ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠨᠢᠭᠡ > Хан мунын сүүрс < дээд > – Мөнх зохиоов ᠂ Тэргүүн бодь – Нэгдүгээр бүлэг <1> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠨᠢᠭᠡ > Хан мунын сүүрс < дээд > – Мөнх зохиоов ᠂ Тэргүүн бодь – Нэгдүгээр бүлэг <1>

ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ < ᠨᠢᠭᠡ > Хан мунын сүүрс < дээд > – Мөнх зохиоов ᠂ Тэргүүн бодь – Нэгдүгээр бүлэг <1>

ᠠᠩᠭᠢᠯᠠᠯ:ᠲᠤᠭᠤᠵᠢ ᠷᠣᠮᠠᠨ
2024-03-01

1345

ᠲᠡᠷᠢᠭᠦᠨ ᠪᠣᠲᠢ – ᠨᠢᠭᠡᠳᠦᠭᠡᠷ ᠪᠦᠯᠦᠭ < ᠨᠢᠭᠡ >


                      ᠲᠡᠷᠢᠭᠦᠨ ᠪᠣᠲᠢ
 
                 ᠨᠢᠭᠡᠳᠦᠭᠡᠷ ᠪᠦᠯᠦᠭ    

         ᠴᠣᠭᠴᠠᠯᠠᠭᠰᠠᠨ ᠪᠤᠶᠠᠨ ᠤ᠋ ᠬᠢᠨᠢ ᠦᠷ᠎ᠡ ᠨᠢ 
         ᠴᠣᠭᠴᠠ ᠪᠡᠶ᠎ᠡ ᠶ᠋ᠢᠨ ᠰᠠᠨᠠᠭᠠᠨ ᠤ᠋ ᠠᠮᠤᠷ ᠰᠠᠢᠨ 
         ᠴᠣᠬᠣᠮ ᠡᠷᠬᠢᠮ ᠰᠡᠳᠬᠢᠯ ᠳ᠋ᠡᠬᠢ ᠴᠢᠨᠠᠷ ᠨᠢ
         ᠴᠣᠭᠲᠤ ᠰᠦᠮᠪᠦᠷ ᠠᠭᠤᠯᠠ ᠮᠡᠲᠦ ᠪᠠᠲᠤ ᠰᠠᠢᠨ  
            ᠤᠴᠠᠷᠠᠯ ᠤ᠋ᠨ ᠵᠣᠬᠢᠯᠳᠤᠬᠤ ᠶᠣᠰᠣ ᠨᠢ 
            ᠣᠯᠠᠨ ᠲᠢᠪ ᠦ᠋ᠨ ᠲᠥᠷᠥ ᠮᠡᠲᠦ ᠨᠠᠢᠷ ᠲᠠᠢ ᠰᠠᠢᠨ  
            ᠤᠬᠠᠭᠠᠨ ᠤ᠋ ᠵᠣᠬᠢᠯᠳᠤᠬᠤ ᠪᠣᠳᠣᠯᠭ᠎ᠠ ᠨᠢ  
            ᠣᠯᠣᠮ ᠦᠭᠡᠢ ᠳᠠᠯᠠᠢ ᠮᠡᠲᠦ ᠠᠭᠤᠳᠠᠮ ᠰᠠᠢᠨ      
             < ᠮᠡᠷᠭᠡᠨ ᠭᠡᠭᠡᠨ ᠦ᠌ ᠵᠣᠬᠢᠶᠠᠭᠰᠠᠨ《 ᠴᠣᠭᠴᠠᠯᠠᠭᠰᠠᠨ ᠪᠤᠶᠠᠨ》 ᠭᠡᠳᠡᠭ ᠤᠷᠠᠳ ᠠᠷᠠᠳ ᠤ᠋ᠨ ᠳᠠᠭᠤᠤ> 

         ᠴᠡᠩᠬᠡᠷ ᠴᠠᠭᠠᠨ ᠡᠭᠦᠯᠡ ᠨᠢ ᠭᠠᠷᠪᠠᠯ 
         ᠴᠢᠭᠢᠭ ᠨᠢ ᠤᠨᠠᠳᠠᠭ ᠶᠤᠮ ᠳᠠ  
         ᠴᠢᠩᠳᠠ ᠰᠡᠳᠬᠢᠯ ᠵᠠᠩ ᠢ᠋ᠶ᠋ᠠᠷ ᠢ᠋ᠶ᠋ᠠᠨ ᠪᠠᠢᠪᠠᠯ  
         ᠴᠢᠭᠯᠡᠭᠡᠳ ᠢᠷᠡᠯᠭᠦᠢ ᠳᠡ ᠬᠦ  
             ᠪᠠᠳᠠᠷᠠᠩᠭᠤᠢ ᠡᠭᠦᠯᠡ ᠨᠢ ᠭᠠᠷᠪᠠᠯ 
             ᠪᠣᠷᠣᠭᠠᠨ ᠨᠢ ᠣᠷᠣᠳᠠᠭ ᠶᠤᠮ ᠠ᠋ ᠬᠦ  
             ᠪᠠᠲᠤ ᠰᠡᠳᠬᠢᠯ ᠵᠠᠩ ᠢ᠋ᠶ᠋ᠠᠷ ᠢ᠋ᠶ᠋ᠠᠨ ᠪᠠᠢᠪᠠᠯ  
             ᠪᠤᠴᠠᠭᠠᠳ ᠢᠷᠡᠯᠭᠦᠢ ᠳᠡ ᠬᠦ   
                   < ᠤᠷᠠᠳ ᠠᠷᠠᠳ ᠤ᠋ᠨ ᠳᠠᠭᠤᠤ >  

                 ᠨᠢᠭᠡ     

       ᠨᠠᠷᠠ᠂ ᠴᠡᠩᠬᠡᠷ ᠰᠡᠮᠡᠵᠡᠨ ᠬᠠᠳᠠᠭ ᠢ᠋ᠶ᠋ᠠᠷ ᠴᠢᠷᠠᠢ ᠪᠠᠨ ᠨᠢᠭᠤᠰᠬᠡᠭᠰᠠᠨ ᠦᠵᠡᠰᠬᠦᠯᠡᠩᠲᠦ ᠪᠦᠰᠡᠭᠦᠢ ᠮᠡᠲᠦ ᠪᠡᠷ ᠡᠨᠡ ᠬᠣᠷᠸ᠎ᠠ ᠳ᠋ᠤ᠌ ᠬᠠᠢᠷ᠎ᠠ ᠪᠠᠨ ᠪᠦᠲᠦᠨ ᠡᠳᠦᠷ ᠢᠪᠢᠯᠭᠡᠭᠡᠳ ᠴᠦ᠍ ᠰᠡᠤᠠᠬᠡᠯ ᠬᠠᠨᠤᠭ᠎ᠠ ᠦᠭᠡᠢ ᠭᠡᠮᠡᠷ ᠴᠢᠷᠠᠢ ᠨᠢ ᠤᠯᠠᠰᠬᠢᠭᠡᠳ ᠠᠯᠭᠤᠷ ᠠᠭᠤᠯᠠ ᠶᠢᠨ ᠲᠣᠯᠣᠭᠠᠢ ᠰᠢᠭᠦᠷᠡᠪᠡ᠃ 
       ᠴᠢᠨᠳᠠᠮᠤᠨᠢᠯᠠᠵᠤ ᠪᠠᠷᠢᠭᠰᠠᠨ ᠨᠣᠶᠠᠨ ᠰᠠᠩ ᠤ᠋ᠨ ᠵᠣᠰᠠᠭᠠᠯ ᠤ᠋ᠨ ᠭᠡᠷ ᠦ᠋ᠳ ᠪᠦᠭᠦᠳᠡ ᠣᠩᠭᠣᠢᠵᠤ ᠬᠥᠮᠦᠨ ᠬᠠᠷ᠎ᠠ ᠵᠥᠩᠳᠡᠭᠡᠨ ᠰᠦᠯᠪᠡᠯᠳᠦᠨ ᠬᠠᠶᠠ ᠲᠡᠨᠲᠦᠷ ᠮᠥᠨᠳᠥᠷ ᠬᠠᠢᠪᠠᠯᠵᠠᠭᠰᠠᠨ ᠰᠣᠭᠲᠣᠭᠤ ᠨᠤᠭᠤᠳ ᠤ᠋ᠨ ᠠᠮᠠᠨ ᠠ᠋ᠴᠠ《 ᠮᠠᠨ ᠤ᠋ ᠰᠢᠷᠠᠪ ᠨᠣᠶᠠᠨ ᠭᠡᠵᠦ ᠮᠥᠨ ᠴᠦ᠍ ᠰᠠᠢᠬᠠᠨ ᠬᠠᠲᠤᠨ ᠤ᠋ ᠬᠤᠪᠢ ᠲᠠᠢ ᠬᠥᠮᠦᠨ ᠶᠦᠮ ᠠ᠋ ᠁ 》᠂《 ᠭᠣᠶᠣ ᠭᠣᠶᠣ ᠪᠦᠰᠡᠭᠦᠢ ᠬᠡᠦᠬᠡᠨᠴᠦᠳ ᠢ᠋ ᠡᠩᠨᠡᠭᠦᠯᠵᠦ ᠪᠠᠢᠭᠠᠳ ᠁ 》 ᠭᠡᠬᠦ ᠵᠡᠷᠭᠡ ᠪᠡᠷ ᠠᠮᠠᠨ ᠲᠠᠪᠠ ᠪᠠᠷ ᠪᠤᠷᠠᠬᠤ ᠨᠢ ᠪᠤᠷᠠᠵᠤ᠂ ᠵᠠᠷᠢᠮ ᠨᠢ《 ᠠᠯᠲᠠᠢ ᠬᠠᠩᠭᠠᠢ ᠶ᠋ᠢᠨ ᠠᠷᠤ ᠲᠠᠯ᠎ᠠ ᠠ᠋ᠴᠠ ᠨᠢ ᠠᠯᠬᠤᠯᠠᠭᠰᠠᠭᠠᠷ ᠢᠷᠡᠯ᠎ᠡ ᠁ ᠠᠬ᠎ᠠ ᠳᠡᠭᠦᠦ ᠲᠠ ᠨᠠᠷ ᠲᠠᠢ ᠪᠠᠨ ᠵᠣᠯᠭᠠᠶ᠎ᠠ ᠭᠡᠵᠦ ᠢᠷᠡᠯ᠎ᠡ ᠁ ᠠᠯᠳᠠᠷ ᠰᠠᠢᠬᠠᠨ ᠨᠡᠷ᠎ᠡ ᠶ᠋ᠢ ᠴᠢᠨᠢ ᠳᠠᠭᠤᠯᠠᠭᠰᠠᠭᠠᠷ ᠯᠠ ᠬᠠᠷᠢᠶ᠎ᠠ ᠁ 》 ᠭᠡᠵᠦ ᠡᠷᠢᠶᠡᠨ ᠮᠡᠷᠢᠶᠡᠨ ᠢ᠋ᠶ᠋ᠡᠷ ᠠᠶᠠᠯᠵᠤ ᠮᠣᠷᠢᠨ ᠳᠡᠭᠡᠷ᠎ᠡ ᠪᠡᠨ ᠪᠦᠭᠦᠷᠭᠡ ᠪᠡᠨ ᠲᠡᠪᠡᠷᠢᠭᠰᠡᠨ ᠰᠣᠭᠲᠣᠭᠤ ᠬᠥᠯᠴᠥᠭᠦᠦ ᠡᠷᠡᠰ ᠵᠡᠯ᠎ᠡ ᠱᠣᠩ ᠲᠣᠭᠣᠷᠢᠨ ᠨᠠᠭᠤᠷ ᠲᠤ᠌ ᠬᠣᠷᠭᠣᠳᠠᠭᠰᠠᠨ ᠤᠰᠤᠨ ᠤ᠋ ᠰᠢᠪᠠᠭᠤ ᠰᠢᠭ᠋ ᠡᠷᠭᠢᠨ ᠪᠤᠴᠠᠨ ᠪᠠᠢᠯ᠎ᠠ᠃ 
       ᠤᠷᠠᠳ ᠤ᠋ᠨ ᠪᠠᠷᠠᠭᠤᠨ ᠬᠦᠩ ᠦ᠋ᠨ ᠬᠦᠩ ᠨᠣᠶᠠᠨ ᠰᠢᠷᠠᠪᠲᠤᠷᠵᠢ ᠲᠠᠨ ᠤ᠋ ᠪᠠᠭ᠎ᠠ ᠬᠠᠲᠤᠨ ᠪᠠᠭᠤᠯᠭᠠᠭᠰᠠᠨ ᠬᠤᠷᠢᠮ ᠤ᠋ᠨ ᠭᠣᠣᠯ ᠨᠠᠢᠷ ᠲᠠᠷᠬᠠᠵᠤ ᠪᠠᠢᠭ᠎ᠠ ᠨᠢ ᠡᠨᠡ᠃  
       ᠠᠯᠲᠠᠨ ᠰᠢᠷ᠎ᠠ ᠭᠢᠯᠠᠭᠠᠷ ᠥᠯᠵᠡᠢ ᠦᠰᠦᠭ ᠲᠡᠢ ᠬᠣᠷᠭᠣᠢ ᠲᠡᠷᠯᠢᠭ ᠲᠡᠭᠡᠨ ᠭᠠᠤᠯᠢᠨ ᠵᠣᠭᠣᠰᠤᠨ ᠬᠡ ᠲᠡᠢ ᠬᠠᠷ᠎ᠠ ᠲᠣᠷᠭᠠᠨ ᠬᠠᠨᠵᠢᠶᠠᠷ ᠬᠡᠲᠡᠷᠦᠬᠰᠡᠨ ᠰᠢᠷᠠᠪ ᠨᠣᠶᠠᠨ ᠡᠩᠭᠡᠷ ᠲᠡᠭᠡᠨ ᠡᠭᠡᠯᠲᠤᠷᠭᠡᠯᠡᠬᠰᠡᠨ ᠴᠡᠩᠬᠡᠷ ᠬᠠᠰ ᠡᠷᠢᠭᠡ ᠪᠡᠨ ᠢᠮᠡᠷᠬᠦ ᠳ᠋ᠦ᠍ ᠥᠪᠡᠷ ᠦ᠋ᠨ ᠡᠷᠬᠡ ᠦᠭᠡᠢ ᠢᠨᠢᠶᠡᠪᠬᠢᠯᠡᠨ ᠪᠣᠢ ᠴᠣᠩᠬᠢᠭᠠᠷ ᠴᠠᠷᠡᠢ ᠶ᠋ᠢᠨ ᠬᠢᠨᠢ ᠴᠢᠮᠡᠭ ᠪᠣᠯᠤᠭᠰᠠᠨ ᠰᠣᠶᠣᠭ᠎ᠠ ᠬᠠᠷ᠎ᠠ ᠰᠠᠬᠠᠯ ᠨᠢ ᠭᠡᠨᠡᠳᠲᠡ ᠬᠠᠷᠠᠬᠤ ᠳ᠋ᠤ᠌ ᠬᠠᠷᠢᠶᠠᠴᠠᠢ ᠶ᠋ᠢᠨ ᠵᠢᠭᠦᠷ ᠮᠡᠲᠦ ᠠᠵᠢ᠃ 
       ᠨᠠᠢᠷ ᠤ᠋ᠨ ᠮᠠᠢᠬᠠᠨ ᠤ᠋ ᠪᠠᠨ ᠡᠭᠦᠳᠡᠨ ᠳ᠋ᠦ᠍ ᠶᠠᠮᠪᠠᠷᠬᠠᠨ ᠵᠣᠭᠰᠣᠭ᠎ᠠ ᠡᠨᠡ ‍ᠬᠦ ᠬᠦᠩ ᠨᠣᠶᠠᠨ ᠤ᠋ ᠡᠮᠦᠨ᠎ᠡ ᠬᠥᠮᠦᠰ ᠢᠷᠡᠵᠦ ᠡᠪᠦᠳᠦᠭ ᠴᠢᠴᠠᠤᠯᠠᠨ《ᠬᠦᠩ ᠨᠣᠶᠠᠨ ᠠᠬᠠᠢᠲᠠᠨ ᠲᠠᠪᠠᠲᠠᠢ ᠰᠠᠭᠠᠳᠠᠭᠠᠷᠠᠢ!》 ᠭᠡᠳ ᠠᠶᠠᠷᠯᠠᠨ᠎ᠠ᠃ ᠢᠩᠭᠢᠵᠦ ᠬᠦᠩ ᠨᠣᠶᠠᠨᠲᠠᠨ ᠲᠠᠢ ᠪᠡᠶ᠎ᠡ ᠮᠡᠬᠦᠢᠨ ᠶᠣᠰᠣ ᠮᠡᠨᠳᠦᠯᠡᠵᠦ ᠠᠶᠠᠷᠯᠠᠨ ᠪᠣᠢ ᠬᠥᠮᠦᠰ  ᠮᠤᠩ ᠦᠭᠡᠢ᠃ 
       ᠡᠭᠡᠯ ᠳᠣᠣᠷᠠᠳᠤᠰ᠂ ᠨᠣᠶᠠᠳ ᠶᠠᠮᠪᠠᠲᠠᠳ ᠲᠤ᠌ ᠡᠪᠦᠳᠦᠭ ᠰᠥᠬᠥᠷᠡᠨ ᠲᠣᠯᠣᠭᠠᠢ ᠮᠡᠬᠦᠢᠵᠦ ᠡᠰᠡ ᠶᠣᠰᠣᠯᠠᠪᠠᠰᠤ ᠶᠣᠰᠣ ᠪᠤᠰᠤᠴᠢᠯᠠᠭᠰᠠᠨ ᠤᠴᠢᠷ ᠪᠣᠯᠬᠤ ᠲᠤᠯᠠ ᠨᠣᠶᠠᠳ ᠶᠠᠮᠪᠠᠲᠠᠳ ᠪᠣᠯ ᠡᠭᠦᠨ ᠢ᠋ ᠢᠯᠡᠭᠦᠴᠡ ᠶᠠᠭᠤᠮ᠎ᠠ ᠭᠡᠵᠦ ᠣᠭᠲᠣ ᠰᠠᠨᠠᠳᠠᠭ ᠦᠭᠡᠢ᠂ ᠬᠠᠷᠢᠨ ᠡᠭᠦᠨ ᠳ᠋ᠡᠭᠡᠨ ᠰᠡᠳᠬᠢᠯ ᠬᠠᠨᠵᠤ ᠤᠯᠠᠮ ᠴᠦ᠍ ᠶᠡᠬᠡᠷᠬᠡᠨ᠎ᠡ᠃  ᠶᠣᠰᠣᠲᠠᠢ ᠯᠠ《 ᠮᠤᠤᠷ ᠲᠤ ᠶᠠᠭᠤᠮ᠎ᠠ ᠥᠭᠪᠡᠯ ᠪᠤᠯᠢᠶᠠᠭᠳᠠᠭᠰᠠᠨ ᠰᠢᠭ᠋᠂ ᠮᠠᠭᠤ ᠬᠥᠮᠦᠨ ᠳ᠋ᠦ᠍ ᠶᠠᠭᠤᠮ᠎ᠠ ᠥᠭᠪᠡᠯ ᠠᠶᠤᠭᠰᠠᠨ ᠰᠢᠭ᠋》 ᠭᠡᠭᠴᠢ ᠠᠵᠢ᠃ ᠢᠩᠭᠢᠬᠦᠯᠡᠷ ᠭᠡᠳᠡᠢᠳᠡᠭ ᠦ᠋ᠨ ᠡᠮᠦᠨ᠎ᠡ ᠡᠴᠡ ᠡᠭᠡᠯᠴᠦᠦᠯ ᠳᠣᠣᠷᠠᠳᠤᠰ ᠮᠡᠬᠦᠢᠵᠦ ᠮᠥᠷᠭᠥᠬᠦ ᠨᠢ ᠵᠦᠢ ᠶᠣᠰᠣᠨ ᠤ᠋ ᠤᠴᠢᠷ᠃  ᠡᠰᠡ ᠲᠡᠢᠮᠦ ᠪᠣᠯ ᠨᠣᠶᠠᠳ ᠬᠡᠷᠬᠡᠮᠴᠤᠰ ᠤ᠋ᠨ ᠯᠠᠷᠵᠢᠶ᠎ᠠ ᠶᠠᠮᠪᠠ ᠨᠡᠷ᠎ᠡ ᠨᠢᠭᠤᠷ ᠢ᠋ ᠠᠯᠲᠠᠳᠠᠨ ᠭᠣᠣᠳᠠᠬᠤ ᠶᠣᠰᠣ ᠭᠣᠷᠢᠮ ᠲᠠᠲᠠᠭᠤᠷᠠᠵᠤ ᠨᠡᠷ᠎ᠡ ᠶ᠋ᠢ ᠨᠢ ᠬᠤᠭᠤᠯᠤᠨ ᠨᠢᠳᠡᠷ ᠢ᠋ ᠨᠢ ᠭᠤᠲᠤᠭᠠᠭᠰᠠᠨ ᠬᠡᠷᠡᠭ ᠪᠣᠯᠬᠤ ᠪᠤᠶᠤ᠃  
       ᠥᠶᠥᠭ ᠲᠠᠩᠰᠤᠭ ᠬᠤᠷᠢᠮ ᠤ᠋ᠨ ᠰᠢᠷᠡᠭᠡᠨ ᠡᠴᠡ ᠰᠠᠯᠵᠤ ᠲᠦᠪᠳᠡᠬᠦ ᠦᠭᠡᠢ ᠬᠣᠷᠭᠣᠳᠠᠭᠰᠠᠨ ᠬᠥᠮᠦᠰ ᠨᠠᠩᠴᠢᠳ ᠤ᠋ᠨ ᠳᠠᠯᠳᠠ ᠬᠠᠲᠠᠭᠤ ᠬᠦᠴᠦᠨ ᠳ᠋ᠦ᠍ ᠤᠬᠠᠭ᠎ᠠ ᠠᠯᠳᠠᠵᠤ ᠠᠶᠠᠷᠯᠠᠬᠤ ᠲᠦᠭᠦᠰ ᠪᠣᠯᠬᠤ ᠳ᠋ᠤ᠌ ᠬᠦᠩ ᠨᠣᠶᠠᠨ ᠭᠤᠸᠠᠢ ᠮᠡᠬᠦᠢᠭᠰᠡᠨ ᠬᠥᠮᠦᠰ ᠵᠦᠭ ᠬᠠᠶᠠ ᠲᠣᠯᠣᠭᠠᠢ ᠳᠣᠬᠢᠵᠤ ᠭᠠᠷ ᠵᠠᠩᠭᠠᠨ《 ᠵᠠ᠂ ᠵᠠ᠂ ᠲᠠ ᠨᠠᠷ ᠵᠠᠮ ᠳ᠋ᠠᠭᠠᠨ ᠰᠠᠢᠨ ᠶᠠᠪᠤᠵᠠᠭ᠎ᠠ᠂ ᠰᠠᠢᠨ ᠶᠠᠪᠤᠵᠠᠭ᠎ᠠ!》 ᠭᠡᠮᠡᠨ ᠬᠠᠷᠢᠭᠤ ᠶᠣᠰᠣ ᠭᠦᠢᠴᠡᠳᠬᠡᠬᠦᠢᠴᠡ ᠪᠣᠯᠵᠤ ᠳᠦᠳᠦᠨᠡᠨ᠂ ᠬᠥᠲᠥᠯ ᠦ᠋ᠨ ᠴᠠᠭᠠᠭᠤᠷ ᠲᠠᠯᠳᠠᠷᠠᠬᠤ ᠰᠢᠬᠠᠭᠰᠠᠨ ᠨᠠᠷᠠ ᠶ᠋ᠢ ᠭᠢᠯᠠᠮᠭᠢᠭ᠌ᠰᠠᠨ ᠢ᠋ᠶ᠋ᠠᠨ《 ᠨᠠᠷᠠ ᠣᠷᠣᠢ ᠪᠣᠯᠵᠤ ᠰᠢᠦ!》 ᠭᠡᠵᠦ ᠬᠡᠨ ᠳ᠋ᠦ᠍ ᠬᠡᠯᠡᠭᠰᠡᠨ ᠨᠢ ᠮᠡᠳᠡᠭᠳᠡᠬᠦ ᠦᠭᠡᠢ ᠥᠭᠦᠯᠡᠪᠡ᠃ 
       ᠬᠥᠮᠦᠰ ᠤᠪᠤᠨ ᠴᠤᠪᠤᠨ ᠲᠠᠷᠬᠠᠵᠤ ᠶᠠᠪᠤᠨ ᠬᠤᠷᠢᠮ ᠤ᠋ᠨ ᠭᠡᠢᠴᠢᠨ ᠰᠢᠩᠭᠡᠷᠡᠭᠰᠡᠭᠡᠷ ᠪᠠᠢᠪᠠ᠃ 
       ᠵᠢᠪᠡᠷᠡᠭᠰᠡᠨ ᠨᠠᠷᠠᠨ ᠤ᠋ ᠲᠤᠶᠠᠭᠠᠨ ᠳ᠋ᠤ᠌ ᠭᠣᠯᠢᠨ ᠰᠠᠭᠤᠷᠢ ᠲᠠᠢ ᠱᠢᠷᠤᠨ ᠵᠢᠩᠰᠡᠨ ᠦ᠌ ᠣᠷᠣᠢ ᠭᠢᠯᠠᠯᠵᠠᠨ ᠬᠠᠷᠠᠭᠳᠠᠨ᠎ᠠ᠃ ᠭᠢᠯᠠᠰ ᠵᠢᠩᠰᠡ ᠲᠡᠢ ᠡᠷ᠎ᠡ᠂ ᠰᠢᠷᠢᠳᠡᠭ ᠲᠡᠪᠢᠰᠤᠭᠰᠡᠨ ᠦᠳᠡᠯᠭᠡ ᠶ᠋ᠢᠨ ᠰᠤᠮᠤᠨ ᠰᠢᠷᠡᠭᠡᠨ ᠳᠡᠭᠡᠷᠡᠬᠢ ᠬᠠᠷ᠎ᠠ ᠬᠦᠷᠡᠩ ᠬᠣᠳᠣᠭᠣᠳᠣᠨ ᠪᠣᠳᠣᠩ ᠠ᠋ᠴᠠ ᠠᠷᠢᠬᠢ ᠬᠡᠮᠨᠡᠵᠦ ᠮᠣᠷᠳᠠᠬᠤ ᠭᠡᠢᠴᠢᠳ ᠲᠦ᠍ ᠳᠥᠷᠥᠭᠡ ᠴᠢᠩᠭᠠᠯᠠᠬᠤ ᠠᠷᠢᠬᠢ ᠭᠡᠮᠡᠨ ᠪᠠᠷᠢᠵᠤ ᠮᠠᠰᠢ ᠶᠠᠭᠠᠷᠠᠯᠲᠠᠢ ᠪᠥᠭᠴᠥᠭᠡᠨᠡᠨ᠎ᠡ᠃ ᠳᠤᠮᠳᠠ ᠶ᠋ᠢᠨ ᠪᠡᠶ᠎ᠡ ᠲᠡᠢ᠂ ᠬᠠᠪᠴᠢᠭᠠᠷ ᠮᠥᠷᠥ ᠲᠡᠢ᠂ ᠬᠥᠷᠯᠡᠬᠡᠷ ᠵᠡᠰ ᠬᠦᠷᠡᠩ ᠴᠢᠷᠠᠢ ᠲᠠᠢ ᠡᠨᠡ ᠬᠥᠮᠦᠨ ᠪᠣᠯ ᠪᠠᠷᠠᠭᠤᠨ ᠬᠦᠩ ᠦ᠋ᠨ ᠬᠣᠰᠢᠭᠤ ᠵᠠᠬᠢᠷᠤᠭᠴᠢ ᠷᠠᠰᠢᠳᠠᠷᠵᠠ ᠪᠠᠢᠪᠠ᠃  
       ᠭᠣᠣᠯ ᠨᠠᠢᠷ ᠤ᠋ᠨ ᠥᠷᠥᠭᠡᠨ ᠦ᠌ ᠡᠭᠦᠳᠡᠨ ᠳᠡᠭᠡᠷ᠎ᠡ ᠤᠲᠤᠭ᠎ᠠ ᠵᠠᠯᠠᠭ᠎ᠠ ᠲᠠᠢ᠂ ᠬᠢᠵᠢᠶᠡᠯ ᠨᠠᠰᠤᠨ ᠤ᠋ ᠬᠣᠶᠠᠷ ᠬᠡᠷᠭᠡᠮᠲᠡᠨ ᠡᠷ᠎ᠡ ᠮᠥᠷᠥ ᠮᠥᠷᠥ ᠪᠡᠨ ᠲᠠᠪᠰᠢᠨ ᠬᠣᠭᠣᠷᠣᠨᠳᠣ ᠪᠠᠨ ᠨᠠᠭᠠᠳᠤᠮ ᠤ᠋ᠨ ᠦᠭᠡ ᠬᠡᠯᠡᠵᠦ ᠪᠠᠢᠪᠠ᠃ ᠡᠭᠦᠨ ᠳ᠋ᠦ᠍ ᠪᠠᠨᠲᠠᠩ ᠪᠡᠶ᠎ᠡ ᠲᠡᠢ ᠬᠦᠵᠦᠭᠦᠦ ᠦᠭᠡᠢ ᠯᠠᠭᠯᠠᠭᠠᠷ ᠲᠠᠷᠭᠤᠨ ᠡᠷ᠎ᠡ ᠨᠢ ᠳᠤᠮᠳᠠᠳᠤ ᠬᠦᠩ ᠦ᠋ᠨ ᠬᠣᠰᠢᠭᠤ ᠠᠮᠪᠠᠨ ᠪᠠᠪᠤᠤ ᠪᠠᠢᠯ᠎ᠠ᠃ ᠨᠥᠭᠦᠭᠡ ᠥᠨᠳᠥᠷ ᠪᠣᠯᠪᠠᠴᠤ ᠱᠤᠪᠲᠤᠩ ᠮᠥᠷᠥ ᠲᠡᠢ᠂ ᠮᠠᠨᠵᠤ ᠮᠠᠶ᠋ᠢᠭ ᠤ᠋ᠨ ᠬᠠᠯᠢᠭᠤ ᠶ᠋ᠢᠨ ᠠᠷᠠᠰᠤᠨ ᠳᠤᠭᠤᠢ ᠮᠠᠯᠠᠭᠠᠢ ᠰᠦᠷᠡᠬᠡᠢ ᠵᠣᠬᠢᠭᠰᠠᠨ ᠡᠷ᠎ᠡ ᠪᠣᠯ ᠤᠷᠠᠳ ᠤ᠋ᠨ ᠪᠠᠷᠠᠭᠤᠨ ᠬᠦᠩ ᠦ᠋ᠨ ᠬᠤᠰᠢᠭᠤᠨ ᠤ᠋ ᠪᠠᠷᠠᠭᠤᠨ ᠲᠤᠰᠠᠯᠠᠭᠴᠢ ᠮᠢᠩᠭᠠᠨᠪᠤᠤ ᠪᠠᠢᠯ᠎ᠠ᠃ ᠲᠡᠷᠡ ᠪᠡᠷ ᠬᠥᠮᠦᠨ ᠬᠣᠩᠬᠣᠷ ᠪᠠ ᠤᠷᠤᠭᠤᠯ ᠤ᠋ᠨ ᠢᠷᠮᠢᠭ ᠲᠤᠰᠢᠶ᠎ᠠ ᠵᠢᠭᠳᠡᠬᠡᠨ ᠬᠢᠷᠭᠠᠭᠰᠠᠨ ᠬᠠᠷ᠎ᠠ ᠰᠠᠬᠠᠯ ᠢ᠋ ᠵᠠᠪᠠᠵᠢ ᠰᠢᠨᠠ ᠤᠷᠤᠭᠤ ᠪᠠᠨ ᠤᠭᠠᠯᠵᠠᠯᠠᠨ ᠮᠠᠲᠠᠷᠢᠭᠤᠯᠤᠭᠰᠠᠨ ᠨᠢ ᠲᠡᠭᠦᠨ ᠢ᠋ ᠤᠯᠠᠮ ᠴᠦ᠍ ᠵᠢᠪᠬᠤᠭ᠎ᠠ ᠲᠠᠢ ᠪᠣᠯᠭᠠᠪᠠ᠃ ᠡᠷ᠎ᠡ ᠶ᠋ᠢᠨ ᠴᠢᠮᠡᠭ ᠰᠠᠬᠠᠯ᠂ ᠭᠡᠷ ᠦ᠋ᠨ ᠴᠢᠮᠡᠭ ᠡᠬᠡᠨᠡᠷ ᠭᠡᠵᠦ ᠠᠷᠭ᠎ᠠ ᠦᠭᠡᠢ ᠦᠨᠡᠨ ᠦᠭᠡ ᠶᠦᠮ ᠳᠡ᠃ 
       ᠪᠠᠷᠠᠭᠤᠨ ᠲᠤᠰᠠᠯᠠᠭᠴᠢ ᠮᠢᠩᠭᠠᠨᠪᠤᠤ ᠴᠡᠩᠬᠡᠷ ᠬᠣᠷᠭᠣᠢ ᠲᠡᠷᠯᠢᠭ ᠦ᠋ᠨ ᠬᠣᠷᠮᠣᠢ ᠶ᠋ᠢ ᠰᠢᠭᠤᠵᠤ᠂ ᠪᠥᠰᠡᠨ ᠳ᠋ᠡᠭᠡᠨ ᠬᠠᠰ ᠪᠠᠯ ᠲᠠᠢ ᠮᠥᠩᠭᠥᠨ ᠬᠢᠲᠤᠭ᠎ᠠ  ᠬᠠᠪᠴᠢᠭᠤᠯᠤᠭᠠᠳ᠂ ᠮᠣᠷᠢᠨ ᠤ᠋ ᠲᠠᠬᠠᠷ ᠠ᠋ᠴᠠ ᠪᠠᠪᠤ ᠠᠮᠪᠠᠨ ᠤ᠋ ᠪᠤᠷᠤᠭᠤ ᠲᠠᠢᠰᠢ ᠪᠠᠨ ᠤᠨᠵᠢᠭᠰᠠᠨ ᠳᠡᠯ ᠲᠡᠢ ᠬᠢᠯᠢᠩ ᠬᠠᠷ᠎ᠠ ᠠᠵᠢᠷᠭᠠᠨ ᠤ᠋ ᠬᠢᠯᠭᠠᠰᠤᠨ ᠴᠤᠯᠪᠤᠭᠤᠷ ᠢ᠋ ᠰᠢᠭᠦᠷᠡᠨ ᠠᠪᠴᠤ᠂ ᠡᠮᠡᠭᠡᠯ ᠢ᠋ ᠨᠢ ᠵᠠᠰᠠᠩᠭᠠᠨ ᠴᠠᠪᠢᠯᠠᠩ ᠢ᠋ ᠨᠢ ᠴᠢᠩᠭᠠᠯᠠᠪᠠᠯ ᠬᠠᠷ᠎ᠠ ᠠᠵᠢᠷᠭ᠎ᠠ ᠴᠢᠬᠢ ᠪᠡᠨ ᠬᠤᠯᠮᠠᠢᠨ ᠮᠢᠩᠭᠠᠨᠪᠤᠤ ᠶ᠋ᠢᠨ ᠬᠠᠰᠠ ᠶ᠋ᠢ ᠬᠠᠵᠠᠬᠤ ᠠᠯᠲᠠᠨ ᠬᠣᠷᠳ᠋ ᠬᠠᠷᠳ᠋ ᠬᠢᠵᠦ ᠬᠠᠮᠠᠷ ᠢ᠋ᠶ᠋ᠠᠨ ᠳᠤᠤᠭᠠᠷᠭᠠᠨ᠎ᠠ᠃ 
       – ᠵᠠ ᠬᠦ ᠂ ᠡᠨᠡ ᠴᠦ᠍ ᠪᠠᠰᠠ ᠡᠷ᠎ᠡ ᠬᠥᠮᠦᠨ ᠦ᠌ ᠡᠳ᠋ᠯᠡᠳᠡᠭ ᠵᠡᠪᠡᠭᠦᠨ ① ᠠᠳᠤᠭᠤᠰᠤ ᠪᠠᠢᠬᠤ ᠨᠢ ᠠ᠋ ! ᠭᠡᠳ ᠭᠣᠪᠢᠯ ᠭᠠᠷᠤᠭᠰᠠᠨ ᠬᠣᠨᠳᠣᠯᠠᠢ ᠶ᠋ᠢ ᠨᠢ ᠫᠠᠳ ᠬᠢᠲᠡᠯ᠎ᠡ ᠠᠯᠠᠭᠠᠳᠠᠬᠤ ᠳ᠋ᠤ᠌ ᠬᠢᠯᠢᠩ ᠬᠠᠷ᠎ᠠ ᠠᠵᠢᠷᠭ᠎ᠠ ᠴᠣᠷᠣᠢᠨ ᠦᠰᠦᠷᠪᠡ ᠃ 
       – ᠬᠠᠷᠠᠪᠠ ᠤᠤ ? ᠮᠢᠨᠦ ᠮᠠᠭᠤ ᠬᠢᠯᠢᠩ ᠬᠠᠷ᠎ᠠ ᠡᠵᠡᠨ ᠡᠴᠡ ᠪᠡᠨ ᠥᠭᠡᠷ᠎ᠡ ᠬᠥᠮᠦᠨ ᠳ᠋ᠦ᠍ ᠵᠠᠩ ᠲᠠᠢ ᠪᠠᠢᠳᠠᠭ ᠴᠦ᠍ ᠬᠠᠷᠢᠨ ᠲᠤᠰᠠᠯᠠᠭᠴᠢ ᠭᠤᠸᠠᠢ ᠳ᠋ᠤ᠌ ᠠᠷᠠᠢ ᠭᠠᠢᠭᠤᠢ ᠪᠠᠢᠬ᠎ᠠ ᠠᠳᠤᠭᠤ ᠮᠠᠯ ᠳ᠋ᠤ᠌ ᠡᠪ ᠬᠠᠪᠤ ᠦᠭᠡᠢ ᠬᠦᠢᠲᠡᠨ ᠠᠮᠢᠰᠬᠤᠯ ᠲᠠᠢ ᠠᠢᠳᠠᠷ ᠠᠮᠢᠲᠠᠨ ᠪᠠᠢᠭᠰᠠᠨ ᠪᠣᠯ ᠠᠯᠢ ᠬᠡᠳᠦᠢᠨ ᠬᠠᠮᠤᠴᠢᠬᠠᠭᠰᠠᠨ ᠰᠢᠦ ! 
       – ᠶᠣᠰᠣᠲᠠᠢ ᠯᠠ ᠠᠵᠢᠷᠭ᠎ᠠ ᠤᠨᠤᠭᠰᠠᠨ ᠬᠥᠮᠦᠨ ᠦ᠌ ᠠᠯᠠ ᠪᠡᠷᠲᠡᠮ᠎᠂ ᠠᠮᠪᠠᠨ ᠨᠣᠶᠠᠨ ᠤ᠋ ᠠᠮᠠ ᠪᠠᠷᠳᠠᠮ ᠭᠡᠭᠴᠢ ᠪᠣᠯᠵᠤ ᠪᠠᠢᠨ᠎ᠠ᠃ ᠵᠠ ᠂ ᠠᠮᠪᠠᠨ ᠭᠤᠸᠠᠢ ᠣᠳᠣ ᠮᠣᠷᠳᠠ᠂ ᠮᠣᠷᠳᠠ ! ᠨᠠᠷᠠ ᠣᠷᠣᠢ ᠪᠣᠯᠵᠤ ᠪᠠᠢᠨ᠎ᠠ ! ᠭᠡᠳ ᠬᠢᠯᠢᠩ ᠬᠠᠷ᠎ᠠ ᠠᠵᠢᠷᠭᠠᠨ ᠤ᠋ ᠬᠢᠯᠭᠠᠰᠤᠨ ᠴᠤᠯᠪᠤᠭᠤᠷ ᠢ᠋ ᠪᠠᠪᠤᠤ ᠠᠮᠪᠠᠨ ᠳ᠋ᠤ᠌ ᠥᠭᠪᠡᠯ ᠪᠠᠪᠤᠤ᠄  
       – ᠵᠠ᠂ ᠵᠦᠭᠡᠷ᠂ ᠵᠦᠭᠡᠷ᠃ ᠬᠠᠷᠢᠨ ᠬᠡᠯᠡᠬᠦ ᠡᠴᠡ ᠪᠠᠷᠠᠭᠤᠨ ᠬᠦᠩ ᠦ᠋ᠨ ᠬᠢᠨ ᠦ᠌ ᠠᠷᠢᠬᠢᠨ ᠤ᠋ ᠪᠣᠳᠣᠩ ᠤ᠋ᠨ ᠢᠷᠣᠭᠠᠷ ᠨᠢ ᠳᠡᠭᠡᠭᠰᠢ ᠪᠡᠨ ᠤᠷᠤᠭᠤᠯ ᠨᠢ ᠳᠣᠷᠣᠭᠰᠢ ᠪᠠᠨ ᠬᠠᠨᠳᠤᠴᠢᠬᠠᠵᠠᠢ ᠠ᠋ ! ᠶᠠᠪᠤᠶ᠎ᠠ ᠂ ᠶᠠᠪᠤᠶ᠎ᠠ ᠡᠷᠲᠡᠬᠡᠨ ᠳᠤᠮᠳᠠᠳᠤ ᠬᠦᠩ ᠳ᠋ᠡᠭᠡᠨ ᠬᠠᠷᠢᠵᠤ ᠠᠷᠢᠬᠢᠨ ᠤ᠋ ᠴᠠᠩᠭᠠᠭ᠎ᠠ ᠪᠠᠨ ᠨᠢᠭᠡ ᠲᠠᠢᠯᠤᠶ᠎ᠠ ! ᠶᠣ ᠃! ᠶᠣᠬᠣ! ᠭᠡᠵᠦ ᠪᠠᠷᠠᠭᠤᠨ ᠲᠤᠰᠠᠯᠠᠭᠴᠢ ᠮᠢᠩᠭᠠᠨᠪᠤᠤ ᠶ᠋ᠢᠨ ᠬᠣᠷᠣ ᠶ᠋ᠢ ᠮᠠᠭᠠᠵᠢᠭᠰᠠᠨ ᠭᠠᠰᠢᠭᠤᠨ ᠦᠭᠡ ᠬᠡᠯᠡᠨ᠎ᠡ᠃ 
       – ᠠ᠂ ᠴᠠᠪᠠᠰᠤ ! ᠮᠤᠨᠠ ᠶ᠋ᠢᠨ ᠠᠷᠤ ᠶ᠋ᠢᠨ ᠮᠣᠯᠣᠭᠣᠷ ᠬᠠᠷ᠎ᠠ᠂ ᠮᠢᠬ᠎ᠠ ᠲᠣᠰᠣᠨ ᠳ᠋ᠤ᠌ ᠬᠣᠪᠳᠣᠭ ᠬᠠᠷ᠎ᠠ ᠭᠡᠳᠡᠭ ᠨᠢ ᠬᠤᠳᠠᠯ ᠦᠭᠡ ᠪᠠᠰᠢ ᠪᠠᠢᠨ᠎ᠠ ᠰᠢᠦ ! ᠡᠨᠡ ᠮᠠᠭᠤ ᠬᠣᠵᠤᠤᠯ᠎ᠠ ᠰᠢᠭ᠋ ᠮᠢᠬᠠᠨ ᠲᠠᠭᠠᠷᠢᠳᠠᠰᠤ ᠶ᠋ᠢ ᠬᠣᠬᠣᠢ᠂ ᠬᠡᠵᠢᠶ᠎ᠡ ᠳ᠋ᠡᠭᠡᠨ ᠢᠳᠡᠴᠢᠬᠡᠭᠰᠡᠨ ᠴᠦ᠍ ᠠᠮᠠ ᠨᠢ ᠬᠠᠭᠤᠷᠠᠢ᠂ ᠪᠠᠭᠠᠭᠰᠠᠨ ᠴᠦ᠍ ᠪᠥᠭᠰᠡ ᠨᠢ ᠬᠠᠭᠤᠷᠠᠢ ᠠᠮᠢᠲᠠᠨ ᠶᠤᠮ ᠠ᠋ !《 ᠵᠤᠳᠪᠠ ᠮᠡᠢᠷᠡᠨ ᠠ᠋ ᠂ ᠨᠠᠭᠠᠰᠢ ᠪᠠᠨ ᠠᠷᠢᠬᠢ ! 》 ᠭᠡᠵᠦ ᠳᠠᠭᠤᠳᠠᠬᠤ ᠳ᠋ᠤ᠌ ᠶᠡᠬᠡ ᠬᠤᠷᠢᠮ ᠤ᠋ᠨ ᠵᠡᠭᠦᠨ ᠭᠠᠷ ᠤ᠋ᠨ ᠳᠠᠭᠠᠭᠠᠮᠠᠯ ᠡᠯᠪᠡᠭ ᠴᠢᠷᠠᠢᠲᠠᠢ᠂ ᠮᠣᠷᠢᠨ ᠴᠠᠭᠠᠨ ᠰᠢᠲᠦᠨ ᠦ᠌ ᠪᠡᠨ ᠬᠣᠶᠠᠷ ᠰᠣᠶᠣᠭ᠎ᠠ ᠶ᠋ᠢ ᠠᠯᠲᠠ ᠪᠠᠷ ᠪᠤᠯᠬᠠᠭᠰᠠᠨ ᠪᠥᠬᠡ ᠰᠢᠭ ᠥᠨᠳᠥᠷ ᠪᠦᠳᠦᠭᠦᠨ ᠡᠷ᠎ᠡ ᠵᠣᠳᠪᠠ ᠮᠡᠢᠷᠡᠨ 《 ᠵᠠ᠂ ᠲᠤᠰᠠᠯᠠᠭᠴᠢ ᠭᠤᠸᠠᠢ ᠠ᠋ ᠂ ᠣᠳᠣᠬᠠᠨ ᠂ ᠣᠳᠣᠬᠠᠨ》 ᠭᠡᠳ ᠭᠠᠯᠠᠭᠤᠨ ᠬᠦᠵᠦᠭᠦᠲᠦ ᠪᠣᠳᠣᠩ ᠢ᠋ ᠲᠡᠪᠡᠷᠢᠵᠦ ᠬᠣᠶᠠᠷ ᠮᠥᠩᠭᠥᠨ ᠴᠥᠭᠥᠴᠡ ᠲᠡᠢ ᠪᠠᠷᠠᠭᠤᠨ ᠲᠤᠰᠠᠯᠠᠭᠴᠢ ᠮᠢᠨᠭᠭᠠᠨᠪᠤᠤ ᠳ᠋ᠤ᠌ ᠥᠭᠪᠡ᠃ 
       ᠮᠢᠩᠭᠠᠨᠪᠤᠤ ᠲᠤᠰᠠᠯᠠᠭᠴᠢ ᠪᠠᠪᠤᠤ ᠠᠮᠪᠠᠨ ᠬᠣᠶᠠᠭᠤᠯᠠ ᠮᠠᠰᠢ ᠵᠤᠵᠠᠭᠠᠨ ᠨᠠᠢᠷ ᠲᠠᠢ ᠲᠤᠯᠠ ᠬᠠᠮᠢᠭ᠎ᠠ ᠠᠭᠤᠯᠵᠠᠭᠰᠠᠨ ᠭᠠᠵᠠᠷ ᠨᠠᠭᠠᠳᠤᠮ ᠲᠣᠭᠣᠬᠤ ᠬᠢᠵᠦ ᠰᠠᠯᠵᠤ ᠶᠠᠪᠤᠬᠤ ᠳ᠋ᠠᠭᠠᠨ ᠨᠢᠭᠡ ᠨᠢᠭᠡᠨ ᠦ᠌ ᠪᠡᠨ ᠬᠣᠷᠣ ᠶ᠋ᠢ ᠮᠠᠯᠲᠠᠬᠤ ᠦᠭᠡᠢ ᠪᠣᠯ ᠰᠠᠨᠠᠭ᠎ᠠ ᠨᠢ ᠠᠮᠠᠷᠠᠳᠠᠭ ᠦᠭᠡᠢ ᠤᠯᠤᠰ᠃ ᠪᠠᠷᠠᠭᠤᠨ ᠲᠤᠰᠠᠯᠠᠭᠴᠢ ᠪᠠᠪᠤᠤ ᠠᠮᠪᠠᠨ ᠬᠣᠶᠠᠭᠤᠯᠠ ᠭᠤᠷᠪᠠᠨ ᠴᠥᠭᠥᠴᠡ ᠠᠷᠢᠬᠢ ᠴᠢᠴᠠᠤᠯᠠᠵᠤ ᠤᠤᠭᠤᠴᠢᠬᠠᠭᠠᠳ ᠪᠠᠪᠤᠤ ᠠᠮᠪᠠᠨ ᠮᠣᠷᠳᠠᠬᠤ ᠳ᠋ᠠᠭᠠᠨ᠄ 
       – ᠵᠠ ᠪᠣᠯᠢᠶ᠎ᠠ᠂ ᠪᠠᠷᠠᠭᠤᠨ ᠬᠦᠩ ᠦ᠋ᠨ ᠠᠷᠢᠬᠢ ᠶ᠋ᠢ ᠬᠣᠭᠣᠰᠣᠷᠠᠲᠠᠯ᠎ᠠ ᠤᠤᠭᠤᠭᠰᠠᠨ ᠴᠦ᠍ ᠬᠣᠳᠣᠭᠣᠳᠣ ᠬᠠᠯᠠᠬᠤ ᠶᠤᠮ ᠪᠢᠰᠢ ᠠ᠋! ᠮᠣᠷᠳᠠᠶ᠎ᠠ᠂  ᠮᠣᠷᠳᠠᠶ᠎ᠠ! ᠭᠡᠳ ᠪᠠᠪᠤᠤ ᠬᠠᠷ᠎ᠠ ᠠᠵᠢᠷᠭᠠᠨ ᠤ᠋ ᠪᠠᠨ ᠣᠯᠣᠩ ᠢ᠋ ᠴᠢᠩᠭᠠᠯᠠᠪᠠ᠃  
       ᠮᠢᠩᠭᠠᠨᠪᠤᠤ ᠲᠤᠰᠠᠯᠠᠭᠴᠢ᠄ 
       – ᠵᠠ ᠪᠠᠢᠵᠠ! ᠡᠨᠡ ᠮᠠᠭᠤ ᠮᠣᠯᠣᠭᠣᠷ ᠬᠠᠷ᠎ᠠ ᠲᠠᠭᠠᠷᠢᠳᠠᠰᠤ ᠶ᠋ᠢᠨ ᠠᠷᠢᠬᠢ ᠭᠦᠵᠡᠭᠡᠯᠡᠬᠦ ᠭᠡᠭᠴᠢ ᠢᠷᠣᠭᠠᠷ ᠦᠭᠡᠢ ᠰᠠᠪᠠ ᠤᠷᠤᠭᠤ ᠶᠡᠭᠦᠯᠡᠬᠦ ᠰᠢᠭ ᠶᠦᠮ ᠠ᠋! ᠭᠡᠰᠡᠨ ᠢ᠋ᠶ᠋ᠡᠨ《 ᠵᠠ᠂ ᠮᠠᠢ! 》 ᠭᠡᠳ ᠮᠡᠯᠮᠡᠯᠵᠡᠲᠡᠯ᠎ᠡ ᠲᠦᠭᠦᠷᠭᠡᠬᠰᠡᠨ ᠴᠥᠭᠥᠴᠡ ᠲᠡᠢ ᠠᠷᠢᠬᠢ ᠪᠠᠷᠢᠵᠤ᠄ 
       – ᠣᠳᠣ ᠳᠥᠷᠥᠭᠡ ᠶ᠋ᠢ ᠴᠢᠨᠢ ᠴᠢᠩᠭᠠᠯᠠᠵᠤ ᠮᠣᠷᠢ ᠶ᠋ᠢ ᠴᠢᠨᠢ ᠮᠢᠯᠢᠶᠠᠶ᠎ᠠ ᠭᠡᠳ ᠴᠥᠭᠥᠴᠡ ᠠᠷᠢᠬᠢ ᠶ᠋ᠢ ᠬᠢᠯᠢᠩ ᠬᠠᠷ᠎ᠠ ᠠᠵᠢᠷᠭᠠᠨ ᠤ᠋ ᠮᠠᠩᠨᠠᠢ ᠳᠡᠭᠡᠷ᠎ᠡ ᠰᠠᠴᠤᠪᠠ᠃  ᠨᠠᠩᠴᠢᠳ ᠤ᠋ᠨ ᠦᠨᠦᠷ ᠠᠪᠤᠭᠰᠠᠨ ᠬᠠᠷ᠎ᠠ ᠠᠵᠢᠷᠭ᠎ᠠ ᠶ᠋ᠢᠨ ᠴᠢᠨᠣ᠎ᠠ ᠶ᠋ᠢᠨ ᠬᠣᠶᠠᠷ ᠴᠢᠬᠢ ᠨᠢ ᠰᠣᠷᠲᠣᠯᠵᠠᠨ ᠲᠣᠯᠣᠭᠠᠢ ᠪᠠᠷ ᠢ᠋ᠶ᠋ᠠᠨ ᠨᠠᠭᠠᠳᠤᠨ ᠬᠦᠴᠦᠲᠡᠢ ᠲᠤᠷᠭᠢᠬᠤ ᠨᠢ《 ᠠᠮᠪᠠᠨ ᠭᠤᠸᠠᠢ ᠮᠢᠨᠢ ᠣᠳᠣ ᠮᠣᠷᠳᠠᠭᠠᠴᠢ ᠳᠠ! ᠪᠢ ᠪᠡᠯᠡᠬᠡᠨ ᠪᠣᠯᠤᠭ᠎ᠠ ᠁》ᠭᠡᠬᠦ ᠰᠢᠭ ᠪᠠᠢᠯ᠎ᠠ᠃ ᠪᠠᠪᠤᠤ ᠠᠮᠪᠠᠨ ᠮᠣᠷᠳᠠᠬᠤ ᠭᠡᠬᠦ ᠳ᠋ᠤ᠌ ᠨᠠᠩᠴᠢᠳ ᠲᠤ᠌ ᠠᠷᠭᠢᠶᠠᠲᠤᠭᠰᠠᠨ ᠬᠠᠷ᠎ᠠ ᠠᠵᠢᠷᠭ᠎ᠠ ᠡᠵᠡᠨ ᠠᠮᠪᠠᠨ ᠢ᠋ᠶ᠋ᠠᠨ ᠳᠥᠷᠥᠭᠡ ᠠᠪᠤᠭᠤᠯᠬᠤ ᠦᠭᠡᠢ ᠪᠠᠢᠪᠠ᠃  ᠪᠠᠪᠤᠤ ᠠᠮᠪᠠᠨ ᠮᠣᠷᠢᠨ ᠤ᠋ ᠪᠠᠨ ᠨᠢᠷᠤᠭᠤᠨ ᠳᠡᠭᠡᠷ᠎ᠡ ᠲᠠᠪ ᠬᠢᠲᠡᠯ᠎ᠡ ᠮᠣᠷᠳᠠᠬᠤ ᠳ᠋ᠤ᠌ ᠬᠦᠷᠡᠩ ᠠᠭᠠᠷᠤ ᠬᠣᠵᠤᠤᠯ᠎ᠠ ᠶ᠋ᠢ ᠮᠣᠷᠢᠨ ᠤ᠋ ᠡᠮᠡᠭᠡᠯ ᠳᠡᠭᠡᠷ᠎ᠡ ᠲᠣᠪᠯᠠᠭᠠᠳ ᠲᠠᠯᠪᠢᠴᠢᠬᠠᠭᠰᠠᠨ ᠰᠢᠭ᠋ ᠮᠣᠭᠵᠣᠢᠵᠤ ᠬᠠᠷᠠᠭᠳᠠᠨ᠎ᠠ᠃  
       ᠵᠠᠮ ᠡᠯᠭᠦᠬᠦ ᠪᠡᠷ ᠶᠠᠭᠠᠷᠠᠨ ᠵᠢᠯᠣᠭᠣ ᠳᠤᠭᠲᠤᠷᠤᠭᠰᠠᠨ ᠬᠠᠷ᠎ᠠ ᠠᠵᠢᠷᠭ᠎ᠠ ᠣᠷᠣᠨ ᠳ᠋ᠠᠭᠠᠨ ᠴᠣᠪᠬᠣᠴᠢᠬᠤ ᠳ᠋ᠤ᠌᠂ ᠳᠡᠭᠡᠷ᠎ᠡ ᠨᠢ ᠯᠠᠭᠯᠠᠢᠭᠰᠠᠨ ᠪᠠᠪᠤᠤ ᠠᠮᠪᠠᠨ᠄
       – ᠪᠠᠷᠠᠭᠤᠨ ᠲᠤᠰᠠᠯᠠᠭᠴᠢ ᠭᠤᠸᠠᠢ ᠠ᠋᠂ ᠬᠡᠵᠢᠶ᠎ᠡ ᠨᠢᠭᠡ ᠠᠷᠤ ᠭᠣᠪᠢ ᠶ᠋ᠢ ᠲᠤᠭᠤᠯᠵᠤ ᠠᠮᠠᠷᠠᠭ ᠬᠣᠪᠢᠯ ② ᠢ᠋ᠶ᠋ᠠᠨ ᠡᠷᠭᠢᠬᠦ ᠪᠡᠷ ᠶᠠᠪᠤᠪᠠᠯ ᠵᠠᠮ ᠳ᠋ᠠᠭᠠᠨ ᠮᠠᠨ ᠤ᠋ ᠬᠢ ᠪᠡᠷ ᠮᠣᠷᠢᠯᠠᠵᠤ ᠰᠠᠭᠠᠲᠠᠨ᠎ᠠ ᠤᠤ? ᠭᠡᠳ ᠵᠢᠯᠣᠭᠣ ᠪᠠᠨ ᠰᠤᠯᠠ ᠲᠠᠯᠪᠢᠪᠠᠯ ᠬᠢᠯᠢᠩ ᠬᠠᠷ᠎ᠠ ᠠᠵᠢᠷᠭ᠎ᠠ ᠲᠣᠭᠣᠰᠣ ᠲᠠᠲᠠᠭᠤᠯᠤᠨ ᠳᠠᠪᠬᠢᠵᠤ ᠣᠳᠪᠠ᠃ 
       – ᠴᠢᠭᠢᠶᠡᠲᠦᠷᠦᠦ! ᠡᠨᠡ ᠮᠠᠭᠤ ᠶ᠋ᠢᠨ ᠠᠮᠠᠨ ᠠ᠋ᠴᠠ ᠬᠡᠵᠢᠶ᠎ᠡ ᠰᠠᠢᠨ ᠦᠭᠡ ᠭᠠᠷᠴᠤ ᠪᠠᠢᠯ᠎ᠠ᠁ ᠭᠡᠵᠦ ᠪᠠᠷᠠᠭᠤᠨ ᠲᠤᠰᠠᠯᠠᠭᠴᠢ ᠮᠢᠩᠭᠠᠨᠪᠣᠣ ᠦᠭᠡ ᠪᠡᠨ ᠳᠤᠲᠠᠭᠤ ᠬᠡᠯᠡᠭᠡᠳ ᠬᠠᠭᠤᠷᠠᠢ ᠢᠨᠢᠶᠡᠨ ᠬᠣᠴᠣᠷᠪᠠ᠃ 
       ᠪᠠᠷᠠᠭᠤᠨ ᠲᠤᠰᠠᠯᠠᠭᠴᠢ ᠨᠣᠶᠠᠨ ᠮᠢᠩᠭᠠᠨᠪᠣᠣ ᠳᠤᠮᠳᠠᠳᠤ ᠬᠦᠩ ᠦ᠋ᠨ ᠠᠮᠪᠠᠨ ᠪᠠᠪᠤᠤ ᠶ᠋ᠢᠨ ᠬᠠᠯᠠᠰᠠᠭᠤ ᠠᠮᠠᠨ ᠠ᠋ᠴᠠ ᠫᠠᠷᠭᠢᠭᠰᠠᠨ ᠦᠭᠡ ᠶ᠋ᠢ ᠬᠠᠵᠠᠭᠤ ᠬᠠᠪᠢᠷᠭ᠎ᠠ ᠶ᠋ᠢᠨ ᠬᠥᠮᠦᠰ ᠰᠣᠨᠣᠰᠤᠭᠠᠳ ᠲᠡᠭᠦᠨ ᠦ᠌ ᠨᠢᠭᠤᠷ ᠲᠤ᠌ ᠬᠦᠷᠬᠦ ᠰᠠᠨᠠᠭᠳᠠᠨ ᠪᠠᠬᠠᠨ ᠡᠪ ᠦᠭᠡᠢᠳᠡᠭᠰᠡᠨ ᠪᠣᠯᠪᠠᠴᠤ ᠠᠷᠢᠬᠢ ᠤᠤᠭᠤᠭᠰᠠᠨ ᠤ᠋ ᠰᠠᠢᠨ ᠢ᠋ᠶ᠋ᠠᠷ ᠨᠢᠭᠤᠷ ᠨᠢ ᠨᠢᠯᠴᠢᠭᠢᠨᠡᠵᠦ ᠠᠪᠤᠭᠠᠳ ᠤᠯᠠᠢᠭᠰᠠᠨ ᠡᠰᠡᠬᠦ ᠨᠢ ᠮᠡᠳᠡᠭᠳᠡᠭᠰᠡᠨ ᠦᠭᠡᠢ ᠥᠩᠭᠡᠷᠡᠪᠡ᠃《 ᠵᠠ᠂ ᠨᠠᠭᠠᠳᠤᠮ ᠴᠤ᠌ ᠶᠠᠭᠠᠬᠢᠬᠤ ᠪᠣᠢ! ᠡᠭᠦᠨ ᠦ᠌ ᠬᠢᠷᠢ ᠴᠦ᠍ ᠭᠠᠢᠭᠤᠢ! ᠬᠠᠷᠢᠨ ᠰᠠᠮᠠᠭᠠᠨ ᠰᠣᠨᠣᠰᠪᠠᠯ ᠭᠠᠪᠢᠬᠤ ᠦᠭᠡᠢ ᠶᠠᠭᠤᠮ᠎ᠠ ᠪᠣᠯᠤᠨ᠎ᠠ》 ᠭᠡᠵᠦ ᠪᠣᠳᠣᠵᠤ ᠠᠮᠵᠢᠭᠰᠠᠨ ᠢ᠋ᠶ᠋ᠠᠨ ᠪᠠᠷᠠᠭᠤᠨ ᠲᠤᠰᠠᠯᠠᠭᠴᠢ ᠰᠠᠮᠠᠭᠠᠨ ᠮᠠᠨᠤᠨᠪᠠᠤᠠᠮ᠎ᠡ ᠪᠡᠨ ᠣᠢᠷ᠎ᠠ ᠬᠠᠪᠢ ᠪᠠᠷ ᠪᠠᠢᠬᠤ ᠡᠰᠡᠬᠦ ᠶ᠋ᠢ ᠶᠠᠭᠠᠷᠠᠪᠴᠢᠯᠠᠨ ᠬᠠᠷᠠᠪᠠᠯ᠂ ᠲᠡᠷᠡ ᠵᠡᠯ᠎ᠡ ᠶ᠋ᠢᠨ ᠴᠠᠭᠠᠨ᠎ᠠ ᠭᠡᠷ ᠦ᠋ᠨ ᠣᠪᠣᠭᠠᠨ ᠤ᠋ ᠳᠡᠷᠭᠡᠳᠡ ᠬᠠᠷᠢ ᠶ᠋ᠢᠨ ᠭᠡᠢᠴᠢᠨ ᠬᠠᠩᠭᠢᠨ  ᠬᠤᠳᠠᠭᠠᠢ ᠪᠡᠷᠭᠡᠳ ᠲᠡᠢ ᠨᠠᠷᠭᠢᠵᠤ ᠵᠣᠭᠰᠣᠭ᠎ᠠ ᠶ᠋ᠢ ᠬᠠᠷᠠᠭᠰᠠᠨ ᠢ᠋ᠶ᠋ᠠᠨ ᠰᠠᠨᠠᠭ᠎ᠠ ᠨᠢ ᠠᠭᠤᠵᠢᠷᠠᠬᠤ ᠰᠢᠭ᠋ ᠪᠣᠯᠪᠠ᠃  
       ᠲᠠᠰᠢᠬᠤ ᠨᠠᠷᠠᠨ ᠤ᠋ ᠤᠯᠠᠪᠤᠷ ᠲᠤᠶᠠᠭᠠᠨ ᠳ᠋ᠤ᠌ ᠵᠠᠬ᠎ᠠ ᠠ᠋ᠴᠠ ᠪᠠᠨ ᠰᠡᠮᠡᠵᠡᠷᠡᠨ ᠤᠯᠠᠢᠭᠰᠠᠨ ᠡᠭᠦᠯᠡᠰ ᠢ᠋ ᠬᠠᠷᠠᠭᠠᠳ ᠰᠠᠨᠠᠭ᠎ᠠ ᠪᠠᠨ ᠳᠡᠯᠭᠡᠷ ᠬᠠᠩᠭᠠᠢ ᠶ᠋ᠢᠨ ᠠᠷᠤ ᠭᠣᠪᠢ ᠳ᠋ᠤ᠌ ᠪᠡᠯᠴᠢᠭᠡᠨ᠂  ᠬᠡᠴᠢᠨᠡᠭᠡᠨ ᠵᠢᠯ ᠡᠯᠡᠭᠡᠬᠰᠡᠨ ᠪᠣᠯᠪᠠᠴᠤ ᠮᠠᠷᠲᠠᠵᠤ ᠴᠢᠳᠠᠳᠠᠭ ᠦᠭᠡᠢ ᠨᠢᠭᠤᠴᠠᠭᠠᠢᠬᠠᠨ ᠠᠮᠠᠷᠠᠭ ᠲᠠᠢ ᠪᠠᠨ ᠠᠭᠤᠯᠵᠠᠬᠤ ᠪᠣᠳᠣᠯ ᠳ᠋ᠠᠭᠠᠨ ᠵᠢᠷᠭᠠᠬᠤ ᠶ᠋ᠢ ᠬᠡᠯᠡᠬᠦ ᠶᠠᠭᠤᠨ!  ᠬᠦᠰᠡᠬᠰᠡᠨ ᠶᠠᠭᠤᠮ᠎ᠠ ᠪᠡᠶᠡᠯᠡᠳᠡᠭ ᠦᠭᠡᠢ ᠬᠣᠭᠣᠰᠣᠨ ᠵᠢᠷᠭᠠᠬᠤ ᠲᠣᠰᠤᠮ ᠥᠪᠡᠷ ᠲᠦ᠋ᠨᠢ ᠵᠣᠪᠠᠯᠠᠩ ᠪᠣᠯᠵᠤ ᠪᠡᠶ᠎ᠡ ᠰᠡᠳᠬᠢᠯ ᠢ᠋ ᠨᠢ ᠲᠠᠷᠴᠢᠯᠭᠠᠳᠠᠭ ᠢ᠋ ᠶᠠᠭᠠᠬᠢᠨ᠎ᠠ᠃ ᠲᠤᠩᠭᠠᠯᠠᠭ ᠣᠭᠲᠠᠷᠭᠤᠢ ᠳ᠋ᠤ᠌ ᠴᠡᠩᠬᠡᠷ ᠴᠠᠭᠠᠨ ᠡᠭᠦᠯᠡ ᠠᠶᠠᠷᠬᠠᠨ ᠨᠡᠭᠦᠬᠦ ᠳ᠋ᠦ᠍ ᠰᠡᠳᠬᠢᠯ ᠳ᠋ᠦ᠍ ᠶᠠᠭᠤᠲᠠᠢ ᠴᠡᠯᠮᠡᠭ ᠠᠷᠢᠭᠤᠨ ᠪᠠᠢᠯ᠎ᠠ᠃ ᠢᠩᠭᠢᠬᠦ ᠳ᠋ᠦ᠍ ᠬᠡᠨ ᠨᠢᠭᠡᠨ ᠦ᠌᠄ 
         ᠴᠡᠩᠬᠡᠷ ᠴᠠᠭᠠᠨ ᠡᠭᠦᠯᠡ ᠨᠢ ᠭᠠᠷᠪᠠᠯ  
         ᠴᠢᠭᠢᠭ ᠨᠢ ᠤᠨᠠᠳᠠᠭ ᠶᠤᠮ ᠳᠠ  
         ᠴᠢᠩᠳᠠ ᠰᠡᠳᠬᠢᠯ ᠵᠠᠩ ᠢᠶᠡᠷ ᠢᠶᠡᠨ ᠪᠠᠢᠪᠠᠯ 
         ᠴᠢᠭᠯᠡᠭᠡᠳ ᠢᠷᠡᠯᠭᠦᠢ ᠳᠡ 
           ᠪᠠᠳᠠᠷᠠᠩᠭᠤᠢ ᠡᠭᠦᠯᠡ ᠨᠢ ᠭᠠᠷᠪᠠᠯ 
           ᠪᠣᠷᠣᠭᠠᠨ ᠨᠢ ᠣᠷᠣᠳᠠᠭ ᠶᠤᠮ ᠳᠠ  
           ᠪᠠᠲᠤ ᠰᠡᠳᠬᠢᠯ ᠵᠠᠩ ᠢᠶᠡᠷ ᠢᠶᠡᠨ ᠪᠠᠢᠪᠠᠯ  
           ᠪᠤᠴᠠᠭᠠᠳ ᠢᠷᠡᠯᠭᠦᠢ ᠳᠡ᠁ ᠭᠡᠮᠡᠨ ᠳᠠᠭᠤᠯᠠᠭᠰᠠᠨ ᠴᠠᠩᠭᠢᠨᠠᠮ᠎ᠠ ᠰᠠᠢᠬᠠᠨ ᠠᠶ᠎ᠠ ᠲᠡᠭᠦᠨ ᠦ᠌ ᠴᠢᠬᠢᠨ ᠳ᠋ᠦ᠍ ᠣᠶᠠᠩᠭᠠᠲᠠᠢᠬᠠᠠ ᠰᠣᠨᠣᠰᠲᠠᠯ᠎ᠠ᠃ ᠨᠠᠨ ᠳᠠᠭᠤᠤ ᠶ᠋ᠢᠨ ᠠᠶ᠎ᠠ ᠳ᠋ᠤ᠌ ᠪᠣᠳᠣᠯ ᠬᠥᠲᠥᠯᠦᠬᠳᠡ ᠴᠦᠯ ᠭᠣᠪᠢ ᠪᠠᠷ ᠬᠣᠪᠢᠯᠴᠡᠴᠡᠭ ᠢᠶᠡᠨ ᠦᠭᠡᠢᠯᠡᠨ ᠰᠠᠨᠠᠵᠤ《 ᠶᠠᠭᠠᠬᠢᠪᠠᠴᠤ ᠪᠣᠯᠳᠠᠭ ᠦᠭᠡᠢ ᠴᠡᠷᠢᠭ ᠦ᠋ᠨ ᠬᠠᠲᠠᠭᠤ ᠠᠯᠪᠠᠨ ᠳ᠋ᠤ᠌ ᠲᠠᠭᠤᠭᠳᠠᠵᠤ᠂ ᠠᠮᠠᠷᠠᠭ ᠬᠣᠩᠭᠣᠷ ᠢᠶᠡᠨ ᠥᠨᠥᠴᠢᠷᠡᠭᠦᠯᠵᠦ ᠣᠷᠬᠢᠭᠠᠳ ᠁》 ᠭᠡᠵᠦ ᠪᠣᠳᠣᠮᠠᠭᠴᠠ᠄  
         ᠰᠠᠭᠠᠯᠢ ᠪᠠᠨ ᠪᠠᠷᠢᠭᠠᠳ  
         ᠰᠠᠷᠬᠤᠳ ᠤ᠋ᠨ ᠳᠡᠭᠡᠵᠢ ᠪᠡᠷ ᠡᠶᠡᠠ ᠰᠠᠭᠠᠲᠠᠭᠠᠯᠵᠣ ᠪᠠᠢᠬᠤᠯᠠᠷ  
         ᠰᠠᠭᠠᠳ ᠨᠢ ᠣᠷᠣᠭᠰᠠᠨ ᠰᠸᠲᠡᠩ ᠦᠵᠡᠩ ③ 
         ᠰᠠᠨᠳᠤᠷᠤᠭᠤᠯᠤᠭᠠᠳ ᠭᠣᠷᠢ ᠦᠭᠡᠢ ᠳᠡ! ᠭᠡᠵᠦ ᠥᠪᠡᠷ ᠦ᠋ᠨ ᠡᠷᠬᠡ ᠦᠭᠡᠢ ᠳᠠᠭᠤᠤ ᠭᠢᠩᠰᠢᠭ᠍ᠰᠡᠨ ᠢᠶᠡᠨ ᠰᠠᠮᠠᠭᠠᠨ ᠤ᠋ ᠪᠠᠨ ᠪᠠᠷ᠎ᠠ ᠪᠠᠷ ᠳᠠᠷᠤᠢᠬᠠᠨ ᠵᠣᠭᠰᠣᠪᠠ᠃ 
       ᠲᠡᠷᠲᠡᠭᠡ ᠭᠡᠷ ᠦ᠋ᠨ ᠣᠪᠣᠭᠠᠨ ᠤ᠋ ᠡᠮᠦᠨ᠎ᠡ ᠥᠯᠥᠩ ᠡᠪᠡᠰᠦᠨ ᠳ᠋ᠦ᠍ ᠦᠯᠦ ᠮᠡᠳᠡᠭ ᠬᠠᠯᠴᠠᠭᠠᠢᠷᠠᠭᠰᠠᠨ ᠬᠠᠰᠠᠭ ᠤ᠋ᠨ ᠬᠠᠷᠭᠤᠢ ᠶ᠋ᠢ ᠪᠠᠷᠢᠵᠤ ᠵᠤᠰᠤᠭᠰᠠᠨ ᠬᠠᠯᠲᠠᠷ ᠮᠣᠷᠢ  ᠬᠦᠯᠦᠬᠰᠡᠠ ᠰᠡᠦᠬᠡ  ᠲᠡᠷᠭᠡᠨ ᠦ᠌ ᠬᠠᠵᠠᠭᠤ ᠳ᠋ᠤ᠌ ᠮᠣᠷᠳᠠᠬᠤ ᠪᠠᠷ ᠪᠡᠯᠡᠨ ᠪᠣᠯᠤᠭ᠎ᠠ ᠶᠡᠬᠡ ᠵᠣᠣ ᠶ᠋ᠢᠨ ᠴᠢᠭᠤᠯᠭᠠᠨ ᠤ᠋ ᠬᠠᠩᠭᠢᠨ ᠬᠤᠰᠢᠭᠤᠨ ᠤ᠋ ᠬᠤᠳᠠᠭᠠᠢ ᠪᠡᠷᠭᠡᠳ ᠢ᠋ ᠭᠠᠷ ᠢ᠋ ᠨᠢ ᠪᠠᠷᠢᠨ ᠪᠠᠷᠢᠨ ᠶᠠᠭᠤ ᠨᠢᠭᠡ ᠶᠠᠭᠤᠮ᠎ᠠ ᠬᠡᠯᠡᠵᠦ ᠬᠠᠳᠠᠭᠠᠨᠠᠲᠠᠯ᠎ᠠ ᠢᠨᠢᠶᠡᠯᠭᠡᠵᠦ ᠵᠣᠭᠰᠣᠭᠰᠠᠨ ᠵᠠᠮᠠᠭ ᠤ᠋ᠨ ᠨᠣᠭᠣᠭᠠᠨ ᠥᠩᠭᠡᠲᠡᠢ ᠲᠣᠷᠭᠠᠨ ᠲᠡᠷᠯᠢᠭ ᠳᠡᠭᠡᠷ᠎ᠡ ᠪᠡᠨ ᠮᠥᠩᠭᠥᠨ ᠲᠣᠪᠴᠢ ᠲᠠᠢ ᠴᠢᠪᠠᠭᠠᠨ ᠬᠦᠷᠡᠩ ᠤᠤᠵᠢ ᠡᠮᠦᠰᠦᠬᠰᠡᠨ ᠬᠦᠬᠰᠢᠠ ᠪᠣᠯ ᠮᠢᠩᠭᠠᠪᠣᠣ ᠶᠢᠨ ᠰᠠᠮᠠᠭᠠᠨ ᠮᠠᠨᠣᠠᠪᠠᠤᠠᠮ᠎ᠡ ᠮᠥᠨ᠃ ᠪᠠᠷᠠᠭᠤᠨ ᠬᠦᠩ ᠦ᠋ᠨ ᠬᠢᠨ ᠲᠡᠭᠦᠨ ᠢ᠋《 ᠤᠷᠠᠨ ᠬᠣᠩᠰᠢᠶᠠᠷᠠᠳᠣ ᠤᠬᠠᠭᠠᠨ ᠤ᠋ ᠤᠭᠤᠲᠠ》 ᠭᠡᠵᠡᠭᠡᠨ᠎ᠡ᠃  
      ᠶᠡᠬᠡ ᠭᠡᠷ ᠦ᠋ᠨ ᠡᠭᠦᠳᠡᠨ ᠳ᠋ᠦ᠍ ᠬᠥᠬᠡ ᠪᠣᠷᠣ ᠲᠡᠨᠢᠭᠡᠷ ᠴᠢᠯᠠᠭᠤᠨ ᠤ᠋ ᠥᠩᠭᠡ ᠲᠡᠢ ᠳᠠᠪᠬᠤᠷ ᠬᠠᠷ᠎ᠠ ᠡᠮᠵᠢᠶᠡᠷᠢ ᠲᠡᠢ ᠬᠠᠭᠣᠪᠴᠢᠷᠲᠣᠷ ᠲᠡᠷᠯᠢᠭ ᠲᠦ᠍ ᠰᠢᠨᠡᠷᠬᠡᠭᠦᠠ ᠬᠦᠷᠡᠩ ᠬᠠᠨᠵᠢᠶᠠᠷ ᠵᠣᠬᠢᠴᠠᠭᠤᠯᠵᠤ ᠡᠮᠦᠰᠦᠨ ᠪᠤᠷᠤᠭᠤ ᠲᠠᠯ᠎ᠠ ᠳ᠋ᠤ᠌ ᠪᠠᠨ ᠠᠯᠲᠠᠨ ᠮᠥᠩᠭᠥᠨ ᠮᠢᠨᠳᠠᠰᠤᠨ ᠬᠡ ᠤᠭᠠᠯᠵᠠ ᠲᠠᠢ ᠥᠯᠵᠡᠢ ᠵᠠᠩᠭᠢᠶ᠎ᠠ ᠪᠠ ᠬᠤᠸᠠᠷᠲᠠᠢ ᠬᠦᠬᠦᠷ ᠦ᠋ᠨ ᠳᠠᠯᠢᠶᠠᠷ ᠬᠠᠪᠴᠢᠭᠤᠯᠤᠨ ᠵᠥᠪ ᠲᠠᠯ᠎ᠠ ᠶ᠋ᠢᠨ ᠲᠠᠰᠢᠶᠠᠨ ᠳ᠋ᠠᠭᠠᠨ ᠬᠠᠰ ᠴᠠᠭᠠᠨ ᠪᠠᠯ ᠲᠠᠢ ᠬᠢᠲᠤᠭ᠎ᠠ ᠵᠡᠭᠦᠭᠰᠡᠨ ᠥᠨᠳᠥᠷ ᠲᠣᠮᠣ ᠡᠷ᠎ᠡ ᠶᠡᠬᠡᠳᠡ ᠶᠠᠭᠠᠷᠠᠨ᠎ᠠ᠃ ᠲᠡᠭᠦᠨ ᠦ᠌ ᠥᠳᠬᠡᠨ ᠬᠠᠷ᠎ᠠ ᠬᠥᠮᠥᠰᠬᠡ᠂ ᠥᠷᠭᠡᠨ ᠬᠦᠷᠡᠩ ᠮᠠᠩᠨᠠᠢ᠂ ᠵᠡᠰ ᠬᠦᠷᠡᠩ ᠰᠢᠨᠠᠭᠠᠨ ᠳᠤᠬᠤ ᠶ᠋ᠢ ᠭᠢᠯᠠᠢᠲᠠᠯ᠎ᠠ ᠲᠣᠪᠯᠠᠵᠤ ᠡᠮᠦᠰᠦᠭᠰᠡᠨ ᠵᠢᠩᠰᠡᠲᠦ ᠳᠤᠭᠤᠢ ᠮᠠᠯᠠᠭᠠᠢ ᠨᠢ ᠲᠡᠭᠦᠨ ᠢ᠋ ᠤᠯᠠᠮ ᠰᠦᠷᠲᠡᠢ ᠶᠡᠬᠡᠮᠰᠦᠭ ᠪᠣᠯᠭᠠᠵᠤ᠂ ᠨᠢᠳᠦ ᠬᠥᠮᠥᠰᠬᠡ᠂ ᠠᠮᠠ ᠬᠠᠮᠠᠷ ᠪᠦᠷ ᠣᠷᠣᠨ ᠵᠠᠢ ᠪᠠᠨ ᠡᠵᠡᠯᠡᠵᠦ ᠡᠪ ᠲᠣᠪ ᠲᠠᠢ ᠲᠡᠩᠴᠡᠵᠦ ᠲᠥᠷᠥᠭᠰᠡᠨ ᠢ᠋ ᠬᠡᠯᠡᠬᠦ ᠶᠠᠭᠤᠮ᠎ᠠ ᠠᠯᠠᠭ᠎ᠠ᠃ ᠠᠭᠤᠵᠢᠮ ᠪᠣᠷᠣ ᠴᠢᠷᠠᠢ ᠳ᠋ᠠᠬᠢ ᠲᠣᠭᠣᠷᠢᠮ ᠤ᠋ᠨ ᠤᠰᠤ ᠰᠢᠭ᠋ ᠲᠤᠩᠭᠠᠯᠠᠭ ᠬᠣᠶᠠᠷ ᠨᠢᠳᠦᠨ ᠡᠴᠡ ᠨᠢ ᠬᠣᠯᠠ ᠶ᠋ᠢᠨ ᠴᠠᠭᠠᠨ᠎ᠠ ᠶᠠᠭᠤᠮ᠎ᠠ ᠶ᠋ᠢ ᠲᠤᠩᠭᠠᠨ ᠪᠣᠳᠣᠭᠰᠠᠨ ᠴᠣᠭ ᠵᠠᠯᠢ ᠢᠯᠡᠬᠡᠨ ᠠᠵᠢ᠃ ᠲᠡᠭᠦᠨ ᠦ᠌ ᠡᠭᠡᠯᠢᠲᠡᠢ ᠴᠢᠷᠠᠢ᠂ ᠡᠶᠡᠯᠳᠡᠭ ᠬᠠᠷᠠᠴᠠ ᠶ᠋ᠢ ᠬᠠᠷᠠᠬᠤ ᠳ᠋ᠠᠭᠠᠨ ᠬᠥᠮᠦᠰ ᠲᠦ᠍ ᠠᠪᠤᠷᠠᠯ ᠥᠷᠥᠰᠢᠶᠡᠯ ᠬᠠᠢᠷᠠᠯᠠᠮ᠎ᠠ ᠳᠣᠲᠣᠨᠣᠬᠠᠨ ᠰᠠᠨᠠᠭᠳᠠᠪᠠᠴᠤ ᠳᠤᠭᠰᠢᠨ ᠬᠠᠷᠠᠴᠠ ᠶ᠋ᠢ ᠨᠢ ᠬᠠᠷᠠᠭᠰᠠᠨ ᠬᠥᠮᠦᠨ ᠳ᠋ᠦ᠍ ᠠᠢᠳᠠᠰ ᠬᠦᠷᠦᠮ᠎ᠡ ᠠᠵᠢ᠃ ᠡᠨᠡ ᠬᠥᠮᠦᠨ ᠪᠣᠯ ᠪᠠᠷᠠᠭᠤᠨ ᠬᠦᠩ ᠦ᠋ᠨ ᠬᠤᠰᠢᠭᠤᠨ ᠤ᠋ ᠵᠡᠭᠦᠨ ᠲᠤᠰᠠᠯᠠᠭᠴᠢ ᠨᠣᠶᠠᠨ᠂ ᠨᠡᠷ᠎ᠡ ᠡᠯᠳᠡᠩᠭᠡ ᠭᠡᠨ᠎ᠡ᠃  
       ᠲᠡᠷᠡ ᠥᠨᠥᠳᠥᠷ ᠬᠦᠩ ᠨᠣᠶᠠᠨ ᠤ᠋ ᠡᠮᠦᠨ᠎ᠡ ᠡᠴᠡ ᠬᠤᠷᠢᠮ ᠠ᠋ᠴᠠ ᠲᠠᠷᠬᠠᠵᠤ ᠣᠳᠬᠤ ᠭᠡᠢᠴᠢᠨ ᠢ᠋ ᠡᠨᠳᠡ ᠦᠳᠡᠵᠦ ᠵᠣᠭᠰᠣᠬᠤ ᠳ᠋ᠠᠭᠠᠨ ᠨᠢᠳᠦ ᠪᠡᠷ ᠢ᠋ᠶ᠋ᠡᠨ ᠢᠨᠢᠶᠡᠪᠬᠢᠯᠡᠨ᠄  
       – ᠡᠷᠬᠢᠮ ᠵᠣᠴᠢᠳ ᠵᠠᠮ ᠳ᠋ᠠᠭᠠᠨ ᠲᠠᠢᠪᠤᠭᠤ ᠲᠣᠭᠲᠠᠭᠤᠨ᠂ ᠰᠠᠢᠨ ᠶᠠᠪᠤᠭᠠᠷᠠᠢ ᠁  ᠭᠡᠵᠦ ᠬᠠᠷᠢ ᠬᠥᠷᠰᠢ ᠬᠣᠰᠢᠭᠤᠳ ᠤ᠋ᠨ ᠨᠣᠶᠠᠳ ᠠᠮᠪᠠᠰ ᠲᠤ᠌ ᠠᠮᠠᠨ ᠤ᠋ ᠪᠡᠯᠭᠡ ᠲᠡᠢ ᠦᠭᠡ ᠥᠴᠢᠨ᠎ᠡ᠃ ᠲᠡᠷᠡ ᠂ ᠭᠣᠣᠯ ᠭᠣᠣᠯ ᠭᠡᠢᠴᠢᠳ ᠢ᠋ᠶ᠋ᠡᠨ ᠮᠣᠷᠳᠠᠭᠤᠯᠴᠢᠬᠠᠭᠠᠳ ᠣᠷᠣᠢ ᠶ᠋ᠢᠨ ᠰᠢᠪᠡᠷ ᠨᠠᠢᠷ ④ ᠡᠨᠡ ᠲᠡᠷᠡ ᠶᠠᠭᠤ ᠪᠣᠯᠤᠨ᠎ᠠ ᠭᠡᠭᠴᠢ ᠶ᠋ᠢ ᠲᠣᠪᠯᠠᠨ ᠪᠣᠳᠣᠵᠤ ᠭᠣᠣᠯ ᠭᠡᠷ ᠤᠷᠤᠭᠤ ᠠᠯᠬᠤᠪᠠ᠃ 
       ᠨᠠᠷᠠ ᠪᠠᠷᠠᠭᠤᠨᠰᠢ ᠵᠢᠷᠭᠠᠪᠠ᠃ 
       ᠲᠡᠭᠷᠢ ᠶ᠋ᠢᠨ ᠪᠠᠷᠠᠭᠤᠨ ᠬᠠᠶᠠᠭ᠎ᠠ ᠴᠣᠭ ᠲᠠᠢ ᠬᠣᠪᠣᠩ ᠤ᠋ᠨ ᠢᠷᠮᠡᠭ ᠲᠦ᠍ ᠳᠠᠨᠳᠠᠢᠯᠠᠭᠰᠠᠨ ᠵᠡᠰ ᠳᠡᠪᠦᠷ᠎ᠡ ᠶ᠋ᠢᠨ ᠥᠩᠭᠡ ᠲᠡᠢ ᠤᠯᠠᠢᠵᠤ ᠬᠠᠷᠠᠭᠳᠠᠨ᠎ᠠ᠃ 
       ᠬᠤᠷᠢᠮ ᠤ᠋ᠨ ᠭᠣᠣᠯ ᠲᠠᠭᠲᠤ ᠶᠢᠨ ᠡᠭᠦᠳᠡᠨ ᠳ᠋ᠦ᠍ ᠵᠡᠭᠦᠨ ᠪᠠᠷᠠᠭᠤᠨ ᠲᠤᠰᠠᠯᠠᠭᠴᠢ ᠂ ᠵᠠᠬᠢᠷᠤᠭᠴᠢ ᠂ ᠬᠦᠩ ᠨᠣᠶᠠᠨ ᠤ᠋ ᠨᠥᠭᠦᠭᠡ ᠬᠡᠳᠦᠨ ᠬᠠᠲᠤᠳ ᠬᠣᠶᠠᠷ ᠵᠢᠭᠦᠷᠯᠡᠨ ᠲᠡᠷᠢᠭᠦᠨ ᠮᠡᠬᠦᠰᠬᠢᠨ ᠵᠣᠭᠰᠣᠵᠤ ᠠᠬᠤ ᠨᠢ ᠶᠠᠮᠠᠷ ᠨᠢᠭᠡᠨ ᠡᠷᠭᠢᠨ ᠬᠡᠷᠭᠡᠮᠲᠡᠨ ᠢ᠋ ᠦᠳᠡᠬᠦ ᠭᠡᠵᠦ ᠪᠠᠢᠭ᠎ᠠ ᠨᠢ ᠡᠨᠡ ᠠᠵᠢ᠃ 
       ᠭᠣᠣᠯ ᠲᠠᠭᠲᠤ ᠶ᠋ᠢᠨ ᠡᠭᠦᠳᠡ ᠪᠡᠷ ᠪᠠᠭᠲᠠᠨ ᠶᠠᠳᠠᠮ᠎ᠠ ᠳᠥᠷᠪᠡᠯᠵᠢᠯᠡᠨ ᠠᠯᠬᠤᠭᠰᠠᠨ ᠶᠡᠷᠦ ᠪᠤᠰᠤ ᠶ᠋ᠢᠨ ᠨᠢᠭᠡ ᠬᠡᠷᠭᠡᠮᠲᠡᠨ ᠬᠠᠯᠭᠢᠭᠰᠠᠨ ᠢᠨᠢᠶᠡᠳᠦ ᠲᠡᠢ ᠬᠦᠩ ᠨᠣᠶᠠᠨ ᠯᠤᠭ᠎ᠠ ᠪᠠᠷ᠎ᠠ ᠬᠠᠨᠢᠰᠠᠨ ᠭᠠᠷᠴᠤ ᠢᠷᠡᠯ᠎ᠡ ᠃ 
  ᠲᠡᠷᠡ ᠪᠡᠷ ᠪᠠᠷᠠᠭᠤᠨ ᠨᠢᠳᠦ ᠨᠢ ᠠᠨᠢᠭᠠᠷᠳᠠᠭᠤ ᠰᠣᠬᠣᠷ ᠂ ᠤᠷᠤᠭᠤᠯ ᠬᠠᠯᠵᠠᠨ ᠂ ᠠᠷᠠᠮᠠᠭ ᠲᠠᠷᠠᠮᠠᠭ ᠡᠷᠡᠦ ᠰᠠᠬᠠᠯ ᠲᠠᠢ ᠂ ᠬᠠᠯᠵᠠᠷᠠᠭᠰᠠᠨ ᠳᠤᠬᠤᠨ ᠳᠡᠭᠡᠷ᠎ᠡ ᠪᠡᠨ ᠨᠣᠮᠢᠨ ᠱᠢᠷᠦ ᠵᠢᠮᠰᠡᠭ ᠲᠡᠢ ᠬᠠᠷ᠎ᠠ ᠲᠣᠭᠣᠷᠴᠣᠭ ᠲᠠᠯᠪᠢᠵᠠᠢ᠃ ᠲᠡᠭᠦᠨ ᠦ᠌ ᠨᠢᠷᠤᠭᠤᠨ ᠭᠣᠣᠯ ᠢ᠋ᠶ᠋ᠠᠷ ᠢ᠋ᠶ᠋ᠠᠨ ᠭᠠᠬᠠᠢ ᠶ᠋ᠢᠨ ᠰᠡᠭᠦᠯ ᠰᠢᠭ ᠭᠣᠳᠣᠩ ᠭᠡᠵᠢᠭᠡ ᠤᠨᠵᠢᠭᠤᠯᠤᠨ ᠬᠠᠯᠪᠠᠭᠠᠨᠠᠭᠤᠷ ᠰᠢᠷᠭᠠᠯ ᠴᠠᠭᠠᠨ ᠲᠣᠷᠭᠠᠨ ᠬᠠᠨᠲᠠᠭᠠᠰᠤ ᠡᠮᠦᠰᠴᠦ ᠥᠷᠭᠡᠨ ᠵᠠᠬ᠎ᠠ ᠲᠠᠢ ᠬᠠᠷ᠎ᠠ ᠥᠮᠥᠳᠥᠨ ᠦ᠌ ᠰᠢᠷᠬᠤᠨᠠᠭ ᠢ᠋ ᠵᠣᠮᠪᠣᠢᠲᠠᠯ᠎ᠠ ᠪᠣᠭᠣᠭᠠᠳ ᠵᠠᠳᠠᠭᠠᠢ ᠨᠠᠢ᠍ᠮᠠᠯᠵᠢ ᠬᠥᠯ ᠳ᠋ᠡᠭᠡᠨ ᠬᠣᠶᠠᠷ ᠰᠤᠵᠠᠭ᠎ᠠ ᠴᠢᠮᠬᠢᠶᠡᠷᠢ ᠬᠠᠮᠠᠷ ᠲᠠᠢ ᠬᠠᠷ᠎ᠠ ᠱᠠᠬᠠᠢ ᠡᠮᠦᠰᠴᠦ ᠲᠠᠰᠢᠶᠠᠨ ᠳ᠋ᠠᠭᠠᠨ ᠪᠡᠶᠡᠨᠽᠢ ⑤  ᠪᠠᠯᠳᠠᠭᠠᠨᠠᠭᠤᠯᠤᠨ ᠵᠡᠭᠦᠨ ᠭᠠᠷ ᠲᠠᠭᠠᠨ ᠬᠠᠷ᠎ᠠ ᠬᠢᠯᠭᠠᠰᠤᠨ ᠶᠢᠩᠱᠤᠸᠠᠰᠠ ( ᠢᠯᠠᠭᠠᠨ ᠭᠦᠪᠢᠭᠦᠷ ) ᠰᠠᠵᠢᠯᠠᠨ ᠭᠠᠷᠴᠤ ᠢᠷᠡᠬᠦ ᠶ᠋ᠢ ᠨᠢ ᠭᠡᠨᠡᠳᠲᠡ ᠬᠠᠷᠠᠬᠤ ᠳ᠋ᠤ᠌ ᠰᠣᠷᠲᠣᠭᠣ ᠲᠠᠢ ᠮᠡᠲᠦ ᠠᠪᠠᠴᠤ ᠳᠠᠬᠢᠨ ᠬᠠᠷᠠᠪᠠᠯ ᠭᠠᠯᠪᠢᠷ ᠮᠠᠭᠤᠲᠠᠢ ᠠᠵᠢ᠃  
       ᠮᠢᠬ᠎ᠠ ᠠᠷᠢᠬᠢᠨ ᠤ᠋ ᠠᠭᠠᠭ ᠲᠤ᠌ ᠴᠢᠷᠠᠢ ᠨᠢ ᠮᠢᠨᠴᠢᠢᠲᠡᠯ᠎ᠡ ᠤᠯᠠᠢᠵᠤ ᠂ ᠭᠥᠯᠢᠭᠡᠷ ᠮᠠᠩᠨᠠᠢ ᠳ᠋ᠤᠨᠢ ᠲᠣᠰᠣ ᠭᠢᠯᠲᠠᠭᠠᠨᠠᠨ ᠂ ᠣᠷᠣᠢ ᠨᠢ ᠤᠯᠠᠭᠠᠨ ᠰᠠᠷᠢᠮᠰᠠᠭ ᠬᠠᠮᠠᠷ ᠳᠡᠭᠡᠷ᠎ᠡ ᠨᠢ ᠬᠥᠯᠥᠰᠥ ᠪᠠᠳᠬᠤᠵᠤ ᠂ ᠴᠠᠳᠬᠤᠯᠳᠠᠬᠤ ᠳ᠋ᠠᠭᠠᠨ ᠵᠣᠭᠢᠰᠴᠤ ᠂ 《 ᠮᠣᠩᠭᠣᠯ ᠨᠤᠲᠤᠭ ᠤ᠋ᠨ ᠥᠭᠡᠬᠦ ᠲᠣᠰᠣ ᠠᠷᠢᠬᠢ ᠳᠠᠷᠠᠰᠤ ᠠᠰᠢᠲᠠᠢ ᠰᠠᠢᠬᠠᠨ ᠶᠤᠮ ᠳᠠ》  ᠭᠡᠵᠦ ᠰᠠᠨᠠᠭ᠎ᠠ ᠰᠡᠳᠬᠢᠯ ᠵᠣᠬᠢᠷᠠᠭᠰᠠᠨ ᠰᠢᠭ᠋ ᠬᠡᠩᠬᠦᠯᠵᠡᠨ᠎ᠡ᠃ 
       ᠡᠨᠡ ᠬᠥᠮᠦᠨ ᠢ᠋ ᠸᠠᠩ ᠱᠣᠣ ᠸᠧᠨ ᠭᠡᠨ᠎ᠡ᠃ ᠥᠷᠥᠭᠡᠰᠦᠨ ᠨᠢᠳᠦ ᠨᠢ ᠡᠭᠦᠯᠡ ᠲᠡᠢ᠂ ᠶᠠᠭᠤᠮ᠎ᠠ ᠣᠯᠵᠤ ᠦᠵᠡᠳᠡᠭ ᠦᠭᠡᠢ ᠪᠣᠯᠬᠣᠷ ᠬᠠᠷᠠᠭ᠎ᠠ ᠮᠠᠭᠤ ᠪᠠᠷᠭᠠᠳ ᠨᠢᠳᠦ ᠪᠡᠨ ᠠᠨᠢᠪᠴᠢᠭᠰᠠᠭᠠᠷ ᠪᠠᠢᠵᠤ ᠵᠣᠪᠬᠢ ᠨᠢ ᠠᠨᠢᠭᠠᠷᠳᠠᠭᠤ ᠪᠣᠯᠵᠠᠢ᠃ ᠬᠡᠳᠦᠢ ᠭᠠᠭᠴᠠᠬᠠᠨ ᠨᠢᠳᠦ ᠲᠡᠢ ᠪᠣᠯᠪᠠᠴᠤ ᠶᠠᠭᠤᠮ᠎ᠠ ᠬᠠᠷᠠᠬᠤ ᠳ᠋ᠤ᠌ ᠬᠣᠶᠠᠷ ᠨᠢᠳᠦ ᠲᠡᠢ ᠬᠥᠮᠦᠨ ᠡᠴᠡ ᠦᠯᠦ ᠬᠣᠴᠣᠷᠤᠨ᠎ᠠ᠃ ᠲᠡᠭᠦᠨ ᠦ᠌ ᠣᠯᠬᠤ ᠶ᠋ᠢᠨ ᠬᠣᠢᠨ᠎ᠠ ᠠ᠋ᠴᠠ ᠨᠣᠮᠣᠨ ᠰᠣᠬᠣᠷ ᠰᠢᠭ᠋ ᠭᠠᠵᠠᠷ ᠰᠢᠭᠢᠳᠦᠭᠡᠳ ᠰᠢᠨᠤᠳᠠᠭ ᠲᠠᠭᠠᠨ ᠰᠠᠭᠠᠭ ᠤᠨ ᠬᠠᠯᠢᠰᠤ ᠶ᠋ᠢ ᠲᠠᠰᠢᠵᠤ ᠲᠣᠰᠣ ᠭᠠᠷᠭᠠᠳᠠᠭ ᠤᠪᠠᠳᠢᠰ ᠲᠠᠢ ᠭᠡᠵᠦ ᠬᠥᠮᠦᠰ ᠬᠡᠯᠡᠯᠴᠡᠬᠦ ᠪᠥᠭᠡᠳ ᠵᠠᠷᠢᠮ ᠨᠢ ᠨᠣᠮᠣᠨ ᠰᠣᠬᠣᠷ ᠭᠡᠵᠦ ᠬᠣᠴᠢᠯᠠᠵᠤ ᠳᠠᠭᠤᠳᠠᠳᠠᠭ᠃ ᠸᠠᠩ ᠰᠣᠬᠣᠷ ᠭᠡᠭᠰᠡᠭᠡᠷ ᠤᠷᠠᠳ ᠤᠨ ᠪᠠᠷᠠᠭᠤᠨ᠂ ᠵᠡᠭᠦᠨ᠂ ᠳᠤᠮᠳᠠᠳᠤ ᠬᠦᠩ ᠦ᠋ᠨ ᠬᠢᠨ ᠪᠠᠢᠲᠤᠭᠠᠢ ᠶᠡᠬᠡ ᠵᠤᠤ ᠶ᠋ᠢᠨ ᠴᠢᠭᠤᠯᠭᠠᠨ ᠤ᠋ ᠳᠠᠯᠠᠳ᠂ ᠵᠦᠩᠭᠠᠷ᠂ ᠬᠠᠩᠭᠢᠨ ᠬᠤᠰᠢᠭᠤᠨ ᠤ᠋ ᠪᠠᠶᠠᠳ ᠢᠵᠠᠭᠤᠷᠲᠠᠳ ᠴᠦ᠍ ᠲᠠᠨᠢᠬᠤ ᠦᠭᠡᠢ ᠬᠥᠮᠦᠨ ᠠᠯᠠᠭ᠎ᠠ᠃ ᠲᠡᠷᠡ ᠪᠠᠢᠲᠤᠭᠠᠢ ᠳᠡᠭᠡᠭᠰᠢ ᠪᠡᠨ ᠲᠥᠷᠥ ᠭᠦᠷᠦᠨ ᠦ᠌ ᠡᠵᠡᠨ ᠨᠣᠶᠠᠳ ᠲᠠᠢ ᠴᠦ᠍ ᠨᠠᠢᠷ ᠲᠠᠯ᠎ᠠ ᠲᠠᠢ ᠪᠣᠯᠬᠣᠷ ᠡᠳ᠋ ᠮᠥᠩᠭᠥ ᠶ᠋ᠢᠨ ᠬᠦᠴᠦ ᠪᠡᠷ ᠡᠳᠦᠢ ᠲᠡᠳᠦᠢ ᠴᠡᠷᠢᠭ ᠲᠡᠵᠢᠭᠡᠵᠦ ᠰᠣᠷᠲᠣᠭᠣᠯᠠᠨ ᠲᠠᠪᠠ ᠪᠠᠷ ᠢ᠋ᠶ᠋ᠠᠨ ᠠᠭᠠᠰᠢᠯᠠᠬᠤ ᠠᠵᠤᠭᠤ᠃ ᠸᠠᠩ ᠰᠣᠬᠣᠷ ᠵᠡᠭᠦᠨᠰᠢ ᠪᠡᠨ ᠪᠤᠭᠤᠲᠤ᠂ ᠰᠠᠭᠠᠯᠢᠴᠢᠨ᠂ ᠪᠠᠷᠠᠭᠤᠨᠰᠢ ᠦᠶᠤᠸᠠᠨ᠂ ᠱᠠᠮᠪᠠ ᠣᠷᠣᠲᠠᠯ᠎ᠠ ᠪᠠᠨ ᠪᠦᠷ ᠴᠡᠷᠢᠭ ᠰᠠᠭᠤᠯᠭᠠᠵᠤ᠂ ᠪᠠᠶᠠᠳ ᠢᠵᠠᠭᠤᠷᠲᠠᠳ᠂ ᠸᠠᠩ ᠬᠦᠩ ᠨᠣᠶᠠᠳ ᠲᠤ᠌ ᠬᠡᠭᠡᠯᠢ ᠬᠠᠬᠤᠤᠯᠢ ᠲᠦᠯᠬᠢᠵᠦ ᠂ ᠮᠣᠩᠭᠣᠯ ᠬᠢᠲᠠᠳ ᠡᠭᠡᠯ ᠠᠷᠠᠳ ᠢ᠋ ᠬᠢᠬᠠᠨ ᠮᠥᠯᠵᠢᠳᠡᠭ ᠪᠠᠢᠨ᠎ᠠ᠃ ᠲᠡᠭᠡᠬᠦᠯᠡᠷ ᠪᠠᠷᠠᠭᠤᠨ ᠬᠦᠩ ᠦ᠋ᠨ ᠬᠣᠰᠢᠭᠤ ᠨᠤᠲᠤᠭ ᠲᠤ᠌ ᠲᠡᠷᠡ ᠪᠡᠷ ᠠᠯᠢ ᠳᠤᠷ᠎ᠠ ᠲᠠᠢ ᠪᠠᠨ ᠬᠢᠵᠦ ᠲᠠᠩᠬᠠᠢᠷᠠᠨ᠎ᠠ᠃ ᠲᠡᠭᠦᠨ ᠦ᠌ ᠬᠠᠷᠭᠢᠰ ᠬᠤᠢᠬᠤᠷ ᠠᠵᠢᠯᠯᠠᠭ᠎ᠠ ᠳ᠋ᠤ᠌ ᠶᠠᠳᠠᠭᠤ ᠠᠷᠠᠳ ᠪᠠᠢᠲᠤᠭᠠᠢ ᠂ ᠬᠢᠷᠢ ᠪᠠᠷᠤᠭ ᠤ᠋ᠨ ᠪᠠᠶᠠᠳ ᠨᠣᠶᠠᠳ ᠴᠦ᠍ ᠬᠠᠯᠳᠠᠬᠤ ᠠ᠋ᠴᠠ ᠪᠠᠨ ᠡᠮᠢᠶᠡᠵᠦ ᠠᠯᠢ ᠪᠣᠯᠬᠤ ᠪᠠᠷ ᠵᠠᠢᠯᠠᠳᠠᠭ ᠪᠠᠢᠨ᠎ᠠ᠃ 
       ᠮᠣᠷᠢᠳ ᠤ᠋ᠨ ᠤᠶᠠᠭᠠᠨ ᠤ᠋ ᠨᠠᠭᠠᠨ᠎ᠠ ᠭᠤᠷᠪᠠ ᠬᠥᠯᠦᠭᠰᠡᠨ ᠳᠥᠷᠪᠡᠨ ᠬᠦᠷᠳᠦᠲᠡᠨ ᠰᠡᠦᠬᠡ ᠲᠡᠷᠭᠡ ᠵᠣᠭᠰᠣᠵᠤ᠂ ᠭᠦᠵᠡᠭᠡᠨ ᠴᠠᠭᠠᠨ ᠠᠯᠴᠢᠭᠤᠷ ᠢ᠋ ᠮᠠᠩᠨᠠᠢ ᠳᠡᠭᠡᠷ᠎ᠡ ᠪᠡᠨ ᠬᠠᠷᠢᠶᠠᠴᠠᠢ ᠶ᠋ᠢᠨ ᠵᠢᠭᠦᠷ ᠰᠢᠭ ᠬᠠᠢᠴᠢᠯᠠᠨ ᠣᠷᠢᠶᠠᠭᠰᠠᠨ ᠫᠤᠤ ᠵᠡᠪᠰᠡᠭ ᠲᠡᠢ ᠠᠷᠪᠠᠭᠠᠳ ᠬᠠᠷ᠎ᠠ ᠴᠡᠷᠢᠭ ᠰᠠᠯᠬᠢ ᠰᠢᠭ᠋ ᠬᠤᠷᠳᠤᠨ ᠬᠥᠳᠡᠯᠵᠦ᠂ ᠬᠣᠶᠠᠷ ᠨᠢ ᠰᠤᠭᠤᠷᠠᠵᠤ ᠢᠷᠡᠭᠡᠳ ᠸᠠᠩ ᠰᠣᠬᠣᠷ ᠤ᠋ᠨ ᠬᠣᠩᠭᠣ ᠡᠪᠦᠳᠦᠭ ᠢ᠋ᠶ᠋ᠡᠷ ᠨᠢ ᠡᠷᠭᠦᠵᠦ ᠰᠡᠦᠬᠡ ᠲᠡᠷᠭᠡᠨ ᠳ᠋ᠦ᠍ ᠬᠥᠩᠭᠡᠬᠡᠨ ᠭᠡᠭᠴᠢ ᠰᠠᠭᠤᠯᠭᠠᠪᠠ᠃ 
       ᠤᠯᠠᠭᠠᠨ ᠮᠣᠨᠴᠣᠭ ᠲᠠᠢ ᠭᠤᠷᠪᠠᠨ ᠮᠤᠰᠬᠢᠭᠤᠷᠳᠤ ᠬᠤᠯᠤᠰᠤᠨ ᠲᠠᠰᠢᠭᠤᠷ ᠲᠣᠬᠢᠯᠵᠠᠵᠤ᠂  ᠫᠢᠱ ᠭᠡᠬᠦ ᠲᠡᠢ ᠵᠡᠷᠭᠡ ᠲᠡᠷᠭᠡ ᠤᠬᠤᠰᠬᠢᠨ ᠬᠥᠳᠡᠯᠪᠡ᠃ ᠰᠡᠦᠬᠡ ᠲᠡᠷᠭᠡᠨ ᠦ᠌ ᠬᠠᠵᠠᠭᠤ ᠶ᠋ᠢᠨ ᠴᠣᠩᠬᠣ ᠪᠠᠷ ᠨᠣᠮᠢᠨ ᠱ᠌ᠢᠷᠦ ᠲᠡᠢ ᠬᠠᠷ᠎ᠠ ᠲᠣᠭᠣᠷᠴᠣᠭ ᠂ ᠥᠷᠥᠭᠡᠰᠦᠨ ᠨᠢᠳᠦ ᠂ ᠤᠯᠠᠭᠠᠨ ᠦᠵᠦᠭᠦᠷᠲᠦ ᠬᠠᠮᠠᠷ ᠨᠢᠭᠡ ᠴᠤᠬᠤᠢᠵᠤ ᠂ ᠸᠠᠩ ᠰᠣᠬᠣᠷ ᠲᠣᠯᠣᠭᠠᠢ ᠲᠣᠬᠢᠬᠤ ᠰᠢᠭ᠋ ᠪᠣᠯᠤᠭᠰᠠᠨ ᠢ᠋ᠶ᠋ᠠᠨ ᠳᠠᠬᠢᠨ ᠳᠠᠯᠳᠠᠷᠠᠪᠠ ᠃ 
       ᠮᠡᠬᠦᠰᠬᠢᠨ ᠶᠣᠰᠣᠯᠠᠵᠤ ᠬᠣᠴᠣᠷᠤᠭᠰᠠᠨ ᠬᠥᠮᠦᠰ ᠪᠡᠶ᠎ᠡ ᠪᠡᠶ᠎ᠡ ᠪᠡᠨ ᠬᠠᠷᠠᠬᠤ ᠳ᠋ᠤ᠌ ᠬᠦᠩ ᠨᠣᠶᠠᠨ ᠰᠢᠷᠠᠪᠲᠤᠷᠵᠢ ᠪᠠᠷᠠᠭᠤᠨ ᠭᠠᠷ ᠢ᠋ᠶ᠋ᠠᠨ ᠵᠢᠷᠦᠬᠡᠨ ᠲᠤᠰᠢᠶ᠎ᠠ ᠪᠠᠨ ᠨᠠᠮᠬᠠᠨ ᠳᠠᠷᠤᠵᠤ ᠮᠡᠬᠦᠢᠭᠰᠡᠨ ᠢ᠋ᠶ᠋ᠡᠨ ᠳᠡᠭᠡᠭᠰᠢ ᠪᠣᠯᠵᠤ᠂ ᠵᠡᠭᠦᠨ ᠭᠠᠷ ᠢ᠋ᠶ᠋ᠠᠷ ᠢ᠋ᠶ᠋ᠠᠨ ᠬᠥᠬᠡ ᠬᠠᠰ ᠤ᠋ᠨ ᠡᠷᠢᠭᠡ ᠪᠡᠨ ᠪᠥᠮᠪᠥᠷᠢᠭᠦᠯᠵᠦ 《 ᠪᠠᠭ᠎ᠠ ᠬᠠᠲᠤᠨ ᠳ᠋ᠤ᠌ ᠮᠢᠨᠢ ᠠᠯᠲᠠᠨ ᠡᠳ᠋ᠯᠡᠯ᠂ ᠰᠤᠪᠤᠳ ᠤ᠋ᠨ ᠭᠡᠯᠬᠢᠶᠡᠰᠦᠲᠦ ᠰᠣᠨᠳᠣᠷ᠂ ᠯᠤᠤ ᠮᠤᠰᠬᠢᠷᠠᠯᠳᠤᠭᠰᠠᠨ ᠬᠡ ᠲᠡᠢ ᠠᠯᠲᠠᠨ ᠪᠠᠭᠤᠤ᠂  ᠱ᠌ᠢᠷᠦᠨ ᠨᠢᠳᠦᠲᠡᠢ ᠮᠥᠩᠭᠥᠨ ᠪᠦᠯᠡᠵᠡᠭ ᠁ ᠵᠠᠰᠠᠯ ᠵᠢᠮᠰᠡᠭ ᠦ᠋ᠨ ᠣ ᠡᠩᠭᠡᠰᠬᠡ ᠁  ᠵᠡᠷᠭᠡ ᠦᠨᠡᠲᠦ ᠶᠠᠭᠤᠮ᠎ᠠ ᠪᠡᠯᠡᠭᠯᠡᠭᠰᠡᠨ ᠶᠦᠮ ᠠ᠋ ! ᠡᠨᠡ ᠸᠠᠩ ᠵᠠᠩᠭᠤᠢᠳᠠ ᠶ᠋ᠢᠨ ᠪᠡᠯᠡᠭ ᠦ᠋ᠨ ᠬᠦᠨᠳᠦ ᠡᠴᠡ ᠰᠡᠳᠬᠢᠯ ᠨᠢ ᠪᠦᠷ ᠴᠦ᠍ ᠬᠦᠨᠳᠦ ᠶᠦᠮ ᠳᠡ᠃ ᠡᠭᠦᠨ ᠢ᠋ ᠪᠣᠳᠣᠪᠠᠯ ᠮᠠᠨ ᠤ᠋ ᠮᠣᠩᠭᠣᠯ ᠬᠣᠰᠢᠭᠤᠳ ᠤ᠋ᠨ ᠸᠠᠩ ᠬᠥᠭ ᠨᠣᠶᠠᠳ ᠤ᠋ᠨ ᠡᠷᠭᠦᠭᠰᠡᠨ ᠪᠡᠯᠡᠭ ᠰᠡᠯᠲᠡ ᠭᠡᠳᠡᠭ ᠴᠢᠨᠢ ᠬᠡᠦᠬᠡᠳ ᠦ᠋ᠨ ᠲᠣᠭᠯᠠᠭᠠᠮ ᠯᠠ ᠭᠡᠰᠡᠨ ᠬᠡᠷᠡᠭ 》ᠭᠡᠵᠦ ᠳᠦᠳᠦᠨᠡᠨ᠎ᠡ᠃  
       ᠬᠤᠷᠢᠮ ᠤ᠋ᠨ ᠭᠣᠣᠯ ᠨᠠᠢᠷ ᠢᠩᠭᠢᠵᠦ ᠰᠢᠪᠲᠤᠷᠠᠪᠠ᠃ ᠵᠠᠯᠭᠠᠭᠠᠳ ᠰᠢᠪᠡᠷ ᠨᠠᠢᠷ ᠭᠡᠳᠡᠭ ᠭᠠᠯᠴᠢ ᠲᠣᠭᠣᠭᠠᠴᠢ᠂ ᠡᠮᠦᠨ᠎ᠡ ᠬᠣᠢᠨ᠎ᠠ ᠵᠠᠷᠤᠭᠳᠠᠭᠰᠠᠨ ᠬᠥᠮᠦᠰ ᠡᠨᠡ ᠲᠡᠷᠡ ᠪᠤᠶᠤ ᠦᠬᠡᠷ ᠠᠳᠤᠭᠤᠨ ᠤ᠋ ᠬᠥᠮᠦᠨ ᠢ᠋ ᠪᠠᠶᠠᠰᠬᠠᠨ ᠴᠠᠳᠬᠠᠬᠤ ᠨᠠᠢᠷ ᠪᠣᠯᠬᠤ ᠭᠡᠵᠦ ᠬᠥᠮᠦᠰ ᠦᠷᠭᠦᠯᠵᠢᠯᠡᠨ ᠮᠣᠩᠭᠠᠨᠢᠵᠠᠭᠠᠨ᠎ᠠ᠃  
       ᠨᠠᠷᠠ ᠰᠢᠩᠭᠡᠵᠦ ᠪᠦᠷᠦᠢ ᠪᠣᠯᠬᠤ ᠶ᠋ᠢ ᠲᠡᠰᠬᠦ ᠠᠯᠳᠠᠷᠠᠨ ᠬᠦᠯᠢᠶᠡᠭᠰᠡᠨ ᠬᠦᠩ ᠨᠣᠶᠠᠨ ᠳ᠋ᠤ᠌ ᠰᠢᠨ᠎ᠡ ᠪᠠᠭᠤᠯᠭᠠᠭᠰᠠᠨ ᠪᠠᠭ᠎ᠠ ᠬᠠᠲᠤᠨ ᠢ᠋ᠶ᠋ᠠᠨ ᠲᠡᠪᠡᠷᠢᠵᠦ ᠤᠨᠲᠠᠬᠤ ᠶ᠋ᠢ ᠯᠡ ᠪᠣᠳᠣᠬᠤ ᠠ᠋ᠴᠠ ᠪᠢᠰᠢ ᠥᠭᠡᠷ᠎ᠡ ᠪᠣᠳᠣᠯ ᠪᠠᠢᠭᠰᠠᠨ ᠦᠭᠡᠢ᠃ ᠡᠢᠨ ‍ᠬᠦ 《 ᠠᠯᠲᠠᠢ ᠬᠠᠩᠭᠠᠢ  》 ᠭᠡᠬᠦ ᠵᠣᠴᠢᠨ ᠮᠣᠷᠳᠠᠭᠤᠯᠬᠤ ᠳᠠᠭᠤᠤ ᠶᠢᠨ ᠠᠶᠠᠰ ᠴᠢᠬᠢᠨ ᠳ᠋ᠦ᠍ᠨᠢ ᠬᠠᠳᠠᠩᠰᠢᠴᠢᠬᠠᠭᠰᠠᠨ ᠶᠤᠮ ᠰᠢᠭ᠋ ᠶᠠᠩᠭᠢᠨᠠᠭᠠᠳ ᠠᠷᠢᠯᠵᠤ ᠥᠭᠬᠦ ᠦᠭᠡᠢ ᠲᠡᠭᠦᠨ ᠢ᠋ ᠵᠣᠪᠠᠭᠠᠵᠤ ᠪᠠᠢᠯ᠎ᠠ ᠃ 

– – – – 
① ᠨᠤᠲᠤᠭ ᠤᠨ ᠬᠡᠯᠡᠯᠭᠡ᠂ ᠨᠡᠯᠢᠶᠡᠳ ᠰᠠᠢᠨ ᠭᠡᠰᠡᠨ ᠤᠳᠬ᠎ᠠ ᠲᠠᠢ᠃
② ᠮᠢᠩᠭᠠᠨᠪᠤᠤ ᠶᠢᠨ ᠵᠠᠯᠠᠭᠤ ᠳᠤ ᠪᠠᠨ ᠨᠢᠭᠤᠴᠠᠬᠠᠢ ᠬᠠᠨᠢᠯᠠᠭᠰᠠᠨ ᠪᠦᠰᠡᠬᠦᠢ ᠬᠤᠪᠢᠯᠴᠡᠴᠡᠭ ᠢ ᠳᠦᠬᠦᠮᠴᠢᠯᠡᠭ᠍ᠰᠡᠨ ᠳᠠᠭᠤᠳᠠᠯᠭ᠎ᠠ᠃
③ ᠲᠠᠪᠤ ᠶᠢᠨ ᠲᠠᠷᠤᠭ᠎ᠠ᠃
④ ᠤᠷᠠᠳ ᠨᠤᠲᠤᠭ ᠲᠤ᠌ ᠬᠤᠷᠢᠮ ᠤ᠋ᠨ ᠭᠣᠣᠯ ᠨᠠᠢᠷ ᠲᠠᠷᠬᠠᠵᠤ ᠂ ᠬᠠᠷᠢ ᠬᠣᠯᠠ ᠶ᠋ᠢᠨ ᠭᠡᠢᠴᠢᠳ ᠢ᠋ᠶ᠋ᠡᠨ ᠮᠣᠷᠳᠠᠭᠤᠯᠤᠭᠰᠠᠨ ᠤ᠋ ᠳᠠᠷᠠᠭ᠎ᠠ ᠂ ᠭᠡᠷ ᠦ᠋ᠨ ᠡᠵᠡᠨ ᠡᠴᠡ ᠲᠡᠷᠡ ᠣᠷᠣᠢ ᠨᠢ ᠬᠤᠷᠢᠮ ᠳ᠋ᠤ᠌ ᠦᠢᠯᠡᠴᠢᠯᠡᠭᠰᠡᠨ ᠬᠥᠮᠦᠰ ᠢ᠋ᠶ᠋ᠡᠨ ᠳᠠᠢᠯᠠᠬᠤ ᠨᠠᠢᠷ ᠢ᠋ ᠬᠡᠯᠡᠨ᠎ᠡ᠃
⑤ ᠨᠤᠲᠤᠭ ᠤ᠋ᠨ ᠬᠥᠮᠦᠰ ᠮᠣᠳᠣᠨ ᠬᠤᠢ ᠲᠠᠢ ᠠᠬᠤᠷ ᠫᠤᠤ ᠶ᠋ᠢ ᠪᠡᠶᠡᠨᠽᠢ ᠭᠡᠳᠡᠭ᠃ 

        ᠦᠰᠦᠭ ᠠᠮᠢᠯᠠᠭᠤᠯᠤᠭᠰᠠᠨ ᠨᠢ᠄  <ᠬᠡᠯᠡ ᠪᠢᠴᠢᠭ> ᠬᠣᠯᠪᠣᠭ᠎ᠠ