ᠣᠨᠣᠯ ᠵᠢᠷᠭᠠᠭᠠᠬᠤ ᠲᠡᠭᠦᠰᠬᠡᠯ ᠪᠤᠶᠤ ᠳᠡᠯᠡᠬᠡᠢ ᠳ᠋ᠦ᠍ ᠲᠦᠭᠡᠬᠦ ᠮᠣᠩᠭᠣᠯ ᠤᠬᠠᠭᠠᠨ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу
ᠣᠨᠣᠯ ᠵᠢᠷᠭᠠᠭᠠᠬᠤ ᠲᠡᠭᠦᠰᠬᠡᠯ ᠪᠤᠶᠤ ᠳᠡᠯᠡᠬᠡᠢ ᠳ᠋ᠦ᠍ ᠲᠦᠭᠡᠬᠦ ᠮᠣᠩᠭᠣᠯ ᠤᠬᠠᠭᠠᠨ
ᠲᠤᠯᠭ᠎ᠠ ᠶ᠋ᠢᠨ ᠭᠤᠷᠪᠠᠯ ᠴᠢᠯᠠᠭᠤ ᠪᠠᠲᠤ ᠪᠣᠯᠲᠤᠭᠠᠢ! ᠭᠠᠯ ᠤ᠋ᠨ ᠭᠤᠷᠪᠠᠯ ᠮᠥᠩᠬᠡᠳᠡ ᠪᠠᠳᠠᠷᠠᠲᠤᠭᠠᠢ᠃ ᠶᠢᠷᠲᠢᠨᠴᠦ ᠶ᠋ᠢᠨ ᠭᠤᠷᠪᠠᠯ ᠮᠡᠷᠭᠡᠨ ᠣᠷᠣᠰᠢᠲᠤᠭᠠᠢ! ᠬᠥᠮᠦᠨ ᠪᠣᠯᠤᠨ ᠳᠡᠯᠡᠬᠡᠢ ᠶ᠋ᠢᠨ ᠨᠠᠰᠤ ᠬᠥᠭᠵᠢᠯ ᠨᠢ ᠬᠥᠮᠦᠨ ᠦ᠌ ᠤᠬᠠᠭᠠᠷᠠᠯ ᠣᠶᠤᠨ ᠲᠠᠢ ᠰᠢᠭᠤᠳ ᠬᠠᠮᠢᠶᠠᠷᠤᠯ ᠲᠠᠢ ᠴᠠᠭ ᠢᠷᠡᠵᠡᠢ᠃ ᠠᠮᠢᠨ ᠬᠥᠭᠵᠢᠯ ᠦ᠋ᠨ ᠬᠦᠲ
ᠥᠯᠪᠥᠷᠢ ᠴᠢᠭᠯᠡᠯ ᠳᠡᠯᠡᠬᠡᠢ ᠶ᠋ᠢᠨ ᠬᠤᠪᠢ ᠵᠠᠶᠠᠭᠠᠨ ᠳ᠋ᠤ᠌ ᠲᠡᠳᠦᠢ ᠦᠭᠡᠢ ᠪᠢᠴᠢᠯ ᠢᠵᠠᠭᠤᠷ ᠴᠤ᠌ ᠦᠭᠡᠢᠯᠡᠭᠳᠡᠬᠦ ᠪᠣᠯᠤᠯ᠎ᠠ᠃ ᠡᠺᠣᠯᠣᠭᠢ ᠶ᠋ᠢᠨ ᠲᠡᠩᠴᠡᠪᠦᠷᠢ ᠠᠯᠳᠠᠭᠳᠠᠪᠠ᠂ ᠡᠨᠡ ᠲᠡᠷᠡ ᠭᠡᠵᠦ ᠱᠤᠤᠭᠢᠯᠳᠤᠭᠰᠠᠭᠠᠷ20 ᠳ᠋ᠤᠭᠠᠷ ᠵᠠᠭᠤᠨ ᠢ᠋ ᠪᠠᠷᠠᠬᠤ ᠨᠢ᠃
ᠭᠤᠷᠪᠠ ᠳ᠋ᠠᠬᠢ ᠮᠢᠩᠭᠠᠨ ᠳ᠋ᠤ᠌ ᠪᠣᠱᠣᠭ᠎ᠠ ᠪᠠᠷ ᠬᠠᠷᠰᠢᠯ ᠬᠣᠣᠷᠳᠠᠯᠭ᠎ᠠ ᠵᠦᠳᠡᠷᠡᠯ ᠢ᠋ᠶ᠋ᠡᠨ ᠲᠡᠭᠡᠭᠡᠭᠰᠡᠭᠡᠷ ᠠᠯᠬᠤᠨ ᠣᠷᠣᠯ᠎ᠠ᠃
ᠠᠮᠢᠳᠤ ᠶᠠᠪᠤᠪᠠᠯ ᠠᠯᠲᠠᠨ ᠠᠶᠠᠭᠠᠨ ᠠ᠋ᠴᠠ ᠤᠰᠤ ᠤᠤᠭᠤᠨ᠎ᠠ ᠭᠡᠵᠦ ᠰᠤᠷᠭᠠᠯ ᠥᠨᠳᠥᠷ ᠡᠪᠦᠭᠡᠳ ᠮᠢᠨᠢ ᠦᠯᠡᠳᠡᠭᠡᠵᠡᠢ᠃ ᠢᠨᠵᠠᠭ᠎ᠠ ᠨᠢ《ᠵᠣᠪᠠᠭᠰᠠᠨ ᠰᠦ》 ᠬᠥᠬᠥᠬᠦ ᠪᠣᠢ ᠭᠡᠵᠦ ᠬᠥᠬᠥᠭᠦᠯ ᠰᠢᠷᠭᠠᠴᠢᠨ ᠦᠷᠭᠦᠭᠡᠳᠡᠭ ᠦᠭᠡᠢ ᠡᠷᠡᠰ ᠭᠤᠷᠪᠠᠯᠲᠣ ᠴᠢᠳᠥᠷ ᠢ᠋ᠶ᠋ᠡᠨ ᠳᠤᠰᠤᠯᠠᠵᠤ ᠲᠤᠯᠢᠵᠤ ᠰᠠᠭᠤᠬᠤ ᠳ᠋ᠠᠭᠠᠨ ᠰᠢᠮᠰᠢᠷᠡᠵᠦ ᠰᠠᠭᠤᠳᠠᠭ ᠡᠬᠡ ᠣᠷᠣᠨ ᠮᠢᠨᠢ᠃ ᠭᠤᠷᠪᠠᠯ ᠴᠣᠭᠴᠠᠯᠠᠭᠰᠠᠨ ᠥᠷᠭᠥᠭᠡ ᠭᠡᠷ ᠦ᠋ᠨ ᠭᠣᠯᠣᠮᠲᠠ ᠭᠤᠷᠪᠠᠨ ᠴᠢᠯᠠᠭᠤ ᠲᠠᠢ᠂ ᠲᠡᠭᠦᠨ ᠳ᠋ᠦ᠍ ᠮᠥᠷᠭᠥᠭᠰᠡᠨ ᠭᠤᠷᠪᠠ ᠪᠠᠷ ᠳᠠᠷᠤᠭᠰᠠᠨ ᠭᠡᠵᠢᠭᠡ ᠲᠡᠢ ᠭᠤᠸ᠎ᠠ ᠡᠮᠡᠰ ᠮᠠᠨᠢ ᠭᠤᠷᠮᠤᠰᠤᠨ ᠬᠣᠰᠢᠯᠠᠩ ᠰᠦᠵᠢᠵᠦ᠂ ᠪᠠᠲᠤ ᠣᠷᠣᠰᠢᠯ ᠤ᠋ᠨ ᠢᠷᠦᠭᠡᠯ ᠴᠣᠭᠴᠠᠯᠠᠭᠴᠢ ᠬᠥᠳᠡᠭᠡ ᠨᠤᠲᠤᠭ ᠮᠢᠨᠢ᠃ ᠨᠡᠷ᠎ᠡ ᠪᠡᠨ ᠭᠤᠷᠪᠠᠨ ᠤᠳᠠᠭ᠎ᠠ ᠴᠢᠬᠢᠨ ᠳ᠋ᠡᠭᠡᠨ ᠰᠢᠪᠡᠨᠡᠭᠦᠯᠵᠦ ᠠᠯᠳᠠᠷᠠᠭ᠎ᠠ ᠡᠬᠢᠯᠡᠭᠰᠡᠨ ᠬᠦᠦ ᠨᠢ ᠭᠤᠷᠪᠠᠨ ᠨᠠᠰᠤᠨ ᠳ᠋ᠠᠭᠠᠨ ᠳᠠᠭᠠᠬᠢ ᠪᠠᠨ ᠠᠪᠬᠠᠭᠤᠯᠵᠤ ᠠᠭᠤᠯᠠ ᠤᠰᠤᠨ ᠤ᠋ ᠪᠠᠨ ᠣᠪᠣᠭᠠᠨ ᠳ᠋ᠤ᠌ ᠭᠤᠷᠪᠠ ᠮᠥᠷᠭᠥᠬᠦ ᠬᠤᠪᠢ ᠣᠯᠳᠠᠭ ᠶᠣᠰᠣ ᠮᠢᠨᠢ᠃ ᠨᠤᠲᠤᠭᠯᠠᠭᠰᠠᠨ ᠨᠤᠲᠤᠭ ᠨᠢ ᠭᠡᠪᠡᠯ ᠣᠷᠣᠯᠠᠢ ᠭᠤᠷᠪᠠᠨ ᠰᠡᠭᠡᠷ᠁ ᠥᠴᠢᠯ ᠭᠤᠷᠪᠠᠨ ᠰᠠᠨᠰᠠᠷ᠁ ᠤᠷᠭᠢᠶ᠎ᠠ ᠭᠤᠷᠪᠠᠨ ᠪᠤᠯᠠᠭᠲᠤ᠃ ᠭᠤᠷᠪᠠᠨ ᠴᠡᠩᠬᠡᠷ ᠦ᠋ᠨ ᠠᠭᠤᠢ ᠨᠢ ᠯᠢᠮᠪᠦ ᠶ᠋ᠢᠨ ᠭᠡᠮ ᠢ᠋ᠶ᠋ᠡᠷ ᠴᠡᠯᠡᠯᠵᠡᠵᠦ᠁ ᠭᠤᠷᠪᠠᠯ ᠭᠣᠣᠯ ᠢ᠋ ᠮᠥᠩᠬᠡ ᠭᠠᠯ ᠲᠤᠭᠤᠷᠭᠠᠲᠠᠨ ᠨᠤᠭᠤᠳ ᠭᠤᠷᠪᠠᠯ ᠶᠣᠰᠣ ᠪᠠᠨ ᠳᠡᠭᠡᠳᠦᠯᠡᠮᠦᠢ᠃ ᠪᠠᠶᠠᠷ ᠪᠠᠶᠠᠷ ᠤ᠋ᠨ ᠡᠬᠢᠨ ᠳ᠋ᠦ᠍ ᠪᠡᠯᠡᠭ ᠳᠡᠭᠡᠵᠢ ᠬᠦᠷᠲᠡᠳᠡᠭ ᠨᠢ ᠭᠠᠯ《ᠠᠮᠢ》 ᠪᠥᠯᠥᠭᠡ᠃
ᠬᠠᠮᠤᠭ ᠤ᠋ᠨ ᠶᠡᠬᠡ ᠠᠴᠢ ᠲᠤᠰᠠ ᠶ᠋ᠢ ᠠᠮᠢᠨ ᠳ᠋ᠤ᠌ ᠣᠷᠣᠯ᠎ᠠ ᠭᠡᠬᠦ᠂ ᠬᠠᠮᠤᠭ ᠤ᠋ᠨ ᠳᠡᠭᠡᠳᠦ ᠭᠠᠪᠢᠶ᠎ᠠ ᠶ᠋ᠢ ᠠᠮᠢ ᠠᠪᠤᠷᠠᠭᠰᠠᠨ ᠭᠡᠬᠦ᠂ ᠬᠠᠮᠤᠭ ᠤ᠋ᠨ ᠪᠡᠷᠬᠡ ᠮᠥᠴᠡ ᠶ᠋ᠢ ᠠᠮᠢ ᠬᠡᠯᠲᠦᠷᠢᠪᠡ ᠭᠡᠬᠦ ᠠᠷᠠᠳ ᠲᠦᠮᠡᠨ ᠮᠢᠨᠦ᠃ ᠮᠠᠯ ᠦᠬᠦᠳᠬᠢᠨ ᠤᠨᠠᠬᠤ᠂ ᠬᠥᠮᠦᠨ ᠤᠬᠠᠭᠠᠨ ᠠᠯᠳᠠᠬᠤ ᠳ᠋ᠤ᠌ ᠴᠢᠯᠠᠭᠤ ᠬᠠᠭᠠᠯᠵᠤ ᠦᠨᠦᠷᠯᠡᠭᠦᠯᠳᠡᠭ ᠠᠮᠢ ᠨᠢ ᠰᠡᠷᠭᠦᠭᠡᠰᠦᠲᠡᠢ ᠨᠢ ᠭᠠᠢᠬᠠᠮᠰᠢᠭ ᠪᠤᠶᠤ᠃ ᠨᠠᠢᠷ ᠤ᠋ᠨ ᠭᠤᠷᠪᠠᠨ ᠳᠤᠭᠤᠷ᠎ᠠ ᠨᠢ ᠠᠢᠷᠠᠭ ᠠᠲᠠᠯ᠎ᠠ᠂ ᠥᠭᠡᠳᠡ ᠨᠢ ᠡᠷᠭᠦᠵᠦ ᠳᠡᠭᠡᠭᠰᠢ ᠨᠢ ᠳᠡᠪᠰᠢᠭᠦᠯᠳᠡᠭ ᠢᠷᠦᠭᠡᠯ ᠨᠢ ᠰᠦ ᠠᠲᠠᠯ᠎ᠠ᠂ ᠡᠷᠭᠦᠯ ᠳᠠᠯᠠᠯᠭ᠎ᠠ ᠶ᠋ᠢᠨ ᠢᠳᠡᠭᠡ ᠨᠢ ᠥᠷᠥᠮ᠎ᠡ ᠠᠭᠠᠷᠤᠤᠯ ᠠᠲᠠᠯ᠎ᠠ ᠠᠷᠢᠬᠢ ᠰᠢᠬᠢᠷ ᠪᠣᠯᠤᠭᠰᠠᠨ ᠨᠢ ᠰᠣᠶᠣᠯ ᠮᠥᠨ ᠯᠡ ᠪᠠᠢᠭ᠎ᠠ ᠳᠠ᠃
ᠠᠮᠢᠨ ᠠ᠋ᠴᠠ ᠬᠣᠯᠠ ᠶᠤᠮ ᠭᠡᠵᠦ ᠠᠩᠭᠠᠢᠵᠤ ᠶᠠᠪᠤᠭᠰᠠᠭᠠᠷ ᠡᠴᠦᠰ ᠦ᠋ᠨ ᠠᠮᠢᠰᠬᠤᠭ᠎ᠠ ᠳᠠᠭᠤᠰᠤᠭᠰᠠᠨ ᠪᠠᠢᠬᠤ ᠳ᠋ᠤ᠌ ᠠᠮᠢ ᠨᠢ ᠭᠠᠷᠤᠭ᠎ᠠ ᠦᠭᠡᠢ ᠭᠡᠵᠦ ᠢᠲᠡᠭᠡᠵᠦ ᠲᠣᠯᠣᠭᠠᠢ ᠲᠦᠰᠢᠬᠦ ᠦᠷᠡᠰ ᠮᠢᠨᠢ᠃ ᠹᠢᠯᠣᠰᠣᠹᠢ ᠥᠷᠨᠢᠭᠰᠡᠨ ᠡᠨᠡ ᠯᠡ ᠡᠭᠡᠵᠢᠭ ᠲᠡᠢ ᠮᠥᠴᠡ ᠳ᠋ᠦ᠍ ᠠᠮᠢᠨ ᠠ᠋ᠴᠠ ᠮᠢᠨᠢ ᠴᠢᠷᠭᠠᠭᠤᠴᠡᠯᠳᠤᠬᠤ① ᠭᠡᠵᠦ ᠪᠡᠶ᠎ᠡ ᠲᠡᠢ ᠮᠢᠨᠢ ᠨᠣᠴᠣᠯᠳᠤᠵᠤ᠂ ᠠᠮᠢᠨ ᠳᠠᠮ( ᠸᠢᠲ᠋ᠠᠮᠢᠨ ᠪᠤᠶᠤ ᠪᠡᠶ᠎ᠡ ᠶ᠋ᠢᠨ ᠳᠠᠮ)᠂ ᠠᠮᠢᠨ ᠲᠠᠷᠢᠶ᠎ᠠ( ᠵᠢᠷᠦᠬᠡᠨ ᠦ᠌ ᠠᠵᠢᠯᠯᠠᠭ᠎ᠠ ᠰᠡᠷᠭᠦᠭᠡᠬᠦ ᠡᠮ) ᠭᠡᠵᠦ ᠭᠦᠶᠦᠯᠳᠦᠬᠦ ᠡᠮᠴᠢ ᠨᠠᠷ ᠠᠮᠢ ᠰᠢᠩᠭᠡᠬᠦ ᠲᠥᠪ ᠣᠷᠴᠢᠯᠠᠩ ᠶᠢᠷᠲᠢᠨᠴᠦ ᠮᠢᠨᠢ᠃ ᠴᠠᠢᠯᠠᠯᠭ᠎ᠠ ᠳᠠᠢᠯᠠᠯᠭ᠎ᠠ ᠳᠠᠭᠤᠳᠠᠯᠭ᠎ᠠ ᠮᠢᠨᠢ᠃
ᠵᠠᠨᠤᠬᠤ᠂ ᠬᠠᠷᠢᠶᠠᠬᠤ᠂ ᠠᠯᠠᠬᠤ ᠭᠤᠷᠪᠠᠨ ᠪᠤᠵᠠᠷ ᠢ᠋ ᠴᠠᠷᠪᠠᠵᠤ᠂ ᠵᠣᠷᠢᠭ᠂ ᠵᠢᠳᠬᠦᠯ᠂ ᠪᠦᠲᠦᠭᠡᠯ ᠭᠤᠷᠪᠠᠨ ᠠᠷᠢᠭᠤᠨ ᠢ᠋ ᠳᠡᠭᠡᠳᠦᠯᠡᠬᠦ ᠶᠤᠮᠰᠠᠨ᠃ ᠠᠮᠢ ᠪᠠᠨ ᠠᠯᠳᠠᠵᠤ ᠢᠯᠠᠬᠤ ᠵᠣᠷᠢᠭ ᠬᠡᠷᠡᠭ ᠦᠭᠡᠢ᠂ ᠠᠮᠢ ᠪᠣᠯ ᠪᠡᠶ᠎ᠡ ᠣᠶᠤᠨ ᠤ᠋ ᠵᠣᠯᠢᠶᠠᠰᠤ ᠪᠣᠯᠬᠤ ᠥᠴᠦᠬᠡᠨ ᠶᠠᠭᠤᠮ᠎ᠠ ᠪᠢᠰᠢ ᠭᠡᠳᠡᠭ ᠢ᠋ ᠠᠬᠢᠨ ᠰᠠᠨᠠᠭᠤᠯᠬᠤ ᠮᠢᠨᠢ᠃ ᠠᠮᠢᠨ ᠠ᠋ᠴᠠ ᠳᠡᠭᠡᠳᠦ ᠶᠠᠭᠤᠮ᠎ᠠ ᠦᠭᠡᠢ ᠲᠤᠯᠠ ᠠᠪᠤᠷᠠᠬᠤ ᠵᠣᠷᠢᠭ᠂ ᠵᠢᠳᠬᠦᠯ᠂ ᠪᠦᠲᠦᠭᠡᠯ ᠯᠡ ᠡᠨᠡ ᠬᠣᠷᠸ᠎ᠠ ᠳ᠋ᠤ᠌ ᠴᠢᠬᠤᠯᠠ ᠰᠠᠨ᠃ ᠭᠤᠷᠪᠠ ᠳᠠᠪᠠᠭᠰᠠᠨ ᠪᠥᠬᠡ ᠴᠣᠯᠠᠯᠠᠭᠤᠯᠳᠠᠭ᠂ ᠠᠢᠷᠠᠭᠳᠠᠭᠰᠠᠨ ᠮᠣᠷᠢ ᠲᠣᠯᠣᠭᠠᠢ᠂ ᠳᠡᠯ᠂ ᠬᠣᠨᠳᠣᠯᠠᠢ ᠭᠤᠷᠪᠠ ᠳ᠋ᠠᠭᠠᠨ ᠮᠢᠯᠢᠶᠠᠯᠭᠠᠳᠠᠭ᠁ ᠪᠢᠲᠡᠭᠦᠨ ᠦ᠌ ᠦᠳᠡᠰᠢ ᠵᠠᠪᠠᠯ ᠭᠤᠷᠪᠠ ᠲᠣᠭᠣᠭᠠᠯᠠᠳᠠᠭ ᠶᠣᠰᠣ ᠪᠢᠳᠡᠨ ᠦ᠌ ᠳᠡᠭᠡᠳᠦᠰ ᠦ᠋ᠨ ᠬᠢ ᠠ᠋᠃
ᠠᠮᠢᠨ ᠳ᠋ᠤ᠌ ᠪᠢᠳᠡ ᠳᠠᠩᠴᠢ ᠬᠠᠢᠷ᠎ᠠ ᠭᠠᠮ ᠦᠭᠡᠢ ᠬᠦᠷᠡᠩ ᠪᠥᠭᠡᠷ᠎ᠡ ᠲᠡᠢ ᠬᠠᠨᠣᠵᠣ ᠪᠠᠢᠭ᠎ᠠ ᠶ᠋ᠢ ᠶᠠᠰᠤ ᠬᠠᠪᠲᠠᠢᠮᠠᠷ ᠪᠠᠢᠨ᠎ᠠ᠃ ᠳᠡᠯᠡᠬᠡᠢ ᠨᠡᠢᠲᠡ ᠶ᠋ᠢᠨ ᠪᠦᠳᠦᠭᠦᠯᠢᠭ ᠬᠠᠨᠳᠤᠯᠭ᠎ᠠ ᠲᠠᠢ ᠵᠢᠱ᠌ᠢᠪᠡᠯ᠂ ᠪᠠᠰᠠ ᠴᠤ᠌ ᠭᠢᠯᠠᠢᠬᠤ ᠴᠠᠢᠬᠤ ᠶᠠᠭᠤᠮ᠎ᠠ ᠬᠠᠷᠠᠭᠳᠠᠳᠠᠭ ᠯᠠ ᠳᠠ᠃ ᠭᠡᠪᠡᠴᠦ ᠲᠡᠷᠡ ᠭᠢᠯᠠᠢᠬᠤ ᠭᠡᠷᠡᠯ ᠨᠢ ᠡᠯᠦᠨᠴᠡ ᠳᠡᠭᠡᠳᠦᠰ ᠦ᠋ᠨ ᠥᠪ ᠪᠣᠯᠬᠣᠷ ᠪᠢᠳᠡᠨ ᠦ᠌ ᠲᠤᠬᠠᠢ ᠳ᠋ᠤ᠌《ᠡᠪᠡᠰᠦᠨ ᠳ᠋ᠦ᠍ ᠣᠷᠣᠪᠠᠴᠤ ᠦᠬᠡᠷ ᠲᠣᠭᠣᠵᠤ ᠢᠳᠡᠬᠦ ᠦᠭᠡᠢ᠂ ᠥᠭᠡᠬᠦᠨ ᠳ᠋ᠦ᠍ ᠬᠤᠴᠢᠪᠠᠴᠤ ᠨᠣᠬᠠᠢ ᠲᠣᠭᠣᠵᠤ ᠢᠳᠡᠬᠦ ᠦᠭᠡᠢ ᠶᠠᠭᠤᠮ᠎ᠠ᠂ ᠲᠥᠷᠥᠭᠡᠳ ᠬᠠᠨᠳᠠᠭᠠᠢ ᠶ᠋ᠢ ᠬᠠᠷᠪᠤᠭᠠᠳ ᠣᠭᠣᠲᠣᠨ᠎ᠠ ᠶ᠋ᠢ ᠤᠨᠤᠬᠤ ᠪᠣᠯᠤᠭᠤᠵᠠᠢ》 ᠭᠡᠵᠦ ᠰᠡᠷᠡᠮᠵᠢᠯᠡᠭᠰᠡᠨ ᠥᠭᠡᠳᠡᠢ ᠬᠠᠭᠠᠨ ᠤ᠋ ᠪᠣᠯᠭᠤᠭᠠᠮᠵᠢᠯᠠᠭᠰᠠᠨ《ᠬᠣᠢᠲᠤ ᠦᠶ᠎ᠡ ᠶ᠋ᠢᠨ ᠬᠥᠪᠡᠭᠦᠳ ᠠᠴᠢ ᠨᠠᠷ》 ᠪᠣᠯᠵᠠᠢ᠃ ᠬᠠᠨᠳᠠᠭᠠᠢ ᠬᠠᠷᠪᠤᠭᠠᠳ ᠣᠭᠣᠲᠣᠨ᠎ᠠ ᠤᠨᠤᠭᠠᠳ ᠪᠠᠢᠨ᠎ᠠ ᠤᠤ ᠳᠠ᠁ ᠭᠡᠳᠡᠭ ᠢ᠋ᠶ᠋ᠡᠨ ᠡᠷᠭᠢᠴᠡᠭᠦᠯᠬᠦ ᠴᠠᠭ ᠲᠤᠯᠪᠠ᠃ ᠠᠮᠢ ᠶ᠋ᠢᠨ ᠡᠪᠦᠭᠡ ᠳᠡᠭᠡᠳᠦᠰ ᠮᠠᠨᠢ《ᠳᠦᠷᠰᠦᠯᠡᠵᠦ》 ᠪᠠᠷᠢᠵᠤ ᠢᠷᠡᠭᠡᠳᠦᠢ ᠳ᠋ᠡᠭᠡᠨ ᠢᠯᠡᠭᠡᠭᠰᠡᠨ᠃ ᠲᠡᠭᠡᠪᠡᠯ ᠮᠣᠩᠭᠣᠯᠴᠤᠳ ᠤ᠋ᠨ ᠤᠯᠠᠮᠵᠢᠯᠠᠯᠲᠤ ᠥᠩᠭᠡ ᠤᠯᠠᠭᠠᠨ(ᠠᠮᠢ ᠪᠤᠶᠤ ᠭᠠᠯ)᠂ ᠬᠥᠬᠡ(ᠲᠩᠷᠢ ᠪᠤᠶᠤ ᠣᠶᠤᠨ)᠂ ᠴᠠᠭᠠᠨ(ᠰᠦ ᠪᠤᠶᠤ ᠳᠡᠯᠡᠬᠡᠢ) ᠶᠦᠮ᠃ ᠡᠨᠡ ᠰᠢᠲᠦᠭᠡᠨ ᠲᠥᠷᠥ ᠶ᠋ᠢᠨ ᠪᠡᠯᠭᠡ ᠪᠡᠯᠭᠡᠳᠡᠯ ᠳ᠋ᠦ᠍ ᠲᠣᠰᠤᠭ᠎ᠠ ᠦᠭᠡᠢ ᠪᠠᠢᠳᠠᠭ᠃ ᠳᠦᠷᠰᠦ ᠶ᠋ᠢᠨ ᠤᠯᠠᠮᠵᠢᠯᠠᠯᠲᠤ ᠰᠢᠲᠦᠭᠡᠨ ᠨᠢ ᠰᠣᠶᠣᠮᠪᠣ ᠪᠤᠶᠤ ᠠᠷᠭ᠎ᠠ ᠪᠢᠯᠢᠭ ᠬᠣᠶᠠᠷᠠᠯ ᠪᠤᠰᠤ᠂ ᠭᠤᠷᠪᠠᠨ ᠳᠥᠯᠥᠲᠦ ᠭᠠᠯ(ᠭᠤᠷᠪᠠᠯ) ᠶᠤᠮ᠃ ᠡᠨᠡ ᠨᠢ ᠲᠥᠷᠥ ᠶ᠋ᠢᠨ ᠪᠢᠯᠢᠭᠲᠡᠨ ᠳ᠋ᠦ᠍ ᠬᠣᠢᠮᠣᠰᠣᠨ ᠣᠨᠣᠯ ᠤ᠋ᠨ ᠰᠢᠲᠦᠭᠡᠨ ᠳ᠋ᠦ᠍ ᠰᠠᠷᠨᠢᠭᠰᠠᠨ ᠬᠠᠪᠰᠠᠷᠭ᠎ᠠ ᠲᠡᠳᠦᠢ ᠣᠷᠣᠰᠢᠵᠠᠢ᠃ ᠮᠣᠩᠭᠣᠯ ᠤ᠋ᠨ ᠭᠦᠨ ᠤᠬᠠᠭᠠᠨ ᠡᠢᠨ ᠬᠦ᠌ ᠰᠤᠳᠤᠯᠬᠤ᠂ ᠰᠤᠷᠲᠠᠯᠴᠢᠯᠠᠬᠤ᠂ ᠬᠡᠷᠡᠭᠵᠢᠭᠦᠯᠬᠦ ᠱᠠᠲᠤ ᠨᠢ ᠬᠠᠭᠠᠯᠲᠠ ᠲᠠᠢ ᠪᠠᠢᠨ᠎ᠠ ᠭᠡᠰᠡᠨ ᠦᠭᠡ᠃ ᠳᠡᠭᠡᠷ᠎ᠡ ᠪᠡᠨ ᠡᠢᠨ ᠬᠦ᠌ ᠰᠠᠮᠠᠭᠤᠷᠠᠭᠰᠠᠨ ᠪᠣᠯᠬᠣᠷ ᠳᠣᠣᠷ᠎ᠠ ᠪᠠᠨ ᠰᠠᠷᠨᠢᠬᠤ ᠠ᠋ᠴᠠ ᠶᠠᠭᠠᠬᠢᠬᠤᠪ? ᠭᠤᠷᠪᠠᠯ ᠣᠨᠣᠯ ᠢ᠋ ᠨᠠᠭᠠᠨᠪᠤᠤ ᠭᠡᠭᠴᠢ ᠬᠠᠴᠢᠨ ᠨᠡᠷᠡᠲᠦ ᠡᠲᠡᠭᠡᠳ《ᠰᠡᠳᠬᠢᠵᠦ》 ᠲᠤᠯᠭᠠᠷᠠᠵᠤ ᠪᠠᠢᠳᠠᠭ ᠲᠡᠷᠡ ᠯᠠ ᠥᠪ ᠬᠥᠷᠥᠩᠭᠡ ᠪᠥᠭᠡᠳ ᠮᠡᠬᠦᠰ ᠶᠠᠳᠠᠭᠤ ᠮᠢᠨᠦ ᠲᠤᠬᠠᠢ ᠳ᠋ᠤ᠌《ᠶᠢᠰᠦᠨ ᠨᠢᠳᠦ ᠲᠡᠢ ᠲᠡᠮᠦᠷ》 ᠰᠢᠲᠦᠭᠡᠨ ᠢ᠋ᠶ᠋ᠡᠨ ᠰᠢᠷᠲᠡᠨ ᠡᠮᠦᠨᠡᠬᠢ ᠦᠶ᠎ᠡ ᠡᠷᠭᠢᠴᠡᠭᠦᠯᠵᠦ ᠡᠳᠦᠭᠡ ᠦᠶ᠎ᠡ ᠲᠡᠢ ᠪᠡᠨ ᠬᠣᠯᠪᠣᠨ ᠰᠠᠨᠠᠭᠠᠰᠢᠷᠠᠭᠰᠠᠨ ᠲᠡᠳᠦᠢ ᠶᠦᠮ᠃ ᠢᠯᠠᠩᠭᠤᠶ᠎ᠠ ᠡᠷᠳᠡᠮᠲᠡᠳ ᠲᠤ ᠰᠡᠬᠡᠭᠡᠷᠡᠯ ᠥᠭᠬᠦ ᠨᠢ ᠮᠢᠨᠦ ᠡᠭᠦᠷᠭᠡ ᠪᠠᠢᠪᠠ᠃ ᠵᠢᠱ᠌ᠢᠶ᠎ᠡ ᠨᠢ ᠢᠳᠢᠶᠠᠯᠢᠰᠲ ᠰᠡᠳᠬᠢᠯ ᠵᠦᠢ᠂ ᠮᠠᠲ᠋ᠧᠷᠢᠶᠠᠯᠢᠰᠲ ᠰᠡᠳᠬᠢᠯ ᠵᠦᠢ ᠭᠡᠪᠡᠯ ᠥᠷᠥᠭᠡᠰᠦᠭᠡᠯ᠃ ᠪᠠᠰᠠ ᠰᠡᠳᠬᠢᠯ ᠵᠦᠢ ᠶ᠋ᠢᠨ ᠣᠯᠠᠨ ᠰᠠᠯᠪᠤᠷᠢ ᠤᠬᠠᠭᠠᠨ ᠠᠢ ᠪᠦᠷᠢ ᠭᠤᠷᠪᠠᠯ ᠣᠨᠣᠯ ᠳ᠋ᠤ᠌ ᠦᠨᠳᠦᠰᠦᠯᠡᠭᠰᠡᠨ ᠠᠷᠭ᠎ᠠ᠂ ᠬᠡᠯᠪᠡᠷᠢ᠂ ᠠᠭᠤᠯᠭ᠎ᠠ ᠶ᠋ᠢᠨ ᠬᠠᠷ᠎ᠠ ᠪᠦᠳᠦᠭᠦᠪᠴᠢ ᠶ᠋ᠢ ᠯᠡ ᠳᠡᠪᠰᠢᠭᠦᠯᠦᠭᠰᠡᠨ ᠬᠡᠷᠡᠭ᠃ ᠬᠥᠮᠦᠨ ᠢᠳᠡᠬᠦ ᠶ᠋ᠢᠨ ᠲᠤᠯᠠᠳᠠ ᠠᠮᠢᠳᠤᠷᠠᠳᠠᠭ ᠤᠤ? ᠡᠰᠡᠪᠡᠯ ᠠᠮᠢᠳᠤᠷᠠᠬᠤ ᠶ᠋ᠢᠨ ᠲᠤᠯᠠᠳᠠ ᠢᠳᠡᠳᠡᠭ ᠤᠤ? ᠭᠡᠰᠡᠨ ᠮᠠᠷᠭᠤᠭᠠᠨ ᠮᠥᠩᠬᠡᠷᠡᠭᠰᠡᠨ ᠭᠡᠯᠴᠡᠳᠡᠭ᠃ ᠲᠡᠭᠡᠪᠡᠯ ᠨᠢᠭᠡ ᠠᠰᠠᠭᠤᠯᠲᠠ ᠨᠢ ᠭᠤᠷᠪᠠᠨ ᠠᠰᠠᠭᠤᠯᠭ᠎ᠠ᠂ ᠬᠣᠶᠠᠷ ᠠᠰᠠᠭᠤᠯᠲᠠ ᠨᠢ ᠭᠤᠷᠪᠠᠨ ᠠᠭᠤᠯᠭ᠎ᠠ ᠠᠭᠤᠯᠵᠤ ᠪᠠᠢᠬᠤ ᠶᠣᠰᠣᠲᠠᠢ ᠶ᠋ᠢ ᠰᠠᠨᠠᠵᠠᠭᠠᠶᠠ᠃ ᠲᠡᠳᠡᠭᠡᠷ ᠨᠢ ᠴᠠᠭᠠᠰᠢ ᠪᠠᠨ ᠶᠢᠰᠦᠨ ᠶᠢᠰᠦᠯ ᠠᠭᠤᠯᠭ᠎ᠠ ᠳ᠋ᠤ᠌ ᠵᠠᠳᠠᠷᠠᠵᠤ᠂ ᠭᠤᠷᠪᠠ ᠳ᠋ᠠᠬᠢ ᠬᠠᠷᠢᠭᠤ ᠶ᠋ᠢ ᠬᠠᠢᠬᠤ ᠪᠣᠯᠤᠮᠵᠢ ᠪᠣᠢ ᠪᠣᠯᠭᠠᠳᠠᠭ᠃ ᠲᠡᠭᠡᠪᠡᠯ ᠪᠠᠰᠠ ᠲᠡᠢᠮᠦ ᠬᠡᠮᠵᠢᠶᠡᠨ ᠦ᠌ ᠰᠢᠯᠲᠠᠭᠠᠨ ᠨᠥᠬᠥᠴᠡᠯ ᠪᠠᠢᠬᠤ ᠶᠣᠰᠣᠲᠠᠢ᠃ ᠡᠨᠡ ᠣᠨᠣᠯ ᠤ᠋ᠨ ᠪᠠᠷᠢᠮᠲᠠ᠂ ᠰᠢᠨᠵᠢᠯᠡᠬᠦ ᠤᠬᠠᠭᠠᠨ ᠤ᠋ ᠲᠤᠷᠰᠢᠯᠭ᠎ᠠ ᠨᠢ ᠡᠢᠨ ᠬᠦ᠌ ᠳᠣᠲᠣᠷ᠎ᠠ ᠪᠠᠨ ᠪᠠᠢᠭ᠎ᠠ ᠪᠣᠯᠤᠨ᠎ᠠ᠃ ᠮᠥᠩᠭᠥ ᠴᠢᠬᠤᠯᠠ ᠪᠢᠰᠢ᠂ ᠡᠰᠡᠬᠦᠯ᠎ᠡ ᠣᠶᠤᠨ ᠮᠡᠳᠡᠯᠭᠡ ᠴᠢᠬᠤᠯᠠ ᠪᠤᠰᠤ ᠭᠡᠵᠦ ᠮᠡᠳᠬᠡᠭᠡᠳ ᠪᠢᠳᠡ ᠭᠣᠣᠮᠠᠢ ᠴᠡᠴᠡᠷᠬᠡᠯ ᠡᠴᠡ ᠥᠭᠡᠷ᠎ᠡ ᠶᠠᠭᠤ ᠴᠤ᠌ ᠣᠯᠬᠤ ᠦᠭᠡᠢ᠃ ᠮᠥᠩᠭᠥ ᠴᠢᠬᠤᠯᠠ ᠪᠤᠰᠤ᠂ ᠣᠶᠤᠨ ᠤᠬᠠᠭᠠᠨ ᠴᠢᠬᠤᠯᠠ ᠪᠤᠰᠤ᠂ ᠭᠤᠷᠪᠠᠳᠠᠬᠢ ᠦᠨᠡᠨ ᠴᠢᠬᠤᠯᠠ᠃ ᠬᠡᠷᠪᠡ ᠭᠤᠷᠪᠠᠳᠠᠬᠢ ᠦᠨᠡᠨ ᠴᠢᠬᠤᠯᠠ ᠪᠤᠰᠤ᠂ ᠮᠥᠩᠭᠥ ᠴᠢᠬᠤᠯᠠ᠂ ᠣᠶᠤᠨ ᠤᠬᠠᠭᠠᠨ ᠴᠢᠬᠤᠯᠠ ᠭᠡᠪᠡᠯ ᠬᠥᠭᠵᠢᠯ ᠪᠤᠷᠤᠭᠤ ᠵᠠᠮ ᠢ᠋ᠶ᠋ᠠᠷ ᠣᠷᠣᠵᠤ᠂ ᠪᠤᠴᠠᠬᠤ ᠳ᠋ᠠᠭᠠᠨ ᠰᠢᠷᠣᠢ ᠲᠡᠭᠡᠭᠡᠭᠡᠳ ᠯᠡ ᠰᠠᠵᠢᠯᠠᠵᠤ ᠢᠷᠡᠨ᠎ᠡ ᠭᠡᠰᠡᠨ ᠦᠭᠡ ᠶᠦᠮ᠃
ᠪᠢᠳᠡ ᠶᠠᠭᠤ ᠴᠤ᠌ ᠪᠣᠳᠣᠵᠤ ᠶᠠᠭᠤ ᠶ᠋ᠢ ᠴᠦ᠍ ᠶᠠᠭᠠᠬᠢᠵᠤ ᠴᠤ᠌ ᠰᠡᠳᠬᠢᠵᠦ ᠪᠣᠯᠤᠨ᠎ᠠ᠃ ᠪᠠᠷᠠᠭᠤᠨ ᠤ᠋ ᠬᠥᠭᠵᠢᠯ ᠦ᠋ᠨ ᠲᠤᠷᠰᠢᠯᠭ᠎ᠠ ᠴᠢᠬᠤᠯᠠ ᠭᠡᠪᠡᠯ ᠴᠢᠬᠤᠯᠠ᠂ ᠴᠢᠬᠤᠯᠠ ᠪᠤᠰᠤ ᠭᠡᠪᠡᠯ ᠴᠢᠬᠤᠯᠠ ᠪᠤᠰᠤ᠃ ᠡᠨᠡ ᠣᠢᠯᠠᠭᠠᠯᠲᠠ ᠵᠡᠭᠦᠨ ᠦ᠌ ᠪᠠᠰᠠ ᠲᠥᠪ ᠦᠵᠡᠯ ᠳ᠋ᠦ᠍ ᠠᠳᠠᠯᠢ ᠬᠠᠮᠢᠶ᠎ᠠ ᠲᠠᠢ᠃ ᠭᠠᠭᠴᠠ ᠬᠦ᠌ ᠡᠬᠡ ᠠᠪᠬᠤ ᠤᠭᠲᠤᠪᠤᠷᠢ ᠣᠨᠣᠯ ᠦᠭᠡᠢ ᠪᠡᠷ ᠰᠢᠭᠤᠳᠠᠢ ᠳ᠋ᠤ᠌ ᠬᠢᠭᠰᠡᠨ ᠦᠬᠡᠷ ᠦ᠋ᠨ ᠡᠪᠡᠷ ᠰᠢᠭ《ᠣᠯᠠᠨ ᠣᠷᠭᠠᠯᠴᠢ》 ᠦᠵᠡᠯ ᠢ᠋ᠶ᠋ᠡᠷ ᠣᠷᠣᠯᠳᠣᠪᠠᠯ ᠬᠥᠭᠵᠢᠯ ᠡᠴᠡ ᠪᠡᠨ ᠢᠯᠡᠭᠦᠦ ᠮᠥᠬᠥᠯ ᠳ᠋ᠦ᠍ ᠬᠦᠷᠬᠦ ᠨᠢ ᠲᠦᠳᠡᠯᠦᠨᠡ᠃ ᠠᠷᠠᠳᠴᠢᠯᠠᠯ ᠭᠡᠳᠡᠭ ᠢ᠋ ᠣᠨᠣᠯ ᠦᠵᠡᠯ ᠦ᠋ᠨ ᠥᠷᠢᠰᠦᠯᠳᠦᠭᠡᠨ ᠭᠡᠬᠦ ᠡᠴᠡ ᠪᠡᠨ ᠢᠯᠡᠭᠦᠦ ᠭᠤᠷᠪᠠᠯ ᠣᠨᠣᠯ ᠭᠡᠵᠦ ᠤᠬᠠᠭᠠᠷᠠᠬᠤ ᠨᠢ ᠴᠢᠬᠤᠯᠠ᠃ ᠠᠯᠢᠪᠠ ᠦᠵᠡᠯ ᠨᠥᠭᠦᠭᠡ ᠬᠣᠶᠠᠷ ᠴᠢᠭᠯᠡᠯ ᠲᠡᠢ ᠪᠡᠨ(ᠥᠭᠡᠷ᠎ᠡ ᠳᠥᠷᠪᠡᠳᠡᠬᠦ ᠨᠠᠮ᠂ ᠡᠪᠰᠡᠯ ᠦᠵᠡᠯ ᠭᠡᠵᠦ ᠪᠠᠢᠬᠤ ᠪᠣᠯᠤᠮᠵᠢ ᠦᠭᠡᠢ) ᠰᠢᠲᠦᠯᠴᠡᠵᠦ ᠪᠠᠢᠬᠤ ᠲᠡᠷᠡ ᠯᠠ ᠵᠠᠷᠴᠢᠮ ᠶᠤᠮ᠃ ᠪᠠᠰᠠ ᠭᠤᠷᠪᠠᠯ ᠤ᠋ᠨ ᠣᠨᠣᠯ ᠠ᠋ᠴᠠ ᠲᠡᠮᠡᠴᠡᠯ᠂ ᠬᠤᠪᠢᠰᠬᠠᠯ᠂ ᠥᠷᠢᠰᠦᠯᠳᠦᠭᠡᠨ ᠬᠠᠢᠬᠤ᠂ ᠲᠡᠭᠦᠨ ᠢ᠋《ᠵᠡᠪᠰᠡᠭ》 ᠭᠡᠵᠦ ᠡᠨᠳᠡᠭᠦᠷᠡᠬᠦ ᠬᠥᠮᠦᠨ ᠰᠡᠪ ᠪᠠᠢᠬᠤ ᠦᠭᠡᠢ ᠪᠣᠯᠤᠨ᠎ᠠ᠃ ᠲᠡᠭᠡᠪᠡᠯ ᠴᠢᠩᠭᠢᠰ ᠬᠠᠭᠠᠨ ᠶᠠᠭᠠᠬᠢᠭᠠᠳ ᠲᠥᠪ ᠠᠽᠢ ᠶ᠋ᠢᠨ ᠠᠲ᠋ᠯᠠᠨᠲ ᠤ᠋ᠨ ᠳᠠᠯᠠᠢ ᠶ᠋ᠢᠨ ᠡᠷᠭᠢ ᠬᠦᠷᠲᠡᠯ᠎ᠡ ᠲᠡᠢᠨ ᠪᠠᠢᠯᠳᠤᠭᠠᠨ ᠬᠢᠵᠦ《ᠠᠮᠢ》 ᠰᠦᠢᠳᠬᠡᠭᠰᠡᠨ ᠶᠦᠮ ᠪᠣᠢ? ᠭᠡᠰᠡᠨ ᠠᠰᠠᠭᠤᠯᠲᠠ ᠭᠠᠷᠴᠤ ᠢᠷᠡᠨ᠎ᠡ᠃ ᠡᠨᠡ ᠨᠢ ᠨᠢᠭᠡᠳᠦᠭᠡᠷ ᠲᠤ《ᠶᠡᠬᠡ ᠵᠠᠰᠠᠭ》 ᠬᠠᠤᠯᠢ ᠪᠠᠨ《ᠭᠠᠳᠠᠭᠠᠳᠤ ᠬᠠᠷᠢᠯᠴᠠᠭ᠎ᠠ》 ᠶ᠋ᠢᠨ ᠪᠦᠯᠦᠭ ᠲᠡᠢ ᠪᠠᠢᠭᠤᠯᠵᠤ《ᠡᠯᠴᠢ ᠵᠠᠷᠯᠢᠭ ᠢ᠋ ᠭᠤᠲᠤᠭᠠᠨ ᠳᠣᠷᠣᠮᠵᠢᠯᠠᠵᠤ ᠦᠯᠦ ᠪᠣᠯᠤᠨ᠎ᠠ》᠂᠂《ᠤᠯᠤᠰ ᠤ᠋ᠨ ᠬᠣᠭᠣᠷᠣᠨᠳᠣᠬᠢ ᠠᠷᠠᠯᠵᠢᠶ᠎ᠠ ᠬᠤᠳᠠᠯᠳᠤᠭ᠎ᠠ ᠶ᠋ᠢ ᠬᠠᠮᠠᠭᠠᠯᠠᠬᠤ ᠬᠡᠷᠡᠭᠲᠡᠢ》᠂ ᠬᠣᠶᠠᠷ ᠲᠠᠯ᠎ᠠ ᠳᠠᠢᠳᠤᠬᠤ ᠶ᠋ᠢᠨ ᠡᠮᠦᠨ᠎ᠡ ᠳᠠᠢᠰᠤᠨ ᠡᠲᠡᠭᠡᠳ ᠦ᠋ᠨ ᠴᠡᠷᠢᠭ ᠠᠷᠠᠳ ᠲᠤ《ᠬᠡᠷᠪᠡ ᠡᠰᠡᠷᠭᠦᠴᠡᠯ ᠦᠭᠡᠢ ᠳᠠᠭᠠᠵᠤ ᠣᠷᠣᠪᠠᠰᠤ ᠲᠠ ᠨᠠᠷ ᠢ᠋ ᠰᠠᠢᠨ ᠰᠠᠢᠬᠠᠨ ᠪᠠ ᠠᠮᠤᠷ ᠲᠦᠪᠰᠢᠨ ᠪᠠᠢᠯᠭᠠᠮᠤᠢ》 ᠭᠡᠰᠡᠨ ᠭᠤᠷᠪᠠᠨ ᠵᠢᠭᠠᠯᠲᠠ ᠪᠣᠢ ᠪᠥᠭᠡᠳ ᠲᠤᠬᠠᠢ ᠶ᠋ᠢᠨ ᠤᠯᠤᠰ ᠣᠷᠣᠨ ᠪᠦᠷᠢ ᠳ᠋ᠦ᠍ ᠣᠶᠤᠨ ᠤ᠋ ᠡᠮᠦᠨ᠎ᠡ ᠮᠡᠳᠡᠭᠦᠯᠦᠭᠰᠡᠨ ᠪᠠᠢᠳᠠᠭ᠃ ᠡᠳᠡᠭᠡᠷ ᠵᠢᠭᠠᠯᠲᠠ ᠵᠥᠷᠢᠴᠡᠭᠳᠡᠵᠦ ᠬᠠᠤᠯᠢ ᠶ᠋ᠢᠨ ᠵᠢᠭᠠᠯᠲᠠ ᠶ᠋ᠢ ᠪᠡᠶᠡᠯᠡᠭᠦᠯᠬᠦ ᠱᠠᠭᠠᠷᠳᠠᠯᠭ᠎ᠠ ᠭᠠᠷᠴᠠᠢ᠃ ᠲᠡᠷᠡ ᠨᠢ《ᠶᠡᠬᠡ ᠵᠠᠰᠠᠭ》 ᠲᠤ《ᠬᠡᠷᠪᠡ ᠡᠰᠡᠷᠭᠦᠴᠡᠪᠡᠰᠦ ᠶᠠᠮᠠᠷ ᠵᠥᠪᠯᠡᠯᠭᠡ ᠤᠴᠠᠷᠠᠬᠤ ᠶ᠋ᠢ ᠭᠠᠭᠴᠠ ᠬᠦ᠌ ᠮᠥᠩᠬᠡ ᠲᠩᠷᠢ ᠮᠡᠳᠡᠬᠦ ᠡᠴᠡ ᠪᠢᠰᠢ ᠪᠢᠳᠡ ᠦᠯᠦ ᠮᠡᠳᠡᠮᠦᠢ》 ᠭᠡᠵᠦ ᠮᠡᠳᠡᠭᠳᠡᠭᠰᠡᠨ ᠪᠠᠢᠨ᠎ᠠ ᠭᠡᠰᠡᠨ ᠵᠢᠭᠠᠯᠲᠠ ᠠᠵᠠᠢ᠃ ᠳᠡᠭᠡᠷᠡᠬᠢ ᠭᠤᠷᠪᠠᠨ ᠵᠢᠭᠠᠯᠲᠠ ᠶ᠋ᠢ ᠵᠥᠷᠢᠴᠡᠭᠰᠡᠨ ᠨᠢ ᠵᠥᠪᠰᠢᠯ ᠬᠢᠬᠦ ᠶ᠋ᠢ ᠬᠦᠰᠡᠭᠡ ᠦᠭᠡᠢ᠂ ᠪᠠᠰᠤᠮᠵᠢᠯᠠᠨ ᠲᠤᠷᠬᠢᠷᠠᠭᠰᠠᠨ᠂ ᠥᠳᠥᠭᠡᠨ ᠬᠤᠳᠬᠤᠭᠰᠠᠨ ᠬᠡᠷᠡᠭ ᠪᠣᠯᠬᠤ ᠨᠢ ᠲᠣᠳᠣᠷᠬᠠᠢ ᠪᠥᠭᠡᠳ ᠴᠠᠭ ᠠᠯᠳᠠᠪᠠᠯ ᠡᠰᠡᠷᠭᠦ ᠡᠲᠡᠭᠡᠳ ᠲᠦᠷᠦᠭᠦᠯᠡᠵᠦ ᠳᠣᠪᠲᠣᠯᠬᠤ᠂ ᠬᠠᠮᠠᠭᠠᠯᠠᠯᠲᠠ ᠬᠢᠬᠦ᠂ ᠬᠦᠴᠦᠨ ᠬᠤᠷᠠᠮᠳᠤᠯᠠᠭᠳᠠᠬᠤ ᠠᠶᠤᠯ ᠲᠠᠢ ᠪᠥᠭᠡᠳ ᠡᠨᠡ ᠲᠣᠬᠢᠶᠠᠯᠳᠤᠯ ᠮᠣᠩᠭᠣᠯᠴᠤᠳ ᠲᠤ ᠮᠥᠬᠥᠯ ᠶᠦᠮ᠃ ᠭᠤᠷᠪᠠᠯ ᠤᠬᠠᠭᠠᠨ ᠤ᠋ ᠡᠨᠡ ᠳᠣᠷᠣᠮᠵᠢ᠂ ᠰᠢᠢᠳᠪᠦᠷᠢ᠂ ᠪᠡᠯᠡᠳᠬᠡᠯ ᠪᠣᠯ ᠮᠥᠩᠬᠡ ᠲᠩᠷᠢ ᠶ᠋ᠢᠨ ᠮᠡᠳᠡᠬᠦ ᠬᠡᠷᠡᠭ《ᠫᠠᠰᠰᠢᠤᠨᠠᠷᠢ》 ᠠᠵᠠᠢ᠃ ᠡᠢᠮᠦ ᠤᠴᠢᠷ ᠲᠡᠷᠡ ᠲᠡᠢᠨ ᠪᠠᠢᠯᠳᠤᠭᠠᠨ ᠨᠢ ᠬᠠᠤᠯᠢ ᠶ᠋ᠢᠨ ᠲᠡᠢᠨ ᠪᠥᠭᠡᠳ ᠭᠦᠢᠴᠡᠳᠬᠡᠭᠴᠢ ᠨᠢ ᠴᠢᠩᠭᠢᠰ ᠬᠠᠭᠠᠨ ᠪᠠᠢᠭᠰᠠᠨ ᠪᠣᠯᠤᠨ᠎ᠠ᠃
ᠡᠳᠦᠭᠡ ᠴᠠᠭ ᠲᠤ ᠪᠣᠯ ᠢᠲᠡᠭᠡᠯ᠂ ᠪᠢᠰᠢᠷᠡᠯ᠂ ᠬᠦᠨᠳᠦᠳᠬᠡᠯ ᠭᠤᠷᠪᠠᠯ ᠳ᠋ᠤ᠌ ᠪᠦᠬᠦᠯᠢ ᠡᠳᠦᠷ ᠰᠣᠶᠣᠯ᠂ ᠤᠳᠤᠮᠰᠢᠯ ᠢ᠋ᠶ᠋ᠠᠨ ᠰᠢᠩᠭᠡᠭᠡᠭᠰᠡᠨ ᠪᠠᠶᠠᠨ ᠥᠪ ᠢ᠋ᠶ᠋ᠡᠨ ᠳᠡᠭᠡᠳᠦᠯᠡᠪᠡᠰᠦ ᠪᠢᠳᠡᠨ ᠦ᠌ ᠠᠮᠢᠨ ᠳ᠋ᠤ᠌ ᠬᠠᠯᠳᠠᠬᠤ ᠲᠠᠢᠰᠠᠨ ᠭᠠᠷᠬᠤ ᠦᠭᠡᠢ ᠶᠣᠰᠣᠲᠠᠢ᠃3×3=9 ᠬᠦᠰᠡᠯ᠂9×3=27 ᠤᠬᠠᠭᠠᠨ᠂27×3=81 ᠰᠠᠨᠠᠭ᠎ᠠ ᠪᠢᠰᠢᠯᠭᠠᠯ ᠤ᠋ᠨ ᠨᠠᠷᠢᠪᠴᠢᠯᠠᠯ ᠢ᠋ᠶ᠋ᠠᠷ ᠠᠰᠠᠭᠤᠳᠠᠯ ᠳ᠋ᠤ᠌ ᠬᠠᠨᠳᠤᠵᠤ ᠥᠰᠴᠡᠬᠡᠶᠡ᠃ ᠮᠣᠩᠭᠣᠯ ᠤ᠋ᠨ ᠭᠤᠷᠪᠠᠯ ᠣᠨᠣᠯ ᠬᠠᠷᠢ ᠰᠣᠶᠣᠯ ᠳ᠋ᠤ᠌ ᠠᠭᠤᠰᠬᠠᠬᠤ ᠠᠳᠬᠠᠭ ᠳᠣᠪᠲᠣᠯᠭᠠᠨ ᠠ᠋ᠴᠠ ᠠᠷᠠᠳ ᠲᠦᠮᠡᠨ ᠢ᠋ᠶ᠋ᠡᠨ ᠠᠪᠤᠷᠠᠭᠰᠠᠨ ᠪᠠᠮᠪᠠᠢ ᠪᠣᠯᠤᠭᠰᠠᠭᠠᠷ ᠢᠷᠡᠭᠰᠡᠨ ᠪᠤᠰᠤᠳ ᠠ᠋ᠴᠠ ᠰᠤᠷᠬᠤ ᠡᠷᠳᠡᠮ ᠦ᠋ᠨ ᠲᠦᠯᠬᠢᠭᠦᠷ ᠴᠢᠨᠳᠠᠮᠤᠨᠢ ᠭᠤᠷᠪᠠᠯ ᠪᠤᠶᠤ᠃ ᠤᠬᠠᠵᠤ ᠪᠣᠳᠣᠬᠤ ᠮᠣᠩᠭᠣᠯ ᠤᠬᠠᠭᠠᠨ ᠤ᠋ ᠤᠳᠬ᠎ᠠ ᠠᠯᠳᠠᠷᠠᠵᠤ ᠭᠦᠶᠦᠵᠦ ᠭᠤᠪᠰᠢᠬᠤ᠂ ᠤᠤᠭᠤᠵᠤ ᠢᠳᠡᠬᠦ ᠬᠥᠪᠰᠥᠷᠭᠡᠨ ᠬᠥᠩᠭᠡᠨ ᠳ᠋ᠦ᠍ ᠳᠠᠭᠠᠬᠤ ᠪᠣᠢ ᠮᠣᠩᠭᠣᠯ ᠠᠮᠢ ᠮᠢᠨᠦ᠃ ᠡᠨᠡ ᠡᠷᠳᠡᠮ ᠦ᠋ᠨ ᠡᠬᠢ ᠶ᠋ᠢ ᠢᠷᠡᠭᠡᠳᠦᠢ ᠶ᠋ᠢᠨ ᠭᠠᠷ ᠲᠤ ᠠᠳᠬᠤᠭᠤᠯᠵᠤ ᠮᠣᠩᠭᠣᠯ ᠤᠬᠠᠭᠠᠨ ᠤ᠋ ᠦᠷ᠎ᠡ ᠶ᠋ᠢ ᠠᠷᠠᠴᠢᠯᠠᠨ ᠳᠣᠳᠣᠮᠳᠠᠵᠤ ᠰᠣᠶᠣᠭᠠᠯᠠᠭᠤᠯᠬᠤ ᠶᠤᠮᠰᠠᠨ᠃ ᠶᠡᠬᠡᠰ ᠵᠠᠷᠢᠮ ᠨᠢ ᠮᠦᠰᠢᠶᠡᠪᠡᠴᠦ ᠲᠡᠭᠦᠨ ᠦ᠌ ᠴᠠᠭᠠᠨ᠎ᠠ ᠣᠯᠠᠨ ᠣᠯᠠᠨ ᠣᠨ ᠵᠢᠯ ᠦ᠋ᠳ ᠴᠡᠯᠡᠢᠨ ᠪᠣᠢ᠃ ᠡᠭᠦᠨ ᠦ᠌ ᠲᠤᠯᠠ ᠮᠡᠬᠦᠰ ᠪᠢ ᠮᠤᠩᠬᠠᠭ ᠣᠶᠤᠨ ᠢ᠋ᠶ᠋ᠠᠨ ᠴᠢᠯᠡᠭᠡᠭᠰᠡᠨ ᠪᠥᠯᠥᠭᠡ᠁ ᠭᠡᠰᠡᠨ ᠡᠭᠦᠨ ᠢ᠋ ᠵᠥᠪᠬᠡᠨ ᠨᠠᠳᠠ ᠮᠡᠲᠦ ᠨᠢ ᠲᠣᠢᠮᠣᠯᠠᠬᠤ ᠬᠤᠪᠢ ᠲᠠᠢ ᠠᠭᠰᠠᠨ ᠢ᠋ ᠪᠠᠰᠠ ᠳᠤᠷᠠᠳᠤᠰᠤ᠃ ᠤᠴᠢᠷ ᠨᠢ ᠢᠳᠢᠶᠠᠯᠢᠰᠲ ᠴᠤ᠌ ᠪᠠᠢ᠂ ᠮᠠᠲ᠋ᠧᠷᠢᠶᠠᠯᠢᠰᠲ ᠴᠤ᠌ ᠪᠠᠢ᠂ ᠡᠰᠡᠬᠦᠯ᠎ᠡ ᠰᠢᠨᠵᠢᠯᠡᠬᠦ ᠤᠬᠠᠭᠠᠴᠢ ᠡᠷᠳᠡᠮᠲᠡᠨ᠂ ᠱᠠᠰᠢᠨ ᠤ᠋ ᠣᠨᠣᠯᠲᠠᠨ ᠬᠡᠨ ᠨᠢ ᠴᠦ᠍ ᠨᠠᠰᠤᠨ ᠲᠤᠷᠠᠬᠤ ᠤᠷᠤᠭᠤ ᠰᠢᠮᠳᠠᠭᠰᠠᠨ ᠲᠤᠬᠠᠢ ᠶ᠋ᠢᠨ ᠶᠡᠬᠡ ᠪᠣᠯᠪᠠᠰᠤᠷᠠᠯ ᠢ᠋ᠶ᠋ᠠᠨ ᠬᠠᠰᠢᠭᠳᠠᠨ ᠰᠡᠳᠬᠢᠬᠦ ᠨᠢ ᠵᠦᠢ ᠪᠢᠵᠡ᠃ ᠪᠣᠯᠪᠠᠰᠤᠷᠠᠯ ᠦᠭᠡᠢᠳᠡᠨ ᠦ᠌ ᠡᠮᠬᠢᠯᠡᠭᠰᠡᠨ ᠡᠯ᠎ᠡ ᠰᠡᠳᠦᠪ ᠥᠷᠭᠡᠨ ᠴᠠᠷᠠᠭ᠎ᠠ ᠲᠠᠢ᠂ ᠮᠡᠳᠡᠯᠭᠡ ᠶ᠋ᠢᠨ ᠪᠣᠯᠤᠮᠵᠢ ᠳᠡᠩᠳᠡᠭᠦᠦ ᠬᠣᠮᠰᠠ ᠬᠦᠮᠰᠡ᠂ ᠮᠡᠳᠡᠭᠦᠰᠢᠲᠡᠢ ᠨᠢ ᠳᠡᠩᠳᠡᠭᠦᠦ ᠢᠵᠠᠭᠤᠷ ᠦᠭᠡᠢ ᠠᠭᠰᠠᠨ ᠲᠤᠯᠠ ᠪᠠᠵᠠᠨ ᠲᠣᠢᠮᠣᠯᠠᠬᠤ ᠭᠡᠬᠦ ᠨᠢ ᠵᠣᠪᠠᠯᠠᠩᠲᠤ ᠠᠵᠢᠯ ᠠᠵᠠᠢ᠂ ᠡᠨᠳᠡ ᠰᠤᠳᠤᠯᠭ᠎ᠠ ᠰᠤᠷᠲᠠᠯᠴᠢᠯᠠᠭᠠᠨ ᠤ᠋ ᠪᠤᠰᠤ᠂ ᠰᠤᠷᠠᠭ ᠰᠣᠨᠣᠰᠬᠠᠬᠤ ᠵᠣᠷᠢᠯᠭ᠎ᠠ ᠶ᠋ᠢ ᠡᠷᠬᠢᠮᠯᠡᠨ ᠥᠩᠭᠡᠴᠡ ᠲᠠᠩᠳᠠᠭᠰᠠᠨ ᠪᠣᠯᠬᠤ ᠨᠢ ᠮᠡᠳᠡᠭᠡᠵᠢ ᠪᠣᠢ ᠊ᠶ᠎ᠠ᠃ ᠹᠢᠯᠣᠰᠣᠹᠢ ᠶ᠋ᠢᠨ ᠦᠨᠡᠨ ᠢ᠋ ᠰᠢᠨᠵᠢᠯᠡᠬᠦ ᠤᠬᠠᠭᠠᠨ ᠨᠤᠲᠠᠯᠠᠵᠤ ᠪᠣᠯᠤᠨ᠎ᠠ᠃ ᠨᠤᠲᠠᠯᠠᠵᠤ ᠴᠢᠳᠠᠬᠤ ᠦᠭᠡᠢ ᠪᠠᠢᠵᠤ ᠪᠣᠯᠤᠨ᠎ᠠ᠃ ᠠᠵᠠ ᠪᠠᠷ ᠠᠮᠢ ᠶ᠋ᠢ ᠪᠣᠳᠳᡁᠠ ᠶ᠋ᠢᠨ᠂ ᠾᠷᠢᠰᠲ ᠦ᠋ᠨ ᠠᠯᠠᠯᡁᠠ ᠶ᠋ᠢᠨ ᠦᠢᠯᠡ ᠭᠡᠮᠡᠨ ᠲᠠᠢᠯᠪᠤᠷᠢᠯᠠᠭᠰᠠᠨ ᠱᠠᠰᠢᠨ ᠰᠢᠲᠦᠯᠭᠡ ᠳᠡᠯᠡᠬᠡᠢ ᠶᠢᠷᠲᠢᠨᠴᠦ ᠶ᠋ᠢᠨ ᠠᠮᠢᠨ ᠳ᠋ᠤ᠌ ᠨᠥᠯᠥᠭᠡᠯᠡᠵᠦ ᠪᠠᠢᠵᠤ ᠮᠠᠭᠠᠳ ᠦᠭᠡᠢ᠃ ᠨᠢᠭᠦᠯ ᠢ᠋ᠶ᠋ᠡᠨ ᠮᠥᠷᠭᠥᠨ ᠨᠠᠮᠠᠨᠴᠢᠯᠠᠭᠰᠠᠨ ᠶᠡᠬᠡ ᠰᠢᠲᠦᠯᠭᠡ ᠶᠢᠷᠲᠢᠨᠴᠦ ᠶ᠋ᠢᠨ ᠠᠮᠢ ᠳᠣᠭᠰᠢᠷᠠᠬᠤ ᠶᠡᠬᠡ ᠰᠦᠢᠳᠬᠡᠯ ᠢ᠋ ᠢᠯᠠᠷᠢᠰᠢᠭᠤᠯᠳᠠᠭ ᠪᠠᠢᠵᠤ ᠪᠣᠯᠤᠨ᠎ᠠ᠃ ᠠᠵᠠ ᠪᠠᠷ ᠡᠺᠣᠯᠣᠭᠢ ᠶ᠋ᠢᠨ ᠲᠡᠩᠴᠡᠪᠦᠷᠢ ᠠᠯᠳᠠᠭᠳᠠᠪᠠ ᠭᠡᠮᠡᠨ ᠰᠢᠨᠵᠢᠯᠡᠬᠦ ᠤᠬᠠᠭᠠᠨ ᠬᠣᠶᠠᠷ ᠤ᠋ᠨ ᠲᠠᠪᠰᠢᠯᠲᠠ ᠳ᠋ᠤ᠌ ᠴᠢᠨᠠᠷ ᠢ᠋ ᠨᠢ ᠥᠪᠯᠡᠨ ᠬᠥᠭᠵᠢᠭᠦᠯᠪᠡᠰᠦ ᠭᠤᠷᠪᠠᠯ ᠣᠨᠣᠯ ᠰᠠᠶᠢ ᠴᠡᠭᠴᠡᠷᠡᠵᠦ ᠠᠮᠢᠨ ᠶᠢᠷᠲᠢᠨᠴᠦ ᠶ᠋ᠢ ᠲᠠᠨᠢᠨ ᠮᠡᠳᠡᠬᠦ ᠡᠭᠦᠳᠡ ᠬᠠᠭᠠᠯᠭ᠎ᠠ ᠨᠡᠭᠡᠭᠡᠭᠳᠡᠵᠦ ᠪᠣᠯᠤᠨ᠎ᠠ᠃
ᠡᠯ᠎ᠡ ᠨᠣᠮ ᠢ᠋ ᠣᠨᠣᠯ ᠭᠡᠰᠡᠨ ᠦ᠌ ᠤᠴᠢᠷ ᠨᠢ ᠠᠷᠠᠳ ᠲᠦᠮᠡᠨ ᠦ᠌ ᠭᠦᠨ ᠤᠬᠠᠭᠠᠨ ᠤ᠋ ᠲᠤᠷᠰᠢᠯᠭ᠎ᠠ᠂ ᠵᠠᠩᠰᠢᠯ᠂ ᠦᠵᠡᠯ ᠪᠠᠷᠢᠮᠲᠠᠯᠠᠯ ᠢ᠋ ᠴᠣᠬᠢᠯᠠᠵᠤ《ᠣᠨᠣᠭᠠᠬᠤ》 ᠰᠠᠨᠠᠭ᠎ᠠ ᠪᠥᠭᠡᠳ ᠴᠤ᠌ ᠰᠢᠨ᠎ᠡ ᠨᠡᠭᠡᠭᠡᠯᠲᠡ ᠭᠠᠷᠪᠠ ᠭᠡᠬᠦ ᠦᠭᠡ ᠪᠤᠰᠤ᠂ ᠬᠠᠷᠢᠨ ᠴᠤ᠌ ᠫᠷᠡᠺᠲ᠋ᠢ᠍ᠭ ᠲᠣᠭᠠᠴᠢᠯᠲᠠ ᠭᠡᠳᠡᠭ ᠢ᠋ᠶ᠋ᠡᠨ ᠢᠯᠡᠴᠢᠯᠡᠭᠰᠡᠨ ᠬᠡᠷᠡᠭ ᠶᠦᠮ᠃ ᠫᠷᠡᠺᠲ᠋ᠢ᠍ᠭ ᠭᠡᠳᠡᠭ ᠢ᠋ ᠲᠦᠯᠬᠢᠨ ᠣᠷᠴᠢᠭᠤᠯᠬᠤ ᠪᠣᠯᠤᠭᠰᠠᠨ《ᠡᠰᠢ》 ᠶ᠋ᠢ ᠣᠯᠠᠨᠲᠠ ᠳᠤᠷᠠᠳᠤᠭᠰᠠᠨ ᠨᠢ ᠪᠢᠳᠡᠨ ᠦ᠌ ᠣᠢᠯᠠᠭᠠᠳᠠᠭ《ᠣᠨᠣᠯ》 ᠡᠬᠢ ᠤᠳᠬ᠎ᠠ ᠠᠪᠠᠢ᠃《ᠡᠰᠢ ᠦᠵᠡᠭᠦᠯᠬᠦ》 ᠭᠡᠰᠡᠨ ᠬᠡᠯᠡᠯᠡᠭᠡ ᠨᠢ ᠭᠤᠷᠪᠠᠨ ᠴᠠᠭ ᠤ᠋ᠨ ᠳᠠᠯᠳᠠ ᠤᠳᠬ᠎ᠠ ᠶ᠋ᠢ ᠲᠠᠢᠯᠬᠤ ᠭᠡᠰᠡᠨ ᠲᠣᠮᠢᠶᠠᠯᠠᠪᠤᠷᠢ ᠤᠯᠠᠮᠵᠢᠯᠠᠯ ᠲᠠᠢ ᠪᠣᠯᠤᠨ᠎ᠠ᠃ ᠤᠭ ᠬᠣᠶᠠᠷ ᠦᠭᠡ ᠶ᠋ᠢ ᠢᠵᠠᠭᠤᠷ ᠤᠳᠬ᠎ᠠ ᠶ᠋ᠢ ᠵᠥᠷᠢᠭᠦᠯᠵᠦ ᠬᠡᠪᠰᠢᠭᠦᠯᠦᠭᠡᠳ ᠪᠠᠢᠨ᠎ᠠ ᠳᠠ ᠪᠢᠳᠡ᠃ ᠪᠠᠰᠠ ᠵᠣᠬᠢᠶᠠᠭᠴᠢ ᠶ᠋ᠢᠨ ᠨᠡᠷ᠎ᠡ ᠨᠠ᠊ ᠬᠠᠭᠠᠨᠪᠣᠣ ᠭᠡᠵᠦ ᠪᠣᠢ ᠨᠢ ᠬᠤᠪᠢ ᠶ᠋ᠢᠨ ᠭᠠᠵᠢ ᠶᠡᠬᠡᠮᠰᠦᠭᠯᠡᠯ ᠪᠢᠰᠢ᠃ ᠠᠷᠠᠳ ᠤ᠋ᠨ ᠵᠣᠬᠢᠶᠠᠯᠴᠢ ᠲᠠᠰᠢᠳᠣᠷᠤᠪ᠂ ᠰᠣᠶᠣᠯ ᠤ᠋ᠨ ᠭᠠᠪᠢᠶᠠᠲᠤ ᠴ ᠬᠠᠰᠪᠠᠭᠠᠲᠤᠷ ᠠᠪᠤᠭᠠᠢ ᠨᠠᠷ ᠨᠢᠭᠡᠨ ᠳᠣᠣᠷ᠎ᠠ ᠨᠣᠮ ᠤ᠋ᠨ ᠨᠡᠷ᠎ᠡ ᠲᠡᠢ ᠪᠣᠯᠬᠤ ᠵᠥᠪᠯᠡᠮᠵᠢ ᠥᠭᠴᠦ᠂ ᠲᠥᠷᠥ ᠶ᠋ᠢᠨ ᠰᠣᠶᠣᠷᠬᠠᠯᠲᠣ ᠳ ᠴᠣᠣᠳᠣᠯ᠂ ᠨᠡᠷᠡᠲᠦ ᠵᠣᠬᠢᠶᠠᠯᠴᠢ ᠽ· ᠲᠦᠮᠡᠨᠵᠢᠷᠭᠠᠯ ᠨᠠᠷ ᠪᠦᠲᠦᠭᠡᠯ ᠢ᠋ ᠮᠢᠨᠢ ᠡᠢᠨ ᠨᠡᠷ᠎ᠡ ᠪᠡᠷ ᠭᠠᠷᠭᠠᠵᠤ ᠮᠥᠷᠳᠡᠰᠦᠭᠡᠢ ᠭᠡᠮᠡᠨ ᠨᠥᠬᠥᠷ ᠦ᠋ᠨ ᠶᠣᠰᠣ ᠪᠠᠷ ᠵᠠᠬᠢᠭᠰᠠᠨ ᠤᠴᠢᠷ ᠲᠠᠢ ᠪᠥᠯᠥᠭᠡ᠃
ᠪᠢ ᠡᠯᠳᠡᠪ ᠨᠣᠮ ᠣᠩᠭᠢᠴᠢᠨ ᠭᠦᠨ ᠭᠦᠨᠵᠡᠭᠡᠢ ᠰᠤᠳᠤᠯᠭ᠎ᠠ ᠬᠢᠭᠡ ᠦᠭᠡᠢ ᠪᠥᠭᠡᠳ ᠠᠬᠤᠢ ᠳ᠋ᠤ᠌ ᠨᠢᠭᠡᠨᠲᠡ ᠬᠡᠪᠰᠢᠭᠰᠡᠨ ᠤᠴᠢᠷ ᠵᠦᠢ ᠰᠤᠷᠭᠠᠯ ᠢ᠋ ᠮᠥᠰᠬᠢᠨ ᠰᠠᠨᠠᠭᠤᠯᠵᠤ᠂ ᠨᠣᠮ ᠤ᠋ᠨ ᠰᠠᠳᠤᠨ ᠬᠡᠨ ᠨᠢ ᠴᠦ᠍ ᠮᠡᠳᠡᠯᠭᠡ ᠶ᠋ᠢᠨ ᠬᠦᠷᠢᠶᠡᠨ ᠳ᠋ᠡᠬᠢ ᠶᠡᠷᠦᠩᠬᠡᠢ ᠡᠷᠳᠡᠮ ᠢ᠋《ᠭᠤᠷᠪᠠᠯ ᠤ᠋ᠨ ᠣᠨᠣᠯ》 ᠳ᠋ᠤ᠌ ᠬᠠᠨᠳᠤᠭᠤᠯᠵᠤ ᠡᠷᠭᠢᠴᠡᠭᠦᠯᠦᠭᠰᠡᠨ ᠲᠤᠯᠠ《ᠠᠰᠢᠭᠯᠠᠭᠰᠠᠨ ᠨᠣᠮ ᠵᠦᠢ ᠶ᠋ᠢᠨ ᠵᠢᠭᠰᠠᠭᠠᠯᠲᠠ》 ᠵᠠᠷᠭᠡ ᠶ᠋ᠢ ᠬᠠᠪᠰᠤᠷᠭᠠᠭᠰᠠᠨ ᠦᠭᠡᠢ᠃ ᠴᠢᠩᠭᠢᠪᠡᠰᠦ ᠪᠣᠯᠪᠠᠰᠤᠷᠠᠯ ᠥᠨᠳᠥᠷ ᠤᠩᠰᠢᠭᠴᠢ ᠣᠯᠠᠨ ᠢ᠋ᠶ᠋ᠠᠨ ᠴᠢᠯᠡᠭᠡᠬᠦ ᠲᠡᠳᠦᠢ ᠦᠭᠡᠢ᠂ ᠴᠢᠮᠠᠷᠬᠠᠭᠰᠠᠨ ᠪᠣᠯᠤᠨ᠎ᠠ ᠭᠡᠮᠡᠨ ᠡᠮᠢᠶᠡᠭᠰᠡᠨ ᠢ᠋ᠶ᠋ᠡᠨ ᠥᠴᠢᠮᠦᠢ᠃ ᠲᠡᠭᠦᠨ ᠡᠴᠡ ᠪᠢᠰᠢ ᠣᠷᠣᠰ ᠮᠣᠩᠭᠣᠯ ᠲᠡᠷᠡ ᠪᠠᠢᠲᠤᠭᠠᠢ ᠠᠩᠭ᠌ᠯᠢ᠂ ᠭᠧᠷᠮᠠᠨ ᠴᠤ᠌ ᠶᠤᠮ ᠤᠤ ᠬᠡᠳᠦᠨ ᠨᠣᠮ ᠤ᠋ᠨ ᠨᠡᠷ᠎ᠡ ᠡᠰᠢᠯᠡᠬᠦ ᠠᠮᠠᠷᠬᠠᠨ ᠪᠠᠢᠯᠭᠦᠢ ᠶᠠᠭᠠᠬᠢᠬᠤᠪ ᠠ᠋᠃ ᠲᠠ ᠤᠩᠰᠢᠵᠤ ᠥᠨᠳᠥᠷᠯᠡᠭᠰᠡᠨ ᠡᠨᠡ ᠬᠣᠷᠣᠮ ᠳ᠋ᠠᠭᠠᠨ ᠨᠣᠮ ᠤ᠋ᠨ ᠨᠡᠷ᠎ᠡ ᠪᠡᠨ ᠡᠷᠭᠢᠵᠦ ᠨᠢᠭᠡ ᠬᠠᠷᠠᠭᠠᠳ《ᠮᠥᠩᠬᠡᠭᠠᠯ ᠤ᠋ᠨ ᠭᠤᠷᠪᠠᠯ ᠣᠨᠣᠯ᠂ ᠶᠢᠷᠲᠢᠨᠴᠦ ᠶ᠋ᠢᠨ ᠠᠮᠢᠨ ᠭᠠᠷᠪᠠᠯᠢ》 ᠭᠡᠮᠡᠨ ᠵᠠᠯᠠᠷᠠᠭᠤᠯᠵᠤ ᠨᠢᠭᠡ ᠪᠢᠰᠢᠯᠭᠠᠨ᠎ᠠ ᠤᠤ? ᠮᠣᠩᠭᠣᠯ ᠤ᠋ᠨ ᠭᠡᠪᠡᠯ ᠰᠠᠶᠢᠬᠠᠨ ᠤ᠋ ᠮᠥᠩᠬᠡᠭᠠᠯ ᠤ᠋ᠨ ᠬᠡᠪ ᠡᠴᠡ ᠥᠨᠢ ᠡᠷᠲᠡᠨ ᠦ᠌ ᠰᠠᠨᠠᠭ᠎ᠠ ᠴᠤᠬᠤᠯᠵᠠᠬᠤ ᠲᠤᠯᠠ《ᠵᠠᠯᠠᠷᠠᠭᠤᠯᠵᠤ》 ᠭᠡᠰᠡᠨ ᠠᠪᠠᠢ᠃ ᠪᠠᠰᠠ ᠶᠢᠷᠲᠢᠨᠴᠦ ᠶ᠋ᠢᠨ ᠭᠡᠳᠡᠭ ᠦᠭᠡ ᠬᠥᠮᠦᠨ ᠠᠮᠢᠲᠠᠨ᠂ ᠪᠠᠢᠭᠠᠯᠢ ᠳᠡᠯᠡᠬᠡᠢ᠂ ᠣᠷᠴᠢᠯᠠᠩᠲᠤ ᠬᠣᠷᠸ᠎ᠠ ᠲᠡᠳᠦᠢ ᠦᠭᠡᠢ ᠰᠡᠳᠬᠢᠯᠭᠡᠨ ᠦ᠌ ᠭᠡᠰᠡᠨ ᠠᠭᠤᠯᠭ᠎ᠠ ᠳᠠᠭᠠᠭᠠᠵᠤ ᠪᠠᠢᠭ᠎ᠠ ᠶ᠋ᠢ ᠪᠣᠯᠭᠣᠭᠠᠭᠲᠤᠨ! ᠡᠭᠦᠨ ᠯᠦ᠍ᠭᠡ ᠲᠥᠰᠲᠡᠢ ᠪᠡᠷ《ᠭᠠᠷᠪᠠᠯᠢ》 ᠭᠡᠳᠡᠭ ᠢ᠋ ᠡᠭᠦᠰᠦᠯ ᠭᠡᠮᠡᠨ ᠤᠬᠠᠵᠤ ᠮᠥᠴᠢᠭᠳᠡᠬᠦ ᠪᠣᠢ ᠭᠡᠮᠡᠨ ᠴᠡᠨᠡᠮᠦᠢ᠃ ᠭᠠᠷᠪᠠᠯᠢ ᠭᠡᠳᠡᠭ《ᠠᠮᠢ》 ᠨᠢᠭᠤᠷ ᠲᠠᠢ ᠲᠤᠯᠠ ᠡᠭᠦᠰᠦᠯ ᠬᠥᠭᠵᠢᠯ ᠭᠦᠨ ᠤᠬᠠᠭᠠᠨ ᠤ᠋ ᠳᠣᠲᠣᠭᠠᠳᠤ ᠲᠠᠢ ᠣᠨᠣᠯᠴᠢ ᠲᠣᠮᠢᠶᠠᠯᠠᠯ ᠮᠥᠨ ᠪᠣᠯᠠᠢ᠃
ᠬᠥᠮᠦᠨ ᠪᠦᠷᠢ᠂ ᠮᠡᠷᠭᠡᠵᠢᠯᠲᠡᠨ ᠪᠦᠷᠢ ᠡᠮᠦᠨᠡᠬᠢ ᠵᠣᠷᠢᠯᠭ᠎ᠠ᠂ ᠥᠨᠥ ᠶ᠋ᠢᠨ ᠦᠢᠯᠡᠰ᠂ ᠥᠴᠥᠭᠡᠳᠦᠷ ᠦ᠋ᠨ ᠡᠪᠦᠭᠡ ᠭᠤᠷᠪᠠᠯ ᠤ᠋ᠨ ᠣᠨᠣᠯ ᠤ᠋ᠨ ᠪᠠᠷᠢᠯ ᠢ᠋ᠶ᠋ᠠᠷ ᠬᠦᠰᠦᠨᠦᠭᠲᠦ ᠬᠢᠵᠦ ᠪᠠᠢᠭᠠᠳ ᠳ᠋ᠦᠩᠨᠡᠯᠲᠡ ᠨᠡᠭᠡᠭᠡᠵᠦ ᠰᠢᠯᠭᠠᠭᠠᠰᠠᠢ᠃ ᠲᠡᠷᠡ ᠭᠠᠷᠭᠠᠯᠭ᠎ᠠ ᠠᠮᠢᠳᠤ — ᠠᠯᠲᠠ ᠪᠤᠶᠤ᠃ ᠮᠥᠩᠬᠡᠭᠠᠯ ᠲᠣᠭᠣᠷᠢᠭᠰᠠᠨ ᠮᠣᠩᠭᠣᠯ ᠤ᠋ᠨ ᠭᠤᠷᠪᠠᠯ ᠭᠦᠨ ᠤᠬᠠᠭᠠᠨ ᠳ᠋ᠠᠭᠠᠨ ᠰᠥᠭᠥᠳᠦᠨ ᠪᠢᠰᠢᠷᠡᠵᠦ ᠮᠥᠷᠭᠥᠵᠡᠭᠡᠶ᠎ᠡ᠃ ᠮᠥᠩᠬᠡ ᠲᠩᠷᠢ ᠰᠢᠲᠦᠭᠡᠨ᠂ ᠮᠥᠩᠬᠡ ᠭᠠᠯ ᠰᠦᠯᠳᠡᠲᠦ ᠶᠢᠰᠦᠨ ᠬᠥᠯᠲᠦ ᠴᠠᠭᠠᠨ ᠲᠤᠭ᠂ ᠮᠥᠩᠬᠡ ᠢᠷᠦᠭᠡᠯᠲᠦ ᠭᠠᠯ ᠭᠣᠯᠣᠮᠲᠠ ᠶ᠋ᠢᠨ ᠰᠢᠲᠦᠯᠭᠡ ᠲᠡᠳᠡᠭᠡᠷ ᠴᠤ᠌ ᠲᠥᠪᠯᠡᠭᠰᠡᠨ ᠠᠷᠠᠳ ᠤ᠋ᠨ ᠶᠣᠰᠣ ᠵᠠᠩᠰᠢᠯ᠂ ᠲᠦᠮᠡ ᠪᠤᠮᠠᠨ ᠭᠠᠷᠭᠠᠯᠭ᠎ᠠ ᠨᠢ ᠪᠣᠯᠬᠤ ᠡᠷᠳᠡᠮ ᠰᠣᠶᠣᠯ᠂ ᠤᠬᠠᠭᠠᠨ᠂ ᠲᠡᠦᠬᠡ᠂ ᠶᠣᠰᠣ ᠵᠣᠷᠢᠭ᠂ ᠶᠣᠰᠣ ᠵᠠᠩᠰᠢᠯ ᠴᠠᠴᠣᠷᠠᠮᠤ᠃ ᠲᠤᠯᠭ᠎ᠠ ᠶ᠋ᠢᠨ ᠭᠤᠷᠪᠠᠨ ᠴᠢᠯᠠᠭᠤ ᠪᠠᠲᠤ ᠪᠣᠯᠲᠤᠭᠠᠢ!
ᠮᠥᠩᠬᠡ ᠲᠩᠷᠢ ᠳ᠋ᠡᠭᠡᠨ ᠰᠠᠴᠤᠯᠢ ᠪᠠᠨ ᠡᠷᠭᠦᠵᠡᠭᠡᠮᠦ
ᠪᠠᠢᠭᠠᠯᠢ ᠶ᠋ᠢᠨ ᠵᠢᠮ᠎ᠡ ᠬᠠᠤᠯᠢ᠂ ᠶᠢᠷᠲᠢᠨᠴᠦ ᠶ᠋ᠢᠨ ᠷᠢᠳᠢ ᠰᠢᠳᠢ᠂ ᠠᠮᠢ ᠬᠦᠴᠦᠨ ᠦ᠌ ᠮᠡᠳᠡᠭᠡᠯᠡᠯ ᠠᠭᠤᠯᠤᠭᠴᠢ ᠤᠪᠠᠳᠢᠰᠲᠤ ᠬᠢᠵᠠᠭᠠᠷ ᠦᠭᠡᠢ ᠣᠷᠣᠨ ᠵᠠᠢ ᠶ᠋ᠢᠨ ᠳᠣᠯᠭᠢᠶᠠᠯᠢᠭ ᠡᠵᠡᠨ ᠮᠥᠩᠬᠡ ᠲᠩᠷᠢ᠂ ᠪᠠᠢᠭ᠎ᠠ ᠪᠠᠶᠠᠯᠢᠭ ᠬᠥᠮᠦᠨ ᠦ᠌ ᠳᠡᠭᠡᠵᠢ᠂ ᠪᠠᠢᠬᠤ ᠦᠭᠡᠢ ᠪᠦᠬᠦᠨ ᠢ᠋ ᠨᠢᠭᠤᠴᠠᠯᠠᠭᠰᠠᠨ ᠨᠡᠭᠡᠭᠡᠯᠲᠡ ᠡᠷᠳᠡᠨᠢ ᠪᠠᠢᠭᠠᠯᠢ ᠯᠤᠤᠰ ᠯᠤᠭ᠎ᠠ ᠬᠤᠪᠢ ᠬᠥᠮᠦᠨ ᠦ᠌ ᠪᠡᠨ ᠬᠤᠪᠢ ᠳ᠋ᠤ᠌ ᠴᠣᠭᠴᠠᠯᠠᠨ ᠰᠦᠰᠦᠭᠯᠡᠨ ᠵᠠᠯᠪᠠᠷᠢᠵᠠᠭᠠᠶᠠ᠃ ᠠᠷᠢᠭᠤᠨ ᠠᠮᠢᠨ ᠤ᠋ ᠬᠦᠰᠡᠯᠡᠩ ᠦ᠋ᠨ ᠡᠯᠴᠢ ᠰᠠᠴᠤᠯᠢ ᠪᠤᠶᠤ᠃ ᠬᠣᠷᠸ᠎ᠠ ᠨᠢᠭᠡᠨ ᠠᠮᠢ ᠲᠠᠢ᠂ ᠪᠡᠶᠡᠰ ᠢ᠋ᠶ᠋ᠡᠨ ᠲᠥᠯᠥᠵᠢᠭᠦᠯᠦᠨ ᠴᠡᠨᠡᠭᠯᠡᠬᠦ᠂ ᠬᠠᠷᠢᠯᠴᠠᠨ ᠮᠡᠳᠡᠭᠡᠯᠡᠬᠦ ᠠᠲᠠᠯᠠᠬᠤ ᠬᠢᠭᠡᠳ ᠠᠪᠤᠷᠠᠬᠤ ᠰᠦᠯᠵᠢᠶ᠎ᠡ ᠣᠨᠴᠠᠭᠠᠢ ᠦᠨᠡᠨ ᠪᠥᠯᠥᠭᠡ᠃ ᠲᠩᠷᠢ ᠳ᠋ᠦ᠍ ᠴᠢᠭᠤᠯᠤᠭᠰᠠᠨ ᠲᠦᠮᠡᠨ ᠦᠵᠡᠭᠳᠡᠯ ᠦ᠋ᠨ ᠠᠮᠢᠨ ᠮᠡᠳᠡᠭᠡ᠂ ᠮᠢᠩᠭᠠᠨ ᠨᠥᠯᠥᠭᠡ᠂ ᠪᠤᠮᠠᠨ ᠵᠦᠢᠯ ᠠᠮᠢᠲᠠᠨ ᠤ᠋ ᠠᠮᠢ ᠠᠬᠤᠢ ᠣᠶᠤᠨ ᠤ᠋ ᠬᠤᠷᠠᠯ ᠳ᠋ᠤ᠌ ᠡᠶᠡᠷᠭᠦ ᠡᠰᠡᠷᠭᠦ ᠬᠢᠭᠡᠳ ᠰᠢᠲᠦᠯᠴᠡᠯ ᠦ᠋ᠨ ᠴᠡᠨᠡᠭᠵᠢᠯ᠂ ᠬᠡᠢ᠂ ᠠᠮᠢ ᠲᠠᠨ ᠤ᠋ ᠳᠡᠭᠡᠷ᠎ᠡ ᠬᠥᠬᠡᠷᠡᠨᠮᠦ᠃ ᠣᠪᠣᠭ᠎ᠠ ᠲᠠᠬᠢᠯ ᠪᠦᠷᠢ ᠶ᠋ᠢᠨ ᠣᠩᠭᠣᠨ ᠳᠠᠭᠰᠢᠨ ᠰᠢᠳᠢ ᠳ᠋ᠦ᠍ ᠲᠠᠨ ᠤ᠋ ᠮᠢᠨᠢ ᠠᠮᠢᠨ ᠰᠢᠲᠦᠯᠴᠡᠭᠡ ᠬᠤᠪᠢ ᠪᠠᠢᠭᠠᠰᠠᠢ᠃ ᠳᠡᠭᠡᠷ᠎ᠡ ᠲᠩᠷᠢ ᠮᠢᠨᠦ᠃
ᠮᠥᠩᠬᠡ ᠭᠠᠯ ᠰᠦᠯᠳᠡᠲᠦ ᠶᠢᠰᠦᠨ ᠬᠥᠯᠲᠦ ᠴᠠᠭᠠᠨ ᠲᠤᠭ ᠲᠠᠭᠠᠨ ᠮᠥᠷᠭᠥᠵᠡᠭᠡᠮᠦ
ᠨᠡᠢᠭᠡᠮ ᠲᠥᠷᠥ ᠪᠡᠨ ᠳᠡᠭᠵᠢᠭᠡᠨ ᠲᠡᠳᠬᠦᠶ᠎ᠡ ᠬᠡᠮᠡᠨ᠎ᠡ᠂ ᠲᠥᠷᠥᠯᠬᠢ ᠡᠬᠡ ᠣᠷᠣᠨ ᠳᠠᠶᠠᠩ ᠢ᠋ᠶ᠋ᠠᠨ ᠲᠦᠪᠰᠢᠨ ᠠᠮᠤᠭᠤᠯᠠᠩ ᠠᠵᠤ ᠲᠦᠷᠦᠭᠡᠰᠡᠢ ᠬᠡᠮᠡᠨ᠎ᠡ《ᠴᠠᠭᠠᠨ ᠰᠠᠷ᠎ᠠ》 ᠲᠥᠷᠥ ᠤᠯᠤᠰ ᠲᠤᠩᠬᠠᠭᠯᠠᠭᠰᠠᠨ ᠤ᠋ ᠦᠨᠡᠨ ᠪᠠᠶᠠᠷ ᠶᠤᠭᠠᠨ ᠶᠢᠰᠦᠨ ᠬᠥᠯᠲᠦ ᠴᠠᠭᠠᠨ ᠲᠤᠭ(ᠶᠢᠰᠦᠨ ᠬᠦᠰᠡᠯ ᠲᠥᠯᠥᠭᠡᠯᠡᠮᠦ)᠂ ᠨᠠᠷᠠ ᠰᠠᠷ᠎ᠠ ᠭᠠᠯ ᠰᠦᠯᠳᠡ ᠪᠡᠨ(ᠮᠥᠩᠬᠡᠵᠢᠬᠦᠢ) ᠳᠠᠭᠢᠬᠤ ᠶᠣᠰᠣᠯᠠᠯ ᠳ᠋ᠤ᠌ ᠨᠢᠭᠡᠳᠬᠡᠵᠦ᠂ ᠨᠡᠢᠰᠯᠡᠯ ᠵᠣᠷᠢᠭᠰᠠᠨ ᠰᠡᠳᠬᠢᠯ ᠵᠣᠷᠢᠯᠭ᠎ᠠ᠂ ᠴᠠᠭ ᠬᠤᠭᠤᠴᠠᠭ᠎ᠠ᠂ ᠵᠣᠯ ᠵᠠᠪᠰᠢᠶᠠᠨ ᠪᠦᠬᠦᠨ ᠳ᠋ᠦ᠍ ᠶᠡᠬᠡ ᠥᠷᠭᠥᠭᠡ ᠣᠷᠳᠣᠨ ᠤ᠋ ᠲᠠᠬᠢᠯ ᠲᠢᠩᠬᠢᠮ ᠨᠢ ᠨᠡᠭᠡᠭᠡᠯᠲᠡ ᠲᠡᠢ ᠪᠠᠢᠭ! ᠤᠳᠤᠮ ᠳᠡᠭᠡᠳᠦᠰ ᠦ᠋ᠨ ᠤᠬᠠᠭᠠᠨᠲᠤ ᠮᠡᠷᠭᠡᠳ᠂ ᠬᠠᠭᠠᠳ᠂ ᠬᠠᠷᠠᠴᠤᠰ ᠪᠦᠬᠦᠨ ᠦ᠌ ᠣᠶᠤᠨ ᠤ᠋ ᠲᠥᠪᠯᠡᠷᠡᠯ ᠰᠢᠲᠦᠭᠡᠨ ᠦ᠌ ᠰᠦᠰᠦᠭᠯᠡᠯ ᠰᠦᠯᠳᠡ ᠲᠠᠨ ᠤ᠋ ᠪᠣᠯᠤᠭᠠᠳ ᠮᠠᠨ ᠤ᠋ ᠠᠬᠤᠢ ᠵᠢᠷᠭᠠᠯᠠᠩ ᠢ᠋ ᠠᠪᠤᠷᠠᠨ ᠲᠡᠳᠬᠦᠬᠦ ᠠᠴᠢᠯᠠᠯ ᠳ᠋ᠤ᠌ ᠬᠡᠢᠮᠣᠷᠢ ᠴᠣᠭ ᠨᠡᠮᠡᠮᠦ᠃ ᠭᠦᠷᠦᠨ ᠦ᠌ ᠰᠦᠯᠳᠡ ᠮᠢᠨᠦ᠃
ᠭᠠᠯ ᠰᠢᠲᠦᠯᠭᠡ᠂ ᠶᠣᠰᠣ ᠵᠠᠩᠰᠢᠯ ᠢ᠋ᠶ᠋ᠠᠨ ᠳᠡᠭᠡᠳᠦᠯᠡᠵᠡᠭᠡᠮᠦ
ᠡᠯᠢᠭᠡ ᠪᠡᠷ ᠢ᠋ᠶ᠋ᠡᠨ ᠡᠩᠬᠡ᠂ ᠲᠥᠷᠥᠯ ᠢ᠋ᠶ᠋ᠡᠷ ᠢ᠋ᠶ᠋ᠡᠨ ᠲᠦᠪᠰᠢᠨ ᠢ᠋ ᠮᠥᠷᠥᠭᠡᠳᠪᠡᠰᠦ ᠤᠨᠠᠭᠠᠨ ᠭᠠᠯ ᠪᠡᠯᠭᠡᠳᠡᠯ ᠢ᠋ᠶ᠋ᠡᠨ ᠰᠢᠲᠦᠵᠦ ᠢᠷᠦᠭᠡᠯ ᠶᠠᠭᠤ ᠪᠠᠨ ᠰᠢᠩᠭᠡᠭᠡᠮᠦ᠃ ᠲᠡᠢᠨ ᠡᠶᠡᠷᠭᠦ ᠰᠡᠳᠬᠢᠯ ᠣᠷᠴᠢᠨ ᠢ᠋ᠶ᠋ᠠᠨ ᠠᠷᠢᠭᠤᠯᠠᠵᠤ ᠬᠡᠢ ᠪᠢᠴᠢᠯ ᠪᠣᠭᠰᠢᠯ ᠪᠤᠵᠠᠷ ᠪᠦᠷᠢ ᠶ᠋ᠢ ᠭᠠᠯ ᠨᠣᠮᠣᠬᠠᠳᠬᠠᠵᠤ᠂ ᠲᠠᠨ ᠤ᠋ ᠴᠠᠭᠠᠨ ᠥᠷᠥᠭᠡ ᠠᠷᠢᠭᠤᠨ ᠭᠣᠯᠣᠮᠲᠠ ᠳ᠋ᠤ᠌ ᠪᠠᠶᠠᠷ ᠪᠠᠶᠠᠰᠤᠯ ᠴᠢᠭᠤᠯᠬᠤ ᠪᠤᠶᠤ᠃᠃ ᠡᠨᠡ ᠬᠦ᠌ ᠰᠠᠢᠨ ᠨᠥᠯᠥᠭᠡᠯᠡᠯ ᠢ᠋ ᠰᠢᠨᠵᠢᠯᠡᠬᠦ ᠤᠬᠠᠭᠠᠨ ᠰᠡᠬᠡᠭᠡᠷᠡᠨ ᠮᠡᠳᠡᠷᠡᠵᠦ ᠦᠨᠳᠦᠰᠦ ᠶ᠋ᠢ ᠨᠢ ᠡᠷᠢᠨᠡᠮ ᠊ᠢ᠎ᠡ᠃ ᠠᠷᠢᠭᠤᠨ ᠭᠣᠯᠣᠮᠲᠠ ᠮᠢᠨᠦ᠃
ᠠᠷᠠᠳ ᠲᠦᠮᠡᠨ ᠦ᠌ ᠭᠦᠨ ᠤᠬᠠᠭᠠᠨ ᠶᠣᠰᠣ ᠵᠠᠩᠰᠢᠯ ᠪᠡᠯᠭᠡᠳᠡᠯ ᠪᠦᠬᠦᠨ ᠢ᠋ ᠴᠡᠭᠴᠡᠯᠡᠨ ᠠᠢᠯᠠᠳᠴᠤ᠂ ᠬᠣᠢᠴᠢᠰ ᠢ᠋ᠶ᠋ᠠᠨ ᠴᠡᠭᠴᠡᠯᠡᠨ ᠬᠥᠮᠦᠵᠢᠭᠦᠯᠦᠭᠴᠢ ᠲᠢᠭ ᠲᠡᠢ ᠭᠡᠷ ᠦ᠋ᠨ ᠰᠤᠷᠭᠠᠭᠤᠯᠢ ᠪᠠᠨ ᠠᠢᠯ ᠪᠦᠷᠢ ᠡᠷᠭᠢᠨ ᠰᠡᠷᠭᠦᠭᠡᠨ ᠬᠥᠭᠵᠢᠭᠦᠯᠰᠦᠭᠡᠢ᠃ ᠡᠨᠡ ᠴᠠᠭ ᠲᠤ᠌ ᠰᠠᠶᠢ ᠪᠠᠢᠭᠠᠯᠢ ᠶ᠋ᠢᠨ ᠵᠢᠮ᠎ᠡ᠂ ᠲᠥᠷᠥ ᠶ᠋ᠢᠨ ᠬᠠᠤᠯᠢ᠂ ᠬᠥᠮᠦᠨ ᠦ᠌ ᠰᠣᠶᠣᠯ ᠭᠡᠮ ᠲᠡᠭᠰᠢ ᠲᠦᠭᠡᠬᠦ ᠪᠤᠶᠤ᠃ ᠭᠤᠷᠪᠠᠯ ᠣᠨᠣᠯ ᠳ᠋ᠠᠭᠠᠨ ᠪᠢᠰᠢᠷᠡᠮᠦ᠃ ᠡᠰᠢ ᠨᠢ ᠵᠢᠸ᠎ᠠ ᠵᠢᠯ ᠦ᠋ᠨ ᠤᠬᠠᠭᠠᠨ ᠤ᠋ ᠦᠨᠳᠦᠰᠦ ᠤᠳᠤᠮᠰᠢᠯ ᠠ᠋᠃ ᠮᠥᠩᠬᠡᠭᠠᠯ ᠤᠯᠤᠰ ᠮᠠᠨᠳᠤᠬᠤ ᠪᠣᠯᠲᠤᠭᠠᠢ! ᠡᠨᠡ ᠨᠢ ᠤᠯᠠᠮᠵᠢᠯᠠᠯ ᠤ᠋ᠨ ᠰᠢᠨᠡᠴᠢᠯᠡᠯ ᠪᠠᠢᠮᠤ ᠊ᠶ᠎ᠠ᠃
ᠲᠡᠢᠮᠦ ᠠ᠋᠂ ᠢᠷᠡᠭᠡᠳᠦᠢ ᠶ᠋ᠢᠨ ᠲᠦᠯᠬᠢᠭᠦᠷ ᠮᠣᠩᠭᠣᠯ ᠤ᠋ᠨ ᠭᠤᠷᠪᠠᠯ ᠣᠨᠣᠯ ᠶᠢᠷᠲᠢᠨᠴᠦ ᠶ᠋ᠢᠨ ᠠᠮᠢᠨ ᠭᠠᠷᠭᠠᠯᠭ᠎ᠠ(ᠭᠦᠨ ᠤᠬᠠᠭᠠᠨ) ᠮᠥᠨ ᠪᠥᠯᠥᠭᠡ᠃ ᠮᠥᠩᠬᠡᠭᠠᠯ ᠣᠪᠣᠭᠲᠠᠨ ᠨᠤᠭᠤᠳ ᠤ᠋ᠨ ᠲᠣᠷᠭᠠᠨ(ᠬᠠᠷ᠎ᠠ)ᠤᠬᠠᠭᠠᠨ᠂ᠵᠥᠩᠴᠢ᠂ᠶᠣᠷᠤᠴᠢ᠂ ᠰᠣᠪᠢᠩᠴᠢ ᠰᠡᠳᠬᠢᠬᠦᠢ ᠶ᠋ᠢᠨ ᠥᠪ ᠪᠡᠯᠭᠡ ᠤᠳᠤᠮᠰᠢᠭᠰᠠᠨ ᠰᠢᠨᠵᠢ《ᠭᠤᠷᠮᠤᠰᠤᠨ ᠰᠡᠳᠬᠢᠯᠭᠡ》 ᠮᠥᠨ ᠭᠡᠳᠡᠭ ᠢ᠋ ᠳᠣᠣᠷ᠎ᠠ ᠰᠥᠭᠥᠳᠦᠨ ᠵᠠᠷᠯᠠᠰᠤᠭᠠᠢ!《ᠮᠣᠩᠭᠣᠯ ᠵᠠᠩᠰᠢᠯ ᠭᠤᠷᠪᠠᠯ ᠣᠨᠣᠯ》 ᠨᠣᠮ ᠢ᠋ᠶ᠋ᠠᠷ ᠵᠣᠯᠭᠠᠬᠤ ᠰᠠᠢᠨ ᠴᠠᠭ ᠠᠢᠰᠤᠢ ᠪᠣᠯᠤᠭᠠᠰᠠᠢ ᠨᠢ᠃ ᠡᠨᠡ ᠶᠡᠬᠡ ᠳᠠᠯᠠᠢ ᠶ᠋ᠢᠨ ᠡᠷᠭᠢ ᠳ᠋ᠦ᠍ ᠡᠷᠭᠢᠵᠦ ᠲᠤᠬᠠᠯᠠᠬᠤ ᠢᠷᠦᠭᠡᠯ ᠲᠠᠯᠪᠢᠶᠤ᠃
—————————————
① ᠴᠢᠷᠭᠠᠭᠤᠴᠠᠯᠳᠤᠬᠤ— ᠨᠣᠣᠷᠠᠯᠳᠤᠬᠤ ᠵᠢᠭᠤᠷᠠᠯᠳᠤᠬᠤ( ᠪᠠᠭᠤᠯᠠᠭᠠᠴᠢ)
1992 ᠣᠨ ᠤ᠋5 ᠰᠠᠷ᠎ᠠ᠂1998—7—11 ᠰᠠᠷ᠎ᠠ
ᠴᠡᠩᠭᠡᠯᠲᠡᠢ ᠶ᠋ᠢᠨ ᠲᠠᠬᠢᠯᠭᠠᠲᠤ ᠠᠭᠤᠯᠠᠨ᠎ᠠ ᠲᠡᠷᠯᠡᠭᠰᠡᠨ ᠪᠢᠴᠢᠳᠡᠰᠦ ᠪᠦᠷᠢ ᠪᠡᠨ ᠪᠢᠩᠳᠤᠯᠠᠨ ᠵᠠᠩᠰᠢᠯᠠᠵᠤ ᠴᠠᠭ ᠬᠠᠳᠬᠤᠪᠠᠢ᠃
2011.5.9.21᠄40 ᠪᠠᠭᠤᠯᠭᠠᠵᠤ ᠳᠠᠭᠤᠰᠬᠠᠪᠠᠢ᠃
ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ
ᠦᠰᠦᠭ ᠬᠢᠨᠠᠭᠴᠢ᠄ ᠰᠡᠬᠡᠭᠡᠷᠡᠯ᠂ ᠣᠳᠬᠠᠨᠰᠣ᠎ᠠ᠂ ᠭᠠᠷᠮ᠎ᠠ
