ᠭᠠᠬᠠᠢ ᠶᠢᠨ ᠣᠷᠳᠣᠨPIGLAND04
ᠭᠠᠬᠠᠢ ᠶ᠋ᠢᠨ ᠣᠷᠳᠣᠨ( ᠳᠥᠷᠪᠡ) ᠬᠣᠶᠠᠷ ᠬᠥᠮᠦᠨ ᠨᠦᠬᠡ
ᠨᠠᠨᠳᠢᠨ᠄ ᠵᠠᠯᠮ᠎ᠠ ᠶ᠋ᠢ ᠭᠦᠢᠴᠡᠬᠦ ᠠᠮᠢᠲᠠᠨ ᠪᠠᠢᠬᠤ ᠦᠭᠡᠢ ᠳᠡ ᠃
ᠵᠡᠯᠮ᠎ᠡ᠄ ᠬᠡᠨ ᠪᠣᠢ?ᠬᠡᠨ ᠣᠷᠣᠭᠠᠳ ᠢᠷᠡᠪᠡ? ᠠ᠋ ᠠ
ᠨᠠᠢᠳᠠᠨ᠄ ᠡᠨᠡ ᠡᠩ ᠦ᠋ᠨ ᠨᠢᠭᠡ ᠠᠯᠠᠯᠭ᠎ᠠ ᠪᠢᠰᠢ ᠪᠣᠯᠤᠯᠲᠠᠢ
ᠡᠮᠴᠢ᠄ ᠬᠦᠢ ᠡᠨᠡ ᠬᠡᠷᠡᠭ ᠳᠡᠭᠡᠷ᠎ᠡ ᠴᠢᠮ᠎ᠠ ᠶ᠋ᠢ ᠲᠣᠮᠢᠯᠠᠭᠰᠠᠨ ᠰᠢᠲᠠ᠃
ᠬᠣᠶᠠᠷ ᠬᠥᠮᠦᠨ ᠨᠦᠬᠡ
ᠵᠠᠷ ᠮᠡᠳᠡᠭᠡ
ᠲᠡᠩᠴᠡᠪᠦᠷᠢ᠂ ᠠᠪᠬᠠᠯᠵᠢ᠂ ᠬᠦᠴᠦ᠂ ᠮᠡᠳᠡᠴᠡ᠃ ᠬᠤᠷᠳᠤᠨ ᠭᠣᠮᠪᠣ ᠶ᠋ᠢᠨ ᠳᠡᠯᠭᠡᠭᠦᠷ ᠲᠦ᠍ ᠬᠤᠳᠠᠯᠳᠤᠭᠠᠯᠠᠭᠳᠠᠵᠤ ᠪᠠᠢᠨ᠎ᠠ᠃ ᠭᠤᠷᠪᠠᠨ ᠵᠠᠭᠤ ᠶᠡᠷᠡ ᠶᠢᠰᠦᠨ ᠲᠥᠭᠥᠷᠢᠭ᠃ᠲᠤᠩ ᠴᠥᠭᠡᠨ ᠦᠯᠡᠲᠡᠯ᠎ᠡ᠃
ᠨᠤᠷᠪᠤ᠄ ᠡᠵᠢ ᠨᠠᠳᠠ ᠳ᠋ᠤ᠌AIR JALAM (ᠭᠤᠲᠤᠯ ᠤ᠋ᠨ ᠨᠡᠷ᠎ᠡ)ᠠᠪᠤᠭᠠᠳ ᠥᠭ᠃
ᠶᠤᠨᠳᠤᠨ᠄ ᠱᠠᠯ ᠲᠡᠨᠡᠭ ᠪᠦᠦᠽᠢ᠃
ᠪᠤᠷᠵᠢᠮᠠ᠄ ᠨᠤᠷᠪᠤ ᠠ᠋᠂ᠴᠢᠮ᠎ᠠ ᠳ᠋ᠤ᠌ ᠭᠤᠲᠤᠯ ᠪᠠᠢᠭ᠎ᠠ ᠪᠢᠵᠡ ᠳᠡ᠂
ᠨᠤᠷᠪᠤ᠄ ᠮᠢᠨᠦ ᠭᠤᠲᠤᠯ ᠴᠢᠭᠢᠭ ᠲᠠᠲᠠᠭᠠᠳ ᠪᠦᠷ ᠳᠤᠤᠭᠠᠷᠳᠠᠭ ᠪᠣᠯᠴᠢᠬᠠᠭᠰᠠᠨ᠂ᠰᠣᠨᠣᠰ ᠳᠠ᠃ᠪᠠᠰᠠ ᠴᠢᠭᠢᠭ ᠲᠠᠲᠠᠭᠰᠠᠭᠠᠷ ᠪᠠᠢᠭᠠᠳ ᠪᠦᠷ ᠳᠣᠲᠣᠷ᠎ᠠ ᠨᠢ ᠮᠥᠭᠥ ᠣᠷᠭᠣᠴᠢᠬᠠᠭᠰᠠᠨ ᠂ ᠬᠠᠷ᠎ᠠ ᠳᠠ᠃
ᠪᠤᠷᠵᠢᠮᠠ᠄ ᠵᠠ ᠵᠠ᠂ᠡᠵᠢ ᠨᠢ ᠣᠷᠣᠢ ᠰᠢᠨ᠎ᠡ ᠭᠤᠲᠤᠯ ᠣᠶᠣᠭᠠᠳ ᠥᠭᠭᠦᠶ᠎ᠡ᠃
ᠨᠤᠷᠪᠤ᠄ ᠶᠠᠭᠠᠬᠢᠬᠤ ᠶᠤᠮ ᠪᠣᠢ ? AIR JALAM (ᠭᠤᠲᠤᠯ ᠤ᠋ᠨ ᠨᠡᠷ᠎ᠡ) ᠯᠡ ᠠᠪᠤᠭᠠᠳ ᠥᠭ᠃ᠪᠢᠳᠡ ᠬᠠᠮᠲᠤᠯᠢᠭ ᠢ᠋ᠶ᠋ᠠᠷ ᠢ᠋ᠶ᠋ᠠᠨ ᠨᠤᠶᠠᠰ ᠤ᠋ᠨ ᠳᠠᠷᠠᠭᠠᠴᠢ ᠶ᠋ᠢᠨ ᠱᠠᠲᠤᠨ ᠳ᠋ᠤ᠌ ᠣᠷᠣᠬᠤ ᠭᠡᠳ ᠭᠤᠲᠤᠯ ᠢ᠋ᠶ᠋ᠠᠷ ᠢ᠋ᠶ᠋ᠠᠨ ᠵᠢᠭᠳᠡᠷᠡᠵᠦ ᠪᠠᠢᠭ᠎ᠠ ᠶᠤᠮ ᠠ᠋᠃
ᠪᠤᠷᠵᠢᠮᠠ᠄ ᠴᠢᠨᠦ ᠳᠠᠭᠤᠯᠠᠬᠤ ᠴᠤ᠌ ᠭᠡᠵᠦ ᠳᠡ᠃ᠡᠵᠢ ᠳ᠋ᠦ᠍ ᠨᠢ ᠮᠥᠩᠭᠥ ᠪᠠᠢᠬᠤ ᠦᠭᠡᠢ᠂ᠠᠷᠠᠢ ᠯᠠ ᠦᠨᠡᠲᠡᠢ ᠪᠠᠭᠤᠵᠤ ᠪᠠᠢᠨ᠎ᠠ᠃
ᠨᠤᠷᠪᠤ᠄ ᠰᠠᠢᠨ ᠤᠤ᠂ ᠨᠠᠢᠳᠠᠨ ᠠᠭ᠎ᠠ ᠠ᠋᠂ᠲᠠ ᠣᠷᠣᠭᠠᠴᠢ᠃
ᠨᠠᠢᠳᠠᠨ᠄ ᠶᠠᠭᠠᠬᠢᠬᠤᠪ ᠶᠠᠭᠠᠬᠢᠬᠤᠪ᠂ᠶᠣᠨᠳᠣᠨ ᠢ᠋ ᠳᠠᠭᠤᠳᠠᠭᠠᠳ ᠲᠡᠭᠡᠭᠡᠴᠢ᠃
ᠨᠤᠷᠪᠤ᠄ ᠠᠭ᠎ᠠ ᠠ᠋᠂ ᠨᠠᠢᠳᠠᠨ ᠠᠬ᠎ᠠ ᠠᠭᠤᠯᠵᠠᠶ᠎ᠠ ᠭᠡᠨ᠎ᠡ ᠃
ᠶᠤᠨᠳᠤᠨ᠄ ᠴᠢ ᠣᠷᠣᠭᠠᠴᠢ ᠳᠠ ᠂ ᠶᠠᠭᠠᠬᠢᠭᠠᠳ ᠪᠣᠷᠣᠭᠠᠨ ᠳ᠋ᠤ᠌ ᠵᠣᠭᠰᠣᠭᠠᠳ ᠪᠠᠢᠭ᠎ᠠ ᠶᠤᠮ᠃
ᠨᠠᠢᠳᠠᠨ᠄ ᠶᠤᠨᠳᠤᠨ ᠠ᠋᠂ ᠨᠢᠭᠡ ᠭᠤᠶᠤᠬᠤ ᠶᠠᠭᠤᠮ᠎ᠠ ᠪᠠᠢᠨ᠎ᠠ᠃
ᠶᠤᠨᠳᠤᠨ᠄ ᠶᠠᠭᠤ ᠶᠤᠮ?
ᠨᠠᠢᠳᠠᠨ᠄ ᠥᠴᠥᠭᠡᠳᠦᠷ ᠣᠷᠣᠢ ᠵᠡᠯᠮ᠎ᠡ ᠬᠠᠷ᠎ᠠ ᠶ᠋ᠢ ᠠᠯᠠᠴᠢᠬᠠᠵᠠᠢ᠃
ᠶᠤᠨᠳᠤᠨ᠄ ᠬᠡᠨ?
ᠨᠠᠢᠳᠠᠨ᠄ ᠬᠡᠨ ᠭᠡᠳᠡᠭ ᠢ᠋ ᠨᠢ ᠮᠡᠳᠡᠬᠦ ᠬᠡᠷᠡᠭᠲᠡᠢ ᠪᠣᠯᠤᠭᠠᠳ ᠯᠠ ᠴᠢᠮ᠎ᠠ ᠠ᠋ᠴᠠ ᠲᠤᠰᠠᠯᠠᠮᠵᠢ ᠭᠤᠶᠤᠬᠤ ᠪᠠᠷ ᠢᠷᠡᠯ᠎ᠡ᠃ᠴᠢ ᠮᠥᠷᠳᠡᠯᠲᠡ ᠳᠡᠭᠡᠷ᠎ᠡ ᠲᠤᠰᠠᠯᠠᠭᠠᠴᠢ᠃
ᠶᠤᠨᠳᠤᠨ᠄ ᠪᠢ ᠮᠥᠷᠳᠡᠭᠴᠢ ᠪᠠᠢᠬᠤ ᠪᠠᠨ ᠪᠣᠯᠢᠭᠰᠠᠨ ᠰᠢᠦ ᠳᠡ᠃ ᠨᠠᠢᠵᠠ ᠨᠢ ᠪᠠᠷᠢᠯᠭ᠎ᠠ ᠠᠵᠢᠯ ᠳ᠋ᠤ᠌ ᠣᠷᠣᠭᠰᠠᠨ᠃
ᠨᠠᠢᠳᠠᠨ᠄ ᠵᠠ ᠵᠠ ᠴᠢᠮ᠎ᠠ ᠶ᠋ᠢ ᠢᠩᠭᠢᠵᠦ ᠬᠡᠯᠡᠬᠦ ᠶ᠋ᠢ ᠴᠢᠨᠢ ᠮᠡᠳᠡᠵᠦ ᠯᠠ ᠪᠠᠢᠭᠰᠠᠨ ᠶᠤᠮ ᠯᠠ ᠳᠠ᠂ ᠭᠡᠬᠦ ᠳᠡ ᠪᠡᠨ ᠴᠠᠭ ᠭᠠᠷᠭᠠᠭᠠᠳ ᠠᠵᠢᠯ ᠳᠡᠭᠡᠷ᠎ᠡ ᠪᠡᠨ ᠵᠠᠪᠠᠯ᠁
ᠴᠠᠭᠳᠠᠭ᠎ᠠ᠄ ᠨᠠᠢᠳᠠᠨ ᠠ᠋᠂ ᠪᠠᠢᠨ᠎ᠠ ᠤᠤ ?
ᠨᠠᠢᠳᠠᠨ᠄ ᠪᠠᠢᠨ᠎ᠠ᠂ ᠶᠠᠭᠤ ᠪᠣᠯᠤᠭ᠎ᠠ ?
ᠴᠠᠭᠳᠠᠭ᠎ᠠ᠄ ᠠᠬᠢᠭᠠᠳ ᠨᠢᠭᠡ ᠠᠳᠠᠯᠢᠬᠠᠨ ᠰᠢᠷᠬ᠎ᠠ ᠲᠠᠢ ᠴᠣᠭᠴᠠ ᠣᠯᠲᠠᠯ᠎ᠠ᠃ᠴᠢ ᠢᠷᠡᠬᠦ ᠬᠡᠷᠡᠭᠲᠡᠢ ᠪᠠᠢᠨ᠎ᠠ᠃
ᠨᠠᠢᠳᠠᠨ᠄ ᠮᠡᠳᠡᠯ᠎ᠡ᠂ ᠵᠠ ᠵᠠ᠂ ᠲᠦᠪᠡᠭ ᠪᠣᠯᠤᠭᠰᠠᠨ ᠳ᠋ᠤ᠌ ᠠᠭᠤᠴᠢᠯᠠᠭᠠᠷᠠᠢ !
ᠶᠤᠨᠳᠤᠨ᠄ ᠪᠠᠢᠵᠠ᠂ ᠬᠠᠮᠲᠤ ᠶᠠᠪᠤᠶ᠎ᠠ᠃
ᠳ᠋ᠣᠺᠲ᠋ᠣᠷ ᠠ᠋᠂ ᠶᠤᠨᠳᠤᠨ ᠳ᠋ᠤ᠌ ᠡᠳ᠋ ᠪᠦᠷᠢ ᠶ᠋ᠢᠨ ᠪᠠᠷᠢᠮᠲᠠ ᠨᠤᠭᠤᠳ ᠢ᠋ᠶ᠋ᠠᠨ ᠦᠵᠡᠭᠦᠯ ᠳᠡ᠃
ᠶᠤᠨᠳᠤᠨ᠄ ᠬᠢᠨᠠᠯᠲᠠ ᠶ᠋ᠢᠨ ᠺᠠᠮᠧᠷᠠ ᠶ᠋ᠢᠨ ᠪᠢᠴᠢᠯᠭᠡ ᠪᠠᠢᠭ᠎ᠠ ᠤᠤ?
ᠨᠠᠢᠳᠠᠨ᠄ ᠪᠠᠢᠭ᠎ᠠ᠂ᠭᠡᠬᠦ ᠳ᠋ᠦ᠍ ᠪᠡᠨ ᠬᠠᠷᠠᠩᠭᠤᠢ ᠳ᠋ᠤ᠌ ᠪᠣᠯᠤᠭᠰᠠᠨ ᠪᠢᠴᠢᠯᠭᠡ᠃ᠳᠠᠭᠤ ᠯᠠ ᠪᠢᠴᠢᠭᠳᠡᠵᠦ ᠦᠯᠡᠳᠡᠭ᠍ᠰᠡᠨ ᠪᠠᠢᠭ᠎ᠠ᠃
ᠵᠡᠯᠮ᠎ᠡ᠄ ᠬᠡᠨ ᠪᠣᠢ? ᠠᠬᠢᠭᠠᠳ ᠬᠤᠯᠤᠭᠠᠨ᠎ᠠ ᠲᠠᠢ ᠪᠣᠯᠴᠢᠬᠠᠭᠰᠠᠨ ᠪᠠᠢᠬ᠎ᠠ ᠳᠠ᠂ ᠬᠡᠨ ᠪᠣᠢ? ᠬᠡᠨ ᠣᠷᠣᠭᠠᠳ ᠢᠷᠡᠪᠡ?
ᠡᠮᠴᠢ᠄ ᠡᠨᠡ ᠪᠠᠰᠠ ᠰᠠᠶᠢᠬᠠᠨ ᠣᠯᠳᠠᠭᠰᠠᠨ ᠴᠣᠭᠴᠠᠰ᠂ ᠮᠠᠢᠺᠡᠯ ᠵᠠᠯᠮ᠎ᠠ ᠶ᠋ᠢᠨ ᠬᠢ ᠲᠡᠢ ᠢᠵᠢᠯ᠃ ᠴᠡᠭᠡᠵᠢᠨ ᠳ᠋ᠦ᠍ ᠪᠡᠨ ᠬᠣᠶᠠᠷ ᠰᠢᠷᠬ᠎ᠠ ᠲᠠᠢ ᠣᠯᠳᠠᠭᠰᠠᠨ᠃
ᠨᠠᠢᠳᠠᠨ᠄ ᠰᠤᠮᠤᠨ ᠤ᠋ ᠮᠥᠷ ᠭᠡᠵᠦ ᠪᠣᠳᠣᠵᠤ ᠪᠠᠢᠲᠠᠯ᠎ᠠ ᠪᠢᠴᠢᠯᠬᠡᠨ ᠳᠡᠭᠡᠷ᠎ᠡ ᠫᠤᠤ ᠳᠤᠤᠭᠠᠷᠤᠭ᠎ᠠ ᠦᠭᠡᠢ᠃
ᠶᠤᠨᠳᠤᠨ᠄ ᠳᠠᠭᠤ ᠨᠠᠮᠰᠠᠭᠠᠭᠴᠢ ᠠᠰᠢᠭᠯᠠᠭᠰᠠᠨ ᠪᠠᠢᠵᠤ ᠪᠣᠯᠬᠤ ᠶᠤᠮ᠃
ᠨᠠᠢᠳᠠᠨ᠄ ᠭᠡᠬᠦ ᠳ᠋ᠦ᠍ ᠪᠡᠨ ᠰᠢᠷᠬᠠᠨ ᠳᠣᠲᠣᠷ᠎ᠠ ᠰᠤᠮᠤ ᠣᠯᠳᠠᠭ᠎ᠠ ᠦᠭᠡᠢ᠃ ᠨᠡᠪᠲᠡ ᠫᠤᠤᠳᠠᠭᠰᠠᠨ ᠰᠢᠷᠬ᠎ᠠ ᠪᠣᠯ ᠪᠠᠢᠭ᠎ᠠ ᠦᠭᠡᠢ᠃ ᠪᠠᠰᠠ ᠥᠷᠥᠭᠡᠨ ᠳ᠋ᠦ᠍ ᠬᠣᠩᠬᠢᠶ᠎ᠠ ᠣᠯᠳᠠᠭ᠎ᠠ ᠦᠭᠡᠢ᠃
ᠶᠤᠨᠳᠤᠨ᠄ ᠡᠮᠴᠢ ᠠ᠋᠂ ᠵᠠᠳᠠᠯᠤᠩᠭᠠᠨ ᠳ᠋ᠤ᠌ ᠠ᠋ᠴᠠ ᠦᠨᠡᠬᠡᠷ ᠳᠣᠲᠣᠷ᠎ᠠ ᠨᠢ ᠰᠤᠮᠤ ᠪᠠᠢᠭᠰᠠᠨ ᠮᠥᠷ ᠪᠠᠢᠭ᠎ᠠ ᠦᠭᠡᠢ ᠤᠤ?
ᠨᠠᠳᠠ ᠠ᠋ᠴᠠ ᠶᠠᠭᠠᠬᠢᠭᠠᠳ ᠰᠤᠮᠤᠨ ᠤ᠋ ᠲᠤᠬᠠᠢ ᠠᠰᠠᠭᠤᠭᠠᠳ ᠪᠠᠢᠭ᠎ᠠ ᠶᠤᠮ ᠪᠣᠢ ? ᠪᠢ ᠴᠢᠨᠢ ᠡᠮᠴᠢ ᠪᠣᠯᠬᠤ ᠠ᠋ᠴᠠ ᠶᠠᠮᠠᠷ ᠴᠡᠷᠢᠭ ᠪᠢᠰᠢ ᠳᠡ ᠃
ᠶᠤᠨᠳᠤᠨ᠄ ᠡᠨᠳᠡ ᠨᠢᠭᠡ ᠬᠠᠪᠠ ᠳᠠᠭᠤᠳᠠᠵᠤ ᠪᠣᠯᠬᠤ ᠤᠤ?
ᠨᠠᠢᠳᠠᠨ᠄ ᠬᠡᠨ ᠢ᠋?
ᠶᠤᠨᠳᠤᠨ᠄ ᠢᠰᠨᠸᠵᠢᠯ
ᠢᠰᠨᠸᠵᠢᠯ᠄ ᠵᠠᠯᠠᠭᠤᠰ ᠠ᠋᠂ ᠪᠢ ᠶᠠᠮᠠᠷ ᠨᠢᠭᠡᠨ ᠪᠤᠷᠤᠭᠤ ᠵᠦᠢᠯ ᠬᠢᠭᠡ ᠦᠭᠡᠢ ᠪᠢᠵᠡ ᠳᠡ᠃
ᠶᠤᠨᠳᠤᠨ᠄ ᠦᠭᠡᠢ᠂ ᠬᠡᠳᠦᠨ ᠠᠰᠠᠭᠤᠯᠲᠠ ᠳ᠋ᠤ᠌ ᠬᠠᠷᠢᠭᠤᠯᠤᠭᠠᠳ ᠶᠠᠪᠤᠵᠤ ᠪᠣᠯᠤᠨ᠎ᠠ᠃ ᠡᠨᠡ ᠶᠠᠮᠠᠷ ᠰᠤᠮᠤᠨ ᠤ᠋ ᠮᠥᠷ ᠪᠣᠢ ?
ᠡᠢᠮᠦ ᠲᠣᠮᠣ ᠰᠤᠮᠤ ᠪᠠᠢᠭᠰᠠᠨ ᠪᠣᠯ ᠨᠡᠪᠲᠡ ᠭᠠᠷᠤᠮᠠᠷ ᠶᠤᠮ᠃
ᠢᠰᠨᠸᠵᠢᠯ᠄ ᠥᠩ᠂ ᠭᠠᠷ ᠫᠤᠤ ᠶ᠋ᠢᠨ ᠰᠤᠮᠤᠨ ᠤ᠋ ᠮᠥᠷ ᠪᠠᠢᠵᠤ ᠪᠣᠯᠬᠤ ᠯᠠ ᠶᠤᠮ᠃
ᠶᠤᠨᠳᠤᠨ᠄ ᠡᠩ ᠦ᠋ᠨ ᠰᠤᠮᠤ ᠪᠠᠢᠭᠰᠠᠨ ᠪᠣᠯ ᠠᠷᠠᠢ ᠭᠦᠨ ᠵᠣᠭᠣᠭᠳᠠᠬᠤ ᠦᠭᠡᠢ ᠤᠤ?
ᠢᠰᠨᠸᠵᠢᠯ᠄ ᠦ (ᠶᠠᠮᠠᠷ ᠨᠢᠭᠡᠨ ᠫᠤᠤ ᠶ᠋ᠢᠨ ᠨᠡᠷ᠎ᠡ ᠶ᠋ᠢ ᠬᠡᠯᠡᠵᠦ ᠪᠣᠢ) ᠯᠠᠪ ᠪᠢᠰᠢ ᠪᠠᠢᠨ᠎ᠠ᠃
ᠨᠠᠢᠳᠠᠨ᠄ ᠲᠡᠭᠡᠭᠡᠳ ᠨᠤᠮᠤ ᠰᠤᠮᠤ ᠶᠤᠮ ᠤᠤ?
ᠢᠰᠨᠸᠵᠢᠯ:᠄ ᠬᠥᠩᠬᠥᠷ ᠲᠣᠯᠣᠭᠠᠢ ᠲᠠᠢ ᠰᠤᠮᠤ ᠪᠠᠢᠨ᠎ᠠ᠂ ᠪᠡᠶ᠎ᠡ ᠳ᠋ᠦ᠍ ᠣᠷᠣᠭᠠᠳ ᠵᠠᠳᠠᠷᠠᠳᠠᠭ᠃ ᠰᠢᠭᠤᠳ ᠠᠯᠠᠬᠤ ᠦᠭᠡᠢ ᠶᠤᠮ ᠠ᠋ ᠭᠡᠬᠦ ᠳ᠋ᠦ᠍ ᠳᠣᠲᠣᠭᠤᠷ ᠴᠢᠰᠤ ᠠᠯᠳᠠᠯᠲᠠ ᠡᠭᠦᠰᠬᠡᠵᠦ᠂ ᠡᠴᠦᠰ ᠲᠦ᠍ ᠨᠢ ᠠᠮᠢᠰᠬᠤᠯ ᠬᠤᠷᠢᠶᠠᠳᠠᠭ᠃
ᠨᠠᠢᠳᠠᠨ: ᠬᠡᠪᠢᠰ ᠦ᠋ᠨ ᠳᠡᠭᠡᠷ᠎ᠡ ᠲᠡᠢᠮᠦ ᠴᠦ᠍ ᠶᠡᠬᠡ ᠴᠢᠰᠤ ᠪᠠᠢᠭ᠎ᠠ ᠦᠭᠡᠢ ᠶ᠋ᠢ ᠲᠠᠢᠯᠪᠤᠷᠢᠯᠠᠴᠢᠬᠠᠬᠤ ᠰᠢᠭ᠋ ᠪᠣᠯᠤᠯ᠎ᠠ᠃
ᠶᠤᠨᠳᠤᠨ᠄ ᠴᠢ ᠬᠠᠮᠤᠭ ᠤ᠋ᠨ ᠰᠡᠭᠦᠯ ᠳ᠋ᠦ᠍ ᠬᠡᠨ ᠦ᠌ ᠬᠢᠨ ᠳ᠋ᠦ᠍ ᠡᠢᠮᠦ ᠰᠤᠮᠤ ᠵᠠᠷᠤᠭᠰᠠᠨ ᠤᠤ ?
ᠢᠰᠨᠸᠵᠢᠯ᠄ ᠬᠡᠳᠦᠨ ᠵᠢᠯ ᠦ᠋ᠨ ᠡᠮᠦᠨ᠎ᠡ ᠴᠢᠨᠣ᠎ᠠ ᠨᠤᠭᠤᠳ ᠡᠢᠮᠦ ᠰᠤᠮᠤ ᠶ᠋ᠢ ᠰᠣᠨᠢᠷᠬᠠᠳᠠᠭ ᠪᠠᠢᠭᠰᠠᠨ᠂ ᠰᠡᠭᠦᠯ ᠳ᠋ᠦ᠍ ᠬᠡᠨ ᠳ᠋ᠦ᠍ ᠵᠠᠷᠤᠭᠰᠠᠨ ᠢ᠋ᠶ᠋ᠠᠨ ᠰᠠᠢᠨ ᠰᠠᠨᠠᠬᠤ ᠦᠭᠡᠢ ᠪᠠᠢᠨ᠎ᠠ᠃
ᠶᠤᠨᠳᠤᠨ᠄ ᠸᠢᠨᠰᠧᠨ᠋ᠲ?
ᠢᠰᠨᠸᠵᠢᠯ᠄ ᠸᠢᠨᠰᠧᠨ᠋ᠲ ᠠ᠋᠂ ᠥᠴᠥᠭᠡᠳᠦᠷ ᠰᠥᠨᠢ ᠸᠢᠨᠰᠧᠨ᠋ᠲ ᠵᠠᠭᠤᠰᠢ ᠶ᠋ᠢᠨ ᠭᠠᠵᠠᠷ ᠲᠤ᠌ ᠪᠠᠢᠭᠰᠠᠨ ᠰᠢᠲᠠ᠃
ᠨᠠᠢᠳᠠᠨ᠄ ᠴᠢ ᠬᠠᠷᠠᠩᠭᠤᠢ ᠳ᠋ᠤ᠌ ᠬᠠᠷ᠎ᠠ ᠰᠢᠯ ᠲᠡᠢ ᠪᠤᠷᠤᠭᠤ ᠬᠠᠷᠠᠭ᠎ᠠ ᠦᠭᠡᠢ ᠤᠤ?
ᠶᠤᠨᠳᠤᠨ᠄ ᠴᠢ ᠥᠩᠭᠡ ᠢᠯᠭᠠᠳᠠᠭ ᠦᠭᠡᠢ ᠪᠢᠵᠡ ᠳᠡ᠃
ᠢᠰᠨᠸᠵᠢᠯ᠄ ᠸᠢᠨᠰᠧᠨ᠋ᠲ ᠴᠢᠨᠢ ᠰᠠᠭᠠᠷᠠᠯ ᠴᠢᠨᠣ᠎ᠠ ᠪᠢᠵᠡ ᠳᠡ᠃ ᠢᠲᠡᠭᠡᠬᠦ ᠦᠭᠡᠢ ᠪᠣᠯ ᠺᠠᠮᠸᠷᠸᠨ(Amera) ᠶᠢᠨ ᠪᠢᠴᠢᠯᠭᠡ ᠶ᠋ᠢ ᠰᠢᠭᠦᠭᠡᠳ ᠬᠠᠷᠠᠬᠤ ᠦᠭᠡᠢ ᠤᠤ?
ᠶᠤᠨᠳᠤᠨ᠄ ᠨᠢᠭᠡ ᠬᠥᠮᠦᠨ ᠬᠣᠶᠠᠷ ᠭᠠᠵᠠᠷ ᠵᠡᠷᠭᠡ ᠪᠠᠢᠨ᠎ᠠ ᠴᠤ᠌ ᠭᠡᠵᠦ ᠪᠠᠢᠬᠤ ᠦᠭᠡᠢ ᠯᠡ ᠳᠡ᠃ ᠨᠠᠢᠵᠠ᠂ ᠶᠠᠪᠤᠵᠤ ᠰᠢᠯᠭᠠᠶ᠎ᠠ᠃
ᠨᠠᠢᠳᠠᠨ᠄ ᠰᠢᠯᠭᠠᠴᠢᠬᠠᠯᠠ᠂ ᠪᠢᠰᠢ ᠶ᠋ᠢᠨ ᠵᠠᠯᠭᠠᠯᠳᠤᠯ ᠠᠷᠠᠢ ᠦᠭᠡᠢ ᠪᠠᠢᠨ᠎ᠠ᠃
ᠶᠤᠨᠳᠤᠨ᠄ ᠨᠠᠭᠠᠳᠤᠬᠢ ᠴᠢᠨᠢ ᠶᠠᠭ ᠸᠢᠨᠰᠧᠨ᠋ᠲ ᠮᠥᠨ ᠤᠤ ?
ᠨᠠᠢᠳᠠᠨ᠄ ᠡᠨᠡ ᠲᠣᠰᠬᠣᠨ ᠳ᠋ᠤ᠌ ᠬᠡᠳᠦᠬᠡᠨ ᠯᠡ ᠴᠢᠨᠣ᠎ᠠ ᠠᠮᠢᠳᠤᠷᠠᠳᠠᠭ᠂ ᠸᠢᠨᠰᠧᠨ᠋ᠲ ᠮᠥᠨ ᠯᠡ ᠪᠠᠢᠨ᠎ᠠ ᠳᠠ᠃
ᠢᠰᠨᠸᠵᠢᠯ᠄ ᠲᠠ ᠬᠣᠶᠠᠷ ᠴᠢᠨᠣ᠎ᠠ ᠳ᠋ᠤ᠌ ᠶᠠᠪᠤᠬᠤ ᠭᠡᠵᠦ ᠪᠠᠢᠨ᠎ᠠ ᠤᠤ?ᠠᠷᠠᠢ ᠬᠦᠴᠦᠲᠡᠢ ᠪᠠᠷᠠᠭ᠎ᠠ ᠰᠣᠨᠢᠷᠬᠠᠬᠤ ᠤᠤ? ᠨᠠᠭᠠᠳᠤ ᠠᠳᠤᠭᠤ ᠠᠯᠠᠳᠠᠭ ᠰᠤᠮᠤ ᠶ᠋ᠢ ᠴᠢᠨᠢ ᠳᠠᠭᠠᠯᠳᠤᠭᠤᠯᠵᠤ ᠪᠣᠯᠤᠨ᠎ᠠ ᠰᠢᠦ᠃
ᠨᠠᠢᠳᠠᠨ᠄ ᠬᠡᠷᠡᠭ ᠦᠭᠡᠢ᠂ ᠴᠢ ᠴᠠᠭᠳᠠᠭ᠎ᠠ ᠶ᠋ᠢᠨ ᠭᠠᠵᠠᠷ ᠪᠠᠢᠭ᠎ᠠ ᠪᠠᠨ ᠮᠠᠷᠲᠠᠭ᠎ᠠ ᠤᠤ? ᠳᠠᠯᠳᠠ ᠬᠢ᠃
ᠢᠰᠨᠸᠵᠢᠯ᠄ ᠲᠡᠭᠡᠪᠡᠯ ᠠᠷᠠᠢ ᠥᠭᠡᠷ᠎ᠡ ᠪᠠᠷᠠᠭ᠎ᠠ ᠰᠣᠨᠢᠷᠬᠠᠬᠤ ᠤᠤ?
AIR JALAM(ᠭᠤᠲᠤᠯ ᠤ᠋ᠨ ᠨᠡᠷ᠎ᠡ)ᠳᠥᠷᠪᠡ᠂ ᠡᠮᠦᠰᠦᠭᠡ ᠦᠭᠡᠢ᠂ ᠰᠢᠪ ᠰᠢᠨ᠎ᠡ ᠪᠡᠷ ᠢ᠋ᠶ᠋ᠡᠨ᠃ AIR JALAM(ᠭᠤᠲᠤᠯ ᠤ᠋ᠨ ᠨᠡᠷ᠎ᠡ)ᠰᠣᠨᠢᠷᠬᠠᠬᠤ ᠤᠤ?
ᠶᠤᠨᠳᠤᠨ᠄ ᠠ᠂ ᠨᠥᠭᠦᠭᠡ ᠲᠡᠨᠡᠭ ᠭᠤᠲᠤᠯ᠃
ᠪᠠᠢᠪᠠᠷᠯᠢ᠄ ᠳ᠋ᠠᠮᠪᠠ ᠴᠢ ᠪᠥᠭᠯᠡᠵᠦ ᠳᠠᠭᠤᠰᠤᠭᠰᠠᠨ ᠤᠤ?
ᠳ᠋ᠠᠮᠪᠠ᠄ ᠴᠢ ᠥᠪᠡᠷ ᠢ᠋ᠶ᠋ᠡᠨ ᠪᠥᠭᠯᠡᠴᠢᠬᠡᠵᠦ ᠪᠣᠯᠳᠠᠭ ᠦᠭᠡᠢ ᠶᠤᠮ ᠤᠤ?
ᠨᠤᠷᠪᠤ᠄ ᠵᠥᠪ ᠬᠠᠷᠢᠭᠤᠯᠲᠠ ᠶ᠋ᠢ ᠳᠤᠭᠤᠢᠯᠠ ᠭᠡᠨ᠎ᠡ ᠤᠤ? ᠡᠨᠡ ᠳᠣᠲᠣᠷ᠎ᠠ ᠯᠠ ᠪᠠᠢᠵᠤ ᠲᠠᠭᠠᠷᠠᠭ᠎ᠠ᠃
ᠬᠠᠯᠵᠠᠨ ᠪᠠᠭᠰᠢ᠄ ᠵᠠ᠂ ᠴᠠᠭᠠᠰᠤ ᠪᠠᠨ ᠬᠤᠷᠢᠶᠠᠯᠭᠠᠭᠠᠷᠠᠢ ᠂ ᠪᠡᠯᠡᠳᠬᠡᠯ ᠲᠡᠢ ᠬᠡᠦᠬᠡᠳ ᠦ᠋ᠳ ᠳᠣᠭᠣᠭᠰᠢ ᠪᠠᠨ ᠵᠢᠭᠠᠯᠲᠠ ᠳ᠋ᠤ᠌ ᠪᠠᠨ ᠣᠴᠢᠭᠠᠷᠠᠢ!
ᠨᠤᠷᠪᠤ᠄ ᠲᠡᠢᠮᠦ ᠠ᠋᠃
ᠪᠠᠢᠪᠠᠷᠯᠢ᠄ ᠡᠨᠡ ᠶᠠᠭᠤᠨ ᠱᠠᠯᠪᠠᠭ ᠰᠢᠭ᠋ ᠶᠠᠭᠤᠮ᠎ᠠ ᠳᠤᠤᠭᠠᠷᠤᠭᠠᠳ ᠪᠠᠢᠨ᠎ᠠ᠂ ᠨᠤᠷᠪᠤ ᠠ᠋᠂ ᠴᠢ AIR JALAM(ᠭᠤᠲᠤᠯ ᠤ᠋ᠨ ᠨᠡᠷ᠎ᠡ) ᠳᠥᠷᠪᠡ ᠲᠡᠢ ᠢᠷᠡᠭᠡ ᠦᠭᠡᠢ ᠶᠤᠮ ᠤᠤ?
ᠨᠤᠷᠪᠤ᠄ ᠮᠠᠷᠲᠠᠴᠢᠬᠠᠵᠠᠢ᠂ ᠮᠠᠷᠭᠠᠰᠢ ᠡᠮᠦᠰᠦᠭᠡᠳ ᠢᠷᠡᠶ᠎ᠡ᠃
ᠪᠠᠢᠪᠠᠷᠯᠢ᠄ ᠪᠢ ᠴᠢᠮ᠎ᠠ ᠳ᠋ᠤ᠌ ᠵᠥᠩᠳᠡᠭᠡᠨ ᠬᠡᠯᠡᠭᠡ ᠪᠢᠵᠡ ᠳᠡ᠂ ᠬᠠᠮᠲᠤᠯᠢᠭ ᠲᠤ᠌ ᠣᠷᠣᠬᠤ ᠶ᠋ᠢᠨ ᠲᠤᠯᠠᠳᠠ ᠪᠦᠦᠽᠢ ᠪᠡᠷ ᠢ᠋ᠶ᠋ᠡᠨ ᠵᠢᠭ ᠵᠢᠭᠳᠡᠷᠡᠬᠦ ᠶᠣᠰᠣᠲᠠᠢ ᠭᠡᠵᠦ᠂ ᠴᠢ ᠡᠢᠮᠦ ᠪᠣᠢᠲᠣᠭ ᠲᠠᠢ ᠶᠤᠮ ᠴᠢᠨᠢ᠃ ᠪᠢᠳᠡ ᠨᠠᠷ ᠶᠠᠭᠠᠬᠢᠵᠤ ᠳᠠᠷᠠᠭᠠᠴᠢ ᠶ᠋ᠢᠨ ᠱᠠᠲᠤᠨ ᠳ᠋ᠤ᠌ ᠲᠡᠮᠡᠴᠡᠬᠦ ᠶᠤᠮ ᠪᠣᠢ?ᠴᠢᠮ᠎ᠠ ᠳ᠋ᠤ᠌ ᠡᠰᠡᠪᠡᠯ AIR JALAM(ᠭᠤᠲᠤᠯ ᠤ᠋ᠨ ᠨᠡᠷ᠎ᠡ)ᠪᠠᠢᠬᠤ ᠦᠭᠡᠢ ᠶᠤᠮ ᠪᠢᠰᠢ ᠪᠢᠵᠡ ᠳᠡ᠃
ᠨᠤᠷᠪᠤ᠄ ᠪᠠᠢᠭ᠎ᠠ᠂ ᠥᠨᠥᠳᠥᠷ ᠯᠡ ᠮᠠᠷᠲᠠᠴᠢᠬᠠᠵᠠᠢ᠂ ᠮᠠᠷᠭᠠᠰᠢ ᠮᠠᠷᠲᠠᠬᠤ ᠦᠭᠡᠢ ᠡᠮᠦᠰᠦᠭᠡᠳ ᠢᠷᠡᠨ᠎ᠡ᠃
ᠬᠠᠯᠵᠠᠨ ᠪᠠᠭᠰᠢ᠄ ᠵᠠ ᠬᠡᠦᠬᠡᠳ ᠦ᠋ᠳ ᠠ᠋᠂ ᠪᠡᠯᠡᠳᠬᠡᠯ ᠢ᠋ᠶ᠋ᠡᠨ ᠳᠠᠭᠤᠰᠬᠠᠭᠠᠷᠠᠢ᠃ ᠥᠨᠥᠳᠥᠷ ᠲᠦ᠍ ᠪᠡᠨ ᠡᠷᠲᠡ ᠬᠠᠷᠢᠵᠠᠭ᠎ᠠ᠂ ᠮᠠᠷᠭᠠᠰᠢ ᠡᠷᠲᠡ ᠢᠷᠡᠵᠦ ᠪᠡᠯᠡᠳᠬᠡᠯ ᠢ᠋ᠶ᠋ᠡᠨ ᠬᠢᠵᠡᠭᠡᠶ᠎ᠡ᠃
ᠪᠠᠢᠪᠠᠷᠯᠢ᠄ ᠮᠠᠷᠭᠠᠰᠢ AIR JALAM(ᠭᠤᠲᠤᠯ ᠤ᠋ᠨ ᠨᠡᠷ᠎ᠡ) ᠲᠡᠢ ᠢᠷᠡᠬᠦ ᠦᠭᠡᠢ ᠪᠣᠯ ᠬᠠᠮᠲᠤᠯᠢᠭ ᠠ᠋ᠴᠠ ᠬᠠᠰᠤᠯ᠎ᠠ ᠰᠢᠦ᠃
ᠨᠤᠷᠪᠤ᠄ ᠳ᠋ᠠᠮᠪᠠ ᠠᠨᠳᠠ ᠠ᠋᠂ ᠴᠢ ᠮᠠᠨ ᠳ᠋ᠤ᠌ ᠪᠠᠨ ᠥᠨᠥᠳᠥᠷ ᠪᠦᠦᠽᠢ ᠪᠡᠨ ᠦᠭᠭᠦᠭᠡᠳ ᠶᠠᠪᠤᠭᠤᠯᠴᠢᠬ᠎ᠠ᠂ ᠲᠡᠭᠡᠬᠦ ᠤᠤ?
ᠳ᠋ᠠᠮᠪᠠ᠄ ᠴᠢᠳᠠᠬᠤ ᠦᠭᠡᠢ᠃
ᠨᠤᠷᠪᠤ᠄ ᠭᠤᠶᠤᠵᠤ ᠪᠠᠢᠨ᠎ᠠ ᠰᠢᠲᠠ᠃
ᠳ᠋ᠠᠮᠪᠠ᠄ ᠡᠮᠧ ᠶ᠋ᠢᠨ ᠲᠡᠳᠬᠦᠪᠦᠷᠢ ᠶ᠋ᠢᠨ ᠵᠢᠭᠡᠯᠡᠭᠡ ᠪᠡᠷ ᠠᠪᠤᠭᠤᠯᠤᠭᠰᠠᠨ ᠰᠢᠳᠡ᠂ ᠥᠨᠥᠳᠥᠷ ᠪᠦᠦᠽᠢ ᠦᠭᠡᠢ ᠣᠴᠢᠴᠢᠬᠠᠪᠠᠯ ᠡᠮᠧ ᠳ᠋ᠦ᠍ ᠶᠠᠭᠤ ᠬᠡᠯᠡᠬᠦ ᠶᠠᠭᠤᠮ᠎ᠠ ᠪᠣᠯᠵᠤ ᠪᠠᠢᠨ᠎ᠠ᠃
ᠨᠤᠷᠪᠤ᠄ ᠠᠢ᠂ ᠭᠤᠶᠤᠵᠤ ᠪᠠᠢᠨ᠎ᠠ ᠰᠢᠲᠠ᠃ᠥᠨᠥᠳᠥᠷ ᠭᠡᠷ ᠲᠦ᠍ ᠪᠡᠨ ᠣᠷᠣᠭᠠᠳ ᠭᠤᠲᠤᠯ ᠢ᠋ᠶ᠋ᠠᠨ ᠲᠠᠢᠯᠴᠢᠬᠠᠭᠰᠠᠨ ᠭᠡᠳ ᠬᠡᠯᠡᠴᠢᠬᠡᠨ᠎ᠡ ᠰᠢᠲᠠ᠃
ᠳ᠋ᠠᠮᠪᠠ᠄ ᠴᠢ ᠮᠢᠨᠦ ᠪᠦᠦᠽᠢ ᠶ᠋ᠢ ᠡᠮᠦᠰᠦᠭᠰᠡᠭᠡᠷ ᠰᠢᠪᠡᠷᠢᠲᠦᠴᠢᠬᠡᠨᠡ ᠰᠢᠲᠠ᠃
ᠨᠤᠷᠪᠤ᠄ ᠮᠠᠨ ᠴᠢᠨᠢ ᠡᠮᠦᠰᠬᠦ ᠦᠭᠡᠢ᠃
ᠳ᠋ᠠᠮᠪᠠ᠄ ᠵᠠ ᠵᠠ᠂ ᠴᠢ ᠡᠮᠦᠰᠬᠦ ᠦᠭᠡᠢ ᠰᠢᠦ᠂ ᠮᠠᠷᠭᠠᠰᠢ ᠮᠠᠷᠲᠠᠬᠤ ᠦᠭᠡᠢ ᠠᠪᠴᠢᠷᠠᠭᠠᠷᠠᠢ᠃
ᠨᠤᠷᠪᠤ᠄ ᠪᠠᠶᠠᠷᠯᠠᠯ᠎ᠠ᠂ ᠠᠨᠳᠠ ᠠ᠋
ᠰᠠᠩᠪᠤ᠄ ᠠᠯᠢᠪ᠂ ᠵᠢᠷᠤᠭᠲᠤ ᠠ᠋ᠴᠠ ᠬᠣᠯᠠᠳᠠᠭᠠᠴᠢ ᠠ᠋᠃
ᠨᠤᠷᠪᠤ᠄ ᠲᠠ ᠬᠣᠶᠠᠷ ᠨᠢᠭᠡ ᠶᠠᠭᠤᠮ᠎ᠠ ᠠᠩᠵᠠᠭᠠᠷᠠᠬᠤ ᠦᠭᠡᠢ ᠪᠠᠢᠨ᠎ᠠ ᠤᠤ?
ᠪᠤᠷᠵᠢᠮᠠ᠄ ᠶᠠᠭᠤ ᠶᠤᠮ?ᠴᠢ ᠬᠡᠨ ᠦ᠌ ᠪᠦᠦᠽᠢ ᠶ᠋ᠢ ᠡᠮᠦᠰᠴᠢᠬᠡᠭᠡ ᠪᠣᠢ ?
ᠨᠤᠷᠪᠤ᠄ ᠥᠪᠡᠷ ᠦ᠋ᠨ ᠢ᠋ᠶ᠋ᠡᠨ ᠪᠦᠦᠽᠢ ᠶ᠋ᠢ ᠯᠡ ᠡᠮᠦᠰᠦᠭᠡᠳ ᠪᠠᠢᠨ᠎ᠠ᠃
ᠪᠤᠷᠵᠢᠮᠠ᠄ ᠴᠢᠮ᠎ᠠ ᠳ᠋ᠤ᠌ ᠬᠡᠨ ᠠᠪᠴᠤ ᠥᠭᠭᠦᠭᠰᠡᠨ ᠶᠤᠮ?
ᠰᠠᠮᠪᠤᠤ᠄ ᠪᠢ ᠯᠡ ᠯᠠᠪ ᠠᠪᠴᠤ ᠥᠭᠭᠦᠭᠡ ᠦᠭᠡᠢ ᠳᠡ᠃
ᠨᠤᠷᠪᠤ᠄ ᠭᠣᠮᠪᠣ ᠶ᠋ᠢᠨ ᠳᠡᠯᠭᠡᠭᠦᠷ ᠡᠴᠡ ᠵᠢᠭᠡᠯᠡᠯᠭᠡ ᠪᠡᠷ ᠠᠪᠴᠢᠬᠠᠯ᠎ᠠ᠃
ᠪᠤᠷᠵᠢᠮᠠ᠄ ᠲᠡᠭᠡᠭᠡᠳ ᠴᠢ ᠵᠢᠭᠡᠯᠡᠭᠡ ᠥᠷᠢ ᠪᠡᠨ ᠲᠥᠯᠥᠵᠦ ᠴᠢᠳᠠᠬᠤ ᠶᠤᠮ ᠤᠤ?
ᠨᠤᠷᠪᠤ᠄ ᠴᠢᠳᠠᠬᠤ ᠦᠭᠡᠢ ᠰᠢᠲᠠ᠃
ᠪᠤᠷᠵᠢᠮᠠ᠄ ᠲᠡᠭᠡᠭᠡᠳ ᠪᠢ ᠲᠥᠯᠥᠬᠦ ᠶᠤᠮ ᠤᠤ?
ᠨᠤᠷᠪᠤ᠄ ᠶᠠᠭᠠᠬᠢᠶ᠎ᠠ ᠯᠠ ᠳᠠ᠂ AIR JALAM(ᠭᠤᠲᠤᠯ ᠤ᠋ᠨ ᠨᠡᠷ᠎ᠡ)ᠡᠮᠦᠰᠬᠦ ᠦᠭᠡᠢ ᠪᠣᠯ ᠲᠡᠮᠡᠴᠡᠭᠡᠨ ᠳ᠋ᠦ᠍ ᠣᠷᠣᠵᠤ ᠴᠢᠳᠠᠬᠤ ᠦᠭᠡᠢ ᠪᠠᠢᠭᠰᠠᠨ ᠶᠤᠮ ᠴᠢᠨᠢ ᠳᠡ᠃
ᠪᠤᠷᠵᠢᠮᠠ᠄ ᠨᠠᠭᠠᠳᠤ ᠭᠤᠲᠤᠯ ᠢ᠋ᠶ᠋ᠠᠨ ᠠᠪᠠᠴᠢᠵᠤ ᠳᠡᠯᠭᠡᠭᠦᠷ ᠲᠦ᠍ ᠨᠢ ᠪᠤᠴᠠᠭᠠᠵᠤ ᠥᠭ᠃
ᠰᠠᠮᠪᠤᠤ᠄ ᠨᠤᠷᠪᠤ ᠶ᠋ᠢᠨ ᠬᠥᠯ ᠦ᠋ᠨ ᠱᠡᠦ ᠭᠠᠷᠳᠠᠭ ᠪᠦᠦᠽᠢ ᠶ᠋ᠢ ᠣᠳᠣ ᠬᠡᠨ ᠪᠤᠴᠠᠭᠠᠵᠤ ᠠᠪᠬᠤᠪ ᠳᠠ᠂ ᠤᠲᠤ ᠪᠠᠷᠤᠭ ᠨᠥᠭᠦᠭᠡ ᠮᠥᠭᠥ ᠨᠢ ᠤᠷᠭᠤᠴᠢᠬᠠᠭᠠ ᠪᠢᠵᠡ᠃
ᠨᠤᠷᠪᠤ᠄ ᠬᠠᠷᠢᠨ ᠲᠡᠢᠮᠦ᠃
ᠰᠠᠮᠪᠤᠤ᠄ ᠠ ᠬᠠ᠂ ᠨᠠᠮ᠎ᠠ ᠶ᠋ᠢ ᠪᠠᠭ᠎ᠠ ᠪᠠᠢᠬᠤ ᠳ᠋ᠤ᠌ ᠲᠡᠮᠡᠭᠡᠨ ᠲᠠᠪᠠᠬᠠᠢ ᠶ᠋ᠢᠨ ᠪᠦᠦᠽᠢᠨ ᠶᠡᠬᠡ ᠮᠣᠳᠣᠨ ᠳ᠋ᠤ᠌ ᠣᠷᠣᠵᠤ ᠢᠷᠡᠵᠦ ᠪᠠᠢᠵᠤ ᠪᠢᠯᠡ᠃ ᠲᠡᠭᠡᠭᠡᠳ ᠡᠵᠢ ᠡᠴᠡ ᠵᠥᠩᠳᠡᠭᠡᠨ ᠭᠤᠶᠤᠭᠠᠳ ᠭᠤᠶᠤᠭᠠᠳ ᠨᠠᠳᠠ ᠳ᠋ᠤ᠌ ᠠᠪᠴᠤ ᠥᠭᠭᠦᠭᠡ ᠦᠭᠡᠢ ᠯᠡ ᠳᠡ᠃ ᠳᠤᠮᠳᠠ ᠠᠩᠭᠢ ᠶ᠋ᠢᠨ ᠰᠢᠯᠵᠢᠵᠦ ᠣᠷᠣᠵᠤ ᠢᠷᠡᠭᠰᠡᠨ ᠥᠬᠢᠨ ᠳ᠋ᠦ᠍ ᠰᠠᠢᠨ ᠪᠣᠯᠴᠢᠬᠠᠬᠠᠳ ᠠᠷᠤ ᠠ᠋ᠴᠠ ᠨᠢ ᠭᠦᠶᠦᠭᠰᠡᠨ ᠴᠢᠨᠢ ᠨᠠᠮ᠎ᠠ ᠶ᠋ᠢ ᠨᠠᠮᠬᠠᠨ ᠭᠡᠳ ᠲᠣᠭᠣᠭ᠎ᠠ ᠦᠭᠡᠢ ᠯᠡ ᠶᠤᠮ᠃ᠲᠡᠷᠡ ᠦᠶ᠎ᠡ ᠳ᠋ᠦ᠍ ᠮᠠᠯᠰᠦ᠋ᠬᠡ ᠨᠠᠳᠠ ᠠ᠋ᠴᠠ ᠨᠠᠮᠬᠠᠨ ᠪᠠᠢᠭᠰᠠᠨ ᠯᠠ ᠳᠠ᠃ ᠭᠡᠬᠦ ᠳ᠋ᠦ᠍ ᠪᠡᠨ ᠮᠠᠯᠰᠦ᠋ᠬᠡ ᠲᠡᠮᠡᠭᠡᠨ ᠲᠠᠪᠠᠬᠠᠢ ᠶ᠋ᠢᠨ ᠪᠦᠦᠽᠢ ᠶ᠋ᠢ ᠡᠮᠦᠰᠴᠢᠬᠡᠭᠰᠡᠨ ᠪᠠᠢᠭᠰᠠᠨ ᠪᠣᠯᠬᠣᠷ ᠨᠥᠭᠦᠭᠡ ᠥᠬᠢᠨ ᠴᠢᠨᠢ ᠮᠠᠯᠰᠦ᠋ᠬᠡ ᠲᠡᠢ ᠦᠶᠡᠷᠬᠡᠴᠢᠬᠡᠭᠰᠡᠨ ᠶᠤᠮ᠃
ᠪᠤᠷᠵᠢᠮᠠ᠄ ᠲᠡᠢᠮᠦ ᠪᠦᠦᠽᠢ ᠶ᠋ᠢ ᠡᠮᠦᠰᠴᠢᠬᠡᠭᠰᠡᠨ ᠪᠣᠯᠪᠠᠯ ᠠᠪᠤ ᠴᠢᠨᠢ ᠥᠭᠡᠷ᠎ᠡ ᠬᠥᠮᠦᠨ ᠲᠡᠢ ᠰᠠᠭᠤᠭᠠᠳ ᠨᠤᠷᠪᠤ ᠲᠥᠷᠥᠬᠦ ᠦᠭᠡᠢ ᠴᠦ᠍ ᠪᠠᠢᠭᠰᠠᠨ ᠶᠤᠮ ᠪᠢᠯᠡ ᠤᠤ?
ᠰᠠᠮᠪᠤᠤ᠄ ᠨᠤᠷᠪᠤ ᠠ᠋᠂ ᠮᠠ ᠠᠪᠤ ᠨᠢ ᠮᠥᠩᠭᠥ ᠥᠭᠭᠦᠶ᠎ᠡ᠃
ᠨᠤᠷᠪᠤ᠄ ᠨᠡᠭᠡᠷᠡᠨ ᠤᠤ?
ᠪᠤᠷᠵᠢᠮᠠ᠄ ᠬᠦᠰᠡᠭᠰᠡᠨ ᠶᠠᠭᠤᠮ᠎ᠠ ᠶ᠋ᠢ ᠨᠢ ᠠᠪᠴᠤ ᠦᠭᠭᠦᠭᠰᠡᠭᠡᠷ ᠪᠠᠢᠭᠠᠳ᠂ ᠬᠡᠦᠬᠡᠳ ᠴᠢᠨᠢ ᠪᠦᠷ ᠡᠷᠬᠡ ᠶᠠᠭᠤᠮ᠎ᠠ ᠪᠣᠯᠤᠭᠠᠳ ᠪᠠᠷᠠᠯ᠎ᠠ ᠰᠢᠲᠠ᠃
ᠰᠠᠮᠪᠤᠤ᠄ ᠪᠤᠷᠵᠢᠮᠠ ᠪᠢ ᠲᠡᠢᠮᠦ ᠬᠠᠩᠭᠠᠯᠤᠭᠤᠨ ᠥᠰᠦᠭᠡ ᠦᠭᠡᠢ ᠯᠡ ᠳᠡ᠃ ᠭᠡᠬᠦ ᠳ᠋ᠦ᠍ ᠪᠡᠨ ᠬᠡᠦᠬᠡᠳ ᠢ᠋ᠶ᠋ᠡᠨ ᠶᠠᠭᠤ ᠪᠠᠷ ᠴᠦ᠍ ᠳᠤᠲᠠᠭᠤᠯᠬᠤ ᠦᠭᠡᠢ ᠥᠰᠬᠡᠨ᠎ᠡ ᠭᠡᠵᠦ ᠬᠡᠯᠡᠵᠦ ᠪᠠᠢᠭᠰᠠᠨ ᠢ᠋ ᠰᠠᠨᠠᠵᠤ ᠪᠠᠢᠨ᠎ᠠ ᠤᠤ?
ᠨᠤᠷᠪᠤ᠄ ᠪᠠᠶᠠᠷᠯᠠᠯ᠎ᠠ ᠠᠪᠤ ᠠ᠋᠂ ᠬᠦᠦ ᠨᠢ ᠲᠠᠨ ᠳ᠋ᠤ᠌ ᠪᠠᠨ ᠬᠠᠢᠷᠠᠲᠠᠢ ᠰᠢᠦ᠃
ᠪᠤᠷᠵᠢᠮᠠ᠄ ᠡᠵᠢ ᠳ᠋ᠦ᠍ ᠪᠡᠨ ᠬᠠᠢᠷᠠᠲᠠᠢ ᠪᠢᠵᠡ ᠳᠡ᠃ ᠪᠢ ᠲᠡᠭᠡᠪᠡᠯ ᠰᠢᠨ᠎ᠡ ᠤᠭᠯᠠᠭᠠᠰᠢ ᠠᠪᠴᠤ ᠪᠣᠯᠬᠤ ᠶᠤᠮ ᠤᠤ?
ᠰᠠᠮᠪᠤᠤ᠄ ᠴᠢ ᠥᠪᠡᠷᠲᠡᠭᠡᠨ ᠤᠭᠯᠠᠭᠠᠰᠢ ᠣᠶᠣᠴᠢᠬᠠᠭᠠᠴᠢ ᠳᠠ᠃
ᠨᠤᠷᠪᠤ᠄ ᠭᠣᠮᠪᠣ ᠠ᠋᠂ ᠪᠢᠲᠡᠭᠡᠢ ᠬᠠᠭ᠎ᠠ᠂AIR JALAM(ᠭᠤᠲᠤᠯ ᠤ᠋ᠨ ᠨᠡᠷ᠎ᠡ)ᠠᠪᠤᠶ᠎ᠠ᠃
ᠭᠣᠮᠪᠣ᠄ ᠳᠠᠭᠤᠰᠴᠢᠬᠠᠭᠰᠠᠨ ᠠ᠋᠃
ᠨᠤᠷᠪᠤ᠄ ᠪᠠᠢᠵᠤ ᠯᠠ ᠪᠠᠢᠨ᠎ᠠ ᠰᠢᠲᠠ᠃
ᠭᠣᠮᠪᠣ᠄ ᠨᠠᠭᠠᠳᠤᠬᠢ ᠴᠢᠨᠢ ᠰᠡᠭᠦᠯ ᠦ᠋ᠨ ᠬᠢ᠂ ᠵᠠᠷᠤᠬᠤ ᠦᠭᠡᠢ᠂ ᠴᠢ ᠥᠪᠡᠷ ᠢ᠋ᠶ᠋ᠡᠨ AIR JALAM(ᠭᠤᠲᠤᠯ ᠤ᠋ᠨ ᠨᠡᠷ᠎ᠡ)ᠲᠠᠢ ᠯᠠ ᠶᠤᠮ ᠪᠠᠢᠨ᠎ᠠ ᠰᠢᠳᠡ᠃
ᠨᠤᠷᠪᠤ᠄ ᠵᠠᠷᠤᠴᠢᠬᠠ ᠯᠠ ᠳᠠ᠂ ᠪᠡᠯᠡᠨ ᠮᠥᠩᠭᠥ ᠪᠡᠷ ᠠᠪᠤᠶ᠎ᠠ᠃
ᠭᠣᠮᠪᠣ᠄ ᠳᠣᠷᠣᠢ ᠰᠤᠭᠤᠯᠤᠭᠠᠨ ᠳ᠋ᠤ᠌ ᠬᠣᠵᠢᠭ᠎ᠠ ᠤᠤ? ᠳᠥᠷᠪᠡᠨ ᠵᠠᠭᠤ ᠶᠡᠷᠡ ᠶᠢᠰᠦᠨ ᠲᠦᠭᠦᠷᠢᠭ ᠃
ᠨᠤᠷᠪᠤ᠄ ᠭᠤᠷᠪᠠᠨ ᠵᠠᠭᠤ ᠶᠡᠷᠡ ᠶᠢᠰᠦᠨ ᠲᠦᠭᠦᠷᠢᠭ ᠪᠠᠢᠭᠰᠠᠨ ᠪᠢᠵᠡ ᠳᠡ᠃
ᠭᠣᠮᠪᠣ᠄ ᠳᠥᠷᠪᠡᠨ ᠵᠠᠭᠤ ᠶᠡᠷᠡ ᠶᠢᠰᠦᠨ ᠲᠦᠭᠦᠷᠢᠭ ᠪᠠᠢᠬᠤ ᠦᠭᠡᠢ ᠪᠣᠯ ᠪᠠᠶᠠᠷᠲᠠᠢ᠃
ᠨᠤᠷᠪᠤ᠄ ᠠᠢ ᠪᠠᠢᠵᠠ ᠯᠠ ᠳᠠ᠂ ᠪᠢ ᠵᠠᠭᠤᠨ ᠲᠥᠭᠥᠷᠢᠭ ᠣᠯᠤᠭᠠᠳ ᠢᠷᠡᠶ᠎ᠡ᠃ ᠪᠢᠲᠡᠭᠡᠢ ᠬᠠᠭᠠᠭᠠᠷᠠᠢ᠃
ᠭᠣᠮᠪᠣ᠄ ᠲᠡᠭᠡᠪᠡᠯ ᠬᠤᠷᠳᠤᠯᠠ᠂ ᠠᠷᠪᠠ ᠠ᠋ᠴᠠ ᠡᠮᠦᠨ᠎ᠡ ᠢᠷᠡᠬᠦ ᠦᠭᠡᠢ ᠪᠣᠯ ᠠᠬᠢᠭᠠᠳ ᠦᠨ᠎ᠡ ᠪᠡᠨ ᠨᠡᠮᠡᠯ᠎ᠡ᠃
ᠨᠤᠷᠪᠤ᠄ ᠬᠠᠮᠢᠭ᠎ᠠ ᠠ᠋ᠴᠠ ᠪᠠᠨ ᠲᠡᠢᠮᠦ ᠶᠡᠬᠡ ᠮᠥᠩᠭᠥ ᠣᠯᠤᠨ᠎ᠠ᠃
ᠶᠤᠨᠳᠤᠨ᠄ ᠴᠢ ᠡᠨᠳᠡ ᠶᠠᠭᠤ ᠬᠢᠵᠦ ᠪᠠᠢᠭ᠎ᠠ ᠶᠤᠮ?
ᠨᠤᠷᠪᠤ᠄ ᠨᠢᠭᠡ ᠶᠠᠭᠠᠷᠠᠯᠲᠠᠢ ᠬᠡᠷᠡᠭ ᠭᠠᠷᠤᠯ᠎ᠠ᠃
ᠶᠤᠨᠳᠤᠨ᠄ ᠬᠥᠮᠦᠨ ᠠᠮᠢᠨ ᠤ᠋ ᠬᠡᠷᠡᠭ ᠤᠤ?
ᠨᠠᠢᠳᠠᠨ ᠄ ᠠᠬᠢᠭᠠᠳ ᠬᠥᠮᠦᠨ ᠦᠬᠦᠭᠡ ᠤᠤ?
ᠨᠤᠷᠪᠤ᠄ ᠬᠠᠷᠢᠨ ᠶᠠᠭ ᠦᠬᠦᠬᠦ ᠰᠢᠬᠠᠯ᠎ᠠ᠃
ᠶᠤᠨᠳᠤᠨ᠄ ᠬᠡᠨ ᠶᠤᠮ?
ᠨᠠᠢᠳᠠᠨ᠄ ᠬᠠᠮᠢᠭ᠎ᠠ?
ᠨᠤᠷᠪᠤ᠄ ᠭᠣᠮᠪᠣ ᠶ᠋ᠢᠨ ᠳᠡᠯᠭᠡᠭᠦᠷ᠃
ᠨᠠᠢᠳᠠᠨ᠄ ᠭᠣᠮᠪᠣ ᠶ᠋ᠢ ᠠᠯᠠᠴᠢᠬᠠᠭᠰᠠᠨ ᠶᠤᠮ ᠤᠤ?
ᠨᠤᠷᠪᠤ᠄ ᠮᠠᠭᠤ ᠢᠮᠠᠭ᠎ᠠ ᠶ᠋ᠢ ᠴᠢᠳᠠᠳᠠᠭ ᠪᠣᠯ ᠠᠯᠠᠴᠢᠬᠠᠮᠠᠷ ᠯᠠ ᠪᠠᠢᠨ᠎ᠠ᠂ ᠠᠭ᠎ᠠ ᠠ᠋᠂ ᠵᠠᠭᠤᠨ ᠲᠥᠭᠥᠷᠢᠭ ᠪᠠᠢᠨ᠎ᠠ ᠤᠤ?
ᠶᠤᠨᠳᠤᠨ᠄ ᠶᠠᠭᠠᠬᠢᠬᠤ ᠭᠡᠵᠦ ᠪᠠᠢᠭ᠎ᠠ ᠶᠤᠮ?
ᠨᠠᠢᠳᠠᠨ᠄ ᠠᠯᠠᠭᠤᠷᠴᠢᠨ ᠬᠥᠯᠥᠰᠥᠯᠡᠬᠦ ᠭᠡᠵᠦ ᠪᠠᠢᠭ᠎ᠠ ᠶᠤᠮ ᠤᠤ?
ᠨᠤᠷᠪᠤ᠄ AIR JALAM(ᠭᠤᠲᠤᠯ ᠤ᠋ᠨ ᠨᠡᠷ᠎ᠡ)ᠠᠪᠬᠤ ᠭᠡᠰᠡᠨ ᠴᠢᠨᠢ ᠮᠥᠩᠭᠥ ᠳᠤᠲᠠᠴᠢᠬᠠᠯᠠ᠃
ᠶᠤᠨᠳᠤᠨ᠄ ᠰᠢᠨ᠎ᠡ ᠶ᠋ᠢ ᠠᠪᠬᠤ ᠭᠡᠵᠦ ᠪᠠᠢᠭ᠎ᠠ ᠶᠤᠮ ᠤᠤ? ᠠᠯᠢᠪ᠂ ᠮᠠ ᠡᠭᠦᠨ ᠢ᠋ ᠡᠮᠦᠰᠬᠦ ᠤᠤ? ᠪᠠᠷᠤᠭ ᠰᠢᠨ᠎ᠡ ᠪᠡᠷ ᠢᠶᠡᠨ ᠪᠠᠢᠭ᠎ᠠ᠃
ᠨᠤᠷᠪᠤ᠂ ᠲᠠ ᠪᠠᠰᠠ AIR JALAM(ᠭᠤᠲᠤᠯ ᠤ᠋ᠨ ᠨᠡᠷ᠎ᠡ)ᠠᠪᠴᠢᠬᠠᠭᠰᠠᠨ ᠶᠤᠮ ᠤᠤ ? ᠦ᠂ ᠶᠠᠭᠤ ᠪᠣᠢ?ᠬᠣᠯᠬᠢ JALAM ᠪᠠᠢᠨ᠎ᠠ ᠰᠢᠲᠠ᠃
ᠶᠤᠨᠳᠤᠨ᠄ ᠶᠠᠭᠤ ᠭᠡᠵᠦ ᠳᠡ᠂ ᠢᠰᠨ᠋ᠸᠵᠢᠯ ᠡᠴᠡ ᠶᠡᠷᠡ ᠶᠢᠰᠦᠨ ᠲᠦᠭᠦᠷᠢᠭ ᠢᠶᠡᠷ ᠠᠪᠤᠭᠰᠠᠨ ᠰᠢᠲᠠ᠃
ᠨᠤᠷᠪᠤ᠄ ᠲᠠ ᠬᠣᠯᠬᠢᠳᠠᠭᠤᠯᠴᠢᠬᠠᠵᠠᠢ ᠰᠢᠲᠠ᠂ ᠡᠨᠡ ᠴᠢᠨᠢ ᠪᠦᠷ ᠲᠠᠬ᠎ᠠ ᠦᠭᠡᠢ ᠶᠠᠭᠤᠮ᠎ᠠ ᠪᠠᠢᠨ᠎ᠠ᠃
ᠶᠤᠨᠳᠤᠨ᠄ ᠠ! ᠮᠠᠭᠤ ᠯᠤᠢᠪᠠᠷᠴᠢᠨ ᠬᠠᠪᠠ᠃
ᠨᠠᠢᠳᠠᠨ᠄ ᠮᠠ᠂ ᠮᠢᠨᠦ ᠳᠡᠭᠦᠦ᠃
ᠶᠤᠨᠳᠤᠨ᠄ ᠶᠠᠭᠠᠬᠢᠬᠤ ᠨᠢ ᠤᠤ?
ᠨᠠᠢᠳᠠᠨ᠄ ᠵᠦᠭᠡᠷ ᠠ᠋᠂ ᠴᠢ ᠨᠠᠳᠠ ᠲᠤᠰᠠᠯᠠᠵᠤ ᠪᠠᠢᠭ᠎ᠠ ᠶᠤᠮ ᠴᠢᠨᠢ᠂ ᠳᠡᠭᠦᠦ ᠳᠤ ᠴᠢᠨᠢ ᠴᠦ᠍ ᠭᠡᠰᠡᠨ ᠲᠤᠰᠠᠯᠠᠶ᠎ᠠ ᠯᠠ ᠳᠠ᠃
ᠨᠤᠷᠪᠤ᠄ ᠪᠠᠶᠠᠷᠯᠠᠯ᠎ᠠ ᠨᠠᠢᠳᠠᠨ ᠠᠭ᠎ᠠ᠂ ᠪᠢ ᠲᠣᠮᠣ ᠪᠣᠯᠤᠭᠠᠳ ᠲᠠᠨ ᠰᠢᠭ᠋ ᠴᠠᠭᠳᠠᠭ᠎ᠠ ᠪᠣᠯᠤᠨ᠎ᠠ᠃ᠳᠡᠯᠭᠡᠭᠦᠷ ᠬᠠᠭᠠᠬᠤ ᠠ᠋ᠴᠠ ᠡᠮᠦᠨ᠎ᠡ ᠠᠮᠵᠢᠴᠢᠬᠠᠬᠤ ᠶᠤᠮ ᠰᠠᠨ᠃ᠠᠷᠠᠢ ᠴᠤ᠌ ᠳᠠ᠂ ᠠᠢ ᠯᠠ ᠳᠠ᠂ ᠶᠠᠮᠠᠷ ᠵᠠᠶᠠᠭ᠎ᠠ ᠦᠭᠡᠢ ᠶᠤᠮ ᠪᠣᠢ?ᠪᠢ ᠣᠳᠣ ᠶᠠᠭᠠᠬᠢᠬᠤ ᠶᠤᠮ ᠪᠣᠢ? ᠠᠷᠪᠠᠨ ᠴᠠᠭ᠃
ᠤᠯᠠᠭᠠᠨ᠄ ᠰᠢᠨᠤᠯ ᠶᠡᠬᠡᠳᠡᠪᠡᠯ ᠵᠣᠪᠠᠯᠠᠩ ᠪᠣᠯᠳᠠᠭ ᠶᠤᠮ ᠳᠠ᠂ ᠭᠣᠮᠪᠣ ᠮᠠᠭᠤ ᠨᠣᠪᠰᠢ ᠮᠢᠨᠢ᠃
ᠭᠣᠮᠪᠣ᠄ ᠬᠠᠭᠠᠯᠤᠭᠰᠠᠨ ᠰᠢᠯ ᠲᠥᠯᠥᠵᠦ ᠥᠭᠭᠦᠭᠡᠷᠡᠢ᠂ ᠤᠯᠠᠭᠠᠨ ᠠᠷᠢᠬᠢᠴᠢᠨ᠃
ᠢᠰᠨ᠋ᠸᠵᠢᠯ᠄ ᠬᠥᠶᠢ᠂ ᠵᠠᠯᠠᠭᠤ AIR JALAM(ᠭᠤᠲᠤᠯ ᠤ᠋ᠨ ᠨᠡᠷ᠎ᠡ)ᠰᠣᠨᠢᠷᠬᠠᠬᠤ ᠤᠤ?
ᠤᠯᠠᠭᠠᠨ᠄ ᠣᠢᠷ᠎ᠠ ᠶ᠋ᠢᠨ ᠶᠠᠭᠤᠮ᠎ᠠ ᠤᠤ? ᠲᠠᠬ᠎ᠠ ᠦᠭᠡᠢ ᠶᠤᠮ ᠪᠢᠰᠢ ᠤᠤ?
ᠢᠰᠨ᠋ᠸᠵᠢᠯ᠄ ᠲᠠᠬ᠎ᠠ ᠲᠠᠢ ᠰᠢᠲᠠ᠂ ᠬᠠᠷᠠᠭᠠᠴᠢ ᠬᠣᠶᠠᠷ ᠵᠠᠭᠤ ᠳ᠋ᠤ᠌ ᠠᠪᠤᠪᠠᠯ ᠠᠪ᠃
ᠨᠤᠷᠪᠤ᠄ ᠮᠠ᠂ ᠪᠦᠦᠽᠢ ᠪᠡᠨ ᠠᠪᠤᠶ᠎ᠠ᠃
ᠭᠣᠮᠪᠣ᠄ ᠰᠠᠢᠬᠠᠨ ᠮᠠᠢᠮᠠᠢ ᠬᠢᠯ᠎ᠡ ᠭᠡᠵᠢ᠃
ᠨᠤᠷᠪᠤ᠄ ᠮᠠᠭᠤ ᠰᠢᠨᠤᠯ ᠲᠠᠢ ᠨᠣᠪᠰᠢ᠃
ᠭᠣᠮᠪᠣ᠄ ᠪᠠᠶᠠᠨ ᠨᠣᠪᠰᠢ ᠭᠡᠭᠡᠴᠢ᠃ᠬᠣᠶᠠᠭᠤᠯᠠ ᠪᠠᠨ ᠥᠨᠥᠳᠥᠷ ᠶᠠᠭᠤ ᠬᠢᠬᠦ ᠪᠣᠢ?ᠶᠠᠭᠤ ᠪᠣᠢ? ᠮᠠᠭᠤ ᠳᠣᠷᠣᠢ ᠴᠢᠮ᠎ᠠ ᠶ᠋ᠢ ᠠᠯᠠᠨ᠎ᠠ ᠳᠠ᠃ ᠶᠠᠭᠤ ᠭᠡᠨ᠎ᠡ ᠤᠤ?ᠬᠡᠨ ᠪᠣᠢ? ᠬᠡᠨ ᠨᠠᠮ᠎ᠠ ᠶ᠋ᠢ ᠳᠠᠭᠠᠭᠠᠳ ᠪᠠᠢᠨ᠎ᠠ? ᠴᠢᠮ᠎ᠠ ᠳ᠋ᠤ᠌ ᠶᠠᠭᠤ ᠬᠡᠷᠡᠭᠲᠡᠢ ᠶᠤᠮ? ᠮᠥᠩᠭᠥ ᠤᠤ? ᠨᠠᠳᠠ ᠮᠥᠩᠭᠥ ᠪᠠᠢᠬᠤ ᠦᠭᠡᠢ᠂ ᠪᠦᠭᠦᠳᠡ ᠶ᠋ᠢ ᠨᠢ ᠦᠷᠡᠴᠢᠬᠡᠭᠰᠡᠨ᠃
ᠨᠠᠢᠳᠠᠨ᠄ ᠴᠢ ᠠᠯᠠᠭᠤᠷᠴᠢᠨ ᠢ᠋ ᠬᠠᠷᠠᠭᠰᠠᠨ ᠤᠤ?
ᠤᠯᠠᠭᠠᠨ:: ᠬᠠᠷᠠᠭᠰᠠᠨ ᠠ᠋᠂ ᠭᠡᠬᠦ ᠳ᠋ᠦ᠍ ᠪᠡᠨ ᠬᠠᠷᠠᠩᠭᠤᠢ ᠳ᠋ᠤ᠌ ᠰᠠᠢᠨ ᠬᠠᠷᠠᠭᠳᠠᠭ᠎ᠠ ᠦᠭᠡᠢ ᠪᠠᠢᠭ᠎ᠠ ᠯᠠ᠁
ᠶᠤᠨᠳᠤᠨ᠄ ᠶᠠᠮᠠᠷ ᠶᠠᠭᠤᠮ᠎ᠠ ᠪᠠᠢᠭᠰᠠᠨ ᠶᠤᠮ?
ᠣᠯᠠᠭᠠᠨ᠄ ᠰᠠᠨᠳᠤᠷᠤᠭᠰᠠᠨ ᠪᠣᠯᠬᠣᠷ ᠰᠠᠢᠨ ᠰᠠᠨᠠᠬᠤ ᠦᠭᠡᠢ᠂ ᠶᠠᠮᠠᠷ ᠲᠠᠢ ᠴᠤ᠌ ᠶᠡᠬᠡ ᠲᠣᠮᠣ ᠪᠡᠶ᠎ᠡ ᠲᠡᠢ ᠠᠮᠢᠲᠠᠨ ᠪᠠᠢᠬᠤ ᠰᠢᠭ᠋ ᠪᠠᠢᠭᠰᠠᠨ᠃ ᠱᠣᠪᠬᠣ ᠴᠢᠬᠢ ᠬᠤᠷᠴᠠ ᠰᠣᠶᠣᠭ᠎ᠠ ᠯᠠ ᠬᠠᠷᠠᠭᠰᠠᠨ᠃ ᠨᠠᠮ᠎ᠠ ᠶ᠋ᠢ ᠣᠴᠢᠲᠠᠯ᠎ᠠ ᠭᠣᠮᠪᠣ ᠶ᠋ᠢᠨ ᠳᠡᠭᠡᠷ᠎ᠡ ᠭᠠᠷᠤᠭᠰᠠᠨ᠂ ᠭᠣᠮᠪᠣ ᠶ᠋ᠢ ᠵᠦᠨᠦᠭᠦᠯᠭᠦ ᠰᠢᠭ ᠪᠣᠯᠤᠭᠰᠠᠨ᠃ ᠭᠡᠬᠦ ᠳ᠋ᠦ᠍ ᠪᠡᠨ ᠭᠡᠨᠡᠳᠲᠡ ᠯᠡ ᠠᠯᠠᠭ᠎ᠠ ᠪᠣᠯᠴᠢᠬᠠᠭᠰᠠᠨ᠃
ᠶᠤᠨᠳᠤᠨ᠄ ᠴᠢ Chewbacca(ᠺᠢᠨᠦ᠌ ᠶ᠋ᠢᠨ ᠭᠣᠣᠯ ᠪᠠᠭᠠᠲᠤᠷ ᠤ᠋ᠨ ᠨᠡᠷ᠎ᠡ)ᠪᠠᠢᠳᠠᠭ ᠭᠡᠳᠡᠭ ᠲᠦ᠍ ᠢᠲᠡᠭᠡᠳᠡᠭ ᠤᠤ?
ᠶᠤᠨᠳᠤᠨ᠄ ᠦᠭᠡᠢ᠂ ᠭᠡᠬᠦ ᠳ᠋ᠦ᠍ ᠪᠡᠨ ᠬᠡᠨ Chewbacca(ᠺᠢᠨᠦ᠌ ᠶ᠋ᠢᠨ ᠭᠣᠣᠯ ᠪᠠᠭᠠᠲᠤᠷ ᠤ᠋ᠨ ᠨᠡᠷ᠎ᠡ) ᠶ᠋ᠢᠨ ᠳᠦᠷᠢ ᠲᠣᠭᠯᠠᠭᠠᠳ ᠪᠠᠢᠬᠤ ᠶ᠋ᠢ ᠮᠡᠳᠡᠯ᠎ᠡ᠃
ᠡᠮᠴᠢ᠄ ᠬᠦ ᠨᠠᠭᠠᠳᠤᠬᠢ ᠴᠢᠨᠢ ᠡᠩ ᠦ᠋ᠨ ᠰᠫᠢᠷᠲ᠃
ᠪᠢᠯᠢ᠄ ᠠᠪᠤ ᠪᠢ ᠪᠠᠢᠪᠡᠷᠯᠢ ᠶ᠋ᠢᠨ ᠬᠠᠮᠲᠤᠯᠢᠭ ᠲᠤ᠌ ᠣᠷᠣᠵᠤ ᠪᠣᠯᠬᠤ ᠤᠤ?
ᠸᠢᠨᠰᠧᠨ᠋ᠲ᠄ ᠪᠣᠯᠬᠤ ᠦᠭᠡᠢ᠂ ᠣᠳᠣ ᠤᠨᠲᠠ᠃
ᠨᠠᠢᠳᠠᠨ᠄ ᠴᠢ ᠬᠥᠮᠦᠨ ᠠᠮᠢᠨ ᠤ᠋ ᠬᠡᠷᠡᠭ ᠢ᠋ᠶ᠋ᠡᠷ ᠪᠠᠷᠢᠪᠴᠢᠯᠠᠭᠳᠠᠯᠠ᠂ ᠴᠢ ᠳᠠᠭᠤ ᠦᠭᠡᠢ ᠪᠠᠢᠬᠤ ᠬᠡᠷᠡᠭᠲᠡᠢ᠂ ᠬᠡᠯᠡᠭᠰᠡᠨ ᠦᠭᠡ ᠴᠢᠨᠢ ᠰᠢᠭᠦᠬᠦ ᠳᠡᠭᠡᠷ᠎ᠡ ᠥᠪᠡᠷ ᠦ᠋ᠨ ᠴᠢᠨᠢ ᠡᠰᠡᠷᠭᠦ ᠠᠰᠢᠭᠯᠠᠭᠳᠠᠨ᠎ᠠ᠃
ᠸᠢᠨᠰᠧᠨ᠋ᠲ᠄ ᠪᠢ ᠬᠠᠤᠯᠢᠴᠢ ᠲᠠᠢ ᠪᠠᠨ ᠶᠠᠷᠢᠮᠠᠷ ᠪᠠᠢᠨ᠎ᠠ᠃
ᠶᠤᠨᠳᠤᠨ᠄ ᠬᠥᠮᠦᠨ ᠠᠮᠢᠨ ᠤ᠋ ᠬᠡᠷᠡᠭ ᠡᠴᠡ ᠮᠤᠯᠲᠤᠷᠠᠭᠤᠯᠳᠠᠭ ᠬᠠᠤᠯᠢᠴᠢ ᠭᠡᠵᠦ ᠪᠠᠢᠳᠠᠭ ᠦᠭᠡᠢ ᠶᠤᠮ᠃
ᠬᠠᠤᠯᠢᠴᠢ᠄ ᠲᠠ ᠨᠠᠷ ᠶᠠᠮᠠᠷ ᠴᠤ᠌ ᠦᠨᠳᠦᠰᠦᠯᠡᠯ ᠦᠭᠡᠢ ᠦᠯᠢᠭᠡᠷ ᠳᠣᠮᠣᠭ ᠤ᠋ᠨ ᠰᠢᠯᠲᠠᠭᠠᠨ ᠢ᠋ᠶ᠋ᠠᠷ ᠭᠡᠷ ᠲᠦ᠍ ᠪᠡᠨ ᠰᠠᠭᠤᠵᠤ ᠪᠠᠢᠭᠰᠠᠨ ᠬᠥᠮᠦᠨ ᠢ᠋ ᠪᠠᠷᠢᠪᠴᠢᠯᠠᠬᠤ ᠨᠢ ᠵᠥᠪ ᠭᠡᠵᠦ ᠪᠣᠳᠣᠵᠤ ᠪᠠᠢᠨ᠎ᠠ ᠤᠤ?
ᠶᠤᠨᠳᠤᠨ᠄ ᠲᠡᠢᠮᠦ ᠠ᠋᠂ ᠸᠢᠨᠰᠧᠨ᠋ᠲ ᠴᠤᠪᠤᠷᠠᠯ ᠠᠯᠠᠯᠭ᠎ᠠ ᠦᠢᠯᠡᠳᠦᠭᠰᠡᠨ᠃
ᠬᠠᠤᠯᠢᠴᠢ᠄ ᠶᠠᠭᠠᠬᠢᠵᠤ? ᠶᠠᠭᠠᠬᠢᠵᠤ ᠨᠢᠭᠡ ᠴᠢᠨᠣ᠎ᠠ ᠬᠣᠶᠠᠷ ᠭᠠᠵᠠᠷ ᠵᠡᠷᠭᠡ ᠪᠠᠢᠬᠤ ᠶᠤᠮ?
ᠨᠠᠢᠳᠠᠨ᠄ ᠵᠡᠷᠭᠡ ᠪᠠᠢᠭ᠎ᠠ ᠦᠭᠡᠢ᠂ ᠭᠣᠮᠪᠣ ᠶ᠋ᠢ ᠦᠬᠦᠭᠰᠡᠨ ᠦ᠌ ᠳᠠᠷᠠᠭ᠎ᠠ ᠸᠢᠨᠰᠧᠨ᠋ᠲ ᠭᠡᠷ ᠲᠦ᠍ ᠪᠡᠨ ᠢᠷᠡᠭᠰᠡᠨ᠂ ᠬᠦᠦ ᠨᠢ ᠸᠢᠨᠰᠧᠨ᠋ᠲ ᠢ᠋ ᠥᠨᠥᠳᠥᠷ ᠣᠷᠣᠢᠲᠠᠵᠤ ᠭᠡᠷ ᠲᠦ᠍ ᠪᠡᠨ ᠢᠷᠡᠭᠰᠡᠨ ᠭᠡᠵᠦ ᠬᠦᠷᠲᠡᠯ᠎ᠡ ᠮᠡᠳᠡᠭᠦᠯᠦᠯᠭᠡ ᠥᠭᠭᠦᠭᠰᠡᠨ᠃
ᠸᠢᠨᠰᠧᠨ᠋ᠲ᠄ ᠪᠢ ᠭᠤᠢᠯᠬᠢ ᠲᠣᠭᠯᠠᠵᠤ ᠪᠠᠢᠭᠠᠳ ᠣᠷᠣᠢᠲᠠᠭᠰᠠᠨ ᠶᠤᠮ᠃
ᠶᠤᠨᠳᠤᠨ᠄ ᠶᠠᠮᠠᠷ ᠴᠤ᠌ ᠡᠷᠡᠭᠦᠯ ᠤᠬᠠᠭᠠᠨ ᠲᠠᠢ ᠬᠥᠮᠦᠨ ᠪᠣᠷᠣᠭᠠᠨ ᠲᠠᠢ ᠰᠥᠨᠢ ᠭᠤᠢᠯᠬᠢ ᠲᠣᠭᠯᠠᠳᠠᠭ ᠦᠭᠡᠢ ᠶᠤᠮ᠃
ᠸᠢᠨᠰᠧᠨ᠋ᠲ᠄ ᠴᠢᠨᠦ᠎ᠠ ᠪᠤᠷᠤᠭᠠᠨ ᠢ᠋ᠶ᠋ᠠᠷ ᠭᠡᠵᠦ ᠮᠡᠳᠡᠬᠦ ᠤᠤ? ᠮᠢᠨᠦ ᠰᠥᠨᠢ ᠶ᠋ᠢᠨ ᠬᠠᠷᠠᠭ᠎ᠠ ᠶᠡᠬᠡ ᠰᠠᠢᠨ ᠰᠢᠦ᠃
ᠶᠤᠨᠳᠤᠨ᠄ ᠡᠨᠡ ᠳᠠᠭᠤᠨ ᠨᠠᠮᠰᠠᠭᠠᠭᠴᠢ ᠲᠠᠢ n1911᠂ ᠬᠥᠩᠬᠥᠷ ᠬᠣᠰᠢᠭᠤ ᠲᠠᠢ ᠰᠤᠮᠤ᠂ ᠳᠣᠯᠣᠭᠠᠨ ᠰᠤᠮᠤ ᠲᠠᠢ᠂ ᠮᠠᠬᠢᠽᠢᠨᠢ(ᠰᠤᠮᠤᠨ ᠤ᠋ ᠬᠠᠢᠷᠴᠠᠭ)ᠬᠣᠶᠠᠷ ᠰᠤᠮᠤ ᠳᠤᠲᠠᠭᠤ ᠪᠠᠢᠭᠰᠠᠨ᠃ ᠡᠮᠦᠨᠡᠬᠢ ᠠᠯᠠᠯᠭ᠎ᠠ ᠨᠤᠭᠤᠳ ᠲᠠᠢ ᠠᠳᠠᠯᠢᠬᠠᠨ ᠵᠡᠪᠰᠡᠭ ᠦ᠋ᠳ ᠪᠡᠶ᠎ᠡ ᠵᠠᠬ᠎ᠠ ᠠ᠋ᠴᠠ ᠨᠢ ᠣᠯᠳᠠᠭᠰᠠᠨ᠃
ᠸᠢᠨᠰᠧᠨ᠋ᠲ᠄ ᠪᠢ ᠲᠠ ᠨᠠᠷ ᠢ᠋ ᠣᠷᠣᠵᠤ ᠢᠷᠡᠬᠦ ᠳ᠋ᠦ᠍ ᠡᠬᠡᠨᠡᠷ ᠬᠡᠦᠬᠡᠳ ᠢ᠋ᠶ᠋ᠡᠨ ᠬᠠᠮᠠᠭᠠᠯᠠᠬᠤ ᠭᠡᠳ ᠬᠣᠶᠠᠷ ᠤᠳᠠᠭ᠎ᠠ ᠫᠤᠤᠳᠠᠭᠰᠠᠨ᠃
ᠨᠠᠢᠳᠠᠨ᠄ ᠬᠤᠳᠠᠯᠴᠢ᠃
ᠬᠠᠤᠯᠢᠴᠢ᠄ ᠸᠢᠨᠰᠧᠨ᠋ᠲ ᠦ᠋ᠨ ᠭᠡᠷ ᠡᠴᠡ ᠬᠣᠶᠠᠷ ᠬᠣᠩᠬᠢᠶ᠎ᠠ ᠣᠯᠬᠤ ᠳ᠋ᠤ᠌ ᠯᠠ ᠲᠠ ᠨᠠᠷ ᠢ᠋ ᠪᠤᠴᠠᠵᠤ ᠰᠢᠭᠦᠬᠦ ᠳ᠋ᠦ᠍ ᠴᠦ᠍ ᠪᠣᠯᠬᠤ ᠪᠠᠷ ᠶᠤᠮ ᠰᠢᠭ᠋ ᠪᠠᠢᠨ᠎ᠠ᠃
ᠶᠤᠨᠳᠤᠨ᠄ ᠪᠢᠳᠡᠨ ᠳ᠋ᠦ᠍ ᠭᠡᠷᠡᠴᠢ ᠪᠣᠢ᠃
ᠡᠮᠴᠢ᠄ ᠵᠠᠯᠠᠭᠤᠰ ᠠ᠋᠂ ᠮᠠᠭᠤ ᠮᠡᠳᠡᠭᠡ᠂ ᠤᠯᠠᠭᠠᠨ᠎ᠠ ᠰᠠᠶᠢᠬᠠᠨ ᠠᠳᠠᠯᠢᠬᠠᠨ ᠰᠢᠷᠬ᠎ᠠ ᠲᠠᠢ ᠣᠯᠲᠠᠯ᠎ᠠ᠃
ᠶᠤᠨᠳᠤᠨ᠄ ᠭᠡᠷᠡᠴᠢ ᠶ᠋ᠢ ᠪᠡᠶ᠎ᠡ ᠬᠠᠮᠠᠭᠠᠯᠠᠭᠴᠢ ᠲᠠᠢ ᠶᠠᠪᠤᠭᠤᠯᠤᠭ᠎ᠠ ᠦᠭᠡᠢ ᠶᠤᠮ ᠤᠤ?
ᠡᠮᠴᠢ᠄ ᠤᠯᠠᠭᠠᠨ᠎ᠠ ᠪᠡᠶ᠎ᠡ ᠬᠠᠮᠠᠭᠠᠯᠠᠭᠴᠢ ᠲᠠᠢ ᠪᠠᠨ ᠨᠡᠢᠯᠡᠵᠦ ᠤᠤᠭᠤᠵᠤ ᠪᠠᠢᠭᠠᠳ ᠬᠠᠮᠲᠤ ᠲᠠᠰᠤᠷᠠᠴᠢᠬᠠᠵᠠᠢ᠃
ᠶᠤᠨᠳᠤᠨ᠄ ᠠᠯᠠᠭᠤᠷᠴᠢᠨ ᠬᠥᠯᠥᠰᠥᠯᠡᠭᠰᠡᠨ ᠪᠠᠢᠬᠤ ᠨᠢ ᠠ᠋᠃
ᠬᠠᠤᠯᠢᠴᠢ᠄ ᠵᠠ ᠣᠳᠣ ᠦᠨᠳᠦᠷᠯᠡᠵᠡᠭᠡᠶᠡ᠂ ᠨᠢᠭᠡ ᠬᠥᠮᠦᠨ ᠬᠣᠶᠠᠷ ᠭᠠᠵᠠᠷ ᠲᠤ᠌ ᠵᠡᠷᠭᠡ ᠪᠠᠢᠬᠤ ᠪᠣᠯᠤᠮᠵᠢ ᠦᠭᠡᠢ ᠭᠡᠳᠡᠭ ᠢ ᠪᠠᠭ᠎ᠠ ᠠᠩᠭᠢ ᠶ᠋ᠢᠨ ᠪᠠᠴᠠᠭᠠᠨ ᠨᠤᠭᠤᠳ ᠴᠤ᠌ ᠣᠢᠯᠠᠭᠠᠨ᠎ᠠ᠃ ᠸᠢᠨᠰᠧᠨ᠋ᠲ ᠴᠢ ᠭᠣᠮᠣᠳᠠᠯ ᠭᠠᠷᠭᠠᠬᠤ ᠤᠤ?
ᠸᠢᠨᠰᠧᠨ᠋ᠲ᠄ ᠨᠠᠳᠠ ᠳ᠋ᠤ᠌ ᠭᠣᠮᠣᠳᠠᠭᠠᠳ ᠪᠠᠢᠬᠤ ᠶᠠᠭᠤᠮ᠎ᠠ ᠠᠯᠠᠭ᠎ᠠ᠂ ᠪᠠᠢᠳᠠᠭ ᠯᠠ ᠪᠠᠰᠠᠩ ᠭᠠᠷᠠᠭ᠃
ᠨᠠᠢᠳᠠᠨ᠄ ᠠ᠂ ᠶᠠᠭᠠᠬᠢᠬᠤ ᠴᠤ᠌ ᠠᠷᠭ᠎ᠠ ᠦᠭᠡᠢ ᠪᠣᠯᠤᠯ᠎ᠠ ᠳᠠ᠃
ᠶᠤᠨᠳᠤᠨ᠄ ᠪᠢᠲᠡᠭᠡᠢ ᠶᠠᠪᠤᠭᠤᠯ᠂ ᠸᠢᠨᠰᠧᠨ᠋ᠲ ᠠᠯᠠᠭᠰᠠᠨ ᠭᠡᠳᠡᠭ ᠢ᠋ ᠪᠢ ᠨᠤᠲᠠᠯᠠᠵᠤ ᠴᠢᠳᠠᠨ᠎ᠠ᠃
ᠨᠠᠢᠳᠠᠨ᠄ ᠰᠤᠯᠠᠯᠠᠬᠤ ᠦᠭᠡᠢ ᠪᠣᠯ ᠨᠠᠢᠵᠠ ᠴᠢᠨᠢ ᠠᠵᠢᠯ ᠦᠭᠡᠢ ᠪᠣᠯᠤᠨ᠎ᠠ ᠰᠢᠲᠠ᠃
ᠶᠤᠨᠳᠤᠨ᠄ ᠴᠢ ᠬᠡᠷᠡᠭᠲᠡᠨ ᠪᠠᠷᠢᠬᠤ ᠭᠡᠵᠦ ᠨᠠᠮ᠎ᠠ ᠶ᠋ᠢ ᠳᠠᠭᠤᠳᠠᠭ᠎ᠠ ᠪᠢᠵᠡ ᠳᠡ᠃
ᠨᠠᠢᠳᠠᠨ᠄ ᠡᠳ᠋ ᠦᠢᠯᠡ ᠶᠢᠨ ᠪᠠᠷᠢᠮᠲᠠ ᠲᠠᠢ ᠪᠣᠯ ᠬᠡᠵᠢᠶ᠎ᠡ ᠴᠦ᠍ ᠬᠠᠮᠢᠶ᠎ᠠ ᠦᠭᠡᠢ ᠪᠠᠷᠢᠪᠴᠢᠯᠠᠵᠤ ᠪᠣᠯᠤᠨ᠎ᠠ ᠰᠢᠳᠡ᠃
ᠸᠢᠨᠰᠧᠨ᠋ᠲ ᠡᠨᠳᠡ ᠡᠴᠡ ᠭᠠᠷᠤᠭᠠᠳ ᠠᠬᠢᠵᠤ ᠡᠨᠡ ᠲᠣᠰᠬᠣᠨ ᠳ᠋ᠤ᠌ ᠦᠵᠡᠭᠳᠡᠬᠦ ᠦᠭᠡᠢ ᠭᠡᠵᠦ ᠮᠥᠷᠥᠢᠴᠡᠶᠡ᠃
ᠨᠠᠢᠳᠠᠨ᠄ ᠰᠠᠨᠠᠭ᠎ᠠ ᠵᠣᠪᠠᠯᠲᠠ ᠦᠭᠡᠢ᠂ ᠮᠠᠭᠤ ᠲᠣᠮᠣ ᠴᠢᠨᠣ᠎ᠠ ᠶ᠋ᠢ ᠨᠢᠳᠦ ᠰᠠᠯᠭᠠᠯ ᠦᠭᠡᠢ ᠮᠠᠨᠠᠵᠤ ᠪᠠᠢᠬᠤ ᠪᠣᠯᠤᠨ᠎ᠠ᠃
ᠨᠤᠷᠪᠤ᠄ ᠪᠢ ᠥᠨᠥᠳᠥᠷ ᠳ᠋ᠠᠮᠪᠠ ᠳ᠋ᠤ᠌ ᠶᠠᠭᠤ ᠭᠡᠵᠦ ᠬᠡᠯᠡᠨ᠎ᠡ᠃
ᠬᠤᠯᠤᠭᠠᠨ᠎ᠠ᠄ ᠶᠠᠭᠠᠬᠢᠬᠤ ᠤᠤ? ᠡᠭᠦᠨ ᠢ᠋ ᠥᠨᠥᠳᠥᠷ ᠲᠦ᠍ ᠪᠡᠨ ᠡᠮᠦᠰᠬᠦ ᠤᠤ?
ᠨᠤᠷᠪᠤ᠄ ᠨᠠᠭᠠᠳᠤᠬᠢ ᠶ᠋ᠢ ᠴᠢᠨᠢ ᠬᠤᠷᠤᠭᠤᠨ ᠳ᠋ᠤ᠌ ᠪᠠᠨ ᠤᠭᠯᠠᠯ ᠲᠠᠢ ᠯᠠ ᠶᠤᠮ ᠪᠢᠰᠢ ᠳᠡ᠃ ᠭᠡᠬᠦ ᠳ᠋ᠦ᠍ ᠪᠡᠨ ᠪᠠᠶᠠᠷᠯᠠᠯ᠎ᠠ᠂ ᠬᠤᠯᠤᠭᠠᠷ ᠳ᠋ᠢᠨᠦ
ᠬᠤᠯᠤᠭᠠᠨ᠎ᠠ᠄ ᠡᠨᠡ ᠶᠠᠭᠤᠨ ᠪᠣᠯᠵᠣᠮᠣᠷ ᠣᠷᠣᠭᠠᠳ ᠢᠷᠡᠪᠡ? ᠴᠣᠩᠬᠣ ᠪᠠᠨ ᠨᠡᠭᠡᠭᠡᠯᠲᠡᠲᠡᠢ ᠬᠣᠨᠣᠭᠤᠯᠴᠢᠬᠠᠭᠰᠠᠨ ᠶᠤᠮ ᠤᠤ?ᠭᠦᠦᠰᠢ᠂ ᠮᠢᠨᠦ JALAM ᠃
ᠰᠤᠷᠪᠤᠯᠵᠢᠯᠠᠭᠴᠢ᠄ ᠲᠣᠰᠬᠣᠨ ᠳ᠋ᠤ᠌ ᠴᠤᠪᠤᠷᠠᠯ ᠠᠯᠠᠭᠤᠷᠴᠢᠨ ᠲᠠᠢ ᠪᠣᠯᠤᠭᠰᠠᠨ ᠤᠤ? ᠥᠴᠥᠭᠡᠳᠦᠷ ᠰᠥᠨᠢ ᠲᠣᠰᠬᠣᠨ ᠤ ᠳᠡᠯᠭᠡᠭᠦᠷ ᠦ᠋ᠨ ᠡᠵᠡᠨ ᠭᠣᠮᠪᠣ ᠫᠤᠤᠳᠠᠭᠤᠯᠤᠭᠰᠠᠨ ᠪᠠᠢᠳᠠᠯ ᠲᠠᠢ ᠣᠯᠳᠠᠵᠠᠢ᠃ ᠲᠤᠩ ᠤᠳᠠᠯ ᠦᠭᠡᠢ ᠭᠣᠮᠪᠣ ᠶ᠋ᠢᠨ ᠠᠯᠠᠯᠭ᠎ᠠ ᠶ᠋ᠢ ᠭᠡᠷᠡᠴᠢᠯᠡᠭᠰᠡᠨ ᠤᠯᠠᠭᠠᠨ᠎ᠠ ᠶ᠋ᠢᠨ ᠴᠣᠭᠴᠠ ᠭᠣᠮᠪᠣ ᠰᠢᠭ᠋ ᠰᠢᠷᠬ᠎ᠠ ᠲᠠᠢ ᠣᠯᠳᠠᠭᠰᠠᠨ ᠪᠠᠢᠨ᠎ᠠ᠃ ᠡᠨᠡ ᠬᠡᠷᠡᠭ ᠡᠨᠡ ᠳᠣᠯᠣᠭ᠎ᠠ ᠬᠣᠨᠣᠭ ᠤ᠋ᠨ ᠳᠥᠷᠪᠡᠳᠡᠬᠢ ᠠᠯᠠᠯᠭ᠎ᠠ ᠪᠣᠯᠤᠯ᠎ᠠ᠃ ᠬᠡᠰᠡᠭ ᠬᠤᠭᠤᠴᠠᠭᠠᠨ ᠤ᠋ ᠵᠠᠪᠰᠠᠷᠯᠠᠭᠠᠨ ᠤ᠋ ᠳᠠᠷᠠᠭ᠎ᠠ ᠡᠷᠭᠢᠨ ᠠᠭᠤᠯᠵᠠᠶ᠎ᠠ᠃
ᠵᠠᠷ᠄ ᠠᠯᠠᠭᠤᠷᠴᠢᠨ ᠠ᠋᠂ ᠲᠣᠰᠬᠣᠨ ᠳ᠋ᠤ᠌ ᠠᠯᠠᠭᠤᠷᠴᠢᠨ ᠰᠤᠯᠠ ᠶᠠᠪᠤᠭ᠎ᠠ ᠭᠡᠨ᠎ᠡ ᠤᠤ? ᠲᠠ ᠪᠦᠬᠦᠨ ᠭᠡᠷ ᠡᠴᠡ ᠪᠡᠨ ᠪᠢᠲᠡᠭᠡᠢ ᠭᠠᠷᠤᠭᠠᠷᠠᠢ!
ᠪᠤᠷᠵᠢᠮᠠ᠄ ᠴᠢ ᠬᠠᠮᠢᠭ᠎ᠠ ᠣᠴᠢᠬᠤ ᠭᠡᠵᠦ ᠪᠠᠢᠭ᠎ᠠ ᠶᠤᠮ?
ᠨᠤᠷᠪᠤ᠄ ᠰᠤᠷᠭᠠᠭᠤᠯᠢ ᠤᠷᠤᠭᠤ ᠶᠠᠪᠤᠯ᠎ᠠ᠃ ᠥᠨᠥᠳᠥᠷ ᠪᠡᠯᠡᠳᠬᠡᠯ ᠲᠡᠢ᠃
ᠪᠤᠷᠵᠢᠮᠠ᠄ ᠪᠢᠲᠡᠭᠡᠢ ᠶᠠᠪᠤ ᠠ᠋᠂ ᠭᠠᠳᠠᠭᠤᠷ ᠠᠯᠠᠭᠤᠷᠴᠢᠨ ᠪᠠᠢᠭ᠎ᠠ ᠭᠡᠳᠡᠭ ᠢ᠋ ᠰᠠᠶᠢ ᠰᠣᠨᠣᠰᠤᠭ᠎ᠠ ᠦᠭᠡᠢ ᠤᠤ?
ᠨᠤᠷᠪᠤ᠄ ᠮᠠᠷᠭᠠᠰᠢ ᠰᠢᠯᠭᠠᠷᠠᠭᠤᠯᠤᠯᠲᠠ ᠲᠠᠢ ᠰᠢᠲᠠ᠃
ᠶᠤᠨᠳᠤᠨ ᠄ ᠵᠠ ᠵᠠ᠂ ᠪᠢ ᠨᠤᠷᠪᠤ ᠶ᠋ᠢ ᠬᠦᠷᠭᠡᠵᠦ ᠥᠭᠭᠦᠭᠡᠳ ᠣᠷᠣᠢ ᠲᠠᠷᠠᠬᠤ ᠳᠤ ᠨᠢ ᠠᠪᠴᠢᠬᠠᠶ᠎ᠠ᠃
ᠨᠤᠷᠪᠤ᠄ ᠪᠢ ᠣᠷᠣᠢᠳᠠᠨᠠ ᠰᠢᠲᠠ᠂ ᠠᠭ᠎ᠠ ᠠ᠋
ᠶᠤᠨᠳᠤᠨ᠄ ᠪᠢ ᠴᠦ᠍ ᠭᠡᠰᠡᠨ ᠣᠷᠣᠢᠳᠠᠨᠠ᠂ ᠨᠤᠲᠠᠯᠠᠭ᠎ᠠ ᠪᠠᠷᠢᠮᠲᠠ ᠴᠤᠭᠯᠠᠭᠤᠯᠬᠤ ᠠᠵᠢᠯ ᠲᠠᠢ᠃ ᠴᠢ ᠰᠢᠨ᠎ᠡ ᠭᠤᠲᠤᠯ ᠢ᠋ᠶ᠋ᠠᠨ ᠡᠮᠦᠰᠴᠦ ᠶᠠᠪᠤᠬᠤ ᠦᠭᠡᠢ ᠶᠤᠮ ᠤᠤ?
ᠨᠤᠷᠪᠤ᠄ ᠰᠤᠷᠭᠠᠭᠤᠯᠢ ᠳᠡᠭᠡᠷ᠎ᠡ ᠡᠮᠦᠰᠦᠨ᠎ᠡ᠃
ᠶᠤᠨᠳᠤᠨ᠄ ᠵᠠ ᠭᠠᠷᠴᠠᠭᠠᠶ᠎ᠠ!
ᠨᠤᠷᠪᠤ᠄ ᠰᠤᠷᠭᠠᠭᠤᠯᠢ ᠬᠠᠭᠠᠴᠢᠬᠠᠭᠰᠠᠨ ᠶᠤᠮ ᠪᠠᠢᠬᠤ ᠳᠠ᠃
ᠶᠤᠨᠳᠤᠨ᠄ ᠪᠠᠭᠰᠢ ᠠ᠋᠂ ᠰᠤᠷᠭᠠᠭᠤᠯᠢ ᠠᠮᠠᠷᠠᠴᠢᠬᠠᠭᠰᠠᠨ ᠶᠤᠮ ᠤᠤ?
ᠬᠠᠯᠵᠠᠨ ᠪᠠᠭᠰᠢ᠄ ᠦᠭᠡᠢ᠂ ᠵᠠᠬᠢᠷᠤᠯ ᠠᠯᠠᠯᠭ᠎ᠠ ᠠ᠋ᠴᠠ ᠪᠣᠯᠵᠤ᠂ ᠬᠢᠴᠢᠶᠡᠯ ᠲᠠᠷᠠᠲᠠᠯᠠ ᠰᠤᠷᠭᠠᠭᠤᠯᠢ ᠶ᠋ᠢ ᠴᠣᠣᠵᠢᠯᠠᠭᠠᠷᠠᠢ ᠭᠡᠰᠡᠨ ᠶᠤᠮ᠃
ᠶᠤᠨᠳᠤᠨ᠄ ᠵᠠ ᠵᠠ ᠨᠤᠷᠪᠤ ᠠ᠋᠂ ᠣᠷᠣᠢ ᠲᠠᠷᠬᠠᠬᠤ ᠳ᠋ᠤ᠌ ᠴᠢᠨᠢ ᠠᠬ᠎ᠠ ᠨᠢ ᠢᠷᠡᠭᠡᠳ ᠠᠪᠤᠶ᠎ᠠ᠃ᠠᠬ᠎ᠠ ᠶ᠋ᠢ ᠪᠡᠨ ᠬᠦᠯᠢᠶᠡᠵᠦ ᠪᠠᠢᠭᠠᠷᠠᠢ!
ᠳ᠋ᠠᠮᠪᠠ᠄ ᠴᠢ ᠮᠢᠨᠦᠬᠢ ᠪᠡᠨ ᠪᠦᠦᠽᠢ ᠶ᠋ᠢ ᠠᠪᠴᠢᠷᠠᠭᠰᠠᠨ ᠤᠤ?
ᠨᠤᠷᠪᠤ᠄ ᠨᠠᠢᠵᠠ ᠠ᠋᠂ ᠠᠪᠴᠢᠷᠠᠨ᠎ᠠ ᠭᠡᠵᠦ ᠬᠡᠯᠡᠭᠡ ᠪᠢᠵᠡ ᠳᠡ᠃
ᠳ᠋ᠠᠮᠪᠠ᠄ ᠬᠦ᠂ ᠰᠢᠨ᠎ᠡ JALAM ᠪᠠᠢᠨ᠎ᠠ ᠰᠢᠲᠠ᠃ᠪᠠᠶᠠᠷᠯᠠᠯ᠎ᠠ ᠃ ᠠᠨᠳᠠ ᠠ᠋
ᠨᠤᠷᠪᠤ᠄ ᠵᠦᠭᠡᠷ ᠳᠡ᠂ ᠠᠨᠳᠠ ᠠ᠋
ᠬᠠᠯᠵᠠᠨ ᠪᠠᠭᠰᠢ᠄ ᠵᠠ ᠬᠡᠦᠬᠡᠳ ᠦ᠋ᠳ ᠠ᠋ ᠂ ᠣᠷᠣᠭᠠᠷᠠᠢ ᠪᠠᠭᠰᠢ ᠨᠢ ᠬᠠᠭᠠᠯᠭ᠎ᠠ ᠪᠠᠨ ᠲᠦᠭᠵᠢᠬᠦ ᠬᠡᠷᠡᠭᠲᠡᠢ ᠪᠠᠢᠨ᠎ᠠ᠃ ᠣᠷᠣᠢ ᠪᠡᠯᠡᠳᠬᠡᠯ ᠳᠡᠭᠡᠷ᠎ᠡ ᠠᠭᠤᠯᠵᠠᠵᠠᠭᠠᠶ᠎ᠠ᠃
ᠶᠤᠨᠳᠤᠨ᠄ ᠸᠢᠨᠰᠧᠨ᠋ᠲ ᠭᠡᠷ ᠲᠦ᠍ ᠪᠡᠨ ᠪᠠᠢᠨ᠎ᠠ ᠤᠤ?
ᠨᠠᠢᠳᠠᠨ᠄ ᠪᠠᠢᠵᠤ ᠯᠠ ᠪᠠᠢᠨ᠎ᠠ᠂ ᠡᠳᠦᠷᠵᠢᠨ ᠸᠢᠨᠰᠧᠨ᠋ᠲ ᠦ᠋ᠨ ᠭᠡᠷ ᠦ᠋ᠨ ᠵᠢᠷᠤᠭᠲᠤ ᠶ᠋ᠢ ᠯᠡ ᠦᠵᠡᠯ᠎ᠡ᠃
ᠶᠤᠨᠳᠤᠨ᠄ ᠶᠠᠭᠠᠬᠢᠭᠠᠳ ᠵᠢᠭᠤᠲᠠᠬᠤ ᠦᠭᠡᠢ ᠪᠠᠢᠭ᠎ᠠ ᠶᠤᠮ ᠪᠣᠯ?
ᠨᠠᠢᠳᠠᠨ: ᠮᠡᠳᠡᠬᠦ ᠦᠭᠡᠢ᠂ ᠬᠣᠶᠠᠭᠤᠯᠠ ᠶ᠋ᠢ ᠨᠢ ᠨᠤᠲᠠᠯᠠᠬᠤ ᠪᠠᠷᠢᠮᠲᠠ ᠣᠯᠵᠤ ᠴᠢᠳᠠᠬᠤ ᠦᠭᠡᠢ ᠭᠡᠳᠡᠭ ᠲᠦ᠍ ᠲᠡᠢᠮᠦ ᠯᠡ ᠶᠡᠬᠡ ᠢᠲᠡᠭᠡᠯ ᠲᠡᠢ ᠪᠠᠢᠭ᠎ᠠ ᠶᠤᠮ ᠪᠢᠯᠡ ᠤᠤ?ᠴᠢ ᠶᠠᠮᠠᠷ ᠨᠢᠭᠡ ᠶᠠᠭᠤᠮ᠎ᠠ ᠣᠯᠤᠭᠰᠠᠨ ᠤᠤ?
ᠶᠤᠨᠳᠤᠨ᠄ ᠣᠯᠤᠭᠰᠠᠨ ᠠ᠋᠂ ᠵᠠᠯᠮ᠎ᠠ ᠪᠦᠷᠡᠢᠨᠲ ᠦ᠋ᠨ ᠫᠦᠰᠡᠨ ᠦ᠌ ᠫᠦᠲ᠋ᠢᠨᠲ ᠢ᠋ ᠵᠠᠯᠮ᠎ᠠ ᠥᠪᠡᠷ ᠢ᠋ᠶ᠋ᠡᠨ ᠡᠵᠡᠮᠰᠢᠳᠡᠭ ᠦᠭᠡᠢ ᠶᠤᠮ ᠪᠠᠢᠨ᠎ᠠ᠃
ᠨᠠᠢᠳᠠᠨ᠄ ᠲᠡᠭᠡᠭᠡᠳ ᠬᠡᠨ ᠦ᠌ ᠬᠢ ᠶᠤᠮ?
ᠶᠤᠨᠳᠤᠨ᠄ ᠸᠢᠨᠰᠧᠨ᠋ᠲ᠂ ᠸᠢᠨᠰᠧᠨ᠋ᠲ ᠵᠠᠯᠮ᠎ᠠ ᠶ᠋ᠢ ᠪᠦᠷᠡᠢᠨᠲ ᠦ᠋ᠨ ᠢ᠋ᠶ᠋ᠡᠨ ᠨᠢᠭᠤᠷ ᠴᠢᠷᠠᠢ ᠪᠣᠯᠭᠠᠬᠤ ᠭᠡᠷ᠎ᠡ ᠲᠡᠢ ᠪᠠᠢᠵᠠᠢ᠃
ᠨᠠᠢᠳᠠᠨ᠄ ᠲᠡᠭᠡᠭᠡᠳ ᠶᠠᠭᠠᠬᠢᠬᠤ ᠭᠡᠵᠦ ᠪᠦᠷᠡᠢᠨᠲ ᠦ᠋ᠨ ᠢ᠋ᠶ᠋ᠡᠨ ᠨᠢᠭᠤᠷ ᠴᠢᠷᠠᠢ ᠶ᠋ᠢ ᠠᠯᠠᠭᠰᠠᠨ ᠶᠤᠮ?
ᠶᠤᠨᠳᠤᠨ᠄ ᠨᠠᠭᠠᠳᠤᠬᠢ ᠶ᠋ᠢ ᠴᠢᠨᠢ ᠬᠠᠷᠢᠨ ᠰᠠᠢᠨ ᠣᠢᠯᠠᠭᠠᠬᠤ ᠦᠭᠡᠢ ᠯᠡ ᠪᠠᠢᠨ᠎ᠠ᠃ᠮᠠᠭᠠᠳ ᠦᠭᠡᠢ ᠮᠥᠩᠭᠥᠨ ᠳᠡᠭᠡᠷ᠎ᠡ ᠰᠠᠨᠠᠯ ᠵᠥᠷᠢᠭᠰᠡᠨ ᠪᠠᠢᠬ᠎ᠠ᠃
ᠨᠠᠢᠳᠠᠨ᠄ ᠲᠡᠭᠡᠪᠡᠯ ᠭᠣᠮᠪᠣ ᠶ᠋ᠢ ᠶᠠᠭᠠᠬᠢᠬᠤ ᠭᠡᠵᠦ ᠠᠯᠠᠭᠰᠠᠨ ᠪᠠᠢᠬᠤᠪ᠃
ᠶᠤᠨᠳᠤᠨ᠄ ᠭᠣᠮᠪᠣ ᠪᠦᠦᠽᠢᠨ ᠳᠡᠭᠡᠷ᠎ᠡ ᠨᠢ ᠦᠨ᠎ᠡ ᠨᠡᠮᠡᠵᠦ ᠵᠠᠷᠤᠳᠠᠭ ᠪᠠᠢᠭᠰᠠᠨ ᠪᠣᠯᠬᠣᠷ ᠠᠯᠠᠭᠰᠠᠨ ᠪᠠᠢᠵᠤ ᠮᠠᠭᠠᠳ ᠦᠭᠡᠢ ᠯᠡ ᠶᠤᠮ᠃ᠭᠡᠬᠦ ᠳ᠋ᠦ᠍ ᠪᠡᠨ ᠬᠠᠩᠭᠠᠯᠲᠠᠲᠠᠢ ᠪᠡᠶᠡᠲᠦ ᠨᠤᠲᠠᠯᠠᠬᠤ ᠪᠠᠷᠢᠮᠲᠠ ᠪᠣᠯᠵᠤ ᠴᠢᠳᠠᠬᠤ ᠦᠭᠡᠢ ᠯᠡ ᠳᠡ᠃ᠶᠠᠮᠠᠷ ᠲᠠᠢ ᠴᠤ᠌ ᠸᠢᠨᠰᠧᠨ᠋ᠲ ᠡᠴᠡ ᠨᠢᠳᠦ ᠪᠡᠨ ᠪᠢᠲᠡᠭᠡᠢ ᠰᠠᠯᠭᠠᠭᠠᠷᠠᠢ᠃
ᠨᠠᠢᠳᠠᠨ᠄ ᠰᠠᠨᠠᠭ᠎ᠠ ᠵᠣᠪᠠᠯᠲᠠ ᠦᠭᠡᠢ᠃
ᠪᠠᠢᠪᠡᠷᠯᠢ᠄ ᠨᠤᠷᠪᠤ ᠠ᠋᠂ ᠴᠢ ᠠᠬᠢᠭᠠᠳ ᠯᠠ JALAM ᠦᠭᠡᠢ ᠢᠷᠡᠭᠡ ᠤᠤ?
ᠨᠤᠷᠪᠤ᠄ ᠮᠢᠨᠦ JALAM ᠥᠴᠥᠭᠡᠳᠦᠷ ᠬᠠᠭᠵᠠᠷᠠᠴᠢᠬᠠᠭᠰᠠᠨ ᠠ᠋᠂ ᠡᠵᠢ ᠣᠶᠣᠭᠠᠳ ᠦᠭᠴᠢᠬᠡᠨᠡ ᠭᠡᠰᠡᠨ ᠠ᠋᠃
ᠪᠠᠢᠪᠠᠷᠯᠢ᠄ ᠣᠳᠣ ᠬᠠᠩᠭᠠᠯᠲᠠᠲᠠᠢ᠂ ᠴᠢ JALAM ᠲᠠᠢ ᠭᠡᠵᠦ ᠬᠤᠳᠠᠯ ᠬᠡᠯᠡᠭᠰᠡᠨ ᠪᠠᠢᠨ᠎ᠠ᠃ ᠪᠢ ᠴᠢᠮ᠎ᠠ ᠶ᠋ᠢ ᠬᠠᠮᠲᠤᠯᠢᠭ ᠠ᠋ᠴᠠ ᠪᠠᠨ ᠬᠠᠰᠤᠯ᠎ᠠ᠃
ᠬᠠᠯᠵᠠᠨ ᠪᠠᠭᠰᠢ᠄ ᠪᠠᠢᠪᠠᠷᠯᠢ ᠴᠢ ᠶᠠᠭᠠᠬᠢᠵᠤ ᠪᠠᠢᠭ᠎ᠠ ᠶᠤᠮ?
ᠪᠠᠢᠪᠠᠷᠯᠢ᠄ ᠡᠢᠮᠦ ᠨᠣᠢᠲᠠᠨ ᠭᠤᠲᠤᠯ ᠲᠠᠢ ᠲᠡᠮᠡᠴᠡᠭᠡᠨ ᠳ᠋ᠦ᠍ ᠣᠷᠣᠭᠠᠳ ᠲᠡᠩᠴᠡᠬᠦ ᠦᠭᠡᠢ ᠰᠢᠳᠡ᠃
ᠬᠠᠯᠵᠠᠨ ᠪᠠᠭᠰᠢ᠄ ᠪᠠᠢᠪᠠᠷᠯᠢ᠂ ᠳᠠᠭᠤᠯᠠᠬᠤ ᠳ᠋ᠤ᠌ ᠬᠠᠷᠠᠭᠳᠠᠬᠤ ᠪᠠᠢᠳᠠᠯ ᠴᠢᠬᠤᠯᠠ ᠪᠢᠰᠢ ᠰᠢᠦ᠃
ᠪᠠᠢᠪᠠᠷᠯᠢ᠄ ᠲᠠ ᠰᠣᠬᠣᠷ ᠰᠢᠲᠠ᠃
ᠬᠠᠯᠵᠠᠨ ᠪᠠᠭᠰᠢ᠄ ᠰᠣᠬᠣᠷᠠᠭᠰᠠᠨ ᠨᠢ ᠮᠢᠨᠦ ᠳᠤᠲᠠᠭᠳᠠᠯ ᠮᠥᠨ ᠯᠡ ᠳᠡ᠂ ᠭᠡᠬᠦ ᠳ᠋ᠦ᠍ ᠪᠡᠨ ᠰᠣᠬᠣᠷ ᠪᠣᠯᠤᠭᠰᠠᠨ ᠮᠠᠨᠢ ᠨᠠᠮ᠎ᠠ ᠶ᠋ᠢ ᠰᠣᠨᠣᠰᠬᠠᠯ ᠢ᠋ᠶ᠋ᠠᠨ ᠰᠠᠢᠵᠢᠷᠠᠭᠤᠯᠵᠤ᠂ ᠬᠥᠭᠵᠢᠮ ᠰᠤᠷᠬᠤ ᠳ᠋ᠤ᠌ ᠮᠢᠨᠢ ᠬᠠᠮᠤᠭ ᠤ᠋ᠨ ᠲᠣᠮᠣ ᠳᠠᠪᠠᠭᠤ ᠲᠠᠯ᠎ᠠ ᠪᠣᠯᠤᠭᠰᠠᠨ ᠶᠤᠮ ᠰᠢᠦ᠃ ᠨᠤᠷᠪᠤ ᠠ᠋ ᠂ᠴᠢ ᠣᠩᠭᠣᠭᠰᠠᠨ ᠤᠤ?
ᠨᠤᠷᠪᠤ᠄ ᠦᠭᠡᠢ᠃
ᠬᠠᠯᠵᠠᠨ ᠪᠠᠭᠰᠢ᠄ ᠮᠢᠨᠦ ᠴᠢᠬᠢ ᠬᠤᠳᠠᠯ ᠰᠣᠨᠣᠰᠳᠠᠭ ᠦᠭᠡᠢ ᠶᠤᠮ ᠳᠡ᠃
ᠪᠠᠢᠪᠠᠷᠯᠢ᠄ ᠨᠤᠷᠪᠤ ᠠ᠋᠂ ᠪᠠᠶᠠᠷᠲᠠᠢ ᠴᠢᠮ᠎ᠠ ᠶ᠋ᠢ ᠬᠠᠮᠲᠤᠯᠢᠭ ᠠ᠋ᠴᠠ ᠬᠥᠭᠡᠭᠡᠯ᠎ᠡ᠃
ᠨᠤᠷᠪᠤ᠄ ᠵᠠ ᠵᠠ᠂ ᠪᠢ ᠰᠠᠨᠳᠠᠯᠢ ᠳᠡᠭᠡᠷ᠎ᠡ ᠲᠠ ᠨᠠᠷ ᠢ᠋ ᠬᠠᠷᠠᠵᠤ ᠪᠠᠢᠶ᠎ᠠ ᠳᠠ᠃
ᠶᠤᠨᠳᠤᠨ᠄ ᠸᠢᠨᠰᠧᠨ᠋ᠲ ᠪᠠᠢᠵᠤ ᠯᠠ ᠪᠠᠢᠨ᠎ᠠ ᠤᠤ?
ᠪᠢᠯᠢ᠄ ᠠᠪᠤ ᠪᠢ ᠪᠠᠢᠪᠠᠷᠯᠢ ᠶ᠋ᠢᠨ ᠪᠥᠵᠢᠭ ᠢ᠋ ᠰᠤᠷᠴᠢᠬᠠᠭᠰᠠᠨ᠂ ᠬᠠᠷ᠎ᠠ ᠳᠠ᠃
ᠨᠠᠢᠳᠠᠨ᠄ ᠥᠷᠯᠥᠭᠡᠨ ᠡᠴᠡ ᠬᠣᠢᠰᠢ ᠪᠤᠢᠳᠠᠩ ᠠ᠋ᠴᠠ ᠪᠠᠨ ᠪᠣᠰᠤᠭᠰᠠᠨ ᠦᠭᠡᠢ᠂ ᠴᠢ ᠰᠢᠵᠢᠮ ᠣᠯᠪᠠ ᠤᠤ?
ᠶᠤᠨᠳᠤᠨ᠄ ᠣᠯᠤᠭ᠎ᠠ ᠦᠭᠡᠢ ᠯᠡ ᠪᠠᠢᠨ᠎ᠠ᠂ ᠴᠢ ᠺᠣᠹᠧ ᠤᠤᠭᠤᠬᠤ ᠤᠤ?
ᠨᠠᠢᠳᠠᠨ᠄ ᠲᠡᠭᠡᠶ᠎ᠡ᠂ ᠬᠣᠶᠠᠷ ᠬᠣᠨᠣᠭ ᠨᠣᠢᠷ ᠬᠣᠭᠣᠯᠠ ᠦᠭᠡᠢ ᠶᠠᠪᠤᠯ᠎ᠠ᠃
ᠶᠤᠨᠳᠤᠨ᠄ ᠵᠠ᠂ ᠪᠢ ᠠᠪᠤᠭᠠᠳ ᠣᠴᠢᠶ᠎ᠠ᠃ ᠡᠮᠴᠢ ᠠ᠋᠂ ᠴᠢ ᠶᠠᠭᠤᠮ᠎ᠠ ᠵᠠᠬᠢᠬᠤ ᠤᠤ?
ᠡᠮᠴᠢ᠄ ᠬᠣᠶᠠᠷ ᠴᠠᠭᠠᠷᠢᠭ ᠤ᠋ᠨ ᠪᠣᠭᠣᠷᠰᠣᠭ ᠵᠠᠬᠢᠶ᠎ᠠ᠃
ᠬᠤᠯᠤᠭᠠᠨ᠎ᠠ᠄ ᠭᠦᠦᠰᠢ᠂ ᠮᠢᠨᠦ ᠪᠦᠦᠽᠢ ᠶ᠋ᠢ ᠠᠪᠤᠭᠠᠳ ᠢᠷ᠎ᠡ᠃
ᠤᠯᠠᠭᠠᠨ᠎ᠠ᠄ ᠬᠤᠷᠴᠠ ᠰᠣᠶᠣᠭᠠᠲᠤ ᠠᠶᠤᠮᠠᠷ ᠬᠠᠷᠠᠭᠰᠠᠨ ᠪᠠᠢᠨ᠎ᠠ᠃
ᠶᠤᠨᠳᠤᠨ ᠤ᠋ ᠡᠷᠭᠢᠴᠡᠭᠦᠯᠦᠯ᠄ ᠪᠦᠬᠦ ᠠᠯᠠᠯᠭ᠎ᠠ ᠬᠠᠷᠠᠩᠭᠤᠢ ᠳ᠋ᠤ᠌ ᠪᠣᠯᠤᠭᠰᠠᠨ᠃ ᠬᠡᠨ ᠪᠣᠢ? ᠬᠡᠨ ᠣᠷᠣᠭᠠᠳ ᠢᠷᠡᠪᠡ? ᠮᠢᠨᠦ ᠭᠤᠲᠤᠯ ᠤᠯᠠ ᠳ᠋ᠤ᠌ ᠪᠠᠨ ᠲᠠᠬ᠎ᠠ ᠲᠠᠢ᠂ ᠬᠠᠷ᠎ᠠ ᠯᠠ ᠳᠠ᠃ ᠲᠠᠬ᠎ᠠ᠃ ᠡᠨᠡ ᠴᠢᠨᠢ ᠪᠦᠷ ᠲᠠᠬ᠎ᠠ ᠦᠭᠡᠢ ᠶᠠᠭᠤᠮ᠎ᠠ ᠪᠠᠢᠨ᠎ᠠ᠃ ᠪᠢᠳᠡ ᠬᠠᠮᠲᠤᠯᠢᠭ ᠢ᠋ᠶ᠋ᠠᠷ ᠢ᠋ᠶ᠋ᠠᠨ ᠨᠤᠶᠠᠰ ᠤ᠋ᠨ ᠳᠠᠷᠠᠭᠠᠴᠢ ᠶ᠋ᠢᠨ ᠱᠠᠲᠤᠨ ᠳ᠋ᠤ᠌ ᠣᠷᠣᠬᠤ ᠭᠡᠳ ᠭᠤᠲᠤᠯ ᠢ᠋ᠶ᠋ᠠᠷ ᠢ᠋ᠶ᠋ᠠᠨ ᠵᠢᠭᠳᠡᠷᠡᠵᠦ ᠪᠠᠢᠭ᠎ᠠ ᠶᠤᠮ ᠠ᠋᠃ ᠴᠢ ᠰᠢᠨ᠎ᠡ ᠭᠤᠲᠤᠯ ᠢ᠋ᠶ᠋ᠠᠨ ᠡᠮᠦᠰᠴᠦ ᠶᠠᠪᠤᠬᠤ ᠦᠭᠡᠢ ᠶᠤᠮ ᠦᠦ?ᠰᠤᠷᠭᠠᠭᠤᠯᠢ ᠳᠤ ᠡ
