ᠭᠠᠬᠠᠢ᠎ ᠶᠢᠨ ᠣᠷᠳᠣᠨПигландPIGLAND01-ᠭᠠᠬᠠᠢ᠎ ᠳ᠋ᠤᠷ ᠦᠢᠯᠡᠴᠢᠯᠡ ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠬᠠᠢ᠎ ᠶᠢᠨ ᠣᠷᠳᠣᠨПигландPIGLAND01-ᠭᠠᠬᠠᠢ᠎ ᠳ᠋ᠤᠷ ᠦᠢᠯᠡᠴᠢᠯᠡ

ᠭᠠᠬᠠᠢ᠎ ᠶᠢᠨ ᠣᠷᠳᠣᠨПигландPIGLAND01-ᠭᠠᠬᠠᠢ᠎ ᠳ᠋ᠤᠷ ᠦᠢᠯᠡᠴᠢᠯᠡ

2023-12-06

1818

ᠭᠠᠬᠠᠢ᠎ ᠶᠢᠨ ᠣᠷᠳᠣᠨ01

ᠮᠤᠷᠭᠥ᠋ᠰ᠄ ᠪᠣᠯᠵᠤ ᠪᠠᠢᠨ᠎ᠠ᠂ ᠪᠣᠯᠵᠤ ᠪᠠᠢᠨ᠎ᠠ᠂ ᠠᠯᠮᠠᠰ ᠵᠤᠤᠬ᠎ᠠ ᠪᠠᠨ ᠬᠠᠯᠠᠭᠠᠵᠤ ᠪᠠᠢ᠃
ᠠᠯᠮᠠᠰ᠄ ᠮᠡᠳᠡᠯ᠎ᠡ᠂ ᠮᠤᠷᠭᠥ᠋ᠰ᠃
ᠨᠤᠷᠪᠤ᠄ ᠠᠪᠤ ᠡᠵᠢ ᠪᠢ ᠰᠠᠶᠢ ᠮᠣᠷᠢ ᠬᠠᠷᠠᠵᠤ ᠪᠠᠢᠭᠠᠳ ᠲᠡᠭᠷᠢ ᠳ᠋ᠦ᠍ ᠨᠢᠰᠳᠡᠭ ᠲᠠᠪᠠᠭ ᠬᠠᠷᠠᠯ᠎ᠠ᠃
ᠪᠤᠷᠵᠢᠮ᠎ᠠ᠄ ᠪᠠᠯᠠᠢᠷᠠᠭᠠᠳ ᠪᠠᠢ ᠂ᠲᠡᠢᠮᠦ ᠶᠠᠭᠤᠮ᠎ᠠ ᠪᠠᠢᠳᠠᠭ ᠦᠭᠡᠢ ᠶᠦ᠍ᠮ᠂ ᠬᠣᠭᠣᠯᠠ ᠪᠠᠨ ᠢᠳᠡ᠃
ᠨᠤᠷᠪᠤ᠄ᠪᠢ ᠢᠳᠡᠬᠦ ᠦᠭᠡᠢ ᠂ᠥᠨᠥᠳᠥᠷ ᠮᠠᠴᠠᠭ ᠪᠠᠷᠢᠵᠤ ᠪᠠᠢᠭ᠎ᠠ᠃
ᠰᠠᠮᠪᠤᠤ᠄ᠮᠣᠷᠢ? ᠣᠳᠣ᠁ ᠵᠠᠯᠠᠭᠤ ᠮᠢᠨᠢ ᠡᠨᠳᠡ ᠶᠠᠭᠤ ᠬᠢᠭᠡᠳ ᠶᠠᠪᠤᠭᠰᠠᠨ ᠶᠤᠮ ᠪᠣᠯ?
ᠪᠤᠷᠵᠢᠮ᠎ᠡ᠄ᠨᠠᠭᠠᠳᠤᠬᠢ ᠴᠢᠨᠢ ᠨᠣᠢᠯ(ᠵᠣᠷᠯᠣᠩ) ᠣᠷᠣᠭᠰᠠᠨ ᠢ᠋ᠶ᠋ᠠᠨ ᠶᠠᠷᠢᠵᠤ ᠪᠠᠢᠬᠤ ᠦᠭᠡᠢ ᠤᠤ᠃
ᠰᠠᠮᠪᠤᠤ᠄ ᠪᠠᠢᠵᠤ ᠪᠠᠢᠭᠠᠷᠠᠢ᠂ ᠴᠢ ᠶᠠᠭᠠᠬᠢᠵᠤ ᠨᠣᠢᠯ (ᠵᠣᠷᠯᠣᠩ) ᠳ᠋ᠤ᠌ ᠪᠠᠢᠬᠤ ᠳ᠋ᠤ᠌ ᠪᠠᠨ ᠲᠡᠭᠷᠢ ᠬᠠᠷᠠᠳᠠᠭ ᠶᠤᠮ?ᠨᠣᠢᠯ (ᠵᠣᠷᠯᠣᠩ) ᠤ᠋ᠨ ᠳᠡᠭᠡᠪᠦᠷ ᠴᠣᠭᠣᠷᠠᠴᠢᠬᠠᠵᠠᠢ ᠤᠤ?
ᠨᠤᠷᠪᠤ᠄ ᠦᠭᠡᠢ᠃
ᠪᠤᠷᠵᠢᠮ᠎ᠡ᠄ᠶᠠᠭᠠᠬᠢᠭᠠᠳ ᠭᠠᠳᠠᠭ᠎ᠠ ᠢᠯᠡ ᠵᠠᠳᠠᠭᠠᠢ ᠰᠢᠭᠡᠭᠡᠳ ᠪᠠᠢᠭ᠎ᠠ ᠶᠤᠮ ᠮᠠᠭᠤ ᠬᠢᠮ᠎ᠠ᠃
ᠨᠤᠷᠪᠤ᠄ ᠶᠣ᠂ ᠡᠵᠢ ᠁ ᠮᠣᠳᠣᠨ ᠵᠣᠷᠯᠣᠩ ᠭᠡᠵᠦ ᠭᠠᠬᠠᠢ ᠶ᠋ᠢᠨ ᠬᠣᠷᠣᠭ᠎ᠠ ᠰᠢᠭ᠋ ᠭᠠᠵᠠᠷ ᠶᠠᠭᠠᠬᠢᠵᠤ ᠴᠣᠭ ᠲᠤ᠌ ᠪᠠᠨ ᠪᠡᠶ᠎ᠡ ᠵᠠᠰᠠᠬᠤ ᠶᠤᠮ᠃
ᠪᠤᠷᠵᠢᠮ᠎ᠡ᠄ᠭᠡᠷ ᠣᠷᠣᠨ ᠢ᠋ᠶ᠋ᠠᠨ ᠵᠣᠷᠯᠣᠩ ᠭᠡᠬᠦ ᠭᠡᠳ ᠪᠠᠢᠨ᠎ᠠ ᠤᠤ?
ᠨᠤᠷᠪᠤ᠄ ᠶᠣ᠂ᠵᠦᠭᠡᠷ ᠯᠡ ᠨᠢᠰᠳᠡᠭ ᠲᠠᠪᠠᠭ ᠬᠠᠷᠠᠭᠰᠠᠨ ᠭᠡᠳ ᠪᠠᠢᠬᠤ ᠳ᠋ᠤ᠌᠃
ᠪᠤᠷᠵᠢᠮ᠎ᠡ᠄ ᠲᠣᠩᠭᠣᠰ ᠯᠠ ᠦᠭᠡᠢ᠂ᠮᠠᠷᠭᠠᠰᠢ ᠶ᠋ᠢᠨ ᠢ᠋ᠶ᠋ᠡᠨ ᠰᠢᠯᠭᠠᠯᠲᠠ ᠳ᠋ᠤ᠌ ᠪᠠᠨ ᠪᠡᠯᠡᠳ᠃
ᠶᠤᠨᠳᠤᠨ᠄ ᠨᠤᠷᠪᠤ ᠠ᠋᠂ ᠨᠠᠭᠠᠰᠢ ᠢᠷ᠎ᠡ᠃
ᠨᠤᠷᠪᠤ᠄ᠶᠠᠭᠠᠬᠢᠭᠰᠠᠨ ᠶᠤᠮ ? ᠶᠣᠨᠳᠣᠨ ᠠᠭ᠎ᠠ ᠠ᠋᠃
ᠶᠤᠨᠳᠤᠨ᠄ᠡᠨᠡ ᠺᠣᠮᠫᠢᠦ᠋ᠲ᠋ᠧᠷ ᠭᠡᠨᠡᠳᠲᠡ ᠤᠨᠲᠠᠷᠠᠴᠢᠬᠠᠭᠠᠳ ᠠᠰᠠᠳᠠᠭ ᠦᠭᠡᠢ᠃
ᠨᠤᠷᠪᠤ᠄ ᠬᠤᠯᠤᠭᠠᠨ᠎ᠠ ᠪᠠᠨ ᠰᠣᠯᠢᠭᠠᠴᠢ ᠳᠠ᠃
ᠶᠤᠨᠳᠤᠨ᠄ᠰᠢᠪ ᠰᠢᠨ᠎ᠡ ᠪᠡᠷ ᠨᠢ ᠠᠪᠤᠭᠰᠠᠨ ᠬᠤᠯᠤᠭᠠᠨ᠎ᠠ ᠰᠢᠳᠡ᠂ᠡᠭᠦᠨ ᠡᠴᠡ ᠪᠣᠯᠤᠭᠠᠳ ᠠᠵᠢᠯᠯᠠᠬᠤ ᠦᠭᠡᠢ ᠪᠣᠯᠤᠨ᠎ᠠ ᠭᠡᠵᠦ ᠪᠠᠢᠳᠠᠭ ᠶᠤᠮ ᠤᠤ?
ᠨᠤᠷᠪᠤ᠄ᠦᠭᠡᠢ ᠬᠠᠷᠠᠭᠠᠴᠢ ᠳᠠ᠂ ᠬᠤᠯᠤᠭᠠᠨ᠎ᠠ ᠰᠢᠲᠠᠴᠢᠬᠠᠯ᠎ᠠ ᠰᠢᠲᠠ᠂ ᠺᠣᠮᠫᠢᠦ᠋ᠲ᠋ᠧᠷ ᠪᠠᠰᠠ ᠰᠢᠲᠠᠴᠢᠬᠠᠭᠰᠠᠨ ᠤᠤ?ᠦᠭᠡᠢ ᠶᠠᠭᠠᠬᠢᠵᠤ ᠪᠠᠢᠭ᠎ᠠ ᠶᠤᠮ ᠪᠣᠢ?
ᠶᠤᠨᠳᠤᠨ᠄ᠠᠬ᠎ᠠ ᠨᠢ ᠵᠠᠰᠠᠭᠠᠳ ᠥᠭᠭᠦᠨ᠎ᠡ᠂ ᠵᠦᠭᠡᠷ᠃
ᠪᠤᠷᠵᠢᠮ᠎ᠡ᠄ ᠨᠤᠷᠪᠤ ᠠ᠋ ᠠᠶᠠᠭ᠎ᠠ ᠲᠠᠪᠠᠭ ᠢ᠋ᠶ᠋ᠠᠨ ᠤᠬᠢᠶᠠ᠃
ᠨᠤᠷᠪᠤ᠄ᠦᠭᠡᠢ᠂ ᠶᠠᠭᠤ ᠴᠤ᠌ ᠢᠳᠡᠭᠡ ᠦᠭᠡᠢ ᠶᠦ᠍ᠮ ᠴᠢᠨᠢ ᠪᠢ ᠶᠠᠭᠠᠬᠢᠬᠤ ᠪᠠᠷ ᠢ᠋ᠶ᠋ᠠᠨ ᠤᠬᠢᠶᠠᠳᠠᠭ ᠶᠤᠮ᠃
ᠪᠤᠷᠵᠢᠮ᠎ᠡ᠄ᠲᠡᠭᠡᠪᠡᠯ ᠣᠴᠢᠵᠤ ᠲᠡᠷᠡ ᠵᠣᠷᠯᠣᠩ ᠢ᠋ᠶ᠋ᠠᠨ ᠴᠡᠪᠡᠷᠯᠡ᠃
ᠨᠤᠷᠪᠤ᠄ ᠴᠢᠳᠠᠬᠤ ᠦᠭᠡᠢ᠃
ᠪᠤᠷᠵᠢᠮ᠎ᠡ᠄ᠶᠠᠭᠤ ᠭᠡᠨ᠎ᠡ᠂ ᠮᠠᠭᠤ ᠵᠣᠯᠪᠢᠩ ᠳᠣᠷᠣᠢ᠃
ᠨᠤᠷᠪᠤ᠄ ᠶᠠ᠂ ᠲᠠ ᠨᠠᠷ ᠴᠤ᠌ ᠭᠡᠰᠡᠨ ᠪᠦᠳᠦᠭᠦᠨ ᠰᠢᠲᠠ᠃
ᠶᠤᠨᠳᠤᠨ᠄ᠬᠥᠶᠢ ᠶᠠᠭᠤ ᠬᠢᠭᠡᠳ ᠰᠠᠭᠤᠭᠠᠳ ᠪᠠᠢᠭ᠎ᠠ ᠶᠤᠮ?
ᠨᠤᠷᠪᠤ᠄ᠰᠦᠨᠡᠰᠦ ᠪᠡᠨ ᠬᠦᠯᠢᠶᠡᠵᠦ ᠪᠠᠢᠨ᠎ᠠ᠃
ᠶᠤᠨᠳᠤᠨ᠄ ᠮᠠᠢ᠂ ᠤᠮᠳᠠᠭᠠᠨ ᠤᠤᠭᠤᠬᠤ ᠤᠤ?
ᠨᠤᠷᠪᠤ᠄ ᠬᠡᠳᠦ ᠶ᠋ᠢ ᠠᠪᠤᠭᠰᠠᠨ ᠶᠤᠮ?
ᠶᠣᠨᠳᠣᠨ.᠄ᠨᠢᠭᠡ ᠶ᠋ᠢ ᠯᠡ ᠠᠪᠤᠭᠰᠠᠨ ᠠ᠋᠃
ᠪᠤᠷᠵᠢᠮ᠎ᠡ᠄ ᠬᠦᠨᠡᠰᠦ ᠪᠡᠨ ᠴᠤᠭᠯᠠᠭᠤᠯᠤᠶ᠎ᠠ᠂ ᠪᠣᠰ᠂ ᠬᠦᠷᠭᠡᠭᠡᠳ ᠥᠭᠭᠦᠶ᠎ᠡ᠃
ᠨᠤᠷᠪᠤ ᠠ᠋᠂ ᠥᠨᠥᠳᠥᠷ ᠰᠢᠯᠭᠠᠯᠲᠠ ᠲᠠᠢ ᠰᠢᠳᠡ᠃
ᠨᠤᠷᠪᠤ᠄ ᠠᠭ᠎ᠠ ᠠ᠋᠂ ᠳᠡᠯᠭᠡᠭᠦᠷ ᠣᠷᠣᠶ᠎ᠠ᠃
ᠶᠣᠨᠳᠣᠨ᠄ᠲᠠ ᠨᠠᠷ ᠲᠦᠷᠦᠭᠦᠯᠡᠭᠡᠳ ᠣᠷᠣᠵᠤ ᠪᠠᠢ ᠂ᠠᠷᠤ ᠠ᠋ᠴᠠ ᠴᠢᠨᠢ ᠣᠴᠢᠶ᠎ᠠ᠃
ᠨᠣᠬᠠᠢ᠄ ᠦ᠂ ᠲᠠ ᠪᠠᠲᠤᠯᠠᠭᠠᠨ ᠤ᠋ ᠬᠤᠯᠤᠭᠠᠨ᠎ᠠ ᠪᠠᠨ ᠮᠠᠷᠲᠠᠴᠢᠬᠠᠯ᠎ᠠ᠃
ᠪᠢᠪᠢ᠄ᠡᠨᠡ ᠶᠠᠭᠤᠮ᠎ᠠ ᠢᠳᠡᠳᠡᠭ ᠶᠦ᠍ᠮ ᠤᠤ?
ᠨᠣᠬᠠᠢ᠄ᠲᠡᠭᠡᠪᠡᠯ ᠪᠠᠲᠤᠯᠠᠭᠠᠨ ᠤ᠋ ᠬᠤᠭᠤᠴᠠᠭ᠎ᠠ ᠴᠢᠨᠢ ᠯᠡ ᠳᠠᠭᠤᠰᠤᠭᠰᠠᠨ ᠳᠠ᠃
ᠪᠢᠪᠢ᠄ᠵᠠ ᠵᠠ᠂ ᠪᠢ ᠪᠦᠷ ᠢ᠋ ᠲᠡᠵᠢᠭᠡᠬᠦ ᠪᠡᠷ ᠰᠢᠢᠳᠦᠯ᠎ᠡ᠃
ᠴᠢᠨᠣ᠎ᠠ᠄ ᠢᠳᠡ ᠠ᠋᠂ ᠢᠳᠡ ᠢᠳᠡ᠃
ᠶᠣᠨᠳᠣᠨ᠄ᠡᠨᠡ ᠴᠦ᠍ ᠶᠠᠭᠤᠮ᠎ᠠ ᠰᠢᠲᠠᠴᠢᠬᠠᠯ᠎ᠠ ᠲᠠᠨ ᠤ᠋ ᠬᠢ ᠵᠠᠰᠠᠳᠠᠭ ᠤᠤ?
ᠨᠣᠬᠠᠢ.᠄ᠡᠨᠡ ᠴᠦ᠍ ᠳᠡ ᠠᠪᠬᠤ ᠶᠠᠭᠤᠮ᠎ᠠ ᠦᠭᠡᠢ ᠯᠡ ᠪᠣᠯᠤᠭᠰᠠᠨ ᠳᠠ᠃
ᠶᠣᠨᠳᠣᠨ᠄ᠲᠠᠨ ᠤ᠋ ᠳ᠋ᠤ᠌ ᠲᠡᠷᠡ ᠺᠣᠮᠫᠢᠦ᠋ᠲ᠋ᠧᠷ ᠪᠠᠢᠭ᠎ᠠ ᠤᠤ?
ᠨᠣᠬᠠᠢ.᠄ᠠᠭᠤᠴᠢᠯᠠᠭᠠᠷᠠᠢ! ᠪᠦᠬᠦᠢᠯᠡ ᠵᠦᠢᠯ ᠨᠢ ᠵᠠᠷᠤᠭᠳᠠᠭᠠᠳ ᠳᠠᠭᠤᠰᠴᠢᠬᠠᠭᠰᠠᠨ ᠠ᠋᠂ ᠳᠠᠷᠠᠭ᠎ᠠ ᠳᠣᠯᠣᠭ᠎ᠠ ᠬᠣᠨᠣᠭ ᠠ᠋ᠴᠠ ᠯᠠ ᠢᠷᠡᠬᠦ ᠪᠠᠢᠬ᠎ᠠ᠃
ᠶᠣᠨᠳᠣᠨ᠄ᠲᠡᠭᠡᠪᠡᠯ ᠨᠢᠭᠡ ᠰᠢᠨ᠎ᠡ ᠪᠠᠲᠤᠯᠠᠭᠠᠨ ᠤ᠋ ᠬᠤᠯᠤᠭᠠᠨ᠎ᠠ ᠠᠪᠴᠢᠬᠠᠶ᠎ᠠ ᠳᠠ᠃
ᠳ᠋ᠢᠨᠤ᠄ᠵᠠᠯᠠᠭᠤ ᠨᠠᠮ᠎ᠠ ᠶ᠋ᠢ ᠤᠯᠠᠭᠠᠨ ᠳ᠋ᠢᠨᠤ ᠭᠡᠳᠡᠭ᠃
ᠶᠣᠨᠳᠣᠨ᠄ ᠥᠩ᠂ ᠬᠠᠮᠢᠭ᠎ᠠ ᠣᠴᠢᠴᠢᠬᠠᠪᠠ?
ᠪᠠᠢᠪᠠᠷᠯᠢ᠄ ᠶᠤᠨᠳᠤᠨ ᠠᠬ᠎ᠠ ᠠ᠋
ᠶᠤᠨᠳᠤᠨ᠄ ᠬᠥᠰᠢ᠂ ᠪᠠᠢᠪᠠᠷᠯᠢ
ᠪᠠᠢᠪᠠᠷᠯᠢ᠄ᠬᠠᠷᠢ ᠶ᠋ᠢᠨ ᠬᠢᠨ᠂ ᠬᠠᠷᠢ ᠶ᠋ᠢᠨ ᠬᠢᠨ ᠲᠣᠰᠬᠣᠨ ᠤ᠋ ᠳᠡᠭᠡᠷ᠎ᠡ ᠪᠠᠭᠤᠵᠤ ᠪᠠᠢᠨ᠎ᠠ ᠬᠠᠷᠠ ᠳᠠ᠃
ᠬᠥᠮᠦᠰ᠄ᠡᠨᠡ ᠣᠳᠣ ᠶᠠᠭᠤ ᠪᠣᠢ ᠲᠡᠮᠦᠷ ᠯᠤᠤ ᠤᠤ?
ᠨᠤᠷᠪᠤ᠄ᠡᠵᠢ᠂ ᠥᠴᠥᠭᠡᠳᠦᠷ ᠨᠢᠰᠳᠡᠭ ᠲᠠᠪᠠᠭ ᠬᠠᠷᠠᠭᠰᠠᠨ ᠭᠡᠵᠦ ᠬᠡᠯᠡᠭᠡ ᠪᠢᠵᠡ ᠳᠡ᠃
ᠪᠤᠷᠵᠢᠮ᠎ᠡ᠄ᠲᠠᠪᠠᠭ ᠰᠢᠭ᠋ ᠬᠠᠷᠠᠭᠳᠠᠬᠤ ᠦᠭᠡᠢ ᠯᠡ ᠪᠠᠢᠨ᠎ᠠ ᠳᠠ᠃
ᠰᠠᠮᠪᠤᠤ᠄ᠨᠢᠰᠳᠡᠭ ᠲᠠᠪᠠᠭ ᠠ᠋ ᠂ᠬᠣᠭᠣᠯᠠ ᠬᠦᠷᠭᠡᠯᠲᠡ ᠶ᠋ᠢᠨ ᠣᠩᠭᠣᠴᠠ ᠶᠤᠮ ᠤᠤ?
ᠠᠯᠮᠠᠰ᠄ᠪᠢᠳᠡ ᠡᠨᠡ ᠭᠠᠷᠠᠭ ᠲᠤ᠌ ᠡᠩᠬᠡ ᠶ᠋ᠢᠨ ᠵᠣᠷᠢᠯᠭ᠎ᠠ ᠪᠠᠷ ᠰᠣᠶᠣᠯ ᠤ᠋ᠨ ᠰᠣᠯᠢᠯᠴᠠᠭ᠎ᠠ ᠬᠢᠬᠦ ᠪᠡᠷ ᠠᠢᠯᠴᠢᠯᠠᠵᠤ ᠪᠠᠢᠨ᠎ᠠ᠃ᠡᠨᠡ ᠭᠠᠯ᠂ᠭᠠᠢᠬᠠᠮᠰᠢᠭᠲᠤ ᠲᠸᠭᠨᠤᠯᠤᠬᠢ ᠶ᠋ᠢᠨ ᠣᠯᠤᠯᠲᠠ᠃ ᠡᠭᠦᠪᠡᠷ ᠬᠣᠷᠣᠮ ᠤ᠋ᠨ ᠲᠡᠳᠦᠢ  ᠳ᠋ᠦ᠍ ᠬᠤᠷᠤᠭᠤ ᠬᠥᠳᠡᠯᠬᠦ ᠳ᠋ᠦ᠍ ᠯᠡ ᠭᠠᠯ ᠲᠠᠢ ᠪᠣᠯᠤᠨ᠎ᠠ᠃
ᠰᠠᠮᠪᠤᠤ᠄ᠨᠠᠭᠠᠳᠤᠬᠢ ᠴᠢᠨᠢ ᠭᠠᠰ ᠨᠢ ᠳᠠᠭᠤᠰᠴᠢᠬᠠᠭᠰᠠᠨ ᠶᠤᠮ ᠪᠢᠰᠢ ᠤᠤ? ᠨᠠᠳᠠ ᠠ᠋ᠴᠠ ᠭᠠᠯ ᠠᠪᠬᠤ ᠤᠤ?
ᠶᠣᠨᠳᠣᠨ᠄ᠡᠭᠦᠨ ᠢ᠋ ᠬᠤᠷᠤᠭᠤ ᠬᠥᠳᠡᠯᠭᠡᠬᠦ ᠲᠡᠳᠦᠢ ᠳ᠋ᠦ᠍ ᠴᠢ ᠲᠡᠮᠦᠷ ᠰᠡᠭ ᠪᠣᠯᠵᠤ ᠬᠤᠪᠢᠷᠠᠨ᠎ᠠ᠃ ᠪᠢᠳᠡᠨ ᠢ᠋ ᠳᠣᠷᠣᠮᠵᠢᠯᠠᠬᠤ ᠭᠡᠵᠦ ᠢᠷᠡᠭᠡ ᠤᠤ?
ᠴᠠᠭᠳᠠᠭ᠎ᠠ᠄ ᠫᠤᠤ ᠪᠠᠨ ᠪᠠᠭᠤᠯᠭ᠎ᠠ ᠬᠥᠭᠰᠢᠨ ᠠ᠋᠂ᠶᠠᠭᠤ ᠭᠡᠬᠦ ᠨᠢ ᠤᠤ ᠰᠣᠨᠣᠰᠤᠶ᠎ᠠ ᠯᠠ ᠳᠠ᠃
ᠠᠯᠮᠠᠰ᠄ᠪᠢᠳᠡ ᠵᠦᠭᠡᠷ ᠯᠡ ᠨᠠᠷᠭᠢᠭᠰᠠᠨ ᠶᠤᠮ ᠠ᠋᠂ᠲᠠ ᠨᠠᠷ ᠤ᠋ᠨ ᠲᠸᠭᠯᠤᠨᠤᠬᠢ ᠮᠠᠰᠢ ᠥᠨᠳᠥᠷ ᠬᠥᠭᠵᠢᠯᠲᠡ ᠬᠦᠷᠦᠭᠰᠡᠨ ᠢ᠋ ᠪᠢᠳᠡ ᠠᠩᠵᠠᠭᠠᠷᠠᠯ᠎ᠠ᠃
ᠮᠠᠲᠠᠷ᠄ᠲᠠ ᠨᠠᠷ ᠶᠠᠭᠠᠬᠢᠬᠤ ᠭᠡᠵᠦ ᠢᠷᠡᠪᠡ?
ᠠᠯᠮᠠᠰ᠄ᠪᠢᠳᠡ ᠲᠠ ᠪᠦᠬᠦᠨ ᠳ᠋ᠦ᠍ ᠠᠮᠵᠢᠯᠲᠠ ᠶ᠋ᠢᠨ ᠲᠥᠯᠥᠭᠡᠯᠡᠯ ᠡᠴᠡ ᠠᠩᠬ᠎ᠠ ᠤᠳᠠᠭ᠎ᠠ ᠰᠠᠷᠠᠨ ᠳᠡᠭᠡᠷ᠎ᠡ ᠭᠢᠰᠬᠢᠬᠦ ᠪᠣᠯᠤᠮᠵᠢ ᠶ᠋ᠢ ᠰᠠᠨᠠᠯ ᠪᠣᠯᠭᠠᠵᠤ ᠪᠠᠢᠨ᠎ᠠ᠃
ᠶᠣᠨᠳᠣᠨ᠄ᠪᠢᠳᠡ ᠨᠠᠷ ᠰᠠᠷᠠᠨ ᠳᠡᠭᠡᠷ᠎ᠡ ᠣᠴᠢᠵᠤ ᠶᠠᠭᠠᠬᠢᠬᠤ ᠶᠤᠮ?
ᠪᠠᠢᠪᠠᠷᠯᠢ᠄ᠨᠠᠮ᠎ᠠ ᠶ᠋ᠢ ᠠᠪᠤᠭᠠᠳ ᠶᠠᠪᠤᠴᠢᠬ᠎ᠠ ᠯᠠ ᠳᠠ᠃
ᠬᠥᠮᠦᠰ᠄ᠪᠢ ᠰᠠᠷᠠ ᠤᠷᠤᠭᠤ ᠶᠠᠪᠤᠶ᠎ᠠ᠂ ᠲᠡᠢᠮᠦ ᠠ᠋ ᠰᠠᠷᠠ᠃
ᠠᠯᠮᠠᠰ᠄ ᠠ᠂ᠪᠢᠳᠡᠨ ᠦ᠌ ᠬᠥᠯᠭᠡ ᠲᠡᠢᠮᠦ ᠴᠦ᠍ ᠲᠣᠮᠣ ᠪᠢᠰᠢ ᠤᠴᠢᠷ ᠵᠥᠪᠬᠡᠨ ᠴᠥᠭᠡᠨ ᠵᠣᠷᠴᠢᠭᠴᠢ ᠠᠪᠴᠤ ᠶᠠᠪᠤᠬᠤ ᠪᠣᠯᠤᠮᠵᠢ ᠲᠠᠢ᠂ᠲᠡᠢᠮᠦ ᠡᠴᠡ ᠲᠠ ᠨᠠᠷ ᠤ᠋ᠨ ᠳᠤᠮᠳᠠ ᠬᠣᠭᠣᠯᠠ ᠢᠳᠡᠬᠦ ᠲᠡᠮᠡᠴᠡᠭᠡᠨ ᠶᠠᠪᠤᠭᠤᠯᠤᠶ᠎ᠠ᠃
ᠪᠠᠢᠪᠠᠷᠯᠢ᠄ᠲᠡᠭᠡᠪᠡᠯ ᠭᠠᠬᠠᠢ ᠨᠤᠭᠤᠳ ᠯᠠ ᠢᠯᠠᠨ᠎ᠠ ᠰᠢᠲᠠ᠃
ᠮᠠᠲᠠᠷ᠄ᠲᠡᠢᠮᠦ ᠰᠢᠦ᠂ᠢᠯᠠᠭᠳᠠᠯ ᠦᠭᠡᠢ ᠲᠡᠮᠡᠴᠡᠭᠡᠨ ᠪᠣᠯᠤᠨ᠎ᠠ᠃
ᠮᠣᠷᠢ᠄ ᠤᠷᠤᠯᠳᠤᠴᠢᠬᠠᠶ᠎ᠠ!
ᠬᠤᠯᠤᠭᠠᠨ᠎ᠠ: ᠲᠡᠭᠡᠪᠡᠯ ᠬᠡᠨ ᠲᠦᠷᠦᠭᠦᠯᠡᠵᠦ᠂ ᠥᠷᠯᠥᠭᠡᠨ ᠦ᠌ ᠨᠠᠷᠠ ᠶ᠋ᠢ ᠬᠠᠷᠠᠭᠰᠠᠨ ᠢ᠋ᠶ᠋ᠠᠷ ᠢ᠋ᠶ᠋ᠠᠨ ᠣᠷᠣᠯᠳᠣᠶ᠎ᠠ᠃
ᠲᠡᠮᠡᠭᠡ᠄ᠬᠤᠴᠠᠭᠠᠳ ᠪᠠᠢ᠂ ᠴᠢ ᠲᠠᠩᠳᠠ ᠪᠤᠯᠢᠬᠠᠢᠯᠠᠴᠢᠬᠠᠳᠠᠭ ᠪᠢᠵᠡ ᠳᠡ᠃
ᠠᠩ ᠤ᠋ᠨ ᠨᠣᠬᠠᠢ᠄ᠬᠡᠨ ᠴᠢᠩᠭ᠎ᠠ ᠬᠤᠴᠠᠬᠤ ᠪᠠᠨ ᠦᠵᠡᠪᠡᠯ ᠶᠠᠮᠠᠷ ᠤᠤ?
ᠮᠠᠲᠠᠷ᠄ᠰᠢᠭᠤᠳ ᠠᠯᠠᠯᠴᠠᠭᠠᠳ ᠠᠮᠢᠳᠤ ᠦᠯᠡᠳᠡᠭᠰᠡᠨ ᠢ᠋ᠶ᠋ᠡᠨ ᠠᠪᠴᠤ ᠶᠠᠪᠤᠶ᠎ᠠ᠃
ᠮᠠᠯᠰᠥ᠋ᠬᠡ᠄ᠨᠠᠳᠠ ᠳ᠋ᠤ᠌ ᠨᠢᠭᠡ ᠰᠠᠨᠠᠭ᠎ᠠ ᠪᠠᠢᠨ᠎ᠠ᠂ᠬᠠᠮᠤᠭ ᠤ᠋ᠨ ᠰᠢᠳᠤᠷᠭᠤ ᠪᠠᠷ ᠢ᠋ᠶ᠋ᠠᠨ ᠰᠤᠭᠤᠯᠤᠭ᠎ᠠ ᠶᠠᠪᠤᠭᠤᠯᠴᠠᠭᠠᠶ᠎ᠠ᠃
ᠮᠠᠲᠠᠷ᠄ᠪᠣᠯᠵᠤ ᠪᠠᠢᠨ᠎ᠠ᠂ᠬᠡᠨ ᠬᠡᠨ ᠳ᠋ᠦ᠍ ᠪᠡᠨ ᠭᠣᠮᠣᠳᠠᠯ ᠦᠭᠡᠢ᠃
ᠠᠯᠮᠠᠰ᠄ᠰᠠᠢᠬᠠᠨ ᠰᠠᠨᠠᠭ᠎ᠠ ᠪᠠᠢᠨ᠎ᠠ᠂ᠪᠢᠳᠡ ᠰᠤᠭᠤᠯᠤᠭ᠎ᠠ ᠰᠤᠭᠤᠯᠠᠭᠤᠯᠤᠶ᠎ᠠ᠃
ᠨᠤᠷᠪᠤ᠄ ᠲᠡᠢᠮᠦ ᠠ᠋
ᠰᠠᠮᠪᠤᠤ᠄ ᠭᠦᠦᠭ
ᠪᠤᠷᠵᠢᠮ᠎ᠡ᠄ᠴᠢᠮ᠎ᠠ ᠳ᠋ᠤ᠌ ᠪᠠᠰᠠ ᠲᠠᠭᠠᠷᠠᠴᠢᠬᠠᠭᠰᠠᠨ ᠤᠤ?
ᠰᠠᠮᠪᠤᠤ᠄ᠲᠡᠢᠮᠦ ᠠ᠋᠂ᠴᠢᠮ᠎ᠠ ᠶ᠋ᠢ ᠪᠡᠨ ᠰᠠᠷᠠ ᠤᠷᠤᠭᠤ ᠳᠠᠭᠠᠭᠤᠯᠵᠤ ᠶᠠᠪᠤᠨ᠎ᠠ᠃
ᠮᠠᠲᠠᠷ᠄ᠶᠠᠭᠤ ᠪᠣᠢ?ᠶᠠᠭᠠᠬᠢᠭᠠᠳ ᠵᠥᠪᠬᠡᠨ ᠭᠠᠬᠠᠢ ᠨᠤᠭᠤᠳ ᠢ᠋ ᠠᠪᠴᠤ ᠶᠠᠪᠤᠬᠤ ᠭᠡᠵᠦ ᠪᠠᠢᠭ᠎ᠠ ᠶᠤᠮ ᠪᠣᠢ?
ᠮᠠᠯᠰᠥ᠋ᠬᠡ᠄ᠭᠠᠬᠠᠢ ᠨᠤᠭᠤᠳ ᠠᠵᠠ ᠲᠠᠢ ᠯᠠ ᠪᠠᠢᠨ᠎ᠠ᠂ᠴᠢᠳᠠᠵᠤ ᠪᠠᠢᠭ᠎ᠠ ᠶᠠᠭᠤᠮ᠎ᠠ ᠪᠠᠷᠤᠭ ᠪᠠᠢᠬᠤ ᠦᠭᠡᠢ᠃
ᠮᠠᠲᠠᠷ᠄ᠠᠷᠠᠢ ᠴᠤ᠌ ᠳᠠ᠂ ᠮᠠᠯᠰᠥ᠋ᠬᠡ ᠴᠢ ᠷᠤᠪᠤᠲ ᠤ᠋ᠳ ᠲᠤ᠌ ᠮᠥᠩᠭᠥ ᠥᠭᠴᠢᠬᠡᠭᠰᠡᠨ ᠶᠦ᠍ᠮ ᠪᠢᠰᠢ ᠤᠤ?
ᠮᠠᠯᠰᠥ᠋ᠬᠡ᠄ᠶᠠᠭᠠᠬᠢᠯ᠎ᠠ ᠭᠡᠵᠦ ᠳᠡ᠂ᠬᠦᠷᠡᠯ ᠰᠣᠶᠣᠭ᠎ᠠ ᠮᠢᠨᠢ᠂ᠪᠢ ᠷᠤᠪᠤᠲ ᠤ᠋ᠳ ᠲᠠᠢ ᠶᠠᠮᠠᠷ ᠴᠤ᠌ ᠠᠵᠢᠯ ᠬᠡᠷᠡᠭ ᠦ᠋ᠨ ᠪᠣᠯᠤᠨ ᠬᠤᠪᠢ ᠶ᠋ᠢᠨ ᠬᠠᠷᠢᠯᠴᠠᠭ᠎ᠠ ᠪᠠᠢᠬᠤ ᠦᠭᠡᠢ᠂ ᠶᠠᠭ ᠯᠠ ᠴᠢᠮ᠎ᠠ ᠲᠠᠢ ᠠᠳᠠᠯᠢ ᠠᠩᠬ᠎ᠠ ᠤᠳᠠᠭ᠎ᠠ ᠯᠠ ᠬᠠᠷᠠᠵᠤ ᠪᠠᠢᠨ᠎ᠠ᠃ᠲᠡᠭᠡᠯ᠎ᠡ ᠴᠦ᠍ ᠰᠤᠭᠤᠯᠤᠭᠠᠨ ᠤ᠋ ᠮᠠᠲ᠋ᠧᠷᠢᠶᠠᠯ ᠢ᠋ ᠷᠤᠪᠤᠲ ᠤ᠋ᠳ ᠲᠠᠷᠬᠠᠭᠠᠭᠰᠠᠨ᠂ᠡᠨᠡ ᠤᠳᠠᠭ᠎ᠠ ᠳ᠋ᠤ᠌᠂ᠠ ᠡᠨᠡ ᠤᠳᠠᠭ᠎ᠠ ᠴᠤ᠌ ᠶᠠᠭᠤ ᠪᠠᠢᠬᠤᠪ᠂ᠪᠢ ᠪᠤᠷᠤᠭᠤ ᠦᠭᠡᠢ᠃
ᠶᠣᠨᠳᠣᠨ᠄ᠭᠠᠬᠠᠢ ᠭᠠᠬᠠᠢ ᠶᠠᠭᠠᠬᠢᠭᠠᠳ ᠵᠠᠪᠠᠯ ᠭᠠᠬᠠᠢ ᠭᠡᠵᠢ?ᠲᠠ ᠨᠠᠷ ᠦᠨᠡᠬᠡᠷ ᠡᠨᠡ ᠬᠠᠷᠢ ᠶ᠋ᠢᠨ ᠬᠢᠨ ᠳ᠋ᠦ᠍ ᠪᠢ ᠢᠲᠡᠭᠡᠵᠦ ᠪᠠᠢᠨ᠎ᠠ ᠤᠤ?
ᠨᠤᠷᠪᠤ᠄ᠪᠢ ᠥᠴᠥᠭᠡᠳᠦᠷ ᠲᠡᠭᠡᠬᠦ ᠳ᠋ᠦ᠍ ᠨᠢᠰᠳᠡᠭ ᠲᠠᠪᠠᠭ ᠬᠠᠷᠠᠭᠰᠠᠨ ᠭᠡᠳᠡᠭ ᠲᠦ᠍ ᠪᠡᠨ ᠡᠷᠡᠭᠡᠯᠵᠡᠵᠦ ᠪᠠᠢᠯ᠎ᠠ᠂ᠣᠳᠣ ᠪᠦᠷ ᠲᠡᠳᠡᠨ ᠲᠡᠢ ᠴᠣᠭ ᠡᠨᠡ ᠣᠩᠭᠣᠴᠠ ᠪᠠᠷ ᠰᠠᠷᠠᠨ ᠳᠡᠭᠡᠷ᠎ᠡ ᠪᠠᠭᠤᠬᠤ ᠭᠡᠵᠦ ᠪᠠᠢᠭ᠎ᠠ ᠳ᠋ᠤ᠌ ᠪᠠᠨ ᠢᠲᠡᠭᠡᠵᠦ ᠴᠢᠳᠠᠬᠤ ᠦᠭᠡᠢ ᠯᠡ ᠪᠠᠢᠨ᠎ᠠ᠃
ᠶᠣᠨᠳᠣᠨ᠄ ᠪᠠᠯᠠᠢᠷᠠᠭᠠᠳ ᠪᠠᠢ᠂ ᠮᠤᠯᠭᠤᠤ ᠬᠢᠮ᠎ᠠ ᠮᠢᠨᠢ᠂ᠡᠨᠡ ᠬᠠᠷᠢ ᠶ᠋ᠢᠨ ᠬᠢᠨ ᠲᠠ ᠨᠠᠷ ᠢ᠋ ᠦᠨ᠎ᠡ ᠦᠭᠡᠢ ᠰᠠᠷᠠᠨ ᠤ᠋ ᠠᠶᠠᠯᠠᠯ ᠳ᠋ᠤ᠌ ᠳᠠᠭᠠᠭᠤᠯᠵᠤ ᠶᠠᠪᠤᠨ᠎ᠠ ᠭᠡᠳᠡᠭ ᠲᠦ᠍ ᠢᠲᠡᠭᠡᠭᠡᠳ ᠪᠠᠢᠭ᠎ᠠ ᠶᠤᠮ ᠤᠤ?ᠴᠢ ᠡᠨᠡ ᠰᠤᠭᠤᠯᠤᠭ᠎ᠠ ᠳ᠋ᠤ᠌ ᠬᠣᠵᠢᠭ᠎ᠠ ᠦᠭᠡᠢ᠂ ᠶᠠᠭᠠᠬᠢᠭᠠᠳ ᠪᠤᠭ ᠮᠠᠯ ᠪᠢᠰᠢ᠂ ᠲᠠᠷᠭᠤᠨ ᠭᠠᠬᠠᠢ ᠨᠤᠭᠤᠳ ᠢ᠋ ᠰᠣᠩᠭᠣᠭᠰᠠᠨ ᠭᠡᠵᠦ ᠪᠣᠳᠣᠵᠤ ᠪᠠᠢᠨ᠎ᠠ᠃
ᠨᠤᠷᠪᠤ᠄ᠦᠭᠡᠢ ᠨᠡᠭᠡᠷᠡᠨ᠂ᠠᠵᠠ ᠲᠠᠢ ᠶᠤᠮ ᠠ᠋᠂ ᠪᠢᠳᠡ ᠨᠠᠷ᠃
ᠶᠣᠨᠳᠣᠨ᠄ ᠠᠯᠢᠪ᠂ ᠨᠠᠭᠠᠳᠤ ᠥᠨᠳᠡᠭᠡ ᠪᠡᠨ ᠰᠠᠢᠨ ᠠᠵᠢᠯᠯᠠᠭᠤᠯᠤᠭᠠᠴᠢ᠃ ᠴᠢ ᠴᠢᠨᠣ᠎ᠠ ᠪᠠᠢᠭᠰᠠᠨ ᠪᠣᠯ ᠶᠠᠮᠠᠷ ᠠᠮᠢᠲᠠᠨ ᠢᠳᠡᠬᠦ ᠤᠤ? ᠲᠠᠷᠭᠤᠨ ᠤᠤ ᠲᠤᠷᠠᠩᠬᠠᠢ ᠤᠤ?
ᠨᠤᠷᠪᠤ᠄ ᠲᠠ ᠶᠠᠭᠤ ᠭᠡᠬᠦ ᠭᠡᠳ ᠪᠠᠢᠭ᠎ᠠ ᠶᠤᠮ ᠪᠣᠢ ᠪᠢ ᠤᠳᠠᠬᠤ ᠦᠭᠡᠢ ᠲᠣᠷᠴᠢᠬᠠᠨ᠎ᠠ᠃ᠲᠡᠭᠡᠯ᠎ᠡ ᠴᠦ᠍ ᠵᠠᠷᠢᠮ ᠴᠢᠨᠣ᠎ᠠ ᠥᠭᠡᠬᠦ ᠲᠡᠢ ᠮᠢᠬ᠎ᠠ ᠢᠳᠡᠳᠡᠭ ᠦᠭᠡᠢ ᠭᠡᠰᠡᠨ᠃
ᠶᠣᠨᠳᠣᠨ᠄ᠭᠠᠬᠠᠢ ᠨᠤᠭᠤᠳ ᠢ᠋ ᠨᠢᠲᠤᠯᠬᠤ ᠭᠡᠵᠦ ᠪᠠᠢᠨ᠎ᠠ᠃
ᠨᠤᠷᠪᠤ᠄ᠦᠭᠡᠢ ᠳᠡ ᠠᠬ᠎ᠠ ᠮᠢᠨᠢ᠂ᠭᠠᠬᠠᠢ ᠨᠤᠭᠤᠳ ᠲᠤ᠌ ᠦᠢᠯᠡᠴᠢᠯᠡᠬᠦ ᠭᠡᠵᠦ ᠪᠠᠢᠨ᠎ᠠ᠃
ᠶᠣᠨᠳᠣᠨ᠄ᠭᠠᠬᠠᠢ ᠪᠠᠷ ᠦᠢᠯᠡᠴᠢᠯᠡᠬᠦ ᠭᠡᠵᠦ ᠪᠠᠢᠨ᠎ᠠ᠃ᠴᠢᠨᠦ ᠨᠡᠷ᠎ᠡ ᠶ᠋ᠢ ᠮᠢᠨᠦ ᠨᠡᠷ᠎ᠡ ᠪᠡᠷ ᠲᠠᠯᠪᠢᠬᠤ ᠭᠡᠵᠦ ᠪᠠᠢᠨ᠎ᠠ᠃ᠴᠢ ᠶᠠᠮᠠᠷ ᠴᠤ᠌ ᠰᠤᠭᠤᠯᠤᠭᠠᠨ ᠳ᠋ᠤ᠌ ᠬᠣᠵᠢᠭ᠎ᠠ ᠦᠭᠡᠢ᠃
ᠨᠤᠷᠪᠤ᠄ ᠠᠭ᠎ᠠ ᠲᠠ ᠰᠤᠭᠤᠯᠤᠭᠠᠨ ᠳ᠋ᠤ᠌ ᠬᠣᠵᠢᠭ᠎ᠠ ᠦᠭᠡᠢ ᠳ᠋ᠦ᠍ ᠪᠡᠨ ᠪᠦᠦ ᠭᠤᠲᠤᠷᠠ᠂ ᠷᠤᠪᠤᠲ ᠶᠠᠭᠤ ᠭᠡᠵᠦ ᠭᠠᠬᠠᠢ ᠢᠳᠡᠵᠦ ᠪᠠᠢᠳᠠᠭ ᠶᠤᠮ᠂ ᠪᠠᠶᠠᠷᠲᠠᠢ!
ᠶᠣᠨᠳᠣᠨ᠄ᠰᠢᠯᠭᠠᠯᠲᠠ᠂ᠴᠢ ᠥᠨᠥᠳᠥᠷ ᠰᠢᠯᠭᠠᠯᠲᠠ ᠲᠠᠢ ᠪᠢᠵᠡ ᠳᠡ᠃
ᠨᠤᠷᠪᠤ᠄ᠴᠢᠮᠡᠭᠡ ᠦᠭᠡᠢ᠂ ᠡᠵᠢ ᠰᠣᠨᠣᠰᠤᠯ᠎ᠠ᠃ᠲᠠᠨ ᠤ᠋ ᠵᠥᠪ᠂ᠡᠨᠡ ᠷᠤᠪᠤᠲ ᠤ᠋ᠳ ᠭᠠᠬᠠᠢ ᠨᠤᠭᠤᠳ ᠢ᠋ ᠢᠳᠡᠬᠦ ᠭᠡᠵᠦ ᠪᠠᠢᠭ᠎ᠠ ᠶᠤᠮ ᠪᠠᠢᠨ᠎ᠠ᠂ ᠲᠡᠭᠡᠭᠰᠡᠨ ᠴᠦ᠍ ᠰᠢᠯᠭᠠᠯᠲᠠ ᠠ᠋ᠴᠠ ᠳᠡᠭᠡᠷ᠎ᠡ ᠰᠣᠨᠣᠰᠳᠠᠵᠤ ᠪᠠᠢᠨ᠎ᠠ᠃
ᠶᠣᠨᠳᠣᠨ᠄ ᠪᠤᠷᠵᠢᠮ᠎ᠡ ᠡᠭᠡᠴᠢ ᠠ᠋᠂ᠲᠠ ᠲᠠᠨᠢᠬᠤ ᠦᠭᠡᠢ ᠬᠥᠮᠦᠨ ᠡᠴᠡ ᠰᠢᠬᠢᠷ ᠪᠢᠲᠡᠭᠡᠢ ᠠᠪᠴᠤ ᠪᠠᠢᠭᠠᠷᠠᠢ ᠭᠡᠵᠦ ᠬᠡᠯᠡᠳᠡᠭ ᠪᠠᠢᠭᠰᠠᠨ ᠪᠢᠵᠡ ᠳᠡ᠃
ᠪᠤᠷᠵᠢᠮ᠎ᠡ᠄ᠰᠠᠮᠪᠤᠤ ᠠᠬ᠎ᠠ ᠠᠩᠬ᠎ᠠ ᠨᠠᠳᠠ ᠰᠢᠬᠢᠷ ᠥᠭᠴᠦ ᠲᠠᠨᠢᠯᠴᠠᠵᠤ ᠪᠠᠢᠯ᠎ᠠ᠃
ᠶᠣᠨᠳᠣᠨ᠄ᠦᠭᠡᠢ᠂ᠲᠡᠭᠡᠭᠡᠳ ᠶᠠᠭᠠᠬᠢᠬᠤ ᠭᠡᠵᠦ ᠲᠡᠭᠡᠵᠦ ᠬᠡᠯᠡᠭᠰᠡᠨ ᠶᠦ᠍ᠮ᠃
ᠪᠤᠷᠵᠢᠮ᠎ᠡ᠄ᠶᠣᠨᠳᠣᠨ ᠠ᠋᠂ᠴᠢ ᠭᠠᠭᠴᠠ ᠤᠳᠠᠭ᠎ᠠ ᠴᠤ᠌ ᠪᠣᠯᠲᠤᠭᠠᠢ᠂ᠳᠡᠭᠦᠦ ᠶ᠋ᠢᠨ ᠢ᠋ᠶ᠋ᠡᠨ ᠡᠮᠦᠨ᠎ᠡ ᠡᠴᠡ ᠪᠠᠶᠠᠷᠯᠠᠭᠠᠴᠢ᠃
ᠶᠣᠨᠳᠣᠨ᠄ᠲᠠ ᠨᠠᠷ ᠴᠢᠨᠢ ᠶᠠᠭᠠᠬᠢᠴᠢᠬᠠᠭ᠎ᠠ ᠪᠣᠢ?ᠪᠢᠲᠡᠭᠡᠢ ᠡᠨᠡ ᠣᠩᠭᠣᠴᠠᠨ ᠳ᠋ᠤ᠌ ᠰᠠᠭᠤ᠃ᠲᠠ ᠠᠶᠠᠯᠠᠯ ᠳ᠋ᠤ᠌ ᠪᠠᠨ ᠶᠠᠪᠤ ᠶᠠᠪᠤ᠃ ᠳᠡᠭᠦᠦ ᠨᠢ ᠮᠤᠬᠤᠯᠠᠭ ᠢ᠋ ᠲᠠᠨᠢ ᠠᠵᠢᠯᠯᠠᠭᠤᠯᠤᠭᠠᠳ ᠪᠠᠢᠵᠤ ᠪᠠᠢᠶ᠎ᠠ᠃
ᠰᠠᠮᠪᠤᠤ᠄ᠦ᠂ᠠᠰᠢᠭᠦᠢ ᠳᠡ ᠪᠠᠶᠠᠷᠯᠠᠯ᠎ᠠ ᠶᠣᠨᠳᠣᠨ ᠠ᠋᠃
ᠶᠣᠨᠳᠣᠨ᠄ᠰᠢᠷᠠᠭᠰᠠᠨcorn (ᠰᠢᠰᠢ) ᠠᠪᠤᠭᠠᠷᠠᠢ᠂ᠰᠢᠷᠠᠭᠰᠠᠨcorn(ᠰᠢᠰᠢ)ᠠᠪᠤᠭᠠᠷᠠᠢ᠃
ᠪᠤᠷᠵᠢᠮ᠎ᠡ᠄ ᠬᠥᠰᠢ᠂ ᠬᠠᠮᠢᠭ᠎ᠠ ᠣᠴᠢᠬᠤ ᠨᠢ ᠤᠤ?
ᠰᠠᠮᠪᠤᠤ᠄ ᠠᠯᠢᠪ᠂ ᠭᠢᠯᠠᠰ ᠭᠤᠷᠪᠠ ᠶ᠋ᠢ ᠪᠣᠭᠣᠴᠢᠬ᠎ᠠ᠃
ᠶᠣᠨᠳᠣᠨ᠄ᠠ ᠂ᠵᠢᠭᠠᠬᠠᠨ ᠤᠳᠠᠬᠤ ᠪᠠᠷ ᠪᠠᠢᠨ᠎ᠠ ᠳᠠ᠃
ᠠᠯᠮᠠᠰ᠄ ᠠᠭᠤᠴᠢᠯᠠᠭᠠᠷᠠᠢ!ᠲᠠᠨ ᠳ᠋ᠤ᠌ ᠬᠡᠷᠡᠭᠴᠡᠭᠡ ᠲᠡᠢ ᠪᠦᠬᠦ ᠵᠦᠢᠯᠡᠰ ᠳᠣᠲᠣᠷ᠎ᠠ ᠪᠠᠢᠭ᠎ᠠ᠃
ᠨᠤᠷᠪᠤ᠄ᠲᠡᠭᠡᠪᠡᠯ ᠡᠨᠡ ᠤᠮᠳᠠᠭᠠᠨ ᠪᠠᠢᠭ᠎ᠠ ᠶᠤᠮ ᠤᠤ?
ᠠᠯᠮᠠᠰ᠄ᠠ ᠂ᠡᠨᠡ ᠤᠮᠳᠠᠭᠠᠨ ᠪᠠᠢᠬᠤ ᠦᠭᠡᠢ ᠯᠡ ᠳᠡ᠃ᠭᠡᠬᠦ  ᠳ᠋ᠦ᠍ ᠪᠡᠨ ᠬᠠᠩᠭᠠᠯᠲᠠᠲᠠᠢ ᠶᠡᠬᠡ ᠤᠮᠳᠠᠭᠠᠨ ᠪᠠᠢᠭ᠎ᠠ᠃
ᠰᠠᠮᠪᠤᠤ᠄ᠬᠤᠷᠳᠤᠨ ᠭᠠᠯ ᠢ᠋ᠶ᠋ᠠᠨ ᠨᠡᠮᠡᠭᠡᠳ ᠲᠡᠭᠡ ᠯᠡ ᠳᠡ᠃
ᠶᠣᠨᠳᠣᠨ᠄ ᠲᠦᠯᠡᠭᠳᠡᠴᠢᠬᠡᠨ᠎ᠡ ᠰᠢᠲᠠ᠃
ᠰᠠᠮᠪᠤᠤ᠄ ᠠᠯᠢᠪ᠂ ᠬᠣᠯᠠᠳᠴᠤ ᠪᠠᠢ᠂᠃
ᠠᠯᠮᠠᠰ᠄ ᠲᠤᠷᠵᠢᠵᠠᠪ᠂ ᠪᠠᠲᠤ᠂ ᠮᠠᠯᠰᠥ᠋ᠬᠡ᠂ ᠨᠤᠷᠪᠤ᠂ ᠪᠤᠷᠵᠢᠮ᠎ᠡ᠂ ᠰᠠᠮᠪᠤᠤ᠂ ᠲᠠᠪᠠᠲᠠᠢ ᠠᠶᠠᠯᠠᠭᠠᠷᠠᠢ᠃
ᠶᠣᠨᠳᠣᠨ᠄ᠪᠠᠶᠠᠷᠯᠠᠯ᠎ᠠ᠃
ᠰᠠᠮᠪᠤᠤ᠄ᠬᠥᠶᠢ᠂ ᠨᠠᠮ᠎ᠠ ᠶ᠋ᠢ ᠬᠦᠯᠢᠶᠡᠭᠡᠷᠡᠢ᠂ᠨᠠᠮ᠎ᠠ ᠶ᠋ᠢ ᠮᠠᠷᠲᠠᠴᠢᠬᠠᠯ᠎ᠠ ᠠ᠋᠂ᠦ᠂ ᠲᠣᠰᠣ ᠬᠣᠷᠣᠭᠠᠵᠤ ᠲᠦᠯᠡᠭᠳᠡᠯ᠎ᠡ᠃
ᠨᠤᠷᠪᠤ᠄ᠶᠠᠩᠵᠤ ᠲᠠᠢ᠂ ᠳᠡᠭᠡᠪᠦᠷᠯᠡᠵᠦ ᠠᠮᠵᠢᠭᠰᠠᠨ ᠦᠭᠡᠢ ᠶᠦ᠍ᠮ ᠠ᠋᠃ ᠭᠡᠭᠡᠨ ᠶᠡᠬᠡ ᠬᠢᠮ᠎ᠠ᠂ ᠶᠠᠮᠠᠷ ᠲᠣᠮᠣ ᠭᠠᠵᠠᠷ ᠪᠣᠢ?ᠪᠠᠢᠵᠠ᠂ ᠪᠢ ᠵᠢᠵᠢᠭᠷᠡᠴᠢᠬᠡᠭᠰᠡᠨ ᠶᠦᠮ ᠪᠠᠢᠬᠤ ᠳᠠ᠃ᠪᠢ ᠶᠠᠮᠠᠷ ᠲᠤᠷᠠᠮᠠᠷ ᠪᠠᠢᠭ᠎ᠠ ᠠ᠋ᠴᠠ ᠪᠢᠰᠢ᠂ ᠵᠢᠵᠢᠭᠷᠡᠮᠡᠷ ᠦᠭᠡᠢ ᠪᠠᠢᠨ᠎ᠠ ᠳᠠ᠃
ᠠᠯᠮᠠᠰ᠄ᠵᠦᠭᠡᠷ ᠳᠡ᠂ᠴᠢ ᠰᠠᠶᠢ ᠣᠷᠣᠨ ᠵᠠᠢ ᠶ᠋ᠢᠨ Compact ( ᠵᠢᠵᠢᠭᠷᠡᠭᠦᠯᠬᠦ) ᠪᠡᠷ ᠣᠷᠣᠯ᠎ᠠ᠃ ᠪᠤᠴᠠᠵᠤ ᠭᠠᠷᠬᠤ ᠳ᠋ᠤ᠌ ᠪᠠᠨ ᠴᠢᠨᠦ ᠬᠡᠮᠵᠢᠶ᠎ᠡ ᠡᠩ ᠦ᠋ᠨ ᠪᠣᠯᠴᠢᠬᠠᠨ᠎ᠠ᠃
ᠣᠳᠣ ᠪᠦᠭᠦᠳᠡᠭᠡᠷ ᠢ᠋ᠶ᠋ᠡᠨ ᠮᠠᠨ ᠤ᠋ ᠦᠨᠳᠦᠰᠦᠨ ᠵᠢᠭᠠᠯᠭ᠎ᠠ ᠤᠷᠤᠭᠤ ᠶᠠᠪᠤᠵᠤ ᠪᠠᠢᠨ᠎ᠠ᠃ᠪᠢᠳᠡ ᠲᠠ ᠪᠦᠬᠦᠨ ᠦ᠌ ᠠᠶᠠᠯᠠᠯ ᠳ᠋ᠤ᠌ ᠵᠣᠷᠢᠭᠤᠯᠵᠤ ᠲᠤᠰᠬᠠᠢᠯᠠᠨ ᠵᠣᠭᠣᠭ ᠪᠡᠯᠡᠳᠦᠭᠰᠡᠨ ᠪᠠᠢᠭ᠎ᠠ᠃
ᠨᠤᠷᠪᠤ᠄ᠵᠣᠭᠣᠭ ᠠ᠋᠂ ᠵᠠ ᠵᠠ ᠮᠠᠷᠭᠠᠰᠢ ᠠ᠋ᠴᠠ ᠶᠠᠭ ᠲᠤᠷᠠᠶ᠎ᠠ᠃
ᠮᠣᠭᠠᠢ᠄ᠡᠨᠡ ᠶᠠᠭᠠᠬᠢᠭᠰᠠᠨ ᠬᠠᠯᠠᠭᠤᠨ ᠪᠠᠢᠨ᠎ᠠ᠃
ᠮᠤᠷᠭᠥ᠋ᠰ᠄ᠨᠢᠭᠡ ᠵᠣᠷᠴᠢᠭᠴᠢ ᠦᠯᠡᠳᠡᠭᠡᠭᠰᠡᠨ ᠪᠠᠢᠨ᠎ᠠ ᠃
ᠠᠯᠮᠠᠰ᠄ᠶᠠᠭ ᠯᠠ ᠠᠷᠪᠠᠨ ᠭᠠᠬᠠᠢ ᠪᠦᠷᠢᠳᠬᠡᠭᠰᠡᠨ ᠳᠡ᠃
ᠨᠤᠷᠪᠤ᠄ ᠠ ᠠᠪᠤ᠂ᠮᠠᠨ ᠤ᠋ ᠠᠪᠤ ᠣᠳᠣ ᠣᠷᠣᠭᠠᠳ ᠢᠷᠡᠬᠦ ᠪᠠᠢᠬ᠎ᠠ ᠠ᠋᠃ᠪᠢ ᠬᠣᠭᠣᠯᠠ ᠪᠠᠨ ᠢᠳᠡᠵᠦ ᠪᠠᠢᠬᠤ ᠤᠤ?
ᠪᠤᠷᠵᠢᠮ᠎ᠡ᠄ᠴᠢᠨᠦ ᠲᠤᠷᠠᠬᠤ ᠴᠤ᠌ ᠭᠡᠵᠢ ᠳᠡ᠃
ᠮᠤᠷᠭᠥ᠋ᠰ᠄ᠭᠠᠭᠴᠠ ᠭᠠᠬᠠᠢ ᠵᠣᠭᠣᠭ ᠠ᠋ᠴᠠ ᠬᠣᠴᠣᠷᠬᠤ ᠶᠣᠰᠣ ᠦᠭᠡᠢ᠂ ᠣᠯ!
ᠶᠣᠨᠳᠣᠨ᠄ ᠷᠤᠪᠤᠲ ᠤ᠋ᠳ ᠲᠤ᠌ ᠨᠣᠢᠯ( ᠵᠣᠷᠯᠣᠩ) ᠶᠠᠮᠠᠷ ᠬᠡᠷᠡᠭ ᠪᠠᠢᠳᠠᠭ ᠪᠠᠢᠨ᠎ᠠ?ᠴᠢ ᠡᠨᠳᠡ ᠶᠠᠭᠤ ᠬᠢᠵᠦ ᠶᠠᠪᠤᠭ᠎ᠠ ᠶᠤᠮ?
ᠮᠣᠭᠠᠢ᠄ ᠵᠤᠤᠬ᠎ᠠ ᠵᠤᠤᠬ᠎ᠠ᠁ ᠬᠦᠯᠢᠶᠡᠭᠡᠷᠡᠢ᠂ᠴᠢ ᠶᠠᠮᠠᠷ ᠵᠢᠵᠢᠭᠬᠡᠨ ᠪᠣᠯᠴᠢᠬᠠᠭ᠎ᠠ ᠪᠣᠢ?ᠡᠨᠳᠡ ᠶᠡᠷᠦ ᠨᠢ ᠶᠠᠭᠤ ᠪᠣᠯᠤᠭᠠᠳ ᠪᠠᠢᠨ᠎ᠠ᠃
ᠶᠣᠨᠳᠣᠨ᠄ᠬᠥᠶᠢ᠂ᠲᠠᠢᠪᠤᠰᠢᠷᠠ ᠁ ᠲᠠᠢᠪᠤᠰᠢᠷᠠ᠂ᠲᠡᠳᠡ ᠣᠷᠣᠨ ᠵᠠᠢ ᠪᠠᠨ ᠬᠡᠮᠨᠡᠬᠦ ᠶ᠋ᠢᠨ ᠲᠤᠯᠠᠳᠠ ᠣᠷᠣᠬᠤ ᠭᠠᠷᠴᠠ ᠳᠡᠭᠡᠷ᠎ᠡ ᠪᠡᠨ ᠵᠢᠵᠢᠭᠷᠡᠭᠦᠯᠬᠦ ᠲᠣᠮᠣᠷᠠᠭᠤᠯᠳᠠᠭ ᠲᠥᠬᠥᠭᠡᠷᠦᠮᠵᠢ ᠲᠡᠢ ᠶᠦᠮ ᠪᠢᠯᠡ᠂ ᠲᠡᠭᠡᠭᠡᠳ ᠵᠤᠤᠬ᠎ᠠ ᠶᠠᠭᠠᠬᠢᠭᠰᠠᠨ ᠭᠡᠨ᠎ᠡ?
ᠮᠣᠭᠠᠢ᠄ᠲᠡᠳᠡ ᠵᠤᠤᠬ᠎ᠠ ᠪᠠᠨ ᠬᠠᠯᠠᠭᠠᠵᠤ ᠪᠠᠢᠨ᠎ᠠ᠃
ᠶᠣᠨᠳᠣᠨ᠄ᠲᠡᠭᠡᠭᠡᠳ ?
ᠮᠣᠭᠠᠢ᠄ᠭᠠᠬᠠᠢ ᠨᠤᠭᠤᠳ ᠢ᠋ ᠰᠢᠷᠠᠵᠤ ᠢᠳᠡᠬᠦ ᠭᠡᠵᠦ ᠪᠠᠢᠨ᠎ᠠ᠃
ᠶᠣᠨᠳᠣᠨ᠄ᠡᠩ ᠦ᠋ᠨ ᠷᠤᠪᠤᠲ ᠤ᠋ᠳ ᠪᠢᠰᠢ ᠭᠡᠳᠡᠭ ᠢ᠋ ᠨᠢ ᠮᠡᠳᠡᠭᠰᠡᠨ ᠶᠦ᠍ᠮ ᠠ᠋᠂ ᠬᠠᠷᠠ ᠯᠠ ᠳᠠ᠂ ᠡᠳᠡᠨ ᠳ᠋ᠦ᠍ ᠨᠣᠢᠯ( ᠵᠣᠷᠯᠣᠩ) ᠬᠦᠷᠲᠡᠯ᠎ᠡ ᠪᠠᠢᠨ᠎ᠠ᠃ᠬᠣᠶᠠᠭᠤᠯᠠ ᠪᠠᠨ ᠡᠨᠡ ᠮᠢᠬᠠᠴᠢᠨ ᠷᠣᠪᠣᠲ ᠤ᠋ᠳ ᠢ᠋ ᠵᠣᠭᠰᠣᠭᠠᠬᠤ ᠬᠡᠷᠡᠭᠲᠡᠢ᠃
ᠮᠣᠭᠠᠢ᠄ ᠵᠣᠭᠰᠣᠭᠠᠬᠤ ᠠ᠋᠂ ᠪᠢ ᠯᠠᠪ ᠵᠢᠭᠤᠲᠠᠯ᠎ᠠ᠃
ᠶᠤᠨᠳᠤᠨ᠄ ᠬᠥᠰᠢ᠃
ᠠᠯᠮᠠᠰ᠄ᠨᠣᠶᠠᠨ ᠰᠠᠮᠪᠤᠤ?
ᠶᠣᠨᠳᠣᠨ᠄ᠠ ᠂ᠪᠢ ᠬᠥᠨᠲᠥᠷᠴᠦ ᠪᠠᠢᠨ᠎ᠠ᠃
ᠠᠯᠮᠠᠰ᠄ᠲᠠ ᠲᠤᠰᠬᠠᠢ ᠵᠣᠭᠣᠭ ᠠ᠋ᠴᠠ ᠬᠣᠴᠣᠷᠤᠯ᠎ᠠ᠂ ᠪᠦᠬᠦ ᠭᠠᠬᠠᠢ ᠨᠤᠭᠤᠳ ᠬᠦᠯᠢᠶᠡᠯᠭᠡ ᠶ᠋ᠢᠨ ᠥᠷᠥᠭᠡᠨ ᠳ᠋ᠦ᠍ ᠪᠡᠨ ᠲᠠᠨ ᠢ᠋ ᠬᠦᠯᠢᠶᠡᠵᠦ ᠪᠠᠢᠨ᠎ᠠ᠃
ᠶᠣᠨᠳᠣᠨ᠄ᠵᠠ ᠵᠠ᠂ᠪᠡᠯᠡᠨ ᠪᠣᠯᠴᠢᠬᠠᠭᠠᠳ ᠣᠴᠢᠶ᠎ᠠ᠃
ᠨᠤᠷᠪᠤ᠄ ᠬᠡᠨ ᠨᠢᠭᠡ ᠨᠢ ᠪᠠᠢᠨ᠎ᠠ ᠤᠤ?
ᠶᠣᠨᠳᠣᠨ᠄ᠨᠤᠷᠪᠤ ᠠ᠋᠂ ᠴᠢ ᠤᠤ?
ᠨᠤᠷᠪᠤ᠄ ᠠᠭ᠎ᠠ ᠠ᠋ ᠂ ᠲᠠ ᠡᠨᠳᠡ ᠶᠠᠭᠤ ᠬᠢᠵᠦ?
ᠶᠣᠨᠳᠣᠨ᠄ᠡᠨᠳᠡ ᠡᠴᠡ ᠵᠢᠭᠤᠲᠠᠬᠤ ᠬᠡᠷᠡᠭᠲᠡᠢ᠃
ᠨᠤᠷᠪᠤ᠄ ᠲᠡᠷᠡ ᠶᠠᠭᠠᠬᠢᠬᠤ ᠪᠣᠢ᠂ ᠬᠠᠭᠠᠯᠭ᠎ᠠ ᠪᠠᠨ ᠨᠡᠭᠡᠭᠡᠭᠡᠴᠢ ᠠ᠋᠂ ᠦᠮᠦᠳᠦᠨ ᠳ᠋ᠦ᠍ ᠪᠡᠨ ᠰᠢᠭᠡᠯ᠎ᠡ᠃
ᠶᠣᠨᠳᠣᠨ᠄ᠴᠢ ᠥᠮᠥᠳᠥ ᠦᠭᠡᠢ ᠪᠢᠵᠡ ᠳᠡ᠂ᠵᠠ ᠲᠡᠭᠡᠬᠦ ᠪᠡᠷ ᠬᠣᠶᠠᠭᠤᠯᠠ ᠪᠠᠨ ᠢᠩᠭᠢᠨ᠎ᠡ ᠂ ᠵᠠ ᠤᠤ?ᠪᠢ ᠭᠠᠷᠬᠤ ᠬᠠᠭᠠᠯᠭ᠎ᠠ ᠶ᠋ᠢ ᠨᠢ ᠣᠯᠤᠨ᠎ᠠ᠁
ᠨᠤᠷᠪᠤ᠄ ᠠ᠂ ᠳᠠᠬᠢᠭᠠᠳ ᠯᠠ ᠨᠥᠭᠦᠭᠡ ᠶᠠᠭᠤᠮ᠎ᠠ ᠪᠠᠨ᠁
ᠶᠣᠨᠳᠣᠨ᠄ᠴᠢ ᠲᠡᠷᠡ ᠦᠶ᠎ᠡ ᠳ᠋ᠦ᠍ ᠡᠵᠢ ᠶ᠋ᠢ ᠪᠡᠨ ᠪᠡᠯᠡᠳᠦᠭᠡᠳ᠂ᠲᠡᠭᠡᠭᠡᠳ ᠲᠣᠰᠬᠣᠨ ᠳ᠋ᠤ᠌ ᠪᠠᠨ ᠣᠴᠢᠴᠢᠬᠠᠭᠰᠠᠨ ᠪᠠᠢᠨ᠎ᠠ ᠂ᠣᠢᠯᠠᠭᠠᠭᠰᠠᠨ ᠤᠤ?ᠨᠤᠷᠪᠤ ᠠ᠋᠂ᠨᠤᠷᠪᠤ ᠬᠠᠭᠠᠯᠭ᠎ᠠ ᠪᠠᠨ ᠨᠡᠬᠡᠭᠡ᠃
ᠨᠤᠷᠪᠤ᠄ᠨᠡᠭᠡᠭᠡᠭᠳᠡᠬᠦ ᠦᠭᠡᠢ ᠪᠠᠢᠨ᠎ᠠ᠃
ᠶᠤᠨᠳᠤᠨ᠄ᠴᠢ ᠭᠠᠳᠠᠨ᠎ᠠ ᠠ᠋ᠴᠠ ᠨᠢ ᠲᠦᠭᠵᠢᠴᠢᠬᠡᠯ᠎ᠡ ᠰᠢᠲᠠ᠃
ᠨᠤᠷᠪᠤ᠄ ᠠᠭ᠎ᠠ ᠠ᠋᠂ ᠪᠢ ᠵᠠᠰᠠᠪᠤᠷᠢᠴᠢᠨ ᠳᠠᠭᠤᠳᠠᠭᠠᠳ ᠢᠷᠡᠶ᠎ᠡ᠃
ᠶᠣᠨᠳᠣᠨ᠄ ᠨᠤᠷᠪᠤ ᠠ᠋᠂ᠬᠠᠭᠠᠯᠭ᠎ᠠ ᠪᠠᠨ ᠨᠡᠭᠡᠭᠡᠭᠡᠴᠢ᠂ᠬᠥᠯᠭᠡ ᠳ᠋ᠦ᠍ ᠵᠤᠤᠬ᠎ᠠ ᠬᠠᠯᠠᠵᠤ ᠪᠠᠢᠨ᠎ᠠ᠂ᠲᠠ ᠨᠠᠷ ᠢ᠋ ᠰᠢᠷᠠᠵᠤ ᠢᠳᠡᠬᠦ ᠭᠡᠵᠦ ᠪᠠᠢᠭ᠎ᠠ ᠶ᠋ᠢ ᠣᠢᠯᠠᠭᠠᠬᠤ ᠦᠭᠡᠢ
ᠪᠠᠢᠨ᠎ᠠ ᠤᠤ
ᠠᠯᠮᠠᠰ᠄ᠰᠡᠭᠦᠯ ᠦ᠋ᠨ ᠨᠢᠭᠡ ᠭᠠᠬᠠᠢ ᠤᠳᠠᠬᠤ ᠦᠭᠡᠢ ᠪᠤᠰᠤᠳ ᠲᠠᠢ ᠪᠠᠨ ᠨᠡᠢᠯᠡᠨ᠎ᠡ᠃
ᠮᠤᠷᠭᠥ᠋ᠰ᠄ ᠰᠠᠢᠨ ᠪᠠᠢᠨ᠎ᠠ᠂ ᠠᠵᠢᠯᠯᠠᠭ᠎ᠠ ᠪᠠᠨ ᠡᠬᠢᠯᠡ᠃
ᠶᠤᠨᠳᠤᠨ᠄ ᠠ᠂ ᠰᠠᠪᠠᠳᠠᠭ ᠭᠡᠵᠢ?ᠪᠢ ᠡᠨᠳᠡ ᠶᠠᠭᠤ ᠬᠢᠵᠦ ᠪᠠᠢᠭ᠎ᠠ ᠶᠤᠮ ᠪᠣᠯ ᠳᠠ᠃ ᠰᠤᠭᠤᠯᠤᠭᠠᠨ ᠳ᠋ᠤ᠌ ᠬᠣᠵᠢᠭᠰᠠᠨ ᠪᠢᠯᠡ ᠤᠤ ?ᠬᠥᠯᠭᠡ ᠣᠩᠭᠣᠴᠠ ᠶᠠᠮᠠᠷ ᠴᠢᠮᠡᠭᠡ ᠦᠭᠡᠢ ᠪᠣᠯᠴᠢᠬᠠᠪᠠ ? ᠶᠠᠩᠵᠤ ᠲᠠᠢ ᠂ ᠭᠡᠷ ᠲᠦ᠍ ᠪᠡᠨ ᠨᠢᠭᠡ ᠡᠢᠮᠦ ᠶᠠᠭᠤᠮ᠎ᠠ ᠲᠠᠢ ᠪᠣᠯᠬᠤ ᠬᠡᠷᠡᠭᠲᠡᠢ ᠪᠠᠢᠨ᠎ᠠ ᠳᠠ᠂ ᠭᠡᠷ ᠡᠴᠡ ᠬᠡᠳᠦᠨcorn( ᠰᠢᠰᠢ )ᠠᠪᠤᠭᠠᠳ ᠭᠠᠷᠳᠠᠭ ᠪᠠᠢᠵᠠᠢ᠂ ᠥᠩ᠂bacom(ᠰᠢᠷᠠᠭᠰᠠᠨ ᠭᠠᠬᠠᠢ ᠶ᠋ᠢᠨ ᠮᠢᠬ᠎ᠠ)bacom(ᠰᠢᠷᠠᠭᠰᠠᠨ ᠭᠠᠬᠠᠢ ᠶ᠋ᠢᠨ ᠮᠢᠬ᠎ᠠ)᠁ ᠨᠤᠷᠪᠤ ᠨᠤᠷᠪᠤ᠂ᠳᠤᠤᠭᠠᠷᠴᠤ ᠪᠠᠢᠬᠤ ᠳ᠋ᠤ᠌ ᠴᠢ᠂ᠮᠢᠨᠦ ᠳᠡᠭᠦᠦ᠂ ᠳᠠᠩᠴᠤ ᠶᠠᠭᠠᠬᠢᠪᠠ ᠳᠠ? ᠬᠡᠯᠡᠭᠰᠡᠨ ᠰᠢᠲᠠ᠃
ᠮᠤᠷᠭᠥ᠋ᠰ᠄ ᠤᠷᠢᠯᠭ᠎ᠠ ᠦᠭᠡᠢ ᠵᠣᠴᠢᠨ᠃
ᠶᠣᠨᠳᠣᠨ᠄ ᠢᠯᠡᠭᠦᠦ ᠡᠪᠡᠳᠦᠯᠲᠡ ᠲᠡᠢ ᠦᠬᠦᠨ᠎ᠡ ᠳᠡ ᠂ ᠡᠪᠡᠳᠦᠨ᠎ᠡ᠃ᠣᠳᠣ ᠲᠠ ᠨᠠᠷ ᠢ᠋ ᠬᠠᠮᠢᠭᠠᠰᠢ ᠪᠣᠯᠭᠠᠨ᠎ᠠ᠂ ᠬᠠᠷᠠᠵᠤ ᠪᠠᠢ᠃ᠶᠠᠮᠠᠷ ᠪᠠᠢᠨ᠎ᠠ ᠂ ᠠ? ᠡᠭᠦᠨ ᠢ᠋ ᠠᠪ᠁
ᠨᠤᠷᠪᠤ᠄ ᠠᠭ᠎ᠠ ᠠ᠋᠁
ᠶᠤᠨᠳᠤᠨ᠄ ᠳᠡᠭᠦᠦ ᠶ᠋ᠢᠨ ᠮᠢᠨᠢ ᠬᠣᠭᠣᠯᠠᠢ ᠣᠳᠣ ᠬᠦᠷᠲᠡᠯ᠎ᠡ ᠴᠢᠬᠢᠨ ᠳ᠋ᠦ᠍ ᠮᠢᠨᠢ ᠳᠦᠩᠭᠢᠨᠡᠵᠦ᠂ ᠬᠡᠯᠡ᠁
ᠮᠤᠷᠭᠥ᠋ᠰ᠄ ᠶᠠ ᠶᠠ᠂ ᠵᠣᠭᠰᠣ᠃
ᠨᠤᠷᠪᠤ᠄ ᠠᠭ᠎ᠠ ᠠ᠋᠂ᠲᠠ ᠬᠠᠮᠢᠭ᠎ᠠ ᠪᠠᠢᠭᠰᠠᠨ ᠶᠤᠮ ᠪᠣᠢ? ᠠᠭ᠎ᠠ ᠠ᠋ ᠲᠠ ᠬᠠᠮᠢᠭ᠎ᠠ ᠪᠠᠢᠭᠰᠠᠨ ᠶᠤᠮ ?
ᠶᠤᠨᠳᠤᠨ᠄ᠠᠬ᠎ᠠ ᠶ᠋ᠢ ᠪᠡᠨ ᠠᠭᠤᠴᠢᠯᠠᠭᠠᠷᠠᠢ᠂ᠠᠬ᠎ᠠ ᠨᠢ ᠳᠡᠭᠦᠦ ᠶ᠋ᠢᠨ ᠢ᠋ᠶ᠋ᠡᠨ ᠬᠠᠵᠠᠭᠤ ᠳ᠋ᠤ᠌ ᠪᠠᠢᠵᠤ ᠴᠢᠳᠠᠭᠰᠠᠨ ᠦᠭᠡᠢ᠃
ᠨᠤᠷᠪᠤ᠄ ᠲᠠ ᠶᠠᠭᠤ ᠬᠢᠭᠡᠳ ᠪᠠᠢᠭ᠎ᠠ ᠶᠤᠮ ᠪᠣᠢ?
ᠠᠯᠮᠠᠰ: ᠲᠡᠭᠦᠰ
ᠶᠣᠨᠳᠣᠨ: ᠨᠤᠷᠪᠤ ᠠᠮᠢᠳᠤ? ᠨᠤᠷᠪᠤ ᠠ᠋᠂ᠴᠢ ᠵᠢᠩᠬᠢᠨᠢ ᠤᠤ
ᠨᠤᠷᠪᠤ᠄ᠲᠡᠢᠮᠦ ᠠ᠋ ᠂ᠪᠢ ᠵᠢᠩᠬᠢᠨᠢ ᠪᠡᠷ ᠲᠤᠷᠠᠴᠢᠬᠠᠭᠰᠠᠨ᠃
ᠠᠯᠮᠠᠰ᠄ᠠ᠂ᠲᠠ ᠪᠤᠷᠤᠭᠤ ᠪᠠᠷ ᠣᠢᠯᠠᠭᠠᠭᠰᠠᠨ ᠪᠣᠯᠤᠯᠲᠠᠢ᠂ᠪᠢᠳᠡ ᠰᠠᠨᠰᠠᠷ ᠤ᠋ᠨ ᠠᠶᠠᠨ ᠳ᠋ᠤ᠌ ᠶᠠᠪᠤᠬᠤ ᠳ᠋ᠤ᠌ ᠡᠳ᠋ ᠠᠩᠭᠢ ᠪᠠᠨ ᠳᠤᠰᠤᠯᠠᠬᠤ ᠲᠣᠰᠣ ᠦᠭᠡᠢ ᠪᠣᠯᠤᠭᠰᠠᠨ ᠤᠴᠢᠷ ᠭᠠᠬᠠᠢ ᠨᠤᠭᠤᠳ ᠤ᠋ᠨ ᠥᠪᠡᠷᠰᠡᠳ ᠦ᠋ᠨ ᠵᠥᠪᠰᠢᠶᠡᠷᠡᠯ ᠢ᠋ᠶ᠋ᠡᠷ ᠥᠭᠡᠬᠦ ᠪᠡᠷ ᠨᠢ ᠡᠳ᠋ ᠠᠩᠭᠢ ᠪᠠᠨ ᠳᠤᠰᠤᠯᠠᠭᠰᠠᠨ ᠶᠤᠮ ᠳᠠ ᠃ᠮᠡᠳᠡᠭᠡᠵᠢ ᠪᠦᠬᠦ ᠵᠦᠢᠯᠡᠰ ᠨᠣᠮ ᠵᠢᠷᠤᠮ ᠤ᠋ᠨ ᠳᠠᠭᠠᠤ ᠶᠠᠪᠤᠭᠰᠠᠨ᠂ ᠳᠠᠷᠤᠭ᠎ᠠ ᠠ᠋? ᠦ ᠮᠤᠯᠤᠺᠤᠨᠢ ᠯᠠᠵᠠ᠂ ᠲᠠᠨ ᠢ᠋ ᠶᠠᠭᠠᠬᠢᠭ᠎ᠠ ᠪᠣᠢ?
ᠶᠤᠨᠳᠤᠨ᠄ ᠶᠠᠭᠠᠬᠢᠬᠤ ᠤᠤ? ᠡᠭᠦᠨ ᠢ᠋ ᠬᠢᠭᠡᠳ ᠦᠵᠡ ᠳᠡ᠃
ᠨᠤᠷᠪᠤ᠄ ᠶᠠᠭᠠᠬᠢᠭ᠎ᠠ ᠴᠤ᠌ ᠦᠭᠡᠢ ᠯᠡ ᠪᠠᠢᠨ᠎ᠠ ᠰᠢᠳᠡ᠂ ᠶᠠᠭᠤᠨ ᠰᠦᠷ ᠲᠡᠢ ᠶᠦᠮ ᠳᠡ᠃
ᠪᠠᠢᠪᠠᠷᠯᠢ᠄ᠬᠤᠷᠳᠤᠯᠠᠭᠠᠴᠢ ᠠ᠋᠂ ᠥᠯᠥᠰᠴᠦ ᠦᠬᠦᠬᠦ ᠡᠴᠡ ᠪᠡᠨ ᠬᠥᠭᠰᠢᠷᠡᠵᠦ ᠦᠬᠦᠯ᠎ᠡ ᠃
ᠰᠠᠮᠪᠣ ᠄ ᠦ ᠵᠠ᠂ ᠣᠳᠣᠬᠠᠨ ᠭᠠᠷᠤᠯ᠎ᠠ᠃
ᠪᠠᠢᠪᠠᠷᠯᠢ᠄ᠡᠪᠦᠭᠡᠨ ᠭᠤᠸᠠᠢ ᠠᠷᠠᠢ ᠯᠠ ᠤᠳᠠᠭᠠᠨ ᠬᠦᠯᠢᠶᠡᠯ᠎ᠡ᠂ᠣᠳᠣ ᠪᠠᠷ ᠲᠠᠨ ᠳ᠋ᠤ᠌ ᠴᠠᠭ ᠴᠤ᠌ ᠦᠭᠡᠢ ᠪᠣᠯᠤᠯ᠎ᠠ᠃
ᠰᠠᠮᠪᠤᠤ᠄ ᠬᠦ ᠂ᠨᠠᠮ᠎ᠠ ᠶ᠋ᠢ ᠢᠷᠡᠵᠦ ᠠᠪᠬᠤ ᠭᠡᠵᠦ ᠪᠠᠢᠭ᠎ᠠ ᠶᠤᠮ ᠪᠠᠢᠬᠤ ᠳᠠ᠃ᠰᠠᠷᠠ ᠶᠠᠮᠠᠷ ᠪᠠᠢᠪᠠ ᠳᠠ ᠬᠣᠩᠭᠣᠷ ᠮᠢᠨᠢ᠂
ᠪᠤᠷᠵᠢᠮ᠎ᠠ᠄ ᠰᠠᠷᠠ ᠶᠠᠭᠠᠬᠢᠬᠤ ᠪᠣᠢ᠂ ᠨᠠᠮ᠎ᠠ ᠶ᠋ᠢ ᠬᠠᠷᠠᠭᠠᠴᠢ᠃
ᠨᠤᠷᠪᠤ᠄ ᠶᠣ᠂ ᠠᠷᠠᠢ ᠴᠤ᠌ ᠳᠠ᠂ ᠣᠯᠠᠨ ᠲᠦᠮᠡᠨ ᠦ᠌ ᠡᠮᠦᠨ᠎ᠡ᠂ᠪᠠᠶᠠᠷᠯᠠᠯ᠎ᠠ ᠲᠠ ᠨᠠᠷ ᠲᠤ᠌᠂ᠦᠨᠡᠬᠡᠷ ᠬᠢᠴᠢᠶᠡᠪᠡᠯ ᠬᠦᠰᠡᠯ ᠮᠥᠷᠥᠭᠡᠳᠦᠯ ᠳ᠋ᠦ᠍ ᠪᠡᠨ ᠬᠦᠷᠳᠡᠭ ᠯᠡ ᠶᠦᠮ ᠪᠠᠢᠨ᠎ᠠ᠃
ᠶᠣᠨᠳᠣᠨ ᠄ᠶᠠᠭᠠᠬᠢᠵᠤ ᠬᠢᠴᠢᠶᠡᠭᠰᠡᠨ ᠭᠡᠵᠢ ?ᠨᠡᠭᠡᠷᠡᠨ᠂ᠲᠠᠨ ᠤ᠋ ᠬᠢ cortidor ( ᠭᠤᠲᠤᠮ) ᠳ᠋ᠤ᠌ ᠪᠠᠢᠭᠰᠠᠨ ᠺᠣᠮᠫᠢᠦ᠋ᠲ᠋ᠧᠷ ᠢ᠋ᠶ᠋ᠡᠨ ᠵᠠᠷᠤᠬᠤ ᠤᠤ ?
ᠠᠯᠮᠠᠰ : ᠦ᠂ ᠲᠡᠷᠡ ᠺᠣᠮᠫᠢᠦ᠋ᠲ᠋ᠧᠷ ᠢ᠋ ᠥᠷᠯᠥᠭᠡ ᠲᠠᠨ ᠤ᠋ ᠲᠣᠰᠬᠣᠨ ᠠ᠋ᠴᠠ ᠠᠪᠤᠭᠰᠠᠨ ᠰᠢᠳᠡ᠃
ᠮᠠᠯᠰᠥ᠋ᠬᠡ᠄ᠠ ᠬᠠ᠂ᠲᠠ ᠨᠠᠷ ᠲᠤ᠌ ᠡᠳ᠋ ᠠᠩᠭᠢ ᠶ᠋ᠢᠨ ᠲᠣᠰᠤᠯᠠᠭ᠎ᠠ ᠬᠡᠷᠡᠭ ᠲᠡᠢ ᠪᠣᠯ ᠮᠠᠨ ᠤ᠋ ᠲᠣᠰᠬᠣᠨ ᠤ᠋ ᠳᠡᠯᠭᠡᠭᠦᠷ ᠦ᠋ᠳ ᠲᠦ᠍ ᠴᠢᠨᠠᠷᠲᠠᠢ ᠮᠣᠲ᠋ᠣᠷ ᠤ᠋ᠨ ᠲᠣᠰᠣ ᠪᠠᠢᠭ᠎ᠠ ᠰᠢᠦ ᠃
ᠠᠯᠮᠠᠰ᠄ᠸᠠ᠂ᠲᠠ ᠨᠠᠷ ᠮᠣᠲ᠋ᠣᠷ ᠤ᠋ᠨ ᠲᠣᠰᠣ ᠦᠢᠯᠡᠳᠪᠦᠷᠢᠯᠡᠳᠡᠭ ᠪᠠᠢᠭᠰᠠᠨ ᠶᠤᠮ ᠤᠤ ?
ᠶᠣᠨᠳᠤᠨ ᠄ ᠨᠠᠷᠭᠢᠶ᠎ᠠ ᠭᠡᠵᠦ ᠪᠠᠢᠳᠠᠭ ᠶᠤᠮ᠃
ᠠᠯᠮᠠᠰ᠄ ᠨᠠᠢᠷᠰᠠᠭ ᠭᠠᠬᠠᠢ ᠨᠤᠭᠤᠳ ᠲᠤ᠌ ᠲᠠᠯᠠᠷᠬᠠᠶ᠎ᠠ᠃
ᠶᠣᠨᠳᠣᠨ᠄ ᠵᠦᠭᠡᠷ ᠳᠡ᠂ ᠪᠤᠷᠤᠭᠤ ᠪᠠᠷ ᠣᠢᠯᠠᠭᠠᠭᠰᠠᠨ ᠨᠠᠮ᠎ᠠ ᠶ᠋ᠢ ᠠᠭᠤᠴᠢᠯᠠᠭᠠᠷᠠᠢ!
ᠮᠠᠯᠰᠦ᠋ᠬᠡ᠄ ᠮᠠᠨ ᠤ᠋ ᠬᠢ ᠡᠴᠡ ᠳᠠᠬᠢᠨ ᠲᠣᠰᠣ ᠠᠪᠤᠭᠠᠷᠠᠢ᠃ᠳᠠᠷᠠᠭᠠᠴᠢ ᠶ᠋ᠢᠨ ᠤᠳᠠᠭ᠎ᠠ ᠪᠣᠯ ᠬᠢᠮᠳᠠᠷᠠᠯ ᠲᠠᠢ ᠰᠢᠦ᠃
ᠠᠯᠮᠠᠰ᠄ᠪᠠᠶᠠᠷᠲᠠᠢ ᠂ᠰᠠᠢᠨ ᠰᠠᠭᠤᠵᠤ ᠪᠠᠢᠭᠠᠷᠠᠢ ᠂ᠳᠠᠬᠢᠨ ᠠᠭᠤᠯᠵᠠᠬᠤ ᠶ᠋ᠢ ᠢᠷᠥᠭᠡᠶ᠎ᠡ᠃
ᠶᠣᠨᠳᠣᠨ᠄ ᠳᠠᠬᠢᠨ ᠮᠠᠯ ᠲᠠᠯ᠎ᠠ ᠪᠠᠷ ᠵᠣᠴᠢᠯᠠᠭᠠᠷᠠᠢ!ᠠᠶᠠᠨ ᠵᠠᠮ ᠳ᠋ᠤ᠌ ᠪᠠᠨ ᠥᠯᠵᠡᠢ ᠲᠡᠢ ᠶᠠᠪᠤᠭᠠᠷᠠᠢ᠃
ᠥᠯᠵᠡᠢ᠄ ᠬᠥᠶᠢ᠂ ᠨᠠᠮ᠎ᠠ ᠶ᠋ᠢ ᠠᠪᠴᠤ ᠶᠠᠪᠤᠬᠤ ᠭᠡᠵᠦ ᠪᠠᠢᠭᠰᠠᠨ ᠶᠤᠮ ᠤᠤ?
ᠶᠣᠨᠳᠣᠨ᠄ ᠴᠢᠮ᠎ᠠ ᠶ᠋ᠢ ᠬᠡᠯᠡᠭᠡ ᠦᠭᠡᠢ ᠥᠯᠵᠡᠢ᠃
ᠨᠤᠷᠪᠤ᠄ ᠪᠢ ᠥᠯᠥᠰᠦᠭᠡᠳ ᠪᠠᠢᠨ᠎ᠠ᠃
ᠮᠣᠭᠠᠢ᠄ᠠᠭᠠᠷ ᠴᠤ᠌ ᠪᠣᠯᠤᠭ᠂ ᠬᠣᠯᠠ ᠣᠢᠷ᠎ᠠ ᠪᠠᠷ ᠪᠣᠯᠳᠠᠭ᠂ᠶᠠᠮᠠᠷ ᠭᠡᠭᠴᠢ ᠶ᠋ᠢᠨ ᠷᠣᠪᠲ ᠤ᠋ᠳ ᠪᠣᠢ ?
ᠠᠯᠮᠠᠰ᠄ᠲᠣᠭᠠᠴᠠᠭᠠᠯᠠᠯ ᠠᠯᠳᠠᠭ᠎ᠠ ᠭᠠᠷᠤᠭ᠎ᠠ ᠦᠭᠡᠢ ᠪᠣᠯ ᠪᠢᠳᠡᠨ ᠦ᠌ ᠬᠣᠶᠠᠷ ᠮᠢᠩᠭᠠᠨ ᠵᠢᠯ ᠦ᠋ᠨ ᠡᠮᠦᠨ᠎ᠡ ᠢᠷᠡᠭᠰᠡᠨ ᠭᠠᠷᠠᠭ ᠮᠥᠨ ᠪᠠᠢᠨ᠎ᠠ᠃
ᠮᠤᠷᠺᠦ᠋ᠰ᠄ ᠲᠡᠭᠡᠭᠡᠳ ᠲᠤᠷᠰᠢᠯᠲᠠ ᠶ᠋ᠢᠨ ᠦᠷ᠎ᠡ ᠳ᠋ᠦᠩ ᠪᠦᠲᠦᠯ ᠦᠭᠡᠢᠳᠡᠭᠰᠡᠨ ᠭᠡᠵᠢ ᠤᠤ ?
ᠠᠯᠮᠠᠰ᠄ ᠲᠤᠷᠰᠢᠯᠲᠠ ᠠᠮᠵᠢᠯᠲᠠ ᠦᠭᠡᠢ ᠪᠣᠯᠤᠭᠰᠠᠨ ᠡᠰᠡᠬᠦᠯ᠎ᠡ ᠠᠬᠢᠭᠠᠳ ᠤᠰᠠᠳᠴᠤ ᠦᠭᠡᠢ ᠪᠣᠯᠤᠭᠰᠠᠨ ᠂ᠡᠰᠡᠬᠦᠯ᠎ᠡ ᠭᠠᠷᠠᠭ ᠤ᠋ᠨ ᠪᠠᠢᠷᠢᠰᠢᠯ ᠥᠭᠡᠷᠡᠴᠢᠯᠡᠭᠳᠡᠭᠰᠡᠨ ᠪᠠᠢᠵᠤ ᠪᠣᠯᠬᠤ ᠶᠤᠮ᠃
ᠮᠤᠷᠺᠦ᠋ᠰ᠄ ᠠᠯᠢ ᠴᠤ᠌ ᠲᠣᠬᠢᠶᠠᠯᠳᠤᠯ ᠳ᠋ᠤ᠌ ᠲᠠᠭᠠᠷᠠᠪᠠᠯ ᠲᠤᠷᠰᠢᠯᠲᠠ ᠲᠦᠯᠡᠰᠢ ᠳᠠᠭᠤᠰᠪᠠᠯ ᠰᠢᠲᠠᠬᠤᠨ ᠲᠦᠭᠡᠭᠡᠬᠦ ᠭᠠᠷᠠᠭ ᠲᠠᠢ ᠪᠣᠯᠤᠯ᠎ᠠ᠃
ᠠᠯᠮᠠᠰ᠄ ᠭᠠᠬᠠᠢ ᠨᠤᠭᠤᠳ ᠠ᠋ᠴᠠ ᠲᠡᠢᠮᠦ ᠶᠡᠬᠡ ᠥᠭᠡᠬᠦ ᠭᠠᠷᠤᠨ᠎ᠠ ᠭᠡᠵᠢ ᠤᠤ?
ᠮᠠᠰᠢᠨ ᠬᠥᠮᠦᠨ᠄ ᠡᠨᠡ ᠭᠠᠷᠠᠭ ᠲᠤ᠌ ᠤᠳᠠᠬᠤ ᠦᠭᠡᠢ ᠭᠠᠩ ᠭᠠᠴᠢᠭ ᠨᠢᠭᠤᠷᠯᠠᠵᠤ᠂ᠠᠮᠢᠲᠠᠳ ᠤ᠋ᠨ98.77% ᠬᠤᠪᠢ ᠨᠢ ᠥᠯᠥᠰᠬᠦᠯᠡᠩ ᠢ᠋ᠶ᠋ᠡᠷ ᠤᠰᠠᠳᠴᠤ ᠦᠭᠡᠢ ᠪᠣᠯᠬᠤ ᠶᠤᠮ ᠪᠠᠢᠨ᠎ᠠ᠃
ᠮᠤᠷᠺᠦ᠋ᠰ᠄ ᠪᠣᠯᠵᠤ ᠪᠠᠢᠨ᠎ᠠ᠂ᠪᠣᠯᠵᠤ ᠪᠠᠢᠨ᠎ᠠ᠂ᠲᠡᠢᠮᠦ ᠲᠠᠪᠢᠯᠠᠩ ᠲᠠᠢ ᠶᠤᠮ ᠪᠣᠯ ᠪᠦᠭᠦᠳᠡ ᠶ᠋ᠢ ᠨᠢ ᠠᠷᠢᠯᠭᠠᠵᠤ ᠪᠣᠯᠬᠤ ᠶᠤᠮ ᠪᠠᠢᠨ᠎ᠠ᠃ᠶᠠᠭᠠᠬᠢᠪᠠ᠂ ᠶᠠᠭᠤ ᠪᠣᠯᠤᠭᠠᠳ ᠪᠠᠢᠨ᠎ᠠ ?
ᠮᠠᠰᠢᠨ ᠬᠥᠮᠦᠨ᠄ᠬᠥᠯᠭᠡ ᠶ᠋ᠢᠨ ᠬᠥᠳᠡᠯᠭᠡᠭᠦᠷ ᠴᠠᠷᠴᠠᠵᠤ ᠪᠠᠢᠨ᠎ᠠ᠃
ᠠᠯᠮᠠᠰ᠄ᠶᠠᠭᠠᠬᠢᠭᠠᠳ?
ᠮᠠᠰᠢᠨ ᠬᠥᠮᠦᠨ᠄ ᠬᠥᠯᠭᠡ ᠶ᠋ᠢᠨ ᠬᠥᠳᠡᠯᠭᠡᠭᠦᠷ ᠲᠦ᠍ ᠣᠷᠣᠭᠰᠠᠨ ᠰᠢᠨ᠎ᠡ ᠲᠣᠰᠣᠨ ᠠ᠋ᠴᠠ ᠪᠣᠯᠤᠭᠰᠠᠨ ᠪᠠᠢᠨ᠎ᠠ᠃
ᠮᠣᠭᠠᠢ᠄ᠯᠤᠤᠰ ᠰᠠᠪᠳᠠᠭ ᠮᠢᠨᠢ ᠠᠪᠤᠷᠠᠵᠤ ᠬᠠᠢᠷᠠᠯᠠ ᠃
ᠨᠤᠷᠪᠤ᠄ ᠬᠦ᠂ ᠢᠬᠡᠷ᠎ᠡ ᠣᠳᠣ᠂ ᠷᠤᠪᠤᠲ ᠤ᠋ᠳ ᠲᠠᠬᠢᠵᠤ ᠢᠷᠡᠭᠡᠰᠡᠢ᠂ᠠᠬᠢᠵᠤ ᠥᠭᠡᠬᠦ ᠪᠡᠨ ᠰᠣᠷᠣᠭᠤᠯᠪᠠᠯ ᠂ ᠦᠯᠡᠳᠡᠭᠰᠡᠨ ᠨᠠᠰᠤ ᠪᠠᠷ ᠢ᠋ᠶ᠋ᠠᠨ ᠮᠠᠴᠠᠭ ᠪᠠᠷᠢᠨ᠎ᠠ᠃
ᠮᠠᠰᠢᠨ ᠬᠥᠮᠦᠨ᠄ᠬᠥᠯᠭᠡ ᠣᠰᠣᠯ ᠤ᠋ᠨ ᠬᠠᠭᠠᠯᠭ᠎ᠠ ᠶ᠋ᠢ ᠨᠡᠭᠡᠭᠡᠬᠦ ᠪᠡᠷ ᠪᠡᠯᠡᠳᠦᠯ᠎ᠡ᠃
ᠮᠤᠷᠺᠦ᠋ᠰ᠄ᠶᠠᠭᠠᠬᠢᠬᠤ ᠳ᠋ᠤ᠌ ᠪᠠᠨ ᠬᠥᠯᠭᠡ ᠡᠴᠡ ᠪᠠᠭᠤᠬᠤ ᠬᠡᠷᠡᠭᠲᠡᠢ ᠪᠣᠢ ?

ᠭᠠᠬᠠᠢ ᠶ᠋ᠢᠨ ᠣᠷᠳᠣᠨ(ᠨᠢᠭᠡ) ᠶ᠋ᠢᠨ ᠲᠠᠨᠢᠯᠴᠠᠭᠤᠯᠭ᠎ᠠ