ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠬᠣᠶᠠᠷ > Хан мунын сүүрс < дээд > – Мөнх зохиоов ᠂ Тэргүүн бодь – Нэгдүгээр бүлэг <2>
ᠲᠡᠷᠢᠭᠦᠨ ᠪᠣᠲᠢ – ᠨᠢᠭᠡᠳᠦᠭᠡᠷ ᠪᠦᠯᠦᠭ < ᠬᠣᠶᠠᠷ >
ᠬᠣᠶᠠᠷ
ᠰᠢᠷᠠᠪᠳᠤᠷᠵᠢ ᠬᠦᠩ ᠨᠣᠶᠠᠨᠲᠠᠨ ᠤ᠋ ᠪᠠᠭ᠎ᠠ ᠬᠠᠲᠤᠨ ᠪᠣᠭᠲᠣᠯᠠᠵᠤ ᠪᠠᠭᠤᠯᠭᠠᠭᠰᠠᠨ ᠨᠢᠵᠢᠭᠢᠷ ᠶᠡᠬᠡ ᠬᠤᠷᠢᠮ ᠰᠢᠪᠲᠤᠷᠠᠯᠠ᠃ ᠬᠤᠷᠢᠮ ᠳ᠋ᠤ᠌ ᠪᠤᠵᠢᠭᠢᠨᠠᠭᠰᠠᠨ ᠬᠥᠮᠦᠰ ᠨᠠᠢᠷ ᠰᠢᠪᠲᠤᠷᠠᠬᠤ ᠪᠠᠷ ᠪᠡᠶ᠎ᠡ ᠰᠡᠳᠬᠢᠯ ᠨᠢᠭᠡ ᠲᠠᠯᠪᠢᠭᠳᠠᠭᠰᠠᠨ ᠢ᠋ ᠥᠭᠦᠯᠡᠬᠦ ᠶᠠᠭᠤᠨ᠃
ᠲᠡᠷᠡ ᠰᠥᠨᠢ ᠨᠣᠶᠠᠨ ᠰᠠᠩ ᠤ᠋ᠨ ᠵᠤᠰᠠᠭᠠᠯ ᠰᠠᠭᠤᠷᠢᠨ ᠢ᠋ᠶ᠋ᠠᠷ ᠢ᠋ᠶ᠋ᠠᠨ ᠰᠥᠨᠥᠭᠰᠡᠨ ᠶᠦᠮ ᠰᠢᠭ ᠨᠣᠢᠷ ᠲᠠᠭᠠᠨ ᠨᠠᠮ ᠴᠣᠬᠢᠭᠤᠯᠵᠤ ᠤᠨᠲᠠᠵᠠᠭᠠᠵᠠᠢ᠃
ᠰᠥᠨᠢ ᠢᠯᠢᠮ ᠵᠢᠯᠢᠮ ᠃
ᠬᠠᠶᠠᠭ᠎ᠠ ᠳᠡᠷᠡᠯᠡᠵᠦ ᠬᠡᠪᠲᠡᠭᠰᠡᠨ ᠬᠣᠨᠢ ᠢᠮᠠᠭᠠᠳ ᠤ᠋ᠨ ᠢᠷᠠᠭᠯᠠᠨ ᠬᠡᠪᠢᠬᠦ ᠂ ᠴᠠᠳᠬᠤᠯᠳᠠᠭᠰᠠᠨ ᠦᠨᠢᠶᠡᠳ ᠤᠷᠲᠤ ᠠᠮᠢᠰᠬᠤᠨ ᠨᠠᠮ ᠤᠤᠨᠢᠬᠤ ᠡᠭᠡᠯᠢᠲᠡᠢ ᠠᠨᠢᠷ ᠳᠤᠭᠤᠯᠳᠠᠨ᠎ᠠ ᠃ ᠡᠭᠦᠨ ᠦ᠌ ᠵᠠᠪᠰᠠᠷ ᠢ᠋ᠶ᠋ᠠᠷ ᠬᠣᠲᠠᠴᠢ ᠨᠣᠬᠠᠳ ᠤ᠋ᠨ ᠬᠠᠶᠠ ᠨᠢᠭᠡ ᠶᠠᠯᠢᠮ ᠦᠭᠡᠢ ᠴᠢᠮᠡᠭᠡ ᠡᠴᠡ ᠰᠡᠵᠢᠭ ᠠᠪᠴᠤ ᠵᠠᠯᠬᠠᠭᠤᠲᠠᠢ ᠬᠤᠴᠠᠬᠤ ᠳᠠᠭᠤᠨ ᠠ᠋ᠴᠠ ᠥᠭᠡᠷ᠎ᠡ ᠠᠨᠢᠷ ᠠᠯᠠᠭ᠎ᠠ᠃ ᠦᠦᠷ ᠲᠡᠮᠲᠡᠷᠢᠭᠳᠡᠯᠡ ᠁ ᠤᠯᠠᠭᠠᠨ ᠬᠠᠲᠤᠨ ① ᠦ᠌ ᠵᠡᠭᠡᠰᠦᠲᠡᠢ ᠶ᠋ᠢᠨ ᠲᠣᠬᠣᠢ ᠳ᠋ᠤ᠌ ᠥᠩᠰᠢᠭ ᠵᠤᠰᠠᠭᠠ ᠨᠣᠶᠠᠨ ᠰᠠᠩ ᠤ᠋ᠨ ᠬᠢᠨ ᠨᠣᠢᠷ ᠤ᠋ᠨ ᠳᠠᠯᠠᠯᠭᠠᠨ ᠳ᠋ᠤ᠌ ᠨᠠᠮ ᠴᠣᠬᠢᠭᠤᠯᠤᠭᠰᠠᠨ ᠠᠳᠤᠭᠤᠨ ᠤ᠋ ᠡᠪᠦᠭᠡᠨ ᠰᠢᠭ ᠰᠦᠭ ᠰᠦᠯᠳᠡ ᠦᠭᠡᠢ ᠪᠦᠦᠷ ᠲᠦᠦᠷ ᠪᠥᠷᠲᠥᠯᠵᠡᠨ᠎ᠡ᠃ ᠬᠥᠬᠡ ᠬᠥᠯᠲᠥᠷᠭᠡ ᠲᠡᠢ ᠬᠦᠷᠡᠩ ᠪᠣᠷᠵᠢᠨ ᠴᠢᠯᠠᠭᠤᠨ ᠪᠠᠭᠠᠨ᠎ᠠ ᠪᠠᠷ ᠵᠡᠯᠡᠯᠡᠨ ᠲᠠᠲᠠᠭᠰᠠᠨ ᠮᠣᠷᠢᠨ ᠤ᠋ ᠤᠶᠠᠭᠠᠨ ᠤ᠋ ᠨᠡᠯᠢᠶᠡᠳ ᠴᠠᠭᠠᠨ᠎ᠠ ᠨᠣᠶᠠᠨ ᠰᠠᠩ ᠤ᠋ᠨ ᠦᠬᠡᠷ᠂ ᠠᠳᠤᠭᠤ ᠬᠣᠨᠢᠨ ᠤ᠋ ᠵᠠᠷᠤᠴᠠᠰ ᠤ᠋ᠨ ᠬᠠᠭᠤᠴᠢᠨ ᠪᠣᠷᠣ ᠭᠡᠷ ᠦ᠋ᠳ ᠡᠪ ᠳᠦᠢᠲᠡᠢ ᠪᠠᠭᠤᠭᠰᠠᠨ ᠠᠵᠢ᠃ ᠪᠠᠰᠠ ᠶᠡᠬᠡ ᠭᠡᠷ᠂ ᠭᠠᠯ ᠲᠣᠭᠣᠭᠠᠨ ᠤ᠋ ᠭᠡᠷ ᠵᠠᠷᠤᠴᠠᠰ ᠤ᠋ᠨ ᠠᠷᠭᠠᠯ ᠲᠦᠯᠡᠭᠡᠨ ᠦ᠌ ᠣᠪᠣᠭ᠎ᠠ ᠪᠠᠢᠷᠢᠯᠠᠭᠰᠠᠨ ᠨᠢ ᠮᠠᠰᠢᠳᠠ ᠡᠪᠯᠢᠭᠬᠡᠨ᠃ ᠭᠣᠣᠯ ᠭᠡᠷ᠂ ᠶᠡᠬᠡ ᠪᠠᠭ᠎ᠠ ᠬᠠᠲᠤᠭᠲᠠᠢ᠂ ᠲᠤᠰᠠᠯᠠᠭᠴᠢ ᠨᠣᠶᠠᠨ ᠤ᠋ ᠤᠷᠲᠤ ᠭᠡᠷ ᠡᠴᠡ ᠭᠠᠳᠠᠨ᠎ᠠ ᠪᠠᠰᠠ ᠪᠠᠷᠠᠭᠤᠨ ᠲᠠᠯ᠎ᠠ ᠪᠠᠷ ᠨᠣᠶᠠᠨ ᠰᠠᠩ ᠤ᠋ᠨ ᠭᠠᠯ ᠲᠣᠭᠣᠭᠠᠨ ᠤ᠋ ᠭᠡᠷ ᠭᠡᠵᠦ ᠤᠲᠤᠭ᠎ᠠ ᠲᠣᠭᠣᠰᠣ᠂ ᠲᠣᠰᠣ ᠬᠡᠩᠰᠢᠭᠦᠦ ᠪᠣᠯᠤᠭᠰᠠᠨ ᠴᠠᠴᠠᠷ ᠮᠠᠢᠬᠠᠨ ᠨᠤᠭᠤᠳ ᠵᠢᠭᠳᠡᠬᠡᠨ ᠡᠩᠨᠡᠷᠡᠨᠡ᠃ ᠠᠯᠤᠰ ᠲᠤ᠌ ᠪᠠᠷᠠᠭᠠᠨᠲᠤᠬᠤ ᠵᠡᠭᠦᠨ ᠬᠥᠲᠥᠯ ᠦ᠋ᠨ ᠴᠠᠭᠠᠨ᠎ᠠ ᠠ᠋ᠴᠠ ᠴᠠᠭᠠᠨ ᠭᠡᠭᠡ ᠰᠤᠪᠤᠷᠠᠵᠤ ᠦᠦᠷ ᠮᠠᠩᠬᠠᠢᠲᠠᠯ᠎ᠠ ᠴᠠᠢᠪᠠ᠃
ᠤᠯᠠᠭᠠᠨ ᠬᠠᠲᠤᠨ ᠤ᠋ ᠬᠣᠢᠲᠤ ᠬᠥᠪᠡᠭᠡ ᠶ᠋ᠢ ᠪᠠᠷᠢᠵᠤ ᠬᠥᠲᠥᠯᠦᠭᠡ ᠮᠣᠷᠢ ᠲᠠᠢ ᠬᠥᠮᠦᠨ ᠴᠢᠯᠥᠭᠡ ᠦᠭᠡᠢ ᠶᠠᠪᠤᠭᠰᠠᠭᠠᠷ ᠳᠠᠷᠠᠰᠤ ᠲᠠᠢ ᠪᠤᠯᠤᠩ ᠳ᠋ᠤ᠌ ᠵᠤᠰᠠᠭᠰᠠᠨ ᠨᠣᠶᠠᠨ ᠰᠠᠩ ᠤ᠋ᠨ ᠬᠠᠶᠠᠭ᠎ᠠ ᠵᠦᠭ ᠣᠢᠷᠠᠳᠴᠤ ᠪᠠᠢᠪᠠ᠃ ᠬᠣᠯᠠ ᠠ᠋ᠴᠠ ᠣᠢᠷᠠᠳᠬᠤ ᠮᠣᠷᠢᠨ ᠤ᠋ ᠲᠦᠪᠡᠷᠭᠡᠨ ᠢ᠋ ᠠᠨᠢᠷᠲᠤᠭᠰᠠᠨ ᠬᠣᠲᠠᠴᠢ ᠨᠣᠬᠠᠢ ᠬᠥᠪ ᠬᠥᠪ ᠬᠣᠷᠭᠣᠭᠣᠨ᠎ᠠ᠃ ᠬᠥᠲᠥᠯᠦᠭᠡ ᠮᠣᠷᠢ ᠲᠠᠢ ᠲᠡᠷᠡ ᠬᠥᠮᠦᠨ ᠵᠤᠰᠠᠭᠠᠯ ᠤ᠋ᠨ ᠵᠡᠭᠦᠨᠲᠡᠢᠬᠡᠨ ᠬᠥᠮᠦᠨ ᠦ᠌ ᠬᠢᠷᠢ ᠥᠨᠳᠥᠷ ᠳᠡᠷᠡᠰᠦᠨ ᠳ᠋ᠦ᠍ ᠪᠡᠶ᠎ᠡ ᠪᠡᠨ ᠳᠠᠯᠳᠠᠯᠠᠩᠭᠠᠨ ᠪᠣᠯᠵᠣᠵᠤ ᠰᠠᠮ ᠠᠭᠤᠯᠵᠠᠬᠤ ᠭᠡᠰᠡᠨ ᠪᠤᠶᠤ ᠶᠠᠮᠠᠷ ᠨᠢᠭᠡᠨ ᠪᠠᠴᠢᠮ ᠴᠢᠮᠡᠭᠡ ᠬᠦᠷᠭᠡᠵᠦ ᠶᠠᠪᠤᠭ᠎ᠠ ᠭᠡᠮᠡᠷ ᠡᠢᠰᠢ ᠲᠡᠢᠰᠢ ᠰᠡᠷᠡᠮᠵᠢᠲᠡᠢᠬᠡᠨ ᠠᠵᠢᠭ᠌ᠯᠠᠨᠠ᠃ ᠤᠨᠤᠭᠰᠠᠨ ᠮᠣᠷᠢ ᠨᠢ ᠠᠮᠢᠰᠬᠤᠭ᠎ᠠ ᠰᠡᠯᠪᠢᠵᠦ ᠲᠤᠷᠭᠢᠬᠤ ᠪᠠᠷ ᠡᠵᠡᠨ ᠦ᠌ ᠪᠡᠨ ᠨᠢᠭᠤᠷ ᠬᠠᠴᠠᠷ ᠲᠤ᠌ ᠰᠢᠪᠡᠷᠡᠭᠡ ᠨᠠᠷᠢᠨ ᠪᠣᠷᠣᠭ᠎ᠠ ᠲᠥᠰᠦᠷᠭᠡᠬᠦ ᠰᠢᠭ ᠨᠣᠢᠲᠠᠩᠨᠠᠭᠤᠯᠪᠠ᠃ ᠲᠡᠷᠡ ᠡᠷ᠎ᠡ ᠬᠠᠨᠴᠤᠢ ᠪᠠᠷ ᠢ᠋ᠶ᠋ᠠᠨ ᠨᠢᠭᠤᠷ ᠢ᠋ᠶ᠋ᠠᠨ ᠵᠦᠯᠭᠦᠭᠰᠡᠨ ᠪᠣᠯᠤᠭᠠᠳ ᠪᠣᠷᠣᠯᠠᠭ ᠮᠢᠨᠢ᠂ ᠤᠬᠠᠭᠠᠨ ᠲᠠᠢ ᠪᠠᠢᠵᠤ ᠦᠵᠡ! ᠳᠣᠷᠭᠢᠶᠠᠨ ᠢ᠋ᠶ᠋ᠠᠷ ᠡᠪᠦᠭᠡᠨ ᠴᠢᠨᠢ ᠪᠠᠯᠠᠷᠠᠵᠤ ᠮᠡᠳᠡᠨ᠎ᠡ ᠰᠢᠦ ᠭᠡᠵᠦ ᠮᠣᠷᠢᠨ ᠤ᠋ ᠪᠠᠨ ᠮᠤᠨᠳᠠᠭ᠎ᠠ ᠶ᠋ᠢ ᠲᠠᠪᠰᠢᠵᠤ ᠵᠢᠭᠳᠡ ᠬᠢᠷᠭᠠᠵᠤ ᠶᠠᠩᠵᠤᠯᠠᠭᠰᠠᠨ ᠳᠡᠯ ᠢ᠋ ᠨᠢ ᠰᠢᠯᠤᠭᠤᠳᠬᠠᠵᠤ ᠢᠯᠪᠢᠭᠡᠳ ᠰᠢᠪᠡᠨᠡᠪᠡ᠃
ᠲᠡᠭᠡᠲᠡᠯ᠎ᠡ ᠭᠠᠯ ᠲᠣᠭᠣᠭᠠᠨ ᠤ᠋ ᠳᠤᠮᠳᠠᠬᠢ ᠮᠠᠢᠬᠠᠨ ᠠ᠋ᠴᠠ ᠡᠪᠦᠭᠡᠵᠢᠶᠡᠷ ᠬᠥᠮᠦᠨ ᠬᠣᠯᠬᠢᠨᠳᠠᠭ ᠭᠤᠲᠤᠯ ᠴᠢᠷᠦᠭᠰᠡᠨ ᠶᠦᠮ ᠤᠤ ᠭᠡᠮᠡᠷ ᠪᠣᠷᠪᠢ ᠪᠠᠨ ᠫᠡᠷ ᠫᠡᠷ ᠴᠢᠷᠴᠦ ᠲᠦᠯᠡᠭᠡᠨ ᠦ᠌ ᠣᠪᠣᠭᠠᠨ ᠠ᠋ᠴᠠ ᠠᠷᠭᠠᠯ ᠬᠣᠷᠮᠣᠢᠯᠠᠵᠤ ᠠᠪᠤᠭᠠᠳ ᠪᠤᠴᠠᠪᠠ᠃ ᠭᠠᠯ ᠲᠣᠭᠣᠭᠠᠨ ᠤ᠋ ᠭᠡᠷ ᠦ᠋ᠨ ᠬᠠᠷᠠᠯᠠᠭᠰᠠᠨ ᠴᠣᠨᠵᠢ ᠠ᠋ᠴᠠ ᠥᠳᠬᠡᠨ ᠤᠲᠤᠭ᠎ᠠ ᠪᠤᠷᠭᠢᠵᠤ ᠡᠬᠢᠯᠡᠪᠡ᠃
ᠳᠡᠷᠡᠰᠦᠨ ᠦ᠌ ᠴᠠᠭᠠᠨᠠᠬᠢ ᠡᠷ᠎ᠡ ᠪᠠᠴᠢᠮᠳᠠᠰᠬᠢᠵᠤ《 ᠬᠣᠯᠠ ᠶ᠋ᠢᠨ ᠪᠠᠷ᠎ᠠ ᠲᠡᠮᠲᠡᠷᠢᠭᠳᠡᠯᠡ ᠁ ᠶᠠᠭᠠᠬᠢᠴᠢᠬᠠᠪᠠ ᠳᠠ? ᠰᠠᠭᠠᠳ ᠭᠠᠷᠤᠭ᠎ᠠ ᠤᠤ? ᠡᠰᠡᠬᠦᠯ᠎ᠡ ᠡᠳᠦᠷ ᠨᠢ ᠳᠡᠩᠳᠡᠭᠦᠦ ᠶᠠᠳᠠᠷᠠᠭᠰᠠᠨ ᠠ᠋ᠴᠠ ᠤᠨᠲᠠᠵᠤ ᠣᠷᠬᠢᠪᠠ ᠤᠤ? 》 ᠭᠡᠮᠡᠨ ᠡᠯᠳᠡᠪ ᠢ᠋ ᠪᠣᠳᠣᠵᠤ ᠬᠦᠯᠢᠶᠡᠨ ᠶᠠᠳᠠᠨ᠎ᠠ᠃ ᠡᠨᠡ ᠡᠷ᠎ᠡ ᠶ᠋ᠢ ᠠᠩᠴᠢᠨᠵᠠᠪ ᠭᠡᠳᠡᠭ᠃ ᠲᠡᠷᠡ ᠪᠡᠷ ᠤᠷᠠᠳ ᠤ᠋ᠨ ᠪᠠᠷᠠᠭᠤᠨ ᠬᠦᠩ ᠦ᠋ᠨ ᠬᠤᠰᠢᠭᠤᠨ ᠤ᠋ ᠰᠠᠢᠬᠠᠨ ᠪᠠᠭᠤᠯᠭᠠᠭᠰᠠᠨ ᠰᠢᠨ᠎ᠡ ᠬᠠᠲᠤᠨ ᠤ᠋ ᠤᠤᠭᠠᠨ ᠢᠨᠠᠭ ᠢ᠋ ᠠᠷᠭᠠᠮᠵᠢᠭᠰᠠᠨ ᠰᠡᠳᠬᠢᠯ ᠲᠡᠢ ᠬᠥᠮᠦᠨ ᠨᠢ ᠪᠠᠢᠯ᠎ᠠ᠃
ᠠᠩᠴᠢᠨᠵᠠᠪ ᠰᠡᠷᠭᠦᠮ᠎ᠡ ᠬᠣᠶᠠᠷ ᠪᠣᠯ ᠪᠡᠶ᠎ᠡ ᠬᠠᠳᠠ᠂ ᠥᠩᠭᠡ ᠵᠢᠰᠦ ᠲᠡᠩᠴᠡᠭᠰᠡᠨ ᠪᠠᠷᠢᠯᠳᠤᠯᠭᠠᠲᠤ ᠬᠣᠣᠰ ᠭᠡᠮᠡᠷ᠃ ᠤᠷᠠᠨ ᠬᠠᠵᠢᠨ ᠰᠢᠪᠠᠭᠤ ᠰᠢᠭ᠋ ᠢ᠋ᠶ᠋ᠡᠨ ᠲᠣᠭᠲᠠᠭᠤᠬᠠᠨ ᠨᠠᠭᠤᠷ ᠤ᠋ᠨ ᠴᠡᠩᠭᠡᠭ ᠤᠰᠤᠨ ᠤ᠋ ᠵᠡᠭᠡᠰᠦᠨ ᠴᠣᠬᠣᠷ ᠬᠡᠷᠡᠮ ᠦ᠋ᠨ ᠬᠠᠯᠬᠠᠪᠴᠢ ᠳ᠋ᠤ᠌ ᠨᠥᠮᠥᠷᠢᠳᠡᠨ ᠠᠮᠤᠭᠤᠯᠠᠩ ᠲᠠᠢᠪᠤᠩ ᠵᠢᠷᠭᠠᠬᠤ ᠶ᠋ᠢ ᠬᠡᠳᠦᠢ ᠴᠦ᠍ ᠬᠦᠰᠡᠪᠡ᠃ ᠣᠭᠣᠰᠣᠷ ᠦᠭᠡᠢ ᠣᠷᠴᠢᠯᠠᠩ ᠤ᠋ᠨ ᠤᠷᠪᠠᠭᠠᠨ ᠬᠥᠷᠪᠡᠭᠡᠨ ᠲᠡᠢ ᠣᠨᠢ ᠶ᠋ᠢ ᠲᠡᠳᠡ ᠶᠠᠭᠠᠬᠢᠵᠤ ᠴᠦ᠍ ᠰᠡᠪ ᠦᠭᠡᠢ ᠣᠨᠣᠭᠠᠬᠤ ᠪᠢᠯᠡ? ᠬᠣᠷᠸ᠎ᠠ ᠳ᠋ᠤ᠌ ᠬᠥᠮᠦᠨ ᠪᠣᠯᠵᠤ ᠬᠥᠯ ᠬᠢᠰᠭᠢᠭᠰᠡᠨ ᠴᠠᠭ ᠠ᠋ᠴᠠ ᠠᠪᠤᠭᠠᠳ ᠬᠤᠪᠢ ᠲᠠᠪᠢᠯᠠᠩ ᠢ᠋ᠶ᠋ᠠᠨ ᠡᠷᠬᠡᠰᠢᠶᠡᠨ ᠬᠤᠪᠢᠳᠠᠵᠤ ᠡᠵᠡᠨ ᠮᠡᠳᠡᠬᠦ ᠴᠢᠳᠠᠯ ᠡᠳᠡᠨ ᠳ᠋ᠦ᠍ ᠪᠠᠢᠭᠰᠠᠨ ᠦᠭᠡᠢ᠃ ᠬᠠᠷᠢᠨ ᠡᠷᠬᠡ ᠶᠠᠮᠪᠠᠲᠠᠨ᠂ ᠡᠳ᠋ ᠮᠥᠩᠭᠥ᠂ ᠡᠬᠡ ᠡᠴᠢᠭᠡ᠂ ᠶᠡᠬᠡᠰ ᠲᠣᠮᠣᠭᠠᠲᠠᠨ ᠤ᠋ ᠠᠶ᠎ᠠ ᠡᠷᠬᠡ ᠶ᠋ᠢ ᠳᠠᠭᠠᠬᠤ ᠲᠠᠪᠢᠯᠠᠩ ᠲᠠᠢ ᠯᠠ ᠪᠠᠢᠵᠠᠢ᠃
ᠰᠡᠷᠭᠦᠮ᠎ᠡ ᠶ᠋ᠢᠨ ᠡᠬᠡ ᠭᠡᠭᠴᠢ ᠢᠵᠠᠭᠤᠷᠲᠠᠨ ᠤᠭᠰᠠᠭ᠎ᠠ ᠲᠠᠢ ᠰᠦᠷᠡᠬᠡᠢ ᠰᠠᠮᠠᠭᠠᠨ᠃ ᠵᠠᠪᠠᠯ ᠰᠠᠨᠠᠭᠠᠨ ᠳ᠋ᠠᠭᠠᠨ ᠬᠦᠷᠬᠦ ᠭᠡᠵᠦ ᠬᠠᠢᠷᠠᠲᠠᠢ ᠭᠠᠭᠴᠠ ᠥᠬᠢᠨ ᠢ᠋ᠶ᠋ᠡᠨ ᠲᠠᠢᠵᠢ ᠤᠳᠤᠮᠲᠤ᠃ ᠢᠵᠠᠭᠤᠷᠲᠠᠨ ᠭᠠᠷᠣᠯᠲᠦ᠂ ᠵᠡᠷᠭᠡ ᠵᠢᠩᠰᠡ ᠲᠡᠢ ᠬᠥᠮᠦᠨ ᠳ᠋ᠦ᠍ ᠪᠣᠭᠲᠣᠯᠠᠭᠤᠯᠬᠤ ᠭᠡᠰᠡᠨ ᠭᠠᠭᠴᠠ ᠪᠣᠳᠣᠯ ᠢ᠋ ᠨᠢ ᠬᠡᠨ ᠬᠥᠮᠦᠨ ᠴᠦ᠍ ᠥᠭᠡᠷᠡᠴᠢᠯᠡᠬᠦ ᠠᠷᠭ᠎ᠠ ᠦᠭᠡᠢ ᠳᠠᠭᠠᠭᠠᠳ ᠯᠠ ᠪᠥᠮᠪᠥᠷᠢᠳᠡᠭ ᠬᠡᠷᠡᠭ! ᠲᠡᠷᠡ ᠪᠡᠷ ᠥᠬᠢᠨ ᠦ᠌ ᠪᠡᠨ ᠠᠩᠴᠢᠨᠵᠠᠪ ᠲᠠᠢ ᠡᠢᠮᠦ ᠲᠡᠢᠮᠦ ᠪᠣᠯᠤᠭᠰᠠᠨ ᠢ᠋ ᠰᠡᠪ ᠴᠤᠬᠢᠭᠰᠠᠨ ᠠ᠋ᠴᠠ ᠥᠬᠢᠨ ᠢ᠋ᠶ᠋ᠡᠨ ᠢᠳᠬᠠᠵᠤ ᠬᠣᠷᠢᠭᠯᠠᠨ᠎ᠠ᠃ ᠡᠯᠳᠡᠪ ᠠᠷᠭ᠎ᠠ ᠤᠬᠠᠭᠠᠨ ᠬᠡᠷᠡᠭᠯᠡᠵᠦ ᠠᠩᠴᠢᠨᠵᠠᠪ ᠲᠠᠢ ᠣᠢᠷᠠᠲᠤᠭᠤᠯᠬᠤ ᠦᠭᠡᠢ ᠪᠠᠢᠬᠤ ᠶ᠋ᠢ ᠣᠷᠣᠯᠳᠣᠨ᠎ᠠ᠃ ᠲᠡᠭᠡᠭᠡᠳ ᠨᠡᠮᠡᠷᠢ ᠦᠭᠡᠢ ᠳ᠋ᠦ᠍ᠨᠢ ᠰᠢᠢᠳ ᠬᠠᠲᠠᠭᠤ ᠬᠣᠷᠢᠵᠤ᠂ ᠡᠴᠦᠰ ᠲᠡᠭᠡᠨ ᠤᠷᠠᠳ ᠤ᠋ᠨ ᠪᠠᠷᠠᠭᠤᠨ ᠬᠦᠩ ᠦ᠋ᠨ ᠨᠣᠶᠠᠨ ᠰᠢᠷᠠᠪᠳᠣᠷᠵᠢ ᠶ᠋ᠢᠨ ᠪᠠᠭ᠎ᠠ ᠬᠠᠲᠤᠨ ᠪᠣᠯᠭᠠᠵᠤ ᠪᠣᠭᠲᠣᠯᠠᠨ ᠥᠭᠭᠦᠭᠰᠡᠨ ᠨᠢ ᠡᠨᠡ ᠪᠠᠢᠵᠠᠢ᠃
ᠦᠦᠷ ᠢ᠋ᠶ᠋ᠡᠷ ᠪᠣᠰᠴᠤ ᠦᠨᠢᠶ᠎ᠡ ᠰᠠᠭᠠᠬᠤ ᠪᠠᠷ ᠭᠠᠷᠤᠭᠰᠠᠨ ᠬᠥᠭᠰᠢᠨ ᠵᠡᠭᠦᠨ ᠡᠴᠡ ᠨᠢᠭᠡ ᠮᠣᠷᠢᠲᠠᠢ ᠬᠥᠮᠦᠨ ᠠᠢᠰᠤᠢ ᠶ᠋ᠢ ᠬᠠᠷᠠᠭᠰᠠᠨ ᠢ᠋ᠶ᠋ᠠᠨ ᠠᠳᠤᠭᠤᠨ ᠤ᠋ ᠮᠠᠨᠠᠭᠠᠨ ᠤ᠋ ᠬᠥᠮᠦᠨ᠂ ᠡᠰᠡᠪᠡᠯ ᠬᠥᠯ ᠠᠯᠳᠠᠭᠰᠠᠨ ᠣᠷᠣᠭ᠎ᠠ ᠪᠣᠰᠬᠠᠭ᠎ᠠ ᠴᠠᠭ ᠤ᠋ᠨ ᠲᠠᠬᠠᠷ ᠤ᠋ᠳ ᠤ᠋ᠨ ᠨᠢᠭᠡ ᠨᠢ ᠨᠣᠶᠠᠨ ᠰᠠᠩ ᠳ᠋ᠤ᠌ ᠢᠷᠡᠵᠦ ᠶᠠᠪᠤᠭ᠎ᠠ ᠴᠦ᠍ ᠶᠤᠮ ᠤᠤ ᠭᠡᠵᠦ ᠪᠣᠳᠣᠭᠠᠳ ᠶᠠᠭᠤᠮ᠎ᠠ ᠪᠣᠯᠭᠠᠭᠰᠠᠨ ᠦᠭᠡᠢ ᠦᠨᠢᠶ᠎ᠡ ᠪᠡᠨ ᠰᠠᠭᠠᠬᠤ ᠪᠠᠷ ᠴᠠᠭᠠᠰᠢ ᠪᠠᠨ ᠶᠠᠪᠤᠪᠠ᠃
ᠰᠥᠨᠢᠵᠢᠨ ᠭᠠᠭᠴᠠ ᠬᠣᠶᠠᠷ ᠳᠤᠭᠭᠢᠵᠤ ᠰᠡᠷᠭᠡᠭ ᠬᠣᠨᠣᠭᠰᠠᠨ ᠰᠡᠷᠭᠦᠮ᠎ᠡ ᠦᠦᠷ ᠬᠠᠶᠠᠭᠠᠷᠠᠬᠤ ᠶ᠋ᠢᠨ ᠠᠯᠲᠠ ᠪᠠᠷ ᠬᠣᠯᠠ ᠶ᠋ᠢᠨ ᠮᠣᠷᠢᠨ ᠤ᠋ ᠲᠦᠪᠡᠷᠭᠡᠨ ᠦ᠌ ᠴᠢᠮᠡᠭᠡ ᠪᠡᠷ ᠠᠩᠴᠢᠨᠵᠠᠪ ᠤ᠋ᠨ ᠢ᠋ᠶ᠋ᠠᠨ ᠢᠷᠡᠭᠰᠡᠨ ᠢ᠋ ᠲᠠᠪᠯᠠᠨ ᠮᠡᠳᠡᠵᠦ᠂ ᠡᠦᠲᠦ ᠪᠡᠷ ᠢ᠋ᠶ᠋ᠡᠨ ᠭᠠᠷᠴᠤ ᠠᠭᠤᠯᠵᠠᠬᠤ ᠭᠡᠵᠦ ᠶᠠᠭᠠᠷᠠᠨ ᠳᠡᠷᠭᠡᠳᠡ ᠨᠢ ᠠᠮᠠ ᠪᠠᠨ ᠠᠩᠭᠠᠢᠨ ᠰᠤᠯᠳᠠᠢᠨ ᠤᠨᠲᠠᠭᠰᠠᠨ ᠬᠦᠩ ᠨᠣᠶᠠᠨ ᠢ᠋ ᠬᠠᠷᠠᠭᠠᠳ《 ᠡᠨᠡ ᠮᠠᠭᠤ ᠬᠥᠭᠰᠢᠨ ᠪᠤᠬ᠎ᠠ ᠮᠢᠨᠦ ᠠᠷᠤ ᠠ᠋ᠴᠠ ᠮᠥᠭᠡᠷᠡᠨ ᠬᠣᠴᠣᠷᠬᠤ ᠲᠠᠪᠢᠯᠠᠩ ᠢ᠋ᠶ᠋ᠠᠨ ᠡᠳ᠋ᠯᠡᠭ 》 ᠭᠡᠳ ᠪᠣᠰᠴᠤ ᠭᠠᠷᠤᠭᠠᠳ ᠵᠡᠭᠦᠨ ᠲᠠᠯ᠎ᠠ ᠪᠠᠷ ᠣᠷᠣᠢ ᠨᠢ ᠪᠤᠮᠪᠠᠯᠵᠠᠭᠰᠠᠨ ᠮᠣᠩᠭᠣᠯ ᠭᠡᠷ ᠦ᠋ᠨ ᠬᠣᠢᠭᠤᠷ ᠬᠠᠷᠠᠪᠠᠯ ᠳᠡᠷᠡᠰᠦᠨ ᠦ᠌ ᠲᠣᠯᠣᠭᠠᠢ ᠶ᠋ᠢᠨ ᠴᠠᠭᠠᠨ᠎ᠠ ᠬᠣᠶᠠᠷ ᠮᠣᠷᠢᠨ ᠤ᠋ ᠲᠣᠯᠣᠭᠠᠢ ᠱᠤᠷᠤᠯᠵᠠᠬᠤ ᠬᠠᠷᠠᠭᠳᠠᠪᠠ᠃ ᠮᠥᠨ ! ᠲᠡᠷᠡ ᠮᠢᠨᠢ ᠶᠠᠭᠠᠬᠢᠬᠤ ᠠᠷᠭ᠎ᠠ ᠦᠭᠡᠢ ᠮᠥᠨ ! ᠨᠠᠮᠠᠶ᠋ᠢ ᠠᠪᠬᠤ ᠪᠠᠷ ᠢᠷᠡᠵᠡᠢ ᠭᠡᠵᠦ ᠪᠣᠳᠣᠬᠤ ᠲᠠᠢ ᠵᠡᠷᠭᠡ ᠵᠢᠷᠦᠬᠡ ᠨᠢ ᠯᠦᠭ ᠯᠦᠭ ᠬᠢᠨ ᠠᠮᠠ ᠪᠠᠷ ᠨᠢ ᠭᠠᠷᠴᠢᠬᠠᠮᠠᠷ ᠪᠤᠯᠭᠢᠯᠠᠵᠤ ᠪᠠᠢᠪᠠ᠃
ᠰᠢᠷᠠᠪᠳᠤᠷᠵᠢ ᠬᠦᠩ ᠨᠣᠶᠠᠨ ᠤ᠋ ᠳᠥᠲᠥᠭᠡᠷ ᠪᠠᠭ᠎ᠠ ᠬᠠᠲᠤᠨ ᠪᠠᠭᠤᠯᠭᠠᠵᠤ ᠪᠣᠭᠲᠣᠯᠠᠭᠰᠠᠨ ᠨᠢᠵᠢᠭᠢᠷ ᠶᠡᠬᠡ ᠬᠤᠷᠢᠮ ᠤ᠋ᠨ ᠲᠡᠷᠡ ᠡᠳᠦᠷ ᠬᠡᠦᠬᠡᠨ ᠲᠠᠯ᠎ᠠ ᠶ᠋ᠢᠨ ᠬᠢᠨ ᠵᠠᠪᠠᠯ ᠪᠤᠴᠠᠳᠠᠭ ᠵᠠᠩᠰᠢᠯ ᠲᠠᠢ ᠤᠴᠢᠷ ᠂ ᠰᠡᠷᠭᠦᠮ᠎ᠡ ᠲᠥᠷᠬᠥᠮ ᠦ᠋ᠨ ᠢ᠋ᠶ᠋ᠡᠨ ᠢᠲᠡᠭᠡᠯ ᠲᠡᠢ ᠨᠢᠭᠡ ᠳᠡᠭᠦᠦ ᠪᠡᠷ ᠢ᠋ᠶ᠋ᠡᠨ ᠠᠩᠴᠢᠨᠵᠠᠪ ᠲᠤ᠌ ᠳᠠᠮᠵᠢᠭᠤᠯᠤᠭᠰᠠᠨ ᠬᠡᠵᠢᠶ᠎ᠡ ᠂ ᠬᠠᠮᠢᠭ᠎ᠠ ᠬᠥᠲᠥᠯᠦᠭᠡ ᠮᠣᠷᠢ ᠪᠠᠷ ᠢᠷᠡᠵᠦ ᠲᠣᠰᠤᠭᠠᠷᠠᠢ ᠬᠣᠶᠠᠭᠤᠯᠠ ᠣᠷᠭᠣᠶᠠ ᠂ ᠬᠣᠯᠠ ᠶ᠋ᠢᠨ ᠬᠣᠯᠠ ᠡᠵᠡᠭᠦᠢ ᠭᠠᠵᠠᠷ ᠶᠠᠪᠤᠵᠤ ᠠᠮᠢᠳᠤᠷᠠᠶ᠎ᠠ ᠂ ᠠᠮᠠᠷᠠᠭ ᠮᠢᠨᠢ ᠡᠷᠬᠡᠪᠰᠢ ᠪᠣᠯᠵᠣᠭᠰᠠᠨ ᠴᠠᠭ ᠲᠤ ᠨᠠᠮᠠᠶ᠋ᠢ ᠪᠠᠨ ᠠᠪᠠᠴᠢᠬᠤ ᠪᠠᠷ ᠢᠷᠡᠭᠡᠷᠡᠢ! ᠭᠡᠵᠦ ᠪᠢᠴᠢᠭᠰᠡᠨ ᠬᠣᠶᠠᠷ ᠬᠤᠷᠤᠭᠤ ᠬᠠᠭᠤᠳᠠᠰᠤᠨ ᠤ᠋ ᠬᠠᠷᠢᠭᠤ ᠡᠨᠡ ᠪᠠᠢᠵᠠᠢ᠃
ᠰᠡᠷᠭᠦᠮ᠎ᠡ ᠢᠩᠭᠢᠵᠦ ᠪᠣᠳᠣᠬᠤ ᠲᠠᠢ ᠵᠡᠷᠭᠡ ᠥᠴᠥᠭᠡᠳᠦᠷ ᠣᠷᠣᠢ ᠨᠢ ᠪᠣᠯᠤᠭᠰᠠᠨ 《 ᠠᠶᠤᠮᠰᠢᠭᠲᠤ 》ᠬᠡᠷᠡᠭ ᠤᠳ ᠰᠠᠨᠠᠭᠠᠨ ᠳ᠋ᠤᠨᠢ ᠣᠷᠣᠪᠠ᠃
ᠰᠢᠷᠠᠪᠳᠤᠷᠵᠢ ᠬᠦᠩ ᠨᠣᠶᠠᠨ ᠂ ᠬᠤᠷᠢᠮ ᠳ᠋ᠤᠨᠢ ᠵᠠᠯᠠᠷᠠᠵᠤ ᠪᠠᠭᠤᠭᠰᠠᠨ ᠬᠥᠷᠰᠢ ᠬᠣᠰᠢᠭᠤᠳ ᠂ ᠰᠤᠮᠤ ᠨᠤᠭᠤᠳ ᠤ᠋ᠨ ᠣᠲᠣᠭᠠᠲᠠᠨ ᠵᠢᠩᠰᠠᠲᠠᠨ᠂ ᠭᠡᠢᠴᠢᠨ ᠵᠣᠴᠢᠳ ᠢ᠋ᠶ᠋ᠠᠨ ᠪᠠᠶᠠᠰᠬᠠᠬᠤ ᠶ᠋ᠢᠨ ᠲᠤᠰᠠᠳᠠ ᠠᠷᠢᠬᠢ ᠳᠠᠷᠠᠰᠤ᠂ ᠮᠢᠬ᠎ᠠ ᠲᠣᠰᠣ ᠪᠠᠷ ᠪᠢᠯᠠᠭᠤᠷᠠᠲᠠᠯᠠ ᠵᠣᠴᠢᠯᠠᠵᠤ᠂ ᠨᠢᠳᠦᠨ ᠳ᠋ᠡᠭᠡᠨ ᠢᠨᠢᠶᠡᠳᠦ ᠲᠣᠭᠯᠠᠭᠤᠯᠤᠭᠰᠠᠭᠠᠷ ᠮᠠᠰᠢ ᠣᠷᠣᠢ ᠪᠣᠯᠵᠤ ᠬᠤᠷᠢᠮ ᠲᠠᠷᠬᠠᠬᠤ ᠳ᠋ᠤ᠌ ᠰᠠᠶ᠋ᠢᠬᠠᠨ ᠰᠢᠨ᠎ᠡ ᠬᠠᠲᠤᠨ ᠪᠣᠯᠤᠭᠰᠠᠨ ᠰᠡᠷᠭᠦᠮ᠎ᠡ ᠶ᠋ᠢᠨ ᠥᠷᠥᠭᠡᠨ ᠳ᠋ᠦ᠍ ᠬᠦᠯᠴᠤᠭᠦᠷᠡᠮᠡᠭ ᠣᠷᠣᠵᠤ ᠣᠴᠢᠯ᠎ᠠ᠃ ᠶᠠᠮᠠᠷ ᠭᠡᠬᠦ ᠳ᠋ᠦ᠍ ᠬᠡᠴᠡᠭᠦᠦ ᠢᠰᠦᠮᠡᠭ ᠦᠮᠡᠬᠡᠢ ᠦᠨᠦᠷ ᠰᠡᠩᠬᠢ ᠲᠠᠲᠠᠭᠤᠯᠤᠭᠰᠠᠨ ᠰᠢᠷᠠᠪᠳᠤᠷᠵᠢ ᠬᠦᠩ ᠨᠣᠶᠠᠨ ᠲᠡᠨᠲᠦᠷ ᠮᠥᠨᠳᠥᠷ ᠭᠡᠭᠰᠡᠭᠡᠷ ᠭᠦᠩᠭᠠᠷᠠᠪᠠ ᠳ᠋ᠠᠬᠢ ᡀᠠᠮᠣ ᠪᠤᠷᠬᠠᠨ ᠳ᠋ᠤ᠌ ᠵᠤᠯᠠ ᠠᠰᠠᠭᠠᠨ᠎ᠠ᠃ ᠠᠮᠢᠯᠠᠭᠤᠯᠤᠭᠰᠠᠨ ᠥᠨᠥᠴᠢᠨ ᠵᠤᠯᠠ ᠨᠢ ᠰᠦᠮᠡᠯᠵᠡᠨ ᠰᠦᠮᠡᠯᠵᠡᠭᠰᠡᠭᠡᠷ ᠲᠦᠳᠡᠯ ᠦᠭᠡᠢ ᠤᠨᠲᠠᠷᠠᠪᠠ᠃《 ᠦᠷ᠎ᠡ ᠶ᠋ᠢᠨ ᠬᠤᠲᠤᠭ ᠬᠦᠰᠡᠭᠰᠡᠨ ᠴᠢᠩ ᠰᠡᠳᠬᠢᠯ ᠮᠢᠨᠢ ᠮᠠᠭᠤ ᠢᠷᠣ᠎ᠠ ᠪᠣᠯᠪᠠ ᠤᠤ? ᠤᠸᠮ ᠮᠠ᠋ ᠨᠢ ᠪᠠᠳ ᠮᠠᠢ ᠬᠣᠩ! 》 ᠭᠡᠵᠦ ᠨᠢᠳᠦ ᠪᠡᠨ ᠠᠨᠢᠨ ᠵᠠᠯᠪᠠᠷᠢᠭᠠᠳ ᠭᠦᠩᠭᠠᠷᠠᠪᠠ ᠶ᠋ᠢᠨ ᠳᠣᠣᠷᠠᠬᠢ ᠱᠦᠭᠦᠢ ᠳᠣᠲᠣᠷ᠎ᠠ ᠠ᠋ᠴᠠ ᠵᠠᠰᠠᠵᠤ ᠲᠠᠯᠪᠢᠭᠰᠠᠨ ᠵᠤᠯᠠ ᠠ᠋ᠴᠠ ᠪᠠᠰᠠ ᠨᠢᠭᠡ ᠶ᠋ᠢ ᠭᠠᠷᠭᠠᠵᠤ ᠨᠢᠮᠪᠠᠢ ᠭᠡᠭᠴᠢ ᠠᠰᠠᠭᠠᠪᠠ᠃
— ᠵᠠ᠂ ᠪᠦᠭᠦᠳᠡ ᠶ᠋ᠢ ᠮᠡᠳᠡᠭᠴᠢ ᠪᠤᠷᠬᠠᠨ ᠳ᠋ᠠᠭᠠᠨ ᠳᠠᠭᠠᠳᠬᠠᠶ᠎ᠠ! ᠴᠢ ᠪᠢᠳᠡ ᠬᠣᠶᠠᠷ ᠢ᠋ ᠪᠤᠷᠬᠠᠨ ᠲᠡᠭᠷᠢ ᠢᠪᠡᠭᠡᠵᠦ ᠵᠠᠰᠠᠭ ᠬᠦᠩ ᠵᠠᠯᠠᠭᠠᠮᠵᠢᠯᠠᠬᠤ ᠬᠦᠦ ᠲᠥᠷᠥᠭᠡᠰᠡᠢ! ᠪᠠᠭ᠎ᠠ ᠬᠠᠲᠤᠨ ᠮᠢᠨᠢ ᠦᠷ᠎ᠡ ᠶ᠋ᠢᠨ ᠬᠤᠲᠤᠭ ᠣᠷᠣᠰᠢᠬᠤ ᠠᠯᠲᠠᠨ ᠬᠡᠪᠡᠯᠢ ᠲᠡᠢ ᠪᠢᠵᠡ⁈ ᠭᠡᠵᠦ ᠳᠦᠲᠤᠨᠡᠭᠰᠡᠭᠡᠷ ᠰᠤᠢᠯᠡᠭᠢᠯᠡᠬᠰᠡᠨ ᠬᠦᠬᠰᠢᠨ ᠪᠤᠬ᠎ᠠ ᠰᠢᠭ᠋ ᠰᠡᠷᠭᠦᠮ᠎ᠡ ᠶ᠋ᠢᠨ ᠲᠣᠷᠭᠠᠨ ᠪᠡᠶ᠎ᠡ ᠶ᠋ᠢ ᠨᠥᠷᠢᠨ ᠬᠡᠪᠲᠡᠪᠡ᠃
ᠰᠡᠷᠭᠦᠮ᠎ᠡ ᠢᠩᠭᠢᠵᠦ ᠶᠠᠭᠠᠬᠢᠬᠤ ᠶ᠋ᠢᠨ ᠴᠦ᠍ ᠠᠷᠭ᠎ᠠ ᠦᠭᠡᠢ ᠲᠤᠯᠭᠠᠮᠳᠠᠭᠰᠠᠨ ᠳ᠋ᠠᠭᠠᠨ ᠪᠠᠯᠠᠳᠠᠨ ᠰᠠᠨᠳᠤᠷᠴᠤ《 ᠬᠡᠦᠬᠡᠨ ᠴᠠᠭᠠᠨ ᠪᠡᠶ᠎ᠡ ᠶ᠋ᠢᠨ ᠮᠢᠨᠢ ᠲᠣᠷᠭᠠᠨ ᠴᠡᠴᠡᠷᠡᠮᠡᠭ ᠢ᠋ ᠬᠥᠨᠳᠡᠬᠦ ᠁》 ᠭᠡᠰᠡᠨ ᠠᠢᠩᠭᠤᠷᠢ ᠠ᠋ᠴᠠ ᠵᠠᠢᠯᠠᠬᠤ ᠶ᠋ᠢᠨ ᠠᠷᠭ᠎ᠠ ᠦᠯᠦ ᠣᠯᠳᠠᠨ ᠮᠤᠬᠤᠷᠳᠠᠨ᠎ᠠ᠃ ᠡᠨᠡ ᠬᠦ ᠨᠢᠭᠤᠷ ᠨᠢᠳᠦ ᠦᠭᠡᠢ ᠨᠥᠷᠢᠭᠰᠡᠨ ᠬᠥᠯᠴᠥᠭᠦᠦ ᠪᠤᠬ᠎ᠠ ᠠ᠋ᠴᠠ ᠪᠡᠶ᠎ᠡ ᠪᠡᠨ ᠬᠡᠷᠬᠢᠨ ᠵᠠᠢᠯᠠᠭᠤᠯᠤᠨ ᠠᠷᠭᠠᠴᠠᠭᠠᠬᠤ ᠶ᠋ᠢ ᠪᠣᠳᠣᠬᠤ ᠠ᠋ᠴᠠ ᠪᠦᠬᠦ ᠪᠡᠶ᠎ᠡ ᠨᠢ ᠬᠦᠢᠲᠡᠨ ᠬᠥᠯᠥᠰᠥ ᠠᠰᠬᠠᠵᠤ᠂ ᠶᠠᠭ ᠯᠠ ᠬᠠᠰᠢᠷ ᠠᠳᠤᠭᠤᠴᠢᠨ ᠤ᠋ ᠭᠠᠷ ᠲᠤ᠌ ᠴᠢᠬᠢ ᠪᠡᠨ ᠬᠤᠯᠤᠭᠤᠲᠠᠭᠤᠯᠤᠭᠰᠠᠨ ᠡᠷᠡᠮᠡᠭ ᠪᠠᠢᠳᠠᠰᠤ ᠰᠢᠭ᠋ ᠬᠥᠬᠡ ᠮᠢᠬ᠎ᠠ ᠨᠢ ᠳᠠᠭᠵᠢᠨ ᠴᠡᠴᠡᠷᠡᠨ᠎ᠡ᠃
ᠵᠢᠷᠤᠮ ᠶᠣᠰᠣᠭᠠᠷ ᠪᠣᠭᠲᠣᠯᠠᠭᠳᠠᠭᠰᠠᠨ ᠵᠠᠰᠠᠭ ᠬᠦᠩ ᠨᠣᠶᠠᠨ ᠤ᠋ ᠪᠠᠭ᠎ᠠ ᠬᠠᠲᠤᠨ ᠪᠣᠯᠤᠭᠰᠠᠨ ᠰᠡᠷᠭᠦᠮ᠎ᠡ《 ᠪᠢ ᠦᠭᠡᠢ ᠠ᠋! ᠪᠣᠯᠬᠤ ᠦᠭᠡᠢ ᠁》 ᠭᠡᠵᠦ ᠵᠥᠷᠢᠭᠦᠳᠯᠡᠵᠦ᠂ ᠬᠤᠷᠢᠴᠡᠯ ᠲᠠᠴᠢᠶᠠᠯ ᠤ᠋ᠨ ᠭᠠᠯ ᠳ᠋ᠤ᠌ ᠨᠣᠴᠣᠭᠰᠠᠨ ᠵᠠᠰᠠᠭ ᠬᠦᠩ ᠨᠣᠶᠠᠨ ᠤ᠋ ᠴᠠᠭᠠᠲᠠᠢ ᠭᠠᠷᠤᠨ᠎ᠠ ᠭᠡᠳᠡᠭ ᠴᠢᠨᠢ ᠬᠤᠳᠠᠯ ᠦᠭᠡ᠃《 ᠣᠳᠣ ᠶᠠᠭᠠᠬᠢᠨ᠎ᠠ? 》 ᠭᠡᠵᠦ ᠪᠡᠮᠪᠡᠭᠡᠨᠡᠭᠰᠡᠨ ᠰᠡᠷᠭᠦᠮ᠎ᠡ ᠭᠠᠷᠤᠭᠠᠳ ᠳᠤᠲᠠᠭᠠᠶ᠎ᠠ ᠭᠡᠬᠦ ᠳ᠋ᠤ᠌ ᠭᠠᠩ ᠤ᠋ᠨ ᠴᠠᠭ ᠤ᠋ᠨ ᠭᠠᠭᠴᠠ ᠵᠢᠭᠦᠷ ᠲᠡᠢ ᠴᠠᠷᠴᠠᠬᠠᠢ ᠰᠢᠭ᠋ ᠴᠠᠰ ᠴᠠᠰ ᠭᠠᠰᠠᠯᠬᠤ ᠠ᠋ᠴᠠ ᠴᠠᠭᠠᠰᠢ ᠲᠡᠩᠬᠡᠭᠡ ᠦᠭᠡᠢ ᠠᠮᠢᠲᠠᠨ ᠬᠡᠷᠬᠢᠨ ᠳᠤᠲᠠᠭᠠᠬᠤ ᠪᠢᠯᠡ⁈
ᠰᠢᠷᠠᠪᠲᠤᠷᠵᠢ ᠨᠣᠶᠠᠨ ᠮᠠᠰᠢ ᠪᠤᠳᠤᠯᠢᠭᠤᠨ ᠬᠥᠳᠡᠯᠵᠦ ᠳᠡᠪᠡᠯ ᠬᠤᠪᠴᠠᠰᠤ ᠪᠠᠨ ᠳᠠᠢᠴᠢᠨ ᠨᠢᠴᠦᠭᠦᠯᠡᠭᠡᠳ ᠰᠡᠷᠭᠦᠮ᠎ᠡ ᠶ᠋ᠢᠨ ᠡᠪᠦᠷ ᠲᠦ᠍ ᠰᠢᠷᠭᠤᠯ᠎ᠠ᠁ ᠰᠡᠷᠭᠦᠮ᠎ᠡ ᠴᠡᠴᠡᠷᠡᠭᠰᠡᠨ ᠪᠡᠶ᠎ᠡ ᠪᠡᠨ ᠬᠤᠷᠢᠶᠠᠵᠤ ᠵᠣᠷᠢᠭᠯᠠᠨ 《 ᠬᠡᠷᠪᠡ ᠲᠡᠭᠦᠨ ᠦ᠌ ᠠᠶ᠎ᠠ ᠪᠠᠷ ᠨᠢ ᠪᠣᠯᠪᠠᠯ ᠠᠮᠠᠷᠠᠭ ᠬᠣᠩᠭᠣᠷ ᠠᠩᠴᠢᠨᠵᠠᠪ ᠲᠠᠭᠠᠨ ᠨᠠᠰᠤᠨ ᠲᠤᠷᠰᠢ ᠥᠷᠢ ᠲᠡᠢ ᠪᠣᠯᠬᠤ ᠮᠡᠲᠦ ᠰᠠᠨᠠᠭᠳᠠᠨ᠎ᠠ᠃ ᠠᠷᠭᠠᠲᠤ ᠲᠠᠤᠯᠠᠢ ᠠᠷᠰᠯᠠᠨ ᠢ᠋ ᠠᠯᠠᠨ᠎ᠠ ᠭᠡᠳᠡᠭ ᠰᠢᠦ ᠳᠡ᠂ ᠡᠪ ᠳᠠᠮ ᠢ᠋ ᠨᠢ ᠦᠵᠡᠵᠦ ᠡᠶᠡᠷᠡᠭᠦᠨ ᠰᠢᠭ ᠤᠬᠠᠭᠠᠯᠠᠪᠠᠯ ᠶᠠᠭᠤᠮ᠎ᠠ ᠶ᠋ᠢ ᠶᠠᠭᠠᠬᠢᠵᠤ ᠮᠡᠳᠡᠬᠦ ᠪᠣᠢ᠂ ᠵᠣᠷᠢᠭᠰᠠᠨ ᠳ᠋ᠠᠭᠠᠨ ᠬᠦᠷᠴᠦ ᠶᠠᠭᠤ ᠮᠠᠭᠠᠳ》 ᠭᠡᠵᠦ ᠪᠣᠳᠣᠬᠤ ᠳ᠋ᠤ᠌ ᠳᠣᠲᠣᠷ᠎ᠠ ᠨᠢ ᠭᠡᠷᠡᠯ ᠠᠰᠠᠵᠤ ᠭᠦᠩᠭᠠᠷᠠᠪᠠ ᠶ᠋ᠢᠨ ᠡᠮᠦᠨ᠎ᠡ ᠰᠦᠮᠡᠯᠵᠡᠬᠦ ᠵᠤᠯᠠ ᠤᠯᠠᠮ ᠬᠡᠷᠡᠯᠳᠦᠬᠦ ᠰᠢᠭ ᠪᠣᠯᠪᠠ᠃
— ᠬᠥᠭᠡᠷᠦᠬᠦᠢ ᠳᠡ᠂ ᠪᠠᠭ᠎ᠠ ᠬᠠᠲᠤᠨ ᠮᠢᠨᠢ ᠭᠡᠳ ᠬᠦᠩ ᠨᠣᠶᠠᠨ ᠰᠡᠷᠭᠦᠮ᠎ᠡ ᠶ᠋ᠢᠨ ᠡᠩᠭᠡᠷ ᠣᠷᠭᠣ ᠭᠠᠷ ᠢᠶᠠᠨ ᠰᠢᠷᠭᠤᠭᠤᠯᠤᠨ ᠮᠥᠮᠥ᠍ ᠢ ᠨᠢ ᠲᠡᠮᠲᠡᠷᠢᠬᠦ ᠳ᠋ᠦ᠍ ᠰᠡᠷᠭᠦᠮ᠎ᠡ ᠪᠡᠶ᠎ᠡ ᠪᠡᠨ ᠡᠷᠴᠢᠯᠡᠨ ᠴᠢᠩᠭᠠᠯᠠᠵᠤ ᠪᠠᠢᠭᠰᠠᠨ ᠢᠶᠡᠨ ᠦᠷᠭᠦᠭᠰᠡᠨ ᠲᠠᠤᠯᠠᠢ ᠰᠢᠭ᠋ 《 ᠢᠯᠡᠢ ᠴᠠᠭᠠᠰᠢ! 》 ᠭᠡᠳ ᠴᠠᠰᠭᠢᠨ ᠣᠷᠢᠯᠠᠵᠤ ᠪᠦᠵᠦᠩ ᠰᠢᠭ ᠠᠲᠤᠷᠢᠪᠠ᠃
— ᠨᠣᠶᠠᠨ ᠲᠠ ᠥᠨᠥ ᠰᠦᠨᠢ ᠪᠣᠯᠢᠭᠠᠴᠢ ! ᠪᠡᠶ᠎ᠡ ᠴᠡᠪᠡᠷᠰᠢᠵᠦ ᠪᠠᠷᠠᠭᠠᠳᠤᠢ ᠁ ᠭᠡᠳ ᠭᠤᠶ᠎ᠠ ᠬᠠᠰᠠ ᠪᠠᠨ ᠲᠠᠰᠤ ᠬᠠᠪᠴᠢᠵᠣ ᠭᠣᠶᠣᠬᠤ ᠳᠤ ᠄
— ᠲᠡᠷᠡ ᠶᠠᠭᠠᠬᠢᠳᠠᠭ ᠶᠤᠮ ᠭᠡᠳ ᠬᠦᠩ ᠨᠣᠶᠠᠨ ᠪᠤᠬ᠎ᠠ ᠰᠢᠭ᠋ ᠰᠢᠷᠦᠭᠦᠨ ᠬᠠᠷᠠᠭᠠᠳ ᠰᠡᠷᠭᠦᠮ᠎ᠡ ᠶ᠋ᠢᠨ ᠳᠡᠭᠡᠷ᠎ᠡ ᠭᠠᠷᠬᠤ ᠶ᠋ᠢ ᠵᠠᠪᠳᠤᠪᠠᠯ ᠰᠡᠷᠭᠦᠮ᠎ᠡ ᠰᠠᠨᠳᠤᠷᠴᠤ᠄
— ᠨᠣᠶᠠᠨ ᠲᠠ ᠥᠨᠥᠳᠥᠷ ᠠᠷᠢᠬᠢ ᠠᠬᠠᠳᠠᠭᠰᠠᠨ ᠪᠠᠢᠭ᠎ᠠ ᠁ ᠵᠠᠰᠠᠭ ᠵᠠᠯᠭᠠᠮᠵᠢᠯᠠᠬᠤ ᠬᠦᠦ ᠲᠡᠢ ᠪᠣᠯᠤᠶ᠎ᠠ ᠭᠡᠪᠡᠯ ᠰᠣᠭᠲᠣᠭᠤ ᠬᠥᠯᠴᠥᠭᠦᠦ ᠪᠡᠷ ᠡᠩᠭᠡᠷ ᠵᠥᠷᠢᠭᠦᠯᠵᠦ ᠶᠠᠭᠠᠬᠢᠭᠰᠠᠨ ᠴᠤ᠌ ᠪᠣᠯᠬᠤ ᠦᠭᠡᠢ᠃ ᠰᠣᠭᠲᠣᠭᠤ ᠬᠥᠯᠴᠥᠭᠦᠦ ᠬᠤᠢᠯᠠᠮᠠᠷ ② ᠨᠢᠭᠡ ᠶᠠᠭᠤᠮ᠎ᠠ ᠪᠣᠯᠪᠠᠯ ᠲᠡᠷᠡ ᠨᠢ ᠲᠡᠭᠡᠭᠡᠳ ᠵᠥᠨᠥᠭ ᠴᠤ᠌ ᠶᠤᠮ ᠤᠤ ? ᠮᠤᠨᠤᠭ ᠴᠤ᠌ ᠶᠤᠮ ᠤᠤ ᠂ ᠢᠷᠣ᠎ᠠ ③ ᠲᠠᠢ ᠶᠠᠭᠤᠮ᠎ᠠ ᠭᠠᠷᠴᠢᠬᠠᠪᠠᠯ ᠶᠠᠭᠠᠬᠢᠵᠤ ᠵᠠᠰᠠᠭ ᠵᠠᠯᠭᠠᠮᠵᠢᠯᠠᠬᠤ ᠪᠢᠯᠡ ⁈ ᠨᠣᠶᠠᠨ ᠲᠠᠨ ᠤ᠋ ᠨᠡᠷ᠎ᠡ ᠲᠥᠷᠥ ᠂ ᠮᠠᠨ ᠤ᠋ ᠤᠷᠠᠳ ᠣᠯᠠᠨ ᠤ᠋ ᠡᠦᠲᠦᠮ ᠤᠭᠰᠠᠭ᠎ᠠ ᠳ᠋ᠤ᠌ ᠮᠠᠭᠤᠬᠠᠢ ᠪᠢᠰᠢ ᠤᠤ ? ᠭᠡᠪᠡ᠃
ᠪᠠᠭ᠎ᠠ ᠬᠠᠲᠤᠨ ᠤ᠋ ᠡᠨᠡ ᠦᠭᠡ ᠬᠦᠩ ᠨᠣᠶᠠᠨᠲᠠᠨ ᠤ᠋ ᠠᠷᠢᠬᠢᠨ ᠠ᠋ᠴᠠ ᠪᠤᠯᠵᠤ ᠦᠢᠮᠡᠭᠰᠡᠨ ᠤᠬᠠᠭᠠᠨ ᠳ᠋ᠤ᠌ ᠨᠢᠭᠡ ᠶᠠᠭᠤᠮ᠎ᠠ ᠪᠣᠳᠣᠭᠳᠠᠭᠤᠯᠬᠤ ᠪᠣᠯᠪᠠ᠃
ᠡᠨᠡ ᠵᠠᠭᠵᠠᠭᠠᠷ ᠡᠮ᠎ᠡ ᠶᠠᠭ ᠦᠭᠡᠢ ᠲᠣᠯᠣᠭᠠᠢ ᠴᠢᠷᠠᠢ᠃ ᠨᠥᠭᠦᠭᠡ ᠬᠡᠳᠦᠨ ᠬᠠᠲᠤᠨ ᠲᠠᠢ ᠠᠳᠠᠯᠢᠳᠬᠠᠪᠠᠯ ᠠᠰᠲᠠᠭᠠᠨ ᠨᠢᠭᠡ ᠠᠮᠲᠠᠯᠢᠭ 《 ᠪᠣᠣᠪᠣ 》 ᠪᠠᠢᠵᠤ ᠶᠠᠳᠠᠬᠤ ᠦᠭᠡᠢ᠃ ᠡᠢᠮᠦ ᠦᠶ᠎ᠡ ᠳ᠋ᠦ᠍ ᠶᠡᠬᠡ ᠬᠠᠲᠤᠨ ᠪᠣᠯ ᠨᠢᠳᠦ ᠪᠡᠨ ᠠᠨᠢᠭᠠᠳ ᠯᠠ ᠰᠤᠯᠳᠠᠢᠭᠠᠳ ᠥᠭᠳᠡᠭ᠃ ᠬᠣᠶᠠᠳᠤᠭᠠᠷ ᠬᠠᠲᠤᠨ ᠪᠣᠯ ᠪᠦᠰᠡᠯᠡᠭᠦᠷ ᠢᠶᠡᠷ ᠢᠪ ᠲᠡᠪᠡᠷᠢᠭᠡᠳ 《 ᠬᠦᠩ ᠨᠣᠶᠠᠨ ᠲᠠᠨ ᠲᠠᠢ ᠵᠢᠷᠭᠠᠨ᠎ᠠ ᠭᠡᠭᠴᠢ ᠶᠠᠭᠤᠲᠠᠢ ᠬᠤᠪᠢ ᠲᠠᠪᠢᠯᠠᠩ ᠪᠣᠢ⁈ 》ᠭᠡᠬᠦ ᠰᠢᠭ ᠲᠠᠪᠠ ᠨᠢ ᠬᠠᠨᠵᠦ ᠢᠷᠠᠭᠯᠠᠳᠠᠭ᠃ ᠭᠤᠲᠠᠭᠠᠷ ᠬᠠᠲᠤᠨ ᠪᠣᠯ ᠤᠰᠤᠩᠭᠢᠲᠤᠭᠠᠳ ᠪᠠᠵᠠᠯᠠᠨ ᠨᠤᠷᠠᠵᠤ ᠪᠠᠷᠬᠢᠷᠠᠭ᠎ᠠ ᠢᠩᠭᠡ ᠰᠢᠭ ᠪᠠᠷᠬᠢᠷᠠᠨ᠎ᠠ ᠃ ᠲᠡᠷᠡ ᠬᠠᠲᠤᠳ ᠲᠠᠢ ᠪᠠᠨ ᠡᠩᠭᠡᠷ ᠵᠥᠷᠢᠭᠦᠯᠦᠭᠰᠡᠨ ᠲᠥᠷᠥᠭᠳᠡᠯ ᠢ᠋ᠶ᠋ᠠᠨ ᠪᠣᠳᠣᠭᠰᠠᠨ ᠢ᠋ᠶ᠋ᠠᠨ ᠡᠦᠲᠦ ᠶ᠋ᠢᠨ ᠡᠨᠡ ᠪᠠᠭ᠎ᠠ ᠬᠠᠲᠤᠨ ᠨᠢ ᠴᠠᠭᠠᠨ᠎ᠠ ᠪᠠᠨ ᠨᠢᠭᠡ ᠰᠣᠨᠢᠨ ᠣᠨᠢᠰᠣᠭ᠎ᠠ ᠮᠡᠲᠦ ᠬᠦᠴᠦᠨ ᠳᠠᠯᠳᠠᠯᠠᠭᠳᠠᠵᠤ ᠪᠠᠢᠭ᠎ᠠ ᠮᠡᠲᠦ ᠰᠠᠨᠠᠭᠳᠠᠪᠠ᠃
— ᠪᠠᠭ᠎ᠠ ᠬᠠᠲᠤᠨ ᠮᠢᠨᠢ᠂ ᠶᠠᠭ ᠳᠡᠭᠡᠷ᠎ᠡ ᠪᠡᠨ ᠴᠢᠨᠦ ᠬᠡᠯᠡᠭᠰᠡᠨ ᠵᠦᠢᠯ ᠪᠠᠰᠠ ᠵᠦᠢᠲᠡᠢ ᠰᠢᠭ᠌᠂ ᠥᠨᠥᠳᠦᠷ ᠪᠠᠰᠠ ᠯᠠ ᠭᠠᠯᠠᠭᠤᠨ ᠬᠦᠵᠦᠭᠦᠲᠦ ᠳᠦ ᠳᠡᠢᠯᠦᠭᠳᠡᠴᠢᠭᠡᠯᠡ ᠭᠡᠳ ᠰᠡᠷᠭᠦᠮ᠎ᠡ ᠶ᠋ᠢᠨ ᠤᠷᠤᠭᠤᠯ ᠢ᠋ ᠨᠢ ᠥᠬᠥᠭᠡᠷᠳᠡᠨ ᠦᠨᠦᠰᠬᠦ ᠳ᠋ᠦ᠍ ᠰᠡᠷᠭᠦᠮ᠎ᠡ ᠦᠭᠡᠢ ᠭᠡᠰᠡᠨ ᠦᠭᠡᠢ᠃
— ᠨᠣᠶᠠᠨ ᠲᠠ ᠂ ᠥᠨᠥᠳᠥᠷ ᠠᠷᠢᠬᠢ ᠬᠡᠲᠦᠷᠡᠭᠰᠡᠨ ᠲᠤᠯᠠ ᠡᠨᠡ ᠰᠥᠨᠢ ᠳ᠋ᠡᠭᠡᠨ ᠰᠠᠢᠬᠠᠨ ᠤᠨᠲᠠᠵᠤ ᠠᠮᠠᠷᠠ! ᠬᠤᠷᠢᠮ ᠨᠠᠢᠷ ᠤ᠋ᠨ ᠵᠢᠭᠤᠷᠠᠭᠠᠨ ᠢ᠋ᠶ᠋ᠠᠨ ᠨᠢᠭᠡ ᠲᠡᠢᠰᠢ ᠪᠣᠯᠲᠠᠯ᠎ᠠ ᠪᠡᠶ᠎ᠡ ᠰᠡᠳᠬᠢᠯ ᠢ᠋ ᠠᠯᠢ ᠪᠣᠯᠬᠤ ᠪᠠᠷ ᠪᠠᠭ᠎ᠠ ᠴᠢᠯᠡᠭᠡᠪᠡᠯ ᠰᠠᠢᠨ ᠃ ᠲᠡᠭᠡᠭᠡᠳ ᠶᠡᠷᠦ ᠨᠢ ᠬᠣᠵᠢᠮ ᠬᠣᠢᠰᠢ ᠳ᠋ᠠᠭᠠᠨ ᠁ ᠨᠣᠶᠠᠨ ᠲᠠ ᠪᠡᠶ᠎ᠡ ᠪᠡᠨ ᠭᠠᠮᠨᠠᠬᠤ ᠬᠡᠷᠡᠭᠲᠡᠢ ᠶᠦᠮ ᠪᠢᠰᠢ ᠤᠤ ? ᠭᠡᠵᠦ ᠰᠡᠷᠭᠦᠮ᠎ᠡ ᠴᠠᠭᠠᠨ᠎ᠠ ᠪᠠᠨ ᠨᠢᠭᠡ ᠤᠳᠬ᠎ᠠ ᠲᠠᠢ ᠦᠭᠡ ᠢᠴᠢᠩᠭᠦᠷᠡᠰᠬᠢᠨ ᠬᠡᠯᠡᠪᠡ ᠃
— ᠬᠣᠢᠰᠢᠳᠠ ᠬᠠᠲᠤᠨ ᠤ᠋ ᠦᠭᠡ ᠶ᠋ᠢ ᠢᠯᠡᠭᠦᠦ ᠠᠪᠬᠤ ᠶ᠋ᠢ ᠪᠣᠳᠣᠶ᠎ᠠ ᠭᠡᠵᠦ ᠬᠦᠩ ᠨᠣᠶᠠᠨ ᠰᠢᠷᠠᠪᠲᠤᠷᠵᠢ ᠪᠠᠭ᠎ᠠ ᠬᠠᠲᠤᠨ ᠤ᠋ ᠪᠠᠨ ᠦᠭᠡ ᠶ᠋ᠢ ᠵᠥᠪᠰᠢᠶᠡᠨ 《 ᠡᠨᠡ ᠤᠷᠤᠭ᠎ᠠ ᠪᠠᠢᠳᠠᠰᠤ ᠠ᠋ᠴᠠ ᠬᠠᠷᠢᠨ ᠴᠦ᠍ ᠨᠢᠭᠡ ᠵᠢᠷᠣᠭ᠎ᠠ ᠤᠨᠠᠭ᠎ᠠ ᠲᠣᠭᠯᠠᠵᠤ ᠮᠠᠭᠠᠳ ᠦᠭᠡᠢ 》 ᠭᠡᠵᠦ ᠰᠠᠢᠨ ᠰᠠᠢᠬᠠᠨ ᠢ᠋ ᠭᠣᠷᠢᠳᠠᠨ ᠪᠣᠳᠣᠭᠰᠠᠭᠠᠷ ᠴᠠᠭᠠᠰᠢ ᠡᠷᠬᠢᠨ ᠲᠦᠳᠡᠬᠡᠨ ᠳᠤᠭᠵᠢᠷᠠᠵᠤ ᠣᠷᠬᠢᠪᠠ᠃
ᠰᠡᠷᠭᠦᠮ᠎ᠡ ᠡᠭᠦᠳᠡ ᠮᠠᠨᠠᠵᠤ ᠬᠣᠨᠣᠭᠰᠠᠨ ᠮᠠᠨᠠᠭᠤᠯ ᠤ᠋ᠨ ᠴᠡᠷᠢᠭ ᠦ᠋ᠨ ᠫᠤᠤ ᠪᠠᠨ ᠲᠡᠪᠡᠷᠢᠭᠡᠳ ᠬᠠᠨ᠎ᠠ ᠲᠦᠰᠢᠨ ᠬᠠᠮᠠᠷ ᠲᠠᠲᠠᠭᠰᠠᠨ ᠢ᠋ ᠳᠠᠯᠢᠮᠳᠠᠭᠤᠯᠵᠤ ᠭᠡᠷ ᠡᠴᠡ ᠭᠠᠷᠴᠤ ᠭᠣᠣᠯ ᠭᠡᠷ ᠦ᠋ᠨ ᠠᠷᠤ ᠪᠠᠷ ᠪᠠᠷᠤᠭ ᠨᠢᠰᠴᠢᠭᠡᠮᠡᠷᠬᠡᠨ ᠭᠦᠶᠦᠵᠦ ᠥᠨᠥ ᠬᠥᠲᠥᠯᠦᠭᠡ ᠮᠣᠷᠢᠲᠠᠨ ᠤ᠋ ᠬᠠᠵᠠᠭᠤ ᠳ᠋ᠤ᠌ ᠬᠦᠷᠪᠡ᠃
ᠤᠳᠠᠭᠠᠨ ᠠᠭᠤᠯᠵᠠᠭᠰᠠᠨ ᠦᠭᠡᠢ ᠠᠮᠠᠷᠠᠭ ᠬᠣᠶᠠᠷ ᠠᠭᠤᠯᠵᠠᠩᠭᠤᠲᠠ ᠪᠠᠨ ᠤᠬᠠᠭᠠᠨ ᠦᠭᠡᠢ ᠲᠡᠪᠡᠷᠢᠯᠳᠦᠨ ᠰᠢᠨᠤᠯᠲᠠᠢ ᠦᠨᠦᠰᠦᠯᠳᠦᠭᠰᠡᠨ ᠢᠶᠡᠨ ᠡᠦᠲᠦ ᠬᠤᠷᠳᠤᠨ ᠭᠤᠳᠤᠢᠬᠤ ᠦᠭᠡᠢ ᠪᠣᠯ ᠬᠡᠷᠡᠭ ᠭᠠᠷᠴᠤ ᠮᠡᠳᠡᠨ᠎ᠡ ᠭᠡᠵᠦ ᠠᠢᠩᠭᠤᠷᠢᠲᠦ ᠰᠡᠷᠡᠮᠵᠢ ᠳ᠋ᠡᠭᠡᠨ ᠲᠠᠢᠯᠳᠠᠵᠤ ᠮᠣᠷᠢᠨ ᠤ᠋ ᠪᠠᠨ ᠣᠯᠣᠩ ᠢ᠋ ᠴᠢᠩᠭᠠᠯᠠᠵᠤ ᠄ 《 ᠪᠣᠷᠣᠯᠠᠭ ᠮᠢᠨᠢ ᠡᠷ᠎ᠡ ᠬᠥᠮᠥᠨ ᠵᠣᠷᠢᠭᠰᠠᠨ ᠳ᠋ᠠᠭᠠᠨ ᠂ ᠡᠷ᠎ᠡ ᠮᠣᠷᠢ ᠬᠠᠷᠠᠢᠭᠰᠠᠨ ᠳ᠋ᠠᠭᠠᠨ ᠭᠡᠳᠡᠭ ᠶᠦᠮ ᠳᠡ ᠂ ᠡᠦᠲᠦ ᠪᠤᠴᠠᠭᠠᠳ ᠪᠠᠰᠠ ᠰᠤᠨᠤᠮ᠎ᠠ ᠨᠢᠭᠡ ᠡᠳᠦᠷ ᠦ᠋ᠨ ᠭᠠᠵᠠᠷ ᠪᠠᠢᠭ᠎ᠠ ᠰᠢᠦ! 》 ᠭᠡᠵᠦ ᠮᠣᠷᠢ ᠪᠠᠨ ᠡᠩᠬᠦᠷᠡᠢᠯᠡᠵᠦ ᠪᠡᠶ᠎ᠡ ᠪᠡᠨ ᠵᠣᠷᠢᠭᠵᠢᠭᠤᠯᠤᠭᠠᠳ ᠱᠠᠯᠠᠪ ᠮᠣᠷᠳᠠᠵᠤ ᠬᠣᠶᠠᠭᠤᠯᠠ ᠣᠮ ᠬᠣᠮ ᠦᠭᠡᠢ ᠵᠡᠭᠦᠨᠰᠢ ᠳᠠᠪᠬᠢᠪᠠ᠃
《 ᠭᠠᠢ ᠭᠠᠵᠠᠷ ᠳᠣᠣᠷ᠎ᠠ ᠠ᠋ᠴᠠ ᠭᠠᠬᠠᠢ ᠮᠣᠳᠣᠨ ᠳᠣᠲᠣᠷ᠎ᠠ ᠠ᠋ᠴᠠ 》 ᠭᠡᠭᠴᠢ ᠪᠡᠷ ᠂ ᠰᠡᠷᠭᠦᠮ᠎ᠡ ᠰᠢᠨ᠎ᠡ ᠬᠠᠲᠤᠨ ᠤ᠋ ᠭᠡᠷ ᠡᠴᠡ ᠭᠠᠷᠴᠤ ᠭᠦᠶᠦᠨ ᠪᠣᠯᠵᠣᠭᠠᠨ ᠤ᠋ ᠠᠮᠠᠷᠠᠭ ᠲᠠᠢ ᠪᠠᠨ ᠠᠭᠤᠯᠵᠠᠨ ᠤᠷᠭᠤᠨ ᠲᠤᠲᠠᠭᠠᠭᠰᠠᠨ ᠢ ᠳᠠᠯᠳᠠ ᠠ᠋ᠴᠠ ᠨᠢᠭᠡ ᠬᠥᠮᠦᠨ ᠵᠢᠷᠤᠭ ᠰᠢᠭ᠋ ᠲᠣᠳᠣᠷᠬᠠᠢ ᠬᠠᠷᠠᠵᠠᠢ᠃ ᠲᠡᠷᠡ ᠬᠥᠮᠦᠨ ᠪᠣᠯ ᠳᠠᠷᠤᠢ ᠬᠦᠩ ᠨᠣᠶᠠᠨ ᠤ ᠰᠢᠲᠠᠷ ᠭᠤᠴᠢᠭ᠎ᠠ ᠦᠯᠵᠡᠢᠰᠠᠩ ᠪᠠᠢᠯ᠎ᠠ᠃ ᠦᠯᠵᠡᠢᠰᠠᠩ ᠲᠡᠷᠡ ᠰᠦᠨᠢ ᠪᠠᠷᠤᠭ ᠯᠠ ᠨᠣᠢᠷ ᠦᠭᠡᠢ ᠬᠣᠨᠣᠵᠠᠢ᠃
ᠢᠳᠡᠰᠢ ᠤᠤᠭᠤᠰᠢ ᠨᠢ ᠲᠠᠭᠠᠷᠠᠭᠰᠠᠨ ᠦᠭᠡᠢ ᠡᠴᠡ ᠶᠤᠮ ᠤᠤ᠂ ᠦᠭᠡᠢ ᠪᠣᠯ ᠬᠦᠩ ᠨᠣᠶᠠᠨ ᠤ᠋ ᠡᠮᠦᠨ᠎ᠡ ᠬᠣᠢᠭᠤᠷ ᠵᠢᠷᠣᠭᠠᠯᠠᠵᠤ ᠪᠠᠢᠭᠠᠳ ᠭᠡᠳᠡᠰᠦ ᠬᠣᠳᠣᠭᠣᠳᠣ ᠪᠠᠨ ᠵᠢᠩᠨᠡᠭᠦᠯᠦᠭ᠍ᠰᠡᠨ ᠦ ᠴᠦ᠍ ᠶᠤᠮ ᠤᠤ᠂ ᠶᠠᠭᠤ ᠴᠦ᠍ ᠭᠡᠰᠡᠨ ᠬᠤᠰᠭᠢᠨᠠᠭ ᠬᠣᠳᠣᠭᠣᠳᠤ ᠬᠣᠶᠠᠷ ᠨᠢ ᠪᠠᠢᠷᠢ ᠪᠠᠨ ᠰᠣᠯᠢᠬᠤ ᠭᠡᠵᠦ ᠪᠠᠢᠭ᠎ᠠ ᠶᠤᠮ ᠰᠢᠭ᠋ ᠰᠦᠷᠡᠬᠡᠢ ᠮᠤᠰᠬᠢᠯᠳᠤᠵᠤ ᠡᠪᠡᠳᠦᠨ ᠰᠦᠨᠢᠵᠢᠨ ᠴᠢᠴᠢᠭ᠎ᠠ ᠠᠯᠳᠠᠭᠤᠯᠵᠠᠢ᠃ ᠰᠦᠨᠢ ᠭᠠᠷᠴᠤ ᠳᠡᠷᠡᠰᠦᠨ ᠤ᠋ ᠴᠠᠭᠠᠨ᠎ᠠ ᠫᠠᠷᠴᠢᠭᠢᠨᠠᠭᠤᠯᠤᠭᠠᠳ ᠵᠣᠭᠰᠣᠨ᠎ᠠ ᠦᠭᠡᠢ ᠦᠦᠷ ᠬᠠᠶᠠᠭᠠᠷᠠᠬᠤ ᠳ᠋ᠤ᠌ ᠪᠠᠰᠠ ᠳᠡᠷᠡᠰᠦᠨ ᠦ ᠴᠠᠭᠠᠨᠠᠬᠢ ᠭᠣᠣ ᠳᠣᠲᠣᠷ᠎ᠠ ᠥᠳᠬᠡᠨ ᠰᠢᠩᠭᠡᠨ ᠢ᠋ᠶ᠋ᠡᠨ ᠭᠣᠭᠣᠵᠢᠭᠤᠯᠤᠨ ᠤᠳᠠᠲᠠᠯ᠎ᠠ ᠬᠡᠪᠡᠯᠢ ᠪᠡᠨ ᠲᠡᠪᠡᠷᠢᠨ ᠰᠠᠭᠤᠬᠤ ᠵᠠᠭᠤᠷ᠎ᠠ ᠨᠢᠭᠡ ᠬᠥᠲᠥᠯᠦᠭᠡ ᠮᠣᠷᠢ ᠲᠠᠢ ᠬᠥᠮᠦᠨ ᠢᠷᠡᠵᠦ ᠳᠡᠷᠡᠰᠦᠨ ᠦ᠌ ᠴᠠᠭᠠᠨ᠎ᠠ ᠨᠢᠭᠤᠭᠳᠠᠵᠤ ᠪᠠᠢᠭᠠᠳ ᠪᠠᠭ᠎ᠠ ᠬᠠᠲᠤᠨ ᠢ᠋ ᠭᠠᠷᠴᠤ ᠢᠷᠡᠬᠦ ᠳ᠋ᠤ᠌ ᠬᠣᠶᠠᠭᠤᠯᠠ ᠮᠣᠷᠳᠠᠨ ᠳᠠᠪᠬᠢᠭᠰᠠᠨ ᠢ᠋ ᠬᠠᠷᠠᠪᠠ᠃
《 ᠡᠨᠡ ᠶᠠᠭᠤᠨ ᠤ᠋ ᠬᠥᠲᠥᠯᠦᠭᠡ ᠮᠣᠷᠢ ᠲᠠᠢ ᠵᠢᠰᠦ ᠪᠤᠷᠤᠭᠤ ᠬᠥᠮᠦᠨ ᠪᠣᠯᠪᠠ?》 ᠭᠡᠵᠦ ᠰᠡᠵᠢᠭ ᠠᠪᠤᠭᠰᠠᠨ ᠪᠣᠯᠪᠠᠴᠤ ᠪᠡᠶ᠎ᠡ ᠨᠢ ᠠᠶ᠎ᠠ ᠦᠭᠡᠢ ᠳ᠋ᠡᠭᠡᠨ ᠲᠠᠢᠯᠳᠠᠵᠤ《 ᠮᠠᠯ ᠤ᠋ᠨ ᠡᠷᠢᠯ ᠦ᠋ᠨ ᠬᠥᠮᠦᠨ ᠯᠡ ᠪᠠᠢᠯᠭᠦᠢ》 ᠭᠡᠵᠦ ᠪᠣᠳᠣᠵᠤ ᠰᠠᠭᠤᠪᠠ᠃ ᠬᠡᠵᠢᠶ᠎ᠡ ᠬᠣᠢᠨ᠎ᠠ ᠪᠠᠭ᠎ᠠ ᠬᠠᠲᠤᠨ ᠭᠠᠷᠴᠤ ᠢᠷᠡᠵᠦ ᠵᠠᠯᠭᠠᠭᠠᠳ ᠶᠠᠭᠤ ᠪᠣᠯᠤᠭᠰᠠᠨ ᠪᠦᠬᠦᠨ ᠢ᠋ ᠬᠠᠷᠠᠵᠤ ᠮᠠᠯ ᠪᠣᠯᠲᠠᠯ᠎ᠠ ᠭᠠᠢᠬᠠᠪᠠ᠃
《 ᠴᠢ ᠶᠠᠪᠤᠵᠤ ᠠᠮᠤᠷ ᠢ᠋ ᠬᠠᠮᠠᠭᠠᠯᠠᠬᠤ ᠴᠡᠷᠢᠭ ᠦ᠋ᠨ ᠮᠠᠨᠴᠤᠷᠭ᠎ᠠ ᠯᠢᠶᠡᠨᠵᠡᠩ ᠳ᠋ᠦ᠍ ᠮᠡᠳᠡᠭᠳᠡ! ᠥᠨᠥ ᠣᠷᠣᠢ ᠠ᠋ᠴᠠ ᠡᠬᠢᠯᠡᠵᠦ᠂ ᠬᠦᠩ ᠨᠣᠶᠠᠨ ᠤ᠋ ᠰᠢᠨ᠎ᠡ ᠬᠠᠲᠤᠨ ᠤ᠋ ᠥᠷᠥᠭᠡᠨ ᠦ᠌ ᠡᠭᠦᠳᠡᠨ ᠳ᠋ᠦ᠍ ᠫᠤᠤ ᠵᠡᠪᠰᠡᠭ ᠲᠡᠢ ᠬᠣᠶᠠᠷ ᠴᠡᠷᠢᠭ ᠡᠭᠡᠯᠵᠢ ᠪᠡᠷ ᠮᠠᠨᠠᠭ᠎ᠠ ᠮᠠᠨᠠᠵᠤ᠂ ᠪᠠᠭ᠎ᠠ ᠬᠠᠲᠤᠨ ᠤ᠋ ᠠᠮᠤᠷ ᠮᠡᠨᠳᠦ ᠶ᠋ᠢ ᠪᠠᠲᠤᠯᠠᠬᠤ ᠬᠡᠷᠡᠭᠲᠡᠢ ᠂ ᠮᠡᠳᠡᠪᠡ ᠤᠤ? ᠥᠭᠡᠷ᠎ᠡ ᠴᠠᠭᠠᠰᠢ ᠪᠠᠨ ᠬᠡᠨ ᠳ᠋ᠦ᠍ ᠴᠦ᠍ ᠡᠯᠳᠡᠪ ᠡᠰᠡᠨ ᠶᠠᠭᠤᠮ᠎ᠠ ᠶᠠᠷᠢᠵᠤ ᠪᠣᠯᠬᠤ ᠦᠭᠡᠢ!》 ᠭᠡᠵᠦ ᠥᠴᠥᠭᠡᠳᠦᠷ ᠣᠷᠣᠢ ᠪᠠᠷᠠᠭᠤᠨ ᠲᠤᠰᠠᠯᠠᠭᠴᠢ ᠮᠢᠩᠭᠠᠨᠪᠤᠤ ᠨᠣᠶᠠᠨ ᠲᠡᠭᠦᠨ ᠳ᠋ᠦ᠍ ᠲᠤᠰᠢᠶᠠᠭᠰᠠᠨ ᠡᠭᠦᠷᠭᠡ ᠶ᠋ᠢ ᠰᠠᠨᠠᠪᠠ᠃ ᠤᠤᠯ ᠨᠢ ᠪᠠᠭ᠎ᠠ ᠬᠠᠲᠤᠨ ᠰᠡᠷᠭᠦᠮ᠎ᠡ ᠶ᠋ᠢᠨ ᠡᠬᠡ ᠨᠢ ᠫᠤᠩᠰᠤᠭᠲᠤᠯᠮᠠᠡ ᠬᠥᠭᠰᠢᠨ ᠪᠠᠷᠠᠭᠤᠨ ᠲᠤᠰᠠᠯᠠᠭᠴᠢ ᠶ᠋ᠢᠨ ᠴᠢᠬᠢᠨ ᠳ᠋ᠦ᠍《 ᠬᠦᠩ ᠨᠣᠶᠠᠨ ᠤ᠋ ᠪᠠᠭ᠎ᠠ ᠬᠠᠲᠤᠨ ᠢ᠋ ᠰᠢᠨ᠎ᠡ ᠨᠤᠲᠤᠭ ᠲᠤ ᠳᠠᠳᠲᠠᠯᠠ ᠬᠠᠷᠠᠵᠤ ᠬᠠᠮᠠᠭᠠᠯᠠᠵᠤ ᠪᠠᠢᠭᠠᠷᠠᠢ! ᠲᠤᠰᠠᠯᠠᠭᠴᠢ ᠭᠤᠸᠠᠢ! ᠲᠡᠷᠡ ᠴᠢᠨᠢ ᠴᠠᠭᠠᠨ᠎ᠠ ᠪᠠᠨ ᠥᠭᠡᠷ᠎ᠡ ᠬᠥᠮᠦᠨ ᠲᠡᠢ ᠰᠡᠳᠬᠢᠯ ᠲᠡᠢ ᠪᠣᠯᠴᠢᠬᠠᠭᠰᠠᠨ ᠶᠤᠮ ᠠ᠋! ᠲᠥᠷᠬᠥᠮ ᠳ᠋ᠡᠭᠡᠨ ᠪᠠᠢᠬᠤ ᠶ᠋ᠢᠨ ᠦᠭᠡᠢ ᠪᠤᠷᠤᠭᠤ ᠰᠠᠨᠠᠭ᠎ᠠ ᠣᠷᠣᠵᠤ ᠤᠷᠭᠤᠵᠤ ᠳᠤᠲᠠᠭᠠᠭᠰᠠᠨ ᠤᠳᠠᠭ᠎ᠠ ᠲᠠᠢ᠂ ᠰᠤᠷ ᠴᠤᠯᠪᠤᠭᠤᠷ ᠵᠠᠵᠢᠯᠵᠤ ᠰᠤᠷᠤᠭᠰᠠᠨ ᠮᠣᠷᠢ ᠴᠤᠯᠪᠤᠭᠤᠷ ᠲᠠᠰᠤᠳᠠᠬᠤ ᠠ᠋ᠴᠠ ᠬᠢᠴᠢᠶᠡᠭᠡᠷᠡᠢ》 ᠭᠡᠵᠦ ᠰᠢᠪᠡᠨᠡᠭᠰᠡᠨ ᠪᠠᠢᠵᠠᠢ᠃
ᠦᠯᠵᠡᠢᠰᠠᠩ ᠭᠡᠭᠴᠢ ᠭᠠᠤᠯᠢᠨ ᠰᠢᠷ᠎ᠠ ᠬᠠᠴᠠᠷ ᠂ ᠮᠡᠬᠵᠢᠭᠡᠷ ᠮᠥᠷᠥ ᠲᠡᠢ ᠭᠠᠯᠪᠢᠷ ᠲᠥᠷᠬᠦ ᠮᠠᠭᠤᠲᠠᠢ ᠬᠥᠮᠦᠨ ᠪᠢᠯᠡ᠃ ᠲᠠᠪᠤ ᠭᠤᠷᠪᠠᠬᠠᠨ ᠰᠢᠷ᠎ᠠ ᠰᠠᠪᠬᠠᠯ ᠨᠢ ᠠᠭᠤᠷ ᠬᠦᠷᠬᠦ ᠪᠤᠶᠤ ᠪᠠᠴᠢᠮᠳᠠᠵᠤ ᠰᠠᠨᠳᠤᠷᠪᠠᠯ ᠮᠤᠤᠷ ᠤ᠋ᠨ ᠰᠠᠬᠠᠯ ᠰᠢᠭ᠋ ᠰᠡᠷᠪᠡᠰ ᠰᠡᠷᠪᠡᠰ ᠬᠢᠨ ᠠᠷᠵᠠᠢᠨ ᠪᠣᠰᠴᠤ ᠴᠢᠷᠠᠢ ᠨᠢ ᠭᠦᠨ ᠤᠯᠠᠢᠨ᠎ᠠ᠃ ᠴᠢᠰ ᠴᠢᠰ ᠬᠢᠭᠰᠡᠨ ᠰᠣᠯᠣᠭᠠᠢ ᠰᠢᠩᠭᠡᠨ ᠳᠠᠭᠤ ᠪᠠᠷ ᠪᠠᠷᠬᠢᠷᠠᠵᠤ ᠬᠡᠯᠡᠬᠦ ᠵᠠᠩ ᠲᠠᠢ ᠳ᠋ᠤᠨᠢ ᠬᠥᠮᠦᠰ ᠲᠡᠭᠦᠨ ᠢ᠋ 《ᠢᠮᠠᠭᠠᠨ ᠳᠠᠭᠤᠲᠤ》 ᠪᠤᠶᠤ ᠵᠠᠷᠢᠮ ᠨᠢ ᠰᠢᠭᠤᠳ ᠢᠮᠠᠭ᠎ᠠ ᠭᠡᠵᠦ ᠳᠠᠭᠤᠳᠠᠨ᠎ᠠ᠃ ᠲᠡᠭᠦᠨ ᠦ᠌ ᠵᠢᠰᠦ ᠲᠥᠯᠥᠪ᠂ ᠬᠥᠳᠡᠯᠵᠦ ᠪᠠᠷᠢᠬᠤ᠂ ᠵᠠᠩ ᠠᠷᠠᠨᠰᠢᠨ ᠨᠢ ᠬᠠᠷᠠᠬᠤ ᠳ᠋ᠤ᠌ ᠶᠠᠭ ᠯᠠ ᠮᠠᠨᠵᠤ᠂ ᠬᠢᠲᠠᠳ ᠤ᠋ᠨ ᠬᠠᠭᠠᠨ ᠤ᠋ ᠣᠷᠳᠣᠨ ᠤ᠋ ᠠᠭᠲᠠ ᠬᠥᠮᠦᠨ ᠭᠡᠰᠡᠨ ᠦᠭᠡ᠃ ᠭᠡᠲᠡᠯ᠎ᠡ ᠦᠯᠵᠡᠢᠰᠠᠩ ᠠᠬᠳᠠ ᠬᠥᠮᠦᠨ ᠪᠢᠰᠢ ᠲᠥᠷᠥᠯᠬᠢ ᠶ᠋ᠢᠨ᠃
ᠡᠵᠡᠨ ᠦ᠌ ᠪᠡᠨ ᠡᠮᠦᠨ᠎ᠡ ᠬᠣᠢᠨ᠎ᠠ ᠪᠦᠬᠦᠯᠵᠡᠠ ᠴᠢᠷᠠᠢ ᠶ᠋ᠢᠨ ᠬᠢᠨᠢ ᠪᠠᠢᠳᠠᠯ᠂ ᠳᠠᠭᠤᠨ ᠤ᠋ ᠬᠢᠨᠢ ᠥᠩᠭᠡ ᠶ᠋ᠢ ᠠᠵᠢᠨ ᠶᠠᠩ ᠶᠠᠩ ᠭᠡᠵᠦ ᠴᠢᠬᠢ ᠬᠠᠳᠬᠤᠮᠠ ᠰᠢᠩᠭᠡᠨ ᠳᠠᠭᠤ ᠪᠠᠷ ᠳᠤᠤᠭᠠᠷᠴᠤ ᠡᠵᠡᠨ ᠳ᠋ᠡᠭᠡᠨ ᠲᠠᠭᠠᠯᠠᠭᠳᠠᠨ᠂ ᠰᠠᠢᠨ ᠨᠡᠷ᠎ᠡ ᠵᠡᠭᠦᠬᠦ ᠭᠡᠵᠦ ᠳᠣᠯᠢᠭᠠᠨᠠᠳᠠᠭ᠃ ᠴᠢᠬᠤᠯᠠ ᠲᠠᠢ ᠦᠶ᠎ᠡ ᠳ᠋ᠦ᠍ ᠡᠵᠡᠨ ᠦ᠌ ᠪᠡᠨ ᠰᠢᠭᠡᠰᠦ ᠳᠤᠰᠤᠯᠠᠭᠰᠠᠨ ᠭᠤᠲᠤᠯ ᠤ᠋ᠨ ᠬᠢᠨᠢ ᠬᠣᠩᠰᠢᠶᠠᠷ ᠢ᠋ ᠳᠣᠯᠢᠶᠠ ᠭᠡᠬᠦ ᠳ᠋ᠦ᠍ ᠴᠡᠪᠡᠷᠬᠡᠨ ᠰᠠᠢᠬᠠᠨ ᠳᠣᠯᠢᠶᠠᠴᠢᠬᠠᠬᠤ ᠳᠣᠯᠳᠣᠭᠣᠨᠠᠭᠤᠷ ᠪᠢᠯᠪᠢᠭᠦᠷᠴᠢ ᠨᠣᠬᠠᠢ ᠰᠢᠭ᠋ ᠬᠥᠮᠦᠨ ᠪᠠᠢᠳᠠᠭ ᠪᠣᠯ ᠥᠯᠵᠡᠢᠰᠠᠩ ᠳᠠᠷᠤᠢ ᠲᠡᠢᠮᠦ ᠬᠥᠮᠦᠨ ᠮᠥᠨ᠃
ᠥᠯᠵᠡᠢᠰᠠᠩ ᠤᠴᠢᠷ ᠶᠠᠪᠤᠳᠠᠯ ᠡᠵᠡᠨ ᠳ᠋ᠦ᠍ᠨᠢ ᠪᠤᠷᠤᠭᠤ ᠲᠡᠢᠰᠢ ᠡᠷᠭᠢᠭᠰᠡᠨ ᠢ᠋ ᠲᠦᠳᠡᠬᠡᠨ ᠰᠡᠭᠡᠰᠬᠢᠵᠤ ᠥᠮᠥᠳᠥ ᠪᠡᠨ ᠴᠦ᠍ ᠲᠡᠯᠡᠢᠯᠡᠬᠦ ᠶ᠋ᠢᠨ ᠤᠬᠠᠭ᠎ᠠ ᠦᠭᠡᠢ ᠦᠷᠭᠦᠭᠰᠡᠨ ᠣᠭᠣᠨᠣ ᠰᠢᠭ᠋ ᠨᠢᠳᠦ ᠨᠢ ᠣᠷᠣᠢ ᠳᠡᠭᠡᠷ᠎ᠡ ᠪᠡᠨ ᠭᠠᠷᠴᠤ ᠣᠷᠣᠮᠠᠭ ᠬᠡᠳᠦᠨ ᠰᠢᠷ᠎ᠠ ᠰᠠᠬᠠᠯ ᠨᠢ ᠰᠡᠷᠪᠡᠯᠵᠡᠨ ᠬᠥᠳᠡᠯᠦᠨ᠎ᠡ᠃ ᠪᠠᠭ᠎ᠠ ᠬᠠᠲᠤᠨ ᠤ᠋ ᠤᠷᠭᠤᠨ ᠳᠤᠲᠠᠭᠠᠭᠰᠠᠨ ᠠᠩᠬᠠᠨ ᠤ᠋ ᠰᠣᠯᠣᠭᠠᠢ ᠴᠢᠮᠡᠭᠡ ᠶ᠋ᠢ ᠬᠦᠩ ᠨᠣᠶᠠᠨ ᠳ᠋ᠤ᠌ ᠪᠡᠶ᠎ᠡ ᠪᠡᠷ ᠢ᠋ᠶ᠋ᠡᠨ ᠬᠦᠷᠴᠦ ᠴᠠᠬᠢᠯᠭᠠᠨ ᠰᠢᠭ᠋ ᠳᠠᠷᠤᠢᠬᠠᠨ ᠰᠣᠨᠣᠰᠬᠠᠵᠤ᠂ ᠡᠵᠡᠨ ᠵᠠᠰᠠᠭ ᠲᠠᠭᠠᠨ ᠦᠨᠡᠨᠴᠢ ᠰᠢᠳᠤᠷᠭᠤ ᠪᠠᠷ ᠰᠠᠮᠰᠤᠷᠠᠬᠤ ᠭᠡᠵᠦ ᠴᠢᠷᠮᠠᠢᠨ᠎ᠠ᠃
ᠳᠡᠷᠡᠰᠦᠨ ᠳᠣᠲᠣᠷ᠎ᠠ ᠠ᠋ᠴᠠ ᠦᠰᠦᠷᠦᠨ ᠪᠣᠰᠴᠤ ᠥᠮᠥᠳᠥ ᠪᠡᠨ ᠴᠦ᠍ ᠲᠡᠯᠡᠢᠯᠡᠭᠰᠡᠨ ᠦᠭᠡᠢ ᠪᠠᠭᠠᠴᠠᠭᠠᠨᠠᠨ ᠭᠦᠶᠦᠭᠰᠡᠭᠡᠷ ᠪᠠᠭ᠎ᠠ ᠬᠠᠲᠤᠨ ᠤ᠋ ᠭᠡᠷ ᠲᠦ᠍ ᠴᠦᠯᠲᠦ ᠲᠠᠯᠪᠢᠨ ᠣᠷᠣᠵᠤ᠄
— ᠡᠷᠬᠢᠮ ᠬᠦᠩ᠁ ᠬᠦᠩ᠁ ᠬᠦᠩ ᠨᠣᠶᠠᠨ ᠭᠤᠸᠠᠢ ᠠ᠋᠂ ᠪᠠ᠁ ᠪᠠ᠁ ᠪᠠᠭ᠎ᠠ᠁ ᠬᠠ᠁ ᠬᠠ᠁ ᠬᠠᠲᠤᠨ᠁ ᠭᠡᠵᠦ ᠦᠭᠡ ᠪᠡᠨ ᠴᠦ᠍ ᠲᠣᠳᠣ ᠬᠡᠯᠡᠵᠦ ᠳᠡᠢᠯᠬᠦ ᠦᠭᠡᠢ ᠡᠭᠡᠷᠡᠨᠡ᠃
ᠠᠶᠤᠮᠰᠢᠭ ᠦᠭᠡᠢ ᠬᠦᠩ ᠨᠣᠶᠠᠨ ᠤ᠋ ᠤᠨᠲᠠᠭᠰᠠᠨ ᠥᠷᠥᠭᠡᠨ ᠳ᠋ᠦ᠍ ᠴᠦᠯᠲᠦ ᠣᠷᠣᠭᠰᠠᠨ ᠡᠨᠡ ᠬᠦ᠌ ᠬᠠᠴᠢᠨ ᠳᠦᠷᠢ ᠲᠡᠢ ᠬᠥᠮᠦᠨ ᠡᠴᠡ ᠴᠣᠴᠢᠷᠳᠠᠨ ᠰᠡᠷᠡᠭᠰᠡᠨ ᠨᠣᠶᠠᠨᠲᠠᠨ᠄
— ᠮᠠᠭᠤ ᠵᠤᠯᠪᠤᠳᠠᠰᠤ! ᠦᠦᠷ ᠬᠠᠷᠠᠩᠭᠤᠢ ᠪᠠᠷ ᠡᠴᠢᠭᠡ ᠳ᠋ᠡᠭᠡᠨ ᠢᠩᠭᠢᠵᠦ ᠴᠥᠯᠴᠦᠭᠡᠨᠡᠭᠡᠳ᠁ ᠭᠠᠷ! ᠭᠡᠵᠦ ᠵᠠᠩᠳᠤᠷᠪᠠᠯ ᠥᠯᠵᠡᠢᠰᠠᠩ ᠪᠠᠯᠠᠭᠳᠠᠬᠤ ᠳ᠋ᠠᠭᠠᠨ ᠳᠠᠪᠤᠰᠠᠩ ᠤ᠋ᠨ ᠢ᠋ᠶ᠋ᠠᠨ ᠤᠷᠢᠲᠠᠢ ᠵᠠᠬ᠎ᠠ ᠶ᠋ᠢ ᠨᠢ ᠬᠤᠮᠢᠵᠤ ᠪᠠᠷᠢᠭᠰᠠᠨ ᠥᠮᠥᠳᠥ ᠪᠡᠨ ᠠᠯᠳᠠᠵᠤ ᠲᠦᠰᠬᠢᠲᠡᠯ᠎ᠡ ᠬᠥᠰᠡᠷ ᠰᠥᠭᠥᠳᠦᠭᠡᠳ᠄
— ᠤᠷ᠁ ᠣᠷᠭᠣ᠁ ᠴᠢᠬᠠᠭᠰᠠᠨ! ᠭᠡᠵᠦ ᠢᠮᠠᠭᠠᠨ ᠳᠠᠭᠤ ᠨᠢ ᠤᠯᠠᠮ ᠴᠦ᠍ ᠰᠢᠩᠭᠡᠷᠡᠵᠦ ᠶᠣᠣᠵᠠ ᠦᠭᠡᠢ ᠰᠣᠨᠣᠰᠳᠠᠨ᠎ᠠ᠃
— ᠶᠠᠭᠤ? ᠶᠠᠭᠤ ᠣᠷᠭᠣ᠁ ᠤᠷᠭᠤ᠁ ᠭᠡᠳ ᠪᠠᠢᠳᠠᠭ ᠨᠢ ᠬᠡᠳᠦᠨ ᠰᠢᠷ᠎ᠠ ᠰᠠᠬᠠᠯ ᠴᠢᠨᠢ ᠨᠡᠮᠡᠭᠡᠳ ᠤᠷᠭᠤᠴᠢᠬᠠᠪᠠ ᠤᠤ?
— ᠣᠢ᠁ ᠣᠢ᠁ ᠦᠭᠡᠢ!
— ᠶᠠᠭᠤ? ᠡᠴᠢᠭᠡ ᠳ᠋ᠡᠭᠡᠨ ᠢᠩᠭᠢᠵᠦ ᠡᠭᠡᠷᠡᠭᠡᠳ ᠪᠠᠢᠳᠠᠭ ᠶᠤᠮ ? ᠵᠦᠭ ᠲᠡᠢ ᠬᠣᠶᠠᠷ ᠦᠭᠡ ᠬᠡᠯᠡᠵᠦ ᠴᠢᠳᠠᠬᠤ ᠪᠠᠨ ᠪᠣᠯᠢᠭᠰᠠᠨ ᠤᠤ? ᠮᠠᠭᠤ ᠴᠢᠰᠤ! ᠭᠡᠵᠦ ᠡᠷᠲᠡ ᠶ᠋ᠢᠨ ᠲᠠᠭᠠᠲᠠᠢ ᠨᠣᠢᠷ ᠢ᠋ᠶ᠋ᠠᠨ ᠬᠠᠷᠠᠮᠨᠠᠨ ᠠᠬᠠᠷᠴᠢᠯᠠᠭᠰᠠᠨ ᠬᠦᠩ ᠨᠣᠶᠠᠨ ᠢᠮᠠᠭᠠᠨ ᠳᠠᠭᠤᠲᠤ ᠦᠯᠵᠡᠢᠰᠠᠩ ᠤ᠋ᠨ ᠶᠣᠣᠵᠠ ᠦᠭᠡᠢ ᠰᠢᠨᠵᠢ ᠶ᠋ᠢ ᠬᠠᠷᠠᠭᠠᠳ ᠡᠭᠳᠡᠭᠦᠦ ᠨᠢ ᠬᠦᠷᠴᠦ᠄
— ᠦᠭᠡᠢ ᠠ᠋! ᠴᠢ ᠬᠥᠮᠦᠨ ᠦ᠌ ᠦᠭᠡ ᠮᠡᠳᠡᠳᠡᠭ ᠦᠭᠡᠢ ᠤᠤ? ᠴᠠᠭᠠᠰᠢ ᠲᠣᠨᠢᠯ ! ᠭᠡᠵᠦ ᠪᠠᠢᠬᠤ ᠳ᠋ᠤ᠌ ᠁ ᠭᠡᠪᠡᠯ ᠦᠯᠵᠡᠢᠰᠠᠩ᠄
— ᠨᠣᠶᠠᠨ ᠲᠠ᠂ ᠲᠠ ᠁ ᠮᠢᠨᠦ ᠁ ᠮᠢᠨᠦ ᠁ ᠮᠢᠨᠦ ᠁ ᠬᠡᠯᠡᠬᠦ ᠶ᠋ᠢ ᠰᠣᠨᠣᠰ! ᠪᠠ ᠁ ᠪᠠᠭ᠎ᠠ ᠬᠠ ᠁ ᠬᠠᠲᠤᠨ ᠲᠡᠷᠡ ᠁ ᠲᠡᠷᠡ ᠲᠡᠷᠡ ᠳᠤᠲᠠ ᠁ ᠳᠤᠲᠠᠭᠠᠴᠢᠬᠠᠯ᠎ᠠ! ᠭᠡᠪᠡ᠃
— ᠶᠠᠭᠤ ᠪᠠᠭ᠎ᠠ ᠬᠠᠲᠤᠨ ᠲᠣᠭᠲᠠᠭᠠᠴᠢᠬᠠᠯᠠ ᠭᠡᠨ᠎ᠡ ᠠ᠋? ᠭᠡᠳ ᠰᠣᠴᠢᠩᠭᠠᠨ ᠬᠠᠵᠠᠭᠤ ᠳ᠋ᠠᠬᠢ ᠥᠪᠥᠢᠭᠰᠡᠨ ᠬᠥᠨᠵᠢᠯᠡ ᠶ᠋ᠢ ᠢᠷᠡᠪᠡᠯ ᠪᠠᠭ᠎ᠠ ᠬᠠᠲᠤᠨ ᠤ᠋ ᠣᠷᠣ ᠬᠣᠭᠣᠰᠣᠨ ᠪᠠᠢᠪᠠ᠃ ᠬᠦᠩ ᠨᠣᠶᠠᠨ ᠲᠠ ᠠᠮᠤᠷ ᠰᠠᠢᠬᠠᠨ ᠤᠨᠲᠠᠵᠤ ᠪᠠᠢᠭᠠᠷᠠᠢ! ᠪᠢ ᠬᠣᠯᠠ ᠶᠠᠪᠤᠯ᠎ᠠ! ᠭᠡᠰᠡᠨ ᠬᠣᠭᠣᠰᠣᠨ ᠣᠷᠣ ᠲᠡᠭᠦᠨ ᠦ᠌ ᠡᠮᠦᠨ᠎ᠡ ᠡᠴᠡ ᠬᠥᠢᠲᠡᠮᠰᠦᠭ ᠬᠠᠷᠢᠭᠤᠯᠵᠤ ᠪᠠᠢᠯ᠎ᠠ᠃
ᠦᠯᠵᠡᠢᠰᠠᠩ ᠬᠦᠩ ᠨᠣᠶᠠᠨ ᠤ᠋ ᠠᠮᠠᠨ ᠠ᠋ᠴᠠ ᠤᠨᠠᠬᠤ ᠦᠭᠡ ᠶ᠋ᠢ ᠭᠠᠵᠠᠷ ᠲᠤᠰᠤᠭᠠᠬᠤ ᠦᠭᠡᠢ ᠭᠡᠵᠦ ᠬᠢᠴᠢᠶᠡᠨ ᠴᠢᠩᠨᠠᠬᠤ ᠳ᠋ᠠᠭᠠᠨ ᠠᠶᠤᠨ ᠪᠡᠮᠪᠡᠭᠡᠨᠡᠨᠡ ᠃
— ᠴᠠᠭᠠᠰᠢ ᠪᠠᠨ ᠵᠠᠬᠢᠷᠤᠭᠴᠢ ᠂ ᠲᠤᠰᠠᠯᠠᠭᠴᠢ ᠵᠡᠷᠭᠡ ᠨᠣᠶᠠᠳ ᠲᠤ ᠬᠡᠯᠡᠭᠰᠡᠨ ᠤᠤ ? ᠭᠡᠵᠦ ᠬᠦᠩ ᠨᠣᠶᠠᠨ ᠵᠠᠩᠳᠤᠷᠤᠩᠭᠤᠢ ᠠᠰᠠᠭᠤᠪᠠ᠃
— ᠦᠭᠡᠢ ᠃
— ᠲᠡᠭᠡᠭᠡᠳ ᠶᠠᠭᠤ ᠭᠡᠵᠦ ᠡᠨᠳᠡ ᠮᠢᠬᠠᠨ ᠪᠠᠯᠢᠩ ᠣᠷᠬᠢᠭᠠᠳ ᠁ ᠭᠡᠵᠦ ᠬᠦᠩ ᠨᠣᠶᠠᠨ ᠢ᠋ ᠬᠡᠯᠡᠵᠦ ᠪᠠᠷᠠᠬᠤ ᠠ᠋ᠴᠠ ᠡᠮᠦᠨ᠎ᠡ ᠦᠯᠵᠡᠢᠰᠠᠩ ᠄
— ᠵᠠ ! ᠭᠡᠵᠦ ᠬᠥᠩᠭᠡᠨ ᠳᠤᠤᠭᠠᠷᠴᠤ ᠪᠥᠭᠰᠡ ᠪᠡᠷ ᠢ᠋ᠶ᠋ᠡᠨ ᠴᠤᠬᠤᠷᠢᠨ ᠬᠠᠲᠠᠪᠴᠢ ᠠᠯᠬᠤᠬᠤ ᠶ᠋ᠢ ᠵᠠᠪᠳᠤᠲᠠᠯ᠎ᠠ ᠨᠢᠭᠡ ᠶᠠᠭᠤᠮ᠎ᠠ ᠲᠠᠢ ᠮᠥᠷᠭᠥᠯᠳᠦᠪᠡ ᠃ ᠲᠡᠷᠡ ᠨᠢ ᠬᠣᠰᠢᠭᠤ ᠵᠠᠬᠢᠷᠤᠭᠴᠢ ᠷᠠᠰᠢᠲᠠᠷᠵᠠ ᠭᠤᠸᠠᠢ ᠪᠠᠢᠵᠠᠢ ᠃ ᠶᠠᠪᠤᠳᠠᠯ ᠤᠴᠢᠷ ᠤ᠋ᠨ ᠣᠨᠢ ᠶ᠋ᠢ ᠭᠠᠳᠠᠷᠯᠠᠭᠰᠠᠨ ᠷᠠᠰᠢᠲᠠᠷᠵᠠ ᠵᠠᠬᠢᠷᠤᠭᠴᠢ ᠬᠦᠩ ᠨᠣᠶᠠᠨ ᠳ᠋ᠤ᠌ ᠰᠠᠢᠮᠰᠤᠷᠠᠬᠤ ᠭᠡᠵᠦ ᠪᠦᠬᠦ ᠮᠠᠭᠤ ᠶ᠋ᠢ ᠦᠯᠵᠡᠢᠰᠠᠩ ᠳ᠋ᠤ᠌ ᠲᠣᠬᠣᠵᠤ ᠄
— ᠲᠡᠭᠷᠢ ᠶ᠋ᠢᠨ ᠪᠤᠬᠤᠷ ᠲᠤ᠌ ᠲᠦᠢᠮᠡᠷ ᠳᠡᠭᠳᠡᠭᠰᠡᠨ ᠰᠢᠭ ᠶᠡᠬᠡ ᠬᠡᠷᠡᠭ ᠭᠠᠷᠴᠤ ᠪᠠᠢᠬᠤ ᠳ᠋ᠤ᠌ ᠡᠷᠲᠡᠬᠡᠨ ᠰᠢᠭ ᠬᠣᠰᠢᠭᠤ ᠵᠠᠬᠢᠷᠤᠭᠴᠢ᠂ ᠲᠤᠰᠠᠯᠠᠭᠴᠢ ᠨᠣᠶᠠᠨ ᠳ᠋ᠤ᠌ ᠠᠢᠯᠠᠳᠬᠠᠵᠤ ᠮᠡᠳᠡᠭᠦᠯᠬᠦ ᠦᠭᠡᠢ ᠳᠡᠮᠡᠢ ᠦᠦᠷ ᠴᠦᠤᠷ ᠢ᠋ᠶ᠋ᠠᠷ ᠬᠦᠩ ᠨᠣᠶᠠᠨ ᠤ᠋ ᠤᠨᠲᠠᠯᠭ᠎ᠠ ᠶ᠋ᠢᠨ ᠥᠷᠥᠭᠡᠨ ᠳ᠋ᠦ᠍ ᠠᠶᠤᠮᠰᠢᠭ ᠦᠭᠡᠢ ᠣᠷᠣᠵᠤ ᠢᠷᠡᠵᠦ ᠂ ᠨᠣᠶᠠᠨ ᠢ᠋ ᠴᠣᠴᠢᠷᠳᠠᠭᠤᠯᠳᠠᠭ ᠨᠢ ᠶᠠᠭᠤ ᠪᠢᠯᠡ ? ᠬᠦᠩ ᠨᠣᠶᠠᠨ ᠢ᠋ ᠴᠣᠴᠢᠷᠳᠠᠭᠤᠯᠤᠭᠰᠠᠨ ᠬᠣᠢᠲᠤᠬᠢ ᠮᠥᠷ ᠴᠢᠨᠢ ᠶᠠᠭᠤ ᠪᠣᠯᠤᠨ᠎ᠠ ᠭᠡᠳᠡᠭ ᠢ᠋ᠶ᠋ᠡᠨ ᠪᠣᠳᠣᠭ᠎ᠠ ᠦᠭᠡᠢ ᠤᠤ ? ᠴᠢ ! ᠪᠥᠨᠲᠥᠭᠡᠷ ᠴᠢᠨᠢ ᠬᠠᠪᠴᠢᠭᠠᠷ ᠮᠥᠷᠦᠨ ᠡᠴᠡ ᠪᠡᠨ ᠤᠢᠳᠴᠤ ᠪᠠᠢᠨ᠎ᠠ ᠤᠤ? ᠭᠡᠰᠡᠨ ᠳ᠋ᠦ᠍ ᠦᠯᠵᠡᠢᠰᠠᠩ ᠰᠠᠨᠲᠤᠷᠴᠤ ᠄
— ᠦᠭᠡᠢ ᠂ ᠦᠭᠡᠢ ! ᠪᠣᠭᠣᠯ ᠮᠢᠨᠦ ᠪᠤᠷᠤᠭᠤ᠃ ᠵᠠᠬᠢᠷᠤᠭᠴᠢ ᠨᠣᠶᠠᠨ ᠲᠠ ᠥᠷᠥᠰᠢᠶᠡᠵᠦ ᠬᠠᠢᠷᠠᠯᠠ! ᠭᠡᠵᠦ ᠡᠵᠡᠨ ᠳ᠋ᠡᠭᠡᠨ ᠵᠠᠩᠨᠠᠭᠳᠠᠨ ᠴᠢᠬᠢ ᠪᠡᠨ ᠬᠤᠯᠮᠠᠢᠭᠰᠠᠨ ᠨᠣᠬᠠᠢ ᠰᠢᠭ᠋ ᠭᠢᠯᠠᠪ ᠬᠠᠯᠠᠪ ᠬᠢᠵᠦ ᠷᠠᠰᠢᠳᠠᠷᠵᠠ ᠵᠠᠬᠢᠷᠤᠭᠴᠢ ᠶ᠋ᠢ ᠴᠢᠷᠠᠢᠳᠠᠨᠠ᠃
ᠲᠦᠳᠡᠬᠡᠨ ᠵᠠᠭᠤᠷ᠎ᠠ ᠪᠠᠭ᠎ᠠ ᠬᠠᠲᠤᠨ ᠤ᠋ ᠤᠷᠭᠤᠭᠰᠠᠨ ᠲᠤᠬᠠᠢ ᠠᠵᠢᠭ ᠠᠪᠤᠭᠰᠠᠨ ᠬᠥᠮᠦᠰ ᠰᠢᠪᠡᠷ ᠠᠨᠢᠷ ᠬᠡᠯᠡᠯᠴᠡᠨ᠎ᠡ᠃
ᠴᠡᠴᠡᠭ ᠬᠠᠲᠤᠨ ᠴᠦ᠍ ᠬᠦᠩ ᠨᠣᠶᠠᠨ ᠤ᠋ ᠤᠨᠲᠠᠭᠰᠠᠨ ᠥᠷᠥᠭᠡᠨ ᠳ᠋ᠦ᠍ ᠣᠷᠣᠵᠤ ᠣᠴᠢᠨ᠄
— ᠭᠡᠭ ᠂ ᠬᠢᠷᠢ ᠪᠡᠨ ᠮᠡᠳᠡᠭᠦ ᠦᠭᠡᠢ ᠮᠠᠭᠤ ᠴᠠᠭᠠᠴᠢᠨ! ᠶᠡᠷᠦ ᠨᠢ ᠬᠠᠷ᠎ᠠ ᠬᠣᠮᠬᠣᠷᠠᠤ ᠳᠣᠯᠢᠶᠠᠭᠰᠠᠨ ᠥᠯᠥᠭᠴᠢᠨ ᠴᠠᠭᠠᠨ ᠪᠤᠳᠠᠭᠠᠨ ᠳ᠋ᠤ᠌ ᠬᠠᠬᠠᠵᠤ ᠱᠠᠩᠳᠠᠭᠤᠷᠠᠬᠤ ᠳ᠋ᠠᠭᠠᠨ ᠳᠤᠲᠠᠭᠠᠭᠰᠠᠨ ᠪᠠᠢᠯᠭᠦᠢ ᠂ ᠴᠢᠭᠢᠶᠡᠲᠦᠷᠦᠦ! ᠭᠡᠵᠦ ᠬᠠᠷᠢᠶᠠᠭᠰᠠᠨ ᠢ᠋ᠶ᠋ᠠᠨ ᠨᠣᠶᠠᠨ ᠤ᠋ ᠵᠦᠭ ᠬᠠᠷᠠᠵᠤ 《 ᠦᠭᠡᠢ ᠠ᠋ ᠂ ᠬᠦᠩ ᠨᠣᠶᠠᠨ ᠲᠠ ᠡᠪᠦᠷᠲᠦᠯᠡᠵᠦ ᠤᠨᠲᠠᠭᠰᠠᠨ ᠬᠥᠮᠦᠨ ᠢ᠋ᠶ᠋ᠡᠨ ᠪᠣᠰᠴᠤ ᠳᠤᠲᠠᠭᠠᠬᠤ ᠶ᠋ᠢ ᠨᠢ ᠴᠦ᠍ ᠮᠡᠳᠡᠳᠡᠭ ᠦᠭᠡᠢ ᠶᠠᠭᠠᠬᠢᠭᠰᠠᠨ ᠰᠦᠷᠡᠬᠡᠢ ᠪᠥᠬᠡ ᠤᠨᠲᠠᠪᠠ ⁈ ᠭᠡᠰᠡᠨ ᠪᠣᠯᠪᠠᠴᠤ ᠳᠣᠲᠣᠷ᠎ᠠ ᠪᠠᠨ 《 ᠤᠤᠬᠠᠢ᠂ ᠳᠣᠷᠢᠭᠤᠨ ᠶᠤᠮ! ᠨᠢᠳᠦᠨ ᠦ᠌ ᠳᠠᠯᠳᠠ ᠴᠢᠬᠢᠨ ᠦ᠌ ᠴᠠᠭᠠᠨ᠎ᠠ ᠨᠢᠭᠡᠮᠦᠰᠦᠨ ᠳᠤᠲᠠᠭᠠᠵᠤ ᠮᠥᠩᠬᠡ ᠠᠯᠠᠭ᠎ᠠ ᠪᠣᠯᠤᠭᠠᠰᠠᠢ! ᠠᠷᠢᠯᠤᠭ ᠴᠠᠭᠠᠰᠢ ! ᠠᠶᠠᠭ᠎ᠠ ᠲᠠᠢ ᠠ᠋ᠴᠠ ᠮᠢᠨᠢ ᠬᠣᠷᠣᠭᠠᠵᠤ᠂ ᠠᠵᠠ ᠵᠢᠷᠭᠠᠯ ᠢ᠋ ᠮᠢᠨᠢ ᠬᠢᠮᠤᠰᠤᠯᠠᠭᠰᠠᠨ ᠮᠠᠭᠤ ᠥᠯᠥᠭᠴᠢᠨ ᠢ᠋ ᠁ ᠭᠡᠵᠦ ᠴᠠᠭᠠᠨ᠎ᠠ ᠪᠠᠨ ᠠᠲᠠᠭᠠᠷᠬᠠᠵᠤ ᠵᠠᠨᠤᠪᠠᠯ ᠴᠢᠷᠠᠢ ᠳ᠋ᠤᠨᠢ ᠲᠠᠪᠠ ᠨᠢ ᠬᠠᠨᠤᠭᠰᠠᠨ ᠪᠠᠢᠳᠠᠯ ᠢᠯᠡ ᠪᠠᠢᠯ᠎ᠠ᠃ ᠦᠯᠵᠡᠢᠰᠠᠩ ᠂ ᠴᠡᠴᠡᠭ ᠬᠠᠲᠤᠨ ᠤ᠋ ᠢᠩᠭᠢᠵᠦ ᠬᠡᠯᠡᠭᠰᠡᠨ ᠳ᠋ᠦ᠍ ᠥᠮᠥᠳᠥ ᠪᠡᠨ ᠲᠠᠲᠠᠭᠠᠳ ᠪᠥᠭᠰᠡ ᠪᠡᠷ ᠢ᠋ᠶ᠋ᠡᠨ ᠴᠤᠬᠤᠷᠢᠨ ᠭᠠᠷᠪᠠ᠃
ᠡᠨᠡ ᠦᠶ᠎ᠡ ᠳ᠋ᠦ᠍ ᠨᠣᠢᠷᠮᠤᠭ ᠠ᠋ᠴᠠ ᠪᠠᠨ ᠭᠦᠢᠴᠡᠳ ᠰᠡᠷᠡᠭᠰᠡᠨ ᠬᠦᠩ ᠨᠣᠶᠠᠨ 《 ᠪᠠᠭ᠎ᠠ ᠬᠠᠲᠤᠨ ᠣᠷᠭᠣᠴᠢᠬᠠᠯᠠ》 ᠭᠡᠵᠦ ᠰᠡᠬᠡᠰᠬᠢᠭᠰᠡᠨ ᠮᠠᠶᠢᠭᠲᠠᠢ᠄
— ᠥᠯᠵᠡᠢᠰᠠᠩ ᠡ! ᠨᠠᠭᠠᠰᠢ ᠪᠠᠨ !ᠭᠡᠪᠡᠯ ᠥᠯᠵᠡᠢᠰᠠᠩ ᠡᠭᠦᠳᠡ ᠪᠡᠷ ᠳᠠᠬᠢᠨ ᠨᠠᠪᠲᠠᠰᠬᠢᠨ ᠣᠷᠣᠵᠤ ᠢᠷᠡᠭᠡᠳ᠄
— ᠵᠠ ᠂ ᠬᠦᠩ ᠨᠣᠶᠠᠨ ᠲᠠ ᠶᠠᠭᠤ ᠠᠢᠯᠠᠳᠬᠤ ᠭᠡᠪᠡ ? ᠮᠠᠭᠤ ᠳᠣᠷᠣᠢ ᠪᠣᠭᠣᠯ ᠢ᠋ᠶ᠋ᠠᠨ ᠥᠷᠥᠰᠢᠶᠡᠭᠡᠴᠢ ! ᠭᠡᠳ ᠪᠥᠬᠥᠯᠵᠡᠨ᠂ ᠭᠤᠲᠤᠯ ᠤ᠋ᠨ ᠬᠣᠩᠰᠢᠶᠠᠷ ᠢ᠋ᠶ᠋ᠠᠨ ᠡᠭᠡᠯᠵᠢᠯᠡᠨ ᠬᠠᠷᠠᠵᠤ ᠠᠮᠢᠰᠬᠤᠭ᠎ᠠ ᠨᠢ ᠳᠡᠭᠡᠷ᠎ᠡ ᠳᠡᠭᠡᠷ᠎ᠡ ᠳᠠᠪᠬᠤᠴᠠᠬᠤ ᠳ᠋ᠤ᠌ ᠵᠢᠷᠦᠬᠡ ᠨᠢ ᠬᠡᠴᠡᠭᠦᠦ ᠰᠠᠪᠠᠯᠠᠵᠤ ᠪᠠᠢᠪᠠᠴᠤ ᠬᠦᠩ ᠨᠣᠶᠠᠨ ᠤ᠋ ᠶᠠᠭᠤ ᠬᠡᠯᠡᠬᠦ ᠶᠢ ᠴᠢᠬᠢ ᠲᠠᠯᠪᠢᠨ ᠴᠢᠩᠨᠠᠨ᠎ᠠ ᠃
— ᠴᠢ ᠳᠠᠷᠤᠢᠬᠠᠨ ᠶᠠᠪᠤᠵᠤ ᠮᠢᠩᠭᠠᠨᠪᠤᠤ ᠳᠤᠰᠠᠯᠠᠭᠴᠢ ᠳ᠋ᠤ᠌ ᠳᠠᠮᠵᠢᠭᠤᠯ ᠃ ᠪᠠᠭ᠎ᠠ ᠬᠠᠲᠤᠨ ᠤ᠋ ᠪᠡᠶ᠎ᠡ ᠰᠡᠳᠬᠢᠯ ᠢ᠋ ᠭᠡᠮᠲᠦᠭᠡᠵᠦ ᠰᠣᠴᠢᠭᠠᠯ ᠦᠭᠡᠢ ᠮᠡᠨᠳᠦ ᠪᠦᠲᠦᠨ ᠣᠯᠵᠤ ᠢᠷ᠎ᠡ! ᠲᠡᠷᠡ ᠮᠠᠭᠤ ᠡᠮ᠎ᠡ ᠶ᠋ᠢᠨ ᠤᠷᠭᠤᠭᠠᠨ ᠮᠢᠨᠦ ᠠᠯᠠᠭᠠᠨ ᠠ᠋ᠴᠠ ᠮᠤᠯᠲᠤᠷᠠᠬᠤ ᠶ᠋ᠢ ᠨᠢ ᠦᠵᠡᠶ᠎ᠡ !
— ᠵᠠ ᠭᠡᠳ ᠥᠯᠵᠡᠢᠰᠠᠩ ᠪᠡᠶ᠎ᠡ ᠨᠢ ᠴᠡᠴᠡᠷᠡᠰᠬᠢᠵᠦ ᠡᠪᠦᠳᠦᠭ ᠨᠢ ᠠᠷᠠᠢ ᠨᠤᠭᠤᠷᠠᠰᠬᠢᠭᠰᠡᠨ ᠢ᠋ᠶ᠋ᠡᠨ ᠪᠥᠭᠰᠡ ᠪᠡᠷ ᠢ᠋ᠶ᠋ᠡᠨ ᠴᠤᠬᠤᠷᠢᠭᠰᠠᠭᠠᠷ ᠭᠠᠷᠴᠤ ᠣᠳᠪᠠ ᠃
– – – –
① ᠤᠷᠠᠳ ᠦᠳ ᠬᠠᠲᠤᠨ ᠭᠣᠣᠯ ᠢ ᠤᠯᠠᠭᠠᠨ ᠬᠠᠲᠤᠨ ᠭᠡᠳᠡᠭ᠃
② ᠨᠤᠲᠤᠭ ᠤᠨ ᠬᠡᠯᠡᠯᠭᠡ᠂ ᠬᠠᠰᠢ ᠶᠠᠰᠢ ᠪᠠᠷ ᠳᠥᠩᠭᠡᠨ ᠳᠠᠩᠭᠠᠨ ᠭᠡᠬᠦ ᠤᠳᠬ᠎ᠠ ᠲᠠᠢ᠃
③ ᠤᠷᠠᠳᠴᠤᠳ ᠲᠡᠨᠡᠭ ᠮᠠᠩᠬᠤᠤ᠂ ᠲᠠᠷᠢᠬᠢ ᠨᠢ ᠪᠢᠲᠠᠭᠤ ᠬᠡᠢᠷᠬᠡᠭ ᠰᠣᠯᠢᠶ᠎ᠠ ᠲᠠᠢ ᠰᠢᠭ᠋ ᠢ ᠢᠷᠸ᠎ᠠ ᠭᠡᠳᠡᠭ᠃
ᠦᠰᠦᠭ ᠠᠮᠢᠯᠠᠭᠤᠯᠤᠭᠰᠠᠨ ᠨᠢ᠄ <ᠬᠡᠯᠡ ᠪᠢᠴᠢᠭ> ᠬᠣᠯᠪᠣᠭ᠎ᠠ
