ᠵᠢᠷᠭᠤᠭ᠎ᠠ᠂ ᠤᠷᠠᠨ ᠪᠦᠲᠦᠭᠡᠯ ᠳ᠋ᠡᠬᠢ ᠠᠮᠢᠨ ᠴᠢᠨᠠᠷ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠤᠭ᠎ᠠ᠂ ᠤᠷᠠᠨ ᠪᠦᠲᠦᠭᠡᠯ ᠳ᠋ᠡᠬᠢ ᠠᠮᠢᠨ ᠴᠢᠨᠠᠷ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу

ᠵᠢᠷᠭᠤᠭ᠎ᠠ᠂ ᠤᠷᠠᠨ ᠪᠦᠲᠦᠭᠡᠯ ᠳ᠋ᠡᠬᠢ ᠠᠮᠢᠨ ᠴᠢᠨᠠᠷ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу

2024-02-10

254

ᠵᠢᠷᠭᠤᠭ᠎ᠠ᠂ ᠤᠷᠠᠨ ᠪᠦᠲᠦᠭᠡᠯ ᠳ᠋ᠡᠬᠢ ᠠᠮᠢᠨ ᠴᠢᠨᠠᠷ

       ᠳ· ᠷᠠᠪᠵᠠᠢ ᠠᠭᠰᠠᠨ ᠤ᠋ ᠪᠦᠲᠦᠭᠡᠯ ᠪᠤᠷᠬᠠᠨ ᠤ᠋ ᠱᠠᠰᠢᠨ ᠲᠠᠢ ᠰᠣᠯᠢᠯᠳᠤᠭᠰᠠᠨ ᠴᠤ᠌᠂ ᠭᠤᠷᠪᠠᠯ ᠤ᠋ᠨ ᠤᠯᠠᠮᠵᠢᠯᠠᠯ ᠳ᠋ᠤ᠌ ᠰᠢᠲᠦᠯᠴᠡᠭᠰᠡᠨ ᠲᠤᠯᠠ《ᠰᠣᠯᠢᠶᠠᠲᠤ》 ᠪᠣᠯᠤᠭᠰᠠᠨ ᠭᠡᠵᠦ ᠳᠤᠷᠠᠳᠤᠭᠰᠠᠨ ᠪᠢᠯᠡ᠃ ᠮᠣᠩᠭᠣᠯ ᠤᠷᠠᠨ ᠪᠦᠲᠦᠭᠡᠯᠴᠢ ᠰᠡᠳᠬᠢᠯᠭᠡ ᠰᠡᠭᠦᠯᠴᠢ ᠶ᠋ᠢᠨ ᠭᠤᠷᠪᠠᠨ ᠵᠠᠭᠤᠨ ᠤ᠋ ᠲᠤᠷᠰᠢ᠂ ᠬᠠᠷᠢ ᠤᠬᠠᠭᠠᠨ᠂ ᠣᠨᠣᠯ᠂ ᠦᠵᠡᠯ ᠦ᠋ᠳ ᠲᠦ᠍ ᠠᠪᠲᠠᠬᠤ ᠳ᠋ᠠᠭᠠᠨ《ᠱᠠᠰᠢᠨ— ᠮᠣᠩᠭᠣᠯ— ᠪᠦᠲᠦᠭᠡᠯ》 ᠪᠤᠶᠤ《ᠬᠠᠷᠢ— ᠮᠣᠩᠭᠣᠯ ᠪᠦᠲᠦᠭᠡᠯ》 ᠭᠡᠰᠡᠨ ᠲᠤᠯᠭᠠᠭᠤᠷᠢ ᠲᠠᠢ ᠪᠣᠯᠵᠠᠢ᠃ ᠲᠡᠭᠦᠨ ᠳ᠋ᠦ᠍ ᠠᠪᠲᠠᠭ᠎ᠠ ᠦᠭᠡᠢ ᠪᠢᠯᠢᠭ ᠲᠠᠩᠬᠠᠢ ᠠᠪᠢᠶᠠᠰ᠂ ᠥᠪ ᠤᠯᠠᠮᠵᠢᠯᠠᠯ ᠳ᠋ᠤ᠌ ᠰᠢᠲᠦᠵᠦ ᠰᠥᠷᠦᠭᠰᠡᠨ ᠨᠢ《ᠰᠣᠯᠢᠶᠠᠲᠤ》 ᠶᠤᠮᠰᠠᠨᠵᠠᠢ᠃ ᠰᠣᠼᠢᠶᠡᠯᠢᠽᠮ ᠦ᠋ᠨ ᠦᠶ᠎ᠡ ᠳ᠋ᠦ᠍ ᠤᠯᠠᠮᠵᠢᠯᠠᠯ ᠢ᠋ ᠰᠢᠲᠦᠬᠦ ᠨᠥᠬᠥᠴᠡᠯ ᠪᠦᠷᠢᠨ ᠬᠠᠭᠠᠭᠳᠠᠵᠤ᠂ ᠲᠡᠷᠡ ᠤᠯᠠᠮᠵᠢᠯᠠᠯ ᠨᠢ ᠴᠦ᠍ ᠨᠢᠭᠡᠨᠲᠡ ᠪᠦᠷᠬᠦᠭ ᠪᠣᠯᠤᠭᠰᠠᠨ ᠲᠤᠯᠠ《ᠦᠵᠡᠯ ᠰᠤᠷᠲᠠᠯ— ᠰᠡᠳᠦᠪ— ᠵᠣᠬᠢᠶᠠᠮᠵᠢ》 ᠭᠡᠰᠡᠨ ᠬᠠᠭᠤᠷᠮᠠᠴᠢ ᠠᠭᠤᠯᠭ᠎ᠠ ᠬᠡᠯᠪᠡᠷᠢ ᠳ᠋ᠦ᠍ ᠪᠠᠷᠢᠭᠳᠠᠭᠰᠠᠨ ᠴᠤ᠌ ᠴᠠᠭ ᠦᠶ᠎ᠡ ᠪᠡᠨ ᠳᠠᠭᠠᠵᠤ ᠤᠷ᠎ᠠ ᠴᠢᠳᠠᠪᠤᠷᠢ ᠶ᠋ᠢᠨ ᠥᠰᠦᠯᠲᠡ ᠭᠠᠷᠤᠭᠰᠠᠨ ᠭᠡᠵᠦ ᠦᠵᠡᠨ᠎ᠡ᠃ ᠭᠡᠪᠡᠴᠦ《ᠭᠤᠷᠪᠠᠯ ᠤᠬᠠᠭᠠᠨ》 ᠤ᠋ ᠡᠭᠦᠳᠡᠨ ᠡᠴᠡ ᠶᠠᠷᠢᠭᠳᠠᠬᠤ ᠪᠦᠲᠦᠭᠡᠯ《ᠳ᠋ᠡᠬᠢ ᠶ᠋ᠢᠨ ᠵᠣᠭᠰᠣᠭᠠᠯ》 ᠵᠡᠷᠭᠡ ᠡᠮᠦᠨ᠎ᠡ ᠳᠤᠷᠠᠳᠴᠤ ᠠᠭᠰᠠᠨ ᠮᠡᠲᠦ ᠪᠠᠰᠠ ᠴᠤ᠌ ᠪᠣᠢ ᠪᠣᠯᠤᠯᠲᠠᠢ᠃ ᠠᠷᠠᠳᠴᠢᠯᠠᠯ ᠤ᠋ᠨ ᠭᠡᠭᠳᠡᠬᠦ ᠰᠡᠭᠦᠯᠴᠢ ᠶ᠋ᠢᠨ ᠵᠢᠯ ᠦ᠋ᠳ ᠲᠦ᠍《ᠰᠢᠨ᠎ᠡ ᠰᠡᠳᠬᠢᠯᠭᠡ— ᠬᠠᠭᠤᠴᠢᠨᠰᠠᠭ ᠦᠵᠡᠯ— ᠤᠷᠠᠨ ᠪᠦᠲᠦᠭᠡᠯ》 ᠭᠡᠰᠡᠨ ᠬᠣᠯᠢᠴᠠᠭ᠎ᠠ ᠪᠣᠢ ᠪᠣᠯᠵᠤ ᠥᠭᠡᠷᠡᠴᠢᠯᠡᠯᠲᠡ ᠭᠠᠷᠤᠭᠰᠠᠨ ᠴᠤ᠌ ᠤᠷᠠᠨ ᠪᠦᠲᠦᠭᠡᠯ ᠰᠢᠨ᠎ᠡ ᠰᠡᠳᠬᠢᠯᠭᠡᠨ ᠦ᠌ ᠦᠷ᠎ᠡ ᠪᠠᠢᠬᠤ ᠰᠡᠬᠡᠭᠡᠷᠡᠯ ᠥᠷᠨᠢᠵᠦ ᠡᠨᠡ ᠨᠢ ᠮᠥᠨᠥᠬᠢ ᠯᠡ《ᠦᠵᠡᠯ ᠰᠤᠷᠲᠠᠯ》 ᠪᠠᠢᠭᠰᠠᠨ ᠢ᠋ ᠤᠬᠠᠭᠠᠷᠠᠭᠰᠠᠨ ᠦᠭᠡᠢ᠃ ᠵᠢᠱ᠌ᠢᠶ᠎ᠡ ᠨᠢ ᠰᠣᠼᠢᠶᠠᠯᠢᠽᠮ ᠤ᠋ᠨ ᠦᠶ᠎ᠡ ᠳ᠋ᠦ᠍ ᠬᠣᠷᠢᠵᠤ ᠴᠠᠭᠳᠠᠵᠤ ᠠᠭᠰᠠᠨ ᠰᠡᠳᠦᠪ ᠢ᠋ ᠰᠡᠬᠦᠵᠦ ᠲᠠᠯᠪᠢᠬᠤ ᠵᠣᠷᠢᠯᠭ᠎ᠠ ᠶ᠋ᠢ《ᠰᠢᠨ᠎ᠡ ᠰᠡᠳᠬᠢᠯᠭᠡ》 ᠭᠡᠮᠡᠨ ᠬᠠᠭᠤᠴᠢᠨᠰᠠᠭ ᠢ᠋ᠶ᠋ᠠᠷ ᠤᠬᠠᠭᠠᠷᠠᠵᠤ ᠡᠮᠦᠨ᠎ᠡ ᠨᠢ ᠣᠯᠤᠭᠰᠠᠨ ᠳᠠᠪᠰᠢᠯ ᠢ᠋ᠶ᠋ᠠᠨ ᠵᠠᠷᠢᠮ ᠲᠠᠯ᠎ᠠ ᠪᠠᠷ ᠭᠡᠭᠡᠭᠰᠡᠨ ᠳᠤᠲᠠᠭᠳᠠᠯ ᠣᠷᠣᠰᠢᠵᠠᠢ᠃ ᠵᠦᠢ ᠨᠢ ᠤᠷᠠᠨ ᠪᠦᠲᠦᠭᠡᠯ ᠭᠡᠳᠡᠭ《ᠤᠷᠠᠨ ᠰᠠᠨᠠᠭ᠎ᠠ— ᠳᠣᠲᠣᠭᠠᠳᠤ ᠰᠡᠷᠡᠮᠵᠢ — ᠤᠷ᠎ᠠ ᠴᠢᠳᠠᠪᠤᠷᠢ》 ᠭᠡᠰᠡᠨ ᠭᠤᠷᠪᠠᠯ ᠤ᠋ᠨ ᠴᠣᠭᠴᠠᠯᠠᠯ ᠪᠠᠢᠬᠤ ᠶᠣᠰᠣᠲᠠᠢ ᠶ᠋ᠢ ᠮᠡᠳᠡᠷᠡᠭᠡ ᠦᠭᠡᠢ ᠡᠴᠡ ᠲᠥᠷᠥ ᠶ᠋ᠢᠨ ᠰᠣᠶᠣᠷᠬᠠᠯ ᠰᠣᠼᠢᠶᠠᠯᠢᠽᠮ ᠤ᠋ᠨ ᠦᠶ᠎ᠡ ᠶ᠋ᠢᠨ ᠪᠦᠲᠦᠭᠡᠯ ᠦ᠋ᠳ ᠲᠤ ᠣᠯᠭᠣᠭᠳᠠᠵᠤ《ᠳᠤᠷᠠᠰᠬᠠᠯ ᠤ᠋ᠨ》 ᠰᠢᠨᠵᠢ ᠲᠡᠢ ᠣᠯᠤᠭᠰᠠᠨ ᠠ᠋ᠴᠠ ᠬᠠᠷᠠᠵᠤ ᠪᠣᠯᠤᠨ᠎ᠠ᠃ ᠦᠨᠡᠬᠡᠷ ᠲᠡᠷᠡ ᠬᠡᠰᠡᠭ ᠲᠤ ᠨᠡᠢᠭᠡᠮ ᠦ᠋ᠨ ᠤᠬᠠᠮᠰᠠᠷ ᠤ᠋ᠨ ᠬᠤᠪᠢ ᠳ᠋ᠤ᠌ ᠴᠢᠯᠥᠭᠡᠲᠦ ᠪᠠᠢᠳᠠᠯ ᠤ᠋ᠨ ᠰᠢᠨᠵᠢ᠂ ᠰᠢᠨᠡᠯᠢᠭ ᠬᠠᠨᠳᠤᠯᠭ᠎ᠠ ᠮᠥᠨ ᠪᠣᠯᠪᠠᠴᠤ ᠤᠷᠠᠨ ᠪᠦᠲᠦᠭᠡᠯ ᠳ᠋ᠦ᠍ ᠪᠣᠯᠬᠢ ᠰᠡᠳᠦᠪ ᠲᠡᠳᠦᠢ ᠦᠭᠡᠢ ᠬᠠᠭᠤᠴᠢᠨ ᠪᠠᠢᠳᠠᠯ ᠶᠤᠮ᠃ ᠵᠠᠭᠪᠤᠷᠴᠢᠯᠠᠯ ᠨᠢ ᠴᠦ᠍《ᠡᠬᠢᠯᠡᠯ— ᠥᠷᠨᠢᠯ— ᠲᠡᠭᠦᠰᠬᠡᠯ》 ᠭᠡᠰᠡᠨ ᠬᠦᠷᠢᠶᠡᠨ ᠳ᠋ᠡᠭᠡᠨ ᠬᠠᠰᠢᠭᠳᠠᠭᠰᠠᠭᠠᠷ᠃ ᠡᠨᠡ ᠠᠷᠭ᠎ᠠ ᠨᠢ ᠬᠡᠯᠪᠡᠷᠢ ᠶ᠋ᠢᠨ ᠰᠢᠨᠡᠴᠢᠯᠡᠯᠲᠡ ᠬᠦᠯᠢᠶᠡᠵᠦ ᠪᠣᠢ ᠬᠣᠴᠣᠷᠤᠭᠳᠠᠯ ᠶᠤᠮ᠃ ᠤᠷᠠᠨ ᠪᠦᠲᠦᠭᠡᠯ ᠦ᠋ᠨ ᠠᠮᠢᠨ ᠴᠢᠨᠠᠷ ᠨᠢ《ᠠᠪᠢᠶᠠᠰ— ᠰᠠᠷᠠᠯ— ᠰᠡᠳᠬᠢᠮᠵᠢ》 ᠪᠥᠭᠡᠳ ᠲᠡᠷᠡ ᠨᠢ ᠰᠡᠳᠦᠪ ᠴᠦ᠍ ᠪᠠᠢ᠂ ᠴᠠᠭ ᠦᠶ᠎ᠡ ᠴᠤ᠌ ᠪᠠᠢ᠂ ᠶᠠᠭᠤ ᠴᠤ᠌ ᠪᠢᠰᠢ ᠪᠠᠢ᠂ ᠬᠢᠵᠠᠭᠠᠷ ᠦᠭᠡᠢ ᠳ᠋ᠦ᠍ ᠣᠷᠣᠰᠢᠵᠤ ᠪᠠᠢᠬᠤ ᠤᠷᠠᠨ ᠪᠦᠲᠦᠭᠡᠯ ᠪᠣᠯᠬᠤ᠃ ᠮᠣᠩᠭᠣᠯ ᠤ᠋ᠨ ᠤᠷᠠᠨ ᠪᠦᠲᠦᠭᠡᠯᠴᠢᠳ ᠵᠣᠬᠢᠶᠠᠯ ᠪᠦᠲᠦᠭᠡᠯ ᠢ᠋ᠶ᠋ᠡᠨ ᠠᠮᠢᠳᠤᠷᠠᠯ ᠠ᠋ᠴᠠ ᠪᠢᠰᠢ ᠭᠤᠷᠪᠠᠯ ᠣᠨᠣᠯ ᠠ᠋ᠴᠠ ᠬᠠᠢᠬᠤ᠂ ᠤᠭ ᠤᠬᠠᠭᠠᠨ ᠢ᠋ ᠲᠡᠭᠦᠰ ᠡᠵᠡᠮᠰᠢᠬᠦ ᠱᠠᠭᠠᠷᠳᠠᠯᠭ᠎ᠠ ᠦᠭᠡᠢᠯᠡᠭᠳᠡᠵᠦ ᠪᠠᠢᠨ᠎ᠠ᠃ ᠤᠴᠢᠷ ᠨᠢ ᠤᠭ ᠣᠨᠣᠯ ᠥᠪᠡᠷ ᠢ᠋ᠶ᠋ᠡᠨ ᠨᠢᠭᠤᠴᠠ ᠳ᠋ᠤ᠌ ᠨᠡᠪᠲᠡᠷᠡᠬᠦ᠂ ᠰᠢᠨ᠎ᠡ ᠪᠦᠲᠦᠭᠡᠯ᠂ ᠰᠡᠳᠬᠢᠯᠭᠡ᠂ ᠵᠥᠷᠢᠴᠡᠯ᠂ ᠥᠪᠡᠷᠮᠢᠴᠡ ᠰᠢᠢᠳ᠂ ᠦᠨᠡᠨ ᠢ᠋ ᠡᠷᠢᠯᠬᠢᠯᠡᠭᠴᠢ ᠪᠦᠲᠦᠭᠡᠯ ᠪᠢᠰᠢᠯᠭᠠᠯ ᠤ᠋ᠨ ᠰᠢᠨᠵᠢ ᠲᠡᠢ ᠳ᠋ᠦ᠍ ᠣᠷᠣᠰᠢᠨ᠎ᠠ᠃ ᠡᠨᠡ ᠯᠡ ᠨᠥᠬᠥᠴᠡᠯ ᠳ᠋ᠦ᠍ ᠳᠡᠯᠡᠬᠡᠢ ᠳ᠋ᠦ᠍ ᠥᠪᠡᠷᠮᠢᠴᠡ ᠮᠣᠩᠭᠣᠯ ᠪᠦᠲᠦᠭᠡᠯ ᠲᠥᠷᠥᠨ᠎ᠡ᠃ ᠭᠤᠷᠪᠠᠯ ᠣᠨᠣᠯ ᠤᠷᠠᠨ ᠪᠦᠲᠦᠭᠡᠯ ᠳ᠋ᠦ᠍ ᠨᠡᠪᠲᠡᠷᠡᠭᠡ ᠦᠭᠡᠢ ᠤᠴᠢᠷ ᠳᠡᠯᠡᠬᠡᠢ ᠶ᠋ᠢᠨ ᠤᠯᠤᠰ ᠣᠷᠣᠨ ᠨᠤᠭᠤᠳ ᠳᠤᠮᠳᠠ ᠲᠡᠷᠡ ᠨᠢ ᠰᠠᠢᠨ ᠳ᠋ᠠᠭᠠᠨ ᠯᠠ ᠳᠦᠷᠢ ᠳᠦᠷᠰᠦᠯᠡᠯ ᠦ᠋ᠨ ᠥᠩᠭᠡᠴᠡ ᠪᠡᠷ ᠢ᠋ᠶ᠋ᠡᠨ ᠱᠣᠬᠣᠭᠣᠷᠬᠠᠭᠳᠠᠬᠤ ᠪᠣᠯᠬᠤ ᠠ᠋ᠴᠠ ᠪᠢᠰᠢ ᠤᠷ᠎ᠠ ᠴᠢᠳᠠᠪᠤᠷᠢ ᠶ᠋ᠢᠨ ᠥᠪᠡᠷᠮᠢᠴᠡ ᠳᠠᠯᠠᠢᠴᠠ ᠨᠢ ᠬᠣᠮᠰᠠ ᠦᠵᠡᠭᠦᠯᠦᠯᠲᠡ ᠳ᠋ᠦ᠍ ᠬᠦᠷᠦᠨ᠎ᠡ᠃ ᠡᠨᠡ ᠨᠢ ᠰᠤᠳᠤᠯᠤᠯ᠂ ᠰᠢᠭᠦᠮᠵᠢ᠂ ᠭᠦᠢᠴᠡᠳᠬᠡᠯ ᠪᠦᠭᠦᠳᠡ ᠳ᠋ᠦ᠍ ᠨᠢ ᠬᠠᠮᠢᠶ᠎ᠠ ᠲᠠᠢ ᠴᠤ᠌ ᠰᠢᠨ᠎ᠡ ᠵᠣᠷᠢᠯᠭ᠎ᠠ᠂ ᠥᠭᠡᠷ᠎ᠡ ᠡᠷᠭᠢᠯᠲᠡ ᠬᠦᠰᠡᠬᠦ ᠪᠥᠭᠡᠳ ᠡᠨᠡ ᠳᠠᠪᠠᠭᠠᠨ ᠤ᠋ ᠡᠮᠦᠨ᠎ᠡ ᠪᠢᠳᠡ ᠨᠢᠯᠬ᠎ᠠ ᠪᠠᠯᠴᠢᠷ ᠢ᠋ᠶ᠋ᠠᠷ ᠢ᠋ᠶ᠋ᠠᠨ ᠪᠠᠢᠭ᠎ᠠ ᠪᠠᠨ ᠤᠬᠠᠭᠠᠷᠠᠬᠤ ᠶᠣᠰᠣᠲᠠᠢ᠃ ᠲᠤᠬᠠᠢᠯᠠᠪᠠᠯ ᠬᠢᠴᠡ ᠮᠠᠲ᠋ᠧᠷᠢ ᠪᠣᠯᠬᠤ ᠦᠭᠡ ᠴᠢᠬᠤᠯᠠ ᠴᠤ᠌ ᠲᠠᠩᠨᠠᠨ ᠬᠥᠭᠡᠭᠡᠴᠡᠯᠳᠦᠬᠦ ᠡᠳ᠋ ᠪᠢᠰᠢ᠃ ᠡᠭᠦᠨ ᠯᠦ᠍ᠭᠡ ᠠᠳᠠᠯᠢ ᠤᠷᠠᠨ ᠰᠠᠨᠠᠭ᠎ᠠ᠂ ᠤᠷ᠎ᠠ ᠴᠢᠳᠠᠪᠤᠷᠢ᠂ ᠰᠡᠳᠬᠢᠮᠵᠢ ᠴᠤ᠌ ᠥᠷᠥᠭᠡᠰᠦᠭᠡᠯ᠃ ᠴᠣᠬᠣᠮ ᠡᠨᠳᠡ ᠡᠴᠡ ᠯᠡ ᠰᠢᠨ᠎ᠡ ᠰᠤᠷᠭᠠᠭᠤᠯᠢ᠂ ᠰᠤᠷᠭᠠᠯ ᠡᠬᠢᠯᠡᠬᠦ ᠶᠣᠰᠣᠲᠠᠢ᠃ ᠡᠨᠳᠡ ᠪᠢ ᠤᠷᠠᠨ ᠵᠣᠬᠢᠶᠠᠯ ᠳ᠋ᠤ᠌ ᠡᠯᠢᠭᠡ ᠲᠡᠢ ᠪᠡᠨ ᠠᠰᠠᠭᠤᠳᠠᠯ ᠢ᠋ ᠰᠡᠬᠦᠵᠦ ᠲᠠᠯᠪᠢᠬᠤ ᠬᠡ ᠥᠬᠡᠢ᠃ ᠡᠨᠡ ᠵᠣᠷᠢᠯᠭ᠎ᠠ ᠪᠠᠷ ᠭᠤᠷᠪᠠᠯ ᠣᠨᠣᠯ ᠢ᠋ ᠤᠷᠠᠨ ᠵᠣᠬᠢᠶᠠᠯ ᠲᠠᠢ ᠬᠣᠯᠪᠣᠭ᠎ᠠ ᠦᠭᠡᠢ ᠪᠥᠭᠡᠳ ᠣᠨᠣᠯ ᠤ᠋ᠨ ᠰᠠᠩ ᠥᠪ ᠤᠯᠠᠮᠵᠢᠯᠠᠯ ᠴᠣᠬᠣᠮ ᠡᠨᠳᠡ ᠯᠡ ᠪᠠᠢᠭ᠎ᠠ ᠪᠤᠶᠤ ᠪᠠᠢᠭᠰᠠᠨ ᠤᠴᠢᠷ ᠡᠮᠵᠡᠭᠯᠡᠨ ᠦᠭᠡᠢᠯᠡᠭᠰᠡᠨ ᠬᠡᠷᠡᠭ ᠪᠢᠯᠡ᠃ ᠦᠭᠡ ᠴᠢᠬᠤᠯᠠ ᠳ᠋ᠠᠭᠠᠨ ᠪᠤᠰᠤ ᠦᠭᠡ ᠶ᠋ᠢᠨ ᠥᠪᠡᠷ ᠦ᠋ᠨ ᠭᠤᠷᠪᠠᠯ ᠢ᠋ ᠨᠡᠭᠡᠭᠡᠬᠦ ᠡᠴᠡ ᠪᠢᠳᠡᠨ ᠦ᠌ ᠠᠵᠢᠯ ᠡᠬᠢᠯᠡᠭᠦᠰᠢᠲᠡᠢ ᠭᠡᠰᠡᠨ ᠯᠡ《ᠰᠢᠭᠦᠮᠵᠢᠯᠡᠯ》 ᠪᠣᠯᠤᠨ᠎ᠠ᠃
       ᠶᠡᠷᠦ ᠠᠯᠢᠪᠠ ᠤᠷᠠᠨ ᠪᠦᠲᠦᠭᠡᠯᠴᠢ ᠰᠢᠨᠵᠢ ᠨᠢ ᠣᠷᠣᠰᠢᠬᠤᠢ ᠠᠬᠤᠢ(ᠪᠣᠳᠠᠲᠤ ᠪᠠᠢᠳᠠᠯ)᠂ ᠣᠶᠤᠨᠲᠤ ᠤᠬᠠᠭᠠᠷᠠᠬᠤᠢ ᠶ᠋ᠢᠨ ᠤᠷᠠᠨ ᠰᠡᠳᠬᠢᠯᠭᠡ(ᠬᠡᠢᠰᠪᠦᠷᠢᠯᠡᠯ) ᠬᠢᠭᠡᠳ ᠨᠢᠭᠡᠴᠢ ᠠᠮᠢᠨ ᠤ᠋ ᠠᠪᠢᠶᠠᠰ ᠤᠷ᠎ᠠ ᠴᠢᠳᠠᠪᠤᠷᠢ ᠶ᠋ᠢᠨ ᠳᠠᠪᠲᠠᠭᠳᠠᠰᠢ ᠦᠭᠡᠢ ᠥᠢᠯᠡᠳᠦᠯᠡᠯ(ᠠᠮᠢᠴᠢᠯᠠᠯ) ᠭᠡᠮᠡᠨ ᠳ᠋ᠦᠩᠨᠡᠵᠦ ᠪᠣᠯᠬᠤ ᠠᠵᠠᠢ᠃ ᠵᠢᠱ᠌ᠢᠶ᠎ᠡ ᠨᠢ ᠬᠡᠨ ᠨᠢᠭᠡᠨ ᠢᠲᠡᠭᠡᠯᠲᠦ ᠡᠴᠡ ᠦᠶ᠎ᠡ ᠦᠶ᠎ᠡ ᠶ᠋ᠢᠨ ᠬᠥᠮᠦᠰ ᠲᠤ᠂ ᠲᠠᠨᠢᠯ ᠨᠢ ᠲᠤᠩᠭᠠᠯᠠᠭ ᠲᠠᠮᠢᠷ ᠤ᠋ᠨ《ᠢᠲᠡᠭᠡᠯᠲᠦ》᠃ ᠡᠨᠳᠡ ᠠᠪᠢᠶᠠᠰ ᠭᠡᠳᠡᠭ ᠢ᠋ ᠵᠥᠪᠬᠡᠨ ᠣᠶᠤᠨ ᠤᠬᠠᠭᠠᠨ ᠤ᠋ ᠲᠥᠷᠥᠯᠬᠢ ᠭᠠᠢᠬᠠᠮᠰᠢᠭ ᠮᠡᠲᠦ ᠪᠡᠷ ᠥᠷᠥᠭᠡᠰᠦᠭᠡᠯ ᠦᠵᠡᠵᠦ ᠦᠯᠦ ᠪᠣᠯᠬᠤ᠃ ᠤᠴᠢᠷ ᠨᠢ ᠮᠣᠷᠢᠨ ᠳ᠋ᠤ᠌ ᠰᠢᠨᠳᠠᠰᠤ᠂ ᠬᠥᠮᠦᠨ ᠳ᠋ᠦ᠍ ᠪᠥᠵᠢᠭᠴᠢᠨ᠂ ᠤᠷᠠᠨ ᠨᠤᠭᠤᠷᠠᠭᠠᠴᠢ᠂ ᠪᠥᠬᠡ᠁ ᠵᠡᠷᠭᠡ ᠠᠪᠢᠶᠠᠰ ᠨᠢ ᠲᠤᠬᠠᠢ ᠶ᠋ᠢᠨ ᠪᠡᠶ᠎ᠡ ᠳ᠋ᠦ᠍ ᠵᠠᠶᠠᠭᠠᠭᠰᠠᠨ ᠠᠮᠢᠨ ᠭᠤᠷᠪᠠᠯ ᠶᠤᠮ᠃ ᠡᠭᠦᠨᠴᠢᠯᠡᠨ ᠵᠣᠬᠢᠶᠠᠯᠴᠢ ᠵᠢᠷᠤᠭᠠᠴᠢ᠁ ᠡᠷᠳᠡᠮᠲᠡᠳ ᠢ᠋ ᠣᠶᠤᠨ ᠲᠦᠯᠬᠢᠭᠦᠦ᠂ ᠠᠮᠢᠨ ᠭᠠᠷᠪᠠᠯᠢᠴᠢ ᠬᠡᠮᠡᠭᠦᠰᠢᠲᠡᠢ᠃ ᠭᠡᠲᠡᠯ᠎ᠡ ᠵᠢᠩᠬᠢᠨᠢ ᠠᠮᠢᠨ ᠠᠪᠢᠶᠠᠰ ᠨᠢ ᠤᠷᠲᠤ ᠨᠠᠰᠤᠨ ᠳ᠋ᠤ᠌ ᠣᠷᠣᠰᠢᠬᠤ ᠤᠪᠠᠳᠢᠰ ᠰᠢᠲᠦᠯᠴᠡᠯ ᠶᠤᠮᠰᠠᠨᠵᠠᠢ᠃ ᠲᠡᠭᠦᠨ ᠦ᠌ ᠪᠦᠲᠦᠭᠡᠯ ᠨᠢ ᠴᠠᠭ ᠬᠤᠭᠤᠴᠠᠭ᠎ᠠ᠂ ᠣᠷᠣᠨ ᠵᠠᠢ᠂ ᠠᠮᠢᠳᠤᠷᠠᠯ ᠡᠵᠡᠯᠡᠬᠦ ᠶᠡᠷᠦ ᠪᠤᠰᠤ ᠶ᠋ᠢᠨ ᠲᠡᠷᠡ ᠦᠷᠭᠦᠯᠵᠢᠯᠡᠯ ᠪᠥᠯᠥᠭᠡ᠃ ᠡᠭᠦᠨ ᠢ᠋ ᠭᠠᠷᠤᠭ᠎ᠠ ᠦᠭᠡᠢ ᠲᠣᠮᠢᠶᠠᠨ ᠳ᠋ᠤ᠌ ᠰᠢᠢᠳ ᠨᠢ ᠣᠷᠣᠰᠢᠬᠤ《ᠶᠢᠺᠰ》 ᠢᠷᠡᠭᠡᠳᠦᠢ ᠶ᠋ᠢᠨ ᠨᠡᠭᠡᠭᠡᠯᠲᠡ ᠭᠡᠵᠦ ᠭᠦᠶᠦᠮᠡᠭ ᠣᠢᠯᠠᠭᠠᠵᠤ ᠪᠣᠯᠬᠤ ᠪᠠᠷ ᠪᠠᠢᠨ᠎ᠠ᠃ ᠬᠠᠮᠤᠭ ᠤ᠋ᠨ ᠠᠯᠪᠠᠳᠠᠮᠠᠯ ᠠᠲᠠᠯ᠎ᠠ ᠪᠠᠨ ᠬᠠᠮᠤᠭ ᠤ᠋ᠨ ᠵᠥᠪ ᠵᠢᠱ᠌ᠢᠶ᠎ᠡ ᠨᠢ100 ᠨᠠᠰᠤᠲᠠᠨ ᠦᠷ᠎ᠡ ᠪᠡᠨ ᠦᠵᠡᠭᠰᠡᠨ ᠭᠡᠷ ᠪᠦᠯᠢ ᠶᠦᠮ᠃ ᠲᠡᠷᠡ ᠠᠮᠢᠳᠤᠷᠠᠯ ᠪᠣᠯ ᠵᠢᠷᠭᠠᠯ ᠵᠣᠪᠠᠯᠠᠩ ᠵᠥᠷᠢᠴᠡᠯ ᠲᠡᠮᠡᠴᠡᠯ ᠦ᠋ᠨ ᠣᠨᠴᠠᠭᠠᠢ ᠡᠰᠡᠷᠭᠦ᠂ ᠡᠶᠡᠷᠭᠦ ᠡᠪ ᠨᠢᠭᠡᠳᠦᠭᠰᠡᠨ ᠰᠣᠨᠢᠷᠬᠠᠯ ᠲᠠᠢ ᠪᠠᠰᠠ ᠥᠨᠳᠥᠷ ᠨᠠᠰᠤᠲᠠᠢ ᠤᠷᠠᠨ ᠪᠦᠲᠦᠭᠡᠯ ᠠᠵᠠᠢ᠃ ᠡᠢᠮᠦ ᠳ᠋ᠦ᠍ ᠭᠤᠲᠤᠷᠠᠩᠭᠢ ᠦᠵᠡᠯ ᠡᠴᠡ ᠠᠩᠭᠢᠳᠠ ᠭᠤᠷᠪᠠᠯ ᠣᠨᠣᠯ ᠲᠠᠢ ᠠᠷᠠᠳ ᠲᠦᠮᠡᠨ ᠦ᠌ ᠥᠪ ᠶᠠᠨᠳᠠᠭ᠎ᠠ ᠦᠭᠡᠢ ᠭᠡᠳᠡᠭ ᠢ᠋ ᠨᠤᠲᠠᠯᠠᠬᠤ ᠶᠣᠰᠣᠲᠠᠢ ᠪᠣᠯᠤᠨ᠎ᠠ᠃ ᠶᠡᠬᠡ ᠷᠠᠪᠵᠠᠢ ᠴᠤ᠌ ᠡᠢᠨ ᠰᠢᠨᠠᠯᠵᠤ ᠠᠭᠰᠠᠨ ᠢ᠋ ᠡᠳᠦᠭᠡ ᠴᠦ᠍ ᠲᠡᠷᠡ ᠰᠢᠨᠡᠯᠣᠩ ᠬᠡᠪ ᠢ᠋ᠶ᠋ᠡᠷ ᠪᠣᠢ ᠶ᠋ᠢ ᠰᠢᠮᠰᠢᠷᠡᠨ ᠳᠤᠷᠠᠳᠤᠮ᠎ᠠ ᠠᠪᠠᠢ᠃《ᠠᠶ᠎ᠠ ᠡᠳᠦᠷ ᠦ᠋ᠨ ᠨᠠᠷᠠᠨ ᠪᠠᠷᠠᠭᠤᠨ ᠢ᠋ᠶ᠋ᠠᠨ ᠰᠢᠩᠭᠡᠬᠦ ᠯᠦ᠍ᠭᠡ ᠠᠳᠠᠯᠢ》 ᠭᠡᠰᠡᠨ ᠰᠡᠭᠦᠷᠡᠰᠦ ᠠᠯᠳᠠᠬᠤᠢᠴᠠ ᠨᠡᠷ᠎ᠡ ᠲᠡᠢ ᠭᠤᠷᠪᠠᠯ ᠣᠨᠣᠯ ᠤ᠋ᠨ ᠰᠢᠯᠦᠭᠯᠡᠯ ᠳ᠋ᠡᠭᠡᠨ᠄ ᠁ ᠠᠩᠬᠠᠨ ᠳᠣᠣᠷ᠎ᠠ ᠨᠢᠭᠡ ᠣᠷᠣᠨ ᠳ᠋ᠤ᠌ ᠲᠥᠷᠥᠬᠦ ᠯᠦ᠍ᠭᠡ ᠨᠢᠭᠡᠨ ᠠᠮᠢᠳᠤᠷᠠᠬᠤ ᠬᠣᠭᠣᠷᠣᠨᠳᠣ ᠰᠠᠢᠨ᠂ ᠮᠠᠭᠤ ᠲᠠᠢ ᠨᠥᠬᠥᠷᠯᠡᠬᠦ ᠬᠣᠶᠠᠷ ᠠᠳᠠᠭ ᠡᠴᠦᠰ ᠲᠦ᠍ ᠳᠡᠭᠡᠷ᠎ᠡ ᠳᠣᠣᠷ᠎ᠠ ᠦᠭᠡᠢ ᠦᠬᠦᠬᠦ ᠯᠦ᠍ᠭᠡ ᠭᠤᠷᠪᠠ ᠠᠯᠢᠪᠠ ᠶ᠋ᠢ ᠰᠠᠨᠠᠪᠠᠰᠤ ᠮᠥᠩᠬᠡ ᠪᠤᠰᠤ ᠨᠢᠭᠡᠨ ᠤᠷᠭᠤᠮᠤᠢ ᠁ ᠠᠷᠢᠭᠤᠨ ᠨᠣᠮ ᠤ᠋ᠨ ᠤᠳᠬ᠎ᠠ ᠶ᠋ᠢ ᠠᠨᠳᠠᠭᠤ ᠭᠦᠶᠦᠮᠡᠭ ᠮᠡᠳᠡᠭᠰᠡᠨ ᠨᠢᠭᠡᠨ ᠠᠭᠠᠭ ᠶᠡᠬᠡᠳᠴᠦ ᠠᠮᠢ ᠬᠣᠭᠣᠰᠣᠨ ᠪᠠᠷᠬᠢᠷᠠᠬᠤ ᠯᠤᠭ᠎ᠠ ᠬᠣᠶᠠᠷ ᠠᠩᠬᠠᠷᠤᠨ ᠠᠪᠤᠯᠭ᠎ᠠ ᠦᠭᠡᠢ ᠠᠳᠠᠭ ᠮᠡᠬᠦᠰ ᠬᠣᠴᠣᠷᠤᠭᠰᠠᠨ ᠯᠤᠭ᠎ᠠ ᠭᠤᠷᠪᠠ ᠠᠩᠵᠠᠭᠠᠷᠠᠵᠤ ᠰᠠᠨᠠᠪᠠᠰᠤ ᠰᠡᠳᠬᠢᠯ ᠳ᠋ᠦ᠍ ᠠᠶᠤᠮᠰᠢᠭ ᠲᠦᠷᠦᠮᠦᠢ᠃ ᠁ ᠡᠯᠢᠨ ᠬᠠᠯᠢᠬᠤ ᠶ᠋ᠢᠨ ᠴᠢᠳᠠᠯ ᠬᠦᠴᠦᠨ ᠲᠡᠭᠦᠯᠳᠡᠷ ᠯᠦ᠍ᠭᠡ ᠨᠢᠭᠡᠨ ᠡᠷᠬᠡ ᠬᠦᠴᠦᠨ ᠮᠡᠬᠦᠰ ᠢ᠋ᠶ᠋ᠡᠷ ᠤᠷᠠᠬ᠎ᠠ ᠲᠣᠣᠷ ᠲᠤ᠌ ᠣᠷᠣᠬᠤ ᠯᠤᠭ᠎ᠠ ᠬᠣᠶᠠᠷ ᠡᠭᠦᠷᠢᠳᠡ ᠨᠢᠰᠬᠦ ᠶ᠋ᠢ ᠬᠦᠰᠡᠪᠡᠴᠦ ᠳᠣᠣᠷ᠎ᠠ ᠪᠠᠨ ᠵᠣᠪᠠᠯᠠᠩ ᠢ᠋ ᠡᠳ᠋ᠯᠡᠬᠦ ᠯᠦ᠍ᠭᠡ ᠭᠤᠷᠪᠠ ᠡᠷᠭᠢᠴᠡᠭᠦᠯᠦᠨ ᠰᠠᠨᠠᠪᠠᠰᠤ ᠰᠡᠳᠬᠢᠯ ᠳ᠋ᠦ᠍ ᠡᠨᠡᠯᠦᠯ ᠲᠥᠷᠥᠮᠦᠢ ᠁ ᠥᠪᠡᠷ ᠴᠢᠨᠠᠷ ᠬᠣᠭᠣᠰᠣᠨ ᠥᠪᠡᠷ ᠦ᠋ᠨ ᠰᠡᠳᠬᠢᠯ ᠯᠦ᠍ᠭᠡ ᠨᠢᠭᠡᠨ ᠦᠨᠡᠨ ᠳ᠋ᠦ᠍ ᠪᠠᠷᠢᠭᠴᠢ ᠶ᠋ᠢᠨ ᠠᠪᠢᠶᠠᠰ ᠢ᠋ ᠥᠷᠨᠢᠭᠦᠯᠬᠦ ᠯᠦ᠍ᠭᠡ ᠦᠷᠭᠦᠯᠵᠢᠳᠡ ᠡᠨᠳᠡᠭᠦᠷᠡᠬᠦ ᠶ᠋ᠢᠨ ᠦᠵᠡᠭᠳᠡᠯ ᠴᠢᠩᠭ᠎ᠠ ᠬᠠᠲᠠᠭᠤ ᠯᠤᠭ᠎ᠠ ᠭᠤᠷᠪᠠ ᠦᠭᠡᠢᠯᠡᠨ ᠰᠠᠨᠠᠪᠠᠰᠤ ᠰᠡᠳᠬᠢᠯ ᠳ᠋ᠦ᠍ ᠭᠠᠰᠠᠯᠠᠩ ᠨᠢᠭᠡᠨ ᠲᠥᠷᠥᠮᠦᠢ ᠭᠡᠮᠡᠨ ᠳᠠᠭᠤᠯᠤᠭᠰᠠᠨ ᠢ᠋ ᠦᠵᠡᠬᠦᠯ᠎ᠡ《ᠡᠭᠦᠷᠢᠳᠡ ᠨᠢᠰᠬᠦ ᠶ᠋ᠢ ᠬᠦᠰᠡᠪᠡᠴᠦ ᠳᠣᠣᠷ᠎ᠠ ᠵᠣᠪᠠᠯᠠᠩ ᠢ᠋ ᠡᠳ᠋ᠯᠡᠬᠦ ᠯᠦ᠍ᠭᠡ ᠭᠤᠷᠪᠠ》 ᠭᠤᠷᠪᠠᠨ ᠵᠠᠭᠤᠨ ᠤ᠋ ᠡᠴᠦᠰ ᠲᠤ ᠥᠨᠥᠳᠥᠷ ᠯᠡ ᠨᠢᠭᠡ ᠳᠣᠣᠷ᠎ᠠ ᠠ᠋ᠴᠠ ᠮᠤᠯᠲᠤᠷᠠᠭᠰᠠᠨ ᠢ᠋ ᠦᠵᠡᠪᠡ᠃ ᠭᠤᠷᠪᠠᠯ ᠤ᠋ᠨ ᠤᠶᠠᠩᠭ᠎ᠠ ᠮᠥᠬᠥᠭᠡ ᠦᠭᠡᠢ᠂ ᠪᠥᠬᠥᠭᠡ ᠦᠭᠡᠢ ᠪᠠᠰᠠ ᠰᠡᠭᠡᠭᠡ ᠦᠭᠡᠢ ᠪᠠᠢᠭᠰᠠᠨ ᠨᠢ ᠦᠨᠡᠨ ᠠᠵᠤᠭᠤ᠃ ᠡᠨᠡ ᠦᠶ᠎ᠡ ᠶ᠋ᠢᠨ ᠶᠡᠬᠡ ᠨᠠᠢᠷᠠᠭᠴᠢᠳ ᠤ᠋ᠨ ᠨᠢᠭᠡᠨ ᠳ· ᠫᠦᠷᠪᠦᠳᠣᠷᠵᠢ᠄ ᠠᠨᠠᠭᠠᠢ ᠭᠤᠷᠪᠠᠨ ᠰᠡᠭᠡᠷ ᠠᠵᠢᠨ ᠭᠤᠷᠪᠠᠨ ᠠ᠋ᠴᠠ ᠰᠢᠷᠢᠳᠡᠭ ᠠᠬ᠎ᠠ ᠳᠡᠭᠦᠦ ᠭᠤᠷᠪᠠᠨ ᠬᠠᠭᠠᠯᠭ᠎ᠠ ᠠᠮᠠᠨ ᠭᠤᠷᠪᠠᠨ ᠰᠡᠭᠡᠷ ᠠᠷᠤ ᠭᠤᠷᠪᠠᠨ ᠳᠡᠯ ᠠᠯᠠᠭ ᠭᠤᠷᠪᠠᠨ ᠱᠠᠩᠳᠠ ᠵᠠᠳᠠᠭᠠᠢ ᠭᠤᠷᠪᠠᠨ ᠬᠡᠭᠡᠷ ᠵᠠᠬ᠎ᠠ ᠭᠤᠷᠪᠠᠨ ᠪᠠᠮᠪᠤᠤ ᠨᠡᠷ᠎ᠡ ᠨᠢ ᠬᠦᠷᠲᠡᠯ᠎ᠡ ᠨᠠᠢᠷᠠᠭ(ᠭᠦᠨ ᠤᠬᠠᠭᠠᠨ! ᠨ᠂ ᠨ) ᠨᠡᠭᠡᠷᠡᠨ ᠰᠠᠢᠬᠠᠨ ᠨᠤᠲᠤᠭ᠁ ᠭᠡᠮᠡᠨ ᠳᠠᠭᠤᠯᠠᠭᠰᠠᠨ ᠢ᠋ ᠲᠣᠬᠢᠶᠠᠯᠳᠤᠯ ᠪᠢᠰᠢ ᠬᠡᠮᠡᠵᠦ ᠣᠷᠴᠢᠨ ᠦᠶ᠎ᠡ ᠭᠤᠷᠪᠠᠯ ᠤᠬᠠᠭᠠᠨ ᠢ᠋ᠶ᠋ᠠᠨ ᠮᠠᠷᠲᠠᠭ᠎ᠠ ᠦᠭᠡᠢ ᠵᠠᠬ᠎ᠠ ᠶ᠋ᠢᠨ ᠨᠢᠭᠡ ᠵᠢᠱ᠌ᠢᠶ᠎ᠡ ᠪᠣᠯᠭᠠᠨ ᠳᠤᠷᠠᠳᠰᠤ ᠪᠢ᠃ ᠠᠭᠤᠯᠭ᠎ᠠ ᠪᠡᠷᠬᠡ《ᠡᠷᠬᠡ ᠬᠦᠴᠦᠨ ᠮᠡᠬᠦᠰ ᠢ᠋ᠶ᠋ᠡᠷ ᠤᠷᠠᠬ᠎ᠠ ᠲᠣᠣᠷ ᠲᠤ᠌ ᠣᠷᠣᠬᠤ ᠯᠤᠭ᠎ᠠ ᠬᠣᠶᠠᠷ》 ᠴᠠᠭ ᠬᠡᠯᠪᠡᠷᠢ ᠶ᠋ᠢ ᠨᠢ ᠴᠦ᠍ ᠪᠣᠯᠲᠤᠭᠠᠢ ᠱᠣᠬᠣᠭᠣᠷᠬᠠᠨ ᠤᠶᠠᠩᠭ᠎ᠠ ᠡᠢᠨ ᠬᠦ᠌ ᠬᠠᠢᠯᠠᠭᠰᠠᠨ ᠨᠢ ᠪᠠᠰᠠ ᠴᠤ ᠭᠠᠪᠢᠶ᠎ᠠ ᠠᠵᠠᠢ᠃ ᠠᠷᠪᠠᠨ ᠭᠤᠷᠪᠠᠨ ᠠᠯᠲᠠᠢ᠂ ᠬᠠᠩᠭᠠᠢ ᠶ᠋ᠢᠨ ᠬᠣᠷᠢᠨ ᠭᠤᠷᠪᠠᠨ ᠣᠪᠣᠭ᠎ᠠ᠂ ᠭᠤᠴᠢᠨ ᠭᠤᠷᠪᠠᠨ ᠭᠣᠪᠢ᠁ ᠭᠤᠷᠪᠠᠨ ᠶᠡᠬᠡ ᠠᠭᠤᠯᠠ ᠮᠢᠨᠦ ᠣᠩᠭᠣᠳ ᠬᠠᠢᠷᠠᠯᠠᠵᠤ ᠣᠷᠴᠢᠯᠠᠩ ᠬᠠᠢᠯᠠᠬᠤ ᠪᠣᠯᠲᠤᠭᠠᠢ᠃

   ᠦᠰᠦᠭ ᠠᠮᠢᠯᠠᠭᠤᠯᠤᠭᠴᠢ᠄ ᠪᠠᠶᠠᠨᠰᠡᠷᠡᠩ᠂ ᠱᠠᠭᠰᠠᠯ᠂ ᠲᠣᠭᠳᠠᠭᠤᠨᠪᠠᠶᠠᠷ
   ᠦᠰᠦᠭ ᠬᠢᠨᠠᠭᠴᠢ᠄ ᠲᠤᠶᠠᠭ᠎ᠠ᠂ ᠭᠠᠷᠮ᠎ᠠ᠂ ᠰᠡᠬᠡᠭᠡᠷᠡᠯ᠂ ᠣᠳᠬᠠᠨᠰᠣ᠎ᠠ