ᠭᠠᠬᠠᠢ ᠶᠢᠨ ᠣᠷᠳᠣᠨPIGLAND03
ᠭᠠᠬᠠᠢ ᠶ᠋ᠢᠨ ᠤᠷᠳᠤᠨ( ᠭᠤᠷᠪᠠ) ᠬᠠᠷᠠᠩᠭᠤᠢ ᠶ᠋ᠢᠨ ᠤᠩᠭᠤᠰᠤ
ᠬᠦᠷᠪᠡᠯ᠄ ᠡᠨᠡ ᠬᠣᠶᠠᠷ ᠢ᠋ ᠶᠠᠭᠠᠬᠢᠬᠤ ᠤᠤ? ᠳᠠᠷᠤᠭ᠎ᠠ ᠶ᠋ᠢ ᠢᠷᠡᠬᠦ ᠡᠴᠡ ᠡᠮᠦᠨ᠎ᠡ ᠴᠢᠨᠠᠵᠤ ᠪᠠᠢᠶ᠎ᠠ᠃
ᠮᠣᠭᠠᠢ᠄ ᠲᠠ ᠬᠣᠶᠠᠷ ᠴᠠᠭ ᠢ᠋ᠶ᠋ᠠᠨ ᠲᠤᠯᠬᠤ ᠪᠠᠷ ᠣᠭᠣᠲᠣᠨ᠎ᠠ ᠴᠤ᠌ ᠠᠯᠠᠵᠤ ᠢᠳᠡᠵᠦ ᠴᠢᠳᠠᠳᠠᠭ ᠦᠭᠡᠢ ᠪᠢᠵᠡ ᠳᠡ᠂ ᠨᠠᠭᠠᠨ᠎ᠠ ᠬᠣᠶᠠᠷ ᠢ᠋ᠶ᠋ᠠᠨ ᠲᠠᠯᠪᠢᠵᠤ ᠶᠠᠪᠤᠭᠤᠯ᠃
ᠬᠦᠷᠪᠡᠯ᠄ ᠳᠠᠷᠤᠭ᠎ᠠ ᠢᠷᠡᠵᠦ ᠪᠠᠢᠭ᠎ᠠ ᠶᠤᠮ ᠪᠠᠢᠬᠤ ᠳᠠ᠃
ᠲᠠᠤᠯᠠᠢ ᠄ ᠮᠠᠲᠠᠷ ᠠᠮᠢᠳᠤ ᠤᠤ?
ᠶᠤᠨᠳᠤᠨ᠄ ᠮᠢᠨᠦ ᠬᠣᠰᠬᠢᠨᠠᠭ ᠢᠩᠭᠢᠵᠦ ᠬᠣᠷᠣᠰᠴᠤ ᠪᠠᠢᠬᠤ ᠳ᠋ᠤ᠌ ᠲᠡᠭᠦᠨ ᠦ᠌ ᠬᠠᠮᠠᠷ ᠴᠤ᠌ ᠪᠣᠯᠵᠤ ᠪᠠᠢᠭ᠎ᠠ ᠪᠠᠢᠯᠭᠦᠢ᠃
ᠪᠠᠢᠪᠠᠷᠯᠢ᠄ ᠰᠠᠢᠨ ᠤᠤ? ᠨᠠᠢᠵᠠ ᠨᠤᠭᠤᠳ ᠠ᠋
ᠶᠤᠨᠳᠤᠨ᠄ ᠬᠥᠶᠢ᠂ ᠲᠠ ᠬᠣᠶᠠᠷ ᠠᠮᠢᠳᠤ ᠤᠤ?
ᠨᠤᠷᠪᠤ᠄ ᠠᠨᠳᠠ ᠨᠤᠭᠤᠳ ᠠ᠋᠂ ᠲᠡᠭᠦᠨ ᠢ᠋ ᠬᠠᠷ᠎ᠠ ᠳᠠ᠂ ᠲᠠᠤᠯᠠᠢ ᠶ᠋ᠢᠨ ᠳ᠋ᠧᠪᠠᠵᠠᠨ᠃
ᠶᠤᠨᠳᠤᠨ᠄ ᠪᠢ ᠪᠡᠬᠢᠯᠡᠵᠦ ᠪᠠᠢᠶ᠎ᠠ᠂ ᠲᠠ ᠨᠠᠷ ᠠᠷᠠᠢ ᠬᠥᠩᠭᠡᠨ ᠢ᠋ᠶ᠋ᠡᠷ ᠢ᠋ᠶ᠋ᠡᠨ ᠡᠬᠢᠯᠡᠭᠡᠳ ᠶᠠᠪᠤᠵᠤ ᠪᠠᠢ᠃ ᠳ᠋ᠠᠮᠪᠠ ᠴᠢ ᠶᠠᠪᠤᠬᠤ ᠦᠭᠡᠢ ᠶᠤᠮ ᠤᠤ?
ᠳ᠋ᠠᠮᠪᠠ᠄ ᠵᠠ ᠵᠠ᠂ ᠪᠢ ᠯᠠᠪ ᠡᠨᠡ ᠲᠠᠪᠤᠨ ᠰᠠᠯᠠᠭ᠎ᠠ ᠲᠠᠢ ᠪᠠᠨ ᠢᠳᠡᠭᠡᠳ ᠦᠯᠡᠲᠡᠯ᠎ᠡ᠃
ᠶᠤᠨᠳᠤᠨ᠄ ᠪᠠᠢᠪᠠᠷᠯᠢ ᠴᠢ ᠶᠠᠭᠠᠬᠢᠬᠤ ᠶᠤᠮ?
ᠪᠠᠢᠪᠠᠷᠯᠢ᠄ ᠡᠨᠳᠡ ᠪᠡᠨ ᠠᠮᠲᠠ ᠠᠪᠴᠢᠬᠠᠶ᠎ᠠ᠂ ᠪᠢ ᠪᠠᠭ᠎ᠠ ᠳ᠋ᠤ᠌ ᠪᠠᠨ ᠲᠡᠮᠡᠭᠡᠨ ᠡᠴᠡ ᠤᠨᠠᠭᠠᠳ ᠥᠨᠳᠥᠷ ᠡᠴᠡ ᠠᠶᠤᠳᠠᠭ ᠪᠣᠯᠴᠢᠬᠠᠭᠰᠠᠨ ᠶᠤᠮ ᠠ᠋᠃
ᠳ᠋ᠠᠮᠪᠠ᠄ ᠲᠡᠷᠡ ᠪᠤᠲᠠ ᠰᠢᠭ᠋ ᠬᠡᠪᠲᠡᠵᠦ ᠪᠠᠢᠭᠰᠠᠨ ᠪᠢᠵᠡ ᠳᠡ᠃
ᠪᠠᠢᠪᠠᠷᠯᠢ᠄ ᠥᠭᠡᠷ᠎ᠡ ᠲᠠᠪᠤᠨ ᠰᠠᠯᠠᠭ᠎ᠠ ᠢᠳᠡᠮᠡᠷ ᠪᠠᠢᠨ᠎ᠠ ᠤᠤ?
ᠲᠠᠤᠯᠠᠢ᠄ ᠳᠡᠮᠴᠤᠭ ᠡᠪᠦᠭᠡ᠂ ᠳᠡᠮᠴᠤᠭ ᠡᠪᠦᠭᠡ
ᠨᠣᠮᠣᠨ᠄ ᠬᠡᠨ ᠪᠣᠢ?
ᠬᠠᠷᠠᠭᠤᠯ᠄ ᠴᠢ ᠶᠠᠭᠠᠬᠢᠬᠤ ᠭᠡᠵᠦ ᠪᠠᠢᠭ᠎ᠠ ᠶᠤᠮ? ᠯᠠᠪᠯᠠ ᠭᠡᠵᠦ ᠳᠡ ᠰᠣᠬᠣᠷ ᠠ᠋᠂ ᠲᠡᠮᠴᠤᠭ ᠠᠬᠠᠮᠠᠳ ᠠ᠋᠂ ᠳᠡᠯᠳᠡᠩ ᠢᠷᠡᠭᠰᠡᠨ ᠪᠠᠢᠨ᠎ᠠ᠃
ᠳᠡᠮᠴᠣᠭ᠄ ᠦ᠂ ᠡᠨᠡ ᠴᠢᠨᠢ ᠳᠡᠭᠳᠡᠮᠡ ᠮᠢᠨᠢ ᠢᠷᠡᠴᠢᠬᠡᠭᠰᠡᠨ ᠪᠠᠢᠨ᠎ᠠ ᠰᠢᠦ ᠳᠡ᠃ ᠮᠢᠨᠦ ᠬᠦᠦ ᠰᠠᠢᠨ ᠤᠤ? ᠶᠠᠭᠤ ᠬᠢᠵᠦ ᠶᠠᠪᠤᠨ᠎ᠠ ᠳᠠ᠃
ᠲᠠᠤᠯᠠᠢ᠄ ᠵᠢᠭᠠᠬᠠᠨ ᠥᠯᠥᠰᠦᠭᠡᠳ ᠠ᠋᠂ ᠲᠡᠭᠡᠭᠡᠳ ᠨᠠᠢᠵᠠ ᠨᠤᠭᠤᠳ ᠲᠠᠢ ᠪᠠᠨ ᠬᠣᠳᠣᠭᠣᠳᠣ ᠪᠠᠨ ᠵᠤᠭᠤᠭᠠᠬᠤ ᠭᠡᠳ ᠯᠡ ᠢᠷᠡᠯ᠎ᠡ᠃
ᠳᠡᠮᠴᠣᠭ᠄ ᠡᠪᠡᠢ ᠡᠪᠡᠢ᠂ ᠨᠢᠯᠬ᠎ᠠ ᠶᠠᠭᠤᠮ᠎ᠠ ᠪᠠᠢᠭ᠎ᠠ ᠶᠤᠮ᠂ ᠡᠪᠦᠭᠡ ᠨᠢ ᠶᠠᠭ ᠣᠷᠣᠢ ᠶ᠋ᠢᠨ ᠵᠣᠭᠣᠭ ᠪᠡᠯᠡᠳᠴᠦ ᠪᠠᠢᠯ᠎ᠠ᠂ ᠡᠪᠦᠭᠡ ᠳ᠋ᠦ᠍ ᠪᠡᠨ ᠨᠥᠭᠦᠭᠡ ᠳᠠᠭᠤᠤ ᠪᠠᠨ ᠨᠢᠭᠡ ᠳᠠᠭᠤᠯᠠᠭᠠᠳ ᠥᠭ ᠳᠡ᠃
ᠲᠠᠤᠯᠠᠢ᠄ ᠠᠢ ᠢᠴᠢᠮᠡᠷ ᠶᠤᠮ ᠠ᠋᠂ ᠬᠠᠵᠠᠭᠤ ᠳ᠋ᠤ᠌ ᠨᠠᠢᠵᠠ ᠨᠤᠭᠤᠳ ᠪᠠᠢᠨ᠎ᠠ ᠰᠢᠲᠠ᠃
ᠳᠡᠮᠴᠤᠭ᠄ ᠲᠡᠭᠡᠪᠡᠯ ᠬᠠᠭᠠᠯᠭ᠎ᠠ ᠪᠠᠨ ᠨᠡᠭᠡᠭᠡᠬᠦ ᠦᠭᠡᠢ ᠳᠡ᠃
ᠨᠤᠷᠪᠤ᠄ ᠳᠠᠭᠤᠯᠠᠭᠠᠴᠢ ᠳᠠ!
ᠳᠡᠮᠴᠤᠭ᠄ ᠴᠡᠴᠡᠷᠯᠢᠭ ᠲᠦ᠍ ᠪᠠᠢᠬᠤ ᠳ᠋ᠤ᠌ ᠪᠠᠨ ᠯᠠ ᠡᠪᠦᠭᠡ ᠶ᠋ᠢᠨ ᠢ᠋ᠶ᠋ᠡᠨ ᠲᠥᠷᠥᠭᠰᠡᠨ ᠡᠳᠦᠷ ᠯᠡ ᠳᠠᠭᠤᠯᠠᠳᠠᠭ ᠪᠠᠢᠭᠰᠠᠨ ᠶᠤᠮ᠂ ᠶᠠᠪᠤᠵᠤ ᠬᠠᠭᠠᠯᠭ᠎ᠠ ᠪᠠᠨ ᠨᠡᠬᠡᠭᠡ᠂ ᠵᠠ ᠡᠪᠦᠭᠡ ᠨᠢ ᠵᠤᠤᠬ᠎ᠠ ᠪᠠᠨ ᠤᠨᠲᠠᠷᠠᠭᠠᠭᠠᠳ ᠢᠷᠡᠶ᠎ᠡ᠂ ᠴᠢ ᠨᠠᠢᠵᠠ ᠨᠤᠭᠤᠳ ᠢ᠋ ᠳᠠᠭᠠᠭᠤᠯᠤᠭᠠᠳ ᠣᠷᠣᠭᠠᠳ ᠢᠷᠡᠭᠡᠷᠡᠢ᠃
ᠪᠠᠢᠪᠠᠷᠯᠢ᠄ ᠡᠵᠢ ᠠ᠋!
ᠶᠤᠨᠳᠤᠨ᠄ ᠴᠢ ᠬᠥᠮᠦᠨ ᠠᠯᠠᠬᠤ ᠬᠡ ᠤᠤ? ᠳᠣᠭᠣᠭᠰᠢ ᠪᠠᠨ ᠪᠢᠲᠡᠭᠡᠢ ᠬᠠᠷ᠎ᠠ᠃
ᠨᠣᠮᠣᠨ᠄ ᠭᠦᠦᠰᠢ᠂ ᠲᠡᠷᠡ ᠰᠣᠶᠣᠭ᠎ᠠ ᠲᠠᠢ ᠰᠠᠭᠠᠷᠠᠯ ᠶᠠᠭᠤ ᠪᠣᠢ?
ᠬᠠᠷᠠᠭᠤᠯ᠄ ᠠ᠂ ᠰᠣᠶᠣᠭ᠎ᠠ ᠲᠠᠢ ᠰᠠᠭᠠᠷᠠᠯ ᠠ᠋? ᠴᠢᠨᠣ᠎ᠠ ᠯᠠ ᠪᠠᠢᠯᠭᠦᠢ᠃
ᠨᠣᠮᠣᠨ᠄ ᠠ᠁ ᠴᠢᠨᠣ᠎ᠠ
ᠶᠤᠨᠳᠤᠨ᠄ ᠳᠡᠯᠳᠡᠩ᠂ ᠨᠠᠢᠵᠠ ᠨᠤᠭᠤᠳ ᠢ᠋ᠶ᠋ᠠᠨ ᠭᠠᠯ ᠢ᠋ᠶ᠋ᠠᠨ ᠵᠣᠭᠰᠣᠭ᠎ᠠ ᠭᠡᠵᠦ ᠬᠡᠯᠡᠭᠡᠴᠢ᠃
ᠪᠠᠢᠪᠠᠷᠯᠢ᠄ ᠪᠢ ᠳᠠᠬᠢᠵᠤ ᠦᠬᠦᠮᠡᠷ ᠦᠭᠡᠢ ᠪᠠᠢᠨ᠎ᠠ᠃
ᠲᠠᠤᠯᠠᠢ᠄ ᠪᠢᠳᠡᠨ ᠲᠡᠢ ᠬᠠᠮᠲᠤ ᠶᠠᠪᠤᠵᠤ ᠪᠠᠢᠭ᠎ᠠ ᠬᠥᠮᠦᠰ ᠠ᠋᠂ ᠲᠠᠤᠯᠠᠢ ᠨᠤᠭᠤᠳ ᠠ᠋᠂ ᠲᠡᠷᠡ ᠴᠢᠨᠣ᠎ᠠ ᠪᠢᠰᠢ ᠰᠢᠲᠠ᠃
ᠨᠤᠷᠪᠤ᠄ ᠠᠭ᠎ᠠ ᠠ᠋᠂ ᠵᠢᠭᠤᠲᠠᠭᠠᠷᠠᠢ! ᠠᠭ᠎ᠠ ᠠ᠋
ᠪᠠᠢᠪᠠᠷᠯᠢ᠄ ᠶᠠ᠂ ᠳ᠋ᠠᠮᠪᠠ ᠲᠤᠰᠠᠯᠠᠭᠠᠷᠠᠢ᠃
ᠶᠤᠨᠳᠤᠨ᠄ ᠶᠠᠮᠠᠷ ᠨᠢᠭᠡᠨ ᠶᠠᠭᠤᠮ᠎ᠠ ᠰᠡᠳᠬᠢᠭᠡᠷᠡᠢ ᠳ᠋ᠠᠮᠪᠠ
ᠳ᠋ᠠᠮᠪᠠ᠄ ᠶᠠᠭᠠᠬᠢᠬᠤ ᠤᠤ? ᠶᠠᠭᠠᠬᠢᠬᠤ ᠤᠤ?
ᠪᠠᠢᠪᠠᠷᠯᠢ᠄ ᠳ᠋ᠠᠮᠪᠠ ᠨᠠᠮ᠎ᠠ ᠶ᠋ᠢ ᠠᠪᠤᠷᠠᠬᠤ ᠦᠭᠡᠢ ᠪᠣᠯ ᠠᠮᠠ ᠤᠷᠤᠭᠤ ᠴᠢᠨᠢ ᠰᠢᠷᠠᠯᠵᠢ ᠴᠢᠬᠢᠴᠢᠬᠡᠨᠡ ᠰᠢᠦ ᠂ ᠳ᠋ᠠᠮᠪᠠ᠁ ᠶᠠ᠂ ᠴᠢ ᠴᠢᠨᠢ ᠲᠡᠨᠡᠭ ᠶᠤᠮ ᠤᠤ?
ᠳ᠋ᠠᠮᠪᠠ᠄ ᠴᠢ ᠴᠢᠨᠢ ᠥᠪᠡᠷ ᠢ᠋ᠶ᠋ᠡᠨ ᠬᠥᠮᠦᠨ ᠰᠠᠨᠳᠤᠷᠭᠠᠭᠠᠳ ᠪᠠᠢᠭᠰᠠᠨ ᠪᠢᠵᠡ ᠳᠡ᠃
ᠨᠤᠷᠪᠤ᠄ ᠪᠠᠢᠪᠠᠷᠯᠢ᠁ᠲᠠ ᠨᠠᠷ ᠴᠢᠨᠢ ᠰᠣᠬᠣᠷ ᠶᠤᠮ ᠤᠤ? ᠨᠠᠭᠠᠳᠤᠬᠢ ᠴᠢᠨᠢ ᠮᠠᠨ ᠤ᠋ ᠠᠬ᠎ᠠ᠃ ᠠᠭ᠎ᠠ ᠠ᠋! ᠶᠣᠨᠳᠣᠨ ᠠᠭ᠎ᠠ ᠶ᠋ᠢ ᠬᠡᠵᠢᠶ᠎ᠡ ᠠᠪᠤᠷᠠᠬᠤ ᠶᠤᠮ ᠪᠣᠢ?
ᠳᠠᠮᠴᠤᠭ᠄ ᠠ᠂ ᠪᠢᠲᠡᠭᠡᠢ ᠰᠠᠨᠠᠭ᠎ᠠ ᠵᠣᠪᠠ᠂ ᠶᠣᠨᠳᠣᠨ ᠡᠭᠦᠨ ᠡᠴᠡ ᠬᠡᠴᠡᠭᠦᠦ ᠶᠠᠭᠤᠮᠠᠨ ᠠ᠋ᠴᠠ ᠠᠮᠢᠳᠤ ᠭᠠᠷᠴᠤ ᠪᠠᠢᠭᠰᠠᠨ ᠶᠤᠮ᠃
ᠨᠤᠷᠪᠤ᠄ ᠳᠡᠯᠳᠡᠩ ᠴᠢ ᠡᠪᠦᠭᠡ ᠳ᠋ᠦ᠍ ᠪᠡᠨ ᠬᠡᠯᠡᠭᠡᠴᠢ ᠳᠡ᠃
ᠲᠠᠤᠯᠠᠢ᠄ ᠪᠢ ᠵᠢᠭᠠᠬᠠᠨ ᠥᠯᠥᠰᠦᠭᠡᠳ ᠪᠠᠢᠨ᠎ᠠ᠂ ᠬᠣᠭᠣᠯᠠ ᠪᠠᠨ ᠢᠳᠡᠴᠢᠬᠡᠭᠡᠳ ᠪᠣᠯᠬᠤ ᠤᠤ?
ᠨᠤᠷᠪᠤ᠄ ᠨᠠᠢᠵᠠ ᠨᠤᠭᠤᠳ ᠴᠢᠨᠢ ᠨᠦᠬᠡᠨ ᠳ᠋ᠦ᠍ ᠤᠨᠠᠴᠢᠬᠠᠭᠠᠳ ᠪᠠᠢᠬᠤ ᠳ᠋ᠤ᠌ ᠬᠣᠭᠣᠯᠠᠢ ᠪᠠᠷ ᠴᠢᠨᠢ ᠶᠠᠭᠠᠬᠢᠵᠤ ᠯᠤᠤᠪᠠᠩ ᠳᠠᠪᠠᠳᠠᠭ ᠪᠠᠢᠨ᠎ᠠ᠃ ᠴᠢᠮ᠎ᠠ ᠶ᠋ᠢ ᠢᠩᠭᠢᠵᠦ ᠨᠣᠪᠰᠢᠷᠠᠬᠤ ᠶ᠋ᠢ ᠴᠢᠨᠢ ᠮᠡᠳᠡᠭᠰᠡᠨ ᠶᠤᠮ᠃ ᠭᠦᠦᠰᠢ ᠬᠥᠭᠰᠢᠨ ᠲᠥᠭᠥᠴᠡᠭ ᠮᠢᠨᠢ᠂ ᠲᠠ ᠳᠡᠰᠯᠡᠭᠴᠢ ᠪᠡᠨ ᠵᠦᠭᠡᠷ ᠯᠡ ᠢᠩᠭᠢᠭᠡᠳ ᠦᠬᠦᠭ ᠭᠡᠳ ᠬᠠᠶᠠᠴᠢᠬᠠᠳᠠᠭ ᠶᠤᠮ ᠤᠤ?
ᠳᠠᠮᠴᠤᠭ᠄ ᠳᠣᠷᠣᠢ ᠬᠣᠭᠣᠯᠠ ᠪᠠᠨ ᠢᠳᠡᠴᠢᠬᠡ᠃
ᠨᠤᠷᠪᠤ᠄ ᠮᠠᠭᠤ ᠬᠥᠭᠰᠢᠨ ᠴᠢ ᠶᠠᠭᠤ ᠶᠠᠭᠤ ᠭᠡᠨ᠎ᠡ ᠪᠣᠢ? ᠲᠠᠨ ᠤ᠋ ᠶᠠᠰᠤ ᠰᠡᠢᠷᠡᠭ ᠮᠢᠨᠦ ᠲᠠᠷᠢᠬᠢ ᠰᠡᠢᠷᠡᠭ᠂ ᠥᠪᠡᠷ ᠢ᠋ᠶ᠋ᠡᠨ ᠶᠠᠪᠤᠴᠢᠬᠠᠬᠤ ᠴᠢᠳᠠᠨ᠎ᠠ ᠪᠠᠢᠯᠭᠦᠢ᠃
ᠬᠤᠯᠤᠭᠠᠨ᠎ᠠ ᠄ ᠬᠥᠶᠢ᠂ ᠲᠠ ᠨᠠᠷ ᠢᠳᠡᠬᠦ ᠦᠭᠡᠢ ᠪᠣᠯ ᠪᠢ ᠡᠢᠰᠢ ᠪᠡᠨ ᠣᠷᠣᠯ᠎ᠠ ᠰᠢᠦ᠃
ᠨᠤᠷᠪᠤ᠄ ᠭᠦᠦᠰᠢ᠂ ᠨᠠᠮ᠎ᠠ ᠶ᠋ᠢ ᠶᠠᠪᠤᠭᠤᠯ ᠂ ᠰᠣᠬᠣᠷ ᠨᠣᠮᠣᠨ ᠨᠤᠭᠤᠳ ᠠ᠋᠃
ᠰᠣᠬᠣᠷ ᠨᠣᠮᠣᠨ᠄ ᠠᠬ᠎ᠠ ᠶ᠋ᠢ ᠴᠢᠨᠢ ᠫᠤᠤᠳᠠᠭᠰᠠᠨ ᠳ᠋ᠤ᠌ ᠭᠦᠨ᠎ᠡ ᠬᠠᠷᠠᠮᠰᠠᠵᠤ ᠪᠠᠢᠨ᠎ᠠ᠂ ᠪᠠᠷᠢᠳ ᠪᠣᠳᠣᠩ ᠠᠷᠵᠠᠭᠠᠷ ᠰᠢᠷ᠎ᠠ ᠠᠷᠤ ᠠ᠋ᠴᠠ ᠨᠢ ᠤᠨᠠᠭᠰᠠᠨ ᠬᠢᠯᠪᠠᠷ᠃
ᠬᠠᠷᠠᠭᠤᠯ᠄ ᠣᠮ ᠮᠠ ᠨᠢ ᠪᠠᠳ ᠮᠠᠢ ᠬᠣᠩ᠃
ᠨᠤᠷᠪᠤ᠄ ᠠ᠁
ᠳᠡᠮᠴᠤᠭ᠄ ᠡᠨᠡ ᠴᠠᠢᠵᠠ ᠶ᠋ᠢ ᠵᠥᠪᠬᠡᠨ ᠲᠠᠤᠯᠠᠢ ᠨᠤᠭᠤᠳ ᠲᠤ᠌ ᠵᠣᠷᠢᠭᠤᠯᠤᠭᠠ ᠦᠭᠡᠢ ᠶᠤᠮ᠃
ᠨᠤᠷᠪᠤ᠄ ᠠ? ᠁
ᠳᠡᠮᠴᠤᠭ᠄ ᠲᠠ ᠨᠠᠷ ᠴᠢᠨᠣ᠎ᠠ ᠶ᠋ᠢᠨ ᠲᠡᠢᠨ ᠦ᠌ ᠲᠤᠬᠠᠢ ᠮᠡᠳᠡᠬᠦ ᠪᠠᠢᠬ᠎ᠠ᠃
ᠨᠤᠷᠪᠤ᠄ ᠠ? ᠶᠠᠭᠤᠨ ᠴᠢᠨᠣ᠎ᠠ ᠶ᠋ᠢᠨ ᠲᠡᠢᠨ?
ᠳᠡᠮᠴᠤᠭ᠄ ᠠ! ᠡᠨᠡ ᠳᠠᠮᠰᠢᠭ ᠴᠢᠨᠢ᠁
ᠲᠠᠤᠯᠠᠢ᠄ ᠨᠤᠷᠪᠤ ᠲᠠᠩᠳᠠ ᠲᠡᠦᠬᠡ ᠶ᠋ᠢᠨ ᠬᠢᠴᠢᠶᠡᠯ ᠳᠡᠭᠡᠷ᠎ᠡ ᠤᠨᠲᠠᠴᠢᠬᠠᠳᠠᠭ ᠪᠣᠯᠬᠣᠷ ᠮᠡᠳᠡᠬᠦ ᠦᠭᠡᠢ ᠪᠠᠢᠬ᠎ᠠ ᠡᠪᠦᠭᠡ ᠠ᠋᠃
ᠬᠠᠯᠵᠠᠨ ᠪᠠᠭᠰᠢ᠄ ᠥᠨᠥᠳᠥᠷ ᠦ᠋ᠨ ᠲᠡᠦᠬᠡ ᠶ᠋ᠢᠨ ᠬᠢᠴᠢᠶᠡᠯ ᠳᠡᠭᠡᠷ᠎ᠡ ᠴᠢᠨᠣ᠎ᠠ ᠶ᠋ᠢᠨ ᠲᠡᠢᠨ ᠦ᠌ ᠲᠤᠬᠠᠢ᠁ᠪᠠᠢᠪᠠᠷᠯᠢ ᠪᠢᠲᠡᠭᠡᠢ ᠬᠢᠴᠢᠶᠡᠯ ᠦᠢᠮᠡᠭᠦᠯᠦᠭᠡᠳ ᠪᠠᠢ᠃
ᠳᠡᠮᠴᠤᠭ᠄ ᠰᠣᠨᠣᠰ ᠬᠦᠦ ᠮᠢᠨᠢ᠂ ᠴᠢᠮ᠎ᠠ ᠶ᠋ᠢ ᠲᠥᠷᠥᠬᠦ ᠡᠴᠡ ᠡᠮᠦᠨ᠎ᠡ ᠠᠯᠤᠰ ᠠᠢᠮᠠᠭ ᠤ᠋ᠨ ᠮᠢᠬᠠᠴᠢᠨ ᠴᠢᠨᠣ᠎ᠠ ᠨᠤᠭᠤᠳ ᠲᠣᠰᠬᠣᠨ ᠤᠷᠤᠭᠤ ᠰᠦᠷᠦᠭ ᠢ᠋ᠶ᠋ᠡᠷ ᠢ᠋ᠶ᠋ᠡᠨ ᠳᠣᠪᠲᠣᠯᠤᠭᠰᠠᠨ ᠶᠤᠮ᠃ ᠳᠠᠢᠰᠤᠨ ᠤ᠋ ᠵᠠᠩᠵᠤᠨ ᠰᠦᠯᠪᠡᠬᠡᠷ ᠰᠣᠶᠣᠭ᠎ᠠ ᠲᠣᠰᠬᠣᠨ ᠢ᠋ ᠭᠠᠯᠳᠠᠨ ᠰᠢᠲᠠᠭᠠᠵᠤ ᠂ ᠭᠠᠵᠠᠷ ᠲᠤ᠌ ᠴᠢᠰᠤᠨ ᠭᠣᠣᠯ ᠤᠷᠤᠰᠬᠠᠭᠰᠠᠨ ᠶᠤᠮ᠃ ᠬᠡᠷᠪᠡ ᠰᠦᠯᠪᠡᠬᠡᠷ ᠰᠣᠶᠣᠭ᠎ᠠ ᠶ᠋ᠢ ᠤᠰᠠᠳᠬᠠᠪᠠᠯ ᠂ ᠴᠢᠨᠣ᠎ᠠ ᠨᠤᠭᠤᠳ ᠲᠠᠷᠠᠵᠤ ᠪᠤᠲᠠᠷᠠᠨ᠂ ᠲᠡᠢᠨ ᠵᠣᠭᠰᠣᠬᠤ ᠨᠠᠢᠳᠠᠯᠭ᠎ᠠ ᠪᠠᠢᠯ᠎ᠠ᠃ ᠡᠨᠡ ᠪᠣᠯᠤᠮᠵᠢ ᠶ᠋ᠢ ᠠᠰᠢᠭᠯᠠᠬᠤ ᠪᠠᠷ ᠲᠡᠷᠡ ᠰᠥᠨᠢ ᠸᠢᠨᠰᠸᠨᠲ ᠰᠠᠮᠪᠤᠤ ᠪᠢᠳᠡ ᠭᠤᠷᠪᠠ ᠰᠦᠯᠪᠡᠬᠡᠷ ᠰᠣᠶᠣᠭ᠎ᠠ ᠶ᠋ᠢ ᠬᠥᠨᠥᠭᠡᠵᠦ᠂ ᠲᠡᠢᠨ ᠢ᠋ ᠳᠠᠭᠤᠰᠬᠠᠬᠤ ᠪᠠᠷ ᠳᠠᠢᠰᠤᠨ ᠤ᠋ ᠲᠥᠪ ᠵᠠᠪᠢ ᠤᠷᠤᠭᠤ ᠨᠡᠪᠲᠡᠷᠡᠭᠰᠡᠨ ᠶᠤᠮ᠃ ᠭᠡᠪᠡᠴᠦ ᠪᠤᠰᠤᠳ ᠲᠤᠰᠬᠠᠢ ᠰᠠᠯᠠᠭᠠᠨ ᠤ᠋ ᠴᠢᠨᠣ᠎ᠠ ᠨᠤᠭᠤᠳ ᠤ᠋ᠨ ᠪᠦᠰᠡᠯᠡᠯᠲᠡᠨ ᠳ᠋ᠦ᠍ ᠣᠷᠣᠭᠰᠠᠨ ᠪᠠᠢᠯ᠎ᠠ᠃ ᠲᠡᠷᠡ ᠵᠠᠪᠢ ᠠ᠋ᠴᠠ ᠪᠢᠳᠡ ᠭᠤᠷᠪᠠ ᠠᠮᠢᠳᠤ ᠪᠤᠴᠠᠬᠤ ᠦᠭᠡᠢ ᠨᠢ ᠣᠢᠯᠠᠭᠠᠮᠵᠢᠲᠠᠢ ᠪᠠᠢᠪᠠ᠃ ᠠᠵᠠ ᠪᠣᠯᠵᠤ ᠲᠥᠭᠡᠷᠢᠭᠰᠡᠭᠡᠷ ᠲᠥᠷᠥᠯ ᠳ᠋ᠦ᠍ ᠪᠡᠨ ᠭᠡᠭᠴᠢ ᠪᠡᠷ ᠲᠡᠷᠡ ᠴᠢᠨᠣ᠎ᠠ ᠨᠤᠭᠤᠳ ᠸᠢᠨᠰᠸᠨᠲ ᠦ᠋ᠨ ᠲᠥᠷᠥᠭᠰᠡᠨ ᠠᠬ᠎ᠠ ᠳᠡᠭᠦᠦᠰ ᠪᠠᠢᠵᠤ ᠲᠠᠭᠠᠷᠠᠭᠰᠠᠨ ᠶᠤᠮ᠃ ᠭᠡᠨᠡᠨ ᠵᠠᠯᠠᠭᠤ ᠪᠢᠳᠡ ᠥᠪᠡᠷᠰᠡᠳ ᠢ᠋ ᠪᠡᠨ ᠠᠪᠤᠷᠠᠭᠳᠠᠯᠠ ᠯᠠ ᠭᠡᠵᠦ ᠪᠣᠳᠣᠭᠰᠠᠨ᠃ ᠭᠡᠲᠡᠯ᠎ᠡ ᠲᠡᠷᠡ ᠮᠥᠴᠡ ᠳ᠋ᠦ᠍ ᠸᠢᠨᠰᠸᠨᠲ ᠮᠢᠬᠠᠴᠢᠨ ᠴᠢᠨᠣ᠎ᠠ ᠨᠤᠭᠤᠳ ᠲᠠᠢ ᠨᠡᠢᠯᠡᠵᠦ᠂ ᠲᠣᠰᠬᠣᠨ ᠠ᠋ᠴᠠ ᠤᠷᠪᠠᠬᠤ ᠭᠡᠵᠦ ᠪᠠᠢᠬᠤ ᠳ᠋ᠤ᠌ ᠨᠢ ᠰᠠᠮᠪᠤᠤ ᠲᠡᠳᠡᠨ ᠳ᠋ᠦ᠍ ᠲᠠᠲᠠᠭᠠᠯᠵᠠᠬᠤ ᠶ᠋ᠢᠨ ᠠᠷᠭ᠎ᠠ ᠦᠭᠡᠢ ᠰᠠᠨᠠᠯ ᠲᠠᠯᠪᠢᠭᠰᠠᠨ ᠶᠤᠮ᠃ ᠲᠡᠷᠡ ᠰᠥᠨᠢ ᠸᠢᠨᠰᠸᠨᠲ ᠰᠦᠯᠪᠡᠬᠡᠷ ᠰᠣᠶᠣᠭ᠎ᠠ ᠶ᠋ᠢ ᠤᠰᠠᠳᠬᠠᠵᠤ᠂ ᠲᠡᠢᠨ ᠳᠠᠭᠤᠰᠬᠠᠬᠤ ᠪᠠᠷ ᠪᠣᠯᠤᠭᠰᠠᠨ ᠶᠤᠮ᠃ ᠢᠷᠭᠡᠳ ᠢ᠋ ᠲᠠᠯᠬᠢᠴᠠᠭᠤᠯᠬᠤ ᠦᠭᠡᠢ ᠶ᠋ᠢᠨ ᠲᠤᠯᠠᠳᠠ ᠡᠨᠡ ᠶᠠᠪᠤᠳᠠᠯ ᠢ᠋ ᠨᠢᠭᠤᠴᠠ ᠶ᠋ᠢᠨ ᠰᠡᠳᠬᠦᠯ ᠳ᠋ᠦ᠍ ᠣᠷᠣᠭᠤᠯᠤᠭᠰᠠᠨ ᠶᠤᠮ᠃
ᠨᠤᠷᠪᠤ᠄ ᠸᠢᠨᠰᠸᠨᠲ ᠲᠡᠢ ᠶᠠᠭᠤ ᠪᠠᠷ ᠲᠣᠬᠢᠷᠠᠯᠴᠠᠭᠰᠠᠨ ᠶᠤᠮ?
ᠳᠡᠮᠴᠤᠭ᠄ ᠰᠠᠮᠪᠤᠤ ᠸᠢᠨᠰᠸᠨᠲ ᠲᠦ᠍ ᠮᠠᠯ ᠲᠠᠯ᠎ᠠ ᠶ᠋ᠢᠨ ᠬᠠᠮᠤᠭ ᠤ᠋ᠨ ᠦᠷᠡᠵᠢ ᠰᠢᠮ᠎ᠡ ᠲᠡᠢ ᠭᠠᠵᠠᠷ ᠡᠷᠳᠡᠨᠢᠲᠦ ᠰᠢᠯᠢ ᠶ᠋ᠢ ᠥᠭᠴᠦ᠂ ᠵᠡᠷᠯᠢᠭ ᠴᠢᠨᠣ᠎ᠠ ᠨᠤᠭᠤᠳ ᠢ᠋ ᠡᠨᠡ ᠨᠤᠲᠤᠭ ᠲᠤ᠌ ᠢᠳᠡᠭᠡᠰᠢᠭᠦᠯᠬᠦ ᠪᠡᠷ ᠡᠨᠡ ᠬᠠᠨ᠎ᠠ ᠬᠡᠷᠡᠮ ᠢ᠋ ᠪᠣᠰᠬᠠᠭᠰᠠᠨ᠃ ᠠᠩᠬ᠎ᠠ ᠵᠡᠷᠯᠢᠭ ᠴᠢᠨᠣ᠎ᠠ ᠲᠠᠢ ᠬᠠᠮᠲᠤ ᠠᠮᠢᠳᠤᠷᠠᠨ᠎ᠠ ᠭᠡᠵᠦ ᠲᠦᠰᠦᠭᠡᠯᠡᠭᠳᠡᠬᠦ᠌ ᠦᠭᠡᠢ ᠯᠡ ᠪᠠᠢᠯ᠎ᠠ᠃ ᠭᠡᠬᠦ ᠳ᠋ᠦ᠍ ᠪᠡᠨ ᠬᠡᠳᠦᠨ ᠵᠢᠯ ᠪᠢᠳᠡ ᠡᠪ ᠨᠠᠢᠷ ᠲᠠᠢ ᠠᠮᠢᠳᠤᠷᠠᠵᠤ᠂ ᠲᠡᠳᠡ ᠶᠠᠳᠠᠵᠤ ᠯᠠ ᠬᠠᠯᠪᠠᠭ᠎ᠠ ᠰᠡᠷᠡᠭᠡ ᠠᠰᠢᠭᠯᠠᠵᠤ ᠰᠤᠷᠤᠭᠰᠠᠨ ᠶᠤᠮ᠃ ᠭᠡᠲᠡᠯ᠎ᠡ ᠭᠤᠷᠪᠠᠨ ᠰᠠᠷ᠎ᠠ ᠶ᠋ᠢᠨ ᠡᠮᠦᠨ᠎ᠡ ᠭᠠᠩᠭᠠᠩ ᠮᠠᠩᠭᠠᠷ ᠮᠠᠨ ᠤ᠋ ᠬᠡᠳᠦ ᠬᠠᠷᠠᠭᠤᠯ ᠢ᠋ ᠠᠮᠢᠳᠤ ᠪᠠᠷ ᠨᠢ ᠢᠳᠡᠵᠦ ᠪᠠᠢᠬᠤ ᠨᠢ ᠪᠢ ᠬᠠᠷᠪᠤᠬᠤ ᠶ᠋ᠢᠨ ᠡᠷᠬᠡᠨ ᠳ᠋ᠦ᠍ ᠬᠥᠨᠥᠭᠡᠭᠰᠡᠨ ᠶᠤᠮ᠃ ᠮᠡᠳᠡᠭᠡᠵᠢ ᠪᠤᠰᠤᠳ ᠴᠢᠨᠣ᠎ᠠ ᠨᠤᠭᠤᠳ ᠲᠤ᠌ ᠡᠨᠡ ᠲᠠᠭᠠᠯᠠᠭᠳᠠᠭ᠎ᠠ ᠦᠭᠡᠢ ᠤᠴᠢᠷ ᠲᠡᠳᠡ ᠪᠣᠰᠤᠯᠭ᠎ᠠ ᠭᠠᠷᠭᠠᠵᠤ ᠪᠢᠳᠡᠨ ᠤᠷᠤᠭᠤ ᠳᠠᠭᠠᠷᠢᠭᠰᠠᠨ᠃ ᠪᠢᠳᠡ ᠢᠯᠡᠭᠦᠦ ᠵᠡᠪᠰᠡᠭᠯᠡᠭᠰᠡᠨ ᠪᠠᠢᠭᠰᠠᠨ ᠲᠤᠯᠠᠳᠠ ᠲᠡᠳᠡᠨ ᠢ᠋ ᠴᠠᠢᠵᠠ ᠠ᠋ᠴᠠ ᠰᠢᠬᠠᠵᠤ ᠨᠦᠬᠡ ᠤᠷᠤᠭᠤ ᠤᠨᠠᠭᠠᠭᠰᠠᠨ ᠶᠤᠮ᠃ ᠶᠤᠨᠳᠤᠨ ᠴᠢᠳᠠᠪᠤᠷᠢᠯᠢᠭ ᠴᠠᠭᠳᠠᠭ᠎ᠠ ᠪᠣᠯᠪᠠᠴᠤ ᠥᠯᠥᠰᠬᠦᠯᠡᠩ ᠴᠢᠨᠣ᠎ᠠ ᠨᠤᠭᠤᠳ ᠲᠡᠭᠦᠨ ᠢ᠋ ᠠᠯᠢ ᠬᠡᠳᠦᠢᠨ ᠪᠠᠷᠢᠴᠢᠬᠠᠭᠰᠠᠨ ᠯᠠ ᠪᠣᠯᠪᠠ ᠤᠤ?
ᠨᠤᠷᠪᠤ᠄ ᠲᠠ ᠨᠠᠷ ᠪᠦᠭᠦᠳᠡ ᠴᠡᠷᠢᠭ ᠦ᠋ᠳ ᠪᠢᠵᠡ ᠳᠡ᠂ ᠳᠣᠭᠣᠭᠰᠢ ᠪᠠᠨ ᠪᠠᠭᠤᠭᠠᠳ ᠲᠡᠳᠡᠨ ᠲᠡᠢ ᠪᠠᠢᠯᠳᠤᠵᠤ ᠪᠣᠯᠬᠤ ᠦᠭᠡᠢ ᠶᠤᠮ ᠤᠤ?
ᠳᠡᠮᠴᠤᠭ᠄ ᠴᠢᠮᠡᠭᠡ ᠦᠭᠡᠢ᠂ ᠲᠡᠳᠡ ᠪᠣᠯ ᠮᠢᠬᠠᠴᠢᠨ ᠠᠢᠮᠠᠭ ᠤ᠋ᠨ ᠬᠠᠮᠤᠭ ᠤ᠋ᠨ ᠪᠠᠯᠠᠮᠠᠳ ᠶᠠᠷᠭᠠᠴᠢᠳ᠂ ᠪᠢ ᠲᠡᠳᠡᠨ ᠢ᠋ ᠲᠡᠷᠡ ᠴᠠᠭ ᠳᠡᠭᠡᠷ᠎ᠡ ᠨᠢᠭᠡ ᠨᠢᠭᠡ ᠶ᠋ᠢ ᠪᠡᠨ ᠶᠠᠭᠠᠬᠢᠵᠤ ᠬᠡᠷᠴᠡᠭᠡᠢᠯᠡᠨ ᠶᠠᠷᠭᠠᠯᠠᠵᠤ ᠠᠯᠠᠵᠤ ᠪᠠᠢᠭᠰᠠᠨ ᠢ᠋ ᠶᠠᠭ ᠨᠢᠳᠦ ᠪᠡᠷ ᠢ᠋ᠶ᠋ᠡᠨ ᠬᠠᠷᠠᠵᠤ ᠪᠠᠢᠭᠰᠠᠨ᠃
ᠨᠤᠷᠪᠤ᠄ ᠸᠢᠨᠰᠸᠨᠲ᠂ ᠲᠡᠭᠡᠪᠡᠯ ᠸᠢᠨᠰᠸᠨᠲ ᠢ᠋ ᠳᠠᠭᠤᠳᠠᠵᠤ ᠢᠷᠡᠭᠡᠳ ᠁
ᠳᠡᠮᠴᠤᠭ᠄ ᠪᠢᠲᠡᠭᠡᠢ ᠲᠡᠨᠡᠭᠳᠡ᠂ ᠡᠨᠡ ᠲᠤᠬᠠᠢ ᠸᠢᠨᠰᠸᠨᠲ ᠬᠡᠵᠢᠶ᠎ᠡ ᠴᠦ᠍ ᠮᠡᠳᠡᠵᠦ ᠪᠣᠯᠬᠤ ᠦᠭᠡᠢ᠃
ᠨᠤᠷᠪᠤ᠄ ᠶᠠᠭᠠᠬᠢᠭᠠᠳ? ᠸᠢᠨᠰᠸᠨᠲ ᠦ᠋ᠨ ᠡᠷᠭᠦᠮᠡᠯ ᠠᠪᠤ ᠨᠢ ᠪᠣᠳᠣᠩ ᠭᠠᠬᠠᠢ ᠪᠠᠢᠭᠰᠠᠨ ᠪᠢᠵᠡ ᠳᠡ᠃
ᠳᠡᠮᠴᠤᠭ᠄ ᠴᠢ ᠸᠢᠨᠰᠸᠨᠲ ᠦ᠋ᠨ ᠲᠤᠬᠠᠢ ᠶᠠᠭᠤ ᠴᠤ᠌ ᠮᠡᠳᠡᠬᠦ ᠦᠭᠡᠢ ᠪᠠᠢᠨ᠎ᠠ᠃ ᠸᠢᠨᠰᠸᠨᠲ ᠢ᠋ ᠪᠠᠭ᠎ᠠ ᠪᠠᠢᠬᠤ ᠳ᠋ᠤ᠌ ᠣᠪᠣᠭ ᠤ᠋ᠨ ᠬᠢᠨᠢ ᠲᠡᠭᠦᠨ ᠢ᠋ ᠡᠪᠡᠳᠴᠢᠲᠡᠨ ᠰᠤᠯᠠ ᠳᠣᠷᠣᠢ ᠤᠴᠢᠷ ᠪᠠᠷᠰ ᠲᠤ᠌ ᠪᠠᠷᠢᠭᠤᠯᠵᠤ ᠦᠬᠦᠭᠦᠯᠦᠭᠰᠡᠨ ᠡᠴᠡ ᠵᠣᠪᠠᠯᠠᠩ ᠪᠠᠭ᠎ᠠ ᠲᠠᠢ ᠪᠠᠷ ᠨᠢ ᠴᠢᠯᠠᠭᠤ ᠪᠠᠷ ᠴᠣᠬᠢᠵᠤ ᠠᠯᠠᠬᠤ ᠭᠡᠵᠦ ᠪᠠᠢᠬᠤ ᠳ᠋ᠤ᠌ ᠨᠢ ᠡᠪᠦᠭᠡᠨ ᠲᠣᠨᠲᠣᠭ ᠴᠠᠩᠰᠤᠯᠳᠤᠯᠮᠠ ᠬᠣᠶᠠᠷ ᠡᠷᠭᠦᠵᠦ ᠠᠪᠤᠭᠰᠠᠨ ᠶᠤᠮ᠃ ᠸᠢᠨᠰᠸᠨᠲ ᠢ᠋ ᠠᠷᠪᠠᠨ ᠵᠢᠷᠭᠤᠭ᠎ᠠ ᠲᠠᠢ ᠪᠠᠢᠬᠤ ᠳ᠋ᠤ᠌ ᠲᠡᠳᠡ ᠭᠡᠷ ᠪᠦᠯᠢ ᠪᠡᠷ ᠢ᠋ᠶ᠋ᠡᠨ ᠸᠢᠨᠰᠸᠨᠲ ᠢ᠋ ᠲᠥᠷᠥᠭᠰᠡᠨ ᠠᠬ᠎ᠠ ᠳᠡᠭᠦᠦᠰ ᠲᠡᠢ ᠨᠢ ᠠᠭᠤᠯᠵᠠᠭᠤᠯᠬᠤ ᠪᠠᠷ ᠣᠩᠭᠣᠴᠠ ᠪᠠᠷ ᠠᠪᠴᠤ ᠶᠠᠪᠤᠵᠤ ᠪᠠᠢᠬᠤ ᠳ᠋ᠤ᠌ ᠨᠢ ᠮᠥᠩᠬᠡ ᠴᠠᠰᠤᠲᠤ ᠥᠨᠳᠥᠷ ᠪᠣᠭᠳᠠ ᠶ᠋ᠢᠨ ᠠᠭᠤᠯᠠᠨ ᠳ᠋ᠤ᠌ ᠣᠰᠣᠯᠳᠠᠭᠰᠠᠨ ᠶᠤᠮ᠃ ᠲᠡᠷᠡ ᠬᠠᠬᠢᠷ ᠬᠠᠲᠠᠭᠤ ᠠᠭᠤᠯᠠᠨ ᠠ᠋ᠴᠠ ᠡᠪᠦᠭᠡᠨ ᠲᠣᠨᠲᠣᠭ ᠸᠢᠨᠰᠸᠨᠲ ᠬᠣᠶᠠᠷ ᠯᠠ ᠠᠮᠢᠳᠤ ᠭᠠᠷᠤᠭᠰᠠᠨ ᠪᠠᠢᠳᠠᠭ ᠶᠤᠮ᠃ ᠮᠡᠳᠡᠭᠡᠵᠢ ᠲᠠᠪᠢ ᠬᠣᠨᠣᠭ ᠥᠯ ᠬᠣᠭᠣᠯᠠ ᠦᠭᠡᠢ ᠠᠮᠢᠳᠤ ᠦᠯᠡᠳᠡᠬᠦ ᠦᠭᠡᠢ ᠰᠢᠦ ᠳᠡ᠃ ᠸᠢᠨᠰᠸᠨᠲ ᠡᠵᠢ ᠶ᠋ᠢᠨ ᠢ᠋ᠶ᠋ᠡᠨ᠂ ᠡᠪᠦᠭᠡᠨ ᠲᠣᠨᠲᠣᠭ ᠡᠬᠡᠨᠡᠷ ᠦ᠋ᠨ ᠢ᠋ᠶ᠋ᠡᠨ ᠮᠢᠬ᠎ᠠ ᠶ᠋ᠢ ᠢᠳᠡᠵᠦ ᠠᠮᠢᠳᠤ ᠭᠠᠷᠤᠭᠰᠠᠨ ᠶᠤᠮ᠃
ᠲᠠᠤᠯᠠᠢ᠄ ᠭᠡᠬᠦ ᠳ᠋ᠦ᠍ ᠪᠡᠨ ᠥᠩᠭᠡᠷᠡᠭᠰᠡᠨ ᠵᠠᠭᠤᠨ ᠤ᠋ ᠵᠤᠳ ᠢ᠋ᠶ᠋ᠠᠷ ᠲᠠᠤᠯᠠᠢ ᠨᠤᠭᠤᠳ ᠴᠤ᠌ ᠭᠡᠰᠡᠨ ᠨᠢᠭᠡᠨ ᠦ᠌ ᠪᠡᠨ ᠴᠣᠭᠴᠠᠰ ᠢ᠋ ᠢᠳᠡᠵᠦ ᠪᠠᠢᠭᠰᠠᠨ ᠰᠢᠦ ᠳᠡ ᠡᠪᠦᠭᠡ ᠠ᠋᠃
ᠳᠡᠮᠴᠤᠭ᠄ ᠲᠡᠢᠮᠦ ᠠ᠋᠂ ᠲᠡᠢᠮᠦ᠂ ᠭᠡᠬᠦ ᠳ᠋ᠦ᠍ ᠪᠡᠨ ᠡᠨᠡ ᠵᠢᠷᠤᠭ ᠢ᠋ ᠣᠰᠣᠯ ᠪᠣᠯᠤᠭᠰᠠᠨ ᠤ᠋ ᠳᠠᠷᠠᠭ᠎ᠠ ᠣᠰᠤᠭᠤᠵᠤ ᠦᠬᠦᠭᠰᠡᠨ ᠨᠢᠰᠬᠡᠭᠴᠢ ᠶ᠋ᠢᠨ ᠺᠠᠮᠧᠷᠠ ᠠ᠋ᠴᠠ ᠣᠯᠤᠭᠰᠠᠨ ᠶᠤᠮ᠃ ᠣᠰᠣᠯ ᠤ᠋ᠨ ᠳᠠᠷᠠᠭ᠎ᠠ ᠴᠠᠩᠰᠤᠯᠳᠤᠯᠮᠠ ᠠᠮᠢᠳᠤ ᠪᠠᠢᠭᠰᠠᠨ ᠨᠢ ᠨᠤᠲᠠᠯᠠᠭᠳᠠᠭᠰᠠᠨ᠃ ᠡᠪᠦᠭᠡᠨ ᠲᠣᠨᠲᠣᠭ ᠣᠰᠣᠯ ᠠ᠋ᠴᠠ ᠵᠢᠷᠭᠤᠭᠠᠨ ᠰᠠᠷ᠎ᠠ ᠶ᠋ᠢᠨ ᠳᠠᠷᠠᠭ᠎ᠠ ᠠᠷᠢᠬᠢᠨ ᠳ᠋ᠤ᠌ ᠣᠷᠣᠵᠤ᠂ ᠰᠡᠳᠬᠢᠯ ᠢ᠋ᠶ᠋ᠡᠷ ᠤᠨᠠᠵᠤ᠂ ᠡᠴᠦᠰ ᠲᠦ᠍ ᠨᠢ ᠁
ᠨᠤᠷᠪᠤ᠄ ᠥᠪᠡᠷ ᠢ᠋ ᠪᠡᠨ ᠳᠡᠭᠦᠵᠢᠯᠡᠴᠢᠬᠡᠬᠰᠡᠨ ᠶᠤᠮ ᠤᠤ?
ᠳᠡᠮᠴᠤᠭ᠄ ᠦᠭᠡᠢ᠂ ᠲᠡᠷᠡ ᠥᠷᠯᠥᠭᠡ ᠪᠣᠯᠭᠠᠨ ᠪᠣᠰᠴᠤ ᠰᠤᠭᠤ ᠰᠤᠨᠢᠶᠠᠳᠠᠭ ᠪᠠᠢᠭᠰᠠᠨ ᠶᠤᠮ᠃ ᠭᠡᠪᠡᠴᠦ ᠲᠣᠨᠲᠣᠭ ᠵᠣᠪᠠᠯᠠᠩ ᠰᠢᠨᠠᠯᠤᠯ ᠢ᠋ᠶ᠋ᠠᠨ ᠤᠳᠠᠭᠠᠨ ᠪᠠᠷᠢᠵᠤ ᠲᠡᠰᠦᠭᠡ ᠦᠭᠡᠢ᠂ ᠲᠡᠷᠡ ᠨᠤᠭᠤᠭᠠᠯᠵᠠᠭᠠᠨᠠ ᠶ᠋ᠢᠨ ᠬᠡᠢ ᠳ᠋ᠦ᠍ ᠤᠬᠢᠶᠠᠭᠳᠠᠵᠤ ᠦᠬᠦᠭᠰᠡᠨ ᠶᠤᠮ᠃ ᠸᠢᠨᠰᠸᠨᠲ ᠡᠴᠢᠭᠡ ᠶ᠋ᠢᠨ ᠢ᠋ᠶ᠋ᠡᠨ ᠣᠷᠣᠰᠢᠭᠤᠯᠭ᠎ᠠ ᠳᠡᠭᠡᠷ᠎ᠡ ᠶᠠᠭ ᠯᠠ ᠲᠠᠬᠢᠶᠠᠨ ᠤ᠋ ᠮᠢᠬ᠎ᠠ ᠭᠠᠷᠭᠠᠵᠤ ᠪᠠᠢᠭ᠎ᠠ ᠶᠤᠮ ᠰᠢᠭ᠋ ᠭᠥᠯᠢᠷᠡᠵᠦ ᠪᠠᠢᠭᠰᠠᠨ ᠢ᠋ ᠪᠢ ᠰᠠᠨᠠᠳᠠᠭ ᠶᠤᠮ᠃ ᠬᠡᠷᠪᠡ ᠸᠢᠨᠰᠸᠨᠲ ᠳᠣᠣᠷ᠎ᠠ ᠪᠠᠢᠭ᠎ᠠ ᠲᠤᠰᠬᠠᠢ ᠰᠠᠯᠠᠭ᠎ᠠ ᠲᠠᠢ ᠨᠡᠢᠯᠡᠪᠡᠯ᠂ ᠲᠣᠰᠬᠣᠨ ᠳᠠᠬᠢᠵᠤ ᠢᠷᠭᠡᠨ ᠦ᠌ ᠲᠡᠢᠨ ᠪᠣᠯᠵᠤ᠂ ᠠᠪᠤ ᠁
ᠨᠣᠮᠣᠨ᠄ ᠠᠬᠠᠮᠠᠳ ᠠ᠋᠂ ᠡᠨᠡ ᠬᠠᠪᠢ ᠪᠠᠷ ᠨᠢᠭᠡ ᠴᠢᠨᠣ᠎ᠠ ᠦᠵᠡᠭᠳᠡᠭᠰᠡᠨ ᠪᠠᠢᠨ᠎ᠠ᠃
ᠳᠡᠮᠴᠤᠭ᠄ ᠦᠭᠡᠢ ᠸᠢᠨᠰᠸᠨᠲ᠂ ᠲᠦᠷᠭᠡᠯᠡᠬᠦ ᠬᠡᠷᠡᠭᠲᠡᠢ᠃
ᠨᠤᠷᠪᠤ᠄ ᠭᠦᠦᠰᠢ᠂ ᠬᠠᠮᠢᠭ᠎ᠠ ᠣᠴᠢᠬᠤ ᠨᠢ ᠪᠣᠢ? ᠡᠨᠡ ᠶᠠᠮᠠᠷ ᠵᠠᠳᠠᠭᠠᠨ ᠪᠣᠢ?
ᠬᠠᠷᠠᠭᠤᠯ᠄ ᠵᠠᠷᠯᠢᠭ ᠪᠠᠭᠤᠯᠭ᠎ᠠ!
ᠨᠤᠷᠪᠤ᠄ ᠡᠭᠦᠨ ᠢ᠋ᠶ᠋ᠡᠷ ᠶᠠᠭᠠᠬᠢᠬᠤ ᠭᠡᠵᠦ ᠪᠠᠢᠭ᠎ᠠ ᠶᠤᠮ?
ᠨᠣᠮᠣᠨ᠄ ᠴᠢᠨᠣ᠎ᠠ ᠶ᠋ᠢᠨ ᠠᠷᠠᠰᠤ ᠶ᠋ᠢ ᠰᠢᠲᠠᠭᠠᠨ᠎ᠠ᠃
ᠨᠤᠷᠪᠤ᠄ ᠮᠠᠭᠤ ᠲᠥᠭᠥᠴᠡᠭ᠂ ᠡᠭᠦᠨ ᠢ᠋ ᠪᠡᠨ ᠶᠠᠭ ᠣᠳᠣ ᠵᠣᠭᠰᠣᠭ᠎ᠠ᠃
ᠲᠠᠤᠯᠠᠢ᠄ ᠦᠭᠡᠢ᠂ ᠢᠩᠭᠢᠵᠦ ᠪᠣᠯᠬᠤ ᠦᠭᠡᠢ ᠰᠢᠲᠠ᠃
ᠳᠡᠮᠴᠤᠭ᠄ ᠨᠠᠭᠠᠳᠤ ᠬᠣᠶᠠᠷ ᠢ᠋ᠶ᠋ᠠᠨ ᠭᠢᠨᠳᠠᠨ ᠳ᠋ᠤ᠌ ᠬᠣᠷᠢ᠃
ᠶᠤᠨᠳᠤᠨ᠄ ᠶᠣ ᠶᠣ
ᠪᠢᠯᠢ᠄ ᠦ᠂ ᠲᠠ ᠠᠮᠢᠳᠤ ᠪᠠᠢᠭᠰᠠᠨ ᠶᠤᠮ ᠤᠤ?
ᠶᠤᠨᠳᠤᠨ᠄ ᠦᠬᠦᠭᠰᠡᠨ ᠪᠣᠯ ᠢᠳᠡᠬᠦ ᠨᠢ ᠠ᠋᠃
ᠪᠢᠯᠢ᠄ ᠠᠭᠤᠴᠢᠯᠠᠭᠠᠷᠠᠢ᠂ ᠲᠠᠨ ᠤ᠋ ᠭᠠᠷ ᠳᠡᠭᠡᠷ᠎ᠡ ᠡᠪᠡᠰᠦ ᠨᠠᠭᠠᠯᠳᠤᠴᠢᠬᠠᠭᠰᠠᠨ ᠪᠠᠢᠭᠰᠠᠨ ᠶᠤᠮ᠃
ᠶᠤᠨᠳᠤᠨ᠄ ᠴᠢ ᠸᠢᠨᠰᠸᠨᠲ ᠦ᠋ᠨ ᠬᠦᠦ ᠮᠥᠨ ᠤᠤ?
ᠪᠢᠯᠢ᠄ ᠲᠡᠢᠮᠦ ᠠ᠋᠂ ᠪᠢ ᠸᠢᠨᠰᠸᠨᠲ ᠦ᠋ᠨ ᠪᠡᠯᠲᠡᠷᠭᠡ ᠪᠠᠰᠺᠠ ᠪᠠᠢᠨ᠎ᠠ᠂ ᠭᠡᠬᠦ ᠳ᠋ᠦ᠍ ᠪᠡᠨ ᠬᠥᠮᠦᠰ ᠨᠠᠮ᠎ᠠ ᠶ᠋ᠢ ᠪᠢᠯᠢ ᠭᠡᠵᠦ ᠳᠠᠭᠤᠳᠠᠳᠠᠭ᠂ ᠪᠢ ᠬᠤᠯᠤᠭᠠᠨ᠎ᠠ ᠵᠢᠯ ᠲᠡᠢ᠂ ᠬᠣᠨᠢᠨ ᠤ᠋ ᠠᠷᠠᠳ ᠪᠢ ᠨᠣᠭᠣᠭᠠᠨ ᠥᠩᠭᠡᠨ ᠳ᠋ᠦ᠍ ᠳᠤᠷᠠᠲᠠᠢ᠃ ᠪᠠᠰᠠ ᠴᠢᠯᠥᠭᠡᠲᠦ ᠴᠠᠭ ᠢᠶᠠᠷ ᠢᠶᠠᠨ ᠡᠪᠡᠰᠦ ᠵᠤᠯᠭᠠᠭᠠᠵᠤ ᠢᠳᠡᠬᠦ ᠳᠤᠷᠠᠲᠠᠢ᠂ ᠪᠢ ᠥᠨᠥ ᠥᠷᠯᠥᠭᠡ ᠪᠠᠰᠠ ᠡᠢᠮᠦ ᠪᠥᠵᠢᠭ ᠰᠤᠷᠤᠭᠰᠠᠨ᠃
ᠬᠠᠯᠵᠠᠨ ᠪᠠᠭᠰᠢ᠄ ᠰᠠᠢᠨ ᠤᠤ? ᠶᠤᠨᠳᠤᠨ᠃
ᠶᠤᠨᠳᠤᠨ᠄ ᠬᠠᠯᠵᠠᠨ ᠪᠠᠭᠰᠢ ᠠ᠋᠂ ᠲᠠ ᠪᠠᠰᠠ ᠶᠠᠭᠠᠬᠢᠵᠤ ᠪᠠᠢᠭᠠᠳ ᠡᠨᠳᠡ ᠤᠨᠠᠴᠢᠬᠠᠪᠠ?
ᠬᠠᠯᠵᠠᠨ ᠪᠠᠭᠰᠢ᠄ ᠪᠠᠭᠰᠢ ᠨᠢ ᠪᠢᠯᠢ ᠶ᠋ᠢ ᠬᠠᠢᠵᠤ ᠶᠠᠪᠤᠭᠠᠳ ᠯᠠ ᠡᠨᠳᠡ ᠢᠷᠡᠴᠢᠬᠡᠯ᠎ᠡ᠃
ᠶᠤᠨᠳᠤᠨ᠄ ᠲᠠ ᠪᠠᠢᠪᠡᠷᠯᠢ ᠳ᠋ᠠᠮᠪᠠ ᠬᠣᠶᠠᠷ ᠢ᠋ ᠬᠠᠷᠠᠭᠰᠠᠨ ᠤᠤ?
ᠬᠠᠯᠵᠠᠨ ᠪᠠᠭᠰᠢ᠄ ᠬᠠᠷᠠᠮᠰᠠᠯᠲᠠᠢ ᠨᠢ ᠲᠡᠷᠡ ᠬᠣᠶᠠᠷ ᠠᠯᠢ ᠬᠡᠳᠦᠢᠨ ᠪᠢᠯᠢ ᠶ᠋ᠢᠨ ᠠᠪᠠᠭ᠎ᠠ ᠨᠠᠷ ᠲᠤ᠌ ᠪᠠᠷᠢᠭᠤᠯᠴᠢᠬᠠᠭᠰᠠᠨ᠃
ᠶᠤᠨᠳᠤᠨ᠄ ᠲᠣᠨᠲᠣᠭ ᠭᠤᠸᠠᠢ ᠭᠠᠭᠴᠠ ᠬᠦᠦ ᠲᠡᠢ ᠪᠠᠢᠭᠰᠠᠨ ᠪᠢᠰᠢ ᠪᠢᠯᠡ ᠤᠤ?
ᠬᠠᠯᠵᠠᠨ ᠪᠠᠭᠰᠢ᠄ ᠲᠡᠷᠡ ᠶᠠᠭᠤ ᠯᠠ ᠳᠠ᠂ ᠲᠡᠳᠡ ᠢᠷᠡᠵᠦ ᠪᠠᠢᠨ᠎ᠠ᠂ ᠴᠢ ᠨᠢᠭᠤᠭᠳᠠᠭᠰᠠᠨ ᠨᠢ ᠳᠡᠭᠡᠷ᠎ᠡ ᠪᠠᠢᠬᠤ ᠠ᠋᠃
ᠴᠢᠨᠣ᠎ᠠ᠄ ᠶᠠᠭᠤ ᠪᠣᠢ? ᠲᠠᠩᠳᠠ ᠡᠪᠡᠰᠦᠨ ᠲᠡᠵᠢᠭᠡᠯᠲᠡᠨ ᠨᠦ᠍ᠭᠦᠳ ᠠ᠋᠃ ᠪᠠᠰᠺᠠ ᠴᠢ ᠠᠬ᠎ᠠ ᠨᠠᠷ ᠰᠢᠭ᠋ ᠢ᠋ᠶ᠋ᠡᠨ ᠮᠢᠬ᠎ᠠ ᠢᠳᠡᠯ ᠲᠡᠢ᠃ ᠡᠨᠡ ᠪᠠᠰᠠ ᠬᠡᠨ ᠪᠣᠢ? ᠮᠥᠬᠥᠨ ᠲᠡᠵᠢᠭᠡᠯᠲᠡᠨ ᠨᠦ᠍ᠭᠦᠳ ᠠ᠋᠃ ᠨᠡᠷ᠎ᠡ ᠲᠡᠢ ᠪᠡᠷ ᠢ᠋ᠶ᠋ᠡᠨ ᠳᠥᠷᠪᠡᠨ ᠬᠥᠯᠯᠡᠭᠡᠳ ᠲᠡᠷᠡ ᠬᠠᠯᠠᠭᠠᠢ ᠶ᠋ᠢ ᠵᠤᠯᠭᠠᠭᠠᠵᠤ ᠢᠳᠡᠭᠡᠴᠢ᠃ ᠰᠠᠶᠢ ᠬᠡᠨ ᠪᠠᠢᠭᠰᠠᠨ ᠪᠣᠢ?
ᠬᠠᠯᠵᠠᠨ ᠪᠠᠭᠰᠢ᠄ ᠠ᠂ ᠪᠢ ᠪᠠᠢᠭᠰᠠᠨ ᠶᠤᠮ ᠠ᠋᠃
ᠴᠢᠨᠣ᠎ᠠ᠄ ᠶᠠᠩᠵᠤ ᠲᠠᠢ᠂ ᠵᠢᠩᠬᠢᠨᠢ ᠴᠢᠨᠣ᠎ᠠ ᠰᠢᠭ᠋ ᠣᠯᠢᠯᠠ᠂ ᠨᠠᠳᠠ ᠳ᠋ᠤ᠌ ᠡᠨᠡ ᠵᠠᠯᠠᠭᠤ ᠲᠠᠭᠠᠯᠠᠭᠳᠠᠵᠤ ᠪᠠᠢᠨ᠎ᠠ᠃ ᠠᠯᠢᠪ ᠶᠠᠪᠤᠶ᠎ᠠ᠂ ᠶᠠᠷᠭᠠᠴᠢᠳ ᠠ᠋᠃ ᠬᠡᠨ ᠢᠮᠠᠭᠠᠨ ᠤ᠋ ᠬᠣᠷᠬᠣᠭ ᠢᠳᠡᠮᠡᠷ ᠪᠠᠢᠨ᠎ᠠ᠃
ᠪᠢᠯᠢ᠄ ᠴᠢᠨᠣ᠎ᠠ ᠨᠤᠭᠤᠳ ᠶᠠᠪᠤᠴᠢᠬᠠᠯ᠎ᠠ᠃ ᠣᠳᠣ ᠶᠠᠭᠠᠬᠢᠵᠤ ᠡᠨᠳᠡ ᠡᠴᠡ ᠭᠠᠷᠬᠤ ᠪᠣᠢ?
ᠶᠤᠨᠳᠤᠨ᠄ ᠬᠠᠷᠢᠨ ᠯᠠ ᠳᠠ᠃
ᠨᠤᠷᠪᠤ᠄ ᠠᠯᠢᠪ᠂ ᠣᠯᠢᠭᠲᠠᠢᠬᠠᠨ ᠮᠡᠷᠡᠭᠡᠴᠢ ᠳᠡ᠃
ᠲᠠᠤᠯᠠᠢ᠄ ᠬᠡᠳᠦᠨ ᠴᠠᠭ ᠮᠠᠷᠠᠯᠠ ᠰᠢᠲᠠ᠂ ᠠᠶᠤᠮᠠᠷ ᠬᠠᠲᠠᠭᠤ ᠮᠣᠳᠣ ᠪᠠᠢᠨ᠎ᠠ᠃
ᠨᠤᠷᠪᠤ᠄ ᠠᠯᠢᠪ ᠬᠣᠯᠠᠳᠴᠤ ᠪᠠᠢ᠃
ᠲᠠᠤᠯᠠᠢ᠄ ᠲᠡᠨᠡᠭᠳᠡᠭᠡᠳ ᠪᠠᠢᠭᠠᠴᠢ ᠳᠠ᠃
ᠨᠤᠷᠪᠤ᠄ ᠳᠡᠪᠲᠦᠬᠦ ᠪᠠᠢᠬᠤ ᠯᠠ ᠭᠡᠵᠦ ᠪᠣᠳᠣᠭᠰᠠᠨ ᠶᠤᠮ ᠠ᠋᠃ ᠬᠤᠯᠤᠭᠠᠷ ᠳ᠋ᠢᠨᠦ ᠂ ᠬᠤᠯᠤᠭᠠᠷ ᠳ᠋ᠢᠨᠦ ᠴᠢ ᠲᠦᠯᠬᠢᠭᠦᠷ ᠠᠪᠤᠭᠠᠳ ᠢᠷ᠎ᠡ ᠯᠡ ᠳᠡ᠃
ᠬᠤᠯᠤᠭᠠᠨ᠎ᠠ᠄ ᠪᠢ ᠠᠬᠢᠵᠤ ᠬᠤᠯᠠᠭᠠᠢ ᠬᠢᠬᠦ ᠦᠭᠡᠢ᠃
ᠨᠤᠷᠪᠤ᠄ ᠭᠤᠶᠤᠵᠤ ᠪᠠᠢᠨ᠎ᠠ ᠰᠢᠲᠠ᠃
ᠬᠤᠯᠤᠭᠠᠨ᠎ᠠ᠄ ᠴᠢ ᠨᠠᠮ᠎ᠠ ᠶ᠋ᠢ ᠪᠢᠰᠢᠯᠠᠭ ᠬᠤᠯᠠᠭᠠᠢᠯᠠᠭᠰᠠᠨ ᠭᠡᠳ ᠪᠠᠷᠢᠵᠤ ᠢᠳᠡᠬᠦ ᠭᠡᠵᠦ ᠪᠠᠢᠭᠰᠠᠨ ᠪᠢᠵᠡ ᠳᠡ᠂ ᠲᠡᠭᠡᠯ᠎ᠡ ᠴᠦ᠍ ᠲᠦᠯᠬᠢᠭᠦᠷ ᠬᠤᠯᠠᠭᠠᠢᠯᠠᠵᠤ ᠪᠠᠢᠭᠠᠳ ᠪᠠᠷᠢᠭᠳᠠᠴᠢᠬᠠᠪᠠᠯ᠂ ᠳᠡᠮᠴᠤᠭ ᠲᠥᠭᠥᠴᠡᠭ ᠨᠠᠮ᠎ᠠ ᠶ᠋ᠢ ᠲᠠ ᠬᠣᠶᠠᠷ ᠲᠠᠢ ᠬᠠᠮᠲᠤ ᠲᠦᠭᠵᠢᠴᠢᠬᠡᠨᠡ ᠰᠢᠲᠠ᠃
ᠨᠤᠷᠪᠤ᠄ ᠮᠠᠭᠤ ᠥᠯᠥᠨ ᠭᠥᠯᠴᠥᠭᠡᠢ
ᠬᠤᠯᠤᠭᠠᠨ᠎ᠠ᠄ ᠲᠡᠢᠮᠦ ᠴᠦ᠍ ᠰᠢᠭ ᠪᠠᠢᠭᠰᠠᠨ ᠪᠣᠯ ᠴᠤ᠌
ᠨᠤᠷᠪᠤ᠄ ᠪᠢᠩᠭᠤ᠂ ᠬᠤᠯᠤᠭᠠᠷ ᠳ᠋ᠢᠨᠦ ᠮᠠᠢ! ᠺᠤᠴᠢᠦᠫᠸ
ᠬᠤᠯᠤᠭᠠᠨ᠎ᠠ᠄ ᠬᠤᠷᠳᠤᠨ ᠠᠪᠴᠢᠷᠠ᠂ ᠲᠦᠯᠬᠢᠭᠦᠷ ᠬᠤᠯᠠᠭᠠᠢᠯᠠᠵᠤ ᠴᠢᠳᠠᠬᠤ ᠦᠭᠡᠢ ᠰᠢᠦ᠃
ᠨᠤᠷᠪᠤ᠄ ᠲᠦᠯᠬᠢᠭᠦᠷ ᠬᠡᠷᠡᠭ ᠦᠭᠡᠢ᠂ ᠨᠠᠳᠠ ᠳ᠋ᠤ᠌ ᠲᠠᠬᠢᠶᠠᠨ ᠠ᠋ᠴᠠ ᠪᠠᠨ ᠭᠠᠭᠴᠠ ᠬᠠᠵᠠᠭᠤᠯᠴᠢᠬᠠ᠃
ᠬᠤᠯᠤᠭᠠᠨ᠎ᠠ᠄ ᠮᠠ᠂ ᠡᠨᠡ ᠪᠣᠯᠬᠤ ᠤᠤ?
ᠨᠤᠷᠪᠤ᠄ ᠪᠠᠷᠢᠭᠳᠠᠪᠠ ᠤᠤ? ᠭᠥᠯᠴᠥᠭᠡᠢ ᠮᠢᠨᠢ᠂
ᠬᠤᠯᠤᠭᠠᠨ᠎ᠠ᠄ ᠬᠥᠶᠢ᠂ ᠪᠢ ᠡᠨᠡ ᠤᠲᠠᠰᠤ ᠶ᠋ᠢ ᠴᠢᠨᠢ ᠮᠡᠷᠡᠭᠡᠳ ᠵᠢᠭᠤᠲᠠᠴᠢᠬᠠᠨᠠ ᠰᠢᠲᠠ᠃
ᠨᠤᠷᠪᠤ᠄ ᠠᠮᠢᠳᠤ ᠪᠠᠷ ᠢ᠋ᠶ᠋ᠠᠨ ᠬᠤᠤᠱᠤᠤᠷ ᠪᠣᠯᠤᠮᠠᠷ ᠦᠭᠡᠢ ᠪᠠᠢᠭ᠎ᠠ ᠪᠣᠯ ᠲᠦᠯᠬᠢᠭᠦᠷ ᠠᠪᠴᠢᠷᠠ᠃ ᠬᠤᠷᠳᠤᠯᠠ᠂ ᠳᠡᠯᠳᠡᠩ ᠶᠠᠪᠤᠵᠠᠭᠠᠶ᠎ᠠ᠃
ᠲᠠᠤᠯᠠᠢ᠄ ᠬᠠᠷᠢᠨ ᠠ᠋᠂ ᠨᠠᠢᠵᠠ ᠨᠢ ᠪᠠᠰᠠ ᠰᠠᠢᠨ ᠮᠡᠳᠡᠬᠦ ᠦᠭᠡᠢ ᠪᠠᠢᠨ᠎ᠠ᠃
ᠨᠤᠷᠪᠤ᠄ ᠶᠠᠭᠤ ᠭᠡᠨ᠎ᠡ᠂ ᠮᠠᠭᠤ ᠨᠣᠪᠰᠢ᠃
ᠲᠠᠤᠯᠠᠢ᠄ ᠬᠣᠶᠠᠭᠤᠯᠠ ᠪᠠᠨ ᠡᠨᠳᠡ ᠡᠴᠡ ᠵᠢᠭᠤᠲᠠᠯ᠎ᠠ ᠴᠤ᠌ ᠶᠠᠭᠠᠬᠢᠵᠤ ᠲᠡᠷᠡ ᠥᠨᠳᠥᠷ ᠬᠡᠷᠡᠮ ᠢ᠋ ᠳᠠᠪᠠᠬᠤ ᠶᠤᠮ ᠪᠣᠢ?
ᠬᠠᠷᠠᠭᠤᠯ᠄ ᠪᠢᠳᠡ ᠨᠠᠷ ᠡᠨᠡ ᠯᠤᠤᠪᠠᠩ ᠢ᠋ ᠪᠤᠷᠤᠭᠤ ᠢᠳᠡᠵᠦ ᠢᠷᠡᠵᠡᠢ᠃
ᠨᠣᠮᠣᠨ᠄ ᠲᠡᠭᠡᠭᠡᠳ ᠶᠠᠭᠠᠬᠢᠵᠤ ᠢᠳᠡᠬᠦ ᠶᠤᠮ? ᠡᠨᠡ ᠬᠣᠶᠠᠷ ᠢ᠋ ᠬᠣᠶᠠᠭᠤᠯᠠ ᠪᠠᠨ ᠴᠣᠣᠵᠢᠯᠠᠭᠠ ᠦᠭᠡᠢ ᠪᠢᠯᠡ ᠤᠤ?
ᠬᠠᠷᠠᠭᠤᠯ᠄ ᠭᠦᠦᠰᠢ᠂ ᠲᠠ ᠨᠠᠷ ᠵᠣᠭᠰᠣ᠃ ᠬᠥᠶᠢ᠂ ᠴᠢ ᠰᠣᠬᠣᠷ ᠤᠤ? ᠨᠠᠭᠠᠳᠤᠬᠢ ᠴᠢᠨᠢ ᠬᠡᠦᠬᠡᠳ᠃
ᠨᠤᠷᠪᠤ᠄ ᠪᠤᠴᠠᠯ ᠦᠭᠡᠢ ᠯᠡ ᠭᠠᠮᠪᠢᠷ ᠢ᠋ᠶ᠋ᠠᠨ ᠬᠠᠭᠠᠷᠢᠵᠤ ᠢᠳᠡᠳᠡᠭ ᠪᠠᠢᠵᠠᠢ᠃
ᠬᠠᠷᠠᠭᠤᠯ᠄ ᠮᠢᠨᠦ ᠳᠡᠭᠦᠦ ᠨᠠᠭᠠᠨ᠎ᠠ ᠠ᠋ᠴᠠ ᠪᠠᠨ ᠪᠠᠭᠤ᠂ ᠡᠨᠡ ᠬᠠᠢᠷᠴᠠᠭ ᠲᠤ᠌ ᠬᠡᠳᠦᠨ ᠯᠤᠤᠪᠠᠩ ᠪᠠᠢᠭ᠎ᠠ ᠶ᠋ᠢ ᠬᠠᠷᠠᠵᠤ ᠪᠠᠢᠭ᠎ᠠ ᠪᠢᠵᠡ᠃
ᠳᠡᠮᠴᠤᠭ᠄ ᠨᠤᠷᠪᠤ ᠠ᠋ ᠣᠳᠣ ᠪᠣᠯᠢ᠂ ᠪᠢ ᠴᠢᠮ᠎ᠠ ᠶ᠋ᠢ ᠰᠠᠮᠪᠤᠤ ᠪᠤᠷᠵᠢᠮᠠ ᠬᠣᠶᠠᠷ ᠲᠤ᠌ ᠠᠮᠢᠳᠤ ᠪᠠᠷ ᠴᠢᠨᠢ ᠬᠦᠷᠭᠡᠵᠦ ᠥᠭᠬᠦ ᠶᠣᠰᠣᠲᠠᠢ᠃ ᠴᠢ ᠤᠭ ᠠ᠋ᠴᠠ ᠪᠠᠨ ᠡᠨᠡ ᠬᠠᠨ᠎ᠠ ᠶ᠋ᠢ ᠳᠠᠪᠠᠵᠤ ᠴᠢᠳᠠᠬᠤ ᠦᠭᠡᠢ᠃ ᠴᠢᠮ᠎ᠠ ᠠ᠋ᠴᠠ ᠲᠣᠮᠣ ᠴᠢᠨᠣ᠎ᠠ ᠴᠤ᠌ ᠳᠠᠪᠠᠵᠤ ᠴᠢᠳᠠᠭ᠎ᠠ ᠦᠭᠡᠢ ᠶᠤᠮ᠃
ᠬᠠᠷᠠᠭᠤᠯ᠄ ᠭᠦᠦᠰᠢ᠂ ᠴᠢ ᠶᠠᠭᠤ ᠤᠤᠭᠤᠭᠠᠳ ᠪᠠᠢᠨ᠎ᠠ᠃
ᠨᠤᠷᠪᠤ᠄ ᠲᠠ ᠨᠠᠷ ᠲᠤ᠌ ᠤᠳᠠᠬᠤ ᠦᠭᠡᠢ ᠠᠮᠰᠠᠭᠤᠯᠤᠨ᠎ᠠ᠃
ᠪᠢᠯᠢ᠄ ᠲᠠ ᠰᠢᠭᠦᠷ ᠠᠪᠤᠭᠰᠠᠨ ᠤᠤ?
ᠶᠤᠨᠳᠤᠨ᠄ ᠥᠨᠥᠳᠥᠷ ᠪᠣᠷᠣᠭᠠᠨ ᠣᠷᠣᠬᠤ ᠦᠭᠡᠢ ᠪᠢᠵᠡ ᠳᠡ᠂ ᠲᠡᠷᠡ ᠶᠠᠭᠤ ᠪᠣᠢ? ᠶᠠᠭᠠᠬᠢᠭᠰᠠᠨ ᠲᠣᠮᠣ ᠬᠣᠨᠳᠣᠯᠠᠢ ᠪᠣᠢ?
ᠴᠢᠨᠣ᠎ᠠ᠄ ᠵᠠ ᠵᠠ᠂ ᠠᠮᠠᠨ ᠳ᠋ᠤ᠌ ᠣᠷᠣᠵᠤ ᠢᠷᠡᠭᠰᠡᠨ ᠭᠠᠬᠠᠢ ᠶ᠋ᠢᠨ ᠮᠢᠬ᠎ᠠ ᠶ᠋ᠢ ᠬᠡᠯᠡ ᠪᠡᠷ ᠢ᠋ᠶ᠋ᠡᠨ ᠲᠦᠯᠬᠢᠯ ᠲᠡᠢ ᠶᠤᠮ ᠪᠢᠰᠢ᠃
ᠨᠥᠭᠦᠭᠡ ᠴᠢᠨᠣ᠎ᠠ᠄ ᠭᠤᠷᠪᠠᠭᠤᠯᠠ ᠶ᠋ᠢᠨ ᠬᠠᠪᠢᠷᠭ᠎ᠠ ᠮᠢᠨᠦᠬᠢ ᠰᠢᠦ᠃
ᠤᠯᠠᠭᠠᠨ᠄ ᠪᠢ ᠶᠠᠰᠤ ᠪᠠᠷ ᠨᠢ ᠱᠥᠯᠥ ᠬᠢᠵᠦ ᠤᠤᠭᠤᠨ᠎ᠠ᠃
ᠲᠡᠮᠡᠭᠡ᠄ ᠪᠢ ᠪᠣᠳᠣᠩ ᠬᠤᠢᠬᠠᠯᠠᠵᠤ ᠪᠠᠢᠨ᠎ᠠ᠃
ᠴᠢᠨᠣ᠎ᠠ᠄ ᠲᠦᠭᠦᠬᠡᠢ ᠪᠡᠷ ᠨᠢ ᠢᠳᠡᠪᠡᠯ ᠶᠠᠮᠠᠷ ᠪᠣᠯ? ᠠ! ᠵᠢᠩᠬᠢᠨᠢ ᠵᠡᠷᠯᠢᠭ ᠴᠢᠨᠣ᠎ᠠ ᠰᠢᠭ᠋᠃
ᠪᠦᠭᠦᠳᠡᠭᠡᠷ᠄ ᠲᠡᠢᠮᠦ ᠠ᠋
ᠶᠤᠨᠳᠤᠨ᠄ ᠪᠢᠯᠢ ᠠᠬ᠎ᠠ ᠨᠠᠷ ᠲᠤ᠌ ᠪᠠᠨ ᠨᠢᠭᠡ ᠦᠭᠡ ᠬᠡᠯᠡᠭᠡᠴᠢ᠃
ᠪᠢᠯᠢ᠄ ᠳ᠋ᠠᠮᠪᠢᠵᠠ ᠠᠬ᠎ᠠ ᠠ᠋᠂ ᠡᠨᠳᠡ ᠬᠠᠩᠭᠠᠯᠲᠠ ᠲᠠᠢ ᠶᠡᠬᠡ ᠡᠪᠡᠰᠦ ᠪᠠᠢᠬᠤ ᠳ᠋ᠤ᠌ ᠮᠢᠬ᠎ᠠ ᠢᠳᠡᠭᠡᠳ ᠶᠠᠭᠠᠬᠢᠬᠤ ᠶᠤᠮ ᠪᠣᠢ?
ᠶᠤᠨᠳᠤᠨ᠄ ᠬᠠᠯᠵᠠᠨ ᠪᠠᠭᠰᠢ ᠠ᠋᠂ ᠲᠠ ᠡᠨᠡ ᠴᠢᠨᠣ᠎ᠠ ᠨᠤᠭᠤᠳ ᠲᠠᠢ ᠨᠢᠭᠡ ᠶᠠᠷᠢᠯᠴᠠᠭᠠᠴᠢ ᠳᠠ᠃
ᠬᠠᠯᠵᠠᠨ ᠪᠠᠭᠰᠢ᠄ ᠠᠭᠤᠴᠢᠯᠠᠭᠠᠷᠠᠢ ᠶᠤᠨᠳᠤᠨ ᠠ᠋᠂ ᠲᠡᠳᠡ ᠪᠣᠯ ᠳᠡᠢᠯᠳᠡᠬᠦ᠌ ᠦᠭᠡᠢ ᠶᠠᠷᠭᠠᠴᠢᠳ᠃
ᠴᠢᠨᠣ᠎ᠠ᠄ ᠪᠡᠯᠡᠨ ᠤᠤ? ᠵᠠᠯᠠᠭᠤᠰ ᠠ᠋᠂ ᠬᠣᠭᠣᠷᠣᠨᠳᠣ ᠪᠠᠨ ᠮᠢᠬ᠎ᠠ ᠪᠠᠨ ᠪᠤᠯᠢᠶᠠᠯᠴᠠᠯᠳᠤᠬᠤ ᠦᠭᠡᠢ ᠰᠢᠦ᠃
ᠶᠤᠨᠳᠤᠨ᠄ ᠠᠰᠢᠭᠦᠢ ᠳᠡ᠃
ᠨᠤᠷᠪᠤ᠄ ᠲᠡᠢᠮᠦ ᠠ᠋᠂ ᠪᠢᠳᠡ ᠠᠪᠤᠷᠠᠭᠳᠠᠯᠠ᠂ ᠲᠦᠷ ᠬᠦᠯᠢᠶᠡᠭᠡᠷᠡᠢ! ᠨᠠᠭᠠᠳᠤᠬᠢ ᠴᠢᠨᠢ ᠲᠠᠤᠯᠠᠢ ᠨᠤᠭᠤᠳ ᠤ᠋ᠨ ᠪᠦᠲᠦᠭᠡᠭᠰᠡᠨ ᠪᠥᠮᠪᠥᠭᠡ᠃ ᠦᠷ ᠢ᠋ᠶ᠋ᠡᠷ ᠪᠢᠳᠡ ᠪᠦᠭᠦᠳᠡᠭᠡᠷ ᠢ᠋ᠶ᠋ᠡᠨ ᠴᠦ᠍ ᠡᠨᠡ ᠵᠢᠯᠠᠭ᠎ᠠ ᠳ᠋ᠤ᠌ ᠳᠡᠯᠪᠡᠷᠡᠵᠦ ᠦᠬᠦᠵᠡᠭᠡᠨᠡ᠃
ᠴᠢᠨᠣ᠎ᠠ᠄ ᠶᠠᠭᠤ ᠶᠠᠷᠢᠭᠠᠳ ᠪᠠᠢᠭ᠎ᠠ ᠶᠤᠮ?
ᠬᠤᠯᠤᠭᠠᠨ᠎ᠠ᠄ ᠳᠣᠷᠣᠢ ᠦᠨᠡᠨ ᠰᠢᠦ᠂ ᠵᠠᠯᠠᠭᠤᠰ ᠠ᠋᠃
ᠨᠤᠷᠪᠤ᠄ ᠲᠠ ᠨᠠᠷ ᠡᠭᠦᠨ ᠢ᠋ ᠦᠨᠦᠷᠲᠦᠵᠦ ᠪᠠᠢᠨ᠎ᠠ ᠤᠤ? ᠡᠨᠡ ᠪᠣᠯ ᠨᠤᠭᠤᠭᠠᠯᠵᠠᠭᠠᠨᠠ ᠶ᠋ᠢᠨ ᠬᠡᠢ᠂ ᠲᠠᠤᠯᠠᠢ ᠨᠤᠭᠤᠳ ᠡᠨᠡ ᠵᠢᠯᠠᠭ᠎ᠠ ᠶ᠋ᠢ ᠨᠤᠭᠤᠭᠠᠯᠵᠠᠭᠠᠨᠠ ᠶ᠋ᠢᠨ ᠤᠩᠭᠤᠰᠤ ᠪᠠᠷ ᠳᠦᠭᠦᠷᠭᠡᠵᠦ ᠰᠢᠲᠠᠭᠠᠵᠤ ᠲᠠ ᠨᠠᠷ ᠢ᠋ ᠠᠯᠠᠬᠤ ᠭᠡᠵᠦ ᠪᠠᠢᠭ᠎ᠠ᠃
ᠴᠢᠨᠣ᠎ᠠ᠄ ᠲᠡᠭᠡᠪᠡᠯ ᠰᠡᠭᠦᠯ ᠦ᠋ᠨ ᠵᠣᠭᠣᠭ ᠢ᠋ᠶ᠋ᠠᠨ ᠪᠠᠷᠢᠶ᠎ᠠ᠃
ᠶᠤᠨᠳᠤᠨ᠄ ᠪᠠᠢᠵᠠ᠂ ᠲᠠ ᠨᠠᠷ ᠲᠤ᠌ ᠲᠠᠯᠪᠢᠬᠤ ᠰᠠᠨᠠᠯ ᠪᠠᠢᠨ᠎ᠠ᠃
ᠴᠢᠨᠣ᠎ᠠ᠄ ᠶᠠᠭᠤ ᠶᠤᠮ?
ᠶᠤᠨᠳᠤᠨ᠄ ᠪᠢ ᠲᠠ ᠨᠠᠷ ᠲᠤ᠌ ᠡᠨᠡ ᠨᠦᠬᠡᠨ ᠡᠴᠡ ᠭᠠᠷᠬᠤ ᠯᠢᠫᠲ ᠪᠠᠷᠢᠵᠤ ᠥᠭᠭᠦᠶ᠎ᠡ᠃
ᠮᠣᠷᠢ᠄ ᠬᠤᠳᠠᠯ ᠠ᠋᠂ ᠡᠨᠡ ᠮᠢᠬ᠎ᠠ ᠨᠤᠭᠤᠳ ᠵᠢᠭᠤᠲᠠᠬᠤ ᠭᠡᠵᠦ ᠪᠠᠢᠨ᠎ᠠ᠃
ᠶᠤᠨᠳᠤᠨ᠄ ᠲᠠ ᠨᠠᠷ ᠡᠨᠳᠡ ᠡᠴᠡ ᠭᠠᠷᠴᠤ ᠴᠢᠳᠠᠪᠠᠯ ᠳᠡᠭᠡᠷ᠎ᠡ ᠭᠡᠳᠡᠰᠦ ᠪᠡᠨ ᠴᠠᠳᠲᠠᠯ᠎ᠠ ᠣᠯᠠᠨ ᠲᠠᠤᠯᠠᠢ ᠢᠳᠡᠵᠦ ᠪᠣᠯᠤᠨ᠎ᠠ ᠰᠢᠳᠡ᠃
ᠨᠤᠷᠪᠤ᠄ ᠠᠭ᠎ᠠ ᠠ᠋
ᠶᠤᠨᠳᠤᠨ᠄ ᠴᠢᠮᠡᠭᠡ ᠦᠭᠡᠢ ᠪᠠᠢ᠃
ᠴᠢᠨᠣ᠎ᠠ᠄ ᠴᠢ ᠪᠢᠳᠡ ᠨᠠᠷ ᠢ᠋ᠶ᠋ᠠᠷ ᠭᠥᠯᠥᠭᠡ ᠲᠦᠷᠦᠭᠦᠯᠡᠬᠦ ᠭᠡᠳ ᠪᠠᠢᠭ᠎ᠠ ᠶᠤᠮ ᠪᠢᠰᠢ ᠤᠤ?
ᠲᠡᠮᠡᠭᠡ᠄ ᠲᠡᠢᠮᠦ ᠠ᠋᠂ ᠡᠳᠡ ᠨᠠᠷ ᠲᠤ᠌ ᠢᠲᠡᠭᠡᠵᠦ ᠪᠣᠯᠬᠤ ᠦᠭᠡᠢ ᠶᠤᠮ᠃
ᠴᠢᠨᠣ᠎ᠠ᠄ ᠵᠠ ᠶᠠᠭᠠᠬᠢᠬᠤᠪ᠂ ᠴᠢ ᠲᠡᠭᠡᠭᠡᠳ ᠬᠢᠷᠢ ᠬᠤᠷᠳᠤᠨ ᠪᠠᠷᠢᠵᠤ ᠥᠭᠬᠦ ᠶᠤᠮ ᠳᠡ᠃
ᠶᠤᠨᠳᠤᠨ᠄ ᠭᠤᠷᠪᠠᠨ ᠴᠠᠭ᠃
ᠴᠢᠨᠣ᠎ᠠ᠄ ᠠᠷᠠᠢ ᠯᠠ ᠤᠳᠠᠭᠠᠨ ᠪᠠᠢᠨ᠎ᠠ᠂ ᠲᠣᠬᠢᠷᠠᠯ᠎ᠠ᠃ ᠡᠨᠡ ᠪᠣᠳᠣᠩ ᠨᠠᠳᠠ ᠳ᠋ᠤ᠌ ᠲᠠᠭᠠᠯᠠᠭᠳᠠᠵᠤ ᠪᠠᠢᠨ᠎ᠠ ᠰᠢᠦ᠂ ᠵᠠᠮᠤᠷᠠ ᠡᠳᠡᠨ ᠢ᠋ ᠨᠢᠳᠦ ᠰᠠᠯᠭᠠᠯ ᠦᠭᠡᠢ ᠮᠠᠨᠠᠵᠤ ᠪᠠᠢᠭᠠᠷᠠᠢ! ᠠᠷᠢᠶᠠᠲᠠᠨ ᠨᠤᠭᠤᠳ ᠠ᠋᠂ ᠵᠡᠪᠰᠡᠭ ᠢ᠋ᠶ᠋ᠡᠨ ᠢᠷᠯᠡᠵᠡᠭᠡ᠃ ᠥᠷᠯᠥᠭᠡᠨ ᠦ᠌ ᠴᠠᠢ ᠳ᠋ᠤ᠌ ᠪᠠᠨ ᠪᠡᠯᠡᠳᠴᠡᠭᠡᠶᠡ᠃ ᠲᠡᠢᠮᠦ ᠠ᠋᠃
ᠨᠤᠷᠪᠤ᠄ ᠠᠭ᠎ᠠ ᠠ᠋᠂ ᠶᠠᠭᠠᠬᠢᠵᠤ ᠬᠣᠶᠠᠷ ᠴᠠᠭ ᠤ᠋ᠨ ᠳᠣᠲᠣᠷ᠎ᠠ ᠯᠢᠫᠲ ᠪᠠᠷᠢᠬᠤ ᠶᠤᠮ?
ᠶᠤᠨᠳᠤᠨ᠄ ᠬᠣᠷᠢᠨ ᠮᠢᠨᠦ᠋ᠲ ᠲᠦ᠍᠃ ᠠᠷᠤ ᠠ᠋ᠴᠠ ᠬᠠᠷᠠᠭᠠᠳ ᠪᠠᠢᠬᠤᠯᠠᠷ ᠵᠢᠷᠤᠵᠤ ᠴᠢᠳᠠᠳᠠᠭ ᠦᠭᠡᠢ ᠶᠤᠮ᠃
ᠨᠤᠷᠪᠤ᠄ ᠮᠠᠭᠤ ᠴᠢᠨᠣ᠎ᠠ ᠨᠤᠭᠤᠳ ᠢ᠋ ᠰᠠᠢᠬᠠᠨ ᠮᠤᠯᠭᠤᠲᠠᠯᠠ ᠰᠢᠦ ᠠᠭ᠎ᠠ ᠠ᠋᠃
ᠶᠤᠨᠳᠤᠨ᠄ ᠮᠢᠨᠦ ᠳᠡᠭᠦᠦ ᠠᠬ᠎ᠠ ᠠ᠋ᠴᠠ ᠪᠠᠨ ᠰᠤᠷᠬᠤ ᠶᠠᠭᠤᠮ᠎ᠠ ᠶᠡᠬᠡ ᠪᠠᠢᠨ᠎ᠠ ᠳᠠ᠃
ᠪᠢᠯᠢ᠄ ᠮᠠᠨ ᠤ᠋ ᠠᠪᠠᠭ᠎ᠠ ᠠᠬ᠎ᠠ ᠨᠠᠷ ᠣᠳᠣ ᠶᠠᠭᠠᠬᠢᠬᠤ ᠪᠣᠯ?
ᠬᠠᠯᠵᠠᠨ ᠪᠠᠭᠰᠢ᠄ ᠠᠷᠤ ᠮᠣᠳᠣ ᠣᠷᠣᠭᠠᠳ ᠬᠡᠳᠦᠨ ᠵᠢᠯ ᠰᠠᠭᠤᠬᠤ ᠪᠠᠢᠬᠤ ᠠ᠋᠃
ᠨᠤᠷᠪᠤ᠄ ᠠᠭ᠎ᠠ ᠠ᠋᠂ ᠯᠢᠫᠲ ᠨᠤᠷᠠᠬᠤ ᠭᠡᠳ ᠪᠠᠢᠨ᠎ᠠ᠃
ᠶᠤᠨᠳᠤᠨ᠄ ᠶᠠᠭ ᠯᠠ ᠬᠥᠮᠦᠨ ᠦ᠌ ᠲᠣᠭ᠎ᠠ ᠪᠠᠷ ᠪᠠᠷᠢᠭᠰᠠᠨ ᠰᠢᠳᠡ᠂ ᠴᠢ ᠴᠢᠯᠠᠭᠤ ᠮᠣᠯᠠᠭᠤ᠌ ᠬᠠᠷᠠᠮᠯᠠᠭ᠎ᠠ ᠦᠭᠡᠢ ᠪᠢᠵᠡ ᠳᠡ᠃
ᠨᠤᠷᠪᠤ᠄ ᠨᠠᠳᠠ ᠳ᠋ᠤ᠌ ᠶᠠᠭᠤᠨ ᠤ᠋ ᠬᠢᠨᠢ ᠬᠠᠷᠮᠠᠨ ᠪᠠᠢᠳᠠᠭ ᠶᠤᠮ᠂ ᠪᠢ ᠱᠠᠯᠳᠠᠩ ᠪᠠᠢᠨ᠎ᠠ ᠰᠢᠲᠠ᠃
ᠶᠤᠨᠳᠤᠨ᠄ ᠶᠠᠭ ᠯᠠ ᠵᠠᠭᠤ ᠨᠠᠶᠠᠨ ᠨᠠᠢ᠍ᠮᠠ ᠶ᠋ᠢᠨ ᠳᠠᠯ᠎ᠠ ᠶᠢᠰᠦᠨ ᠺᠢᠯᠣᠭ᠌ᠷᠠᠮ ᠤ᠋ᠨ ᠳᠠᠭᠠᠭᠠᠴᠠ ᠲᠠᠢ ᠪᠠᠷᠢᠭᠰᠠᠨ ᠰᠢᠲᠠ᠃
ᠬᠤᠯᠤᠭᠠᠨ᠎ᠠ᠄ ᠶᠠᠭᠤᠮ᠎ᠠ ᠬᠡᠦᠮ᠎ᠡ ᠳᠤᠲᠠᠭᠤ ᠪᠢᠰᠢ ᠤᠤ?
ᠶᠤᠨᠳᠤᠨ᠄ ᠬᠤᠯᠤᠭᠠᠨ᠎ᠠ ᠶ᠋ᠢ ᠲᠣᠭᠠᠴᠠᠭᠠᠯᠠᠬᠤ ᠪᠠᠨ ᠮᠠᠷᠲᠠᠴᠢᠬᠠᠵᠠᠢ᠃
ᠴᠢᠨᠣ᠎ᠠ᠄ ᠡᠨᠡ ᠮᠢᠬ᠎ᠠ ᠨᠤᠭᠤᠳ ᠲᠤ᠌ ᠬᠡᠵᠢᠶ᠎ᠡ ᠴᠦ᠍ ᠢᠲᠡᠭᠡᠵᠦ ᠪᠣᠯᠬᠤ ᠦᠭᠡᠢ ᠭᠡᠵᠦ ᠬᠡᠯᠡᠭᠡ ᠪᠢᠵᠡ ᠳᠡ᠃
ᠶᠤᠨᠳᠤᠨ᠄ ᠲᠠ ᠨᠠᠷ ᠪᠤᠷᠤᠭᠤ ᠪᠠᠷ ᠣᠢᠯᠠᠭᠠᠭᠰᠠᠨ ᠪᠠᠢᠨ᠎ᠠ᠃
ᠴᠢᠨᠣ᠎ᠠ᠄ ᠴᠢᠮᠡᠭᠡ ᠦᠭᠡᠢ᠂ ᠡᠳᠡᠨ ᠢ᠋ ᠢᠳᠡᠴᠢᠬᠡᠶᠡ᠂ ᠶᠠᠷᠭᠠᠴᠢᠳ ᠠ᠋᠃
ᠪᠢᠯᠢ᠄ ᠴᠢᠨᠣ᠎ᠠ ᠴᠢᠨᠣ᠎ᠠ ᠪᠠᠨ ᠢᠳᠡᠳᠡᠭ ᠶᠤᠮ ᠤᠤ?
ᠬᠠᠯᠵᠠᠨ ᠪᠠᠭᠰᠢ᠄ ᠮᠢᠨᠦ ᠮᠡᠳᠡᠬᠦ ᠪᠡᠷ ᠦᠭᠡᠢ ᠳᠡ᠃
ᠪᠢᠯᠢ᠄ ᠵᠠ ᠵᠠ᠂ ᠲᠡᠭᠡᠪᠡᠯ ᠬᠣᠶᠠᠭᠤᠯᠠ ᠪᠠᠨ ᠭᠠᠢᠭᠤᠢ ᠶᠤᠮ ᠪᠠᠢᠨ᠎ᠠ᠃
ᠴᠢᠨᠣ᠎ᠠ᠄ ᠡᠨᠡ ᠬᠣᠶᠠᠷ ᠢ᠋ ᠴᠦ᠍ ᠪᠠᠰᠠ ᠢᠳᠡ᠃ ᠳᠠᠭᠠᠷᠢ᠂ ᠳᠠᠭᠠᠷᠢᠭᠠᠴᠢ!
ᠶᠤᠨᠳᠤᠨ᠄ ᠲᠠ ᠨᠠᠷ ᠶᠠᠭᠠᠬᠢᠭ᠎ᠠ ᠪᠣᠢ? ᠠᠶᠤᠭ᠎ᠠ ᠤᠤ? ᠦᠵᠡᠯᠴᠡᠪᠡᠯ ᠦᠵᠡᠯᠴᠡᠶ᠎ᠡ ᠯᠡ ᠳᠡ᠂ ᠨᠣᠪᠰᠢ ᠨᠤᠭᠤᠳ ᠠ᠋᠂ ᠦᠬᠦᠬᠦ ᠰᠡᠬᠡᠬᠦ ᠪᠡᠨ ᠦᠵᠡᠶ᠎ᠡ ᠯᠡ ᠳᠡ᠃
ᠴᠢᠨᠣ᠎ᠠ᠄ ᠲᠠᠭᠠᠷᠢᠭᠠᠴᠢ ᠭᠥᠯᠥᠭᠡ ᠨᠦ᠍ᠭᠦᠳ ᠠ᠋᠃
ᠮᠣᠷᠢ᠄ ᠲᠠ ᠥᠪᠡᠷ ᠢ᠋ᠶ᠋ᠡᠨ ᠡᠬᠢᠯᠡᠭᠡᠳ ᠲᠠᠭᠠᠷᠢᠭᠠᠴᠢ᠃
ᠴᠢᠨᠣ᠎ᠠ᠄ ᠪᠢ ᠤᠳᠤᠷᠢᠳᠤᠭᠴᠢ ᠶᠤᠮ ᠪᠠᠢᠭ᠎ᠠ ᠪᠢᠵᠡ ᠳᠡ᠃
ᠲᠡᠮᠡᠭᠡ᠄ ᠲᠡᠢᠮᠦ ᠰᠢᠦ᠂ ᠵᠢᠩᠬᠢᠨᠢ ᠠᠷᠢᠶᠠᠲᠠᠨ ᠢ᠋ᠶ᠋ᠠᠷ ᠢ᠋ᠶ᠋ᠠᠨ ᠲᠠ ᠡᠬᠢᠯᠡᠭᠡᠳ ᠲᠠᠭᠠᠷᠢ᠂ ᠪᠢᠳᠡ ᠨᠠᠷ ᠠᠷᠤ ᠠ᠋ᠴᠠ ᠴᠢᠨᠢ ᠣᠷᠣᠶ᠎ᠠ᠃
ᠴᠢᠨᠣ᠎ᠠ᠄ ᠵᠠᠮᠤᠷᠠ ᠲᠡᠳᠡᠨ ᠢ᠋ ᠶᠠᠭ ᠣᠳᠣ ᠶᠠᠷᠭᠠᠯᠠ᠃ ᠠᠯᠢᠪ ᠠᠪᠤᠭᠠᠳ ᠢᠷ᠎ᠡ᠃
ᠶᠤᠨᠳᠤᠨ᠄ ᠴᠢ ᠴᠢᠨᠢ ᠰᠢᠳᠦ ᠦᠭᠡᠢ ᠶᠤᠮ ᠤᠤ?
ᠴᠢᠨᠣ᠎ᠠ᠄ ᠶᠠᠰᠤ ᠮᠡᠷᠡᠭᠰᠡᠭᠡᠷ ᠪᠠᠢᠭᠠᠳ ᠰᠢᠳᠦ ᠡᠯᠡᠭᠳᠡᠴᠢᠬᠡᠵᠡᠢ᠃
ᠤᠬᠤᠨ᠎ᠠ᠄ ᠪᠣᠳᠣᠩ ᠢ᠋ ᠪᠡᠷᠢ᠃ ᠳᠠᠢᠴᠢᠳ ᠠ᠋᠂ ᠣᠷᠣᠭᠰᠢ ᠪᠠᠨ᠃
ᠮᠣᠷᠢ᠄ ᠭᠦᠦᠰᠢ᠂ ᠬᠠᠭᠤᠷᠮᠠᠴᠢ ᠳ᠋ᠠᠮᠪᠢᠵᠠᠪ ᠢ᠋ ᠁
ᠶᠤᠨᠳᠤᠨ᠄ ᠣᠷᠣᠢ ᠶ᠋ᠢᠨ ᠬᠣᠭᠣᠯᠠᠨ ᠳ᠋ᠤ᠌ ᠴᠢᠨᠢ ᠪᠥᠵᠥᠩ ᠨᠡᠮᠡᠭᠳᠡᠯ᠎ᠡ᠂ ᠣᠴᠢᠵᠤ ᠢᠳᠡᠭᠡᠴᠢ᠃
ᠪᠠᠢᠪᠠᠷᠯᠢ᠄ ᠬᠡ᠂ ᠰᠠᠢᠨ ᠤᠤ? ᠶᠤᠨᠳᠤᠨ ᠠᠬ᠎ᠠ ᠠ᠋
ᠳ᠋ᠠᠮᠪᠠ᠄ ᠬᠡ᠂ ᠶᠠᠭ ᠪᠦᠲᠡᠵᠦ ᠦᠬᠦᠯ᠎ᠡ᠃
ᠮᠣᠷᠢ᠄ ᠴᠢ ᠪᠠᠰᠠ ᠬᠠᠭᠤᠷᠮᠠᠴᠢ ᠶᠤᠮ ᠤᠤ?
ᠨᠤᠷᠪᠤ᠄ ᠬᠡ ᠬᠡ᠂ ᠦᠬᠦᠭᠰᠡᠨ ᠪᠠᠭᠠᠰᠤᠨ ᠤ᠋ ᠴᠢᠨᠢ ᠶᠠᠷᠭᠠᠴᠢᠳ᠃
ᠲᠠᠤᠯᠠᠢ᠄ ᠴᠢᠨᠣ᠎ᠠ ᠨᠤᠭᠤᠳ ᠪᠦᠭᠦᠳᠡ ᠥᠯᠪᠡᠷᠴᠦ ᠦᠬᠦᠭᠰᠡᠨ ᠪᠠᠢᠬᠤ ᠨᠢ ᠠ᠋᠃ ᠡᠨᠳᠡ ᠶᠠᠭᠤᠨ ᠦᠮᠡᠬᠡᠢ ᠦᠨᠦᠷ ᠪᠣᠢ?
ᠤᠬᠤᠨ᠎ᠠ᠄ ᠨᠦᠬᠡ ᠣᠩᠭᠣᠰᠤ ᠪᠠᠷ ᠳᠦᠭᠦᠷᠴᠦ ᠪᠠᠢᠨ᠎ᠠ᠂ ᠶᠣᠨᠳᠣᠨ ᠳᠠᠬᠢᠭᠠᠳ ᠯᠢᠫᠲ ᠢ᠋ᠶ᠋ᠡᠨ ᠪᠠᠷᠢᠭᠠᠷᠠᠢ᠃
ᠶᠣᠨᠳᠣᠨ᠄ ᠦᠯᠡᠳᠡᠭᠰᠡᠨ ᠪᠦᠬᠦ ᠮᠣᠳᠣ ᠪᠠᠨ ᠪᠦᠷ ᠬᠤᠭᠤᠯᠴᠢᠬᠠᠭᠰᠠᠨ ᠰᠢᠲᠠ᠃
ᠲᠠᠤᠯᠠᠢ᠄ ᠡᠪᠦᠭᠡ ᠳ᠋ᠦ᠍ ᠨᠠᠮ᠎ᠠ ᠶ᠋ᠢ ᠡᠨᠳᠡ ᠪᠠᠢᠭ᠎ᠠ ᠶ᠋ᠢ ᠬᠡᠯᠡᠬᠦ ᠬᠡᠷᠡᠭᠲᠡᠢ ᠪᠠᠢᠨ᠎ᠠ᠃
ᠶᠣᠨᠳᠣᠨ᠄ ᠬᠤᠯᠤᠭᠠᠨ᠎ᠠ ᠠ᠋᠂ ᠴᠢ ᠣᠴᠢᠵᠤ ᠬᠡᠯᠡᠭᠡᠳ ᠢᠷ᠎ᠡ᠂ ᠪᠢᠳᠡ ᠨᠠᠷ ᠴᠢᠮ᠎ᠠ ᠶ᠋ᠢ ᠰᠢᠳᠡᠶᠡ᠃
ᠲᠠᠤᠯᠠᠢ᠄ ᠡᠪᠦᠭᠡ ᠬᠤᠯᠤᠭᠠᠷ ᠳ᠋ᠢᠨᠦ ᠳ᠋ᠦ᠍ ᠢᠲᠡᠭᠡᠬᠦ ᠦᠭᠡᠢ ᠰᠢᠲᠠ᠃
ᠨᠤᠷᠪᠤ᠄ ᠰᠢᠷ᠎ᠠ ᠬᠠᠯᠵᠠᠨ ᠪᠠᠭᠰᠢ ᠠ᠋᠂ ᠬᠤᠷᠳᠤᠯᠠᠭᠠᠷᠠᠢ ᠳᠡᠯᠳᠡᠩ ᠦ᠋ᠨ ᠵᠢᠷᠤᠭ ᠢ᠋ ᠠᠪᠤᠭᠠᠷᠠᠢ᠃
ᠶᠣᠨᠳᠣᠨ᠄ ᠵᠠᠯᠮ᠎ᠠ ᠴᠢ ᠬᠦᠴᠦᠲᠡᠢ ᠪᠡᠷ ᠢ᠋ᠶ᠋ᠡᠨ ᠰᠢᠳᠡ᠃
ᠵᠡᠯᠮ᠎ᠡ᠄ ᠶᠠᠭᠤᠨ ᠴᠢᠨᠣ᠎ᠠ ᠶ᠋ᠢᠨ ᠵᠢᠷᠤᠭ ᠪᠣᠢ?
ᠶᠣᠨᠳᠣᠨ᠄ ᠶᠠᠭᠠᠬᠢᠭᠠᠳ ᠰᠣᠬᠣᠷ ᠬᠥᠮᠦᠨ ᠢ᠋ᠶ᠋ᠡᠷ ᠵᠢᠷᠤᠭ ᠠᠪᠤᠭᠤᠯᠴᠢᠬᠠᠪᠠ? ᠨᠤᠷᠪᠤ ᠠ᠋ ᠴᠢ ᠵᠢᠷᠤᠭ ᠠᠪ᠃
ᠨᠤᠷᠪᠤ᠄ ᠬᠠᠯᠢᠰᠤ ᠨᠢ ᠳᠠᠭᠤᠰᠴᠢᠬᠠᠭᠰᠠᠨ ᠪᠠᠢᠨ᠎ᠠ ᠰᠢᠲᠠ᠃
ᠶᠣᠨᠳᠣᠨ᠄ ᠢᠩᠭᠢᠭᠡᠳ ᠪᠦᠬᠦ ᠵᠦᠢᠯ ᠥᠩᠭᠡᠷᠡᠯ᠎ᠡ᠃
ᠨᠤᠷᠪᠤ᠄ ᠠᠭ᠎ᠠ ᠠ᠋᠂ ᠭᠠᠮᠪᠢᠷ ᠢ᠋ᠶ᠋ᠠᠨ ᠯᠠ ᠬᠠᠭᠠᠷᠢᠵᠤ ᠢᠳᠡᠳᠡᠭ ᠪᠠᠢᠵᠠᠢ᠂ ᠲᠡᠢᠮᠦ?
ᠬᠤᠯᠤᠭᠠᠨ᠎ᠠ᠄ ᠪᠢᠰᠢᠯᠠᠭ ᠢ᠋ ᠴᠢᠨᠢ ᠬᠤᠯᠠᠭᠠᠢᠯᠠᠭᠰᠠᠨ ᠳ᠋ᠤ᠌ ᠠᠭᠤᠴᠢᠯᠠᠭᠠᠷᠠᠢ ᠵᠠᠯᠠᠭᠤᠰ ᠠ᠋᠃
ᠪᠠᠢᠪᠠᠷᠯᠢ᠄ ᠪᠤᠷᠬᠠᠨ ᠮᠢᠨᠢ ᠨᠠᠳᠠ ᠳ᠋ᠤ᠌ ᠡᠨᠳᠡ ᠡᠴᠡ ᠭᠠᠷᠬᠤ ᠳᠠᠯᠠᠪᠴᠢ ᠬᠠᠢᠷᠠᠯᠠ᠃ ᠤᠤᠬᠠᠢ ᠡᠪᠡᠰᠦ ᠢᠳᠡᠵᠦ ᠬᠠᠨᠤᠯ᠎ᠠ᠃
ᠳᠡᠮᠴᠤᠭ᠄ ᠡᠭᠦᠨ ᠢ᠋ ᠦᠨᠦᠷᠲᠦᠵᠦ ᠪᠠᠢᠨ᠎ᠠ ᠤᠤ? ᠥᠷᠯᠥᠭᠡ ᠨᠤᠭᠤᠭᠠᠯᠵᠠᠭᠠᠨᠠ ᠶ᠋ᠢᠨ ᠬᠡᠢ ᠦᠨᠦᠷᠯᠡᠬᠦ ᠰᠠᠢᠬᠠᠨ ᠰᠢᠦ᠃ ᠡᠨᠡ ᠬᠣᠷᠸ᠎ᠠ ᠳᠡᠭᠡᠷ᠎ᠡ ᠶᠠᠭᠤ ᠴᠤ᠌ ᠡᠭᠦᠨ ᠰᠢᠭ ᠦᠨᠦᠷᠲᠦᠳᠡᠭ ᠦᠭᠡᠢ ᠶᠤᠮ᠃
ᠨᠣᠮᠣᠨ᠄ ᠠᠵᠢᠯᠴᠢ ᠴᠠᠷᠯᠢ ᠨᠢᠰᠬᠦ ᠦᠭᠡᠢ ᠶᠤᠮ ᠳᠡ᠃ ᠠᠬᠠᠮᠠᠳ ᠠ᠋᠂ ᠴᠠᠷᠯᠢ᠃
ᠳᠡᠮᠴᠤᠭ᠄ ᠸᠢᠨᠰᠸᠨᠲ᠁
ᠸᠢᠨᠰᠸᠨᠲ᠄ ᠳᠡᠮᠴᠤᠭ ᠠ᠋᠂ ᠶᠠᠭᠠᠬᠢᠭᠠᠳ ᠭᠦᠦᠷ ᠨᠤᠷᠠᠴᠢᠬᠠᠭᠰᠠᠨ ᠪᠠᠢᠭ᠎ᠠ ᠶᠤᠮ? ᠳᠡᠮᠴᠤᠭ ᠠ᠋᠂ ᠮᠢᠨᠦ ᠠᠬ᠎ᠠ ᠨᠠᠷ ᠬᠠᠮᠢᠭ᠎ᠠ ᠪᠠᠢᠨ᠎ᠠ? ᠮᠠᠭᠤ ᠤᠷᠪᠠᠭᠴᠢ᠃
ᠳᠡᠮᠴᠤᠭ᠄ ᠬᠡᠨ ᠨᠢ ᠡᠬᠢᠯᠡᠵᠦ ᠤᠷᠪᠠᠭᠰᠠᠨ ᠪᠢᠯᠡ ᠳᠠ᠃ ᠴᠡᠷᠢᠭ ᠦ᠋ᠳ ᠲᠡᠭᠦᠨ ᠢ᠋ ᠵᠡᠪᠰᠡᠭ ᠲᠦ᠍ ᠳᠠᠭᠤᠰᠬ᠎ᠠ᠃
ᠸᠢᠨᠰᠸᠨᠲ᠄ ᠳᠡᠮᠴᠤᠭ ᠠ᠋᠂ ᠳᠣᠣᠷ᠎ᠠ ᠮᠢᠨᠦ ᠬᠦᠦ ᠪᠠᠢᠭ᠎ᠠ᠃
ᠬᠠᠷᠠᠭᠤᠯ᠄ ᠠᠬᠠᠮᠠᠳ ᠠ᠋
ᠳᠡᠮᠴᠤᠭ᠄ ᠬᠡᠦᠬᠡᠳ ᠲᠦ᠍ ᠪᠡᠨ ᠬᠣᠬᠢᠷᠠᠯ ᠲᠠᠢ ᠪᠠᠢᠳᠠᠭ ᠶᠤᠮ᠃ ᠡᠰᠡᠪᠡᠯ ᠲᠠ ᠨᠠᠷ ᠢᠷᠭᠡᠨ ᠦ᠌ ᠲᠡᠢᠨ ᠬᠦᠰᠡᠭᠡ ᠤᠤ?
ᠸᠢᠨᠰᠸᠨᠲ᠄ ᠳᠡᠮᠴᠤᠭ ᠡᠨᠡ ᠴᠢᠨᠦ ᠴᠢᠰᠤ ᠪᠠᠷ ᠢ᠋ᠶ᠋ᠠᠨ ᠵᠢᠷᠤᠭᠰᠠᠨ ᠡᠩᠬᠡ ᠶ᠋ᠢᠨ ᠭᠡᠷ᠎ᠡ᠃
ᠳᠡᠮᠴᠤᠭ ᠄ ᠡᠩᠬᠡ ᠴᠠᠭ ᠴᠢᠨᠣ᠎ᠠ ᠶ᠋ᠢᠨ ᠳᠠᠭᠠᠷᠢᠯᠲᠠ ᠪᠠᠷ ᠳᠠᠭᠤᠰᠤᠭᠰᠠᠨ᠃
ᠸᠢᠨᠰᠸᠨᠲ᠄ ᠴᠢ ᠬᠡᠵᠢᠶ᠎ᠡ ᠨᠢᠭᠡᠨ ᠴᠠᠭ ᠲᠤ᠌ ᠱᠠᠩ ᠢᠶᠡᠨ ᠬᠦᠷᠲᠡᠬᠦ ᠪᠣᠯᠤᠨ᠎ᠠ᠃
ᠳᠡᠮᠴᠤᠭ᠄ ᠲᠠᠮᠤ ᠳ᠋ᠤ᠌ ᠠᠭᠤᠯᠵᠠᠶ᠎ᠠ᠂ ᠸᠢᠨᠰᠸᠨᠲ
ᠨᠣᠮᠣᠨ᠄ ᠠᠬᠠᠮᠠᠳ ᠠ᠋᠂ ᠡᠨᠡ ᠳᠠᠭᠤᠤ ᠶ᠋ᠢ ᠬᠡᠵᠢᠶ᠎ᠡ ᠰᠣᠨᠣᠰᠤᠯ᠎ᠠ?
ᠳᠡᠮᠴᠤᠭ᠄ ᠳᠡᠯᠳᠡᠩ᠁ ᠳᠡᠯᠳᠡᠩ
ᠸᠢᠨᠰᠸᠨᠲ᠄ ᠪᠢᠯᠢ᠁
ᠪᠠᠢᠪᠠᠷᠯᠢ᠄ ᠪᠢᠳᠡ ᠠᠪᠤᠷᠠᠭᠳᠠᠯᠠ᠃
