ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠲᠠᠪᠤ > Хан мунын сүүрс < дээд > – Мөнх зохиоов ᠂ Тэргүүн бодь – Нэгдүгээр бүлэг <5> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠲᠠᠪᠤ > Хан мунын сүүрс < дээд > – Мөнх зохиоов ᠂ Тэргүүн бодь – Нэгдүгээр бүлэг <5>

ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠲᠠᠪᠤ > Хан мунын сүүрс < дээд > – Мөнх зохиоов ᠂ Тэргүүн бодь – Нэгдүгээр бүлэг <5>

ᠠᠩᠭᠢᠯᠠᠯ:ᠲᠤᠭᠤᠵᠢ ᠷᠣᠮᠠᠨ
2024-03-29

506

ᠲᠡᠷᠢᠭᠦᠨ ᠪᠣᠲᠢ – ᠨᠢᠭᠡᠳᠦᠭᠡᠷ ᠪᠦᠯᠦᠭ < ᠲᠠᠪᠤ >


                  ᠲᠠᠪᠤ    

       ᠮᠠᠨᠴᠤᠷᠭ᠎ᠠ ᠶ᠋ᠢᠨ ᠤᠳᠤᠷᠢᠳᠤᠭᠰᠠᠨ ᠴᠡᠷᠢᠭ ᠦ᠋ᠳ ᠪᠤᠭᠤᠲᠤ ᠶ᠋ᠢᠨ ᠵᠡᠭᠦᠨᠳᠡᠢᠬᠡᠨ ᠠᠳᠤᠭᠤᠨ ᠤ᠋ ᠠᠢᠯ ᠤ᠋ᠨ ᠡᠮᠦᠨᠡᠭᠦᠷ ᠤᠯᠠᠭᠠᠨ ᠬᠠᠲᠤᠨ ᠢ᠋ ᠭᠠᠲᠤᠯᠳᠠᠭ ᠰᠠᠯᠴᠢᠨ ᠣᠯᠣᠮ ᠢ᠋ ᠰᠠᠬᠢᠵᠤ ᠬᠣᠨᠣᠵᠠᠭᠠᠪᠠ᠃ ᠲᠡᠷᠡ ᠣᠷᠣᠢ ᠮᠠᠨᠴᠤᠷᠭ᠎ᠠ《 ᠤᠨᠤᠭ᠎ᠠ ᠮᠣᠷᠢ ᠲᠠᠢ ᠬᠥᠮᠦᠨ ᠶᠠᠭᠤ ᠭᠡᠵᠦ ᠡᠨᠡ ᠣᠯᠣᠮ ᠢ᠋ᠶ᠋ᠠᠷ ᠶᠠᠪᠤᠬᠤ ᠪᠣᠢ? ᠦᠬᠦᠯ ᠢ᠋ᠶ᠋ᠡᠨ ᠡᠷᠢᠵᠦ ᠢᠷᠡᠬᠦ ᠭᠡᠰᠡᠨ ᠯᠡ ᠪᠢᠰᠢ ᠪᠣᠯ ᠡᠴᠢᠭᠡ ᠪᠡᠨ ᠬᠢᠵᠦ ᠡᠨᠡᠭᠦᠷ ᠲᠡᠨᠦᠬᠦ ᠪᠢᠯᠡ?!》 ᠭᠡᠵᠦ ᠪᠣᠳᠤᠭᠰᠠ ᠪᠠᠨ ᠵᠥᠪᠲᠦᠭᠡᠵᠦ ᠠᠷᠪᠠᠲᠤ ᠶ᠋ᠢᠨ ᠳᠠᠷᠤᠭ᠎ᠠ ᠰᠣᠣᠨᠠᠮ᠂ ᠲᠠᠪᠤᠲᠤ ᠶ᠋ᠢᠨ ᠳᠠᠷᠤᠭ᠎ᠠ ᠭᠣᠢᠳᠤᠪ ᠲᠤ《 ᠢᠩᠭᠢ᠂ ᠴᠢᠩᠭᠢ》 ᠭᠡᠵᠦ ᠪᠤᠪᠡᠳᠦᠨᠡᠵᠦ ᠤᠬᠤᠨᠠᠲᠤᠴᠢᠬᠠᠭᠠᠳ ᠥᠪᠡᠷ ᠢ᠋ᠶ᠋ᠡᠨ ᠪᠤᠭᠤᠲᠤ ᠤᠷᠤᠭᠤ ᠬᠥᠳᠡᠯᠪᠡ᠃ 
       ᠳᠡᠭᠡᠷ᠎ᠡ ᠡᠴᠡ ᠨᠢ ᠡᠴᠢᠭᠡᠳᠡᠳᠡᠭ ᠨᠣᠶᠠᠨ ᠢ᠋ᠶ᠋ᠠᠨ ᠶᠠᠪᠤᠵᠤ ᠣᠳᠬᠤ ᠳ᠋ᠤ᠌ ᠳᠣᠷᠣᠭᠰᠢ ᠪᠠᠨ ᠪᠤᠰᠤᠳ ᠢ ᠡᠴᠢᠭᠡᠳᠡᠬᠦ ᠥᠴᠦᠬᠡᠨ ᠡᠷᠬᠡ ᠣᠯᠤᠭᠰᠠᠨ ᠰᠣᠳᠨᠠᠮ ᠭᠣᠢᠳᠣᠪ ᠬᠣᠶᠠᠷ ᠴᠡᠷᠢᠭ ᠲᠡᠭᠡᠨ《 ᠫᠤᠤ ᠪᠤᠭ ᠵᠠᠮᠤᠭᠯᠠᠵᠣ ᠰᠡᠷᠡᠮᠵᠢᠲᠡᠢ ᠪᠠᠢᠭᠠᠷᠠᠢ! ᠮᠣᠷᠢᠳ ᠤ᠋ᠨ ᠢ᠋ᠶ᠋ᠠᠨ ᠠᠮᠠᠭᠠᠢ ᠶ᠋ᠢ ᠰᠤᠯᠠᠯᠠᠵᠤ ᠡᠪᠡᠰᠦ ᠬᠠᠵᠠᠯᠠᠭᠤᠯᠵᠤ ᠬᠣᠨᠣ ! ᠡᠮᠡᠭᠡᠯ ᠢ ᠨᠢ ᠬᠠᠭᠤᠯᠵᠤ ᠪᠣᠯᠬᠤ ᠦᠭᠡᠢ᠂ ᠮᠡᠳᠡᠪᠡ ᠤᠤ! ᠶᠠᠭᠤ ᠨᠢᠭᠡ ᠶᠠᠭᠠᠷᠠᠯᠲᠠᠢ ᠶᠠᠪᠤᠳᠠᠯ ᠲᠣᠬᠢᠶᠠᠬᠤ ᠳ᠋ᠤ᠌ ᠴᠡᠷᠢᠭ ᠦ᠋ᠨ ᠵᠠᠷᠯᠢᠭ᠂ ᠠᠮᠠᠨ ᠳᠣᠬᠢᠶ᠎ᠠ ᠪᠠᠷ ᠪᠣᠰᠢᠭᠣ ᠬᠥᠳᠡᠯᠬᠦ ᠳ᠋ᠦ᠍ ᠪᠡᠯᠡᠬᠡᠨ ᠪᠠᠢᠬᠤ ᠬᠡᠷᠡᠭᠲᠡᠢ᠃ ᠥᠨᠥ ᠰᠥᠨᠢ ᠶ᠋ᠢᠨ ᠠᠮᠠᠨ ᠳᠣᠬᠢᠶ᠎ᠠ <ᠲᠠᠬᠢᠶ᠎ᠠ ᠳᠤᠤᠭᠠᠷᠤᠯ᠎ᠠ > ᠭᠡᠪᠡᠯ < ᠦᠦᠷ ᠴᠠᠢᠪᠠ > ᠭᠡᠰᠡᠨ ᠬᠠᠷᠢᠭᠤ ᠳᠣᠬᠢᠶ᠎ᠠ ᠥᠭᠭᠦᠭᠡᠳ ᠠᠩᠬ᠎ᠠ ᠲᠦᠷᠦᠭᠦᠯᠡᠭᠡᠳ ᠳᠠᠪᠬᠢᠭᠰᠠᠨ ᠮᠣᠷᠢᠨ ᠤ᠋ ᠲᠦᠪᠡᠷᠭᠡᠨ ᠦ᠌ ᠴᠢᠮᠡᠭᠡ ᠪᠡᠷ ᠠᠷᠤ ᠠ᠋ᠴᠠ ᠨᠢ ᠮᠣᠷᠳᠠ! 》ᠭᠡᠵᠦ ᠲᠤᠰᠢᠶᠠᠪᠠ᠃ 
       ᠵᠠᠷᠯᠢᠭ ᠬᠦᠯᠢᠶᠡᠭᠰᠡᠨ ᠴᠡᠷᠢᠭ ᠦ᠋ᠳ ᠪᠦᠷᠦᠭ ᠪᠠᠷᠤᠭ ᠢ᠋ᠶ᠋ᠠᠷ ᠲᠤᠰ ᠲᠤᠰ ᠤ᠋ᠨ ᠣᠷᠣᠨ ᠪᠠᠢᠷᠢ ᠪᠠᠨ ᠡᠵᠡᠯᠡᠬᠦ ᠪᠠᠷ ᠤᠪᠤᠨ ᠴᠤᠪᠤᠨ ᠶᠠᠪᠤᠵᠤ ᠣᠴᠢᠨ᠂  ᠤᠯᠠᠭᠠᠨ ᠬᠠᠲᠤᠨ ᠤ᠋ ᠬᠥᠪᠡᠭᠡ ᠪᠡᠷ ᠤᠷᠭᠤᠭᠰᠠᠨ ᠵᠡᠭᠡᠰᠦ᠂ ᠬᠤᠯᠤᠰᠤ᠂ ᠰᠤᠬᠠᠢ ᠳ᠋ᠤ᠌ ᠰᠢᠷᠭᠤᠵᠤ ᠳᠠᠯᠳᠠᠷᠠᠪᠠ᠃ 
       ᠠᠷᠪᠠ ᠲᠠᠪᠤᠬᠠᠨ ᠴᠡᠷᠢᠭ ᠡᠴᠢᠭᠡᠳᠡᠬᠦ ᠥᠴᠦᠬᠡᠨ ᠡᠷᠬᠡ ᠲᠡᠢ ᠪᠠᠢᠭᠰᠠᠨ ᠴᠤ᠌ ᠥᠨᠥᠳᠥᠷ ᠬᠠᠷᠢᠨ ᠠᠷᠪᠠᠨ ᠲᠦᠮᠡᠨ ᠴᠡᠷᠢᠭ ᠨᠣᠶᠠᠯᠠᠳᠠᠭ ᠵᠠᠩᠵᠤᠨ ᠰᠢᠬ᠎ ᠣᠭᠰᠣᠢᠭᠰᠠᠨ ᠰᠣᠳᠨᠠᠮ ᠭᠣᠢᠳᠣᠪ ᠬᠣᠶᠠᠭᠤᠯᠠ ᠳᠣᠣᠷᠠᠬᠢ ᠭᠣᠴᠢᠭ᠎ᠠ ᠴᠡᠷᠢᠭ ᠢ᠋ᠶ᠋ᠡᠨ ᠪᠡᠶ᠎ᠡ ᠡᠴᠡ ᠪᠡᠨ ᠵᠠᠢᠯᠠᠭᠤᠯᠵᠤ ᠬᠥᠭᠡᠭᠡᠴᠢᠭᠡᠳ ᠳᠡᠪᠡᠯ ᠢ᠋ᠶ᠋ᠡᠨ ᠳᠠᠭᠠᠭᠠᠬᠤ ᠦᠭᠡᠢ ᠳᠠᠯᠠᠨ ᠨᠠᠰᠤᠲᠠᠢ ᠶᠠᠮᠰᠢᠭᠠᠷ ᠬᠥᠭᠰᠢᠨ ᠦ᠌ ᠴᠢᠷᠠᠢ ᠰᠢᠭ᠋ ᠨᠢᠭᠡᠨ ᠬᠠᠪᠴᠢᠭ ᠭᠡᠷ ᠦ᠋ᠨ ᠡᠭᠦᠳᠡᠨ ᠳ᠋ᠦ᠍ ᠳᠥᠭᠥᠵᠦ ᠣᠴᠢᠪᠠ᠃ 
       ᠭᠡᠷ ᠦ᠋ᠨ ᠡᠭᠦᠳᠡᠨ ᠳᠡᠭᠡᠷ᠎ᠡ ᠲᠣᠯᠣᠭᠠᠢ ᠳ᠋ᠠᠭᠠᠨ ᠬᠬᠢᠷ ᠲᠠᠭ ᠲᠠᠢ ᠭᠦᠵᠡᠭᠡᠨ ᠠᠯᠴᠢᠭᠤᠷ ᠪᠣᠭᠣᠭᠰᠠᠨ ᠲᠠᠪᠢᠭᠠᠳ ᠨᠠᠰᠤᠨ ᠤ᠋ ᠡᠪᠦᠭᠡᠵᠢᠶᠡᠷ ᠬᠥᠮᠦᠨ ᠴᠢᠭᠢᠭ ᠵᠠᠭᠤᠭᠰᠠᠨ ᠡᠪᠡᠰᠦ ᠤᠭᠤᠭᠢᠭᠤᠯᠵᠤ ᠰᠢᠮᠠᠭᠤᠯ ᠡᠦᠲᠦᠵᠦ ᠰᠠᠭᠤᠨ᠎ᠠ᠃ ᠤᠯᠠᠭᠠᠨ ᠬᠠᠲᠤᠨ ᠬᠠᠪᠢ ᠶ᠋ᠢᠨ ᠨᠠᠮᠤᠷ ᠤ᠋ᠨ ᠰᠢᠮᠠᠭᠤᠯ ᠤ᠋ᠨ ᠠᠷᠪᠢᠨ ᠢ᠋ ᠬᠡᠯᠡᠨ᠎ᠡ ᠤᠤ ᠂ ᠬᠥᠮᠦᠨ ᠠᠮᠢᠲᠠᠨ ᠢ᠋ ᠠᠮᠢᠳᠤ ᠪᠠᠷ ᠪᠠᠷᠢᠬᠤ ᠳ᠋ᠤ᠌ ᠣᠢᠷᠠᠬᠠᠨ᠃ ᠨᠢᠴᠦᠭᠦᠨ ᠪᠡᠶ᠎ᠡ ᠱᠠᠯᠳᠠᠩ ᠮᠢᠬ᠎ᠠ ᠳᠠᠭᠠᠷᠢᠯᠳᠤᠪᠠᠯ ᠨᠢᠳᠦ ᠢᠷᠮᠡᠬᠦ ᠵᠠᠭᠤᠷ᠎ᠠ ᠰᠢᠯ ᠭᠡᠳᠡᠰᠦ ᠪᠡᠨ ᠴᠢᠰᠤ ᠳᠦᠭᠦᠷᠭᠡᠵᠦ ᠠᠪᠤᠭᠠᠳ《ᠢᠩ ᠁ 》ᠭᠡᠳ ᠮᠠᠩᠰᠢᠭᠤᠷᠠᠨ ᠠᠷᠢᠯᠵᠤ ᠡᠦᠲᠦᠨ᠎ᠡ᠃ ᠬᠥᠮᠦᠨ ᠦ᠌ ᠬᠦᠵᠦᠭᠦᠦ ᠠᠮᠠ᠂ ᠨᠢᠭᠤᠷ ᠴᠢᠷᠠᠢ᠂ ᠭᠠᠷ ᠬᠤᠷᠤᠭᠤ᠂ ᠦᠬᠡᠷ ᠮᠠᠯ ᠤ᠋ᠨ ᠲᠣᠷᠭᠠᠨ ᠴᠠᠪᠢ᠂ ᠢᠩᠭᠡᠨ(ᠨᠢᠮᠬᠡᠨ) ᠬᠣᠩᠰᠢᠶᠠᠷ᠂ ᠨᠢᠳᠦᠨ ᠦ᠌ ᠵᠣᠪᠬᠢ ᠠᠯᠢᠨ ᠢ᠋ ᠴᠤ᠌ ᠭᠣᠯᠣᠯ ᠦᠭᠡᠢ ᠱᠣᠷᠣᠯᠠᠨ ᠰᠢᠪᠦᠭᠡᠳᠡᠵᠦ ᠬᠥᠮᠦᠨ ᠠᠮᠢᠲᠠᠨ ᠢ᠋ ᠨᠡᠭᠡᠷᠡᠨ ᠲᠡᠪᠴᠢᠶᠡᠷᠢ ᠠᠯᠳᠠᠭᠤᠯᠬᠤ ᠠᠵᠢ! ᠭᠦᠵᠡᠭᠡᠨ ᠠᠯᠴᠢᠭᠤᠷ ᠲᠠᠢ ᠲᠡᠷᠡ ᠡᠪᠦᠭᠡᠵᠢᠶᠡᠷ ᠡᠷ᠎ᠡ ᠨᠢᠭᠡ ᠭᠠᠷ ᠲᠠᠭᠠᠨ ᠶᠣᠳᠠᠷ ᠠᠳᠬᠤᠨ ᠤᠭᠤᠭᠢᠭᠤᠯᠤᠭᠰᠠᠨ ᠡᠪᠡᠰᠦ ᠶ᠋ᠢ ᠭᠣᠳᠯᠠᠨ ᠰᠡᠪᠢᠵᠦ᠂ ᠨᠥᠭᠦᠭᠡ ᠭᠠᠷ ᠲᠠᠭᠠᠨ ᠣᠳᠣᠯ ᠤ᠋ᠨ ᠤᠷᠲᠤ ᠵᠠᠯᠠᠭ᠎ᠠ ᠠᠳᠬᠤᠵᠤ ᠰᠢᠯᠢᠨ ᠬᠦᠵᠦᠭᠦᠦ᠂ ᠰᠢᠯᠪᠢ ᠬᠥᠯ ᠤᠷᠤᠭᠤ ᠪᠠᠨ ᠰᠢᠪᠬᠠᠷᠠᠨ ᠰᠢᠯᠪᠢᠭᠦᠷᠳᠡᠨ᠎ᠡ᠃ ᠮᠠᠭᠤ ᠰᠠᠢᠨ ᠰᠢᠮᠠᠭᠤᠯ ᠤ᠋ᠳ ᠲᠡᠷᠡ ᠡᠪᠦᠭᠡᠵᠢᠶᠡᠷ ᠬᠥᠮᠦᠨ ᠢ᠋ᠶ᠋ᠡᠷ ᠵᠣᠷᠢᠭᠤᠳᠠ ᠲᠣᠭᠯᠠᠭᠠᠮ ᠬᠢᠭᠡ ᠰᠢᠭ ᠣᠳᠣᠯ ᠤ᠋ᠨ ᠵᠠᠯᠠᠭ᠎ᠠ ᠪᠠᠨ ᠰᠢᠪᠬᠠᠷᠠᠬᠤ ᠪᠠᠨ ᠪᠠᠢᠬᠤ ᠵᠠᠪᠰᠢᠶᠠᠨ ᠢ᠋ ᠴᠤ᠌ ᠠᠯᠳᠠᠯ ᠦᠭᠡᠢ ᠲᠡᠷᠡᠬᠡᠨ ᠴᠢᠯᠥᠭᠡᠨ ᠳ᠋ᠦ᠍ ᠰᠢᠯᠢᠨ ᠬᠦᠵᠦᠭᠦᠦ ᠪᠤᠶᠤ ᠢᠩᠭᠡᠨ ᠴᠢᠬᠢᠯᠵᠢᠭᠦᠷ ᠤᠷᠤᠭᠤ ᠨᠢ ᠱᠤᠩᠭᠤᠭᠠᠳ ᠣᠷᠣᠨ᠎ᠠ᠃ ᠨᠠᠷᠠ ᠰᠠᠯᠬᠢᠨ ᠳ᠋ᠤ᠌ ᠴᠣᠬᠢᠭᠤᠯᠤᠭᠰᠠᠭᠠᠷ ᠪᠠᠢᠵᠤ ᠬᠥᠷᠥᠰᠥᠵᠢᠨ ᠪᠣᠷᠣᠯᠠᠭᠰᠠᠨ ᠬᠦᠵᠦᠭᠦᠨ ᠳ᠋ᠤᠨᠢ ᠰᠢᠮᠠᠭᠤᠯ ᠨᠡᠯᠢᠶᠡᠳ ᠢᠳᠡᠯᠡᠬᠦ ᠦᠭᠡᠢ ᠪᠣᠯ ᠬᠥᠭᠰᠢᠨ ᠴᠢᠰᠦᠨ ᠦ ᠠᠮᠲᠠ ᠶᠢ ᠠᠮᠲᠠᠯᠠᠵᠤ ᠴᠢᠳᠠᠳᠠᠭ ᠦᠭᠡᠢ ᠪᠣᠯᠣᠯᠲᠠᠢ᠃
       ᠬᠣᠶᠠᠷ ᠬᠥᠮᠥᠨ ᠳᠡᠷᠭᠡᠳᠡ ᠨᠢ ᠬᠦᠷᠴᠦ ᠢᠷᠡᠬᠦ ᠳᠦ ᠭᠠᠢᠬᠠᠰᠢ ᠠᠯᠳᠠᠨ ᠭᠠᠷ ᠲᠡᠬᠢ ᠬᠢᠳᠡᠯ ᠪᠠᠷᠢᠳᠠᠯ ᠢᠶᠠᠨ ᠠᠯᠳᠠᠭᠰᠠᠨ ᠲᠡᠷᠡ ᠡᠪᠦᠭᠡᠵᠢᠶᠡᠷ ᠡᠷ᠎ᠡ ᠶᠢᠨ ᠰᠢᠯᠢᠨ ᠬᠦᠵᠦᠭᠦᠨ ᠳᠡᠭᠡᠷ᠎ᠡ ᠨᠢ ᠨᠢᠭᠡ ᠰᠢᠮᠠᠭᠤᠯ ᠰᠠᠭᠤᠪᠠ ᠪᠣᠯᠣᠯᠲᠠᠢ᠃ ᠱᠣᠷᠣᠨ ᠬᠣᠰᠢᠭᠤ ᠪᠠᠨ ᠬᠤᠷᠴᠠ ᠥᠷᠥᠮᠳᠡᠭᠦᠷ ᠰᠢᠭ ᠰᠢᠭᠢᠳᠬᠡᠨ《ᠢᠩ ᠁ 》 ᠭᠡᠵᠦ ᠶᠠᠩᠬᠢᠨᠠᠨ ᠳᠠᠭᠤᠯᠠᠵᠤ ᠬᠠᠷ᠎ᠠ ᠢᠳᠡ ᠪᠡᠷ ᠢᠶᠡᠨ《 ᠥᠷᠥᠮᠳᠡᠨ᠎ᠡ》᠃ ᠨᠠᠷᠠ ᠰᠠᠯᠬᠢᠨ ᠳᠤ ᠪᠣᠷᠣᠯᠠᠵᠤ ᠬᠥᠷᠥᠰᠥᠵᠢᠭᠰᠡᠨ ᠳᠡᠬᠡᠨ ᠤᠤ ᠡᠰᠡᠪᠡᠯ ᠰᠢᠮᠠᠭᠤᠯ ᠳᠦ ᠬᠠᠵᠠᠭᠳᠠᠭᠰᠠᠭᠠᠷ ᠪᠠᠢᠭᠠᠳ ᠠᠷᠠᠰᠤ ᠮᠢᠬ᠎ᠠ ᠨᠢ ᠲᠦᠵᠢᠷᠡᠴᠢᠭᠡᠭᠰᠡᠨ ᠴᠤ᠌ ᠶᠤᠮ ᠤᠤ ᠨᠡᠯᠢᠶᠡᠳ ᠤᠳᠠᠵᠤ ᠡᠷᠪᠡᠭᠡᠨᠡᠨ ᠵᠠᠭᠠᠲᠤᠨᠠᠬᠤᠯᠠᠷ ᠰᠢᠯᠢᠨ ᠬᠦᠵᠦᠭᠦᠦ ᠪᠡᠨ ᠫᠠᠰᠬᠢᠲᠠᠯ᠎ᠠ ᠠᠯᠠᠭᠠᠳᠠᠪᠠ᠃ ᠠᠯᠠᠭᠠᠨ ᠲᠣᠲᠣᠷ᠎ᠠ ᠨᠢ ᠨᠣᠢᠲᠠ ᠠᠯᠳᠠᠬᠤ ᠰᠢᠭ᠋᠃ ᠲᠡᠷᠡ ᠥᠪᠡᠷ ᠦᠨ ᠬᠢᠨᠢ ᠴᠢᠰᠤ ᠪᠠᠢᠯ᠎ᠠ ᠁
       ᠡᠨᠡ ‍ᠬᠦ ᠭᠦᠵᠡᠭᠡᠨ ᠠᠯᠴᠢᠭᠤᠷ ᠲᠠᠢ ᠡᠪᠦᠭᠡᠵᠢᠶᠡᠷ ᠡᠷ᠎ᠡ ᠪᠣᠯ ᠤᠯᠠᠭᠠᠨ ᠬᠠᠲᠤᠨ ᠤ ᠣᠯᠣᠮ ᠳᠡᠭᠡᠷ᠎ᠡ ᠠᠷᠠᠰᠤᠨ ᠰᠡᠯ᠂ ᠮᠣᠳᠣᠨ ᠵᠡᠪᠢ ᠪᠡᠷ ᠬᠠᠲᠤᠨ ᠭᠠᠲᠤᠯᠬᠤ ᠬᠥᠮᠥᠰ ᠢ ᠨᠠᠭᠠᠰᠢ ᠴᠠᠭᠠᠰᠢ ᠵᠥᠭᠡᠭᠡᠵᠦ ᠭᠡᠳᠡᠰᠦ ᠪᠡᠨ ᠪᠣᠷᠣᠯᠠᠭᠤᠯᠳᠠᠭ ᠵᠠᠩ ᠣᠪᠣᠭ ᠲᠠᠢ ᠰᠠᠯᠴᠢᠨ ᠠᠵᠢ᠃
       — ᠬᠦᠶᠢ!  ᠰᠠᠯᠴᠢᠨ ᠭᠤᠸᠠᠢ᠂  ᠥᠨᠥᠳᠥᠷ ᠡᠨᠡᠭᠦᠷ ᠤᠨᠤᠭ᠎ᠠ ᠲᠠᠢ ᠡᠷ᠎ᠡ ᠡᠮ᠎ᠡ ᠬᠣᠶᠠᠷ ᠬᠥᠮᠥᠨ ᠬᠠᠷᠠᠭᠳᠠᠪᠠ ᠤᠤ? ᠭᠡᠬᠦ ᠳᠦ ᠥᠨᠥᠬᠢ ᠡᠪᠦᠭᠡᠨ ᠬᠢᠷᠳ᠋ᠬᠢᠵᠦ ᠬᠦᠵᠦᠭᠦᠦ ᠪᠡᠨ ᠳᠠᠯᠵᠡᠢᠨ ᠰᠣᠳᠨᠠᠮ ᠭᠣᠢᠳᠣᠪ ᠬᠣᠶᠠᠷ ᠢ ᠲᠣᠭᠣᠮᠰᠠᠷ ᠦᠭᠡᠢ ᠬᠠᠷᠠᠵᠤ᠂《 ᠶᠠᠩᠵᠤ ᠢ ᠨᠢ ᠦᠵᠡᠬᠦ ᠳᠤ ᠭᠣᠣᠯ ᠭᠠᠲᠤᠯᠬᠤ ᠬᠥᠮᠥᠨ ᠦ ᠮᠠᠶᠢᠭ ᠦᠭᠡᠢ᠃ ᠭᠣᠣᠯ ᠭᠠᠲᠤᠯᠬᠤ ᠰᠠᠨ ᠪᠣᠯ ᠢᠳᠡᠵᠦ ᠤᠤᠭᠤᠬᠤ ᠳᠤ ᠴᠤ᠌ ᠨᠡᠮᠡᠷᠢᠯᠡᠮᠡᠷ ᠨᠢᠮᠬᠡᠨ ᠮᠥᠩᠭᠦ ᠭᠢᠯᠠᠢᠯᠭᠠᠳᠠᠭ ᠬᠣᠢᠨ᠎ᠠ ᠳ᠋ᠠ᠃ ᠲᠡᠢᠮᠦ ᠪᠢᠰᠢ ᠪᠣᠯ ᠨᠠᠳᠠ ᠳᠠᠯᠵᠢ ᠦᠭᠡᠢ ᠶᠠᠪᠤᠳᠠᠯ ᠡ》 ᠭᠡᠵᠦ ᠪᠣᠳᠣᠭᠠᠳ
       — ᠦᠭᠡᠢ! ᠭᠡᠵᠦ ᠲᠤᠷᠠᠮᠵᠢᠬᠠᠨ ᠳᠤᠤᠭᠠᠷᠤᠭᠠᠳ ᠡᠨᠳᠡ ᠲᠡᠨᠳᠡ ᠦᠭᠡᠢ ᠰᠢᠮᠠᠭᠤᠯ ᠳᠤ ᠬᠠᠵᠠᠭᠳᠠᠭᠰᠠᠨ ᠭᠠᠵᠠᠷ ᠢᠶᠠᠨ ᠬᠦᠷᠳ᠋ ᠬᠦᠷᠳ᠋ ᠮᠠᠭᠠᠵᠢᠨ ᠥᠨᠥᠬᠢ ᠭᠠᠯ ᠤᠲᠤᠭ᠎ᠠ ᠪᠠᠨ ᠮᠠᠨᠠᠷᠠᠭᠤᠯᠵᠤ ᠰᠠᠭᠤᠨ᠎ᠠ᠃
      — ᠡᠨᠡ ᠴᠤ᠌ ᠠᠮᠠ ᠨᠢ ᠵᠠᠭᠤᠷᠠᠭᠰᠠᠨ ᠨᠣᠬᠠᠢ ᠰᠠᠭᠠᠷᠢ ᠪᠠᠢᠨ᠎ᠠ ᠬᠥ᠋! ᠭᠡᠳ ᠭᠣᠢᠳᠣᠪ ᠶᠠᠮᠰᠢᠭᠠᠷ ᠭᠡᠷ ᠦᠨ ᠣᠷᠬᠢᠭᠤᠯ ᠢ ᠰᠡᠬᠦᠵᠦ ᠭᠡᠷ ᠲᠦ ᠣᠷᠣᠪᠠᠯ ᠬᠠᠨᠵᠤᠨ ᠤ ᠢᠷᠮᠡᠭ ᠲᠦ ᠱᠣᠢᠱᠣᠭ ᠬᠥᠯ ᠲᠠᠢ ᠨᠢᠭᠡ ᠵᠠᠯᠠᠭᠤᠬᠠᠨ ᠪᠦᠰᠡᠭᠦᠢ ᠶᠤᠤᠮᠠᠢ ᠢᠮᠡᠷᠴᠦ ᠪᠠᠢᠪᠠ᠃
       ᠲᠡᠷᠡ ᠪᠦᠰᠡᠬᠦᠢ ᠫᠤᠤ ᠡᠭᠡᠯᠳᠦᠷᠭᠡᠯᠡᠭᠰᠡᠨ ᠤᠷᠲᠤ ᠬᠤᠪᠴᠠᠰᠤ ᠲᠠᠢ ᠥᠯᠥ᠍ ᠲᠠᠨᠢᠬᠤ ᠡᠷ᠎ᠡ ᠭᠡᠷ ᠲᠦ ᠣᠷᠣᠵᠤ ᠢᠷᠡᠭᠰᠡᠨ ᠢ ᠬᠢᠯᠡᠮᠬᠢᠭᠰᠡᠨ ᠢᠶᠡᠨ ᠳᠣᠣᠷ᠎ᠠ ᠨᠢ ᠢᠨᠢᠶᠡᠬᠦ ᠴᠢᠷᠠᠢ ᠦᠵᠡᠭᠦᠯᠵᠦ ᠪᠥᠭᠰᠡ ᠪᠡᠷ ᠢᠶᠡᠨ ᠲᠤᠲᠤᠭᠰᠢ ᠶᠤᠭᠤᠵᠤ᠂ ᠢᠷᠡᠭᠰᠡᠨ ᠬᠥᠮᠥᠨ ᠳᠦ ᠵᠠᠢ ᠭᠠᠷᠭᠠᠵᠤ ᠥᠭᠪᠡ᠃   
      ᠵᠠᠯᠠᠭᠤ ᠪᠦᠰᠡᠬᠦᠢ ᠶᠢᠨ ᠢᠨᠢᠶᠡᠬᠦ ᠴᠢᠷᠠᠢ ᠭᠣᠢᠲᠣᠪ ᠲᠤ ᠬᠡᠴᠡᠭᠦᠦ ᠬᠥᠭᠡᠷᠦᠬᠦᠨ ᠬᠠᠷᠠᠭᠳᠠᠵᠤ᠂ ᠲᠡᠭᠦᠨ ᠦ ᠠᠶᠤᠮᠠᠲᠠᠭᠠᠢ ᠲᠣᠷᠭᠠᠨ ᠭᠠᠵᠠᠷ ᠲᠤᠨᠢ ᠡᠷᠬᠡ ᠦᠭᠡᠢ ᠭᠡᠳᠡᠭᠡᠯᠡᠭᠡᠳ ᠠᠪᠤᠭᠰᠠᠨ ᠰᠢᠭ᠋ ᠬᠠᠴᠢᠨ ᠰᠠᠨᠠᠭᠳᠠᠪᠠ᠃ ᠲᠡᠭᠦᠨ ᠦ᠌ ᠲᠡᠷᠡ ᠬᠦ᠌ ᠬᠥᠭᠡᠷᠦᠬᠦᠨ ᠨᠢᠳᠦ ᠨᠢ ᠭᠣᠢᠳᠣᠪ ᠢ᠋《 ᠨᠠᠭᠠᠰᠢ ᠪᠠᠨ ᠰᠠᠭᠤ!》 ᠭᠡᠵᠦ ᠬᠡᠯᠡᠬᠦ ᠰᠢᠭ ᠰᠠᠨᠠᠭᠳᠠᠭᠠᠳ ᠪᠠᠢᠬᠤᠯᠠᠷ ᠳᠡᠷᠭᠡᠳᠡ ᠨᠢ ᠣᠴᠢᠵᠤ ᠰᠠᠭᠤᠪᠠ᠃ 
       — ᠰᠣᠳᠨᠠᠮ ᠠ᠋! ᠴᠢ ᠣᠷᠣᠵᠤ ᠢᠷ᠎ᠡ᠂ ᠡᠨᠳᠡ ᠢᠨᠵᠠᠭ᠎ᠠ ᠰᠢᠭ᠋ ᠨᠢᠭᠡ ᠬᠥᠭᠡᠷᠦᠬᠦᠨ ᠠᠮᠢᠲᠠᠨ ᠪᠠᠢᠨ᠎ᠠ ᠭᠡᠵᠦ ᠭᠣᠢᠳᠣᠪ ᠤ᠋ᠨ ᠪᠠᠷᠤᠭ ᠯᠠ ᠬᠠᠰᠬᠢᠷᠬᠤ ᠠᠯᠳᠠᠭᠰᠠᠨ ᠳᠠᠭᠤᠨ ᠢ᠋ᠶ᠋ᠠᠷ ᠰᠣᠳᠨᠠᠮ ᠣᠷᠣᠵᠤ ᠢᠷᠡᠪᠡ᠃ ᠬᠠᠨᠵᠤᠨ ᠳᠡᠭᠡᠷ᠎ᠡ ᠪᠡᠨ ᠨᠢᠭᠡ ᠶᠠᠭᠤᠮ᠎ᠠ ᠤᠷᠤᠯᠳᠤᠵᠤ ᠰᠠᠭᠤᠭᠰᠠᠨ ᠴᠢᠷᠠᠢᠯᠢᠭᠬᠠᠨ ᠪᠣᠯᠪᠠᠴᠤ ᠲᠠᠷᠴᠢᠩᠬᠠᠢ ᠪᠦᠰᠡᠭᠦᠢ ᠶ᠋ᠢ ᠬᠠᠷᠠᠭᠠᠳ ᠰᠣᠳᠨᠠᠮ᠄  
       — ᠭᠣᠢᠳᠣᠪ ᠴᠢ ᠮᠥᠨ ᠡᠯᠳᠡᠪ ᠦ᠋ᠨ ᠶᠠᠭᠤᠮᠠᠨ ᠳ᠋ᠤ᠌ ᠰᠠᠨᠠᠭᠠᠷᠬᠠᠳᠠᠭ ᠬᠠᠴᠢᠨ ᠠᠮᠢᠲᠠᠨ ᠶᠤᠮ ᠠ᠋! ᠭᠡᠪᠡ᠃ 
       — ᠶᠠᠭᠠᠬᠢᠳᠠᠭ ᠶᠤᠮ ᠪᠣᠢ? ᠬᠠᠩᠭᠢ ᠶᠠᠭᠤᠮ᠎ᠠ ᠬᠠᠷᠠᠭᠳᠠᠬᠤ ᠪᠠᠷ ᠨᠢ ᠁  
       — ᠲᠠᠨᠢᠵᠤ ᠮᠡᠳᠡᠬᠦ ᠦᠭᠡᠢ ᠭᠠᠵᠠᠷ ᠬᠡᠯᠡ ᠤᠯᠠ ᠪᠠᠨ ᠴᠤ᠌ ᠣᠯᠤᠯᠴᠠᠬᠤ ᠦᠭᠡᠢ ᠪᠠᠢᠭᠠᠳ ᠶᠠᠭᠠᠬᠢᠬᠤ ᠶᠤᠮ? ᠡᠯᠳᠡᠪ ᠦ᠋ᠨ ᠶᠠᠭᠤᠮᠠᠨ ᠳ᠋ᠤ᠌ ᠭᠣᠷᠢᠯᠠᠬᠤ ᠪᠠᠨ ᠪᠠᠢᠭ᠃ 
       — ᠰᠣᠳᠨᠠᠮ ᠠ᠋᠂ ᠪᠢ ᠲᠠᠨ ᠢ᠋ ᠭᠤᠶᠤᠶ᠎ᠠ ᠳᠠ! ᠱᠣᠢᠲᠠᠨ① ᠤ᠋ ᠠᠮᠲᠠ ᠶᠠᠮᠠᠷ ᠰᠢᠤᠬᠠᠨ ᠪᠠᠢᠳᠠᠭ ᠢ᠋ ᠪᠢ ᠨᠢᠭᠡ ᠠᠮᠲᠠᠯᠠᠬᠤ ᠶᠤᠮᠰᠠᠨ ᠭᠡᠵᠦ ᠠᠯᠢ ᠤᠵᠠᠭᠤᠷ ᠤ᠋ᠨ ᠦᠭᠡᠢ ᠰᠠᠨᠠᠭᠰᠠᠭᠠᠷ ᠢᠷᠡᠭᠰᠡᠨ ᠶᠦᠮ᠃ ᠶᠡᠷᠦ ᠳ᠋ᠡᠭᠡᠨ ᠵᠠᠪᠰᠢᠶᠠᠨ ᠲᠠᠭᠠᠷᠠᠬᠤ ᠦᠭᠡᠢ᠃ ᠥᠨᠥᠳᠥᠷ ᠬᠠᠷᠢᠨ ᠠᠵᠠ ᠪᠠᠷ ᠵᠡᠭᠡᠭᠡᠭᠰᠡᠨ ᠶᠠᠭᠤᠮ᠎ᠠ ᠲᠠᠭᠠᠷᠠᠯ᠎ᠠ ᠁ ᠰᠣᠳᠨᠠᠮ ᠠ᠋ ᠁ ᠭᠡᠵᠦ ᠴᠢᠷᠠᠢᠴᠢᠯᠠᠬᠤ ᠳ᠋ᠤ᠌ ᠰᠣᠳᠨᠠᠮ᠄ 
       — ᠬᠡᠷᠡᠭ ᠢ᠋ᠶ᠋ᠡᠨ ᠪᠠᠷᠠᠭᠰᠠᠨ ᠶᠠᠭᠤᠮ᠎ᠠ ᠬᠢᠬᠦ ᠪᠡᠨ ᠪᠣᠯᠢ᠃ ᠭᠠᠳᠠᠨ᠎ᠠ ᠰᠠᠭᠤᠭ᠎ᠠ ᠡᠪᠦᠭᠡᠵᠢᠶᠡᠷ ᠬᠥᠮᠦᠨ ᠦ᠌ ᠴᠢᠷᠠᠢ ᠠ᠋ᠴᠠ ᠶᠠᠭᠤᠮ᠎ᠠ ᠣᠯᠵᠤ ᠬᠠᠷᠠᠭᠰᠠᠨ ᠦᠭᠡᠢ ᠤᠤ? ᠭᠡᠯ᠎ᠡ᠃ 
       — ᠦᠭᠡᠢ ᠠ᠋! ᠶᠠᠭᠤ ᠯᠠ ᠪᠠᠢᠬᠤ ᠪᠣᠢ ᠳᠠ᠂ ᠡᠨᠡ ᠮᠠᠭᠤ ᠵᠠᠨᠠᠭ ᠤ᠋ᠳ ᠮᠠᠨᠤᠰ ᠠ᠋ᠴᠠ ᠰᠦᠷᠳᠡᠬᠦ ᠳ᠋ᠡᠭᠡᠨ ᠳᠠᠯᠠᠨ ᠯᠠᠩ ᠢ᠋ᠶ᠋ᠠᠨ ᠠᠯᠳᠠᠭᠰᠠᠨ ᠰᠢᠭ᠋ ᠤᠷᠤᠭᠤ ᠴᠢᠷᠠᠢᠯᠠᠭ᠎ᠠ ᠯᠠ ᠪᠠᠢᠯᠭᠦᠢ! ᠵᠦᠭᠡᠷ᠂ ᠵᠦᠭᠡᠷ!  
       — ᠡᠨᠡ ᠥᠭᠢᠷ᠎ᠡ ᠲᠣᠯᠣᠭᠠᠢ ᠲᠡᠢᠮᠦ ᠬᠢᠮᠳᠠᠬᠠᠨ ᠶᠠᠭᠤᠮ᠎ᠠ ᠪᠢᠰᠢ᠃ ᠣᠯᠠᠨ ᠰᠢᠭᠤᠳᠠᠢ ᠳᠠᠪᠤᠰᠤ ᠢᠳᠡᠭᠰᠡᠨ ᠬᠠᠭᠤᠴᠢᠨ ᠫᠤᠤ ᠶ᠋ᠢᠨ ᠬᠤᠭᠤᠷᠬᠠᠢ ᠪᠠᠢᠵᠤ ᠶᠠᠳᠠᠬᠤ ᠦᠭᠡᠢ᠃ 
       — ᠬᠠᠢ᠂ ᠲᠡᠷᠡ ᠤᠮᠠᠳᠠᠭ ᠢ᠋ᠶ᠋ᠠᠨ ᠴᠢᠷᠦᠭᠰᠡᠨ ᠤᠷᠤᠭᠤ ᠴᠢᠷᠠᠢ ᠲᠠᠢ ᠡᠪᠦᠭᠡᠨ ᠡᠴᠡ ᠡᠴᠢᠭᠡ ᠳ᠋ᠡᠭᠡᠨ ᠲᠡᠭᠡᠵᠦ ᠠᠶᠤᠭᠰᠠᠨ ᠶᠤᠮ? 
       — ᠰᠣᠳᠨᠠᠮ ᠠᠬ᠎ᠠ ᠭᠠᠳᠠᠨ᠎ᠠ ᠭᠠᠷᠴᠤ ᠥᠨᠥᠬᠢ ᠡᠪᠦᠭᠡᠵᠢᠶᠡᠷ ᠡᠷ᠎ᠡ ᠲᠡᠢ ᠡᠨᠡ ᠲᠡᠷᠡ ᠦᠭᠡ ᠨᠦᠳᠦᠵᠦ ᠰᠡᠳᠬᠢᠯ ᠢ᠋ ᠨᠢ ᠰᠡᠯᠳᠡᠭᠦᠯᠵᠦ ᠪᠠᠢᠭᠠᠷᠠᠢ! ᠪᠢ ᠣᠳᠣᠬᠠᠨ᠁ ᠭᠡᠲᠡᠯ᠎ᠡ ᠡᠭᠦᠳᠡ ᠰᠡᠬᠦᠭᠳᠡᠵᠦ ᠲᠡᠷᠡ ᠡᠷ᠎ᠡ ᠨᠠᠪᠲᠠᠰᠬᠢᠨ ᠣᠷᠣᠵᠤ ᠢᠷᠡᠭᠡᠳ ᠰᠣᠳᠨᠠᠮ ᠭᠣᠢᠳᠣᠪ ᠬᠣᠶᠠᠷ ᠢ᠋ ᠡᠭᠡᠯᠵᠢᠯᠡᠨ ᠰᠢᠷᠳᠡᠵᠦ ᠬᠠᠨᠵᠤᠨ ᠤ᠋ ᠥᠨᠴᠥᠭ ᠢ᠋ ᠪᠠᠷᠢᠵᠤ ᠮᠥᠴᠢᠳᠬᠡᠨ ᠰᠠᠭᠤᠵᠤ ᠨᠠᠪᠴᠢᠨ ᠲᠠᠮᠠᠬᠢ ᠣᠷᠢᠶᠠᠨ᠎ᠠ᠃ ᠰᠠᠯᠴᠢᠨ ᠡᠪᠦᠭᠡᠨ ᠦ᠌ ᠭᠣᠢᠳᠣᠪ ᠢ᠋ ᠦᠭᠡ ᠳᠠᠭᠤ ᠦᠭᠡᠢ ᠰᠢᠷᠲᠡᠭᠰᠡᠨ ᠰᠢᠷᠦᠭᠦᠨ ᠬᠠᠷᠠᠴᠠ 《ᠲᠠ ᠬᠣᠶᠠᠷ ᠶᠠᠭᠤᠨ ᠤ᠋ ᠬᠥᠮᠦᠨ ᠪᠣᠢ? ᠶᠠᠭᠠᠬᠢᠬᠤ ᠰᠠᠨᠠᠭᠠᠲᠠᠢ ᠶᠤᠮ ⁈ 》 ᠭᠡᠰᠡᠨ ᠰᠢᠭ ᠪᠠᠢᠯ᠎ᠠ᠃ 
       ᠭᠡᠷ ᠳᠣᠲᠣᠷᠠᠬᠢ ᠪᠠᠢᠳᠠᠯ  ᠣᠨᠳᠣᠣᠬᠠᠨ ᠪᠣᠯᠤᠭᠰᠠᠨ ᠢ᠋ ᠠᠵᠢᠵᠤ᠄ 
       — ᠥᠨᠥᠬᠢ ᠴᠢᠨᠢ 《ᠠᠯᠲᠠᠨᠭᠡᠷᠡᠯ》ᠳᠣᠭᠣᠯᠳᠠᠭ ᠪᠢᠰᠢ ᠪᠠᠢᠭ᠎ᠠ ᠳᠠ⁈ ᠭᠡᠵᠦ ᠡᠪᠦᠭᠡᠵᠢᠶᠡᠷ ᠡᠷ᠎ᠡ ᠶ᠋ᠢᠨ ᠰᠢᠷᠦᠭᠦᠨ ᠬᠠᠷᠠᠴᠠ ᠠ᠋ᠴᠠ ᠳᠠᠯᠳᠢᠷᠠᠭᠰᠠᠨ ᠭᠣᠢᠳᠣᠪ ᠤ᠋ᠨ ᠨᠢᠳᠦ ᠴᠢᠨᠣ᠎ᠠ  ᠡᠴᠡ ᠦᠷᠭᠦᠭᠰᠡᠨ ᠵᠡᠭᠡᠷ᠎ᠡ ᠶ᠋ᠢᠨ ᠨᠢᠳᠦ ᠰᠢᠭ ᠪᠦᠯᠲᠡᠯᠵᠡᠬᠦ ᠳ᠋ᠦ᠍ ᠰᠣᠳᠨᠠᠮ ᠲᠣᠰᠴᠤ᠄ 
       — ᠬᠡᠯᠡᠵᠦ ᠮᠡᠳᠡᠬᠦ ᠦᠭᠡᠢ ᠠ᠋᠃ ᠤᠯᠠᠭᠠᠨ ᠬᠠᠲᠤᠨ ᠤ᠋ ᠣᠯᠣᠮ ᠤ᠋ᠨ ᠣᠭᠣᠰᠣᠷ ᠢ᠋ ᠪᠠᠷᠢᠵᠤ ᠰᠤᠷᠤᠭᠰᠠᠨ ᠬᠥᠮᠦᠨ ᠢ᠋ ᠬᠡᠴᠢᠨᠡᠭᠡᠨ ᠵᠢᠯ ᠢ᠋ᠶ᠋ᠡᠷ ᠶᠠᠮᠠᠷ ᠬᠥᠮᠦᠨ ᠬᠠᠷ᠎ᠠ ᠲᠠᠢ ᠠᠭᠤᠯᠵᠠᠵᠤ ᠶᠠᠪᠤᠯᠴᠠᠬᠤ ᠶ᠋ᠢ ᠪᠠᠢᠭ ᠭᠡᠬᠦ ᠪᠣᠢ! ᠭᠡᠳ ᠡᠪᠦᠷ ᠡᠴᠡ ᠪᠡᠨ ᠵᠢᠵᠢᠭ ᠬᠠᠷ᠎ᠠ ᠪᠣᠳᠣᠩ ᠲᠠᠢ ᠠᠷᠢᠬᠢ ᠭᠠᠷᠭᠠᠵᠤ ᠳᠡᠭᠡᠵᠢ ᠶ᠋ᠢ ᠨᠢ ᠰᠡᠷᠵᠢᠮᠯᠡᠴᠢᠬᠡᠭᠡᠳ ᠥᠨᠥᠬᠢ ᠡᠪᠦᠭᠡᠵᠢᠶᠡᠷ ᠡᠷ᠎ᠡ ᠳ᠋ᠦ᠍ ᠥᠭᠴᠦ《ᠡᠭᠦᠨ ᠡᠴᠡ ᠣᠭᠣᠴᠢ!》ᠭᠡᠪᠡᠯ ᠡᠪᠦᠭᠡᠨ ᠣᠭᠲᠣ ᠬᠠᠯᠭᠠᠬᠤ ᠦᠭᠡᠢ ᠢᠷᠪᠠᠢᠵᠤ᠄ 
       — ᠪᠢ ᠠᠷᠢᠬᠢ ᠤᠤᠭᠤᠳᠠᠭ ᠦᠭᠡᠢ᠃ ᠶᠡᠷᠦ ᠡᠴᠡ ᠤᠤᠭᠤᠳᠠᠭ ᠦᠭᠡᠢ ᠭᠡᠳ ᠬᠠᠷ᠎ᠠ ᠪᠣᠳᠣᠩ ᠲᠠᠢ ᠠᠷᠢᠬᠢ ᠶ᠋ᠢ ᠲᠦᠯᠬᠢᠵᠦ《ᠡᠨᠡ ᠮᠠᠭᠤ ᠭᠠᠰᠢᠭᠤᠨ ᠤᠰᠤ ᠪᠠᠷ ᠢ᠋ᠶ᠋ᠠᠨ ᠨᠠᠮᠠᠶ᠋ᠢ ᠮᠢᠨᠴᠦᠭᠦᠷᠡᠭᠦᠯᠵᠦ ᠶᠠᠭᠠᠬᠢᠬᠤ ᠰᠠᠨᠠᠭ᠎ᠠ ᠲᠠᠢ ᠪᠣᠢ ᠲᠠ ᠨᠠᠷ᠁》 ᠭᠡᠰᠡᠨ ᠰᠢᠭ ᠰᠣᠳᠨᠠᠮ ᠢ᠋ ᠴᠣᠭᠣᠷᠠᠲᠠᠯ᠎ᠠ ᠰᠢᠷᠲᠡᠨ᠎ᠡ᠃ 
       ᠬᠠᠰᠢᠷ ᠰᠣᠳᠨᠠᠮ ᠠᠬ᠎ᠠ ᠬᠥᠮᠦᠨ ᠦ᠌ ᠬᠤᠪᠢ ᠪᠠᠷ《ᠡᠨᠡ ᠵᠣᠯᠢᠭ ᠴᠢᠨᠢ < ᠠᠯᠲᠠᠨᠭᠡᠷᠡᠯ > ᠳᠣᠭᠣᠯᠳᠠᠭ ᠶᠠᠩᠵᠤᠲᠠᠢ᠃ ᠭᠣᠢᠳᠣᠪ ᠴᠢ ᠬᠡᠷᠰᠡᠦᠬᠡᠨ ᠪᠠᠢ》ᠭᠡᠰᠡᠨ ᠨᠢᠳᠦᠨ ᠦ᠌ ᠳᠣᠬᠢᠶ᠎ᠠ ᠥᠭᠭᠦᠭᠰᠡᠨ ᠢ᠋ ᠭᠣᠢᠳᠣᠪ ᠣᠢᠯᠠᠭᠠᠭᠠᠳ ᠬᠥᠮᠥᠰᠬᠡ ᠪᠡᠨ ᠵᠠᠩᠭᠢᠳᠤᠨ ᠰᠠᠨᠠᠭ᠎ᠠ ᠠᠯᠳᠠᠨ᠎ᠠ᠃ 
       — ᠦᠭᠡᠢ ᠠ᠋᠂ ᠡᠨᠡ ᠮᠠᠭᠤ ᠵᠠᠨᠠᠭ ᠤ᠋ᠨ ᠠᠮᠠᠨ ᠬᠦᠵᠦᠭᠦᠦ ᠶ᠋ᠢ ᠨᠢ ᠮᠤᠰᠬᠢᠴᠢᠬᠠᠭᠠᠨᠳ ᠤᠯᠠᠭᠠᠨ ᠬᠠᠲᠤᠨ ᠳ᠋ᠤ᠌ ᠁ ᠭᠡᠵᠦ ᠭᠣᠢᠳᠣᠪ ᠢ᠋ ᠬᠡᠯᠡᠵᠦ ᠪᠠᠷᠠᠬᠤ ᠠ᠋ᠴᠠ ᠡᠮᠦᠨ᠎ᠡ ᠡᠪᠦᠭᠡᠵᠢᠶᠡᠷ ᠡᠷ᠎ᠡ ᠭᠣᠢᠳᠣᠪ ᠢ᠋ ᠭᠥᠯᠢᠢᠨ ᠬᠠᠷᠠᠵᠤ ᠶᠠᠭᠤ ᠨᠢᠭᠡ ᠶᠠᠭᠤᠮ᠎ᠠ ᠬᠡᠯᠡᠬᠦ ᠭᠡᠰᠡᠨ ᠢ᠋ᠶ᠋ᠡᠨ ᠬᠠᠬᠠᠪᠠ᠃ 
       — ᠵᠠ᠂ ᠪᠣᠯᠢ! ᠬᠦᠩ ᠨᠣᠶᠠᠨ ᠤ᠋ ᠪᠠᠭ᠎ᠠ ᠬᠠᠲᠤᠨ ᠢ᠋ ᠤᠤᠯᠭᠠᠯᠠᠵᠤ ᠠᠷᠢᠯᠤᠭᠰᠠᠨ ᠬᠤᠯᠠᠭᠠᠢ ᠶ᠋ᠢ ᠨᠡᠬᠡᠮᠵᠢᠯᠡᠬᠦ ᠪᠡᠷ ᠭᠠᠷᠴᠤ ᠢᠷᠡᠭᠡᠳ ᠬᠤᠯᠠᠭᠠᠢ ᠶ᠋ᠢ ᠪᠠᠷᠢᠭᠰᠠᠨ ᠶᠠᠭᠤᠮ᠎ᠠ ᠪᠠᠢᠬᠤ ᠦᠭᠡᠢ ᠬᠠᠷᠢᠨ ᠳᠡᠭᠡᠷ᠎ᠡ ᠡᠴᠡ ᠨᠢ ᠮᠠᠭᠤ ᠱᠣᠢᠳᠠᠨ ᠡᠮ᠎ᠡ ᠳ᠋ᠦ᠍ ᠰᠢᠨᠤᠵᠤ ᠨᠡᠷ᠎ᠡ ᠨᠢᠭᠤᠷ ᠢ᠋ᠶ᠋ᠠᠨ ᠭᠤᠲᠤᠭᠠᠭᠰᠠᠨ ᠶᠠᠪᠤᠳᠠᠯ ᠬᠢᠬᠦ ᠪᠡᠨ ᠪᠣᠯᠢᠶ᠎ᠠ᠂ ᠭᠣᠢᠳᠣᠪ ᠮᠢᠨᠢ! ᠭᠡᠵᠦ ᠰᠣᠳᠨᠠᠮ ᠲᠡᠭᠦᠨ ᠢ᠋ ᠠᠷᠭᠠᠳᠠᠬᠤ ᠭᠤᠶᠤᠬᠤ ᠶ᠋ᠢᠨ ᠠᠶᠠᠰ ᠲᠠᠢ ᠬᠡᠯᠡᠨ᠎ᠡ᠃ 
       — ᠡᠨᠡ ᠴᠢᠷᠠᠢ ᠮᠠᠭᠤᠲᠠᠢ ᠡᠪᠦᠭᠡᠨ《 ᠠᠯᠲᠠᠨᠭᠡᠷᠡᠯ》ᠳᠣᠭᠣᠯᠳᠠᠭ ᠶᠠᠳᠠᠬᠤ ᠦᠭᠡᠢ ᠳᠡ! ᠠᠷᠢᠬᠢᠨ ᠠ᠋ᠴᠠ ᠴᠢᠨᠢ ᠭᠠᠭᠴᠠ ᠣᠭᠣᠴᠢᠬᠤ ᠦᠭᠡᠢ ᠮᠠᠰᠢ ᠬᠡᠷᠰᠡᠦ ᠪᠠᠢᠨ᠎ᠠ᠃ 
       —《ᠠᠯᠲᠠᠨᠭᠡᠷᠡᠯ》 ᠳᠤᠭᠤᠯᠤᠯ᠎ᠠ ᠭᠡᠳ ᠶᠠᠭᠠᠬᠢᠨ᠎ᠠ ᠪᠣᠢ! ᠬᠣᠶᠠᠷ ᠪᠣᠰᠤᠭ᠎ᠠ ᠡᠷ᠎ᠡ ᠡᠨᠡ ᠥᠭᠢᠷ᠎ᠡ ᠲᠣᠯᠣᠭᠠᠢ ᠶ᠋ᠢ ᠲᠠᠬᠢᠶ᠎ᠠ ᠨᠤᠭᠤᠰᠤᠯᠠᠬᠤ ᠰᠢᠭ᠋ ᠁ 
       — ᠵᠠ᠂ ᠭᠤᠢᠲᠤᠪ ᠴᠢ ᠠᠮᠠ ᠪᠠᠨ ᠣᠯᠵᠤ ᠳᠣᠩᠭᠣᠰᠤᠭᠠᠴᠢ! ᠭᠡᠵᠦ ᠰᠣᠳᠨᠠᠮ ᠭᠤᠢᠳᠣᠪ ᠢ᠋ ᠭᠢᠯᠦᠢᠪᠡ᠃ 
       ᠰᠣᠳᠨᠠᠮ ᠭᠤᠢᠳᠤᠪ ᠬᠣᠶᠠᠷ ᠢᠩᠭᠢᠵᠦ ᠬᠡᠯᠡᠯᠴᠡᠵᠦ ᠰᠠᠭᠤᠲᠠᠯ᠎ᠠ ᠰᠠᠯᠴᠢᠨ ᠡᠪᠦᠭᠡᠨ ᠭᠡᠨᠡᠳᠲᠡ ᠶᠠᠭᠤ ᠪᠣᠳᠣᠭᠰᠠᠨ ᠢ᠋ ᠮᠡᠳᠡᠬᠦ ᠦᠭᠡᠢ ᠵᠡᠭᠦᠨ ᠲᠤᠭᠤᠷᠭ᠎ᠠ ᠲᠦᠰᠢᠭᠦᠯᠵᠦ ᠡᠪᠬᠡᠭᠰᠡᠨ ᠬᠥᠨᠵᠢᠯᠡ ᠶ᠋ᠢᠨ ᠳᠣᠣᠷ᠎ᠠ ᠠ᠋ᠴᠠ ᠵᠢᠵᠢᠭᠬᠡᠨ ᠪᠠᠯᠳᠠᠰᠣ ② ᠪᠣᠳᠣᠩ ᠲᠠᠢ ᠠᠷᠢᠬᠢ ᠭᠠᠷᠭᠠᠵᠤ ᠲᠡᠷᠡ ᠬᠣᠶᠠᠷ ᠲᠤ᠌᠄ 
       — ᠲᠠ ᠬᠣᠶᠠᠷ ᠮᠣᠩᠭᠣᠯ ᠬᠥᠮᠦᠨ ᠪᠠᠢᠨ᠎ᠠ᠃ ᠡᠭᠦᠨ ᠡᠴᠡ ᠤᠤᠭᠤ!ᠵᠠᠮᠠᠭ ᠤᠨ ᠬᠠᠭᠰᠠᠭᠠᠮᠠᠯ ᠪᠠ ᠵᠡᠪᠡᠷᠢ ᠲᠠᠢ ᠠᠷᠢᠬᠢ ᠶᠤᠮ᠃ ᠨᠣᠢᠲᠠᠨ ᠴᠢᠭᠢᠭ ᠢ ᠰᠡᠷᠭᠡᠢᠯᠡᠳᠡᠭ ᠡᠳ᠋ ᠶᠤᠮ ᠡ᠂ ᠲᠠ ᠨᠠᠷ ᠤᠤᠭᠤ᠂ ᠤᠤᠭᠤ!  ᠭᠡᠵᠦ ᠤᠤᠯ ᠤ᠋ᠨ ᠬᠡᠦᠷᠰᠢᠭᠰᠡᠨ ᠬᠥᠲᠥᠰᠦ ᠰᠢᠭ ᠬᠡᠭᠵᠡᠢᠵᠦ ᠪᠠᠢᠭᠰᠠᠨ ᠢ᠋ᠶ᠋ᠠᠨ ᠢᠨᠢᠶᠡᠬᠦ ᠲᠡᠢ ᠪᠣᠯᠪᠠ᠃
       ᠰᠣᠳᠨᠠᠮ ᠭᠣᠢᠳᠣᠪ ᠬᠣᠶᠠᠷ ᠨᠢᠭᠡ ᠨᠢᠭᠡᠨ ᠢ᠋ᠶ᠋ᠡᠨ ᠬᠠᠷᠠᠵᠤ ᠠᠪᠤᠭᠠᠳ ᠥᠨᠥᠬᠢ ᠪᠠᠯᠳᠠᠰᠣᠨ ᠪᠣᠳᠣᠩ ᠲᠠᠢ ᠠᠷᠢᠬᠢᠨ ᠠ᠋ᠴᠠ ᠡᠭᠡᠯᠵᠢᠯᠡᠨ ᠣᠭᠣᠴᠢᠪᠠ᠃ ᠡᠨᠡ ᠠᠷᠢᠬᠢ ᠠ᠋ᠴᠠ ᠨᠢᠭᠡ ᠯᠡ ᠰᠢᠲᠠᠭᠰᠠᠨ ᠰᠢᠷᠣᠢ ᠠᠮᠲᠠᠯᠠᠭᠳᠠᠬᠤ ᠰᠢᠭ᠋ ᠮᠥᠷᠲᠡᠭᠡᠨ ᠬᠠᠲᠠᠭᠤ ᠭᠡᠳᠡᠭ ᠨᠢ ᠵᠢᠭᠲᠡᠢ᠃ ᠭᠠᠭᠴᠠ ᠨᠢᠭᠡ ᠬᠣᠶᠠᠷ ᠣᠭᠣᠴᠢᠭᠰᠠᠨ ᠲᠡᠳᠦᠢ ᠪᠡᠷ ᠶᠠᠰᠤᠨ ᠠ᠋ᠴᠠ ᠬᠥᠯᠥᠰᠥ ᠴᠢᠬᠠᠷᠠᠬᠤ ᠰᠢᠭ᠋ ᠪᠣᠯᠪᠠ᠃ ᠳᠡᠮᠡᠢ ᠤᠳᠠᠭᠰᠠᠨ ᠦᠭᠡᠢ ᠭᠤᠢᠳᠣᠪ ᠰᠣᠳᠨᠠᠮ ᠠ᠋ᠴᠠ ᠢᠯᠡᠭᠦᠦ ᠬᠣᠶᠠᠷ ᠣᠭᠣᠴᠢ ᠬᠣᠪᠳᠣᠭᠯᠠᠵᠤ ᠪᠠᠯᠭᠤᠭᠰᠠᠨ ᠢ᠋ᠶ᠋ᠠᠷ ᠢ᠋ᠶ᠋ᠠᠨ ᠰᠠᠭᠤᠭᠰᠠᠨ ᠣᠷᠣᠨ ᠳ᠋ᠠᠭᠠᠨ ᠮᠣᠭᠵᠣᠢᠭᠠᠳ ᠤᠨᠲᠠᠪᠠ᠃ ᠰᠣᠳᠨᠠᠮ ᠴᠤ᠌ ᠡᠨᠡ ᠠᠯᠪᠠ ᠠ᠋ᠴᠠ ᠶᠠᠭᠠᠬᠢᠵᠤ ᠮᠤᠯᠲᠤᠷᠠᠬᠤ ᠪᠣᠢ⁈ 
       ᠰᠠᠯᠴᠢᠨ ᠡᠪᠦᠭᠡᠨ ᠬᠣᠶᠠᠷ ᠭᠠᠩᠰᠠ ᠲᠠᠮᠠᠬᠢ ᠨᠡᠷᠡᠵᠦ ᠪᠠᠭᠠᠭᠢᠭᠤᠯᠴᠢᠬᠠᠭᠠᠳ ᠭᠤᠲᠤᠯ ᠤ᠋ᠨ ᠢ᠋ᠶ᠋ᠠᠨ ᠤᠯᠠ ᠳ᠋ᠤ᠌ ᠦᠨᠡᠰᠦ ᠶ᠋ᠢ ᠨᠢ ᠭᠦᠪᠢᠵᠦ  ᠭᠠᠩᠰᠠᠨ ᠤ᠋ ᠪᠠᠨ ᠲᠣᠯᠣᠭᠠᠢ ᠶ᠋ᠢ ᠭᠣᠳᠯᠠᠭᠰᠠᠭᠠᠷ᠄ 
       — ᠬᠦᠢ᠂ ᠲᠠ ᠬᠣᠶᠠᠷ ᠪᠣᠰ! ᠶᠠᠮᠠᠷ ᠬᠠᠰᠢ ᠪᠠᠨ ᠤᠯᠤᠰ ᠪᠣᠢ⁈ ᠬᠡᠳᠦᠬᠡᠨ ᠣᠭᠣᠴᠢ ᠠᠷᠢᠬᠢᠨ ᠳ᠋ᠤ᠌ ᠭᠤᠯᠵᠢᠢᠭᠠᠳ ᠶᠠᠪᠤᠴᠢᠬᠠᠳᠠᠭ ᠁  ᠭᠡᠵᠦ ᠨᠥᠭᠦᠭᠡ ᠬᠣᠶᠠᠷ ᠢ᠋ ᠲᠦᠯᠬᠢᠵᠦ ᠳᠠᠭᠤᠳᠠᠪᠠᠯ《 ᠡᠩ᠂ ᠡᠩ》 ᠭᠡᠵᠦ ᠨᠤᠬᠤᠭᠰᠠᠨ ᠭᠤᠯᠢᠷ ᠰᠢᠭ᠋ ᠭᠤᠯᠵᠢᠭᠠᠨᠠᠭᠠᠳ ᠪᠠᠢᠯ᠎ᠠ᠃ ᠰᠠᠯᠴᠢᠨ ᠡᠪᠦᠭᠡᠨ ᠡᠳᠡ ᠬᠣᠶᠠᠷ ᠤ᠋ᠨ ᠲᠠᠮᠢᠷ ᠢ᠋ ᠨᠢ ᠮᠡᠳᠡᠴᠢᠬᠡᠭᠡᠳ ᠰᠠᠨᠠᠭ᠎ᠠ ᠨᠢ ᠠᠮᠠᠷᠠᠭᠰᠠᠨ ᠪᠣᠯᠤᠯᠲᠠᠢ ᠴᠠᠭᠠᠨ᠎ᠠ ᠪᠣᠯᠵᠣᠭᠰᠠᠨ ᠶᠠᠪᠤᠳᠠᠯ ᠳ᠋ᠠᠭᠠᠨ ᠣᠴᠢᠬᠤ ᠪᠠᠷ ᠶᠠᠭᠠᠷᠠᠨ ᠪᠣᠰᠪᠠ᠃  
       ᠰᠠᠯᠴᠢᠨ ᠡᠪᠦᠭᠡᠨ ᠱᠠᠯᠠᠪ ᠶᠠᠪᠤᠵᠤ ᠨᠢᠭᠡ ᠠᠢᠯ ᠳᠡᠭᠡᠷ᠎ᠡ ᠣᠴᠢᠵᠤ ᠤᠳᠠᠭᠠᠨ ᠵᠠᠷᠤᠭᠰᠠᠨ ᠦᠭᠡᠢ ᠪᠠᠮᠪᠠᠷᠴᠠᠭ ᠬᠠᠰᠠᠭ ᠣᠯᠵᠤ ᠠᠪᠤᠭᠠᠳ ᠬᠥᠳᠡᠯᠪᠡ᠁
       ᠦᠦᠷ ᠴᠠᠢᠬᠤ ᠶᠢᠨ ᠠᠯᠳᠠ ᠪᠠᠷ ᠰᠠᠯᠴᠢᠨ ᠡᠪᠦᠭᠡᠨ ᠮᠠᠭᠤ ᠬᠠᠪᠴᠢᠭ ᠭᠡᠷ ᠲᠡᠭᠡᠨ ᠬᠦᠷᠴᠦ ᠢᠷᠡᠪᠡᠯ ᠰᠣᠳᠨᠠᠮ ᠭᠣᠢᠳᠣᠪ ᠬᠣᠶᠠᠷ ᠰᠡᠷᠡᠭᠡᠳᠦᠢ ᠪᠠᠢᠯ᠎ᠠ᠃
       — ᠵᠠ᠂ ᠪᠣᠰ᠂ ᠪᠣᠰ! ᠲᠠᠨᠤᠰ ᠶᠠᠭᠤ ᠬᠢᠳᠡᠭ ᠪᠣᠯ ᠲᠡᠭᠦᠨ ᠢᠶᠡᠨ ᠬᠢᠬᠦ ᠪᠡᠷ ᠶᠠᠪᠤᠵᠠᠭ᠎ᠠ!  ᠴᠠᠭᠠᠳᠤᠬᠢ ᠴᠢᠨᠢ ᠶᠠᠭᠤᠨ ᠳᠤ ᠡᠨᠡ ᠬᠥᠮᠥᠨ ᠠᠮᠢᠲᠠᠨ ᠰᠦᠯᠵᠢᠭᠰᠡᠨ ᠭᠠᠵᠠᠷ ᠢᠷᠡᠨ᠎ᠡ ᠪᠣᠢ? ᠭᠡᠵᠦ ᠲᠥᠪᠡᠭᠰᠢᠶᠡᠩᠭᠦᠢ ᠴᠢᠷᠠᠢᠯᠠᠨ ᠰᠣᠳᠨᠠᠮ ᠭᠣᠢᠳᠣᠪ ᠬᠣᠶᠠᠷ ᠢ ᠳᠠᠭᠤᠳᠠᠵᠤ ᠰᠡᠷᠡᠭᠡᠪᠡ᠃
       —  ᠶᠣ᠂ ᠶᠣᠬᠣ!  ᠭᠡᠵᠦ ᠭᠣᠢᠳᠣᠪ ᠪᠡᠶ᠎ᠡ ᠨᠢ ᠰᠦᠷᠡᠬᠡᠢ ᠲᠠᠢᠪᠤᠰᠢᠷᠠᠭᠰᠠᠨ ᠪᠠᠢᠳᠠᠯ ᠲᠠᠢ ᠡᠪᠰᠢᠶᠡᠨ ᠰᠤᠨᠢᠶᠠᠵᠤ《 ᠶᠠᠮᠠᠷ ᠢᠳᠡᠳᠡᠢ ᠠᠷᠢᠬᠢ ᠪᠣᠢ! ᠨᠢᠭᠡ ᠯᠠ ᠤᠨᠲᠠᠯᠭᠠᠨ ᠳᠤ ᠶᠠᠰᠤ ᠠᠮᠠᠷᠠᠵᠤ᠂ ᠪᠡᠶ᠎ᠡ ᠲᠠᠢᠪᠤᠰᠢᠷᠠᠬᠤ ᠨᠢ ᠭᠣᠶᠣ ᠶᠤᠮ ᠡ!》 ᠭᠡᠳ ᠥᠨᠳᠡᠢᠪᠡ᠃
       ᠰᠣᠳᠨᠠᠮ᠂ ᠭᠣᠢᠳᠣᠪ ᠬᠡᠳᠦᠭᠦᠯᠡ ᠲᠡᠨᠳᠡ ᠡᠴᠡ ᠪᠠᠭ᠎ᠠ ᠬᠠᠲᠤᠨ ᠢ ᠣᠯᠬᠤ ᠪᠠᠢᠲᠤᠭᠠᠢ᠂ ᠰᠤᠷᠠᠭ ᠢ ᠨᠢ ᠴᠤ᠌ ᠲᠤᠭᠤᠯᠤᠭᠰᠠᠨ ᠦᠭᠡᠢ ᠢᠷᠡᠭᠰᠡᠨ ᠵᠠᠮ ᠢᠶᠠᠷ ᠢᠶᠠᠨ ᠪᠤᠴᠠᠵᠠᠭᠠᠪᠠ᠃
       ᠮᠠᠨᠴᠤᠷᠭ᠎ᠠ ᠤᠯᠠᠭᠠᠨ ᠬᠠᠲᠤᠨ ᠤ ᠣᠯᠣᠮ ᠠᠴᠠ ᠨᠠᠷᠠ ᠰᠢᠩᠭᠡᠬᠦ ᠶᠢᠨ ᠠᠯᠳᠠ ᠪᠠᠷ ᠮᠣᠷᠳᠠᠵᠤ ᠰᠢᠮᠠᠭᠤᠯ ᠱᠤᠤᠬᠢᠭᠰᠠᠨ ᠭᠣᠣᠯ ᠤᠨ ᠴᠢᠭᠢᠭᠯᠢᠭ ᠳᠣᠬᠣᠢ ᠠᠴᠠ ᠲᠥᠷᠥᠭᠳᠡᠭᠰᠡᠨ ᠵᠠᠢᠳᠠᠬᠤ ᠶᠢ ᠭᠣᠷᠢᠳᠠᠨ ᠮᠣᠷᠢᠨ  ᠳᠠᠭᠠᠨ ᠳᠠᠰᠢᠭᠤᠷ ᠥᠭᠭᠦ ᠳᠦ ᠢᠯᠠᠭᠠᠷᠠᠬᠠᠭᠰᠠᠨ ᠰᠢᠭᠢᠷ᠎ᠡ ᠠᠯᠠᠭ ᠰᠠᠷᠠ ᠲᠠᠢ ᠬᠡᠭᠡᠷ᠎ ᠨᠢ ᠡᠵᠡᠨ ᠦ ᠪᠡᠨ ᠰᠠᠨᠠᠭ᠎ᠠ ᠶᠢ ᠮᠡᠳᠡᠭᠰᠡᠨ ᠰᠢᠭ ᠢᠯᠳᠠᠮᠬᠠᠨ ᠲᠠᠪᠬᠢᠨ᠎ᠠ᠃
       ᠮᠠᠨᠴᠤᠷᠭ᠎ᠠ ᠲᠣᠲᠣᠷ᠎ᠠ ᠪᠠᠨ ᠭᠦᠩ ᠨᠣᠶᠠᠨ ᠰᠢᠷᠠᠪᠳᠣᠷᠵᠢ ᠶᠢ《 ᠶᠣᠰᠣᠲᠠᠢ ᠯᠠ ᠰᠢᠳᠦ ᠦᠭᠡᠢ ᠨᠣᠬᠠᠢ ᠶᠠᠰᠤ ᠬᠠᠷᠠᠮᠨᠠᠨ᠎ᠠ ᠭᠡᠭ᠍ᠴᠢ ᠪᠡᠷ ᠣᠯᠠᠨ ᠰᠤᠪᠠᠢ ᠦᠨᠢᠶ᠎ᠡ ᠴᠤᠭᠯᠠᠭᠤᠯᠵᠤ ᠬᠠᠮᠪᠠᠭᠠᠷᠬᠠᠭᠠᠳ ᠡᠴᠢᠭᠡ ᠪᠡᠨ ᠬᠢᠨ᠎ᠡ ᠵᠢᠷᠭᠠᠬᠤ ᠭᠡᠳ ᠵᠠᠭᠠᠲᠤᠨᠠᠭ᠎ᠠ ᠶᠢ ᠨᠢ ᠬᠥᠳᠡᠯᠭᠡᠵᠦ ᠬᠠᠶᠠᠴᠢᠬᠠᠭᠠᠳ ᠵᠣᠪᠠᠭᠠᠳᠠᠭ ᠲᠤᠨᠢ ᠲᠡᠷᠡ ᠣᠯᠠᠨ ᠰᠤᠪᠠᠢᠴᠤᠤᠯ ᠨᠢ ᠵᠢᠯᠢᠢᠬᠦ ᠦᠭᠡᠢ ᠶᠠᠭᠠᠬᠢᠬᠤ ᠪᠣᠢ ᠬᠣᠬᠢ ᠨᠢ ᠲᠡᠷᠡ ᠡ》 ᠭᠡᠵᠦ ᠭᠥᠩ ᠨᠣᠶᠠᠨ ᠢ ᠪᠢᠲᠡᠭᠦᠬᠡᠨ ᠬᠠᠷᠢᠶᠠᠵᠤ ᠶᠠᠪᠤᠬᠤ ᠳ᠋ᠠᠭᠠᠨ《 ᠴᠡᠴᠡᠭ ᠬᠠᠲᠤᠨ ᠴᠤ᠌ ᠪᠣᠯ ᠶᠠᠭᠠᠮᠠᠢ᠂ ᠲᠡᠷᠡ ᠠᠯᠢᠶᠠᠷᠬᠠᠭ ᠲᠣᠭᠯᠠᠭᠰᠠᠨ ᠨᠢᠳᠦ᠂ ᠡᠷ᠎ᠡ ᠭᠡᠵᠢᠭᠡᠳᠡᠮ᠎ᠡ ᠬᠣᠶᠠᠷ ᠪᠣᠮᠪᠣᠭᠣᠷ ᠬᠥᠬᠥ ᠪᠠ ᠮᠤᠰᠭᠢᠯᠵᠠᠭᠤᠷ ᠭᠤᠨᠵᠢᠨ ᠳᠠᠰᠢᠶ᠎ᠠ ᠨᠢ᠁ ᠠ᠂ ᠬᠠᠢᠷᠠᠨ᠂ ᠬᠠᠢᠷᠠᠨ!᠁  ᠲᠡᠷᠡ ᠮᠠᠭᠤ ᠠᠰᠠᠮᠠᠨ ᠪᠤᠬᠠᠨ ᠳᠤ ᠵᠠᠭᠤᠷᠮᠠᠭ ᠳᠠᠯᠬᠢᠭᠤᠯᠵᠤ ᠪᠠᠢᠬᠤ ᠭᠡᠵᠦ ᠁ ᠮᠥᠨ ᠴᠤ᠌ ᠬᠠᠢᠷᠠᠨ! ᠭᠡᠵᠦ ᠡᠷᠡᠦ ᠪᠡᠨ ᠪᠠᠷᠢᠨ ᠵᠠᠪᠰᠠᠷ ᠣᠯᠳᠠᠳᠠᠭ ᠯᠠ ᠶᠤᠮ ᠪᠣᠯ ᠴᠡᠴᠡᠭ ᠬᠠᠲᠤᠨ ᠢ ᠨᠤᠬᠤᠭᠠᠳ ᠤᠨᠠᠬᠤ ᠳᠤ ᠲᠡᠯᠡᠮᠡᠨ ᠵᠢᠷᠣᠭ᠎ᠠ ᠮᠣᠷᠢᠨ ᠤ ᠲᠠᠰᠢᠶᠠᠨ ᠳᠤ ᠰᠠᠭᠤᠴᠢᠬᠠᠭᠰᠠᠨ ᠰᠢᠭ᠋ ᠯᠠ ᠬᠣᠨᠳᠣᠯᠠᠢ ᠨᠢ ᠪᠥᠮᠪᠥᠭᠡᠨᠡᠭᠡᠳ ᠡᠷ᠎ᠡ ᠬᠥᠮᠥᠨ ᠦ ᠭᠠᠩ ᠲᠠᠢᠯᠬᠤ ᠶᠢᠨ ᠵᠢᠷᠭᠠᠯ ᠢ ᠡᠳ᠋ᠯᠡᠳᠡᠭ ᠴᠤ᠌ ᠪᠣᠯᠣᠭᠠᠰᠠᠢ》 ᠭᠡᠵᠦ ᠬᠡᠢ ᠳᠡᠮᠡᠢ ᠭᠣᠷᠢᠳᠠᠵᠤ ᠶᠠᠪᠤᠬᠤ ᠳᠤ ᠪᠡᠶ᠎ᠡ ᠶᠢᠨ ᠬᠢᠨᠢ ᠭᠠᠵᠠᠷ ᠦᠲᠦ ᠠᠷᠵᠠᠭᠠᠨᠠᠨ ᠵᠠᠭᠠᠲᠤᠨᠠᠬᠤ ᠰᠢᠭ᠋ ᠪᠣᠯᠵᠤ ᠡᠮᠡᠭᠡᠯ ᠳᠣᠣᠷ᠎ᠠ ᠠᠴᠠ ᠨᠢ ᠨᠤᠬᠤᠵᠤ ᠡᠪᠡᠳᠬᠡᠨ᠎ᠡ᠃
       ᠵᠠᠯᠠᠭᠤ ᠬᠠᠲᠤᠨ ᠵᠠᠰᠠᠭ ᠬᠦᠩ ᠨᠣᠶᠠᠨ ᠤ ᠪᠠᠨ ᠬᠠᠩᠭᠠᠯᠲᠠ ᠳᠤ ᠬᠠᠨᠤᠮᠵᠢ ᠮᠠᠭᠤ ᠪᠠᠢᠳᠠᠭ ᠴᠤ᠌ ᠶᠤᠮ ᠤᠤ ᠭᠡᠮᠡᠷ ᠴᠠᠭᠠᠳᠤᠬᠢ ᠨᠢ ᠨᠢᠳᠦᠨ ᠳᠡᠬᠡᠨ ᠭᠣᠬ᠎ᠠ ᠲᠣᠭᠯᠠᠭᠤᠯᠤᠭᠠᠳ ᠪᠠᠢᠩᠭᠤ《 ᠮᠠᠨᠴᠤᠷᠭ᠎ᠠ ᠡ! ᠨᠠᠭᠠᠰᠢ ᠪᠠᠨ!》 ᠭᠡᠬᠦ ᠰᠢᠭ ᠰᠠᠨᠠᠭᠳᠠᠨ᠎ᠠ᠃ ᠨᠢᠭᠡ ᠤᠳᠠᠭ᠎ᠠ ᠬᠣᠰᠢᠭᠤ ᠶᠠᠮᠤᠨ ᠤ ᠬᠥᠬᠡ ᠲᠣᠭᠣᠰᠬᠠᠨ ᠭᠦᠷᠢᠶᠡᠨ ᠦ ᠠᠮᠠᠨ ᠳᠤ ᠴᠡᠴᠡᠭ ᠬᠠᠲᠤᠨ ᠲᠠᠢ ᠬᠠᠯᠵᠠ ᠵᠣᠯᠭᠠᠬᠤ ᠳᠤ ᠬᠠᠲᠤᠨ ᠤ ᠴᠢᠷᠠᠢ ᠥᠯᠥ᠍ ᠮᠡᠳᠡᠭ ᠤᠯᠠᠪᠠᠯᠵᠠᠵᠤ ᠨᠢᠳᠦ ᠨᠢ ᠢᠨᠠᠭ ᠤᠨ ᠭᠠᠯ ᠳᠤ ᠳᠦᠯᠡᠭᠳᠡᠬᠦ  ᠳᠡᠬᠡᠨ ᠲᠣᠭᠲᠠᠭᠤᠬᠠᠨ ᠪᠣᠯᠪᠠᠴᠤ ᠴᠣᠷᠭᠢᠮ᠎ᠠ ᠬᠠᠷᠠᠴᠠ ᠪᠠᠷ ᠲᠡᠭᠦᠨ ᠢ ᠴᠣᠭᠣᠷᠠᠲᠠᠯ᠎ᠠ ᠰᠢᠷᠲᠡᠭᠰᠡᠨ ᠢ ᠲᠡᠷᠡ ᠮᠠᠷᠲᠠᠵᠤ ᠴᠢᠳᠠᠬᠤ ᠦᠭᠡᠢ ᠪᠠᠢᠯ᠎ᠠ᠃ ᠲᠡᠭᠦᠨ ᠡᠴᠡ ᠬᠣᠢᠰᠢ ᠪᠣᠳᠣᠯ ᠳ᠋ᠤᠨᠢ ᠭᠥᠩ ᠨᠣᠶᠠᠨ ᠤ ᠬᠠᠢᠷᠠᠲᠠᠢ ᠬᠠᠲᠤᠨ ᠳ᠋ᠤᠨᠢ ᠣᠢᠷᠠᠲᠤᠵᠤ ᠦᠵᠡᠬᠦ ᠰᠠᠨᠠᠭ᠎ᠠ ᠪᠠᠢᠨ ᠪᠠᠢᠨ ᠣᠷᠣᠳᠠᠭ ᠪᠣᠯᠪᠠ᠃
       ᠤᠯᠠᠭᠠᠨ ᠵᠠᠭᠠᠷᠠᠭ ᠲᠠᠢ ᠨᠠᠮᠢᠯᠵᠠᠭᠤᠨ ᠨᠠᠮᠤᠭᠲᠤ ᠭᠠᠵᠠᠷ ᠢ᠋ ᠲᠦᠳᠡᠬᠡᠨ ᠲᠣᠪᠴᠢᠯᠠᠵᠤ ᠵᠣ ᠭᠠᠵᠠᠷ ᠲᠤ᠌ ᠭᠠᠷᠬᠤ ᠳ᠋ᠤ᠌ ᠤᠨᠤᠭᠰᠠᠨ ᠮᠣᠷᠢᠨ ᠤ᠋ ᠬᠢᠨᠢ ᠬᠤᠷᠳᠤ ᠨᠡᠮᠡᠭᠳᠡᠵᠦ ᠴᠢᠯᠠᠭᠤ ᠬᠠᠢᠷ᠂ ᠲᠠᠷᠭᠢᠯ ᠭᠣᠣ ᠲᠠᠢ ᠵᠠᠮ ᠢ᠋ ᠠᠵᠢᠭ ᠦᠭᠡᠢ ᠬᠣᠷᠣᠭᠠᠵᠤ ᠶᠠᠪᠤᠨ᠎ᠠ᠃ ᠶᠠᠯᠢ ᠦᠭᠡᠢ ᠵᠤᠷᠠᠮ᠎ᠠ ᠶ᠋ᠢᠨ ᠨᠦᠬᠡᠨ ᠳ᠋ᠦ᠍ ᠭᠡᠨᠡᠳᠲᠡ ᠪᠦᠳᠦᠷᠢᠭᠰᠡᠨ ᠮᠣᠷᠢ ᠨᠢ ᠮᠠᠨᠴᠤᠷᠭ᠎ᠠ ᠶᠢ ᠵᠢᠯᠣᠭᠣ ᠠᠯᠳᠠᠭᠤᠯᠵᠤ ᠠᠷᠠᠢ ᠯᠠ ᠤᠨᠠᠭᠠᠭᠰᠠᠨ ᠦᠭᠡᠢ᠃ ᠡᠨᠡ ᠨᠢ ᠬᠠᠲᠤᠨ ᠤ ᠡᠪᠦᠷ ᠲᠦ ᠰᠢᠷᠭᠤᠬᠤ ᠭᠡᠰᠡᠨ ᠪᠣᠳᠣᠯ ᠠᠴᠠ ᠮᠠᠨᠴᠤᠷᠭ᠎ᠠ ᠶᠢᠨ ᠰᠡᠳᠬᠢᠯ ᠦᠨ ᠵᠢᠯᠣᠭᠣ ᠶᠢ ᠨᠢ ᠡᠷᠭᠢᠭᠦᠯᠪᠡ᠃
        ᠠ ᠴᠠᠪᠠᠰᠤ᠂ ᠡᠰᠡ ᠯᠡ ᠵᠤᠷᠠᠮ᠎ᠠ ᠶ᠋ᠢᠨ ᠨᠦᠬᠡ ᠰᠠᠬᠢᠭᠤᠯᠴᠢᠬᠠᠬᠤ ᠰᠢᠬᠠᠯ᠎ᠠ ᠭᠡᠳ ᠡᠪᠦᠳᠦᠭ ᠢ᠋ᠶ᠋ᠡᠷ ᠢ᠋ᠶ᠋ᠡᠨ ᠳᠠᠪᠢᠷᠠᠵᠤ 《 ᠴᠥᠬᠥ 》 ᠭᠡᠬᠦ ᠳ᠋ᠦ᠍ ᠡᠵᠡᠨ ᠦ᠌ ᠪᠠ ᠰᠠᠨᠠᠭ᠎ᠠ ᠶ᠋ᠢ ᠠᠯᠳᠠᠯ ᠦᠭᠡᠢ ᠮᠡᠳᠡᠳᠡᠭ ᠠᠷᠭᠢᠶ᠎ᠠ ᠬᠡᠭᠡᠷ ᠨᠢ ᠲᠠᠰᠢᠭᠤᠷ ᠦᠭᠭᠦᠭᠰᠡᠨ ᠰᠢᠭ ᠤᠬᠤᠰᠬᠢᠪᠡ᠃
       ᠪᠠᠷᠤᠭ ᠤ᠋ᠨ ᠪᠠᠷᠲᠠᠭ᠎ᠠ ᠲᠠᠢ ᠵᠠᠮ ᠳ᠋ᠤ᠌ ᠪᠦᠳᠦᠷᠢᠬᠦ ᠶ᠋ᠢ ᠮᠡᠳᠡᠳᠡᠭ ᠦᠭᠡᠢ ᠠᠷᠭᠢᠶ᠎ᠠ ᠬᠡᠭᠡᠷ ᠬᠥᠯ ᠠᠯᠳᠠᠬᠤ ᠳ᠋ᠤ᠌ ᠲᠡᠷᠡ ᠪᠡᠷ ᠰᠡᠵᠢᠭ ᠲᠥᠷᠥᠪᠡ᠃ 《 ᠮᠠᠨᠴᠤᠷᠭ᠎ᠠ ᠴᠢ ᠭᠥᠩ ᠨᠣᠶᠠᠨ ᠤ ᠵᠠᠯᠠᠭᠤ ᠬᠠᠲᠤᠨ ᠳᠤ ᠰᠠᠨᠠᠭᠠᠷᠬᠠᠭᠰᠠᠨ ᠪᠣᠯᠴᠢᠮ ᠦᠭᠡᠢ ᠪᠣᠳᠣᠯ ᠢᠶᠠᠨ ᠲᠠᠶᠠᠭᠳᠠᠵᠤ ᠪᠡᠶ᠎ᠡ ᠪᠡᠨ ᠮᠡᠳᠡᠭ᠍ᠰᠡᠨ ᠴᠢᠨᠢ ᠳᠡᠭᠡᠷ᠎ᠡ ᠪᠣᠢ》ᠭᠡᠵᠦ ᠬᠡᠨ ᠨᠢᠭᠡ ᠨᠢ ᠲᠡᠭᠦᠨ ᠤ ᠴᠢᠬᠢᠨ ᠳᠦ ᠰᠢᠪᠡᠨᠡᠬᠦ ᠮᠡᠲᠦ ᠪᠣᠯᠪᠠ ᠃
       ᠮᠠᠨᠴᠤᠷᠭ᠎ᠠ ᠠᠷᠭᠢᠶ᠎ᠠ ᠬᠡᠭᠡᠷ ᠦ᠋ᠨ ᠢ᠋ᠶ᠋ᠡᠨ ᠪᠦᠳᠦᠷᠢᠭᠰᠡᠨ ᠢ᠋ᠶ᠋ᠡᠷ 《 ᠵᠠ᠂ ᠪᠠᠢᠶ᠎ᠠ ᠳᠠ ! ᠪᠤᠷᠬᠠᠨ ᠲᠡᠭ᠍ᠷᠢ ᠪᠤᠷᠤᠭᠤ ᠦᠵᠡᠬᠦ ᠶᠦᠮ ᠪᠠᠢᠨ᠎ᠠ 》ᠭᠡᠵᠦ ᠴᠡᠴᠡᠭ ᠬᠠᠲᠤᠨ ᠢ ᠪᠣᠳᠣᠯ ᠠᠴᠠ ᠪᠠᠨ ᠵᠠᠢᠯᠠᠭᠤᠯᠪᠠᠯ ᠠᠯᠢᠶ᠎ᠠ ᠷᠤᠯᠮ᠎ᠠ ᠪᠣᠳᠣᠯ ᠳᠤ ᠣᠷᠣᠯ᠎ᠠ᠃
       ᠷᠤᠯᠮ᠎ᠠ ᠣᠯᠠᠨ ᠡᠷ᠎ᠡ ᠪᠡᠷ ᠵᠠᠢᠳᠠᠯᠠᠭᠤᠯᠤᠭᠰᠠᠨ ᠵᠠᠢᠳᠠᠩ ᠪᠠᠢᠳᠠᠰᠤ ᠪᠣᠯᠪᠠᠴᠤ ᠶᠠᠭᠤᠮᠠᠨ ᠤ᠋ ᠣᠩᠭᠢᠨ ᠳᠡᠭᠡᠷ᠎ᠡ ᠴᠠᠭᠠᠨ᠎ᠠ ᠪᠠᠨ ᠨᠢᠭᠡ ᠠ ᠥᠶᠥᠭ᠂ ᠪᠠᠷᠬᠢᠷᠠᠭ᠎ᠠ ᠢᠩᠭᠡ ᠰᠢᠭ ᠲᠠᠭᠠᠲᠠᠢᠬᠠᠨ ᠪᠠᠢᠳᠠᠭ ᠢ᠋ ᠮᠠᠨᠴᠤᠷᠭ᠎ᠠ ᠶᠠᠭᠤ ᠠᠨᠳᠠᠬᠤ ᠪᠣᠢ᠃
       ᠲᠡᠷᠡ ᠵᠢᠯ ᠦ᠋ᠨ ᠨᠠᠮᠤᠷ ᠮᠠᠨᠴᠤᠷᠭ᠎ᠠ ᠬᠡᠳᠦᠭᠦᠯᠡ ᠯᠡ ᠣᠪᠣᠭᠲᠤ ᠶ᠋ᠢᠨ ᠵᠢᠷᠭᠤᠭᠠᠨ ᠴᠦᠷᠭᠡ ᠲᠡᠮᠡᠭᠡᠨ ᠠᠴᠢᠶ᠎ᠠ ᠶ᠋ᠢ ᠰᠠᠬᠢᠵᠤ ᠪᠤᠭᠤᠲᠤ ᠶ᠋ᠢᠨ ᠬᠠᠷ᠎ᠠ ᠳᠠᠪᠠᠭ᠎ᠠ ᠶᠢ ᠳᠠᠪᠠᠭᠤᠯᠬᠤ ᠳ᠋ᠤ᠌ ᠲᠤᠨᠤᠬᠤ ᠶ᠋ᠢ ᠵᠠᠪᠳᠤᠭᠰᠠᠨ ᠠᠷᠪᠠᠭᠠᠳ ᠳᠡᠭᠡᠷᠡᠮ ᠢ᠋ ᠲᠣᠨᠢᠯᠭᠠᠵᠤ ᠠᠮᠤᠷ ᠲᠠᠢᠪᠤᠩ ᠳᠠᠪᠠᠭ᠎ᠠ ᠳᠠᠪᠠᠭᠤᠯᠤᠭᠰᠠᠨ ᠢ᠋ᠶ᠋ᠠᠷ ᠬᠠᠷᠠᠮᠴᠢ ᠮᠠ ᠣᠪᠣᠭᠲᠤ ᠶ᠋ᠢᠨ ᠭᠠᠷ ᠠ᠋ᠴᠠ ᠬᠤᠪᠢ ᠳᠠᠬᠢᠨ ᠢᠯᠡᠭᠦᠦ ᠱᠠᠩ ᠬᠦᠷᠲᠡᠵᠦ ᠪᠤᠴᠠᠯᠭᠠᠨ ᠳ᠋ᠠᠭᠠᠨ ᠪᠤᠭᠤᠲᠤ ᠳ᠋ᠤ᠌ ᠪᠠᠭᠤᠵᠠᠢ᠃ ᠲᠡᠷᠡ ᠦᠶ᠎ᠡ ᠳ᠋ᠦ᠍ ᠬᠣᠰᠢᠭᠤ ᠶᠠᠮᠤᠨ ᠤ᠋ ᠴᠡᠷᠢᠭ᠂ ᠰᠦᠮ᠎ᠡ ᠰᠠᠩ ᠤᠨ ᠰᠠᠬᠢᠭᠤᠯ᠂ ᠨᠤᠲᠤᠭ ᠤ᠋ᠨ ᠴᠡᠷᠢᠭ ᠦ᠋ᠳ ᠴᠤ᠌ ᠭᠠᠨᠵᠤᠭᠠᠨ ᠤ᠋ ᠮᠠᠢᠮᠠᠢᠴᠢᠳ ᠤ᠋ᠨ ᠠᠴᠢᠶ᠎ᠠ ᠬᠥᠰᠬᠡ ᠶ᠋ᠢ ᠳᠡᠭᠡᠷᠡᠮ ᠲᠣᠨᠣᠭ᠎ᠠ ᠠ᠋ᠴᠠ ᠬᠠᠮᠠᠭᠠᠯᠠᠵᠤ ᠂ ᠠᠮᠤᠷ ᠲᠦᠪᠰᠢᠨ ᠢ᠋ ᠨᠢ ᠪᠠᠲᠤᠯᠠᠵᠤ ᠪᠠᠭ᠎ᠠ ᠰᠠᠭ᠎ᠠ ᠬᠠᠷᠢᠭᠤ ᠮᠥᠩᠭᠥ ᠡᠪᠦᠷᠲᠦᠯᠡᠨ ᠬᠡᠦᠬᠡᠳ ᠪᠦᠰᠡᠭᠦᠢ ᠶ᠋ᠢᠨ ᠢ᠋ᠶ᠋ᠡᠨ ᠭᠣᠣᠯ ᠢ᠋ ᠨᠢ ᠳᠡᠪᠲᠦᠭᠡᠬᠦ ᠭᠡᠵᠦ ᠠᠮᠢᠲᠠᠢᠳᠠᠭ③ ᠪᠠᠢᠪᠠ᠃ ᠮᠠᠨᠴᠤᠷᠭ᠎ᠠ ᠶ᠋ᠢᠨ ᠬᠤᠪᠢ ᠳ᠋ᠤ᠌ ᠪᠣᠯ ᠡᠨᠡ ᠲᠤᠬᠠᠢ ᠰᠠᠨᠠᠬᠤ ᠶᠠᠭᠤᠮ᠎ᠠ ᠪᠢᠰᠢ᠃ ᠬᠠᠷᠢᠨ ᠢᠯᠡᠭᠦᠴᠡ ᠬᠡᠳᠦᠨ ᠮᠥᠩᠭᠥ ᠲᠡᠢ ᠪᠣᠯ ᠬᠡᠳᠦᠨ ᠴᠢᠮᠬᠢ ᠬᠠᠩᠭᠢ ᠰᠢᠤᠬᠠᠨ ᠶᠠᠭᠤᠮ᠎ᠠ ᠣᠯᠵᠤ ᠬᠡᠩᠰᠢᠭᠦᠦ ᠦᠨᠦᠷᠲᠦᠭᠡᠳ ᠬᠠᠮᠠᠷ ᠢ᠋ᠶ᠋ᠠᠷ ᠢ᠋ᠶ᠋ᠠᠨ ᠪᠠᠭᠠᠬᠢᠭᠤᠯᠴᠢᠬᠠᠳᠠᠭ᠃ ᠡᠪ ᠲᠠᠭᠠᠷᠠᠪᠠᠯ ᠡᠮ᠎ᠡ ᠶ᠋ᠢᠨ ᠲᠣᠯᠣᠭᠠᠢ ᠡᠷᠭᠢᠭᠦᠯᠦᠨ ᠢᠯᠡᠭᠦᠦ ᠬᠣᠶᠠᠷ ᠮᠥᠩᠭᠥ ᠭᠠᠷᠤᠵᠠᠳᠠᠭᠤᠯᠤᠭᠰᠠᠨ ᠴᠤ᠌ ᠶᠡᠷᠦ ᠬᠠᠢᠷᠠᠨ ᠭᠡᠵᠦ ᠰᠠᠨᠠᠳᠠᠭ ᠦᠭᠡᠢ ᠠᠵᠢ᠃ ᠡᠢᠨ ‍ᠬᠦ ᠮᠠᠨᠴᠤᠷᠭ᠎ᠠ ᠮᠠᠬᠠᠪᠣᠳ ᠢ᠋ᠶ᠋ᠠᠨ ᠵᠢᠷᠭᠠᠭᠤᠯᠤᠨ ᠮᠠᠩᠰᠢᠭᠤᠷᠠᠬᠤ ᠶ᠋ᠢ ᠶᠠᠭᠤᠨ ᠠ᠋ᠴᠠ ᠴᠤ᠌ ᠳᠡᠭᠡᠷ᠎ᠡ ᠭᠡᠵᠦ ᠦᠵᠡᠨ᠎ᠡ᠃ 
       ᠲᠡᠷᠡ ᠤᠳᠠᠭ᠎ᠠ ᠮᠠᠨᠴᠤᠷᠭ᠎ᠠ ᠰᠠᠨᠠᠭᠠᠨ ᠳ᠋ᠤ᠌ ᠦᠭᠡᠢ ᠰᠦᠷ ᠪᠠᠳᠠᠷᠠᠭᠤᠯᠵᠤ ᠳᠠᠭᠠᠷᠢᠯᠳᠤᠭᠰᠠᠨ ᠠᠷᠪᠠᠭᠠᠳ ᠶᠠᠪᠠᠭᠠᠨ ᠲᠣᠨᠣᠭ᠎ᠠ ᠶ᠋ᠢ ᠠᠯᠠᠳᠠᠭ ᠢ᠋ ᠨᠢ ᠠᠯᠠᠵᠤ ᠳᠤᠲᠠᠭᠠᠯᠭᠠᠳᠠᠭ ᠢ᠋ ᠨᠢ ᠲᠤᠲᠠᠭᠠᠯᠭᠠᠴᠢᠬᠠᠭᠠᠳ ᠬᠠᠷᠠᠮᠴᠢ ᠮᠠ ᠣᠪᠣᠭᠲᠤ ᠶ᠋ᠢᠨ ᠰᠠᠮᠵᠠ ᠶ᠋ᠢᠨ ᠪᠤᠬᠤᠷ ᠠ᠋ᠴᠠ ᠢᠯᠡᠭᠦᠦ ᠬᠡᠳᠦᠨ 《 ᠴᠢᠪᠠᠭ᠎ᠠ 》 ᠤᠨᠠᠭᠠᠭᠰᠠᠨ ᠢ᠋ᠶ᠋ᠠᠨ ᠬᠡᠷᠡᠭ ᠲᠠᠶ᠎ ᠭᠠᠵᠠᠷ ᠵᠠᠷᠤᠨ᠎ᠠ ᠭᠡᠵᠦ ᠷᠤᠯᠮ᠎ᠠ ᠶᠢᠨ ᠳ᠋ᠤ᠌ ᠱᠤᠯᠤᠭᠠᠳ ④ ᠪᠠᠭᠤᠵᠠᠢ᠃ 
        ᠷᠤᠯᠮ᠎ᠠ ᠳᠣᠷᠢᠭᠤᠨ ᠭᠠᠭᠴᠠᠭᠠᠷ ᠪᠠᠢᠬᠤ ᠲᠣᠬᠢᠶᠠᠪᠠ᠃ 
       — ᠪᠤᠳ᠋ᠠᠨ ᠤ᠋ ᠪᠥᠵᠥᠩ ᠦᠷᠭᠦᠭᠡᠭᠦ᠋ᠵᠡᠢ ᠭᠡᠳ ᠠᠶᠤᠨ ᠰᠣᠴᠢᠨ ᠶᠠᠪᠤᠵᠤ ᠢᠷᠡᠯ᠎ᠡ ᠷᠤᠯᠮ᠎ᠠ ᠮᠢᠨᠢ ! 
       — ᠶᠠᠭᠤᠨ ᠳ᠋ᠠᠭᠠᠨ ᠠᠶᠤᠵᠤ ᠰᠣᠴᠢᠨ᠎ᠠ ᠪᠣᠢ ? ᠬᠠᠪᠬᠠᠨ ᠳ᠋ᠤ᠌ ᠭᠢᠰᠬᠢᠴᠢᠬᠡᠬᠦ ᠡᠴᠡ ᠠᠶᠤᠪᠠ ᠤᠤ? ᠴᠢᠮᠠᠶ᠋ᠢ ᠪᠢ ᠬᠠᠮᠠᠷᠴᠢ ᠮᠥᠷᠲᠡᠭᠡᠨ ᠰᠣᠨᠣᠷᠴᠢ᠂ ᠨᠡᠷ᠎ᠡ ᠲᠡᠢ ᠪᠡᠨ ᠠᠳᠠᠯᠢᠬᠠᠨ ᠰᠠᠢᠨ ᠡᠷ᠎ᠡ ᠶ᠋ᠢᠨ ᠨᠢᠭᠡ ᠭᠡᠵᠦ ᠰᠠᠨᠠᠭᠰᠠᠨ ᠴᠢᠨᠢ ᠡᠢᠮᠦ ᠲᠠᠤᠯᠠᠢ ᠶ᠋ᠢᠨ ᠵᠢᠷᠦᠬᠡ ᠲᠡᠢ ᠠᠮᠢᠲᠠᠨ ᠪᠠᠢᠭᠰᠠᠨ ᠶᠤᠮ ᠤᠤ ᠭᠡᠳ ᠰᠤᠭᠤ ᠤᠷᠤᠭᠤ ᠪᠠᠨ ᠭᠡᠳᠡᠭᠡᠯᠡᠭᠦᠯᠦᠭᠰᠡᠨ ᠶᠦᠮ ᠰᠢᠭ ᠬᠢᠳ ᠬᠢᠳ ᠬᠢᠨ ᠢᠨᠢᠶᠡᠨ᠎ᠡ᠃ 
       —  ᠨᠠᠮᠠᠶ᠋ᠢ ᠳᠣᠭᠣᠭᠢᠯᠠᠭ᠎ᠠ ᠤᠤ ᠳᠠ ᠴᠢ ? 
       — ᠶᠠᠭᠠᠬᠢᠯ᠎ᠠ ᠭᠡᠵᠦ ᠳᠣᠭᠣᠭᠢᠯᠠᠳᠠᠭ ᠶᠤᠮ ᠪᠣᠢ ?
       — ᠭᠠᠷ ᠬᠣᠭᠣᠰᠣᠨ ᠢᠷᠡᠯ᠎ᠡ ᠭᠡᠵᠦ ᠳᠣᠭᠣᠭᠢᠯᠠᠭ᠎ᠠ ᠪᠠᠢᠯᠭᠦᠢ! 
       — ᠶᠠᠭᠤ ᠭᠡᠰᠡᠨ ᠦᠭᠡ ᠪᠣᠢ!  ᠮᠠᠨᠴᠤᠷᠭ᠎ᠠ ᠭᠤᠸᠠᠢ ᠨᠡᠭᠡᠷᠡᠨ ᠨᠠᠮᠠᠶ᠋ᠢ ᠱᠣᠣᠯᠠᠬᠤ ᠨᠢ ᠤᠤ! ᠭᠡᠳ ᠬᠢᠳ ᠬᠢᠳ ᠢᠨᠢᠶᠡᠬᠦ ᠨᠢ《 ᠮᠠᠨᠴᠤᠷᠭ᠎ᠠ ᠭᠤᠸᠠᠢ ᠠ᠋! ᠡᠨᠡ ᠤᠳᠠᠭ᠎ᠠ ᠴᠢ ᠬᠣᠶᠠᠷ ᠭᠠᠷ ᠢ᠋ᠶ᠋ᠠᠨ ᠤᠨᠵᠢᠢᠯᠭᠠᠵᠤ ᠬᠣᠭᠣᠰᠣᠨ ᠢᠷᠡᠪᠡ ᠤᠤ? ᠬᠣᠶᠠᠷ ᠮᠥᠩᠭᠥᠨ ᠵᠣᠭᠣᠰ ᠲᠠᠢ ᠪᠠᠷᠳᠠᠮ ᠢᠷᠡᠪᠡ ᠤᠤ》 ᠭᠡᠰᠡᠨ ᠰᠢᠭ ᠬᠠᠷᠠᠭᠳᠠᠨ᠎ᠠ᠃ 
       ᠮᠠᠴᠣᠷᠭ᠎ᠠ ᠬᠠᠷᠢᠭᠤ ᠲᠣᠣᠭᠠᠠᠷᠣᠬᠰᠠᠠ ᠦᠭᠡᠢ ᠪᠣᠯᠪᠠᠴᠤ ᠳᠣᠲᠣᠷ᠎ᠠ ᠪᠠᠨ《 ᠴᠢᠨᠦ ᠲᠡᠷᠡ< ᠪᠤᠷᠬᠠᠨ> ᠤ᠋ ᠭᠣᠣ ᠳ᠋ᠤ᠌ ᠮᠥᠷᠭᠥᠬᠦ ᠭᠡᠵᠦ ᠭᠤᠶᠤᠭᠰᠠᠨ ᠡᠷᠡᠴᠦᠦᠯ ᠮᠥᠩᠭᠥᠨ ᠵᠣᠭᠣᠰ ᠰᠢᠳᠡᠬᠦ ᠳ᠋ᠦ᠍ ᠴᠢ ᠳᠤᠷᠠᠲᠠᠢ ᠪᠣᠯ ᠬᠣᠶᠠᠷ ᠬᠤᠷᠤᠭᠤ ᠪᠠᠷ ᠢᠶᠠᠨ ᠰᠤᠷᠮᠠᠭᠠᠢ ᠬᠠᠪᠴᠢᠵᠤ ᠴᠢᠳᠠᠳᠠᠭ ᠰᠠᠨ ᠪᠣᠯ ᠪᠢ ᠬᠣᠶᠠᠷ ᠮᠥᠩᠭᠥᠨ ᠵᠣᠭᠣᠰ ᠵᠡᠷᠭᠡ ᠳ᠋ᠦ᠍ᠨᠢ ᠰᠢᠳᠡᠬᠦ ᠶᠤᠮᠰᠠᠨ ᠁》 ᠭᠡᠵᠦ ᠷᠣᠯᠮ᠎ᠡ ᠶᠢ ᠳᠡᠮᠡᠢ ᠲᠣᠭᠣᠵᠤ ᠶᠠᠳᠠᠨ᠎ᠠ᠃ 
       —《 ᠡᠨᠡ ᠤᠳᠠᠭ᠎ᠠ ᠭᠠᠨᠵᠤᠭ᠎ᠠ ᠳᠦᠭᠦᠷᠡᠩ ᠶᠠᠪᠤᠭ᠎ᠠ》 ᠭᠡᠰᠡᠨ ᠦᠰᠦᠭ ᠴᠢᠷᠠᠢ ᠳᠡᠭᠡᠷ᠎ᠡ ᠴᠢᠨᠢ ᠢᠪ ᠢᠯᠡᠬᠡᠨ᠃  ᠁ ᠴᠢ ᠪᠣᠯ ᠵᠢᠩᠬᠢᠨᠢ ᠡᠷ᠎ᠡ ᠬᠥᠮᠦᠨ ᠦ᠌ ᠨᠢᠭᠡ ᠮᠥᠨ᠃ ᠶᠠᠭᠠᠬᠢᠯ᠎ᠠ ᠭᠡᠵᠦ ᠭᠠᠷ ᠬᠣᠭᠣᠰᠣᠨ ᠭᠠᠨᠵᠤᠭ᠎ᠠ ᠰᠤᠯᠠ ᠢᠷᠡᠬᠦ ᠪᠣᠢ? ᠪᠢ ᠪᠠᠢᠲᠤᠭᠠᠢ᠂ ᠬᠡᠨ ᠴᠤ᠌ ᠢᠲᠡᠭᠡᠬᠦ ᠦᠭᠡᠢ᠃ ᠤᠪᠵᠢᠠ ᠦᠭᠡᠢ ᠮᠠᠭᠤ ᠰᠠᠢᠨ ᠡᠷᠡᠰ ᠦ᠋ᠳ ᠰᠢᠭ ᠬᠣᠶᠠᠷᠬᠠᠨ ᠮᠥᠩᠭᠥ ᠡᠪᠦᠷᠯᠡᠴᠢᠬᠡᠭᠡᠳ ᠭᠤᠷᠪᠠᠨ ᠯᠠᠩ ᠳᠡᠭᠦᠵᠢᠯᠡᠭᠦᠷ ᠲᠡᠭᠡᠨ ᠲᠠᠢᠯᠳᠠᠵᠤ ᠲᠡᠰᠳᠡᠰᠢ ᠦᠭᠡᠢ ᠬᠠᠪᠴᠢᠭᠠᠨᠠᠳᠠᠭ ᠤ᠋ᠨ ᠨᠢᠭᠡ ᠴᠢ ᠪᠢᠰᠢ ᠭᠡᠳᠡᠭ ᠢ᠋ ᠪᠢ ᠢᠲᠡᠭᠡᠨ᠎ᠡ ᠭᠡᠳ ᠬᠢᠳ ᠬᠢᠳ ᠢᠨᠢᠶᠡᠭᠰᠡᠨ ᠨᠢ《 ᠮᠢᠨᠦ ᠡᠭᠦᠳᠡᠨ ᠳ᠋ᠦ᠍ ᠮᠥᠷᠭᠥᠬᠦ ᠪᠡᠷ ᠢᠷᠡᠬᠦ ᠬᠥᠮᠦᠨ ᠭᠠᠷ ᠬᠣᠭᠣᠰᠣᠨ ᠢᠷᠡᠬᠦ ᠭᠡᠵᠦ ᠬᠠᠮᠢᠭ᠎ᠠ ᠪᠠᠢᠬᠤ ᠪᠣᠢ! ᠡᠭᠦᠳᠡ ᠲᠣᠭᠰᠢᠬᠤ ᠳ᠋ᠠᠭᠠᠨ ᠴᠠᠭᠠᠨ ᠵᠣᠭᠣᠰ ᠢ᠋ᠶ᠋ᠠᠷ ᠲᠣᠭᠰᠢᠳᠠᠭ ᠶᠤᠮ ᠰᠢᠦ! ᠴᠢ ᠰᠣᠨᠣᠰᠬᠤ ᠦᠭᠡᠢ ᠤᠤ ᠳᠠ᠂< ᠲᠤᠭ ᠲᠤᠭ> ᠭᠡᠵᠦ ᠶᠠᠭᠠᠬᠢᠭᠰᠠᠨ ᠴᠤ᠌ ᠰᠣᠨᠣᠰᠳᠠᠬᠤ ᠦᠭᠡᠢ᠃ ᠬᠠᠷᠢᠨ< ᠳ᠋ᠢᠩ ᠳ᠋ᠢᠩ> ᠭᠡᠵᠦ ᠮᠥᠩᠭᠥ ᠳᠢᠩᠭᠢᠨᠠᠬᠤ ᠰᠢᠭ᠋ ᠰᠣᠨᠣᠰᠳᠠᠨ᠎ᠠ!》 ᠭᠡᠵᠦ ᠬᠡᠯᠡᠭᠡᠳ ᠠᠪᠬᠤ ᠰᠢᠭ᠋ ᠮᠠᠨᠴᠤᠷᠭ᠎ᠠ ᠳ᠋ᠤ᠌ ᠰᠠᠨᠠᠭᠳᠠᠪᠠ᠃  
       ᠮᠠᠨᠴᠤᠷᠭ᠎ᠠ᠂ ᠷᠤᠯᠮ᠎ᠠ ᠶᠢᠨ ᠴᠠᠭᠠᠨ᠎ᠠ ᠰᠠᠨᠠᠭ᠎ᠠ ᠶ᠋ᠢ ᠨᠡᠪᠲᠡ ᠣᠢᠯᠠᠭᠠᠭᠠᠳ ᠬᠣᠶᠠᠷ ᠮᠥᠩᠭᠥᠨ ᠵᠣᠭᠣᠰ ᠢ᠋ ᠪᠡᠶ᠎ᠡ ᠤᠷᠤᠭᠤ ᠨᠢ ᠴᠣᠴᠢᠮᠠᠭ ᠰᠢᠳᠡᠵᠦ ᠣᠷᠬᠢᠪᠠ᠃ 
       ᠡᠨᠡ ᠦᠢᠯᠡ ᠳ᠋ᠦ᠍ ᠴᠠᠭᠠᠷᠠᠭᠰᠠᠨ ᠷᠣᠯᠮ᠎ᠠ ᠶᠠᠭᠤ ᠠᠨᠳᠠᠬᠤ ᠪᠢᠯᠡ? ᠨᠢᠭᠡ ᠶ᠋ᠢ ᠨᠢ ᠡᠷᠡᠬᠡᠢ ᠳᠣᠯᠢᠶᠠᠪᠤᠷ᠂ ᠨᠥᠭᠦᠭᠡ ᠶ᠋ᠢ ᠨᠢ ᠢᠳᠠᠮ ᠰᠢᠭᠢᠵᠡᠢ ᠬᠣᠶᠠᠷ ᠢᠶᠠᠷ ᠢᠶᠠᠨ ᠲᠤᠰ ᠲᠤᠰ ᠬᠠᠪᠴᠢᠵᠤ ᠠᠪᠴᠢᠬᠠᠭᠠᠳ ᠲᠡᠷᠡ ᠵᠠᠪ ᠦᠭᠡᠢ ᠡᠷᠡᠬᠡᠢ ᠪᠣᠯᠤᠨ ᠳᠤᠮᠳᠠ ᠬᠤᠷᠤᠭᠤᠨ ᠤ᠋ ᠪᠠᠨ ᠤᠷᠲᠤ ᠬᠢᠮᠤᠰᠤ ᠪᠠᠷ ᠨᠢᠭᠡ ᠮᠥᠩᠭᠥᠨ ᠵᠣᠭᠣᠰ ᠢ᠋ ᠢᠯᠳᠠᠮᠬᠠᠨ ᠬᠠᠪᠴᠢᠭᠠᠳ ᠫᠦᠳ᠋ ᠬᠢᠨ ᠦᠯᠢᠶᠡᠬᠦ ᠳ᠋ᠦ᠍《 ᠵᠢᠩ᠁》 ᠭᠡᠵᠦ ᠪᠢᠲᠡᠭᠦᠬᠡᠨ ᠵᠢᠩᠬᠢᠨᠡᠬᠰᠠᠠ ᠳᠠᠭᠤᠨ ᠭᠠᠷᠤᠭᠰᠠᠨ ᠳ᠋ᠤ᠌ ᠷᠣᠯᠮ᠎ᠠ ᠶᠢᠨ ᠴᠢᠷᠠᠢ ᠳ᠋ᠤ᠌ ᠪᠠᠶᠠᠷ ᠭᠢᠯᠠᠯᠵᠠᠵᠤ《 ᠪᠣᠯᠤᠨ᠎ᠠ 》ᠭᠡᠰᠡᠨ ᠵᠥᠪᠰᠢᠶᠡᠷᠡᠯ ᠥᠭᠭᠦᠭᠰᠡᠨ ᠳᠣᠬᠢᠶ᠎ᠠ ᠪᠣᠯᠵᠤ ᠮᠠᠨᠴᠤᠷᠭ᠎ᠠ ᠳ᠋ᠤ᠌ ᠮᠡᠳᠡᠭᠳᠡᠨ᠎ᠡ᠃ ᠬᠠᠷᠢᠨ ᠳᠤᠷ᠎ᠠ ᠦᠭᠡᠢ ᠪᠣᠯ ᠷᠤᠯᠮ᠎ᠡ ᠨᠥᠭᠦᠭᠡ ᠶ᠋ᠢᠨ ᠢ᠋ᠶ᠋ᠡᠨ ᠰᠢᠳᠡᠭᠰᠡᠨ ᠵᠣᠭᠣᠰ ᠢ᠋ ᠲᠣᠰᠳᠠᠭ ᠦᠭᠡᠢ ᠪᠤᠶᠤ ᠳᠠᠬᠢᠭᠠᠳ ᠰᠢᠲᠠᠵᠤ ᠢᠷᠡᠪᠡᠯ ᠭᠠᠭᠴᠠᠬᠠᠨ ᠨᠢᠰᠠᠯᠤᠭᠠᠳ ᠴᠠᠭᠠᠨ ᠵᠣᠭᠣᠰ ᠢ᠋ ᠡᠵᠡᠨ ᠳ᠋ᠦ᠍ᠨᠢ ᠪᠤᠴᠠᠭᠠᠳᠠᠭ ᠡᠷᠳᠡᠮ ᠲᠡᠢ ᠭᠡᠵᠦ ᠬᠥᠮᠦᠰ ᠬᠡᠯᠡᠯᠴᠡᠳᠡᠭ ᠢ᠋ ᠡᠷᠲᠡ ᠰᠣᠨᠣᠰᠤᠭᠰᠠᠨ ᠶᠤᠮ᠃ 
       ᠮᠠᠨᠴᠤᠷᠭ᠎ᠠ ᠷᠤᠯᠮ᠎ᠡ ᠶ᠋ᠢᠨ ᠡᠢᠮᠦ ᠬᠤᠷᠤᠭᠤᠨ ᠳ᠋ᠠᠭᠠᠨ ᠷᠢᠳᠢ ᠰᠢᠳᠢ ᠲᠡᠢ ᠶᠦᠮ ᠰᠢᠭ ᠡᠷᠳᠡᠮ ᠢ᠋ ᠨᠢ ᠪᠢᠰᠢᠷᠡᠵᠦ᠂ ᠲᠡᠪᠴᠢᠶᠡᠷᠢ ᠮᠠᠭᠤᠲᠠᠢ ᠡᠷᠡᠴᠦᠦᠯ ᠢ᠋ ᠭᠣᠪᠣᠭᠣᠨᠠᠭᠤᠯᠳᠠᠭ ᠠᠪᠢᠶᠠᠰ ᠢ᠋ ᠨᠢ ᠭᠠᠢᠬᠠᠨ ᠨᠢᠳᠦ ᠪᠡᠷ ᠢ᠋ᠶ᠋ᠡᠨ ᠠᠯᠢᠶᠠᠯᠠᠨ ᠢᠨᠢᠶᠡᠭᠡᠳ ᠶᠠᠮᠠᠷ ᠰᠦᠷᠡᠬᠡᠢ ᠡᠷ᠎ᠡ ᠴᠤ᠌ ᠭᠡᠳ ᠴᠥᠩᠬᠦᠨ ᠳ᠋ᠦ᠍ᠨᠢ ᠬᠣᠶᠠᠷ ᠴᠠᠭᠠᠨ ᠮᠥᠩᠭᠥ ᠪᠡᠨ ᠡᠷᠬᠡ ᠦᠭᠡᠢ ᠰᠢᠳᠡᠵᠦ ᠥᠭᠳᠡᠭ ᠲᠤᠨᠢ ᠮᠠᠨᠴᠤᠷᠭ᠎ᠠ ᠲᠡᠭᠦᠨ ᠢ᠋《 ᠠᠯᠢᠶ᠎ᠠ ᠷᠤᠯᠮ᠎ᠡ 》 ᠭᠡᠵᠦ ᠳᠠᠭᠤᠳᠠᠭᠰᠠᠨ ᠠᠵᠢ᠃  
       ᠲᠡᠭᠦᠨ ᠢ᠋ ᠪᠤᠭᠤᠲᠤ ᠶ᠋ᠢᠨ ᠵᠡᠭᠦᠨᠲᠡᠢᠬᠡᠨ ᠳᠥᠭᠥᠵᠦ ᠢᠷᠡᠬᠦ ᠳ᠋ᠦ᠍ ᠪᠦᠷᠦᠢ ᠲᠠᠰᠤᠷᠠᠵᠤ ᠳ᠋ᠧᠩ ᠲᠠᠯᠪᠢᠬᠤ ᠴᠠᠭ ᠪᠣᠯᠤᠭᠰᠠᠨ ᠪᠠᠢᠪᠠ᠃ ᠬᠠᠶᠠᠭ᠎ᠠ ᠬᠠᠶᠠᠭ᠎ᠠ ᠪᠠᠨ ᠵᠠᠯᠭᠠᠭᠰᠠᠨ ᠰᠢᠪᠡᠷ ᠲᠣᠭᠣᠰᠬᠠᠨ ᠪᠠᠢᠰᠢᠩ ᠤ᠋ᠨ ᠮᠣᠣᠲᠤᠤ ᠴᠠᠭᠠᠰᠤᠨ ᠳ᠋ᠤ᠌ ᠭᠡᠷᠡᠯ ᠢ᠋ᠶ᠋ᠡᠨ ᠠᠯᠳᠠᠭᠰᠠᠨ ᠳ᠋ᠧᠩ ᠦ᠋ᠳ ᠰᠦᠭ ᠰᠦᠯᠳᠡ ᠦᠭᠡᠢ ᠬᠢᠯᠠᠢᠨ᠎ᠠ᠃ 
       ᠵᠠᠬ᠎ᠠ ᠶ᠋ᠢᠨ ᠪᠠᠢᠰᠢᠩ ᠲᠠᠢ ᠠᠢᠯ ᠤ᠋ᠨ ᠨᠣᠬᠠᠳ ᠬᠣᠷᠭᠣᠭᠣᠬᠤ ᠳ᠋ᠤ᠌ ᠮᠠᠨᠴᠤᠷᠭ᠎ᠠ ᠶ᠋ᠢᠨ ᠳᠣᠲᠣᠷ᠎ᠠ ᠣᠪᠣᠭᠣᠨᠠᠵᠤ᠂ ᠥᠨᠥ ᠰᠥᠨᠢ ᠴᠤ᠌ ᠮᠠᠭᠤ ᠠᠯᠢᠶ᠎ᠠ ᠷᠤᠯᠮ᠎ᠡ ᠶ᠋ᠢᠨ ᠢ᠋ᠶ᠋ᠡᠨ< ᠬᠣᠯᠬᠢᠨᠳᠠᠭ ᠭᠤᠲᠤᠯ > ᠢ᠋ᠶ᠋ᠠᠷ ᠬᠣᠯᠬᠢᠵᠤ ᠬᠣᠨᠣᠨ᠎ᠠ ᠳᠠ! ᠭᠠᠴᠢᠭᠳᠠᠬᠤ ᠳ᠋ᠤ᠌ ᠮᠥᠨ ᠡᠷ᠎ᠡ ᠶ᠋ᠢᠨ ᠭᠠᠩ ᠰᠠᠢᠬᠠᠨ ᠲᠠᠢᠯᠳᠠᠭ ᠯᠦᠳ᠋ ᠶᠦᠮ ᠠ᠋! ᠱᠠᠯᠠᠪᠬᠠᠨ ᠶᠠᠪᠤᠵᠤ< ᠵᠠᠳᠠᠭᠠᠢ ᠣᠩᠭᠣᠴᠠ> ᠳ᠋ᠤᠨᠢ ᠪᠣᠷᠣ ᠠᠵᠢᠷᠭ᠎ᠠ ᠪᠠᠨ ᠤᠰᠤᠯᠠᠶ᠎ᠠ ᠭᠡᠵᠦ ᠬᠥᠭᠰᠡᠬᠦ ᠳ᠋ᠦ᠍ ᠰᠡᠳᠬᠢᠯ ᠴᠠᠳᠬᠤᠯᠠᠩ ᠪᠠᠢᠯ᠎ᠠ᠃  
       ᠠᠯᠢᠶ᠎ᠠ ᠷᠤᠯᠮ᠎ᠡ ᠲᠡᠢ ᠠᠭᠤᠯᠵᠠᠭᠰᠠᠨ ᠦᠭᠡᠢ ᠨᠡᠯᠢᠶᠡᠳ ᠤᠳᠠᠴᠢᠬᠠᠯ᠎ᠠ᠃ ᠬᠥᠭᠰᠡᠵᠦ ᠬᠦᠷᠦᠭᠡᠳ ᠣᠴᠢᠬᠤ ᠳ᠋ᠤ᠌ ᠬᠥᠭᠡᠷᠦᠬᠦᠢ ᠭᠠᠭᠴᠠᠭᠠᠷ ᠢ᠋ᠶ᠋ᠠᠨ ᠯᠠ ᠪᠠᠢᠳᠠᠭ ᠪᠢᠯᠡ ᠤᠤ?! ᠬᠠᠷᠢᠨ ᠪᠠᠰᠠ ᠠᠯᠢ ᠨᠢᠭᠡᠨ ᠲᠡᠢ ᠨᠢ ᠵᠠᠪᠠᠭᠠᠷᠠᠵᠤ ᠪᠠᠢᠳᠠᠭ ᠪᠢᠯᠡ?! ᠥᠨᠥᠬᠢ ᠴᠢᠨᠢ ᠲᠡᠭᠡᠭᠡᠳ ᠥᠭᠴᠦ ᠠᠪᠳᠠᠭ ᠰᠢᠨᠤᠯ ᠨᠢ ᠶᠠᠩᠵᠤ ᠪᠠᠷ ᠢ᠋ᠶ᠋ᠠᠨ ᠪᠠᠢᠭ᠎ᠠ ᠪᠢᠵᠡ? ᠭᠡᠵᠦ ᠮᠠᠨᠴᠤᠷᠭ᠎ᠠ ᠵᠦᠢᠯ ᠦ᠋ᠨ ᠶᠠᠭᠤᠮ᠎ᠠ ᠪᠣᠳᠣᠵᠤ ᠶᠠᠪᠤᠪᠠ᠃ 
       ᠷᠤᠯᠮ᠎ᠡ ᠶ᠋ᠢᠨ ᠡᠷ᠎ᠡ ᠤᠭ ᠨᠢ ᠮᠤᠨᠠ ᠠᠭᠤᠯᠠ ᠶ᠋ᠢᠨ ᠰᠠᠢᠨ ᠠᠩᠴᠢᠨ ᠪᠠᠢᠭᠰᠠᠨ ᠶᠤᠮ᠃ ᠤᠷᠠᠬ᠎ᠠ ᠬᠠᠪᠬ᠎ᠠ ᠪᠤᠶᠤ ᠭᠠᠯ ᠫᠤᠤ ᠪᠠᠷ ᠭᠥᠷᠥᠭᠡᠰᠦ ᠠᠩᠨᠠᠵᠤ ᠣᠨᠳᠣᠷᠣᠳᠠᠭ᠃ ᠨᠢᠭᠡ ᠤᠳᠠᠭ᠎ᠠ ᠮᠤᠨᠠ ᠠᠭᠤᠯᠠ ᠶ᠋ᠢᠨ ᠲᠤᠨᠠᠨ ᠬᠠᠳᠠᠨ ᠳ᠋ᠤ᠌ ᠬᠥᠬᠡ ᠢᠮᠠᠭ᠎ᠠ( ᠢᠮᠠᠭᠠᠨ ᠭᠥᠷᠥᠭᠡᠰᠦ ) ᠠᠩᠨᠠᠵᠤ ᠶᠠᠪᠤᠭᠠᠳ ᠪᠣᠯᠭᠣᠮᠵᠢ ᠠᠯᠳᠠᠵᠤ ᠬᠠᠳᠠᠨ ᠠ᠋ᠴᠠ ᠨᠢᠰᠴᠦ ᠦᠬᠦᠭᠡᠳ ᠷᠤᠯᠮ᠎ᠡ ᠪᠡᠯᠪᠡᠰᠦᠷᠡᠵᠡᠢ᠃ ᠰᠡᠭᠦᠯ ᠳ᠋ᠦ᠍ᠨᠢ ᠠᠮᠢᠳᠤᠷᠠᠬᠤ ᠶ᠋ᠢᠨ ᠡᠷᠬᠡᠨ ᠳ᠋ᠦ᠍ ᠰᠦᠮ᠎ᠡ ᠬᠡᠢᠳ᠎᠎ ᠲᠤ ᠪᠤᠳᠠᠭ᠎ᠠ ᠬᠠᠭᠤᠷᠬᠤ᠂ ᠦᠢᠯᠡ ᠤᠲᠠᠰᠤᠨ ᠤ᠋ ᠠᠵᠢᠯ ᠬᠢᠬᠦ ᠵᠡᠷᠭᠡ ᠪᠡᠷ ᠶᠠᠳᠠᠷᠠᠭᠤᠬᠠᠨ ᠠᠮᠢᠳᠤᠷᠠᠵᠤ ᠪᠠᠢᠪᠠ᠃ ᠲᠡᠭᠦᠨ ᠡᠴᠡ ᠬᠡᠦᠬᠡᠳ ᠦᠭᠡᠢ᠃ ᠥᠨᠳᠥᠷ ᠨᠢᠷᠤᠭᠤ ᠲᠠᠢ ᠭᠠᠩᠭᠠᠩ ᠪᠦᠰᠡᠭᠦᠢ ᠪᠣᠯᠬᠣᠷ ᠲᠠᠩᠳᠠ ᠰᠠᠬᠢᠯ ᠠᠯᠳᠠᠭᠰᠠᠨ ᠯᠠᠮᠠ ᠨᠠᠷ ᠤ᠋ᠨ ᠬᠣᠷᠣᠬᠠᠢ ᠶ᠋ᠢ ᠬᠥᠳᠡᠯᠭᠡᠵᠦ ᠲᠡᠳᠡᠨ ᠦ᠌ ᠳᠤᠮᠳᠠ ᠬᠡᠷᠡᠭᠦᠯ ᠴᠤᠤᠭᠢᠶᠠᠨ ᠡᠭᠦᠰᠬᠡᠵᠦ᠂ ᠮᠠᠭᠤ ᠰᠠᠢᠨ ᠡᠷᠡᠴᠦᠦᠯ᠂ ᠯᠠᠮᠠ ᠨᠠᠷ ᠬᠥᠭᠡᠷᠦᠬᠦᠢ ᠪᠡᠯᠪᠡᠰᠦᠨ ᠵᠠᠯᠠᠭᠤ ᠪᠦᠰᠡᠭᠦᠢ ᠶ᠋ᠢ ᠠᠮᠤᠷ ᠰᠠᠭᠤᠯᠭᠠᠬᠤ ᠦᠭᠡᠢ ᠨᠢ ᠮᠡᠳᠡᠭᠡᠵᠢ᠃ ᠡᠷ᠎ᠡ ᠬᠥᠮᠦᠨ ᠭᠡᠵᠦ ᠡᠮ᠎ᠡ ᠶ᠋ᠢᠨ ᠬᠡᠰᠢᠭ ᠣᠯᠬᠤ ᠳ᠋ᠠᠭᠠᠨ ᠶᠢᠰᠦᠨ ᠰᠢᠳᠢ ᠶ᠋ᠢᠨ ᠠᠷᠭ᠎ᠠ ᠪᠠᠰᠢᠷ᠎ ᠲᠠᠢ ᠪᠠᠢᠳᠠᠭ᠃ ᠷᠤᠯᠮ᠎ᠠ ᠶᠠᠭᠤ ᠭᠡᠵᠦ ᠠᠨᠳᠠᠬᠤ ᠪᠣᠢ! ᠵᠠᠷᠢᠮ ᠨᠢ ᠡᠯᠢᠭᠡ ᠪᠡᠨ ᠲᠡᠪᠡᠷᠢᠭᠡᠳ ᠰᠦ ᠳᠣᠯᠢᠶᠠᠭᠰᠠᠨ ᠮᠤᠤᠷ ᠰᠢᠭ᠋ ᠬᠢᠯᠠᠩ ᠬᠢᠯᠠᠩ ᠳᠣᠣᠭᠤᠷ ᠬᠠᠷᠠᠵᠤ ᠴᠢᠷᠠᠢᠳᠠᠨ᠎ᠠ᠃ ᠵᠠᠷᠢᠮ ᠨᠢ ᠤᠰᠤᠨ ᠭᠤᠯᠭᠤᠭᠤᠷ ᠲᠣᠰᠣᠨ ᠵᠦᠯᠭᠦᠭᠦᠷ ᠰᠢᠭ ᠨᠢᠯᠪᠠᠭᠠᠨᠠᠨ᠎ᠠ᠃  ᠵᠠᠷᠢᠮ ᠨᠢ ᠰᠣᠭᠲᠣᠭᠤ ᠪᠠᠷ ᠣᠪᠯᠠᠵᠤ ᠱᠠᠯᠢᠭ ᠢᠨᠢᠶᠡᠳᠦ ᠭᠠᠨᠵᠤᠭᠠᠯᠠᠵᠤ ᠢᠷᠡᠭᠡᠳ ᠨᠢᠳᠦ ᠮᠠᠳ ᠦᠭᠡᠢ ᠠᠭᠠᠰᠢᠯᠠᠨ᠎ᠠ᠃ ᠵᠠᠷᠢᠮ ᠨᠢ ᠭᠣᠣᠯ ᠨᠢ ᠲᠠᠰᠤᠷᠠᠬᠤ ᠭᠡᠵᠦ ᠪᠠᠢᠭ᠎ᠠ ᠰᠢᠭ᠋ ᠡᠪᠦᠳᠦᠭ ᠳᠣᠣᠷ᠎ᠠ ᠰᠥᠭᠥᠳᠴᠦ 《 ᠠᠮᠢ ᠠᠪᠤᠷᠠᠭᠠᠴᠢ ᠳᠠ ᠂ ᠭᠤᠶᠤᠶ᠎ᠠ 》 ᠭᠡᠳ ᠦᠷᠦ ᠡᠪᠡᠳᠦᠯᠲᠡᠢ ᠳᠦᠷᠢᠯᠡᠨ᠎ᠡ᠃
       ᠨᠡᠩ ᠵᠠᠷᠢᠮ ᠡᠷᠬᠡ ᠰᠦᠷ ᠲᠡᠢ᠂ ᠮᠥᠩᠭᠥ ᠲᠥᠭᠥᠷᠢᠭ ᠲᠡᠢ ᠪᠤᠶᠤ ᠨᠢᠭᠡᠮᠦᠰᠦᠨ ᠶᠠᠭᠤ ᠴᠤ ᠦᠭᠡᠢ ᠬᠣᠭᠣᠰᠣᠨ ᠭᠠᠷ ᠢ᠋ᠶ᠋ᠠᠨ ᠤᠨᠵᠢᠭᠤᠯᠤᠭᠰᠠᠨ ᠭᠠᠨᠵᠢᠩ ᠡᠷᠡᠰ ᠦ᠋ᠳ ᠯᠡ ᠳᠡᠭᠡᠳᠦ ᠶ᠋ᠢᠨ ᠳᠣᠯᠣᠭᠠᠨ ᠦᠶ᠎ᠡ ᠶ᠋ᠢᠨ ᠢ᠋ᠶ᠋ᠡᠨ ᠥᠷᠢ ᠶ᠋ᠢ ᠨᠡᠬᠡᠬᠦ ᠪᠡᠷ ᠢᠷᠡᠭᠰᠡᠨ ᠰᠢᠭ ᠬᠥᠨᠳᠡᠯᠡᠨ ᠬᠥᠬᠡ ᠴᠢᠷᠠᠢᠯᠠᠵᠤ ᠬᠦᠴᠦᠷᠬᠡᠨ᠎ᠡ᠃ ᠠᠷᠭ᠎ᠠ ᠦᠭᠡᠢ ᠳ᠋ᠡᠭᠡᠨ ᠠᠮᠢᠳᠤ ᠶᠠᠪᠤᠪᠠᠯ ᠠᠯᠲᠠᠨ ᠠᠶᠠᠭᠠᠨ ᠠ᠋ᠴᠠ ᠤᠰᠤ ᠤᠤᠭᠤᠨ᠎ᠠ ᠭᠡᠳᠡᠭ ᠢ᠋ ᠯᠡ ᠪᠣᠳᠣᠵᠤ ᠡᠨᠡᠷᠢᠯ ᠦᠭᠡᠢ ᠡᠨᠡ ᠬᠣᠷᠸ᠎ᠠ ᠶ᠋ᠢᠨ ᠣᠷᠴᠢᠬᠤ ᠵᠢᠮ᠎ᠡ ᠪᠡᠷ ᠶᠣᠯᠮ᠎ᠠ ᠡᠮ᠎ᠡ ᠬᠥᠮᠦᠨ ᠦ᠌ ᠨᠢᠮᠭᠡᠨ ᠵᠠᠶᠠᠭ᠎ᠠ ᠪᠠᠷ ᠨᠢᠰᠦ ᠨᠢᠯᠪᠤᠰᠤᠨ ᠳ᠋ᠠᠭᠠᠨ ᠳᠡᠪᠲᠦᠵᠦ ᠶᠠᠪᠤᠵᠠᠢ᠃  ᠰᠡᠭᠦᠯ ᠳ᠋ᠦ᠍ᠨᠢ ᠰᠦᠮ᠎ᠡ ᠬᠡᠢᠳ ᠪᠤᠵᠠᠷᠯᠠᠯ᠎ᠠ ᠭᠡᠳ ᠯᠠᠮᠠ ᠨᠠᠷ ᠠᠳᠠ ᠦᠵᠡᠵᠦ ᠲᠡᠭᠦᠨ ᠦ᠌ ᠰᠦᠮ᠎ᠡ ᠬᠡᠢᠳ ᠲᠦ᠍ ᠪᠤᠶᠠᠨ ᠣᠢᠯᠠᠴᠤ ᠥᠯ ᠵᠠᠯᠭᠠᠬᠤ ᠵᠠᠮ ᠢ᠋ ᠨᠢ ᠬᠠᠭᠠᠭᠰᠠᠨ ᠲᠤᠯᠠ ᠠᠷᠭ᠎ᠠ ᠪᠤᠶᠤ ᠬᠣᠯᠠ ᠶ᠋ᠢᠨ ᠨᠢᠭᠡ ᠨᠠᠭᠠᠴᠤ ᠳ᠋ᠠᠭᠠᠨ ᠣᠢᠷᠠᠳᠴᠤ ᠪᠤᠭᠤᠲᠤ ᠳ᠋ᠤ᠌ ᠨᠢᠭᠡ ᠲᠣᠮᠣ ᠪᠠᠶᠠᠨ ᠤ᠋ ᠬᠦᠷᠢᠶᠡᠨ ᠳ᠋ᠦ᠍ ᠡᠭᠦᠳᠡ ᠬᠠᠰᠢᠶ᠎ᠠ ᠴᠡᠪᠡᠷᠯᠡᠬᠦ᠂ ᠦᠢᠯᠡ ᠣᠶᠣᠳᠠᠯ ᠭᠡᠬᠦ ᠮᠡᠲᠦ ᠶ᠋ᠢᠨ ᠠᠷᠰᠠᠷ ᠠᠵᠢᠯ ᠬᠢᠵᠦ ᠠᠮᠢ ᠵᠢᠭᠤᠬᠤ ᠪᠣᠯᠤᠭᠰᠠᠨ ᠠᠵᠢ᠃ ᠲᠡᠭᠡᠪᠡᠴᠦ ᠴᠢᠨᠣ᠎ᠠ ᠶ᠋ᠢᠨ ᠠᠮᠠᠨ ᠠ᠋ᠴᠠ ᠮᠤᠯᠲᠤᠷᠠᠨ ᠪᠠᠷᠰ ᠤ᠋ᠨ ᠠᠮᠠᠨ ᠳ᠋ᠤ᠌ ᠣᠷᠣᠪᠠ ᠭᠡᠭᠴᠢ ᠥᠩᠭᠡᠲᠦ ᠨᠡᠢᠭᠡᠮ ᠦ᠋ᠨ ᠤᠯᠠᠭᠠᠨ ᠲᠣᠭᠣᠰᠣ ᠲᠡᠭᠦᠨ ᠢ᠋ ᠬᠠᠶᠠᠭᠠᠨ ᠳ᠋ᠤᠨᠢ ᠬᠠᠶᠠᠵᠤ ᠮᠠᠷᠲᠠᠭ᠎ᠠ ᠦᠭᠡᠢ᠃ ᠴᠡᠷᠢᠭ ᠦ᠋ᠨ ᠬᠠᠯᠠᠭᠠᠨ ᠤ᠋ ᠮᠠᠭᠤ ᠰᠠᠢᠨ ᠬᠠᠭᠰᠠᠮᠠᠯ ᠡᠷᠡᠰ ᠦ᠋ᠳ ᠲᠡᠭᠦᠨ ᠢ᠋ ᠮᠥᠨ ᠵᠦᠭᠡᠷ ᠰᠠᠭᠤᠯᠭᠠᠬᠤ ᠦᠭᠡᠢ ᠪᠠᠢᠯ᠎ᠠ᠃ ᠲᠡᠭᠡ ᠲᠡᠭᠡᠭᠰᠡᠭᠡᠷ ᠷᠤᠯᠮ᠎ᠠ ᠴᠤ᠌《 ᠰᠤᠪᠠᠢ ᠷᠤᠯᠮ᠎ᠠ 》 ᠭᠡᠰᠡᠨ ᠬᠣᠴᠢ ᠲᠠᠢ ᠪᠣᠯᠵᠤ ᠰᠡᠭᠦᠯ ᠳ᠋ᠡᠭᠡᠨ ᠪᠦᠷ ᠬᠥᠮᠦᠨ ᠪᠣᠯᠭᠠᠨ ᠤ᠋ ᠬᠥᠯ ᠲᠥᠷᠥᠳᠡᠭ 《 ᠬᠣᠯᠬᠢᠨᠳᠠᠭ ᠭᠤᠲᠤᠯ 》 ᠭᠡᠭᠳᠡᠬᠦ ᠪᠣᠯᠪᠠ᠃ ᠡᠳᠦᠷ ᠦ᠋ᠨ ᠤᠳᠠᠭᠠᠨ ᠬᠣᠨᠣᠭ ᠤ᠋ᠨ ᠵᠤᠵᠠᠭᠠᠨ ᠳ᠋ᠤ᠌ ᠷᠤᠯᠮ᠎ᠠ ᠴᠤ᠌《 ᠰᠢᠨ᠎ᠡ 》ᠠᠮᠢᠳᠤᠷᠠᠯ ᠳ᠋ᠤ᠌ ᠢᠳᠡᠭᠡᠰᠢᠨ ᠳᠠᠳᠴᠤ ᠬᠠᠰᠢᠷ ᠰᠠᠭᠤᠨ ᠡᠷᠡᠰ ᠦ᠋ᠳ ᠦ᠋ᠨ ᠬᠣᠭᠣᠷᠣᠨᠳᠣᠬᠢ ᠵᠥᠷᠢᠴᠡᠯ ᠢ ᠣᠪᠵᠢᠨ ᠠᠰᠢᠭᠯᠠᠵᠤ᠂ ᠲᠡᠳᠡᠨ ᠦ᠌ ᠦᠭᠭᠦᠭᠰᠡᠨ ᠮᠥᠩᠭᠥ ᠪᠡᠷ ᠶᠠᠭ ᠦᠭᠡᠢ ᠠᠮᠢᠳᠤᠷᠠᠬᠤ ᠪᠣᠯᠵᠤ᠂ ᠰᠡᠭᠦᠯ ᠳ᠋ᠦ᠍ᠨᠢ ᠪᠦᠷ ᠬᠠᠷ᠎ᠠ ᠲᠠᠮᠠᠬᠢᠨ ᠳ᠋ᠤ᠌ ᠣᠷᠣᠵᠠᠢ᠃ ᠡᠭᠦᠨ ᠡᠴᠡ ᠪᠣᠯᠵᠤ ᠨᠡᠯᠢᠶᠡᠳ ᠬᠡᠳᠦᠨ ᠡᠳᠦᠷ ᠡᠷᠡᠰ ᠦᠳ ᠡᠰᠡ ᠣᠴᠢᠪᠠᠯ ᠰᠡᠳᠬᠢᠯ ᠭᠠᠩᠰᠠᠷᠠᠨ ᠭᠠᠭᠴᠠᠭᠠᠷᠳᠠᠳᠠᠭ ᠴᠤ᠌ ᠪᠣᠯᠪᠠ᠃ 
       ᠮᠠᠨᠴᠤᠷᠭ᠎ᠠ ᠪᠦᠷᠦᠢ ᠪᠣᠯᠬᠤ ᠳ᠋ᠤ᠌ ᠪᠤᠭᠤᠲᠤ ᠶ᠋ᠢᠨ ᠬᠣᠢᠲᠤ ᠡᠩᠭᠡᠷ ᠬᠠᠪᠢᠳᠠᠭᠤ ᠨᠠᠮᠰᠠᠷᠠᠢ ᠪᠤᠷᠬᠠᠨᠲᠤ ᠰᠦᠮ᠎ᠡ ᠵᠠ ᠬᠦᠷᠢᠶ᠎ᠡ ᠶ᠋ᠢ ᠲᠣᠭᠣᠷᠢᠵᠤ ᠭᠠᠷᠬᠤ ᠳ᠋ᠠᠭᠠᠨ᠄
           ᠢᠨᠵᠠᠭᠠᠨ ᠵᠣ ᠲᠠᠢ ᠰᠠᠭᠠᠷᠠᠯ ᠮᠣᠷᠢ ᠶ᠋ᠢ ᠪᠡᠨ ᠬᠦ
           ᠢᠨᠴᠠᠭᠠᠬᠤ ᠶ᠋ᠢᠨ ᠬᠢᠨᠢ ᠴᠢᠮᠡᠭᠡ ᠪᠡᠷ ᠲᠠᠨᠢᠯ᠎ᠠ ᠳᠠ ᠬᠦ
           ᠢᠨᠠᠭ ᠠᠮᠠᠷᠠᠭ ᠬᠣᠩᠭᠣᠷ ᠴᠢᠮ᠎ᠠ ᠪᠠᠨ ᠬᠦ 
           ᠢᠨᠢᠶᠡᠬᠦ ᠶ᠋ᠢᠨ ᠴᠢᠨᠢ ᠴᠢᠮᠡᠭᠡ ᠪᠡᠷ ᠲᠠᠨᠢᠯ᠎ᠠ ᠳᠠ ᠬᠦ 
           ᠲᠠᠤᠯᠠᠢ ᠶ᠋ᠢᠨ ᠵᠣ ᠲᠡᠢ ᠰᠠᠭᠠᠷᠠᠯ ᠮᠣᠷᠢ ᠶ᠋ᠢ ᠪᠡᠨ ᠬᠦ
           ᠲᠤᠷᠭᠢᠬᠤ ᠶ᠋ᠢᠨ ᠬᠢᠨᠢ ᠴᠢᠮᠡᠭᠡ ᠪᠡᠷ ᠲᠠᠨᠢᠯ᠎ᠠ ᠳᠠ ᠬᠦ ᠁ ᠭᠡᠵᠦ ᠥᠪᠡᠷ ᠦ᠋ᠨ ᠡᠷᠬᠡ ᠦᠭᠡᠢ ᠭᠢᠩᠰᠢᠵᠦ ᠰᠦᠮ᠎ᠡ ᠶ᠋ᠢᠨ ᠪᠠᠷᠠᠭᠤᠨ ᠲᠠᠯ᠎ᠠ ᠳ᠋ᠤ᠌ ᠪᠠᠢᠭ᠎ᠠ ᠪᠠᠭᠠᠬᠠᠨ ᠳᠥᠷᠪᠡᠯᠵᠢᠨ ᠬᠦᠷᠢᠶᠡᠨ ᠦ᠌ ᠡᠭᠦᠳᠡᠨ ᠳ᠋ᠦ᠍ ᠬᠦᠷᠪᠡ᠃ ᠬᠦᠷᠢᠶᠡᠨ ᠦ᠌ ᠭᠠᠳᠠᠨ᠎ᠠ ᠳ᠋ᠠᠭᠳᠠᠨ ᠳ᠋ᠠ ᠯᠠᠮᠠ ᠶ᠋ᠢᠨ  ᠬᠥᠬᠡ ᠯᠠᠭᠤᠰᠠ ᠬᠠᠱᠠᠩ ᠬᠠᠷ᠎ᠠ ᠬᠣᠶᠠᠷ ᠤᠶᠠᠭᠠᠲᠠᠢ᠃ ᠴᠠᠭᠠᠨ᠎ᠠ ᠨᠢ ᠮᠥᠩᠭᠥᠨ ᠲᠣᠨᠣᠭ ᠲᠠᠢ ᠡᠮᠡᠭᠡᠯ ᠬᠠᠵᠠᠭᠠᠷ ᠢ᠋ᠶ᠋ᠠᠷ ᠵᠢᠮᠰᠡᠭᠯᠡᠭᠰᠡᠨ ᠭᠤᠨᠠᠯᠵᠠᠭᠰᠠᠨ ᠤᠷᠲᠤ ᠵᠣ ᠲᠠᠢ ᠥᠨᠳᠥᠷ ᠬᠠᠯᠲᠠᠷ ᠬᠡᠭᠡᠷ ᠪᠠ ᠵᠡᠭᠡᠷ᠎ᠡ ᠶ᠋ᠢᠨ ᠰᠢᠯᠪᠢ ᠲᠡᠢ ᠲᠠᠢᠭ᠎ᠠ ᠨᠣᠬᠠᠢ ᠰᠢᠭ᠋ ᠨᠢᠷᠤᠭᠤᠨ ᠳ᠋ᠠᠭᠠᠨ ᠨᠠᠭᠠᠯᠳᠤᠭᠰᠠᠨ ᠨᠠᠷᠢᠨ ᠭᠡᠳᠡᠰᠦ ᠲᠡᠢ ᠨᠠᠮ ᠪᠡᠶ᠎ᠡ ᠲᠡᠢ ᠵᠠᠢᠳᠠᠩ ᠬᠦᠷᠡᠩ ᠮᠣᠷᠢ ᠤᠶᠠᠭᠠᠲᠠᠢ ᠪᠠᠢᠪᠠ᠃ ᠮᠥᠩᠭᠥᠨ ᠡᠮᠡᠭᠡᠯ ᠲᠣᠨᠣᠭᠯᠠᠯ ᠠ᠋ᠴᠠ ᠨᠢ ᠦᠵᠡᠪᠡᠯ ᠴᠤᠭᠪᠠᠭᠠᠲᠣᠷ ᠤ᠋ᠨ ᠬᠢ ᠪᠣᠯᠤᠯᠲᠠᠢ᠃
      《 ᠠ᠂ ᠴᠠᠪᠠᠰᠤ ᠂ ᠡᠨᠡ ᠮᠠᠭᠤ ᠵᠣᠪᠠᠯᠭ᠎ᠠ ᠪᠠᠨ ᠳᠠᠭᠠᠭᠠᠬᠤ ᠦᠭᠡᠢ ᠬᠠᠪᠤᠳᠠᠷ ᠲᠣᠯᠣᠭᠠᠢ ᠪᠠᠰᠠ ᠲᠡᠷᠡ ᠬᠣᠯᠠ ᠬᠦᠩ ᠦ᠋ᠨ ᠰᠦᠮ᠎ᠡ ᠡᠴᠡ ᠪᠤᠭᠤᠲᠤ ᠣᠷᠣᠵᠤ ᠠᠩᠭᠠᠭᠰᠠᠨ ᠬᠠᠷ᠎ᠠ ᠲᠠᠢᠯᠤᠭ ᠢ᠋ᠶ᠋ᠠᠨ ᠤᠰᠤᠯᠠᠳᠠᠭ ᠪᠠᠢᠵᠢ ᠠ᠋! ᠶᠠᠮᠠᠷ ᠡᠮ᠎ᠡ ᠲᠡᠷᠡ ᠮᠤᠨᠠ ᠰᠢᠭ᠋ ᠨᠦᠳᠦᠭᠦᠷ ᠲᠦ᠍ ᠲᠡᠰᠬᠦ ᠪᠣᠢ?! ᠶᠣᠰᠣᠲᠠᠢ ᠯᠠ ᠰᠠᠢᠨ ᠶᠠᠪᠤᠳᠠᠯ ᠳ᠋ᠤ᠌ ᠰᠠᠭᠠᠳ ᠣᠯᠠᠨ ᠭᠡᠭᠴᠢ ᠪᠣᠯᠵᠠᠢ᠂ ᠮᠥᠨ ᠴᠤ᠌ ᠲᠣᠭᠠᠭᠦᠢ ᠶᠠ!》 ᠭᠡᠵᠦ ᠬᠡᠷᠡᠮ ᠳᠤᠭᠤᠢᠯᠠᠵᠤ ᠭᠠᠷᠤᠭᠠᠳ ᠮᠣᠷᠢ ᠪᠠᠨ ᠳᠠᠯᠳᠠ ᠰᠢᠭ᠋ ᠭᠠᠵᠠᠷ ᠤᠶᠠᠴᠢᠬᠠᠭᠠᠳ 《 ᠦᠭᠡᠢ᠂ ᠡᠳᠡ ᠳᠠᠩ ᠭᠠᠭᠴᠠ ᠷᠤᠯᠮ᠎ᠠ ᠳ᠋ᠤ᠌ ᠰᠢᠨᠤᠵᠤ ᠢᠷᠡᠭᠰᠡᠨ ᠪᠢᠰᠢ ᠪᠣᠢ᠂ ᠶᠠᠭᠤ ᠪᠣᠯᠵᠤ ᠪᠠᠢᠭ᠎ᠠ ᠶ᠋ᠢ ᠨᠢ ᠮᠡᠳᠡᠶ᠎ᠡ ᠬᠦ 》 ᠭᠡᠬᠦ ᠪᠣᠳᠣᠯ ᠳ᠋ᠠᠭᠠᠨ ᠬᠥᠲᠥᠯᠦᠭᠳᠡᠨ ᠬᠡᠷᠡᠮ ᠬᠠᠷᠠᠢᠨ ᠬᠦᠷᠢᠶᠡᠨ ᠳ᠋ᠦ᠍ ᠣᠷᠣᠪᠠ᠃ ᠷᠤᠯᠮ᠎ᠠ ᠶ᠋ᠢᠨ ᠭᠡᠷ ᠭᠡᠭᠴᠢ ᠨᠠᠷᠠ ᠪᠤᠷᠤᠭᠤ ᠬᠠᠨᠳᠤᠭᠰᠠᠨ ᠵᠢᠵᠢᠭ ᠳᠥᠷᠪᠡᠯᠵᠢᠨ ᠴᠣᠩᠬᠣ ᠲᠠᠢ᠂ ᠵᠤᠵᠠᠭᠠᠨ ᠴᠠᠮᠪᠠᠨ ᠬᠡᠷᠡᠮ ᠲᠡᠢ ᠲᠠᠩᠭᠤᠳ ᠮᠠᠶ᠋ᠢᠭ ᠤ᠋ᠨ ᠭᠡᠷ ᠪᠠᠢᠯ᠎ᠠ᠃ ᠭᠡᠷ ᠦ᠋ᠨ ᠬᠠᠪᠢ ᠳ᠋ᠤ᠌ ᠳᠥᠭᠥᠵᠦ ᠣᠢᠷᠠᠳᠪᠠᠯ ᠳ᠋ᠠᠭᠳᠠᠨ ᠳ᠋ᠠ ᠯᠠᠮᠠ ᠶ᠋ᠢᠨ ᠪᠦᠳᠦᠭᠦᠨ ᠲᠣᠯᠣᠭᠠᠢ ᠶ᠋ᠢᠨ ᠳ᠋ᠧᠩ ᠬᠠᠯᠠᠭᠯᠠᠭᠰᠠᠨ ᠰᠡᠭᠦᠳᠡᠷ᠎ ᠵᠢᠵᠢᠭ ᠴᠣᠩᠬᠣᠨ ᠤ᠋ ᠭᠡᠷᠡᠯ ᠢ᠋ ᠬᠠᠯᠠᠭᠯᠠᠪᠠ᠃ ᠮᠠᠨᠴᠤᠷᠭ᠎ᠠ ᠴᠣᠩᠬᠣᠨ ᠤ᠋ ᠣᠢᠷᠠᠬᠠᠨ ᠣᠴᠢᠵᠤ ᠴᠢᠩᠨᠠᠪᠠᠯ ᠳᠣᠲᠣᠷᠠᠬᠢ ᠬᠥᠮᠦᠰ ᠰᠡᠮᠡᠬᠡᠷ ᠬᠡᠯᠡᠯᠴᠡᠬᠦ ᠲᠤᠯᠠ ᠦᠭᠡ ᠨᠢ  ᠲᠤᠳᠤ ᠰᠣᠨᠣᠰᠳᠠᠬᠤ ᠦᠭᠡᠢ᠃ ᠳᠣᠯᠢᠶᠠᠪᠤᠷ ᠬᠤᠷᠤᠭᠤ ᠪᠠᠨ ᠰᠢᠯᠦᠰᠦ ᠪᠡᠷ ᠢᠶᠡᠨ ᠨᠣᠷᠭᠠᠵᠤ  ᠮᠣᠣᠲᠤᠤ ᠴᠠᠭᠠᠰᠤ ᠴᠣᠭᠣᠯᠣᠨ ᠲᠤᠲᠤᠭᠰᠢ ᠱᠠᠭᠠᠢᠪᠠᠯ ᠳ᠋ᠠᠭᠳᠠᠨ ᠳ᠋ᠠ ᠯᠠᠮᠠ᠂ ᠴᠣᠭᠪᠠᠭᠠᠲᠤᠷ᠂ ᠪᠠᠰᠠ ᠨᠢᠭᠡ ᠦᠯᠦ ᠲᠠᠨᠢᠬᠤ ᠬᠢᠲᠠᠳ ᠴᠢᠷᠠᠢ ᠲᠠᠢ ᠬᠠᠪᠴᠢᠢᠭᠰᠠᠨ ᠡᠷᠡᠦ ᠲᠡᠢ ᠳᠥᠴᠢ ᠡᠷᠭᠢᠮ᠎ᠡ ᠨᠠᠰᠤᠨ ᠤ᠋ ᠬᠥᠮᠦᠨ ᠭᠤᠷᠪᠠᠭᠤᠯᠠ ᠰᠢᠷᠡᠭᠡ ᠬᠠᠪᠴᠢᠵᠤ ᠰᠠᠭᠤᠭᠠᠳ ᠶᠠᠮᠠᠷ ᠨᠢᠭᠡ ᠨᠢᠭᠤᠴᠠ ᠶᠠᠭᠤᠮ᠎ᠠ ᠵᠦᠪᠳᠡᠵᠦ ᠪᠠᠢᠯ᠎ᠠ᠃ ᠳ᠋ᠠᠭᠳᠠᠨ ᠳ᠋ᠠ ᠯᠠᠮᠠ ᠰᠢᠵᠠᠭᠣᠷ ᠵᠠᠭᠤᠨ ᠨᠢᠭᠡ ᠶᠠᠭᠤᠮ᠎ᠠ ᠬᠣᠷᠣᠰᠤᠯᠲᠠᠢ ᠪᠠᠷ ᠳᠦᠳᠦᠨᠡᠵᠦ ᠰᠦᠬᠡᠨ ᠦ ᠡᠰᠢ ᠰᠢᠭ ᠲᠣᠮᠣ ᠲᠣᠮᠣ ᠬᠤᠷᠤᠭᠤ ᠲᠠᠢ ᠨᠢᠳᠤᠷᠭ᠎ᠠ ᠪᠠᠨ ᠵᠠᠩᠭᠢᠳᠬᠤ ᠳ᠋ᠤ᠌ ᠳᠦᠭᠦᠷᠡᠩ ᠶᠠᠭᠤᠮ᠎ᠠ ᠲᠦᠭᠳᠦᠢᠲᠡᠯ᠎ᠡ ᠴᠢᠬᠢᠭᠰᠡᠨ ᠲᠤᠭᠤᠯ ᠤ᠋ᠨ ᠠᠷᠠᠰᠤᠨ ᠲᠤᠯᠤᠮ ᠰᠢᠭ᠋ ᠪᠦᠮᠪᠣᠢᠵᠤ ᠬᠠᠷᠠᠭᠳᠠᠨ᠎ᠠ᠃ ᠴᠣᠬᠪᠠᠭᠠᠳᠤᠷ ᠬᠠᠵᠠᠭᠤ ᠠ᠋ᠴᠠ ᠨᠢ ᠳ᠋ᠠᠭᠲᠠᠨ ᠳᠠ ᠯᠠᠮᠠ ᠶ᠋ᠢᠨ ᠰᠠᠨᠠᠭ᠎ᠠ ᠶ᠋ᠢ ᠨᠥᠭᠦᠭᠡ ᠬᠥᠮᠦᠨ ᠳ᠋ᠦ᠍ ᠣᠷᠴᠢᠭᠤᠯᠤᠨ ᠬᠡᠯᠡᠵᠦ᠂ ᠬᠦᠴᠦ ᠨᠡᠮᠡᠨ ᠰᠠᠨᠠᠭᠤᠯᠵᠤ ᠪᠠᠢᠭ᠎ᠠ ᠰᠢᠨᠵᠢ ᠲᠡᠢ ᠃ ᠯᠠᠪᠯᠠᠨ ᠬᠠᠷᠠᠬᠤᠯ᠎ᠠ ᠨᠥᠭᠦᠭᠡ ᠬᠠᠪᠴᠢᠭ ᠡᠷᠡᠦᠲᠦ ᠰᠢᠷᠡᠭᠡᠨ ᠦ᠌ ᠳᠣᠣᠭᠤᠷ ᠤᠯᠠᠭᠠᠨ ᠪᠠᠬᠠᠯᠠᠭ᠎ᠠ ᠲᠠᠢ ᠶᠠᠭᠤᠮ᠎ᠠ ᠤᠷᠤᠭᠤ ᠪᠠᠢᠨ ᠪᠠᠢᠨ ᠨᠢᠳᠦ ᠭᠦᠶᠦᠯᠭᠡᠵᠦ ᠠᠰᠬᠠᠭᠰᠠᠨ ᠰᠢᠰᠢ ᠲᠣᠩᠰᠢᠬᠤ ᠲᠠᠬᠢᠶ᠎ᠠ ᠰᠢᠭ᠋ ᠲᠣᠯᠣᠭᠠᠢ ᠨᠢ ᠪᠥᠬᠥᠯᠵᠡᠵᠦ ᠯᠡ ᠪᠠᠢᠯ᠎ᠠ᠃ ᠴᠠᠭᠠᠳᠤ ᠨᠠᠷᠢᠨ ᠬᠠᠨᠵᠤᠨ ᠳᠡᠭᠡᠷ᠎ᠡ ᠷᠤᠯᠮ᠎ᠠ ᠬᠠᠷ᠎ᠠ ᠲᠠᠮᠡᠬᠢ ᠲᠠᠲᠠᠵᠤ ᠶᠡᠬᠡ ᠯᠡ ᠵᠢᠷᠭᠠᠭᠰᠠᠨ ᠶᠠᠩᠵᠤᠲᠠᠢ ᠨᠢᠳᠦ ᠪᠡᠨ ᠠᠨᠢᠨ ᠤᠲᠤᠬ᠎ᠠ ᠪᠠᠭᠠᠭᠢᠭᠤᠯᠵᠤ ᠰᠠᠭᠤᠨ᠎ᠠ᠃
       ᠳ᠋ᠠᠭᠲᠠᠨ ᠳᠠ ᠯᠠᠮᠠ ᠰᠢᠷᠡᠭᠡᠨ ᠦ᠌ ᠳᠣᠣᠷ᠎ᠠ ᠠ᠋ᠴᠠ ᠥᠨᠥᠬᠢ ᠤᠯᠠᠭᠠᠨ ᠪᠣᠭᠣᠳᠠᠯ ᠲᠠᠢ ᠶᠠᠭᠤᠮ᠎ᠠ ᠭᠠᠷᠭᠠᠵᠤ ᠬᠠᠪᠴᠢᠭᠠᠷ ᠡᠷᠡᠦᠲᠦ ᠳ᠋ᠦ᠍ ᠥᠭᠭᠦᠭᠡᠳ ᠡᠷᠭᠢᠵᠦ ᠬᠠᠨᠳᠤᠨ ᠱᠤᠤᠮᠠᠰᠠ ᠪᠠᠨ ᠲᠡᠮᠲᠡᠷᠢᠵᠦ ᠶᠠᠭᠤ ᠨᠢᠭᠡ ᠶᠠᠭᠤᠮ᠎ᠠ ᠡᠷᠢᠵᠦ ᠬᠥᠨᠳᠡᠢ ᠨᠢᠭᠡ ᠬᠠᠨᠢᠶᠠᠬᠤ ᠳ᠋ᠤᠨᠢ ᠴᠣᠩᠬᠣᠨ ᠤ᠋ ᠮᠣᠣᠲᠤᠤ ᠴᠠᠭᠠᠰᠤ ᠱᠠᠷᠴᠢᠭᠢᠨᠠᠵᠤ ᠮᠠᠨᠴᠤᠷᠬ᠎ᠠ ᠶ᠋ᠢ ᠰᠣᠴᠢᠭᠠᠪᠠ᠃ ᠬᠦᠷᠢᠶᠡᠨ ᠦ᠌ ᠭᠠᠳᠠᠨ᠎ᠠ ᠤᠶᠠᠭᠠᠲᠠᠢ ᠮᠣᠷᠢᠳ ᠴᠤ᠌ ᠰᠣᠴᠢᠭᠰᠠᠨ ᠪᠣᠯᠤᠯᠲᠠᠢ ᠣᠷᠣᠨ ᠳ᠋ᠠᠭᠠᠨ ᠳᠡᠪᠬᠡᠴᠡᠯᠳᠦᠪᠡ ᠃ ᠮᠠᠨᠴᠤᠷᠭ᠎ᠠ᠂ ᠡᠳᠡᠨᠦᠰ ᠦ᠋ᠨ ᠴᠣᠬᠣᠮ ᠶᠠᠭᠤ ᠬᠡᠯᠡᠯᠴᠡᠭᠰᠡᠨ ᠢ ᠲᠣᠳᠣᠷᠬᠠᠢ ᠣᠯᠵᠤ ᠰᠣᠨᠣᠰᠤᠭᠰᠠᠨ ᠦᠭᠡᠢ ᠪᠣᠯᠪᠠᠴᠤ ᠳᠠᠲᠠᠨᠤᠰ ᠤᠨ ᠬᠥᠳᠡᠯᠦᠯ ᠪᠠᠷᠢᠯ᠂ ᠴᠢᠷᠠᠢ ᠶ᠋ᠢᠨ ᠲᠥᠯᠥᠪ᠂ ᠰᠣᠨᠣᠰᠤᠭᠰᠠᠨ ᠭᠠᠭᠴᠠ《ᠰᠢᠷᠠᠪᠲᠤᠷᠵᠢ》 ᠭᠡᠰᠡᠨ ᠦᠭᠡᠨ ᠡᠴᠡ ᠶᠠᠭᠤᠮᠠᠨ ᠤ᠋ ᠪᠠᠷᠤᠭ ᠲᠥᠯᠥᠪ ᠢ᠋ ᠭᠠᠳᠠᠷᠯᠠᠪᠠ᠃
       ᠠᠳᠠ ᠬᠣᠨᠣᠵᠤ ᠪᠣᠯᠬᠤ ᠦᠭᠡᠢ ᠪᠡᠨ ᠮᠡᠳᠡᠭᠰᠡᠨ ᠮᠠᠨᠴᠤᠷᠭ᠎ᠠ《ᠨᠢᠳᠤᠨᠤᠨ ᠤ᠋ ᠪᠠᠭᠤᠵᠤ ᠪᠠᠢᠭᠰᠠᠨ ᠪᠠᠭᠤᠳᠠᠯ ᠳ᠋ᠤ᠌ ᠣᠴᠢᠵᠤ ᠱᠦᠢᠰᠤᠭ ᠬᠡᠦᠬᠡᠨ ᠲᠡᠪᠡᠷᠢᠬᠦ ᠯᠠ ᠪᠣᠯᠵᠠᠢ᠃ ᠭᠡᠬᠦ ᠳ᠋ᠡᠭᠡᠨ ᠱᠦᠢᠰᠣᠭ ᠬᠡᠦᠬᠡᠨ ᠲᠡᠪᠡᠷᠢᠨ᠎ᠡ ᠭᠡᠳᠡᠭ ᠴᠢᠨᠢ ᠬᠡᠯᠡᠬᠦ ᠳ᠋ᠦ᠍ ᠠᠮᠠᠷᠬᠠᠨ ᠬᠢᠬᠦ ᠳ᠋ᠦ᠍ ᠲᠦᠪᠡᠭᠲᠡᠢ᠃ ᠢᠷᠣᠭᠠᠷ ᠦᠭᠡᠢ ᠬᠡᠦᠳᠡᠢ ᠳ᠋ᠤᠨᠢ ᠨᠡᠯᠢᠶᠡᠳᠬᠡᠨ ᠶᠠᠭᠤᠮ᠎ᠠ ᠬᠢᠬᠦ ᠦᠭᠡᠢ ᠪᠣᠯ ᠬᠠᠷᠢᠨ ᠮᠠᠭᠤ < ᠬᠣᠯᠬᠢᠨᠳᠠᠭ ᠭᠤᠲᠤᠯ > ᠡᠮᠦᠰᠬᠦ ᠲᠡᠢ ᠴᠦ᠍ ᠲᠠᠭᠠᠷᠠᠬᠤ ᠦᠭᠡᠢ ᠠ᠋ ! ᠵᠠ ᠪᠠᠢᠵᠠ ᠤᠤ᠂ ᠶᠠᠭᠠᠬᠢᠳᠠᠭ ᠪᠢᠯᠡ ?》 ᠭᠡᠵᠦ ᠡᠨᠡ ᠲᠡᠷᠡ ᠶᠢ ᠪᠣᠳᠣᠨ ᠱᠤ᠌ᠢᠰᠤᠭ ᠡᠮ᠎ᠡ ᠶ᠋ᠢᠨ ᠣᠩᠭᠣᠷᠬᠠᠢ ᠬᠡᠦᠳᠡᠢ ᠳᠤ ᠬᠢᠬᠦ ᠮᠥᠩᠭᠥ ᠲᠠᠲᠠᠭᠤ ᠳᠠᠭᠠᠨ ᠤᠷᠮ᠎ᠠ ᠨᠢ ᠠᠯᠳᠠᠷᠠᠵᠠᠢ᠃ 《ᠥᠨᠥᠳᠥᠷ ᠶᠠᠭᠠᠬᠢᠬᠤ  ᠲᠠᠭᠠᠨ ᠢᠩᠭᠢᠵᠦ ᠬᠠᠷ᠎ᠠ ᠡᠳᠦᠷ ᠲᠣᠬᠢᠶᠠᠪᠠ ?》 ᠭᠡᠵᠦ ᠪᠤᠴᠠᠵᠤ᠂ ᠬᠡᠷᠡᠮ ᠬᠠᠷᠠᠢᠲᠠᠯ᠎ᠠ ᠤᠶᠠᠭᠠᠲᠠᠢ ᠮᠣᠷᠢᠨ ᠳ᠋ᠤ᠌ ᠬᠠᠷᠠᠴᠠ ᠨᠢ ᠲᠣᠰᠴᠤ 《ᠡᠨᠡ ᠬᠦᠷᠡᠩ ᠮᠣᠷᠢ ᠶ᠋ᠢ ᠤᠬᠠᠭᠠᠯᠠᠶ᠎ᠠ》 ᠭᠡᠰᠡᠨ ᠪᠣᠳᠣᠯ ᠲᠠᠷᠢᠬᠢᠨ ᠳ᠋ᠤᠨᠢ ᠬᠠᠷᠪᠤᠨ ᠣᠷᠣᠭᠰᠠᠨ ᠳ᠋ᠤ᠌ ᠲᠡᠷᠡ ᠬᠦᠷᠡᠩ ᠮᠣᠷᠢᠨ ᠤ᠋ ᠴᠤᠯᠪᠤᠭᠤᠷ ᠢ᠋ ᠲᠠᠢᠯᠵᠤ ᠠᠪᠤᠭᠠᠳ ᠥᠪᠡᠷ ᠦ᠋ᠨ ᠢ᠋ᠶ᠋ᠡᠨ ᠤᠶᠠᠭᠠᠲᠠ‍ᠢ ᠮᠣᠷᠢ ᠤᠷᠤᠭᠤ ᠪᠠᠨ ᠬᠡᠰᠡᠭ ᠶᠠᠪᠤᠭᠰᠠᠨ ᠢ᠋ᠶ᠋ᠠᠨ ᠭᠡᠨᠡᠳᠲᠡ ᠨᠢᠭᠡ ᠶᠠᠭᠤᠮ᠎ᠠ ᠰᠠᠨᠠᠵᠤ ᠭᠡᠳᠡᠷᠭᠦ ᠪᠤᠴᠠᠵᠤ ᠳ᠋ᠠᠭᠳᠠᠨ ᠳᠠ ᠯᠠᠮᠠ᠂ ᠴᠣᠬᠪᠠᠭᠠᠳᠤᠷ ᠤᠨ ᠮᠣᠷᠢᠨ ᠤ᠋ ᠡᠮᠡᠭᠡᠯ ᠤᠨ ᠪᠤᠷᠤᠭᠤ ᠲᠠᠯ᠎ᠠ ᠶ᠋ᠢᠨ ᠬᠢᠨᠢ ᠮᠥᠩᠭᠥᠨ ᠳᠠᠷᠤᠭᠤᠯᠭ᠎ᠠ᠂ ᠪᠠᠭᠠᠪᠤᠷ ᠢ᠋ ᠨᠢ ᠣᠭᠲᠣᠯᠵᠤ ᠠᠪᠤᠭᠠᠳ《ᠬᠦᠩ ᠨᠣᠶᠠᠨ ᠳ᠋ᠤ᠌ ᠠᠪᠠᠴᠢᠵᠤ ᠥᠭᠭᠦ ᠬᠦᠨᠳᠦ ᠪᠡᠯᠡᠭ 》 ᠭᠡᠵᠦ ᠥᠪᠡᠷ ᠲᠡᠭᠡᠨ ᠬᠡᠯᠡᠭᠡᠳ ᠪᠤᠰᠢᠭᠤᠬᠠᠨ ᠤᠶᠠᠭᠠᠲᠠᠢ ᠮᠤᠷᠢᠨ ᠳᠡᠭᠡᠷ᠎ᠡ ᠪᠡᠨ ᠣᠴᠢᠪᠠ᠃
       ᠮᠠᠨᠴᠤᠷᠭ᠎ᠠ ᠲᠡᠨᠳᠡ ᠡᠴᠡ ᠬᠥᠲᠥᠯᠵᠦ ᠶᠠᠪᠤᠭᠰᠠᠨ ᠬᠦᠷᠡᠩ ᠮᠣᠷᠢ ᠶ᠋ᠢ ᠪᠤᠭᠤᠲᠤ ᠶ᠋ᠢᠨ ᠤᠷᠲᠤ ᠣᠲᠣᠭ ᠤᠷᠤᠭᠤ ᠠᠪᠠᠴᠢᠵᠤ ᠬᠠᠭᠤᠴᠢᠨ ᠨᠢᠭᠡ ᠲᠠᠨᠢᠯ ᠢ᠋ᠶ᠋ᠠᠷ ᠳᠡᠮᠵᠢᠵᠦ ᠮᠥᠩᠭᠥ ᠪᠣᠯᠭᠠᠨ ᠵᠠᠷᠤᠴᠢᠬᠠᠭᠠᠳ ᠲᠡᠷᠡ ᠰᠥᠨᠢ ᠳ᠋ᠡᠭᠡᠨ ᠱᠣᠢᠱᠣᠭ ᠬᠡᠦᠬᠡᠨ ᠲᠡᠢ ᠪᠠᠷᠤᠭ ᠦᠦᠷ ᠴᠠᠢᠲᠠᠯ᠎ᠠ ᠡᠯᠳᠡᠪ ᠢ᠋ᠶ᠋ᠡᠷ ᠱᠠᠯᠢᠭᠯᠠᠨ ᠨᠠᠭᠠᠳᠤᠭᠰᠠᠨ ᠢ᠋ᠶ᠋ᠠᠨ ᠰᠡᠭᠦᠯ ᠳ᠋ᠡᠭᠡᠨ ᠨᠠᠮ ᠤᠨᠲᠠᠭᠠᠳ ᠥᠭᠪᠡ᠃ ᠮᠠᠷᠭᠠᠲᠤᠷ ᠥᠷᠯᠥᠭᠡ ᠳ᠋ᠦ᠍ᠨᠢ ᠡᠷᠲᠡ ᠪᠣᠰᠴᠤ ᠨᠠᠮᠰᠠᠷᠠᠢ ᠪᠤᠷᠬᠠᠨᠲᠤ ᠰᠦᠮ᠎ᠡ ᠶ᠋ᠢᠨ ᠨᠠᠭᠠᠭᠤᠷ ᠴᠠᠭᠠᠭᠤᠷ ᠬᠤᠲᠠᠴᠢ ᠨᠣᠬᠠᠢ ᠰᠢᠭ᠋ ᠬᠣᠯᠬᠢᠵᠤ ᠶᠠᠪᠤᠨ ᠳ᠋ᠠᠭᠳᠠᠨ ᠳᠠ ᠯᠠᠮᠠ ᠶ᠋ᠢᠨ ᠷᠤᠯᠮ᠎ᠠ ᠶ᠋ᠢᠨ ᠬᠢ ᠡᠴᠡ ᠭᠠᠷᠴᠤ ᠶᠠᠪᠤᠬᠤ ᠶ᠋ᠢ ᠭᠡᠲᠡᠵᠦ ᠰᠠᠭᠤᠯ᠎ᠠ᠃ 
       ᠳ᠋ᠠᠭᠳᠠᠨ ᠳᠠ ᠯᠠᠮᠠ ᠶ᠋ᠢ ᠪᠤᠭᠤᠲᠤ ᠠ᠋ᠴᠠ ᠬᠥᠳᠡᠯᠵᠦ ᠪᠠᠷᠠᠭᠤᠨᠰᠢᠯᠠᠮᠠᠭᠴᠠ ᠲᠡᠷᠡ ᠷᠤᠯᠮ᠎ᠠ ᠶ᠋ᠢᠨ ᠳ᠋ᠦ᠍ ᠬᠦᠨᠳᠦ ᠪᠡᠯᠡᠭ ᠲᠡᠢ ᠣᠷᠣᠵᠤ ᠰᠠᠢᠮᠰᠤᠷᠠᠵᠤ ᠭᠠᠷᠪᠠ᠃ ᠨᠢᠭᠡ ᠪᠠᠭᠯᠠᠭ᠎ᠠ ᠰᠠᠢᠨ ᠭᠡᠭᠴᠢ ᠶ᠋ᠢᠨ ᠬᠠᠷ᠎ᠠ ᠲᠠᠮᠠᠬᠢ᠂ ᠯᠤᠤ ᠮᠤᠰᠬᠢᠷᠠᠯᠳᠤᠭᠰᠠᠨ ᠬᠡ ᠲᠡᠢ ᠬᠣᠣᠰ ᠮᠥᠩᠭᠥᠨ ᠪᠠᠭᠤᠤ ᠪᠡᠯᠡᠭᠯᠡᠪᠡᠯ ᠷᠤᠯᠮ᠎ᠠ ᠮᠠᠩᠨᠠᠢ ᠪᠠᠨ ᠬᠠᠭᠠᠷᠠᠲᠠᠯ᠎ᠠ ᠪᠠᠶᠠᠷᠯᠠᠵᠤ ᠮᠠᠨᠴᠤᠷᠭ᠎ᠠ ᠶ᠋ᠢ ᠬᠦᠵᠦᠭᠦᠳᠡᠨ ᠲᠡᠪᠡᠷᠢᠵᠦ 《ᠥᠴᠥᠭᠡᠳᠦᠷ ᠣᠷᠣᠢ ᠶᠠᠭᠠᠬᠢᠭᠠᠳ ᠢᠷᠡᠳᠡᠭ ᠦᠭᠡᠢ ᠪᠣᠢ?》ᠴᠤ᠌ ᠭᠡᠬᠦ ᠰᠢᠭ᠃ 《ᠡᠳᠦᠷ ᠢ᠋ᠶ᠋ᠡᠷ ᠶᠠᠭᠠᠬᠢᠯᠲᠠᠢ ᠶᠤᠮ ?》 ᠴᠤ᠌ ᠭᠡᠬᠦ ᠰᠢᠭ ᠥᠬᠥᠭᠡᠷᠳᠡᠨ ᠬᠤᠷᠠᠭᠠᠨ ᠨᠢᠳᠦ ᠨᠢ ᠬᠦᠰᠡᠯ ᠲᠠᠴᠢᠶᠠᠯ ᠤ᠋ᠨ ᠣᠴᠢ ᠪᠠᠷ ᠭᠢᠯᠠᠯᠵᠠᠬᠤ ᠳ᠋ᠤ᠌ ᠮᠠᠨᠴᠤᠷᠭ᠎ᠠ ᠷᠤᠯᠮ᠎ᠠ ᠶ᠋ᠢ ᠴᠢᠩᠬ᠎ᠠ ᠲᠠᠪᠷᠢᠵᠦ ᠡᠩᠭᠡᠷ ᠤᠷᠤᠭᠤ ᠨᠢ ᠭᠠᠷ ᠢ᠋ᠶ᠋ᠠᠨ ᠰᠢᠷᠭᠤᠭᠤᠯᠵᠤ ᠬᠣᠷᠪᠣᠢᠨ ᠤᠨᠵᠢᠭᠢᠨᠠᠭᠰᠠᠨ ᠮᠥᠮᠥ ᠶ᠋ᠢ ᠨᠢ ᠢᠮᠡᠷᠴᠦ ᠢᠮᠡᠷᠴᠦ ᠲᠠᠯᠪᠢᠪᠠ᠃
       — ᠥᠴᠥᠭᠡᠳᠦᠷ ᠣᠷᠣᠢ ᠡᠭᠦᠳᠡᠨ ᠳᠡᠭᠡᠷ᠎ᠡ ᠴᠢᠨᠢ ᠢᠷᠡᠬᠦ ᠳ᠋ᠦ᠍ ᠳ᠋ᠠᠭᠳᠠᠨ ᠳᠠ ᠯᠠᠮᠠ ᠶ᠋ᠢᠨ ᠬᠥᠬᠡ ᠯᠠᠭᠤᠰᠠ ᠲᠠᠢ ᠣᠪᠣᠭ᠎ᠠ ᠬᠡᠳᠦᠨ ᠮᠣᠷᠢ ᠤᠶᠠᠭᠠᠲᠠᠢ ᠶ᠋ᠢ ᠬᠠᠷᠠᠭᠠᠳ ᠲᠠᠨ ᠳ᠋ᠤ᠌ ᠣᠷᠣᠵᠤ ᠴᠢᠳᠠᠭᠰᠠᠨ ᠦᠭᠡᠢ ᠁ 
       — ᠲᠡᠷᠡ ᠮᠠᠭᠤ ᠳᠠᠮᠰᠢᠭ ! ᠥᠴᠥᠭᠡᠳᠦᠷ ᠣᠷᠣᠢ ᠢᠷᠡᠴᠢᠬᠡᠭᠡᠳ ᠪᠥᠭᠰᠡ ᠪᠡᠨ ᠴᠢᠷᠦᠭᠡᠳ ᠁ ᠭᠡᠳ ᠷᠤᠯᠮ᠎ᠠ ᠮᠠᠨᠴᠤᠷᠭ᠎ᠠ ᠶ᠋ᠢᠨ ᠭᠤᠶ᠎ᠠ ᠶ᠋ᠢ ᠴᠢᠮᠬᠢᠨ᠎ᠡ᠃ 
       — ᠲᠡᠭᠡᠭᠡᠳ ᠠᠰᠢᠲᠠᠢᠬᠠᠨ ᠶᠤᠮ ᠤᠤ ᠳᠠ ? 
       — ᠰᠣᠯᠢᠶᠠᠷᠠ ᠲᠡᠷᠡ ᠴᠢᠨᠢ ᠲᠣᠮᠣᠭᠠᠲᠠᠢ ᠬᠥᠮᠦᠨ ᠰᠢᠦ! ᠭᠡᠳ ᠱᠠᠯ ᠣᠨᠳᠣᠣ ᠲᠡᠢᠰᠢ ᠶᠠᠷᠢᠪᠠ᠃ 
       — ᠪᠢ ᠢᠷᠡᠭᠰᠡᠨ ᠪᠣᠯ ᠬᠣᠶᠠᠷ ᠪᠤᠬ᠎ᠠ ᠬᠡᠷᠡᠵᠦ ᠬᠣᠨᠣᠭᠠᠳ ᠦᠢᠯᠡ ᠦᠵᠡᠨ᠎ᠡ ᠳᠡ ! 
       — ᠬᠣᠶᠠᠷ ᠪᠤᠬ᠎ᠠ ᠭᠡᠨ᠎ᠡ ? ᠁ ᠭᠡᠭ! ᠴᠢ ᠲᠡᠷᠡ ᠪᠦᠳᠦᠭᠦᠨ ᠮᠢᠬᠠᠨ ᠪᠠᠯᠢᠩ ᠢ᠋ ᠬᠡᠷᠡᠵᠦ ᠥᠷᠢᠰᠦᠨ ᠳᠡᠢᠯᠬᠦ ᠤᠤ ? ᠲᠡᠷᠡ ᠮᠢᠬᠠᠨ ᠣᠪᠣᠭ᠎ᠠ ᠰᠢᠭ᠋ ᠳᠠᠮᠰᠢᠭ ᠲᠤ᠌ ᠲᠠᠢᠯᠳᠠᠨ᠎ᠠ ᠳᠠ! ᠭᠡᠳ ᠷᠤᠯᠮ᠎ᠠ ᠬᠠᠳᠠᠭᠠᠨᠠᠲᠠᠯ᠎ᠠ ᠢᠨᠢᠶᠡᠨ᠎ᠡ᠃ 
       — ᠴᠢ ᠲᠡᠭᠡᠭᠡᠳ ᠲᠡᠷᠡ ᠠᠭᠤᠯᠠ ᠬᠠᠳᠠ ᠰᠢᠭ᠋ ᠮᠢᠬᠠᠨ ᠣᠪᠣᠭᠠᠨ ᠳ᠋ᠤ᠌ ᠶᠠᠭᠠᠬᠢᠬᠤ ᠳ᠋ᠠᠭᠠᠨ ᠨᠢᠴᠠ ᠳᠠᠷᠤᠭᠤᠯᠴᠢᠬᠠᠭᠰᠠᠨ ᠦᠭᠡᠢ ᠶᠦᠮ?
       — ᠁ 
      ᠷᠤᠯᠮ᠎ᠠ ᠦᠭᠡ ᠳᠤᠤᠭᠠᠷᠤᠭᠰᠠᠨ ᠦᠭᠡᠢ ᠮᠠᠨᠴᠤᠷᠭ᠎ᠠ ᠶ᠋ᠢᠨ ᠭᠤᠶ᠎ᠠ ᠶ᠋ᠢ ᠪᠠᠰᠠ ᠨᠢᠭᠡ ᠴᠢᠮᠬᠢᠪᠡ᠃ 
       — ᠳᠤᠷ᠎ᠠ ᠳ᠋ᠤ᠌ ᠰᠢᠷ᠎ᠠ ᠦᠭᠡᠢ ᠭᠡᠵᠦ ᠶᠠᠮᠠᠷ ᠮᠠᠭᠤ ᠡᠮ᠎ᠡ ᠬᠥᠮᠦᠨ ᠴᠤ᠌ ᠭᠡᠰᠡᠨ ᠡᠷ᠎ᠡ ᠳᠠᠭᠠᠭᠠᠳᠠᠭ ᠭᠡᠨ᠎ᠡ ᠪᠢᠯᠡ ᠠ᠂ ᠮᠥᠨ ᠲᠡᠰᠪᠦᠷᠢᠲᠡᠢ ᠯᠦᠳ᠋ ᠶᠦᠮ ᠠ᠋ ᠴᠢ! ᠭᠡᠳ ᠥᠩᠭᠡᠷᠡᠭᠴᠢ ᠰᠥᠨᠢ ᠱᠣᠢᠱᠣᠭ ᠬᠡᠦᠬᠡᠨ ᠱᠣᠭᠰᠢᠭᠤᠯᠵᠤ ᠬᠣᠨᠣᠭᠰᠠᠨ ᠮᠠᠨᠴᠤᠷᠭ᠎ᠠ ᠶ᠋ᠢᠨ ᠪᠡᠶ᠎ᠡ ᠰᠤᠯᠳᠠᠢᠵᠤ ᠷᠣᠯᠮ᠎ᠠ ᠲᠠᠢ ᠨᠣᠵᠣᠭᠣᠷᠠᠬᠤ ᠤᠷᠮ᠎ᠠ ᠦᠭᠡᠢ ᠳ᠋ᠡᠭᠡᠨ 《ᠡᠨᠡ ᠠ᠋᠂ ᠲᠡᠷᠡ ᠠ᠋》 ᠭᠡᠵᠦ ᠬᠣᠷᠣ ᠰᠢᠷ᠎ᠠ ᠮᠠᠯᠲᠠᠭᠰᠠᠨ ᠦᠭᠡ ᠲᠣᠭᠣᠷᠢᠭᠤᠯᠵᠤ ᠪᠠᠢᠭᠠᠳ ᠷᠤᠯᠮ᠎ᠠ ᠶᠢᠨ ᠠᠮᠠᠨ ᠠ᠋ᠴᠠ ᠥᠴᠥᠭᠡᠳᠦᠷ ᠰᠥᠨᠢ ᠶ᠋ᠢᠨ ᠳ᠋ᠠᠭᠳᠠᠨ ᠳᠠ ᠯᠠᠮᠠ᠂ ᠴᠤᠭᠪᠠᠭᠠᠲᠤᠷ ᠨᠠᠷ ᠤ᠋ᠨ ᠶᠠᠭᠤ ᠬᠤᠤᠪᠢᠯᠳᠤᠭᠰᠠᠨ ᠢ᠋ ᠢᠷᠣᠭᠠᠷ ᠢ᠋ᠶ᠋ᠠᠷ ᠨᠢ ᠮᠡᠳᠡᠵᠦ ᠠᠪᠴᠠᠢ᠃ 
       ᠮᠠᠨᠴᠤᠷᠭ᠎ᠠ ᠮᠣᠷᠳᠠᠬᠤ ᠳ᠋ᠤ᠌ ᠷᠤᠯᠮ᠎ᠠ ᠬᠦᠷᠭᠡᠵᠦ ᠭᠠᠷᠤᠭᠠᠳ ᠲᠡᠭᠦᠨ ᠦ᠌ ᠡᠮᠡᠭᠡᠯᠲᠡᠢ ᠮᠣᠷᠢ ᠶ᠋ᠢ ᠬᠠᠷᠠᠭᠰᠠᠨ ᠢ᠋ᠶ᠋ᠠᠨ᠄ 
       ᠥᠴᠥᠭᠡᠳᠦᠷ ᠰᠥᠨᠢ ᠡᠨᠡ ᠱᠣᠩ ᠳᠡᠭᠡᠷ᠎ᠡ ᠡᠴᠡ ᠲᠡᠳᠡᠨᠦᠰ ᠨᠢᠭᠡ ᠮᠣᠷᠢ ᠪᠠᠨ ᠠᠯᠳᠠᠯ᠎ᠠ ᠭᠡᠵᠦ ᠪᠠᠢᠭᠰᠠᠨ᠃ ᠥᠷᠯᠥᠭᠡᠭᠦᠷ ᠳ᠋ᠠᠭᠳᠠᠨ ᠳᠠ ᠯᠠᠮᠠ ᠮᠣᠷᠳᠠᠬᠤ ᠳ᠋ᠠᠭᠠᠨ ᠡᠮᠡᠭᠡᠯ ᠦ᠋ᠨ ᠬᠢᠨᠢ ᠪᠤᠷᠤᠭᠤ ᠲᠠᠯ᠎ᠠ ᠶ᠋ᠢᠨ ᠮᠥᠩᠭᠥᠨ ᠳᠠᠷᠤᠭᠤᠯᠭ᠎ᠠ᠂ ᠪᠠᠭᠠᠪᠤᠷ ᠢ᠋ ᠨᠢ ᠬᠥᠮᠦᠨ ᠣᠭᠳᠣᠯᠴᠢᠬᠠᠵᠠᠢ ᠭᠡᠳ ᠴᠠᠭᠠᠳᠤᠬᠢ ᠴᠢᠨᠢ ᠰᠦᠷᠡᠬᠡᠢ ᠭᠡᠮᠰᠢᠭᠦᠯᠡᠩ ᠶᠠᠪᠤᠭᠰᠠᠨ! 《ᠬᠡᠷᠡᠭ ᠯᠡᠪᠡᠷᠡᠴᠢᠭᠡᠪᠡ ᠤᠤ》 ᠴᠤ᠌ ᠭᠡᠵᠦ ᠪᠠᠢᠭᠰᠠᠨ ᠳᠠ ! ᠴᠢ ᠪᠢᠲᠡᠭᠡᠢ ᠯᠡ ᠮᠢᠨᠦ ᠬᠡᠯᠡᠭᠰᠡᠨ ᠢ᠋ ᠴᠠᠭᠠᠰᠢ ᠪᠠᠨ ᠳᠣᠷᠭᠢᠵᠤ ᠣᠷᠭᠢ ! ᠭᠡᠪᠡ᠃
        ᠵᠠ᠂ ᠪᠤᠴᠠ᠂ ᠪᠤᠴᠠ᠂ ᠷᠤᠯᠮ᠎ᠠ ᠠ᠋ ! ᠭᠡᠳ ᠮᠠᠨᠴᠤᠷᠭ᠎ᠠ ᠵᠠᠮ ᠳ᠋ᠠᠭᠠᠨ ᠣᠷᠣᠪᠠ᠃  ᠷᠤᠯᠮ᠎ᠠ ᠮᠠᠨᠴᠤᠷᠭ᠎ᠠ ᠶ᠋ᠢᠨ ᠠᠷᠤ ᠠ᠋ᠴᠠ ᠤᠳᠠᠲᠠᠯ᠎ᠠ ᠬᠠᠷᠠᠵᠤ ᠵᠣᠭᠰᠣᠭᠰᠠᠨ ᠢ᠋ᠶ᠋ᠠᠨ ᠭᠠᠷ ᠳᠠᠬᠢ ᠯᠤᠤ ᠬᠡ ᠲᠡᠢ ᠰᠢᠨ᠎ᠡ ᠮᠥᠩᠭᠥᠨ ᠪᠠᠭᠤᠤ ᠪᠠᠨ ᠮᠤᠯᠲᠤᠯᠵᠤ ᠬᠡᠰᠡᠭ ᠰᠢᠨᠵᠢᠵᠦ ᠦᠵᠡᠭᠡᠳ ᠢᠨᠢᠶᠡᠨ ᠳᠠᠯᠳᠠ ᠬᠢᠪᠡ᠃ ᠭᠡᠨᠡᠳᠲᠡ ᠨᠢᠭᠡ ᠬᠥᠮᠦᠨ ᠲᠡᠭᠦᠨ ᠦ᠌ ᠬᠥᠯ ᠳᠣᠣᠷ᠎ᠠ ᠨᠢ ᠨᠢᠭᠡ ᠬᠡᠰᠡᠭ ᠸᠠᠭᠠᠷ ᠤ᠋ᠨ ᠬᠡᠯᠲᠡᠷᠬᠡᠢ ᠰᠢᠳᠡᠵᠦ ᠣᠬᠢᠭᠠᠳ ᠴᠢᠮᠡᠭᠡ ᠦᠭᠡᠢ ᠪᠣᠯᠪᠠ᠃ 
       ᠪᠠᠭ᠎ᠠ ᠬᠠᠲᠤᠨ ᠤ᠋ ᠪᠠᠷ᠎ᠠ ᠶ᠋ᠢ ᠣᠯᠵᠤ ᠬᠠᠷᠠᠭᠰᠠᠨ ᠦᠭᠡᠢ ᠪᠣᠯᠪᠠᠴᠤ ᠂ ᠬᠦᠩ ᠨᠣᠶᠠᠨ ᠳ᠋ᠠᠭᠠᠨ 《ᠬᠦᠨᠳᠦ ᠪᠡᠯᠡᠭ》 ᠲᠡᠢ ᠣᠴᠢᠨ᠎ᠠ ᠭᠡᠳ ᠮᠠᠨᠴᠤᠷᠭ᠎ᠠ ᠮᠣᠷᠢᠨ ᠳ᠋ᠠᠭᠠᠨ ᠲᠠᠰᠢᠭᠤᠷ ᠥᠭᠴᠦ ᠬᠤᠷᠳᠤᠯᠠᠪᠠ᠃
       ᠬᠠᠲᠠᠷᠢᠶ᠎ᠠ ᠰᠠᠢᠲᠠᠢ ᠮᠣᠷᠢᠨ ᠤ᠋ ᠨᠢᠷᠤᠭᠤᠨ ᠳ᠋ᠤ᠌ ᠭᠡᠳᠡᠯᠵᠡᠵᠦ ᠶᠠᠪᠤᠬᠤ ᠭᠡᠭᠴᠢ ᠡᠷ᠎ᠡ ᠬᠥᠮᠦᠨ ᠦ᠌ ᠵᠢᠷᠭᠠᠯ ᠤ᠋ᠨ ᠨᠢᠭᠡ ᠪᠢᠯᠡ᠃ ᠮᠠᠨᠴᠤᠷᠭ᠎ᠠ ᠭᠠᠨᠵᠤᠭ᠎ᠠ ᠳᠦᠭᠦᠷᠡᠩ ᠪᠤᠴᠠᠵᠤ ᠶᠠᠪᠤᠭ᠎ᠠ ᠳ᠋ᠠᠭᠠᠨ ᠬᠦᠷᠢᠶᠡᠨ ᠦ᠌ ᠪᠡᠨ ᠡᠭᠦᠳᠡᠨ ᠳ᠋ᠦ᠍ ᠥᠨᠥᠴᠢᠷᠡᠨ ᠬᠣᠴᠣᠷᠤᠭᠰᠠᠨ ᠷᠤᠯᠮ᠎ᠠ ᠶ᠋ᠢ ᠳᠣᠲᠣᠷ᠎ᠠ ᠪᠠᠨ ᠦᠷᠦ ᠡᠪᠡᠳᠦᠨ《ᠠᠢ᠂ ᠬᠥᠭᠡᠷᠦᠬᠦᠢ ᠳᠡ ! ᠨᠢᠭᠡ ᠪᠡᠯᠪᠡᠰᠦᠨ ᠥᠷᠥᠭᠡᠰᠦᠨ ᠡᠮ᠎ᠡ ᠬᠥᠮᠦᠨ ᠠᠵᠤ ᠠᠮᠢᠳᠤᠷᠠᠬᠤ ᠶ᠋ᠢᠨ ᠡᠷᠬᠡᠨ ᠳ᠋ᠦ᠍ ᠨᠢᠭᠡ ᠨᠠᠰᠤᠨ ᠳ᠋ᠠᠭᠠᠨ ᠶᠠᠭᠠᠬᠢᠵᠤ ᠴᠤ᠌ ᠶᠠᠪᠤᠯ᠎ᠠ ᠳᠠ! ᠪᠠᠰᠠ ᠨᠢᠭᠡ ᠦᠷᠦ ᠵᠥᠭᠡᠯᠡᠨ ᠨᠣᠮᠣᠢ ᠠᠮᠢᠲᠠᠨ ᠶᠤᠮ ᠠ᠋! ᠳᠤᠷᠠᠲᠠᠢ ᠬᠠᠢᠷᠠᠲᠠᠢ ᠶᠠᠭᠤᠮ᠎ᠠ ᠶ᠋ᠢ ᠨᠢ ᠭᠠᠷᠳᠠᠭᠤᠯᠤᠭᠠᠳ ᠴᠣᠷᠪᠣᠭᠣᠷ ᠤᠷᠤᠭᠤᠯ ᠢ᠋ ᠨᠢ ᠦᠨᠦᠰᠬᠦ ᠳ᠋ᠦ᠍ ᠪᠠᠢᠳᠠᠭ ᠢ᠋ᠶ᠋ᠠᠨ ᠰᠡᠭᠰᠦᠷᠴᠦ ᠪᠢᠯᠳ᠋ᠠᠩ ᠢ᠋ᠶ᠋ᠡᠨ ᠴᠤ᠌ ᠭᠣᠭᠣᠵᠢᠭᠤᠯᠴᠢᠬᠠᠳᠠᠭ ᠨᠢ ᠡᠮ᠎ᠡ ᠬᠥᠮᠥᠨ ᠪᠥᠬᠥᠨ ᠦ ᠠᠳᠠᠯᠢᠬᠠᠨ ᠵᠠᠩ ᠶᠤᠮ ᠤᠤ? ᠪᠢᠰᠢ ᠪᠠᠢᠬ᠎ᠠ ᠡ! ᠭᠠᠭᠴᠠ ᠷᠤᠯᠮ᠎ᠠ ᠯᠠ᠁ 》ᠭᠡᠵᠦ ᠰᠠᠨᠠᠭᠠᠨ ᠳ᠋ᠠᠭᠠᠨ ᠰᠦᠷᠡᠬᠡᠢ ᠥᠷᠥ᠍ ᠡᠪᠡᠳᠦᠨ ᠲᠡᠭᠦᠨ ᠢ ᠳᠤᠷᠠᠰᠤᠨ ᠶᠠᠪᠤᠨ᠎ᠠ ᠁ 

– – – – 
① ᠱᠣᠢᠱᠣᠭ ᠢ᠋ ᠤᠷᠠᠳ ᠤ᠋ᠳ ᠱᠣᠢᠳᠠᠨ ᠭᠡᠳᠡᠭ᠃
② ᠤᠯᠠᠭᠠᠨ ᠬᠠᠲᠤᠨ ᠤ᠋ ᠬᠥᠪᠡᠭᠡᠨ ᠳ᠋ᠡᠬᠢ ᠨᠢᠭᠡ ᠵᠦᠢᠯ ᠦ᠋ᠨ ᠨᠠᠷᠢᠯᠢᠭ ᠰᠢᠪᠡᠷ ᠢ᠋ ᠤᠷᠠᠳ ᠤ᠋ᠳ ᠪᠠᠯᠳᠠᠨᠰᠣ ᠪᠤᠶᠤ ᠤᠯᠠᠭᠠᠨ ᠵᠠᠭᠠᠷᠠᠭ ᠭᠡᠳᠡᠭ᠃
③ ᠴᠢᠷᠮᠠᠢᠳᠠᠭ᠂ ᠬᠦᠴᠦᠯᠡᠳᠡᠭ ᠭᠡᠰᠡᠨ ᠤᠳᠬ᠎ᠠ ᠲᠠᠢ᠃ 
④ ᠲᠠᠯᠪᠢᠭᠠᠳ ᠣᠴᠢᠯ᠎ᠠ ᠭᠡᠰᠡᠨ ᠨᠤᠲᠤᠭ ᠤ᠋ᠨ ᠬᠡᠯᠡᠯᠭᠡ᠃

       ᠦᠰᠦᠭ ᠠᠮᠢᠯᠠᠭᠤᠯᠤᠭᠰᠠᠨ ᠨᠢ᠄  <ᠬᠡᠯᠡ ᠪᠢᠴᠢᠭ> ᠬᠣᠯᠪᠣᠭ᠎ᠠ