ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠭᠤᠷᠪᠠ > Хан мунын сүүрс < дээд > – Мөнх зохиоов ᠂ Тэргүүн бодь – Нэгдүгээр бүлэг <3> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠭᠤᠷᠪᠠ > Хан мунын сүүрс < дээд > – Мөнх зохиоов ᠂ Тэргүүн бодь – Нэгдүгээр бүлэг <3>

ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠭᠤᠷᠪᠠ > Хан мунын сүүрс < дээд > – Мөнх зохиоов ᠂ Тэргүүн бодь – Нэгдүгээр бүлэг <3>

ᠠᠩᠭᠢᠯᠠᠯ:ᠲᠤᠭᠤᠵᠢ ᠷᠣᠮᠠᠨ
2024-03-15

466

ᠲᠡᠷᠢᠭᠦᠨ ᠪᠣᠲᠢ – ᠨᠢᠭᠡᠳᠦᠭᠡᠷ ᠪᠦᠯᠦᠭ < ᠭᠤᠷᠪᠠ >


                  ᠭᠤᠷᠪᠠ     

       ᠢᠮᠠᠭᠠᠨ ᠳᠠᠭᠤᠲᠤ ᠦᠯᠵᠡᠢᠰᠠᠩ ᠤ᠋ᠨ ᠳᠠᠭᠤᠨ ᠳ᠋ᠤ᠌ ᠨᠣᠶᠠᠨ ᠰᠠᠩ ᠤ᠋ᠨ ᠵᠤᠰᠠᠭᠠᠯ ᠤ᠋ᠨ ᠬᠢᠨ ᠪᠥᠬᠡ ᠨᠣᠢᠷ ᠠ᠋ᠴᠠ ᠪᠠᠨ ᠰᠡᠷᠡᠵᠦ᠂  ᠬᠥᠮᠦᠨ ᠠᠮᠢᠲᠠᠨ ᠪᠤᠵᠢᠭᠢᠨᠠᠯᠳᠤᠪᠠ᠃ 
       ᠮᠢᠩᠭᠠᠨᠪᠤᠤ ᠲᠤᠰᠠᠯᠠᠭᠴᠢ᠂ ᠠᠮᠤᠷ ᠢ᠋ ᠬᠠᠮᠠᠭᠠᠯᠠᠬᠤ ᠴᠡᠷᠢᠭ ᠦ᠋ᠨ ᠯᠢᠶᠡᠨᠵᠠᠩ ᠮᠠᠨᠴᠤᠷᠭ᠎ᠠ ᠳ᠋ᠤ᠌ 《 ᠴᠢ ᠱᠠᠭᠢᠭᠰᠠᠨ ᠬᠡᠳᠦᠨ ᠴᠡᠷᠢᠭ ᠡᠷ᠎ᠡ ᠶ᠋ᠢ ᠰᠣᠩᠭᠣᠵᠤ  ᠤᠯᠠᠭᠠᠨ ᠬᠠᠲᠤᠨ ᠤ᠋ ᠬᠥᠪᠡᠭᠡ ᠪᠡᠷ ᠱᠦᠭᠦᠷᠳᠡᠵᠦ ᠰᠠᠭᠠᠯᠢᠴᠢᠨ ᠤ᠋ ᠣᠯᠣᠮ ᠢ᠋ᠶ᠋ᠠᠷ ᠳᠡᠯᠡᠳ ᠬᠣᠰᠢᠭᠤ ᠣᠷᠣᠬᠤ ᠠ᠋ᠴᠠ ᠰᠡᠷᠡᠮᠵᠢᠯᠡ! ᠪᠢ ᠠᠷᠤ ᠠᠮᠠ ᠪᠠᠷ ᠨᠢ ᠠᠮᠠᠳᠠᠶ᠎ᠠ᠂ ᠵᠠ ᠣᠳᠣ ᠪᠠᠷ ᠢ᠋ᠶ᠋ᠠᠨ ᠮᠥᠷ ᠢ᠋ ᠨᠢ ᠮᠥᠰᠬᠢᠵᠦ ᠮᠣᠷᠳᠠ! ᠪᠤᠰᠢᠭᠤᠯᠤᠭᠠᠷᠠᠢ! 》 ᠭᠡᠵᠦ ᠵᠠᠬᠢᠪᠠ᠃ 
       ᠪᠠᠷᠠᠭᠤᠨ ᠲᠤᠰᠠᠯᠠᠭᠴᠢ ᠰᠠᠯᠬᠢᠨ ᠵᠡᠭᠡᠷᠳᠡ ᠪᠡᠨ ᠡᠮᠡᠭᠡᠯᠯᠡᠵᠦ᠂ ᠣᠯᠣᠩ ᠢ᠋ ᠨᠢ ᠴᠢᠪᠴᠢᠷᠲᠡᠯ᠎ᠡ ᠲᠠᠲᠠᠴᠢᠬᠠᠭᠠᠳ ᠭᠡᠷ ᠲᠡᠭᠡᠨ ᠣᠷᠣᠵᠤ ᠯᠤᠤ ᠮᠠᠭᠰᠢᠭᠰᠠᠨ ᠵᠢᠷᠤᠭ ᠢ᠋ ᠥᠯᠵᠡᠢ ᠵᠠᠩᠭᠢᠶ᠎ᠠ ᠪᠠᠷ ᠭᠡᠭᠡᠯᠡᠨ ᠤᠷᠠᠯᠠᠵᠤ ᠮᠥᠩᠭᠥ ᠪᠡᠷ ᠪᠤᠯᠬᠠᠭᠰᠠᠨ ᠠᠷᠢᠬᠢᠨ ᠤ᠋ ᠰᠢᠮᠡᠭᠦᠷ ᠬᠣᠣ ᠪᠠᠨ ᠡᠪᠦᠷᠲᠦᠯᠡᠭᠡᠳ ᠭᠠᠷᠬᠤ ᠭᠡᠲᠡᠯ᠎ᠡ ᠰᠠᠮᠠᠭᠠᠨ ᠨᠢ ᠮᠠᠨᠤᠨᠪᠠᠳᠮ᠎ᠠ᠄ 
       — ᠲᠤᠰᠠᠯᠠᠭᠴᠢ ᠲᠠ ᠵᠢᠭᠠᠬᠠᠨ ᠬᠠᠯᠠᠭᠤᠨ ᠶᠠᠭᠤᠮ᠎ᠠ ᠤᠤᠭᠤᠴᠢᠬᠠᠭᠠᠳ ᠭᠠᠷᠬᠤ ᠶᠤᠮ ᠪᠢᠰᠢ ᠤᠤ? ᠥᠴᠥᠭᠡᠳᠦᠷ ᠦ᠋ᠨ ᠰᠢᠷ᠎ᠠ ᠴᠢᠨᠢ ᠲᠠᠢᠯᠤᠭᠳᠠᠭᠠᠳᠤᠢ ᠪᠠᠢᠯᠭᠦᠢ᠃ ᠲᠡᠭᠡᠭᠡᠳ ᠥᠨᠥᠳᠥᠷ ᠪᠠᠰᠠ ᠤᠨᠤᠭᠠᠨ ᠤ᠋ ᠨᠢᠷᠤᠭᠤᠨ ᠳ᠋ᠤ᠌ ᠳᠣᠩᠰᠣᠯᠬᠤ ᠳ᠋ᠤ᠌ ᠪᠡᠶ᠎ᠡ ᠶᠡᠬᠡ ᠴᠢᠯᠡᠨ᠎ᠡ ᠰᠢᠦ ! ᠭᠡᠳ ᠠᠯᠢ ᠤᠵᠠᠭᠤᠷ ᠤ᠋ᠨ ᠬᠠᠯᠠᠭᠠᠵᠤ ᠲᠠᠯᠪᠢᠭᠰᠠᠨ ᠪᠤᠷᠠᠮ ᠲᠠᠢ ᠬᠠᠷ᠎ᠠ ᠠᠷᠢᠬᠢ ᠶ᠋ᠢ ᠮᠥᠩᠭᠥᠨ ᠴᠥᠭᠥᠴᠡ ᠳ᠋ᠦ᠍ ᠮᠡᠯᠮᠡᠯᠵᠡᠭᠦᠯᠦᠭᠰᠡᠭᠡᠷ ᠡᠪᠦᠭᠡᠨ ᠳ᠋ᠡᠭᠡᠨ ᠪᠠᠷᠢᠪᠠ᠃  
       ᠡᠨᠡ ᠪᠣᠯ ᠮᠠᠨᠤᠨᠪᠠᠳᠮ᠎ᠠ ᠬᠥᠭᠰᠢᠨ ᠦ᠌ ᠠᠯᠢ ᠡᠷᠲᠡ ᠡᠴᠡ ᠵᠠᠩᠰᠢᠴᠢᠬᠠᠭᠰᠠᠨ ᠳᠠᠳᠬᠠᠯ᠃ ᠡᠪᠦᠭᠡᠨ ᠢ᠋ᠶ᠋ᠡᠨ ᠭᠠᠳᠠᠭᠰᠢ ᠶᠠᠭᠤᠮᠠᠨ ᠳᠤ ᠶᠠᠪᠤᠬᠤ ᠪᠣᠯᠭᠠᠨ ᠰᠦ ᠴᠠᠭ᠎ᠠ ᠠᠮᠰᠠᠭᠤᠯᠵᠤ᠂ ᠨᠢᠭᠡ ᠭᠡᠮ ᠠᠷᠢᠬᠢ ᠪᠠᠷᠢᠵᠤ ᠠᠶᠠᠨ ᠤ᠋ ᠬᠢᠨᠢ ᠳᠥᠷᠥᠭᠡ ᠶ᠋ᠢ ᠴᠢᠩᠭᠠᠯᠠᠳᠠᠭ ᠠᠵᠤᠭᠤ᠃  
       ᠪᠠᠷᠠᠭᠤᠨ ᠲᠤᠰᠠᠯᠠᠭᠴᠢ ᠰᠠᠮᠠᠭᠠᠨ ᠤ᠋ ᠪᠠᠨ ᠪᠠᠷᠢᠭᠰᠠᠨ ᠠᠷᠢᠬᠢ ᠶ᠋ᠢ ᠴᠦ᠍ ᠭᠡᠰᠡᠨ ᠪᠠᠷᠠᠭᠤᠨ ᠭᠠᠷ ᠢ᠋ᠶ᠋ᠠᠷ ᠢ᠋ᠶ᠋ᠠᠨ ᠬᠢᠴᠢᠶᠡᠩᠭᠦᠢ ᠲᠣᠰᠴᠤ ᠠᠪᠳᠠᠭ ᠵᠠᠩᠰᠢᠯ ᠢ᠋ᠶ᠋ᠠᠷ ᠢ᠋ᠶ᠋ᠠᠨ ᠲᠣᠰᠴᠤ ᠠᠪᠤᠭᠠᠳ ᠵᠡᠭᠦᠨ ᠭᠠᠷ ᠤ᠋ᠨ ᠢ᠋ᠶ᠋ᠠᠨ ᠢᠳᠠᠮ ᠬᠤᠷᠤᠭᠤ ᠪᠠᠷ ᠲᠣᠭᠣᠨᠣ ᠠ᠋ᠴᠠ ᠪᠠᠨ ᠡᠬᠢᠯᠡᠨ ᠪᠤᠷᠬᠠᠨ ᠤ᠋ ᠭᠦᠩᠭᠠᠷᠠᠪᠠ ᠤᠷᠤᠭᠤ᠎ ᠪᠠᠨ ᠲᠥᠰᠦᠷᠭᠡᠨ ᠰᠡᠷᠵᠢᠮᠯᠡᠵᠦ ᠬᠠᠮᠤᠭ ᠰᠡᠬᠦᠯ ᠳ᠋ᠤᠨᠢ ᠥᠪᠡᠷ ᠦ᠋ᠨ ᠢ᠋ᠶ᠋ᠡᠨ ᠮᠠᠩᠨᠠᠢ ᠪᠣᠯᠤᠨ ᠰᠠᠮᠠᠭᠠᠨ ᠤ᠋ ᠪᠠᠨ ᠮᠠᠩᠨᠠᠢ ᠳ᠋ᠤ᠌ ᠠᠳᠢᠰᠯᠠᠵᠤ ᠶᠣᠰᠣᠴᠢᠯᠠᠭᠰᠠᠨ ᠢ᠋ᠶ᠋ᠠᠨ ᠭᠠᠭᠴᠠᠬᠠᠨ ᠬᠥᠨᠲᠥᠷᠪᠡ᠃ ᠲᠡᠷᠡ ᠪᠡᠷ ᠬᠡᠳᠦᠨ ᠡᠳᠦᠷ ᠰᠤᠨᠵᠢᠷᠠᠭᠰᠠᠨ ᠭᠦᠩ ᠨᠣᠶᠠᠨ ᠤ ᠬᠤᠷᠢᠮ ᠤᠨ ᠤᠴᠢᠷ ᠲᠤ ᠪᠡᠶ᠎ᠡ ᠰᠡᠳᠬᠢᠯ ᠴᠢᠯᠡᠭᠡᠵᠦ ᠠᠷᠢᠬᠢᠨ ᠳ᠋ᠤ᠌ ᠰᠦᠷᠡᠬᠡᠢ ᠰᠢᠷᠠᠲᠤᠭᠰᠠᠨ ᠲᠤᠯᠠ ᠪᠤᠴᠠᠯᠭᠠᠭᠰᠠᠨ ᠬᠠᠯᠠᠭᠤᠨ ᠠᠷᠢᠬᠢ ᠣᠭᠣᠴᠢᠬᠤ ᠳ᠋ᠤ᠌ ᠨᠢᠭᠡ ᠪᠥᠭᠡᠮ ᠭᠠᠯ ᠤ᠋ᠨ ᠴᠣᠭ ᠵᠠᠯᠭᠢᠭᠰᠠᠨ ᠮᠡᠲᠦ ᠪᠣᠯᠵᠤ ᠬᠣᠭᠣᠯᠠᠢ ᠶ᠋ᠢ ᠨᠢ ᠬᠤᠷᠴᠠ ᠮᠡᠰᠡ ᠪᠡᠷ ᠵᠦᠰᠦᠬᠦ ᠰᠢᠭ ᠪᠠᠢᠪᠠ᠃ ᠲᠦᠳᠡᠬᠡᠨ ᠵᠠᠭᠤᠷ᠎ᠠ ᠲᠡᠭᠦᠨ ᠦ᠌ ᠮᠠᠩᠨᠠᠢ ᠳ᠋ᠤ᠌ ᠪᠤᠷᠴᠠᠭ ᠤ᠋ᠨ ᠴᠢᠨᠡᠭᠡ ᠬᠥᠯᠥᠰᠥ ᠪᠠᠳᠬᠤᠵᠣ᠂ ᠳᠣᠲᠣᠷ᠎ᠠ ᠨᠢ ᠣᠩᠭᠣᠢᠪᠠ᠃   
        — ᠪᠠᠭ᠎ᠠ ᠬᠠᠲᠤᠨ ᠲᠥᠷᠬᠥᠮ ᠳ᠋ᠡᠭᠡᠨ ᠪᠤᠴᠠᠵᠤ ᠲᠡᠨᠡᠭᠳᠡᠬᠦ ᠦᠭᠡᠢ ᠨᠢ ᠯᠠᠪ! ᠬᠠᠷᠢᠨ ᠬᠠᠳᠤᠮᠠᠯ ᠤ᠋ᠨ ᠠᠮᠠ ᠪᠠᠷ ᠠᠷᠤ ᠲᠠᠢᠰᠢ ᠪᠠᠨ ᠶᠠᠪᠤᠵᠤ ᠮᠡᠳᠡᠨ᠎ᠡ ᠳᠠ! ᠡᠰᠡᠪᠡᠰᠦ ᠪᠠᠷᠠᠭᠤᠨᠰᠢᠯᠠᠵᠤ ᠴᠤ᠌ ᠮᠠᠭᠠᠳ ᠦᠭᠡᠢ᠃ ᠡᠳᠦᠷ ᠢ᠋ᠶ᠋ᠡᠷ ᠬᠠᠳᠤᠮᠠᠯ ᠤ᠋ᠨ ᠠᠮᠠ ᠪᠠᠷ ᠮᠣᠷᠢ ᠲᠠᠢ ᠨᠠᠭᠠᠰᠢ ᠴᠠᠭᠠᠰᠢ ᠡᠷᠭᠢᠴᠡᠵᠦ ᠪᠣᠯᠬᠤ ᠦᠭᠡᠢ᠃ ᠥᠨᠥᠬᠢ ᠴᠢᠨᠢ ᠰᠡᠪ ᠴᠣᠬᠢᠪᠠᠯ ᠵᠦᠭ ᠢ᠋ᠶ᠋ᠡᠨ ᠪᠤᠷᠤᠭᠤᠯᠠᠵᠤ ᠣᠷᠬᠢᠨ᠎ᠠ ᠰᠢᠦ᠃ ᠰᠡᠷᠭᠦᠮ᠎ᠡ ᠭᠡᠵᠦ  ᠲᠣᠷᠭᠤᠳ ᠠᠢᠮᠠᠭ ᠤ᠋ᠨ ᠰᠤᠷᠪᠤᠯᠵᠢᠲᠤ ᠠᠢᠯ ᠤ᠋ᠨ ᠥᠬᠢᠨ᠃ ᠲᠡᠷᠡ ᠮᠥᠷᠲᠡᠭᠡᠨ ᠪᠢᠴᠢᠭ ᠰᠣᠶᠣᠯ ᠲᠠᠢ᠃ ᠣᠢᠷ᠎ᠠ ᠣᠷᠴᠢᠮ ᠢ᠋ᠶ᠋ᠠᠷ ᠬᠥᠯ ᠲᠣᠭᠲᠠᠬᠤ ᠬᠥᠮᠦᠨ ᠪᠢᠰᠢ ᠠ᠋᠃ ᠶᠡᠬᠡ ᠬᠣᠯᠠᠴᠢ ᠪᠣᠳᠣᠯ ᠲᠠᠢ ᠪᠠᠢᠵᠤ ᠮᠠᠭᠠᠳ ᠦᠭᠡᠢ᠃ ᠴᠠᠭᠠᠳᠤ ᠬᠠᠮᠲᠤ ᠤᠷᠭᠤᠭᠰᠠᠨ ᠬᠥᠮᠦᠨ ᠨᠢ ᠴᠣᠬᠣᠮ ᠶᠠᠮᠠᠷ ᠰᠢᠦ ᠬᠥᠮᠦᠨ ᠶᠦᠮ ᠪᠣᠯ ᠳᠠ?   
       — ᠠ᠂ ᠮᠡᠳᠡᠬᠦ ᠦᠭᠡᠢ! ᠶᠠᠮᠠᠷ ᠴᠦ᠍ ᠪᠠᠢᠵᠤ ᠪᠣᠯᠤᠨ᠎ᠠ᠃  
       — ᠴᠡᠷᠢᠭ ᠵᠡᠪᠰᠡᠭ ᠲᠡᠢ ᠬᠣᠯᠪᠣᠭᠠᠯᠠᠭᠰᠠᠨ ᠦᠭᠡᠢ ᠴᠦ᠍ ᠪᠣᠯ ᠶᠠᠭᠠᠮᠠᠢ! ᠵᠦᠭᠡᠷ ᠵᠠᠯᠠᠭᠤᠰ ᠤ᠋ᠨ ᠬᠠᠢᠷ᠎ᠠ ᠲᠤᠶ᠎ᠠ ᠶ᠋ᠢᠨ ᠤᠴᠢᠷ ᠴᠦ᠍ ᠪᠣᠯ ᠭᠠᠢᠭᠤᠢ ᠯᠠ ᠪᠠᠢᠨ᠎ᠠ᠃ ᠲᠡᠢᠮᠦ ᠪᠣᠯ ᠴᠠᠭᠠᠳᠤᠭᠤᠯᠠ ᠶ᠋ᠢᠨ ᠢ᠋ᠶ᠋ᠡᠨ ᠰᠦᠨᠡᠰᠦ ᠶ᠋ᠢ ᠨᠢ ᠰᠣᠴᠢᠭᠠᠬᠤ ᠦᠭᠡᠢ ᠪᠠᠢᠬᠤ ᠶ᠋ᠢ ᠪᠣᠳᠣᠬᠤ ᠬᠡᠷᠡᠭᠲᠡᠢ᠃ ᠮᠠᠨᠤᠰ ᠤ᠋ᠨ ᠬᠡᠦᠬᠡᠳ ᠠᠴᠢᠷ ᠶᠠᠭᠤᠨ ᠤ᠋ ᠢᠯᠭᠠᠭ᠎ᠠ ᠪᠣᠢ? ᠴᠣᠭᠪᠠᠭᠠᠲᠣᠷ ᠮᠢᠨᠢ ᠴᠦ᠍ ᠭᠡᠰᠡᠨ ᠪᠤᠭᠤᠲᠤ ᠳ᠋ᠤ᠌ ᠡᠨᠡᠭᠦᠷ ᠲᠡᠨᠡᠭᠦᠷ ᠲᠡᠨᠦᠭᠡᠳ ᠭᠠᠯᠵᠠᠭᠤ ᠲᠠᠩᠬᠢᠯ ᠨᠠᠰᠤᠨ ᠳ᠋ᠠᠭᠠᠨ ᠰᠠᠨᠠᠭᠠᠨ ᠳ᠋ᠤ᠌ ᠣᠷᠣᠮ᠎ᠠ ᠦᠭᠡᠢ ᠬᠡᠷᠡᠭ ᠦᠢᠯᠡᠳᠴᠢᠬᠡᠭᠡᠳ ᠬᠥᠮᠦᠨ ᠠᠮᠢᠲᠠᠨ ᠢ᠋ ᠭᠠᠰᠠᠯᠭᠠᠵᠤ ᠮᠡᠳᠡᠨ᠎ᠡ ᠰᠢᠦ ᠳᠡ! ᠪᠠᠭ᠎ᠠ ᠬᠠᠲᠤᠨ ᠢ᠋ ᠲᠠ ᠮᠡᠨᠳᠦᠬᠡᠨ ᠠᠪᠤᠭᠠᠳ ᠢᠷᠡᠴᠢᠬᠡᠳᠡᠭ ᠴᠦ᠍ ᠪᠣᠯ ᠬᠦᠩ ᠨᠣᠶᠠᠨ ᠴᠢᠮᠠᠶ᠋ᠢ ᠳᠣᠣᠷ᠎ᠠ ᠲᠣᠰᠣᠭᠠᠬᠣ ᠦᠭᠡᠢ ᠠ᠋᠃ ᠲᠡᠷᠡ ᠴᠢᠨᠢ ᠮᠠᠨ ᠤ᠋ ᠵᠠᠰᠠᠭ ᠬᠦᠩ ᠬᠦᠦ ᠲᠡᠢ ᠪᠣᠯᠬᠤ ᠰᠠᠨ ᠭᠡᠵᠦ ᠬᠥᠭᠰᠡᠵᠦ ᠠᠪᠤᠭᠰᠠᠨ ᠰᠢᠨ᠎ᠡ ᠬᠠᠲᠤᠨ ᠰᠢᠦ! ᠬᠥᠭᠡᠷᠦᠬᠦᠢ! ᠪᠠᠭ᠎ᠠ ᠬᠠᠲᠤᠨ ᠥᠨᠥ ᠬᠥᠮᠦᠨ ᠲᠡᠢ ᠪᠡᠨ ᠪᠤᠭᠤᠲᠤ ᠳ᠋ᠤ᠌ ᠤᠳᠠᠭᠠᠨ ᠬᠣᠷᠭᠣᠳᠠᠬᠤ ᠦᠭᠡᠢ ᠨᠢ ᠯᠠᠪ᠃ ᠬᠡᠯᠲᠦᠰᠬᠢᠪᠡᠯ ᠥᠨᠥ ᠰᠥᠨᠢ ᠳ᠋ᠡᠭᠡᠨ ᠬᠥᠳᠡᠯᠦᠨ᠎ᠡ᠃ ᠦᠳᠡᠰᠢ ᠣᠷᠣᠢ ᠰᠡᠷᠡᠮᠵᠢᠲᠡᠢ ᠯᠡ ᠶᠠᠪᠤᠬᠤ ᠬᠡᠷᠡᠭᠲᠡᠢ᠃ 
       ᠲᠤᠰᠠᠯᠠᠭᠴᠢ᠂ ᠰᠠᠮᠠᠭᠠᠨ ᠤ᠋ ᠪᠠᠨ ᠬᠡᠯᠡᠭᠰᠡᠨ ᠢ᠋ ᠵᠥᠪᠰᠢᠶᠡᠵᠦ ᠲᠡᠭᠦᠨ ᠢ᠋ ᠬᠡᠰᠡᠭ ᠬᠠᠷᠠᠭᠰᠠᠨ ᠢ᠋ᠶ᠋ᠠᠨ ᠱᠠᠯᠠᠪ ᠮᠣᠷᠳᠠᠪᠠ᠃ 
       ᠰᠢᠷᠠᠪᠳᠣᠷᠵᠢ ᠨᠣᠶᠠᠨ ᠪᠠᠷᠠᠭᠤᠨ ᠬᠦᠩ ᠦ᠋ᠨ ᠬᠣᠰᠢᠭᠤ ᠵᠠᠰᠠᠭ ᠢ᠋ ᠪᠠᠷᠢᠭᠠᠳ ᠭᠤᠷᠪᠠᠨ ᠵᠢᠯ ᠦ᠋ᠨ ᠨᠢᠭᠤᠷ ᠦᠵᠡᠴᠢᠬᠡᠯ᠎ᠡ᠃ ᠬᠣᠰᠢᠭᠤ ᠨᠡᠢᠲᠡ ᠶ᠋ᠢᠨ ᠶᠡᠬᠡ ᠤᠴᠢᠷ ᠲᠤ ᠰᠡᠳᠬᠢᠯ ᠲᠡᠳᠦᠢ ᠯᠡ ᠴᠢᠯᠡᠭᠡᠬᠦ ᠦᠭᠡᠢ᠂ ᠥᠩᠭᠡ  ᠳᠠᠷᠠᠰᠤ᠂ ᠨᠠᠢᠷ ᠨᠠᠭᠠᠳᠤᠮ ᠳ᠋ᠤ᠌ ᠰᠢᠨᠤᠵᠤ ᠠᠮᠤᠷ ᠴᠡᠩᠭᠡᠯ ᠢ᠋ ᠬᠥᠭᠡᠭᠡᠴᠡᠯᠳᠦᠬᠦ ᠡᠴᠡ ᠥᠭᠡᠷ᠎ᠡ ᠰᠣᠨᠢᠷᠬᠠᠯ ᠭᠡᠵᠦ ᠠᠯᠠᠭ᠎ᠠ᠃ ᠡᠪᠦᠯ ᠬᠠᠪᠤᠷ ᠲᠠᠭᠠᠨ ᠪᠤᠭᠤᠲᠤ ᠳ᠋ᠤ᠌ ᠰᠠᠭᠤᠵᠤ᠂ ᠵᠤᠨ ᠨᠠᠮᠤᠷ ᠲᠠᠭᠠᠨ ᠵᠤᠰᠠᠯᠠᠩ ᠳ᠋ᠠᠭᠠᠨ ᠰᠠᠭᠠᠲᠠᠨ ᠵᠠᠪᠰᠠᠷ ᠴᠢᠯᠥᠭᠡᠨ ᠳ᠋ᠡᠭᠡᠨ《 ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠬᠤᠷᠠᠯ ᠴᠤᠭᠯᠠᠭ᠎ᠠ ᠭᠡᠳ ᠡᠳᠦᠷ ᠬᠣᠨᠣᠭ ᠨᠥᠭᠴᠢᠭᠡᠨ᠎ᠡ᠃ ᠡᠨᠡ ᠬᠣᠭᠣᠷᠣᠨᠳᠣ ᠰᠢᠷᠠᠪᠳᠣᠷᠵᠢ ᠨᠣᠶᠠᠨᠲᠠᠨ ᠭᠤᠷᠪᠠᠨ ᠬᠠᠲᠤᠨ ᠪᠠᠭᠤᠯᠭᠠᠭᠰᠠᠨ ᠪᠣᠯᠪᠠᠴᠤ ᠦᠷ᠎ᠡ ᠶ᠋ᠢᠨ ᠬᠤᠳᠦᠭ᠋ ᠵᠠᠶᠠᠭᠠᠭᠰᠠᠨ ᠦᠭᠡᠢ᠃ ᠡᠨᠡ ᠨᠢ ᠤᠳᠠᠭᠠᠨ ᠳ᠋ᠠᠭᠠᠨ ᠰᠡᠳᠬᠢᠯ ᠦ᠋ᠨ ᠡᠪᠡᠳᠴᠢᠨ ᠪᠣᠯᠵᠤ ᠲᠠᠷᠢᠬᠢ ᠶ᠋ᠢ ᠨᠢ ᠭᠠᠰᠢᠯᠭᠠᠳᠠᠭ ᠪᠠᠢᠨ᠎ᠠ᠃ ᠦᠷ᠎ᠡ ᠦᠨᠳᠦᠰᠦ ᠦᠭᠡᠢ ᠪᠣᠯ ᠪᠠᠷᠠᠭᠤᠨ ᠬᠦᠩ ᠦ᠋ᠨ ᠵᠠᠰᠠᠭ ᠤ᠋ᠨ ᠡᠷᠬᠡ ᠶ᠋ᠢ ᠬᠡᠨ ᠳ᠋ᠦ᠍ ᠵᠠᠯᠭᠠᠮᠵᠢᠯᠠᠭᠤᠯᠬᠤ ᠪᠣᠢ ? ᠪᠠᠰᠠ ᠯᠠ ᠡᠷᠬᠡ ᠪᠤᠯᠢᠶᠠᠯᠳᠤᠬᠤ ᠶ᠋ᠢᠨ ᠦᠨᠳᠦᠰᠦ ᠭᠡᠵᠦ ᠲᠡᠷᠡ ᠥᠪᠡᠷ ᠦ᠋ᠨ ᠥᠩᠭᠡᠷᠡᠯᠲᠡ ᠡᠴᠡ ᠪᠡᠨ ᠰᠠᠢᠨ ᠮᠡᠳᠡᠵᠦ ᠪᠠᠢᠯ᠎ᠠ᠃ 
       ᠬᠡᠳᠦ ᠬᠡᠳᠦᠨ ᠬᠠᠲᠤᠨ ᠲᠠᠲᠠᠪᠤᠷᠢ ᠱᠠᠯᠢᠵᠤ᠂ ᠲᠠᠴᠢᠶᠠᠯ ᠤ᠋ᠨ ᠰᠢᠨᠤᠯ ᠨᠢ ᠬᠡᠪ ᠢ᠋ᠶ᠋ᠡᠷ ᠠᠪᠠᠴᠤ ᠦᠷ᠎ᠡ ᠡᠰᠡ ᠲᠣᠭᠲᠠᠬᠤ ᠶ᠋ᠢᠨ ᠪᠤᠷᠤᠭᠤ ᠪᠦᠬᠦᠨ ᠢ᠋ ᠬᠠᠲᠤᠳ ᠲᠠᠭᠠᠨ ᠲᠣᠬᠣᠵᠤ 《ᠴᠣᠭᠣᠷᠬᠠᠢ ᠪᠥᠭᠰᠡ ᠲᠡᠢ》 ᠡᠮᠡᠰ ᠭᠡᠵᠦ ᠵᠦᠬᠡᠳᠡᠭ ᠢ᠋ ᠨᠢ ᠬᠡᠨ ᠠᠶᠦᠮᠰᠢᠭ᠋ ᠦᠭᠡᠢ ᠪᠤᠷᠤᠭᠤ ᠭᠡᠬᠦ ᠪᠣᠢ! ᠲᠡᠭᠡᠭᠡᠳ ᠡᠨᠡ ᠨᠢ ᠨᠣᠶᠠᠳ ᠭᠡᠷᠭᠡᠮᠳᠡᠳ ᠦ᠋ᠨ ᠪᠣᠳᠠᠭᠠᠯᠢ ᠠᠷᠠᠨᠰᠢ ᠪᠠᠢᠵᠤ ᠴᠤ᠌ ᠲᠠᠭᠠᠷᠠᠨ᠎ᠠ᠃ ᠭᠡᠪᠡᠴᠦ ᠵᠠᠷᠢᠮ ᠬᠥᠮᠦᠰ ᠳᠣᠣᠭᠤᠷ《ᠦᠭᠡᠢ ᠠ᠋᠂ ᠶᠡᠷᠦ ᠨᠢ ᠮᠠᠨ ᠤ᠋ ᠬᠦᠩ ᠨᠣᠶᠠᠨ ᠳ᠋ᠤ᠌ ᠲᠠᠩᠳᠠ ᠬᠦᠢᠲᠡᠨ ᠰᠦᠪᠡ ᠲᠡᠢ ᠰᠤᠪᠠᠢ ᠭᠤᠨᠵᠢ ᠲᠠᠭᠠᠷᠠᠯᠳᠤᠭᠠᠳ ᠪᠠᠢᠭᠰᠠᠨ ᠭᠡᠵᠢ ᠤᠤ ? ᠠᠯᠢ ᠡᠰᠡᠬᠦᠯ᠎ᠡ ᠥᠪᠡᠷ ᠢ᠋ᠶ᠋ᠡᠨ ᠬᠠᠷᠢᠨ ᠦᠨᠢᠶ᠎ᠡ ᠭᠤᠨᠵᠢ ᠰᠤᠪᠠᠢᠷᠠᠭᠤᠯᠬᠤ ᠠ᠋ᠴᠠ ᠴᠠᠭᠠᠰᠢ ᠦᠭᠡᠢ ᠰᠢᠩᠭᠡᠨ ᠦᠷ᠎ᠡ ᠲᠡᠢ ᠠᠰᠠᠮᠠᠨ ᠪᠤᠬ᠎ᠠ ᠰᠢᠭ᠋ ᠬᠥᠮᠦᠨ ᠤᠤ ? ᠁》 ᠭᠡᠵᠦ ᠰᠠᠮ ᠰᠢᠪᠡᠨᠡᠯᠴᠡᠬᠦ ᠪᠣᠯᠵᠠᠢ᠃ 
       ᠰᠢᠷᠠᠪᠳᠣᠷᠵᠢ ᠬᠦᠩ ᠨᠣᠶᠠᠨ ᠬᠡᠳᠦᠨ ᠬᠠᠲᠤᠨ ᠤ᠋ ᠪᠠᠨ ᠳᠣᠲᠣᠷ᠎ᠠ ᠴᠡᠴᠡᠭ ᠬᠠᠲᠤᠨ ᠳ᠋ᠠᠭᠠᠨ ᠢᠯᠡᠭᠦᠦ ᠬᠠᠢᠷᠠᠲᠠᠢ ᠪᠠᠢᠪᠠ᠃ 
       ᠴᠡᠴᠡᠭ ᠬᠠᠲᠤᠨ ᠨᠥᠭᠥᠭᠡᠳᠦᠭᠦᠯᠡ ᠪᠡᠨ ᠪᠣᠳᠣᠪᠠᠯ ᠬᠦᠩ ᠨᠣᠶᠠᠨ ᠳ᠋ᠤ᠌ ᠨᠠᠭᠠᠯᠢᠩᠬᠠᠢ ᠡᠷᠬᠡᠯᠡᠵᠦ ᠴᠢᠳᠠᠳᠠᠭ ᠲᠡᠳᠦᠢ ᠦᠭᠡᠢ᠂ ᠡᠭᠦᠯᠡ ᠪᠣᠷᠣᠭᠠᠨ ᠤ᠋ ᠦᠢᠯᠡ ᠳ᠋ᠦ᠍ ᠡᠷ᠎ᠡ ᠬᠥᠮᠦᠨ ᠦ᠌ ᠰᠦᠨᠡᠰᠦ ᠶ᠋ᠢ ᠵᠠᠮᠬᠠᠷᠠᠭᠤᠯᠤᠮ᠎ᠠ ᠤᠪᠠᠳᠢᠰ ᠲᠠᠢ ᠬᠣᠢᠨ᠎ᠠ ᠳᠠ᠃ ᠡᠮ᠎ᠡ ᠬᠥᠮᠦᠨ ᠦ᠌ ᠬᠤᠪᠢ ᠳ᠋ᠤ᠌ ᠬᠠᠭᠰᠠᠭᠰᠠᠨ ᠢ᠋ ᠳᠡᠪᠲᠦᠭᠡᠵᠦ ᠬᠠᠲᠠᠭᠤᠷᠠᠭᠰᠠᠨ ᠢ᠋ ᠵᠥᠭᠡᠯᠡᠷᠡᠭᠦᠯᠬᠦ ᠳ᠋ᠦ᠍ ᠠᠪᠢᠶᠠᠰᠯᠢᠭ ᠪᠠᠢᠳᠠᠭ ᠲᠠᠢ ᠬᠣᠯᠪᠣᠭ᠎ᠠ ᠲᠠᠢ ᠠᠵᠢ᠃ ᠢᠩᠭᠢᠬᠦᠯᠡᠷ ᠬᠦᠩ ᠨᠣᠶᠠᠨ ᠳᠡᠢᠯᠦᠩᠭᠢ ᠳ᠋ᠡᠭᠡᠨ ᠴᠡᠴᠡᠭ ᠬᠠᠲᠤᠨ ᠲᠠᠢ ᠪᠠᠨ ᠬᠠᠮᠲᠤ ᠪᠠᠢᠳᠠᠭ᠃ 
       ᠪᠠᠭ᠎ᠠ ᠬᠠᠲᠤᠨ ᠢ᠋ᠶ᠋ᠠᠨ ᠪᠠᠭᠤᠯᠭᠠᠭᠰᠠᠨ ᠲᠡᠷᠡ ᠰᠥᠨᠢ ᠳ᠋ᠡᠭᠡᠨ ᠰᠢᠨᠡᠷᠬᠡᠵᠦ ᠬᠠᠪᠢᠳᠠᠬᠤᠯᠠᠷ ᠶᠣᠰᠣᠲᠠᠢ ᠯᠠ ᠴᠣᠴᠢᠭ᠎ᠠ ᠨᠢ ᠭᠠᠷᠤᠭ᠎ᠠ ᠦᠭᠡᠢ ᠣᠷᠣᠭ᠎ᠠ ᠪᠠᠢᠳᠠᠰᠤ ᠲᠠᠭᠠᠷᠠᠯᠳᠤᠵᠠᠢ᠃ 
       ᠥᠷᠯᠥᠭᠡ ᠶ᠋ᠢᠨ ᠴᠠᠢ ᠶ᠋ᠢᠨ ᠳᠠᠷᠠᠭ᠎ᠠ ᠬᠦᠩ ᠨᠣᠶᠠᠨ ᠤ᠋ ᠪᠡᠶ᠎ᠡ ᠨᠢ ᠡᠪᠡᠷᠰᠢᠶᠡᠵᠦ ᠡᠪᠰᠢᠶᠡᠯᠭᠡᠨ᠎ᠡ᠃ ᠪᠠᠭ᠎ᠠ ᠬᠠᠲᠤᠨ ᠤ᠋ ᠤᠴᠢᠷ ᠲᠤ᠌ ᠲᠣᠭᠲᠠᠪᠤᠷᠢ ᠠᠯᠲᠠᠨ ᠰᠠᠨᠠᠭ᠎ᠠ ᠠᠯᠭᠠᠰᠠᠵᠤ ᠪᠠᠢᠭ᠎ᠠ ᠳ᠋ᠤ᠌ ᠴᠡᠴᠡᠭ ᠬᠠᠲᠤᠨ《ᠥᠨᠥᠬᠢ ᠬᠠᠷ᠎ᠠ ᠲᠠᠮᠠᠬᠢᠨ ᠤ᠋ ᠬᠢᠨᠢ ᠬᠣᠷᠣᠬᠠᠢ ᠨᠢ ᠬᠥᠳᠡᠯᠵᠡᠢ》ᠭᠡᠳ ᠲᠠᠮᠠᠬᠢᠨ ᠤ᠋ ᠳ᠋ᠧᠩ᠂ ᠲᠣᠭᠣᠭ᠎ᠠ᠂ ᠲᠠᠯᠪᠢᠭᠤᠷ ᠣᠢᠷᠠᠲᠤᠭᠤᠯᠵᠤ ᠥᠭᠪᠡ᠃ ᠬᠦᠩ ᠨᠣᠶᠠᠨ ᠴᠡᠴᠡᠭ ᠬᠠᠲᠤᠨ ᠲᠠᠢ ᠪᠠᠨ ᠳ᠋ᠧᠩ ᠬᠠᠪᠴᠢᠵᠤ ᠬᠠᠷ᠎ᠠ ᠲᠠᠮᠠᠬᠢ ᠲᠠᠲᠠᠵᠤ ᠡᠬᠢᠯᠡᠬᠦ ᠳ᠋ᠦ᠍ ᠭᠡᠷ ᠳᠦᠭᠦᠷᠡᠩ ᠰᠣᠨᠢᠬᠠᠨ ᠦᠨᠦᠷ ᠰᠡᠩᠭᠢᠨᠡᠪᠡ᠃ ᠬᠦᠩ ᠨᠣᠶᠠᠨ ᠭᠠᠩᠰᠠᠨ ᠤ᠋ ᠲᠣᠭᠣᠭᠠᠨ ᠳ᠋ᠤ᠌ ᠰᠢᠵᠢᠭᠢᠨᠡᠨ ᠪᠤᠴᠠᠯᠤᠭᠰᠠᠨ ᠬᠠᠷ᠎ᠠ ᠲᠠᠮᠠᠬᠢᠨ ᠠ᠋ᠴᠠ ᠪᠤᠷᠭᠢᠯᠤᠭᠰᠠᠨ ᠪᠣᠷᠣ ᠤᠲᠤᠭ᠎ᠠ ᠶ᠋ᠢ ᠰᠢᠨᠤᠯᠲᠠᠢᠬᠠᠨ ᠰᠣᠷᠣᠵᠤ ᠬᠡᠰᠡᠭ ᠤᠳᠠᠭᠰᠠᠨ ᠢ᠋ᠶ᠋ᠠᠨ ᠴᠠᠳᠬᠤᠯᠳᠠᠭᠰᠠᠨ ᠪᠤᠬ᠎ᠠ ᠰᠢᠭ᠋ ᠭᠦᠤᠱ ᠬᠢᠨ ᠤᠷᠲᠤᠬᠠᠨ ᠭᠡᠭᠴᠢ ᠦᠯᠢᠶᠡᠨ᠎ᠡ᠃ ᠳᠡᠭᠡᠷ᠎ᠡ ᠡᠴᠡ ᠨᠢ ᠬᠥᠷᠥᠭᠡᠭᠰᠡᠨ ᠰᠦ ᠲᠡᠢ ᠴᠠᠢ ᠣᠭᠣᠴᠢᠵᠤ 《 ᠶᠣᠬᠣ !》ᠭᠡᠳ ᠪᠡᠶ᠎ᠡ ᠨᠢ ᠲᠠᠯᠪᠢᠭᠳᠠᠨ ᠠᠷᠤᠨᠰᠢ ᠪᠠᠨ ᠭᠤᠯᠠᠰᠪᠠ᠃ 
       ᠬᠥᠲᠥᠴᠢ ᠡᠭᠦᠳᠡ ᠲᠠᠲᠠᠵᠤ 《 ᠬᠦᠩ ᠨᠣᠶᠠᠨ ᠠ᠋ ᠂ ᠵᠡᠭᠦᠨ ᠲᠤᠰᠠᠯᠠᠭᠴᠢ ᠲᠠᠨ ᠲᠠᠢ ᠪᠠᠷᠠᠳᠠᠶ᠎ᠠ ᠭᠡᠵᠦ ᠪᠠᠢᠨ᠎ᠠ 》 ᠭᠡᠵᠦ ᠠᠶᠠᠯᠭᠤᠯᠠᠨ ᠮᠡᠳᠡᠭᠡᠯᠡᠬᠦ ᠳ᠋ᠦ᠍ ᠨᠣᠶᠠᠨᠲᠠᠨ ᠵᠡᠭᠦᠨ ᠲᠤᠰᠠᠯᠠᠭᠴᠢ ᠡᠯᠳᠡᠩᠭᠡ ᠬᠦᠩ ᠨᠣᠶᠠᠨ ᠳ᠋ᠤ᠌ ᠪᠠᠷᠠᠳᠠᠷ᠎ᠠ ᠵᠠᠯᠠᠷᠠᠨ ᠪᠠᠭᠤᠪᠠ᠃ 
       — ᠵᠠ᠂ ᠠᠮᠤᠷ ᠰᠠᠢᠨ ? ᠰᠠᠢᠬᠠᠨ ᠨᠣᠢᠷᠰᠤᠪᠠ ᠤᠤ ? ᠨᠣᠶᠠᠨᠲᠠᠨ ⁈ 
       — ᠰᠠᠢᠬᠠᠨ ᠨᠣᠢᠷᠰᠤᠬᠤ ᠴᠦ᠍ ᠭᠡᠵᠢ ᠳᠡ ᠂ ᠡᠨᠡ ᠮᠠᠭᠤ ᠱᠤᠯᠤᠮ ᠨᠣᠢᠷ ᠴᠠᠯᠭᠢᠭᠤᠯᠵᠤ ᠬᠠᠷ᠎ᠠ ᠡᠷᠲᠡ ᠠᠨᠢᠰᠬ᠎ᠠ ᠨᠡᠭᠡᠭᠡᠯᠭᠡᠴᠢᠬᠡᠯ᠎ᠡ! ᠴᠢᠰᠤ ᠶ᠋ᠢ ᠬᠦ ! ᠭᠡᠳ ᠬᠦᠩ ᠨᠣᠶᠠᠨ ᠠᠭᠤᠷᠲᠠᠢ ᠥᠭᠦᠯᠡᠨ᠎ᠡ᠃ 
       ᠵᠡᠭᠦᠨ ᠲᠤᠰᠠᠯᠠᠭᠴᠢ ᠡᠷᠲᠡ ᠶ᠋ᠢᠨ ᠮᠡᠨᠳᠦ ᠮᠡᠳᠡᠭᠰᠡᠨ ᠳ᠋ᠦ᠍ ᠬᠦᠩ ᠨᠣᠶᠠᠨ ᠵᠡᠭᠦᠨ ᠲᠤᠰᠠᠯᠠᠭᠴᠢ ᠶ᠋ᠢᠨ ᠭᠠᠷ ᠠ᠋ᠴᠠ ᠠᠯᠲᠠᠨ ᠪᠦᠰᠡᠯᠡᠭᠦᠷ᠂ ᠱᠢᠷᠤᠨ ᠲᠣᠯᠣᠭᠠᠢ ᠲᠠᠢ ᠠᠳᠬᠤ ᠳᠦᠭᠦᠷᠡᠩ ᠮᠠᠨᠤ ᠬᠥᠬᠦᠦᠷ ᠢ᠋ ᠲᠣᠰᠴᠤ ᠬᠠᠮᠠᠷ ᠲᠠᠭᠠᠨ ᠨᠠᠭᠠᠯᠳᠤᠭᠤᠯᠵᠤ ᠦᠨᠦᠰᠦᠭᠡᠳ᠄ 
       — ᠡᠨᠡ ᠮᠠᠭᠤ ᠱᠤᠯᠤᠮ ᠶᠡᠷᠦ ᠨᠢ ᠪᠠᠷᠠᠭᠤᠨ ᠬᠦᠩ ᠦ᠋ᠨ ᠨᠡᠷ᠎ᠡ ᠶ᠋ᠢ ᠭᠤᠲᠤᠭᠠᠬᠤ ᠨᠢ ᠠ᠋! ᠭᠡᠳ ᠰᠥᠨᠢ ᠡᠪᠦᠷ ᠲᠤᠨᠢ ᠣᠷᠣᠵᠤ ᠮᠥᠮᠥ ᠶ᠋ᠢᠨ ᠬᠢᠨᠢ ᠴᠡᠴᠡᠭ ᠢ᠋ ᠲᠡᠮᠲᠡᠷᠢᠬᠦ ᠭᠡᠬᠦ ᠳ᠋ᠦ᠍ ᠤᠴᠤᠭᠤᠰᠬᠢᠨ ᠳᠠᠯᠳᠢᠷᠠᠵᠤ ᠵᠢᠰ ᠵᠡᠰ ᠴᠢᠬᠠᠷᠠᠨ ᠬᠠᠪᠴᠢᠭᠠᠨᠠᠵᠤ ᠭᠡᠳᠡᠭᠡ ᠴᠣᠴᠢᠭ᠎ᠠ ᠨᠢ ᠭᠠᠷᠤᠭ᠎ᠠ ᠦᠭᠡᠢ ᠪᠠᠢᠭᠰᠠᠨ ᠢ᠋ ᠰᠠᠨᠠᠨ᠄ 
       — ᠳᠠᠩᠴᠤ ᠨᠢᠭᠡ ᠤᠷᠭ᠎ᠠ ᠶ᠋ᠢᠨ ᠬᠤᠢᠪᠢ ᠳ᠋ᠤ᠌ ᠰᠠᠶᠢ ᠯᠠ ᠨᠣᠮᠣᠬᠠᠷᠠᠭᠰᠠᠨ ᠣᠷᠣᠭ᠎ᠠ ᠪᠠᠢᠳᠠᠰᠤ ᠰᠢᠭ᠋ ᠴᠠᠪᠢ ᠶ᠋ᠢᠨ ᠬᠢᠨᠢ ᠬᠥᠬᠡ ᠮᠢᠬ᠎ᠠ ᠨᠢ ᠴᠡᠴᠡᠷᠡᠨ ᠭᠠᠷ ᠲᠠᠯᠪᠢᠭᠤᠯᠬᠤ ᠦᠭᠡᠢ ᠪᠠᠢᠭᠰᠠᠨ ᠨᠢ ᠴᠠᠭᠠᠨ᠎ᠠ ᠪᠠᠨ ᠨᠢᠭᠡ ᠤᠴᠢᠷ ᠲᠠᠢ ᠪᠠᠢᠵᠢ ᠳᠠ ᠴᠢᠭᠢᠶᠡᠲᠦᠷᠦᠦ ! ᠭᠡᠪᠡ᠃  
       ᠡᠯᠳᠡᠩᠭᠡ ᠲᠤᠰᠠᠯᠠᠭᠴᠢ ᠦᠭᠡ ᠳᠠᠭᠤᠨ ᠦᠭᠡᠢ ᠪᠣᠳᠣᠯᠭ᠎ᠠ ᠪᠣᠯᠵᠤ ᠮᠠᠨᠤ ᠬᠥᠬᠦᠦᠷ ᠦ᠋ᠨ ᠢ᠋ᠶ᠋ᠡᠨ ᠱᠢᠷᠤᠨ ᠲᠠᠭ ᠤ᠋ᠨ ᠮᠥᠩᠭᠥᠨ ᠬᠡᠯᠡ ᠪᠡᠷ ᠡᠷᠡᠬᠡᠢ ᠬᠤᠷᠤᠭᠤᠨ ᠤ᠋ ᠪᠠᠨ ᠬᠢᠮᠤᠰᠤᠨ ᠤ᠋ ᠲᠣᠯᠢᠨ ᠳ᠋ᠤ᠌ ᠴᠢᠮᠬᠢ ᠲᠠᠮᠠᠬᠢ ᠤᠨᠠᠭᠠᠵᠤ ᠬᠠᠮᠠᠷ ᠢ᠋ᠶ᠋ᠠᠷ ᠢ᠋ᠶ᠋ᠠᠨ 《 ᠡᠪᠰᠢ ᠡᠪᠰᠢ》 ᠭᠡᠵᠦ ᠰᠤᠷᠤᠭᠠᠳ ᠬᠦᠩ ᠨᠣᠶᠠᠨ ᠤ᠋ ᠴᠢᠷᠠᠢ ᠶ᠋ᠢ ᠲᠣᠭᠣᠮᠵᠢᠷ ᠦᠭᠡᠢ ᠰᠢᠷᠲᠡᠨ᠎ᠡ᠃  
       ᠳᠣᠯᠣᠭᠠᠨ ᠬᠣᠰᠢᠭᠤ ᠳᠣᠷᠭᠢᠵᠤ᠂ ᠨᠠᠢ᠍ᠮᠠᠨ ᠬᠣᠰᠢᠭᠤ ᠨᠠᠷᠭᠢᠭᠰᠠᠨ ᠨᠢᠵᠢᠭᠡᠷ ᠬᠤᠷᠢᠮ ᠬᠢᠴᠢᠬᠡᠭᠡᠳ 《 ᠬᠠᠲᠤᠨ ᠤ᠋ ᠪᠠᠨ ᠬᠡᠦᠬᠡᠨ ᠳᠡᠭᠡᠵᠢ》 ᠶ᠋ᠢ ᠨᠢ ᠠᠮᠰᠠᠭ᠎ᠠ ᠦᠭᠡᠢ ᠠᠯᠳᠠᠭᠠᠳ ᠲᠠᠭᠤᠴᠢᠬᠠᠬᠤ ᠨᠢ ᠴᠣᠬᠣᠮ ᠨᠢᠭᠤᠷ ᠲᠠᠭᠠᠨ ᠨᠣᠬᠠᠢ ᠶ᠋ᠢᠨ ᠪᠠᠭᠠᠰᠤ ᠪᠢᠯᠳᠠᠭᠰᠠᠨ ᠶᠠᠪᠤᠳᠠᠯ ᠪᠣᠯᠵᠠᠢ ᠭᠡᠵᠦ ᠬᠦᠩ ᠨᠣᠶᠠᠨ ᠪᠣᠳᠣᠨ ᠪᠣᠳᠣᠨ ᠴᠢᠬᠤᠯᠳᠠᠵᠤ ᠬᠡᠰᠡᠭ ᠬᠣᠷᠣᠨ ᠳ᠋ᠠᠭᠠᠨ ᠬᠣᠭᠣᠯᠠᠢ ᠨᠢ ᠴᠡᠴᠡᠷᠡᠨ᠎ᠡ ᠁  
       — ᠥᠨᠥᠬᠢ ᠴᠢᠨᠢ ᠲᠡᠭᠡᠭᠡᠳ ᠥᠨᠥᠳᠥᠷ ᠰᠠᠢᠨ ᠴᠢᠮᠡᠭᠡ ᠳᠣᠭᠣᠯᠭᠠᠬᠤ ᠨᠢ ᠤᠤ? ᠬᠠᠷᠢᠨ ᠴᠢᠬᠢᠨ ᠦ᠌ ᠬᠤᠯᠤᠭᠤ ᠬᠠᠳᠬᠤᠭᠰᠠᠨ ᠶᠠᠭᠤᠮ᠎ᠠ ᠰᠤᠨᠤᠰᠬᠠᠬᠤ ᠨᠢ ᠤᠤ? 
       — ᠭᠥᠨᠭ ᠨᠤᠶᠠᠨ ᠲᠠ ᠰᠡᠳᠬᠢᠯ ᠴᠢᠯᠡᠭᠡᠷᠬᠡᠯ ᠦᠭᠡᠢ ᠰᠠᠭᠠᠲᠠᠵᠤ ᠪᠠᠢᠭᠠᠷᠠᠢ !ᠰᠠᠢᠨ ᠴᠢᠮᠡᠭᠡ ᠳᠤᠭᠤᠯᠭᠠᠬᠤ ᠪᠠᠢᠯᠭᠦᠢ᠃
       — ᠵᠠ᠂ ᠠᠮᠠᠨ ᠤ ᠪᠡᠯᠭᠡ ᠪᠡᠷ ᠪᠤᠯᠲᠤᠭᠠᠢ !
       — ᠪᠠᠷᠠᠭᠤᠨ ᠳᠤᠰᠠᠯᠠᠭᠴᠢ ᠠᠷᠤ ᠠᠮᠠ ᠵᠢ ᠠᠮᠠᠳᠠᠵᠤ᠂ ᠮᠠᠨᠴᠤᠷᠭ᠎ᠠ ᠤᠷᠳᠤ ᠣᠯᠣᠮ ᠢ ᠳᠤᠰᠤᠭᠰᠠᠨ ᠶᠤᠮ ᠴᠢᠨᠢ ᠬᠠᠮᠢᠭ᠎ᠠ ᠲᠣᠭᠲᠠᠭᠠᠬᠤ ᠪᠣᠢ⁈
       — ᠬᠠᠷᠢᠨ ᠪᠦᠷ ᠵᠡᠭᠦᠨᠰᠢᠯᠡᠴᠢᠭᠡᠬᠦ ᠶᠤᠮ ᠪᠢᠰᠢ ᠪᠢᠵᠡ ⁈
       — ᠠ ᠂ ᠲᠡᠷᠡ ᠭᠠᠢᠭᠤᠢ ᠪᠣᠢ ᠂ ᠪᠤᠭᠤᠲᠤ ᠶ᠋ᠢᠨ ᠠᠲᠠᠷ ᠬᠠᠭᠠᠯᠪᠤᠷᠢᠯᠠᠬᠤ ᠲᠣᠪᠴᠢᠶᠠᠨ ᠤ᠋ ᠸᠠᠩ ᠳ᠋ᠤ᠌ ᠥᠳᠥᠲᠦ ᠪᠢᠴᠢᠭ ᠬᠢᠵᠦ ᠰᠠᠩ ᠤ᠋ᠨ ᠲᠠᠬᠠᠷ ᠢ᠋ ᠬᠠᠷ᠎ᠠ ᠡᠷᠲᠡ ᠪᠡᠷ ᠶᠠᠪᠤᠭᠤᠯᠤᠭᠰᠠᠨ! ᠪᠤᠭᠤᠲᠤ ᠠ᠋ᠴᠠ ᠵᠡᠭᠦᠨᠰᠢᠯᠡᠬᠦ ᠪᠣᠭᠣᠮ᠎ᠠ ᠪᠠᠭᠠᠯᠵᠠᠭᠤᠷ ᠢ᠋ ᠬᠠᠰᠢᠵᠤ ᠴᠠᠭᠠᠰᠢ ᠪᠡᠨ ᠰᠠᠭᠠᠯᠢᠴᠢᠨ ᠤ᠋ ᠭᠦᠸᠧ ᠲᠤᠸᠠᠨᠵᠠᠩ ᠳ᠋ᠤ᠌ ᠴᠦ᠍ ᠵᠠᠬᠢᠶ᠎ᠠ ᠪᠢᠴᠢᠭ ᠵᠠᠯᠭᠠᠭᠤᠯᠬᠤ ᠢ ᠨᠠᠢᠢᠳᠠᠭᠰᠠᠨ ᠰᠠᠨ ᠭᠡᠬᠦ ᠳᠦ ᠭᠥᠩ ᠨᠣᠶᠠᠨ ᠤ ᠨᠢᠳᠦ ᠨᠢ ᠠᠭᠱᠠᠨ᠎ᠠ ᠭᠡᠷᠡᠯᠲᠦᠵᠦ ᠄
       — ᠵᠠ ᠂ ᠳᠣᠷᠢᠭᠤᠨ ᠪᠣᠯᠤᠯ᠎ᠠ! ᠭᠡᠪᠡ 
       — ᠪᠠᠷᠠᠭᠤᠨ ᠲᠤᠰᠠᠯᠠᠭᠴᠢ ᠪᠡᠶ᠎ᠡ ᠪᠡᠷ ᠢ᠋ᠶ᠋ᠡᠨ ᠶᠠᠪᠤᠭᠰᠠᠨ ᠤ᠋ ᠳᠡᠭᠡᠷ᠎ᠡ ᠮᠠᠨᠴᠤᠷᠭ᠎ᠠ ᠶᠠᠪᠤᠯᠴᠠᠵᠤ ᠬᠣᠶᠠᠭᠤᠯᠠ ᠬᠣᠶᠠᠷ ᠲᠠᠯ᠎ᠠ ᠠ᠋ᠴᠠ ᠨᠢ ᠬᠠᠪᠴᠢᠬᠤ ᠳ᠋ᠤ᠌ ᠪᠠᠲᠠᠭᠠᠨ᠎ᠠ ᠰᠢᠮᠠᠭᠤᠯ ᠴᠦ᠍ ᠮᠤᠯᠲᠤᠷᠠᠬᠤ ᠦᠭᠡᠢ ᠭᠡᠵᠦ ᠡᠯᠳᠡᠩᠭᠡ ᠲᠤᠰᠠᠯᠠᠭᠴᠢ ᠮᠢᠩᠭᠠᠨᠪᠤᠤ ᠮᠠᠨᠴᠤᠷᠭ᠎ᠠ ᠬᠣᠶᠠᠷ ᠢ᠋ ᠮᠠᠭᠲᠠᠭᠰᠠᠨ ᠨᠢ ᠦᠨᠡᠨ ᠳ᠋ᠡᠭᠡᠨ 《 ᠡᠯᠳᠡᠩᠭᠡ ᠪᠢ ᠪᠠᠢᠭᠰᠠᠨ ᠴᠠᠭ ᠲᠤ᠌ ᠡᠨᠡ ᠬᠣᠷᠸ᠎ᠠ ᠳ᠋ᠤ᠌ ᠮᠢᠨᠦ ᠪᠣᠳᠣᠭᠰᠠᠨ ᠠ᠋ᠴᠠ ᠭᠠᠷᠬᠤ ᠶᠠᠭᠤᠮ᠎ᠠ ᠪᠠᠢᠬᠤ ᠦᠭᠡᠢ 》ᠭᠡᠰᠡᠨ ᠰᠠᠨᠠᠭ᠎ᠠ ᠠᠭᠤᠯᠤᠭᠰᠠᠨ ᠨᠢ ᠬᠦᠩ ᠨᠣᠶᠠᠨ ᠳ᠋ᠤ᠌ ᠢᠯᠡ ᠪᠠᠢᠪᠠ᠃ 
       ᠎— ᠠ! ᠪᠢ ᠶᠡᠷᠦ ᠨᠢ ᠵᠡᠭᠦᠨ ᠪᠠᠷᠠᠭᠤᠨ ᠭᠠᠷ ᠤ᠋ᠨ ᠠᠷᠰᠯᠠᠨ ᠪᠠᠷᠰ ᠰᠢᠭ᠋ ᠬᠣᠶᠠᠷ ᠲᠤᠰᠠᠯᠠᠭᠴᠢ ᠲᠠᠢ ᠳ᠋ᠠᠭᠠᠨ ᠨᠢᠷᠤᠭᠤ ᠭᠡᠲᠡᠬᠡᠷ ᠯᠡ ᠳᠡ! ᠮᠠᠨᠴᠤᠷᠭ᠎ᠠ ᠶ᠋ᠢᠨ ᠬᠤᠪᠢ ᠳ᠋ᠤ᠌ ᠪᠣᠯ ᠶᠠᠷᠢᠯᠲᠠ ᠦᠭᠡᠢ᠃ ᠶᠣᠰᠣᠲᠠᠢ ᠯᠠ ᠡᠴᠢᠭᠡ ᠶ᠋ᠢᠨ ᠬᠦᠦ ᠭᠡᠰᠡᠨ ᠦᠭᠡ ᠭᠡᠳ ᠬᠦᠩ ᠨᠣᠶᠠᠨ ᠬᠥᠭ ᠬᠥᠭ ᠭᠡᠵᠦ ᠬᠣᠭᠣᠯᠵᠠᠭᠤᠷ ᠳᠣᠲᠣᠷ᠎ᠠ ᠪᠠᠨ ᠪᠢᠲᠡᠭᠦᠦ ᠢᠨᠢᠶᠡᠨ᠎ᠡ᠃
       ᠡᠯᠳᠡᠩᠭᠡ ᠵᠡᠭᠦᠨ ᠲᠤᠰᠠᠯᠠᠭᠴᠢ ᠦᠨᠡᠬᠡᠷ ᠰᠢᠷᠠᠪᠲᠤᠷᠵᠢ ᠬᠦᠩ ᠳ᠋ᠦ᠍ ᠭᠠᠪᠢᠶ᠎ᠠ ᠲᠠᠢ ᠬᠥᠮᠦᠨ ᠭᠡᠭᠴᠢ ᠶ᠋ᠢ ᠮᠡᠳᠡᠬᠦ ᠦᠭᠡᠢ ᠬᠥᠮᠦᠨ ᠦᠭᠡᠢ᠃ ᠤᠷᠠᠳ ᠤᠨ ᠪᠠᠷᠠᠭᠤᠨ ᠬᠥᠭ ᠦ᠋ᠨ ᠬᠤᠰᠢᠭᠤᠨ ᠤ᠋ ᠠᠷᠪᠠᠨ ᠵᠢᠷᠭᠤᠳᠤᠭᠠᠷ ᠦᠶ᠎ᠡ ᠶ᠋ᠢᠨ ᠵᠠᠰᠠᠭ ᠬᠦᠩ ᠭᠡᠰᠢᠭᠳᠡᠯᠭᠡᠷ ᠡᠵᠡ ᠬᠣᠢᠰᠢ ᠵᠠᠰᠠᠭ  ᠭᠥᠩ ᠰᠠᠭᠤᠷᠢ ᠪᠤᠯᠢᠶᠠᠯᠴᠠᠬᠤ ᠲᠡᠮᠡᠴᠡᠯ ᠡᠭᠦᠰᠦᠭᠰᠡᠨ ᠪᠢᠯᠡ᠃ ᠭᠡᠰᠢᠭᠳᠡᠯᠭᠡᠷ ᠭᠥᠩ ᠨᠣᠶᠠᠨ ᠠᠴᠠ ᠬᠥᠪᠡᠭᠦᠨ ᠦᠭᠡᠢ ᠪᠣᠯᠬᠣᠷ ᠬᠠᠶᠠᠯᠢᠦᠨ ᠪᠤᠶᠤ ᠦᠶᠡᠯᠢᠦᠨ ᠬᠥᠪᠡᠭᠦᠳ ᠡᠴᠡ ᠨᠢ ᠨᠡᠷ᠎ᠡ ᠰᠤᠩᠭᠤᠵᠤ ᠰᠠᠭᠤᠷᠢᠨ ᠵᠠᠯᠭᠠᠮᠵᠢᠯᠠᠭᠣᠯᠬᠤ ᠬᠡᠷᠡᠭᠲᠡᠢ ᠪᠠᠢᠯ᠎ᠠ᠃ ᠡᠨᠡ ᠦᠶ᠎ᠡ ᠳᠦ ᠵᠢᠯᠢᠭ᠌ᠴᠢ ᠭᠡᠰᠢᠭᠳᠡᠯᠭᠡᠷ ᠭᠥᠩ ᠨᠣᠶᠠᠨ ᠤ ᠬᠠᠶᠠᠯᠢᠦᠨ ᠳᠡᠭᠦᠦ ᠪᠣᠯᠬᠤ ᠬᠦᠩ ᠦ᠋ᠨ ᠰᠦᠮ᠎ᠡ ᠶ᠋ᠢᠨ ᠳ᠋ᠠᠭᠳᠠᠨ ᠳ᠋ᠠ ᠯᠠᠮᠠ ᠥᠪᠡᠷ ᠦ᠋ᠨ ᠲᠦᠷᠦᠭᠰᠡᠨ ᠠᠴᠢ ᠬᠥᠪᠡᠭᠦᠨ ᠪᠠᠲᠤᠪᠠᠶᠠᠷ ᠢ᠋ᠶ᠋ᠠᠨ ᠵᠠᠰᠠᠭ ᠬᠦᠩ ᠦ᠋ᠨ ᠰᠠᠭᠤᠷᠢᠨ ᠳ᠋ᠤ᠌ ᠭᠠᠷᠭᠠᠬᠤ ᠭᠡᠵᠦ ᠤᠷᠳᠤᠭᠤᠷ ᠬᠣᠢᠭᠤᠷ ᠭᠦᠶᠦᠯᠳᠦᠨ ᠤᠯᠠᠭᠠᠨᠴᠠᠪ ᠤ᠋ᠨ ᠴᠢᠭᠤᠯᠭᠠᠨ ᠢ᠋ᠶ᠋ᠠᠷ ᠵᠥᠪᠰᠢᠶᠡᠷᠡᠭᠦᠯᠵᠦ ᠠᠮᠵᠢᠭᠠᠳ ᠳᠡᠭᠡᠭᠰᠢ ᠪᠡᠨ ᠵᠠᠩᠵᠤᠨ ᠶᠠᠮᠤᠨ ᠳ᠋ᠤ᠌ ᠮᠡᠳᠡᠭᠦᠯᠵᠦ ᠪᠠᠲᠤᠯᠠᠭᠤᠯᠬᠤ ᠪᠠᠷ ᠪᠣᠯᠪᠠ᠃ 
       ᠡᠨᠡ ᠬᠣᠭᠣᠷᠣᠨᠳᠣ ᠵᠡᠭᠦᠨ ᠲᠤᠰᠠᠯᠠᠭᠴᠢ ᠡᠯᠳᠡᠩᠭᠡ ᠭᠠᠷ ᠬᠤᠮᠢᠵᠤ ᠵᠦᠭᠡᠷ ᠰᠠᠭᠤᠭᠰᠠᠨ ᠦᠭᠡᠢ ᠂ ᠰᠠᠭᠤᠷᠢᠨ ᠵᠠᠯᠭᠠᠮᠵᠢᠯᠠᠬᠤ ᠲᠡᠮᠡᠴᠡᠯ ᠳ᠋ᠦ᠍ ᠢᠳᠡᠪᠬᠢᠲᠡᠶ᠎ ᠣᠷᠣᠯᠴᠠᠵᠠᠢ᠃ ᠲᠡᠷᠡ ᠪᠡᠷ ᠵᠠᠰᠠᠭ ᠬᠦᠩ ᠦ᠋ᠨ ᠭᠡᠷ ᠦ᠋ᠨ ᠴᠠᠳᠢᠭ ᠢ᠋ ᠨᠠᠷᠢᠪᠴᠢᠯᠠᠨ ᠰᠢᠭᠦᠵᠦ ᠦᠵᠡᠭᠡᠳ ᠯᠠᠮᠠ ᠭᠠᠷᠤᠯ ᠲᠠᠢ ᠰᠢᠷᠠᠪᠲᠤᠷᠵᠢ ( ᠭᠡᠰᠢᠭᠳᠡᠯᠭᠡᠷ ᠬᠦᠩ ᠨᠣᠶᠠᠨ ᠤ᠋ ᠠᠴᠢ ᠬᠥᠪᠡᠭᠦᠨ ) ᠢ᠋ ᠰᠣᠩᠭᠣᠵᠤ ᠰᠠᠭᠤᠷᠢᠨ ᠳ᠋ᠤ᠌ ᠭᠠᠷᠭᠠᠬᠤ ᠭᠡᠵᠦ ᠰᠢᠭᠤᠷᠬᠠᠢ ᠵᠢᠳᠬᠦᠵᠦ ᠪᠠᠢᠪᠠ᠃  ᠳ᠋ᠠᠭᠳᠠᠨ ᠳ᠋ᠠ ᠯᠠᠮᠠ ᠶᠢᠨ ᠠᠴᠢ ᠭᠥᠪᠡᠬᠦᠨ ᠪᠠᠲᠤᠪᠠᠶᠠᠷ ᠵᠠᠰᠠᠭ ᠪᠠᠷᠢᠪᠠᠯ ᠥᠪᠡᠷ ᠲᠦ ᠨᠢ ᠮᠠᠰᠢ ᠠᠰᠢᠭ ᠦᠭᠡᠢ᠂ ᠠᠶ᠎ᠠ ᠦᠭᠡᠢᠳᠡᠪᠡᠯ ᠳᠤᠰᠠᠯᠠᠭ᠌ᠴᠢ ᠪᠠᠨ ᠴᠤ᠌ ᠬᠤᠰᠤᠭᠤᠯᠵᠤ ᠮᠡᠳᠡᠨ᠎ᠡ ᠭᠡᠳᠡᠭ ᠢ ᠲᠡᠷᠡ ᠪᠡᠷ ᠰᠠᠢᠨ ᠮᠡᠳᠡᠵᠦ ᠪᠠᠢᠪᠠ᠃
       ᠵᠡᠭᠦᠨ ᠲᠤᠰᠠᠯᠠᠭᠴᠢ ᠡᠯᠳᠡᠩᠭᠡ ᠪᠣᠯ ᠤᠴᠢᠷ ᠶᠠᠪᠤᠳᠠᠯ ᠢ᠋ ᠨᠠᠷᠢᠨ ᠲᠤᠩᠭᠠᠵᠤ ᠨᠢᠮᠪᠠᠢ ᠰᠡᠳᠬᠢᠨ ᠪᠡᠶ᠎ᠡ ᠳ᠋ᠡᠭᠡᠨ ᠠᠰᠢᠭᠲᠠᠢ ᠲᠠᠯ᠎ᠠ ᠶ᠋ᠢ ᠬᠠᠮᠤᠷᠳᠠᠭ ᠬᠥᠮᠦᠨ᠃  ᠰᠢᠷᠠᠪᠳᠤᠷᠵᠢ ᠪᠣᠯᠣᠨ  ᠪᠠᠲᠤᠪᠠᠶᠠᠷ ᠬᠣᠶᠠᠷ ᠪᠣᠯ  ᠵᠢᠯᠢᠭ᠌ᠴᠢ ᠬᠦᠩ ᠨᠣᠶᠠᠨ ᠤ᠋ ᠦᠶᠡᠯᠢᠳ ᠬᠠᠶᠠᠯᠢᠳ ᠠᠴᠢ ᠬᠥᠪᠡᠭᠦᠨ ᠪᠣᠯᠳᠠᠭ ᠢ᠋ ᠬᠥᠮᠦᠨ ᠪᠦᠭᠦᠳᠡ ᠮᠡᠳᠡᠨ᠎ᠡ᠃ ᠡᠯᠳᠡᠩᠭᠡ ᠰᠢᠷᠠᠪᠳᠤᠷᠵᠢ ᠶᠢ ᠰᠤᠩᠭᠤᠵᠤ ᠪᠠᠲᠤᠪᠠᠶᠠᠷ ᠢ ᠲᠦᠯᠬᠢᠳᠡᠭ ᠨᠢ ᠭᠠᠭᠴᠠᠬᠠᠨ ᠵᠣᠷᠢᠯᠭ᠎ᠠ ᠲᠠᠢ ᠂ ᠰᠢᠷᠠᠪᠲᠤᠷᠵᠢ ᠨᠣᠮᠣᠬᠠᠨ ᠳᠣᠷᠣᠢ᠂ ᠥᠪᠡᠷ ᠦ᠋ᠨ ᠵᠣᠷᠢᠯᠲᠠ ᠬᠠᠷᠠᠯᠲᠠ ᠭᠡᠵᠦ  ᠪᠠᠢᠳᠠᠭ ᠦᠭᠡᠢ᠂ ᠬᠥᠮᠥᠨ ᠦ ᠦᠭᠡᠨ ᠳᠦ ᠠᠮᠠᠷᠬᠠᠨ ᠣᠷᠣᠳᠠᠭ ᠡᠮᠵᠡᠭ  ᠲᠠᠯ᠎ᠠ ᠲᠠᠢ ᠶᠢ ᠡᠯᠳᠡᠩᠭᠡ ᠠᠯᠢ ᠤᠵᠠᠭᠤᠷ ᠤᠨ ᠦᠭᠡᠢ ᠮᠡᠳᠡᠳᠡᠭ  ᠤᠴᠢᠷ ᠠᠴᠠ ᠰᠢᠷᠠᠪᠳᠤᠷᠵᠢ ᠶ᠋ᠢ ᠭᠥᠩ ᠨᠣᠶᠠᠨ ᠤ ᠰᠠᠭᠤᠷᠢᠨ ᠳᠤ ᠭᠠᠷᠭᠠᠴᠢᠬᠠᠪᠠᠯ ᠲᠡᠭᠦᠨ ᠦ ᠲᠣᠬᠢᠯᠲᠠ ᠪᠠᠷ  ᠵᠢᠷᠤᠭᠠᠯᠠᠨ᠎ᠠ᠃ 
       ᠢᠩᠬᠢᠭᠡᠳ ᠲᠡᠷᠡ᠂ ᠰᠢᠷᠠᠪᠳᠣᠷᠵᠢ ᠶᠢ ᠵᠠᠰᠠᠭ ᠭᠥᠩ ᠦᠨ ᠰᠠᠭᠤᠷᠢᠨ ᠢ ᠵᠠᠯᠭᠠᠮᠵᠢᠯᠠᠭᠤᠯᠬᠤ ᠨᠢ ᠵᠦᠢ ᠶᠣᠰᠣᠨ ᠤ ᠤᠴᠢᠷ ᠪᠣᠯᠬᠤ ᠶᠢ  ᠳᠡᠭᠡᠭᠰᠢ ᠳᠣᠷᠣᠭ᠍ᠰᠢ ᠬᠥᠮᠥᠰ ᠲᠦ ᠬᠦᠯᠢᠶᠡᠯᠭᠡᠬᠦ ᠨᠠᠷᠢᠨ ᠤᠬᠠᠭᠠᠨ ᠢ  ᠰᠦᠪᠡᠭᠴᠢᠯᠡᠭᠰᠡᠨ ᠪᠠᠢᠭ᠎ᠠ᠃ ᠰᠦᠮ᠎ᠡ ᠭᠡᠢᠳ ᠲᠦ ᠨᠠᠰᠤ ᠪᠠᠨ ᠳᠠᠭᠠᠳᠬᠠᠨ ᠬᠤᠩᠬᠤ ᠲᠠᠮᠠᠷᠤ ᠲᠠᠢ ᠬᠠᠨᠢᠯᠠᠵᠤ ᠨᠣᠮ ᠤᠨ ᠳᠠᠭᠤᠨ ᠳᠤ ᠳᠠᠰᠤᠭᠰᠠᠨ ᠳ᠋ᠠᠭᠳᠠᠨ ᠳ᠋ᠠ ᠯᠠᠮᠠ  ᠬᠦᠷᠲᠡᠯ᠎ᠡ ᠵᠠᠰᠠᠭ ᠲᠤ ᠭᠠᠷ ᠲᠥᠷᠥᠵᠦ᠂ ᠥᠪᠡᠷ ᠦᠨ ᠰᠠᠨᠠᠭᠰᠠᠨ ᠳ᠋ᠠᠭᠠᠨ  ᠬᠦᠷᠬᠦ ᠭᠡᠵᠦ ᠥᠩᠭᠡᠯᠵᠡᠵᠦ ᠪᠠᠢᠬᠤ ᠳᠤ ᠵᠠᠰᠠᠭ ᠭᠥᠩ ᠦᠨ ᠶᠡᠬᠡ ᠲᠣᠭᠣᠭ᠎ᠠ ᠰᠠᠬᠢᠭ᠍ᠰᠠᠨ᠂ ᠤᠬᠠᠭᠠᠨ ᠢᠶᠠᠷ ᠬᠡᠨ ᠡᠴᠡ ᠴᠤ᠌ ᠲᠣᠲᠠᠬᠤ ᠦᠭᠡᠢ ᠪᠢ ᠡᠨᠡ ᠬᠦ᠌ ᠵᠠᠪᠰᠠᠷ ᠤᠨ ᠳᠠᠯᠢᠮ ᠢᠶᠠᠷ ᠶᠡᠬᠡ ᠦᠢᠯᠡ ᠶᠢ ᠪᠦᠲᠦᠭᠡᠬᠦ ᠵᠣᠷᠢᠯᠭ᠎ᠠ ᠳ᠋ᠠᠭᠠᠨ ᠡᠰᠡ ᠬᠥᠷᠪᠡᠯ ᠶᠣᠰᠣᠲᠠᠢ 《 ᠡᠷ᠎ᠡ ᠮᠣᠷᠢ ᠬᠠᠷᠠᠢᠭᠰᠠᠨ ᠳ᠋ᠠᠭᠠᠨ ᠬᠦᠷᠴᠦ ᠴᠢᠳᠠᠬᠤ ᠦᠭᠡᠢ ᠪᠣᠯ ᠲᠤᠭᠤᠷᠠᠢ ᠨᠢ ᠬᠠᠲᠠᠵᠤ ᠦᠷᠭᠦᠳᠡᠭ᠂ ᠡᠷ᠎ᠡ ᠬᠥᠮᠥᠨ ᠵᠣᠷᠢᠭ᠌ᠰᠠᠨ ᠳ᠋ᠠᠭᠠᠨ ᠬᠦᠷᠴᠦ ᠳᠡᠢᠯᠬᠦ ᠦᠭᠡᠢ ᠪᠣᠯ ᠡᠯᠢᠭᠡ ᠨᠢ ᠬᠠᠭᠰᠠᠵᠤ ᠦᠬᠦᠳᠡᠭ》 ᠭᠡᠵᠦ ᠨᠠᠮᠠᠶ᠋ᠢ ᠯᠠ  ᠬᠡᠯᠡᠭᠰᠡᠨ ᠦᠭᠡ ᠪᠠᠢᠬᠤ ᠭᠡᠵᠦ ᠪᠣᠳᠣᠨ᠎ᠠ᠃ ᠢᠩᠬᠢᠭᠡᠳ ᠲᠡᠷᠡ ᠪᠡᠷ ᠬᠣᠰᠢᠭᠤ ᠶᠠᠮᠤᠨ ᠤ᠋ ᠪᠢᠴᠢᠭᠡᠴᠢ ᠶ᠋ᠢᠨ ᠠᠯᠪᠠ ᠣᠯᠠᠨ ᠵᠢᠯ ᠬᠠᠭᠠᠵᠤ ᠂ ᠠᠯᠪᠠᠨ ᠪᠢᠴᠢᠭ ᠬᠢᠬᠦ ᠂ ᠡᠪ ᠵᠢᠷᠤᠮ ᠬᠦᠷᠭᠡᠬᠦ ᠵᠠᠮ ᠮᠥᠷ ᠢ᠋ ᠰᠠᠢᠨ ᠮᠡᠳᠡᠳᠡᠭ ᠣᠴᠢᠷ᠎ ᠠ᠋ᠴᠠ ᠶᠣᠰᠣᠲᠠᠢ ᠯᠠ ᠨᠢᠭᠡ 《  ᠲᠢᠭ᠋ ᠲᠠᠭ 》 ᠭᠡᠰᠡᠨ ᠡᠷᠭᠦᠮᠵᠢᠯᠡᠬᠦ ᠪᠢᠴᠢᠭ ᠬᠢᠵᠦ ᠬᠤᠰᠢᠭᠤᠨ ᠤ᠋ ᠮᠡᠢᠷᠡᠨ᠂  ᠠᠷᠪᠠᠨ ᠬᠣᠶᠠᠷ ᠰᠣᠮᠣᠨ ᠤ᠋ ᠵᠠᠯᠠᠨ ᠵᠠᠩᠭᠢ ᠶ᠋ᠢᠨ ᠭᠠᠷ ᠤ᠋ᠨ ᠦᠰᠦᠭ ᠡᠨᠡ ᠲᠡᠷᠡ ᠶ᠋ᠢ ᠪᠦᠷᠢᠳᠦᠭᠦᠯᠦᠨ ᠬᠣᠰᠢᠭᠤ ᠠᠷᠠᠳ ᠤ᠋ᠨ ᠪᠦᠭᠦᠳᠡ ᠶ᠋ᠢᠨ ᠰᠠᠨᠠᠯ ᠢ᠋ ᠲᠥᠯᠥᠭᠡᠯᠡᠬᠦᠢᠴᠡ ᠶᠠᠭᠤᠮ᠎ᠠ ᠪᠣᠯᠭᠠᠵᠤ ᠳᠡᠭᠡᠭᠰᠢ ᠡᠷᠭᠦᠪᠡ᠃ ᠲᠡᠷᠡ ᠪᠠᠰᠠ ᠠᠴᠢᠶ᠎ᠠ ᠬᠡᠯᠪᠡᠢᠪᠡᠯ ᠠᠶᠠᠨ ᠤ᠋ ᠵᠣᠪᠠᠯᠠᠩ ᠭᠡᠭᠴᠢ ᠶ᠋ᠢ ᠰᠠᠢᠨ ᠮᠡᠳᠡᠳᠡᠭ ᠬᠥᠮᠦᠨ ᠪᠠᠢᠵᠠᠢ᠃ ᠲᠡᠮᠡᠭᠡᠨ ᠳ᠋ᠡᠭᠡᠨ ᠲᠡᠩᠨᠡᠭᠰᠡᠨ ᠠᠴᠢᠶ᠎ᠠ ᠪᠠᠨ ᠲᠡᠩᠴᠡᠭᠦᠬᠡᠨ ᠪᠠᠢᠯᠭᠠᠶ᠎ᠠ ᠭᠡᠳ ᠡᠵᠡᠨ ᠨᠣᠶᠠᠨ ᠳ᠋ᠤ᠌ ᠬᠦᠨᠳᠦ ᠪᠡᠯᠡᠭ ᠲᠡᠢ ᠣᠴᠢᠵᠤ ᠬᠦᠨᠳᠦᠳᠬᠡᠨ ᠪᠠᠷᠠᠳᠠᠬᠤ ᠳ᠋ᠠᠭᠠᠨ ᠠᠭᠲᠠ᠂ ᠱᠠᠷ᠂ ᠠᠳᠠ᠂ ᠢᠷᠭᠡ᠂ ᠰᠡᠷᠬᠡ ᠲᠠᠪᠤᠨ ᠬᠣᠰᠢᠭᠤᠲᠤ ᠶ᠋ᠢᠨ ᠬᠡᠰᠢᠭ ᠡᠴᠡ ᠶᠢᠰᠦ ᠶᠢᠰᠦ ᠨᠠᠶᠠᠨ ᠨᠢᠭᠡ ᠳᠡᠭᠡᠷ᠎ᠡ ᠵᠢᠷᠭᠤᠭᠠᠨ ᠲᠠᠪᠢᠲᠤ ᠶ᠋ᠢᠨ ᠴᠣᠬᠣᠷ ᠶᠤᠸᠠᠮᠪᠤᠤ ᠵᠡᠷᠭᠡ ᠪᠠᠩ ᠰᠡᠯᠲᠡ ᠶ᠋ᠢ ᠬᠢᠲᠠᠳ ᠤ᠋ᠨ ᠲᠠᠭᠠᠯᠠᠯ ᠳ᠋ᠤ᠌ ᠵᠠᠮ ᠰᠢᠯᠤᠭᠤᠳᠬᠠᠭᠴᠢ ᠵᠢᠷᠣᠭ᠎ᠠ 《  ᠵᠢᠷᠭᠤᠭ᠎ᠠ 》 ᠶ᠋ᠢᠨ ᠲᠣᠭᠠᠲᠤ ᠪᠡᠯᠡᠭ ᠰᠡᠯᠲᠡ ᠡᠷᠭᠦᠭᠰᠡᠨ ᠡᠴᠡ ᠭᠠᠳᠠᠨ᠎ᠠ᠂ ᠵᠠᠩᠵᠤᠨ ᠶᠠᠮᠤᠨ ᠤ᠋ ᠡᠵᠡᠨ ᠨᠣᠶᠠᠨ ᠳ᠋ᠤ᠌ ᠮᠤᠨᠠ ᠠᠭᠤᠯᠠ ᠶ᠋ᠢᠨ ᠪᠤᠭᠤ ᠶ᠋ᠢᠨ ᠬᠢᠷᠵᠠᠩ ᠬᠣᠶᠠᠷ ᠰᠢᠷᠬᠡᠭ ᠰᠡᠮᠡᠬᠡᠷ ᠰᠢᠷᠭᠤᠭᠤᠯᠵᠤ ᠴᠢᠳᠠᠭᠰᠠᠨ ᠠ᠋ᠴᠠ ᠵᠠᠩᠵᠤᠨ  ᠶᠠᠮᠤᠨ ᠡᠯᠳᠡᠩᠭᠡ ᠶ᠋ᠢ ᠶᠡᠬᠡ ᠴᠢᠳᠠᠪᠤᠷᠢᠲᠠᠢ ᠬᠥᠮᠦᠨ ᠭᠡᠵᠦ ᠲᠣᠭᠣᠭᠰᠠᠨ ᠪᠠᠢᠨ᠎ᠠ᠃ 
       ᠴᠠᠭᠠᠭᠴᠢᠨ ᠬᠣᠨᠢᠨ ᠵᠢᠯ ᠦ᠋ᠨ ᠬᠠᠪᠤᠷ ᠵᠠᠩᠵᠤᠨ ᠶᠠᠮᠤᠨ ᠠ᠋ᠴᠠ ᠵᠢᠩᠬᠢᠨᠢ ᠠᠯᠪᠠᠨ ᠪᠢᠴᠢᠭ ᠪᠠᠭᠤᠯᠭᠠᠵᠤ ᠰᠢᠷᠠᠪᠲᠤᠷᠵᠢ ᠶᠢ ᠤᠯᠠᠭᠠᠨᠴᠠᠪ ᠤ᠋ᠨ ᠴᠢᠭᠤᠯᠭᠠᠨ ᠤ᠋ ᠤᠷᠠᠳ ᠤ᠋ᠨ ᠪᠠᠷᠠᠭᠤᠨ ᠬᠦᠩ ᠦ᠋ᠨ ᠬᠤᠰᠢᠭᠤᠨ ᠤ᠋ ᠠᠷᠪᠠᠨ ᠳᠣᠯᠣᠳᠤᠭᠠᠷ ᠦᠶ᠎ᠡ ᠶ᠋ᠢᠨ ᠵᠠᠰᠠᠭ ᠬᠦᠩ ᠨᠣᠶᠠᠨ ᠤ᠋ ᠰᠠᠭᠤᠷᠢᠨ ᠳ᠋ᠤ᠌ ᠰᠠᠭᠤᠬᠤ ᠪᠠᠢᠰᠠ ᠬᠦᠩ ᠨᠣᠶᠠᠨ ᠤ᠋ ᠵᠡᠷᠭᠡ ᠳ᠋ᠦ᠍ ᠳᠡᠪᠰᠢᠭᠦᠯᠵᠦ ᠵᠠᠩᠵᠤᠨ ᠶᠠᠮᠤᠨ ᠳ᠋ᠤ᠌ ᠳᠠᠩᠰᠠᠯᠠᠭᠤᠯᠪᠠ ᠃ ᠡᠢᠨ ᠬᠦ᠌ ᠬᠡᠴᠢᠨᠡᠭᠡᠨ ᠵᠢᠯ ᠪᠠᠷᠠᠭᠤᠨ ᠬᠦᠩ ᠦ᠋ᠨ ᠬᠣᠰᠢᠭᠤ ᠵᠠᠰᠠᠭ ᠤ᠋ᠨ ᠰᠠᠭᠤᠷᠢ ᠪᠤᠯᠢᠶᠠᠯᠳᠤᠭᠰᠠᠨ ᠬᠠᠶᠠᠯᠢᠳ ᠦᠶᠡᠯᠢᠳ ᠬᠣᠶᠠᠷ ᠠᠴᠢ ᠬᠥᠪᠡᠭᠦᠨ ᠦ᠌ ᠵᠠᠷᠭᠤ ᠰᠢᠷᠠᠪᠲᠤᠷᠵᠢ ᠬᠦᠩ ᠦ᠋ᠨ ᠰᠠᠭᠤᠷᠢᠨ ᠳ᠋ᠤ᠌ ᠰᠠᠭᠤᠭᠰᠠᠨ ᠢ᠋ᠶ᠋ᠠᠷ ᠲᠠᠰᠤᠯᠤᠭᠳᠠᠪᠠ ᠃  ᠳ᠋ᠠᠭᠳᠠᠨ ᠳ᠋ᠠ ᠯᠠᠮᠠ ᠳᠡᠪᠡᠯ ᠳ᠋ᠡᠭᠡᠨ ᠪᠠᠭᠲᠠᠨ ᠶᠠᠳᠠᠲᠠᠯ᠎ᠠ ᠠᠭᠤᠷᠯᠠᠵᠤ 《 ᠰᠢᠷᠠᠪᠲᠤᠷᠵᠢ ᠰᠢᠭ᠋ ᠴᠢᠳᠠᠯ ᠦᠭᠡᠢ ᠦᠬᠦᠭᠡᠨᠴᠡ ᠠᠮᠢᠲᠠᠨ ᠶᠠᠭᠠᠬᠢᠵᠤ ᠵᠠᠰᠠᠭ ᠪᠠᠷᠢᠬᠤ ᠶ᠋ᠢ ᠨᠢ ᠨᠢᠭᠡ ᠦᠵᠡᠶ᠎ᠡ ᠳᠡ ᠃ ᠶᠣᠰᠣᠲᠠᠢ ᠢᠴᠢᠭᠦᠷᠢ ᠶ᠋ᠢᠨ ᠲᠤᠢᠯ! ᠲᠡᠷᠡ ᠴᠢᠭ ᠢ᠋ᠶ᠋ᠡᠷ ᠢ᠋ᠶ᠋ᠡᠨ ᠮᠠᠨᠠᠭᠤᠯ ᠵᠠᠰᠠᠭ ᠤ᠋ᠨ ᠪᠠᠯᠢᠩ ᠁》 ᠡᠨᠡ ᠲᠡᠷᠡ ᠭᠡᠵᠦ ᠬᠠᠷᠢᠶᠠᠭᠰᠠᠨ ᠢ᠋ ᠠᠳᠠ ᠥᠭᠦᠯᠡᠪᠡᠴᠦ ᠦᠯᠦ ᠪᠠᠷᠠᠨ᠎ᠠ᠃
       ᠳ᠋ᠠᠭᠳᠠᠨ ᠳ᠋ᠠ ᠯᠠᠮᠠ ᠢᠯᠠᠭᠳᠠᠯ ᠳ᠋ᠠᠭᠠᠨ ᠵᠦᠭᠡᠷ ᠰᠠᠭᠤᠭᠰᠠᠨ ᠦᠭᠡᠢ᠂ ᠬᠠᠷᠢᠨ ᠨᠢᠭᠡ ᠪᠦᠯᠦᠭ ᠰᠦᠵᠢᠭᠲᠡᠨ ᠠᠷᠠᠳ ᠢ᠋ ᠥᠳᠥᠭᠡᠨ ᠰᠦᠮ᠎ᠡ ᠬᠡᠢᠳ ᠱᠠᠰᠢᠨ ᠰᠤᠷᠲᠠᠬᠤᠨ ᠤ᠋ ᠡᠲᠡᠭᠡᠳ ᠦ᠋ᠨ ᠬᠢᠨ ᠢ᠋ ᠪᠡᠶ᠎ᠡ ᠳ᠋ᠡᠭᠡᠨ ᠲᠠᠲᠠᠵᠤ ᠰᠢᠷᠠᠪᠲᠤᠷᠵᠢ ᠬᠦᠩ ᠨᠣᠶᠠᠨ ᠤ᠋ ᠮᠠᠨᠠᠭᠤᠯ ᠵᠠᠰᠠᠭ ᠲᠠᠢ ᠡᠰᠡᠷᠭᠦᠴᠡᠯᠳᠦᠬᠦ ᠵᠠᠪᠰᠠᠷ ᠱᠠᠭᠠᠢᠨ ᠵᠠᠪᠰᠢᠶᠠᠨ ᠬᠦᠯᠢᠶᠡᠵᠦ ᠰᠠᠭᠤᠪᠠ᠃
       ᠵᠥᠪ ᠲᠠᠯ᠎ᠠ ᠪᠠᠷ ᠢ᠋ᠶ᠋ᠠᠨ ᠵᠢᠷᠣᠭ᠎ᠠ ᠮᠣᠷᠢᠨ ᠳ᠋ᠤ᠌᠂ ᠪᠤᠷᠤᠭᠤ ᠲᠠᠯ᠎ᠠ ᠪᠠᠷ᠎ᠠ ᠪᠠᠨ ᠪᠤᠯᠭᠢᠶ᠎ᠠ ᠮᠣᠷᠢᠨ ᠳ᠋ᠤ᠌ ᠮᠣᠷᠳᠠᠵᠤ ᠴᠢᠳᠠᠬᠤ ᠡᠯᠳᠡᠩᠭᠡ ᠲᠡᠢ ᠳᠤᠭᠠᠩ ᠲᠣᠭᠣᠷᠢᠭᠰᠠ ᠳ᠋ᠠᠭᠳᠠᠨ ᠳ᠋ᠠ ᠯᠠᠮᠠ ᠶ᠋ᠢᠨ ᠬᠥᠬᠡ ᠯᠠᠭᠤᠰᠠ ᠶᠠᠭᠠᠬᠢᠵᠤ ᠭᠦᠢᠴᠡᠬᠦ ᠪᠣᠢ ᠳᠠ ! ᠲᠣᠭᠣᠰᠣᠨ ᠳ᠋ᠤᠨᠢ ᠬᠠᠬᠠᠵᠤ ᠦᠬᠦᠨ᠎ᠡ ᠳᠡ ! ᠬᠥᠭᠡᠷᠦᠬᠦᠢ ᠭᠡᠵᠦ ᠨᠢᠭᠡ ᠦᠶ᠎ᠡ ᠬᠥᠮᠦᠰ ᠴᠠᠢ ᠶ᠋ᠢᠨ ᠵᠣᠭᠣᠭ ᠪᠣᠯᠭᠠᠵᠤ ᠱᠤᠤᠭᠢᠭᠠᠳ ᠥᠩᠭᠡᠷᠡᠪᠡ᠃

          ᠦᠰᠦᠭ ᠠᠮᠢᠯᠠᠭᠤᠯᠤᠭᠰᠠᠨ ᠨᠢ᠄  <ᠬᠡᠯᠡ ᠪᠢᠴᠢᠭ> ᠬᠣᠯᠪᠣᠭ᠎ᠠ