ᠲᠠᠪᠤ᠂ ᠭᠤᠷᠪᠠᠯ ᠰᠡᠳᠬᠢᠯᠭᠡ ᠤᠳᠬ᠎ᠠ ᠵᠣᠬᠢᠶᠠᠯ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу
ᠲᠠᠪᠤ᠂ ᠭᠤᠷᠪᠠᠯ ᠰᠡᠳᠬᠢᠯᠭᠡ ᠤᠳᠬ᠎ᠠ ᠵᠣᠬᠢᠶᠠᠯ
ᠮᠣᠩᠭᠣᠯ ᠰᠡᠳᠬᠢᠯᠭᠡ ᠪᠤᠶᠤ ᠭᠤᠷᠪᠠᠯ ᠤ᠋ᠨ ᠣᠨᠣᠯ ᠤᠬᠠᠭᠠᠨ ᠨᠢ ᠦᠨᠳᠦᠰᠦᠨ ᠦᠵᠡᠯ ᠰᠠᠨᠠᠭ᠎ᠠ ᠪᠣᠯᠵᠤ ᠬᠡᠳᠦᠨ ᠮᠢᠩᠭᠠᠨ ᠵᠢᠯ ᠲᠥᠯᠥᠪᠰᠢᠬᠦ ᠳ᠋ᠡᠭᠡᠨ ᠦᠢ ᠲᠦᠮᠡᠨ ᠦᠯᠢᠭᠡᠷ ᠳᠣᠮᠣᠭ ᠲᠤᠤᠯᠢᠰ ᠪᠦᠲᠦᠭᠡᠭᠰᠡᠨ ᠨᠢ ᠨᠢᠭᠡᠳᠦᠭᠡᠷ ᠲᠦ᠍ ᠣᠨᠣᠯ ᠤ᠋ᠨ ᠪᠠᠲᠤᠯᠠᠭ᠎ᠠ᠂ ᠬᠣᠶᠠᠳᠤᠭᠠᠷ ᠲᠤ᠌ ᠰᠤᠷᠲᠠᠯᠴᠢᠯᠠᠭ᠎ᠠ᠂ ᠭᠤᠷᠪᠠᠳᠤᠭᠠᠷ ᠲᠤ᠌ ᠤᠭ ᠤᠬᠠᠭᠠᠨ ᠢ᠋ ᠬᠠᠳᠠᠭᠠᠯᠠᠬᠤ ᠮᠥᠩᠬᠡ ᠶ᠋ᠢᠨ ᠰᠠᠩ ᠪᠣᠯᠤᠭᠰᠠᠨ ᠤᠴᠢᠷ ᠲᠠᠢ ᠠᠵᠠᠢ᠃ ᠮᠣᠩᠭᠣᠯ ᠤ᠋ᠨ ᠡᠷᠲᠡᠨ ᠦ᠌ ᠭᠤᠷᠪᠠᠨ ᠶᠡᠬᠡ ᠭᠦᠯᠭᠡᠨ ᠰᠤᠳᠤᠷ ᠭᠡᠰᠡᠷ᠂ ᠵᠠᠩᠭᠠᠷ᠂ ᠨᠢᠭᠤᠴᠠ ᠲᠣᠪᠴᠢᠶᠠᠨ ᠭᠤᠷᠪᠠ ᠠ᠋ᠴᠠ ᠨᠢᠭᠤᠴᠠ ᠲᠣᠪᠴᠢᠶᠠᠨ ᠤ᠋ ᠲᠠᠯ᠎ᠠ ᠪᠠᠷ ᠡᠮᠦᠨ᠎ᠡ ᠴᠤᠬᠤᠰ ᠵᠢᠱ᠌ᠢᠶᠡᠯᠡᠭᠰᠡᠨ ᠲᠤᠯᠠ ᠡᠨᠳᠡ ᠬᠣᠶᠠᠷ ᠲᠤᠤᠯᠢᠰ ᠠ᠋ᠴᠠ ᠬᠠᠯᠲᠤ ᠰᠡᠬᠦᠵᠦ ᠳᠤᠷᠠᠳᠤᠶ᠎ᠠ ᠭᠡᠮᠡᠨ ᠰᠠᠨᠠᠪᠠ᠃
《ᠵᠠᠩᠭᠠᠷ》 ᠶᠡᠬᠡ ᠲᠤᠤᠯᠢᠰ ᠲᠤ ᠭᠤᠷᠪᠠᠨ ᠠᠯᠲᠠᠨ ᠳᠠᠯᠪᠠᠭ᠎ᠠ ᠲᠠᠢ᠂ ᠭᠤᠷᠪᠠᠨ ᠴᠠᠭᠠᠨ ᠥᠬᠢᠨ ᠪᠤᠶᠤ ᠭᠤᠷᠪᠠᠨ ᠰᠢᠷ᠎ᠠ ᠲᠣᠯᠣᠭᠠᠢ ᠲᠠᠢ ᠬᠣᠩ ᠤ᠋ᠨ ᠷᠢᠳᠢ ᠰᠢᠳᠢᠲᠦ ᠠᠴᠢ᠂ ᠭᠤᠷᠪᠠᠨ ᠥᠩᠭᠡ ᠶ᠋ᠢᠨ ᠤᠲᠠᠰᠤᠨ ᠪᠤᠷᠠᠨᠲᠠᠭ ᠲᠠᠢ ᠢᠩᠭᠡᠨ ᠴᠠᠭᠠᠨ ᠲᠡᠮᠡᠭᠡ᠂ ᠡᠷ᠎ᠡ ᠬᠥᠮᠦᠨ ᠦ᠌ ᠭᠤᠷᠪᠠᠨ ᠭᠣᠮᠣᠳᠠᠯ᠂ ᠭᠤᠷᠪᠠᠨ ᠡᠷᠳᠡᠮ ᠲᠡᠭᠦᠰ᠂ ᠭᠤᠷᠪᠠᠨ ᠪᠠᠭᠠᠲᠤᠷ᠂ ᠵᠠᠩᠭᠠᠷ ᠤ᠋ᠨ ᠬᠦᠦ ᠭᠤᠷᠪᠠ ᠬᠣᠨᠣᠭᠠᠳ ᠡᠷ᠎ᠡ ᠪᠣᠯᠤᠭᠠᠳ ᠭᠤᠨᠠᠨ ᠤᠯᠠᠭᠠᠨ ᠱᠣᠪᠱᠣᠭᠣᠷ ᠭᠡᠬᠦ ᠮᠡᠲᠦ ᠪᠡᠯᠭᠡ ᠤᠳᠬ᠎ᠠ ᠠᠭᠤᠯᠤᠭᠰᠠᠨ ᠭᠤᠷᠪᠠᠯ ᠤ᠋ᠳ ᠤ᠋ᠨ ᠳᠡᠭᠡᠷ᠎ᠡ ᠳᠠᠢᠰᠤᠩᠨᠠᠭᠴᠢ ᠪᠤᠲᠠ ᠶ᠋ᠢᠨ ᠤᠯᠠᠭᠠᠨ ᠨᠡᠷᠡᠲᠦ ᠪᠠᠭᠠᠲᠤᠷ ᠵᠠᠩᠭᠠᠷ ᠠ᠋ᠴᠠ ᠠᠭᠠᠢ ᠱᠠᠪᠳᠠᠯ᠂ ᠠᠷᠠᠨᠵᠠᠯ ᠵᠡᠭᠡᠷᠳᠡ᠂ ᠣᠷᠴᠢᠯᠠᠩ ᠤ᠋ᠨ ᠰᠠᠢᠬᠠᠨ᠃ ᠮᠢᠩᠶᠠᠨ ᠡᠨᠡ ᠭᠤᠷᠪᠠ ᠪᠠᠨ ᠥᠭ! ᠭᠡᠮᠡᠨ ᠱᠠᠭᠠᠷᠳᠠᠭᠰᠠᠨ ᠠᠮᠢᠨ ᠲᠡᠷᠰᠯᠡᠯ ᠵᠡᠷᠭᠡ ᠶ᠋ᠢ ᠠᠵᠢᠵᠤ ᠪᠣᠯᠤᠨ᠎ᠠ᠃ ᠲᠡᠭᠡᠪᠡᠯ《ᠭᠡᠰᠡᠷ》 ᠲᠦ ᠬᠤᠷᠮᠤᠰᠲᠠ ᠶ᠋ᠢᠨ ᠭᠤᠷᠪᠠᠨ ᠬᠦᠦ᠂ ᠬᠤᠪᠢᠯᠭᠠᠨ ᠭᠤᠷᠪᠠᠨ ᠡᠭᠡᠴᠢ᠂ ᠬᠤᠷᠮᠤᠰᠲᠠ ᠶ᠋ᠢᠨ ᠷᠠᠰᠢᠶᠠᠨ ᠤ᠋ ᠬᠥᠮᠦᠨ ᠪᠣᠯᠭᠠᠨ ᠤ᠋ ᠶᠠᠰᠤᠨ ᠳᠡᠭᠡᠷ᠎ᠡ ᠭᠤᠷᠪᠠᠯ ᠭᠤᠷᠪᠠ ᠲᠣᠰᠣᠭᠠᠵᠣ30 ᠪᠠᠭᠠᠲᠤᠷ ᠢ᠋ᠶ᠋ᠠᠨ ᠠᠮᠢ ᠣᠷᠣᠭᠤᠯᠵᠤ ᠪᠣᠢ ᠵᠡᠷᠭᠡ ᠡᠴᠡ ᠬᠠᠷᠠᠬᠤ ᠳ᠋ᠤ᠌ ᠭᠤᠷᠪᠠᠯ ᠰᠡᠳᠬᠢᠯᠭᠡ ᠰᠢᠲᠦᠯᠭᠡ ᠪᠦᠷᠢᠳᠦᠮᠡᠯ ᠪᠣᠯᠬᠤ ᠨᠢ ᠲᠣᠳᠣᠷᠬᠠᠢ ᠪᠠᠢᠳᠠᠭ᠃
ᠶᠡᠷᠦ ᠨᠢ ᠪᠦᠬᠦ ᠲᠤᠤᠯᠢᠰ ᠲᠤ《ᠭᠤᠷᠪᠠ》 ᠭᠠᠯ᠂ ᠠᠮᠢᠨ᠂ ᠰᠦᠨᠡᠰᠦ ᠪᠣᠯᠵᠤ ᠪᠠᠢᠳᠠᠭ ᠢ᠋ ᠳᠣᠣᠷᠠᠬᠢ ᠠᠮᠠᠨ ᠲᠤᠤᠯᠢᠰ ᠤ᠋ᠳ ᠠ᠋ᠴᠠ ᠭᠦᠶᠦᠮᠡᠯ ᠵᠢᠱ᠌ᠢᠶᠡᠯᠡᠵᠦ ᠪᠣᠯᠤᠨ᠎ᠠ᠃
ᠭᠤᠷᠪᠠᠨ ᠨᠠᠰᠤᠲᠤ ᠭᠤᠨᠠᠨ ᠤᠯᠠᠭᠠᠨ ᠪᠠᠭᠠᠲᠤᠷ
ᠭᠤᠷᠪᠠᠨ ᠨᠠᠰᠤᠲᠤ ᠭᠤᠨᠠᠨ ᠤᠯᠠᠭᠠᠨ ᠪᠠᠭᠠᠲᠤᠷ
ᠢᠷᠡᠬᠦ ᠭᠤᠷᠪᠠᠨ ᠵᠢᠯ ᠦ᠋ᠨ ᠶᠠᠭᠤᠮ᠎ᠠ ᠶ᠋ᠢ
ᠤᠭᠲᠤᠵᠤ ᠮᠡᠳᠡᠳᠡᠭ
ᠭᠠᠷᠬᠤ ᠭᠤᠷᠪᠠᠨ ᠵᠢᠯ ᠦ᠋ᠨ ᠶᠠᠭᠤᠮ᠎ᠠ ᠶ᠋ᠢ
ᠳᠠᠭᠠᠵᠤ ᠮᠡᠳᠡᠳᠡᠭ
ᠤᠷᠠᠨ ᠮᠡᠷᠭᠡᠨ ᠬᠠᠲᠤᠨ ᠲᠠᠢ ᠪᠠᠢᠭᠰᠠᠨ ᠰᠠᠨᠵᠠᠢᠢ᠁
ᠭᠠᠩᠭ᠎ᠠ ᠮᠥᠷᠡᠨ ᠰᠢᠭᠤᠢ ᠶ᠋ᠢ
ᠭᠤᠷᠪᠠ ᠲᠣᠭᠣᠷᠢᠨ ᠡᠷᠭᠢᠵᠦ
ᠪᠤᠷᠠᠮ ᠮᠥᠷᠡᠨ ᠰᠢᠭᠤᠢ ᠶ᠋ᠢ
ᠭᠤᠷᠪᠠ ᠲᠣᠭᠣᠷᠢᠨ ᠡᠷᠭᠢᠵᠦ
ᠪᠤᠳᠠᠩᠲᠤ ᠽᠠᠨᠳᠠᠨ ᠠᠭᠤᠯᠠ ᠶ᠋ᠢ
ᠭᠤᠷᠪᠠ ᠲᠣᠭᠣᠷᠢᠨ ᠡᠷᠭᠢᠵᠦ
ᠭᠦᠨ ᠬᠠᠷ᠎ᠠ ᠳᠠᠯᠠᠢ ᠶ᠋ᠢ
ᠭᠤᠷᠪᠠ ᠲᠣᠭᠣᠷᠢᠨ ᠡᠷᠭᠢᠵᠦ
ᠭᠦᠷᠦᠮᠡᠯ ᠽᠠᠨᠳᠠᠨ ᠠᠭᠤᠯᠠ
ᠭᠤᠷᠪᠠ ᠲᠣᠭᠣᠷᠢᠨ ᠡᠷᠭᠢᠵᠦ᠁
ᠡᠨᠳᠡ ᠬᠡᠯᠡᠬᠦ ᠳ᠋ᠦ᠍ ᠠᠭᠤᠯᠠᠰ ᠤ᠋ᠨ ᠬᠠᠮᠤᠭ ᠤ᠋ᠨ ᠬᠦᠴᠦᠲᠦ ᠪᠠᠭᠠᠲᠤᠷ ᠤ᠋ᠳ ᠭᠤᠷᠪᠠᠨ ᠨᠠᠰᠤ ᠲᠠᠢ ᠪᠠᠢᠳᠠᠭ᠃ ᠭᠤᠷᠪᠠ ᠲᠣᠭᠣᠷᠢᠨ ᠡᠷᠭᠢᠬᠦ ᠪᠡᠯᠭᠡ ᠶᠣᠰᠣ ᠡᠷᠲᠡᠨ ᠡᠴᠡ ᠲᠦᠭᠡᠮᠡᠯ ᠠᠭᠰᠠᠨ ᠢ᠋ ᠡᠨᠳᠡ ᠲᠤᠬᠠᠢᠯᠠᠯᠠ᠃
ᠬᠢᠯᠢ ᠶ᠋ᠢᠨ ᠭᠠᠯᠵᠠᠭᠤ ᠪᠠᠭᠠᠲᠤᠷ
ᠵᠢᠪᠠᠷ ᠬᠠᠭᠠᠨ ᠤ᠋ ᠵᠢᠪᠠᠷ ᠮᠢᠵᠢᠳ ᠬᠦᠦ᠁ ᠵᠡᠷᠭᠡ
ᠭᠤᠷᠪᠠᠨ ᠵᠢᠯ ᠬᠦᠯᠢᠶᠡᠲᠡᠯᠡ
ᠨᠢᠭᠡ ᠭᠡᠭᠦᠦ ᠡᠴᠡ ᠤᠨᠠᠭ᠎ᠠ ᠭᠠᠷᠤᠭᠠᠳ
ᠡᠬᠡ ᠶ᠋ᠢ ᠪᠡᠨ ᠨᠠᠷᠠ ᠵᠥᠪ ᠭᠤᠷᠪᠠ ᠲᠣᠭᠣᠷᠢᠭᠠᠳ
ᠬᠥᠭᠡᠭᠡᠵᠦ ᠪᠠᠢᠵᠠᠢ᠁(ᠰᠠᠢᠨ ᠤᠨᠤᠭ᠎ᠠ ᠭᠡᠵᠦ ᠰᠢᠨᠵᠢᠪᠡ)
ᠲᠩᠷᠢ ᠶ᠋ᠢᠨ ᠣᠳᠣ ᠪᠤᠲᠠᠷᠠᠲᠠᠯ᠎ᠠ
ᠭᠠᠵᠠᠷ ᠤ᠋ᠨ ᠦᠨᠳᠦᠰᠦ ᠶ᠋ᠢ ᠢᠵᠠᠷᠠᠲᠠᠯ᠎ᠠ
ᠭᠤᠷᠪᠠ ᠪᠤᠯᠭᠢᠪᠠ ᠣᠢᠴᠢᠭᠰᠠᠨ ᠦᠭᠡᠢ(ᠮᠢᠨᠦ ᠡᠵᠡᠨ ᠭᠡᠵᠦ ᠰᠢᠨᠵᠢᠪᠡ)
ᠡᠷ᠎ᠡ ᠶ᠋ᠢᠨ ᠭᠤᠷᠪᠠᠨ ᠨᠠᠭᠠᠳᠤᠮ ᠬᠢᠭᠡᠳ ᠢᠯᠠᠭᠰᠠᠨ ᠨᠢ
ᠡᠬᠡᠨᠡᠷ ᠪᠣᠯᠭᠠᠵᠤ ᠠᠪ ᠭᠡᠪᠡ
ᠭᠤᠷᠪᠠᠨ ᠵᠢᠯ ᠦ᠋ᠨ ᠭᠠᠵᠠᠷ ᠢ᠋
ᠭᠤᠷᠪᠠᠨ ᠬᠣᠨᠣᠭ ᠢ᠋ᠶ᠋ᠠᠷ ᠲᠣᠪᠴᠢᠯᠠᠵᠤ(ᠮᠣᠷᠢ)
ᠭᠤᠷᠪᠠᠨ ᠰᠠᠷ᠎ᠠ ᠶ᠋ᠢᠨ ᠭᠠᠵᠠᠷ ᠢ᠋
ᠭᠤᠷᠪᠠᠨ ᠡᠳᠦᠷ ᠢ᠋ᠶ᠋ᠡᠷ ᠲᠣᠪᠴᠢᠯᠠᠵᠤ(ᠬᠠᠷᠪᠤᠭ᠎ᠠ)
ᠭᠤᠶᠠᠨ ᠳᠡᠭᠡᠷ᠎ᠡ ᠨᠢ ᠪᠠᠷᠢᠵᠤ
ᠭᠤᠷᠪᠠ ᠡᠷᠭᠢᠭᠦᠯᠵᠦ(ᠪᠥᠬᠡ)
ᠡᠢᠨ ᠲᠡᠮᠡᠴᠡᠯᠳᠦᠳᠡᠭ ᠳᠦᠷᠰᠦᠯᠡᠯ ᠪᠠᠷᠤᠭ ᠲᠤᠤᠯᠢ ᠪᠦᠷᠢ ᠳ᠋ᠦ᠍ ᠲᠦᠭᠡᠮᠡᠯ ᠪᠠᠢᠬᠤ ᠠᠵᠤᠭᠤ᠃
ᠬᠥᠰᠢᠶ᠎ᠡ ᠴᠢᠯᠠᠭᠤᠨ ᠵᠢᠷᠦᠬᠡᠲᠦ ᠬᠦᠪᠡᠢ ᠪᠣᠢᠲᠠᠢ ᠬᠦᠦ
ᠭᠤᠷᠪᠠᠨ ᠲᠦᠮᠡᠨ ᠴᠡᠷᠢᠭ ᠲᠡᠢ
ᠭᠤᠴᠢᠨ ᠭᠤᠷᠪᠠᠨ ᠪᠠᠭᠠᠲᠤᠷ ᠲᠠᠢ
ᠭᠤᠷᠪᠠᠨ ᠰᠠᠷ᠎ᠠ ᠭᠥᠷᠥᠭᠡᠯᠡᠳᠡᠭ ᠢ᠋ᠶ᠋ᠡᠨ
ᠭᠤᠷᠪᠠᠨ ᠬᠣᠨᠣᠭᠠᠳ ᠪᠤᠴᠠᠪᠠ᠁
ᠨᠠᠷᠠ ᠭᠠᠷᠬᠤ ᠵᠦᠭ ᠡᠴᠡ
ᠭᠤᠷᠪᠠᠨ ᠲᠣᠭᠣᠰᠣ ᠵᠡᠷᠭᠡᠴᠡᠨ ᠭᠠᠷᠴᠤ
ᠡᠮᠦᠨ᠎ᠡ ᠨᠢ ᠭᠤᠷᠪᠠᠨ ᠬᠣᠯᠠ ᠮᠣᠷᠢ ᠪᠣᠯᠤᠨ
ᠶᠡᠷᠡᠨ ᠶᠢᠰᠦᠨ ᠵᠢᠯ ᠦ᠋ᠨ ᠲᠡᠷᠲᠡᠭᠡ
ᠽᠠᠮᠪᠤ ᠲᠢᠪ ᠭᠤᠷᠪᠠ ᠡᠷᠭᠢᠨ᠎ᠡ
ᠵᠢᠷ ᠦ᠋ᠨ ᠮᠣᠷᠢ ᠰᠢᠭ᠋
ᠭᠤᠷᠪᠠᠨ ᠵᠢᠯ ᠶᠠᠪᠤᠨ᠎ᠠ
ᠵᠢᠩ ᠦ᠋ᠨ ᠲᠡᠮᠡᠭᠡ ᠰᠢᠭ
ᠭᠤᠷᠪᠠᠨ ᠵᠢᠯ ᠶᠠᠪᠤᠨ᠎ᠠ ᠡᠭᠦᠷᠭᠡ
ᠲᠡᠢ ᠪᠠᠭᠠᠲᠤᠷ ᠰᠢᠭ᠋
ᠭᠤᠷᠪᠠᠨ ᠵᠢᠯ ᠶᠠᠪᠤᠭᠠᠳ
ᠡᠨᠡ ᠪᠡᠶ᠎ᠡ ᠡᠯᠡᠭᠳᠡᠨ᠎ᠡ᠁
ᠭᠤᠷᠪᠠᠨ ᠨᠠᠰᠤᠲᠤ
ᠭᠤᠨᠠᠨ ᠤᠯᠠᠭᠠᠨ ᠪᠠᠭᠠᠲᠤᠷ ᠪᠣᠢ
ᠲᠡᠭᠦᠨ ᠦ᠌ ᠴᠠᠭᠠᠨ᠎ᠠ
ᠮᠠᠩᠭᠤᠰ ᠤ᠋ᠨ ᠭᠤᠷᠪᠠᠨ ᠬᠦᠦ ᠪᠣᠢ
ᠭᠤᠷᠪᠠᠨ ᠣᠨᠣᠯ ᠢ᠋ ᠤᠷᠠᠨ ᠰᠠᠢᠬᠠᠨ ᠤ᠋ ᠰᠡᠳᠬᠢᠯᠭᠡ ᠪᠡᠷ ᠳᠦᠷᠰᠦᠯᠡᠭᠰᠡᠨ᠂ ᠲᠡᠭᠦᠨ ᠦ᠌ ᠤᠴᠢᠷ ᠢ᠋ ᠵᠦᠷᠢᠴᠡᠯᠳᠦᠭᠦᠯᠵᠦ《ᠭᠤᠷᠪᠠᠨ ᠳᠠᠪᠠᠭ᠎ᠠ》 ᠲᠡᠮᠡᠴᠡᠯ ᠬᠢᠵᠦ ᠠᠮᠤᠷ ᠰᠠᠢᠬᠠᠨ ᠵᠢᠷᠭᠠᠭᠰᠠᠨ ᠬᠠᠮᠤᠭ ᠤ᠋ᠨ ᠨᠡᠢᠲᠡᠯᠢᠭ ᠲᠤᠤᠯᠢᠰ ᠤ᠋ᠨ ᠨᠢᠭᠡ ᠯᠡ ᠶᠦᠮ᠃ ᠡᠨᠡ ᠮᠡᠲᠦ ᠣᠯᠠᠨ ᠲᠤᠤᠯᠢᠰ ᠳᠤᠷᠠᠳᠴᠤ ᠪᠣᠯᠬᠤ ᠪᠥᠭᠡᠳ ᠳᠠᠬᠢᠨ ᠳᠠᠬᠢᠨ ᠳᠠᠪᠲᠠᠭᠳᠠᠳᠠᠭ ᠳᠦᠷᠰᠦᠯᠡᠯ ᠦ᠋ᠳ ᠭᠡᠪᠡᠯ ᠭᠤᠷᠪᠠᠨ ᠠᠯᠲᠠᠨ ᠭᠤᠷᠭᠤᠤᠯᠳᠠᠢ᠂ ᠭᠤᠷᠪᠠᠨ ᠨᠣᠭᠣᠭᠠᠨ ᠳᠡᠪᠡᠯ ᠲᠡᠢ ᠬᠡᠦᠬᠡᠳ ᠵᠡᠷᠭᠡ ᠶ᠋ᠢᠨ ᠭᠤᠷᠪᠠᠨ ᠲᠤᠰᠠ᠂ ᠲᠡᠳᠡᠨ ᠦ᠌ ᠭᠤᠷᠪᠠ ᠭᠤᠷᠪᠠᠨ ᠰᠢᠳᠢ᠂ ᠭᠤᠷᠪᠠᠨ ᠵᠢᠯ᠁ ᠭᠤᠷᠪᠠᠨ ᠰᠠᠷ᠎ᠠ᠁ ᠭᠤᠷᠪᠠ ᠲᠠᠲᠠᠭᠤᠯᠵᠤ ᠰᠡᠷᠢᠳᠡᠭ᠁ ᠭᠤᠷᠪᠠᠨ ᠨᠠᠰᠤ ᠲᠠᠢ ᠪᠠᠭᠠᠲᠤᠷ ᠭᠤᠷᠪᠠᠨ ᠬᠣᠨᠣᠭ ᠲᠠᠢ ᠬᠦᠯᠦᠭ᠁
ᠭᠡᠷ ᠡᠴᠡ ᠭᠠᠷᠤᠭᠠᠳ
ᠭᠤᠷᠪᠠᠨ ᠵᠢᠯ ᠪᠣᠯᠤᠭᠰᠠᠨ ᠲᠤᠯᠠ
ᠮᠢᠨᠦ ᠡᠵᠢ ᠶ᠋ᠢᠨ ᠮᠥᠮᠥ
ᠰᠠᠨᠠᠭᠳᠠᠵᠤ ᠪᠠᠢᠨ᠎ᠠ ᠭᠡᠵᠡᠭᠡᠵᠡᠢ ᠭᠡᠬᠦ ᠮᠡᠲᠦ ᠳᠠᠢᠰᠤᠨ ᠢ᠋ᠶ᠋ᠠᠨ ᠳᠠᠷᠤᠭᠠᠳ ᠡᠵᠢ ᠪᠡᠨ᠂ ᠮᠥᠮᠥ ᠪᠡᠨ ᠰᠠᠨᠠᠭᠰᠠᠨ ᠳᠦᠷᠢ ᠪᠡᠯᠭᠡ ᠶᠦᠮ᠃ ᠵᠢᠱ᠌ᠢᠶ᠎ᠡ ᠨᠢ᠄
ᠭᠤᠷᠪᠠᠨ ᠬᠥᠪᠡᠭᠡ ᠳᠠᠪᠠᠳᠠᠭ
ᠤᠯᠠᠭᠠᠨ ᠢᠷᠡᠯᠭᠡᠨ ᠬᠢᠲᠤᠭ᠎ᠠ ᠲᠠᠢ
ᠭᠤᠷᠪᠠᠨ ᠬᠦᠯᠦᠭ ᠮᠣᠷᠢ ᠲᠠᠢ(ᠡᠷ᠎ᠡ ᠶ᠋ᠢᠨ ᠰᠠᠢᠨ ᠵᠠᠭᠠᠨ ᠵᠠᠯᠠᠭᠤᠳᠠᠢ)
ᠭᠤᠷᠪᠠᠨ ᠠᠯᠲᠠᠨ ᠭᠤᠷᠭᠤᠤᠯᠳᠠᠢ
ᠭᠤᠷᠪᠠᠨ ᠨᠣᠭᠣᠭᠠᠨ ᠲᠣᠷᠭᠠᠨ ᠲᠡᠷᠯᠢᠭ ᠲᠡᠢ ᠬᠡᠦᠬᠡᠳ᠁
ᠭᠤᠷᠪᠠ ᠭᠤᠷᠪᠠᠨ ᠰᠢᠳᠢ ᠪᠡᠷ ᠢ᠋ᠶ᠋ᠡᠨ
ᠭᠤᠷᠪᠠᠨ ᠡᠳᠦᠷ
ᠭᠤᠷᠪᠠᠨ ᠰᠥᠨᠢ ᠨᠣᠴᠣᠯᠳᠤᠵᠤ(ᠠᠭᠠᠢ ᠶ᠋ᠢᠨ ᠤᠯᠠᠭᠠᠨ ᠬᠠᠭᠠᠨ) ᠭᠡᠬᠦ ᠮᠡᠲᠦ ᠶᠦᠮ᠃
ᠬᠠᠨ ᠬᠠᠷᠠᠩᠭᠤᠢ
ᠠᠷᠤᠭ ᠤ᠋ᠨ ᠠᠯᠲᠠᠨ ᠴᠠᠯᠮ᠎ᠠ
ᠠᠯᠲᠠᠨ ᠪᠢᠰ ᠲᠠᠪᠠᠭ
ᠠᠮᠢᠳᠤ ᠶ᠋ᠢᠨ ᠠᠯᠲᠠᠨ ᠥᠷᠥᠯᠪᠢ
ᠭᠤᠷᠪᠠᠨ ᠡᠷᠳᠡᠨᠢ ᠲᠡᠢ ᠶᠤᠮᠰᠠᠨᠵᠠᠢ
ᠭᠤᠷᠪᠠᠨ ᠪᠠᠭᠠᠲᠤᠷ ᠤ᠋ᠨ ᠠᠮᠠᠨ ᠴᠤ
ᠠᠮᠢᠳᠤ ᠶ᠋ᠢᠨ ᠠᠯᠲᠠᠨ ᠥᠷᠥᠯᠪᠢ ᠪᠡᠨ ᠬᠢᠵᠦ
ᠠᠷᠤᠭ ᠤ᠋ᠨ ᠠᠯᠲᠠᠨ ᠴᠠᠯᠮ᠎ᠠ ᠪᠠᠷ ᠢ᠋ᠶ᠋ᠠᠨ
ᠭᠤᠷᠪᠠ ᠳᠠᠬᠢᠨ ᠰᠢᠪᠬᠠᠷᠠᠭᠠᠳ
ᠠᠯᠲᠠᠨ ᠪᠢᠰ ᠲᠠᠪᠠᠭ ᠢ᠋ᠶ᠋ᠠᠷ ᠢ᠋ᠶ᠋ᠠᠨ
ᠭᠤᠷᠪᠠ ᠳᠠᠯᠠᠯᠤᠭᠠᠳ ᠰᠡᠷᠢᠭᠡᠵᠡᠢ
ᠡᠵᠢ ᠲᠩᠷᠢ ᠬᠠᠭᠠᠨ
ᠭᠤᠷᠪᠠᠨ ᠨᠠᠰᠤ ᠲᠠᠢ
ᠭᠤᠨᠠᠨ ᠪᠦᠳᠦᠭᠦᠨ ᠬᠦᠦ
ᠭᠤᠷᠪᠠᠨ ᠵᠢᠯ ᠰᠤᠪᠠᠢᠷᠠᠭᠰᠠᠨ
ᠭᠤᠨᠵᠢᠨ ᠭᠡᠭᠦᠦ ᠶ᠋ᠢᠨ ᠤᠨᠠᠭ᠎ᠠ
ᠶᠢᠰᠦᠨ ᠲᠥᠭᠡ ᠴᠢᠬᠢ ᠲᠡᠢ
ᠴᠣᠩ ᠾᠦᠢ ᠬᠦᠯᠦᠭ ᠢ᠋ᠶ᠋ᠡᠨ(ᠰᠤᠷᠭᠠᠭᠠᠳ)
ᠭᠤᠷᠪᠠᠨ ᠬᠣᠨᠣᠭ ᠤ᠋ᠨ ᠤᠨᠲᠠᠯᠲᠠ ᠪᠠᠷ
ᠭᠤᠴᠢᠨ ᠬᠥᠪᠡᠭᠡ ᠳᠠᠮᠨᠠᠭᠠᠳ
ᠭᠤᠷᠪᠠᠨ ᠭᠣᠣ ᠥᠭᠰᠥᠭᠡᠳ
ᠤᠨᠲᠠᠭᠠᠳ ᠥᠭᠴᠡᠢ
ᠭᠤᠷᠪᠠᠨ ᠲᠦᠷᠦᠭᠦᠴᠢ ᠨᠣᠶᠠᠨ ᠲᠠᠢ
ᠭᠤᠴᠢᠨ ᠲᠦᠮᠡᠨ ᠴᠡᠷᠢᠭ ᠲᠡᠢ
ᠬᠠᠭᠤᠴᠢᠨ ᠭᠤᠷᠪᠠᠨ ᠪᠠᠭᠠᠲᠤᠷ ᠲᠠᠢ
ᠡᠢᠮᠦ ᠪᠠᠭᠠᠲᠤᠷ ᠤ᠋ᠳ ᠭᠤᠷᠪᠠᠨ ᠡᠷᠳᠡᠨᠢ ᠲᠡᠢ᠂ ᠲᠡᠷᠡ ᠳᠤᠮᠳᠠ ᠨᠢ ᠠᠮᠢᠳᠤ ᠶ᠋ᠢᠨ ᠠᠯᠲᠠᠨ ᠥᠷᠥᠯᠪᠢ᠂ ᠮᠥᠩᠬᠡ ᠶ᠋ᠢᠨ ᠰᠢᠳᠢᠲᠦ ᠤᠰᠤ᠂ ᠭᠤᠷᠪᠠᠨ ᠳᠠᠯᠠᠢ ᠶ᠋ᠢᠨ ᠷᠠᠰᠢᠶᠠᠨ ᠵᠡᠷᠭᠡ ᠵᠠᠪᠠᠯ ᠪᠠᠢᠬᠤ ᠪᠥᠯᠥᠭᠡ᠃ ᠳᠡᠭᠡᠷ᠎ᠡ ᠳᠤᠷᠠᠳᠤᠭᠰᠠᠨ ᠮᠥᠷ ᠪᠠᠳᠠᠭ ᠤ᠋ᠳ ᠢ᠋ ᠭᠤᠷᠪᠠᠯ ᠣᠨᠣᠯ ᠲᠠᠢ ᠬᠣᠯᠪᠣᠨ᠂ ᠤᠳᠬ᠎ᠠ ᠶ᠋ᠢᠨ ᠲᠠᠢᠯᠪᠤᠷᠢ ᠬᠢᠬᠦ ᠭᠡᠵᠦ ᠣᠷᠣᠯᠳᠣᠪᠠᠯ ᠵᠠᠯᠬᠠᠭᠤᠷᠠᠰᠢ ᠦᠭᠡᠢ ᠴᠦ᠍ ᠤᠩᠰᠢᠭᠴᠢ ᠠᠪᠤᠭᠠᠢ ᠨᠠᠷ ᠨᠢᠭᠡᠨᠲᠡ ᠭᠠᠳᠠᠷᠯᠠᠬᠤ ᠲᠤᠯᠠ ᠪᠣᠳᠣᠬᠤ ᠡᠭᠡᠯᠵᠢ ᠣᠯᠭᠣᠯᠠ᠃ ᠪᠠᠯᠠᠷ ᠡᠷᠲᠡᠨ ᠡᠴᠡ ᠤᠯᠪᠠᠭ᠎ᠠ ᠲᠠᠢ ᠳᠣᠮᠣᠭ ᠲᠤᠤᠯᠢᠰ ᠤ᠋ᠨ ᠪᠠᠲᠤᠯᠠᠭ᠎ᠠ ᠪᠠᠨ ᠡᠢᠨ ᠲᠣᠪᠴᠢᠯᠠᠭᠠᠳ ᠪᠢᠴᠢᠭ ᠦ᠋ᠨ ᠮᠡᠷᠭᠡᠳ ᠦ᠋ᠨ ᠨᠢᠭᠡᠨ ᠲᠥᠯᠥᠭᠡᠯᠡᠭᠴᠢ ᠪᠡᠷ ᠵᠢᠱ᠌ᠢᠶᠡᠯᠡᠬᠦ ᠳᠦ ᠶᠡᠬᠡ ᠢᠷᠠᠭᠤ ᠨᠠᠢᠷᠠᠭᠴᠢ ᠳ· ᠷᠠᠪᠵᠠᠢ(1803—1856) ᠶᠤᠮ᠃ ᠲᠡᠷᠡ ᠪᠡᠷ ᠡᠢᠨ ᠰᠤᠷᠭᠠᠵᠠᠢ᠄
ᠬᠥᠮᠦᠨ ᠦ᠌ ᠰᠠᠢᠨ ᠮᠠᠭᠤ ᠬᠣᠶᠠᠷ ᠢ᠋ ᠲᠠᠨᠢᠬᠤ ᠦᠨᠡᠬᠡᠷ ᠪᠡᠷᠬᠡ᠁
ᠬᠡᠷᠡᠭ ᠲᠡᠢ ᠴᠠᠭ ᠲᠤ᠁
ᠴᠠᠩᠭᠠᠭᠰᠠᠨ ᠬᠥᠮᠦᠨ ᠳ᠋ᠦ᠍ ᠮᠢᠩᠭᠠᠨ ᠯᠠᠩ ᠠᠯᠲᠠᠨ ᠠ᠋ᠴᠠ ᠪᠠᠨ
ᠨᠢᠭᠡᠨ ᠣᠭᠣᠴᠢ ᠤᠰᠤ ᠤᠷᠢᠳᠠ ᠪᠠᠷ ᠲᠤᠰᠠ ᠪᠣᠯᠤᠨ᠎ᠠ᠃
ᠲᠡᠷᠡ ᠤᠴᠢᠷ ᠶᠠᠭᠤ ᠪᠣᠢ ᠭᠡᠪᠡᠯ
ᠡᠨᠡ ᠶᠢᠷᠲᠢᠨᠴᠦ ᠶ᠋ᠢᠨ ᠤᠯᠤᠰ ᠠᠮᠢᠨ ᠳ᠋ᠠᠭᠠᠨ ᠬᠠᠢᠷ᠎ᠠ ᠲᠠᠢ ᠨᠢ ᠲᠡᠷᠡ ᠪᠣᠯᠠᠢ᠃
ᠡᠨᠡ ᠰᠠᠨᠠᠭ᠎ᠠ ᠡᠷᠳᠡᠨᠢ ᠲᠤᠰᠠ ᠪᠤᠰᠤ᠂ ᠰᠡᠳᠬᠢᠯ ᠲᠤᠰᠠ᠂ ᠲᠡᠷᠡ ᠨᠢ ᠠᠮᠢᠨ ᠤ᠋ ᠲᠤᠯᠠ ᠠᠵᠠᠢ᠃ ᠳᠡᠭᠡᠷᠡᠬᠢ ᠪᠠᠳᠠᠭ ᠢ᠋《ᠠᠰᠢᠳᠠ ᠶ᠋ᠢᠨ ᠮᠥᠷ ᠬᠡᠮᠡᠭᠳᠡᠬᠦ ᠨᠡᠷᠡᠲᠦ ᠰᠤᠳᠤᠷ ᠣᠷᠣᠰᠢᠪᠠ》 ᠰᠢᠯᠦᠭᠯᠡᠯ ᠡᠴᠡ ᠡᠰᠢᠯᠡᠪᠡ᠃
᠁ ᠨᠡᠭᠡᠭᠡᠵᠦ ᠬᠤᠮᠪᠢᠬᠤ ᠲᠤᠩᠭᠠᠯᠠᠭ ᠴᠠᠭᠠᠨ ᠪᠠᠳᠮ᠎ᠠ ᠪᠠ
ᠨᠢᠭᠡ ᠨᠢᠭᠡ ᠪᠡᠷ ᠰᠠᠯᠵᠤ ᠭᠠᠩᠬᠤᠭᠴᠢ ᠨᠠᠪᠴᠢᠰ ᠤ᠋ᠳ
ᠨᠡᠭᠡᠷᠡᠨ ᠦᠵᠡᠲᠡᠯ᠎ᠡ ᠣᠨᠳᠣᠣ ᠣᠨᠳᠣᠣ ᠨᠠᠢᠭᠤᠪᠠᠴᠤ
ᠨᠡᠢᠭᠡᠮ ᠳᠣᠣᠷ᠎ᠠ ᠳ᠋ᠠᠬᠢ ᠦᠨᠳᠦᠰᠦ ᠨᠢ ᠨᠢᠭᠡ ᠶ᠋ᠢ ᠬᠦᠰᠡᠨ᠎ᠡ(ᠠᠮᠢ)
᠁ ᠡᠴᠢᠭᠡ ᠡᠬᠡ ᠶ᠋ᠢᠨ ᠬᠢᠭᠰᠡᠨ ᠡᠨᠡ ᠪᠡᠶ᠎ᠡ ᠪᠠ
ᠶᠧᠯᠸᠢ ᠮᠡᠲᠦ ᠪᠤᠲᠠ ᠦᠭᠡᠢ ᠰᠡᠳᠬᠢᠯ ᠨᠢ
ᠡᠭᠡᠯ ᠬᠡᠷᠡᠭ ᠢ᠋ᠶ᠋ᠡᠨ ᠪᠦᠲᠦᠭᠡᠬᠦ ᠳ᠋ᠦ᠍ ᠨᠢᠭᠡ ᠶ᠋ᠢ ᠬᠦᠰᠡᠨ᠎ᠡ《ᠠᠮᠢ》
ᠦᠢᠮᠡᠨ ᠠᠢᠮᠠᠭᠴᠢ ᠡᠨᠡ ᠡᠯᠳᠡᠪ ᠦᠵᠡᠭᠳᠡᠯ
ᠦᠨᠡᠮᠯᠡᠬᠦᠢ ᠬᠣᠭᠣᠰᠣᠨ ᠴᠢᠨᠠᠷ ᠬᠣᠶᠠᠷ ᠨᠢ
ᠢᠨᠠᠭᠤᠬᠤ ᠳ᠋ᠤ᠌ ᠲᠤᠰ ᠲᠤᠰ ᠲᠠᠭᠠᠨ ᠪᠣᠯᠪᠠᠴᠤ
ᠢᠮᠠᠭᠲᠠ ᠰᠡᠳᠬᠢᠯ ᠦ᠋ᠨ ᠴᠢᠨᠠᠷ ᠲᠤ ᠨᠢᠭᠡ ᠶ᠋ᠢ ᠬᠦᠰᠡᠨ᠎ᠡ《ᠠᠮᠢ》
ᠨᠢᠭᠡ ᠶ᠋ᠢ ᠬᠦᠰᠡᠨ᠎ᠡ》 ᠨᠡᠷ᠎ᠡ ᠲᠡᠢ ᠡᠨᠡ ᠰᠢᠯᠦᠭ ᠲᠦ10 ᠪᠠᠳᠠᠭ ᠪᠠᠢᠬᠤ ᠪᠠ ᠲᠡᠭᠦᠨ ᠡᠴᠡ ᠭᠤᠷᠪᠠ ᠶ᠋ᠢ ᠡᠰᠢᠯᠡᠪᠡ᠃ ᠡᠨᠳᠡ ᠪᠦᠬᠦ ᠬᠣᠶᠠᠷ ᠵᠦᠢᠯ ᠣᠨᠳᠣᠣ ᠪᠣᠯᠪᠠᠴᠤ ᠨᠢᠭᠡ ᠵᠦᠢᠯ ᠲᠤᠬᠠᠢᠯᠠᠪᠠᠯ《ᠠᠮᠢ》 ᠶ᠋ᠢ ᠬᠦᠰᠡᠳᠡᠭ ᠪᠣᠯᠬᠤ ᠶ᠋ᠢ ᠨᠤᠲᠠᠯᠠᠵᠠᠢ᠃ ᠪᠡᠶ᠎ᠡ ᠬᠢᠭᠡᠳ ᠪᠤᠲᠠ ᠦᠭᠡᠢ ᠰᠡᠳᠬᠢᠯ ᠣᠨᠳᠣᠣ ᠪᠣᠯᠪᠠᠴᠤ ᠨᠢᠭᠡ ᠯᠡ ᠵᠦᠢᠯ ᠢ᠋ ᠬᠦᠰᠡᠨ᠎ᠡ᠃ ᠡᠯᠳᠡᠪ ᠦᠵᠡᠭᠳᠡᠯ ᠬᠣᠭᠣᠰᠣᠨ ᠴᠢᠨᠠᠷ ᠬᠣᠶᠠᠷ ᠳᠣᠲᠣᠭᠠᠳᠤ ᠴᠢᠨᠠᠷ ᠨᠢ ᠥᠭᠡᠷ᠎ᠡ ᠴᠦ᠍ ᠨᠢᠭᠡ ᠯᠡ ᠬᠦᠰᠡᠨ᠎ᠡ᠃
ᠲᠡᠷᠡ ᠨᠢ ᠠᠮᠢᠳᠤᠷᠠᠯ᠂᠂ ᠡᠨᠡ ᠴᠢᠨᠠᠷ ᠨᠢ ᠭᠤᠷᠪᠠᠳᠠᠭᠴᠢ ᠪᠥᠭᠡᠳ ᠪᠡᠶ᠎ᠡ ᠤᠬᠠᠮᠰᠠᠷ ᠬᠣᠶᠠᠷ ᠤ᠋ᠨ ᠭᠣᠣᠯ ᠬᠦᠰᠡᠯ ᠠᠵᠠᠢ᠃
ᠭᠦᠢᠴᠡᠳ ᠤᠬᠠᠬᠤ ᠳᠤ ᠪᠡᠷᠬᠡ ᠲᠡᠢ
ᠭᠦᠨ ᠬᠣᠭᠣᠰᠣᠨ ᠴᠢᠨᠠᠷ ᠊ᠢ
ᠳᠠᠳᠤᠨ ᠰᠠᠨᠠᠭᠰᠠᠨ ᠬᠥᠮᠦᠨ ᠳᠤ
ᠳᠠᠶ᠋ᠢᠰᠤᠨ ᠰᠠᠳᠤᠨ ᠠᠳᠠᠯᠢ
ᠦᠨᠡᠨ ᠦ ᠪᠡᠨ ᠤᠳᠬᠠᠨ ᠳᠤ
ᠦᠵᠡᠭᠳᠡᠯ ᠦ᠋ᠨ ᠲᠡᠳᠦᠢ ᠪᠤᠢ
ᠥᠪᠡᠷ ᠶ᠋ᠢᠡᠨ ᠡᠰᠡ ᠪᠦᠲᠦᠭᠰᠡᠨ ᠨᠢ
ᠦᠬᠦᠬᠦ ᠲᠥᠷᠥᠬᠦ ᠠᠳᠠᠯᠢ
ᠰᠠᠶ᠋ᠢᠨ ᠮᠠᠭᠤ ᠶ᠋ᠢᠨ ᠲᠣᠮᠢᠶ᠎ᠠ
ᠰᠠᠯᠬᠤ ᠤᠴᠠᠷᠠᠬᠤ ᠶ᠋ᠢᠨ ᠦᠵᠡᠭᠳᠡᠯ
ᠬᠣᠭᠣᠰᠣᠨ ᠴᠢᠨᠠᠷ ᠦ᠋ᠨ ᠠᠭᠠᠷ ᠲᠤ
ᠬᠣᠶᠠᠷ ᠦᠭᠡᠢ ᠨᠢ ᠮᠠᠭᠠᠳ
ᠭᠦᠨ ᠤᠬᠠᠭᠠᠨ ᠊ᠢ ᠪᠢᠰᠢᠯᠭᠠᠵᠤ ᠳᠠᠳᠤᠭᠰᠠᠨ ᠬᠥᠮᠦᠨ ᠳᠤ ᠳᠠᠶ᠋ᠢᠰᠤᠨ ᠰᠠᠳᠤᠨ ᠬᠣᠶᠠᠭᠤᠯᠠ ᠠᠳᠠᠯᠢ᠃ ᠡᠨᠡ ᠨᠢ ᠦᠨᠡᠨ ᠦ ᠪᠡᠨ ᠢᠳᠤᠭᠠᠨ ᠳᠤ ᠦᠵᠡᠭᠳᠡᠯ ᠦ᠋ᠨ ᠲᠡᠳᠦᠢ ᠠᠵᠠᠢ᠃ ᠥᠪᠡᠷ ᠶ᠋ᠢᠡᠨ ᠡᠰᠡ ᠪᠦᠲᠦᠭᠰᠡᠨ ᠨᠢ ᠦᠬᠦᠬᠦ ᠲᠥᠷᠥᠬᠦ ᠬᠣᠶᠠᠷ᠃ ᠠᠮᠢ ᠠᠮᠢᠳᠤᠷᠠᠯ ᠊ᠢ ᠯᠡ ᠠᠷᠭᠠᠴᠠᠭᠠᠰᠢ ᠦᠭᠡᠢ ᠠᠵᠠᠢ᠃ ᠰᠠᠶ᠋ᠢᠨ ᠮᠠᠭᠤ ᠶ᠋ᠢᠨ ᠲᠣᠮᠢᠶ᠎ᠠ ᠰᠠᠯᠬᠤ ᠤᠴᠠᠷᠠᠬᠤ ᠶ᠋ᠢᠨ ᠦᠵᠡᠭᠳᠡᠯ ᠭᠦᠨ ᠤᠬᠠᠭᠠᠨ(ᠬᠣᠭᠣᠰᠣᠨ ᠴᠢᠨᠠᠷ ᠦ᠋ᠨ) ᠦ ᠠᠭᠠᠷ ᠲᠤ ᠬᠣᠶᠠᠷ ᠦᠭᠡᠢ ᠨᠢ ᠮᠠᠭᠠᠳ ᠭᠡᠵᠡᠢ᠃ ᠬᠣᠶᠠᠷ ᠦᠭᠡᠢ ᠥᠭᠡᠷ᠎ᠡ ᠬᠤᠪᠢᠯᠪᠤᠷᠢ ᠪᠠᠶ᠋ᠢᠭ᠎ᠠ ᠨᠢ ᠮᠡᠳᠡᠭᠡᠵᠢ ᠠᠪᠠᠢ᠃《ᠲᠤᠭᠤᠷᠪᠢᠯ ᠦᠭᠡᠢ ᠶ᠋ᠢᠨ ᠴᠢᠨᠠᠷᠲᠤ》 ᠰᠢᠯᠦᠭ ᠦ᠋ᠨ ᠭᠦᠨ ᠤᠬᠠᠭᠠᠨ ᠡᠨᠡ ᠶᠤᠮ᠃ ᠲᠡᠷᠡ《ᠣᠨᠣᠬᠤ ᠦᠵᠡᠭᠳᠡᠯ ᠦ᠋ᠨ ᠲᠤᠬᠠᠢ ᠬᠠᠷᠢᠭᠤ》 ᠳ᠋ᠠᠭᠠᠨ ᠳᠡᠭᠡᠳᠦ ᠳᠣᠭᠣᠳᠤ ᠭᠡᠵᠦ ᠬᠣᠶᠠᠷ ᠦᠭᠡᠢ ᠬᠣᠶᠠᠭᠤᠯᠠ ᠪᠠᠨ ᠳᠡᠭᠡᠳᠦ ᠰᠠᠶ᠋ᠢᠨ ᠮᠠᠭᠤ ᠭᠡᠵᠦ ᠬᠣᠶᠠᠷ ᠦᠭᠡᠢ ᠬᠣᠶᠠᠭᠤᠯᠠ ᠪᠠᠨ ᠰᠠᠶ᠋ᠢᠨ ᠭᠡᠵᠦ ᠬᠡᠯᠡᠵᠡᠢ᠃
ᠭᠤᠷᠪᠠᠯ ᠰᠡᠳᠬᠢᠯᠭᠡᠨ ᠦ ᠡᠶᠡᠷᠭᠦ ᠲᠠᠯ᠎ᠠ ᠡᠨᠡ ᠪᠦᠬᠦᠨ ᠬᠣᠶᠠᠷ ᠦᠭᠡᠢ ᠬᠣᠶᠠᠭᠤᠯᠠᠨ ᠳᠤ ᠨᠢ ᠰᠠᠶ᠋ᠢᠨ ᠪᠤᠢ᠃ ᠲᠡᠭᠦᠨ ᠊ᠢ ᠨᠡᠭᠡᠭᠡᠭᠰᠡᠨ ᠨᠢ ᠭᠤᠷᠪᠠᠯ ᠰᠡᠳᠬᠢᠯᠭᠡ ᠮᠥᠨ ᠶᠤᠮ᠃
ᠤᠬᠠᠭᠠᠨ ᠤ ᠢᠯᠡ ᠵᠠᠯᠢ ᠪᠣᠯᠤᠭᠰᠠᠨ ᠡᠯᠳᠡᠪ ᠦᠵᠡᠭᠳᠡᠯ ᠊ᠢ
ᠦᠨᠡᠨ ᠬᠡᠮᠡᠨ ᠰᠢᠨᠤᠭᠴᠢᠳ ᠣᠷᠴᠢᠯᠠᠩ ᠭᠡᠵᠦ ᠨᠡᠷᠡᠶ᠋ᠢᠳᠦᠨᠡ᠁
ᠢᠯᠡ ᠵᠠᠯᠢ ᠪᠣᠯᠤᠭᠰᠠᠨ ᠵᠦᠢᠯ ᠊ᠢ ᠪᠢᠳᠡ ᠦᠨᠡᠨ ᠭᠡᠵᠦ ᠢᠲᠡᠭᠡᠵᠦ ᠣᠷᠴᠢᠯᠠᠩ ᠦ᠋ᠨ ᠵᠢᠮ᠎ᠡ ᠬᠡᠮᠡᠨ ᠤᠬᠠᠭᠠᠷᠠᠳᠠᠭ ᠠᠵᠠᠢ᠃ ᠭᠡᠪᠡᠴᠦ ᠦᠨᠡᠨ ᠢᠨᠠᠭᠤᠬᠤ ᠣᠷᠣᠰᠢᠨ᠎ᠠ ᠭᠡᠰᠡᠨ ᠰᠠᠨᠠᠭ᠎ᠠ ᠮᠡᠷᠭᠡᠨ ᠠᠪᠠᠢ
ᠤᠭ ᠰᠢᠯᠦᠭ
ᠭᠡᠭᠡᠨ ᠬᠣᠭᠣᠰᠣᠨ ᠬᠣᠶᠠᠭᠤᠯᠠᠨ ᠊ᠢ ᠬᠡᠵᠢᠶ᠎ᠡ ᠳᠤ ᠰᠠᠯᠭᠠᠯ ᠦᠭᠡᠢ ᠳ᠋ᠡ
ᠭᠡᠭᠡᠷᠡᠵᠦ ᠣᠨᠣᠪᠠᠰᠤ ᠬᠣᠶᠠᠷ ᠤᠳᠬ᠎ᠠ ᠶ᠋ᠢᠨ ᠠᠬᠤᠢ ᠶᠣᠰᠣ ᠶ᠋ᠢ ᠣᠨᠣᠬᠤᠢ ᠬᠡᠮᠡᠨ ᠦᠨᠳᠦᠷᠯᠡᠵᠡᠢ᠃ ᠡᠨᠳᠡ ᠳᠠᠩ ᠭᠠᠭᠴᠠ《ᠬᠣᠭᠣᠰᠣᠨ》 ᠴᠢᠨᠠᠷ ᠊ᠢ ᠪᠤᠰᠤ᠂ ᠪᠠᠰᠠ《ᠭᠡᠭᠡᠨ》 ᠭᠡᠵᠦ ᠪᠠᠰᠠ ᠨᠢᠭᠡ ᠵᠦᠢᠯ ᠭᠠᠷᠭᠠᠵᠤ ᠢᠷᠡᠭᠡᠳ ᠡᠳᠡᠭᠡᠷ ᠊ᠢ ᠰᠠᠯᠭᠠᠵᠤ ᠦᠯᠦ ᠪᠣᠯᠤᠨ᠎ᠠ᠃ ᠡᠨᠡ ᠤᠳᠬ᠎ᠠ ᠪᠠᠷ ᠭᠡᠭᠡᠷᠡᠵᠦ ᠣᠨᠣᠬᠤ ᠶᠤᠮ ᠪᠣᠯ ᠬᠣᠶᠠᠷ ᠤᠳᠬ᠎ᠠ ᠶ᠋ᠢᠨ ᠠᠬᠤᠢ(ᠪᠣᠳᠠᠲᠤ) ᠶᠣᠰᠣ ᠶ᠋ᠢ ᠣᠨᠣᠬᠤ ᠠᠵᠠᠢ᠃ ᠡᠴᠦᠰ ᠲᠤ ᠨᠢ ᠰᠤᠤᠲᠤ ᠬᠥᠮᠦᠨ ᠤᠬᠠᠭᠠᠨᠲᠠᠨ ᠶᠡᠬᠡ ᠨᠠᠶ᠋ᠢᠷᠠᠭᠴᠢ ᠶ᠋ᠢᠨ《ᠠᠮᠢᠳᠤ ᠪᠠᠶ᠋ᠢᠬᠤ ᠳ᠋ᠠᠭᠠᠨ ᠯᠡ》 ᠭᠡᠳᠡᠭ ᠰᠢᠯᠦᠭ ᠊ᠢ ᠲᠣᠪᠴᠢᠯᠠᠨ ᠲᠣᠪᠯᠠᠵᠤ ᠦᠵᠡᠶ᠎ᠡ᠃ ᠪᠦᠬᠦ ᠵᠦᠢᠯ
ᠡᠨᠡ ᠠᠮᠢᠳᠤ ᠦᠶ᠎ᠡ ᠶ᠋ᠢᠨ ᠬᠢ ᠮᠥᠨ
ᠡᠨᠡ ᠨᠠᠰᠤᠨ ᠳ᠋ᠠᠭᠠᠨ ᠪᠤᠷᠬᠠᠨ ᠪᠤᠶᠤ
ᠦᠬᠦᠵᠦ ᠦᠷᠡᠭᠳᠡᠭᠰᠡᠨ ᠦ ᠡᠴᠦᠰ ᠲᠤ
ᠦᠯᠡᠳᠡᠬᠦ ᠵᠠᠪ ᠪᠠᠶ᠋ᠢᠬᠤ ᠤᠤ?᠁
ᠥᠨᠥ ᠦᠬᠦᠭᠰᠡᠨ ᠴᠦ᠍ ᠵᠢᠷᠭᠠᠨ᠎ᠠ
ᠥᠨᠳᠥᠷ ᠪᠦᠲᠦᠭᠡᠯ ᠳᠤ ᠰᠢᠮᠲᠡᠲᠣᠭᠠᠢ᠁
ᠬᠥᠮᠦᠨ ᠳᠤ ᠬᠣᠶ᠋ᠢᠲᠤ ᠤᠷᠢᠳᠤ ᠨᠠᠰᠤ ᠪᠠᠶ᠋ᠢᠬᠤ ᠦᠭᠡᠢ᠂ ᠡᠨᠡ ᠯᠡ《ᠠᠮᠢ》 ᠶ᠋ᠢ ᠰᠠᠬᠢ! ᠡᠨᠡ ᠨᠠᠰᠤᠨ ᠳ᠋ᠠᠭᠠᠨ ᠪᠤᠷᠬᠠᠨ᠂《ᠦᠬᠦᠵᠦ ᠦᠷᠡᠭᠳᠡᠭᠰᠡᠨ ᠦ ᠡᠴᠦᠰ ᠲᠤ》 ᠳ᠋ᠧᠪᠠᠵᠠᠨ ᠳᠤ ᠣᠴᠢᠬᠤ ᠦᠭᠡᠢ ᠭᠡᠰᠡᠨ ᠡᠶ᠋ᠢᠮᠦ ᠨᠣᠮᠯᠠᠯ ᠪᠢᠴᠢᠭᠰᠡᠨ《ᠲᠣᠭᠰᠢᠨ ᠨᠣᠶᠠᠨ ᠬᠤᠲᠤᠭᠲᠤ》 ᠶᠡᠬᠡ ᠮᠠᠮᠠᠲᠠᠨ ᠊ᠢ《ᠰᠣᠯᠢᠶᠠᠲᠤ》 ᠭᠡᠬᠦ ᠡᠴᠡ ᠶᠠᠭᠠᠬᠢᠬᠤ ᠪᠤᠢ? ᠰᠣᠯᠢᠶᠠᠲᠤ ᠨᠡᠷ᠎ᠡ ᠶ᠋ᠢᠨ ᠤᠴᠢᠷ ᠲᠡᠭᠦᠨ ᠳᠤ ᠤᠳᠤᠮᠰᠢᠬᠰᠠᠨ ᠲᠥᠷᠥᠯᠬᠢ ᠭᠤᠷᠪᠠᠯ ᠤᠬᠠᠭᠠᠨ᠂ ᠱᠠᠰᠢᠨ ᠤ ᠨᠠᠮ ᠬᠣᠶᠠᠷ ᠦ᠋ᠨ ᠲᠡᠷᠰᠯᠡᠯ ᠪᠠᠶ᠋ᠢᠵᠠᠢ᠃ ᠡᠶ᠋ᠢᠮᠦ ᠴᠤ ᠤᠴᠢᠷ ᠤᠭ ᠰᠢᠯᠦᠭ ᠶ᠋ᠢᠡᠨ
ᠣᠶᠤᠨ ᠰᠡᠳᠬᠢᠯ ᠵᠣᠬᠢᠴᠠᠭᠰᠠᠨ
ᠣᠨᠴᠠᠭᠠᠢ ᠨᠥᠬᠥᠳ ᠊ᠢ ᠳᠠᠭᠤᠷᠢᠶᠠ ᠮᠠᠨᠢ
ᠥᠪᠡᠷ ᠦ᠋ᠨ ᠢ᠋ᠶ᠋ᠡᠨ ᠭᠤᠷᠪᠠᠨ ᠴᠠᠭ ᠢ᠋ ᠥᠪᠡᠷ ᠢ᠋ᠶ᠋ᠡᠨ ᠮᠡᠳᠡᠬᠦ ᠤᠪᠠᠳᠢᠰ ᠮᠥᠨ ᠭᠡᠵᠦ ᠲᠡᠭᠦᠰᠬᠡᠵᠡᠢ᠃ ᠡᠨᠡ ᠭᠤᠷᠪᠠᠯ ᠴᠠᠭ ᠨᠢ ᠱᠠᠰᠢᠨ ᠤ᠋ ᠭᠤᠷᠪᠠᠯ ᠪᠢᠰᠢ ᠪᠥᠭᠡᠳ ᠥᠭᠡᠷ᠎ᠡ ᠨᠢᠭᠡᠨ ᠰᠢᠯᠦᠭ ᠲᠡᠭᠡᠨ《 ᠬᠡᠷᠪᠡ ᠠᠮᠢᠳᠤ ᠶᠠᠪᠤᠳᠠᠯ ᠪᠠᠯᠴᠢᠷ ᠢᠳᠡᠷ ᠥᠲᠡᠯᠬᠦ ᠭᠤᠷᠪᠠᠨ ᠪᠡᠶ᠎ᠡ ᠶ᠋ᠢ ᠦᠵᠡᠬᠦ》( ᠠᠰᠢᠳᠠ ᠮᠥᠷ ᠨᠡᠷᠡᠲᠦ ᠰᠤᠳᠤᠷ) ᠭᠡᠵᠦ ᠲᠣᠮᠢᠶᠠᠯᠠᠭᠰᠠᠨ ᠪᠥᠯᠥᠭᠡ᠃ ᠡᠨᠳᠡ ᠡᠴᠡ ᠳ· ᠷᠠᠪᠵᠡᠢ ᠶ᠋ᠢᠨ ᠪᠦᠲᠦᠭᠡᠯ ᠳ᠋ᠦ᠍ ᠬᠣᠶᠠᠷᠠᠯ ᠤᠬᠠᠭᠠᠨ ᠢ᠋ᠶ᠋ᠠᠷ ᠪᠤᠰᠤ ᠭᠤᠷᠪᠠᠯ ᠮᠣᠩᠭᠣᠯ ᠤᠬᠠᠭᠠᠨ ᠢ᠋ᠶ᠋ᠠᠷ ᠬᠠᠨᠳᠤᠨ ᠰᠤᠳᠤᠯᠬᠤ ᠴᠠᠭ ᠢᠷᠡᠭᠰᠡᠨ ᠢ᠋ ᠰᠠᠨᠠᠭᠤᠯᠬᠤ ᠮᠡᠲᠦ᠃ ᠡᠨᠡ ᠪᠦᠯᠦᠭ ᠲᠦ᠍ ᠠᠮᠠᠨ ᠪᠣᠯᠤᠨ ᠪᠢᠴᠢᠭ ᠦ᠋ᠨ ᠵᠣᠬᠢᠶᠠᠯ ᠤ᠋ᠨ ᠥᠪ ᠲᠦ᠍ ᠲᠤᠯᠭᠠᠭᠤᠷᠢᠯᠠᠨ ᠬᠣᠶᠠᠷᠬᠠᠨ ᠴᠠᠭ ᠲᠤ᠌ ᠡᠷᠭᠢᠯᠳᠦᠭᠰᠡᠨ ᠪᠥᠭᠡᠳ ᠤᠭ ᠰᠠᠩ ᠨᠢ ᠶᠢᠷᠲᠢᠨᠴᠦ ᠶ᠋ᠢᠨ ᠭᠤᠷᠪᠠᠨ ᠪᠠᠶᠠᠨ᠂ ᠲᠩᠷᠢ ᠣᠳᠣ ᠪᠠᠷ ᠪᠠᠶᠠᠨ᠂ ᠳᠠᠯᠠᠢ ᠤᠰᠤ ᠪᠠᠷ ᠪᠠᠶᠠᠨ᠂ ᠳᠡᠯᠡᠬᠡᠢ ᠦᠨᠳᠦᠰᠦ ᠪᠡᠷ ᠪᠠᠶᠠᠨ ᠮᠡᠲᠦ ᠶᠦᠮ᠃ ᠣᠷᠴᠢᠨ ᠦᠶ᠎ᠡ ᠶ᠋ᠢᠨ ᠤᠷᠠᠨ ᠵᠣᠬᠢᠶᠠᠯ ᠪᠦᠲᠦᠭᠡᠯ ᠦ᠋ᠨ ᠲᠤᠬᠠᠢ ᠳ᠋ᠤ᠌ ᠲᠠᠰᠤ ᠥᠭᠡᠷ᠎ᠡ《 ᠬᠠᠷᠠᠺᠲ᠋ᠧᠷ》 ᠭᠠᠷᠴᠤ ᠢᠷᠡᠬᠦ ᠲᠤᠯᠠ ᠵᠠᠢᠯᠠᠰᠢ ᠦᠭᠡᠢ ᠥᠭᠡᠷ᠎ᠡ ᠨᠢᠭᠡᠨ ᠪᠦᠯᠦᠭ ᠪᠣᠯᠬᠤ ᠳ᠋ᠤ᠌ ᠬᠦᠷᠪᠡ᠃ ᠲᠡᠷᠡ ᠨᠢ ᠳᠠᠷᠠᠭ᠎ᠠ ᠬᠢ ᠪᠤᠶᠤ᠃
ᠦᠰᠦᠭ ᠠᠮᠢᠯᠠᠭᠤᠯᠤᠭᠴᠢ᠄ ᠪᠠᠶᠠᠨᠰᠡᠷᠡᠩ᠂ ᠱᠠᠭᠰᠠᠯ᠂ ᠲᠣᠭᠳᠠᠭᠤᠨᠪᠠᠶᠠᠷ
ᠦᠰᠦᠭ ᠬᠢᠨᠠᠭᠴᠢ᠄ ᠲᠤᠶᠠᠭ᠎ᠠ᠂ ᠭᠠᠷᠮ᠎ᠠ᠂ ᠰᠡᠬᠡᠭᠡᠷᠡᠯ᠂ ᠣᠳᠬᠠᠨᠰᠣ᠎ᠠ
