ᠨᠠᠢ᠍ᠮᠠ᠂ ᠠᠮᠢ ᠶ᠋ᠢ ᠪᠢᠳᠡ ᠠᠯᠠᠭ᠎ᠠ ᠪᠡᠷ ᠶ᠋ᠢᠡᠨ ᠬᠠᠷᠠᠵᠣ᠂ ᠠᠷᠪᠠ ᠪᠠᠷ ᠶ᠋ᠢᠠᠨ ᠪᠠᠷᠢᠬᠤ ‍ᠤᠤ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠢ᠍ᠮᠠ᠂ ᠠᠮᠢ ᠶ᠋ᠢ ᠪᠢᠳᠡ ᠠᠯᠠᠭ᠎ᠠ ᠪᠡᠷ ᠶ᠋ᠢᠡᠨ ᠬᠠᠷᠠᠵᠣ᠂ ᠠᠷᠪᠠ ᠪᠠᠷ ᠶ᠋ᠢᠠᠨ ᠪᠠᠷᠢᠬᠤ ‍ᠤᠤ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу

ᠨᠠᠢ᠍ᠮᠠ᠂ ᠠᠮᠢ ᠶ᠋ᠢ ᠪᠢᠳᠡ ᠠᠯᠠᠭ᠎ᠠ ᠪᠡᠷ ᠶ᠋ᠢᠡᠨ ᠬᠠᠷᠠᠵᠣ᠂ ᠠᠷᠪᠠ ᠪᠠᠷ ᠶ᠋ᠢᠠᠨ ᠪᠠᠷᠢᠬᠤ ‍ᠤᠤ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу

2024-02-16

246

ᠨᠠᠢ᠍ᠮᠠ᠂ ᠠᠮᠢ ᠶ᠋ᠢ ᠪᠢᠳᠡ ᠠᠯᠠᠭ᠎ᠠ ᠪᠡᠷ ᠶ᠋ᠢᠡᠨ ᠬᠠᠷᠠᠵᠣ᠂ ᠠᠷᠪᠠ ᠪᠠᠷ ᠶ᠋ᠢᠠᠨ ᠪᠠᠷᠢᠬᠤ ‍ᠤᠤ

      《ᠠᠮᠢ》 ᠶ᠋ᠢ ᠨᠡᠭᠡᠭᠡᠬᠦ ᠣᠷᠣᠯᠳᠣᠯᠭ᠎ᠠ ᠪᠠᠯᠠᠷ ᠡᠷᠲᠡᠨ ᠦ᠌ ᠤᠯᠠᠮᠵᠢᠯᠠᠯ ᠲᠠᠢ ᠶᠤᠮᠰᠠᠨᠵᠠᠢ᠃
      ᠭᠠᠯ ᠤ᠋ᠨ ᠬᠦᠦ ᠶ᠋ᠢ ᠤᠯᠠᠢᠵᠤ ᠪᠠᠢᠬᠤ ᠳ᠋ᠤ᠌
      ᠭᠠᠵᠠᠷ ᠤ᠋ᠨ ᠬᠦᠦ ᠶ᠋ᠢ ᠰᠢᠷᠠᠯᠠᠵᠤ ᠪᠠᠢᠬᠤ ᠳ᠋ᠤ᠌ ᠭᠡᠵᠦ ᠶᠢᠷᠲᠢᠨᠴᠦ ᠶ᠋ᠢᠨ ᠡᠭᠦᠰᠦᠯ ᠢ᠋ ᠭᠡᠯᠴᠡᠳᠡᠭ ᠮᠣᠩᠭᠣᠯᠴᠤᠳ ᠾᠦᠩᠨᠦ ᠭᠦᠷᠦᠨ ᠡᠴᠡ ᠡᠮᠦᠨ᠎ᠡ ᠭᠤᠷᠪᠠᠨ ᠳᠥᠯᠥᠲᠦ ᠭᠠᠯ ᠢ᠋ ᠠᠮᠢᠨ ᠤ᠋ ᠪᠡᠯᠭᠡᠳᠡᠯ ᠪᠢᠯᠢᠭ ᠪᠣᠯᠭᠠᠨ ᠳᠦᠷᠰᠦᠯᠡᠵᠦ ᠢᠷᠡᠭᠰᠡᠨ ᠨᠢ ᠨᠢᠭᠡ ᠶᠣᠰᠣᠨ ᠤ᠋ ᠠᠯᠠᠭ᠎ᠠ ᠪᠠᠷ ᠢ᠋ᠶ᠋ᠠᠨ ᠬᠠᠷᠠᠵᠤ ᠠᠷᠪᠠᠨ ᠢ᠋ᠶ᠋ᠠᠷ ᠢ᠋ᠶ᠋ᠠᠨ ᠪᠠᠷᠢᠬᠤ ᠬᠦᠰᠡᠯ ᠢ᠋ᠶ᠋ᠡᠨ ᠭᠦᠢᠴᠡᠭᠡᠵᠦ ᠡᠬᠢᠯᠡᠭᠰᠡᠨ ᠬᠡᠷᠡᠭ ᠪᠠᠢᠵᠠᠢ᠃ ᠠᠮᠢ ᠬᠠᠷᠠᠭᠳᠠᠳᠠᠭ ᠢ᠋ ᠦᠯᠢᠭᠡᠷ ᠲᠤᠤᠯᠢᠰ ᠦᠵᠡᠵᠡᠢ᠃
      ᠭᠠᠯ ᠢ᠋ᠶ᠋ᠠᠨ ᠤᠨᠲᠠᠷᠠᠭᠰᠠᠨ ᠪᠠᠢᠪᠠᠯ
      ᠮᠢᠨᠦ ᠬᠣᠢᠨ᠎ᠠ ᠠ᠋ᠴᠠ ᠪᠢᠲᠡᠭᠡᠢ ᠣᠴᠢᠭᠠᠷᠠᠢ ᠭᠡᠵᠦ ᠣᠯᠠᠨ ᠦᠯᠢᠭᠡᠷ ᠦ᠋ᠨ ᠪᠠᠭᠠᠲᠤᠷ ᠥᠭᠦᠯᠡᠳᠡᠭ ᠪᠢᠯᠡ᠃ ᠳᠡᠯᠡᠬᠡᠢ ᠳ᠋ᠦ᠍ ᠪᠠᠶᠠᠨ ᠰᠠᠩ ᠲᠠᠢ ᠳ᠋ᠤ᠌ ᠲᠣᠭᠠᠴᠢᠭᠳᠠᠳᠠᠭ ᠮᠣᠩᠭᠣᠯ ᠤ᠋ᠨ ᠬᠠᠳᠠᠨ ᠤ᠋ ᠰᠦᠭ ᠵᠢᠷᠤᠭ ᠤ᠋ᠳ ᠠᠮᠢᠲᠠᠨ᠂ ᠪᠡᠯᠭᠡᠳᠡᠯ ᠳᠦᠷᠰᠦ᠂ ᠭᠠᠵᠢ ᠳᠦᠷᠰᠦᠲᠡᠨ ᠦ᠌ ᠪᠠᠢᠳᠠᠯ ᠨᠢ《ᠠᠮᠢ》 ᠲᠠᠢ ᠰᠢᠭᠤᠳ ᠬᠣᠯᠪᠣᠭ᠎ᠠ ᠲᠠᠢ᠃ ᠥᠭᠡᠷ᠎ᠡ ᠪᠡᠷ ᠬᠡᠯᠡᠪᠡᠯ ᠠᠮᠢᠨ ᠰᠢᠲᠦᠯᠭᠡ ᠶ᠋ᠢᠨ ᠣᠩᠭᠣ ᠭᠡᠬᠦ ᠮᠡᠲᠦ ᠪᠣᠯᠤᠨ᠎ᠠ᠃ ᠠᠮᠢᠨ ᠤ᠋ ᠲᠡᠭᠦᠰᠬᠡᠯ ᠬᠥᠮᠦᠨ ᠳ᠋ᠦ᠍ ᠦᠨᠡᠬᠡᠷ ᠶᠡᠬᠡ ᠶ᠋ᠢ ᠪᠣᠳᠣᠭᠳᠠᠭᠤᠯᠳᠠᠭ ᠨᠢ ᠮᠡᠳᠡᠭᠡᠵᠢ᠃ ᠡᠷᠲᠡᠨ ᠦ᠌ ᠣᠷᠣᠰᠢᠭᠤᠯᠭ᠎ᠠ ᠶ᠋ᠢ ᠶᠣᠰᠣᠨ ᠳ᠋ᠤ᠌ ᠳᠠᠯᠠᠢᠭᠠᠴᠢ ᠲᠠᠢ ᠮᠣᠷᠢ᠂ ᠬᠣᠨᠢ ᠶᠤᠮ ᠤᠤ ᠲᠡᠭᠦᠨ ᠦ᠌ ᠳᠦᠷᠰᠦ ᠣᠷᠣᠯᠠᠭᠤᠯᠤᠨ ᠣᠷᠣᠰᠢᠶᠠᠳᠠᠭ ᠪᠠᠢᠭᠰᠠᠨ ᠨᠢ ᠤᠨᠤᠭ᠎ᠠ ᠬᠦᠨᠡᠰᠦ ᠭᠡᠬᠦ ᠡᠴᠡ ᠪᠡᠨ ᠢᠯᠡᠭᠦᠦ ᠭᠤᠷᠪᠠᠨ ᠠᠮᠢ ᠬᠠᠮᠲᠤ ᠣᠷᠣᠰᠢᠶᠠᠵᠣ ᠪᠣᠢ ᠰᠠᠨᠠᠭ᠎ᠠ ᠶᠤᠮ᠃ ᠮᠣᠩᠭᠣᠯ ᠬᠥᠮᠦᠨ ᠬᠦᠯᠦᠭ ᠮᠣᠷᠢ ᠪᠠᠨ ᠦᠬᠦᠬᠦ ᠳ᠋ᠦ᠍ ᠤᠬᠤᠷᠬᠠᠢ ᠳ᠋ᠤ᠌ ᠨᠢ ᠬᠣᠶᠠᠷ ᠴᠢᠯᠠᠭᠤ ᠬᠢᠵᠦ ᠳᠣᠮᠨᠠᠨ᠂ ᠣᠪᠣᠭᠠᠨ ᠳ᠋ᠤ᠌ ᠡᠷᠭᠦᠳᠡᠭ ᠨᠢ ᠪᠠᠰᠠ ᠯᠠ ᠭᠤᠷᠪᠠᠯ ᠲᠠᠢ ᠬᠣᠯᠪᠣᠭ᠎ᠠ ᠲᠠᠢ ᠶᠣᠰᠣ᠃ ᠾᠦᠩᠨᠦ ᠶ᠋ᠢᠨ ᠦᠶ᠎ᠡ ᠶ᠋ᠢᠨ(ᠨᠣᠶᠠᠨ ᠠᠭᠤᠯᠠ ᠶ᠋ᠢᠨ) ᠪᠤᠯᠠᠰᠢᠨ ᠠ᠋ᠴᠠ ᠣᠯᠳᠠᠭᠰᠠᠨ ᠬᠠᠰ ᠴᠢᠯᠠᠭᠤᠨ ᠰᠡᠢᠯᠪᠦᠷᠢ ᠣᠩᠭᠣᠨ ᠢ᠋《ᠳᠡᠭᠡᠷ᠎ᠡ ᠪᠡᠨ ᠵᠡᠭᠦᠬᠦ ᠳ᠋ᠦ᠍ ᠵᠣᠷᠢᠭᠤᠯᠤᠭᠰᠠᠨ ᠪᠣᠯᠤᠯᠲᠠᠢ ᠭᠤᠷᠪᠠᠨ ᠨᠦᠬᠡ ᠲᠡᠢ》 ᠭᠡᠵᠦ ᠪᠢᠴᠢᠭᠰᠡᠨ ᠨᠢ ᠬᠠᠷᠠᠭᠳᠠᠳᠠᠭ᠃ ᠲᠠ ᠮᠢᠨᠢ ᠠ᠋᠂ ᠵᠡᠭᠦᠬᠦ ᠬᠡᠷᠡᠭᠴᠡᠭᠡᠨ ᠳ᠋ᠦ᠍ ᠨᠢᠭᠡ ᠯᠡ ᠬᠥᠮᠦᠨ ᠬᠠᠩᠭᠠᠯᠲᠠ ᠲᠠᠢ ᠶᠤᠮ ᠪᠢᠰᠢ ᠤᠤ? ᠡᠨᠡ ᠬᠦ᠌ ᠭᠤᠷᠪᠠᠨ ᠬᠥᠮᠦᠨ ᠭᠤᠷᠪᠠᠯ ᠤ᠋ᠨ ᠪᠡᠯᠭᠡᠳᠡᠯ ᠲᠡᠢ ᠬᠣᠯᠪᠣᠭ᠎ᠠ ᠲᠠᠢ ᠨᠢ ᠮᠠᠭᠠᠳ ᠦᠭᠡᠢ ᠪᠠᠢᠨ᠎ᠠ᠃ ᠮᠣᠩᠭᠣᠯ ᠤ᠋ᠨ ᠰᠣᠩᠭᠣᠳᠠᠭ ᠵᠢᠷᠤᠭᠠᠴᠢ ᠠᠩᠬᠠᠳᠤᠭᠠᠷ ᠪᠣᠭᠳᠠ ᠵᠠᠨᠠᠪᠠᠽᠠᠷ ᠤ᠋ᠨ ᠤᠷᠠᠯᠠᠯ ᠶᠠᠭᠤ ᠪᠠᠷ ᠢ᠋ᠶ᠋ᠠᠨ ᠲᠡᠭᠦᠰ ᠭᠠᠢᠬᠠᠮᠰᠢᠭ ᠲᠤ᠌ ᠬᠦᠷᠪᠡ ᠠ᠋? ᠲᠡᠷᠡ ᠪᠡᠷ ᠱᠠᠰᠢᠨ ᠤ᠋ ᠵᠢᠷᠤᠭ ᠤᠷᠠᠯᠠᠯ ᠤ᠋ᠨ ᠱᠠᠭᠠᠷᠳᠠᠯᠭ᠎ᠠ ᠬᠣᠶᠠᠷ ᠦᠨᠡᠨ ᠢ᠋ᠶ᠋ᠡᠨ ᠨᠣᠮᠯᠠᠬᠤ ᠬᠡᠪᠰᠢᠯ ᠳ᠋ᠦ᠍ ᠮᠣᠩᠭᠣᠯ ᠤ᠋ᠨ ᠭᠤᠷᠪᠠᠯ ᠤᠬᠠᠭᠠᠨ ᠢ᠋ᠶ᠋ᠠᠷ ᠬᠠᠨᠳᠤᠵᠤ ᠬᠣᠭᠣᠰᠣᠨ ᠤ᠋ ᠣᠨᠣᠯ ᠳ᠋ᠤ᠌ ᠪᠣᠳᠠᠲᠤ ᠪᠠᠢᠳᠠᠯ᠂ ᠮᠣᠩᠭᠣᠯ ᠠᠬᠤᠢ᠂ ᠤᠶᠠᠩᠭ᠎ᠠ ᠤᠷᠠᠯᠠᠯ ᠢ᠋ ᠰᠢᠩᠭᠡᠭᠰᠡᠨ ᠢ᠋ᠶ᠋ᠡᠷ ᠢ᠋ᠶ᠋ᠡᠨ ᠠᠯᠳᠠᠷᠰᠢᠭᠰᠠᠨ ᠠᠵᠠᠢ᠃ ᠶᠠᠭᠤᠲᠠᠢ ᠴᠤ᠌ ᠮᠣᠩᠭᠣᠯ ᠤᠷᠠᠨ ᠵᠢᠷᠤᠭ ᠤ᠋ᠨ ᠤᠷᠠᠯᠠᠯ ᠤ᠋ᠨ ᠠᠷᠭ᠎ᠠ ᠳ᠋ᠤ᠌ ᠭᠤᠷᠪᠠᠯ ᠤᠬᠠᠭᠠᠨ ᠢ᠋ ᠨᠣᠮᠯᠠᠵᠤ ᠪᠠᠢᠭᠰᠠᠨ ᠢ᠋ ᠶᠡᠬᠡ ᠷᠣᠮᠠᠨᠴᠢ ᠸ· ᠢᠨᠵᠠᠨᠨᠠᠰᠢ ᠶ᠋ᠢᠨ ᠰᠣᠶᠣᠨ ᠭᠡᠭᠡᠷᠡᠭᠦᠯᠦᠭᠰᠡᠨ ᠨᠣᠮᠯᠠᠯ ᠪᠠᠲᠤᠯᠠᠨ᠎ᠠ᠃ ᠲᠡᠷᠡ《ᠵᠢᠷᠤᠭ ᠵᠢᠷᠤᠵᠤ ᠰᠤᠷᠬᠤ ᠳ᠋ᠤ᠌ ᠭᠤᠷᠪᠠᠨ ᠵᠦᠢᠯ ᠦ᠋ᠨ ᠵᠠᠮ ᠪᠣᠢ᠃ ᠲᠡᠷᠢᠭᠦᠨ ᠳ᠋ᠦ᠍ ᠥᠪᠡᠷ ᠦ᠋ᠨ ᠰᠡᠳᠬᠢᠯ ᠡᠴᠡ ᠲᠥᠷᠥᠭᠳᠡᠵᠦ ᠵᠢᠷᠤᠬᠤ᠂ ᠬᠣᠶᠠᠷ ᠲᠤ ᠪᠠᠭᠰᠢ ᠶ᠋ᠢ ᠳᠠᠭᠠᠵᠤ ᠶᠣᠰᠣ ᠪᠠᠷ ᠵᠢᠷᠤᠬᠤ᠂ ᠭᠤᠷᠪᠠ ᠳ᠋ᠤ᠌ ᠪᠣᠳᠠᠲᠠᠢ ᠶ᠋ᠢ ᠪᠠᠷᠢᠨ ᠠᠳᠠᠯᠢ ᠵᠢᠷᠤᠬᠤ᠃ ᠡᠨᠡ ᠭᠤᠷᠪᠠ ᠶ᠋ᠢᠨ ᠡᠷᠬᠢᠮ ᠨᠢ ᠰᠠᠨᠠᠭᠠᠨ ᠠ᠋ᠴᠠ ᠪᠠᠨ ᠲᠥᠷᠥᠭᠳᠡᠵᠦ ᠵᠢᠷᠤᠬᠤ ᠨᠢ ᠪᠣᠯᠠᠢ》 ᠭᠡᠵᠦ ᠰᠤᠷᠭᠠᠵᠠᠢ᠃ ᠡᠨᠡ ᠨᠢ ᠭᠤᠷᠪᠠᠯ ᠣᠨᠣᠯ ᠤ᠋ᠨ ᠭᠠᠷᠭᠠᠯᠭ᠎ᠠ ᠮᠥᠨ ᠶᠦᠮ᠃ ᠲᠡᠭᠦᠨ ᠳ᠋ᠦ᠍ ᠵᠨᠠᠨᠠᠪᠠᠽᠠᠷ ᠴᠤ᠌ ᠦᠨᠡᠨᠴᠢ ᠪᠠᠢᠵᠤ ᠭᠠᠪᠢᠶ᠎ᠠ ᠪᠦᠲᠦᠭᠡᠵᠡᠢ᠃
      ᠬᠥᠮᠦᠨ ᠦ᠌ ᠣᠶᠤᠨ ᠰᠠᠨᠠᠭ᠎ᠠ ᠶᠢᠷᠲᠢᠨᠴᠦ ᠶ᠋ᠢ ᠭᠠᠢᠬᠠᠨ ᠡᠷᠭᠢᠴᠡᠭᠦᠯᠵᠦ ᠡᠬᠢᠯᠡᠬᠦ ᠳ᠋ᠡᠭᠡᠨ ᠬᠥᠮᠦᠨᠴᠢᠯᠡᠨ( ᠠᠨᠲ᠋ᠷᠤᠮᠤᠷᠹᠢᠽᠮ) ᠳᠦᠷᠰᠦᠯᠡᠭᠰᠡᠨ ᠨᠢ ᠤᠨᠤᠭᠰᠠᠨ ᠲᠠᠭᠠᠮᠠᠯ ᠪᠠᠢᠵᠠᠢ᠃ ᠬᠥᠮᠦᠨ ᠪᠣᠯ
ᠬᠥᠮᠦᠨ᠂ ᠪᠠᠢᠭᠠᠯᠢ ᠪᠣᠯ ᠬᠥᠮᠦᠨ ᠢ᠋ ᠶᠠᠭᠠᠬᠢᠬᠤ ᠴᠤ᠌ ᠴᠢᠳᠠᠬᠤ ᠠᠤᠭ᠎ᠠ ᠠᠮᠢᠲᠠᠨ ᠭᠡᠮᠡᠨ ᠰᠡᠬᠡᠭᠡᠷᠡᠵᠦ ᠠᠷᠠᠢ ᠬᠣᠯᠠᠳᠠᠭᠤᠯᠵᠤ ᠪᠣᠳᠣᠭᠰᠠᠨ ᠠᠮᠢᠳᠤᠴᠢᠯᠠᠬᠤ ᠠᠮᠢᠲᠠᠨᠴᠢᠯᠠᠬᠤ( ᠵᠣᠣᠮᠣᠷᠹᠢᠽᠮ) ᠦᠵᠡᠵᠦ ᠯᠡ ᠭᠠᠷᠤᠭᠰᠠᠨ ᠨᠢ ᠢᠷᠡᠭᠡᠳᠦᠢ ᠪᠡᠨ ᠵᠥᠪ ᠲᠠᠢᠰᠢ ᠨᠢ ᠵᠠᠯᠠᠭᠰᠠᠨ ᠭᠦᠨ ᠤᠬᠠᠭᠠᠨ ᠤ᠋ ᠳᠠᠪᠰᠢᠯ ᠡᠪᠦᠭᠡ ᠰᠤᠷᠭᠠᠯ ᠪᠣᠯᠪᠠ᠃ ᠠᠮᠢ ᠬᠠᠢᠭᠰᠠᠨ ᠡᠷᠢᠯ ᠴᠠᠭ ᠬᠤᠭᠤᠴᠠᠭᠠᠨ ᠤ᠋ ᠤᠷᠤᠰᠬᠠᠯ ᠳ᠋ᠤ᠌ ᠥᠪᠡᠷ ᠢᠡᠨ ᠯᠡ ᠭᠠᠷᠴᠤ ᠢᠷᠡᠵᠦ᠂《ᠬᠥᠮᠦᠨ ᠪᠠ ᠪᠠᠢᠭᠠᠯᠢ ᠬᠡᠨ ᠡᠴᠡ ᠶᠠᠭᠤᠨ ᠠ᠋ᠴᠠ ᠲᠥᠷᠥᠪᠡ ᠠ᠋》 ᠭᠡᠮᠡᠨ ᠰᠡᠳᠬᠢᠵᠦ ᠠᠩᠬᠠᠳᠠᠭᠴᠢ ᠶ᠋ᠢ ᠣᠯᠬᠤ ᠮᠥᠷᠥᠭᠡᠳᠦᠯ ᠡᠬᠢᠯᠡᠭᠰᠡᠨ ᠬᠡᠷᠡᠭ᠃
      ᠠᠮᠢ ᠲᠦᠰᠢᠭᠰᠡᠨ ᠭᠦᠨ ᠤᠬᠠᠭᠠᠨ ᠤ᠋ ᠡᠷᠢᠯ ᠡᠢᠨ ᠰᠣᠶᠣᠭᠠᠯᠠᠵᠤ ᠨᠡᠭᠦᠳᠡᠯᠴᠢᠳ ᠦ᠋ᠨ ᠭᠤᠷᠪᠠᠯ ᠡᠷᠳᠡᠮ ᠪᠦᠷᠢᠯᠳᠦᠵᠡᠢ᠃ ᠬᠥᠮᠦᠨ ᠪᠣᠯ ᠶᠠᠮᠠᠷ ᠨᠢᠭᠡ ᠠᠮᠢᠲᠠᠨ(ᠴᠢᠨᠣ᠎ᠠ᠂ ᠮᠠᠷᠠᠯ ᠪᠤᠭᠤ᠂ ᠬᠠᠨ ᠭᠠᠷᠤᠳᠢ᠂ ᠱᠣᠩᠬᠣᠷ᠁) ᠤᠷᠭᠤᠮᠠᠯ(ᠨᠠᠷᠠᠰᠤ᠂ ᠪᠤᠲᠠ᠁)᠂ ᠲᠩᠷᠢ ᠡᠴᠡ ᠭᠠᠷᠤᠯ ᠵᠠᠶᠠᠭᠠᠭᠰᠠᠨ ᠭᠡᠵᠦ ᠢᠲᠡᠭᠡᠯ ᠡᠴᠡ ᠣᠩᠭᠣ ᠰᠢᠲᠦᠭᠡᠨ ᠮᠥᠷᠭᠥᠯ ᠳᠠᠢᠯᠭ᠎ᠠ ( ᠲᠣᠲᠧᠮᠢᠽᠮ) ᠡᠭᠦᠰᠴᠦ᠂ ᠰᠠᠭᠤᠷᠢᠨ ᠰᠦᠰᠦᠭᠯᠡᠯ ( ᠲᠧᠣᠯᠣᠬᠢ) ᠰᠤᠷᠭᠠᠯ ᠪᠢᠰᠢᠯᠭᠠᠵᠠᠭᠠᠬᠤ ᠪᠣᠯᠪᠠ᠃
      ᠬᠥᠮᠦᠨ ᠬᠥᠭᠵᠢᠵᠦ ᠥᠩᠭᠡᠷᠡᠭᠰᠡᠨ ᠢ᠋ᠶ᠋ᠡᠨ ᠦᠭᠡᠢᠰᠬᠡᠳᠡᠭ ᠠᠷᠠᠨᠰᠢᠨ ᠳ᠋ᠤ᠌ ᠰᠤᠷᠤᠯᠴᠠᠨ《ᠲᠥᠭᠡᠷᠢᠭᠳᠡᠯ᠂ ᠪᠠᠯᠠᠷ ᠴᠠᠭ ᠤ᠋ᠨ ᠰᠡᠳᠬᠢᠯᠭᠡ᠂᠂ ᠮᠤᠬᠤᠷ ᠰᠦᠰᠦᠭ》 ᠭᠡᠮᠡᠨ ᠠᠳᠠ ᠦᠵᠡᠬᠦ 《ᠰᠢᠨ᠎ᠡ ᠰᠡᠳᠬᠢᠯᠭᠡ》 ᠣᠨᠣᠯ ᠬᠥᠭᠵᠢᠵᠦ᠂ ᠮᠡᠳᠡᠭᠡᠵᠢ ᠬᠥᠮᠦᠨ ᠯᠡ ᠶᠦᠮ ᠴᠢᠨᠢ ᠰᠢᠨ᠎ᠡ ᠶᠠᠭᠤᠮ᠎ᠠ ᠤᠷᠤᠭᠤ ᠬᠣᠰᠢᠭ ᠤᠷᠠᠵᠤ ᠵᠥᠪ ᠭᠡᠮᠡᠨ ᠲᠠᠰᠢᠭᠤᠷᠳᠠᠵᠤ ᠪᠤᠳᠤᠯᠢᠭᠰᠠᠨ ᠪᠣᠯᠪᠠ ᠤᠤ᠃ ᠡᠷᠲᠡᠨ ᠦ᠌ ᠮᠠᠲ᠋ᠧᠷᠢᠶᠠᠯᠢᠰᠲ ᠪᠢᠯᠣᠰᠣᠹᠢᠴᠢᠳ ᠳ᠌ᠧᠮᠤᠺᠷᠢᠲ①᠂ ᠡᠫᠢᠺᠦᠷ᠂ ᠯᠦᠺᠷᠢᠽ ᠦ᠋ᠨ ᠨᠠᠷᠠ《ᠶᠢᠷᠲᠢᠨᠴᠦ ᠶ᠋ᠢ ᠪᠦᠷᠢᠨ ᠪᠦᠲᠦᠭᠡᠭᠰᠡᠨ ᠲᠡᠳᠦᠢ ᠦᠭᠡᠢ᠂ ᠪᠤᠷᠬᠠᠨ ᠬᠥᠮᠦᠨ ᠦ᠌ ᠠᠮᠢᠳᠤᠷᠠᠯ ᠳ᠋ᠤ᠌ ᠪᠠᠢᠩᠭᠤ ᠣᠷᠣᠯᠴᠠᠳᠠᠭ᠂ ᠰᠦᠨᠡᠰᠦ ᠮᠥᠩᠬᠡ》 ᠭᠡᠬᠦ ᠵᠡᠷᠭᠡ ᠬᠠᠭᠤᠴᠢᠨ ᠣᠨᠣᠯ ᠢ᠋ ᠰᠥᠷᠦᠨ ᠪᠣᠰᠴᠠᠢ᠃ ᠡᠨᠡ ᠤᠯᠠᠮᠵᠢᠯᠠᠯ ᠢ᠋ ᠰᠫᠢᠨᠤᠽᠠ ᠵᠡᠷᠭᠡ ᠤᠬᠠᠭᠠᠨᠲᠠᠨ ᠨᠤᠭᠤᠳ ᠥᠷᠲᠡᠭᠡᠯᠡᠨ ᠪᠤᠤᠬᠢᠶᠠᠯᠠᠵᠤ ᠺᠦᠮᠮᠦᠨᠢᠰᠲ ᠦ᠋ᠳ ᠦ᠋ᠨ ᠭᠠᠷ ᠲᠤ ᠢᠷᠡᠵᠦ ᠰᠦᠮ᠎ᠡ ᠬᠡᠢᠳ ᠦ᠋ᠳ ᠢ᠋ ᠭᠠᠯᠳᠠᠨ᠂ ᠹᠠᠰᠢᠰᠲ ᠤ᠋ᠳ ᠨᠣᠮ ᠰᠢᠲᠠᠭᠠᠵᠤ ᠴᠢᠰᠤ ᠤᠷᠤᠰᠬᠠᠪᠠ᠃ ᠲᠡᠢᠨ ᠳᠡᠭᠳᠡᠭᠰᠡᠭᠡᠷ᠁ ᠠᠮᠢ ᠡᠷᠰᠳᠡᠭᠰᠡᠭᠡᠷ᠁ᠡᠷᠳᠡᠨᠢᠲᠦ ᠬᠥᠮᠦᠰ ᠰᠣᠺᠷᠠᠲ᠁ ᠵ· ᠪᠷᠦᠨᠦ᠋᠁ ᠨᠠᠷ ᠲᠦᠳᠡᠭ ᠪᠣᠯᠵᠤ᠂ ᠨᠢᠭᠦᠯ ᠦᠭᠡᠢ ᠱᠠᠰᠢᠨᠲᠠᠨ ᠨᠤᠭᠤᠳ ᠴᠤ᠌ ᠱᠠᠰᠢᠨ ᠢ᠋ᠶ᠋ᠠᠨ ᠬᠠᠮᠠᠭᠠᠯᠠᠬᠤ ᠲᠡᠢᠨ ᠳ᠋ᠦ᠍ ᠣᠷᠣᠯᠴᠠᠨ᠂ ᠨᠢᠭᠦᠯ ᠬᠢᠳᠡᠭ ᠪᠣᠯᠵᠤ᠁ ᠠᠮᠢ ᠰᠦᠢᠳᠦᠭᠰᠡᠭᠡᠷ᠃
     ᠠᠮᠢ ᠶ᠋ᠢ ᠦᠯᠦ ᠬᠠᠢᠬᠤᠷᠤᠭᠰᠠᠨ ᠦᠬᠦᠮᠡᠯ ᠦᠵᠡᠯ᠂ ᠦᠬᠦᠮᠡᠯ ᠭᠢᠯᠠᠭᠠᠷ ᠬᠥᠭᠵᠢᠯ ᠦ᠋ᠨ ᠰᠡᠳᠬᠢᠬᠦᠢ ᠬᠦᠴᠦ ᠪᠡᠨ ᠠᠪᠴᠤ ᠪᠠᠢᠭᠠᠯᠢ ᠶ᠋ᠢᠨ ᠠᠮᠢ ᠶ᠋ᠢ ᠶᠡᠭᠦᠳᠬᠡᠬᠦ ᠴᠢᠭᠯᠡᠯ ᠳ᠋ᠦ᠍ ᠣᠶᠤᠨ ᠤᠬᠠᠮᠰᠠᠷ
 ᠢ᠋ᠶ᠋ᠠᠨ ᠳᠠᠢᠴᠢᠯᠠᠬᠤ ᠶ᠋ᠢ ᠰᠤᠷᠲᠠᠯᠴᠢᠯᠠᠨ᠂ ᠮᠠᠲ᠋ᠧᠷᠢᠶᠠᠯᠯᠢᠭ ᠬᠡᠨᠡᠭᠡᠷᠬᠡᠯ ᠳ᠋ᠦ᠍ ᠠᠪᠲᠠᠵᠤ᠂ ᠳᠡᠯᠡᠬᠡᠢ ᠶᠢᠷᠲᠢᠨᠴᠦ ᠪᠡᠨ ᠳᠡᠭᠡᠷᠡᠮᠳᠡᠵᠦ ᠦᠭᠡᠢᠷᠡᠭᠦᠯᠵᠦ ᠡᠬᠢᠯᠡᠵᠡᠢ᠃ ᠬᠠᠮᠢᠭᠠᠨ ᠶᠡᠬᠡ ᠪᠠᠶᠠᠯᠢᠭ ᠪᠠᠢᠨ᠎ᠠ᠂
ᠲᠡᠨᠳᠡ ᠵᠣᠪᠠᠯᠠᠩ ᠵᠢᠷᠭᠠᠯ ᠬᠣᠶᠠᠷ ᠲᠤᠢᠯᠳᠠᠨ᠎ᠠ᠃ ᠡᠨᠡ ᠳᠤᠮᠳᠠ ᠠ᠋ᠴᠠ ᠮᠠᠲ᠋ᠧᠷᠢ ᠪᠣᠯᠤᠨ ᠣᠶᠤᠨ ᠤ᠋ ᠨᠢᠭᠡᠳᠦᠯ ᠪᠣᠯᠬᠤ ᠲᠧᠭᠨᠢᠭ ᠦ᠋ᠨ ᠡᠷᠡᠨ ᠮᠡᠨᠳᠦᠯᠡᠪᠡ᠃ ᠦᠬᠦᠮᠡᠯ ᠡᠳ᠋ ᠦᠢ ᠣᠯᠠᠨ ᠢ᠋ᠶ᠋ᠠᠷ ᠢ᠋ᠶ᠋ᠠᠨ ᠡᠭᠦᠰᠴᠦ ᠲᠡᠷᠡ ᠨᠢ ᠠᠮᠢᠳᠤ ᠪᠠᠢᠭᠠᠯᠢ ᠶ᠋ᠢ ᠰᠦᠢᠳᠬᠡᠵᠦ ᠡᠬᠢᠯᠡᠪᠡ᠃ ᠠᠮᠢ ᠦᠭᠡᠢ ᠲᠡᠮᠦᠷ᠂ ᠠᠮᠢ ᠦᠭᠡᠢ ᠮᠠᠰᠢᠨ᠂ ᠭᠠᠯᠲᠤ ᠲᠡᠷᠭᠡ᠂ ᠣᠩᠭᠣᠴᠠ᠂ ᠬᠠᠷ᠎ᠠ ᠵᠠᠮ᠂ ᠦᠢᠯᠡᠳᠪᠦᠷᠢ᠂ ᠬᠥᠮᠦᠨᠴᠢᠯᠡᠬᠦ ᠠᠮᠢᠳᠤᠴᠢᠯᠠᠬᠤ《ᠬᠣᠴᠣᠷᠤᠭᠳᠠᠯ》 ᠢ᠋ ᠬᠥᠮᠦᠨ ᠢᠯᠠᠵᠤ ᠭᠡᠭᠡᠷᠡᠭᠰᠡᠨ ᠨᠢ ᠠᠮᠢ ᠦᠭᠡᠢ ᠪᠦᠲᠦᠭᠡᠭᠳᠡᠬᠦᠨ ᠪᠠᠬᠠᠷᠬᠠᠯ ᠪᠣᠯᠪᠠ᠃ ᠭᠤᠷᠪᠠᠯ ᠣᠨᠣᠯᠲᠠ᠂ ᠠᠮᠢ ᠰᠢᠲᠦᠭᠡᠨᠲᠦ ᠮᠣᠩᠭᠣᠯᠴᠤᠳ ᠯᠠ ᠡᠨᠡ ᠳᠤᠮᠳᠠ《ᠣᠩᠭᠣᠨ ᠪᠠᠢᠭᠠᠯᠢ》 ᠲᠠᠢ ᠵᠢᠭᠤᠷᠠᠯᠳᠤᠵᠠᠢ᠃ ᠤᠭ ᠨᠢ ᠣᠪᠧᠻᠡᠲ᠋ᠢᠧ ᠢᠳᠢᠶᠠᠯᠢᠰᠮ ᠢ᠋ ᠦᠨᠳᠦᠰᠦᠯᠡᠭᠴᠢ ᠫᠯᠠᠲ᠋ᠣᠨ(ᠰᠣᠺᠷᠠᠲ ᠤ᠋ᠨ ᠱᠠᠪᠢ)   ᠶ᠋ᠢᠨ《ᠮᠠᠨ ᠤ᠋ ᠰᠠᠨᠰᠠᠷ ᠰᠦᠨᠡᠰᠦ ᠪᠦᠬᠦᠢ ᠠᠮᠢᠳᠤ ᠠᠮᠢᠲᠠᠨ ᠮᠥᠨ》᠂ ᠮᠠᠲᠧᠷᠢᠶᠠᠯᠢᠽᠮ ᠢ᠋ ᠦᠨᠳᠦᠰᠦᠯᠡᠭᠴᠢ ᠡᠪᠦᠭᠡ《ᠶᠢᠷᠲᠢᠨᠴᠦ ᠶ᠋ᠢᠨ ᠡᠬᠡ ᠰᠤᠷᠪᠤᠯᠵᠢ ᠨᠢ ᠠᠮᠢᠳᠤᠯᠢᠭ ᠭᠠᠯ》 ᠭᠡᠵᠦ ᠰᠤᠷᠭᠠᠭᠰᠠᠨ ᠠᠲᠠᠯ᠎ᠠ ᠠᠮᠢ ᠶ᠋ᠢ ᠠᠩᠵᠠᠭᠠᠷᠠᠭᠰᠠᠨ ᠦᠭᠡᠢ᠃  
       1206 ᠣᠨ ᠤ᠋ ᠮᠣᠩᠭᠣᠯ ᠤ᠋ᠨ《ᠶᠡᠬᠡ ᠵᠠᠰᠠᠭ》 ᠬᠠᠤᠯᠢ ᠪᠣᠯᠤᠨ ᠡᠮᠦᠨᠡᠬᠢ ᠦᠶ᠎ᠡ ᠶ᠋ᠢᠨ ᠬᠡᠪ ᠬᠠᠤᠯᠢ ᠨᠤᠭᠤᠳ ᠲᠤ᠌ ᠪᠠᠢᠭᠠᠯᠢ ᠵᠠᠩ ᠠᠮᠢᠲᠠᠨ ᠢ᠋ ᠬᠠᠮᠠᠭᠠᠯᠠᠬᠤ ᠠᠰᠠᠭᠤᠳᠠᠯ ᠢ᠋ ᠴᠢᠩᠳᠠᠯᠠᠨ ᠳᠤᠰᠬᠠᠭᠰᠠᠨ ᠪᠤᠶᠠᠨ ᠢ᠋ᠶ᠋ᠠᠷ ᠧᠦ᠋ᠷᠣᠫᠠᠴᠤᠳ ᠠ᠋ᠴᠠ ᠬᠡᠳᠦᠨ ᠵᠠᠭᠤᠨ ᠢ᠋ᠶ᠋ᠠᠷ ᠢᠯᠡᠭᠦᠦ ᠬᠥᠭᠵᠢᠯ ᠲᠡᠢ ᠪᠠᠢᠭ᠎ᠠ ᠪᠠᠨ ᠬᠣᠴᠣᠷᠤᠭᠳᠠᠯ ᠭᠡᠵᠦ ᠡᠨᠳᠡᠭᠦᠷᠡᠮᠡᠷ ᠦᠭᠡᠢ ᠠ᠋᠃ ᠪᠢᠳᠡ ᠠᠮᠢᠳᠤᠷᠠᠭᠠᠳ ᠳᠠᠭᠤᠰᠬᠤ ᠬᠣᠷᠸ᠎ᠠ ᠪᠢᠰᠢ ᠠ᠋᠃ ᠮᠣᠩᠭᠣᠯ ᠤ᠋ᠨ ᠬᠥᠭᠵᠢᠯ ᠦ᠋ᠨ ᠮᠠᠩᠯᠠᠢᠯᠠᠬᠤ ᠨᠢᠭᠤᠴᠠ ᠡᠨᠳᠡ ᠨᠢᠭᠤᠭᠳᠠᠵᠤ ᠪᠠᠢᠨ᠎ᠠ᠃ ᠠᠮᠢᠨ ᠬᠥᠭᠵᠢᠯ ᠦ᠋ᠨ ᠣᠨᠣᠯ ᠢ᠋ᠶ᠋ᠠᠨ ᠳᠡᠭᠡᠳᠦᠯᠡᠭᠰᠡᠨ ᠪᠠᠢᠭᠠᠯᠢ ᠳ᠋ᠤ᠌ ᠬᠠᠯᠠ ᠦᠭᠡᠢ ᠴᠡᠪᠡᠷ ᠪᠦᠲᠦᠭᠡᠭᠳᠡᠬᠦᠨ ᠨᠢ ᠥᠯᠥᠰᠥᠭᠦᠯᠡᠩᠲᠦ ᠳᠡᠯᠡᠬᠡᠢ ᠳ᠋ᠦ᠍ ᠪᠤᠶᠠᠨ ᠪᠣᠯᠬᠤ ᠴᠠᠭ ᠲᠤᠭᠤᠯ ᠤ᠋ᠨ ᠵᠠᠯᠠᠨ᠎ᠠ(ᠵᠡᠯ᠎ᠡ ᠳ᠋ᠦ᠍) ᠪᠠᠢᠨ᠎ᠠ᠃ ᠮᠣᠩᠭᠣᠯ ᠠᠷᠠᠳ ᠤ᠋ᠨ ᠦᠯᠢᠭᠡᠷ ᠦ᠋ᠳ ᠦᠬᠦᠭᠰᠡᠨ ᠬᠥᠮᠦᠨ ᠢ᠋ ᠠᠮᠢᠯᠠᠭᠤᠯᠵᠤ ᠠᠮᠢ ᠶ᠋ᠢ ᠭᠠᠷ ᠲᠠᠭᠠᠨ ᠪᠠᠷᠢᠵᠤ ᠮᠥᠷᠥᠭᠡᠳᠦᠭᠰᠡᠨ ᠶᠦᠮ᠃ ᠲᠡᠷᠡ ᠨᠢ ᠦᠷᠢᠯ(ᠬᠠᠲᠠᠭᠤ)᠂ ᠮᠥᠩᠬᠡ ᠶ᠋ᠢᠨ ᠷᠠᠰᠢᠶᠠᠨ(ᠰᠢᠩᠭᠡᠨ) ᠰᠢᠳᠢᠲᠦ ᠲᠠᠷᠨᠢ(ᠬᠡᠢ) ᠭᠤᠷᠪᠠᠨ ᠰᠢᠨᠵᠢ ᠪᠡᠨ ᠬᠠᠳᠠᠭᠠᠯᠠᠵᠤ ᠪᠠᠢᠪᠠ᠃ ᠣᠶᠤᠨ ᠲᠡᠷᠰᠦᠭᠰᠡᠨ ᠳᠠᠪ ᠲᠩᠷᠢ ᠬᠥᠭᠡᠴᠦ ᠪᠥᠬᠡ ᠶ᠋ᠢ ᠭᠤᠷᠪᠠᠨ ᠪᠥᠬᠡ ᠨᠢᠷᠤᠭᠤ ᠶ᠋ᠢ ᠨᠢ ᠬᠤᠭᠤᠯᠤᠨ ᠨᠥᠭᠴᠢᠭᠡᠵᠦ᠂ ᠭᠤᠷᠪᠠᠳ᠋ᠠᠬᠢ ᠰᠥᠨᠢ ᠨᠢ ᠦᠷ ᠴᠠᠢᠬᠤ ᠦᠶ᠎ᠡ ᠳ᠋ᠦ᠍《ᠪᠡᠶ᠎ᠡ》 ᠨᠢ ᠦᠭᠡᠢ ᠪᠣᠯᠬᠤ ᠳ᠋ᠤ᠌᠄
     — ᠲᠡᠭᠦᠨ ᠦ᠌ ᠠᠮᠢ ᠪᠡᠶ᠎ᠡ ᠬᠣᠶᠠᠭᠤᠯᠠ ᠶ᠋ᠢ ᠲᠩᠷᠢ ᠠᠪᠴᠤ ᠣᠳᠪᠠ ᠭᠡᠵᠦ ᠶᠡᠬᠡ ᠡᠵᠡᠨ ᠴᠢᠩᠭᠢᠰ ᠬᠡᠯᠡᠳᠡᠭ ᠪᠢᠯᠡ᠃ ᠠᠮᠢ ᠪᠡᠶ᠎ᠡ ᠬᠣᠶᠠᠭᠤᠯᠠᠨ ᠢ᠋ ᠭᠡᠵᠦ ᠠᠮᠢ ᠶ᠋ᠢ ᠲᠤᠰᠬᠠᠢ ᠥᠭᠡᠷ᠎ᠡ ᠵᠦᠢᠯ ᠭᠡᠵᠦ ᠶᠡᠬᠡ ᠬᠠᠭᠠᠨ ᠠᠢᠯᠠᠳᠴᠠᠢ᠃ ᠢᠷᠡᠭᠡᠳᠦᠢ ᠶ᠋ᠢᠨ ᠰᠢᠨᠵᠢᠯᠡᠬᠦ ᠤᠬᠠᠭᠠᠨ ᠶᠢᠷᠲᠢᠨᠴᠦ ᠶ᠋ᠢᠨ ᠪᠣᠯᠤᠭᠠᠳ ᠳᠡᠯᠡᠬᠡᠢ ᠶ᠋ᠢᠨ ᠠᠮᠢᠨ ᠨᠢᠭᠡᠴᠢ᠁ ᠠᠮᠢᠨ ᠲᠥᠪ ᠵᠡᠷᠭᠡ ᠶ᠋ᠢ ᠠᠮᠢ ᠰᠤᠳᠤᠯᠤᠯ ᠤ᠋ᠨ ᠣᠯᠠᠨ ᠰᠠᠯᠪᠤᠷᠢ ᠶ᠋ᠢᠨ ᠬᠥᠭᠵᠢᠯ ᠦ᠋ᠨ ᠠᠴᠢ ᠪᠠᠷ ᠨᠡᠭᠡᠭᠡᠵᠦ ᠬᠥᠮᠦᠨ ᠦ᠌ ᠠᠮᠢ᠁ ᠨᠣᠬᠠᠢ ᠶ᠋ᠢᠨ ᠠᠮᠢ᠁ ᠣᠭᠣᠲᠣᠨ᠎ᠠ ᠶ᠋ᠢᠨ ᠠᠮᠢ᠁ ᠬᠣᠷᠣᠬᠠᠢ ᠶ᠋ᠢᠨ ᠠᠮᠢ᠁ ᠴᠡᠴᠡᠭ ᠦ᠋ᠨ ᠠᠮᠢ᠁ᠭᠡᠮᠡᠨ ᠪᠠᠷᠢᠵᠤ ᠰᠢᠨᠵᠢᠯᠡᠬᠦ ᠴᠠᠭ ᠢᠷᠡᠨ᠎ᠡ᠃ ᠠᠮᠢᠨ ᠤ᠋ ᠪᠦᠲᠦᠴᠡ ᠡᠷᠴᠢᠮᠯᠡᠭ ᠡᠴᠡ ᠪᠡᠨ ᠰᠢᠯᠲᠠᠭᠠᠯᠠᠵᠤ ᠨᠣᠬᠠᠢ᠂ ᠬᠥᠮᠦᠨ᠂ ᠴᠡᠴᠡᠭ᠁ ᠬᠣᠷᠣᠬᠠᠢ ᠪᠣᠯᠤᠭᠰᠠᠨ ᠢ᠋ ᠨᠢ ᠲᠠᠢᠯᠪᠤᠷᠢᠯᠠᠬᠤ ᠴᠠᠭ ᠬᠣᠯᠠ ᠦᠭᠡᠢ ᠠ᠋᠃
   ᠯᠧᠨ ᠭᠦᠮᠢᠯᠧᠸ ᠨᠢᠭᠡᠨᠲᠡ《᠁ ᠶᠡᠬᠡ ᠣᠪᠣᠭ ᠤ᠋ᠨ ᠢ᠋ᠶ᠋ᠠᠨ ᠣᠩᠭᠣᠨ ᠢ᠋ ᠰᠦᠰᠦᠭᠯᠡᠨ ᠬᠦᠨᠳᠦᠳᠬᠡᠬᠦ ᠳ᠋ᠡᠭᠡᠨ ᠲᠡᠳᠡ ᠠᠯᠲᠠᠨ ᠨᠠᠷᠠ ᠶ᠋ᠢ ᠨᠢ ᠠᠯᠠᠭᠠᠨ ᠳᠡᠭᠡᠷ᠎ᠡ ᠪᠡᠨ ᠦᠵᠡᠵᠦ᠂ ᠵᠡᠰ ᠤᠯᠠᠭᠠᠨ ᠭᠠᠯ ᠤ᠋ᠨ ᠢᠯᠴᠢ ᠶ᠋ᠢ ᠨᠢ ᠮᠡᠳᠡᠷᠡᠵᠦ᠂ ᠴᠡᠴᠡᠭ ᠦ᠋ᠨ ᠠᠩᠬᠢᠯᠤᠨ ᠦᠨᠦᠷᠲᠦ ᠰᠣᠭᠲᠣᠭᠤᠷᠬᠠᠬᠤ ᠮᠡᠲᠦ ᠪᠣᠯᠳᠠᠭ ᠪᠠᠢᠨ᠎ᠠ》(ᠳ· ᠮᠠᠮ᠎ᠠ ᠶ᠋ᠢᠨ ᠣᠷᠴᠢᠭᠤᠯᠭ᠎ᠠ) ᠭᠡᠰᠡᠨ ᠰᠠᠨᠠᠭᠲᠤᠨ!
——————————————
① ᠳᠧᠮᠣᠺᠷᠢᠲ—a. ᠠᠷᠠᠳᠴᠢᠯᠠᠯ᠂ ᠠᠷᠠᠳᠴᠢᠯᠠᠯᠲᠤ ᠪᠠᠢᠭᠤᠯᠤᠮᠵᠢ᠃b. ᠠᠷᠠᠳᠴᠢᠯᠠᠭᠰᠠᠨ ᠦᠵᠡᠯᠲᠡ᠂ ᠠᠷᠠᠳᠴᠢᠯᠠᠯ ᠨᠠᠮ ᠤ᠋ᠨ ᠭᠡᠰᠢᠭᠦᠨ(ᠪᠠᠭᠤᠯᠭᠠᠭᠴᠢ )

               ᠦᠰᠦᠭ ᠠᠮᠢᠯᠠᠭᠤᠯᠤᠭᠴᠢ᠄ ᠲᠣᠭᠲᠠᠭᠤᠨᠪᠠᠶᠠᠷ
               ᠦᠰᠦᠭ ᠬᠢᠨᠠᠭᠴᠢ᠄ ᠰᠡᠬᠡᠭᠡᠷᠡᠯ᠂ ᠣᠳᠬᠠᠨᠰᠣ᠎ᠠ᠂ ᠥᠯᠵᠡᠢᠪᠠᠭᠠᠲᠤᠷ