ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠳᠥᠷᠪᠡ > Хан мунын сүүрс < дээд > – Мөнх зохиоов ᠂ Тэргүүн бодь – Нэгдүгээр бүлэг <4> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠳᠥᠷᠪᠡ > Хан мунын сүүрс < дээд > – Мөнх зохиоов ᠂ Тэргүүн бодь – Нэгдүгээр бүлэг <4>

ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠳᠥᠷᠪᠡ > Хан мунын сүүрс < дээд > – Мөнх зохиоов ᠂ Тэргүүн бодь – Нэгдүгээр бүлэг <4>

ᠠᠩᠭᠢᠯᠠᠯ:ᠲᠤᠭᠤᠵᠢ ᠷᠣᠮᠠᠨ
2024-03-22

479

ᠲᠡᠷᠢᠭᠦᠨ ᠪᠣᠲᠢ – ᠨᠢᠭᠡᠳᠦᠭᠡᠷ ᠪᠦᠯᠦᠭ < ᠳᠥᠷᠪᠡ >


                        ᠳᠥᠷᠪᠡ 
       ᠬᠦᠩ ᠦ᠋ᠨ ᠰᠦᠮ᠎ᠡ ᠶ᠋ᠢᠨ ᠳ᠋ᠠᠭᠳᠠᠨ ᠳᠠ ᠯᠠᠮᠠ ᠲᠥᠷᠥᠭᠰᠡᠨ ᠠᠴᠢ ᠬᠥᠪᠡᠭᠦᠨ ᠢ᠋ᠶ᠋ᠡᠨ ᠪᠠᠷᠠᠭᠤᠨ ᠬᠦᠩ ᠦ᠋ᠨ ᠬᠤᠰᠢᠭᠤᠨ ᠤ᠋ ᠬᠦᠩ ᠨᠣᠶᠠᠨ ᠤ᠋ ᠰᠠᠭᠤᠷᠢ ᠶ᠋ᠢ ᠵᠠᠯᠭᠠᠮᠵᠢᠯᠠᠭᠤᠯᠬᠤ ᠭᠡᠵᠦ ᠳᠡᠭᠡᠭᠦᠷ ᠳᠣᠣᠭᠤᠷ ᠭᠦᠶᠦᠵᠦ ᠬᠡᠴᠢᠨᠡᠨ ᠵᠢᠯ ᠦ᠋ᠨ ᠵᠠᠷᠭᠤ ᠵᠠᠭᠠᠯᠢᠬᠠᠢ ᠭᠦᠭᠡᠭᠡᠴᠡᠯᠳᠦᠭᠡᠳ ᠡᠴᠦᠰ ᠲᠡᠭᠡᠨ ᠡᠯᠳᠡᠩᠭᠡ ᠳ᠋ᠦ᠍ ᠡᠮᠡᠭᠡᠯ ᠦ᠋ᠨ ᠠᠷᠤ ᠪᠠᠷ ᠰᠠᠭᠤᠭᠳᠠᠭᠰᠠᠨ ᠠ᠋ᠴᠠ ᠬᠣᠢᠰᠢ ᠵᠢᠷᠦᠬᠡᠨ ᠳ᠋ᠦ᠍ᠨᠢ ᠰᠢᠷ᠎ᠠ ᠰᠠᠭᠤᠵᠤ ᠵᠥᠭᠡᠯᠡᠨ ᠣᠯᠪᠣᠭ ᠳᠣᠣᠷ᠎ᠠ ᠠ᠋ᠴᠠ ᠨᠢ ᠬᠠᠳᠬᠤᠵᠤ ᠪᠠᠢᠭ᠎ᠠ ᠰᠢᠭ᠋ ᠰᠠᠭᠤᠷᠢ ᠠᠯᠳᠠᠭᠠᠳ ᠪᠠᠢᠳᠠᠭ ᠪᠣᠯᠪᠠ᠃ 
       ᠲᠡᠷᠡ ᠰᠢᠷᠠᠪᠳᠣᠷᠵᠢ ᠬᠦᠩ ᠨᠣᠶᠠᠨ ᠤ᠋ ᠪᠠᠭ᠎ᠠ ᠬᠠᠲᠤᠨ ᠪᠠᠭᠤᠯᠭᠠᠭᠰᠠᠨ ᠨᠢᠵᠢᠭᠢᠷ ᠶᠡᠬᠡ ᠬᠤᠷᠢᠮ ᠳ᠋ᠤ᠌ ᠣᠴᠢᠭᠰᠠᠨ ᠦᠭᠡᠢ ᠮᠥᠷᠲᠡᠭᠡᠨ ᠬᠤᠷᠢᠮ ᠤ᠋ᠨ ᠡᠳᠦᠷ ᠲᠤᠨᠢ ᠰᠤᠪᠤᠷᠭ᠎ᠠ ᠶ᠋ᠢᠨ ᠰᠦᠮ᠎ᠡ ᠶ᠋ᠢᠨ ᠬᠦᠷᠲᠡᠮ ᠢ᠋ ᠳᠠᠭᠤᠳᠠᠵᠤ ᠬᠣᠶᠠᠭᠤᠯᠠ ᠬᠣᠩᠬᠣ ᠳᠠᠮᠠᠷᠤ ᠨᠡᠢᠯᠡᠭᠦᠯᠦᠨ ᠰᠤᠷ ᠬᠠᠶᠠᠨ ᠪᠠᠯᠢᠩ ᠴᠣᠬᠢᠵᠤ ᠬᠣᠶᠠᠷ ᠪᠦᠲᠦᠨ ᠡᠳᠦᠷ ᠮᠠᠭᠤ ᠵᠦᠭ ᠦ᠋ᠨ ᠬᠠᠷᠢᠶᠠᠯ ᠬᠢᠵᠡᠢ᠃ 
       《ᠡᠮ᠎ᠡ ᠶ᠋ᠢᠨ ᠪᠥᠭᠰᠡ ᠰᠢᠩᠰᠢᠯᠡᠬᠦ ᠡᠴᠡ ᠴᠠᠭᠠᠰᠢ ᠴᠢᠳᠠᠯ ᠦᠭᠡᠢ᠂ ᠲᠠᠷ ᠢᠶᠡᠨ ᠪᠠᠷᠠᠭᠰᠠᠨ ᠭᠠᠷᠯᠢᠭ᠋ ᠢ᠋ ᠪᠣᠳᠢ ᠮᠥᠷ ᠢ᠋ ᠨᠢ ᠵᠢᠭᠠᠴᠢᠬᠠᠪᠠᠯ ᠨᠢᠭᠡ ᠣᠬᠠᠭᠠ ᠪᠣᠯᠤᠯ ᠦᠭᠡᠢ᠂ ᠲᠡᠭᠡᠬᠦ ᠡᠴᠡ ᠥᠭᠡᠷ᠎ᠡ ᠠᠷᠭ᠎ᠠ ᠦᠭᠡᠢ᠃ ᠣᠳᠣ ᠲᠡᠭᠦᠨ ᠦ᠌ ᠣᠷᠣ ᠶ᠋ᠢ ᠶᠡᠭᠦᠯᠡᠨ ᠵᠢᠩᠰᠡ ᠶ᠋ᠢ ᠮᠤᠯᠲᠤᠯᠵᠤ ᠵᠠᠰᠠᠭ ᠬᠦᠩ ᠦ᠋ᠨ ᠰᠠᠭᠤᠷᠢᠨ ᠳ᠋ᠤ᠌ ᠲᠥᠷᠥᠭᠰᠡᠨ ᠠᠴᠢ ᠬᠥᠪᠡᠭᠦᠨ ᠢ᠋ᠶ᠋ᠡᠨ ᠰᠠᠭᠤᠯᠭᠠᠬᠤ ᠭᠡᠭᠴᠢ ᠭᠤᠨᠵᠢ ᠶᠢᠨ ᠵᠣᠭᠣᠭ᠃ ᠢᠯᠵᠢᠷᠡᠭ᠍ᠰᠡᠨ ᠲᠥᠷᠥ ᠶ᠋ᠢᠨ ᠤᠭᠯᠠᠭᠤᠷᠭ᠎ᠠ ᠶ᠋ᠢ ᠡᠷᠭᠢᠭᠦᠯᠬᠦ ᠭᠡᠭᠴᠢ ᠲᠡᠭᠷᠢ ᠳ᠋ᠦ᠍ ᠭᠠᠷᠬᠤ ᠠ᠋ᠴᠠ ᠴᠤ᠌ ᠪᠡᠷᠬᠡ ᠠᠵᠢ ᠠ᠋!》 ᠭᠡᠵᠦ ᠲᠠᠷᠢᠬᠢ ᠪᠠᠨ ᠭᠠᠰᠢᠯᠭᠠᠵᠤ ᠰᠠᠭᠤᠭᠰᠠᠨ ᠳ᠋ᠠᠭᠳᠠᠨ ᠳᠠ ᠯᠠᠮᠠ ᠭᠡᠨᠡᠳᠲᠡ ᠨᠢᠭᠡ ᠶᠠᠭᠤᠮ᠎ᠠ ᠰᠠᠨᠠᠵᠤ ᠣᠯᠤᠨ ᠲᠣᠯᠣᠭᠠᠢ ᠪᠠᠨ ᠢᠯᠢᠵᠦ ᠬᠣᠭᠣᠯᠵᠠᠭᠤᠷ ᠢᠶᠡᠨ ᠬᠤᠰᠤᠨ ᠠ᠋ – ᠬᠡᠩ! ᠭᠡᠵᠦ ᠬᠠᠨᠢᠶᠠᠬᠤ ᠳ᠋ᠤ᠌ ᠡᠷᠭᠢᠭᠦᠯ ᠡᠷᠭᠢᠨᠡᠭ᠂ ᠱᠦᠭᠦᠢ ᠬᠣᠷᠭᠣ ᠣᠩᠭᠣᠢᠭᠰᠠᠨ ᠰᠠᠪᠠ ᠪᠦᠬᠦᠨ ᠳᠣᠷᠭᠢᠵᠤ《 ᠬᠠᠩ 》ᠭᠡᠵᠦ ᠠᠶ᠎ᠠ ᠳᠠᠭᠤ ᠭᠠᠷᠬᠤ ᠰᠢᠭ᠋ ᠪᠣᠯᠪᠠ᠃ ᠲᠡᠭᠦᠨ ᠦ᠌ ᠭᠠᠵᠠᠷ ᠳᠣᠷᠭᠢᠮ᠎ᠠ ᠬᠠᠨᠢᠶᠠᠭᠰᠠᠨ ᠳᠠᠭᠤᠨ ᠳ᠋ᠤ᠌ ᠱᠣᠩ ᠳᠡᠭᠡᠷ᠎ᠡ ᠦᠷᠭᠡᠯᠡᠭᠰᠡᠠ ᠬᠠᠷ᠎ᠠ ᠮᠤᠷᠢ ᠳᠠᠪᠬᠢᠨ ᠰᠣᠴᠢᠵᠤ᠂ ᠰᠦᠮ᠎ᠡ ᠶ᠋ᠢᠨ ᠬᠥᠬᠡ ᠲᠣᠭᠣᠰᠬᠠᠨ ᠬᠡᠷᠡᠮ ᠳᠡᠭᠡᠭᠦᠷ ᠰᠠᠭᠣᠯᠴᠠᠬᠰᠠᠠ ᠪᠣᠷᠣ ᠪᠣᠯᠵᠣᠮᠣᠷ ᠤ᠋ᠳ ᠫᠦᠷᠳ᠋ᠬᠢᠨ ᠦᠷᠭᠦᠨ ᠨᠢᠰᠪᠡ᠃
       ᠴᠠᠭᠠᠳᠤ ᠪᠤᠷᠤᠭᠤ ᠬᠠᠨᠳᠤᠭᠰᠠᠨ ᠪᠣᠭᠣᠨᠢ ᠰᠠᠷᠠᠪᠴᠢ ᠲᠠᠢ ᠴᠢᠬᠢᠨ ᠭᠡᠷ ᠲᠤ ᠪᠠᠢᠭᠰᠠᠨ ᠪᠣᠷᠣᠪᠡᠨᠳᠢ ᠪᠠᠭᠰᠢ ᠯᠠᠮᠠ ᠶ᠋ᠢᠨ ᠢ᠋ᠶ᠋ᠡᠨ ᠡᠢᠨ ᠬᠦ᠌ ᠬᠦᠴᠦᠲᠡᠢ ᠬᠠᠨᠢᠶᠠᠬᠤ ᠳᠠᠭᠤᠨ ᠳ᠋ᠤ᠌ ᠳᠠᠳᠤᠭᠰᠠᠨ ᠵᠠᠩ ᠢ᠋ᠶ᠋ᠠᠷ ᠢ᠋ᠶ᠋ᠠᠨ ᠱᠠᠯᠠᠪᠬᠠᠨ ᠪᠣᠰᠴᠤ ᠥᠯᠮᠡᠢ ᠪᠡᠷ ᠢ᠋ᠶ᠋ᠡᠨ ᠮᠤᠤᠷ ᠰᠢᠭ᠋ ᠨᠠᠮᠢᠰ ᠨᠠᠮᠢᠰ ᠭᠦᠶᠦᠨ ᠳ᠋ᠠᠭᠳᠠᠨ ᠳᠠ ᠯᠠᠮᠠ ᠶ᠋ᠢᠨ ᠳᠡᠭᠡᠳᠦ ᠥᠷᠥᠭᠡᠨ ᠳ᠋ᠦ᠍ ᠣᠷᠣᠪᠠ᠃ ᠲᠡᠷᠡ ᠪᠡᠷ ᠪᠠᠭᠰᠢ ᠯᠠᠮᠠ ᠶ᠋ᠢᠨ ᠢ᠋ᠶ᠋ᠡᠨ ᠪᠠᠷᠤᠢᠭᠰᠠᠨ ᠬᠦᠷᠡᠩ ᠬᠠᠷ᠎ᠠ ᠴᠢᠷᠠᠢ ᠶ᠋ᠢ ᠠᠰ ᠬᠠᠷᠠᠬᠤ ᠠ᠋ᠴᠠ ᠪᠠᠨ ᠵᠢᠷᠦᠬᠡᠰᠢᠶᠡᠵᠦ ᠴᠢᠬᠢ ᠲᠠᠯᠪᠢᠨ ᠵᠣᠭᠰᠣᠪᠠᠴᠤ ᠲᠡᠭᠦᠨ ᠦ᠌ ᠳᠣᠲᠣᠷ᠎ᠠ ᠠᠭᠠᠷᠤ ᠶ᠋ᠢᠨ ᠦᠨᠳᠦᠰᠦ ᠭᠡᠮᠡᠷ ᠲᠣᠮᠣ ᠲᠣᠮᠣ ᠪᠠᠷᠵᠠᠭᠠᠷ ᠬᠤᠷᠤᠭᠤ ᠲᠠᠢ ᠫᠠᠯᠠᠢᠭᠰᠠᠨ ᠠᠯᠠᠭ᠎ᠠ ᠪᠠᠷ ᠢ᠋ᠶ᠋ᠠᠨ ᠲᠣᠯᠣᠭᠠᠢ ᠪᠠᠨ ᠢᠯᠠᠨ ᠬᠦᠴᠦᠲᠡᠢ ᠬᠠᠨᠢᠶᠠᠪᠠᠯ《ᠪᠣᠷᠣᠪᠠᠨᠳᠢ ᠠ᠋᠂ ᠮᠣᠷᠢ ᠡᠮᠡᠭᠡᠯᠯᠡ᠃ ᠳᠡᠭᠡᠳᠦ ᠪᠤᠯᠠᠭ ᠤ᠋ᠨ ᠤᠰᠤᠨ ᠳ᠋ᠤ᠌ ᠶᠠᠪᠤ! ᠬᠣᠪᠣᠩ ᠳ᠋ᠤ᠌ ᠭᠠᠯ ᠤ᠋ᠨ ᠴᠣᠭ ᠠᠪ ᠁》 ᠭᠡᠵᠦ ᠠᠯᠢᠨ ᠪᠣᠯᠭᠠᠨ ᠠᠵᠢᠯ ᠡᠭᠦᠷᠭᠡ ᠶ᠋ᠢ ᠵᠠᠬᠢᠳᠠᠭ ᠤ᠋ᠨ ᠤᠴᠢᠷ ᠪᠣᠯᠳᠠᠭ ᠢ᠋ ᠠᠨᠳᠠᠳᠠᠭ ᠦᠭᠡᠢ᠂ ᠬᠥᠪᠴᠢᠯᠡᠭᠰᠡᠨ ᠨᠤᠮᠤ ᠰᠢᠭ᠋ ᠶᠠᠭᠤ ᠬᠢᠬᠦ ᠳ᠋ᠦ᠍ ᠴᠤ᠌ ᠪᠡᠯᠡᠬᠡᠨ ᠪᠠᠢᠨ᠎ᠠ ᠭᠡᠰᠡᠨ ᠮᠡᠲᠦ ᠪᠡᠭᠡᠪᠡᠢᠨ᠎ᠡ᠃
       — ᠪᠣᠷᠣᠪᠠᠨᠳᠢ ᠠ᠋᠂ ᠬᠠᠱᠠᠩ ᠬᠠᠷ᠎ᠠ ᠶ᠋ᠢ ᠡᠮᠡᠭᠡᠯᠯᠡᠵᠦ᠂ ᠬᠥᠬᠡ ᠯᠠᠭᠤᠰᠠ ᠶ᠋ᠢ ᠣᠢᠷᠠᠲᠤᠭᠤᠯ! ᠭᠡᠳ ᠱᠠᠯᠳᠠᠩ ᠲᠣᠯᠣᠭᠠᠢ ᠪᠠᠨ ᠢᠯᠢᠪᠡᠯ ᠪᠣᠷᠣᠪᠠᠨᠳᠢ᠄ 
       — ᠵᠠ᠂ ᠮᠡᠳᠡᠯ᠎ᠡ! ᠪᠠᠭᠰᠢ ᠠ᠋! ᠭᠡᠳ ᠭᠠᠷᠬᠤ ᠭᠡᠲᠡᠯ᠎ᠡ ᠳ᠋ᠠᠭᠳᠠᠨ ᠳᠠ ᠯᠠᠮᠠ᠄ 
       — ᠪᠠᠢᠵᠠ! ᠠᠷᠭᠠᠯᠢ ᠶ᠋ᠢᠨ ᠬᠠᠷ᠎ᠠ ᠪᠣᠷᠴᠠ᠂ ᠬᠠᠲᠠᠭᠠᠭᠰᠠᠨ ᠥᠷᠥᠮ᠎ᠡ᠂ ᠠᠭᠠᠷᠤᠤᠯ ᠁ ᠵᠡᠷᠭᠡ ᠶᠠᠭᠤᠮ᠎ᠠ ᠶ᠋ᠢ ᠪᠠᠵᠠᠭ᠎ᠠ ᠭᠡᠬᠦ ᠳ᠋ᠦ᠍ ᠪᠣᠷᠣᠪᠠᠨᠳᠢ《 ᠵᠠ 》 ᠭᠡᠳ ᠰᠠᠯᠬᠢ ᠰᠢᠭ᠋ ᠬᠤᠷᠳᠤᠨ ᠬᠥᠳᠡᠯᠪᠡ᠃ 
       ᠬᠦᠩ ᠦ᠋ᠨ ᠰᠦᠮ᠎ᠡ ᠶ᠋ᠢᠨ ᠬᠤᠪᠢᠯᠭᠠᠨ ᠰᠠᠭᠤᠳᠠᠯ ᠲᠠᠢ ᠳ᠋ᠠᠭᠳᠠᠨ ᠳᠠ ᠯᠠᠮᠠ ᠭᠡᠭᠴᠢ ᠯᠠᠨᠲᠤᠭᠠᠷ ᠪᠦᠳᠦᠭᠦᠨ ᠲᠣᠯᠣᠭᠠᠢ ᠲᠠᠢ ᠥᠨᠳᠥᠷ ᠲᠣᠮᠣ ᠬᠥᠮᠦᠨ᠃ ᠯᠤᠤ ᠮᠠᠲᠠᠷ ᠤ᠋ᠨ ᠬᠡᠪ ᠢ᠋ ᠤᠷᠠᠯᠠᠵᠤ ᠰᠡᠢᠯᠦᠭᠰᠡᠨ ᠰᠢᠷ᠎ᠠ ᠠᠭᠠᠷᠤ ᠰᠢᠷᠡᠭᠡᠨ ᠦ᠌ ᠪᠡᠨ ᠭᠣᠣᠯ ᠳ᠋ᠤ᠌ ᠰᠠᠭᠠᠲᠠᠵᠤ ᠬᠦᠷᠡᠩ ᠴᠠᠮᠪᠠᠨ ᠡᠷᠢᠩᠭᠡ ᠶ᠋ᠢᠨ ᠢ᠋ᠶ᠋ᠡᠨ ᠳᠡᠭᠡᠭᠦᠷ ᠰᠢᠷ᠎ᠠ ᠣᠷᠬᠢᠮᠵᠢ ᠮᠥᠷᠥᠪᠴᠢᠯᠡᠨ ᠣᠷᠢᠶᠠᠭᠰᠠᠨ ᠨᠢ ᠮᠠᠨᠽᠤᠰᠢᠷᠢ ᠪᠤᠷᠬᠠᠨ ᠠᠮᠢᠳᠤ ᠪᠠᠷ ᠢ᠋ᠶ᠋ᠠᠨ ᠮᠡᠨᠳᠦᠯᠡᠭᠰᠡᠨ ᠰᠢᠭ ᠯᠠᠭᠱᠠᠨ ᠲᠠᠢ ᠬᠠᠷᠠᠭᠳᠠᠬᠤ ᠳ᠋ᠤ᠌ ᠬᠥᠮᠦᠨ ᠪᠦᠭᠦᠳᠡ ᠶ᠋ᠢᠨ ᠰᠦᠵᠢᠭ ᠢ᠋ ᠬᠤᠷᠤᠢᠯᠠᠵᠤ ᠡᠷᠬᠡ ᠦᠭᠡᠢ ᠡᠪᠦᠳᠦᠭ ᠨᠤᠭᠤᠷᠠᠨ ᠰᠥᠭᠥᠳᠴᠦ ᠮᠥᠷᠭᠥᠭᠦᠯᠳᠡᠭ ᠠᠵᠤᠭᠤ᠃ 
       ᠬᠢᠩᠭ᠎ᠠ ᠥᠨᠳᠥᠷ ᠬᠠᠮᠠᠷ᠂ ᠴᠠᠭᠠᠨ ᠨᠢ ᠳᠡᠢᠯᠳᠡᠭᠦᠦ ᠪᠤᠬᠠᠨ ᠠᠯᠠᠭ ᠨᠢᠳᠦ ᠪᠠ ᠲᠡᠮᠡᠭᠡᠨ ᠬᠥᠬᠥ ᠰᠢᠭ ᠤᠨᠵᠢᠭᠢᠨᠠᠭᠰᠠᠨ ᠳᠠᠯᠢᠩ ᠤᠭᠤᠷᠠᠭ ᠲᠠᠢ ᠲᠣᠮᠣ ᠴᠢᠬᠢ ᠨᠢ ᠱᠠᠭᠵᠠᠮᠤᠨᠢ ᠪᠤᠷᠬᠠᠨ ᠢ᠋ ᠬᠡᠪᠯᠡᠵᠦ  ᠵᠢᠷᠤᠭᠰᠠᠨ ᠰᠢᠭ᠋ ᠬᠠᠷᠠᠭᠳᠠᠬᠤ ᠨᠢ ᠨᠡᠭᠡᠷᠡᠨ ᠭᠠᠢᠬᠠᠯᠲᠠᠢ᠃  
       ᠳ᠋ᠠᠭᠳᠠᠨ ᠳᠠ ᠯᠠᠮᠠ ᠨᠣᠮ ᠤ᠋ᠨ ᠰᠢᠷ᠎ᠠ ᠣᠷᠬᠢᠮᠵᠢ ᠪᠠᠨ ᠲᠠᠢᠯᠵᠤ ᠰᠢᠯ ᠭᠡᠭᠡᠪᠴᠢ ᠪᠡᠷ ᠭᠠᠳᠠᠭᠰᠢ ᠪᠠᠨ ᠬᠠᠷᠠᠪᠠᠯ ᠪᠣᠷᠣᠪᠠᠨᠳᠢ ᠬᠥᠬᠡ ᠯᠠᠭᠤᠰᠠ ᠶ᠋ᠢ ᠬᠥᠲᠥᠯᠵᠦ ᠢᠷᠡᠭᠡᠳ ᠬᠠᠱᠠᠩ ᠬᠠᠷ᠎ᠠ ᠮᠣᠷᠢᠨ ᠤ᠋ ᠬᠠᠵᠠᠭᠤ ᠳ᠋ᠤ᠌ ᠤᠶᠠᠴᠢᠬᠠᠭᠠᠳ ᠬᠠᠷ᠎ᠠ ᠮᠣᠷᠢ ᠶ᠋ᠢ ᠡᠮᠡᠭᠡᠯᠯᠡᠵᠦ ᠪᠠᠢᠭ᠎ᠠ ᠬᠠᠷᠠᠭᠳᠠᠨ᠎ᠠ᠃ 
       ᠬᠣᠶᠠᠷ ᠭᠤᠨᠠᠨ ᠳᠡᠭᠡᠷ᠎ᠡ ᠢᠬᠡᠷ᠎ᠡ ᠶᠤᠸᠠᠮᠪᠤᠤ ᠨᠡᠮᠡᠵᠦ ᠬᠠᠲᠤᠨ ᠲᠡᠷᠲᠡᠭᠡ ᠵᠠᠬ᠎ᠠ ᠶ᠋ᠢᠨ ᠲᠠᠷᠢᠶᠠᠨ ᠤ᠋ ᠬᠢᠲᠠᠳ ᠠ᠋ᠴᠠ ᠰᠣᠯᠢᠭᠰᠠᠨ ᠤᠷᠲᠤ ᠵᠣ ᠲᠠᠢ ᠬᠥᠬᠡ ᠯᠠᠭᠤᠰᠠ ᠳ᠋ᠠᠭᠠᠨ ᠳ᠋ᠠᠭᠳᠠᠨ ᠳᠠ ᠯᠠᠮᠠ ᠬᠠᠱᠠᠩ ᠬᠠᠷ᠎ᠠ ᠮᠣᠷᠢᠨ ᠠ᠋ᠴᠠ ᠪᠠᠨ ᠳᠤᠲᠠᠭᠤ ᠦᠭᠡᠢ ᠬᠠᠢᠷᠠᠲᠠᠢ᠃ ᠳᠥᠷᠪᠡᠨ ᠰᠤᠮᠠᠯ ᠬᠠᠷ᠎ᠠ ᠪᠤᠳᠠᠭ᠎ᠠ  ᠲᠡᠩᠨᠡᠭᠦᠬᠡᠨ ᠠᠴᠢᠴᠢᠬᠠᠭᠠᠳ ᠳᠡᠭᠡᠷ᠎ᠡ ᠨᠢ ᠪᠠᠰᠠ ᠨᠢᠭᠡ ᠬᠥᠮᠦᠨ ᠤᠨᠤᠬᠤ ᠳ᠋ᠤ᠌ ᠨᠢᠷᠤᠭᠤ ᠨᠢ ᠬᠣᠲᠣᠢᠳᠠᠭ ᠦᠬᠡᠷ ᠰᠡᠭᠦᠯ ᠢ᠋ᠶ᠋ᠡᠨ ᠰᠢᠷᠪᠠᠨ ᠰᠢᠷᠪᠠᠨ ᠰᠠᠢᠪᠤᠷᠯᠠᠭᠠᠳ ᠪᠠᠢᠳᠠᠭ ᠬᠥᠬᠡ ᠯᠠᠭᠤᠰᠠ ᠶ᠋ᠢ ᠦᠵᠡᠵᠦ ᠲᠣᠭᠣᠭᠰᠠᠨ ᠳ᠋ᠠᠭᠳᠠᠨ ᠳᠠ ᠯᠠᠮᠠ ᠬᠣᠶᠠᠷ ᠭᠤᠨ᠎ᠠ ᠭᠠᠷᠤᠵᠠᠳᠠᠭᠤᠯᠤᠭᠰᠠᠨ ᠴᠤ᠌ ᠬᠠᠢᠷᠠᠨ ᠭᠡᠵᠦ ᠵᠢᠷᠦᠬᠡ ᠡᠪᠡᠳᠦᠭᠰᠡᠨ ᠦᠭᠡᠢ᠃ 
       ᠲᠡᠷᠡ ᠪᠡᠷ ᠠᠭᠠᠷᠤ ᠱᠣᠩ ᠤ᠋ᠨ ᠠᠳᠠᠷᠠᠤᠲᠤ ᠬᠠᠯᠢᠰᠤ ᠶ᠋ᠢ ᠫᠢᠵᠢᠷ ᠫᠢᠵᠢᠷ ᠬᠡᠮᠡᠯᠢᠵᠦ ᠵᠣᠭᠰᠣᠭ᠎ᠠ ᠬᠥᠬᠡ ᠯᠠᠭᠤᠰᠠ ᠪᠠᠨ ᠪᠡᠶᠡᠰᠦᠨ ᠬᠠᠷᠠᠵᠤ ᠄ 
       — ᠬᠠᠱᠠᠩ ᠬᠠᠷ᠎ᠠ ᠶ᠋ᠢᠨ ᠮᠢᠨᠢ ᠨᠢᠷᠤᠭᠤ ᠶ᠋ᠢ ᠰᠡᠯᠭᠦᠬᠦ ᠵᠢᠰᠢᠶᠡᠨ ᠦ᠌ ᠠᠳᠤᠭᠤᠰᠤ᠃ ᠤᠨᠤᠬᠤ ᠳ᠋ᠤ᠌ ᠳᠣᠷᠢᠭᠤᠨ ᠶᠤᠮ᠃ ᠬᠣᠯᠠ ᠵᠠᠮ ᠳ᠋ᠤ᠌ ᠶᠠᠪᠤᠭ᠎ᠠ ᠶᠠᠪᠤᠭᠠᠨ ᠳ᠋ᠠᠭᠠᠨ ᠴᠢᠩᠭᠠᠷᠠᠳᠠᠭ ᠳᠠᠭᠠᠭᠠᠴᠠᠲᠠᠢ ᠤᠨᠤᠭᠠᠷᠢ᠃ ᠬᠠᠱᠠᠩ ᠬᠠᠷ᠎ᠠ ᠠ᠋ᠴᠠ ᠰᠢᠨᠳᠠᠰᠤᠯᠢᠭ ᠶᠤᠮ ᠠ᠋!  ᠭᠡᠵᠦ ᠬᠥᠬᠡ ᠯᠠᠭᠤᠰᠠ ᠪᠠᠨ ᠥᠬᠥᠭᠡᠷᠳᠡᠨ ᠥᠭᠦᠯᠡᠵᠦ ᠳᠠᠪᠤᠰᠠᠩ ᠤᠷᠤᠭᠤ ᠪᠠᠨ ᠭᠤᠷᠪᠠ ᠨᠤᠭᠤᠯᠤᠭᠠᠰᠤᠷᠠᠨ ᠤᠨᠵᠢᠢᠭᠰᠠᠨ ᠬᠦᠯᠬᠦᠬᠡᠷ ᠲᠣᠮᠣ ᠭᠡᠳᠡᠰᠦ ᠶ᠋ᠢᠨ ᠢ᠋ᠶ᠋ᠡᠨ ᠠᠲᠤᠷᠢᠶ᠎ᠠ ᠳ᠋ᠤ᠌ ᠪᠢᠲᠡᠭᠦᠦ ᠴᠢᠭᠢᠭᠯᠡᠭᠰᠡᠨ ᠬᠥᠯᠥᠰᠥ ᠪᠡᠨ ᠵᠦᠯᠭᠦᠬᠦ ᠳ᠋ᠦ᠍ ᠬᠤᠷᠤᠭᠤᠨ ᠳ᠋ᠤ᠌ ᠢᠮᠡᠷᠦᠭᠳᠡᠭᠰᠡᠨ ᠬᠠᠷ᠎ᠠ ᠬᠬᠢᠷ ᠪᠥᠮᠪᠥᠷᠢᠨ᠎ᠡ᠃ ᠬᠠᠯᠠᠭᠤᠨ ᠤ᠋ ᠴᠠᠭ ᠢᠩᠭᠢᠵᠦ ᠪᠠᠢᠨ ᠪᠠᠢᠨ ᠬᠦᠯᠬᠦᠬᠡᠷ ᠭᠡᠳᠡᠰᠦᠨ ᠦ᠌ ᠪᠡᠨ ᠠᠲᠤᠷᠢᠶ᠎ᠠ ᠨᠤᠭᠤᠯᠤᠭᠠᠰᠤ ᠶ᠋ᠢ ᠠᠷᠴᠢᠵᠤ ᠴᠡᠪᠡᠷᠯᠡᠭᠦ ᠦᠭᠡᠢ ᠪᠣᠯ ᠦᠨᠦᠷ ᠲᠠᠨᠢᠷ ᠭᠠᠷᠴᠤ ᠥᠳᠥ ᠴᠠᠴᠤᠬᠤ ᠠᠶᠤᠯ ᠲᠠᠢ ᠪᠠᠢᠳᠠᠭ ᠠᠵᠢ᠃ 
       ᠪᠣᠷᠣᠪᠠᠨᠳᠢ ᠮᠣᠷᠢ ᠬᠠᠷ᠎ᠠ ᠡᠮᠡᠭᠡᠯᠯᠡᠵᠦ ᠭᠠᠨᠵᠤᠭ᠎ᠠ ᠳᠠᠯᠢᠩ ᠪᠠᠵᠠᠭᠠᠵᠤ ᠠᠮᠵᠢᠭᠰᠠᠨ ᠬᠢᠷᠢ ᠳ᠋ᠡᠭᠡᠨ ᠳ᠋ᠠᠭᠳᠠᠨ ᠳᠠ ᠯᠠᠮᠠᠬᠠᠢ ᠶ᠋ᠢᠨ ᠰᠠᠭᠤᠳᠠᠭ ᠳᠡᠭᠡᠳᠦ ᠥᠷᠥᠭᠡᠨ ᠦ᠌ ᠰᠤᠷ ᠣᠭᠣᠰᠣᠷ ᠠ᠋ᠴᠠ ᠲᠠᠲᠠᠵᠤ ᠭᠡᠷ ᠲᠦ᠍ ᠣᠷᠣᠵᠤ ᠢᠷᠡᠬᠦ ᠴᠢᠮᠡᠭᠡ ᠪᠡᠷ ᠯᠠᠮᠠᠬᠠᠢ ᠬᠦᠨᠳᠦ ᠱᠠᠯᠬᠠᠭᠠᠷ ᠪᠥᠭᠰᠡᠨ ᠪᠡᠶ᠎ᠡ ᠪᠡᠨ ᠲᠠᠢᠪᠤᠭᠤᠬᠠᠨ ᠰᠢᠯᠵᠢᠭᠦᠯᠵᠦ ᠬᠠᠨᠵᠤᠨ ᠤ᠋  ᠢᠷᠮᠡᠭ ᠤᠷᠤᠭᠤ ᠶᠣᠭᠣᠬᠤ ᠳ᠋ᠤ᠌ ᠪᠣᠷᠣᠪᠠᠨᠳᠢ ᠲᠡᠷᠡ ᠵᠠᠪ ᠦᠭᠡᠢ ᠪᠠᠭᠰᠢ ᠯᠠᠮᠠ ᠶ᠋ᠢᠨ ᠢ᠋ᠶ᠋ᠡᠨ ᠲᠡᠮᠡᠭᠡᠨ ᠳ᠋ᠦ᠍ ᠠᠴᠢᠳᠠᠭ ᠮᠣᠳᠣᠨ ᠰᠠᠭᠤᠯᠠᠭ᠎ᠠ ᠭᠡᠮᠡᠷ ᠬᠦᠯᠬᠦᠢᠭᠰᠡᠨ ᠶᠡᠬᠡ  ᠮᠠᠬᠠᠢ ᠭᠤᠲᠤᠯ ᠢ ᠲᠥᠬᠥᠭᠦᠯᠵᠦ ᠡᠮᠦᠰᠦᠭᠦᠯᠬᠦ ᠪᠡᠷ ᠳᠡᠮᠨᠡᠪᠡ᠃ ᠭᠤᠲᠤᠯ ᠡᠮᠦᠰᠬᠦ ᠳ᠋ᠦ᠍ᠨᠢ ᠲᠠᠩᠳᠠ ᠲᠡᠭᠡᠭᠡᠷ᠎ᠡ ᠪᠣᠯᠳᠠᠭ ᠬᠦᠯᠬᠦᠬᠡᠷ ᠶᠡᠬᠡ ᠭᠡᠳᠡᠰᠦᠨ ᠳ᠋ᠡᠭᠡᠨ ᠠᠮᠢᠰᠬᠤᠭ᠎ᠠ ᠪᠣᠭᠣᠭᠳᠠᠵᠤ ᠴᠠᠳᠬᠤᠯᠠᠩ ᠪᠤᠬ᠎ᠠ ᠰᠢᠭ᠋ ᠬᠦᠦᠷ – ᠬᠦᠦᠷ ᠠᠮᠢᠰᠬᠤᠭᠠᠳᠠᠬᠤ ᠳ᠋ᠤᠨᠢ ᠬᠡᠪᠡᠯᠢ ᠴᠡᠭᠡᠵᠢ ᠨᠢ ᠰᠦᠢᠯᠡᠬᠢᠯᠡᠬᠦ ᠠᠮᠢᠰᠬᠤᠭ᠎ᠠ ᠶᠢ ᠨᠢ ᠳᠠᠭᠠᠭᠠᠳ ᠣᠪᠣᠯᠵᠠᠨ᠎ᠠ᠃  ᠠᠷᠭ᠎ᠠ ᠴᠤ᠌ ᠦᠭᠡᠢ ᠳ᠋ᠠ᠂ ᠲᠦᠩᠬᠦᠢᠭᠰᠡᠨ ᠬᠠᠳᠠ ᠰᠢᠭ᠋ ᠪᠦᠳᠦᠭᠦᠨ ᠲᠣᠮᠣ ᠪᠡᠶ᠎ᠡ ᠲᠠᠢ ᠬᠥᠮᠥᠨ ᠶᠠᠪᠤᠵᠤ ᠰᠠᠭᠤᠬᠤ ᠳ᠋ᠤ᠌ ᠨᠡᠭᠡᠷᠡᠨ ᠳᠥᠭᠥᠮ ᠦᠭᠡᠢ᠃ ᠬᠠᠲᠠᠭᠤ ᠲᠠᠰᠠᠮ᠎ᠠ ᠲᠠᠢ ᠪᠤᠯᠢᠭᠠᠷᠢ ᠭᠣᠳᠣᠯ᠎ ᠡᠮᠦᠰᠬᠦ ᠴᠤ᠌ ᠠᠷᠭ᠎ᠠ ᠦᠭᠡᠢ᠂ ᠬᠠᠪᠤᠷ ᠵᠣᠨ ᠨᠠᠮᠤᠷ ᠲᠠᠭᠠᠨ ᠮᠠᠬᠠᠢ ᠭᠤᠲᠤᠯ ᠴᠢᠷᠴᠦ ᠡᠪᠦᠯ ᠳ᠋ᠠᠭᠡᠨ ᠬᠤᠷᠠᠭ᠎ᠠ ᠢᠰᠢᠭᠡᠨ ᠦ᠌ ᠤᠭᠤᠲᠠ ᠴᠤ᠌ ᠠᠭᠤᠵᠢᠮ ᠢᠰᠡᠭᠡᠢ ᠭᠤᠲᠤᠯ ᠤᠭᠯᠠᠵᠤ ᠶᠠᠪᠤᠬᠤ ᠠ᠋ᠴᠠ ᠥᠭᠡᠷ᠎ᠡ ᠠᠷᠭ᠎ᠠ ᠦᠭᠡᠢ᠃ 
       ᠪᠣᠷᠣᠪᠠᠨᠳᠢ ᠪᠠᠭᠰᠢ ᠯᠠᠮᠠ ᠶ᠋ᠢᠨ ᠢ᠋ᠶ᠋ᠡᠨ ᠮᠠᠬᠠᠢ ᠭᠤᠲᠤᠯ ᠢ᠋ ᠨᠢ ᠠᠮᠠᠷᠬᠠᠨ ᠳᠠᠮᠨᠠᠵᠤ ᠡᠮᠦᠰᠦᠭᠦᠯᠪᠡ᠃ ᠳ᠋ᠠᠭᠳᠠᠨ ᠳᠠ ᠯᠠᠮᠠ ᠰᠢᠷᠢᠳᠡᠭ ᠳᠣᠣᠷ᠎ᠠ ᠠ᠋ᠴᠠ ᠬᠥᠯᠥᠰᠥ ᠲᠣᠰᠣᠨ ᠳ᠋ᠤ᠌ ᠢᠳᠡᠭᠳᠡᠵᠦ ᠲᠦᠰ ᠬᠠᠷ᠎ᠠ ᠪᠣᠯᠤᠭᠰᠠᠨ ᠰᠤᠷ ᠣᠭᠣᠰᠣᠷ ᠲᠠᠢ ᠲᠦᠯᠬᠢᠭᠦᠷ ᠢ᠋ᠶ᠋ᠡᠨ ᠠᠪᠴᠤ ᠬᠠᠨᠵᠤᠨ ᠤ᠋ ᠪᠦᠰᠡᠯᠡᠭᠦᠷ ᠴᠢᠮᠡᠭᠰᠡᠨ ᠢᠬᠢᠷ᠎ᠡ ᠳᠠᠪᠰᠠᠭ ᠦ᠋ᠨ ᠢ᠋ᠶ᠋ᠡᠨ ᠴᠠᠭᠠᠳᠤ ᠲᠠᠯ᠎ᠠ ᠳ᠋ᠠᠬᠢ ᠲᠠᠩᠭᠤᠳ ᠭᠠᠤᠯᠢᠨ ᠴᠠᠭᠤᠷᠭ᠎ᠠ ᠶ᠋ᠢ ᠬᠠᠷᠴᠢᠭᠢᠨᠠᠭᠤᠯᠵᠤ ᠨᠡᠭᠡᠭᠡᠭᠡᠳ ᠤᠯᠠᠭᠠᠨ ᠬᠦᠷᠡᠩ ᠪᠣᠭᠣᠳᠠᠯ ᠲᠠᠢ ᠬᠦᠨᠳᠦᠬᠡᠨ ᠭᠡᠭᠴᠢ ᠶ᠋ᠢᠨ ᠶᠠᠭᠤᠮ᠎ᠠ ᠡᠪᠦᠷᠯᠡᠵᠦ ᠪᠣᠰᠪᠠ᠃ 
       ᠲᠡᠷᠡ ᠪᠡᠷ ᠰᠦᠮ᠎ᠡ ᠶ᠋ᠢᠨ ᠬᠦᠷᠢᠶ᠎ᠡ ᠡᠴᠡ ᠭᠠᠷᠴᠤ ᠬᠣᠯᠬᠢᠨᠳᠠᠭ ᠮᠠᠬᠠᠢ ᠭᠤᠲᠤᠯ ᠤ᠋ᠨ ᠯᠦᠰ ᠯᠦᠰ ᠬᠢᠨ ᠭᠠᠵᠠᠷ ᠨᠦᠳᠦᠵᠦ ᠱᠣᠩ ᠤᠷᠤᠭᠤ ᠳᠥᠭᠥᠨ ᠠᠯᠬᠤᠬᠤ ᠳ᠋ᠤ᠌ ᠤᠶᠠᠭᠠᠲᠠᠢ ᠬᠠᠷ᠎ᠠ ᠮᠣᠷᠢ ᠲᠡᠭᠦᠨ ᠦ᠌ ᠠᠭᠤᠯᠠ ᠬᠠᠳᠠ ᠰᠢᠭ᠋ ᠲᠦᠩᠬᠦᠢᠭᠰᠡᠨ ᠪᠠᠷ᠎ᠠ ᠪᠠᠷ ᠬᠥᠬᠡ ᠮᠢᠬ᠎ᠠ ᠨᠢ ᠴᠡᠴᠡᠷᠡᠵᠦ 《ᠡᠵᠡᠨ ᠢ᠋ᠶ᠋ᠡᠨ ᠠᠯᠳᠠᠭᠰᠠᠨ ᠦᠬᠦᠳᠡᠭ ᠦᠭᠡᠢ ᠬᠦᠨᠳᠦ ᠵᠣᠪᠠᠯᠭ᠎ᠠ ᠶ᠋ᠢ ᠪᠠᠰᠠ ᠬᠠᠮᠢᠭᠠᠰᠢ ᠪᠠᠨ ᠬᠠᠮᠢᠭ᠎ᠠ ᠬᠦᠷᠲᠡᠯ᠎ᠡ ᠠᠴᠢᠳᠠᠭ ᠪᠢᠯᠡ? 》 ᠭᠡᠰᠡᠨ ᠰᠢᠦᠭᠡᠨ ᠵᠣᠪᠠᠨᠢᠨ ᠰᠢᠷᠣᠢ ᠦᠨᠦᠷᠯᠡᠨ ᠲᠣᠭᠣᠰᠣ ᠪᠤᠲᠠᠷᠠᠲᠠᠯ᠎ᠠ ᠳᠣᠷᠭᠢᠭᠰᠠᠨ ᠪᠣᠯᠪᠠᠴᠤ ᠬᠣᠨᠵᠢᠶᠠᠰᠤ ᠪᠠᠨ ᠳᠠᠭᠠᠭ᠎ᠠ ᠶᠠᠳᠠᠭᠰᠠᠨ ᠶᠤᠮ ᠰᠢᠭ᠋ ᠬᠣᠢᠲᠤ ᠬᠣᠶᠠᠷ ᠬᠥᠯ ᠢ᠋ᠶ᠋ᠡᠨ ᠠᠯᠴᠠᠢᠨ ᠳᠣᠣᠷ᠎ᠠ ᠪᠠᠨ ᠰᠢᠭᠡᠰᠦ ᠠᠯᠳᠠᠪᠠ᠃ 
       ᠲᠦᠨᠲᠦᠭᠡᠷ ᠪᠦᠳᠦᠭᠦᠨ ᠲᠡᠮᠡᠭᠡᠨ ᠬᠠᠳᠠ ᠰᠢᠭ᠋ ᠲᠣᠮᠣ ᠪᠡᠶ᠎ᠡ ᠪᠡᠨ ᠨᠡᠭᠦᠯᠭᠡᠵᠦ ᠶᠠᠪᠤᠨ ᠬᠠᠱᠠᠩ ᠬᠠᠷ᠎ᠠ ᠮᠣᠷᠢᠨ ᠤ᠋ ᠪᠠᠨ ᠬᠢᠯᠭᠠᠰᠤᠨ ᠴᠤᠯᠪᠤᠭᠤᠷ ᠢ᠋ ᠲᠠᠢᠯᠵᠤ ᠮᠣᠷᠢᠨ ᠤ ᠪᠠᠨ ᠡᠮᠡᠭᠡᠯ ᠢ᠋ ᠵᠠᠰᠠᠨ ᠣᠯᠣᠩ ᠢ᠋ ᠨᠢ ᠴᠢᠩᠭᠠᠯᠠᠬᠤ ᠭᠡᠬᠦ ᠳ᠋ᠦ᠍ ᠰᠦᠬᠡᠨ ᠦ᠌ ᠡᠰᠢ ᠰᠢᠭ ᠲᠣᠮᠣ ᠲᠣᠮᠣ ᠮᠤᠬᠢᠷ ᠬᠤᠷᠤᠭᠤᠨ ᠳ᠋ᠤᠨᠢ ᠣᠯᠣᠩ ᠤ᠋ᠨ ᠲᠡᠮᠦᠷ ᠭᠣᠷᠭᠢ ᠨᠢ ᠳᠠᠩᠴᠤ ᠵᠢᠵᠢᠭ ᠶᠠᠭᠤᠮ᠎ᠠ ᠲᠡᠮᠲᠡᠷᠢᠭᠳᠡᠵᠦ ᠳᠠᠩᠭᠢᠨᠠᠲᠠᠯ᠎ᠠ ᠲᠠᠲᠠᠬᠤ ᠲᠠᠷ ᠳᠠᠭᠠᠭᠠᠬᠤ ᠦᠭᠡᠢ ᠲᠡᠰᠬᠢᠨ ᠲᠠᠰᠤᠷᠠᠮᠠᠷ ᠰᠠᠨᠠᠭᠳᠠᠬᠤ ᠶ᠋ᠢ ᠶᠠᠭᠠᠬᠢᠨ᠎ᠠ ᠁
      ᠳ᠋ᠠᠭᠲᠠᠨ ᠳᠠ ᠯᠠᠮᠠ ᠬᠠᠱᠠᠩ ᠬᠠᠷ᠎ᠠ ᠮᠣᠷᠢᠨ ᠤ᠋ ᠪᠠᠨ ᠴᠠᠳᠬᠤᠯᠳᠠᠭᠰᠠᠨ ᠰᠠᠢᠪᠤᠷ ᠠᠯᠬᠤᠭ᠎ᠠ ᠳ᠋ᠤ᠌ ᠰᠠᠵᠢᠯᠠᠭᠤᠯᠤᠨ᠂ ᠬᠥᠬᠡᠪᠣᠯᠠᠭ ᠤ᠋ᠨ ᠰᠠᠢᠷ ᠢ᠋ ᠣᠢᠮᠣᠨ ᠤᠷᠤᠭᠤᠳᠠᠵᠤ ᠶᠠᠪᠤᠬᠤ ᠳ᠋ᠠᠭᠠᠨ ᠪᠠᠷᠠᠭᠤᠨ ᠲᠤᠰᠠᠯᠠᠭᠴᠢ ᠮᠢᠩᠭᠠᠲᠤ ᠶ᠋ᠢᠨ ᠬᠦᠦ ᠴᠣᠬᠪᠠᠭᠠᠲᠤᠷ ᠢ᠋ ᠰᠠᠨᠠᠵᠤ ᠣᠯᠤᠨ《ᠲᠡᠷᠡ ᠬᠦᠦ ᠪᠡᠷ ᠲᠤᠨᠤᠭᠠᠨ ᠤ᠋ ᠵᠠᠨᠠᠭ ᠬᠥᠯᠥᠰᠥᠯᠡᠵᠦ ᠢᠬᠡᠷ᠎ᠡ ᠶᠤᠸᠠᠮᠪᠤᠤ ᠬᠠᠨᠴᠤᠢᠯᠠᠭᠤᠯᠴᠢᠬᠠᠬᠤ ᠳ᠋ᠤ᠌ ᠪᠦᠲᠦᠬᠦ ᠦᠭᠡᠢ ᠶᠠᠭᠤᠮ᠎ᠠ ᠠᠯᠠᠭ᠎ᠠ 》 ᠭᠡᠵᠦ ᠪᠣᠳᠣᠵᠤ ᠪᠠᠶᠠᠷᠯᠠᠬᠤ ᠳ᠋ᠠᠭᠠᠨ ᠬᠥᠬᠡ ᠢᠨᠢᠶᠡᠳᠦ ᠨᠢ ᠬᠦᠷᠴᠦ ᠪᠠᠢᠪᠠ᠃
       ᠴᠣᠭᠪᠠᠭᠠᠲᠤᠷ ᠪᠣᠯ ᠪᠠᠷᠠᠭᠤᠨ ᠲᠤᠰᠠᠯᠠᠭᠴᠢ ᠮᠢᠩᠭᠠᠨᠪᠤᠤ ᠮᠠᠨᠣᠨᠪᠠᠳᠮ᠎ᠠ ᠬᠣᠶᠠᠷ ᠤ᠋ᠨ ᠠᠯᠠᠭᠠᠨ ᠳ᠋ᠠᠭᠠᠨ ᠲᠠᠯᠪᠢᠪᠠᠯ ᠪᠥᠮᠪᠥᠷᠢᠭᠦᠵᠡᠢ᠂ ᠠᠮᠠᠨ ᠳ᠋ᠠᠭᠠᠨ ᠬᠢᠪᠡᠯ ᠬᠠᠢᠯᠤᠭᠤᠵᠠᠢ ᠭᠡᠬᠦ ᠲᠣᠷᠭᠠᠨ ᠳᠡᠭᠡᠷ᠎ᠡ ᠲᠣᠭᠯᠠᠵᠤ ᠲᠣᠰᠣᠨ ᠳ᠋ᠤ᠌ ᠪᠢᠯᠠᠭᠤᠷᠠᠵᠤ ᠥᠰᠦᠭᠰᠡᠨ ᠬᠦᠦ ᠨᠢ ᠶᠦᠮ᠃ ᠲᠡᠷᠡ ᠪᠡᠷ ᠪᠤᠭᠤᠲᠤ᠂ ᠰᠠᠭᠠᠯᠢᠴᠢᠨ᠂  ᠱᠠᠮᠪᠠ᠂ ᠣᠷᠳᠣᠰ ᠤ᠋ᠨ ᠴᠢᠭᠤᠯᠭᠠᠨ᠂ ᠵᠠᠩᠴᠢᠬᠦᠦ ᠁ ᠵᠡᠷᠭᠡ ᠭᠠᠵᠠᠷ ᠢ᠋ᠶ᠋ᠠᠷ ᠲᠡᠨᠦᠵᠦ ᠳᠠᠶᠠᠩ ᠳᠤᠭᠤᠢᠯᠠᠵᠤ᠂ ᠬᠦᠯᠦᠭ ᠦ᠋ᠨ ᠰᠠᠢᠨ ᠢ᠋ ᠤᠨᠤᠨ ᠬᠡᠦᠬᠡᠨ ᠦ᠌ ᠰᠠᠢᠬᠠᠨ ᠲᠠᠢ ᠤᠨᠲᠠᠵᠤ᠂ ᠵᠠᠮ᠎ ᠪᠠᠭᠲᠠᠬᠤ ᠦᠭᠡᠢ ᠵᠠᠳᠠᠭᠠᠢ ᠠᠯᠬᠤᠵᠤ᠂ ᠵᠠᠪᠠᠵᠢ ᠪᠠᠭᠲᠠᠬᠤ ᠦᠭᠡᠢ ᠵᠠᠪᠬᠠᠢ ᠦᠭᠡ ᠴᠠᠯᠴᠢᠳᠠᠭ ᠲᠠᠩᠬᠠᠢ ᠡᠷ᠎ᠡ ᠶ᠋ᠢᠨ ᠮᠠᠭᠤ ᠵᠠᠩ ᠰᠤᠷᠤᠭᠰᠠᠨ ᠤ᠋ ᠨᠢᠭᠡ ᠪᠢᠯᠡ᠃ 
       ᠴᠣᠬᠪᠠᠭᠠᠲᠤᠷ ᠴᠢᠬᠢ ᠵᠥᠭᠡᠯᠡᠨ ᠨᠡᠷᠡᠯᠬᠡᠦ ᠵᠠᠩ ᠲᠠᠢ᠂ ᠣᠯᠵᠠ ᠣᠮᠣᠭ ᠠᠬ᠎ᠠ ᠳᠡᠭᠦᠦ ᠶ᠋ᠢᠨ ᠨᠠᠢᠷ ᠲᠠᠯ᠎ᠠ ᠳ᠋ᠤ᠌ ᠶᠠᠭᠤ ᠬᠢᠬᠦ ᠡᠴᠡ ᠴᠤ᠌ ᠪᠤᠴᠠᠳᠠᠭ ᠦᠭᠡᠢ᠃ ᠤᠬᠠᠭᠠᠨ ᠰᠡᠷᠭᠦᠯᠡᠩ ᠴᠤ᠌ ᠨᠠᠰᠤ ᠵᠠᠯᠠᠭᠤ ᠲᠤᠯᠠ ᠬᠤᠳᠠᠷᠭ᠎ᠠ ᠮᠠᠭᠤᠲᠠᠢ᠂ ᠲᠠᠩᠳᠠ ᠬᠡᠷᠡᠭ ᠵᠠᠷᠭᠤ ᠭᠠᠷᠭᠠᠵᠤ ᠶᠠᠪᠤᠳᠠᠭ ᠬᠥᠮᠦᠨ ᠠᠵᠢ᠃ 
       ᠵᠠ ᠪᠠᠢᠵᠠ ᠂ ᠨᠢᠳᠤᠨᠤᠨ ᠤ᠋ ᠨᠠᠭᠠᠳᠤᠮ ᠤ᠋ᠨ ᠦᠷᠢᠶ᠎ᠡ ᠮᠣᠷᠢᠨ ᠤ ᠤᠷᠤᠯᠳᠤᠭᠠᠨ ᠳᠤ ᠲᠦᠷᠦᠭᠦᠦ ᠨᠢ᠋ᠮᠠ ᠳ᠋ᠤ᠌ ᠳᠠᠪᠬᠢᠵᠤ ᠢᠷᠡᠭᠰᠡᠨ ᠲᠠᠨᠠᠭᠠᠯᠵᠢ ᠶ᠋ᠢᠨ ᠵᠦ ᠶ᠋ᠢᠨ  ᠳᠠᠯᠠᠨᠲᠠᠢ ᠭᠤᠸᠠᠢ ᠶ᠋ᠢᠨ ᠵᠡᠭᠡᠷ᠎ᠡ ᠶ᠋ᠢᠨ ᠰᠢᠯᠪᠢᠲᠦ ᠬᠦᠷᠡᠩ ᠦᠷᠢᠶ᠎ᠡ ᠶ᠋ᠢᠨ ᠴᠤᠯᠪᠤᠭᠤᠷ ᠢ᠋ ᠴᠣᠭᠪᠠᠭᠠᠲᠤᠷ ᠲᠤ ᠠᠳᠬᠤᠭᠤᠯᠴᠢᠬᠠᠪᠠᠯ ᠰᠠᠢᠨ ᠮᠣᠷᠢᠨ ᠳ᠋ᠤ᠌ ᠬᠣᠷᠣᠬᠠᠢ ᠲᠠᠢ ᠴᠣᠭᠪᠠᠭᠠᠳᠤᠷ《ᠵᠠ᠂ ᠯᠠᠮᠠ ᠭᠤᠸᠠᠢ ᠠ᠋! ᠶᠠᠭᠤ ᠪᠠᠢᠨ᠎ᠠ? ᠬᠡᠯᠡ᠂ ᠬᠡᠯᠡ! ᠪᠢ ᠳᠣᠣᠷ᠎ᠠ ᠨᠢ ᠲᠠᠨ ᠳ᠋ᠤ᠌ ᠪᠦᠲᠦᠭᠡᠭᠡᠳ ᠥᠭᠭᠦᠶ᠎ᠡ!》ᠭᠡᠳ ᠳᠠᠰᠢᠶ᠎ᠠ ᠪᠠᠨ ᠲᠠᠰᠢᠭᠤᠯᠤᠭᠰᠠᠨ ᠰᠢᠭ᠋ ᠴᠣᠪᠬᠣᠴᠢᠭᠠᠳ ᠢᠷᠡᠬᠦ ᠪᠣᠢ! ᠭᠡᠵᠦ ᠪᠣᠳᠣᠨ ᠲᠠᠨᠠᠭᠠᠯᠵᠢ ᠶᠢᠨ ᠵᠣ ᠶ᠋ᠢᠨ ᠳᠠᠯᠠᠨᠲᠠᠢ ᠶ᠋ᠢᠨ ᠤᠷᠤᠭᠤ ᠬᠦᠯᠦᠭ ᠦ᠋ᠨ ᠵᠢᠯᠣᠭᠣ ᠪᠠᠨ ᠵᠠᠯᠠᠪᠠ᠃  
       — ᠡᠨᠡ ᠵᠡᠭᠡᠷ᠎ᠡ ᠶ᠋ᠢᠨ ᠰᠢᠯᠪᠢᠲᠦ ᠬᠦᠷᠡᠩ ᠦᠷᠢᠶ᠎ᠡ ᠴᠦ᠍ ᠵᠡᠭᠡᠭᠡᠭᠰᠡᠨ ᠬᠦᠯᠦᠭ ᠭᠠᠷᠤᠨ᠎ᠠ ᠳᠠ᠃ 
       — ᠠ᠂ ᠶᠡᠷᠦ ᠨᠢ ᠰᠠᠢᠨ ᠰᠣᠢᠵᠤ ᠤᠶᠠᠭ᠎ᠠ ᠲᠡᠩᠴᠡᠭᠦᠯᠦᠭᠰᠡᠨ ᠪᠣᠯ ᠴᠦ᠍ ᠳᠠ ᠁  
       — ᠶᠠᠪᠤᠭᠠᠨ ᠳ᠋ᠠᠭᠠᠨ ᠪᠠᠷᠠᠭᠤᠨ ᠬᠦᠩ ᠦ᠋ᠨ ᠨᠠᠭᠠᠳᠤᠮ ᠳ᠋ᠤ᠌ ᠲᠦᠷᠦᠭᠦᠯᠡᠬᠦ ᠬᠤᠷᠳᠤᠨ ᠮᠣᠷᠢ ᠪᠣᠯᠤᠨ᠎ᠠ ᠁ ᠭᠡᠵᠦ ᠬᠥᠮᠦᠰ ᠦ᠋ᠨ ᠨᠢᠳᠦᠨ ᠦ᠌ ᠬᠣᠷᠣᠬᠠᠢ ᠪᠣᠯᠤᠭᠰᠠ ᠵᠡᠭᠡᠷ᠎ᠡ ᠶ᠋ᠢᠨ ᠰᠢᠯᠪᠢᠲᠦ ᠪᠡᠨ ᠳᠠᠯᠠᠨᠲᠠᠢ ᠭᠤᠸᠠᠢ ᠬᠡᠨ ᠳ᠋ᠦ᠍ ᠴᠤ᠌ ᠥᠭᠬᠦ ᠦᠭᠡᠢ ᠭᠡᠵᠦ ᠭᠡᠳᠡᠢᠬᠦ ᠨᠢ ᠯᠠᠪ᠃ ᠭᠡᠬᠦ ᠳ᠋ᠡᠭᠡᠨ ᠬᠦᠩ ᠦ᠋ᠨ ᠰᠦᠮ᠎ᠡ ᠶ᠋ᠢᠨ ᠬᠤᠪᠢᠯᠭᠠᠨ ᠯᠠᠮᠠ ᠪᠡᠶ᠎ᠡ ᠪᠡᠷ ᠢ᠋ᠶ᠋ᠡᠨ ᠢᠷᠡᠵᠦ ᠬᠣᠰᠢᠭᠤ ᠴᠣᠷᠪᠣᠢᠬᠤ ᠳ᠋ᠤ᠌《ᠦᠭᠡᠢ ᠠ᠋》 ᠭᠡᠵᠦ ᠬᠡᠯᠡᠬᠦ ᠠᠷᠠᠢ ᠴᠢᠳᠠᠬᠤ ᠦᠭᠡᠢ ᠪᠠᠢᠬ᠎ᠠ᠃ ᠡᠨᠡ ᠬᠥᠮᠥᠰᠬᠡ ᠵᠠᠩᠭᠢᠳᠤᠭᠰᠠᠨ ᠳᠡᠭᠡᠷᠡᠩᠭᠦᠢ ᠬᠣᠷᠸ᠎ᠠ ᠳ᠋ᠤ᠌ ᠬᠠᠷᠠᠴᠤ ᠴᠠᠭᠠᠴᠢ ᠬᠡᠵᠢᠶ᠎ᠡ ᠬᠤᠲᠤᠭᠲᠤ ᠬᠤᠪᠢᠯᠭᠠᠨ᠂ ᠵᠠᠰᠠᠭ ᠲᠥᠷᠥ ᠶ᠋ᠢᠨ ᠴᠠᠭᠠᠨ᠎ᠠ ᠭᠠᠷᠴᠤ ᠪᠠᠢᠪᠠ? ᠳᠠᠬᠢᠭᠠᠳ ᠬᠡᠯᠡᠬᠦ ᠳ᠋ᠦ᠍ ᠢᠳᠡᠵᠦ ᠡᠮᠦᠰᠬᠦ ᠳ᠋ᠡᠭᠡᠨ ᠵᠥᠪ ᠦᠭᠡᠢ ᠵᠤᠳᠠᠷᠠᠭᠤᠬᠠᠨ ᠠᠢᠯ ᠳ᠋ᠤ᠌ ᠨᠢᠭᠡ ᠪᠠᠢᠳᠠᠰᠤ ᠵᠢᠭᠠᠵᠤ ᠥᠷᠥᠭᠡᠰᠦᠨ ᠴᠣᠬᠣᠷ ᠶᠤᠸᠠᠮᠪᠤᠤ ᠬᠠᠶᠠᠵᠤ ᠥᠭᠬᠦ ᠳ᠋ᠦ᠍ ᠴᠠᠭᠠᠰᠢ ᠬᠠᠷᠠᠵᠤ ᠬᠤᠯᠠᠭᠠᠢ ᠪᠠᠷ ᠢᠨᠢᠶᠡᠬᠦ ᠪᠠᠢᠯᠭᠦᠢ ᠭᠡᠵᠦ ᠰᠢᠭᠤᠳᠤᠭᠰᠠᠨ ᠳ᠋ᠠᠭᠳᠠᠨ ᠳᠠ ᠯᠠᠮᠠ ᠲᠡᠭᠡᠵᠦ ᠰᠠᠨᠠᠭᠰᠠᠨ ᠢ᠋ᠶ᠋ᠠᠨ ᠪᠦᠲᠦᠭᠡᠵᠦ ᠶᠠᠪᠤᠪᠠ᠃ 
       ᠳ᠋ᠠᠭᠳᠠᠨ ᠳᠠ ᠯᠠᠮᠠ ᠬᠣᠨᠣᠭᠤᠲᠠ ᠶᠠᠪᠤᠵᠤ ᠪᠤᠭᠤᠲᠤ ᠣᠷᠣᠬᠤ ᠳ᠋ᠠᠭᠠᠨ ᠰᠠᠨᠠᠭ᠎ᠠ ᠥᠶᠥᠭ ᠭᠠᠨᠵᠤᠭ᠎ᠠ ᠥᠭᠡᠳᠡ ᠪᠠᠢᠯ᠎ᠠ᠃ ᠠᠷᠭᠠᠯᠢ ᠶ᠋ᠢᠨ ᠠᠯᠠᠭ ᠪᠣᠷᠴᠠ᠂ ᠰᠢᠷ᠎ᠠ ᠲᠣᠰᠣ᠂ ᠠᠭᠠᠷᠤᠤᠯ᠂ ᠬᠠᠲᠠᠭᠠᠭᠰᠠᠨ ᠥᠷᠥᠮ᠎ᠡ ᠡᠨᠡ ᠲᠡᠷᠡ ᠰᠠᠭᠠᠯᠢ ᠶ᠋ᠢᠨ ᠳᠡᠭᠡᠵᠢ ᠪᠠ ᠴᠠᠭᠠᠨ ᠵᠣᠭᠣᠰ᠂ ᠶᠤᠸᠠᠮᠪᠤᠤ ᠵᠡᠷᠭᠡ ᠶᠠᠭᠤᠮ᠎ᠠ ᠬᠤ᠌ᠮ᠎ᠠ ᠡᠪᠦᠷᠯᠡᠵᠦ ᠵᠠᠮ ᠳ᠋ᠠᠭᠠᠨ ᠳᠠᠯᠠᠨᠲᠠᠢ ᠭᠤᠸᠠᠢ ᠶ᠋ᠢᠨ ᠵᠡᠭᠡᠷ᠎ᠡ ᠶ᠋ᠢᠨ ᠰᠢᠯᠪᠢᠲᠦ ᠬᠦᠷᠡᠩ ᠦᠷᠢᠶ᠎ᠡ ᠶ᠋ᠢ ᠬᠥᠲᠥᠯᠵᠦ ᠪᠡᠶᠡᠰᠦᠨ ᠶᠠᠪᠤᠭ᠎ᠠ ᠨᠢ ᠡᠨᠡ! ᠭᠠᠭᠴᠠ ᠭᠣᠪᠢ ᠶ᠋ᠢᠨ ᠴᠢᠨᠣ᠎ᠠ ᠰᠢᠭ᠋ ᠲᠣᠭᠲᠠᠭᠰᠠᠨ ᠣᠷᠣᠨ ᠦᠭᠡᠢ ᠰᠢᠩᠰᠢᠯᠡᠭᠡᠳ ᠭᠦᠶᠦᠳᠡᠭ ᠴᠣᠭᠪᠠᠭᠠᠳᠤᠷ ᠲᠠᠢ ᠶᠠᠭᠠᠬᠢᠵᠤ ᠣᠯᠵᠤ ᠠᠭᠤᠯᠵᠠᠬᠤ ᠪᠣᠢ ᠭᠡᠵᠦ ᠪᠣᠳᠣᠬᠤ ᠳ᠋ᠤ᠌ ᠨᠢᠭᠡ ᠵᠣᠪᠠᠨᠢᠨ᠎ᠠ᠃  ᠴᠣᠭᠪᠠᠭᠠᠲᠤᠷ ᠲᠠᠢ ᠠᠭᠤᠯᠵᠠᠬᠤ ᠳ᠋ᠤ᠌ ᠠᠮᠠᠷ ᠭᠡᠪᠡᠯ ᠪᠣᠱᠣᠭᠠᠨ ᠤ᠋ ᠴᠠᠭᠠᠨᠠᠬᠠᠨ ᠲᠠᠯ᠎ᠠ ᠮᠡᠲᠦ ᠣᠢᠷᠠᠬᠠᠨ᠂ ᠬᠡᠴᠡᠭᠦᠦ ᠭᠡᠪᠡᠯ ᠲᠡᠭᠷᠢ ᠶ᠋ᠢᠨ ᠬᠢᠵᠠᠭᠠᠢ ᠠ᠋ᠴᠠ ᠴᠦ᠍ ᠬᠣᠯᠠ ᠭᠡᠰᠡᠨ ᠢ᠋ ᠳ᠋ᠠᠭᠳᠠᠨ ᠳᠠ ᠯᠠᠮᠠ ᠶ᠋ᠢᠨ ᠰᠠᠢᠨ ᠮᠡᠳᠡᠨ᠎ᠡ᠃ ᠭᠡᠬᠦ ᠳ᠋ᠡᠭᠡᠨ ᠷᠤᠯᠮ᠎ᠠ ᠶ᠋ᠢᠨ ᠳ᠋ᠦ᠍ ᠲᠠᠯᠪᠢᠭᠠᠳ ᠪᠠᠭᠤᠪᠠᠯ ᠲᠡᠭᠦᠨ ᠦ᠌ ᠰᠤᠷᠠᠭ ᠢ᠋ ᠣᠯᠵᠤ᠂ ᠴᠢᠨᠠᠭᠰᠢᠯᠠᠪᠠᠯ ᠰᠦᠨᠡᠰᠦ ᠶ᠋ᠢ ᠨᠢ ᠴᠤ᠌ ᠳᠠᠭᠤᠳᠠᠵᠤ ᠪᠣᠯᠤᠨ᠎ᠠ ᠭᠡᠳᠡᠭ ᠲᠤ ᠮᠥᠨ ᠦᠬᠦᠨ ᠢᠲᠡᠭᠡᠨ᠎ᠡ᠃ ᠶᠠᠮᠠᠷ ᠰᠦᠷᠡᠬᠡᠢ ᠵᠤᠵᠠᠭ ᠳᠣᠭᠰᠢᠨ ᠠᠷᠢᠶᠠᠲᠠᠨ ᠴᠤ᠌ ᠭᠡᠳ ᠡᠮ᠎ᠡ ᠬᠦᠢᠰᠦᠲᠡᠨ ᠦ᠌ ᠣᠷᠣᠭ᠎ᠠ ᠬᠥᠭ ᠦ᠋ᠨ ᠴᠠᠭ ᠲᠤ ᠰᠦᠨᠡᠰᠦ ᠨᠢ ᠲᠥᠭᠡᠷᠢᠵᠦ ᠤᠬᠠᠭ᠎ᠠ ᠵᠠᠪᠰᠠᠷᠯᠠᠳᠠᠭ ᠭᠡᠳᠡᠭ ᠪᠣᠯ ᠶᠠᠭᠠᠬᠢᠬᠤ ᠠᠷᠭ᠎ᠠ ᠦᠭᠡᠢ ᠦᠨᠡᠨ᠃ ᠥᠩᠭᠡ ᠳᠠᠷᠠᠰᠤ᠂ ᠣᠯᠵᠠ ᠣᠮᠣᠭ᠂ ᠬᠠᠷ᠎ᠠ ᠲᠠᠮᠠᠬᠢ ᠭᠤᠷᠪᠠ ᠶ᠋ᠢᠨ ᠠᠯᠢ ᠨᠢᠭᠡ ᠨᠢ ᠲᠡᠭᠦᠨ ᠦ᠌ ᠡᠮᠦᠨ᠎ᠡ ᠥᠷᠥᠭᠡᠰᠦᠨ ᠢ᠋ᠶ᠋ᠡᠷ ᠴᠤᠬᠤᠯᠵᠠᠬᠤ ᠳ᠋ᠤ᠌ ᠴᠤ᠌ ᠤᠬᠠᠭ᠎ᠠ ᠰᠦᠨᠡᠰᠦ ᠨᠢ ᠤᠨᠲᠠᠷᠠᠵᠤ ᠪᠠᠯᠠᠷᠠᠳᠠᠭ ᠨᠢ ᠴᠣᠭᠪᠠᠭᠠᠳᠤᠷ ᠤ᠋ᠨ ᠨᠢᠭᠡ ᠶᠡᠬᠡ ᠭᠡᠨᠡᠨ ᠭᠡᠮ ᠪᠢᠯᠡ᠃ 
       ᠮᠠᠭᠤ ᠰᠠᠢᠨ ᠡᠷᠡᠴᠦᠦᠯ ᠷᠤᠯᠮ᠎ᠠ ᠶ᠋ᠢᠨ ᠳ᠋ᠦ᠍ ᠥᠲᠥᠨ ᠦ᠌ ᠪᠠᠲᠠᠭᠠᠨ᠎ᠠ ᠰᠢᠭ᠋ ᠰᠢᠪᠠᠯᠳᠤᠳᠠᠭ ᠨᠢ ᠴᠠᠭᠠᠨ᠎ᠠ ᠪᠠᠨ ᠤᠴᠢᠷ ᠲᠠᠢ᠃ ᠷᠤᠯᠮ᠎ᠠ ᠲᠥᠷᠥᠯᠬᠢ ᠶ᠋ᠢᠨ ᠵᠢᠰᠦᠯᠢᠭ ᠳᠡᠭᠡᠷ᠎ᠡ ᠪᠡᠨ ᠡᠷᠡᠴᠦᠦᠯ ᠲᠡᠢ ᠨᠤᠤᠷᠠᠯᠳᠤᠨ ᠨᠠᠭᠠᠯᠢᠩᠬᠠᠢᠲᠤᠳᠠᠭ ᠤᠷᠢᠶᠠᠯᠢᠭ ᠵᠠᠩ ᠠᠭᠠᠯᠢ ᠪᠠᠷ ᠢ᠋ᠶ᠋ᠠᠨ ᠴᠦᠩᠭᠦᠨ ᠦ᠌ ᠮᠥᠩᠭᠥ ᠶ᠋ᠢ ᠨᠢ ᠲᠣᠭᠰᠢᠵᠤ ᠨᠢᠰᠸᠠᠨᠢᠰ ᠤ᠋ᠨ ᠮᠠᠨᠠᠨ ᠢ᠋ᠶ᠋ᠠᠷ ᠡᠷ᠎ᠡ ᠣᠮᠣᠭ ᠢ᠋ ᠨᠢ ᠤᠨᠳᠠᠷᠠᠭᠠᠵᠤ ᠴᠢᠳᠠᠳᠠᠭ ᠢ᠋ᠶ᠋ᠠᠷ ᠢ᠋ᠶ᠋ᠠᠨ ᠶᠠᠮᠠᠷ ᠴᠤ᠌ ᠡᠮ᠎ᠡ ᠬᠥᠮᠦᠨ ᠡᠴᠡ ᠠᠪᠢᠶᠠᠰᠯᠢᠭ ᠪᠢᠯᠡ᠃  
       ᠷᠤᠯᠮ᠎ᠠ ᠲᠠᠢ ᠱᠠᠯᠢᠭᠯᠠᠵᠤ ᠴᠡᠨᠡᠭ ᠢ᠋ᠶ᠋ᠡᠨ ᠲᠠᠯᠪᠢᠶ᠎ᠠ ᠭᠡᠳ ᠢᠷᠡᠳᠡᠭ ᠡᠷᠡᠰ ᠦ᠋ᠳ ᠷᠤᠯᠮ᠎ᠠ ᠪᠠᠷ ᠮᠥᠩᠭᠥ ᠴᠢᠮᠥᠭᠡ ᠬᠣᠶᠠᠷ ᠢ᠋ᠶ᠋ᠠᠨ ᠲᠠᠰᠢᠭᠤᠯᠵᠤ ᠭᠣᠩᠰᠣᠢᠨ ᠭᠠᠷᠳᠠᠭ ᠨᠢ ᠨᠢᠭᠡ ᠬᠣᠶᠠᠷ ᠪᠢᠰᠢ! 
       ᠳ᠋ᠠᠭᠳᠠᠨ ᠳᠠ ᠯᠠᠮᠠ ᠪᠤᠭᠤᠲᠤ ᠳ᠋ᠤ᠌ ᠣᠴᠢᠵᠤ ᠷᠤᠯᠮ᠎ᠠ ᠶ᠋ᠢᠨ ᠳ᠋ᠦ᠍ ᠬᠣᠨᠣᠭᠰᠠᠨ ᠤ᠋ ᠮᠠᠷᠭᠠᠲᠤᠷ ᠨᠢ《ᠵᠠᠰᠠᠭ ᠬᠦᠩ ᠨᠣᠶᠠᠨ ᠤ᠋ ᠪᠠᠭ᠎ᠠ ᠬᠠᠲᠤᠨ ᠬᠥᠮᠦᠨ ᠳᠠᠭᠠᠭᠠᠳ ᠣᠷᠭᠣᠴᠢᠬᠠᠯ᠎ᠠ ᠁ ᠶᠠᠭᠠᠬᠢᠯ᠎ᠠ᠂ ᠢᠢᠯ᠎ᠡ》 ᠭᠡᠰᠡᠨ ᠶᠠᠪᠠᠭᠠᠨ ᠴᠢᠮᠡᠭᠡ ᠪᠤᠭᠤᠲᠤ ᠳ᠋ᠤ᠌ ᠱᠤᠤᠭᠢᠵᠤ ᠬᠦᠷᠦᠭᠰᠡᠨ ᠢ᠋ ᠲᠡᠷᠡ ᠰᠣᠨᠣᠰᠤᠭᠠᠳ ᠲᠠᠪᠠ ᠨᠢ ᠬᠠᠨᠵᠤ《ᠤᠤᠬᠠᠢ᠂ ᠳᠣᠷᠢᠭᠤᠨ! ᠴᠡᠴᠡᠭ ᠬᠠᠲᠤᠨ ᠠ᠋ᠴᠠ ᠪᠤᠰᠤᠳ ᠶᠠᠮᠠᠷ ᠰᠠᠢᠨ ᠡᠮ᠎ᠡ ᠨᠢ ᠢᠮᠠᠭᠠᠨ ᠤ᠋ ᠪᠥᠭᠰᠡᠨ ᠳ᠋ᠦ᠍ ᠰᠢᠭᠢᠳᠦᠭᠰᠡᠨ ᠱᠠᠯᠵᠠ ᠰᠢᠭ᠋ ᠲᠡᠭᠦᠨ ᠲᠡᠢ ᠨᠠᠭᠠᠯᠳᠤᠭᠠᠳ ᠰᠠᠯᠬᠤ ᠦᠭᠡᠢ ᠪᠠᠢᠵᠤ ᠴᠢᠳᠠᠬᠤ ᠪᠣᠢ? ᠣᠳᠣ ᠲᠡᠭᠦᠨ ᠢ᠋ ᠢᠩᠭᠢᠵᠦ ᠲᠠᠲᠠᠪᠤᠷᠢ ᠡᠮ᠎ᠡ ᠶ᠋ᠢᠨ ᠢ᠋ᠶ᠋ᠡᠨ ᠬᠣᠢᠨ᠎ᠠ ᠠ᠋ᠴᠠ ᠪᠡᠳᠡᠷᠢᠵᠦ ᠪᠠᠢᠬᠤ ᠳ᠋ᠤᠨᠢ ᠤᠬᠠᠭᠠᠯᠠᠪᠠᠯ ᠨᠢᠭᠡ ᠵᠦᠭ ᠭᠠᠷᠬᠤ ᠶᠠᠭᠤ ᠮᠠᠭᠠᠳ》 ᠭᠡᠵᠦ ᠷᠤᠯᠮ᠎ᠠ ᠪᠠᠷ ᠴᠣᠭᠪᠠᠭᠠᠳᠤᠷ ᠲᠤ ᠬᠡᠯᠡ ᠦᠭᠭᠦᠭᠦᠯᠵᠦ ᠥᠨᠥ ᠣᠷᠣᠢ ᠲᠡᠳᠡᠨ ᠦ᠌ ᠳ᠋ᠦ᠍ ᠠᠭᠤᠯᠵᠠᠬᠤ ᠪᠠᠷ ᠪᠣᠯᠵᠣᠭᠰᠠᠨ ᠳ᠋ᠠᠭᠠᠨ ᠳᠣᠲᠣᠷ᠎ᠠ ᠨᠢ ᠣᠩᠭᠣᠢᠨ᠎ᠠ᠃ 

         ᠦᠰᠦᠭ ᠠᠮᠢᠯᠠᠭᠤᠯᠤᠭᠰᠠᠨ ᠨᠢ᠄  <ᠬᠡᠯᠡ ᠪᠢᠴᠢᠭ> ᠬᠣᠯᠪᠣᠭ᠎ᠠ