ᠭᠠᠬᠠᠢ ᠶᠢᠨ ᠣᠷᠳᠣᠨPIGLAND02
ᠭᠠᠬᠠᠢ ᠶ᠋ᠢᠨ ᠣᠷᠳᠣᠨ ( ᠬᠤᠶᠠᠷ) ᠵᠢᠭᠯᠢᠳ ᠳᠤᠭ᠌ᠮᠢᠳ
ᠪᠠᠢᠪᠠᠷᠯᠢ᠄ ᠪᠢᠯᠢ ᠬᠠᠮᠲᠤ ᠭᠠᠷᠤᠨ᠎ᠠ ᠭᠡᠴᠢᠬᠡᠭᠡᠳ ᠶᠠᠭᠠᠬᠢᠭᠠᠳ ᠬᠠᠷᠠᠭᠳᠠᠬᠤ ᠦᠭᠡᠢ ᠪᠣᠯᠪᠠ? ᠬᠠ᠂ ᠡᠪᠡᠰᠦ
ᠨᠤᠷᠪᠤ᠄ ᠰᠢᠷ᠎ᠠ ᠬᠠᠯᠵᠠᠨ ᠪᠠᠭᠰᠢ
ᠭᠣᠮᠪᠣ᠄ᠥᠭᠡᠷ᠎ᠡ ᠶᠠᠭᠤᠮ᠎ᠠ ᠨᠡᠮᠡᠵᠦ ᠠᠪᠬᠤ ᠤᠤ ?
ᠪᠠᠭᠰᠢ᠄ ᠪᠣᠯᠤᠭᠰᠠᠨ ᠠ ᠪᠣᠯᠤᠭᠰᠠᠨ ᠬᠡᠳᠦ ᠪᠣᠯᠵᠤ ᠪᠠᠢᠨ᠎ᠠ?
ᠭᠣᠮᠪᠣ᠄ ᠬᠣᠶᠠᠷ ᠲᠥᠭᠥᠷᠢᠭ
ᠨᠤᠷᠪᠤ᠄ ᠰᠢᠷ᠎ᠠ ᠬᠠᠯᠵᠠᠨ ᠪᠠᠭᠰᠢ ᠠ᠋᠂ᠭᠣᠮᠪᠣ ᠲᠠᠨ ᠤ᠋ ᠤᠭᠤᠲᠠᠨ ᠳ᠋ᠤ᠌ ᠴᠢᠯᠠᠭᠤ ᠬᠢᠭᠡᠳ ᠲᠠᠨ ᠠ᠋ᠴᠠ ᠮᠥᠩᠭᠥ ᠨᠡᠮᠡᠵᠦ ᠠᠪᠬᠤ ᠭᠡᠵᠦ ᠪᠠᠢᠨ᠎ᠠ᠃
ᠪᠠᠭᠰᠢ᠄ ᠠ? ᠲᠡᠢᠮᠦ ᠤᠤ?
ᠭᠣᠮᠪᠣ᠄ ᠮᠠᠭᠤᠰᠠᠢᠨ ᠲᠢᠭ ᠦᠭᠡᠢ ᠳᠣᠷᠣᠢ ᠨᠤᠭᠤᠳ ᠲᠣᠭᠯᠠᠵᠤ ᠪᠠᠢᠬᠤ ᠦᠭᠡᠢ ᠤᠤ?
ᠨᠤᠷᠪᠤ᠄ ᠪᠠᠭᠰᠢ ᠠ᠋᠂ ᠲᠠ ᠤᠭᠤᠲᠠ ᠤᠷᠤᠭᠤ ᠪᠠᠨ ᠭᠠᠷ ᠢ᠋ᠶ᠋ᠠᠨ ᠬᠢᠭᠡᠳ ᠬᠠᠷ᠎ᠠ ᠳᠠ᠃
ᠭᠣᠮᠪᠣ᠄ ᠰᠣᠬᠣᠷ ᠬᠥᠮᠦᠨ ᠶᠠᠭᠠᠬᠢᠵᠤ ᠬᠠᠷᠠᠬᠤ ᠶᠤᠮ? ᠦ᠂ ᠨᠢᠭᠡ ᠬᠠᠲᠠᠭᠰᠠᠨ ᠮᠥᠭᠥ ᠣᠷᠣᠴᠢᠬᠠᠭᠰᠠᠨ ᠪᠠᠢᠨ᠎ᠠ᠃
ᠪᠠᠭᠰᠢ᠄ ᠦᠭᠡᠢ ᠡᠨᠡ ᠦᠨᠡᠬᠡᠷ ᠴᠢᠯᠠᠭᠤ ᠶᠤᠮ ᠪᠠᠢᠨ᠎ᠠ᠃ ᠨᠤᠷᠪᠤ ᠥᠭᠡᠷ᠎ᠡ ᠴᠢᠯᠠᠭᠤ ᠪᠠᠢᠨ᠎ᠠ ᠤᠤ ?ᠲᠡᠭᠦᠭᠡᠳ ᠲᠡᠭᠡᠭᠡᠴᠢ᠃
ᠨᠤᠷᠪᠤ᠄ ᠠᠷᠠᠢ ᠴᠤ᠌ ᠳᠠ ᠭᠣᠮᠪᠣ ᠠ᠋᠂ ᠨᠢᠭᠡ ᠲᠥᠭᠥᠷᠢᠭ ᠲᠠᠪᠢᠨ ᠮᠥᠩᠭᠥ ᠪᠣᠯᠵᠤ ᠪᠠᠢᠨ᠎ᠠ ᠪᠠᠭᠰᠢ ᠠ᠋
ᠪᠠᠭᠰᠢ᠄ ᠪᠠᠶᠠᠷᠯᠠᠯ᠎ᠠ ᠨᠤᠷᠪᠤ ᠠ᠋᠂ ᠮᠢᠨᠦ ᠱᠠᠪᠢ ᠴᠤ᠌ ᠬᠢᠴᠢᠶᠡᠯ ᠳ᠋ᠦ᠍ ᠪᠡᠨ ᠮᠠᠭᠤ ᠪᠣᠯᠬᠤ ᠠ᠋ᠴᠠ ᠶᠣᠰᠣᠲᠠᠢ ᠰᠠᠢᠨ ᠬᠡᠦᠬᠡᠳ ᠰᠢᠦ᠃
ᠨᠤᠷᠪᠤ᠄ ᠲᠠ ᠨᠠᠭᠠᠳᠤᠬᠢ ᠪᠠᠨ ᠡᠵᠢ ᠳ᠋ᠦ᠍ ᠰᠠᠢᠨ ᠬᠡᠯᠡᠭᠡᠷᠡᠢ᠂ ᠪᠢ ᠲᠠᠨ ᠢ᠋ ᠭᠠᠷᠭᠠᠭᠠᠳ ᠥᠭᠭᠦᠶ᠎ᠡ᠃
ᠭᠣᠮᠪᠣ᠄ ᠠᠯᠠᠨ᠎ᠠ ᠴᠢᠮ᠎ᠠ ᠶ᠋ᠢ᠂ ᠮᠠᠭᠤ ᠬᠢᠮ᠎ᠠ ᠶ᠋ᠢᠨ ᠥᠭᠡᠳᠡᠰᠦ᠃
ᠨᠤᠷᠪᠤ᠄ᠪᠠᠭᠰᠢ ᠠ᠋ ᠲᠠ ᠶᠠᠭᠤ ᠠᠪᠤᠭᠰᠠᠨ ᠶᠤᠮ?
ᠪᠠᠭᠰᠢ᠄ᠨᠢᠳᠦᠨ ᠦ᠌ ᠬᠠᠷᠠᠭᠠᠨ ᠳ᠋ᠤ᠌ ᠰᠠᠢᠨ ᠭᠡᠵᠦ ᠰᠣᠨᠣᠰᠤᠭᠠᠳ ᠪᠠᠭᠰᠢ ᠨᠢ ᠬᠡᠳᠦᠨ ᠮᠥᠭᠥ ᠠᠪᠤᠭᠰᠠᠨ ᠶᠤᠮ ᠠ᠋᠂ ᠴᠢ ᠥᠯᠥᠰᠴᠦ ᠪᠠᠢᠨ᠎ᠠ ᠤᠤ? ᠮᠠᠢ ᠠᠮᠰᠠᠬᠤ ᠤᠤ?
ᠨᠤᠷᠪᠤ᠄ ᠬᠣ᠂ ᠦᠨᠡᠬᠡᠷ ᠠᠮᠲᠠᠲᠠᠢ ᠮᠥᠭᠥ ᠪᠠᠢᠨ᠎ᠠ ᠰᠢᠦ᠃
ᠪᠠᠭᠰᠢ᠄ ᠠ᠂ ᠲᠡᠢᠮᠦ ᠪᠠᠢᠨ᠎ᠠ ᠤᠤ? ᠠᠯᠢᠪ ᠨᠢᠭᠡ ᠶ᠋ᠢ ᠠᠮᠰᠠᠭᠠᠳ ᠲᠡᠭᠡᠶ᠎ᠡ᠂ ᠦ ᠥ ᠲᠡᠢᠮᠦ ᠪᠠᠢᠨ᠎ᠠ ᠂ ᠦᠨᠡᠬᠡᠷ ᠵᠠᠵᠢᠯᠤᠭᠤᠷᠢ ᠲᠠᠢ ᠰᠠᠢᠬᠠᠨ ᠠᠮᠲᠠ ᠲᠠᠢ ᠮᠥᠭᠥ ᠪᠠᠢᠨ᠎ᠠ᠂ᠡᠨᠡ ᠮᠥᠭᠥ ᠡᠴᠡ ᠢᠳᠡᠭᠡᠳ ᠪᠠᠢᠪᠠᠯ ᠶᠡᠷᠦ ᠨᠢ ᠮᠢᠬ᠎ᠠ ᠢᠳᠡᠬᠦ ᠬᠡᠷᠡᠭ ᠪᠠᠢᠨ᠎ᠠ ᠤᠤ ᠳᠠ᠃
ᠬᠤᠯᠤᠭᠠᠨ᠎ᠠ᠄ᠠᠪᠤᠷᠠᠭᠠᠷᠠᠢ ᠲᠤᠰᠠᠯᠠᠭᠠᠷᠠᠢ! ᠶᠣ ᠶᠣ᠂ᠬᠣᠭᠣᠯᠠ ᠢᠳᠡᠬᠦ ᠭᠡᠵᠦ ᠪᠠᠢᠭᠠᠳ ᠯᠠ ᠬᠦᠯᠬᠦᠭᠦᠯᠴᠢᠬᠡᠬᠦ ᠶᠦᠮ᠃
ᠪᠠᠭᠰᠢ᠄ᠦ ᠶᠠᠭᠠᠬᠢᠨ᠎ᠠ᠂ᠬᠦᠯᠬᠦᠭᠰᠡᠨ ᠳ᠋ᠦ᠍ ᠠᠭᠤᠴᠢᠯᠠᠭᠠᠷᠠᠢ! ᠭᠦᠰᠢ᠂ᠨᠥᠭᠦᠭᠡ ᠮᠠᠢᠮᠠᠢᠴᠢᠨ ᠴᠢᠯ ᠮᠥᠭᠥ ᠬᠢᠨ᠎ᠡ ᠭᠡᠴᠢᠬᠡᠭᠡᠳ᠂ ᠨᠢᠭᠡ ᠯᠡ ᠬᠤᠯᠤᠭᠠᠨ᠎ᠠ ᠬᠢᠴᠢᠬᠡᠭᠰᠡᠨ ᠪᠢᠰᠢ ᠪᠢᠵᠡ ᠳᠡ᠃ ᠠᠯᠢᠪ ᠮᠠᠢ ᠡᠭᠦᠨ ᠢ᠋ ᠠᠪ᠂ᠳᠤᠷ᠎ᠠ ᠲᠠᠢ ᠶᠠᠭᠤᠮ᠎ᠠ ᠪᠠᠨ ᠠᠪᠴᠤ ᠢᠳᠡᠭᠡᠷᠡᠢ᠃
ᠨᠤᠷᠪᠤ᠄ ᠬᠣ᠂ ᠲᠠᠨ ᠤ᠋ ᠬᠢᠴᠢᠶᠡᠯ ᠢ᠋ ᠬᠢᠯᠢᠰ ᠰᠣᠨᠣᠰᠬᠤ ᠦᠭᠡᠢ ᠪᠠᠭᠰᠢ ᠠ᠋᠃
ᠪᠠᠭᠰᠢ᠄ᠵᠠ ᠪᠠᠶᠠᠷᠲᠠᠢ᠂ᠪᠠᠭᠰᠢ ᠳ᠋ᠤ᠌ ᠪᠠᠨ ᠲᠤᠰᠠ ᠥᠭᠭᠦᠭᠰᠡᠨ ᠳ᠋ᠦ᠍ ᠭᠢᠯᠠᠢᠯ᠎ᠠ᠃
ᠨᠤᠷᠪᠤ᠄ ᠲᠠᠨ ᠳ᠋ᠤ᠌ ᠴᠤ᠌ ᠭᠡᠰᠡᠨ ᠳ᠋ᠦ᠍ ᠪᠠᠶᠠᠷᠯᠠᠯ᠎ᠠ᠂ ᠪᠠᠭᠰᠢ ᠠ᠋ ᠪᠠᠶᠠᠷᠲᠠᠢ᠃ᠮᠥᠩᠭᠥ ᠪᠡᠷ ᠢ᠋ᠶ᠋ᠡᠨ ᠮᠥᠭᠥ ᠠᠪᠴᠤ ᠢᠳᠡᠨ᠎ᠡ᠃
ᠭᠣᠮᠪᠣ᠄ᠬᠣᠶᠠᠷ ᠲᠥᠭᠥᠷᠢᠭ ᠪᠣᠯᠵᠤ ᠪᠠᠢᠨ᠎ᠠ᠃
ᠨᠤᠷᠪᠤ᠄ ᠠ ! ᠲᠣᠭᠯᠠᠭᠠᠳ ᠪᠠᠢᠭ᠎ᠠ ᠶᠤᠮ ᠤᠤ?
ᠭᠣᠮᠪᠣ᠄ᠦᠭᠡᠢ᠂ᠦᠨ᠎ᠡ ᠪᠡᠨ ᠨᠡᠮᠡᠴᠢᠬᠡᠭᠰᠡᠨ᠃
ᠨᠤᠷᠪᠤ᠄ᠦᠭᠡᠢ᠂ ᠰᠠᠶᠢᠬᠠᠨ ᠦᠭᠡᠢ ᠪᠠᠢᠭᠰᠠᠨ ᠪᠢᠵᠡ ᠳᠡ ᠂ ᠣᠳᠣ ᠶᠠᠭᠠᠬᠢᠬᠤᠯᠠᠷ ᠢ᠋ᠶ᠋ᠠᠨ᠂ ᠵᠠ ᠵᠠ᠂ ᠪᠠᠢᠭ᠎ᠠ ᠳ᠋ᠤ᠌ ᠪᠠᠨ ᠲᠠᠭᠠᠷᠠᠭᠤᠯᠤᠭᠠᠳ ᠠᠪᠤᠶ᠎ᠠ᠃
ᠭᠣᠮᠪᠣ᠄ ᠬᠤᠯᠠᠭᠠᠢᠴᠢ᠂ ᠳᠣᠷᠣᠢ ᠳᠡᠯᠭᠡᠭᠦᠷ ᠡᠴᠡ ᠮᠢᠨᠢ ᠶᠠᠭᠤᠮ᠎ᠠ ᠬᠤᠯᠠᠭᠠᠢᠯᠠᠴᠢᠬᠠᠯᠠ᠃
ᠨᠤᠷᠪᠤ᠄ ᠶᠠᠮᠠᠷ ᠬᠤᠷᠳᠤᠨ ᠨᠣᠪᠰᠢ ᠪᠣᠢ? ᠠᠭ᠎ᠠ ᠪᠠᠢᠭᠰᠠᠨ ᠪᠣᠯ ᠲᠠᠨ ᠳ᠋ᠤ᠌ ᠴᠤ᠌ ᠭᠦᠢᠴᠡᠭᠳᠡᠬᠦ ᠦᠭᠡᠢ ᠯᠡ ᠳᠡ᠃
ᠲᠠᠤᠯᠠᠢ᠄ ᠠᠬ᠎ᠠ ᠠ᠋ ᠂ ᠬᠤᠯᠠᠭᠠᠢᠴᠢ ᠳᠣᠷᠣᠢ ᠡᠨᠳᠡ ᠪᠠᠢᠨ᠎ᠠ᠃
ᠨᠤᠷᠪᠤ᠄ ᠶᠠᠭᠠᠬᠢᠭᠰᠠᠨ ᠬᠣᠭ ᠨᠣᠪᠰᠢ ᠪᠣᠢ? ᠮᠥᠷ ᠢ᠋ᠶ᠋ᠡᠷ ᠢ᠋ᠶ᠋ᠡᠨ ᠶᠠᠪᠤᠨ᠎ᠠ ᠪᠢᠵᠡ ᠳᠡ᠃
ᠭᠣᠮᠪᠣ᠄ ᠴᠢᠮ᠎ᠠ ᠶ᠋ᠢ ᠠᠯᠠᠨ᠎ᠠ ᠭᠡᠵᠦ ᠬᠡᠯᠡᠭᠡᠳ ᠪᠠᠢᠬᠤ ᠳ᠋ᠤ᠌᠂ ᠬᠥᠮᠦᠨ ᠦ᠌ ᠬᠣᠭᠣᠯᠠᠨ ᠠ᠋ᠴᠠ ᠬᠣᠯᠠ ᠶᠠᠪᠤ ᠭᠡᠵᠦ ᠰᠣᠨᠣᠰᠤᠭ᠎ᠠ ᠦᠭᠡᠢ ᠤᠤ ?ᠴᠢ
ᠨᠤᠷᠪᠤ᠄ ᠲᠤᠰᠠᠯᠠᠭᠠᠷᠠᠢ ! ᠶᠤᠨᠳᠤᠨ ᠠᠭ᠎ᠠ ᠠ᠋᠂ ᠠᠪᠤ ᠠ᠋ ᠡᠵᠢ ᠠ᠋
ᠶᠤᠨᠳᠤᠨ᠄ ᠨᠠᠭᠠᠳᠤ ᠨᠢᠳᠦ ᠠᠮᠠ ᠴᠢᠨᠢ ᠶᠠᠭᠠᠬᠢᠴᠢᠬᠠᠪᠠ?
ᠨᠤᠷᠪᠤ᠄ ᠢᠮᠠᠭᠠᠨ ᠳ᠋ᠤ᠌ ᠮᠥᠷᠭᠥᠭᠦᠯᠴᠢᠬᠡᠯᠡ᠃
ᠶᠤᠨᠳᠤᠨ᠄ ᠥᠯᠥᠰᠴᠦ ᠪᠠᠢᠨ᠎ᠠ ᠰᠢᠦ᠂ ᠲᠡᠢᠮᠦ?ᠪᠤᠷᠵᠢᠮᠠ ᠡᠭᠡᠴᠢ ᠬᠠᠮᠢᠭ᠎ᠠ ᠣᠴᠢᠭᠰᠠᠨ ᠶᠤᠮ ᠪᠣᠢ ?
ᠨᠤᠷᠪᠤ᠄ ᠠᠪᠤ ᠡᠵᠢ ᠬᠣᠶᠠᠭᠤᠯᠠ ᠬᠦᠨᠡᠰᠦ ᠴᠤᠭᠯᠠᠭᠤᠯᠤᠨ᠎ᠠ ᠭᠡᠴᠢᠬᠡᠭᠡᠳ ᠣᠳᠣ ᠬᠦᠷᠲᠡᠯ᠎ᠡ ᠢᠷᠡᠭᠡ ᠦᠭᠡᠢ ᠪᠠᠢᠭ᠎ᠠ ᠶᠤᠮ ᠤᠤ ?ᠠᠰᠢᠭᠦᠢ ᠳᠡ᠂ ᠡᠵᠢ ᠢᠳᠡᠬᠦ ᠶᠠᠭᠤᠮ᠎ᠠ ᠠᠪᠴᠤ ᠢᠷᠡᠵᠦ ᠪᠠᠢᠭ᠎ᠠ ᠶᠤᠮ ᠪᠠᠢᠬᠤ ᠳᠠ᠃ ᠲᠠ ᠶᠠᠭᠠᠬᠢᠬᠤ ᠶᠤᠮ᠂ ᠮᠠᠨ ᠤ᠋ ᠪᠠᠢᠰᠢᠩ ᠳ᠋ᠤ᠌ ᠬᠦᠯᠢᠶᠡᠰᠦ ᠲᠡᠢ ᠤᠤ ?
ᠴᠢᠨᠣ᠎ᠠ᠄ ᠴᠢ ᠪᠢᠯᠢ ᠶ᠋ᠢ ᠬᠠᠷᠠᠭᠰᠠᠨ ᠤᠤ?
ᠨᠤᠷᠪᠤ᠄ ᠥᠷᠯᠥᠭᠡ ᠪᠠᠢᠪᠠᠷᠯᠢ ᠳ᠋ᠠᠮᠪᠠ ᠪᠢᠳᠡ ᠭᠤᠷᠪᠠ ᠲᠠᠢ ᠲᠣᠭᠯᠠᠨ᠎ᠠ ᠭᠡᠴᠢᠬᠡᠭᠡᠳ ᠢᠷᠡᠭᠡ ᠦᠭᠡᠢ᠂ ᠲᠡᠷᠡ ᠬᠣᠶᠠᠷ ᠠ᠋ᠴᠠ ᠠᠰᠠᠭᠤ᠂ ᠲᠣᠰᠬᠣᠨ ᠤ᠋ ᠲᠥᠪ ᠲᠦ᠍ ᠡᠪᠡᠰᠦ ᠢᠳᠡᠵᠦ ᠪᠠᠢᠭ᠎ᠠ᠃
ᠶᠤᠨᠳᠤᠨ᠄ ᠰᠠᠶᠢ ᠬᠡᠨ ᠪᠠᠢᠭᠰᠠᠨ ᠪᠣᠢ?
ᠨᠤᠷᠪᠤ᠄ᠠᠭᠤᠯᠠᠨ ᠠ᠋ᠴᠠ ᠢᠷᠡᠭᠰᠡᠨCostume Jacket ( ᠠᠷᠠᠰᠤᠨ ᠬᠦᠷᠮ᠎ᠡ ) ᠲᠡᠢ ᠴᠢᠨᠣ᠎ᠠ ᠯᠠ ᠪᠠᠢᠨ᠎ᠠ᠃
ᠶᠤᠨᠳᠤᠨ᠄ ᠷᠡᠢᠰᠠᠢᠨᠲ ᠤᠤ?
ᠨᠤᠷᠪᠤ᠄ ᠲᠡᠢᠮᠦ ᠠ᠋᠃
ᠵᠠᠷ᠄ ᠠᠩᠬᠠᠷᠤᠭᠠᠷᠠᠢ ᠂ ᠠᠩᠬᠠᠷᠤᠭᠠᠷᠠᠢ᠂ ᠠᠩᠬᠠᠷᠤᠭᠠᠷᠠᠢ! ᠵᠥᠪᠬᠡᠨ ᠥᠨᠥᠳᠥᠷ ᠦ᠋ᠨ ᠲᠤᠷᠰᠢ ᠳ᠋ᠤ᠌ ᠮᠠᠨ ᠤ᠋ ᠮᠠᠯ ᠵᠣᠭᠣᠭ ᠤ᠋ᠨ ᠭᠠᠵᠠᠷ ᠲᠤ᠌ ᠨᠢᠭᠡ ᠬᠣᠭᠣᠯᠠ ᠠᠪᠤᠪᠠᠯ ᠬᠣᠶᠠᠷ ᠤ᠋ᠨ ᠬᠣᠶᠠᠷ ᠬᠣᠭᠣᠯᠠ ᠦᠨ᠎ᠡ ᠦᠭᠡᠢ ᠪᠡᠯᠡᠭᠯᠡᠵᠦ ᠪᠠᠢᠨ᠎ᠠ᠂ᠲᠠ ᠪᠦᠬᠦᠨ ᠶᠠᠭᠠᠷᠠᠭᠠᠷᠠᠢ!
ᠶᠤᠨᠳᠤᠨ᠄ ᠬᠣᠶᠠᠭᠤᠯᠠ ᠪᠠᠨ ᠡᠨᠳᠡ ᠣᠴᠢᠵᠤ ᠬᠣᠭᠣᠯᠠ ᠢᠳᠡᠬᠦ ᠤᠤ?
ᠨᠤᠷᠪᠤ᠄ ᠲᠡᠭᠡᠶ᠎ᠡ ᠯᠡ ᠳᠡ᠃
ᠶᠤᠨᠳᠤᠨ᠄ ᠭᠠᠷᠴᠠᠭᠠᠶ᠎ᠠ!
ᠭᠣᠮᠪᠣ᠄ ᠮᠠᠭᠤᠰᠠᠢᠨ ᠤᠰᠤᠨ ᠰᠢᠪᠡᠷᠢ ᠨᠦ᠍ᠭᠦᠳ ᠮᠢᠨᠦ ᠵᠦᠯᠭᠡᠨ ᠡᠴᠡ ᠰᠠᠯ ᠠ᠋᠃
ᠨᠤᠷᠪᠤ᠄ ᠤᠷᠮᠠᠰᠢᠭᠤᠯᠤᠯ ᠨᠢ ᠳᠠᠭᠤᠰᠤᠭ᠎ᠠ ᠦᠭᠡᠢ ᠪᠠᠢᠨ᠎ᠠ᠃
ᠶᠤᠨᠳᠤᠨ᠄ᠤᠭ ᠠ᠋ᠴᠠ ᠪᠠᠨ ᠬᠥᠮᠦᠨ ᠣᠷᠣᠵᠤ ᠢᠷᠡᠬᠦ ᠦᠭᠡᠢ ᠪᠣᠯᠬᠣᠷ ᠤᠷᠮᠠᠰᠢᠭᠤᠯᠤᠯ ᠵᠠᠷᠯᠠᠭᠰᠠᠨ ᠶᠤᠮ ᠰᠢᠭ᠋ ᠪᠠᠢᠨ᠎ᠠ᠃
ᠨᠤᠷᠪᠤ᠄ ᠠ᠂ ᠨᠥᠭᠦᠭᠡ ᠳᠡᠯᠳᠡᠩ ᠨᠣᠪᠰᠢ᠃
ᠲᠠᠤᠯᠠᠢ᠄ ᠰᠠᠢᠨ ᠪᠠᠢᠨ᠎ᠠ ᠤᠤ? ᠨᠢᠭᠡ ᠳᠡᠭᠡᠷ᠎ᠡ ᠨᠡᠮᠡᠬᠦ ᠶ᠋ᠢᠨ ᠬᠣᠶᠠᠷ ᠲᠠᠪᠠᠭ ᠬᠣᠭᠣᠯᠠ ᠵᠠᠬᠢᠶᠠᠯᠠᠬᠤ ᠤᠤ?
ᠶᠤᠨᠳᠤᠨ᠄ ᠲᠡᠭᠡᠶ᠎ᠡ᠂ ᠲᠠᠨ ᠣ ᠬᠣᠭᠣᠯᠠ ᠬᠢᠷᠢ ᠶᠠ ᠬᠡ ᠶᠦᠮᠪᠣᠯ ?
ᠲᠠᠤᠯᠠᠢ᠄ ᠮᠠᠨ ᠤ᠋ ᠪᠤᠭᠤᠷᠴᠠ ᠶᠡᠬᠡ ᠲᠣᠮᠣ ᠰᠢᠦ᠂ᠬᠣᠶᠠᠷ ᠭᠠᠬᠠᠢ ᠨᠢᠭᠡ ᠶ᠋ᠢ ᠬᠤᠪᠢᠶᠠᠵᠤ ᠢᠳᠡᠭᠡᠳ ᠯᠡ ᠴᠠᠳᠴᠢᠬᠠᠳᠠᠭ ᠶᠤᠮ᠃
ᠨᠤᠷᠪᠤ᠄ ᠫᠥᠬᠥ᠂ ᠲᠡᠢᠮᠦ ᠶᠡᠬᠡ ᠶᠦᠮ ᠤᠤ? ᠬᠣᠶᠠᠭᠤᠯᠠ ᠪᠠᠨ ᠪᠠᠷᠠᠬᠤ ᠶᠤᠮ ᠤᠤ? ᠠᠭ᠎ᠠ ᠠ᠋
ᠶᠤᠨᠳᠤᠨ᠄ᠲᠡᠭᠡᠪᠡᠯ ᠶᠡᠬᠡ ᠲᠠᠪᠠᠭ ᠢ ᠢᠳᠡᠬᠦ ᠪᠡᠷ ᠨᠥᠭᠦᠭᠡ ᠬᠣᠶᠠᠷ ᠢ᠋ ᠨᠢ ᠠᠪᠴᠤ ᠶᠠᠪᠤᠬᠤ ᠪᠠᠷ ᠵᠠᠬᠢᠶᠠᠯᠠᠶᠠ᠃
ᠲᠠᠤᠯᠠᠢ᠄ ᠵᠠ᠂ᠬᠣᠶᠠᠷ ᠲᠠᠪᠠᠭ ᠬᠣᠭᠣᠯᠠ ᠪᠠᠨ ᠭᠠᠷᠬᠤ ᠳ᠋ᠠᠭᠠᠨ ᠠᠪᠴᠢᠬᠠᠬᠤ ᠤᠤ?
ᠶᠤᠨᠳᠤᠨ᠄ᠲᠡᠭᠡᠶ᠎ᠡ᠂ ᠬᠠᠯᠠᠭᠤᠨ ᠢ᠋ᠶ᠋ᠠᠷ ᠢ᠋ᠶ᠋ᠠᠨ ᠪᠠᠢᠵᠤ ᠪᠠᠢᠭ᠃
ᠲᠠᠤᠯᠠᠢ᠄ᠰᠠᠢᠬᠠᠨ ᠬᠣᠭᠣᠯᠠᠯᠠᠭᠠᠷᠠᠢ!
ᠶᠤᠨᠳᠤᠨ᠄ ᠨᠤᠷᠪᠤ ᠠ᠋᠂ᠴᠢ ᠬᠣᠶᠠᠷ ᠨᠠᠢᠵᠠ ᠪᠠᠨ ᠣᠷᠣᠭᠤᠯᠵᠤ ᠢᠷᠡᠭᠡᠳ ᠬᠠᠮᠲᠤ ᠢᠳᠡᠬᠦ ᠶᠦᠮ ᠤᠤ? ᠥᠯᠥᠰᠦᠭᠰᠡᠨ ᠳ᠋ᠦ᠍ ᠪᠡᠨ ᠡᠪᠡᠰᠦ ᠵᠣᠯᠭᠠᠭᠠᠳ ᠢᠳᠡᠭᠡᠳ ᠪᠠᠢᠭ᠎ᠠ ᠶᠤᠮ ᠪᠢᠰᠢ ᠤᠤ?
ᠨᠤᠷᠪᠤ᠄ ᠡᠨᠡ ᠬᠣᠶᠠᠷ ᠢᠳᠡᠬᠦ ᠦᠭᠡᠢ ᠪᠠᠢᠬᠤ ᠠ᠋᠂ᠵᠠ ᠵᠠ᠂ ᠪᠢ ᠠᠰᠠᠭᠤᠭᠠᠳ ᠢᠷᠡᠶ᠎ᠡ ᠃
ᠨᠤᠷᠪᠤ᠄ ᠲᠠ ᠬᠣᠶᠠᠷ ᠣᠷᠣᠵᠤ ᠬᠠᠮᠲᠤ ᠬᠣᠭᠣᠯᠠ ᠢᠳᠡᠬᠦ ᠤᠤ?
ᠳ᠋ᠠᠮᠪᠠ᠄ᠨᠡᠭᠡᠷᠡᠨ ᠶᠦᠮ ᠤᠤ? ᠲᠡᠭᠡᠶ᠎ᠡ ᠯᠡ ᠳᠡ
ᠪᠠᠢᠪᠠᠷᠯᠢ᠄ ᠴᠢ ᠬᠠᠷᠠᠬᠤ ᠦᠭᠡᠢ ᠪᠠᠢᠨ᠎ᠠ ᠤᠤ?ᠪᠢᠳᠡ ᠬᠣᠶᠠᠷ ᠤᠭ ᠠ᠋ᠴᠠ ᠪᠠᠨ ᠬᠣᠭᠣᠯᠠ ᠢᠳᠡᠵᠦ ᠶᠦᠮ ᠪᠠᠢᠨ᠎ᠠ᠂ ᠠ᠁ ᠶᠠ !
ᠨᠤᠷᠪᠤ᠄ᠪᠢ ᠶᠠᠮᠠᠷ ᠬᠠᠰᠢᠶᠠᠨ ᠤ᠋ ᠮᠠᠯ ᠪᠢᠰᠢ ᠳᠡ᠂ ᠬᠠᠯᠠᠭᠠᠢ ᠢᠳᠡᠭᠡᠳ ᠪᠠᠢᠬᠤ ᠳ᠋ᠤ᠌ ᠪᠠᠨ ᠶᠠᠭᠠᠬᠢᠬᠤᠪ ᠳᠠ᠃
ᠪᠠᠢᠪᠠᠷᠯᠢ᠄ᠲᠡᠢᠮᠦ ᠠ᠋᠂ᠪᠢᠳᠡ ᠪᠣᠯ ᠮᠠᠯ᠂ᠪᠢᠳᠡ ᠬᠣᠶᠠᠷ ᠡᠴᠢᠭᠡ ᠡᠪᠦᠭᠡᠳ ᠦ᠋ᠨ ᠢ᠋ᠶ᠋ᠡᠨ ᠢᠳᠡᠵᠦ ᠢᠷᠡᠭᠰᠡᠨ ᠤᠯᠠᠮᠵᠢᠯᠠᠯᠲᠤ ᠬᠣᠭᠣᠯᠠ ᠪᠠᠨ ᠢᠳᠡᠵᠦ ᠪᠠᠢᠨ᠎ᠠ᠃
ᠨᠤᠷᠪᠤ᠄ ᠵᠠ ᠵᠠ᠂ ᠠᠮᠵᠢᠯᠲᠠ ᠮᠠᠯ ᠤ᠋ᠳ ᠠ᠋᠃
ᠳ᠋ᠠᠮᠪᠠ᠄ ᠠᠢ᠂ ᠪᠠᠢᠪᠠᠷᠯᠢ ᠬᠣᠶᠠᠭᠤᠯᠠ ᠪᠠᠨ ᠣᠷᠣᠵᠤ ᠬᠣᠭᠣᠯᠠ ᠢᠳᠡᠶ᠎ᠡ ᠯᠡ ᠳᠡ᠂ ᠰᠠᠢ ᠬᠠᠯᠠᠭᠠᠢ ᠢᠳᠡᠵᠦ ᠪᠠᠢᠭᠠᠳ ᠦᠬᠦᠬᠦ ᠰᠢᠬᠠᠭᠰᠠᠨ ᠰᠢᠲᠠ᠃
ᠪᠠᠢᠪᠠᠷᠯᠢ᠄ᠡᠨᠡ ᠲᠡᠭᠡᠭᠡᠳ ᠠᠬᠤᠤ ᠬᠣᠭᠣᠯᠠ ᠪᠢᠰᠢ ᠶᠦᠮ ᠤᠤ?
ᠨᠤᠷᠪᠤ᠄ᠠᠮᠲᠠᠲᠠᠢ ᠬᠣᠭᠣᠯᠠ ᠶ᠋ᠢᠨ ᠪᠠᠢᠨ᠎ᠠ ᠰᠢᠦ᠂ ᠲᠡᠢᠮᠦ ᠠᠭ᠎ᠠ
ᠶᠤᠨᠳᠤᠨ᠄ ᠵᠥᠭᠡᠭᠡᠭᠴᠢ ᠠ᠋᠂ ᠠᠬᠢᠭᠠᠳ ᠨᠢᠭᠡ ᠶ᠋ᠢ ᠢᠳᠡᠬᠦ ᠪᠡᠷ ᠠᠪᠴᠢᠬᠠᠶ᠎ᠠ᠃
ᠨᠤᠷᠪᠤ᠄ ᠰᠠᠢᠬᠠᠨ ᠪᠠᠢᠨ᠎ᠠ ᠰᠢᠦ᠃
ᠶᠤᠨᠳᠤᠨ᠄ᠵᠠ ᠵᠠ᠂ᠬᠣᠶᠠᠭᠤᠯᠠ ᠪᠠᠨ ᠶᠠᠪᠤᠬᠤ ᠤᠤ? ᠨᠥᠭᠦᠭᠡ ᠬᠣᠭᠣᠯᠠ ᠪᠠᠨ ᠠᠪᠤᠭᠠᠳ ᠶᠠᠪᠤᠶ᠎ᠠ᠃
ᠲᠠᠤᠯᠠᠢ᠄ ᠨᠥᠭᠦᠭᠡ ᠭᠡᠵᠦ ? ᠲᠠ ᠬᠣᠶᠠᠭᠤᠯᠠ ᠭᠤᠷᠪᠠᠨ ᠲᠠᠪᠠᠭ ᠬᠣᠭᠣᠯᠠ ᠪᠠᠨ ᠢᠳᠡᠴᠢᠬᠡᠭᠰᠡᠨ ᠪᠠᠢᠨ᠎ᠠ ᠰᠢᠳᠡ᠃
ᠨᠤᠷᠪᠤ᠄ᠨᠢᠭᠡ ᠬᠣᠭᠣᠯᠠ ᠪᠠᠨ ᠠᠪᠴᠤ ᠶᠠᠪᠤᠨ᠎ᠠ ᠰᠢᠦ᠂ᠲᠡᠭᠡᠬᠦ ᠦᠭᠡᠢ ᠪᠣᠯ ᠶᠣᠨᠳᠣᠨ ᠠᠬ᠎ᠠ ᠬᠣᠶᠠᠷ ᠳᠡᠯᠳᠡᠩ ᠴᠢᠬᠢ ᠶ᠋ᠢ ᠴᠢᠨᠢ ᠬᠣᠭᠣᠷᠣᠨᠳᠣ ᠨᠢ ᠵᠠᠩᠭᠢᠳᠴᠢᠬᠠᠨᠠ ᠰᠢᠦ᠃
ᠶᠤᠨᠳᠤᠨ᠄ ᠨᠤᠷᠪᠤ ᠠ᠋᠂ᠵᠢᠭᠠᠬᠠᠨ ᠰᠣᠶᠣᠯ ᠲᠠᠢ ᠪᠠᠢ᠃
ᠨᠤᠷᠪᠤ᠄ ᠠᠭ᠎ᠠ ᠠ᠋᠂ᠬᠥᠮᠦᠨ ᠬᠤᠯᠬᠢᠳᠠᠬᠤ ᠴᠢᠨᠢ ᠭᠡᠮᠲᠦ ᠬᠡᠷᠡᠭ ᠪᠢᠵᠡ ᠳᠡ᠃
ᠶᠤᠨᠳᠤᠨ᠄ᠲᠡᠢᠮᠦ ᠰᠢᠦ᠂ ᠲᠠᠤᠯᠠᠢ ᠮᠢᠨᠢ᠂ᠪᠢ ᠴᠠᠭᠳᠠᠭ᠎ᠠ ᠪᠠᠢᠬᠤ ᠳ᠋ᠤ᠌ ᠪᠠᠨ ᠣᠯᠠᠨ ᠤᠳᠠᠭ᠎ᠠ ᠯᠤᠢᠪᠠᠷᠴᠢᠳ ᠢ᠋ ᠪᠠᠷᠢᠪᠴᠢᠯᠠᠵᠤ ᠪᠠᠢᠭᠰᠠᠨ ᠰᠢᠦ᠃
ᠨᠤᠷᠪᠤ᠄ᠡᠰᠡᠬᠦᠯ᠎ᠡ ᠮᠠᠢᠮᠠᠢ ᠶ᠋ᠢ ᠴᠢᠨᠢ᠁
ᠮᠠᠯᠰᠦ᠋ᠬᠡ᠄ᠥᠷᠥᠰᠢᠶᠡᠭᠡᠷᠡᠢ! ᠲᠠ ᠪᠦᠬᠦᠨ ᠳ᠋ᠦ᠍ ᠶᠠᠭᠤ ᠪᠠᠷ ᠲᠤᠰᠠᠯᠠᠬᠤ ᠤᠤ?
ᠨᠤᠷᠪᠤ᠄ ᠲᠠᠨ ᠤ᠋ ᠺᠠᠳ᠋ᠷ ᠴᠢᠨᠢ ᠪᠢᠳᠡ ᠬᠣᠶᠠᠷ ᠤ᠋ᠨ ᠨᠢᠭᠡ ᠬᠣᠭᠣᠯᠠ ᠶ᠋ᠢ ᠥᠭᠬᠦ ᠦᠭᠡᠢ ᠪᠠᠢᠨ᠎ᠠ ᠰᠢᠳᠡ᠃
ᠮᠠᠯᠰᠦ᠋ᠬᠡ᠄ ᠳᠡᠯᠳᠡᠩ᠂ᠴᠢ ᠬᠣᠭᠣᠯᠠ ᠶ᠋ᠢ ᠨᠢ ᠥᠭᠭᠦᠭᠰᠡᠨ ᠶᠦᠮ ᠤᠤ?
ᠲᠠᠤᠯᠠᠢ᠄ᠡᠨᠡ ᠬᠣᠶᠠᠷ ᠭᠤᠷᠪᠠᠨ ᠬᠤᠪᠢ ᠬᠣᠭᠣᠯᠠ ᠵᠠᠬᠢᠶᠠᠯᠠᠭᠠᠳ᠂ ᠭᠤᠷᠪᠠᠭᠤᠯᠠ ᠶ᠋ᠢ ᠨᠢ ᠢᠳᠡᠴᠢᠬᠡᠭᠡᠳ᠂ᠠᠬᠢᠵᠤ ᠬᠣᠭᠣᠯᠠ ᠨᠡᠬᠡᠭᠡᠳ ᠪᠠᠢᠬᠤ ᠰᠢᠭ᠋ ᠪᠠᠢᠨ᠎ᠠ ᠵᠠᠬᠢᠷᠤᠯ ᠠ᠋᠃
ᠮᠠᠯᠰᠦ᠋ᠬᠡ᠄ ᠠ᠂ᠲᠠ ᠪᠦᠬᠦᠨ ᠮᠠᠨ ᠤ᠋ ᠬᠢ ᠪᠡᠷ ᠦᠢᠯᠡᠴᠢᠯᠡᠭᠦᠯᠦᠭᠰᠡᠨ ᠳ᠋ᠦ᠍ ᠪᠠᠶᠠᠷᠯᠠᠯ᠎ᠠ᠂ᠲᠤᠩ ᠤᠳᠠᠬᠤ ᠦᠭᠡᠢ ᠠᠬᠢᠭᠠᠳ ᠤᠷᠮᠠᠰᠢᠭᠤᠯᠤᠯ ᠵᠠᠷᠯᠠᠬᠤ ᠪᠠᠷ ᠢ᠋ᠶ᠋ᠠᠨ ᠴᠤᠤ ᠲᠠᠯᠪᠢᠵᠤ ᠮᠡᠳᠡᠭᠳᠡᠶ᠎ᠡ᠃ᠮᠠᠨ ᠤ᠋ ᠬᠢ ᠪᠡᠷ ᠳᠠᠬᠢᠨ ᠦᠢᠯᠡᠴᠢᠯᠡᠭᠦᠯᠦᠭᠡᠷᠡᠢ᠂ᠮᠥᠨ ᠬᠣᠭᠣᠯᠠ ᠵᠠᠬᠢᠬᠤ ᠳ᠋ᠤ᠌ ᠪᠣᠯᠤᠨ᠎ᠠ ᠰᠢᠦ᠃
ᠶᠤᠨᠳᠤᠨ᠄ᠶᠠᠭᠠᠬᠢᠬᠤ ᠶ᠋ᠢᠨ ᠠᠷᠭ᠎ᠠ ᠦᠭᠡᠢ ᠯᠡ ᠬᠣᠶᠠᠷ ᠲᠠᠪᠠᠭ ᠬᠣᠭᠣᠯᠠ ᠢᠳᠡᠭᠰᠡᠨ ᠪᠠᠢᠲᠠᠯ᠎ᠠ ᠂ ᠨᠤᠷᠪᠤ ᠠ᠋᠂ᠴᠢ ᠨᠢᠭᠤᠴᠠ ᠪᠠᠷ ᠨᠢᠭᠡ ᠲᠠᠪᠠᠭ ᠢ᠋ ᠢᠳᠡᠴᠢᠬᠡᠭᠰᠡᠨ ᠶᠦᠮ ᠪᠢᠰᠢ ᠤᠤ?
ᠨᠤᠷᠪᠤ᠄ᠦᠭᠡᠢ᠂ ᠲᠠ ᠬᠠᠷᠢᠨ ᠨᠠᠮ᠎ᠠ ᠶ᠋ᠢ ᠭᠠᠷᠤᠭᠰᠠᠨ ᠬᠣᠢᠭᠤᠷ ᠢᠳᠡᠴᠢᠬᠡᠭᠰᠡᠨ ᠶᠦᠮ ᠪᠢᠰᠢ ᠤᠤ? ᠲᠠ ᠠᠯᠪᠠ ᠪᠠᠷ ᠨᠠᠮ᠎ᠠ ᠶ᠋ᠢ ᠭᠠᠷᠭᠠᠵᠤ᠂ᠥᠪᠡᠷ ᠢ᠋ᠶ᠋ᠡᠨ ᠬᠣᠶᠠᠷ ᠲᠠᠪᠠᠭ ᠬᠣᠭᠣᠯᠠ ᠢᠳᠡᠴᠢᠬᠡᠵᠡᠢ᠃
ᠶᠣᠨᠳᠣᠨ᠄ᠪᠢ ᠶᠠᠮᠠᠷ ᠴᠢ ᠪᠢᠰᠢ ᠳᠡ᠂ᠶᠠᠭᠤ ᠭᠡᠵᠦ ᠴᠢᠮ᠎ᠠ ᠠ᠋ᠴᠠ ᠬᠣᠭᠣᠯᠠ ᠨᠢᠭᠤᠵᠤ ᠢᠳᠡᠬᠦᠪ ᠳᠡ᠃
ᠨᠤᠷᠪᠤ᠄ᠲᠡᠭᠡᠪᠡᠯ ᠲᠡᠷᠡ ᠮᠠᠭᠤ ᠳᠡᠯᠳᠡᠩ ᠯᠠ ᠬᠣᠯᠬᠢᠭᠳᠠᠭᠰᠠᠨ ᠪᠠᠢᠬᠤ ᠠ᠋᠃ᠦ ᠥᠷᠯᠥᠭᠡ ᠪᠠᠰᠠ ᠨᠣᠪᠰᠢᠷᠠᠭᠰᠠᠨ᠂ᠲᠠᠤᠯᠠᠢ ᠨᠤᠭᠤᠳ ᠶᠠᠭᠠᠬᠢᠭᠠᠳ ᠡᠢᠮᠦ ᠬᠥᠭ ᠦ᠋ᠨ ᠶᠠᠭᠤᠮ᠎ᠠ ᠪᠠᠢᠳᠠᠭ ᠪᠠᠢᠨ᠎ᠠ᠃
ᠶᠤᠨᠳᠤᠨ᠄ᠵᠠ ᠶᠠᠮᠠᠷ ᠲᠠᠢ ᠴᠤ᠌ ᠨᠢᠭᠡ ᠺᠤᠴᠢᠦᠫᠸ ᠲᠠᠢ ᠯᠠ ᠦᠯᠡᠲᠡᠯ᠎ᠡ᠃
ᠨᠤᠷᠪᠤ᠄ ᠲᠠ ᠬᠣᠶᠠᠷ ᠬᠠᠮᠢᠭ᠎ᠠ ᠣᠴᠢᠬᠤ ᠭᠡᠵᠦ ᠪᠠᠢᠭ᠎ᠠ ᠶᠤᠮ?
ᠪᠠᠢᠪᠠᠷᠯᠢ᠄ ᠰᠠᠶᠢ ᠪᠠᠭᠠᠬᠠᠨ ᠰᠢᠷᠠᠯᠵᠢ ᠢᠳᠡᠭᠡᠳ ᠬᠠᠷ᠎ᠠ ᠰᠢᠯ ᠲᠡᠢ ᠪᠣᠯᠴᠢᠬᠠᠯ᠎ᠠ᠃ᠪᠢᠳᠡ ᠬᠣᠶᠠᠷ ᠬᠢᠯᠭᠡᠨ ᠦ᠌ ᠠᠭᠤᠯᠠᠨ ᠳ᠋ᠤ᠌ ᠭᠠᠷᠴᠤ ᠦᠨ᠎ᠡ ᠦᠭᠡᠢ ᠡᠪᠡᠰᠦ ᠢᠳᠡᠬᠦ ᠪᠡᠷ ᠶᠠᠪᠤᠯ᠎ᠠ᠃ ᠬᠥᠶᠢ ᠂ᠵᠠᠮ ᠠ᠋ᠴᠠ ᠬᠣᠯᠠᠳ᠃
ᠸᠡᠢᠰᠠᠢᠨᠲ᠄ᠲᠠ ᠬᠣᠶᠠᠷ ᠮᠠᠨ ᠤ᠋ ᠬᠦᠦ ᠪᠢᠯᠢ ᠶ᠋ᠢ ᠬᠠᠷᠠᠭᠰᠠᠨ ᠤᠤ? ᠥᠷᠯᠥᠭᠡ ᠭᠡᠷ ᠡᠴᠡ ᠪᠡᠨ ᠭᠠᠷᠤᠭᠠᠳ ᠠᠯᠠᠭ᠎ᠠ ᠪᠣᠯᠴᠢᠬᠠᠯ᠎ᠠ᠃
ᠪᠠᠢᠪᠠᠷᠯᠢ᠄ ᠪᠢ ᠪᠢ᠁ ᠪᠢᠯᠢ ᠥᠷᠯᠥᠭᠡ ᠪᠢᠳᠡ ᠨᠠᠷ ᠲᠠᠢ ᠡᠪᠡᠰᠦ ᠢᠳᠡᠨ᠎ᠡ ᠭᠡᠴᠢᠬᠡᠭᠡᠳ ᠢᠷᠡᠭᠡ ᠦᠭᠡᠢ ᠰᠢᠲᠠ ᠂ᠠᠢ
ᠶᠤᠨᠳᠤᠨ᠄ᠵᠠ ᠵᠠ᠂ ᠨᠤᠷᠪᠤ ᠬᠣᠶᠠᠭᠤᠯᠠ ᠪᠠᠨ ᠬᠠᠷᠢᠶ᠎ᠠ᠃
ᠲᠠᠤᠯᠠᠢ᠄ᠲᠠ ᠨᠢᠭᠡ ᠬᠣᠭᠣᠯᠠ ᠪᠠᠨ ᠮᠠᠷᠲᠠᠴᠢᠬᠠᠵᠠᠢ᠃
ᠮᠣᠷᠢ᠄ᠦᠭᠡᠢ ᠮᠠᠷᠲᠠᠭ᠎ᠠ ᠦᠭᠡᠢ᠂ᠳᠢᠭᠯᠢᠮ ᠲᠡᠢ ᠪᠠᠢᠬᠤ ᠳ᠋ᠤ᠌ ᠪᠢᠲᠡᠭᠡᠢ ᠬᠣᠭᠣᠯᠠ ᠰᠢᠬᠠᠬᠤ ᠭᠡᠳ ᠪᠠᠢ᠂ᠨᠠᠭᠠᠳᠤᠮ ᠤ᠋ᠨ ᠤᠷᠤᠯᠳᠤᠭᠠᠨ ᠢ᠋ᠶ᠋ᠠᠷ ᠴᠢ ᠤᠭ ᠠ᠋ᠴᠠ ᠪᠠᠨ ᠨᠠᠮ᠎ᠠ ᠶ᠋ᠢ ᠭᠦᠢᠴᠡᠬᠦ ᠦᠭᠡᠢ᠃
ᠲᠠᠤᠯᠠᠢ᠄ᠡᠩ᠂ᠬᠡᠨ ᠦ᠌ ᠬᠣᠭᠣᠯᠠ ᠶᠤᠮ ᠪᠣᠯ ? ᠠ᠂ᠭᠠᠬᠠᠢ ᠨᠤᠭᠤᠳ ᠤ᠋ᠨ ᠬᠢ ᠶᠦᠮ ᠦ᠋ᠨ ᠪᠠᠢᠨ᠎ᠠ᠃ ᠭᠠᠬᠠᠢ ᠨᠤᠭᠤᠳ ᠠ᠋ ᠭᠠᠬᠠᠢ ᠨᠤᠭᠤᠳ ᠠ᠋᠂ᠲᠠ ᠨᠠᠷ ᠬᠣᠭᠣᠯᠠ ᠪᠠᠨ ᠮᠠᠷᠲᠠᠴᠢᠬᠠᠵᠠᠢ᠃
ᠮᠠᠯᠰᠦ᠋ᠬᠡ᠄ ᠳᠡᠯᠳᠡᠩ ᠂ ᠭᠠᠰ ᠳᠡᠭᠡᠷ᠎ᠡ ᠪᠡᠨ ᠢᠷᠡᠭᠡᠷᠡᠢ!
ᠶᠣᠨᠳᠣᠨ᠄ᠴᠢ ᠦᠨᠡᠬᠡᠷ ᠢᠳᠡᠭᠡ ᠦᠭᠡᠢ ᠪᠢᠵᠡ?
ᠨᠤᠷᠪᠤ᠄ᠢᠳᠡᠭᠰᠡᠨ ᠪᠣᠯ ᠣᠳᠣ ᠢᠩᠭᠢᠭᠡᠳ ᠭᠡᠳᠡᠰᠦ ᠬᠣᠩᠬᠣᠯᠵᠠᠭᠠᠳ ᠬᠡᠪᠲᠡᠵᠦ ᠪᠠᠢᠬᠤ ᠤᠤ?
ᠶᠣᠨᠳᠣᠨ᠄ ᠪᠤᠷᠵᠢᠮᠠ ᠡᠭᠡᠴᠢ ᠬᠡᠵᠢᠶ᠎ᠡ ᠢᠷᠡᠬᠦ ᠶᠦᠮ ᠪᠣᠢ?
ᠨᠤᠷᠪᠤ᠄ᠮᠡᠳᠡᠬᠦ ᠦᠭᠡᠢ᠂ᠶᠠᠭᠠᠬᠢᠭᠰᠠᠨ ᠬᠤᠷᠳᠤᠨ ᠰᠢᠩᠭᠡᠳᠡᠭ ᠬᠣᠭᠣᠯᠠ ᠪᠣᠢ ? ᠠᠬᠢᠭᠠᠳ ᠥᠯᠦᠰᠴᠢᠬᠡᠯᠡ᠃
ᠶᠣᠨᠳᠣᠨ᠄ᠪᠢ ᠴᠦ᠍ ᠭᠡᠰᠡᠨ᠂ ᠨᠤᠷᠪᠤ ᠬᠣᠶᠠᠭᠤᠯᠠ ᠪᠠᠨ ᠬᠣᠭᠣᠯᠠ ᠬᠢᠵᠦ ᠢᠳᠡᠬᠦ ᠤᠤ?
ᠨᠤᠷᠪᠤ᠄ ᠲᠡᠭᠡᠶ᠎ᠡ ᠯᠡ ᠳᠡ᠂ ᠦ ᠭᠡᠬᠦ ᠳ᠋ᠦ᠍ ᠪᠡᠨ ᠭᠤᠯᠢᠷ ᠠ᠋ᠴᠠ ᠥᠭᠡᠷ᠎ᠡ ᠶᠠᠭᠤᠮ᠎ᠠ ᠪᠠᠢᠬᠤ ᠦᠭᠡᠢ ᠰᠢᠲᠠ᠃ᠶᠠᠮᠠᠷ ᠭᠠᠮᠪᠢᠷ ᠢᠳᠡ ᠯᠠ ᠲᠠᠢ ᠪᠢᠰᠢ᠃
ᠶᠣᠨᠳᠣᠨ᠄ᠶᠠᠳᠠᠵᠤ ᠺᠤᠴᠢᠤᠫᠸ ᠲᠠᠢ ᠭᠠᠮᠪᠢᠷ ᠬᠢᠵᠦ ᠢᠳᠡᠬᠦ ᠤᠤ?
ᠨᠤᠷᠪᠤ᠄ ᠢᠳᠡᠭᠰᠡᠨ ᠪᠣᠯᠬᠤ ᠤᠤ? ᠪᠢᠰᠢᠯᠠᠭ᠂ᠥᠨᠥ ᠥᠷᠯᠥᠭᠡ ᠡᠵᠢ ᠵᠢᠭᠠᠬᠠᠨ ᠪᠢᠰᠢᠯᠠᠭ ᠦᠯᠡᠳᠡᠭᠡᠭᠰᠡᠨ ᠪᠠᠢᠭᠰᠠᠨ᠂ ᠫᠢᠰᠠ ᠬᠢᠵᠦ ᠢᠳᠡᠬᠦ ᠤᠤ?
ᠶᠣᠨᠳᠣᠨ᠄ᠲᠡᠭᠡᠶ᠎ᠡ᠂ ᠴᠢ ᠪᠠᠰᠠ ᠢᠳᠡᠴᠢᠬᠡᠭᠡᠳ ᠮᠠᠷᠲᠠᠴᠢᠬᠠᠭᠰᠠᠨ ᠶᠤᠮ ᠪᠢᠰᠢ ᠤᠤ?
ᠨᠤᠷᠪᠤ:ᠦᠭᠡᠢ᠂ᠥᠷᠯᠥᠭᠡ ᠯᠡ ᠪᠠᠢᠭᠰᠠᠨ ᠳᠠ᠃
ᠶᠤᠨᠳᠤᠨ᠄ᠭᠦᠰᠢ ᠂ᠲᠡᠷᠡ ᠪᠢᠰᠢᠯᠠᠭ ᠢ᠋ᠶ᠋ᠠᠨ ᠠᠪᠤᠭᠠᠳ ᠢᠷ᠎ᠡ᠂ ᠠ ! ᠶᠠ ᠶᠠ
ᠨᠤᠷᠪᠤ᠄ᠠᠷᠠᠢ ᠴᠤ᠌ ᠳᠠ᠂ᠭᠠᠭᠴᠠ ᠦᠯᠡᠳᠡᠭᠰᠡᠨ ᠪᠢᠰᠢᠯᠠᠭ ᠢ᠋ᠶ᠋ᠠᠨ ᠬᠤᠯᠤᠭᠠᠨ᠎ᠠ ᠳ᠋ᠤ᠌ ᠠᠯᠳᠠᠯ᠎ᠠ ᠰᠢᠲᠠ᠃ᠣᠳᠣ ᠶᠠᠭᠠᠬᠢᠬᠤ ᠶᠤᠮ ᠪᠣᠢ? ᠶᠠᠭᠠᠬᠢᠭᠰᠠᠨ ᠠᠵᠠ ᠦᠭᠡᠢ ᠡᠳᠦᠷ ᠪᠣᠢ?
ᠶᠣᠨᠳᠣᠨ:ᠨᠠᠳᠠ ᠳ᠋ᠤ᠌ ᠨᠢᠭᠡ ᠰᠠᠨᠠᠭ᠎ᠠ ᠪᠠᠢᠨ᠎ᠠ᠃
ᠬᠤᠯᠤᠭᠠᠨ᠎ᠠ᠄ ᠦ ᠸᠠᠢ ᠺᠤᠴᠢᠤᠫᠸ᠃ ᠠ !
ᠶᠤᠨᠳᠤᠨ᠄ᠢᠩᠭᠢᠭᠡᠳ ᠪᠠᠷᠢᠭᠳᠠᠪᠠ ᠤᠤ? ᠮᠠᠭᠤ ᠬᠠᠷᠬ᠎ᠠ᠂ ᠪᠢᠰᠢᠯᠠᠭ ᠬᠠᠮᠢᠭ᠎ᠠ ᠪᠠᠢᠨ᠎ᠠ ᠂ᠭᠠᠷᠭᠠᠵᠤ ᠢᠷ᠎ᠡ᠃
ᠬᠤᠯᠤᠭᠠᠨ᠎ᠠ᠄ᠠᠢ᠂ᠨᠠᠮ᠎ᠠ ᠶ᠋ᠢ ᠪᠢᠲᠡᠭᠡᠢ ᠠᠯᠠ ᠯᠠ ᠳᠠ᠃
ᠨᠤᠷᠪᠤ᠄ ᠪᠢᠰᠢᠯᠠᠭ ᠭᠠᠷᠭᠠᠵᠤ ᠢᠷ᠎ᠡ᠃
ᠬᠤᠯᠤᠭᠠᠨ᠎ᠠ᠄ ᠢᠳᠡᠴᠢᠬᠡᠭᠰᠡᠨ ᠠ᠋᠃
ᠶᠤᠣᠨᠳᠣᠨ ᠄ᠲᠡᠢᠮᠦ ᠲᠣᠮᠣ ᠪᠢᠰᠢᠯᠠᠭ ᠢ᠋ ᠡᠢᠮᠦ ᠬᠤᠷᠳᠤᠨ ᠢᠳᠡᠨ᠎ᠡ ᠭᠡᠵᠦ ᠶᠠᠭᠤ ᠪᠠᠢᠭᠰᠠᠨ ᠶᠤᠮ᠃
ᠬᠤᠯᠤᠭᠠᠨ᠎ᠠ᠄ᠥᠯᠥᠨ ᠳ᠋ᠦ᠍ ᠪᠡᠨ᠁ ᠠᠩ ᠂ᠥᠯᠥᠨ ᠲᠥᠷᠥᠭᠰᠡᠨ ᠮᠢᠨᠦ ᠪᠤᠷᠤᠭᠤ᠃
ᠶᠣᠨᠳᠣᠨ: ᠭᠦᠦᠰᠢ ᠶᠠᠭᠠᠬᠢᠵᠤ ᠪᠠᠢᠭ᠎ᠠ ᠶᠤᠮ?
ᠨᠤᠷᠪᠤ᠄ᠵᠦᠭᠡᠷ ᠯᠡ ᠪᠠᠭᠰᠢ ᠠᠮᠲᠠᠲᠠᠢ ᠭᠡᠳ ᠪᠠᠢᠬᠤ ᠪᠠᠷ ᠨᠢ ᠬᠦᠯᠬᠦᠵᠦ ᠦᠵᠡᠭᠰᠡᠨ ᠶᠦᠮ᠃ᠠᠮᠲᠠ ᠰᠣᠨᠢᠨ ᠪᠠᠢᠨ᠎ᠠ ᠠ᠋᠃
ᠶᠤᠨᠳᠤᠨ᠄ᠠᠮᠲᠠᠯᠠᠴᠢᠬᠠᠪᠠᠯ ᠶᠠᠭᠠᠬᠢᠬᠤ ᠪᠣᠯ?
ᠬᠤᠯᠤᠭᠠᠨ᠎ᠠ᠄ᠡᠭᠡᠯᠢ ᠲᠡᠢ᠂ᠠᠮᠢ ᠥᠷᠥᠰᠢᠶᠡ᠂ᠪᠢ ᠠᠷᠤ ᠳ᠋ᠤ᠌ ᠪᠠᠨ ᠠᠷᠭ᠎ᠠ ᠶᠡᠬᠡᠲᠡᠢ ᠬᠤᠯᠤᠭᠠᠨ᠎ᠠ ᠰᠢᠳᠡ ᠠ᠋᠃
ᠶᠤᠨᠳᠤᠨ᠄ᠴᠢᠮ᠎ᠠ ᠳ᠋ᠤ᠌ ᠶᠠᠮᠠᠷ ᠶᠠᠭᠤᠮᠠᠨ ᠤ᠋ ᠬᠢᠨᠢ ᠠᠷᠭ᠎ᠠ ᠪᠢᠷ᠎ᠠ ᠪᠠᠢᠳᠠᠭ ᠶᠤᠮ᠃
ᠬᠤᠯᠤᠭᠠᠨ᠎ᠠ᠄ ᠠ᠋ ᠬᠡ᠂ ᠲᠡᠷᠡ ᠬᠠᠷ᠎ᠠ ᠳᠤᠭᠤᠢ ᠭᠡᠷ᠃
ᠨᠤᠷᠪᠤ᠄ ᠨᠠᠭᠠᠳᠤᠬᠢ ᠴᠢᠨᠢ ᠮᠠᠨ ᠤ᠋ ᠭᠡᠷ ᠦ᠋ᠨ ᠨᠦᠬᠡ᠃
ᠬᠤᠯᠤᠭᠠᠨ᠎ᠠ᠄ ᠠ᠋ ᠬᠡ ᠬᠡ
ᠶᠤᠨᠳᠤᠨ᠄ ᠴᠢ ᠪᠢᠰᠢᠯᠠᠭ ᠢᠳᠡᠴᠢᠬᠡᠭᠰᠡᠨ ᠶᠦᠮ ᠴᠢᠨᠢ ᠴᠢᠮ᠎ᠠ ᠪᠠᠷ ᠬᠤᠤᠰᠤᠤᠷ ᠬᠢᠵᠦ ᠢᠳᠡᠳᠡᠭ ᠶᠦᠮ ᠪᠠᠢᠨ᠎ᠠ ᠰᠢᠦ᠃
ᠨᠤᠷᠪᠤ᠄ ᠪᠢᠰᠢᠯᠠᠭ ᠨᠢ ᠬᠤᠯᠤᠭᠠᠨ᠎ᠠ ᠳᠣᠲᠣᠷ᠎ᠠ ᠪᠠᠨ ᠬᠠᠢᠯᠴᠢᠬᠠᠪᠠᠯ ᠴᠤ᠌ ᠠᠮᠲᠠᠲᠠᠢ ᠪᠣᠯᠤᠨ᠎ᠠ ᠳᠠ ᠂ᠲᠡᠢᠮᠦ? ᠵᠠ᠂ᠪᠢ ᠭᠢᠯᠠᠰ ᠭᠤᠯᠢᠷ ᠵᠠᠭᠤᠷᠠᠭᠠᠳ ᠢᠷᠡᠶ᠎ᠡ᠃
ᠶᠤᠨᠳᠤᠨ᠄ ᠪᠢ ᠮᠢᠬ᠎ᠠ ᠪᠠᠨ ᠳᠠᠪᠲᠠᠵᠤ ᠪᠠᠢᠶ᠎ᠠ᠃
ᠬᠤᠯᠤᠭᠠᠨ᠎ᠠ᠄ ᠠ᠂ᠭᠤᠶᠤᠵᠤ ᠪᠠᠢᠨ᠎ᠠ ᠂ᠲᠠ ᠬᠣᠶᠠᠷ ᠨᠠᠮ᠎ᠠ ᠶ᠋ᠢ ᠢᠳᠡᠭᠡᠳ ᠴᠢᠳᠬᠤ ᠦᠭᠡᠢ ᠰᠢᠳᠡ᠃ ᠪᠠᠢᠵᠠ ᠪᠠᠢᠵᠠ ᠂ᠪᠢ ᠲᠠ ᠬᠣᠶᠠᠷ ᠲᠤ᠌ ᠨᠢᠭᠡ ᠨᠢᠭᠤᠴᠠ ᠬᠡᠯᠡᠶ᠎ᠡ᠃
ᠨᠤᠷᠪᠤ᠄ᠨᠢᠭᠤᠴᠠ ᠠ᠋᠂ᠨᠦᠬᠡᠨ ᠳ᠋ᠦ᠍ ᠴᠢᠨᠢ ᠠᠬᠢᠭᠠᠳ ᠥᠭᠡᠷ᠎ᠡ ᠬᠤᠯᠤᠭᠠᠨ᠎ᠠ ᠪᠠᠢᠬᠤ ᠶᠤᠮ ᠤᠤ?
ᠬᠤᠯᠤᠭᠠᠨ᠎ᠠ᠄ ᠦᠭᠡᠢ᠂ ᠦᠭᠡᠢ ᠨᠠᠮ᠎ᠠ ᠶ᠋ᠢ ᠠᠮᠢᠳᠤ ᠦᠯᠡᠳᠡᠭᠡᠪᠡᠯ ᠲᠠ ᠬᠣᠶᠠᠷ ᠢ᠋ ᠬᠣᠭᠣᠯᠠ ᠬᠦᠨᠡᠰᠦᠨ ᠦ᠌ ᠳ᠋ᠧᠪᠠᠵᠠᠨ ᠤᠷᠤᠭᠤ ᠳᠠᠭᠠᠭᠤᠯᠵᠤ ᠶᠠᠪᠤᠶ᠎ᠠ᠃
ᠨᠤᠷᠪᠤ᠄ ᠪᠢᠳᠡ ᠬᠣᠶᠠᠷ ᠲᠡᠷᠡ ᠬᠤᠯᠤᠭᠠᠨ᠎ᠠ ᠬᠣᠲᠠ ᠨᠠᠷ ᠢ᠋ ᠴᠢᠨᠢ ᠢᠳᠡᠬᠦ ᠦᠭᠡᠢ᠃
ᠬᠤᠯᠤᠭᠠᠨ᠎ᠠ᠄ᠪᠢᠰᠢ ᠠ᠋᠂ ᠲᠠᠤᠯᠠᠢ ᠨᠤᠭᠤᠳ ᠤ᠋ᠨ ᠨᠢᠭᠤᠴᠠ ᠭᠠᠵᠠᠷ᠃
ᠶᠤᠨᠳᠤᠨ᠄ ᠶᠠᠭᠠᠬᠢᠳᠠᠭ ᠭᠠᠵᠠᠷ ᠶᠤᠮ?
ᠬᠤᠯᠤᠭᠠᠨ᠎ᠠ᠄ᠲᠠᠤᠯᠠᠢ ᠨᠤᠭᠤᠳ ᠲᠡᠳᠬᠦᠪᠦᠷᠢ ᠳ᠋ᠦ᠍ ᠭᠠᠷᠤᠭᠰᠠᠨ ᠬᠥᠭᠰᠢᠴᠦᠳ ᠢ᠋ᠶ᠋ᠡᠨ ᠬᠣᠭᠣᠯᠠ ᠬᠦᠨᠡᠰᠦ ᠪᠡᠷ ᠳᠦᠭᠦᠷᠡᠩ ᠭᠠᠵᠠᠷ ᠠᠪᠠᠴᠢᠵᠤ᠂ᠲᠡᠷᠡ ᠭᠠᠵᠠᠷ ᠢ᠋ᠶ᠋ᠠᠨ ᠲᠣᠭᠣᠷᠢᠯᠠᠨ ᠬᠠᠨ᠎ᠠ ᠬᠡᠷᠡᠮ ᠪᠠᠷᠢᠭᠰᠠᠨ ᠭᠡᠵᠦ ᠪᠢ ᠨᠢᠭᠡ ᠪᠥᠵᠥᠩ ᠡᠴᠡ ᠰᠠᠨᠠᠮᠰᠠᠷ ᠦᠭᠡᠢ ᠰᠣᠨᠣᠰᠤᠭᠰᠠᠨ ᠶᠤᠮ᠃ ᠬᠢᠯᠭᠡᠨ ᠦ᠌ ᠠᠭᠤᠯᠠ ᠳᠠᠪᠠᠭᠠᠨ ᠳ᠋ᠤ᠌ ᠪᠠᠢᠳᠠᠭ ᠭᠡᠰᠡᠨ᠃
ᠶᠤᠨᠳᠣᠨ᠄ ᠪᠢᠲᠡᠭᠡᠢ ᠬᠤᠳᠠᠯ ᠬᠡᠯᠡ᠃
ᠬᠤᠯᠤᠭᠠᠨ᠎ᠠ᠄ᠳᠠᠬᠢᠨ ᠶᠠᠷᠢᠭᠰᠠᠨ ᠭᠡᠪᠡᠯ ᠶᠠᠭᠠᠬᠢᠭᠠᠳ ᠡᠨᠡ ᠲᠣᠰᠬᠣᠨ ᠳ᠋ᠤ᠌ ᠭᠠᠭᠴᠠ ᠴᠤ᠌ ᠬᠥᠭᠰᠢᠨ ᠲᠠᠤᠯᠠᠢ ᠠᠮᠢᠳᠤᠷᠠᠳᠠᠭ ᠦᠭᠡᠢ ᠭᠡᠳᠡᠭ ᠢ᠋ ᠲᠠ ᠬᠣᠶᠠᠷ ᠠᠩᠵᠠᠭᠠᠷᠠᠵᠤ ᠪᠠᠢᠭᠰᠠᠨ ᠤᠤ ?
ᠨᠤᠷᠪᠤ᠄ ᠲᠠᠤᠯᠠᠢ ᠨᠤᠭᠤᠳ ᠡᠢᠰᠢ ᠲᠠᠢᠰᠢ ᠳᠡᠭᠳᠡᠭᠰᠡᠭᠡᠷ ᠪᠠᠢᠭᠠᠳ᠂ᠵᠠᠯᠠᠭᠤ ᠳ᠋ᠤ᠌ ᠪᠠᠨ ᠵᠢᠷᠦᠬᠡ ᠪᠡᠷ ᠥᠩᠭᠡᠷᠡᠴᠢᠬᠡᠳᠡᠭ ᠶᠦᠮ ᠰᠢᠲᠠ᠃
ᠬᠤᠯᠤᠭᠠᠨ᠎ᠠ᠄ ᠲᠡᠨᠡᠭ ᠳᠣᠷᠣᠢ᠂ ᠴᠢ ᠲᠡᠷᠡ ᠦᠯᠢᠭᠡᠷ ᠲᠦ᠍ ᠢᠲᠡᠭᠡᠳᠡᠭ ᠪᠠᠢᠬᠤ ᠨᠢ ᠠ᠋᠃ᠶᠣᠨᠳᠣᠨ ᠠ᠋᠂ ᠴᠢ ᠳᠡᠯᠳᠡᠩ ᠦ᠋ᠨ ᠡᠪᠦᠭᠡ ᠳᠡᠮᠴᠤᠭ ᠤ᠋ᠨ ᠣᠷᠣᠰᠢᠭᠤᠯᠭ᠎ᠠ ᠳᠡᠭᠡᠷ᠎ᠡ ᠣᠴᠢᠵᠤ ᠪᠠᠢᠭᠰᠠᠨ ᠯᠠ ᠪᠢᠵᠡ ᠳᠡ᠃
ᠶᠤᠨᠳᠤᠨ᠄ ᠲᠡᠢᠮᠦ ᠠ᠋᠂ ᠮᠠᠨ ᠤ᠋ ᠬᠠᠭᠤᠴᠢᠨ ᠠᠬᠠᠮᠠᠳ ᠪᠠᠢᠭᠰᠠᠨ ᠶᠤᠮ᠂ᠲᠡᠷᠡ ᠣᠷᠣᠰᠢᠭᠤᠯᠭ᠎ᠠ ᠳ᠋ᠤ᠌ ᠶᠠᠭᠠᠬᠢᠭᠠᠳ ᠳᠡᠮᠴᠤᠭ ᠤ᠋ᠨ ᠦᠷ᠎ᠡ ᠬᠡᠦᠬᠡᠳ ᠦ᠋ᠳ ᠬᠠᠮᠢᠶᠠᠲᠠᠨ ᠨᠤᠭᠤᠳ ᠳᠤᠰᠤᠯ ᠴᠤ᠌ ᠨᠢᠯᠪᠤᠰᠤ ᠲᠣᠰᠤᠭ᠎ᠠ ᠦᠭᠡᠢ ᠶ᠋ᠢ ᠰᠠᠨᠠᠵᠤ ᠪᠠᠢᠨ᠎ᠠ ᠤᠤ?
ᠶᠤᠨᠳᠤᠨ᠄ᠲᠠᠤᠯᠠᠢ ᠨᠤᠭᠤᠳ ᠶᠡᠬᠡ ᠬᠠᠲᠠᠭᠤ ᠰᠡᠳᠬᠢᠯ ᠲᠡᠢ ᠠᠮᠢᠲᠠᠳ ᠰᠢᠦ ᠳᠡ᠃
ᠬᠤᠯᠤᠭᠠᠨ᠎ᠠ᠄ᠲᠠ ᠨᠠᠷ ᠲᠤ᠌ ᠠᠬᠢᠨ ᠨᠢᠭᠡ ᠨᠢᠭᠤᠴᠠ ᠬᠡᠯᠡᠬᠦ ᠳ᠋ᠦ᠍ ᠪᠢ ᠲᠡᠷᠡ ᠦᠶ᠎ᠡ ᠳ᠋ᠦ᠍ ᠳᠡᠮᠴᠤᠭ ᠤ᠋ᠨ ᠠᠪᠰᠠᠨ ᠳ᠋ᠤ᠌ ᠪᠠᠢᠭᠰᠠᠨ ᠶᠤᠮ᠃ᠭᠡᠬᠦ ᠳ᠋ᠦ᠍ ᠪᠡᠨ ᠠᠪᠰᠠᠨ ᠳ᠋ᠤ᠌ ᠨᠠᠳᠠ ᠠ᠋ᠴᠠ ᠥᠭᠡᠷ᠎ᠡ ᠠᠮᠢᠳᠤ ᠡᠰᠡᠬᠦᠯ᠎ᠡ ᠦᠬᠦᠭᠰᠡᠨ ᠨᠠᠢᠵᠠ ᠪᠠᠢᠭ᠎ᠠ ᠦᠭᠡᠢ ᠯᠡ ᠶᠦᠮ ᠳᠡ᠃
ᠶᠤᠨᠳᠤᠨ᠄ ᠬᠤᠳᠠᠯ ᠠ᠋᠂ ᠳᠡᠮᠴᠤᠭ ᠳᠡᠯᠪᠡᠷᠡᠯᠲᠡ ᠳ᠋ᠦ᠍ ᠠᠮᠢ ᠪᠠᠨ ᠠᠯᠳᠠᠭᠰᠠᠨ᠃
ᠨᠤᠷᠪᠤ᠄ ᠠᠭ᠎ᠠ ᠠ᠋᠂ ᠬᠤᠯᠤᠭᠠᠨ᠎ᠠ ᠶ᠋ᠢᠨ ᠦᠭᠡ ᠦᠨᠡᠨ ᠦ᠌ ᠣᠷᠣ ᠲᠠᠢ ᠯᠠ ᠶᠤᠮ᠂ ᠪᠠᠭ᠎ᠠ ᠠᠩᠭᠢ ᠳ᠋ᠤ᠌ ᠪᠠᠢᠪᠡᠷᠯᠢ ᠳᠡᠯᠳᠡᠩ ᠦ᠋ᠨ ᠯᠤᠤᠪᠠᠩ ᠢ᠋ ᠪᠤᠯᠢᠶᠠᠭᠠᠳ ᠴᠠᠰᠤᠨ ᠡᠪᠦᠭᠡᠨ ᠵᠣᠬᠢᠶᠠᠴᠢᠬᠠᠭᠰᠠᠨ᠂ ᠲᠡᠭᠡᠭᠰᠡᠨ ᠳ᠋ᠦ᠍ ᠳᠡᠯᠳᠡᠩ ᠤᠬᠢᠯᠠᠭᠠᠳ ᠪᠥᠭᠡᠮ ᠶᠠᠭᠤᠮ᠎ᠠ ᠪᠣᠯᠵᠤ ᠪᠠᠢᠭᠰᠠᠨ ᠮᠥᠷᠲᠡᠯ᠎ᠡ ᠪᠡᠨ ᠶᠠᠭᠠᠬᠢᠭᠠᠳ ᠡᠪᠦᠭᠡ ᠨᠢ ᠨᠠᠰᠤ ᠪᠠᠷᠠᠬᠤ ᠳ᠋ᠤ᠌ ᠭᠠᠭᠴᠠ ᠭᠠᠰᠢᠭᠤᠳᠠᠭᠠ ᠦᠭᠡᠢ ᠶᠦᠮ᠃
ᠬᠤᠯᠤᠭᠠᠨ᠎ᠠ᠄ ᠲᠡᠢᠮᠦ ᠰᠢᠦ᠂ ᠪᠣᠳᠣᠩ ᠭᠤᠸᠠᠢ᠂ ᠪᠣᠳᠣ ᠪᠣᠳᠣ ᠪᠣᠳᠣᠬᠤ ᠯᠠ ᠬᠡᠷᠡᠭᠲᠡᠢ᠃
ᠨᠤᠷᠪᠤ᠄ ᠪᠦᠭᠦᠳᠡᠭᠡᠷ ᠢ᠋ᠶ᠋ᠡᠨ ᠲᠠᠢᠰᠢ ᠪᠠᠨ ᠶᠠᠪᠤᠶ᠎ᠠ᠃
ᠬᠤᠯᠤᠭᠠᠨ᠎ᠠ᠄ ᠶᠠᠪᠤᠶ᠎ᠠ᠂ ᠲᠡᠭᠡᠭᠡᠳ ᠵᠠᠮ ᠳ᠋ᠤ᠌ ᠪᠠᠨ ᠠᠭᠤᠯᠠᠨ ᠳ᠋ᠤ᠌ ᠵᠢᠮᠢᠰ ᠲᠡᠭᠦᠵᠦ ᠢᠳᠡᠭᠡᠳ ᠶᠠᠪᠤᠵᠠᠭᠠᠶ᠎ᠠ᠃
ᠶᠤᠨᠳᠤᠨ᠄ ᠵᠠ ᠲᠡᠭᠡᠵᠦ ᠲᠡᠨᠡᠭᠳᠡᠵᠦ ᠶᠠᠪᠤᠬᠤ ᠪᠠᠷ ᠭᠠᠮᠪᠢᠷ ᠢ᠋ᠶ᠋ᠠᠨ ᠰᠢᠷᠠᠵᠤ ᠢᠳᠡᠬᠦ ᠤᠤ ᠳᠠ᠃
ᠨᠤᠷᠪᠤ᠄ ᠠᠭ᠎ᠠ ᠶᠠᠳᠠᠵᠤ ᠵᠢᠮᠢᠰ ᠲᠡᠭᠦᠭᠡᠳ ᠪᠠᠷᠢᠶ᠎ᠠ ᠲᠠᠢ ᠭᠠᠮᠪᠢᠷ ᠢᠳᠡᠶ᠎ᠡ ᠯᠡ ᠳᠡ᠂ ᠲᠡᠭᠡᠬᠦ ᠤᠤ?
ᠶᠤᠨᠳᠤᠨ᠄ ᠵᠠ ᠵᠠ᠂ ᠰᠠᠭᠤᠭᠰᠠᠨ ᠴᠡᠴᠡᠨ ᠡᠴᠡ ᠶᠠᠪᠤᠭᠰᠠᠨ ᠲᠡᠨᠡᠭ ᠭᠡᠵᠦ ᠬᠦᠳᠡᠯᠴᠡᠭᠡᠶᠡ᠃
ᠲᠠᠤᠯᠠᠢ᠄ ᠬᠥᠮᠦᠨ ᠪᠠᠢᠨ᠎ᠠ ᠤᠤ ? ᠲᠠᠨ ᠤ᠋ ᠬᠣᠭᠣᠯᠠ ᠶ᠋ᠢ ᠠᠪᠴᠢᠷᠠᠯ᠎ᠠ᠃
ᠴᠢᠨᠦᠸ᠎ᠠ᠄ ᠲᠠᠤᠯᠠᠢ ᠴᠢ ᠮᠠᠨ ᠤ᠋ ᠬᠦᠦ ᠶ᠋ᠢ ᠬᠠᠷᠠᠭᠰᠠᠨ ᠤᠤ?
ᠲᠠᠤᠯᠠᠢ᠄ ᠬᠠᠷᠠᠭ᠎ᠠ ᠦᠭᠡᠢ ᠡᠷᠬᠢᠮ ᠠ᠋᠂ ᠲᠠ ᠡᠨᠡ ᠬᠠᠪᠢ ᠪᠠᠷ ᠪᠣᠳᠣᠩ ᠳᠣᠷᠣᠢ ᠬᠣᠶᠠᠷ ᠢ᠋ ᠬᠠᠷᠠᠭᠰᠠᠨ ᠤᠤ?
ᠴᠢᠨᠣ᠎ᠠ᠄ ᠳᠥᠩᠭᠡᠵᠦ ᠰᠠᠶᠢ ᠲᠠᠢᠰᠢ ᠪᠠᠨ ᠶᠠᠪᠤᠬᠤ ᠰᠢᠭ᠋ ᠪᠣᠯᠤᠭᠰᠠᠨ ᠠ᠋᠃
ᠶᠤᠨᠳᠤᠨ᠄ ᠬᠤᠯᠤᠭᠠᠨ᠎ᠠ ᠠ᠋᠂ ᠴᠢ ᠪᠢᠳᠡ ᠨᠠᠷ ᠢ᠋ ᠬᠠᠮᠢᠭ᠎ᠠ ᠳᠠᠭᠠᠭᠤᠯᠤᠭᠠᠳ ᠢᠷᠡᠪᠡ?ᠣᠳᠣ ᠬᠠᠮᠢᠭ᠎ᠠ ᠣᠴᠢᠬᠤ ᠶᠤᠮ ᠪᠣᠢ ?
ᠬᠤᠯᠤᠭᠠᠨ᠎ᠠ᠄ ᠣᠢᠷᠠᠬᠠᠨ ᠯᠠ ᠪᠠᠢᠬᠤ ᠶᠣᠰᠣᠲᠠᠢ ᠳᠠ᠃
ᠶᠤᠨᠳᠤᠨ᠄ ᠠᠯᠢᠪ ᠥᠭᠭᠦᠭᠡᠳ ᠲᠡᠭᠡ᠂ ᠶᠠᠭᠠᠬᠢᠭᠰᠠᠨ ᠵᠢᠵᠢᠭᠬᠡᠨ ᠶᠦᠮ ᠪᠣᠢ ? ᠶᠠᠭᠤ ᠴᠤ᠌ ᠬᠠᠷᠠᠭᠳᠠᠬᠤ ᠦᠭᠡᠢ ᠪᠠᠢᠨ᠎ᠠ ᠰᠢᠲᠠ᠃
ᠬᠤᠯᠤᠭᠠᠨ᠎ᠠ᠄ ᠠ᠋ ᠬᠡ᠂ ᠣᠳᠣ ᠪᠦᠭᠦᠳᠡᠭᠡᠷ ᠢ᠋ᠶ᠋ᠡᠨ ᠶᠠᠭᠠᠬᠢᠬᠤ ᠤᠤ?
ᠶᠤᠨᠳᠤᠨ: ᠶᠠᠭᠠᠬᠢᠵᠤ ᠪᠤᠴᠠᠵᠤ ᠬᠠᠷᠢᠨ᠎ᠠ᠂ ᠶᠠᠳᠠᠵᠤ ᠪᠠᠢᠭᠠᠳ ᠪᠦᠷ ᠶᠡᠬᠡ ᠥᠯᠥᠰᠦᠭᠰᠡᠨ᠃
ᠨᠤᠷᠪᠤ᠄ ᠶᠠᠳᠠᠵᠤ ᠵᠢᠮᠢᠰ ᠲᠡᠭᠦᠵᠦ ᠢᠳᠡᠬᠦ ᠤᠤ? ᠠᠭ᠎ᠠ ᠠ᠋
ᠶᠤᠨᠳᠤᠨ᠄ ᠡᠨᠡ ᠠᠭᠤᠯᠠᠨ ᠠ᠋ᠴᠠ ᠴᠢᠨᠢ ᠵᠢᠮᠢᠰ ᠴᠦ᠍ ᠣᠯᠳᠠᠭᠰᠠᠨ ᠦᠭᠡᠢ ᠰᠢᠳᠡ᠃
ᠬᠤᠯᠤᠭᠠᠨ᠎ᠠ᠄ ᠪᠦᠭᠦᠳᠡᠭᠡᠷ ᠢ᠋ᠶ᠋ᠡᠨ ᠰᠠᠯᠵᠤ ᠶᠠᠪᠤᠵᠤ ᠵᠢᠮᠢᠰ ᠲᠡᠭᠦᠵᠦ ᠢᠷᠡᠭᠡᠳ ᠡᠨᠳᠡ ᠪᠡᠨ ᠠᠭᠤᠯᠵᠠᠬᠤ ᠤᠤ?
ᠶᠤᠨᠳᠤᠨ᠄ ᠴᠢ ᠵᠢᠭᠤᠲᠠᠬᠤ ᠭᠡᠳ ᠪᠠᠢᠭ᠎ᠠ ᠶᠤᠮ ᠪᠢᠰᠢ ᠤᠤ ?ᠨᠥᠭᠦᠭᠡ ᠬᠤᠯᠤᠭᠠᠨ᠎ᠠ ᠴᠢᠨᠢ ᠠᠶᠤᠴᠢᠬᠠᠵᠠᠢ ᠰᠢᠦ᠃ᠶᠠᠭᠠᠬᠢᠬᠤ ᠭᠡᠳ ᠬᠤᠳᠠᠯᠴᠢ ᠬᠤᠯᠤᠭᠠᠨ᠎ᠠ ᠳ᠋ᠤ᠌ ᠢᠲᠡᠭᠡᠪᠡ᠃
ᠨᠤᠷᠪᠤ᠄ ᠬᠠᠷ᠎ᠠ ᠳᠠ᠂ ᠵᠢᠮᠢᠰ᠃
ᠶᠤᠨᠳᠤᠨ᠄ ᠪᠠᠢᠵᠠ ᠪᠢᠲᠡᠭᠡᠢ ᠢᠳᠡ᠃
ᠨᠤᠷᠪᠤ᠄ ᠶᠠᠭᠠᠬᠢᠭᠠᠳ?
ᠶᠤᠨᠳᠤᠨ᠄ ᠬᠣᠣᠷᠲᠠᠢ ᠵᠢᠮᠢᠰ ᠪᠠᠢᠵᠤ ᠮᠠᠭᠠᠳ ᠦᠭᠡᠢ᠃
ᠨᠤᠷᠪᠤ᠄ ᠲᠠ ᠶᠠᠭᠠᠬᠢᠵᠤ ᠮᠡᠳᠡᠵᠦ ᠪᠠᠢᠭ᠎ᠠ ᠶᠤᠮ ?
ᠶᠤᠨᠳᠤᠨ᠄ ᠰᠠᠢᠨ ᠮᠡᠳᠡᠬᠦ ᠦᠭᠡᠢ ᠯᠡ ᠪᠠᠢᠨ᠎ᠠ ᠳᠠ᠂ ᠭᠡᠬᠦ ᠳ᠋ᠦ᠍ ᠪᠡᠨ ᠡᠢᠮᠦ ᠵᠢᠮᠢᠰ ᠬᠠᠷᠠᠵᠤ ᠪᠠᠢᠭ᠎ᠠ ᠦᠭᠡᠢ ᠶᠦᠮ ᠪᠠᠢᠨ᠎ᠠ᠃
ᠨᠤᠷᠪᠤ᠄ ᠲᠡᠭᠡᠪᠡᠯ ᠢᠳᠡᠵᠦ ᠦᠵᠡᠭᠡᠳ ᠮᠡᠳᠡᠴᠢᠬᠡᠶᠡ ᠯᠡ ᠳᠡ᠃ᠬᠣᠣᠷ ᠲᠠᠢ ᠴᠤ᠌ ᠪᠠᠢ ᠬᠣᠣᠷ ᠦᠭᠡᠢ ᠪᠠᠢ᠂ ᠬᠣᠣᠷᠳᠠᠵᠤ ᠦᠬᠦᠬᠦ ᠡᠴᠡ ᠪᠡᠨ ᠡᠮᠦᠨ᠎ᠡ ᠥᠯᠥᠰᠴᠦ ᠦᠬᠦᠯ᠎ᠡ ᠰᠢᠦ᠃
ᠶᠤᠨᠳᠤᠨ᠄ ᠨᠤᠷᠪᠤ ᠠ᠋᠂ ᠠᠬ᠎ᠠ ᠨᠢ ᠡᠬᠢᠯᠡᠭᠡᠳ ᠢᠳᠡᠵᠦ ᠦᠵᠡᠶ᠎ᠡ᠂ ᠬᠡᠷᠪᠡ ᠪᠢ ᠬᠣᠣᠷᠳᠠᠭᠠᠳ ᠦᠬᠦᠪᠡᠯ ᠮᠢᠨᠦ ᠳᠡᠭᠦᠦ ᠪᠢᠲᠡᠭᠡᠢ ᠢᠳᠡᠭᠡᠷᠡᠢ !
ᠨᠤᠷᠪᠤ᠄ ᠵᠠ ᠲᠡᠭᠡᠶ᠎ᠡ᠂ ᠲᠠ ᠡᠬᠢᠯᠡᠭᠡᠳ ᠢᠳᠡᠴᠢᠬᠡ᠃
ᠨᠤᠷᠪᠤ᠄ ᠲᠠ ᠠᠮᠢᠳᠤ ᠤᠤ? ᠫᠦ ᠶᠠᠮᠠᠷ ᠦᠮᠡᠬᠡᠢ ᠶᠦᠮ ᠪᠣᠢ ?ᠬᠣᠣᠷ ᠦᠭᠡᠢ ᠭᠡᠰᠡᠨ ᠦᠭᠡ ᠤᠤ?
ᠶᠤᠨᠳᠤᠨ᠄ ᠢᠳᠡᠵᠦ ᠪᠣᠯᠬᠤ ᠪᠠᠷ ᠶᠤᠮ ᠰᠢᠭ᠋ ᠪᠠᠢᠨ᠎ᠠ᠃
ᠨᠤᠷᠪᠤ᠄ ᠠᠰᠢᠭᠦᠢ ᠳᠡ᠂ ᠭᠦᠦᠰᠢ᠂ ᠲᠠ ᠪᠦᠭᠦᠳᠡ ᠶ᠋ᠢ ᠨᠢ ᠢᠳᠡᠴᠢᠬᠡᠭᠰᠡᠨ ᠪᠠᠢᠨ᠎ᠠ ᠰᠢᠳᠡ ᠠ᠋᠃
ᠶᠤᠨᠳᠤᠨ᠄ ᠥᠭᠡᠷ᠎ᠡ ᠦᠯᠡᠳᠡᠭᠰᠡᠨ ᠦᠭᠡᠢ ᠤᠤ? ᠴᠢᠨᠠᠭᠰᠢ ᠪᠠᠨ ᠶᠠᠪᠤᠪᠠᠯ ᠠᠬᠢᠭᠠᠳ ᠪᠠᠢᠭ᠎ᠠ ᠪᠠᠢᠯᠭᠦᠢ ᠳᠡ᠃
ᠨᠤᠷᠪᠤ: ᠵᠠ ᠪᠠᠢᠵᠠ ᠳᠠ᠂ ᠲᠠ ᠬᠣᠣᠷ ᠦᠭᠡᠢ ᠭᠡᠳᠡᠭ ᠢ᠋ ᠨᠢ ᠮᠡᠳᠡᠵᠦ ᠪᠠᠢᠭᠰᠠᠨ ᠶᠤᠮ ᠪᠢᠰᠢ ᠤᠤ ?ᠶᠡᠷᠦ ᠨᠢ ᠲᠠ ᠡᠳᠦᠷ ᠦ᠋ᠨ ᠨᠢᠭᠡ ᠲᠠᠪᠠᠭ ᠬᠣᠭᠣᠯᠠ ᠶ᠋ᠢ ᠪᠠᠰᠠ ᠥᠪᠡᠷ ᠢ᠋ᠶ᠋ᠡᠨ ᠬᠤᠯᠠᠭᠠᠢ ᠪᠠᠷ ᠢᠳᠡᠴᠢᠬᠡᠭᠰᠡᠨ ᠶᠦᠮ ᠪᠢᠰᠢ ᠤᠤ?
ᠶᠤᠨᠳᠤᠨ᠄ ᠪᠢ ᠢᠳᠡᠭᠡ ᠦᠭᠡᠢ ᠭᠡᠵᠦ ᠬᠡᠳᠦ ᠬᠡᠯᠡᠬᠦ ᠶᠦᠮ ᠪᠣᠢ? ᠵᠠ ᠵᠠ ᠂ᠠᠬᠢᠵᠤ ᠵᠢᠮᠢᠰ ᠣᠯᠪᠠᠯ ᠴᠢ ᠡᠬᠢᠯᠡᠵᠦ ᠢᠳᠡᠭᠡᠷᠡᠢ᠃
ᠨᠤᠷᠪᠤ᠄ ᠪᠠᠢᠪᠠᠷᠯᠢ ᠳ᠋ᠠᠮᠪᠠ ᠬᠣᠶᠠᠷ ᠬᠠᠮᠢᠭ᠎ᠠ ᠣᠴᠢᠴᠢᠬᠠᠭᠰᠠᠨ ᠶᠤᠮ ᠪᠣᠯ? ᠪᠠᠰᠠ ᠪᠢᠳᠡ ᠬᠣᠶᠠᠷ ᠰᠢᠭ᠋ ᠲᠥᠭᠡᠷᠢᠴᠢᠬᠡᠭᠰᠡᠨ ᠶᠦᠮ ᠪᠣᠯ ᠤᠤ?
ᠭᠣᠮᠪᠣ᠄ ᠡᠨᠡ ᠬᠠᠪᠢ ᠳ᠋ᠤ᠌ ᠯᠠ ᠶᠡᠬᠡ ᠮᠥᠭᠥ ᠤᠷᠭᠤᠳᠠᠭ ᠪᠠᠢᠭᠰᠠᠨ ᠶᠤᠮ ᠳᠠ᠂ᠥᠭᠡᠷ᠎ᠡ ᠠᠮᠢᠲᠠᠨ ᠢᠷᠡᠭᠡᠳ ᠲᠡᠭᠦᠴᠢᠬᠡᠭᠰᠡᠨ ᠶᠦᠮ ᠪᠠᠢᠬᠤ ᠳᠠ᠃
ᠨᠤᠷᠪᠤ᠄ ᠠᠭ᠎ᠠ ᠠ᠋᠂ ᠲᠡᠷᠡ ᠨᠢ ᠨᠠᠮ᠎ᠠ ᠶ᠋ᠢ ᠢᠯᠡᠭᠦᠦ ᠬᠣᠯᠬᠢᠳᠠᠴᠢᠬᠠᠭᠠᠳ᠂ᠮᠥᠷᠭᠥᠵᠦ ᠤᠨᠠᠭᠠᠭᠠᠳ ᠵᠣᠳᠣᠭᠰᠠᠨ ᠤᠬᠤᠨ᠎ᠠ ᠪᠠᠢᠨ᠎ᠠ᠃
ᠶᠤᠨᠳᠤᠨ᠄ ᠶᠠᠭ ᠮᠥᠨ ᠤᠤ?
ᠨᠤᠷᠪᠤ᠄ ᠮᠥᠨ ᠡᠴᠡ ᠮᠥᠨ᠃
ᠶᠤᠨᠳᠤᠨ᠄ ᠬᠦᠢ᠂ ᠢᠮᠠᠭ᠎ᠠ ᠮᠢᠨᠢ ᠬᠦᠷᠦᠭᠡᠳ ᠢᠷ᠎ᠡ᠂
ᠭᠣᠮᠪᠣ᠄ ᠶᠠᠭᠠᠬᠢᠭᠰᠠᠨ ᠭᠠᠬᠠᠢ ᠨᠤᠭᠤᠳ ᠠ᠋᠃
ᠶᠤᠨᠳᠤᠨ᠄ ᠴᠢ ᠥᠷᠯᠥᠭᠡ ᠮᠠᠨ ᠤ᠋ ᠳᠡᠭᠦᠦ ᠡᠴᠡ ᠮᠥᠩᠭᠥ ᠶ᠋ᠢ ᠨᠢ ᠬᠣᠯᠬᠢᠳᠠᠴᠢᠬᠠᠭᠠᠳ ᠮᠥᠷᠭᠥᠵᠦ ᠤᠨᠠᠭᠠᠭᠠᠳ ᠳᠡᠪᠰᠡᠭᠰᠡᠨ ᠶᠦᠮ ᠤᠤ?
ᠭᠣᠮᠪᠣ᠄ ᠦ᠋᠂ᠦᠭᠡᠢ ᠦᠭᠡᠢ ᠪᠢ ᠶᠠᠭᠤ ᠭᠡᠵᠦ ᠡᠢᠮᠦ ᠬᠥᠭᠡᠷᠦᠬᠦᠨ ᠳᠣᠷᠣᠢ ᠳ᠋ᠤ᠌ ᠭᠠᠷ ᠬᠦᠷᠴᠦ ᠪᠠᠢᠳᠠᠭ ᠶᠤᠮ᠃
ᠨᠤᠷᠪᠤ᠄ ᠬᠤᠳᠠᠯ ᠶᠠᠷᠢ᠂ ᠡᠨᠡ ᠲᠡᠭᠡᠭᠡᠳ ᠬᠡᠨ ᠦ᠌ ᠡᠪᠡᠷ ᠦ᠋ᠨ ᠮᠥᠷ ᠶᠦᠮ?
ᠶᠤᠨᠳᠤᠨ᠄ᠴᠢ ᠮᠠᠨ ᠤ᠋ ᠳᠡᠭᠦᠦ ᠡᠴᠡ ᠠᠭᠤᠴᠢᠯᠠᠯᠲᠠ ᠭᠣᠶᠣ᠃
ᠭᠣᠮᠪᠣ᠄ ᠨᠠᠭᠠᠳᠤᠬᠢ ᠴᠢᠨᠢ ᠥᠪᠡᠷ ᠢ᠋ᠶ᠋ᠡᠨ ᠡᠬᠢᠯᠡᠵᠦ ᠬᠤᠯᠠᠭᠠᠢ ᠬᠢᠭᠡᠳ ᠮᠠᠨ ᠤ᠋ ᠳᠡᠯᠭᠡᠭᠦᠷ ᠡᠴᠡ ᠵᠢᠭᠤᠲᠠᠭᠰᠠᠨ ᠰᠢᠲᠠ᠃
ᠶᠤᠨᠳᠤᠨ ᠄ ᠨᠤᠷᠪᠤ ᠠ᠋᠂ ᠨᠡᠭᠡᠷᠡᠨ ᠴᠢᠮ᠎ᠠ ᠳ᠋ᠤ᠌ ᠶᠠᠮᠠᠷ ᠶᠠᠭᠤᠮᠠᠨ ᠤ᠋ ᠬᠢᠨᠢ ᠮᠥᠩᠭᠥ ᠪᠠᠢᠳᠠᠭ ᠶᠤᠮ᠂ᠴᠢ ᠳᠡᠯᠭᠡᠭᠦᠷ ᠡᠴᠡ ᠬᠤᠯᠠᠭᠠᠢ ᠬᠢᠭᠰᠡᠨ ᠶᠦᠮ ᠤᠤ?
ᠨᠤᠷᠪᠤ᠄ᠦᠭᠡᠢ᠂ᠮᠠᠨ ᠤ᠋ ᠴᠢᠨᠣ᠎ᠠ ᠪᠠᠭᠰᠢ ᠨᠠᠳᠠ ᠳ᠋ᠤ᠌ ᠲᠠᠪᠢᠨ ᠮᠥᠩᠭᠥ ᠥᠭᠭᠦᠭᠰᠡᠨ ᠶᠦᠮ᠂ᠲᠡᠭᠦᠨ ᠢ᠋ᠶ᠋ᠡᠷ ᠢ᠋ᠶ᠋ᠡᠨ ᠬᠠᠭᠠᠰ ᠺᠢᠯᠢ ᠮᠥᠭᠥ ᠠᠪᠬᠤ ᠭᠡᠰᠡᠨ ᠴᠢᠨᠢ ᠡᠨᠡ ᠮᠠᠭᠤ ᠢᠮᠠᠭ᠎ᠠ ᠨᠠᠳᠠ ᠳ᠋ᠤ᠌ ᠦᠨ᠎ᠡ ᠪᠡᠨ ᠨᠡᠮᠡᠵᠦ ᠵᠠᠷᠤᠭᠠᠳ ᠪᠠᠢᠬᠤ ᠪᠠᠷ ᠨᠢ ᠪᠢ ᠮᠥᠩᠭᠥ ᠪᠡᠨ ᠥᠭᠭᠦᠭᠡᠳ ᠯᠡ ᠠᠪᠬᠤ ᠶᠣᠰᠣᠲᠠᠢ ᠬᠠᠭᠠᠰ ᠺᠢᠯᠢ ᠮᠥᠭᠥ ᠠᠪᠤᠭᠠᠳ ᠯᠠ ᠭᠠᠷᠤᠭᠰᠠᠨ ᠰᠢᠲᠠ᠃
ᠭᠣᠮᠪᠣ᠄ ᠬᠡ ᠬᠡ᠂ᠲᠠᠨ ᠤ᠋ ᠳᠡᠭᠦᠦ ᠴᠢᠨᠢ ᠵᠡᠭᠦᠳᠦ ᠪᠡᠨ ᠶᠠᠷᠢᠬᠤ ᠭᠡᠵᠦ ᠪᠠᠢᠭᠠᠳ ᠬᠤᠯᠠᠭᠠᠢ ᠪᠠᠨ ᠶᠠᠷᠢᠴᠢᠬᠠᠯ᠎ᠠ᠃
ᠶᠤᠨᠳᠤᠨ᠄ᠴᠢ ᠭᠡᠬᠦ ᠳ᠋ᠦ᠍ ᠪᠡᠨ ᠦᠨ᠎ᠡ ᠪᠡᠨ ᠨᠡᠮᠡᠵᠦ ᠵᠠᠷᠤᠭᠠᠳ ᠳᠡᠭᠡᠷᠡᠯᠬᠡᠵᠦ ᠵᠣᠳᠣᠭᠰᠠᠨ ᠪᠠᠢᠨ᠎ᠠ᠂ ᠠᠯᠢᠪ᠂ ᠡᠨᠡ ᠢᠷᠡᠭᠡᠳ ᠵᠣᠭᠰᠣ᠃ ᠠᠯᠢᠪ᠂ᠡᠨᠳᠡ ᠢᠷᠡᠭᠡᠳ ᠵᠣᠭᠰᠣ ᠭᠡᠳ ᠪᠠᠢᠭ᠎ᠠ ᠶᠤᠮ ᠪᠢᠰᠢ ᠤᠤ?
ᠭᠣᠮᠪᠣ᠄ ᠠ ! ᠶᠠᠭᠠᠬᠢᠬᠤ ᠭᠡᠵᠦ ᠪᠠᠢᠭ᠎ᠠ ᠶᠤᠮ? ᠦ᠂ ᠵᠣᠳᠣᠬᠤ ᠦᠭᠡᠢ ᠶᠦᠮ ᠪᠠᠢᠭᠰᠠᠨ ᠶᠤᠮ ᠤᠤ?
ᠶᠤᠨᠳᠤᠨ᠄ᠣᠳᠣ ᠡᠨᠳᠡ ᠡᠴᠡ ᠵᠠᠢᠯᠠ᠃
ᠭᠣᠮᠪᠣ᠄ᠠᠯᠠᠨ᠎ᠠ᠂ ᠲᠠ ᠬᠣᠶᠠᠷ ᠢ᠋᠃
ᠶᠤᠨᠳᠤᠨ᠄ᠶᠠᠭᠤ ᠭᠡᠨ᠎ᠡ᠂ ᠠᠬᠢᠵᠤ ᠬᠡᠦᠬᠡᠳ ᠳᠡᠭᠡᠷᠡᠯᠬᠡᠪᠡᠯ ᠨᠠᠭᠠᠳᠤᠮ ᠢ᠋ᠶ᠋ᠠᠷ ᠴᠠᠳᠮᠠᠷ ᠪᠣᠭᠣᠳᠠᠭ ᠬᠢᠨ᠎ᠡ᠃
ᠪᠠᠢᠪᠠᠷᠯᠢ᠄ᠲᠡᠢᠮᠦ ᠰᠢᠦ᠂ ᠶᠣᠨᠳᠣᠨ ᠠᠬ᠎ᠠ ᠴᠢᠨᠦ ᠬᠠᠪᠢᠷᠭ᠎ᠠ ᠶ᠋ᠢ ᠶᠣᠰᠣᠲᠠᠢ ᠶᠠᠭᠤ ᠴᠤ᠌ ᠦᠭᠡᠢ ᠪᠣᠯᠲᠠᠯ᠎ᠠ ᠮᠥᠯᠵᠢᠨᠡ ᠳᠡ᠂ ᠮᠠᠭᠤ ᠶᠠᠮᠪᠢ ᠶ᠋ᠢᠨ ᠢᠮᠠᠭ᠎ᠠ᠃ᠬᠠᠭᠳᠠ ᠡᠪᠡᠰᠦ ᠬᠠᠷᠠᠮᠯᠠᠭᠠᠳ ᠪᠠᠶᠠᠵᠢᠬᠤ ᠶ᠋ᠢ ᠴᠢᠨᠢ ᠬᠠᠷᠠᠨ᠎ᠠ᠃
ᠨᠤᠷᠪᠤ᠄ ᠠᠭ᠎ᠠ ᠠ᠋᠂ᠮᠠᠭᠤ ᠠᠷᠠᠰᠤ ᠶ᠋ᠢ ᠴᠦ᠍ ᠪᠣᠯᠭᠠᠵᠤ ᠲᠠᠯᠪᠢᠯ᠎ᠠ ᠰᠢᠦ᠂ᠲᠡᠢᠮᠦ ?
ᠶᠣᠨᠳᠣᠨ᠄ᠴᠢ ᠥᠪᠡᠷ ᠢ᠋ᠶ᠋ᠡᠨ ᠯᠡ ᠬᠤᠯᠠᠭᠠᠢ ᠬᠢᠭᠰᠡᠨ ᠪᠠᠢᠨ᠎ᠠ ᠰᠢᠲᠠ᠃
ᠨᠤᠷᠪᠤ᠄ᠡᠵᠢ ᠳ᠋ᠦ᠍ ᠪᠢᠲᠡᠭᠡᠢ ᠬᠡᠯᠡᠭᠡᠷᠡᠢ᠂ ᠭᠤᠶᠤᠵᠤ ᠪᠠᠢᠨ᠎ᠠ᠃
ᠶᠤᠨᠳᠤᠨ᠄ᠲᠡᠷᠡ ᠶᠠᠭᠤ ᠪᠣᠢ ? ᠮᠥᠭᠥ ᠤᠤ?
ᠨᠤᠷᠪᠤ᠄ᠲᠡᠢᠮᠦ ᠪᠠᠢᠨ᠎ᠠ᠂ᠮᠥᠭᠥ
ᠶᠤᠨᠳᠤᠨ᠄ ᠪᠠᠢᠵᠠ᠂ᠬᠣᠣᠷ ᠲᠠᠢ ᠮᠥᠭᠥ ᠪᠠᠢᠪᠠᠯ ᠶᠠᠭᠠᠬᠢᠬᠤ ᠤᠤ?
ᠨᠤᠷᠪᠤ᠄ ᠠᠭ᠎ᠠ ᠠ᠋᠂ᠲᠦᠷᠦᠭᠦᠨ ᠳ᠋ᠦ᠍ ᠲᠠ ᠨᠠᠮ᠎ᠠ ᠶ᠋ᠢ ᠯᠡ ᠪᠣᠳᠣᠵᠤ ᠮᠢᠨᠦ ᠡᠮᠦᠨ᠎ᠡ ᠡᠴᠡ ᠬᠣᠣᠷ ᠲᠠᠢ ᠪᠠᠢᠬᠤ ᠮᠠᠭᠠᠳᠯᠠᠯ ᠲᠠᠢ ᠵᠢᠮᠢᠰ ᠢᠳᠡᠭᠰᠡᠨ᠂ᠲᠠ ᠨᠠᠮ᠎ᠠ ᠶ᠋ᠢ ᠪᠠᠢᠩᠭᠤ ᠥᠮᠥᠭᠯᠡᠵᠦ ᠬᠠᠮᠠᠭᠠᠯᠠᠳᠠᠭ ᠪᠣᠯᠬᠣᠷ ᠪᠢ ᠲᠠᠨ ᠤ᠋ ᠲᠥᠯᠥᠭᠡ ᠭᠠᠭᠴᠠ ᠤᠳᠠᠭ᠎ᠠ ᠡᠨᠡ ᠮᠥᠭᠥ ᠶ᠋ᠢᠨ ᠬᠣᠣᠷ ᠲᠠᠢ ᠬᠣᠣᠷ ᠦᠭᠡᠢ ᠶ᠋ᠢ ᠰᠢᠯᠭᠠᠶ᠎ᠠ᠃
ᠶᠤᠨᠳᠤᠨ᠄ ᠭᠦᠦᠰᠢ᠂ ᠪᠠᠢᠵᠠ᠂ ᠨᠤᠷᠪᠤ ᠠᠯᠢᠪ ᠠᠮᠠᠨ ᠠ᠋ᠴᠠ ᠪᠠᠨ ᠭᠠᠷᠭ᠎ᠠ᠃ ᠨᠤᠷᠪᠤ ᠠ᠋᠂ ᠨᠤᠷᠪᠤ᠂ ᠰᠡᠷᠡᠭᠡᠴᠢ ᠳᠡ᠂ ᠮᠢᠨᠦ ᠳᠡᠭᠦᠦ᠃
ᠬᠤᠯᠤᠭᠠᠨ᠎ᠠ᠄ᠲᠡᠮᠦᠷ ᠵᠠᠮ ᠤ᠋ᠨ ᠠᠵᠢᠯ ᠳᠡᠭᠡᠷ᠎ᠡ ᠪᠢ ᠡᠳᠦᠷᠵᠢᠨ ᠠᠮᠵᠢᠯᠲᠠ ᠲᠠᠢ᠃
ᠲᠠᠤᠯᠠᠢ᠄ᠬᠡᠨ ᠪᠣᠢ? ᠨᠠᠮ᠎ᠠ ᠶ᠋ᠢ ᠬᠡᠨ ᠳᠠᠭᠠᠭᠠᠳ ᠪᠠᠢᠨ᠎ᠠ?
ᠶᠤᠨᠳᠤᠨ᠄ ᠰᠡᠷᠡᠭᠡᠴᠢ ᠳᠡ᠂ ᠮᠢᠨᠦ ᠳᠡᠭᠦᠦ᠃ ᠠ᠋ ᠬᠡ᠂ᠮᠢᠨᠦ ᠳᠡᠭᠦᠦ ᠳᠠᠩᠴᠤ ᠶᠠᠭᠠᠬᠢᠪᠠ ᠳᠠ᠂ᠬᠡᠯᠡᠭᠰᠡᠨ ᠰᠢᠲᠠ᠃ᠶᠠᠭᠤ ᠪᠣᠢ? ᠶᠠᠭᠠᠬᠢᠭᠰᠠᠨ ᠥᠭᠡᠳᠡ ᠦᠭᠡᠢ ᠨᠣᠪᠰᠢ ᠪᠣᠢ?
ᠨᠤᠷᠪᠤ᠄ ᠶᠠᠭᠠᠬᠢᠶ᠎ᠠ ᠯᠠ ᠳᠠ᠂ ᠠ ! ᠪᠣᠯᠢ᠁ ᠲᠠ ᠲᠦᠷᠦᠭᠦᠦ ᠪᠦᠬᠦ ᠵᠢᠮᠢᠰ ᠢ᠋ ᠢᠳᠡᠴᠢᠬᠡᠭᠡ ᠪᠢᠵᠡ ᠳᠡ ᠃
ᠶᠤᠨᠳᠤᠨ᠄ᠴᠢᠮ᠎ᠠ ᠶ᠋ᠢ ᠦᠬᠦᠴᠢᠬᠡᠯ᠎ᠡ ᠯᠡ ᠭᠡᠵᠦ ᠪᠣᠳᠣᠯ᠎ᠠ᠃
ᠨᠤᠷᠪᠤ᠄ ᠶᠣ ᠶᠣ ᠶᠣ᠂ᠲᠡᠭᠡᠭᠡᠳ ᠶᠠᠭᠠᠬᠢᠭᠠᠳ ᠠᠯᠠᠬᠤ ᠭᠡᠳ ᠪᠠᠢᠭ᠎ᠠ ᠶᠤᠮ ᠪᠣᠢ? ᠶᠣ ᠁
ᠲᠠᠤᠯᠠᠢ᠄ᠰᠠᠶᠢᠨ ᠤᠤ? ᠪᠣᠳᠣᠩ ᠭᠤᠸᠠᠢ᠂ᠲᠠᠨ ᠣ ᠨᠢᠭᠡ ᠬᠣᠭᠣᠯᠠ ᠶ᠋ᠢ ᠮᠠᠷᠲᠠᠭᠰᠠᠨ ᠳ᠋ᠤ᠌ ᠠᠭᠤᠴᠢᠯᠠᠭᠠᠷᠠᠢ! ᠠᠪᠤᠭᠠᠳ ᠢᠷᠡᠯ᠎ᠡ᠃ᠵᠢᠭᠠᠬᠠᠨ ᠬᠥᠷᠥᠴᠢᠬᠡᠭᠰᠡᠨ ᠪᠠᠢᠵᠤ ᠮᠠᠭᠠᠳ ᠦᠭᠡᠢ᠂ᠮᠢᠨᠦ ᠪᠤᠷᠤᠭᠤ᠃
ᠶᠤᠨᠳᠤᠨ᠄ ᠦ᠂ᠬᠠᠷᠢᠨ ᠲᠡᠢᠮᠦ ᠪᠠᠢᠯᠭᠦᠢ ᠳᠡ᠂ᠠᠰᠢᠭᠦᠢ ᠳᠡ᠂ᠪᠠᠶᠠᠷᠯᠠᠯ᠎ᠠ ᠳᠡᠯᠳᠡᠩ ᠲᠠᠤᠯᠠᠢ᠃
ᠨᠤᠷᠪᠤ᠄ ᠠᠭ᠎ᠠ ᠠ᠋ ᠂ᠨᠠᠳᠠ ᠳ᠋ᠤ᠌᠁
ᠶᠤᠨᠳᠤᠨ᠄ᠶᠠᠭᠠᠬᠢᠬᠤ ᠪᠠᠷ ᠢ᠋ᠶ᠋ᠠᠨ ᠪᠢ ᠴᠢᠮ᠎ᠠ ᠳ᠋ᠤ᠌ ᠥᠭᠳᠡᠭ ᠶᠦᠮ? ᠴᠢ ᠮᠥᠭᠥ ᠪᠠᠨ ᠯᠠ ᠢᠳᠡ᠃ ᠴᠢ ᠶᠠᠭᠤ ᠪᠣᠢ?
ᠬᠤᠯᠤᠭᠠᠨ᠎ᠠ᠄ᠠ᠋ ᠬᠡ᠂ᠲᠠ ᠨᠠᠳᠠ ᠬᠢᠮᠤᠰᠤᠨ ᠤ᠋ ᠴᠢᠨᠡᠭᠡ ᠬᠣᠭᠣᠯᠠ ᠥᠭᠬᠦ ᠳ᠋ᠦ᠍ ᠯᠡ ᠪᠢ ᠥᠨᠥᠳᠥᠷ ᠲᠡᠭᠡᠨ ᠴᠠᠳᠴᠢᠬᠠᠨᠠ ᠳᠠ᠃ᠦ ᠸᠧᠢ᠂ᠪᠤᠶᠠᠨ ᠲᠠᠢ ᠪᠣᠳᠣᠩ ᠤ᠋ᠨ ᠠᠴᠢ ᠶ᠋ᠢ ᠡᠨᠡ ᠨᠠᠰᠤᠨ ᠳ᠋ᠤ᠌ ᠪᠠᠨ ᠳᠤᠷᠠᠰᠴᠤ ᠶᠠᠪᠤᠨ᠎ᠠ᠃
ᠨᠤᠷᠪᠤ᠄ ᠭᠠᠭᠴᠠ ᠬᠠᠯᠪᠠᠭᠠᠳᠠᠭᠤᠯᠴᠢᠬᠠ ᠳᠠ᠃
ᠶᠤᠨᠳᠤᠨ᠄ ᠴᠢᠨᠠᠭᠰᠢ ᠪᠠᠨ ᠪᠠᠢ᠃
ᠨᠤᠷᠪᠤ᠄ᠬᠤᠯᠠᠭᠠᠢᠴᠢ ᠬᠤᠯᠤᠭᠠᠨ᠎ᠠ ᠳ᠋ᠤ᠌ ᠬᠣᠭᠣᠯᠠ ᠪᠠᠨ ᠬᠤᠪᠢᠶᠠᠴᠢᠬᠠᠭᠠᠳ᠂ᠬᠠᠢᠷᠠᠲᠠᠢ ᠳᠡᠭᠦᠦ ᠳ᠋ᠦ᠍ ᠪᠡᠨ ᠶᠠᠭᠠᠬᠢᠭᠠᠳ ᠬᠣᠭᠣᠯᠠ ᠠ᠋ᠴᠠ ᠪᠠᠨ ᠬᠤᠪᠢᠶᠠᠯᠴᠠᠳᠠᠭ ᠦᠭᠡᠢ ᠶᠦᠮ ᠪᠣᠢ?ᠬᠣᠶᠠᠭᠤᠯᠠ ᠪᠠᠨ ᠬᠤᠪᠢᠶᠠᠵᠤ ᠢᠳᠡᠨ᠎ᠡ ᠬᠡ ᠪᠢᠵᠡ ᠳᠡ᠃
ᠶᠤᠨᠳᠤᠨ᠄ ᠬᠡᠩ᠂ᠢᠯᠭᠠᠭ᠎ᠠ ᠦᠭᠡᠢ ᠬᠤᠯᠠᠭᠠᠢᠴᠢ ᠶᠤᠮ ᠪᠠᠢᠵᠤ᠂ ᠴᠢᠮ᠎ᠠ ᠲᠠᠢ ᠠᠬᠢᠵᠤ ᠬᠣᠭᠣᠯᠠ ᠪᠠᠨ ᠬᠤᠪᠢᠶᠠᠬᠤ ᠦᠭᠡᠢ᠃
ᠨᠤᠷᠪᠤ᠄ᠡᠨᠡ ᠮᠠᠭᠤ ᠬᠠᠷᠬ᠎ᠠ ᠡᠵᠢ ᠶ᠋ᠢᠨ ᠪᠢᠰᠢᠯᠠᠭ ᠢ᠋ ᠬᠤᠯᠠᠭᠠᠢᠯᠠᠭᠰᠠᠨ ᠰᠢᠲᠠ᠃
ᠶᠤᠨᠳᠤᠨ᠄ ᠬᠤᠯᠤᠭᠠᠨ᠎ᠠ ᠠ᠋᠂ᠲᠡᠭᠡᠭᠡᠳ ᠨᠥᠭᠦᠭᠡ ᠲᠠᠤᠯᠠᠢ ᠨᠤᠭᠤᠳ ᠤ᠋ᠨ ᠳ᠋ᠧᠪᠠᠵᠠᠨ ᠴᠢᠨᠢ ᠬᠠᠮᠢᠭ᠎ᠠ ᠪᠠᠢᠭ᠎ᠠ ᠶᠤᠮ ᠪᠢᠯᠡ ᠳᠠ᠃
ᠲᠠᠤᠯᠠᠢ᠄ᠲᠠᠤᠯᠠᠢ ᠨᠤᠭᠤᠳ ᠤ᠋ᠨ ᠳ᠋ᠧᠪᠠᠵᠠᠨ᠁? ᠲᠠ ᠨᠠᠷ ᠶᠠᠭᠠᠬᠢᠵᠤ ᠲᠡᠷᠡ ᠭᠠᠵᠠᠷ ᠤ᠋ᠨ ᠲᠤᠬᠠᠢ ᠮᠡᠳᠡᠭᠰᠡᠨ ᠶᠦᠮ?
ᠬᠤᠯᠤᠭᠠᠨ᠎ᠠ᠄ᠲᠡᠭᠡᠪᠡᠯ ᠲᠡᠷᠡ ᠳ᠋ᠧᠪᠠᠵᠠᠨ ᠪᠠᠢᠳᠠᠭ ᠶᠤᠮ ᠤᠤ?
ᠨᠤᠷᠪᠤ᠄ᠳᠡᠯᠳᠡᠩ ᠴᠢ ᠮᠡᠳᠡᠵᠦ ᠲᠠᠭᠠᠷᠠᠨ᠎ᠠ᠂ᠬᠠᠮᠢᠭ᠎ᠠ ᠪᠠᠢᠬᠤ ᠪᠣᠢ ᠵᠢᠭᠠᠭᠠᠳ ᠥᠭ᠃
ᠲᠠᠤᠯᠠᠢ᠄ ᠪᠢ ᠬᠠᠮᠢᠭ᠎ᠠ ᠪᠠᠢᠳᠠᠭ ᠢ᠋ ᠨᠢ ᠮᠡᠳᠡᠨ᠎ᠡ ᠯᠠ ᠳᠠ᠂ᠲᠡᠭᠡᠬᠦ ᠳ᠋ᠦ᠍ ᠪᠡᠨ ᠳᠣᠲᠣᠷ᠎ᠠ ᠨᠢ ᠣᠴᠢᠵᠤ ᠦᠵᠡᠭᠡ ᠦᠭᠡᠢ᠃ᠲᠠ ᠨᠠᠷ ᠨᠢᠭᠡᠨᠲᠡ ᠲᠡᠷᠡ ᠭᠠᠵᠠᠷ ᠤ᠋ᠨ ᠲᠤᠬᠠᠢ ᠮᠡᠳᠡᠵᠦ ᠪᠠᠢᠭ᠎ᠠ ᠶᠤᠮ ᠪᠣᠯ ᠳᠠᠷᠠᠭ᠎ᠠ ᠨᠢ ᠬᠡᠨ ᠳ᠋ᠦ᠍ ᠴᠦ᠍ ᠬᠡᠯᠡᠬᠦ ᠦᠭᠡᠢ ᠭᠡᠵᠦ ᠠᠮᠠᠯᠠᠪᠠᠯ᠂ᠪᠢ ᠲᠠ ᠨᠠᠷ ᠢ᠋ ᠲᠡᠨᠳᠡ ᠠᠪᠠᠴᠢᠵᠤ ᠳᠠᠢᠯᠠᠵᠤ ᠪᠣᠯᠬᠤ ᠯᠠ ᠶᠤᠮ᠂ ᠲᠡᠨᠳᠡ ᠮᠠᠨ ᠤ᠋ ᠡᠪᠦᠭᠡ ᠪᠠᠢᠭ᠎ᠠ᠃
ᠶᠤᠨᠳᠤᠨ᠄ ᠳᠡᠮᠴᠤᠭ ᠤᠤ? ᠳᠡᠮᠴᠤᠭ ᠠᠮᠢᠳᠤ ᠶᠤᠮ ᠤᠤ ?
ᠲᠠᠤᠯᠠᠢ᠄ ᠠ᠁ ᠲᠡᠢᠮᠦ ᠭᠡᠬᠦ ᠤᠤ ᠳᠠ᠃ᠭᠡᠬᠦ ᠳ᠋ᠦ᠍ ᠪᠡᠨ ᠲᠡᠳᠬᠦᠪᠦᠷᠢ ᠳ᠋ᠦ᠍ ᠪᠡᠨ ᠭᠠᠷᠴᠢᠬᠠᠭᠰᠠᠨ᠃ ᠦ᠋ ᠵᠠ ᠴᠥᠮ ᠢ᠋ᠶ᠋ᠡᠷ ᠢ᠋ᠶ᠋ᠡᠨ ᠶᠠᠪᠤᠵᠠᠭᠠᠬᠤ ᠤᠤ?
ᠵᠠᠮ ᠳ᠋ᠤ᠌ ᠵᠥᠩᠳᠡᠭᠡᠨ ᠨᠤᠭᠤᠭᠠᠯᠵᠠᠭᠠᠨᠠ ᠤᠷᠭᠤᠳᠠᠭ ᠶᠤᠮ ᠲᠡᠭᠦᠭᠡᠳ ᠶᠠᠪᠤᠴᠢᠬᠠᠶ᠎ᠠ᠃
ᠨᠤᠷᠪᠤ᠄ ᠣᠩᠭᠣᠭᠤᠯᠳᠠᠭ ᠵᠢᠮᠢᠰ ᠤᠤ?
ᠲᠠᠤᠯᠠᠢ᠄ᠲᠡᠢᠮᠦ ᠠ᠋᠂ᠭᠡᠬᠦ ᠳ᠋ᠦ᠍ ᠪᠡᠨ ᠬᠠᠮᠢᠶ᠎ᠠ ᠦᠭᠡᠢ ᠶᠡᠬᠡ ᠢᠳᠡᠵᠦ ᠪᠣᠯᠬᠤ ᠦᠭᠡᠢ ᠰᠢᠦ᠃
ᠪᠠᠢᠪᠠᠷᠯᠢ᠄ ᠳ᠋ᠠᠮᠪᠠ ᠬᠣᠶᠠᠭᠤᠯᠠ ᠪᠠᠨ ᠲᠠᠤᠯᠠᠢ ᠨᠤᠭᠤᠳ ᠤ᠋ᠨ ᠳ᠋ᠧᠪᠠᠵᠠᠨ ᠤᠷᠤᠭᠤ ᠬᠠᠮᠲᠤ ᠶᠠᠪᠤᠶ᠎ᠠ᠃
ᠳ᠋ᠠᠮᠪᠠ᠄ᠶᠠᠪᠤᠵᠤ ᠶᠠᠭᠠᠬᠢᠬᠤ ᠶᠤᠮ ᠪᠣᠢ? ᠪᠢ ᠬᠣᠶᠠᠭᠤᠯᠠ ᠪᠠᠨ ᠡᠨᠳᠡ ᠦᠨ᠎ᠡ ᠦᠭᠡᠢ ᠡᠪᠡᠰᠦ ᠢᠳᠡᠭᠡᠳ ᠪᠠᠷᠤᠭ ᠯᠠ ᠳ᠋ᠧᠪᠠᠵᠠᠨ ᠳ᠋ᠤ᠌ ᠪᠠᠢᠭ᠎ᠠ ᠪᠢᠰᠢ ᠤᠤ?
ᠪᠠᠢᠪᠠᠷᠯᠢ᠄ᠲᠠᠤᠯᠠᠢ ᠨᠤᠭᠤᠳ ᠤ᠋ᠨ ᠡᠪᠡᠰᠦ ᠢᠯᠡᠭᠦᠦ ᠰᠢᠮ᠎ᠡ ᠲᠡᠢ ᠴᠦ᠍ ᠶᠦᠮ ᠪᠢᠯᠡ ᠤᠤ? ᠲᠠᠤᠯᠠᠢ ᠨᠠᠮ᠎ᠠ ᠶ᠋ᠢ ᠬᠦᠯᠢᠶᠡᠭᠡᠷᠡᠢ᠂ ᠬᠠᠮᠲᠤ ᠶᠠᠪᠤᠶ᠎ᠠ᠃
ᠭᠣᠮᠪᠣ᠄ᠡᠢᠮᠦ ᠭᠠᠵᠠᠷ ᠪᠠᠰᠠ ᠪᠠᠢᠳᠠᠭ ᠪᠠᠢᠬᠤ ᠨᠢ ᠠ᠋᠃
ᠶᠤᠨᠳᠤᠨ᠄ᠣᠳᠣ ᠬᠠᠮᠢᠭᠠᠭᠤᠷ ᠶᠠᠪᠤᠬᠤ ᠤᠤ?
ᠲᠠᠤᠯᠠᠢ᠄ᠡᠨᠡ ᠵᠠᠮ ᠢ᠋ᠶ᠋ᠠᠷ ᠶᠠᠪᠤᠪᠠᠯ ᠣᠢᠷᠠᠬᠠᠨ᠂ ᠪᠠᠰᠠ ᠠᠶᠤᠯ ᠦᠭᠡᠢ᠃
ᠪᠠᠢᠪᠠᠷᠯᠢ᠄ᠠᠶᠤᠯ ᠦᠭᠡᠢ ᠬᠠᠷᠠᠭᠳᠠᠬᠤ ᠦᠭᠡᠢ ᠯᠡ ᠪᠠᠢᠨ᠎ᠠ ᠳᠠ᠃ᠪᠢ ᠯᠠᠪ ᠡᠨᠡᠭᠦᠷ ᠶᠠᠪᠤᠯ᠎ᠠ᠃
ᠶᠤᠨᠳᠤᠨ᠄ᠵᠡᠭᠦᠨ ᠵᠠᠮ ᠢ᠋ᠶ᠋ᠠᠷ ᠶᠠᠪᠤᠪᠠᠯ ᠠᠷᠠᠢ ᠬᠤᠷᠳᠤᠨ ᠬᠦᠷᠬᠦ ᠦᠭᠡᠢ ᠤᠤ?
ᠲᠠᠤᠯᠠᠢ᠄ ᠲᠦᠳᠡ ᠨᠢ ᠲᠦᠳᠡ ᠯᠡ ᠳᠡ᠂ᠭᠡᠬᠦ ᠳ᠋ᠦ᠍ ᠪᠡᠨ ᠡᠨᠡ ᠲᠠᠯ᠎ᠠ ᠳ᠋ᠤ᠌ ᠲᠠᠤᠯᠠᠢ ᠨᠤᠭᠤᠳ ᠨᠢᠭᠤᠴᠠ ᠬᠣᠩᠭᠢᠯ ᠤᠬᠤᠴᠢᠬᠠᠭᠰᠠᠨ᠂ᠥᠭᠡᠷ᠎ᠡ ᠬᠥᠮᠦᠨ ᠠᠮᠢᠲᠠᠨ ᠮᠡᠳᠡᠬᠦ ᠦᠭᠡᠢ᠂ ᠪᠦᠭᠦᠳᠡᠭᠡᠷ ᠢ᠋ᠶ᠋ᠡᠨ ᠡᠨᠡᠭᠦᠷ ᠶᠠᠪᠤᠭᠰᠠᠨ ᠨᠢ ᠳᠡᠭᠡᠷ᠎ᠡ ᠪᠠᠢᠬᠤ ᠠ᠋᠃
ᠨᠤᠷᠪᠤ᠄ ᠬᠦᠢ᠂ ᠴᠢ ᠪᠢᠳᠡ ᠨᠠᠷ ᠢ᠋ ᠠᠷᠠᠢ ᠪᠠᠷᠰ ᠤ᠋ᠨ ᠠᠮᠠ ᠤᠷᠤᠭᠤ ᠠᠪᠠᠴᠢᠬᠤ ᠭᠡᠵᠦ ᠪᠠᠢᠭ᠎ᠠ ᠶᠤᠮ ᠪᠢᠰᠢ ᠪᠢᠵᠡ ᠳᠡ᠃
ᠲᠠᠤᠯᠠᠢ᠄ᠦᠭᠡᠢ᠂ᠶᠠᠭᠤ ᠭᠡᠵᠦ ᠳᠡ᠃ ᠮᠠᠲᠠᠷ ᠤ᠋ᠨ ᠨᠠᠮᠤᠭ ᠵᠡᠭᠦᠨ ᠲᠠᠯ᠎ᠠ ᠳ᠋ᠤ᠌ ᠪᠠᠢᠭ᠎ᠠ᠃
ᠨᠤᠷᠪᠤ᠄ ᠠᠭ᠎ᠠ ᠠ᠋᠂ᠪᠢ ᠡᠨᠡ ᠪᠥᠵᠥᠩ ᠳ᠋ᠦ᠍ ᠨᠢᠭᠡ ᠯᠡ ᠢᠲᠡᠭᠡᠬᠦ ᠦᠭᠡᠢ ᠶ᠋ᠢᠨ ᠪᠠᠢᠨ᠎ᠠ᠃
ᠶᠤᠨᠳᠤᠨ᠄ ᠬᠡᠩ᠂ᠶᠠᠭᠠᠬᠢᠭᠠᠳ ᠬᠠᠷᠢᠨ ᠴᠤ᠌ ᠰᠢᠳᠤᠷᠭᠤ ᠬᠥᠭᠡᠷᠦᠬᠦᠨ ᠪᠥᠵᠥᠩ ᠪᠠᠢᠨ᠎ᠠ᠂ᠢᠮᠠᠭ᠎ᠠ ᠴᠢᠮ᠎ᠠ ᠶ᠋ᠢ ᠬᠤᠯᠬᠢᠳᠠᠭᠰᠠᠨ ᠳ᠋ᠤ᠌ ᠨᠤᠷᠪᠤ ᠠ᠋ ᠴᠢ ᠪᠠᠰᠠ ᠬᠤᠯᠠᠭᠠᠢ ᠬᠢᠭᠰᠡᠨ ᠨᠢ ᠦᠨᠡᠨ ᠰᠢᠳᠡ᠃ ᠳᠡᠯᠳᠡᠩ ᠭᠡᠮᠲᠦ ᠬᠡᠷᠡᠭᠲᠡᠨ ᠢ᠋ ᠯᠡ ᠬᠥᠭᠡᠭᠡᠭᠰᠡᠨ ᠪᠢᠵᠡ ᠳᠡ᠃ᠪᠢ ᠴᠦ᠍ ᠭᠡᠰᠡᠨ ᠲᠡᠭᠦᠨ ᠦ᠌ ᠣᠷᠣᠨ ᠳ᠋ᠤ᠌ ᠪᠠᠢᠭᠰᠠᠨ ᠪᠣᠯ ᠠᠳᠠᠯᠢᠬᠠᠨ ᠴᠢᠮ᠎ᠠ ᠶ᠋ᠢ ᠬᠥᠭᠡᠭᠡᠬᠦ ᠯᠡ ᠪᠠᠢᠭᠰᠠᠨ᠃
ᠨᠤᠷᠪᠤ᠄ᠪᠢ ᠶᠠᠮᠠᠷ ᠭᠡᠮ ᠬᠢᠭᠰᠡᠨ ᠶᠦᠮ?
ᠲᠠᠤᠯᠠᠢ᠄ᠲᠠ ᠨᠠᠷ ᠶᠠᠪᠤᠬᠤ ᠶᠤᠮ ᠤᠤ?
ᠶᠤᠨᠳᠤᠨ᠄ ᠨᠤᠷᠪᠤ ᠠ᠋᠂ᠴᠢ ᠥᠪᠡᠷ ᠢ᠋ᠶ᠋ᠡᠨ ᠯᠡ ᠡᠬᠢᠯᠡᠵᠦ ᠶᠠᠪᠤᠶ᠎ᠠ ᠭᠡᠰᠡᠨ ᠰᠢᠲᠠ᠃
ᠨᠤᠷᠪᠤ᠄ ᠠᠭ᠎ᠠ ᠠ᠋᠂ᠨᠥᠭᠦᠭᠡ ᠵᠠᠮ ᠢ᠋ᠶ᠋ᠠᠷ ᠨᠢ ᠶᠠᠪᠤᠴᠢᠬᠠᠶ᠎ᠠ᠂ ᠲᠡᠭᠡᠬᠦ ᠤᠤ?
ᠶᠤᠨᠳᠤᠨ᠄ᠮᠠᠲᠠᠷ ᠤ᠋ᠨ ᠬᠣᠭᠣᠯᠠ ᠪᠣᠯᠬᠤ ᠬᠡ ᠤᠤ? ᠪᠢ ᠯᠠᠪ ᠳᠡᠯᠳᠡᠩ ᠲᠡᠢ ᠶᠠᠪᠤᠯ᠎ᠠ᠃
ᠬᠤᠯᠤᠭᠠᠨ᠎ᠠ᠄ᠪᠢ ᠯᠠᠪ ᠥᠪᠡᠷ ᠢ᠋ᠶ᠋ᠡᠨ ᠪᠣᠳᠣᠩ ᠢ᠋ ᠳᠠᠭᠠᠵᠤ ᠶᠠᠪᠤᠨ᠎ᠠ᠃
ᠨᠤᠷᠪᠤ᠄ ᠵᠠ ᠵᠠ ᠶᠠᠪᠤᠬᠤ ᠠ᠋ᠴᠠ᠁
ᠶᠤᠨᠳᠤᠨ᠄ ᠪᠢᠳᠡ ᠬᠣᠶᠠᠷ ᠣᠴᠢᠯ᠎ᠠ᠃
ᠶᠤᠨᠳᠤᠨ᠄ ᠨᠤᠷᠪᠤ ᠠ᠋᠂ ᠬᠤᠷᠳᠤᠯᠠᠭᠠᠴᠢ ᠠ᠋᠃
ᠨᠤᠷᠪᠤ᠄ ᠠᠭ᠎ᠠ ᠠ᠋᠂ᠶᠡᠷᠦ ᠡᠴᠡ ᠪᠡᠨ ᠬᠠᠷᠢᠵᠤ ᠭᠠᠮᠪᠢᠷ ᠢ᠋ᠶ᠋ᠠᠨ ᠬᠠᠭᠠᠷᠢᠵᠤ ᠢᠳᠡᠶ᠎ᠡ᠃
ᠶᠤᠨᠳᠤᠨ᠄ᠣᠳᠣ ᠥᠩᠭᠡᠷᠡᠭᠰᠡᠨ ᠬᠥᠶᠢ ᠂ ᠴᠢ ᠯᠡ ᠡᠬᠢᠯᠡᠵᠦ ᠡᠢᠰᠢ ᠪᠡᠨ ᠶᠠᠪᠤᠬᠤ ᠶ᠋ᠢ ᠳᠡᠮᠵᠢᠭᠰᠡᠨ᠃
ᠨᠤᠷᠪᠤ᠄ ᠠᠢ᠂ ᠠᠭ᠎ᠠ ᠠ᠋᠂ᠣᠳᠣ ᠠᠪᠤ ᠡᠵᠢ ᠬᠣᠶᠠᠷ ᠬᠦᠨᠡᠰᠦ ᠪᠡᠨ ᠠᠪᠤᠭᠠᠳ ᠢᠷᠡᠴᠢᠬᠡᠭᠰᠡᠨ ᠪᠠᠢᠬᠤ ᠠ᠋᠃ᠶᠠᠪᠤᠶ᠎ᠠ ᠲᠡᠭᠡᠬᠦ ᠤᠤ? ᠪᠢ ᠠᠶᠤᠭᠠᠳ ᠤ᠋ᠨ ᠪᠠᠢᠨ᠎ᠠ᠃
ᠶᠤᠨᠳᠤᠨ᠄ ᠢᠩᠭᠢᠵᠦ ᠱᠠᠯᠴᠢᠭᠢᠨᠠᠬᠤ ᠪᠠᠢᠭᠰᠠᠨ ᠶᠤᠮ ᠪᠣᠯ ᠠᠩᠬᠠᠨ ᠠ᠋ᠴᠠ ᠪᠠᠨ ᠶᠠᠭᠠᠬᠢᠬᠤ ᠭᠡᠵᠦ ᠶᠠᠪᠤᠭᠰᠠᠨ ᠶᠤᠮ? ᠲᠠᠤᠯᠠᠢ ᠪᠢᠳᠡ ᠬᠣᠶᠠᠷ ᠪᠤᠴᠠᠵᠤ ᠶᠠᠪᠤᠯ᠎ᠠ᠃
ᠲᠠᠤᠯᠠᠢ᠄ᠣᠳᠣ ᠤᠭ ᠨᠢ ᠣᠢᠷᠠᠬᠠᠨ ᠰᠢᠳᠡ᠃
ᠶᠤᠨᠳᠤᠨ᠄ ᠨᠤᠷᠪᠤ ᠥᠮᠦᠳᠦᠨ ᠳ᠋ᠦ᠍ ᠪᠡᠨ ᠰᠢᠭᠡᠬᠦ ᠭᠡᠳ ᠪᠠᠢᠨ᠎ᠠ᠃
ᠨᠤᠷᠪᠤ᠄ ᠪᠢ ᠥᠮᠥᠳᠥ ᠦᠭᠡᠢ ᠰᠢᠲᠠ᠃
ᠲᠠᠤᠯᠠᠢ᠄ᠵᠠ ᠵᠠ ᠲᠡᠭᠡᠪᠡᠯ ᠬᠠᠮᠲᠤ ᠪᠤᠴᠠᠶ᠎ᠠ ᠳᠠ᠃
ᠭᠣᠮᠪᠣ᠄ ᠬᠣᠬᠢ ᠴᠢᠨᠢ ᠮᠠᠭᠤ ᠭᠠᠬᠠᠢ ᠨᠤᠭᠤᠳ᠃
ᠶᠤᠨᠳᠤᠨ᠄ ᠠ᠂ ᠰᠠᠪᠠᠳᠠᠭ ᠭᠡᠵᠢ᠂ᠮᠠᠭᠤ ᠢᠮᠠᠭ᠎ᠠ ᠶ᠋ᠢ ᠡᠪᠡᠷ ᠢ᠋ᠶ᠋ᠡᠷ ᠨᠢ ᠮᠣᠳᠣᠨ ᠳ᠋ᠤ᠌ ᠴᠤᠭᠤᠯᠤᠭᠠᠳ ᠦᠯᠡᠳᠡᠭᠡᠳᠡᠭ ᠪᠠᠢᠵᠠᠢ᠃
ᠬᠤᠯᠤᠭᠠᠨ᠎ᠠ᠄ᠪᠢ ᠲᠡᠷᠡ ᠳᠣᠲᠣᠷ᠎ᠠ ᠪᠠᠭᠲᠠᠨ᠎ᠠ ᠯᠠ ᠳᠠ᠂ ᠠ᠋ ᠬᠡ
ᠨᠤᠷᠪᠤ᠄ ᠠᠬ᠎ᠠ ᠣᠳᠣ ᠶᠠᠭᠠᠬᠢᠬᠤ ᠶᠤᠮ ᠪᠣᠢ?
ᠶᠤᠨᠳᠤᠨ᠄ ᠠᠰᠢᠭᠦᠢ ᠪᠤᠴᠠᠬᠤ ᠵᠠᠮ ᠦᠭᠡᠢ ᠪᠣᠯᠤᠯ᠎ᠠ᠃
ᠪᠠᠢᠪᠠᠷᠯᠢ᠄ ᠠᠮᠢ ᠠᠪᠤᠷᠠᠭᠠᠷᠠᠢ !
ᠨᠤᠷᠪᠤ᠄ ᠪᠠᠢᠪᠡᠷᠯᠢ᠁
ᠲᠠᠤᠯᠠᠢ᠄ ᠴᠢᠮᠡᠭᠡ ᠦᠭᠡᠢ᠃
ᠪᠠᠢᠪᠠᠷᠯᠢ᠄ᠠᠶ᠎ᠠ ᠦᠭᠡᠢᠷᠡᠨᠡ ᠰᠢᠦ ᠭᠤᠶᠤᠵᠤ ᠶ᠋ᠢᠨ ᠪᠠᠢᠨ᠎ᠠ᠃
ᠮᠠᠲᠠᠷ᠄ᠮᠠᠶᠢᠯᠠᠬᠤ ᠪᠠᠨ ᠪᠣᠯᠢ᠂ᠪᠢ ᠡᠨᠳᠡ ᠴᠤ᠌ ᠷ ᠤᠩᠰᠢᠵᠤ ᠶ᠋ᠢᠨ ᠪᠠᠢᠨ᠎ᠠ᠃
ᠬᠦᠷᠪᠡᠯ᠄ᠳᠠᠷᠤᠭ᠎ᠠ ᠠ᠋᠂ᠲᠡᠦᠬᠡ ᠶ᠋ᠢ ᠪᠡᠨ ᠮᠡᠳᠡᠴᠢᠬᠡᠪᠡ ᠤᠤ?
ᠮᠣᠭᠠᠢ᠄ᠲᠠ ᠬᠣᠶᠠᠷ ᠵᠢᠩᠬᠢᠨᠢ ᠡᠴᠡ ᠪᠡᠨ ᠡᠨᠡ ᠬᠣᠶᠠᠷ ᠢ᠋ ᠢᠳᠡᠬᠦ ᠭᠡᠵᠦ ᠪᠠᠢᠭ᠎ᠠ ᠶᠤᠮ ᠤᠤ?
ᠮᠠᠲᠠᠷ᠄ ᠴᠢ ᠯᠡ ᠥᠪᠡᠷ ᠢ᠋ᠶ᠋ᠡᠨ ᠡᠳᠡ ᠨᠠᠷ ᠤᠳᠠᠬᠤ ᠦᠭᠡᠢ ᠥᠯᠥᠰᠴᠦ ᠦᠬᠦᠴᠢᠬᠡᠨᠡ ᠭᠡᠵᠦ ᠪᠠᠢᠭᠰᠠᠨ ᠪᠢᠵᠡ ᠳᠡ᠂ᠦᠬᠦᠭᠦᠯᠵᠦ ᠪᠠᠢᠭᠰᠠᠨ ᠠ᠋ᠴᠠ ᠡᠷᠲᠡᠬᠡᠨ ᠢᠳᠡᠴᠢᠬᠡᠶᠡ᠃
ᠮᠣᠭᠠᠢ᠄ ᠡᠢᠮᠦ ᠶᠠᠭᠤᠮᠠᠨ ᠤ᠋ ᠭᠠᠭᠴᠠ ᠡᠪᠦᠯ ᠦ᠋ᠨ ᠵᠤᠳ ᠴᠢᠨᠢ ᠮᠠᠷᠭᠠᠰᠢ ᠦᠭᠡᠢ ᠪᠣᠯᠴᠢᠬᠠᠬᠤ ᠦᠭᠡᠢ ᠰᠢᠲᠠ᠃
ᠪᠠᠢᠪᠠᠷᠯᠢ᠄ᠥᠯᠥᠰᠴᠦ ᠦᠬᠦᠨ᠎ᠡ᠂ᠪᠢ ᠡᠪᠡᠰᠦ ᠢᠳᠡᠳᠡᠭ ᠰᠢᠳᠡ᠂ᠡᠨᠡ ᠠᠭᠤᠯᠠ ᠪᠠᠢᠭ᠎ᠠ ᠴᠠᠭ ᠲᠤ᠌ ᠡᠨᠡ ᠨᠠᠰᠤᠨ ᠳ᠋ᠠᠭᠠᠨ ᠥᠯᠥᠰᠴᠦ ᠦᠬᠦᠬᠦ ᠦᠭᠡᠢ᠃ᠨᠠᠮ᠎ᠠ ᠶ᠋ᠢ ᠢᠳᠡᠪᠡᠯ ᠭᠡᠳᠡᠰᠦ ᠴᠢᠨᠢ ᠴᠠᠷᠴᠢᠨᠠ ᠰᠢᠲᠠ᠃
ᠬᠦᠷᠪᠡᠯ᠄ᠢᠮᠠᠭᠠᠨ ᠤ᠋ ᠮᠢᠬ᠎ᠠ ᠬᠠᠯᠠᠭᠤᠨ ᠳᠡᠭᠡᠷ᠎ᠡ ᠪᠡᠨ ᠭᠡᠳᠡᠭ ᠪᠠᠢᠬᠤ ᠠ᠋᠂ ᠰᠢᠷ᠎ᠠ ᠦᠰᠦ ᠲᠡᠢ ᠶ᠋ᠢ ᠨᠢ ᠢᠳᠡᠭᠡᠳ ᠲᠡᠭᠡᠶ᠎ᠡ᠃
ᠪᠠᠢᠪᠠᠷᠯᠢ᠄ᠪᠢᠳᠡ ᠬᠣᠶᠠᠷ ᠢ᠋ ᠠᠮᠢᠳᠤ ᠦᠯᠡᠳᠡᠭᠡᠪᠡᠯ ᠲᠠ ᠬᠣᠶᠠᠷ ᠲᠤ᠌ ᠨᠢᠭᠡ ᠨᠢᠭᠤᠴᠠ ᠬᠡᠯᠡᠶ᠎ᠡ᠃
ᠮᠠᠲᠠᠷ᠄ ᠶᠠᠭᠤ ᠶᠤᠮ? ᠬᠡᠯᠡ
ᠪᠠᠢᠪᠠᠷᠯᠢ᠄ᠡᠨᠡ ᠠᠭᠤᠯᠠ ᠶ᠋ᠢᠨ ᠴᠠᠭᠠᠨ᠎ᠠ ᠲᠠᠤᠯᠠᠢ ᠨᠤᠭᠤᠳ ᠤ᠋ᠨ ᠳ᠋ᠧᠪᠠᠵᠠᠨ ᠪᠠᠢᠳᠠᠭ ᠭᠡᠰᠡᠨ᠂ᠡᠨᠳᠡ ᠬᠠᠲᠠᠲᠠᠢ ᠶ᠋ᠢᠨ ᠠᠭᠤᠯᠠᠨ ᠳ᠋ᠤ᠌ ᠪᠠᠢᠨ᠎ᠠ᠃
ᠮᠠᠲᠠᠷ᠄ ᠬᠠ ᠬᠠ᠂ ᠴᠢ ᠲᠡᠭᠡᠭᠡᠳ ᠲᠡᠨᠳᠡ ᠣᠴᠢᠵᠤ ᠯᠤᠤᠪᠠᠩ ᠢᠳᠡᠬᠦ ᠤᠤ? ᠨᠠᠭᠠᠳᠤ ᠭᠠᠵᠠᠷ ᠤ᠋ᠨ ᠴᠢᠨᠢ ᠲᠤᠬᠠᠢ ᠵᠠᠬ᠎ᠠ ᠶ᠋ᠢᠨ ᠬᠤᠯᠤᠭᠠᠨ᠎ᠠ ᠬᠦᠷᠲᠡᠯ᠎ᠡ ᠮᠡᠳᠡᠨ᠎ᠡ᠃ ᠣᠳᠣ ᠠᠮᠲᠠᠲᠠᠢ᠃ ᠭᠦᠷᠦᠪᠡᠢ ᠪᠠᠽᠠᠷ ᠠ᠋᠂ ᠵᠤᠤᠬ᠎ᠠ ᠪᠠᠨ ᠬᠠᠯᠠᠭᠠᠵᠤ ᠪᠠᠢ᠃
ᠪᠠᠢᠪᠠᠷᠯᠢ ᠠ᠂ ᠶᠤᠨᠳᠤᠨ ᠠᠬ᠎ᠠ ᠠ᠋ ᠠᠪᠤᠷᠠᠭᠠᠷᠠᠢ !
ᠮᠠᠲᠠᠷ᠄ᠴᠢᠮᠡᠭᠡ ᠦᠭᠡᠢ ᠪᠠᠢ᠂ᠣᠯᠠᠨ ᠳᠣᠯᠣᠭᠠᠨ ᠶᠠᠭᠤᠮ᠎ᠠ ᠤᠷᠢᠯᠠᠪᠠᠯ ᠠᠮᠢᠳᠤ ᠪᠠᠷ ᠴᠢᠨᠢ ᠵᠠᠯᠭᠢᠴᠢᠬᠠᠨᠠ ᠰᠢᠦ᠃
ᠳ᠋ᠠᠮᠪᠠ᠄ᠠᠮᠢᠳᠤ ᠪᠠᠷ ᠪᠢᠰᠢ ᠶᠦᠮ ᠪᠣᠯ ᠲᠡᠭᠡᠭᠡᠳ ᠶᠠᠭᠠᠬᠢᠵᠤ ᠢᠳᠡᠬᠦ ᠭᠡᠵᠦ ᠪᠠᠢᠭᠰᠠᠨ ᠶᠤᠮ?
ᠮᠠᠲᠠᠷ᠄ᠬᠠᠷᠢᠨ ᠯᠠ ᠳᠠ᠂ ᠪᠣᠳᠣᠭ᠎ᠠ ᠦᠭᠡᠢ ᠶᠦᠮ ᠦ᠋ᠨ ᠪᠠᠢᠨ᠎ᠠ᠃ᠰᠢᠷᠠᠵᠤ ᠢᠳᠡᠭᠰᠡᠨ ᠴᠦ᠍ ᠴᠢᠨᠠᠵᠤ ᠯᠠ ᠢᠳᠡᠬᠦ ᠦᠭᠡᠢ ᠶᠦᠮ ᠪᠠᠢᠬ᠎ᠠ᠃
ᠳ᠋ᠠᠮᠪᠠ᠄ᠲᠡᠭᠡᠪᠡᠯ ᠠᠮᠢᠳᠤ ᠪᠠᠷ ᠵᠠᠯᠭᠢᠭᠤᠯᠬᠤ ᠨᠢ ᠪᠠᠷᠤᠭ ᠳᠡᠭᠡᠷ᠎ᠡ ᠶᠦᠮ ᠪᠠᠢᠨ᠎ᠠ ᠳᠠ᠃
ᠮᠠᠲᠠᠷ᠄ᠵᠠ ᠲᠡᠭᠡᠪᠡᠯ ᠴᠢᠮᠡᠭᠡ ᠦᠭᠡᠢ ᠪᠠᠢᠪᠠᠯ ᠠᠮᠢᠳᠤ ᠪᠠᠷ ᠴᠢᠨᠢ ᠵᠠᠯᠭᠢᠶᠠ᠃
ᠪᠠᠢᠪᠠᠷᠯᠢ᠄ ᠬᠠᠢ ᠨᠠᠮ᠎ᠠ ᠶ᠋ᠢ ᠠᠮᠢᠳᠤ ᠪᠠᠷ ᠨᠢ ᠵᠠᠯᠭᠢᠴᠢᠬᠠᠪᠠᠯ ᠲᠠᠨ ᠤ᠋ ᠭᠡᠳᠡᠰᠦᠨ ᠳ᠋ᠦ᠍ ᠪᠠᠷᠤᠭ ᠠᠮᠢᠳᠤᠷᠠᠴᠢᠬᠠᠬᠤ ᠶᠤᠮ ᠪᠠᠢᠨ᠎ᠠ ᠳᠠ᠃ᠠᠬᠢᠭᠠᠳ ᠪᠠᠢᠨ᠎ᠠ ᠤᠤ?
ᠳ᠋ᠠᠮᠪᠠ᠄ᠨᠠᠳᠠ ᠪᠠᠰᠠ ᠭᠠᠭᠴᠠ ᠪᠤᠭᠤᠷᠴᠠ ᠥᠭᠴᠢᠬᠡ ᠯᠡ ᠳᠡ᠂ᠡᠪᠡᠰᠦ ᠢᠳᠡᠭᠰᠡᠭᠡᠷ ᠪᠠᠢᠭᠠᠳ ᠪᠦᠷ ᠥᠯᠥᠨ ᠪᠣᠯᠴᠢᠬᠠᠯ᠎ᠠ᠃
ᠴᠢᠨᠣ᠎ᠠ᠄ᠴᠠᠭᠠᠨ᠎ᠠ ᠴᠢᠨᠢ ᠶᠠᠭᠤᠨ ᠢᠮᠠᠭ᠎ᠠ ᠮᠠᠢᠯᠠᠭᠠᠳ ᠪᠠᠢᠨ᠎ᠠ?
ᠮᠠᠲᠠᠷ᠄ᠴᠢᠮ᠎ᠠ ᠳ᠋ᠤ᠌ ᠶᠠᠮᠠᠷ ᠬᠠᠮᠢᠶ᠎ᠠ ᠲᠠᠢ ᠶᠤᠮ᠂ ᠶᠠᠭᠠᠬᠢᠬᠤ ᠭᠡᠵᠦ ᠢᠷᠡᠪᠡ ?
ᠬᠦᠷᠪᠡᠯ᠄ᠬᠠ ᠠᠭᠤᠯᠠᠨ ᠠ᠋ᠴᠠ ᠢᠷᠡᠭᠰᠡᠨ ᠤᠷᠠᠩᠬᠠᠢ ᠳᠡᠪᠡᠯ ᠲᠡᠢ ᠴᠢᠨᠣ᠎ᠠ᠂ ᠪᠣᠳᠣᠭ ᠠᠪᠬᠤ ᠭᠡᠵᠦ ᠢᠷᠡᠪᠡ ᠤᠤ?
ᠴᠢᠨᠣ᠎ᠠ᠄ᠦᠭᠡᠢ᠂ᠲᠠ ᠨᠠᠷ ᠮᠠᠨ ᠤ᠋ ᠬᠦᠦ ᠪᠢᠯᠢ ᠶ᠋ᠢ ᠬᠠᠷᠠᠭᠰᠠᠨ ᠤᠤ?
ᠮᠠᠲᠠᠷ᠄ ᠬᠠᠷᠠᠭ᠎ᠠ ᠦᠭᠡᠢ᠃
ᠬᠦᠷᠪᠡᠯ᠄ ᠵᠢᠵᠢᠭ ᠮᠠᠬᠢᠷ ᠬᠠᠮᠠᠷ ᠲᠠᠢ ᠰᠠᠭᠠᠷᠠᠯ ᠪᠡᠯᠲᠡᠷᠭᠡ ᠤᠤ?
ᠴᠢᠨᠣ᠎ᠠ᠄ᠲᠡᠢᠮᠦ ᠠ᠋᠂ᠴᠢ ᠬᠠᠷᠠᠭᠰᠠᠨ ᠶᠤᠮ ᠤᠤ?
ᠬᠦᠷᠪᠡᠯ᠄ᠥᠷᠯᠥᠭᠡ ᠮᠠᠨ ᠤ᠋ ᠨᠠᠮᠤᠭ ᠤ᠋ᠨ ᠬᠠᠵᠠᠭᠤ ᠳ᠋ᠤ᠌ ᠨᠢᠭᠡ ᠬᠤᠷᠠᠭ᠎ᠠ ᠡᠪᠡᠰᠦ ᠵᠤᠯᠭᠠᠭᠠᠵᠤ ᠢᠳᠡᠭᠡᠳ ᠪᠠᠢᠨ᠎ᠠ ᠤᠤ ᠳᠠ ᠭᠡᠳ ᠬᠠᠷᠠᠭᠰᠠᠨ ᠴᠢᠨᠢ ᠨᠢᠭᠡ ᠪᠡᠯᠲᠡᠷᠭᠡ ᠠᠮᠠ ᠪᠠᠨ ᠳᠦᠭᠦᠷᠲᠡᠯ᠎ᠡ ᠡᠪᠡᠰᠦ ᠴᠢᠬᠢᠴᠢᠬᠢᠭᠡᠳ ᠲᠡᠷᠡ ᠵᠦᠭ ᠲᠦ᠍ ᠶᠠᠪᠤᠭᠰᠠᠨ᠃
ᠴᠢᠨᠣ᠎ᠠ᠄ᠲᠠᠨ ᠤ᠋ ᠪᠠᠷᠢᠭᠤᠯ ᠬᠥᠮᠦᠨ ᠲᠡᠢ ᠪᠣᠯᠴᠢᠬᠠᠵᠠᠢ᠃
ᠮᠠᠲᠠᠷ᠄ ᠬᠡ ᠲᠡᠭᠡᠪᠡᠯ ᠴᠢᠨᠣ᠎ᠠ ᠪᠠᠷ ᠳᠤᠲᠠᠪᠠ ᠭᠡᠵᠢ᠃
ᠨᠤᠷᠪᠤ᠄ ᠠᠭ᠎ᠠ ᠠ᠋᠂ᠲᠠ ᠮᠠᠨ ᠤ᠋ ᠨᠠᠢᠵᠠ ᠨᠤᠭᠤᠳ ᠲᠤ᠌ ᠲᠤᠰᠠᠯᠠᠬᠤ ᠦᠭᠡᠢ ᠶᠦᠮ ᠤᠤ?
ᠶᠤᠨᠳᠤᠨ᠄ ᠠᠷᠠᠢ ᠴᠤ᠌ ᠢᠳᠡᠴᠢᠬᠡᠬᠦ ᠦᠭᠡᠢ ᠪᠠᠢᠯᠭᠦᠢ ᠳᠡ᠃
ᠨᠤᠷᠪᠤ᠄ ᠲᠠ ᠰᠠᠢ ᠰᠣᠨᠣᠰᠤᠭ᠎ᠠ ᠪᠢᠵᠡ ᠳᠡ᠂ ᠵᠤᠤᠬ᠎ᠠ ᠪᠠᠨ ᠬᠠᠯᠠᠭᠠᠵᠤ ᠪᠠᠢ ᠭᠡᠰᠡᠨ ᠢ᠋᠂ ᠮᠠᠭᠤ ᠲᠤᠤᠬᠠᠷ ᠨᠤᠭᠤᠳ ᠢ᠋ ᠮᠥᠷᠭᠥᠭᠡᠳ ᠤᠨᠠᠭᠠᠴᠢᠬᠠᠭᠠᠴᠢ ᠳᠠ᠃
ᠲᠠᠤᠯᠠᠢ᠄ ᠪᠢᠳᠡ ᠨᠠᠷ ᠡᠨᠡ ᠴᠦ᠍ ᠲᠤᠷᠠᠩᠬᠠᠢ ᠮᠠᠲᠠᠷ ᠢ᠋ ᠳᠡᠢᠯᠬᠦ ᠦᠭᠡᠢ ᠪᠠᠢᠬᠤ ᠠ᠋᠃
ᠶᠤᠨᠳᠤᠨ᠄ ᠪᠥᠵᠥᠩ ᠦ᠋ᠨ ᠴᠤᠪᠤᠭ᠎ᠠ ᠥᠭᠡᠷ᠎ᠡ ᠪᠡᠷ ᠪᠣᠯᠤᠶ᠎ᠠ᠃
ᠨᠤᠷᠪᠤ᠄ ᠮᠠᠭᠤ ᠪᠠᠷᠢᠭᠴᠢ᠂ᠴᠢ ᠪᠢᠳᠡᠨ ᠢ᠋ ᠬᠡᠦᠬᠡᠳ ᠪᠦᠭᠦᠳᠡ ᠶ᠋ᠢ ᠨᠢ ᠰᠠᠨᠠᠭᠠᠨ ᠳ᠋ᠤ᠌ ᠪᠠᠨ ᠮᠠᠲᠠᠷ ᠤ᠋ᠨ ᠬᠣᠳᠣᠭᠣᠳᠣ ᠨᠢᠷᠤᠭᠤ ᠳᠠᠭᠠᠭᠤᠯᠵᠤ ᠶᠠᠪᠤᠭᠰᠠᠨ ᠪᠠᠢᠨ᠎ᠠ᠃
ᠲᠠᠤᠯᠠᠢ᠄ᠶᠠᠭᠤ ᠭᠡᠵᠦ ᠳᠡ᠂ᠬᠠᠷᠢᠨ ᠴᠢ ᠠᠳᠠ ᠬᠦᠷᠦᠭᠡ ᠦᠭᠡᠢ ᠪᠣᠯ ᠴᠢ ᠲᠤᠭᠤᠯ ᠢᠰᠢᠭᠡ ᠬᠣᠶᠠᠷ ᠤ᠋ᠨ ᠬᠠᠵᠠᠭᠤ ᠳ᠋ᠤ᠌ ᠬᠦᠯᠢᠭᠦᠯᠵᠦ ᠪᠠᠢᠭᠠᠳ ᠵᠣᠭᠰᠣᠵᠤ ᠪᠠᠢᠨ᠎ᠠ᠃
ᠶᠤᠨᠳᠤᠨ᠄ᠴᠢᠮᠡᠭᠡ ᠦᠭᠡᠢ ᠪᠠᠢ᠂ᠡᠨᠡ ᠨᠦᠬᠡᠨ ᠡᠴᠡ ᠭᠠᠷᠴᠢᠬᠠᠭᠠᠳ ᠭᠡᠷᠡᠯᠲᠦᠴᠢᠬᠡᠪᠡ᠃ᠨᠢᠭᠡ ᠠᠷᠭ᠎ᠠ ᠣᠯᠤᠯ᠎ᠠ ᠂ᠬᠤᠯᠤᠭᠠᠨ᠎ᠠ ᠠ᠋
ᠬᠤᠯᠤᠭᠠᠨ᠎ᠠ᠄ ᠪᠠᠢᠨ᠎ᠠ
ᠶᠤᠨᠳᠤᠨ᠄ ᠴᠢ ᠴᠢᠮᠡᠭᠡ ᠦᠭᠡᠢ ᠣᠷᠣᠭᠠᠳ ᠪᠠᠢᠪᠠᠷᠯᠢ ᠳ᠋ᠠᠮᠪᠠ ᠬᠣᠶᠠᠷ ᠤ᠋ᠨ ᠬᠦᠯᠢᠶᠡᠰᠦ ᠶ᠋ᠢ ᠲᠠᠢᠯᠤᠭᠠᠳ ᠳᠠᠯᠳᠠᠯᠠ᠂ᠲᠡᠷᠡ ᠬᠣᠢᠭᠤᠷ ᠳᠡᠯᠳᠡᠩ ᠨᠦᠬᠡ ᠤᠬᠤᠵᠤ ᠪᠠᠢ᠃
ᠲᠠᠤᠯᠠᠢ᠄ ᠮᠡᠳᠡᠯ᠎ᠡ᠃
ᠶᠤᠨᠳᠤᠨ᠄ᠴᠢ ᠶᠠᠭᠤ ᠢᠳᠡᠭᠡᠳ ᠪᠠᠢᠭ᠎ᠠ ᠶᠤᠮ?
ᠬᠤᠯᠤᠭᠠᠨ᠎ᠠ᠄ ᠨᠤᠭᠤᠭᠠᠯᠵᠠᠭᠠᠨᠠ
ᠬᠦᠷᠪᠡᠯ᠄ ᠰᠠᠢ ᠶᠠᠭᠤ ᠳᠤᠤᠭᠠᠷᠤᠭᠰᠠᠨ ᠪᠣᠢ? ᠳᠠᠷᠤᠭ᠎ᠠ ᠠ᠋᠂ ᠲᠠ ᠤᠤ?
ᠮᠠᠲᠠᠷ᠄ᠪᠢᠲᠡᠭᠡᠢ ᠲᠡᠨᠡᠭᠳᠡᠭᠡᠳ ᠪᠠᠢ᠂ᠪᠢ ᠶᠠᠭᠤ ᠭᠡᠵᠦ ᠢᠩᠭᠢᠵᠦ ᠰᠥᠭᠡᠩᠭᠢ ᠣᠩᠭᠣᠳᠠᠭ ᠶᠤᠮ᠂ ᠤᠷᠲᠤᠨᠠᠰᠤᠨ ᠠ᠋᠂ ᠴᠢ ᠶᠦᠮ ᠪᠢᠰᠢ ᠤᠤ?
ᠮᠣᠭᠠᠢ᠄ᠦᠭᠡᠢ ᠦᠭᠡᠢ᠂ᠪᠢ ᠯᠠᠪ ᠶᠠᠭᠤ ᠴᠤ᠌ ᠰᠣᠨᠣᠰᠤᠭ᠎ᠠ ᠦᠭᠡᠢ᠃ᠬᠤᠯᠤᠭᠠᠨ᠎ᠠ ᠮᠤᠯᠤᠭᠠᠨᠠ ᠯᠠ ᠳᠤᠤᠭᠠᠷᠤᠭᠰᠠᠨ ᠶᠤᠮ ᠪᠠᠢᠯᠭᠦᠢ ᠳᠡ᠃
ᠮᠠᠲᠠᠷ᠄ ᠠ᠂ᠬᠤᠯᠤᠭᠠᠨ᠎ᠠ ᠯᠠ ᠶᠤᠮ ᠰᠢᠭ᠋ ᠪᠠᠢᠨ᠎ᠠ᠃ᠵᠠ ᠵᠠ᠂ᠡᠨᠡ ᠬᠣᠶᠠᠷ ᠢ᠋ ᠶᠠᠭᠠᠬᠢᠵᠤ ᠢᠳᠡᠬᠦ ᠭᠡᠵᠦ ᠪᠠᠢᠨ᠎ᠠ᠃
ᠶᠤᠨᠳᠤᠨ᠄ ᠵᠠ ᠬᠤᠯᠤᠭᠠᠨ᠎ᠠ ᠠ᠋ ᠶᠠᠪᠤᠭᠠᠷᠠᠢ᠃
ᠨᠤᠷᠪᠤ᠄ ᠨᠠᠮ᠎ᠠ ᠶ᠋ᠢ ᠬᠦᠯᠢᠶᠡᠭᠡᠷᠡᠢ!
ᠬᠤᠯᠤᠭᠠᠨ᠎ᠠ᠄ ᠠᠯᠢᠪ ᠵᠢᠭᠠᠬᠠᠨ ᠣᠢᠷᠠᠲᠤ ᠠ᠋᠃
ᠶᠤᠨᠳᠤᠨ᠄ ᠠᠯᠢᠪ ᠪᠦᠭᠦᠳᠡᠭᠡᠷ ᠢ᠋ᠶ᠋ᠡᠨ ᠴᠢᠯᠠᠭᠤ ᠶ᠋ᠢ ᠲᠦᠯᠬᠢᠭᠡᠷᠡᠢ᠃
ᠲᠠᠤᠯᠠᠢ᠄ ᠳᠡᠢᠯᠬᠦ ᠦᠭᠡᠢ ᠨᠢ ᠠ᠋᠃
ᠶᠤᠨᠳᠤᠨ᠄ ᠲᠠᠤᠯᠠᠢ ᠨᠥᠭᠦᠭᠡ ᠵᠢᠮᠢᠰ ᠡᠴᠡ ᠪᠡᠨ᠃
ᠲᠠᠤᠯᠠᠢ ᠄ ᠮᠠᠢ
( ᠦᠷᠭᠦᠯᠵᠢᠯᠡᠯ ᠪᠣᠢ)
