᠳ ᠢᠷᠡᠯ᠎ᠡ ᠰᠢᠦ!》 ᠭᠡᠳ ᠳᠣᠲᠣᠷ᠎ᠠ ᠪᠠᠨ ᠣᠮᠣᠭᠰᠢᠵᠤ ᠨᠢᠭᠡ ᠭᠠᠩᠰᠠ ᠲᠠᠮᠠᠬᠢ ᠨᠡᠷᠡᠪᠡ᠃ 
       ᠨᠥᠭᠦᠭᠡ ᠬᠡᠳᠦᠭᠦᠯᠡ ᠬᠢᠵᠠᠭᠠᠯᠠᠩ ᠨᠠᠰᠤᠨ ᠤ᠋ ᠪᠠᠨᠰᠠᠲᠦ ᠬᠠᠯᠢᠭᠤᠨ ᠳ᠋ᠤ᠌ ᠬᠠᠪᠢᠳᠠᠵᠤ ᠳᠡᠢᠯᠬᠦ ᠦᠭᠡᠢ ᠪᠤᠵᠢᠭᠢᠨᠠᠯᠳᠤᠨ᠎ᠠ᠃ 
       —  ᠬᠥᠰᠢ᠂ ᠡᠨᠡ ᠪᠣᠷᠣ ᠬᠦᠦ ᠨᠠᠭᠠᠰᠢ ᠪᠠᠨ ᠢᠷ᠎ᠡ! ᠪᠠᠨᠰᠠᠲᠦ ᠬᠠᠯᠢᠭᠤᠨ ᠢ᠋ ᠨᠣᠭᠲᠣᠯᠠᠵᠤ ᠲᠠᠢᠯᠠᠪᠠᠯ ᠴᠢᠨᠦᠬᠢ ᠪᠣᠯᠤᠭ! ᠭᠡᠵᠦ ᠨᠥᠭᠦᠭᠡ ᠬᠡᠳᠦᠭᠦᠯᠡ ᠶ᠋ᠢᠨ ᠳᠣᠲᠣᠷ᠎ᠠ ᠠ᠋ᠴᠠ ᠨᠢᠭᠡ ᠨᠢ ᠮᠢᠩᠭᠠᠪᠣᠥ ᠶ᠋ᠢ ᠳᠠᠭᠤᠳᠠᠨ᠎ᠠ᠃ ᠤᠭ ᠨᠢ ᠨᠠᠮᠳᠠᠭ ᠰᠢᠯᠢᠷᠡᠭᠴᠢ ᠬᠠᠯᠢᠭᠤᠨ ᠢ᠋ ᠨᠣᠭᠲᠣᠯᠠᠨ᠎ᠠ ᠭᠡᠵᠦ ᠶᠡᠬᠡ ᠦᠭᠡᠢ ᠦᠭᠡ ᠲᠠᠯᠪᠢᠴᠢᠬᠠᠭᠠᠳ ᠴᠢᠳᠠᠬᠤ ᠦᠭᠡᠢ ᠨᠢᠭᠤᠷ ᠲᠤ ᠨᠢ ᠲᠤᠯᠤᠭᠰᠠᠨ ᠤᠴᠢᠷ ᠬᠠᠯᠢᠭᠤᠭᠴᠢ ᠭᠡᠭᠦᠦ ᠶ᠋ᠢ ᠬᠡᠭᠡᠷ᠎ᠡ ᠡᠴᠡ ᠬᠥᠲᠥᠯᠵᠦ ᠢᠷᠡᠭᠰᠡᠨ ᠮᠢᠩᠭᠠᠨᠪᠣᠣ ᠶ᠋ᠢᠨ ᠬᠢᠷᠢ ᠶ᠋ᠢ ᠦᠵᠡᠬᠦ ᠭᠡᠵᠦ ᠢᠩᠭᠢᠭᠰᠡᠨ ᠪᠠᠢᠵᠠᠢ᠃ ᠤᠯᠠᠮᠪᠠᠶᠠᠷ ᠲᠠᠢᠵᠢ ᠶ᠋ᠢᠨ ᠠᠳᠤᠭᠤᠨ ᠤ᠋ ᠳᠠᠩᠰᠠ ᠳ᠋ᠤ᠌ ᠪᠠᠢᠭ᠎ᠠ ᠦᠭᠡᠢ ᠡᠨᠡ ᠪᠠᠢᠳᠠᠰᠤ ᠬᠠᠯᠢᠭᠤᠨ ᠢ᠋ ᠠᠳᠤᠭᠤᠴᠢᠳ ᠨᠢᠳᠦ ᠤᠯᠠᠢᠵᠤ ᠬᠣᠭᠣᠷᠣᠨᠳᠣ ᠪᠠᠨ ᠮᠥᠷᠥᠢ ᠲᠠᠯᠪᠢᠵᠤ《 ᠪᠠᠨᠰᠠᠲᠦ ᠬᠠᠯᠢᠭᠤᠨ ᠢ᠋ ᠬᠡᠨ ᠨᠣᠭᠲᠣᠯᠠᠴᠢᠬᠠᠪᠠᠯ ᠲᠡᠭᠦᠨ ᠦ᠌ ᠪᠣᠯᠤᠭ!》 ᠭᠡᠴᠡᠭᠡᠨ ᠱᠤᠤᠭᠢᠯᠳᠤᠵᠤ ᠲᠤᠰ ᠲᠤᠰ ᠤ᠋ᠨ ᠴᠢᠳᠠᠯ ᠢ᠋ᠶ᠋ᠠᠨ ᠭᠠᠷᠭᠠᠬᠤ ᠪᠠᠷ ᠬᠠᠨᠴᠤᠢ ᠰᠢᠮᠠᠯᠠᠨ᠎ᠠ᠃ ᠨᠠᠮᠳᠠᠭ ᠶᠠᠭᠤᠨ ᠤ᠋ ᠲᠦᠷᠦᠭᠦᠦ《 ᠡᠨᠡ ᠮᠠᠭᠤ ᠶ᠋ᠢ ᠰᠡᠭᠦᠯᠳᠡᠵᠦ ᠤᠨᠠᠭᠠᠶ᠎ᠠ》 ᠭᠡᠳ ᠲᠡᠯᠡᠯᠭᠡᠨ ᠳᠡᠭᠡᠷ᠎ᠡ ᠦᠷᠢᠶ᠎ᠡ ᠳᠠᠭ᠎ᠠ ᠰᠡᠭᠦᠯᠳᠡᠳᠡᠭ ᠰᠢᠭ ᠢ᠋ᠶ᠋ᠡᠨ ᠪᠠᠨᠰᠠᠲᠦ ᠬᠠᠯᠢᠭᠤᠨ ᠢ᠋ ᠰᠡᠭᠦᠯᠳᠡᠬᠦ ᠭᠡᠵᠦ ᠬᠡᠳᠦ ᠣᠷᠣᠯᠳᠣᠭᠠᠳ ᠡᠴᠦᠰ ᠦ᠋ᠨ ᠤᠳᠠᠭ᠎ᠠ ᠪᠠᠨ ᠠᠷᠠᠢ ᠯᠠ ᠡᠷᠡᠦ ᠪᠡᠨ ᠪᠠᠯᠪᠠ ᠢᠰᠬᠦᠯᠦᠭᠦᠯᠴᠢᠬᠡᠭᠰᠡᠨ ᠦᠭᠡᠢ᠃ ᠨᠥᠭᠦᠭᠡ ᠨᠣᠭᠲᠤᠨ ᠰᠠᠬᠠᠯᠲᠤ ᠡᠷ᠎ᠡ ᠪᠣᠯ ᠠᠳᠤᠭᠤ ᠴᠢᠬᠢᠳᠡᠬᠦ ᠳ᠋ᠡᠭᠡᠨ ᠨᠤᠲᠤᠭ ᠤᠰᠤᠨ ᠳ᠋ᠠᠭᠠᠨ ᠴᠤᠤ ᠲᠠᠢ ᠭᠡᠭᠳᠡᠳᠡᠭ ᠡᠷ᠎ᠡ᠃ ᠬᠢᠷᠢ ᠪᠠᠷᠤᠭ ᠤ᠋ᠨ ᠡᠮᠨᠢᠭ ᠣᠷᠣᠭ᠎ᠠ ᠠᠳᠤᠭᠤᠳ ᠲᠡᠭᠦᠨ ᠦ᠌ ᠭᠠᠷ ᠲᠤ ᠥᠷᠲᠥᠭᠰᠡᠭᠡᠷ ᠰᠠᠢᠨ ᠢ᠋ᠶ᠋ᠠᠨ ᠦᠵᠡᠳᠡᠭ ᠦᠭᠡᠢ᠃ ᠲᠡᠷᠡ ᠪᠡᠷ ᠪᠠᠨᠰᠠᠲᠦ ᠬᠠᠯᠢᠭᠤᠨ ᠢ᠋ ᠴᠢᠬᠢᠳᠡᠬᠦ ᠭᠡᠵᠦ ᠬᠡᠳᠦᠨᠲᠡ ᠣᠢᠷᠠᠲᠤᠭᠠᠳ ᠪᠣᠯᠤᠭᠰᠠᠨ ᠦᠭᠡᠢ᠃ ᠪᠠᠨᠰᠠᠲᠦ ᠬᠠᠯᠢᠭᠤᠨ ᠢᠰᠬᠦᠯᠵᠦ ᠲᠡᠢᠷᠬᠦ᠂ ᠬᠠᠵᠠᠬᠤ ᠬᠠᠮᠤᠬᠤ ᠡᠯᠳᠡᠪ ᠦ᠋ᠨ ᠮᠠᠭᠤ ᠵᠠᠩ ᠲᠠᠢ ᠠᠳᠤᠭᠤᠰᠤ ᠪᠠᠢᠪᠠ᠃  
       ᠮᠢᠩᠭᠠᠨᠪᠣᠣ ᠪᠠᠨᠰᠠᠲᠦ ᠬᠠᠯᠢᠭᠤᠨ ᠢ᠋ ᠬᠣᠯᠠ ᠠ᠋ᠴᠠ ᠬᠠᠷᠠᠵᠤ ᠵᠣᠭᠰᠣᠬᠤ ᠳ᠋ᠠᠭᠠᠨ《 ᠡᠨᠡ ᠵᠡᠷᠯᠢᠭ ᠠᠳᠤᠭᠤᠰᠤ ᠶ᠋ᠢ ᠴᠢᠬᠢᠳᠡᠵᠦ ᠰᠡᠭᠦᠯᠳᠡᠭᠡᠳ ᠪᠣᠯᠬᠤ ᠶᠠᠭᠤᠮ᠎ᠠ ᠪᠢᠰᠢ᠃ ᠬᠦᠵᠦᠭᠦᠨ ᠳ᠋ᠦ᠍ᠨᠢ ᠤᠷᠭ᠎ᠠ ᠶ᠋ᠢᠨ ᠬᠤᠢᠪᠢ ᠰᠢᠳᠡᠴᠢᠬᠡᠯ᠎ᠡ ᠭᠡᠳ ᠤᠷᠭ᠎ᠠ ᠬᠤᠭᠤᠯᠬᠤ ᠶ᠋ᠢᠨ ᠨᠡᠮᠡᠷᠢ! ᠵᠠ᠂ ᠪᠠᠢᠵᠠ! ᠵᠠᠳᠠᠭᠠᠢ ᠨᠣᠭᠲᠣᠯᠠᠬᠤ ᠠ᠋ᠴᠠ ᠯᠠ ᠥᠭᠡᠷ᠎ᠡ ᠠᠷᠭ᠎ᠠ ᠪᠠᠢᠬᠤ ᠦᠭᠡᠢ》 ᠭᠡᠵᠦ ᠪᠣᠳᠣᠭᠠᠳ ᠬᠠᠯᠵᠠᠨ ᠵᠡᠭᠡᠷᠳᠡ ᠳ᠋ᠡᠭᠡᠨ ᠮᠣᠷᠳᠠᠵᠤ᠄ 
       — ᠵᠠ᠂ ᠲᠠ ᠨᠠᠷ ᠬᠡᠳᠦᠨ ᠲᠠᠯ᠎ᠠ ᠶ᠋ᠢᠨ ᠬᠠᠰᠢᠯᠭ᠎ᠠ ᠶ᠋ᠢ ᠰᠡᠷᠭᠡᠢᠯᠡᠵᠦ ᠪᠠᠢᠭᠠᠷᠠᠢ! ᠬᠠᠰᠢᠯᠭ᠎ᠠ ᠰᠢᠪᠲᠤᠯᠬᠤ ᠠᠶᠤᠯ ᠲᠠᠢ᠃ ᠬᠡᠳᠦᠨ ᠲᠠᠯ᠎ᠠ ᠠ᠋ᠴᠠ ᠨᠢ ᠦᠷᠭᠦᠭᠡᠵᠦ ᠯᠡ ᠪᠠᠢᠪᠠᠯ ᠪᠣᠯᠴᠢᠬᠠᠨ᠎ᠠ ᠭᠡᠪᠡ᠃ 
       ᠪᠠᠨᠰᠠᠲᠦ ᠬᠠᠯᠢᠭᠤᠨ ᠬᠣᠶᠠᠷ ᠴᠢᠬᠢ ᠪᠡᠨ ᠬᠠᠢᠴᠢᠯᠠᠨ ᠰᠡᠷᠲᠡᠯᠵᠡᠵᠦ ᠬᠠᠮᠠᠷ ᠳᠤᠤᠭᠠᠷᠭᠠᠨ ᠬᠠᠪᠢᠳᠠᠵᠤ ᠣᠴᠢᠬᠤ ᠤᠨᠤᠭ᠎ᠠ ᠲᠠᠢ ᠬᠥᠮᠦᠨ ᠡᠴᠡ ᠵᠢᠭᠰᠢᠵᠦ ᠴᠢᠳᠥᠷ ᠲᠡᠢ ᠪᠠᠢᠳᠠᠰᠤ ᠶ᠋ᠢᠨ ᠳᠡᠭᠡᠭᠦᠷ ᠬᠠᠷᠠᠢᠨ ᠬᠠᠰᠢᠯᠭ᠎ᠠ ᠶ᠋ᠢᠨ ᠬᠥᠮᠦᠨ ᠢ᠋ ᠳᠠᠭᠠᠷᠢᠪᠠ᠃ ᠪᠠᠨᠰᠠᠲᠦ ᠬᠠᠯᠢᠭᠤᠨ ᠨᠠᠮᠳᠠᠭ ᠤ᠋ᠨ ᠴᠢᠭᠯᠡᠯ ᠢ᠋ᠶ᠋ᠡᠷ ᠴᠣᠷᠣᠢᠨ ᠪᠣᠰᠴᠤ ᠬᠤᠤᠬᠢᠲᠤᠨᠠᠨ《 ᠴᠢ ᠯᠡ ᠣᠳᠤᠯᠭ᠎ᠠ ᠶ᠋ᠢᠨ ᠲᠦᠷᠦᠭᠦᠦ ᠪᠠᠢᠬ᠎ᠠ᠃ ᠴᠢᠳᠠᠯ ᠦᠭᠡᠢ ᠪᠡᠨ ᠮᠡᠳᠡᠬᠦ ᠦᠭᠡᠢ ᠪᠤᠰᠤᠳ ᠢ᠋ ᠥᠳᠥᠭᠡᠳᠡᠭ ᠨᠢ ᠶᠠᠭᠠᠬᠢᠪᠠ?》 ᠭᠡᠰᠡᠨ ᠰᠢᠦᠬᠡᠨ ᠨᠠᠮᠳᠠᠭ ᠢ᠋ ᠬᠠᠮᠤᠭᠠᠳ ᠤᠨᠠᠭᠠᠴᠢᠬᠠᠮᠠᠷ ᠨᠢᠳᠦ ᠮᠠᠳ ᠦᠭᠡᠢ ᠰᠢᠪᠲᠤᠯᠪᠠ᠃ ᠳᠥᠵᠢᠷ ᠪᠠᠵᠠᠷ ᠭᠡᠵᠦ ᠠᠳᠤᠭᠤᠨ ᠤ᠋ ᠬᠠᠲᠠᠭᠤ ᠲᠤᠭᠤᠷᠠᠢ ᠬᠥᠯᠳᠡᠭᠦᠦ ᠭᠠᠵᠠᠷ ᠢ᠋ ᠲᠤᠷᠭᠢᠭᠤᠯᠤᠨ ᠪᠢᠵᠢᠭᠢᠨᠡᠬᠦ ᠠᠭᠱᠠᠨ᠎ᠠ ᠪᠠᠨᠰᠠᠲᠦ ᠬᠠᠯᠢᠭᠤᠨ ᠬᠠᠰᠢᠯᠭ᠎ᠠ ᠰᠡᠲᠡᠯᠪᠡ᠃
       — ᠡᠨᠡ ᠪᠡᠯᠭᠡ ᠥᠬᠡᠢ ᠮᠠᠭᠤ ᠠᠳᠤᠭᠤᠰᠤ! ᠴᠢᠭᠢᠶᠡᠲᠦᠷᠦᠦ᠁ ᠭᠡᠵᠦ ᠨᠠᠮᠳᠠᠭ ᠴᠠᠰᠤ ᠰᠢᠷᠣᠢ ᠳ᠋ᠤ᠌ ᠪᠤᠯᠠᠭᠳᠠᠭᠰᠠᠨ ᠬᠣᠷᠮᠣᠢ ᠪᠠᠨ ᠭᠦᠪᠢᠵᠦ《 ᠴᠠᠭᠠᠰᠢ ᠪᠠᠨ ᠵᠢᠯᠢᠢᠭᠰᠡᠨ ᠨᠢ ᠳᠡᠭᠡᠷ᠎ᠡ᠃ ᠡᠨᠡ ᠮᠤᠨᠠ ᠠᠭᠤᠯᠠ ᠶ᠋ᠢᠨ ᠮᠤᠨᠳᠠᠭ ᠡᠷ᠎ᠡ ᠶ᠋ᠢᠨ ᠭᠠᠷ ᠲᠤ ᠡᠵᠡᠮᠳᠡᠭᠦᠯᠪᠡᠯ ᠨᠠᠮᠳᠠᠭ ᠪᠢ ᠬᠠᠯᠵᠠᠨ ᠨᠢᠭᠤᠷ ᠢ᠋ᠶ᠋ᠠᠨ ᠬᠠᠮᠢᠭ᠎ᠠ ᠬᠢᠬᠦ ᠪᠢᠯᠡ⁈ ᠴᠠᠭᠠᠰᠢᠯᠠᠭᠤᠯᠵᠤ ᠶᠠᠷᠢᠬᠤ ᠳ᠋ᠤ᠌ ᠭᠣᠪᠢ ᠶ᠋ᠢᠨ ᠠᠳᠤᠭᠤᠴᠢᠳ ᠤ᠋ᠨ ᠨᠢᠭᠤᠷ ᠪᠠᠭᠠᠰᠤᠳᠠᠭᠰᠠᠨ ᠢᠴᠢᠭᠦᠷᠢᠲᠡᠢ ᠶᠠᠪᠤᠳᠠᠯ!》 ᠭᠡᠵᠦ ᠰᠡᠳᠬᠢᠯ ᠳ᠋ᠡᠭᠡᠨ ᠰᠢᠪᠡᠨᠡᠲᠡᠯ᠎ᠡ ᠴᠠᠭᠠᠨ᠎ᠠ᠄ 
       — ᠵᠠᠢᠯᠠ! ᠭᠡᠵᠦ ᠨᠢᠭᠡ ᠡᠷ᠎ᠡ ᠶ᠋ᠢᠨ ᠠᠶᠤᠩᠭᠠᠲᠤ ᠳᠠᠭᠤᠨ ᠳ᠋ᠤᠨᠢ ᠨᠠᠮᠳᠠᠭ ᠰᠣᠴᠢᠵᠤ ᠠᠪᠤᠨ ᠨᠡᠮᠡᠰᠬᠢᠨ ᠵᠠᠢᠯᠠᠨ᠎ᠠ᠃ 
       ᠮᠢᠩᠭᠠᠨᠪᠣᠣ ᠶ᠋ᠢᠨ ᠬᠠᠯᠵᠠᠨ ᠵᠡᠭᠡᠷᠳᠡ ᠰᠠᠯᠬᠢ ᠰᠢᠭ᠋ ᠱᠤᠤᠭᠢᠭᠤᠯᠤᠨ ᠪᠠᠨᠰᠠᠲᠦ ᠬᠠᠯᠢᠭᠤᠨ ᠤ᠋ ᠠᠷᠤ ᠠ᠋ᠴᠠ ᠪᠢᠵᠢᠬᠢᠨᠠᠡᠭᠡᠳ ᠠᠷᠢᠯᠪᠠ᠃ ᠴᠠᠰᠤᠨ ᠬᠤᠢ ᠡᠷᠭᠢᠯᠳᠦᠬᠦ ᠰᠢᠭ ᠪᠤᠵᠢᠭᠢᠨᠠᠵᠤ ᠠᠪᠤᠭᠠᠳ ᠮᠢᠩᠭᠠᠨᠪᠣᠣ ᠪᠠᠨᠰᠠᠲᠦ ᠬᠠᠯᠢᠭᠤᠨ ᠤ᠋ ᠲᠣᠯᠣᠭᠠᠢ ᠳ᠋ᠤ᠌ ᠲᠡᠮᠦᠷ ᠶᠠᠴᠢᠶᠠᠷ ᠲᠠᠢ ᠵᠠᠳᠠᠭᠠᠢ ᠨᠣᠭᠲᠣ ᠬᠠᠶᠠᠲᠠᠯ᠎ᠠ ᠥᠨᠥᠬᠢ ᠨᠢ  ᠥᠪᠡᠷ ᠢ᠋ᠶ᠋ᠡᠨ ᠲᠣᠯᠣᠭᠠᠢ ᠪᠠᠨ ᠬᠢᠭᠰᠡᠨ ᠰᠢᠭ ᠨᠣᠭᠲᠣᠯᠠᠭᠳᠠᠪᠠ᠃ ᠬᠠᠩᠭᠠᠯ ᠭᠦᠶᠦᠭᠰᠡᠨ ᠪᠠᠨᠰᠠᠲᠦ ᠬᠠᠯᠢᠭᠤᠨ ᠮᠢᠩᠭᠠᠨᠪᠣᠣ ᠶ᠋ᠢᠨ ᠬᠠᠯᠵᠠᠨ ᠵᠡᠭᠡᠷᠳᠡ ᠶ᠋ᠢᠨ ᠠᠷᠤ ᠠ᠋ᠴᠠ ᠨᠣᠬᠠᠢ ᠰᠢᠭ᠋ ᠱᠣᠭᠰᠢᠨ᠎ᠠ᠃ ᠬᠣᠷᠣᠰᠤᠯ ᠠᠲᠠᠭᠠᠷᠬᠠᠯ ᠨᠢ ᠪᠤᠴᠠᠯᠤᠭᠰᠠᠨ ᠨᠠᠮᠳᠠᠭ ᠠ᠋ᠴᠠ ᠪᠤᠰᠤᠳ ᠨᠢ ᠮᠢᠩᠭᠠᠨᠪᠣᠤ ᠶ᠋ᠢᠨ ᠥᠭᠡᠳᠡ ᠡᠴᠡ ᠡᠭᠡᠯᠢᠲᠡᠢ ᠬᠠᠷᠠᠴᠠ ᠱᠠᠩᠨᠠᠵᠤ ᠡᠷᠡᠬᠡᠢ ᠭᠣᠵᠣᠢᠯᠭᠠᠨ᠄ 
       — ᠠ᠂ ᠶᠣᠰᠣᠲᠠᠢ ᠰᠠᠢᠨ ᠡᠷ᠎ᠡ ᠪᠠᠢᠨ᠎ᠠ! ᠭᠡᠵᠡᠭᠡᠬᠦ ᠳ᠋ᠦ᠍ ᠰᠣᠳᠨᠠᠮ ᠡᠪᠦᠭᠡᠨ᠄ 
       — ᠮᠣᠩᠭᠣᠯ ᠬᠥᠮᠦᠨ ᠮᠣᠷᠢ ᠴᠢᠨᠣ᠎ᠠ ᠭᠤᠷᠪᠠ ᠴᠠᠭᠠᠨ᠎ᠠ ᠠ᠋ᠴᠠ ᠪᠠᠨ ᠰᠦᠯᠪᠡᠭᠡ ᠲᠡᠢ ᠬᠣᠢᠨ᠎ᠠ ᠳᠠ! ᠮᠣᠩᠭᠣᠯ ᠡᠷ᠎ᠡ ᠪᠦᠬᠦᠨ ᠡᠢᠮᠦ ᠯᠡ ᠪᠠᠢᠬᠤ ᠶᠣᠰᠣᠲᠠᠢ ᠰᠠᠨ ᠳᠠ ᠭᠡᠵᠦ ᠮᠢᠩᠭᠠᠨᠪᠣᠤ ᠶ᠋ᠢ ᠮᠣᠷᠢᠨ ᠠ᠋ᠴᠠ ᠪᠠᠨ ᠪᠠᠭᠤᠬᠤ ᠳ᠋ᠤ᠌ ᠲᠣᠰᠴᠤ ᠣᠴᠢᠭᠠᠳ ᠮᠠᠩᠨᠠᠢ ᠶ᠋ᠢ ᠨᠢ ᠥᠬᠥᠭᠡᠷᠳᠡᠨ ᠦᠨᠦᠰᠪᠡ᠃ ᠡᠨᠡ ᠨᠢ ᠨᠠᠮᠳᠠᠭ ᠲᠤ ᠲᠣᠯᠣᠭᠠᠢ ᠶ᠋ᠢ ᠨᠢ ᠴᠣᠬᠢᠭᠰᠠᠨ ᠦᠭᠡ ᠪᠣᠯᠵᠤ ᠰᠣᠨᠣᠰᠳᠠᠭᠰᠠᠨ ᠳ᠋ᠤ᠌ ᠨᠠᠮᠳᠠᠭ《 ᠲᠦᠢ!》 ᠭᠡᠵᠦ ᠬᠣᠭᠣᠰᠣᠨ ᠨᠤᠯᠮᠤᠭᠠᠳ《 ᠣᠳᠣ ᠲᠡᠷᠡ ᠪᠡᠶ᠎ᠡ ᠳᠡᠭᠡᠷ᠎ᠡ ᠪᠡᠨ ᠡᠷ᠎ᠡ ᠢᠯᠠᠭ᠎ᠠ ᠰᠠᠭᠤᠯᠭᠠᠳᠠᠭ ᠦᠭᠡᠢ ᠥᠬᠢᠨ ᠢ᠋ᠶ᠋ᠡᠨ ᠡᠨᠡ ᠮᠠᠭᠤ ᠮᠤᠨᠠ ᠠᠭᠤᠯᠠ ᠶ᠋ᠢᠨ ᠮᠠᠨᠴᠤᠷᠭ᠎ᠠ ᠳ᠋ᠤ᠌ ᠥᠭᠭᠦᠨ᠎ᠡ ᠪᠢᠵᠡ ᠴᠢ!》 ᠭᠡᠵᠦ ᠰᠣᠳᠨᠠᠮ ᠡᠪᠦᠭᠡᠨ ᠢ᠋ᠶ᠋ᠡᠷ ᠨᠢᠭᠡ ᠤᠳᠠᠭ᠎ᠠ ᠥᠬᠢᠨ ᠦ᠌ ᠬᠢᠨᠢ ᠤᠴᠢᠷ ᠲᠤ ᠤᠮᠠᠯᠭᠤᠯᠤᠭᠰᠠᠨ ᠳ᠋ᠠᠭᠠᠨ ᠬᠣᠷᠣᠰᠴᠤ ᠳᠦᠳᠦᠨᠡᠭᠰᠡᠨ ᠢ᠋ ᠬᠡᠨ ᠴᠤ᠌ ᠰᠣᠨᠣᠰᠤᠭᠰᠠᠨ ᠦᠭᠡᠢ᠃ 
       ᠳᠠᠬᠢ ᠶ᠋ᠢᠨ ᠠᠵᠢᠷᠭᠠᠲᠦ ᠡᠴᠡ ᠲᠡᠢᠯᠳᠡᠭᠦᠦ ᠠᠳᠤᠭᠤ ᠪᠠᠨ ᠰᠠᠯᠭᠠᠵᠤ ᠠᠪᠤᠭᠰᠠᠨ ᠠᠳᠤᠭᠤᠴᠢᠳ ᠪᠠᠶᠠᠷᠯᠠᠨ ᠬᠥᠭᠡᠷᠴᠦ ᠨᠠᠮᠳᠠᠭ ᠤ᠋ᠨ ᠪᠤᠬᠤᠷ ᠴᠢᠷᠠᠢᠯᠠᠨ ᠶᠠᠪᠤᠭᠰᠠᠨ ᠢ᠋ ᠨᠠᠷᠢᠨ ᠠᠵᠢᠭᠯᠠᠬᠤ ᠪᠠᠢᠲᠤᠭᠠᠢ ᠬᠠᠷᠠᠭᠰᠠᠨ ᠴᠤ᠌ ᠬᠥᠮᠦᠨ ᠠᠯᠠᠭ᠎ᠠ᠃ 
       — ᠡᠷ᠎ᠡ ᠬᠥᠮᠦᠨ ᠬᠡᠯᠡᠭᠰᠡᠨ ᠳ᠋ᠡᠭᠡᠨ᠂ ᠡᠷ᠎ᠡ ᠮᠣᠷᠢ ᠬᠠᠷᠠᠢᠭᠰᠠᠨ ᠳ᠋ᠠᠭᠠᠨ ᠭᠡᠳᠡᠭ ᠰᠢᠦ ᠳᠡ! ᠮᠢᠩᠭᠠᠨᠪᠣᠤ ᠪᠢᠳᠡᠨᠦᠰ ᠲᠤ ᠶᠡᠬᠡ ᠲᠤᠰᠠ ᠬᠢᠯ᠎ᠡ᠃ ᠡᠷᠡᠴᠤᠤᠯ ᠤ᠋ᠨ ᠮᠥᠷᠥᠢ ᠳ᠋ᠦ᠍ ᠨᠠᠭᠠᠳᠤᠮ ᠦᠭᠡᠢ᠂ ᠠᠮᠠᠯᠠᠭᠰᠠᠨ ᠢ᠋ᠶ᠋ᠠᠷ ᠢ᠋ᠶ᠋ᠠᠨ ᠪᠠᠨᠰᠠᠲᠦ ᠬᠠᠯᠢᠭᠤᠨ ᠢ᠋ ᠬᠥᠲᠥᠯᠦᠭᠡ ᠮᠣᠷᠢᠨ ᠤ᠋ ᠬᠦᠵᠦᠭᠦᠨ ᠳ᠋ᠦ᠍ ᠬᠣᠯᠪᠣᠵᠤ ᠲᠠᠭᠤᠬᠤ ᠳ᠋ᠤ᠌ ᠰᠢᠯᠤᠭᠤᠨ ᠪᠠᠢᠪᠠ᠃ ᠬᠠᠷᠢᠨ ᠡᠯᠵᠢᠭᠡ ᠯᠠᠭᠤᠰᠠ ᠰᠢᠭ᠋ ᠵᠥᠷᠢᠭᠦᠳᠯᠡᠬᠦ ᠦᠭᠡᠢ ᠨᠢ ᠰᠣᠨᠢᠨ ᠶᠤᠮ ᠠ᠋!  ᠮᠢᠩᠭᠠᠨᠪᠣᠤ《 ᠱᠠᠩᠨᠠᠯ》 ᠳ᠋ᠤ᠌ ᠢᠷᠡᠭᠰᠡᠨ ᠪᠠᠨᠰᠠᠲᠦ ᠬᠠᠯᠢᠭᠤᠨ ᠢ᠋ᠶ᠋ᠠᠨ ᠬᠠᠯᠵᠠᠨ ᠵᠡᠭᠡᠷᠳᠡ ᠲᠡᠢ ᠪᠡᠨ ᠬᠣᠯᠪᠣᠵᠤ ᠬᠥᠲᠥᠯᠦᠭᠡᠳ ᠱᠣᠭᠰᠢᠭᠤᠯᠤᠨ᠎ᠠ᠁  
       ᠭᠠᠷᠠᠭ ᠰᠢᠬᠠᠭᠤ ᠬᠠᠷ᠎ᠠ ᠴᠠᠰᠤᠨ ᠳ᠋ᠤ᠌ ᠪᠡᠲᠡᠷᠡᠭᠰᠡᠨ ᠠᠳᠤᠭᠤᠴᠢᠳ ᠥᠨᠥᠳᠥᠷ ᠭᠡᠷ ᠦ᠋ᠨ ᠪᠠᠷ᠎ᠠ ᠬᠠᠷᠠᠬᠤ ᠪᠣᠯᠤᠭᠰᠠᠨ ᠢ᠋ᠶ᠋ᠠᠷ ᠬᠥᠮᠦᠨ ᠪᠦᠭᠦᠳᠡ ᠶ᠋ᠢᠨ ᠴᠢᠷᠠᠢ ᠳ᠋ᠤ᠌ ᠨᠠᠷᠠ ᠮᠠᠨᠳᠤᠵᠤ ᠰᠠᠷᠠ ᠳᠤᠯᠠᠢᠬᠤ ᠮᠡᠲᠦ ᠪᠠᠢᠪᠠ᠃ ᠵᠠᠯᠠᠭᠤᠰ ᠤ᠋ᠨ ᠠᠷᠤ ᠠ᠋ᠴᠠ ᠮᠣᠷᠢᠨ ᠤ᠋ ᠪᠠᠨ ᠠᠶ᠎ᠠ ᠪᠠᠷ ᠭᠠᠯᠭᠢᠭᠤᠯᠵᠤ ᠶᠠᠪᠤᠭ᠎ᠠ ᠰᠣᠳᠨᠠᠮ ᠡᠪᠦᠭᠡᠨ ᠲᠡᠳᠡᠭᠡᠷ ᠵᠠᠯᠠᠭᠤᠰ ᠤ᠋ᠨ ᠵᠠᠷᠢᠮ ᠨᠢ ᠲᠦᠷᠭᠡᠨ ᠳᠡᠭᠡᠷ᠎ᠡ ᠪᠡᠨ ᠮᠣᠷᠢᠨ ᠤ᠋ ᠠᠯᠬᠤᠳᠠᠯ ᠢ᠋ᠶ᠋ᠠᠷ ᠬᠡᠰᠡᠭ ᠵᠣᠭᠰᠣᠨ ᠥᠨᠳᠡᠢᠭᠰᠡᠨ᠂ ᠵᠠᠷᠢᠮ ᠨᠢ ᠡᠮᠡᠭᠡᠯ ᠳᠡᠭᠡᠷ᠎ᠡ ᠪᠡᠨ ᠶᠠᠮᠪᠠᠲᠠᠢ ᠲᠠᠰᠢᠶᠠᠯᠳᠤᠵᠤ ᠰᠠᠭᠤᠭᠰᠠᠨ ᠡᠨᠡ ᠪᠦᠬᠦᠨ ᠢ᠋ ᠬᠠᠷᠠᠭᠠᠳ《 ᠵᠠᠯᠠᠭᠤ ᠽᠠᠨᠳᠠᠨ ᠨᠠᠰᠤᠨ ᠳ᠋ᠤ᠌ ᠴᠤ᠌ ᠠᠷᠭ᠎ᠠ ᠦᠭᠡᠢ ᠶᠦᠮ ᠳᠡ᠃ ᠴᠠᠰᠤ ᠠᠭᠤᠯᠠ ᠶ᠋ᠢ ᠳᠠᠷᠤᠵᠤ᠂ ᠨᠠᠰᠤ ᠪᠡᠶ᠎ᠡ ᠶ᠋ᠢ ᠳᠠᠷᠤᠨ᠎ᠠ ᠭᠡᠭᠴᠢ ᠪᠡᠷ ᠪᠢ ᠥᠲᠡᠯᠵᠡᠢ》 ᠭᠡᠵᠦ ᠳᠣᠲᠣᠷ᠎ᠠ ᠪᠠᠨ ᠪᠣᠳᠣᠪᠠᠴᠤ ᠡᠪᠦᠭᠡᠨ ᠦ᠌ ᠬᠥᠷᠥᠰᠥᠯᠢᠭ ᠪᠣᠷᠣ ᠴᠢᠷᠠᠢ ᠳ᠋ᠤ᠌ ᠮᠥᠨ ᠪᠠᠶᠠᠷ ᠪᠢᠯᠬᠠᠵᠤ ᠪᠠᠢᠨ᠎ᠠ᠃ ᠣᠯᠠᠮᠪᠠᠶᠠᠷ ᠲᠠᠢᠵᠢ ᠶ᠋ᠢᠨ《 ᠠᠳᠤᠭᠤ ᠰᠢᠯᠢᠷᠡᠵᠦ ᠶᠠᠪᠤᠯ᠎ᠠ᠁ ᠨᠠᠭᠠᠰᠢᠯᠠᠭᠤᠯᠬᠤ ᠪᠠᠨ ᠶᠠᠭᠠᠬᠢᠪᠠ? ᠭᠡᠳᠡᠰᠦ ᠥᠯᠥᠰᠬᠦᠯᠡᠩ ᠮᠥᠷᠥ ᠬᠠᠭᠠᠷᠬᠠᠢ ᠶᠠᠪᠤᠬᠤ ᠭᠡᠰᠡᠨ ᠪᠣᠯ ᠡᠷᠲᠡᠬᠡᠨ ᠦᠭᠡ ᠪᠡᠨ ᠢᠯᠡ ᠬᠡᠯᠡ!》 ᠭᠡᠵᠦ ᠪᠠᠢᠨ ᠪᠠᠢᠨ ᠥᠭᠢᠷ᠎ᠡ ᠲᠣᠯᠣᠭᠠᠢ ᠪᠠᠨ ᠲᠣᠭᠰᠢᠭᠤᠯᠳᠠᠭ ᠢ᠋ᠶ᠋ᠠᠨ ᠪᠠᠢᠵᠤ ᠥᠨᠥᠳᠥᠷ《 ᠲᠣᠭᠰᠢᠭᠤᠯᠳᠠᠭ》 ᠢ᠋ᠶ᠋ᠠᠨ《 ᠱᠠᠩᠨᠠᠭᠤᠯᠳᠠᠭ》 ᠪᠣᠯᠬᠤ ᠨᠢ ᠠ᠋! ᠭᠡᠵᠦ ᠭᠠᠨᠵᠤᠭ᠎ᠠ ᠰᠠᠢᠲᠠᠢ ᠶᠠᠪᠤᠭ᠎ᠠ ᠳ᠋ᠠᠭᠠᠨ ᠤᠤ? ᠦᠭᠡᠢ ᠪᠣᠯ ᠥᠭᠡᠷ᠎ᠡ ᠶᠠᠮᠠᠷ ᠨᠢᠭᠡ ᠣᠯᠵᠠᠷᠬᠠᠭ ᠪᠣᠳᠣᠯ ᠠ᠋ᠴᠠ ᠤᠤ? ᠶᠠᠭᠤ ᠴᠤ᠌ ᠭᠡᠰᠡᠨ ᠲᠡᠭᠦᠨ ᠢ᠋ ᠶᠠᠭᠠᠬᠢᠬᠤ ᠠᠷᠭ᠎ᠠ ᠦᠭᠡᠢ ᠬᠡᠢᠷᠬᠡᠭᠦᠯᠵᠦ ᠪᠠᠢᠯ᠎ᠠ᠃
       ᠭᠡᠷ ᠦ᠋ᠨ ᠤᠲᠤᠭ᠎ᠠ ᠠᠨᠢᠷᠲᠤᠭᠰᠠᠨ ᠠᠳᠤᠭᠤᠳ ᠤ᠋ᠨ ᠬᠦᠯᠦᠭ ᠦ᠋ᠨ ᠲᠤᠭᠤᠷᠠᠢ ᠠ᠋ᠴᠠ ᠤᠷᠭᠤᠭᠰᠠᠨ ᠪᠤᠭᠤᠷᠤᠯ ᠮᠠᠨᠠᠨ ᠡᠭᠦᠯᠡ ᠲᠡᠢ ᠬᠣᠯᠪᠣᠯᠳᠤᠭᠰᠠᠨ ᠰᠢᠭ᠋ ᠬᠠᠷᠠᠭᠳᠠᠬᠤ ᠨᠢ ᠲᠡᠢᠨ ᠳ᠋ᠦ᠍ ᠮᠣᠷᠳᠠᠭᠰᠠᠨ ᠶᠡᠬᠡ ᠴᠡᠷᠢᠭ ᠦ᠋ᠨ ᠰᠦᠷᠲᠦ ᠡᠩᠨᠡᠭᠡ ᠰᠢᠭ ᠵᠢᠪᠬᠤᠯᠠᠩ ᠲᠡᠭᠦᠯᠳᠡᠷ ᠠᠵᠢ᠃ 

           ᠦᠰᠦᠭ ᠠᠮᠢᠯᠠᠭᠤᠯᠤᠭᠰᠠᠨ ᠨᠢ᠄  ᠲᠡᠭᠷᠢ ᠡᠵᠢ