ᠳᠣᠯᠣᠭ᠎ᠠ᠂ ᠭᠤᠷᠪᠠᠨ ᠣᠨᠣᠯ《 ᠤᠯᠤᠰ ᠲᠥᠷᠥ》-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу
ᠳᠣᠯᠣᠭ᠎ᠠ᠂ ᠭᠤᠷᠪᠠᠨ ᠣᠨᠣᠯ《 ᠤᠯᠤᠰ ᠲᠥᠷᠥ》
ᠭᠤᠷᠪᠠᠯ ᠣᠨᠣᠯ ᠤ᠋ᠨ ᠭᠦᠨ ᠤᠬᠠᠭᠠᠨ ᠢ᠋ ᠬᠥᠨᠳᠡᠭᠰᠡᠨ ᠲᠣᠬᠢᠶᠠᠯᠳᠤᠯ ᠳ᠋ᠤ᠌ ᠤᠯᠤᠰ ᠲᠥᠷᠥ ᠶ᠋ᠢᠨ ᠰᠡᠳᠦᠪ ᠢ᠋ ᠠᠪᠴᠤ ᠦᠵᠡᠬᠦ ᠵᠠᠢᠯᠠᠰᠢ ᠦᠭᠡᠢ ᠱᠠᠭᠠᠷᠳᠠᠯᠭ᠎ᠠ ᠲᠤᠯᠭᠠᠷᠠᠳᠠᠭ᠃ ᠤᠴᠢᠷ ᠨᠢ ᠡᠴᠢᠭᠡ ᠳᠡᠭᠡᠳᠦᠰ ᠮᠠᠨᠢ ᠪᠠᠢᠭᠠᠯᠢ ᠨᠡᠢᠭᠡᠮ ᠰᠡᠳᠬᠢᠬᠦᠢ ᠶ᠋ᠢᠨ ᠵᠦᠢ ᠲᠣᠭᠲᠠᠯ ᠢ᠋ ᠰᠤᠳᠤᠯᠬᠤ ᠭᠤᠷᠮᠤᠰᠤᠨ ᠡᠷᠳᠡᠮ ᠭᠡᠵᠦ ᠭᠦᠨ ᠤᠬᠠᠭᠠᠨ ᠢ᠋ ᠲᠣᠮᠢᠶᠠᠯᠠᠵᠠᠢ᠃《ᠭᠦᠨ》 ᠭᠡᠳᠡᠭ ᠦᠭᠡ ᠶ᠋ᠢ ᠶᠢᠷᠲᠢᠨᠴᠦ ᠶ᠋ᠢᠨ ᠭᠤᠷᠪᠠᠲᠤ《ᠶᠡᠬᠡ ᠳᠠᠯᠠᠢ ᠶ᠋ᠢᠨ ᠢᠷᠣᠭᠠᠷ ᠭᠦᠨ᠂ ᠡᠩᠬᠡ ᠲᠥᠷᠥ ᠶ᠋ᠢᠨ ᠪᠣᠳᠣᠯᠭ᠎ᠠ ᠭᠦᠨ᠂ ᠡᠷᠳᠡᠮᠲᠦ ᠬᠥᠮᠦᠨ ᠦ᠌ ᠰᠠᠨᠠᠭ᠎ᠠ ᠭᠦᠨ》 ᠭᠡᠮᠡᠨ ᠲᠣᠳᠣᠷᠬᠠᠢᠯᠠᠭᠰᠠᠨ ᠢ᠋ ᠴᠦ᠍ ᠬᠠᠷᠠᠵᠤ ᠪᠣᠯᠤᠨ᠎ᠠ᠃ ᠡᠩᠬᠡ ᠲᠥᠷᠥ ᠪᠣᠯ ᠶᠠᠭᠠᠬᠢᠬᠤ ᠦᠭᠡᠢ ᠨᠡᠢᠭᠡᠮ ᠦ᠋ᠨ ᠠᠮᠢᠨ ᠹᠢᠯᠣᠰᠣᠹᠢ ᠶ᠋ᠢᠨ ᠵᠣᠷᠢᠯᠭ᠎ᠠ ᠪᠥᠭᠡᠳ ᠡᠴᠢᠭᠡ ᠲᠩᠷᠢ ᠶ᠋ᠢᠨ ᠬᠠᠷᠢᠶᠠᠲᠤ ᠲᠥᠷᠥ ᠪᠡᠨ ᠳᠡᠭᠡᠳᠦᠯᠡᠬᠦ ᠶᠣᠰᠣ( ᠬᠠᠤᠯᠢ ᠭᠡᠰᠡᠨ ᠦᠭᠡ)᠂ ᠮᠣᠩᠭᠣᠯᠴᠤᠳ ᠤ᠋ᠨ ᠡᠮᠦᠨᠡᠬᠢ ᠦᠶ᠎ᠡ ᠨᠦ᠍ᠭᠦᠳ ᠲᠦ᠍《ᠲᠥᠷᠥ ᠶᠣᠰᠣ》᠂《ᠶᠣᠰᠣ ᠶᠣᠮᠪᠣᠭᠣᠷ᠂ ᠲᠥᠷᠥ ᠲᠥᠮᠪᠥᠭᠡᠷ》 ᠭᠡᠮᠡᠨ ᠬᠡᠵᠢᠶᠡᠳᠡ ᠨᠢᠭᠡᠳᠦᠭᠡᠷ ᠠᠰᠠᠭᠤᠳᠠᠯ ᠪᠣᠯᠭᠠᠨ ᠡᠷᠭᠦᠵᠦ ᠠᠬᠤᠢ ᠶ᠋ᠢᠨ ᠪᠣᠯᠤᠨ ᠵᠠᠩ ᠵᠠᠩᠰᠢᠯ ᠢ᠋ᠶ᠋ᠠᠨ ᠬᠠᠨᠳᠤᠭᠤᠯᠳᠠᠭ ᠪᠠᠢᠪᠠᠢ᠃ ᠲᠥᠷᠥ ᠨᠢ ᠶᠣᠰᠣ ᠪᠠᠨ( ᠬᠠᠤᠯᠢ ᠪᠠᠨ) ᠠᠷᠠᠳ ᠲᠦᠮᠡᠨ ᠦ᠌ ᠪᠡᠨ ᠠᠬᠤᠢ ᠶ᠋ᠢᠨ ᠪᠣᠯᠤᠨ ᠵᠠᠩ ᠵᠠᠩᠰᠢᠯ ᠳᠡᠭᠡᠷ᠎ᠡ ᠰᠠᠭᠤᠷᠢᠯᠠᠳᠠᠭ ᠪᠠᠢᠪᠠ᠃ ᠡᠭᠦᠨ ᠢ᠋ ᠭᠠᠳᠠᠭᠠᠳᠤ ᠰᠤᠳᠤᠯᠭᠠᠴᠢᠳ ᠦᠯᠦ ᠮᠡᠳᠡᠬᠦ ᠲᠤᠯᠠ《ᠬᠠᠬᠠᠭᠰᠠᠨ ᠬᠥᠮᠦᠨ ᠢ᠋ ᠴᠠᠭᠠᠵᠠᠯᠠᠳᠠᠭ》 ᠭᠡᠬᠦ ᠮᠡᠲᠦ ᠵᠡᠷᠯᠢᠭ ᠪᠦᠳᠦᠭᠦᠯᠢᠭ ᠵᠢᠭᠠᠯᠲᠠ《ᠶᠡᠬᠡ ᠶᠣᠰᠣ》 ᠬᠠᠭᠤᠴᠢᠨ ᠳ᠋ᠤ᠌ ᠪᠣᠢ ᠭᠡᠵᠦ ᠠᠳᠠ ᠰᠢᠭ᠋ ᠦᠵᠡᠬᠦ ᠨᠢ ᠴᠦ᠍ ᠪᠣᠢ᠃ ᠭᠡᠲᠡᠯ᠎ᠡ ᠡᠨᠡ ᠵᠢᠭᠠᠯᠲᠠ ᠥᠯ ᠳᠠᠭᠠᠭᠠᠬᠤ ᠦᠭᠡᠢ ᠬᠣᠪᠳᠣᠭ ᠡᠷ᠎ᠡ ᠶ᠋ᠢ ᠨᠡᠭᠦᠳᠡᠯᠴᠢᠨ ᠶᠣᠰᠣᠨ ᠳ᠋ᠤ᠌ ᠴᠡᠭᠡᠷᠯᠡᠳᠡᠭ ᠵᠡᠷᠭᠡ ᠣᠯᠠᠨ ᠰᠢᠯᠲᠠᠭᠠᠨ ᠡᠷᠡᠭᠦᠯ᠂ ᠠᠬᠤᠢ᠂ ᠠᠮᠢᠨ ᠴᠢᠨᠠᠷ ᠲᠤ᠌ ᠤᠶᠠᠯᠳᠤᠭᠰᠠᠨ ᠵᠠᠩ ᠵᠠᠩᠰᠢᠯ ᠠ᠋ᠴᠠ ᠡᠭᠦᠳᠦᠯ ᠲᠡᠢ ᠳᠡᠭᠡᠷ᠎ᠡ ᠶᠡᠬᠡ ᠶᠣᠰᠣᠨ ᠳ᠋ᠤ᠌ ᠣᠷᠣᠭᠰᠠᠨ ᠵᠢᠭᠠᠯᠲᠠ ᠤᠴᠢᠷ ᠠ᠋ᠴᠠ ᠡᠯ᠎ᠡ ᠮᠠᠭᠤ ᠭᠡᠮ ᠡᠴᠡ ᠵᠠᠢᠴᠠᠵᠤ ᠡᠷ᠎ᠡ ᠬᠥᠮᠦᠨ ᠳ᠋ᠦ᠍ ᠬᠣᠭᠣᠯᠠᠨ ᠤ᠋ ᠡᠮᠦᠨ᠎ᠡ ᠶᠠᠰᠤ ᠭᠠᠷᠭᠠᠵᠤ ᠮᠥᠯᠵᠢᠭᠦᠯᠳᠡᠭ᠂ ᠮᠥᠯᠵᠢᠭᠰᠡᠨ ᠶᠠᠰᠤ ᠪᠠᠷ ᠨᠢ ᠬᠣᠭᠣᠯᠠ ᠡᠲᠡᠭᠦᠯᠵᠦ ᠢᠳᠡᠭᠦᠯᠳᠡᠭ ᠵᠡᠷᠭᠡ ᠠᠬᠤᠢ ᠶ᠋ᠢᠨ ᠵᠠᠩᠰᠢᠯ ᠪᠣᠯᠵᠤ ᠬᠡᠪᠰᠢᠭᠰᠡᠨ ᠪᠠᠢᠬᠤ ᠵᠢᠱ᠌ᠢᠶ᠎ᠡ ᠲᠡᠢ᠂ ᠨᠡᠷ᠎ᠡ ᠲᠥᠷᠥ ᠶ᠋ᠢᠨ ᠡᠷᠬᠢᠮ ᠱᠠᠭᠠᠷᠳᠠᠯᠭ᠎ᠠ ᠪᠠᠢᠵᠠᠢ᠃ ᠮᠠᠭᠤ ᠡᠷ᠎ᠡ ᠢᠳᠡᠭᠰᠡᠨ ᠢ᠋ᠶ᠋ᠡᠨ ᠭᠡᠵᠦ ᠵᠦᠢᠷᠯᠡᠳᠡᠭ ᠪᠣᠯ ᠥᠯ ᠳᠠᠭᠠᠭᠠᠳᠠᠭ ᠡᠷ᠎ᠡ ᠶ᠋ᠢ ᠰᠠᠢᠨ ᠤ᠋ ᠳᠡᠭᠡᠳᠦ ᠭᠡᠮᠡᠨ ᠦᠯᠢᠭᠡᠷ ᠳᠣᠮᠣᠭ ᠲᠠᠭᠠᠨ ᠰᠢᠨᠵᠢᠭᠰᠡᠨ ᠨᠢ ᠨᠡᠩ ᠲᠦᠭᠡᠮᠡᠯ ᠪᠠᠢᠬᠤ ᠵᠢᠱ᠌ᠢᠶ᠎ᠡ ᠲᠡᠢ ᠶᠦᠮ᠃ ᠡᠨᠡ ᠲᠠᠯ᠎ᠠ ᠪᠠᠷ ᠮᠠᠷᠺᠣ ᠫᠣᠯᠣ《ᠲᠡᠳᠡ ᠥᠯ ᠬᠣᠭᠣᠯᠠ ᠦᠭᠡᠢ ᠰᠠᠷ᠎ᠠ ᠴᠤ᠌ ᠶᠠᠪᠤᠵᠤ ᠴᠢᠳᠠᠨ᠎ᠠ᠃ ᠲᠡᠳᠡ ᠠᠶᠠᠯᠠᠨ ᠶᠠᠪᠤᠬᠤ ᠳ᠋ᠠᠭᠠᠨ ᠪᠤᠰᠤᠳ ᠢ᠋ᠶ᠋ᠠᠨ ᠳᠠᠪᠠᠭᠤ᠁ ᠣᠯᠠᠨ ᠤᠯᠤᠰ ᠢ᠋ ᠳᠡᠯᠡᠬᠡᠢ ᠶ᠋ᠢ ᠴᠦ᠍ ᠳᠠᠭᠠᠭᠤᠯᠬᠤ ᠴᠢᠳᠠᠪᠤᠷᠢ ᠲᠠᠢ》 ᠭᠡᠰᠡᠨ ᠪᠢᠯᠡ᠃ ᠲᠥᠷᠥ ᠪᠡᠨ ᠳᠡᠭᠡᠳᠦᠯᠡᠵᠦ ᠡᠷ᠎ᠡ ᠬᠥᠮᠦᠨ ᠳ᠋ᠦ᠍ ᠡᠩᠬᠡ ᠲᠥᠷᠥ᠂ ᠮᠥᠩᠬᠡ ᠲᠥᠷᠥ᠂ ᠲᠥᠷᠥ ᠮᠥᠩᠬᠡ᠂ ᠪᠠᠲᠤ ᠲᠥᠷᠥ᠂ ᠲᠥᠷᠥ ᠪᠠᠲᠤ᠂ ᠲᠥᠷᠥ ᠬᠦᠦ᠁ ᠭᠡᠬᠦ ᠮᠡᠲᠦ ᠪᠡᠯᠭᠡ ᠲᠡᠭᠦᠰ ᠨᠡᠷ᠎ᠡ ᠥᠭᠬᠦ ᠶᠣᠰᠣ ᠴᠤ᠌ ᠲᠦᠭᠡᠮᠡᠯ᠃ ᠡᠨᠡ ᠴᠠᠭ ᠲᠤ᠌ ᠲᠥᠷᠥ ᠭᠡᠳᠡᠭ ᠵᠢᠯᠣᠭᠣ ᠶ᠋ᠢ ᠨᠠᠮ ᠭᠡᠬᠦ ᠴᠤᠯᠪᠤᠭᠤᠷ ᠬᠥᠲᠥᠯᠬᠦ ᠪᠣᠯᠵᠠᠢ᠃ ᠶᠠᠭᠠᠬᠢᠪᠠᠴᠤ《ᠲᠥᠷᠥ》 ᠪᠣᠯ ᠭᠤᠷᠪᠠᠯ ᠣᠨᠣᠯ ᠤ᠋ᠨ ᠭᠠᠷᠭᠠᠯᠭ᠎ᠠ ᠨᠡᠭᠡᠭᠡᠬᠦ ᠶᠡᠬᠡ ᠦᠨᠳᠦᠰᠦ ᠮᠥᠨ ᠠᠪᠠᠢ᠃ ᠶᠡᠬᠡ ᠭᠦᠷᠦᠨ ᠦ᠌ ᠨᠢᠭᠡᠨ ᠵᠢᠱ᠌ᠢᠶ᠎ᠡ ᠮᠤᠰᠬᠢᠨ ᠰᠠᠨᠠᠶ᠎ᠠ᠃
1228 ᠣᠨ ᠳ᠋ᠤ᠌ ᠥᠭᠡᠳᠡᠢ ᠶ᠋ᠢ ᠬᠠᠭᠠᠨ ᠰᠢᠷᠡᠭᠡᠨ ᠳ᠋ᠦ᠍ ᠠᠪᠠᠭ᠎ᠠ ᠣᠳᠴᠢᠬᠢᠨ᠂ ᠲᠥᠷᠥᠭᠰᠡᠨ ᠠᠬ᠎ᠠ ᠴᠠᠭᠠᠲᠠᠢ᠂ ᠳᠡᠭᠦᠦ ᠲᠤᠯᠤᠢ ᠨᠠᠷ ᠭᠤᠷᠪᠠᠨ ᠲᠠᠯ᠎ᠠ ᠠ᠋ᠴᠠ ᠨᠢ ᠡᠷᠭᠦᠨ ᠵᠠᠯᠠᠵᠠᠢ᠂ ᠪᠦᠬᠦ ᠬᠥᠮᠦᠨ ᠪᠦᠰᠡ ᠪᠡᠨ ᠲᠠᠢᠯᠤᠨ ᠬᠦᠵᠦᠭᠦᠨ ᠳ᠋ᠡᠭᠡᠨ ᠲᠣᠬᠣᠭᠠᠳ《ᠶᠡᠬᠡ ᠬᠠᠭᠠᠨ》 ᠭᠡᠮᠡᠨ ᠭᠤᠷᠪᠠᠨ ᠤᠳᠠᠭ᠎ᠠ ᠵᠡᠷᠭᠡ ᠬᠤᠷᠤᠢᠯᠠᠬᠤ ᠳ᠋ᠤ᠌ ᠥᠭᠡᠳᠡᠢ ᠬᠠᠭᠠᠨ ᠭᠤᠷᠪᠠᠨ ᠤᠳᠠᠭ᠎ᠠ ᠲᠩᠷᠢ ᠳ᠋ᠦ᠍ ᠮᠥᠷᠭᠥᠭᠰᠡᠨ᠁ ᠠᠪᠠᠭ᠎ᠠ— ᠠᠬ᠎ᠠ— ᠳᠡᠭᠦᠦ ᠭᠤᠷᠪᠠᠨ ᠦᠶ᠎ᠡ( ᠭᠤᠷᠪᠠᠨ ᠴᠠᠭ) ᠲᠡᠭᠦᠨ ᠢ᠋ ᠬᠠᠭᠠᠨ ᠰᠢᠷᠡᠭᠡᠨ ᠳ᠋ᠦ᠍ ᠵᠠᠯᠠᠵᠤ᠂ ᠭᠤᠷᠪᠠᠨ ᠬᠤᠷᠤᠢ᠂ ᠭᠤᠷᠪᠠᠨ ᠮᠥᠷᠭᠥᠯ ᠦ᠋ᠨ ᠶᠢᠰᠦᠯ᠁ ᠲᠥᠷᠥ ᠶ᠋ᠢᠨ ᠶᠢᠰᠦᠨ ᠬᠥᠯᠲᠦ ᠭᠤᠷᠪᠠᠨ ᠲᠤᠭ ᠭᠡᠷᠡᠴᠢ ᠪᠣᠯᠵᠠᠢ᠃ ᠡᠨᠳᠡ ᠳᠤᠷᠠᠳᠤᠭᠰᠠᠨ ᠲᠥᠷᠥ ᠶ᠋ᠢᠨ ᠭᠤᠷᠪᠠᠨ ᠲᠤᠯᠭᠠᠭᠤᠷᠢ ᠶᠣᠰᠣ᠂ ᠭᠤᠷᠪᠠᠯ ᠪᠢᠰᠢᠷᠡᠯ ᠨᠢ ᠤᠭ ᠲᠠᠭᠠᠨ ᠬᠥᠭᠵᠢᠯ ᠦ᠋ᠨ ᠣᠨᠣᠯ ᠤ᠋ᠨ ᠪᠡᠯᠭᠡᠳᠡᠯ( ᠮᠥᠷ ᠦ᠋ᠨ ᠬᠥᠲᠥᠯᠪᠦᠷᠢ) ᠪᠠᠢᠯ᠎ᠠ᠃ ᠡᠨᠡ ᠲᠤᠬᠠᠢ《ᠶᠡᠬᠡ ᠵᠠᠰᠠᠭ》 ᠲᠤ᠌《ᠠᠯᠢ ᠨᠢᠭᠡ ᠵᠠᠷᠯᠢᠭ ᠵᠠᠬᠢᠶ᠎ᠠ ᠶ᠋ᠢ ᠪᠠᠭᠤᠯᠭᠠᠬᠤ ᠳ᠋ᠤ᠌ ᠵᠠᠪᠠᠯ ᠭᠤᠷᠪᠠᠨ ᠬᠥᠮᠦᠨ ᠦ᠌ ᠬᠡᠯᠡᠭᠰᠡᠨ ᠠᠳᠠᠯᠢ ᠪᠠᠢᠬᠤ ᠶᠣᠰᠣᠲᠠᠢ᠃ ᠲᠡᠢᠮᠦ ᠪᠣᠯᠬᠤ ᠠ᠋ᠴᠠ ᠰᠠᠶᠢ ᠪᠡᠶᠡᠯᠡᠭᠦᠯᠵᠦ ᠪᠣᠯᠤᠨ᠎ᠠ᠃ ᠭᠤᠷᠪᠠᠨ ᠬᠥᠮᠦᠨ ᠬᠡᠮᠡᠭᠴᠢ ᠥᠪᠡᠷ ᠦ᠋ᠨ ᠪᠡᠶ᠎ᠡ ᠨᠢᠭᠡᠨ ᠢ᠋ᠶ᠋ᠡᠨ ᠲᠣᠭᠠᠯᠠᠭᠳᠠᠮᠤᠢ》 ᠭᠡᠵᠡᠢ᠃ ᠡᠨᠡ ᠨᠢ ᠨᠢᠭᠡ ᠶᠠᠭᠤᠮ᠎ᠠ ᠪᠦᠬᠦᠨ ᠭᠤᠷᠪᠠᠯ᠂ ᠨᠢᠭᠡ ᠬᠣᠶᠠᠷ ᠲᠣᠭ᠎ᠠ ᠪᠢᠰᠢ ᠭᠡᠵᠦ ᠶᠠᠷᠢᠵᠤ ᠪᠠᠢᠭᠰᠠᠨ ᠡᠮᠦᠨᠡᠬᠢ ᠪᠦᠯᠦᠭ ᠦ᠋ᠨ ᠪᠠᠲᠤᠯᠠᠭ᠎ᠠ ᠪᠣᠯᠭᠠᠬᠤ ᠪᠤᠰᠤ《ᠬᠤᠷᠠᠯᠲᠠᠢ— ᠬᠠᠭᠠᠨ— ᠰᠡᠴᠡᠳ ᠦ᠋ᠨ ᠵᠥᠪᠯᠡᠯ》 ᠭᠡᠬᠦ ᠤᠳᠤᠷᠢᠳᠤᠯᠭ᠎ᠠ ᠶ᠋ᠢᠨ ᠲᠤᠭᠲᠠᠯᠴᠠᠭᠠᠨ ᠳ᠋ᠤ᠌ ᠰᠢᠭᠤᠳ ᠬᠠᠮᠢᠶᠠᠷᠬᠤ ᠵᠢᠭᠠᠯᠲᠠ ᠪᠥᠯᠥᠭᠡ᠃
ᠡᠪᠦᠭᠡ ᠤᠬᠠᠭᠠᠨ ᠤ᠋ ᠡᠷᠳᠡᠮ ᠢ᠋ᠶ᠋ᠡᠷ ᠡᠨᠡ ᠰᠡᠳᠦᠪ ᠢ᠋ ᠥᠪᠡᠷᠰᠡᠳ ᠦ᠋ᠨ ᠦᠶ᠎ᠡ ᠳᠡᠭᠡᠷ᠎ᠡ ᠪᠡᠨ ᠠᠪᠴᠢᠷᠠᠵᠤ ᠲᠤᠩᠭᠠᠪᠠᠰᠤ( ᠵᠠᠪᠠᠯ ᠲᠡᠭᠡᠬᠦ ᠶᠣᠰᠣᠲᠠᠢ) ᠤᠯᠠᠮᠵᠢᠯᠠᠯ ᠰᠢᠨᠡᠴᠢᠯᠡᠯ ᠣᠷᠬᠢᠭᠳᠠᠭᠰᠠᠨ ᠢ᠋ ᠯᠡ ᠬᠠᠷᠠᠨ᠎ᠠ᠃ ᠲᠥᠷᠥ ᠶ᠋ᠢᠨ ᠶᠢᠰᠦᠨ ᠬᠥᠯᠲᠦ ᠴᠠᠭᠠᠨ ᠲᠤᠭ ᠵᠠᠯᠠᠭᠰᠠᠨ ᠪᠣᠯᠪᠠᠴᠤ ᠲᠡᠭᠦᠨ ᠢ᠋《ᠭᠤᠷᠪᠠᠯ ᠤᠬᠠᠭᠠᠨ》 ᠢ᠋ᠶ᠋ᠠᠷ ᠠᠮᠢᠯᠠᠭᠤᠯᠤᠭᠰᠠᠨ ᠦᠭᠡᠢ ᠯᠠᠮᠠ ᠭᠠᠳᠠᠭᠠᠳᠤ ᠬᠡᠯᠡ ᠪᠡᠷ ᠷᠠᠪᠠᠢᠯᠠᠵᠡᠢ᠃ ᠲᠡᠷᠡ ᠲᠤᠭ ᠲᠤ ᠮᠣᠩᠭᠣᠯ ᠣᠨᠣᠯ ᠤᠬᠠᠭᠠᠨ《ᠠᠮᠢ》 ᠪᠣᠯᠤᠭ᠎ᠠ ᠦᠭᠡᠢ᠂ ᠪᠤᠳ᠋ᠳ᠋ᠾᠠ ᠶ᠋ᠢᠨ ᠱᠠᠰᠢᠨ ᠤ᠋ ᠷᠢᠳᠢ ᠰᠢᠳᠢ《ᠠᠮᠢ》 ᠪᠣᠯᠵᠤ ᠰᠢᠩᠭᠡᠵᠡᠢ᠃ ᠬᠡᠯᠪᠡᠷᠢ ᠶ᠋ᠢᠨ ᠭᠠᠭᠴᠠ ᠨᠢᠭᠡ《ᠰᠡᠷᠭᠦᠨ ᠮᠠᠨᠳᠤᠯ》 ᠮᠠᠨᠢ ᠴᠤ᠌ ᠡᠢᠮᠦ ᠯᠡ ᠬᠠᠷᠠᠩᠭᠤᠢ ᠪᠠᠢᠬᠤ ᠰᠢᠦ ᠳᠡ᠃ ᠶᠢᠰᠦᠨ ᠬᠥᠯᠲᠦ ᠴᠠᠭᠠᠨ ᠲᠤᠭ ᠳᠠᠭᠢᠭᠰᠠᠨ ᠮᠣᠩᠭᠣᠯ ᠤ᠋ᠨ ᠲᠥᠷᠥ ᠶ᠋ᠢᠨ ᠪᠣᠳᠣᠯᠭ᠎ᠠ ᠬᠠᠷᠢ ᠳᠤᠷᠠᠰᠢᠯᠭᠠ ᠳ᠋ᠤ᠌ ᠲᠤᠯᠭᠠᠭᠤᠷᠢᠯᠠᠵᠤ᠂ ᠬᠠᠷ᠎ᠠ ᠬᠠᠢᠷᠴᠠᠭ ᠨᠢ ᠭᠤᠷᠪᠠᠯ ᠤᠬᠠᠭᠠᠨ ᠢ᠋ ᠪᠢᠰᠢ ᠠᠵᠢᠯ ᠤ᠋ᠨ ᠲᠥᠯᠥᠪᠯᠡᠭᠡ ᠴᠢᠭᠯᠡᠯ ᠬᠠᠳᠠᠭᠠᠯᠠᠵᠤ ᠪᠣᠯᠬᠤ ᠦᠭᠡᠢ ᠳᠡ᠃ ᠮᠣᠩᠭᠣᠯ ᠣᠷᠣᠨ ᠳᠡᠯᠡᠬᠡᠢ ᠶ᠋ᠢᠨ ᠰᠢᠨᠵᠢ ᠪᠡᠷ ᠬᠣᠶᠠᠷ ᠲᠣᠮᠣ ᠤᠯᠤᠰ ᠲᠥᠷᠥ ᠶ᠋ᠢᠨ ᠬᠦᠴᠦᠨ ᠢ᠋ ᠴᠢᠬᠤᠯᠠᠴᠢᠯᠠᠵᠤ ᠪᠠᠢᠨ᠎ᠠ᠃ ᠲᠡᠷᠡ ᠬᠣᠶᠠᠷ ᠲᠤ ᠬᠣᠶᠠᠭᠤᠯᠠ ᠳ᠋ᠤ᠌ ᠨᠢ ᠥᠪᠡᠷᠰᠡᠳ ᠦ᠋ᠨ ᠦᠨᠡᠨ ᠪᠠᠢᠳᠠᠭ᠃ ᠪᠠᠰᠠ ᠥᠷᠥᠭᠡᠯ ᠦ᠋ᠨ ᠬᠢ ᠪᠡᠨ ᠨᠢᠳᠦ ᠪᠡᠷ ᠬᠠᠷᠠᠬᠤ ᠳ᠋ᠤ᠌ ᠪᠤᠷᠤᠭᠤ ᠪᠠᠢᠳᠠᠭ᠃ ᠤᠭ ᠨᠢ《ᠭᠤᠷᠪᠠᠨ ᠬᠥᠮᠦᠨ ᠬᠡᠮᠡᠭᠴᠢ ᠥᠪᠡᠷ ᠦ᠋ᠨ ᠪᠡᠶ᠎ᠡ ᠨᠢᠭᠡᠨ ᠢ᠋ᠶ᠋ᠡᠨ ᠲᠣᠭᠠᠯᠠᠭᠳᠠᠬᠤ ᠭᠤᠷᠪᠠᠨ ᠬᠥᠮᠦᠨ ᠦ᠌》 ᠵᠥᠪᠰᠢᠯ ᠴᠢᠬᠤᠯᠠᠵᠢᠵᠤ《ᠭᠤᠷᠪᠠᠳᠠᠭᠴᠢ ᠬᠦᠴᠦᠨ》 ᠭᠡᠰᠡᠨ ᠦᠭᠡ ᠳᠤᠭᠤᠯᠳᠠᠳᠠᠭ ᠴᠤ᠌ ᠡᠨᠡ ᠨᠢ ᠮᠧᠬᠠᠨᠢᠭ( ᠲᠥᠷᠥᠯᠬᠢ ᠴᠢᠨᠠᠷ ᠦᠭᠡᠢ) ᠬᠣᠯᠪᠣᠭ᠎ᠠ ᠪᠠᠷ ᠲᠡᠷᠰᠯᠡᠯ ᠠᠭᠤᠯᠵᠤ ᠪᠣᠢ ᠨᠢ《ᠬᠦᠴᠦᠨ》 ᠭᠡᠳᠡᠭ ᠦᠭᠡᠨ ᠡᠴᠡ ᠪᠡᠨ ᠡᠬᠢᠯᠡᠭᠡᠳ ᠰᠡᠵᠢᠭ ᠲᠥᠷᠥᠭᠦᠯᠳᠡᠭ᠃ ᠨᠢᠭᠡᠨ ᠴᠤᠯᠤ ᠣᠨᠣᠯ ᠦᠭᠡᠢ ᠭᠤᠷᠪᠠ ᠪᠣᠯ ᠭᠤᠷᠪᠠᠨ ᠬᠦᠴᠦ ᠪᠥᠭᠡᠳ ᠲᠡᠳᠡᠨ ᠦ᠌ ᠬᠡᠨ ᠨᠢ ᠴᠦ᠍《ᠲᠡᠮᠡᠴᠡᠯᠳᠦᠭᠴᠢ ᠬᠣᠶᠠᠷ ᠤ᠋ᠨ ᠨᠢᠭᠡ ᠶ᠋ᠢ ᠳᠠᠮᠵᠢᠪᠠᠰᠤ ᠴᠠᠭᠠᠵᠠᠯᠠᠮᠤᠢ》( ᠶᠠᠯᠠᠯᠠᠨ᠎ᠠ) ᠭᠡᠰᠡᠨ ᠬᠠᠤᠯᠢ ᠦᠭᠡᠢ ᠤᠴᠢᠷ ᠦᠨᠡᠨ ᠴᠢᠨᠠᠷ ᠲᠠᠭᠠᠨ ᠭᠤᠷᠪᠠ ᠪᠢᠰᠢ᠃ ᠰᠦᠷᠭᠦᠯᠳᠦᠭᠴᠢ ᠬᠣᠶᠠᠷ ᠡᠲᠡᠭᠡᠳ ᠦ᠋ᠨ ᠬᠣᠶᠠᠷ ᠵᠥᠪ ᠢ᠋ ᠠᠪᠴᠤ ᠥᠪᠡᠷ ᠣ ᠵᠥᠪ ᠢ᠋ᠶ᠋ᠡᠨ ᠨᠡᠮᠡᠬᠦ ᠲᠡᠢᠮᠦ ᠯᠡ ᠭᠤᠷᠪᠠ ᠳ᠋ᠠᠬᠢ《ᠣᠨᠣᠯ》 ᠪᠠᠷᠢᠭᠰᠠᠨ《ᠨᠠᠮ》 ᠦᠭᠡᠢᠯᠡᠭᠳᠡᠨ᠎ᠡ᠃ ᠬᠣᠶᠠᠷ ᠨᠠᠮ ᠪᠦᠷ ᠭᠤᠷᠪᠠᠳᠠᠬᠢ ᠶ᠋ᠢᠨ ᠬᠢᠨᠢ ᠪᠡᠨ ᠭᠡᠮ ᠰᠣᠭᠣᠭ ᠢ᠋ ᠬᠤᠷᠴᠠᠳᠬᠠᠬᠤ ᠪᠢᠰᠢ ᠢᠯᠠᠷᠢᠰᠢᠭᠤᠯᠬᠤ ᠡᠭᠦᠷᠭᠡ ᠲᠡᠢ ᠪᠠᠢᠬᠤ ᠶᠣᠰᠣᠲᠠᠢ᠃ ᠰᠦᠷᠭᠦᠯᠳᠦᠭᠴᠢ ᠬᠣᠶᠠᠷ ᠬᠦᠴᠦᠨ ᠦ᠌ ᠲᠤᠬᠠᠢ ᠳ᠋ᠤ᠌ ᠨᠢᠭᠡ ᠶ᠋ᠢᠨ ᠬᠢ ᠪᠡᠨ ᠵᠥᠪᠬᠡᠨ ᠰᠠᠭᠠᠷ ᠲᠠᠯ᠎ᠠ ᠶ᠋ᠢ ᠪᠠᠷᠢᠵᠤ ᠬᠠᠵᠠᠢᠯᠭᠠᠬᠤ᠂ ᠤᠨᠠᠭᠠᠬᠤ ᠵᠣᠷᠢᠯᠭ᠎ᠠ ᠳ᠋ᠤ᠌ ᠦᠢᠯᠡ ᠠᠵᠢᠯ ᠢ᠋ᠶ᠋ᠠᠨ ᠴᠢᠭᠯᠡᠭᠦᠯᠳᠡᠭ ᠨᠢ ᠮᠣᠩᠭᠣᠯ ᠶᠣᠰᠣᠨ ᠳ᠋ᠤ᠌ ᠪᠠᠢᠬᠤ ᠪᠣᠯᠤᠮᠵᠢ ᠦᠭᠡᠢ᠂ ᠵᠥᠪᠬᠡᠨ ᠭᠠᠳᠠᠭᠠᠳᠤ ᠶ᠋ᠢᠨ ᠦᠨᠡᠨ ᠶᠦᠮ᠃ ᠡᠭᠦᠨ ᠦ᠌ ᠨᠥᠭᠦᠭᠡ ᠨᠢᠭᠡ ᠰᠥᠷᠬᠦ ᠲᠠᠯ᠎ᠠ ᠨᠢ ᠡᠰᠡᠷᠭᠦ《ᠪᠠᠭᠠᠲᠤᠷ ᠤ᠋ᠨ ᠢ᠋ᠶ᠋ᠠᠨ》 ᠰᠠᠢᠨ ᠦᠢᠯᠡ ᠶ᠋ᠢ ᠥᠷᠥᠭᠡᠰᠦᠯ ᠠᠪᠴᠤ ᠦᠵᠡᠨ ᠰᠠᠭᠠᠷᠮᠠᠭᠵᠢᠭᠤᠯᠳᠠᠭ ᠢ᠋ᠶ᠋ᠠᠷ ᠢ᠋ᠶ᠋ᠠᠨ ᠬᠥᠭᠵᠢᠯ ᠦ᠋ᠨ ᠪᠤᠰᠤ ᠰᠦᠢᠷᠡᠯ ᠦ᠋ᠨ ᠤᠳᠬ᠎ᠠ ᠠᠭᠤᠯᠵᠤ ᠪᠠᠢᠯ᠎ᠠ᠃ ᠡᠢᠮᠦᠷᠬᠦ ᠠᠷᠭ᠎ᠠ ᠶ᠋ᠢ ᠬᠢᠲᠠᠳ᠂ ᠣᠷᠣᠰ ᠤ᠋ᠨ ᠵᠦᠭ ᠡᠴᠡ ᠲᠠᠰᠤᠷᠠᠯᠲᠠ ᠦᠭᠡᠢ ᠬᠢᠭᠰᠡᠭᠡᠷ ᠮᠣᠩᠭᠣᠯ ᠵᠢᠵᠢᠭᠷᠡᠭᠰᠡᠭᠡᠷ ᠭᠠᠳᠠᠭᠠᠳᠤ ᠦᠨᠡᠨ ᠳ᠋ᠦ᠍ ᠠᠪᠲᠠᠨ ᠬᠠᠭᠠᠷᠠᠭᠰᠠᠭᠠᠷ ᠡᠳᠦᠢ ᠬᠦᠷᠴᠦ᠂ ᠣᠳᠣ ᠠᠮᠧᠷᠢᠺᠠ ᠦᠨᠡᠨ ᠳ᠋ᠦ᠍ ᠠᠪᠲᠠᠮᠤᠢ᠃ ᠡᠨᠡ ᠲᠣᠬᠢᠶᠠᠯᠳᠤᠯ ᠳ᠋ᠤ᠌ ᠢᠯᠠᠭᠰᠠᠨ ᠲᠠᠯ᠎ᠠ ᠶ᠋ᠢᠨ ᠰᠠᠭᠠᠷ ᠴᠢᠨᠠᠷ ᠪᠦᠲᠦᠯ ᠦᠭᠡᠢ ᠵᠣᠷᠢᠯᠭ᠎ᠠ᠂ ᠲᠤᠬᠠᠢ ᠶ᠋ᠢᠨ ᠦᠶ᠎ᠡ ᠶ᠋ᠢᠨ ᠦᠨᠡᠨ ᠪᠣᠯᠵᠤ᠂ ᠬᠣᠬᠢᠷᠠᠯ ᠤᠴᠠᠷᠠᠭᠤᠯᠬᠤ ᠶ᠋ᠢᠨ ᠵᠡᠷᠭᠡᠴᠡᠭᠡ᠂ ᠢᠯᠠᠭᠳᠠᠭᠰᠠᠨ ᠲᠠᠯ᠎ᠠ ᠶ᠋ᠢᠨ ᠰᠠᠢᠨ ᠴᠢᠨᠠᠷ ᠦᠭᠡᠢᠰᠬᠡᠭᠳᠡᠵᠦ ᠳᠠᠪᠬᠤᠷ ᠭᠠᠷᠤᠵᠠ ᠤᠴᠠᠷᠠᠭᠤᠯᠳᠠᠭ ᠢ᠋ᠶ᠋ᠠᠷ ᠢ᠋ᠶ᠋ᠠᠨ ᠦᠨᠳᠦᠰᠦᠲᠡᠨ ᠦ᠌ ᠡᠮᠭᠡᠨᠢᠯᠲᠦ ᠦᠷ᠎ᠡ ᠳ᠋ᠦᠩ ᠠᠪᠴᠢᠷᠠᠬᠤ ᠪᠣᠯᠤᠮᠵᠢ ᠪᠦᠷᠢᠳᠦᠨ᠎ᠡ᠃ ᠭᠤᠷᠪᠠᠳᠠᠭᠴᠢ ᠦᠨᠡᠨ ᠦᠭᠡᠢᠯᠡᠭᠳᠡᠭᠰᠡᠨ ᠡᠨᠡ ᠣᠷᠣᠨ ᠵᠠᠢ ᠶ᠋ᠢ ᠰᠡᠬᠡᠭᠡᠷᠡᠵᠦ ᠮᠣᠩᠭᠣᠯ ᠳ᠋ᠤ᠌ ᠠᠩᠬ᠎ᠠ ᠤᠳᠠᠭ᠎ᠠ ᠮᠥᠷ ᠭᠠᠷᠭᠠᠭᠰᠠᠨ ᠬᠥᠮᠦᠨ ᠳᠡ ᠯᠠᠮᠠ ᠴᠡᠷᠡᠨᠴᠢᠮᠡᠳ ᠪᠣᠯᠪᠠ ᠤᠤ? ᠠᠳᠠᠭᠯᠠᠭᠠᠳ ᠤᠭ ᠤᠯᠠᠮᠵᠢᠯᠠᠯ ᠤ᠋ᠨ ᠱᠠᠭᠠᠷᠳᠠᠯᠭ᠎ᠠ ᠶ᠋ᠢ ᠰᠤᠳᠤᠯᠬᠤ ᠶᠤᠮᠰᠠᠨ᠃《ᠶᠡᠬᠡ ᠵᠠᠰᠠᠭ》 ᠬᠠᠤᠯᠢ ᠶ᠋ᠢ ᠵᠥᠷᠢᠴᠡᠭᠰᠡᠨ ᠭᠤᠷᠪᠠᠯ ᠣᠨᠣᠯ ᠤ᠋ᠨ ᠨᠢᠭᠡᠳᠦᠯ ᠳ᠋ᠦ᠍ ᠲᠡᠷᠰ ᠰᠠᠯᠤᠩᠭᠢ《ᠭᠤᠷᠪᠠ》 ᠤᠯᠤᠰ ᠲᠥᠷᠥ ᠳ᠋ᠦ᠍ ᠲᠡᠷᠰ ᠭᠡᠳᠡᠭ ᠢ᠋ ᠮᠥᠩᠬᠡ ᠬᠠᠭᠠᠨ ᠤ᠋ ᠳᠠᠷᠠᠭ᠎ᠠ ᠮᠣᠩᠭᠣᠯ ᠭᠦᠷᠦᠨ ᠦ᠌ ᠬᠤᠪᠢ ᠵᠠᠶᠠᠭᠠᠨ ᠤ᠋ ᠠᠯᠳᠠᠷ ᠨᠡᠷ᠎ᠡ ᠪᠡᠨ ᠭᠠᠷᠭᠠᠵᠤ ᠤᠯᠤᠰ ᠲᠥᠷᠥ ᠶ᠋ᠢᠨ ᠲᠠᠪᠴᠠᠩ ᠳ᠋ᠤ᠌ ᠭᠠᠷᠤᠭᠰᠠᠨ ᠭᠤᠷᠪᠠᠨ ᠬᠥᠮᠦᠨ ᠦ᠌ ᠲᠡᠦᠬᠡ ᠰᠤᠷᠭᠠᠮᠵᠢ ᠥᠭᠦᠯᠡᠨ᠎ᠡ᠃ ᠲᠡᠷᠡ ᠨᠢ ᠮᠥᠩᠬᠡ ᠬᠠᠭᠠᠨ ᠤ᠋ ᠭᠤᠷᠪᠠᠨ ᠳᠡᠭᠦᠦ ᠪᠤᠶᠤ ᠬᠤᠪᠢᠯᠠᠢ( ᠶᠤᠸᠠᠨ ᠭᠦᠷᠦᠨ ᠢ᠋ ᠪᠠᠢᠭᠤᠯᠤᠭᠰᠠᠨ ᠬᠠᠭᠠᠨ)᠂ ᠠᠷᠢᠭᠪᠥ᠋ᠬᠡ( ᠮᠣᠩᠭᠣᠯ ᠣᠷᠣᠨ ᠢ᠋ᠶ᠋ᠠᠨ ᠰᠠᠬᠢᠵᠤ ᠬᠠᠭᠠᠨ ᠳ᠋ᠤ᠌ ᠡᠷᠭᠦᠮᠵᠢᠯᠡᠭᠳᠡᠭᠰᠡᠨ)᠂ ᠬᠦᠯᠡᠬᠦ( ᠢᠯ ᠬᠠᠭᠠᠨᠲᠤ ᠤᠯᠤᠰ ᠢ᠋ ᠪᠠᠢᠭᠤᠯᠤᠭᠰᠠᠨ) ᠨᠠᠷ ᠤ᠋ᠨ ᠵᠥᠷᠢᠴᠡᠯᠲᠦ ᠲᠡᠦᠬᠡ ᠪᠥᠯᠥᠭᠡ᠃ ᠲᠡᠭᠦᠨ ᠦ᠌ ᠬᠠᠷ᠎ᠠ ᠮᠥᠷ ᠨᠠᠢ᠍ᠮᠠᠨ ᠵᠠᠭᠤᠭᠠᠳ ᠣᠨ ᠤ᠋ ᠲᠡᠷᠲᠡᠭᠡ ᠳ᠋ᠦ᠍ ᠴᠦ᠍ ᠠᠷᠢᠯᠤᠭ᠎ᠠ ᠦᠭᠡᠢ ᠪᠠᠢᠨ᠎ᠠ᠃ ᠥᠨᠥᠳᠥᠷ ᠮᠣᠩᠭᠣᠯ ᠳ᠋ᠤ᠌ ᠳᠠᠩ ᠪᠠᠷᠠᠭᠤᠨ ᠤ᠋ ᠡᠰᠡᠪᠡᠯ ᠳᠠᠩ ᠵᠡᠭᠦᠨ ᠦ᠌᠂ ᠡᠰᠡᠪᠡᠯ ᠲᠥᠪ ᠠᠯᠢ ᠴᠤ᠌ ᠦᠵᠡᠯ ᠴᠢᠬᠤᠯᠠ ᠪᠤᠰᠤ᠂ ᠵᠥᠪᠬᠡᠨ ᠲᠡᠳᠡᠭᠡᠷ ᠦ᠋ᠨ ᠭᠤᠷᠪᠠᠯ ᠳᠡᠪᠰᠢᠯ ᠱᠠᠭᠠᠷᠳᠠᠭᠳᠠᠵᠤ ᠪᠠᠢᠭ᠎ᠠ ᠶᠤᠮ᠃ ᠠᠷᠠᠳᠴᠢᠯᠠᠯ ᠭᠡᠳᠡᠭ ᠨᠢᠭᠡ ᠲᠣᠯᠣᠭᠠᠢ ᠶ᠋ᠢᠨ ᠳ᠋ᠦ᠍ ᠵᠠᠬᠢᠷᠤᠭᠳᠠᠪᠠᠯ ᠢᠯᠳᠦ᠂ ᠬᠣᠶᠠᠷ ᠲᠣᠯᠣᠭᠠᠢ ᠳ᠋ᠤ᠌ ᠵᠠᠬᠢᠷᠤᠭᠳᠠᠪᠠᠯ ᠰᠥᠷᠭᠡᠯᠳᠦᠭᠡᠨ᠂ ᠣᠯᠠᠨ ᠲᠣᠯᠣᠭᠠᠢ ᠳ᠋ᠤ᠌ ᠵᠠᠬᠢᠷᠤᠭᠳᠠᠪᠠᠯ ᠰᠠᠮᠠᠭᠤᠨ ᠪᠣᠯᠳᠠᠭ ᠨᠢᠭᠡ ᠵᠦᠢᠯ ᠠᠵᠠᠢ᠃ ᠭᠤᠷᠪᠠᠯ ᠣᠨᠣᠯ ᠢ᠋ ᠰᠥᠷᠦᠭᠰᠡᠨ ᠭᠤᠷᠪᠠᠨ ᠬᠠᠷ᠎ᠠ ᠮᠥᠷ ᠢ᠋ ᠶᠡᠬᠡ ᠨᠢᠷᠤᠭᠤᠨ ᠤᠯᠤᠰ ᠢ᠋ ᠮᠥᠬᠥᠯ ᠳ᠋ᠦ᠍ ᠬᠦᠷᠭᠡᠭᠰᠡᠨ ᠠᠮᠠᠭᠠᠢ᠂ ᠣᠢᠷᠠᠳ ᠬᠠᠯᠬ᠎ᠠ ᠶ᠋ᠢᠨ ᠳᠤᠮᠳᠠ ᠴᠢᠰᠤᠨ ᠠᠭᠪᠠᠷᠵᠢᠨ ᠵᠥᠨᠥᠭ᠂ ᠠᠷᠠᠳ ᠲᠦᠮᠡᠨ ᠢ᠋ᠶ᠋ᠡᠨ ᠬᠡᠯᠮᠡᠭᠳᠡᠭᠦᠯᠦᠭᠰᠡᠨ ᠴᠣᠢᠪᠠᠯᠰᠠᠩ ᠨᠠᠷ ᠪᠥᠭᠡᠳ ᠡᠨᠡ ᠲᠡᠦᠬᠡ ᠶ᠋ᠢ ᠬᠠᠷᠢᠶᠠᠬᠤ ᠬᠢᠯᠠᠢᠬᠤ ᠪᠢᠰᠢ᠂ ᠤᠴᠢᠷ ᠰᠢᠯᠲᠠᠭᠠᠨ ᠢ᠋ ᠨᠢ ᠣᠯᠵᠤ ᠰᠤᠷᠤᠯᠴᠠᠬᠤ ᠶᠠᠪᠤᠳᠠᠯ ᠭᠤᠷᠪᠠᠯ ᠡᠷᠳᠡᠮ ᠪᠢᠯᠡ᠃
ᠡᠨᠳᠡ《ᠭᠤᠷᠪᠠᠳᠠᠬᠢ》 ᠦᠨᠡᠨ ᠭᠡᠳᠡᠭ ᠣᠢᠯᠠᠭᠠᠯᠲᠠ ᠲᠤᠯᠭᠠᠭᠰᠠᠨ ᠠᠲᠠᠯ᠎ᠠ ᠪᠠᠨ ᠳᠤᠲᠠᠭᠤ ᠲᠠᠢᠯᠪᠤᠷᠢᠯᠠᠭᠰᠠᠨ ᠰᠠᠨᠠᠭᠳᠠᠯ᠎ᠠ᠃ ᠲᠡᠷᠡ ᠭᠤᠷᠪᠠ ᠳ᠋ᠠᠬᠢ ᠦᠨᠡᠨ ᠪᠣᠯ1 ᠪᠠ2 ᠤ᠋ ᠦᠨᠡᠨ ᠳ᠋ᠦ᠍ ᠥᠪᠡᠷ ᠦ᠋ᠨ 《ᠦᠨᠡᠨ》 ᠳ᠋ᠦᠩᠨᠡᠯᠲᠡ ᠪᠠ ᠬᠠᠨᠳᠤᠭᠰᠠᠨ ᠲᠡᠳᠦᠢ ᠪᠤᠰᠤ ᠪᠠᠰᠠ1 ᠪᠠ2 ᠤ᠋ ᠪᠣᠯᠤᠨ ᠥᠪᠡᠷ ᠦ᠋ᠨ ᠳᠤᠮᠳᠠ᠂ ᠮᠠᠭᠤ ᠲᠠᠯ᠎ᠠ ᠨᠤᠭᠤᠳ ᠲᠤ᠌ ᠵᠠᠳᠠᠷᠠᠭ᠎ᠠ ᠬᠢᠭᠰᠡᠨ ᠨᠡᠢᠯᠡᠭ ᠦᠨᠡᠨ ᠦ᠌ ᠶᠢᠰᠦᠯ ᠯᠣᠭᠢᠭ ᠠᠩᠬᠠᠨ ᠤ᠋ ᠳ᠋ᠦᠩᠨᠡᠯᠲᠡ ᠨᠢ ᠪᠠᠢᠬᠤ ᠶᠤᠮ᠃ ᠲᠡᠭᠡᠬᠦ ᠪᠡᠷ ᠡᠳ᠋ ᠦ᠋ᠨ ᠵᠠᠰᠠᠭ ᠤ᠋ᠨ ᠪᠠᠷᠠᠭᠤᠨ ᠤ᠋ ᠬᠥᠭᠵᠢᠯ ᠦ᠋ᠨ ᠴᠢᠭ ᠪᠠᠷᠢᠮᠵᠢᠶ᠎ᠠ ᠶ᠋ᠢ ᠡᠷᠬᠢᠮᠯᠡᠭᠰᠡᠨ ᠨᠠᠮ ᠭᠡᠬᠦ ᠳ᠋ᠦ᠍ ᠲᠡᠷᠡ《ᠣᠯᠵᠠ》 ᠠ᠋ᠴᠠ ᠪᠠᠨ ᠵᠥᠪᠬᠡᠨ ᠰᠠᠢᠨ ᠭᠡᠵᠦ ᠰᠣᠩᠭᠣᠭᠰᠠᠨ ᠬᠤᠪᠢᠯᠪᠤᠷᠢ ᠶ᠋ᠢ ᠬᠠᠰᠬᠢᠷᠳᠠᠭ ᠪᠤᠰᠤ ᠳᠤᠮᠳᠠ ᠮᠠᠭᠤ ᠲᠠᠯ᠎ᠠ ᠶ᠋ᠢ ᠨᠢ ᠰᠠᠢᠨᠴᠢᠯᠠᠬᠤ ᠶ᠋ᠢᠨ ᠲᠥᠯᠥᠭᠡ ᠤᠬᠠᠭᠠᠨ ᠵᠠᠷᠤᠳᠠᠭ᠂ ᠦᠨᠡᠬᠡᠷ ᠰᠤᠯᠠ ᠲᠠᠯ᠎ᠠ ᠶ᠋ᠢ ᠨᠢ ᠭᠡᠭᠡᠬᠦ ᠱᠠᠭᠠᠷᠳᠠᠯᠭ᠎ᠠ ᠲᠠᠢ ᠪᠠᠢᠳᠠᠭ ᠲᠤᠯᠠ ᠳᠡᠪᠰᠢᠯ ᠲᠡᠢ ᠬᠠᠷᠠᠭᠳᠠᠨ᠎ᠠ᠃ ᠭᠡᠲᠡᠯ᠎ᠡ ᠲᠡᠷᠡ《ᠮᠠᠭᠤ》 ᠳ᠋ᠤ᠌ ᠪᠠᠰᠠ ᠰᠠᠢᠨ ᠳᠤᠮᠳᠠ ᠮᠠᠭᠤ ᠪᠣᠢ᠃ ᠲᠡᠷᠡ ᠬᠦ᠌ ᠮᠠᠭᠤ ᠶ᠋ᠢᠨ ᠮᠠᠭᠤ ᠨᠢ ᠶᠠᠮᠠᠷ ᠰᠢᠯᠲᠠᠭᠠᠨ᠂ ᠨᠥᠬᠥᠴᠡᠯ ᠪᠣᠯᠤᠮᠵᠢ ᠠ᠋ᠴᠠ ᠡᠭᠦᠳᠦᠭᠰᠡᠨ ᠪᠣᠯᠬᠤ ᠶ᠋ᠢ ᠰᠢᠨᠵᠢᠯᠡᠨ ᠡᠶᠡᠷᠭᠦ ᠲᠤᠶᠠᠭ᠎ᠠ ᠰᠥᠷᠬᠦ ᠨᠥᠯᠥᠭᠡ ᠶ᠋ᠢ ᠨᠢ ᠬᠠᠷᠠᠭᠰᠠᠨ ᠪᠠᠢᠬᠤ ᠱᠠᠭᠠᠷᠳᠠᠯᠭ᠎ᠠ ᠪᠣᠯᠤᠨ᠎ᠠ᠃ ᠡᠨᠡ ᠡᠭᠦᠷᠭᠡ ᠲᠤᠯᠭᠠᠭᠤᠷᠢ ᠭᠤᠷᠪᠠᠨ ᠡᠲᠡᠭᠡᠳ ᠲᠦ᠍᠂ ᠭᠤᠷᠪᠠᠭᠤᠯᠠᠨ ᠳ᠋ᠤ᠌ ᠨᠢ ᠬᠢᠭᠳᠡᠬᠦ3×9=27 ᠶᠤᠮ᠃ ᠡᠨᠡ ᠳ᠋ᠦᠩᠨᠡᠯᠲᠡ ᠡᠴᠡ ᠭᠠᠷᠤᠭᠰᠠᠨ ᠨᠢᠭᠡ ᠲᠠᠯ᠎ᠠ ᠶ᠋ᠢᠨ ᠦᠨᠡᠨ ᠨᠢ ᠵᠡᠭᠦᠨ ᠦ᠌ ᠪᠣᠯᠤᠨ ᠲᠥᠪ ᠦ᠋ᠨ ᠬᠥᠭᠵᠢᠯ ᠡᠷᠬᠢᠮᠯᠡᠭᠰᠡᠨ ᠨᠠᠮ ᠤ᠋ᠳ ᠤ᠋ᠨ ᠦᠵᠡᠯ ᠰᠠᠨᠠᠭᠠᠨ ᠤ᠋ ᠰᠢᠮ᠎ᠡ ᠲᠤᠢᠯ ᠤ᠋ᠨ ᠦᠨᠡᠨ ᠨᠦ᠍ᠭᠦᠳ ᠲᠡᠢ ᠭᠤᠷᠪᠠᠯ ᠳ᠋ᠤ᠌ ᠰᠢᠲᠦᠯᠴᠡᠬᠦ ᠶᠣᠰᠣᠲᠠᠢ᠃ ᠡᠨᠡ ᠨᠢ ᠶᠡᠷᠦᠩᠬᠡᠢ ᠳ᠋ᠡᠭᠡᠨ27×3=81 ᠪᠥᠭᠡᠳ ᠡᠨᠳᠡ ᠡᠴᠡ ᠰᠢᠯᠭᠠᠷᠠᠭᠰᠠᠨ3 ᠭᠡᠰᠡᠨ ᠦᠭᠡ᠃ ᠲᠣᠪᠴᠢ ᠵᠦᠢᠷᠯᠡᠪᠡᠰᠦ ᠡᠮᠦᠨ᠎ᠡ ᠳᠤᠷᠠᠳᠤᠭᠰᠠᠨ《ᠤᠰᠤ》 ᠵᠢᠱ᠌ᠢᠶ᠎ᠡ ᠪᠥᠯᠥᠭᠡ᠃ ᠡᠢᠮᠦ ᠤᠯᠠᠮᠵᠢᠯᠠᠯ ᠲᠠᠢ ᠤᠴᠢᠷ ᠮᠣᠩᠭᠣᠯᠴᠤᠳ ᠹᠢᠯᠣᠰᠣᠹᠢ ᠶ᠋ᠢ《ᠭᠦᠨ ᠤᠬᠠᠭᠠᠨ》 ᠭᠡᠮᠡᠨ ᠣᠷᠴᠢᠭᠤᠯᠤᠭᠰᠠᠨ ᠪᠣᠯᠤᠨ᠎ᠠ᠃ ᠭᠡᠲᠡᠯ᠎ᠡ ᠨᠠᠮ ᠤ᠋ᠳ ᠤ᠋ᠨ ᠢᠯᠭᠠᠷᠠᠯ ᠪᠠᠭ᠎ᠠ᠂ ᠦᠵᠡᠯ ᠰᠠᠨᠠᠭᠠᠨ ᠤ᠋ ᠳᠡᠪᠰᠢᠯ ᠰᠤᠯᠠ ᠪᠠᠢᠭ᠎ᠠ ᠨᠢ ᠡᠬᠡ ᠠᠪᠬᠤ ᠤᠭᠲᠤᠪᠤᠷᠢ ᠣᠨᠣᠯ ᠦᠭᠡᠢ ᠶ᠋ᠢᠨ ᠪᠠᠯᠠᠭ ᠭᠡᠬᠦ ᠡᠴᠡ ᠪᠡᠨ ᠢᠯᠡᠭᠦᠦ ᠭᠤᠷᠪᠠᠯ ᠤ᠋ᠨ ᠣᠨᠣᠯ ᠢ᠋ᠶ᠋ᠠᠨ ᠮᠠᠷᠲᠠᠭᠰᠠᠨ ᠤ᠋ ᠢᠯᠡᠷᠡᠯ ᠶᠦᠮ᠃ ᠮᠥᠩᠬᠡ ᠭᠠᠯ ᠣᠪᠣᠭᠲᠠᠨ ᠨᠤᠭᠤᠳ ᠤ᠋ᠨ ᠳᠤᠮᠳᠠ ᠪᠣᠭᠣᠯ ᠤ᠋ᠨ ᠴᠤ᠌ ᠶᠤᠮ ᠤᠤ᠂ ᠹᠧᠣᠳᠠᠯ ᠤ᠋ᠨ ᠨᠡᠢᠭᠡᠮ ᠪᠠᠢᠭᠤᠯᠬᠤ ᠢᠪᠴᠤᠤ ᠣᠨᠣᠯ ᠢᠽᠮ ᠪᠠᠢᠭᠰᠠᠨ ᠦᠭᠡᠢ᠃ ᠤᠳᠤᠷᠢᠳᠬᠤ ᠤᠳᠤᠷᠢᠳᠤᠭᠤᠯᠬᠤ ᠬᠣᠷᠸ᠎ᠠ ᠶ᠋ᠢᠨ ᠵᠢᠮ᠎ᠡ ᠯᠡ ᠬᠥᠭᠵᠢᠵᠦ ᠪᠠᠢᠪᠠ᠃ ᠰᠣᠼᠢᠶᠡᠯᠢᠽᠮ᠂ ᠺᠡᠫᠢᠲ᠋ᠡᠯᠢᠽᠮ ᠦ᠋ᠨ ᠣᠨᠣᠯ ᠢ᠋ ᠭᠠᠳᠠᠨ᠎ᠠ ᠠ᠋ᠴᠠ ᠬᠤᠯᠠᠭᠤᠵᠤ《ᠬᠣᠴᠣᠷᠤᠭᠳᠠᠯ ᠢ᠋ ᠠᠷᠢᠯᠭᠠᠬᠤ》 ᠪᠠᠷ ᠲᠤᠷᠰᠢᠬᠤ ᠬᠡᠷᠡᠭ ᠪᠦᠷ ᠴᠦ᠍ ᠪᠠᠢᠭ᠎ᠠ ᠦᠭᠡᠢ᠃ ᠭᠠᠭᠴᠠ ᠬᠦ᠌ ᠨᠡᠭᠦᠳᠡᠯ ᠦ᠋ᠨ ᠠᠬᠤᠢ ᠳ᠋ᠤ᠌ ᠵᠣᠬᠢᠴᠠᠭᠰᠠᠨ ᠳᠥᠷᠦᠲᠦ ᠶᠣᠰᠣ ᠯᠠ ᠪᠣᠯᠪᠠᠰᠤᠷᠠᠩᠭᠤᠢ ᠪᠣᠯᠵᠤ ᠠᠭᠰᠠᠨ ᠰᠠᠨ ᠪᠣᠯ ᠳᠠ᠃ ᠬᠣᠢᠰᠢᠳᠠ ᠺᠣᠮᠮᠣᠨᠢᠽᠮ ᠴᠤ᠌ ᠪᠠᠢ ᠶᠠᠮᠠᠷ ᠨᠢᠭᠡ ᠲᠤᠢᠯ ᠤ᠋ᠨ ᠵᠣᠷᠢᠯᠭ᠎ᠠ ᠶ᠋ᠢ ᠬᠡᠨ ᠨᠢᠭᠡᠨ ᠴᠡᠴᠡᠨ ᠨᠢ ᠲᠤᠯᠭᠠᠬᠤ ᠪᠣᠢ᠃ ᠢᠵᠠᠭᠤᠷ ᠴᠢᠨᠠᠷ ᠲᠤ ᠮᠠᠨᠢ ᠬᠠᠷᠰᠢ ᠪᠥᠯᠥᠭᠡ᠃ ᠭᠤᠷᠪᠠᠯ ᠣᠨᠣᠯ ᠤ᠋ᠨ ᠲᠤᠩᠭᠠᠭᠰᠠᠨ ᠦᠨᠡᠨ ᠪᠣᠯ ᠪᠡᠯᠴᠢᠭᠡᠷ( ᠪᠠᠢᠭᠠᠯᠢ)— ᠮᠠᠯ( ᠨᠡᠭᠦᠳᠡᠯ)— ᠬᠥᠮᠦᠨ( ᠠᠮᠢᠳᠤᠷᠠᠬᠤᠢ) ᠭᠤᠷᠪᠠᠯ ᠤ᠋ᠨ ᠵᠣᠬᠢᠶᠠᠯ᠂ ᠬᠥᠭᠵᠢᠯ ᠦ᠋ᠨ ᠠᠮᠢ ᠵᠦᠩ᠂ ᠤᠬᠠᠭᠠᠯᠢᠭ ᠬᠡᠷᠡᠭᠯᠡᠭᠡ᠂ ᠬᠥᠳᠡᠯᠮᠦᠷᠢ ᠬᠥᠩᠭᠡᠪᠴᠢᠯᠡᠬᠦ ᠦᠯᠢᠭᠡᠷ ᠮᠥᠷᠥᠭᠡᠳᠦᠯ ᠪᠠᠢᠪᠠᠢ᠃《 ᠢᠽᠮ》 ᠦ᠋ᠨ ᠡᠪᠡᠳᠴᠢᠨ ᠲᠡᠢ ᠰᠠᠭᠤᠷᠢᠨ ᠢᠷᠭᠡᠨᠰᠢᠯ ᠲᠡᠢ ᠵᠣᠬᠢᠴᠠᠬᠤ ᠰᠢᠨ᠎ᠡ ᠬᠥᠭᠵᠢᠯ ᠦ᠋ᠨ ᠮᠣᠩᠭᠣᠯ ᠬᠤᠪᠢᠯᠪᠤᠷᠢ ᠯᠠ《ᠤᠯᠤᠰ ᠲᠥᠷᠥ》 ᠲᠡᠭᠦᠨ ᠦ᠌ ᠭᠡᠷᠡᠯᠲᠦ ᠢᠷᠡᠭᠡᠳᠦᠢ ᠪᠥᠯᠥᠭᠡ᠃ ᠡᠨᠳᠡ ᠮᠣᠩᠭᠣᠯ ᠰᠡᠳᠬᠢᠯᠭᠡ᠂ ᠮᠠᠯᠴᠢ ᠬᠣᠯᠠᠴᠢ ᠤᠬᠠᠭᠠᠨ ᠶᠠᠭᠤᠨ ᠠ᠋ᠴᠠ ᠴᠤ᠌ ᠴᠢᠬᠤᠯᠠ ᠪᠠᠢᠨ᠎ᠠ᠃ ᠺᠣᠮᠮᠤᠨᠢᠰᠲ ᠮᠠᠯᠴᠢᠨ ᠺᠡᠫᠢᠲ᠋ᠠᠯᠢᠰᠲ ᠠᠳᠤᠭᠤᠴᠢᠨ ᠭᠡᠬᠦ ᠲᠤᠯᠠᠭᠠᠯᠲᠠ ᠬᠡᠷᠡᠭ ᠦᠭᠡᠢ᠃ ᠲᠡᠳᠡᠭᠡᠷ ᠦᠵᠡᠯ ᠢ᠋ᠶ᠋ᠡᠷ ᠲᠡᠦᠬᠡ ᠶ᠋ᠢ ᠰᠢᠭᠦᠵᠦ ᠨᠣᠮᠴᠢᠷᠬᠠᠬᠤ ᠴᠤ᠌ ᠬᠡᠷᠡᠭ ᠦᠭᠡᠢ᠃ ᠭᠤᠷᠪᠠᠯ ᠤ᠋ᠨ ᠣᠨᠣᠯ᠂ ᠠᠮᠢᠨ ᠹᠢᠯᠣᠰᠣᠹᠢ ᠶ᠋ᠢ ᠡᠵᠡᠮᠰᠢᠪᠡᠰᠦ ᠦᠷ᠎ᠡ ᠠᠴᠢ ᠮᠠᠨᠢ ᠮᠣᠩᠭᠣᠯ ᠢ᠋ᠶ᠋ᠠᠨ ᠠᠪᠤᠭᠠᠳ ᠶᠠᠪᠤᠴᠢᠬᠠᠬᠤ ᠨᠢ ᠠ᠋᠃
ᠡᠯ᠎ᠡ ᠰᠡᠳᠦᠪ ᠦ᠋ᠨ ᠭᠠᠷᠴᠠᠭ ᠲᠤ᠌《ᠤᠯᠤᠰ ᠲᠥᠷᠥ》 ᠭᠡᠮᠡᠨ ᠳᠠᠪᠬᠤᠷ ᠬᠠᠰᠢᠯᠲᠠ ᠳ᠋ᠤ᠌ ᠪᠢᠴᠢᠭᠰᠡᠨ ᠣᠢᠯᠠᠭᠠᠯᠲᠠ ᠪᠣᠯ ᠤᠳᠬ᠎ᠠ ᠤᠴᠢᠷ ᠦᠭᠡᠢ ᠪᠤᠷᠤᠭᠤ ᠬᠡᠪᠰᠢᠯ ᠲᠤᠯᠠ ᠵᠥᠪ ᠦᠨᠳᠦᠰᠦ ᠶ᠋ᠢ ᠬᠡᠯᠡᠵᠦ ᠵᠠᠯᠠᠷᠠᠭᠤᠯᠬᠤ ᠨᠢ ᠴᠢᠬᠤᠯᠠ ᠰᠠᠨᠠᠭᠳᠠᠪᠠ᠃《ᠤᠯᠤᠰ》 ᠭᠡᠳᠡᠭ ᠦᠭᠡ ᠨᠢ ᠮᠠᠨ ᠤ᠋ ᠳ᠋ᠤ᠌ ᠪᠠᠬᠠᠨ ᠤᠯᠤᠰ ᠢᠷᠡᠪᠡ᠂ ᠮᠣᠷᠢ ᠲᠠᠢ ᠤᠯᠤᠰ ᠳᠠᠪᠬᠢᠯᠳᠤᠨ᠎ᠠ ᠭᠡᠳᠡᠭ ᠰᠢᠭ ᠨᠢᠭᠡ ᠵᠣᠷᠢᠯᠭ᠎ᠠ ᠲᠠᠢ ᠬᠡᠰᠡᠭ ᠬᠥᠮᠦᠰ ᠢ᠋ ᠲᠣᠳᠣᠷᠬᠠᠢᠯᠠᠭᠰᠠᠨ ᠤᠳᠬ᠎ᠠ ᠲᠠᠢ ᠲᠤᠯᠠ ᠨᠡᠢᠲᠡ ᠮᠣᠩᠭᠣᠯ ᠤᠭᠰᠠᠭᠠᠲᠠᠨ ᠢ᠋ ᠬᠡᠯᠡᠵᠦ ᠪᠣᠯᠣᠰᠢ ᠦᠭᠡᠢ᠃ ᠤᠯᠤᠰ ᠲᠥᠷᠥ ᠲᠣᠭᠲᠠᠪᠤᠷᠢ ᠦᠭᠡᠢ ᠪᠠᠢᠨ᠎ᠠ ᠭᠡᠬᠦ ᠪᠤᠰᠤ ᠦᠵᠡᠯ ᠰᠤᠷᠲᠠᠯ ᠵᠥᠷᠢᠴᠡᠯᠳᠦᠭᠡᠨ ᠲᠡᠢ ᠪᠠᠢᠨ᠎ᠠ ᠭᠡᠪᠡᠰᠦ ᠵᠥᠪ ᠪᠣᠯᠤᠨ᠎ᠠ᠃ ᠤᠯᠤᠰ ᠲᠥᠷᠥᠴᠢ ᠭᠡᠳᠡᠭ ᠢ᠋ ᠠᠢᠯ ᠤᠳᠬ᠎ᠠ ᠪᠠᠷ ᠨᠢ《ᠬᠥᠮᠦᠰ ᠲᠥᠷᠥᠴᠢ》 ᠭᠡᠵᠦ ᠣᠢᠯᠠᠭᠠᠮᠤᠢ᠃ ᠡᠨᠡᠴᠢᠯᠡᠨ ᠤᠯᠤᠰ ᠤ᠋ᠨ( ᠬᠥᠮᠦᠰ ᠦ᠋ᠨ) ᠶᠡᠬᠡ ᠬᠤᠷᠠᠯ ᠤ᠋ᠨ ᠭᠡᠰᠢᠭᠦᠨ ᠪᠢᠰᠢ ᠲᠥᠷᠥ ᠶ᠋ᠢᠨ ᠬᠤᠷᠠᠯᠳᠤᠭᠠᠨ ᠤ᠋ ᠭᠡᠰᠢᠭᠦᠨ᠂ ᠣᠯᠠᠨ ᠨᠡᠢᠲᠡ ᠶ᠋ᠢᠨ ᠪᠠᠢᠭᠤᠯᠤᠯᠭ᠎ᠠ ᠭᠡᠬᠦ ᠪᠣᠯᠬᠢ ᠣᠷᠴᠢᠭᠤᠯᠭ᠎ᠠ ᠪᠤᠰᠤ᠂ ᠤᠯᠤᠰ ᠤ᠋ᠨ ᠪᠠᠢᠭᠤᠯᠤᠯᠭ᠎ᠠ᠂ ᠣᠳᠣ ᠶ᠋ᠢᠨ ᠤᠯᠤᠰ ᠤ᠋ᠨ ᠪᠠᠢᠭᠤᠯᠤᠯᠭ᠎ᠠ ᠭᠡᠳᠡᠭ ᠣᠢᠯᠠᠭᠠᠯᠲᠠ ᠶ᠋ᠢ ᠲᠥᠷᠥ ᠶ᠋ᠢᠨ ᠭᠡᠵᠦ ᠵᠦᠭᠰᠢᠷᠡᠭᠦᠯᠵᠦ ᠵᠥᠪᠰᠢᠶᠡᠷᠡᠬᠦ ᠨᠢ ᠵᠦᠢᠲᠡᠢ ᠪᠣᠯᠤᠨ᠎ᠠ᠃ ᠡᠨᠡ ᠪᠠᠢᠳᠠᠯ ᠠ᠋ᠴᠠ ᠦᠵᠡᠬᠦ ᠳ᠋ᠦ᠍《ᠮᠣᠩᠭᠣᠯ ᠤᠯᠤᠰ》 ᠭᠡᠵᠦ ᠶᠢᠷᠲᠢᠨᠴᠦ ᠳ᠋ᠦ᠍ ᠶᠠᠭᠤ ᠴᠤ᠌ ᠪᠠᠢᠬᠤ ᠦᠭᠡᠢ᠃ ᠬᠠᠷᠢᠨ ᠮᠥᠩᠬᠡᠭᠠᠯ ᠭᠦᠷᠦᠨ ᠣᠷᠣᠰᠢᠨ ᠲᠣᠭᠲᠠᠨᠢᠮᠤᠢ᠃ ᠭᠦᠷᠦᠨ ᠳᠣᠲᠣᠷᠠᠬᠢ ᠭᠤᠷᠪᠠᠯ ᠨᠢ ᠲᠥᠷᠥ᠂ ᠤᠯᠤᠰ( ᠠᠷᠠᠳ ᠲᠦᠮᠡᠨ)᠂ ᠣᠷᠣᠨ( ᠡᠬᠡ ᠨᠤᠲᠤᠭ) ᠠᠵᠠᠢ᠃ ᠮᠣᠩᠭᠣᠯ ᠤᠯᠤᠰ ᠭᠡᠳᠡᠭ ᠨᠢ ᠵᠥᠪᠬᠡᠨ ᠮᠥᠩᠬᠡᠭᠠᠯ ᠬᠥᠮᠦᠰ ᠶᠦᠮ᠃ ᠰᠣᠼᠢᠶᠡᠯ ᠳ᠋ᠧᠮᠣᠺᠷᠡᠲ《ᠤᠯᠤᠰ ᠲᠥᠷᠥ》 ᠭᠡᠵᠦ ᠪᠠᠢᠬᠤ ᠦᠭᠡᠢ᠂ ᠰᠣᠼ— ᠳ᠋ᠧᠮ ᠦᠵᠡᠯ ᠰᠤᠷᠲᠠᠯ᠂ ᠤᠯᠤᠰ ᠤ᠋ᠨ ᠥᠮᠴᠢ ᠪᠤᠰᠤ ᠲᠥᠷᠥ ᠶ᠋ᠢᠨ ᠥᠮᠴᠢ ᠠᠵᠠᠢ᠃ ᠡᠢᠮᠦ ᠳ᠋ᠦ᠍ ᠡᠨᠡ ᠰᠡᠳᠦᠪ ᠨᠢ《ᠭᠤᠷᠪᠠᠯ ᠣᠨᠣᠯ— ᠦᠵᠡᠯ ᠰᠤᠷᠲᠠᠯ》 ᠪᠣᠯᠠᠢ᠃ ᠨᠠᠮ ᠪᠣᠯᠭᠠᠨ ᠤᠯᠤᠰ ᠲᠥᠷᠥ ᠲᠡᠢ ᠪᠤᠰᠤ᠂ ᠦᠵᠡᠯ ᠰᠤᠷᠲᠠᠯ᠂ ᠦᠵᠡᠯ ᠰᠤᠷᠲᠠᠯᠴᠢ ᠲᠠᠢ ᠪᠥᠭᠡᠳ ᠲᠡᠷᠡ ᠨᠢ ᠲᠥᠷᠥ ᠭᠦᠷᠦᠨ ᠦ᠌ ᠬᠥᠭᠵᠢᠯ ᠢ᠋ ᠦᠵᠡᠬᠦ ᠣᠯᠠᠨ ᠣᠷᠭᠠᠯᠴᠢ① ᠲᠥᠯᠥᠪ ᠪᠣᠯᠤᠨ᠎ᠠ᠃ ᠪᠢᠳᠡ ᠪᠤᠷᠤᠭᠤ ᠶᠠᠷᠢᠵᠤ ᠵᠥᠪ ᠣᠢᠯᠠᠭᠠᠳᠠᠭ ᠶᠠᠭ ᠡᠨᠡ ᠲᠤᠬᠠᠢ ᠳ᠋ᠤ᠌ ᠤᠳᠤᠮᠰᠢᠭᠤᠯᠵᠤ ᠦᠯᠦ ᠪᠣᠯᠤᠨ᠎ᠠ ᠭᠡᠬᠦ ᠰᠠᠨᠠᠭᠠᠨ ᠠ᠋ᠴᠠ ᠡᠯ᠎ᠡ ᠦᠨᠡᠨ ᠢ᠋ ᠡᠴᠦᠰ ᠲᠤ ᠨᠢ ᠲᠡᠪᠴᠢᠯ ᠦᠭᠡᠢ ᠳᠤᠷᠠᠳᠪᠠᠢ᠃ ᠤᠴᠢᠷ ᠨᠢ ᠦᠨᠳᠦᠰᠦᠲᠡᠨ ᠦ᠌ ᠭᠦᠨ ᠤᠬᠠᠭᠠᠨ᠂ ᠱᠠᠰᠢᠨ ᠤ᠋ ᠠᠰᠠᠭᠤᠳᠠᠯ ᠢ᠋ ᠤᠯᠠᠮᠵᠢᠯᠠᠬᠤ ᠬᠥᠭᠵᠢᠭᠦᠯᠬᠦ ᠵᠣᠷᠢᠯᠭ᠎ᠠ ᠶ᠋ᠢᠨ ᠴᠢᠬᠤᠯᠠ ᠤᠭᠲᠤᠪᠤᠷᠢ ᠨᠥᠬᠥᠴᠡᠯ ᠢ᠋ ᠪᠦᠷᠢᠯᠳᠦᠭᠦᠯᠵᠦ ᠪᠣᠯᠤᠨ᠎ᠠ᠃ ᠲᠡᠷᠡ ᠪᠠᠢᠲᠤᠭᠠᠢ ᠪᠠᠢᠭᠠᠯᠢ᠂ ᠳᠡᠯᠡᠬᠡᠢ᠂ ᠠᠯᠲᠠᠢ᠂ ᠬᠠᠩᠭᠠᠢ ᠭᠡᠵᠦ ᠶᠠᠷᠢᠳᠠᠭ ᠪᠢᠴᠢᠳᠡᠭ ᠢ᠋ᠶ᠋ᠡᠨ ᠴᠡᠨᠡᠵᠦ ᠪᠠᠶᠠᠨᠭᠠᠯ᠂ ᠳᠡᠯᠡᠬᠡᠢ( ᠳᠡᠯ— ᠡᠩ— ᠡᠬᠡ ᠪᠡᠨ)᠂ ᠭᠠᠯᠲᠠᠢ᠂ ᠬᠠᠩᠭᠠᠯᠡᠢ᠁ ᠭᠡᠬᠦ ᠮᠡᠲᠦ ᠪᠡᠷ ᠬᠡᠪᠰᠢᠭᠦᠯᠪᠡᠰᠦ ᠢᠷᠡᠭᠡᠳᠦᠢ ᠳ᠋ᠦ᠍ ᠯᠡ ᠬᠡᠷᠡᠭ ᠲᠡᠢ《ᠦᠵᠡᠯ ᠰᠤᠷᠲᠠᠯ》 ᠶᠤᠮᠰᠠᠨ᠃ ᠬᠠᠯᠬ᠎ᠠ ᠠᠶᠠᠯᠭᠤᠨ ᠤ᠋ ᠦᠭᠡ ᠪᠦᠬᠦᠨ ᠵᠥᠪ ᠪᠢᠰᠢ ᠨᠡᠢᠲᠡ ᠮᠥᠩᠬᠡᠭᠠᠯ ᠰᠦᠯᠳᠡᠲᠡᠨ ᠨᠦ᠍ᠭᠦᠳ ᠳᠤᠮᠳᠠ ᠵᠥᠪ ᠪᠣᠢ᠃ ᠡᠨᠡ ᠪᠦᠬᠦᠨ ᠭᠤᠷᠪᠠᠨ ᠵᠠᠯᠢᠲᠤ ᠭᠠᠯ᠂ ᠮᠥᠩᠬᠡᠭᠠᠯ ᠤ᠋ᠨ ᠦᠵᠡᠯ ᠰᠤᠷᠲᠠᠯ ᠪᠥᠯᠥᠭᠡ᠃
——————————
① ᠣᠷᠭᠠᠯᠴᠢ— ᠣᠯᠠᠨ ᠡᠰᠢᠵᠢᠯᠡᠯᠲᠡ᠂ ᠣᠯᠠᠨ ᠡᠰᠢᠲᠦ ᠣᠨᠣᠯ ᠤ᠋ᠨ᠂ ᠣᠯᠠᠨ ᠣᠷᠭᠠᠯᠴᠢ ᠦᠵᠡᠯ ᠨᠢ ᠣᠯᠠᠨ ᠡᠰᠢᠵᠢᠯᠡᠯᠳᠡ ᠣᠢᠯᠠᠭᠠᠭᠳᠠᠬᠤᠨ᠂ ᠦᠵᠡᠯ ᠤᠬᠠᠮᠰᠠᠷ᠂ ᠣᠯᠠᠨ ᠡᠰᠢᠵᠢᠯᠡᠯᠲᠡ ᠬᠠᠮᠢᠶᠠᠷᠤᠯᠲᠠ( ᠪᠠᠭᠤᠯᠠᠭᠠᠭᠴᠢ)
ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ
ᠦᠰᠦᠭ ᠬᠢᠨᠠᠭᠴᠢ᠄ ᠲᠤᠶᠠᠭ᠎ᠠ᠂ ᠣᠳᠬᠠᠨᠰᠣ᠎ᠠ
