ᠶᠢᠰᠦ᠂ ᠠᠮᠢᠨ ᠤ᠋ ᠲᠤᠬᠠᠢ ᠲᠥᠰᠥᠭᠡᠯᠡᠬᠦᠢ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу
ᠶᠢᠰᠦ᠂ ᠠᠮᠢᠨ ᠤ᠋ ᠲᠤᠬᠠᠢ ᠲᠥᠰᠥᠭᠡᠯᠡᠬᠦᠢ
ᠡᠷᠲᠡᠨ ᠦ᠌ ᠨᠡᠭᠦᠳᠡᠯᠴᠢᠨ ᠳᠡᠭᠡᠳᠦᠰ ᠮᠠᠨᠢ ᠠᠮᠢ ᠶ᠋ᠢ ᠬᠠᠢᠷᠠᠯᠠᠬᠤᠢ ᠤᠬᠠᠭᠠᠨ ᠳ᠋ᠤ᠌ ᠬᠠᠮᠤᠭ ᠠᠩᠬᠠᠷᠤᠯ ᠢ᠋ᠶ᠋ᠠᠨ ᠬᠠᠨᠳᠤᠭᠤᠯᠵᠤ ᠰᠢᠲᠦᠯᠭᠡ ᠶ᠋ᠢᠨ ᠳᠡᠭᠡᠳᠦ᠂ ᠦᠨᠡᠳᠡᠨ ᠦ᠌ ᠮᠠᠩᠯᠠᠢ ᠳ᠋ᠤ᠌ ᠰᠡᠬᠡᠭᠡᠷᠡᠨ ᠠᠯᠲᠠᠨ ᠡᠷᠳᠡᠨᠢᠰ᠂ ᠠᠯᠳᠠᠷ ᠴᠣᠯᠠ ᠶ᠋ᠢ ᠥᠴᠦᠬᠡᠨ ᠭᠡᠮᠡᠨ ᠳᠣᠣᠷᠠᠰᠢᠶᠠᠵᠤ ᠭᠠᠭᠴᠠ ᠬᠦ᠌ ᠠᠮᠢ ᠶ᠋ᠢ ᠰᠦᠯᠳᠡ ᠪᠢᠯᠢᠭ ᠦ᠋ᠨ ᠣᠷᠣᠢ ᠳ᠋ᠤ᠌ ᠵᠠᠯᠠᠵᠠᠢ᠃ ᠭᠡᠲᠡᠯ᠎ᠡ ᠪᠢᠳᠡ ᠪᠤᠰᠤᠳ ᠢ᠋ ᠳ᠋ᠡᠭᠡᠨ ᠫᠠᠨᠠᠲ᠋ᠷᠣᠮᠣᠷᠹᠢᠽᠮ᠂ ᠭᠢᠯᠣᠽᠦᠢᠽᠮ᠂ ᠫᠠᠨᠲᠧᠢᠽᠮ᠂ ᠰᠣᠼᠢᠶᠣᠮᠣᠷᠹᠢᠽᠮ᠂ ᠵᠤᠤᠮᠤᠷᠹᠢᠽᠮ᠂ ᠲᠧᠣᠯᠣᠬᠢ᠂ ᠰᡁᠣᠯᠠᠰᠲᠢᠺ᠁ ᠭᠡᠮᠡᠨ ᠶᠠᠩᠵᠤ ᠪᠦᠷᠢ ᠶ᠋ᠢᠨ ᠢᠽᠮ ᠲᠤᠯᠭᠠᠵᠤ ᠳᠡᠭᠡᠳᠦᠰ ᠢ᠋ᠶ᠋ᠡᠨ
ᠵᠡᠷᠯᠢᠭ ᠪᠦᠳᠦᠭᠦᠯᠢᠭ ᠰᠢᠲᠦᠯᠭᠡᠲᠡᠨ ᠨᠦ᠍ᠭᠦᠳ ᠪᠠᠢᠭᠰᠠᠨ ᠮᠡᠲᠦ ᠪᠡᠷ ᠲᠥᠰᠦᠭᠡᠯᠡᠭᠰᠡᠭᠡᠷ ᠪᠠᠢᠬᠤ ᠤᠤ᠂ ᠵᠢᠱ᠌ᠢᠶ᠎ᠡ ᠨᠢ ᠪᠠᠢᠭᠠᠯᠢ ᠶ᠋ᠢ ᠦᠭᠡᠢᠰᠬᠡᠬᠦ ᠰᠾᠣᠯᠡᠰᠲᠧᠺ ᠬᠠᠨᠳᠤᠯᠭ᠎ᠠ ᠪᠢᠳᠡᠨ ᠦ᠌ ᠡᠯᠦᠨᠴᠡ
ᠬᠤᠯᠤᠨᠴᠠ ᠨᠠᠷ ᠲᠤ᠌ ᠪᠠᠢᠭᠰᠠᠨ ᠭᠡᠵᠦ ᠤᠤ ᠳᠠ᠃ ᠨᠡᠭᠦᠳᠡᠯᠴᠢᠳ ᠪᠠᠢᠭᠠᠯᠢ ᠳ᠋ᠤ᠌ ᠬᠡᠵᠢᠶ᠎ᠡ ᠴᠦ᠍(ᠣᠳᠣ ᠴᠤ᠌) ᠰᠦᠷ ᠬᠦᠴᠦ ᠪᠡᠨ ᠦᠵᠡᠭᠦᠯᠵᠦ ᠪᠠᠢᠭ᠎ᠠ ᠦᠭᠡᠢ ᠪᠢᠯᠡ᠃
ᠠᠮᠢᠨ ᠳ᠋ᠤ᠌ ᠭᠠᠳᠠᠨ᠎ᠠ ᠶ᠋ᠢᠨ ᠪᠣᠯᠤᠭᠠᠳ ᠥᠪᠡᠷ ᠦ᠋ᠨ ᠮᠤᠩᠬᠠᠭ ᠤᠬᠠᠮᠰᠠᠷ ᠦᠢᠯᠡᠳᠦᠯ ᠪᠦᠬᠦᠨ ᠭᠠᠵᠢ ᠨᠥᠯᠥᠭᠡ ᠲᠡᠢ ᠶ᠋ᠢ ᠲᠠᠨᠢᠨ ᠮᠡᠳᠡᠵᠦ ᠠᠷᠢᠭᠤᠨ ᠢ᠋ ᠨᠣᠮᠯᠠᠵᠤ ᠪᠠᠢᠯ᠎ᠠ᠃ ᠮᠣᠩᠭᠣᠯᠴᠤᠳ ᠠᠮᠢ ᠴᠥᠪᠳᠥᠭᠡᠬᠦ ᠪᠤᠵᠠᠷ ᠠ᠋ᠴᠠ ᠴᠡᠭᠡᠷᠯᠡᠵᠦ ᠠᠶᠠᠭ᠎ᠠ ᠲᠠᠢ ᠪᠠᠨ ᠶᠠᠪᠤᠬᠤ ᠵᠠᠩᠰᠢᠯ ᠲᠦᠭᠡᠵᠦ᠂ ᠠᠶᠠᠭ᠎ᠠ ᠦᠭᠡᠢ ᠪᠣᠯ ᠠᠮᠠᠨ ᠦᠭᠡᠢ ᠲᠡᠢ ᠠᠳᠠᠯᠢ ᠭᠡᠳᠡᠭ ᠪᠠᠢᠪᠠ᠃ ᠲᠡᠷᠡ ᠠᠶᠠᠭ᠎ᠠ ᠨᠢ ᠭᠣᠶᠣᠮᠰᠣᠭ ᠬᠢᠴᠡ ᠲᠡᠢ ᠮᠥᠩᠭᠥᠯᠡᠭᠰᠡᠨ ᠦᠨᠡᠲᠦ ᠡᠷᠳᠡᠨᠢ ᠪᠠᠢᠬᠤ ᠨᠢ ᠲᠦᠭᠡᠮᠡᠯ᠃ ᠠᠮᠠᠨ ᠳ᠋ᠤ᠌ ᠬᠤᠪᠢ ᠬᠥᠮᠦᠨ ᠦ᠌ ᠡᠪᠡᠳᠴᠢᠨ ᠦ᠌ ᠲᠣᠭᠣᠵᠢ ᠣᠷᠣᠰᠢᠬᠤ ᠲᠤᠯᠠ ᠦᠨᠦᠰᠦᠯᠳᠦᠬᠦ ᠪᠢᠰᠢ ᠦᠨᠦᠷᠯᠡᠬᠦ ᠲᠡᠳᠦᠢ᠂ ᠳᠣᠲᠣᠨᠣ ᠠᠷᠢᠭᠤᠨ ᠶᠣᠰᠣᠨ ᠨᠡᠩ ᠡᠷᠲᠡᠨ ᠦ᠌ ᠤᠯᠠᠮᠵᠢᠯᠠᠯ ᠲᠠᠢ ᠪᠥᠭᠡᠳ ᠬᠣᠶᠠᠷ ᠭᠠᠷ ᠪᠠᠷᠢᠬᠤ ᠪᠤᠰᠤ᠂ ᠪᠡᠶ᠎ᠡ ᠳ᠋ᠡᠭᠡᠨ ᠦᠯᠦ ᠬᠦᠷᠴᠦ ᠲᠣᠬᠣᠢ ᠲᠣᠰᠣᠨ ᠮᠠᠨᠳᠤᠯᠠᠨ ᠬᠦᠨᠳᠦᠯᠡᠨ ᠵᠣᠯᠭᠠᠬᠤ ᠨᠢ ᠮᠥᠨ ᠯᠡ ᠪᠣᠬᠢᠷ ᠭᠠᠷ ᠤ᠋ᠨ ᠡᠪᠡᠳᠴᠢᠨ ᠡᠴᠡ ᠴᠡᠷᠪᠡᠵᠦ᠂ ᠠᠮᠢ ᠶ᠋ᠢ ᠬᠠᠢᠷᠠᠯᠠᠭᠰᠠᠨ ᠮᠡᠳᠡᠯᠭᠡ ᠵᠠᠩᠰᠢᠯ ᠪᠠᠢᠪᠠ᠃ ᠲᠡᠷᠡ《ᠵᠡᠷᠯᠢᠭ》 ᠬᠥᠮᠦᠰ ᠥᠨᠥ ᠶ᠋ᠢᠨ ᠬᠢ ᠡᠴᠡ ᠴᠦ᠍ ᠢᠯᠡᠭᠦᠦ ᠡᠢᠮᠦ ᠯᠡ ᠰᠣᠶᠣᠯᠴᠢ ᠪᠠᠢᠵᠠᠢ᠃ ᠥᠪᠥᠭᠡᠷ ᠪᠣᠷᠣ ᠭᠡᠷ ᠲᠤ ᠨᠢ ᠬᠡᠭᠡᠷ᠎ᠡ ᠶ᠋ᠢᠨ ᠴᠡᠴᠡᠭ ᠦ᠋ᠨ ᠦᠨᠦᠷᠲᠦ ᠰᠠᠯᠬᠢᠨ ᠠ᠋ᠴᠠ ᠥᠭᠡᠷ᠎ᠡ ᠶᠠᠭᠤᠮ᠎ᠠ ᠬᠦᠷᠳᠡᠭ ᠦᠭᠡᠢ᠂ ᠥᠯᠮᠡᠢ ᠳᠣᠣᠷ᠎ᠠ ᠬᠢ ᠭᠠᠵᠠᠷ ᠨᠢ ᠥᠨᠥ ᠴᠠᠭ ᠤ᠋ᠨ ᠭᠠᠨᠲᠢᠭ ᠬᠡᠪᠢᠰ ᠮᠡᠲᠦ ᠡᠴᠡ ᠠᠷᠢᠭᠤᠨ ᠪᠠᠢᠯ᠎ᠠ᠃ ᠡᠨᠡ ᠨᠢ ᠠᠮᠢ ᠭᠡᠳᠡᠭ ᠡᠷᠴᠢᠮᠯᠡᠭ ᠪᠣᠯ ᠶᠠᠭᠤᠮᠠᠰ ᠦᠵᠡᠭᠳᠡᠯ ᠲᠡᠢ ᠮᠥᠩᠬᠡ ᠶ᠋ᠢᠨ ᠹᠢᠽᠢᠺ ᠨᠢᠭᠡᠳᠦᠯ ᠳ᠋ᠦ᠍ ᠣᠷᠣᠵᠤ ᠪᠢᠣᠹᠢᠽᠢᠺᠵᠢᠬᠦ᠂ ᠪᠠᠢᠩᠭᠤ ᠤᠷᠪᠠᠯᠵᠢᠨ ᠡᠭᠦᠰᠬᠡᠵᠦ ᠣᠷᠣᠰᠢᠬᠤ(ᠪᠢᠣᠬᠢᠮᠢᠵᠢᠬᠦ) ᠶᠠᠪᠤᠴᠠ ᠪᠥᠭᠡᠳ ᠡᠨᠡ ᠬᠣᠯᠪᠣᠭᠠᠨ ᠳ᠋ᠤ᠌ ᠬᠤᠪᠢᠰᠤᠭᠴᠢ ᠪᠢᠣᠮᠡᠲᠧᠷᠢ(ᠤᠰᠤ᠂ ᠭᠡᠷᠡᠯ᠂ ᠳᠤᠯᠠᠭᠠᠨ) ᠤ᠋ ᠶᠠᠪᠤᠴᠠ ᠵᠣᠬᠢᠴᠠᠯ ᠪᠣᠯᠬᠤ ᠶ᠋ᠢ ᠣᠢᠯᠠᠭᠠᠭᠰᠠᠨ ᠬᠡᠷᠡᠭ ᠶᠦᠮ᠃ ᠠᠮᠢᠲᠠᠨ ᠭᠡᠳᠡᠭ ᠨᠢ ᠲᠣᠭ᠎ᠠ ᠦᠭᠡᠢ᠂ ᠬᠢᠵᠠᠭᠠᠷ ᠦᠭᠡᠢ ᠪᠢᠴᠢᠯ ᠠᠮᠢᠨ ᠤ᠋ ᠴᠢᠭᠤᠯᠭ᠎ᠠ ᠪᠥᠭᠡᠳ ᠠᠮᠢ ᠨᠢ ᠠᠮᠢ ᠪᠠᠷ᠂ ᠪᠡᠶ᠎ᠡ ᠨᠢ ᠪᠡᠶ᠎ᠡ ᠪᠡᠷ᠂ ᠣᠶᠤᠨ ᠨᠢ ᠣᠶᠤᠨ ᠢ᠋ᠶ᠋ᠠᠷ ᠲᠡᠵᠢᠭᠡᠭᠳᠡᠨᠡ᠃ ᠲᠡᠷᠡ ᠬᠦ᠌ ᠨᠢᠭᠡᠳᠦᠮᠡᠯ ᠠᠮᠢ ᠬᠥᠳᠡᠯᠭᠡᠭᠡᠨ ᠴᠢᠰᠤᠨ ᠳ᠋ᠤ᠌ ᠣᠷᠣᠰᠢᠬᠤ ᠪᠥᠭᠡᠳ ᠲᠡᠨᠳᠡ ᠭᠠᠳᠠᠨ᠎ᠠ ᠶ᠋ᠢᠨ ᠮᠢᠺᠷᠣᠪ ᠤ᠋ᠳ ᠲᠠᠢ ᠲᠡᠮᠡᠴᠡᠭᠴᠢ ᠴᠠᠭᠠᠨ ᠡᠰ᠂ ᠬᠦᠴᠢᠯᠲᠦ᠋ᠷᠦᠭᠴᠢ(ᠬᠡᠢ ᠪᠡᠶ᠎ᠡ) ᠲᠦᠭᠡᠭᠡᠭᠴᠢ ᠤᠯᠠᠭᠠᠨ ᠡᠰ᠂ ᠰᠢᠷᠬ᠎ᠠ ᠪᠦᠯᠦᠭᠨᠡᠭᠦᠯᠦᠭᠴᠢ(ᠡᠮᠴᠢ ᠭᠡᠮ ᠢ᠋ᠶ᠋ᠡᠷ) ᠲ᠋ᠷᠤᠮᠪᠤᠼᠢᠲ ᠡᠰ᠂ ᠡᠰ ᠰᠢᠷᠬ᠎ᠠ ᠪᠦᠯᠦᠭᠨᠡᠭᠦᠯᠦᠭᠴᠢ ᠡᠰ᠂ ᠮᠥᠨ ᠤᠭᠤᠷᠠᠭ᠂ ᠠᠮᠢᠳᠤ ᠵᠡᠰ ᠲᠡᠮᠦᠷ ᠬᠦᠷᠲᠡᠯ᠎ᠡ ᠶᠠᠭᠤ ᠡᠰ ᠦᠭᠡᠢ ᠭᠡᠬᠦ ᠪᠣᠢ? ᠲᠡᠳᠡᠨ ᠡᠴᠡ ᠡᠳᠦᠷ ᠲᠦ᠍ ᠬᠡᠴᠢᠨᠡᠨ ᠨᠢ ᠦᠬᠦᠵᠦ ᠬᠡᠴᠢᠨᠡᠨ ᠨᠢ ᠲᠥᠷᠥᠵᠦ ᠰᠠᠶ᠎ᠠ ᠰᠠᠶ᠎ᠠ ᠠᠮᠢᠳᠤᠷᠠᠯ ᠪᠤᠴᠠᠯᠵᠤ ᠪᠠᠢᠳᠠᠭ ᠭᠡᠬᠦ ᠪᠣᠢ? ᠵᠥᠪᠬᠡᠨ ᠠᠮᠠᠨ ᠤ᠋ ᠬᠥᠨᠳᠡᠢ ᠳ᠋ᠦ᠍ ᠭᠡᠬᠦ ᠳ᠋ᠦ᠍ ᠬᠣᠷᠣᠮ ᠪᠦᠷᠢ(ᠮᠢᠨᠦᠬᠢ)250 ᠮᠢᠩᠭᠠᠨ ᠴᠠᠭᠠᠨ ᠡᠰ ᠭᠠᠷᠴᠤ ᠢᠷᠡᠵᠦ ᠭᠠᠳᠠᠨ᠎ᠠ ᠶ᠋ᠢᠨ ᠮᠢᠺᠷᠣᠪ ᠲᠠᠢ ᠲᠡᠮᠡᠴᠡᠳᠡᠭ ᠭᠡᠬᠦ ᠪᠥᠭᠡᠳ ᠠᠶᠤᠯᠲᠤ《 ᠳ᠋ᠠᠬᠢ》 ᠶ᠋ᠢᠨ ᠨᠢᠶᠠᠨ ᠢ᠋ ᠭᠠᠭᠴᠠ ᠬᠦ᠌ ᠰᠢᠯᠦᠰᠦ ᠤᠰᠠᠳᠬᠠᠳᠠᠭ ᠠᠵᠠᠢ᠃ ᠪᠢᠣᠹᠢᠽᠢᠺ ᠪᠢᠴᠢᠯ ᠬᠣᠷᠸ᠎ᠠ ᠣᠷᠣᠪᠠᠯᠵᠠᠬᠤ ᠲᠠᠰᠤᠷᠠᠯᠲᠠ ᠦᠭᠡᠢ ᠵᠢᠮ᠎ᠡ ᠪᠣᠯ ᠠᠮᠢᠳᠤᠷᠠᠯ ᠪᠤᠶᠤ᠃ ᠳᠡᠭᠡᠷ᠎ᠡ ᠨᠠᠷᠠ᠂ ᠳᠡᠯᠡᠬᠡᠢ ᠳ᠋ᠦ᠍ ᠤᠰᠤ᠂ ᠲᠩᠷᠢ ᠳ᠋ᠦ᠍ ᠠᠭᠠᠷ ᠪᠠᠢᠭ᠎ᠠ ᠴᠠᠭ ᠲᠤ ᠠᠮᠢ ᠮᠥᠩᠬᠡ ᠣᠷᠣᠰᠢᠮᠤᠢ᠃ ᠠᠮᠢᠰᠬᠤᠯ ᠪᠣᠯ ᠬᠥᠳᠡᠯᠭᠡᠭᠡᠨ(ᠪᠡᠶ᠎ᠡ ᠶ᠋ᠢᠨ) ᠦ᠌ ᠡᠬᠢ ᠲᠡᠳᠦᠢ ᠦᠭᠡᠢ ᠠᠮᠢᠨ ᠤ᠋ ᠢᠵᠠᠭᠤᠷ ᠮᠥᠨ ᠴᠢᠨᠠᠷ ᠨᠢ ᠶᠦᠮ᠃ ᠰᠠᠭᠠᠳ ᠢ᠋ ᠲᠤᠭᠤᠯᠵᠤ ᠬᠥᠳᠡᠯᠭᠡᠭᠡᠨ ᠦ᠌ ᠪᠣᠯᠣᠯᠴᠠᠭᠠᠨ ᠠ᠋ᠴᠠ ᠮᠡᠳᠡᠷᠡᠮᠵᠢ ᠤᠯᠠᠮ ᠢ᠋ᠶ᠋ᠠᠷ ᠤᠬᠠᠮᠰᠠᠷ ᠬᠥᠭᠵᠢᠭᠰᠡᠨ ᠪᠥᠭᠡᠳ ᠡᠨᠡ ᠨᠢ ᠠᠮᠢᠨ ᠤ᠋ ᠳᠠᠷᠠᠭ᠎ᠠ ᠡᠭᠦᠰᠦᠭᠰᠡᠨ ᠭᠡᠰᠡᠨ ᠰᠠᠨᠠᠭ᠎ᠠ ᠪᠢᠰᠢ ᠶᠦᠮ᠃ ᠠᠮᠢ ᠪᠦᠬᠦᠨ ᠳ᠋ᠦ᠍ ᠡᠰᠡᠷᠭᠦ ᠠᠮᠢ᠂ ᠡᠶᠡᠷᠭᠦ ᠠᠮᠢ ᠪᠣᠢ᠃ ᠡᠢᠮᠦ ᠡᠴᠡ ᠮᠣᠩᠭᠣᠯᠴᠤᠳ ᠪᠤᠯᠠᠭ ᠤ᠋ᠨ ᠤᠰᠤ ᠪᠤᠵᠠᠷᠳᠠᠨᠠ ᠭᠡᠮᠡᠨ ᠠᠷᠢᠭᠤᠨ ᠤ᠋ ᠳᠡᠭᠡᠳᠦ ᠴᠠᠭᠠᠨ ᠰᠦ ᠴᠦ᠍ ᠦᠯᠦ ᠳᠤᠰᠠᠭᠠᠬᠤ᠂ ᠲᠩᠷᠢ ᠪᠣᠬᠢᠷᠳᠠᠨᠠ ᠭᠡᠮᠡᠨ ᠠᠷᠭᠠᠯ ᠲᠦᠯᠡᠰᠢᠨ ᠦ᠌ ᠠᠷᠢᠭᠤᠨ ᠠ᠋ᠴᠠ ᠥᠭᠡᠷ᠎ᠡ ᠶᠠᠭᠤᠮ᠎ᠠ ᠭᠠᠯ ᠳ᠋ᠤ᠌ ᠣᠷᠣᠬᠤ ᠠ᠋ᠴᠠ ᠣᠳᠣ ᠴᠤ᠌ ᠰᠡᠷᠡᠮᠵᠢᠯᠡᠵᠦ ᠬᠡᠩᠰᠢᠭᠦᠦ ᠬᠢᠷᠪᠤᠰᠤ ᠭᠠᠷᠭᠠᠬᠤ ᠶ᠋ᠢ ᠴᠡᠭᠡᠷᠯᠡᠳᠡᠭ ᠬᠡᠪ ᠢ᠋ᠶ᠋ᠡᠷ ᠢ᠋ᠶ᠋ᠡᠨ ᠠᠵᠠᠢ᠃ ᠭᠠᠯ ᠪᠣᠯ ᠠᠮᠢᠨ ᠤ᠋ ᠰᠦᠯᠳᠡ ᠭᠡᠮᠡᠨ ᠡᠮᠦᠨ᠎ᠡ ᠶᠠᠷᠢᠭᠰᠠᠨ ᠪᠢᠯᠡ᠃ ᠠᠮᠢ ᠭᠡᠲᠡᠯ᠎ᠡ ᠰᠢᠩᠭᠡᠨ ᠪᠡᠶ᠎ᠡ ᠲᠡᠢ᠃ ᠠᠮᠢ ᠪᠠᠰᠠ ᠬᠡᠢ ᠪᠡᠶ᠎ᠡ ᠲᠡᠢ᠃《ᠶᠡᠬᠡ ᠵᠠᠰᠠᠭ ᠬᠠᠤᠯᠢᠨ ᠳ᠋ᠤ᠌《ᠭᠠᠯ ᠳ᠋ᠤ᠌ ᠬᠢᠲᠤᠭ᠎ᠠ ᠲᠥᠷᠥᠬᠦ ᠪᠤᠶᠤ᠁ ᠭᠠᠯ ᠤ᠋ᠨ ᠬᠠᠵᠠᠭᠤ ᠳ᠋ᠤ᠌ ᠰᠦᠬᠡ ᠪᠡᠷ ᠲᠦᠯᠡᠭᠡ ᠬᠠᠭᠠᠯᠵᠤ ᠪᠣᠯᠬᠤ ᠦᠭᠡᠢ》 ᠭᠡᠮᠡᠨ ᠵᠢᠭᠠᠭᠰᠠᠨ ᠨᠢ 《ᠭᠠᠯ》 ᠠᠮᠢᠨ ᠤ᠋ ᠲᠣᠯᠣᠭᠠᠢ ᠳ᠋ᠤ᠌ ᠬᠠᠯᠳᠠᠭᠰᠠᠨ ᠬᠡᠷᠡᠭ ᠠᠵᠠᠢ᠃ ᠤᠭ ᠬᠠᠤᠯᠢ ᠪᠠᠷ《ᠤᠰᠤ ᠪᠤᠶᠤ ᠦᠨᠡᠰᠦᠨ ᠳ᠋ᠦ᠍ ᠰᠢᠭᠡᠭᠴᠢᠳ ᠢ᠋ ᠴᠠᠭᠠᠵᠠ ᠪᠠᠷ ᠠᠪᠠᠴᠢᠨ᠎ᠠ(ᠶᠠᠯᠠᠯᠠᠨ᠎ᠠ)》 ᠭᠡᠵᠦ ᠵᠢᠭᠠᠭᠰᠠᠨ ᠪᠠᠢᠳᠠᠭ ᠨᠢ ᠭᠠᠯ ᠰᠢᠲᠦᠭᠡᠨ ᠦ᠌ ᠮᠥᠩᠬᠡ ᠪᠤᠰᠤ ᠶ᠋ᠢ ᠦᠵᠡᠭᠰᠡᠨ ᠪᠡᠶ᠎ᠡ ᠦᠨᠡᠰᠦ ᠶ᠋ᠢ ᠬᠦᠨᠳᠦᠯᠡᠵᠦ ᠪᠠᠢᠭ᠎ᠠ ᠨᠢ ᠲᠡᠷᠡ ᠪᠥᠭᠡᠳ ᠵᠠᠯᠠᠬᠤ ᠭᠠᠵᠠᠷ ᠨᠢ ᠴᠦ᠍ ᠵᠦᠭ ᠲᠡᠢ᠂ ᠲᠡᠭᠦᠨ ᠢ᠋ ᠨᠢ ᠪᠤᠬ᠎ᠠ ᠵᠢᠭᠠᠵᠤ ᠥᠭᠳᠡᠭ ᠪᠠᠢᠵᠠᠢ᠃ ᠡᠢᠮᠦ ᠡᠴᠡ ᠪᠤᠬ᠎ᠠ ᠶ᠋ᠢᠨ ᠬᠦᠨᠳᠦᠯᠡᠯ ᠲᠣᠲᠧᠮ ᠪᠡᠯᠭᠡᠳᠡᠯ ᠳᠡᠯᠭᠡᠷᠡᠵᠡᠢ᠃ ᠰᠠᠭᠠᠭᠯᠠᠵᠤ ᠣᠷᠣᠮᠳᠠᠭᠰᠠᠨ ᠪᠤᠬ᠎ᠠ ᠶ᠋ᠢᠨ ᠤᠬᠤᠭᠰᠠᠨ ᠨᠦᠬᠡ ᠶ᠋ᠢ ᠦᠨᠡᠰᠦ ᠪᠡᠷ ᠳᠦᠭᠦᠷᠭᠡᠳᠡᠭ ᠨᠢ ᠨᠢᠭᠡ ᠲᠠᠯ᠎ᠠ ᠳ᠋ᠠᠭᠠᠨ ᠪᠣᠷᠳᠣᠵᠤ ᠳᠡᠯᠡᠬᠡᠢ ᠶ᠋ᠢᠨ ᠰᠢᠷᠬ᠎ᠠ ᠶ᠋ᠢ ᠳᠣᠮᠨᠠᠵᠣ ᠪᠣᠢ ᠦᠢᠯᠡ ᠶᠤᠮᠰᠠᠨᠵᠠᠢ᠃《ᠭᠠᠯ》 ᠪᠣᠯ ᠮᠣᠩᠭᠣᠯ ᠠᠢᠯ ᠤ᠋ᠨ ᠰᠢᠲᠦᠭᠡᠨ ᠨᠢ ᠪᠥᠭᠡᠳ ᠪᠣᠳ᠋ᠳ᠋ᡁᠠ ᠶ᠋ᠢᠨ ᠲᠠᠬᠢᠯ ᠪᠣᠯ ᠬᠣᠵᠢᠭᠤ ᠦᠶ᠎ᠡ ᠶ᠋ᠢᠨ ᠵᠠᠩᠰᠢᠯ ᠪᠣᠯᠤᠨ᠎ᠠ᠃ ᠰᠢᠨ᠎ᠡ ᠪᠡᠷᠢ ᠠᠪᠴᠢᠷᠠᠵᠤ ᠬᠤᠷᠢᠮ ᠨᠠᠢᠷ ᠡᠬᠢᠯᠡᠬᠦ ᠳ᠋ᠦ᠍ ᠪᠡᠷᠢ ᠶᠠᠭᠤᠨ ᠤ᠋ ᠡᠮᠦᠨ᠎ᠡ ᠭᠠᠯ ᠳ᠋ᠤ᠌ ᠮᠥᠷᠭᠥᠵᠦ ᠳᠡᠭᠡᠵᠢ ᠡᠷᠭᠦᠳᠡᠭ ᠪᠢᠯᠡ᠃《ᠶᠡᠬᠡ ᠵᠠᠰᠠᠭ ᠬᠠᠤᠯᠢ》 ᠪᠠᠷ ᠪᠣᠯ ᠭᠠᠯ ᠳᠡᠭᠡᠭᠦᠷ ᠭᠠᠷᠤᠭᠰᠠᠨ ᠬᠥᠮᠦᠨ ᠢ᠋ ᠴᠠᠭᠠᠵᠠ ᠪᠠᠷ ᠠᠪᠳᠠᠭ ᠪᠠᠢᠨ᠎ᠠ᠃ ᠤᠭ ᠬᠠᠤᠯᠢ ᠬᠠᠩᠭᠠᠢ ᠳᠡᠯᠡᠬᠡᠢ ᠶ᠋ᠢᠨ ᠦᠨᠳᠦᠰᠦ ᠲᠡᠢ ᠪᠦᠬᠦᠨ ᠢ᠋ ᠬᠢᠮᠠᠭᠠᠳᠠᠨ᠂ ᠦᠷ᠎ᠡ ᠲᠡᠢ ᠪᠦᠬᠦᠨ ᠢ᠋ ᠬᠠᠢᠷᠠᠯᠠᠬᠤ ᠬᠡᠰᠢᠭ ᠪᠤᠶᠠᠨ ᠤ᠋ ᠨᠠᠷᠢᠨ ᠲᠢᠭ ᠲᠣᠭᠲᠠᠭᠠᠭᠰᠠᠨ ᠨᠢ ᠥᠨᠥ ᠴᠦ᠍ ᠮᠥᠷᠳᠡᠭᠰᠡᠭᠡᠷ᠃ ᠲᠥᠯᠯᠡᠯᠲᠡ ᠶ᠋ᠢᠨ ᠪᠤᠶᠤ ᠬᠡᠭᠡᠯᠢ ᠬᠦᠨᠳᠦᠷᠡᠭᠰᠡᠨ ᠦᠶ᠎ᠡ ᠳ᠋ᠦ᠍ ᠨᠢ ᠶᠠᠮᠠᠷ ᠴᠤ᠌ ᠠᠪᠠ( ᠴᠢᠨᠣ᠎ᠠ) ᠶ᠋ᠢ ᠠᠯᠠᠳᠠᠭ ᠦᠭᠡᠢ᠂ ᠦᠷ᠎ᠡ ᠲᠥᠯ ᠳ᠋ᠦ᠍ ᠨᠢ ᠬᠠᠯᠳᠠᠳᠠᠭ ᠦᠭᠡᠢ ᠵᠠᠩᠰᠢᠯ ᠥᠨᠥᠳᠥᠷ ᠯᠡ ᠵᠢᠭᠠᠬᠠᠨ ᠬᠠᠵᠠᠢᠬᠤ ᠪᠣᠯᠵᠠᠢ᠃ ᠲᠠᠬᠢᠯᠭ᠎ᠠ ᠰᠢᠲᠦᠯᠭᠡ ᠰᠦᠰᠦᠭ ᠪᠢᠰᠢᠷᠡᠯ᠂ ᠪᠡᠯᠭᠡ ᠰᠦᠯᠳᠡ ᠪᠦᠬᠦᠨ ᠮᠠᠨᠢ ᠮᠤᠬᠤᠷ ᠰᠦᠰᠦᠭ ᠲᠦ᠍ ᠪᠢᠰᠢ ᠠᠮᠢᠨ ᠤ᠋ ᠲᠤᠯᠠ᠂ ᠬᠣᠷᠸ᠎ᠠ ᠶ᠋ᠢᠨ ᠤᠳᠬ᠎ᠠ ᠤᠴᠢᠷ᠂ ᠶᠢᠷᠲᠢᠨᠴᠦ ᠶ᠋ᠢᠨ ᠪᠦᠬᠦ ᠶᠠᠭᠤᠮᠠᠰ ᠦᠵᠡᠭᠳᠡᠯ ᠦ᠋ᠨ ᠰᠢᠯᠲᠠᠭᠠᠨ ᠠᠮᠢᠨ ᠤ᠋ ᠤᠴᠢᠷ ᠢ᠋ ᠨᠡᠭᠡᠭᠡᠭᠰᠡᠨ ᠭᠠᠢᠬᠠᠮᠰᠢᠭ ᠠ᠋᠃ ᠥᠨᠥᠳᠥᠷ ᠡᠨᠡ ᠦᠵᠡᠯ ᠰᠢᠭ ᠢᠷᠭᠡᠨ ᠪᠦᠷᠢ ᠳ᠋ᠦ᠍ ᠲᠦᠭᠡᠵᠦ ᠶᠣᠰᠣ ᠵᠠᠩᠰᠢᠯ ᠬᠠᠤᠯᠢ ᠳᠦᠷᠢᠮ᠂ ᠠᠮᠢᠳᠤᠷᠠᠯ ᠪᠣᠯᠵᠤ ᠬᠡᠪᠰᠢᠭᠰᠡᠨ ᠣᠨᠣᠯ ᠰᠤᠷᠭᠠᠯ ᠳᠡᠯᠡᠬᠡᠢ ᠶ᠋ᠢᠨ ᠬᠠᠮᠢᠭᠠᠨ ᠴᠤ᠌ ᠪᠠᠢᠬᠤ ᠦᠭᠡᠢ ᠯᠡ ᠪᠣᠯᠪᠠ ᠤᠤ ᠳᠠ᠃ ᠴᠢᠯᠠᠭᠤ ᠪᠦᠬᠦᠨ ᠤᠰᠤ ᠲᠠᠢ᠃᠃ ᠤᠰᠤ ᠲᠠᠢ ᠤᠴᠢᠷ ᠠᠮᠢ ᠲᠠᠢ᠃ ᠲᠡᠢᠮᠦ ᠶ᠋ᠢᠨ ᠲᠤᠯᠠ ᠭᠤᠷᠪᠠᠯ ᠴᠢᠯᠠᠭᠤ ᠭᠣᠯᠣᠮᠲᠠ ᠶ᠋ᠢᠨ ᠳᠣᠣᠷ᠎ᠠ ᠲᠤᠯᠳᠠᠭ ᠪᠥᠭᠡᠳ ᠠᠯᠤᠰ ᠬᠣᠯᠠ ᠳ᠋ᠤ᠌ ᠵᠣᠷᠢᠬᠤ ᠳ᠋ᠠᠭᠠᠨ ᠨᠤᠲᠤᠭ ᠤ᠋ᠨ ᠭᠤᠷᠪᠠᠯ ᠴᠢᠯᠠᠭᠤ ᠶ᠋ᠢ ᠭᠤᠷᠪᠠᠨ ᠡᠷᠳᠡᠨᠢ ᠭᠤᠷᠪᠠᠯ ᠤᠬᠠᠭᠠᠨ ᠤ᠋ ᠪᠡᠯᠭᠡᠳᠡᠯ ᠪᠣᠯᠭᠠᠨ ᠠᠪᠴᠤ ᠶᠠᠪᠤᠳᠠᠭ ᠤᠴᠢᠷ ᠲᠠᠢ᠃ ᠤᠰᠤᠨ ᠤ᠋ ᠭᠤᠷᠪᠠᠨ ᠲᠥᠯᠥᠪ ᠢ᠋ ᠬᠦᠨᠡᠰᠦᠨ ᠳ᠋ᠦ᠍ ᠬᠡᠷᠡᠭᠯᠡᠳᠡᠭ ᠪᠠᠢᠪᠠ᠃ ᠠᠳᠤᠭᠤᠨ ᠤ᠋ ᠬᠥᠯᠳᠡᠭᠡᠵᠦ ᠵᠦᠰᠦᠭᠰᠡᠨ ᠡᠯᠢᠭᠡ ᠢᠳᠡᠬᠦ᠂ ᠬᠡᠦᠬᠡᠳ ᠲᠡᠭᠡᠨ ᠥᠯᠥᠨ ᠡᠯᠢᠭᠡᠨ ᠳᠡᠭᠡᠷ᠎ᠡ ᠨᠢ ᠬᠥᠯᠳᠡᠭᠦᠦ ᠰᠦ᠂ ᠠᠭᠠᠷᠴᠠ᠂ ᠮᠥᠰᠥ ᠢᠳᠡᠭᠦᠯᠬᠦ ᠶᠣᠰᠣ ᠶᠠᠭᠤ ᠶ᠋ᠢ ᠬᠡᠯᠡᠨ᠎ᠡ ᠪᠣᠢ? ᠪᠠᠰᠠ ᠪᠦᠯᠢᠶᠡᠨ ᠴᠢᠰᠤ ᠶ᠋ᠢ ᠠᠮᠢᠨ ᠤ᠋ ᠨᠡᠩ ᠴᠢᠬᠤᠯᠠ ᠬᠡᠷᠡᠭᠴᠡᠭᠡ ᠭᠡᠵᠦ ᠪᠤᠭᠤ ᠶ᠋ᠢᠨ ᠴᠢᠰᠤ ᠤᠤᠭᠤᠳᠠᠭ᠂ ᠡᠨᠡᠴᠢᠯᠡᠨ ᠪᠦᠯᠢᠶᠡᠨ ᠰᠤᠳᠠᠰᠤ᠂ ᠬᠠᠯᠠᠭᠤᠨ ᠰᠡᠪᠡᠰᠦ᠁ ᠣᠯᠠᠨ ᠢ᠋ ᠲᠣᠭᠠᠴᠢᠵᠤ ᠪᠣᠯᠤᠨ᠎ᠠ᠃ ᠤᠰᠤ ᠪᠤᠶᠤ ᠯᠤᠤᠰ ᠢ᠋ ᠬᠦᠨᠳᠦᠯᠡᠭᠰᠡᠨ ᠰᠢᠲᠦᠭᠡᠨ ᠨᠢ ᠣᠪᠣᠭ᠎ᠠ ᠶᠤᠮ᠃ ᠲᠩᠷᠢ ᠠᠭᠠᠷ ᠤ᠋ᠨ ᠰᠢᠲᠦᠭᠡᠨ ᠨᠢ ᠮᠥᠷᠭᠥᠯ ᠰᠢᠪᠰᠢᠯᠭᠡ ᠵᠠᠯᠪᠠᠷᠢᠯ ᠶᠤᠮ᠃ ᠭᠠᠯ ᠳ᠋ᠤ᠌ ᠡᠨᠡ ᠭᠤᠷᠪᠠ ᠴᠣᠭᠴᠠᠯᠠᠵᠠᠢ᠃ ᠤᠰᠤ ᠭᠡᠷᠡᠯ ᠠᠭᠠᠷ ᠭᠤᠷᠪᠠ ᠶ᠋ᠢᠨ ᠠᠯᠢ ᠨᠢᠭᠡ ᠳᠤᠲᠠᠭᠳᠠᠯ ᠤ᠋ᠨ ᠡᠰᠡᠬᠦᠯ᠎ᠡ ᠢᠯᠡᠭᠦᠳᠡᠯ ᠲᠡᠢ᠂ ᠠᠮᠢᠨ ᠡᠷᠴᠢᠮ ᠰᠤᠯᠠ᠂ ᠵᠣᠬᠢᠴᠠᠯᠳᠤᠭ᠎ᠠ ᠦᠭᠡᠢ ᠨᠥᠬᠥᠴᠡᠯ ᠳ᠋ᠦ᠍ ᠬᠣᠣᠷᠲᠠᠢ ᠭᠠᠵᠢᠭ ᠢᠰᠦᠯ ᠬᠦᠴᠢᠯ ᠴᠣᠭᠣᠯᠵᠤ ᠴᠢᠰᠤᠨ ᠤ᠋ ᠭᠠᠯ ᠠᠮᠢᠨ ᠳ᠋ᠤ᠌ ᠨᠥᠯᠥᠭᠡᠯᠡᠬᠦ ᠦᠭᠡᠢ ᠡᠨᠡ ᠠᠭᠤᠯᠭ᠎ᠠ ᠡᠭᠦᠰᠦᠯ ᠬᠡᠯᠪᠡᠷᠢ ᠪᠡᠨ ᠲᠣᠳᠣᠷᠬᠠᠢᠯᠠᠵᠤ᠂ ᠡᠨᠡ ᠬᠦ᠌ ᠠᠭᠤᠯᠭ᠎ᠠ ᠬᠡᠯᠪᠡᠷᠢ ᠶ᠋ᠢᠨ ᠶᠠᠪᠤᠴᠠ ᠦᠷ᠎ᠡ ᠴᠢᠳᠠᠪᠤᠷᠢ ᠪᠠᠨ ᠢᠯᠡᠷᠬᠡᠢᠯᠡᠨ᠎ᠡ᠃ ᠡᠨᠳᠡ ᠡᠴᠡ ᠨᠠᠰᠤ ᠭᠡᠳᠡᠭ ᠹᠢᠽᠢᠺ ᠴᠢᠨᠠᠷ ᠪᠣᠯᠤᠮᠵᠢ ᠨᠥᠬᠥᠴᠡᠯ ᠢ᠋ᠶ᠋ᠡᠨ ᠣᠯᠤᠮᠤᠢ᠃ ᠨᠠᠰᠤ ᠪᠣᠯ ᠤᠷᠪᠠᠯᠵᠠᠬᠤ ᠶᠠᠪᠤᠴᠠ ᠶ᠋ᠢᠨ ᠲᠠᠰᠤᠯᠳᠠᠯ᠂ ᠣᠷᠴᠢᠯᠠᠩ ᠬᠣᠷᠸ᠎ᠠ ᠶ᠋ᠢᠨ ᠤᠶᠠᠯᠳᠤᠭ᠎ᠠ ᠨᠥᠯᠥᠭᠡᠯᠡᠯ᠂ ᠰᠡᠳᠬᠢᠯ ᠤᠬᠠᠮᠰᠠᠷ ᠪᠣᠳᠠᠲᠤ ᠪᠠᠢᠳᠠᠯ ᠤ᠋ᠨ ᠦᠢᠯᠡᠴᠢᠯᠡᠯ ᠲᠡᠢ ᠬᠠᠮᠢᠶᠠᠷᠤᠯ ᠲᠠᠢ ᠪᠥᠭᠡᠳ ᠡᠨᠡ ᠲᠣᠭᠠᠴᠠᠭ᠎ᠠ ᠨᠢ ᠵᠢᠮ᠎ᠡ ᠵᠠᠶᠠᠭᠠᠭᠰᠠᠨ ᠲᠠᠪᠢᠯᠠᠩ ᠨᠢ ᠪᠣᠯᠤᠨ᠎ᠠ᠃ ᠪᠦᠬᠦ ᠲᠥᠷᠥᠯ ᠵᠦᠢᠯ ᠦ᠋ᠨ ᠠᠮᠢ ᠨᠡᠢᠲᠡᠯᠢᠭ ᠬᠠᠤᠯᠢᠨ ᠳ᠋ᠤ᠌ ᠵᠠᠬᠢᠷᠤᠭᠳᠠᠳᠠᠭ ᠪᠥᠭᠡᠳ ᠲᠡᠷᠡ ᠨᠢ 1. ᠡᠭᠦᠰᠦᠯ᠂ ᠥᠷᠨᠢᠯ᠂ ᠲᠡᠭᠦᠰᠦᠯ᠃ 2. ᠬᠣᠭᠣᠯᠠᠯᠠᠬᠤ᠂ ᠨᠣᠢᠷᠰᠤᠬᠤ᠂ ᠦᠷᠡᠵᠢᠬᠦ᠃ 3. ᠵᠣᠷᠢᠯᠭ᠎ᠠ᠂ ᠬᠢᠨᠠᠯᠲᠠ᠂ ᠬᠡᠷᠡᠭᠵᠢᠭᠦᠯᠦᠯᠲᠡ ᠪᠣᠯᠤᠨ᠎ᠠ᠃ ᠣᠶᠤᠨ ᠤᠬᠠᠭᠠᠨᠲᠤ ᠬᠥᠮᠦᠨ ᠦ᠌ ᠨᠡᠢᠭᠡᠮ ᠦ᠋ᠨ ᠲᠤᠬᠠᠢ ᠳ᠋ᠤ᠌ ᠬᠣᠭᠣᠯᠠᠯᠠᠬᠤ᠂ ᠬᠤᠪᠴᠠᠰᠤᠯᠠᠬᠤ᠂ ᠣᠷᠣᠩᠨᠠᠬᠤ ᠢᠵᠠᠭᠤᠷ ᠭᠤᠷᠪᠠᠨ ᠡᠷᠬᠡ ᠠᠰᠢᠭ ᠪᠣᠢ᠃ ᠲᠡᠭᠦᠨ ᠳ᠋ᠦ᠍ ᠰᠢᠯᠲᠠᠭᠠᠨ᠂ ᠨᠥᠬᠥᠴᠡᠯ ᠪᠣᠯᠤᠮᠵᠢ ᠬᠠᠷᠢᠴᠠᠩᠭᠤᠢ ᠶ᠋ᠢᠨ ᠶᠡᠬᠡ ᠵᠥᠷᠢᠴᠡᠯ ᠡᠭᠦᠰᠬᠡᠨ᠎ᠡ᠃ ᠨᠥᠭᠦᠭᠡ ᠲᠠᠯ᠎ᠠ ᠪᠠᠷ ᠲᠡᠮᠡᠭᠡᠨ ᠦ᠌ ᠪᠦᠬᠦ ᠨᠢᠷᠤᠭᠤᠨ ᠳ᠋ᠠᠭᠠᠨ᠂ ᠴᠠᠷᠴᠠᠭᠠᠨ ᠤ᠋ ᠰᠣᠨᠣᠰᠬᠠᠯ ᠬᠥᠯ ᠳ᠋ᠡᠭᠡᠨ᠂ ᠬᠥᠮᠦᠨ ᠦ᠌ ᠠᠪᠢᠶᠠᠰ ᠬᠠᠷᠢᠴᠠᠩᠭᠤᠢ ᠨᠢ ᠹᠢᠽᠢᠣᠯᠣᠭᠢ ᠶ᠋ᠢᠨ ᠥᠪᠡᠷᠮᠢᠴᠡ ᠲᠠᠯ᠎ᠠ ᠣᠷᠣᠨ ᠵᠠᠢ᠂ ᠴᠠᠭ ᠬᠤᠭᠤᠴᠠᠭ᠎ᠠ᠂ ᠤᠴᠢᠷ ᠲᠠᠪᠢᠯᠠᠩ ᠤ᠋ᠨ ᠡᠷᠬᠡ ᠶᠦᠮ᠃ ᠥᠪᠡᠷ ᠦ᠋ᠨ ᠢ᠋ᠶ᠋ᠡᠨ ᠢᠳᠡᠪᠬᠢᠵᠢᠯ ᠨᠥᠯᠥᠭᠡ ᠪᠡᠷ ᠭᠡᠷᠡᠯ— ᠨᠢᠳᠦ ᠶ᠋ᠢ᠂ ᠬᠦᠴᠢᠯᠲᠦ᠋ᠷᠦᠭᠴᠢ— ᠰᠣᠨᠣᠰᠬᠠᠯ ᠢ᠋᠂ ᠤᠰᠤ— ᠲᠡᠩᠴᠡᠪᠦᠷᠢ ᠶ᠋ᠢᠨ ᠭᠠᠢᠬᠠᠮᠰᠢᠭ ᠢ᠋ ᠴᠣᠭᠴᠠᠯᠠᠵᠤ ᠡᠯ᠎ᠡ ᠭᠤᠷᠪᠠᠨ ᠮᠡᠳᠡᠷᠡᠮᠵᠢ ᠶ᠋ᠢ ᠬᠦᠯᠢᠶᠡᠨ ᠠᠪᠬᠤ᠂ ᠲᠣᠭᠠᠴᠢᠬᠤ᠂ ᠬᠠᠳᠠᠭᠠᠯᠠᠬᠤ ᠰᠠᠩ ᠱᠠᠭᠠᠷᠳᠠᠭᠳᠠᠬᠤ ᠶ᠋ᠢᠨ ᠭᠡᠮ ᠢ᠋ᠶ᠋ᠡᠷ ᠲᠠᠷᠢᠬᠢ ᠪᠠᠶᠠᠵᠢᠭᠰᠠᠨ ᠵᠡᠷᠭᠡ ᠪᠡᠷ ᠪᠡᠶ᠎ᠡ ᠶ᠋ᠢᠨ ᠡᠷᠬᠡᠲᠡᠨ ᠨᠦ᠍ᠭᠦᠳ ᠴᠣᠭᠴᠠᠯᠠᠳᠠᠭ ᠪᠣᠯᠪᠠ ᠤᠤ᠃ ᠡᠨᠡ ᠬᠦ᠌ ᠠᠮᠢᠨ ᠦᠢᠯᠡ ᠶᠠᠪᠤᠴᠠ ᠶ᠋ᠢᠨ ᠵᠢᠷᠦᠬᠡ᠂ ᠠᠭᠤᠰᠬᠢ᠂ ᠬᠣᠳᠣᠭᠣᠳᠣ᠁ ᠭᠡᠬᠦ ᠮᠡᠲᠦ ᠬᠡᠮᠨᠡᠯᠲᠡ ᠡᠷᠬᠡᠲᠡᠨ ᠨᠦ᠍ᠭᠦᠳ ᠪᠦᠷᠢᠯᠳᠦᠵᠦ ᠬᠣᠭᠣᠯᠠᠯᠠᠬᠤ— ᠪᠣᠯᠪᠠᠰᠤᠷᠠᠭᠤᠯᠬᠤ— ᠢᠯᠭᠠᠷᠠᠭᠤᠯᠬᠤ ᠵᠡᠷᠭᠡ ᠪᠡᠷ ᠠᠮᠢᠳᠤᠷᠠᠯ᠂ ᠬᠡᠷᠡᠭᠴᠡᠭᠡ᠂ ᠬᠡᠷᠡᠭᠯᠡᠭᠡ ᠨᠢ ᠬᠥᠭᠵᠢᠯ ᠢ᠋ ᠲᠣᠳᠣᠷᠬᠠᠢᠯᠠᠪᠠ ᠤᠤ ᠭᠡᠮᠡᠨ ᠰᠠᠨᠠᠨ᠎ᠠ᠃ ᠣᠶᠤᠨ ᠮᠡᠳᠡᠯᠭᠡ ᠶ᠋ᠢᠨ ᠥᠨᠥ ᠶ᠋ᠢᠨ ᠲᠦᠪᠰᠢᠨ《ᠠᠮᠢ》 ᠶ᠋ᠢ ᠡᠢᠨ ᠬᠦ᠌ ᠲᠠᠭᠠᠮᠠᠭᠯᠠᠨᠠ᠂ ᠭᠠᠳᠠᠷᠯᠠᠨ᠎ᠠ᠂ ᠬᠥᠭᠵᠢᠬᠦ᠂ ᠳᠡᠪᠵᠢᠬᠦ ᠪᠣᠯᠤᠯᠴᠠᠭ᠎ᠠ ᠨᠢ《ᠠᠮᠢ》 ᠶ᠋ᠢ ᠬᠠᠢᠬᠤᠷᠤᠭᠠ ᠦᠭᠡᠢ ᠲᠤᠯᠠ ᠬᠠᠭᠠᠭᠳᠠᠮᠠᠯ᠃
ᠶᠠᠭᠠᠬᠢᠭᠠᠳ ᠪᠢᠳᠡᠨ ᠢ᠋ ᠦᠬᠦᠭᠰᠡᠨ ᠭᠡᠳ ᠣᠷᠣᠰᠢᠭᠤᠯᠤᠭᠰᠠᠨ ᠬᠥᠮᠦᠨ ᠦᠰᠦ᠂ ᠬᠢᠮᠤᠰᠤ ᠤᠷᠭᠤᠵᠤ ᠠᠮᠢᠳᠤ ᠶ᠋ᠢᠨ ᠥᠰᠦᠯᠲᠡ ᠦᠷᠭᠦᠯᠵᠢᠯᠡᠭᠰᠡᠭᠡᠷ ᠪᠠᠢᠳᠠᠭ ᠶᠤᠮ ᠪᠣᠢ? ᠠᠮᠢᠨ ᠤ᠋ ᠦᠯᠡᠳᠡᠭᠳᠡᠯ ᠪᠠᠢᠭᠰᠠᠭᠠᠷ ᠪᠠᠢᠭ᠎ᠠ ᠨᠢ ᠲᠡᠷᠡ ᠪᠢᠰᠢ ᠤᠤ? ᠨᠥᠭᠥᠭᠡᠳᠦᠷ ᠦ᠋ᠨ ᠣᠷᠴᠢᠨ ᠦᠶ᠎ᠡ ᠶ᠋ᠢᠨ ᠠᠢᠯ《ᠫᠯᠧᠲ᠋ᠢᠺ》① ᠢ᠋ᠶ᠋ᠡᠨ ᠰᠢᠲᠦᠵᠦ ᠪᠣᠯᠬᠤ ᠤᠤ? ᠡᠷᠴᠢᠮ ᠬᠦᠴᠦᠨ ᠦ᠌ ᠬᠥᠭᠵᠢᠯ ᠴᠠᠭᠠᠰᠢᠳᠠ ᠪᠠᠨ《ᠭᠠᠯ》 ᠰᠢᠲᠦᠭᠡᠨ ᠢ᠋ ᠤᠯᠠᠮ ᠪᠦᠷ ᠮᠠᠷᠲᠠᠭᠤᠯᠬᠤ ᠤᠤ? ᠦᠨᠡᠨ ᠳ᠋ᠡᠭᠡᠨ ᠣᠷᠴᠢᠨ ᠦᠶ᠎ᠡ ᠶ᠋ᠢᠨ ᠲᠣᠬᠢᠯᠢᠭ ᠪᠠᠢᠷᠢ ᠲᠠᠢ᠂ ᠭᠠᠯ ᠭᠣᠯᠣᠮᠲᠠ ᠲᠠᠢ ᠠᠢᠯ ᠪᠡᠷᠢ ᠪᠡᠨ ᠶᠠᠭᠤᠨ ᠳ᠋ᠠᠭᠠᠨ ᠮᠥᠷᠭᠥᠭᠦᠯᠬᠦ ᠶᠦᠮ ᠪᠣᠢ? ᠭᠠᠯ ᠭᠣᠯᠣᠮᠲᠠ ᠦᠭᠡᠢ ᠠᠢᠯ ᠤ᠋ᠳ ᠤ᠋ᠨ ᠪᠤᠵᠠᠷ ᠶᠠᠭᠠᠬᠢᠵᠤ ᠠᠷᠢᠭᠤᠳᠬᠤ ᠶᠤᠮ ᠪᠣᠢ? ᠰᠠᠯᠬᠢᠪᠴᠢ ᠪᠠᠨ ᠨᠡᠭᠡᠭᠡᠭᠡᠳ ᠠᠷᠢᠭᠤᠳᠬᠤ ᠤᠤ? ᠬᠠᠮᠤᠭ ᠤ᠋ᠨ ᠤᠯᠠᠮᠵᠢᠯᠠᠭᠤᠰᠢᠲᠠᠢ ᠨᠢ ᠵᠤᠯᠠ ᠶᠤᠮ ᠳᠠ᠃ ᠲᠡᠷᠡ ᠨᠢ ᠲᠣᠰᠣᠨ ᠪᠠᠢᠨ᠎ᠠ ᠤᠤ᠂ ᠭᠠᠽ ᠪᠠᠢᠨ᠎ᠠ ᠤᠤ ᠬᠠᠮᠢᠶ᠎ᠠ ᠦᠭᠡᠢ᠂ ᠠᠢᠯ ᠳ᠋ᠤ᠌ ᠶᠠᠮᠠᠷ ᠴᠤ᠌ ᠭᠡᠰᠡᠨ ᠭᠠᠯ ᠪᠠᠢᠬᠤ ᠶᠣᠰᠣᠲᠠᠢ᠃ ᠠᠮᠢ ᠪᠣᠯ ᠭᠠᠯ᠃ ᠭᠠᠯ ᠪᠣᠯ ᠰᠦᠯᠳᠡ᠃ ᠠᠮᠢᠨ ᠨᠢᠭᠡᠳᠦᠯ ᠦᠭᠡᠢ ᠪᠣᠯ ᠮᠠᠲ᠋ᠧᠷᠢ ᠦᠭᠡᠢ᠂ ᠤᠬᠠᠮᠰᠠᠷ ᠣᠶᠤᠨ ᠦᠭᠡᠢ᠃ ᠠᠮᠢᠳᠤᠷᠠᠯ ᠠᠮᠢᠨ ᠳᠡᠭᠡᠷ᠎ᠡ ᠲᠣᠭᠲᠠᠬᠤ ᠪᠥᠯᠥᠭᠡ᠃
—————————————
① ᠫᠯᠧᠲ᠋ᠢᠺ— ᠴᠠᠬᠢᠯᠭᠠᠨ ᠲᠤᠯᠭ᠎ᠠ᠂ ᠵᠤᠤᠬ᠎ᠠ( ᠪᠠᠭᠤᠯᠭᠠᠴᠢ)
ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ
ᠦᠰᠦᠭ ᠬᠢᠨᠠᠭᠴᠢ᠄ ᠰᠡᠬᠡᠭᠡᠷᠡᠯ᠂ ᠣᠳᠬᠠᠨᠰᠣ᠎ᠠ᠂ ᠭᠠᠷᠮ᠎ᠠ
