ᠳᠥᠷᠪᠡ᠂ ᠮᠠᠷᠲᠠᠭᠳᠠᠭᠰᠠᠨ ᠤᠯᠠᠮᠵᠢᠯᠠᠯ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу
ᠳᠥᠷᠪᠡ᠂ ᠮᠠᠷᠲᠠᠭᠳᠠᠭᠰᠠᠨ ᠤᠯᠠᠮᠵᠢᠯᠠᠯ
ᠮᠣᠩᠭᠣᠯ ᠢ᠋ᠶ᠋ᠠᠷ ᠰᠡᠳᠬᠢᠶᠡ ᠭᠡᠯᠴᠡᠨ᠎ᠡ᠃ ᠮᠠᠯ ᠪᠠᠢᠭᠠᠯᠢ ᠬᠣᠶᠠᠷ ᠲᠠᠭᠠᠨ ᠦᠨᠡᠨᠴᠢ ᠨᠡᠭᠦᠳᠡᠯᠴᠢᠳ ᠮᠠᠯᠴᠢᠳ ᠯᠠ ᠮᠣᠩᠭᠣᠯ ᠢ᠋ᠶ᠋ᠠᠷ ᠰᠡᠳᠬᠢᠭᠡᠳ ᠪᠠᠢᠨ᠎ᠠ ᠤᠤ? ᠭᠠᠳᠠᠭᠠᠳᠤ ᠬᠡᠯᠡ ᠲᠡᠢ ᠮᠠᠯᠴᠢᠨ ᠭᠠᠷᠤᠯ ᠲᠠᠢ ᠰᠡᠬᠡᠭᠡᠲᠡᠨ ᠮᠣᠩᠭᠣᠯ ᠢ᠋ᠶ᠋ᠠᠷ ᠰᠡᠳᠬᠢᠳᠡᠭ ᠶᠦᠮ ᠤᠤ? ᠣᠯᠠᠨ ᠣᠷᠣᠨ ᠢ᠋ᠶ᠋ᠠᠷ ᠶᠠᠪᠤᠵᠤ ᠶᠠᠭᠤᠮ᠎ᠠ ᠦᠵᠡᠵᠦ ᠨᠢᠳᠦ ᠲᠠᠢᠯᠤᠭᠰᠠᠨ ᠬᠥᠮᠦᠨ ᠮᠣᠩᠭᠣᠯ ᠢ᠋ᠶ᠋ᠠᠷ ᠰᠡᠳᠬᠢᠳᠡᠭ ᠤᠤ? ᠮᠣᠩᠭᠣᠯ ᠢ᠋ᠶ᠋ᠠᠷ ᠰᠡᠳᠬᠢᠶᠡ ᠭᠡᠳᠡᠭ ᠦᠭᠡ ᠤᠭ ᠨᠢ ᠮᠤᠬᠤᠷᠳᠠᠯ ᠠ᠋ᠴᠠ ᠭᠠᠷᠬᠤ ᠥᠪᠡᠷ ᠦ᠋ᠨ ᠠᠷᠭ᠎ᠠ ᠤᠬᠠᠭᠠᠨ ᠬᠠᠢᠶ᠎ᠠ ᠭᠡᠰᠡᠨ ᠰᠠᠨᠠᠭ᠎ᠠ ᠮᠥᠨ᠃ ᠭᠡᠪᠡᠴᠦ ᠰᠡᠳᠬᠢᠬᠦ ᠭᠡᠬᠦ ᠪᠡᠷ ᠮᠤᠬᠤᠷ ᠡᠷᠢᠯ ᠪᠣᠯᠤᠭᠠᠳ ᠪᠠᠢᠨ᠎ᠠ᠃ ᠦᠨᠡᠨ ᠳ᠋ᠡᠭᠡᠨ ᠮᠣᠩᠭᠣᠯ ᠤ᠋ᠨ ᠵᠠᠮ ᠮᠥᠷ ᠢ᠋ ᠥᠭᠡᠷ᠎ᠡ ᠨᠢᠭᠡ ᠬᠥᠭᠵᠢᠯ ᠲᠡᠢ ᠭᠦᠷᠦᠨ ᠭᠠᠷᠭᠠᠴᠢᠬᠰᠠᠨ᠂ ᠲᠡᠷᠡ ᠨᠢ ᠪᠡᠯᠡᠨ ᠵᠣᠷ ᠪᠣᠯᠤᠨ᠎ᠠ ᠭᠡᠳᠡᠭ ᠬᠤᠳᠠᠯ᠃ ᠤᠳᠤᠮ ᠤᠭᠰᠠᠭ᠎ᠠ ᠮᠠᠨᠢ ᠰᠠᠢᠳ ᠢ᠋ ᠬᠠᠢᠵᠤ ᠣᠯᠬᠤ ᠵᠠᠮᠪᠠᠷᠠᠭ᠎ᠠ ᠦᠭᠡᠢ ᠰᠡᠳᠬᠢᠯᠭᠡᠨ ᠳ᠋ᠦ᠍ ᠣᠷᠢᠶᠠᠴᠠᠯᠳᠤᠵᠤ ᠦᠢᠮᠡᠳᠡᠭ ᠦᠭᠡᠢ ᠭᠤᠷᠪᠠᠯ ᠰᠡᠳᠬᠢᠯᠭᠡᠨ ᠦ᠌ ᠥᠪ ᠲᠡᠢ ᠠᠷᠠᠳ ᠲᠦᠮᠡᠨ ᠪᠠᠢᠯ᠎ᠠ᠃ ᠭᠡᠲᠡᠯ᠎ᠡ ᠥᠨᠥᠳᠥᠷ ᠠᠰᠠᠭᠤᠳᠠᠯ ᠲᠤᠯᠭᠠᠷᠠᠬᠤ ᠳ᠋ᠤ᠌ ᠬᠠᠭᠤᠴᠢᠭᠰᠠᠨ ᠨᠢ ᠰᠣᠼᠢᠶᠠᠯᠢᠽᠮ ᠲᠠᠢᠰᠢ ᠪᠠᠨ ᠬᠡᠯᠪᠡᠢᠵᠦ ᠰᠢᠨᠡᠯᠢᠭ ᠨᠢ ᠺᠡᠫᠢᠲ᠋ᠡᠯᠢᠰᠲ᠋ ᠬᠥᠭᠵᠢᠩᠭᠦᠢ ᠣᠷᠣᠨ ᠨᠤᠭᠤᠳ ᠤᠷᠤᠭᠤ ᠬᠣᠰᠢᠭᠤᠷᠠᠵᠤ ᠮᠣᠩᠭᠣᠯ ᠪᠠᠷ ᠰᠡᠳᠬᠢᠴᠡᠭᠡᠶᠡ ᠭᠡᠵᠦ ᠬᠦᠰᠡᠵᠡᠭᠡᠭᠡᠳ ᠪᠠᠢᠨ᠎ᠠ᠃ ᠠᠯᠢᠪᠠ ᠠᠰᠠᠭᠤᠳᠠᠯ ᠤ᠋ᠨ ᠣᠴᠢᠭ ᠢ᠋ ᠭᠤᠷᠪᠠᠯ ᠠᠷᠭ᠎ᠠ ᠪᠠᠷ ᠲᠤᠩᠭᠠᠵᠤ ᠡᠶᠡᠷᠡᠬᠦ ᠡᠰᠡᠷᠭᠦ ᠶ᠋ᠢᠨ ᠳᠤᠮᠳᠠᠬᠢ ᠰᠠᠨᠠᠭ᠎ᠠ ᠦᠭᠡᠢ᠂ ᠰᠡᠳᠦᠭᠡ ᠦᠭᠡᠢ᠂ ᠰᠡᠬᠡᠭᠡᠷᠡᠭᠡ ᠦᠭᠡᠢ ᠶ᠋ᠢ ᠣᠯᠵᠤ ᠨᠡᠭᠡᠭᠡᠨ᠎ᠡ ᠭᠡᠳᠡᠭ ᠤᠯᠠᠮᠵᠢᠯᠠᠯ ᠪᠠᠰᠠ ᠰᠢᠨᠡᠴᠢᠯᠡᠯ᠃ ᠮᠣᠩᠭᠣᠯᠴᠢᠯᠠᠨᠠ᠂ ᠮᠣᠩᠭᠣᠯ ᠢ᠋ᠶ᠋ᠠᠷ ᠰᠡᠳᠬᠢᠨ᠎ᠡ ᠭᠡᠳᠡᠭ ᠮᠠᠭᠤ ᠪᠣᠯᠭᠠᠨ ᠠᠷᠭᠠᠴᠠᠭᠠᠬᠤ ᠭᠡᠰᠡᠨ ᠰᠠᠨᠠᠭ᠎ᠠ ᠪᠢᠰᠢ ᠠᠮᠢᠨ ᠤᠴᠢᠷ ᠢ᠋ ᠨᠢ ᠣᠯᠵᠤ ᠰᠠᠢᠵᠢᠷᠠᠭᠤᠯᠤᠨ᠎ᠠ ᠭᠡᠰᠡᠨ ᠠᠭᠤᠯᠭ᠎ᠠ᠃ ᠮᠣᠩᠭᠣᠯ ᠢ᠋ᠶ᠋ᠠᠷ ᠰᠡᠳᠬᠢᠭᠡᠳ ᠣᠩᠭᠣᠨ ᠲᠠᠩᠰᠤᠭ ᠡᠬᠡ ᠣᠷᠣᠨ ᠲᠠᠢ ᠦᠯᠡᠳᠡᠭᠰᠡᠨ ᠠᠷᠠᠳ ᠲᠦᠮᠡᠨ ᠪᠢᠯᠡ᠃ ᠲᠡᠭᠡᠬᠦ ᠪᠡᠷ ᠡᠨᠡ ᠣᠢᠯᠠᠭᠠᠯᠲᠠ ᠮᠠᠨᠢ ᠲᠤᠯᠭᠠᠷᠠᠭᠰᠠᠨ ᠪᠡᠷᠬᠡᠰᠢᠶᠡᠯ ᠢ᠋ ᠳᠠᠪᠠᠬᠤ ᠵᠣᠷᠢᠯᠭ᠎ᠠ ᠶ᠋ᠢ ᠰᠢᠢᠳᠪᠦᠷᠢᠯᠡᠬᠦ ᠳ᠋ᠡᠭᠡᠨ ᠭᠤᠷᠪᠠᠯ ᠣᠨᠣᠯ ᠤ᠋ᠨ ᠭᠠᠷᠭᠠᠯᠭ᠎ᠠ ᠵᠠᠳᠠᠷᠠᠭ᠎ᠠ ᠶ᠋ᠢ ᠨᠡᠮᠡᠬᠦ( ᠰᠠᠢᠨ) ᠬᠠᠰᠤᠬᠤ( ᠮᠠᠭᠤ)9 ᠬᠦᠷᠲᠡᠯ᠎ᠡ ᠵᠠᠪᠳᠤᠭᠠᠴᠢᠯᠠᠪᠠᠯ+-81 ᠳ᠋ᠦ᠍ ᠬᠦᠷᠲᠡᠯ᠎ᠡ ᠮᠢᠺᠷᠥ᠌ ᠰᡁᠧᠮ ᠦ᠋ᠨ ᠰᠡᠳᠬᠢᠯᠭᠡ ᠶ᠋ᠢ ᠡᠵᠡᠮᠰᠢᠨ᠎ᠡ ᠭᠡᠰᠡᠨ ᠦᠭᠡ ᠪᠣᠯᠬᠤ ᠨᠢ ᠠ᠋᠃ ᠲᠡᠭᠦᠨ ᠢ᠋ ᠬᠥᠳᠥᠯᠪᠦᠷᠢᠴᠢᠯᠠᠵᠤ ᠴᠠᠬᠢᠮ ᠲᠣᠭᠠᠴᠠᠭᠠᠯᠠᠭᠤᠷ ᠲᠤ ᠣᠷᠣᠭᠤᠯᠤᠶ᠎ᠠ ᠭᠡᠲᠡᠯ᠎ᠡ ᠡᠨᠡ ᠰᠢᠳᠢᠲᠦ ᠬᠡᠷᠡᠭᠰᠡᠯ ᠴᠢᠩ ᠦᠨᠡᠨ ᠳ᠋ᠡᠭᠡᠨ ᠨᠡᠮᠡᠬᠦ ᠬᠠᠰᠤᠬᠤ ᠪᠤᠶᠤ ᠪᠤᠷᠤᠭᠤ ᠵᠥᠪ ᠭᠡᠬᠦ ᠲᠤᠢᠯᠰᠢᠷᠠᠭᠰᠠᠨ ᠬᠣᠶᠠᠷᠬᠠᠨ ᠰᠢᠢᠳᠦᠯ ᠲᠡᠢ᠃ ᠭᠤᠷᠪᠠᠯ ᠵᠠᠮ ᠢ᠋ ᠭᠦᠢᠴᠡᠳᠬᠡᠬᠦ ᠲᠧᠭᠨᠢᠭ ᠦ᠋ᠨ ᠬᠢᠨᠢ ᠪᠣᠯᠤᠮᠵᠢ ᠬᠣᠮᠰᠠ᠃ ᠡᠷᠳᠡᠮᠲᠡᠨ ᠮᠡᠷᠭᠡᠳ ᠮᠠᠨᠢ ᠴᠤ᠌《 ᠪᠤᠷᠤᠭᠤ》 ᠶ᠋ᠢ ᠬᠠᠶᠠᠵᠤ《 ᠵᠥᠪ》 ᠢ᠋ ᠣᠯᠳᠠᠭ ᠧᠦ᠋ᠷᠣᠫᠠ ᠰᠡᠳᠬᠢᠯᠭᠡᠨ ᠳ᠋ᠦ᠍ ᠳᠠᠰᠤᠨ ᠵᠣᠬᠢᠴᠠᠵᠠᠢ᠃ ᠡᠢᠮᠦ ᠡᠴᠡ ᠬᠠᠷᠢᠴᠠᠭᠤᠯᠤᠯᠲᠠ ᠨᠤᠭᠤᠳ ᠨᠢ ᠶᠡᠬᠡᠩᠬᠢ ᠳ᠋ᠡᠭᠡᠨ ᠳᠠᠩ ᠬᠣᠢᠮᠣᠰᠣᠨ ᠪᠣᠯᠪᠠ᠃ ᠢᠯᠠᠩᠭᠤᠶ᠎ᠠ ᠨᠡᠢᠭᠡᠮ᠂ ᠲᠡᠦᠬᠡ᠂ ᠦᠵᠡᠯ ᠰᠤᠷᠲᠠᠯ᠂ ᠡᠳ᠋ ᠦ᠋ᠨ ᠵᠠᠰᠠᠭ ᠤ᠋ᠨ ᠡᠷᠳᠡᠮ ᠦ᠋ᠨ ᠰᠡᠳᠦᠪ ᠦ᠋ᠳ ᠳᠡᠭᠡᠷᠡᠬᠢ ᠪᠠᠯᠭᠠᠰᠤ ᠪᠣᠯᠵᠤ ᠡᠯᠡᠭᠳᠡᠵᠦ ᠬᠠᠭᠤᠴᠢᠷᠠᠬᠤ ᠨᠢ ᠨᠢᠳᠦ ᠢᠷᠮᠡᠬᠦ ᠵᠠᠭᠤᠷ᠎ᠠ ᠪᠣᠯᠵᠠᠢ᠃《 ᠠᠮᠢ》 ᠪᠠᠨ ᠬᠠᠶᠠᠵᠤ ᠴᠠᠭ ᠦᠶ᠎ᠡ ᠳ᠋ᠦ᠍ ᠠᠪᠲᠠᠭᠰᠠᠨ ᠤ᠋ ᠭᠠᠢ ᠮᠥᠨ ᠳᠡ᠃ ᠮᠣᠩᠭᠣᠯᠴᠤᠳ ᠠᠯᠲᠠᠨ ᠳᠤᠮᠳᠠ ᠭᠡᠵᠦ ᠶᠠᠷᠢᠳᠠᠭ ᠨᠢ ᠭᠠᠢᠬᠠᠯᠲᠠᠢ ᠶᠤᠮ᠃ ᠤᠭ ᠨᠢ ᠣᠨᠴᠠ ᠨᠢ ᠠᠯᠲᠠ᠂ ᠳᠤᠮᠳᠠ ᠨᠢ ᠮᠥᠩᠭᠥ᠂ ᠮᠠᠭᠤ ᠨᠢ ᠵᠡᠰ ᠪᠠᠢᠭᠤᠰᠢᠲᠠᠢ ᠶᠤᠮ᠃ ᠭᠡᠲᠡᠯ᠎ᠡ ᠠᠯᠲᠠᠨ ᠳᠤᠮᠳᠠ᠃ ᠳᠤᠮᠳᠠ ᠶ᠋ᠢ ᠰᠠᠢᠨ ᠲᠠᠢ᠂ ᠡᠰᠡᠪᠡᠯ ᠮᠠᠭᠤ ᠲᠠᠢ ᠬᠠᠷᠢᠴᠠᠭᠤᠯᠪᠠᠯ《 ᠳᠤᠮᠳᠠ》 ᠥᠪᠡᠷ ᠦ᠋ᠨ ᠢ᠋ᠶ᠋ᠡᠨ ᠰᠠᠢᠨ ᠮᠠᠭᠤ ᠴᠢᠨᠠᠷ ᠢ᠋ ᠨᠡᠭᠡᠭᠡᠪᠡᠯ ᠭᠤᠷᠪᠠᠨ ᠮᠠᠭᠤ᠂ ᠭᠤᠷᠪᠠᠨ ᠰᠠᠢᠨ ᠲᠠᠢ ᠮᠣᠩᠭᠣᠯ ᠰᠤᠳᠤᠯᠭ᠎ᠠ ᠡᠬᠢᠯᠡᠬᠦ ᠪᠥᠯᠥᠭᠡ᠃ ᠬᠣᠶᠠᠷ ᠤ᠋ᠨ ᠳᠤᠮᠳᠠ ᠪᠥᠭᠡᠷᠡᠩᠬᠡᠢᠯᠡᠬᠦ ᠶ᠋ᠢ ᠮᠠᠨᠵᠤ ᠵᠠᠩ᠂ ᠬᠢᠲᠠᠳ ᠰᠠᠨᠠᠭ᠎ᠠ᠂ ᠰᠢᠭᠤᠳ ᠰᠦᠷᠳᠡᠭᠦᠯᠬᠦ ᠶ᠋ᠢ ᠣᠷᠣᠰ ᠰᠢᠭ᠋ ᠬᠥᠪᠰᠥᠷᠭᠡᠨ ᠭᠡᠯᠴᠡᠳᠡᠭ᠃ ᠡᠨᠡ ᠨᠢ ᠣᠢᠷ᠎ᠠ ᠶ᠋ᠢᠨ ᠶᠡᠬᠡ ᠬᠣᠶᠠᠷ ᠲᠠᠢᠰᠢ ᠪᠠᠨ ᠮᠠᠭᠤᠯᠠᠭᠰᠠᠨ ᠬᠡᠷᠡᠭ ᠪᠢᠰᠢ ᠮᠣᠩᠭᠣᠯ ᠰᠡᠳᠬᠢᠯᠭᠡ᠂ ᠲᠡᠳᠡᠨ ᠡᠴᠡ ᠲᠠᠰᠤ ᠥᠭᠡᠷ᠎ᠡ ᠭᠡᠳᠡᠭ ᠢ᠋ ᠯᠡ ᠬᠡᠯᠡᠭᠰᠡᠨ ᠬᠡᠷᠡᠭ᠃ ᠨᠢᠭᠡ ᠶᠠᠭᠤᠮ᠎ᠠ ᠶ᠋ᠢ ᠭᠤᠷᠪᠠ ᠪᠣᠯᠭᠠᠵᠤ ᠰᠡᠳᠬᠢᠭᠡᠳ ᠪᠠᠢᠭ᠎ᠠ ᠵᠠᠷᠴᠢᠮ ᠨᠢ ᠶᠡᠷᠦᠩᠬᠡᠢᠯᠡᠵᠦ ᠪᠤᠰᠤ ᠨᠠᠷᠢᠪᠴᠢᠯᠠᠵᠤ ᠴᠢᠳᠠᠬᠤ ᠪᠣᠯᠤᠮᠵᠢ ᠪᠦᠬᠦᠨ ᠤᠷᠤᠭᠤ ᠲᠡᠮᠡᠦᠯᠵᠦ᠂ ᠡᠴᠦᠰ ᠦᠭᠡᠢ ᠮᠡᠳᠡᠯᠭᠡ ᠪᠢᠰᠢᠯᠭᠠᠯ ᠤ᠋ᠨ ᠭᠦᠨ ᠤᠷᠤᠭᠤ ᠤᠮᠪᠠᠵᠤ《 ᠠᠮᠢ》 ᠶ᠋ᠢ ᠨᠢ ᠬᠠᠢᠵᠤ ᠪᠠᠢᠭ᠎ᠠ ᠦᠢᠯᠡᠳᠦᠯ ᠶᠦᠮ᠃ ᠡᠨᠡ ᠨᠢ ᠪᠠᠰᠠ ᠨᠢᠭᠡ ᠵᠠᠭᠪᠤᠷ ᠪᠤᠰᠤ ᠬᠥᠮᠦᠨ ᠪᠦᠷᠢ ᠶ᠋ᠢᠨ ᠰᠡᠳᠬᠢᠯᠭᠡᠨ ᠦ᠌ ᠣᠨᠴᠠᠯᠢᠭ ᠢ᠋ ᠢᠯᠡᠷᠬᠡᠢᠯᠡᠵᠦ᠂ ᠰᠡᠳᠬᠢᠮᠵᠢ ᠶ᠋ᠢᠨ ᠴᠢᠳᠠᠮᠵᠢ ᠶ᠋ᠢ ᠳᠠᠢᠴᠢᠯᠠᠬᠤ ᠳᠠᠯᠠᠢ ᠶᠡᠬᠡ ᠲᠠᠯᠠᠪᠤᠷ ᠶᠤᠮ᠃ ᠠᠰᠠᠭᠤᠳᠠᠯ ᠪᠦᠷᠢ ᠳ᠋ᠦ᠍ ᠭᠤᠷᠪᠠᠯ ᠭᠡᠳ ᠰᠠᠭᠤᠴᠢᠬᠠᠬᠤ ᠬᠥᠮᠦᠨ ᠳ᠋ᠦ᠍ ᠰᠤᠷᠲᠠᠯ ᠪᠢᠰᠢ ᠮᠣᠩᠭᠣᠯ ᠬᠥᠮᠦᠨ ᠦ᠌ ᠤᠬᠠᠭᠠᠯᠢᠭ ᠭᠦᠶᠦᠯᠭᠡ᠂ ᠬᠠᠷ᠎ᠠ ᠤᠬᠠᠭᠠᠨ ᠭᠡᠵᠦ ᠠᠯᠳᠠᠷᠰᠢᠭᠰᠠᠨ ᠲᠩᠷᠢᠯᠢᠭ ᠳᠡᠭᠡᠳᠦ ᠤᠯᠠᠮᠵᠢᠯᠠᠯ ᠭᠡᠳᠡᠭ ᠢ᠋ ᠪᠣᠯᠭᠣᠭᠠᠭᠲᠤᠨ! ᠡᠢᠮᠦ ᠳ᠋ᠡᠭᠡᠨ ᠶᠢᠷᠲᠢᠨᠴᠦ ᠶ᠋ᠢᠨ ᠭᠤᠷᠪᠠᠯ ᠭᠡᠮᠡᠨ ᠠᠯᠳᠠᠷᠰᠢᠨ᠂ ᠶᠢᠰᠦᠨ ᠬᠦᠰᠡᠯ ᠭᠡᠮᠡᠨ ᠳᠡᠭᠡᠳᠦᠯᠡᠭᠳᠡᠵᠦ᠂ ᠡᠵᠢ ᠶ᠋ᠢᠨ ᠰᠦᠨ ᠰᠠᠴᠤᠯᠢ᠂ ᠠᠪᠤ ᠶ᠋ᠢᠨ ᠪᠡᠯᠭᠡ ᠢᠷᠦᠭᠡᠯ ᠳ᠋ᠦ᠍ ᠰᠢᠩᠭᠡᠨ᠎ᠡ᠃ ᠮᠣᠩᠭᠣᠯ ᠢ᠋ᠶ᠋ᠠᠷ ᠰᠡᠳᠬᠢᠶᠡ! ᠮᠠᠭᠤ ᠰᠠᠢᠨ ᠬᠣᠶᠠᠷ ᠢ᠋ ᠪᠢᠰᠢ᠂ ᠢᠯᠡᠬᠡᠨ ᠡᠨᠡ ᠴᠢᠨᠠᠷ ᠠ᠋ᠴᠠ ᠠᠮᠢᠨ ᠤᠴᠢᠷ ᠢ᠋ ᠨᠢ ᠨᠡᠭᠡᠭᠡᠬᠦ ᠰᠡᠳᠬᠢᠯᠭᠡ ᠶ᠋ᠢ ᠡᠵᠡᠮᠰᠢᠶ᠎ᠡ! ᠲᠡᠭᠡᠬᠦ ᠦᠭᠡᠢ ᠯᠡ ᠪᠣᠯ ᠰᠣᠼᠢᠶᠡᠯᠢᠽᠮ ᠰᠠᠢᠬᠠᠨ ᠪᠠᠢᠭᠰᠠᠨ᠂ ᠣᠳᠣ ᠮᠠᠭᠤᠬᠠᠢ᠂ ᠺᠡᠫᠢᠲ᠋ᠡᠯᠢᠽᠮ ᠮᠠᠭᠤ ᠪᠠᠢᠭᠰᠠᠨ᠂ ᠣᠳᠣ ᠰᠠᠢᠨ ᠶᠤᠮ ᠰᠢᠦ ᠳᠡ᠃
ᠮᠣᠩᠭᠣᠯᠴᠤᠳ ᠤ᠋ᠨ ᠭᠡᠷ ᠣᠷᠣᠨ ᠡᠳ᠋ᠯᠡᠯ ᠬᠡᠷᠡᠭᠰᠡᠯ᠂ ᠤᠤᠭᠤᠵᠤ ᠢᠳᠡᠬᠦ ᠢᠳᠡᠭᠡ ᠪᠤᠳᠠᠭᠠᠯᠭᠠ ᠶ᠋ᠢᠨ ᠶᠣᠰᠣ᠂ ᠡᠮᠦᠰᠬᠦ ᠬᠤᠪᠴᠠᠰᠤ ᠨᠢ ᠬᠦᠷᠲᠡᠯ᠎ᠡ ᠭᠤᠷᠮᠤᠰᠤᠨ ᠃ᠯᠠ ᠡᠨᠡ ᠵᠠᠩᠰᠢᠯ᠂ ᠤᠯᠠᠮᠵᠢᠯᠠᠯ ᠢ᠋ ᠮᠠᠷᠲᠠᠭᠳᠠᠬᠤ ᠠ᠋ᠴᠠ ᠡᠮᠦᠨ᠎ᠡ ᠰᠡᠬᠡᠭᠡᠷᠡᠵᠦ ᠥᠪᠯᠡᠬᠦ ᠲᠥᠪ ᠦᠭᠡᠢ ᠶᠠᠷᠢᠶ᠎ᠠ ᠲᠦᠭᠡᠮᠡᠯ᠃ ᠮᠠᠨᠵᠤ ᠶ᠋ᠢᠨ ᠨᠥᠯᠥᠭᠡ ᠪᠡᠷ ᠦᠬᠡᠷ ᠦ᠋ᠨ ᠳᠣᠷᠣᠭᠣ ᠬᠡᠯᠪᠡᠷᠢ ᠶ᠋ᠢᠨ ᠨᠡᠮᠡᠯᠲᠡ ᠳᠡᠪᠡᠯ ᠦ᠋ᠨ ᠬᠠᠨᠴᠤᠢ ᠳ᠋ᠤ᠌ ᠵᠠᠯᠭᠠᠬᠤ ᠳᠣᠷᠣᠮᠵᠢᠯᠠᠯ ᠲᠤᠯᠭᠠᠷᠠᠬᠤ ᠳ᠋ᠤ᠌ ᠲᠡᠮᠡᠴᠡᠯ ᠦ᠋ᠨ ᠤᠳᠬ᠎ᠠ ᠪᠦᠬᠦᠢ ᠨᠢᠳᠤᠷᠭ᠎ᠠ( ᠨᠢᠳᠤᠷᠭ᠎ᠠ ᠵᠠᠩᠭᠢᠳᠬᠤ) ᠨᠡᠷ᠎ᠡ ᠥᠭᠴᠦ ᠲᠡᠭᠦᠨ ᠢ᠋ ᠵᠠᠪᠠᠯ ᠭᠤᠷᠪᠠ ᠡᠮᠵᠢᠳᠡᠭ ᠶᠣᠰᠣ ᠲᠦᠭᠡᠭᠡᠵᠦ ᠬᠠᠷᠢᠭᠤᠯᠭ᠎ᠠ ᠬᠢᠭᠰᠡᠨ ᠭᠡᠳᠡᠭ᠃ ᠡᠨᠳᠡ ᠡᠴᠡ ᠡᠭᠦᠳᠡᠨ ᠭᠤᠷᠪᠠᠯ ᠪᠢᠯᠢᠭ( ᠭᠦᠨ ᠤᠬᠠᠭᠠᠨ) ᠭᠤᠷᠪᠠᠨ ᠡᠮᠵᠢᠶᠡᠷᠢ᠂ ᠡᠷ᠎ᠡ ᠬᠥᠮᠦᠨ ᠦ᠌ ᠳᠡᠪᠡᠯ ᠳ᠋ᠦ᠍᠂ ᠬᠣᠣᠰ ᠶᠣᠰᠣᠨ ᠤ᠋ ᠪᠠᠲᠤ ᠵᠢᠷᠤᠮ ᠤ᠋ᠨ ᠪᠡᠯᠭᠡᠳᠡᠯ( ᠤᠷᠤᠭ ᠠᠷᠢᠭᠤᠨ ᠠᠮᠢᠳᠤᠷᠠᠯ) ᠪᠣᠯᠬᠤ ᠬᠣᠶᠠᠷ ᠡᠮᠵᠢᠶᠡᠷᠢ᠂ ᠪᠦᠰᠡᠭᠦᠢ ᠬᠥᠮᠦᠨ ᠦ᠌ ᠳᠡᠪᠡᠯ ᠳ᠋ᠦ᠍ ᠬᠡᠷᠡᠭᠯᠡᠬᠦ ᠪᠣᠯᠤᠭᠰᠠᠨ ᠭᠡᠳᠡᠭ᠃ ᠪᠦᠰᠡ ᠪᠡᠨ ᠪᠦᠰᠡᠯᠡᠬᠦ ᠳ᠋ᠡᠭᠡᠨ ᠲᠡᠷᠯᠢᠭ ᠦ᠋ᠨ ᠢ᠋ᠶ᠋ᠡᠨ ᠬᠤᠨᠢᠶᠠᠰᠤ ᠶ᠋ᠢ ᠠᠷᠤ ᠳᠡᠭᠡᠷ᠎ᠡ ᠪᠡᠨ ᠭᠤᠷᠪᠠ ᠨᠤᠭᠤᠯᠳᠠᠭ᠂ ᠪᠦᠰᠡ ᠨᠢ ᠨᠠᠷᠠ ᠵᠥᠪ ᠡᠷᠭᠢᠭᠦᠯᠵᠦ ᠪᠡᠶ᠎ᠡ ᠭᠤᠷᠪᠠ ᠣᠷᠢᠶᠠᠵᠤ ᠬᠦᠷᠦᠯᠴᠡᠬᠦ᠂ ᠭᠡᠬᠦᠴᠢᠯᠡᠨ ᠮᠠᠯᠠᠭᠠᠢ ᠶ᠋ᠢᠨ ᠣᠷᠣᠢ᠂ ᠬᠦᠷᠢᠶ᠎ᠡ᠂ ᠵᠠᠯᠠᠭ᠎ᠠ ᠶ᠋ᠢᠨ ᠭᠤᠷᠪᠠᠯ ᠤᠳᠬ᠎ᠠ ᠶ᠋ᠢᠨ ᠲᠠᠯ᠎ᠠ ᠪᠠᠷ ᠣᠪᠣᠭ ᠠᠩᠭᠢ ᠶ᠋ᠢᠨ ᠣᠨᠴᠠᠯᠢᠭ ᠢ᠋ᠶ᠋ᠠᠷ ᠨᠢ ᠣᠯᠠᠨ ᠢ᠋ ᠥᠭᠦᠯᠡᠵᠦ ᠪᠣᠯᠤᠨ᠎ᠠ᠃ ᠮᠠᠯᠠᠭᠠᠢ ᠪᠦᠰᠡ ᠳᠡᠭᠡᠳᠦᠯᠡᠳᠡᠭ ᠦ᠋ᠨ ᠤᠴᠢᠷ ᠡᠨᠡ ᠭᠦᠨ ᠤᠬᠠᠭᠠᠨ ᠰᠢᠩᠭᠡᠮᠡᠯ ᠳ᠋ᠦ᠍ ᠠᠵᠠᠢ᠃ ᠲᠡᠷᠡ ᠪᠠᠢᠲᠤᠭᠠᠢ ᠥᠯᠮᠡᠢ ᠪᠠᠲᠤ᠂ ᠭᠤᠲᠤᠯ ᠤ᠋ᠨ ᠭᠤᠷᠪᠠᠨ ᠰᠡᠷᠢᠰᠦ ᠴᠦ᠍ ᠬᠣᠶᠠᠷ ᠬᠠᠪᠴᠢᠶᠠᠷᠢ ᠶ᠋ᠢᠨ ᠭᠣᠣᠯ ᠳ᠋ᠤ᠌ ᠲᠡᠪᠴᠢᠶᠡᠷᠢ ᠭᠡᠬᠦ ᠲᠡᠷᠡ ᠨᠢ《 ᠠᠮᠢ》 ᠶᠤᠮᠰᠠᠨᠵᠠᠢ᠃ ᠡᠨᠡ ᠮᠡᠲᠦ ᠪᠡᠷ ᠮᠣᠩᠭᠣᠯ ᠡᠳ᠋ᠯᠡᠯ ᠤᠷᠠᠯᠠᠯ᠂ ᠠᠬᠤᠢ᠂ ᠣᠷᠴᠢᠨ ᠢ᠋ ᠭᠤᠷᠪᠠᠯ ᠣᠨᠣᠯ ᠤ᠋ᠨ ᠭᠠᠷᠭᠠᠯᠭ᠎ᠠ ᠪᠠᠷ ᠦᠵᠡᠬᠦ ᠠᠬᠤᠯ᠎ᠠ ᠶᠠᠭᠰᠢᠲᠠᠯ᠎ᠠ ᠬᠡᠷᠡᠭᠵᠢᠭᠰᠡᠨ ᠬᠠᠤᠯᠢ ᠶᠣᠰᠣ ᠲᠣᠳᠣᠷᠠᠨ᠎ᠠ᠃
ᠤᠯᠠᠮᠵᠢᠯᠠᠯᠲᠤ ᠰᠣᠶᠣᠯ ᠤᠷᠠᠯᠢᠭ ᠤ᠋ᠨ ᠲᠥᠷᠥᠯ ᠦ᠋ᠳ ᠢ᠋ ᠶᠡᠷᠦᠩᠬᠡᠢ ᠳ᠋ᠦ᠍ ᠨᠢ ᠠᠬᠤᠢ ᠶ᠋ᠢᠨ᠂ ᠭᠣᠶᠣᠯ ᠴᠢᠮᠡᠭᠯᠡᠯ ᠦ᠋ᠨ᠂ ᠡᠷᠳᠡᠮ ᠪᠦᠲᠦᠭᠡᠯ ᠦ᠋ᠨ ᠭᠡᠰᠡᠨ ᠭᠤᠷᠪᠠᠨ ᠲᠥᠷᠥᠯ ᠳ᠋ᠦ᠍ ᠠᠩᠭᠢᠯᠠᠵᠤ ᠪᠣᠯᠬᠤ ᠪᠥᠭᠡᠳ ᠮᠣᠩᠭᠣᠯ ᠤ᠋ᠨ ᠭᠡᠬᠦ ᠥᠪᠡᠷᠮᠢᠴᠡ ᠰᠡᠳᠬᠢᠯᠭᠡᠨ ᠦ᠌ ᠦᠨᠳᠦᠰᠦ ᠨᠢ ᠤᠳᠬ᠎ᠠ ᠪᠡᠯᠭᠡᠳᠡᠯ( ᠠᠮᠢ) ᠳ᠋ᠤ᠌ ᠰᠢᠲᠦᠭᠰᠡᠨ ᠦᠨᠳᠦᠰᠦᠨ ᠦ᠌ ᠹᠢᠯᠣᠰᠣᠹᠢ ᠳ᠋ᠤ᠌ ᠣᠷᠣᠰᠢᠨ᠎ᠠ᠃ ᠡᠢᠮᠦ ᠴᠦ᠍ ᠤᠴᠢᠷ ᠠ᠋ᠴᠠ ᠮᠥᠩᠬᠡ ᠶ᠋ᠢᠨ ᠷᠢᠳᠢ ᠰᠢᠳᠢᠲᠦ ᠨᠠᠰᠤ ᠵᠠᠶᠠᠭᠠᠳᠠᠭ ᠠᠵᠠᠢ᠃ ᠸ᠂ ᠢᠨᠵᠠᠨᠨᠠᠰᠢ《 ᠬᠥᠬᠡ ᠰᠤᠳᠤᠷ》 ᠪᠣᠳᠢ ᠳ᠋ᠠᠭᠠᠨ《᠁ ᠮᠣᠩᠭᠣᠯ ᠲᠣᠭᠠᠲᠠᠨ ᠢ᠋ᠶ᠋ᠠᠨ ᠮᠢᠩᠭᠠᠨ ᠲᠦᠮᠡᠨ ᠣᠨ ᠳ᠋ᠤ᠌ ᠢᠯᠵᠠᠷᠠᠰᠢ ᠦᠭᠡᠢ᠂ ᠪᠠᠷᠠᠭᠳᠠᠰᠢ ᠦᠭᠡᠢ᠂ ᠡᠪᠳᠡᠷᠡᠰᠢ ᠦᠭᠡᠢ᠂ ᠠᠷᠢᠯᠤᠰᠢ ᠦᠭᠡᠢ ᠬᠣᠴᠣᠷᠭᠠᠬᠤ ᠳ᠋ᠤ᠌᠁》 ᠣᠷᠣᠰᠢᠨ᠎ᠠ ᠭᠡᠵᠦ ᠦᠵᠡᠬᠦ ᠳ᠋ᠡᠭᠡᠨ ᠮᠣᠩᠭᠣᠯ ᠲᠡᠦᠬᠡ᠂ ᠬᠡᠯᠡ᠂ ᠰᠣᠶᠣᠯ ᠤ᠋ᠨ ᠨᠢᠭᠡᠳᠦᠯ ᠢ᠋ ᠲᠡᠷᠡ ᠵᠣᠷᠢᠯᠭ᠎ᠠ ᠪᠠᠨ ᠬᠡᠷᠡᠭᠵᠢᠭᠦᠯᠦᠭᠴᠢ ᠭᠡᠵᠦ ᠦᠵᠡᠭᠰᠡᠨ ᠪᠠᠢᠳᠠᠭ᠃ ᠠᠷᠠᠳ ᠤ᠋ᠨ ᠤᠷᠠᠨ ᠪᠦᠲᠦᠭᠡᠯ ᠦ᠋ᠨ ᠮᠥᠩᠬᠡᠷᠡᠯ ᠨᠢ ᠦᠨᠳᠦᠰᠦᠲᠡᠨ ᠦ᠌ ᠰᠡᠳᠬᠢᠯᠭᠡ᠂ ᠹᠢᠯᠣᠰᠣᠹᠢ ᠨᠢ ᠢᠵᠠᠭᠤᠷ ᠨᠣᠮᠯᠠᠯ ᠰᠢᠩᠭᠡᠭᠰᠡᠨ ᠣᠨᠴᠠᠯᠢᠭ ᠲᠤ ᠣᠷᠣᠰᠢᠳᠠᠭ ᠠᠵᠠᠢ᠃
ᠤᠷᠠᠨ ᠰᠡᠳᠬᠢᠮᠵᠢ ᠤᠷᠠᠯᠢᠭ ᠤ᠋ᠨ ᠲᠤᠬᠠᠢ ᠣᠨᠣᠯ ᠨᠢ ᠨᠡᠢᠭᠡᠮ ᠦ᠋ᠨ ᠬᠠᠷᠢᠯᠴᠠᠭᠠᠨ ᠤ᠋ ᠦᠵᠡᠯ ᠰᠤᠷᠲᠠᠯ ᠳ᠋ᠤ᠌ ᠪᠤᠰᠤ ᠦᠨᠳᠦᠰᠦᠨ ᠦ᠌ ᠹᠢᠯᠣᠰᠣᠹᠢ ᠳ᠋ᠤ᠌ ᠲᠦᠰᠢᠭᠯᠡᠪᠡᠰᠦ ᠰᠠᠶᠢ ᠮᠣᠩᠭᠣᠯ ᠳ᠋ᠠᠭᠠᠨ ᠲᠡᠳᠦᠢ ᠦᠭᠡᠢ ᠳᠡᠯᠡᠬᠡᠢ ᠳ᠋ᠦ᠍ ᠥᠪᠡᠷᠮᠢᠴᠡ ᠰᠣᠳᠣᠨ ᠪᠦᠲᠦᠭᠡᠯ ᠲᠥᠷᠥᠬᠦ ᠠᠪᠠᠢ᠃ ᠡᠨᠡ ᠨᠢ ᠰᠣᠼᠢᠶᠠᠯᠢᠽᠮ ᠤ᠋ᠨ ᠦᠶ᠎ᠡ ᠡᠴᠡ ᠦᠯᠡᠳᠡᠭᠰᠡᠨ ᠤᠷᠠᠨ ᠪᠦᠲᠦᠭᠡᠯ ᠦ᠋ᠨ ᠥᠪ ᠪᠣᠯᠤᠨ ᠠᠷᠠᠳ ᠤ᠋ᠨ ᠤᠷᠠᠯᠢᠭ ᠤ᠋ᠨ ᠰᠠᠩ ᠠ᠋ᠴᠠ ᠠᠵᠢᠬᠤ ᠳ᠋ᠤ᠌ ᠲᠣᠳᠣ ᠮᠡᠳᠡᠭᠳᠡᠬᠦ ᠪᠣᠯᠤᠨ᠎ᠠ᠃ ᠠᠷᠠᠳ ᠤ᠋ᠨ ᠤᠷᠠᠯᠢᠭ ᠤ᠋ᠨ ᠠᠩᠬᠠᠨ ᠤ᠋ ᠡᠪᠦᠭᠡ ᠪᠦᠲᠦᠭᠡᠯ ᠦ᠋ᠨ ᠨᠢᠭᠡ ᠭᠤᠷᠪᠠᠨ ᠳᠥᠯᠥᠲᠦ ᠭᠠᠯ ᠶᠡᠷᠦ ᠶ᠋ᠢᠨ ᠨᠢᠭᠡ ᠲᠡᠮᠳᠡᠭ( ᠡᠮᠪᠯᠧᠮ) ᠪᠢᠰᠢ ᠤᠳᠬ᠎ᠠ ᠠᠭᠤᠯᠭ᠎ᠠ᠂ ᠤᠶᠠᠩᠭ᠎ᠠ ᠬᠠᠢᠷ᠎ᠠ᠂ ᠰᠢᠲᠦᠯᠭᠡ᠂ ᠤᠷᠠᠨ ᠰᠠᠨᠠᠭ᠎ᠠ ᠰᠦᠯᠡᠯᠳᠦᠭᠰᠡᠨ ᠠᠤᠭ᠎ᠠ ᠶᠡᠬᠡ ᠨᠡᠭᠡᠭᠡᠯᠲᠡ ᠪᠢᠯᠡ᠃ ᠭᠡᠲᠡᠯ᠎ᠡ ᠪᠢᠳᠡ ᠮᠣᠷᠢᠨ ᠤ᠋ ᠭᠤᠶᠠᠨ ᠳᠡᠭᠡᠷ᠎ᠡ ᠳᠠᠷᠤᠳᠠᠭ ᠰᠢᠷᠡᠭᠡ ᠲᠡᠢ ᠤᠤᠯ ᠲᠠᠮᠠᠭ᠎ᠠ ᠰᠢᠭ᠋ ᠯᠡ ᠰᠠᠨᠠᠬᠤ ᠶᠤᠮ᠃ ᠡᠨᠡ ᠴᠠᠭ ᠦᠶ᠎ᠡ ᠳᠣᠣᠷ᠎ᠠ ᠪᠢᠳᠡ ᠪᠤᠲᠠᠨ ᠳ᠋ᠤ᠌ ᠲᠥᠭᠡᠷᠢᠭᠰᠡᠨ ᠪᠦᠷᠭᠦᠳ ᠦ᠋ᠨ ᠵᠤᠯᠵᠠᠭ᠎ᠠ ᠮᠡᠲᠦ ᠠ᠋᠃ ᠪᠥᠬᠡ ᠶ᠋ᠢᠨ ᠱᠠᠰᠢᠨ ᠢ᠋ᠶ᠋ᠠᠨ ᠰᠡᠷᠭᠦᠬᠦ ᠲᠠᠯ᠎ᠠ ᠪᠠᠷ ᠶᠠᠭᠠᠬᠢᠭᠠᠳ ᠶᠠᠷᠢᠭᠳᠠᠬᠤ ᠦᠭᠡᠢ ᠪᠠᠢᠭ᠎ᠠ ᠨᠢ ᠰᠣᠨᠢᠨ ᠪᠥᠭᠡᠳ ᠬᠠᠮᠤᠭ ᠤ᠋ᠨ ᠡᠩ ᠦ᠋ᠨ ᠲᠠᠭᠠᠮᠠᠭ ᠨᠢ ᠣᠷᠣ ᠲᠠᠰᠤ ᠮᠠᠷᠲᠠᠬᠤ ᠰᠢᠬᠠᠭᠰᠠᠨ ᠳ᠋ᠤ᠌ ᠣᠷᠣᠰᠢᠨ᠎ᠠ᠁ ᠲᠥᠭᠡᠷᠢᠨ᠎ᠡ᠃
ᠬᠣᠶᠠᠷ ᠮᠢᠩᠭᠠᠨ ᠵᠢᠯ ᠦ᠋ᠨ ᠲᠡᠷᠲᠡᠭᠡ ᠳ᠋ᠦ᠍ ᠾᠦᠩᠨᠦ ᠭᠦᠷᠦᠨ ᠢ᠋ ᠪᠠᠢᠭᠤᠯᠵᠤ ᠮᠠᠨᠳᠤᠭᠰᠠᠨ ᠶᠡᠬᠡ ᠬᠠᠭᠠᠨ ᠮᠣᠳᠣᠨ᠂ ᠭᠠᠯ ᠨᠠᠷᠠ ᠰᠠᠷ᠎ᠠ ᠭᠤᠷᠪᠠᠲᠤ ᠡᠳᠦᠷ ᠪᠦᠷ ᠮᠥᠷᠭᠥᠵᠦ ᠥᠪᠡᠷ ᠢ᠋ ᠪᠡᠨ《 ᠲᠩᠷᠢ ᠶ᠋ᠢᠨ ᠬᠦᠴᠦᠨ ᠳ᠋ᠦ᠍ ᠰᠠᠭᠤᠭᠰᠠᠨ ᠶᠡᠬᠡ ᠴᠠᠨ ᠢᠦᠢ(单于 ᠶ᠋ᠢᠨ 于 ᠢ᠋ ᠡᠷᠲᠡᠨ ᠦ᠌ ᠬᠢᠲᠠᠳ ᠬᠡᠯᠡᠨ ᠳ᠋ᠦ᠍(hu) ᠭᠡᠵᠦ ᠳᠠᠭᠤᠳᠠᠳᠠᠭ ᠪᠣᠯᠬᠣᠷ ᠰᠠᠢᠨᠬᠦᠦ ᠪᠤᠶᠤ— ᠪᠠᠭᠤᠯᠭᠠᠭᠴᠢ)》 ᠭᠡᠮᠡᠨ ᠲᠤᠩᠬᠠᠭᠯᠠᠭᠰᠠᠨ ᠪᠥᠬᠡ ᠶ᠋ᠢᠨ ᠰᠢᠲᠦᠯᠭᠡᠲᠡᠨ ᠪᠠᠢᠭᠰᠠᠨ ᠢ᠋ ᠯ· ᠭᠤᠮᠢᠯᠧᠸ《 ᠾᠦᠩᠨᠦ》 ᠨᠣᠮ ᠳ᠋ᠠᠭᠠᠨ( ᠮᠣᠰᠺᠸᠠ᠂19960) ᠳᠤᠷᠠᠳᠤᠭᠰᠠᠨ ᠠᠵᠠᠢ᠃ ᠲᠡᠭᠡᠪᠡᠯ ᠦ᠋ᠨ· ᠶᠡ᠊· ᠸᠯᠠᠳᠢᠮᠢᠷᠼᠣᠸ《 ᠴᠢᠩᠭᠢᠽ ᠬᠠᠭᠠᠨ》 ᠨᠣᠮ ᠳ᠋ᠤ᠌《 ᠴᠢᠩᠭᠢᠰ ᠬᠠᠭᠠᠨ ᠡᠨᠡ ᠬᠦ᠌ ᠶᠠᠩᠵᠤ ᠪᠦᠷᠢ ᠶ᠋ᠢᠨ ᠱᠠᠰᠢᠨ ᠤ᠋ ᠳᠣᠲᠣᠷ᠎ᠠ ᠠ᠋ᠴᠠ ᠠᠯᠢ ᠨᠢᠭᠡ ᠶ᠋ᠢ ᠣᠨᠴᠠᠭᠠᠢᠯᠠᠵᠤ ᠰᠢᠲᠦᠭᠰᠡᠨ ᠦᠭᠡᠢ᠂ ᠭᠠᠭᠴᠠᠬᠦ ᠥᠪᠡᠷ ᠦ᠋ᠨ ᠠᠷᠠᠳ ᠲᠦᠮᠡᠨ ᠦ᠌ ᠡᠮᠦᠨᠡᠬᠢ ᠤᠯᠠᠮᠵᠢᠯᠠᠯ ᠢ᠋ ᠬᠡᠪ ᠢ᠋ᠶ᠋ᠡᠷ ᠬᠠᠳᠠᠭᠠᠯᠠᠵᠤ ᠪᠥᠬᠡ ᠶ᠋ᠢᠨ ᠱᠠᠰᠢᠨ ᠢ᠋ ᠰᠢᠲᠦᠵᠦ ᠪᠥᠯᠥᠭᠡ》 ᠭᠡᠰᠡᠨ ᠢ᠋ ᠰᠠᠨᠠᠬᠤᠯ᠎ᠠ᠂ ᠪᠠᠰᠠ ᠮᠣᠩᠭᠣᠯ ᠤ᠋ᠨ ᠨᠢᠭᠤᠴᠠ ᠲᠣᠪᠴᠢᠶᠠᠨ ᠳ᠋ᠤ᠌ ᠬᠦᠵᠦᠭᠦᠨ ᠳ᠋ᠡᠭᠡᠨ ᠪᠦᠰᠡ ᠪᠡᠨ ᠲᠣᠬᠣᠭᠰᠠᠨ ᠲᠡᠮᠦᠵᠢᠨ ᠬᠦᠦ ᠶ᠋ᠢ ᠳᠦᠷᠰᠦᠯᠡᠭᠰᠡᠨ ᠢ᠋ ᠰᠠᠭᠤᠯ᠎ᠠ᠂ ᠥᠨᠥ ᠴᠦ᠍ ᠤᠤᠯ ᠣᠪᠣᠭ᠎ᠠ ᠳ᠋ᠤ᠌ ᠮᠠᠨᠢ ᠲᠠᠬᠢᠭᠳᠠᠭᠰᠠᠨ ᠬᠡᠪ ᠢ᠋ᠶ᠋ᠡᠷ ᠪᠠᠢᠭ᠎ᠠ ᠶ᠋ᠢ ᠰᠠᠨᠠᠬᠤᠯ᠎ᠠ ᠤᠯᠠᠮᠵᠢᠯᠠᠯ ᠢ᠋ᠶ᠋ᠠᠨ ᠮᠠᠷᠲᠠᠭ᠎ᠠ ᠦᠭᠡᠢ ᠪᠠᠢᠭ᠎ᠠ ᠶ᠋ᠢ ᠰᠡᠬᠡᠭᠡᠷᠡᠭᠰᠡᠨ ᠪᠢᠯᠡ᠃ ᠤᠭ ᠭᠠᠵᠠᠷ ᠢ᠋ ᠣᠩᠭᠣᠯᠠᠬᠤ ᠳᠠᠷᠬᠠᠯᠠᠭᠰᠠᠨ ᠤ᠋ ᠲᠡᠮᠳᠡᠭ《 ᠣᠪᠣᠭ᠎ᠠ》 ᠨᠢ ᠲᠩᠷᠢ ᠶ᠋ᠢᠨ( ᠭᠠᠯ ᠲᠠᠬᠢᠯᠭᠠᠲᠤ) ᠭᠤᠷᠪᠠᠯ ᠬᠡᠯᠪᠡᠷᠢ ᠪᠡᠨ ᠠᠭᠤᠯᠤᠭᠰᠠᠭᠠᠷ ᠪᠣᠢ ᠶ᠋ᠢ ᠨᠢᠭᠡᠨ ᠵᠢᠯ ᠨᠢ ᠤᠯᠠᠷᠢᠯ᠂ ᠰᠠᠷ᠎ᠠ᠂ ᠡᠳᠦᠷ ᠭᠤᠷᠪᠠᠨ ᠮᠥᠴᠡᠯᠭᠡ ᠲᠡᠢ᠂ ᠨᠢᠭᠡ ᠰᠠᠷ᠎ᠠ ᠨᠢ ᠰᠢᠨ᠎ᠡ᠂ ᠳᠡᠯᠭᠡᠷ᠂ ᠬᠠᠭᠤᠴᠢ ᠭᠤᠷᠪᠠᠨ ᠮᠥᠴᠡ ᠲᠡᠢ᠂ ᠭᠤᠷᠪᠠᠨ ᠵᠢᠯ ᠳᠣᠳᠣᠮ ᠢᠯᠡᠭᠦᠦ ᠨᠢᠭᠡ ᠰᠠᠷ᠎ᠠ ᠲᠠᠢ᠁ ᠪᠢᠯᠢᠭ ᠦ᠋ᠨ ᠤᠯᠠᠷᠢᠯ ᠤ᠋ᠨ ᠴᠠᠭ ᠲᠣᠭᠠᠯᠠᠯ ᠢ᠋ᠶ᠋ᠠᠨ ᠬᠣᠶᠠᠷ ᠮᠢᠩᠭᠠᠨ ᠵᠢᠯ ᠬᠠᠳᠠᠭᠠᠯᠠᠭᠰᠠᠭᠠᠷ ᠪᠠᠢᠭ᠎ᠠ ᠮᠠᠨᠢ ᠭᠠᠢᠬᠠᠮᠰᠢᠭ᠃ ᠬᠠᠩᠭᠠᠢ ᠪᠤᠶᠤ ᠬᠠᠩᠭᠠᠩᠯᠠᠢ ᠮᠠᠨᠢ ᠪᠥᠬᠡ ᠶ᠋ᠢᠨ99 ᠲᠩᠷᠢ ᠶ᠋ᠢᠨ ᠨᠢᠭᠡ ᠭᠠᠯ ᠤ᠋ᠨ ᠲᠩᠷᠢ ᠶ᠋ᠢᠨ ᠨᠡᠷ᠎ᠡ ᠪᠢᠯᠡ᠃ ᠣᠳᠣ ᠴᠤ᠌ ᠪᠢᠳᠡ ᠣᠷᠣᠰᠢᠭᠤᠯᠭ᠎ᠠ ᠠ᠋ᠴᠠ ᠢᠷᠡᠬᠦ ᠳ᠋ᠡᠭᠡᠨ2500 ᠵᠢᠯ ᠦ᠋ᠨ ᠲᠡᠷᠲᠡᠭᠡ ᠬᠢ ᠡᠪᠦᠭᠡ ᠳᠡᠭᠡᠳᠦᠰ ᠰᠢᠭ ᠢ᠋ᠶ᠋ᠡᠨ ᠬᠣᠶᠠᠷ ᠭᠠᠯ ᠤ᠋ᠨ ᠳᠤᠮᠳᠠᠭᠤᠷ ᠭᠠᠷᠭᠠᠨ ᠠᠷᠢᠭᠤᠯᠠᠭᠰᠠᠭᠠᠷ ᠪᠥᠯᠥᠭᠡ᠃ ᠾᠣᠩᠨᠤ ᠭᠦᠷᠦᠨ ᠡᠴᠡ ᠡᠮᠦᠨᠡᠬᠢ ᠦᠶ᠎ᠡ ᠶ᠋ᠢᠨ ᠭᠠᠯ ᠲᠠᠬᠢᠯᠭ᠎ᠠ ᠶ᠋ᠢᠨ ᠥᠯᠥᠭᠡᠢ ᠥᠨᠥ ᠴᠦ᠍ ᠨᠡᠢᠰᠯᠡᠯ ᠦ᠋ᠨ ᠮᠠᠨᠢ ᠡᠮᠦᠨ᠎ᠡ《 ᠶᠡᠬᠡ ᠲᠩᠷᠢ ᠶ᠋ᠢᠨ ᠠᠮᠠ》 ᠪᠥᠬᠡ ᠰᠢᠲᠦᠭᠡᠨ ᠦ᠌ ᠨᠡᠷ᠎ᠡ ᠪᠡᠷ ᠢ᠋ᠶ᠋ᠡᠨ ᠵᠠᠯᠠᠷᠠᠭᠰᠠᠭᠠᠷ ᠠᠪᠠᠢ᠃1290 ᠣᠨ ᠳ᠋ᠤ᠌2.5 ᠰᠠᠶ᠎ᠠ ᠬᠥᠮᠦᠨ ᠲᠣᠭᠠᠯᠠᠭᠤᠯᠵᠤ ᠪᠠᠢᠭᠰᠠᠨ ᠭᠦᠷᠦᠨ ᠤᠯᠤᠰ ᠠᠷᠠᠳ ᠢ᠋ᠶ᠋ᠠᠨ ᠴᠠᠴᠤᠭᠰᠠᠨ᠂ ᠠᠷᠠᠳ ᠢ᠋ᠶ᠋ᠠᠨ ᠠᠯᠳᠠᠭᠰᠠᠨ ᠴᠤ᠌800 ᠵᠠᠭᠤᠨ ᠤ᠋ ᠲᠡᠷᠲᠡᠭᠡ ᠪᠠᠰᠠ ᠴᠤ᠌2.5 ᠰᠠᠶ᠎ᠠ ᠬᠥᠮᠦᠨ ᠲᠡᠢ ᠪᠡᠨ ᠮᠠᠨᠳᠤᠭᠰᠠᠭᠠᠷ ᠠᠵᠠᠢ᠃1290 ᠣᠨ ᠤ᠋ ᠲᠣᠭᠠᠯᠠᠯᠭ᠎ᠠ ᠶ᠋ᠢᠨ ᠳ᠋ᠦᠩ( ᠮᠣᠩᠭᠣᠯ ᠲᠠᠲ᠋ᠠᠷ ᠤ᠋ᠳ ᠠᠽᠢ ᠧᠦ᠋ᠷᠣᠫᠠ ᠳ᠋ᠤ᠌᠃ ᠣ ᠪᠠ᠊᠊᠂1984)᠃ ᠾᠦᠩᠨᠦ ᠶ᠋ᠢᠨ ᠦᠶ᠎ᠡ ᠳ᠋ᠦ᠍ ᠡᠪᠦᠭᠡ ᠪᠥᠬᠡ ᠨᠠᠷ ᠮᠠᠨᠢ《 ᠯᠤᠤ》 ᠭᠡᠭᠴᠢ ᠠᠮᠢᠲᠠᠨ ᠢ᠋ ᠳᠦᠷᠰᠦᠯᠡᠨ ᠰᠢᠲᠦᠵᠦ( ᠬ᠌· ᠰᠦᠬᠡᠪᠠᠭᠠᠲᠤᠷ ᠮᠣᠩᠭᠣᠯᠴᠤᠳ ᠤ᠋ᠨ ᠡᠷᠲᠡᠨ ᠦ᠌ ᠡᠪᠦᠭᠡ᠃ ᠣ ᠶ᠋ᠢᠨ᠃1980) ᠲᠡᠷᠡ ᠪᠠᠢᠲᠤᠭᠠᠢ ᠴᠠᠭ ᠲᠣᠭᠠᠯᠠᠯ ᠤ᠋ᠨ12 ᠵᠢᠯ( ᠰᠠᠷ᠎ᠠ ᠡᠳᠦᠷ ᠴᠠᠭ) ᠤ᠋ᠨ ᠨᠢᠭᠡᠨ ᠪᠣᠯᠭᠠᠭᠰᠠᠨ᠂ ᠪᠠᠰᠠ ᠺᠢᠲᠠᠨ(Хэдэн) ᠭᠦᠷᠦᠨ ᠦ᠌ ᠦᠶ᠎ᠡ ( ᠬᠢᠳᠠᠨ) ᠯᠤᠤ ᠶ᠋ᠢ ᠰᠦᠯᠳᠡᠯᠡᠵᠦ ᠲᠥᠷᠥ ᠶ᠋ᠢᠨ ᠬᠦᠴᠦ ᠪᠣᠯᠭᠠᠨ ᠭᠦᠷᠦᠨ ᠦ᠌ ᠨᠡᠷ᠎ᠡ ᠪᠡᠨ10 ᠳ᠋ᠤᠭᠠᠷ ᠵᠠᠭᠤᠨ ᠳ᠋ᠤ᠌ ᠯᠢᠶᠣᠣ ᠪᠤᠶᠤ ᠯᠤᠤ ᠭᠦᠷᠦᠨ ᠭᠡᠮᠡᠨ ᠨᠡᠷᠡᠯᠡᠵᠦ ᠪᠠᠢᠭᠰᠠᠨ ᠢ᠋ ᠴᠦ᠍ ᠰᠠᠨᠠᠬᠤ ᠶᠣᠰᠣᠲᠠᠢ᠃ ᠯᠤᠤ ᠪᠣᠯ ᠪᠥᠬᠡ ᠮᠥᠷᠭᠥᠯ ᠦ᠋ᠨ ᠨᠢᠭᠡᠨ ᠲᠣᠲ᠋ᠧᠮ ᠰᠦᠯᠳᠡ ᠠᠵᠤᠭᠤ᠃ ᠪᠥᠬᠡ ᠮᠥᠷᠭᠥᠯ ᠳ᠋ᠦ᠍《 ᠰᠦᠨᠡᠰᠦ》 ᠭᠡᠵᠦ ᠪᠣᠢ᠂ ᠡᠴᠢᠭᠡ ᠳᠡᠭᠡᠳᠦᠰ ᠦ᠋ᠨ ᠰᠦᠨᠡᠰᠦ ᠪᠢᠳᠡᠨ ᠢ᠋ ᠬᠠᠷᠠᠵᠤ ᠪᠠᠢᠳᠠᠭ ᠭᠡᠮᠡᠨ ᠨᠣᠮᠯᠠᠭᠰᠠᠨ ᠪᠥᠭᠡᠳ ᠡᠨᠡ ᠦᠨᠡᠨ ᠢ᠋ ᠰᠢᠨᠵᠢᠯᠡᠬᠦ ᠤᠬᠠᠭᠠᠨ ᠮᠥᠰᠬᠢᠵᠦ ᠳᠦᠷᠰᠦ ᠶ᠋ᠢ ᠨᠢ ᠬᠠᠷᠠᠵᠤ ᠵᠢᠩ ᠢ᠋ ᠨᠢ ᠲᠣᠭᠠᠴᠢᠭᠰᠠᠨ ᠪᠠᠢᠬᠤ ᠶᠤᠮ᠃ ᠭᠡᠲᠡᠯ᠎ᠡ ᠡᠳᠦᠭᠡ ᠦᠨᠳᠦᠰᠦᠨ ᠦ᠌ ᠱᠠᠰᠢᠨ ᠭᠡᠵᠦ ᠪᠣᠳ᠋ᠳ᠋ᡁᠠ ᠶ᠋ᠢᠨ ᠲᠥᠪᠡᠳ ᠤᠬᠠᠭᠠᠨ ᠢ᠋ ᠦᠨᠳᠦᠰᠦᠨ ᠬᠠᠤᠯᠢ ᠪᠠᠷ ᠪᠠᠲᠤᠯᠠᠭᠰᠠᠨ ᠨᠢ ᠡᠷᠡᠭᠡᠯᠵᠡᠭᠡ ᠲᠡᠢ ᠪᠥᠭᠡᠳ ᠲᠥᠷᠥ ᠱᠠᠰᠢᠨ ᠤ᠋ ᠬᠣᠶᠠᠷ ᠶᠣᠰᠣ ᠶ᠋ᠢ ᠰᠦᠯᠳᠡ ᠪᠡᠷ ᠢ᠋ᠶ᠋ᠡᠨ ᠬᠦᠷᠲᠡᠯ᠎ᠡ ᠨᠤᠲᠠᠯᠠᠭᠰᠠᠨ ᠠᠲᠠᠯ᠎ᠠ ᠪᠠᠨ ᠲᠥᠷᠥ ᠰᠢᠨᠵᠢᠯᠡᠬᠦ ᠤᠬᠠᠭᠠᠨ ᠤ᠋ ᠬᠣᠶᠠᠷ ᠶᠣᠰᠣ ᠶ᠋ᠢ ᠲᠡᠭᠦᠨ ᠦ᠌ ᠠᠷᠠᠳ ᠦᠵᠡᠬᠦ ᠮᠡᠲᠦ ᠬᠠᠨᠳᠤᠯᠭ᠎ᠠ ᠲᠠᠢ ᠠᠵᠠᠢ᠃ ᠪᠢᠳᠡ ᠥᠨᠥᠳᠥᠷ ᠭᠠᠯ ᠭᠣᠯᠣᠮᠲᠠ ᠶᠠᠷᠢᠵᠤ ᠪᠠᠢᠭ᠎ᠠ ᠮᠠᠨᠢ ᠦᠨᠳᠦᠰᠦᠨ ᠦ᠌ ᠭᠦᠨ ᠤᠬᠠᠭᠠᠨ ᠤ᠋ ᠦᠨᠳᠦᠰᠦ ᠲᠡᠳᠦᠢ ᠦᠭᠡᠢ᠂ ᠪᠥᠬᠡ ᠶ᠋ᠢᠨ ᠱᠠᠰᠢᠨ ᠤ᠋ ᠤᠯᠠᠮᠵᠢᠯᠠᠯ ᠤ᠋ᠨ ᠲᠥᠪ ᠨᠢ ᠪᠢᠯᠡ᠃
《 ᠤᠨᠠᠭᠠᠨ ᠪᠠᠢᠭᠠᠯᠢ ᠲᠠᠢ》 ᠭᠡᠵᠦ ᠪᠠᠬᠠᠷᠬᠠᠳᠠᠭ ᠮᠠᠨᠢ ᠪᠠᠶᠠᠨᠭᠠᠯ᠂ ᠳᠡᠯ( ᠊ ᠊ᠩ) ᠬᠡᠢ᠂ ᠲᠩᠷᠢ ᠪᠡᠨ ᠰᠢᠲᠦᠭᠰᠡᠨ ᠪᠥᠬᠡ ᠶ᠋ᠢᠨ ᠱᠠᠰᠢᠨ ᠤ᠋ ᠠᠴᠢ ᠪᠤᠶᠠᠨ ᠪᠥᠯᠥᠭᠡ᠃
ᠪᠢᠳᠡ ᠲᠥᠪ ᠦᠭᠡᠢ ᠵᠠᠩ ᠵᠠᠩᠰᠢᠯ ᠲᠣᠭᠠᠴᠢᠵᠤ᠂ ᠲᠥᠪ ᠦᠭᠡᠢ ᠮᠣᠩᠭᠣᠯ ᠤᠬᠠᠭᠠᠨ ᠶᠠᠷᠢᠵᠤ᠂ ᠲᠥᠪ ᠦᠭᠡᠢ ᠤᠯᠠᠮᠵᠢᠯᠠᠯ ᠵᠢᠭᠰᠠᠭᠠᠵᠤ᠂ ᠲᠥᠪ ᠦᠭᠡᠢ ᠲᠡᠦᠬᠡ ᠴᠠᠴᠤᠵᠤ ᠪᠠᠢᠨ᠎ᠠ᠃ ᠭᠤᠷᠪᠠᠯ ᠣᠨᠣᠯ— ᠭᠤᠷᠪᠠᠨ ᠳᠥᠯᠥᠲᠦ ᠭᠠᠯ ᠰᠦᠯᠳᠡ ᠮᠢᠨᠦ᠃
ᠪᠥᠬᠡ ᠨᠠᠷ ᠤ᠋ᠨ ᠲᠤᠬᠠᠢ ᠳ᠋ᠤ᠌ ᠨᠡᠷᠡᠲᠦ ᠡᠷᠳᠡᠮᠲᠡᠨ ᠴ· ᠵᠥᠩᠲᠡᠢ ᠭᠤᠸᠠᠢ ᠨᠢᠭᠡᠨᠲᠡ《 ᠪᠥᠬᠡ ᠨᠠᠷ ᠬᠥᠮᠦᠨ ᠳ᠋ᠦ᠍ ᠲᠤᠰᠠ ᠲᠠᠢ ᠰᠠᠢᠨ ᠲᠩᠷᠢ ᠭᠠᠵᠠᠷ᠂ ᠠᠭᠤᠯᠠ ᠤᠰᠤᠨ ᠤ᠋ ᠡᠵᠡᠳ ᠢ᠋ ᠤᠷᠢᠨ ᠳᠠᠭᠤᠳᠠᠵᠤ ᠢᠷᠡᠭᠦᠯᠵᠦ᠂ ᠤᠴᠢᠷ ᠶᠠᠪᠤᠳᠠᠯ ᠢ᠋ᠶ᠋ᠠᠨ ᠲᠣᠭᠠᠴᠢᠵᠤ᠂ ᠶᠡᠬᠡᠳᠡ ᠠᠷᠭᠠᠳᠠᠨ ᠲᠠᠬᠢᠯ ᠬᠦᠨᠳᠦᠯᠡᠯ ᠭᠤᠶᠤᠵᠤ ᠬᠦᠰᠡᠬᠦ ᠵᠦᠢᠯ ᠢ᠋ᠶ᠋ᠡᠨ ᠰᠠᠢᠨ ᠬᠡᠯᠡᠵᠦ᠁ ᠰᠦᠰᠦᠭᠲᠡᠨ ᠦ᠌ ᠠᠮᠢᠳᠤᠷᠠᠯ ᠳ᠋ᠤ᠌ ᠣᠯᠠᠨ ᠲᠠᠯ᠎ᠠ ᠲᠠᠢ ᠴᠢᠬᠤᠯᠠ ᠡᠭᠦᠷᠭᠡ᠂ ᠲᠤᠬᠠᠢᠯᠠᠪᠠᠯ᠂ ᠮᠠᠯ ᠤ᠋ᠨ ᠲᠥᠯ ᠠᠪᠬᠤ᠂ ᠠᠪᠠ ᠭᠥᠷᠦᠭᠡᠨ ᠳ᠋ᠦ᠍ ᠣᠯᠵᠠ ᠣᠮᠣᠭ ᠲᠠᠢ ᠪᠠᠢᠬᠤ᠂ ᠵᠣᠯ ᠵᠢᠷᠭᠠᠯ ᠲᠠᠢ ᠤᠳᠤᠮ ᠤᠭᠰᠠᠭ᠎ᠠ ᠦᠯᠡᠳᠡᠭᠡᠬᠦ᠂ ᠲᠩᠷᠢ ᠶ᠋ᠢᠨ ᠵᠣᠷᠢᠭ ᠰᠠᠨᠠᠭ᠎ᠠ ᠶ᠋ᠢ ᠳᠠᠭᠠᠵᠤ ᠮᠡᠳᠡᠬᠦ᠂ ᠣᠩᠭᠣ ᠪᠡᠯᠡᠳᠬᠡᠬᠦ ᠠᠵᠢᠯ ᠢ᠋ ᠤᠳᠤᠷᠢᠳᠬᠤ᠂ ᠬᠥᠮᠦᠨ ᠢ᠋ ᠢᠪᠡᠭᠡᠭᠴᠢ ᠲᠩᠷᠢ ᠰᠠᠬᠢᠭᠤᠰᠤ ᠶ᠋ᠢ ᠳᠠᠭᠢᠬᠤ᠂ ᠡᠪᠡᠳᠴᠢᠨ ᠡᠮᠭᠡᠭ ᠦ᠋ᠨ ᠠᠳᠠ ᠵᠡᠳᠬᠡᠷ ᠲᠣᠨᠢᠯᠭᠠᠬᠤ᠂ ᠮᠠᠯ ᠠᠳᠤᠭᠤᠰᠤᠨ ᠤ᠋ ᠭᠠᠷᠤᠵᠠ ᠬᠣᠬᠢᠷᠠᠯ ᠢ᠋ ᠠᠷᠢᠯᠭᠠᠵᠤ᠂ ᠰᠢᠨ᠎ᠡ ᠭᠡᠷ ᠦ᠋ᠨ ᠨᠠᠢᠷ᠂ ᠭᠣᠷᠢᠮ ᠢ᠋ ᠠᠳᠢᠰᠯᠠᠬᠤ᠂ ᠡᠷᠲᠡᠨ ᠦ᠌ ᠳᠣᠮᠣᠭ ᠥᠪᠡᠷ ᠦ᠋ᠨ ᠤᠭᠰᠠᠭᠠᠲᠠᠨ ᠤ᠋ ᠤᠳᠤᠮ ᠰᠤᠳᠤᠷ ᠢ᠋ ᠰᠠᠢᠨ ᠮᠡᠳᠡᠭᠦᠯᠵᠦ ᠵᠢᠭᠠᠬᠤ᠂ ᠲᠩᠷᠢ ᠪᠡᠨ ᠭᠤᠶᠤᠵᠤ ᠬᠤᠷ᠎ᠠ ᠪᠣᠷᠣᠭ᠎ᠠ ᠣᠷᠣᠭᠤᠯᠬᠤ᠂ ᠭᠠᠩ ᠭᠠᠴᠢᠭ ᠢ᠋ ᠵᠠᠢᠯᠠᠭᠤᠯᠬᠤ ᠵᠡᠷᠭᠡ ᠬᠥᠮᠦᠨ ᠦ᠌ ᠡᠷᠡᠭᠦᠯ ᠮᠡᠨᠳᠦ ᠡᠷᠬᠢᠯᠡᠬᠦ ᠠᠵᠤ ᠠᠬᠤᠢ᠂ ᠪᠠᠢᠭᠠᠯᠢ ᠶ᠋ᠢᠨ ᠠᠶᠠᠯᠭ᠎ᠠ ᠪᠠᠢᠳᠠᠯ ᠲᠠᠢ ᠬᠣᠯᠪᠣᠭᠳᠠᠬᠤ ᠡᠷᠢᠯᠲᠡ ᠬᠦᠰᠡᠯᠲᠡ ᠶ᠋ᠢ ᠬᠠᠷᠢᠭᠤᠴᠠᠬᠤ ᠡᠭᠦᠷᠭᠡ ᠪᠦᠬᠦᠢ ᠵᠠᠩ ᠦᠢᠯᠡ ᠶ᠋ᠢ ᠭᠦᠢᠴᠡᠳᠬᠡᠨ ᠪᠡᠶᠡᠯᠡᠭᠦᠯᠳᠡᠭ ᠪᠠᠢᠪᠠ》 ᠭᠡᠮᠡᠨ ᠶᠡᠬᠡ ᠯᠡ ᠵᠣᠷᠢᠭ ᠭᠠᠷᠭᠠᠨ ᠨᠣᠮᠯᠠᠭᠠᠳ《 ᠲᠡᠳᠡ ᠡᠮᠴᠢ᠂ ᠵᠢᠷᠤᠬᠠᠢᠴᠢ᠂ ᠮᠡᠷᠭᠡᠴᠢ᠂ ᠲᠥᠯᠭᠡᠴᠢ᠂ ᠵᠡᠭᠦᠳᠦ ᠲᠠᠢᠯᠪᠤᠷᠢᠯᠠᠭᠴᠢ᠂ ᠣᠪᠣᠭ ᠠᠢᠮᠠᠭ ᠤ᠋ᠨ ᠶᠣᠰᠣ ᠵᠢᠷᠤᠮ ᠳᠠᠳᠤᠯ ᠵᠠᠩᠰᠢᠯ ᠢ᠋ ᠰᠠᠢᠨ ᠮᠡᠳᠡᠭᠴᠢ ᠪᠥᠭᠡᠳ ᠰᠠᠬᠢᠭᠤᠯᠤᠭᠴᠢ ᠨᠢ ᠪᠠᠢᠳᠠᠭ ᠪᠠᠢᠵᠠᠢ》 ᠭᠡᠵᠦ ᠳ᠋ᠦᠩᠨᠡᠭᠰᠡᠨ ᠢ᠋ ᠵᠣᠷᠢᠭᠤᠳᠠ ᠳᠤᠷᠠᠳᠤᠮᠤ( ᠮᠣᠩᠭᠣᠯ ᠳ᠋ᠤ᠌ ᠹᠸᠤᠳᠠᠯᠢᠽᠮ ᠲᠣᠭᠲᠠᠬᠤ ᠦᠶ᠎ᠡ ᠶ᠋ᠢᠨ ᠨᠡᠢᠭᠡᠮ ᠤᠯᠤᠰ ᠲᠥᠷᠥ ᠭᠦᠨ ᠤᠬᠠᠭᠠᠨ ᠤ᠋ ᠰᠡᠳᠬᠢᠯᠭᠡ᠃ ᠣ ᠪᠠ᠊᠃1987)᠃
ᠭᠡᠲᠡᠯ᠎ᠡ ᠡᠳᠦᠭᠡ ᠯᠠᠮᠠ ᠨᠠᠷ᠂ ᠲᠥᠪᠡᠳ ᠤᠩᠰᠢᠯᠭ᠎ᠠ ᠬᠣᠶᠠᠷ ᠲᠤ᠌ ᠰᠦᠵᠢᠷᠡᠵᠦ《 ᠪᠥᠬᠡ》 ᠭᠡᠳᠡᠭ ᠢ᠋ ᠡᠷᠲᠡᠨ ᠦ᠌ ᠦᠵᠡᠮᠦᠷᠢ ᠮᠡᠲᠦ ᠣᠢᠯᠠᠭᠠᠬᠤ ᠮᠠᠨᠢ ᠶᠠᠭᠤ ᠯᠠ ᠪᠣᠯᠤᠭᠠᠳ ᠪᠠᠢᠨ᠎ᠠ ᠳᠠ᠃
ᠪᠤᠳ᠋ᠳ᠋ᠾᠠ ᠶ᠋ᠢᠨ ᠯᠠᠮᠠ ᠨᠠᠷ ᠢ᠋ ᠬᠥᠭᠰᠢᠳ ᠮᠠᠨᠢ ᠰᠦᠰᠦᠭᠯᠡᠨ ᠰᠢᠲᠦᠬᠦ ᠨᠢ ᠵᠥᠪ ᠶᠦᠮ ᠭᠡᠬᠦ ᠳ᠋ᠦ᠍᠂ ᠵᠠᠯᠠᠭᠤᠰ ᠮᠠᠨᠢ ᠾᠷᠢᠰᠲ᠂ ᠪᠠᠬᠠᠢ᠂ ᠮᠦᠰᠦ᠋ᠯᠮᠠᠨ ᠭᠡᠵᠦ ᠭᠦᠶᠦᠯᠳᠦᠬᠦ ᠨᠢ ᠵᠥᠪ ᠭᠡᠵᠦ ᠤᠤ? ᠬᠠᠷᠢᠨ ᠲᠡᠳᠡᠭᠡᠷ ᠱᠠᠰᠢᠨ ᠦᠵᠡᠯ ᠨᠣᠮᠯᠠᠯ ᠢ᠋ᠶ᠋ᠠᠨ ᠳᠡᠯᠭᠡᠷᠡᠭᠦᠯᠬᠦ ᠬᠡᠮᠡᠳᠡᠭ ᠨᠢ ᠶᠠᠭᠠᠬᠢᠬᠤ ᠶ᠋ᠢᠨ ᠠᠷᠭ᠎ᠠ ᠦᠭᠡᠢ ᠵᠥᠪ᠂ ᠪᠢᠳᠡ ᠦᠨᠳᠦᠰᠦᠨ ᠦ᠌ ᠱᠠᠰᠢᠨ᠂ ᠠᠮᠢᠨ᠂ ᠹᠢᠯᠣᠰᠣᠹᠢ( ᠭᠦᠨ ᠤᠬᠠᠭᠠᠨ) ᠭᠤᠷᠪᠠᠯ ᠣᠨᠣᠯ ᠰᠡᠳᠬᠢᠯᠭᠡ ᠪᠡᠨ ᠮᠠᠷᠲᠠᠭᠠᠳ ᠳᠠᠶᠠᠩ ᠢ᠋ᠶ᠋ᠠᠷ ᠢ᠋ᠶ᠋ᠠᠨ᠂ ᠲᠥᠷᠥ ᠪᠡᠷ ᠢ᠋ᠶ᠋ᠡᠨ᠂ ᠤᠯᠤᠰ ᠢ᠋ᠶ᠋ᠠᠷ ᠢ᠋ᠶ᠋ᠠᠨ ᠲᠥᠭᠡᠷᠢᠭᠡᠳ ᠪᠠᠢᠭ᠎ᠠ ᠮᠠᠨᠢ ᠪᠤᠷᠤᠭᠤ ᠪᠥᠯᠥᠭᠡ᠃ ᠪᠤᠷᠤᠭᠤ ᠠ᠋ᠴᠠ ᠵᠥᠪ ᠢ᠋ ᠣᠯᠬᠤ᠂ ᠵᠥᠪ ᠡᠴᠡ ᠪᠤᠷᠤᠭᠤ ᠶ᠋ᠢ ᠣᠯᠬᠤ ᠠᠯᠲᠠ ᠳᠤᠮᠳᠠᠴᠢ ᠶ᠋ᠢᠨ ᠡᠷᠢᠯ ᠭᠤᠷᠪᠠᠯ ᠰᠡᠳᠬᠢᠯᠭᠡ ᠾᠦᠩᠨᠦ ᠭᠦᠷᠦᠨ ᠡᠴᠡ ᠡᠮᠦᠨ᠎ᠡ ᠡᠷᠲᠡ ᠦᠶ᠎ᠡ ᠳ᠋ᠦ᠍ ᠣᠪᠣᠭ ᠠᠢᠮᠠᠭ ᠪᠦᠷ《 ᠡᠶ᠎ᠡ》 ᠬᠡᠮᠡᠬᠦ ᠴᠢᠭᠤᠯᠭᠠᠨ ᠲᠠᠢ ᠪᠠᠢᠭᠰᠠᠨ ᠢ᠋ ᠰᠠᠨᠠᠭᠤᠯᠤᠨ᠎ᠠ( ᠳ ᠭᠣᠩᠭᠣᠷ《 ᠬᠠᠯᠬ᠎ᠠ ᠲᠣᠪᠴᠢᠶᠠᠨ》 ᠳᠡᠳ᠋ ᠳᠡᠪᠲᠡᠷ᠂ ᠣ ᠪᠠ᠊᠃(1978)᠃ ᠮᠠᠩᠭᠤᠰ ᠢ᠋ ᠳᠠᠷᠤᠭᠰᠠᠨ ᠴᠢᠩᠭᠢᠰ ᠪᠠᠭᠠᠲᠤᠷ ᠲᠤᠤᠯᠢᠰ ᠤ᠋ᠨ ᠳᠦᠷᠢ ᠶ᠋ᠢ ᠶᠡᠬᠡ ᠬᠠᠭᠠᠨ ᠳ᠋ᠤ᠌ ᠴᠣᠯᠠ ᠡᠷᠭᠦᠮᠵᠢᠯᠡᠭᠰᠡᠨ ᠳᠣᠮᠣᠭ ᠨᠢᠭᠡ ᠶ᠋ᠢ ᠥᠭᠦᠯᠡᠨ᠎ᠡ᠃ ᠴᠢᠩ—ᠭᠢᠰ ᠭᠡᠵᠦ ᠲᠥᠷᠥᠬᠦ( ᠲᠡᠮᠦᠵᠢᠨ ᠢ᠋) ᠳ᠋ᠦ᠍ ᠨᠢ ᠲᠣᠭᠣᠨᠣᠨ ᠳᠡᠭᠡᠷ᠎ᠡ ᠰᠢᠪᠠᠭᠤ ᠳᠤᠤᠭᠠᠷᠤᠭᠰᠠᠨ ᠲᠤᠯᠠ ᠭᠡᠬᠦ ᠶᠦᠮ ᠤᠤ ᠲᠠᠩᠭᠢᠰ ᠭᠡᠰᠡᠨ ᠤᠳᠬ᠎ᠠ ᠲᠠᠢ ᠭᠡᠵᠦ ᠴᠣᠯᠠ ᠥᠭᠬᠦ ᠳ᠋ᠡᠭᠡᠨ ᠣᠯᠠᠨ ᠳ᠋ᠤ᠌ ᠰᠤᠷᠲᠠᠯᠴᠢᠯᠠᠭᠰᠠᠨ ᠭᠡᠳᠡᠭ ᠦᠨᠡᠨ ᠳ᠋ᠡᠭᠡᠨ ᠬᠣᠯᠠ ᠶᠤᠮ᠃ ᠪᠢᠯᠢᠭ ᠵᠦᠢᠴᠢ᠂ ᠪᠡᠯᠭᠡ ᠢᠷᠦᠭᠡᠯᠴᠢ᠂ ᠪᠥᠬᠡ ᠰᠢᠲᠦᠭᠡᠨᠲᠦ᠂ ᠭᠤᠷᠪᠠᠯ ᠣᠨᠣᠯᠴᠢ ᠠᠷᠠᠳ ᠲᠦᠮᠡᠨ ᠲᠡᠢᠮᠦ ᠵᠦᠢᠯ ᠦᠯᠦ ᠵᠣᠬᠢᠶᠠᠬᠤ ᠪᠥᠭᠡᠳ ᠬᠠᠷᠢᠨ ᠲᠤᠤᠯᠢᠰ ᠤ᠋ᠨ ᠲᠡᠷᠡ ᠪᠠᠭᠠᠲᠤᠷ ᠤ᠋ᠨ ᠨᠡᠷ᠎ᠡ ᠶ᠋ᠢ ᠡᠵᠡᠨ ᠦ᠌ ᠴᠣᠯᠠ᠂ ᠪᠣᠳᠠᠲᠤ ᠪᠠᠢᠳᠠᠯ ᠠ᠋ᠴᠠ ᠬᠦᠨᠳᠦᠷᠡᠭᠦᠯᠵᠦ ᠥᠭᠡᠷᠡᠴᠢᠯᠡᠭᠰᠡᠨ᠂ ᠴᠡᠭᠡᠷᠯᠡᠭᠰᠡᠨ ᠨᠢ ᠦᠨᠡᠨ ᠪᠣᠯᠪᠠ ᠤᠤ? ᠪᠤᠳᠠᠩ ᠳᠤᠮᠳᠠ ᠲᠥᠭᠡᠷᠢᠭᠰᠡᠨ ᠪᠦᠷᠭᠦᠳ ᠦ᠋ᠨ ᠵᠤᠯᠵᠠᠭ᠎ᠠ ᠬᠥᠭᠡᠷᠦᠬᠦᠢ᠁
ᠪᠠᠰᠠ ᠬᠢᠯᠢ ᠶ᠋ᠢᠨ ᠭᠠᠳᠠᠨ᠎ᠠ ᠳᠣᠲᠣᠷ᠎ᠠ ᠲᠠᠷᠪᠠᠭ᠎ᠠ ᠦᠭᠡᠢ ᠠᠲᠠᠯ᠎ᠠ ᠪᠠᠨ《 ᠲᠠᠷᠪᠠᠭᠠᠲᠠᠢ》 ᠭᠡᠬᠦ ᠨᠡᠷ᠎ᠡ ᠲᠡᠢ ᠠᠭᠤᠯᠠ ᠨᠢᠷᠤᠭᠤ ᠣᠯᠠᠨ ᠪᠠᠢᠳᠠᠭ ᠨᠢ《 ᠲᠠᠷᠠᠤ ᠭᠠᠯ ᠲᠠᠢ》( ᠬᠡᠳᠦ ᠬᠡᠳᠦᠨ ᠭᠣᠯᠣᠮᠲᠠ ᠪᠦᠬᠦᠢ)᠂ ᠡᠰᠡᠬᠦᠯ᠎ᠡ《 ᠳᠠᠷᠤᠤ ᠭᠠᠯ ᠲᠠᠢ》( ᠬᠠᠭᠤᠴᠢᠨ ᠤᠳᠬ᠎ᠠ ᠪᠠᠷ ᠳᠠᠷᠤᠤ ᠭᠡᠳᠡᠭ ᠨᠢ ᠠᠪᠤᠷᠢ ᠨᠣᠮᠣᠢ) ᠭᠡᠬᠦ ᠭᠠᠯᠲᠤ ᠠᠭᠤᠯᠠ ᠶ᠋ᠢᠨ ᠪᠤᠶᠤ ᠭᠠᠯ ᠲᠠᠬᠢᠯᠭ᠎ᠠ ᠶ᠋ᠢᠨ ᠨᠡᠷ᠎ᠡ ᠠᠪᠠᠢ᠃ ᠮᠥᠨ ᠪᠥᠬᠡ ᠶ᠋ᠢᠨ ᠱᠠᠰᠢᠨ ᠤ᠋ ᠭᠠᠯ ᠤ᠋ᠨ ᠡᠵᠡᠨ《 ᠭᠠᠯᠠᠢ》 ᠨᠡᠷ᠎ᠡ ᠡᠯᠪᠡᠭ ᠨᠢ ᠬᠠᠩᠭᠠᠢ( ᠬᠠᠩᠭᠠᠯᠢ)᠂ ᠵᠢᠵᠢᠭ ᠴᠦ᠍ ᠲᠣᠭᠰᠢᠨ ᠲᠠᠯ᠎ᠠ ᠶ᠋ᠢᠨ ᠠᠭᠤᠯᠠ ᠲᠤᠯᠤᠭᠠᠳ ᠳᠠᠷᠪᠠᠭᠠᠢ( ᠳᠠᠷᠤᠤ᠂ ᠭᠠᠯᠠᠢ) ᠵᠡᠷᠭᠡ ᠲᠦᠭᠡᠮᠡᠯ ᠶᠦᠮ᠃ ᠡᠨᠡ ᠮᠡᠲᠦ ᠶ᠋ᠢᠨ《 ᠭᠠᠢ》 ᠭᠡᠵᠦ ᠳᠠᠭᠤᠳᠠᠬᠤ ᠨᠢ ᠨᠢᠭᠦᠯ ᠭᠡᠮᠡᠨ ᠴᠡᠭᠡᠷᠯᠡᠬᠦ ᠪᠤᠶᠤ᠃ ᠡᠨᠳᠡ ᠡᠴᠡ ᠲᠣᠭᠲᠠᠵᠤ ᠬᠡᠪᠰᠢᠭᠰᠡᠨ ᠬᠡᠯᠡᠯᠭᠡ ᠨᠢ ᠬᠠᠨ— ᠭᠠᠯ( ᠬᠠᠩᠭᠠᠯ) ᠠᠷᠢᠭᠤᠨ ᠳᠠᠷᠬᠠᠨ ᠲᠠᠭᠰᠢᠨ ᠭᠡᠰᠡᠨ ᠤᠳᠬᠠᠲᠤ ᠪᠣᠯᠤᠨ᠎ᠠ᠃ ᠠᠯᠲᠠᠢ ᠬᠠᠩᠭᠠᠢ ᠭᠡᠬᠦ ᠨᠢ ᠢᠵᠠᠭᠤᠷ ᠬᠠᠳᠠᠭᠠᠯᠠᠭᠰᠠᠨ ᠭᠠᠯ ᠲᠠᠬᠢᠯᠭ᠎ᠠ ᠠᠮᠢ ᠰᠢᠲᠦᠭᠡᠨ ᠠᠯᠲᠠᠢ( ᠭᠠᠯᠲᠠᠢ) ᠬᠠᠨ
ᠬᠠᠩᠭᠠᠢ( ᠬᠠᠩᠭᠠᠯᠢ)
ᠬᠣᠶᠠᠷ ᠮᠢᠨᠢ
ᠠᠪᠤᠷᠠᠵᠤ ᠥᠷᠥᠰᠢᠶᠡ! ᠭᠡᠬᠦ ᠪᠥᠬᠡ ᠶ᠋ᠢᠨ ᠶᠣᠰᠣᠨ ᠤ᠋ ᠰᠦᠰᠦᠭ ᠵᠠᠯᠪᠠᠷᠢᠯ ᠬᠠᠨ ᠭᠠᠯᠲᠠᠢ ᠶ᠋ᠢᠨ ᠮᠠᠭᠲᠠᠭᠠᠯ᠂ ᠬᠠᠩᠭᠠᠯᠢ ᠶ᠋ᠢᠨ ᠮᠠᠭᠲᠠᠭᠠᠯ ᠵᠡᠷᠭᠡ ᠳᠠᠭᠤᠳᠠᠯᠭ᠎ᠠ ᠡᠭᠦᠰᠦᠭᠰᠡᠨ ᠠᠪᠠᠢ᠃ ᠬᠠᠩᠭᠠᠯ ᠳᠣᠭᠰᠢᠨ ᠠᠭᠤᠯᠠ᠂ ᠲᠠᠷᠪᠠᠭᠠᠲᠠᠢ ᠭᠡᠬᠦ ᠠᠭᠤᠯᠠ ᠨᠢᠷᠤᠭᠤ ᠲᠤᠯᠤᠭᠠᠳ ᠪᠦᠷ ᠶᠠᠮᠠᠷ ᠨᠢᠭᠡ ᠣᠲᠣᠭ ᠣᠪᠣᠭ ᠤ᠋ᠨ ᠥᠮᠴᠢ᠂ ᠣᠪᠣᠭ᠎ᠠ ᠲᠠᠬᠢᠯᠭ᠎ᠠ ᠬᠣᠢᠯᠭᠠ ᠶ᠋ᠢᠨ ᠰᠦᠯᠳᠡᠷ᠂ ᠪᠠᠶᠠᠨᠭᠠᠯ( ᠪᠠᠢᠭᠠᠯᠢ) ᠯᠤᠤᠰ ᠤ᠋ᠨ ᠬᠣᠯᠪᠣᠭ᠎ᠠ᠂ ᠠᠮᠢ ᠪᠤᠶᠤ ᠭᠠᠯ ᠭᠤᠷᠪᠠᠯ ᠪᠡᠯᠭᠡᠳᠡᠯ ᠦ᠋ᠨ ᠦᠨᠳᠦᠰᠦ ᠪᠣᠯᠤᠨ᠎ᠠ᠃ ᠡᠢᠨ ᠪᠠᠶᠠᠨᠭᠠᠯ ᠤ᠋ᠨ ᠭᠠᠯᠲᠠᠢ ᠠᠮᠢᠲᠠᠢ ᠡᠬᠡ ᠨᠠᠴᠢᠬᠠᠢ ( ᠨᠠᠭᠠᠴᠤ) ᠡᠲᠦᠭᠡᠨ( ᠤᠲᠤᠭᠠᠨ) ᠪᠤᠷᠬᠠᠨ ᠳ᠋ᠠᠭᠠᠨ( ᠪᠤᠷᠭᠠᠰᠤ ᠬᠠᠨ ᠵᠡᠯᠮ᠎ᠡ ᠳ᠋ᠡᠭᠡᠨ) ᠠᠮᠢ—( ᠮᠠᠯ ᠠᠯᠠᠵᠤ ᠡᠷᠭᠦᠬᠦ ᠴᠢᠰᠤᠨ ᠲᠠᠬᠢᠯ)᠂ ᠭᠠᠯ—( ᠣᠪᠣᠭᠠᠨ ᠳ᠋ᠤ᠌ ᠭᠠᠯ ᠮᠠᠨᠳᠤᠭᠠᠬᠤ)᠂ ᠢᠳᠡᠭᠡ—( ᠢᠳᠡᠭᠡ ᠪᠤᠳᠠᠭ᠎ᠠ ᠠᠢᠷᠠᠭ᠂ ᠰᠦ᠂ ᠠᠷᠢᠬᠢ᠂ ᠰᠠᠷᠬᠤᠳ ᠤ᠋ᠨ ᠳᠡᠭᠡᠵᠢ᠂ ᠰᠦ ᠴᠠᠭᠠᠨ ᠢᠳᠡᠭᠡᠨ ᠦ᠌ ᠰᠠᠴᠤᠯᠢ) ᠡᠷᠭᠦᠵᠦ ᠳᠠᠭᠢᠬᠤ ᠪᠥᠭᠡᠳ ᠲᠡᠷᠡ ᠨᠢ ᠳᠡᠯᠡᠬᠡᠢ ᠶ᠋ᠢᠨ( ᠳᠡᠯ— ᠩ᠂ ᠩᠬᠡᠢ) ᠭᠠᠯ ᠠᠮᠢᠨ ᠤ᠋ ᠨᠡᠬᠡᠯ ᠢ᠋ ᠦᠯᠦ ᠳᠣᠭᠰᠢᠷᠠᠭᠤᠯᠬᠤ᠂ ᠡᠬᠡ ᠪᠠᠶᠠᠨᠭᠠᠯ ᠳ᠋ᠤ᠌ ᠭᠠᠯ ᠠᠮᠢ ᠲᠦᠭᠡᠮᠡᠯ ᠢ᠋ ᠢᠯᠡᠷᠬᠡᠢᠯᠡᠨ ᠠᠷᠢᠭᠤᠯᠠᠬᠤ᠂ ᠳᠡᠯᠡᠬᠡᠢ ᠳ᠋ᠦ᠍ ᠢᠳᠡᠭᠡ ᠠᠮᠰᠠᠭᠤᠯᠬᠤ ᠠᠴᠢ ᠶ᠋ᠢ ᠨᠢ ᠬᠦᠨᠳᠦᠳᠬᠡᠬᠦ ᠶᠣᠰᠣᠨ ᠪᠥᠯᠥᠭᠡ᠃ ᠡᠭᠦᠨ ᠢ᠋ ᠭᠠᠩ ᠵᠤᠳ᠂ ᠭᠠᠵᠠᠷ ᠬᠥᠳᠡᠯᠦᠯ᠂ ᠭᠠᠮᠰᠢᠭ ᠭᠠᠢ ᠪᠣᠯᠬᠤ ᠢᠷᠣ᠎ᠠ( ᠵᠢᠷᠤᠬᠠᠢ ᠶ᠋ᠢᠨ ᠥᠩᠭᠡ) ᠵᠦᠩ ᠪᠦᠷᠢᠳᠬᠦ ᠪᠦᠷᠢ ᠳ᠋ᠦ᠍ ᠦᠢᠯᠡᠳᠬᠦ ᠪᠥᠭᠡᠳ ᠪᠥᠬᠡ ᠬᠥᠮᠦᠨ ᠲᠩᠷᠢ ᠪᠤᠷᠬᠠᠨ᠂ ᠪᠠᠶᠠᠨ ᠭᠠᠯ᠂ ᠳᠡᠯᠡᠬᠡᠢ ᠶ᠋ᠢᠨ ᠣᠶᠤᠨ ᠤ᠋ ᠬᠣᠯᠪᠣᠭᠠᠨ ᠳ᠋ᠤ᠌ ᠣᠷᠣᠵᠤ᠂ ᠰᠠᠷᠠᠭᠤᠯ ᠰᠠᠨᠠᠭ᠎ᠠ᠂ ᠡᠷᠡᠭᠦᠯ ᠡᠩᠬᠡ᠂ ᠠᠩᠬ᠎ᠠ ᠮᠥᠩᠬᠡ ᠶ᠋ᠢ ᠬᠦᠰᠡᠨ ᠳᠠᠭᠠᠳᠬᠠᠬᠤ᠃ ᠡᠨᠡ ᠤᠪᠠᠳᠢᠰ ᠰᠢᠲᠦᠯᠭᠡ ᠪᠡᠨ ᠨᠢᠭᠡᠨ ᠴᠠᠭ ᠲᠤ᠌ ᠲᠥᠪᠯᠡᠷᠡᠭᠦᠯᠬᠦ ᠬᠦᠴᠦᠨ ᠦ᠌ ᠱᠠᠭᠠᠷᠳᠠᠯᠭ᠎ᠠ ᠪᠠᠷ ᠠᠢᠯ ᠪᠦᠷᠢ ᠣᠩᠭᠣ ᠬᠢᠵᠦ ᠰᠢᠲᠦᠬᠦ ᠪᠤᠶᠤ᠃ ᠦᠶ᠎ᠡ ᠦᠶ᠎ᠡ ᠶ᠋ᠢᠨ ᠣᠶᠤᠨ ᠰᠢᠲᠦᠯᠭᠡ ᠠᠮᠢ ᠰᠦᠨᠡᠰᠦ ᠲᠡᠨᠳᠡ ᠰᠢᠩᠭᠡᠵᠦ ᠣᠩᠭᠣᠨ ᠪᠣᠯᠬᠤ ᠲᠤᠯᠠ ᠤᠬᠠᠭᠠᠨ ᠪᠢᠯᠢᠭ ᠢ᠋ᠶ᠋ᠡᠨ ᠰᠦᠰᠦᠭᠯᠡᠨ ᠰᠢᠲᠦ! ᠡᠭᠦᠨ ᠢ᠋ ᠭᠠᠯ ᠮᠥᠩᠬᠡᠯᠡᠬᠦ᠂ ᠠᠷᠢᠭᠤᠯᠠᠬᠤ ᠠᠪᠠᠢ᠃
ᠮᠣᠩᠭᠣᠯ ᠤ᠋ᠨ ᠠᠷᠪᠠᠨ ᠭᠤᠷᠪᠠᠨ ᠭᠠᠯᠲᠠᠢ( ᠠᠯᠲᠠᠢ) ᠳᠠᠷᠬᠠᠨ ᠰᠢᠲᠦᠭᠡᠨ ᠦ᠌ ᠵᠠᠷᠢᠮ ᠨᠢ ᠲᠠᠷᠪᠠᠭᠠᠲᠠᠢ( ᠲᠠᠷᠠᠤ ᠭᠠᠯᠲᠠᠢ) ᠠᠭᠠᠳ ᠣᠷᠣᠨ ᠨᠢ ᠣᠳᠣ ᠶ᠋ᠢᠨ ᠣᠷᠣᠰ᠂ ᠬᠢᠲᠠᠳ᠂ ᠬᠡᠽᠠᠺ᠂ ᠠᠯᠲᠠᠢ ᠤᠯᠤᠰ ᠤ᠋ᠳ ᠲᠤ᠌ ᠣᠷᠣᠵᠤᠬᠤᠢ᠃
ᠶᠡᠬᠡ ᠤᠯᠤᠰ ᠤ᠋ᠨ ᠣᠩᠭᠣ᠁ ᠣᠩᠭᠣ! ᠡᠷᠳᠡᠮᠲᠡᠨ ᠴ· ᠵᠦᠭᠲᠡᠢ《 ᠰᠢᠲᠦᠨ ᠪᠢᠰᠢᠷᠡᠭᠰᠡᠨ ᠠᠮᠢᠲᠠᠨ ᠬᠥᠮᠦᠨ ᠦ᠌ ᠳᠦᠷᠰᠦ ᠶ᠋ᠢ ᠣᠩᠭᠣᠨ ᠭᠡᠨ᠎ᠡ》 ᠭᠡᠮᠡᠨ ᠲᠠᠢᠯᠤᠭᠰᠠᠨ ᠨᠢ ᠴᠢᠨᠣ᠎ᠠ᠂ ᠱᠣᠩᠬᠣᠷ᠂ ᠪᠠᠭᠠᠪᠠᠭᠠᠢ ᠮᠡᠲᠦ ᠶ᠋ᠢᠨ ᠵᠢᠭᠦᠷᠲᠡᠨ ᠠᠳᠤᠭᠤᠰᠤ ᠠᠮᠢᠲᠠᠳ ᠡᠰᠡᠬᠦᠯ᠎ᠡ ᠨᠠᠰᠤ ᠪᠠᠷᠠᠭᠰᠠᠨ ᠡᠪᠦᠭᠡ ᠳᠡᠭᠡᠳᠦᠰ ᠦ᠋ᠨ ᠳᠦᠷᠢ ᠶ᠋ᠢ ᠰᠦᠯᠳᠡᠯᠡᠭᠰᠡᠨ ᠰᠢᠲᠦᠯᠭᠡ ᠠᠵᠠᠢ᠃ ᠡᠨᠳᠡ ᠮᠥᠴᠢᠭ ᠪᠣᠳᠣᠭᠰᠠᠨ ᠭᠡᠮ ᠪᠣᠢ ᠠᠭᠠᠳ ᠶᠡᠬᠡ ᠠᠭᠤᠯᠠᠰ ᠤ᠋ᠨ ᠣᠩᠭᠣ᠂ ᠣᠩᠭᠣ ᠪᠦᠬᠦᠨ ᠦ᠌ ᠣᠷᠣᠢ ᠳ᠋ᠤ᠌ ᠵᠠᠯᠠᠷᠠᠭᠴᠢ《 ᠨᠠᠷᠠ ᠰᠠᠷ᠎ᠠ ᠭᠠᠯ》 ᠳᠦᠷᠢ ᠣᠩᠭᠣ ᠶ᠋ᠢ ᠪᠣᠳᠣᠯᠴᠠᠭᠰᠠᠨ ᠦᠭᠡᠢ ᠶᠠ᠃ ᠮᠣᠩᠭᠣᠯ ᠤ᠋ᠨ ᠭᠤᠷᠪᠠᠯ ᠣᠨᠣᠯ᠂ ᠠᠮᠢ ᠰᠢᠲᠦᠭᠡᠨ᠂ ᠭᠦᠨ ᠤᠬᠠᠭᠠᠨ ᠤ᠋ ᠵᠠᠩᠭᠢᠯᠠᠭ᠎ᠠ( ᠨᠠᠷᠠ ᠰᠠᠷ᠎ᠠ ᠭᠠᠯ) ᠪᠣᠯ ᠣᠷᠣᠢ ᠶ᠋ᠢᠨ ᠳᠡᠭᠡᠳᠦ ᠣᠩᠭᠣ ᠶᠤᠮ᠃ ᠲᠡᠭᠦᠨ ᠦ᠌ ᠬᠡᠢ ᠮᠣᠷᠢ ᠷᠢᠳᠢ ᠰᠢᠳᠢ ᠶ᠋ᠢ ᠬᠤᠷᠢᠶᠠᠬᠤ᠂ ᠬᠠᠳᠠᠭᠠᠯᠠᠬᠤ ᠲᠦᠭᠡᠭᠡᠬᠦ ᠲᠦᠮᠡᠨ ᠰᠤᠳᠠᠯ ᠨᠢ ᠶᠢᠰᠦᠨ ᠬᠥᠬᠥᠯᠲᠦ
ᠴᠠᠭᠠᠨ ᠲᠤᠭ᠂ ᠬᠠᠷ᠎ᠠ ᠠᠯᠠᠭ ᠰᠦᠯᠳᠡ ᠦ᠋ᠳ ᠠᠪᠠᠢ᠃ ᠲᠥᠷᠥ ᠶ᠋ᠢᠨ ᠲᠤᠭ ᠰᠦᠯᠳᠡ ᠳᠠᠯᠪᠠᠭ᠎ᠠ ᠳᠠᠭᠤᠯᠠᠯ ᠣᠩᠭᠣᠨ ᠪᠣᠯᠠᠢ᠃ ᠲᠡᠳᠡᠭᠡᠷ ᠨᠢ ᠡᠯᠦᠨᠴᠡ ᠳᠡᠭᠡᠳᠦᠰ ᠶᠡᠬᠡᠰ ᠦ᠋ᠨ ᠣᠩᠭᠣᠨ᠂ ᠰᠦᠯᠳᠡ᠂ ᠡᠬᠡ ᠣᠷᠣᠨ ᠤ᠋ ᠠᠭᠤᠯᠠ ᠤᠰᠤᠨ ᠤ᠋ ᠣᠩᠭᠣᠨ ᠰᠢᠲᠦᠭᠡᠨ ᠳ᠋ᠦ᠍ ᠶᠠᠪ ᠴᠠᠪ ᠤᠯᠠᠮᠵᠢᠯᠠᠨ ᠰᠢᠨᠡᠴᠢᠯᠡᠭᠳᠡᠭᠰᠡᠨ ᠤᠳᠤᠮᠰᠢᠯ᠂ ᠮᠢᠩᠭ᠎ᠠ ᠮᠢᠩᠭᠠᠨ ᠣᠨ ᠤ᠋ ᠲᠠᠰᠤᠷᠠᠰᠢ ᠦᠭᠡᠢ ᠬᠡᠯᠬᠢᠶ᠎ᠡ ᠪᠣᠯᠤᠶᠤ᠃ ᠤᠯᠤᠰ ᠣᠯᠠᠨ ᠤ᠋ ᠰᠢᠲᠦᠭᠡᠨ ᠮᠣᠩᠭᠣᠯ ᠰᠡᠳᠬᠢᠯᠭᠡᠨ ᠦ᠌ ᠰᠦᠯᠳᠡ ᠤᠩᠭᠠᠨ ᠪᠤᠶᠤ᠃ ᠶᠡᠬᠡ ᠠᠭᠤᠯᠠᠰ ᠤ᠋ᠨ ᠣᠩᠭᠣ᠁ ᠡᠩᠬᠡ ᠲᠥᠷᠥ ᠶ᠋ᠢᠨ ᠣᠩᠭᠣ᠁ ᠲᠩᠷᠢ ᠯᠤᠤᠰ ᠤ᠋ᠨ ᠣᠩᠭᠣ᠁ ᠶᠡᠬᠡᠰ ᠳᠡᠭᠡᠳᠦᠰ ᠦ᠋ᠨ ᠣᠩᠭᠣ᠁ ᠣᠩᠭᠣᠨ᠃ ᠪᠥᠬᠡ ᠨᠠᠷ ᠤ᠋ᠨ ᠣᠩᠭᠣᠳ ᠲᠡᠳᠡᠭᠡᠷ ᠦ᠋ᠨ ᠠᠮᠢᠨ ᠬᠣᠯᠪᠣᠭᠠᠨ ᠳ᠋ᠤ᠌ ᠨᠢᠭᠡᠳᠴᠦ ᠠᠭᠰᠠᠨ ᠪᠣᠯ ᠡᠳᠦᠭᠡ ᠤᠷᠠᠨ ᠪᠦᠲᠦᠭᠡᠯᠴᠢ ᠪᠢᠰᠢᠯᠭᠠᠭᠴᠢ ᠨᠠᠷ ᠲᠤ᠌ ᠬᠦᠷᠲᠡᠭᠡᠮᠵᠢ ᠲᠡᠢ ᠪᠥᠯᠥᠭᠡ᠃ ᠪᠢᠳᠡ ᠨᠢᠭᠡᠨ ᠰᠡᠳᠦᠪ ᠢ᠋ᠶ᠋ᠡᠷ ᠬᠡᠳᠦᠢ ᠴᠢᠨᠡᠭᠡ ᠭᠦᠨ ᠪᠢᠰᠢᠯᠭᠠᠪᠠᠰᠤ ᠣᠩᠭᠣᠳ ᠣᠷᠣᠵᠤ ᠣᠩᠭᠣ ᠪᠢᠳᠡᠨ ᠳ᠋ᠦ᠍ ᠷᠢᠳᠢ ᠰᠢᠳᠢ ᠨᠢᠭᠤᠴᠠᠯᠠᠭᠳᠠᠮᠠᠯ ᠮᠡᠳᠡᠭᠡᠯᠡᠯ᠂ ᠢᠷᠡᠭᠡᠳᠦᠢ ᠳᠣᠬᠢᠶᠠᠯᠠᠯ ᠢ᠋ ᠬᠠᠷᠠᠮ ᠦᠭᠡᠢ ᠢᠯᠡᠭᠡᠬᠦ ᠠᠵᠤᠭᠤ᠃ ᠴᠢᠩ ᠰᠡᠳᠬᠢᠯᠲᠦ ᠣᠶᠤᠨ ᠮᠡᠳᠡᠮᠦᠢ᠃
ᠤᠷᠠᠨ ᠪᠦᠲᠦᠭᠡᠯᠴᠢ᠂ ᠡᠷᠳᠡᠮᠲᠦ ᠮᠡᠷᠭᠡᠳ᠂ ᠦᠵᠡᠯ ᠰᠤᠷᠲᠠᠯᠴᠢ ᠪᠦᠬᠦᠨ ᠨᠤᠲᠤᠭ ᠤᠰᠤᠨ ᠤ᠋ ᠪᠠᠨ ᠣᠩᠭᠣ ᠰᠢᠲᠦᠭᠡᠨᠲᠦ ᠲᠠᠬᠢᠯᠭ᠎ᠠ ᠶ᠋ᠢ ᠡᠷᠭᠢᠵᠦ ᠮᠥᠷᠭᠥᠬᠦ᠂ ᠪᠢᠰᠢᠷᠡᠬᠦ᠂ ᠲᠥᠷᠥ ᠭᠦᠷᠦᠨ ᠦ᠌ ᠪᠡᠨ ᠣᠩᠭᠣ ᠰᠢᠲᠦᠭᠡᠨ ᠲᠤᠭ ᠰᠦᠯᠳᠡ ᠶ᠋ᠢ ᠤᠯᠠᠮᠵᠢᠯᠠᠯ ᠳ᠋ᠤ᠌ ᠰᠢᠲᠦᠯᠴᠡᠭᠦᠯᠵᠤ ᠵᠠᠯᠠᠬᠤ ᠤᠯᠤᠰ ᠠᠷᠠᠳ ᠲᠠᠭᠠᠨ ᠮᠥᠷᠭᠥᠯ ᠪᠤᠶᠠᠨ ᠤ᠋ ᠴᠢᠯᠥᠭᠡ ᠣᠯᠭᠣᠬᠤ᠁ ᠡᠬᠡ ᠬᠡᠯᠡ ᠰᠣᠶᠣᠯ ᠢ᠋ᠶ᠋ᠠᠷ ᠢ᠋ᠶ᠋ᠠᠨ ᠬᠠᠨᠳᠤᠬᠤ᠁ ᠶᠡᠬᠡ ᠤᠯᠤᠰ ᠤ᠋ᠨ ᠣᠩᠭᠣᠨ ᠢ᠋ᠶ᠋ᠠᠨ ᠣᠷᠣᠰ ᠢ᠋ᠶ᠋ᠠᠷ᠂ ᠬᠢᠲᠠᠳ ᠢ᠋ᠶ᠋ᠠᠷ᠂ ᠲᠥᠪᠡᠳ ᠢ᠋ᠶ᠋ᠡᠷ ᠳᠠᠭᠤᠳᠠᠳᠠᠭ ᠦᠭᠡᠢ ᠶᠤᠮᠰᠠᠨ ᠳᠠ᠃
ᠮᠥᠨ ᠴᠢᠩᠭᠢᠰ ᠬᠠᠭᠠᠨ ᠤ᠋《 ᠪᠣᠭᠳᠠ ᠪᠠᠭᠠᠲᠤᠷ》 ᠠᠯᠳᠠᠷ ᠤ᠋ᠨ ᠲᠠᠯ᠎ᠠ ᠪᠠᠷ ᠴᠤᠬᠤᠰ ᠲᠠᠢᠯᠪᠤᠷᠢᠯᠠᠬᠤ ᠨᠢ ᠵᠥᠪ ᠪᠥᠭᠡᠳ《 ᠪᠣᠭᠳᠠ》 ᠭᠡᠳᠡᠭ ᠦᠭᠡ 《 ᠪᠤᠳ᠋ᠳ᠋ᠾᠠ》 ᠭᠡᠳᠡᠭ ᠡᠨᠡᠳᠬᠡᠭ ᠲᠥᠪᠡᠳ ᠡᠴᠡ ᠡᠬᠢ ᠲᠡᠢ ᠱᠠᠰᠢᠨ ᠤ᠋ ᠦᠨᠳᠦᠰᠦᠯᠡᠭᠴᠢ ᠶ᠋ᠢᠨ ᠰᠤᠨᠵᠢᠷᠠᠭᠰᠠᠨ ᠴᠣᠯᠠ ᠠᠵᠤᠭᠤ᠃ ᠡᠨᠡ ᠲᠠᠯ᠎ᠠ ᠪᠠᠷ《 ᠬᠥᠬᠡ ᠰᠤᠳᠤᠷ》 ᠲᠤ(474—475 ᠲᠠᠯ᠎ᠠ)《 ᠪᠤᠳ᠋ᠳ᠋ᠾᠠ》 ᠬᠡᠮᠡᠭᠴᠢ ᠨᠢ ᠣᠨᠴᠠ ᠴᠢᠩ ᠦᠨᠡᠨ ᠰᠡᠳᠬᠢᠯ ᠡᠴᠡ ᠡᠭᠦᠳᠬᠦ ᠶ᠋ᠢ ᠬᠡᠯᠡᠨ᠎ᠡ᠃ ᠣᠷᠴᠢᠯᠠᠩ ᠤ᠋ᠨ ᠬᠣᠭᠣᠷᠣᠨᠳᠣ ᠬᠡᠳᠦᠢᠪᠡᠷ ᠰᠤᠷᠤᠯᠴᠠᠭᠰᠠᠨ ᠪᠣᠭᠳᠠ᠂ ᠳᠠᠭᠤᠷᠢᠶᠠᠭᠰᠠᠨ ᠪᠣᠭᠳᠠ ᠭᠡᠮᠡᠨ ᠢᠯᠭᠠᠬᠤ ᠪᠣᠯᠪᠠᠴᠤ ᠡᠭᠡᠨᠡᠭᠲᠡ ᠲᠥᠷᠥᠯᠬᠢ ᠪᠣᠭᠳᠠ ᠳ᠋ᠤ᠌ ᠦᠯᠦ ᠬᠦᠷᠦᠮᠦᠢ᠃ ᠴᠢᠩᠭᠢᠰ ᠢ᠋ ᠲᠥᠷᠥᠯᠬᠢ ᠪᠣᠭᠳᠠ ᠭᠡᠪᠡᠯ ᠵᠣᠬᠢᠨ᠎ᠠ᠁
ᠪᠣᠭᠳᠠ ᠬᠥᠮᠦᠨ ᠲᠩᠷᠢ ᠭᠠᠵᠠᠷ ᠲᠤ᠌ ᠢᠲᠡᠭᠡᠮᠵᠢᠯᠡᠨᠡ᠃ ᠪᠠᠶᠠᠨ ᠡᠷᠬᠢᠮ ᠳ᠋ᠦ᠍ ᠢᠲᠡᠭᠡᠭᠰᠡᠲᠡᠨ ᠶᠠᠳᠠᠭᠤᠷᠠᠨ ᠪᠠᠭᠤᠷᠠᠨ᠎ᠠ᠃ ᠡᠷᠬᠡ ᠢᠲᠡᠭᠡᠭᠰᠡᠳ ᠳᠠᠷᠤᠭᠳᠠᠵᠤ ᠳᠣᠷᠣᠢᠲᠠᠨ᠎ᠠ ᠥᠷᠥᠰᠢᠶᠡᠯ ᠵᠢᠷᠤᠮ ᠳ᠋ᠤ᠌ ᠢᠲᠡᠭᠡᠭᠰᠡᠳ ᠦᠭᠡᠢ ᠪᠠᠭᠤᠷᠠᠢ ᠦᠭᠡᠢ᠂ ᠲᠩᠷᠢ ᠭᠠᠵᠠᠷ ᠲᠤ᠌ ᠢᠲᠡᠭᠡᠭᠰᠡᠳ ᠠᠶᠤᠯ ᠲᠦᠭᠰᠢᠯ ᠦᠭᠡᠢ》 ᠭᠡᠰᠡᠨ ᠭᠤᠷᠪᠠᠯ ᠣᠨᠣᠯ ᠤ᠋ᠨ ᠭᠠᠷᠭᠠᠯᠭ᠎ᠠ ᠪᠣᠢ᠃ ᠡᠨᠡ ᠰᠠᠨᠠᠭ᠎ᠠ ᠶ᠋ᠢ ᠲᠠᠢᠯᠪᠤᠷᠢᠯᠠᠵᠤ《 ᠮᠡᠷᠭᠡᠳ ᠰᠠᠢᠳ ᠥᠷᠥᠰᠢᠶᠡᠯ ᠵᠢᠷᠤᠮ ᠳ᠋ᠤ᠌ ᠢᠲᠡᠭᠡᠮᠵᠢᠯᠡᠨᠡ᠃ ᠥᠲᠡᠯ᠎ᠡ ᠠᠷᠠᠳ ᠡᠷᠬᠡ ᠬᠦᠴᠦᠨ ᠳ᠋ᠦ᠍ ᠢᠲᠡᠭᠡᠮᠵᠢᠯᠡᠨᠡ᠃ ᠥᠴᠦᠬᠡᠨ ᠬᠥᠮᠦᠨ ᠡᠳ᠋ ᠠᠰᠢᠭ ᠲᠤ ᠢᠲᠡᠭᠡᠮᠵᠢᠯᠡᠨᠡ》 ᠭᠡᠬᠦ ᠭᠦᠨ ᠤᠬᠠᠭᠠᠨ ᠢ᠋ᠶ᠋ᠠᠷ ᠲᠣᠳᠣᠷᠬᠠᠢᠯᠠᠭᠰᠠᠨ ᠠᠵᠤᠭᠤ᠃ ᠳᠡᠭᠡᠷᠡᠬᠢ ᠳ᠋ᠦᠩᠨᠡᠯᠲᠡ ᠡᠴᠡ《 ᠪᠥᠬᠡ ᠶ᠋ᠢᠨ ᠱᠠᠰᠢᠨ ᠤ᠋ ᠪᠣᠭᠳᠠ》 ᠡᠵᠤ ᠡᠷᠭᠦᠮᠵᠢᠯᠡᠭᠰᠡᠨ ᠪᠣᠯᠬᠤ ᠶ᠋ᠢ ᠲᠦᠪᠡᠭ ᠦᠭᠡᠢ ᠠᠵᠢᠵᠤ ᠪᠣᠯᠬᠤ ᠠᠪᠠᠢ᠃ ᠥᠭᠡᠷ᠎ᠡ ᠪᠡᠷ ᠬᠡᠯᠡᠪᠡᠯ ᠪᠥᠬᠡ ᠶ᠋ᠢᠨ ᠱᠠᠰᠢᠨ ᠴᠣᠬᠣᠮ ᠡᠨᠡ ᠦᠶ᠎ᠡ ᠳ᠋ᠦ᠍ ᠲᠣᠮᠣᠬᠠᠨ ᠲᠥᠯᠥᠭᠡᠯᠡᠭᠴᠢ ᠲᠡᠢ ᠪᠣᠯᠵᠤ ᠰᠡᠷᠭᠦᠨ ᠮᠠᠨᠳᠤᠭᠰᠠᠨ ᠡᠨᠡ ᠴᠤ᠌ ᠤᠳᠬ᠎ᠠ ᠪᠠᠷ ᠴᠢᠩᠭᠢᠰ ᠦ᠋ᠨ ᠲᠠᠬᠢᠯᠭ᠎ᠠ800 ᠰᠢᠬᠠᠮ ᠵᠢᠯ ᠦᠯᠦ ᠲᠠᠰᠤᠷᠠᠭᠰᠠᠨ ᠶᠣᠰᠣ ᠵᠠᠩᠰᠢᠯ ᠳᠡᠯᠭᠡᠷᠡᠭᠰᠡᠨ ᠪᠠᠢᠨ᠎ᠠ᠃
ᠴᠢᠩᠭᠢᠰ ᠬᠠᠭᠠᠨ ᠭᠤᠷᠪᠠᠨ ᠶᠡᠬᠡ ᠲᠠᠬᠢᠯᠭ᠎ᠠ ᠶ᠋ᠢ ᠰᠠᠨᠠᠭᠠᠴᠢᠯᠠᠭᠰᠠᠨ ᠪᠥᠬᠡ᠂ ᠲᠥᠯᠭᠡᠴᠢ ᠮᠡᠷᠭᠡᠴᠢ ᠰᠢᠲᠦᠭᠴᠢᠨ ᠪᠠᠢᠭᠰᠠᠨ ᠪᠥᠭᠡᠳ ᠲᠡᠢᠮᠦ ᠴᠦ᠍ ᠤᠴᠢᠷ ᠠ᠋ᠴᠠ ᠱᠠᠷᠢᠯ ᠢ᠋ ᠨᠢ ᠭᠤᠷᠪᠠᠨ ᠭᠠᠵᠠᠷ( ᠪᠡᠶ᠎ᠡ᠂ ᠰᠦᠨᠡᠰᠦ᠂ ᠠᠮᠢ) ᠲᠤ ᠣᠩᠭᠣᠯᠠᠭᠰᠠᠨ ᠭᠡᠬᠦ ᠪᠥᠯᠥᠭᠡ᠃
ᠪᠢᠳᠡᠨ ᠦ᠌《 ᠡᠷ᠎ᠡ ᠶ᠋ᠢᠨ ᠭᠤᠷᠪᠠᠨ ᠨᠠᠭᠠᠳᠤᠮ》 ᠭᠡᠳᠡᠭ ᠣᠢᠯᠠᠭᠠᠯᠲᠠ ᠴᠤ᠌ ᠤᠭ ᠲᠠᠭᠠᠨ ᠪᠤᠷᠤᠭᠤ ᠪᠥᠭᠡᠳ ᠡᠨᠡ ᠨᠢ ᠪᠥᠬᠡ ᠂ ᠨᠤᠮᠤ᠂ ᠮᠣᠷᠢ ᠭᠤᠷᠪᠠ ᠪᠢᠰᠢ ᠪᠦᠷ ᠾᠦᠩᠨᠦ ᠡᠴᠡ ᠡᠮᠦᠨ᠎ᠡ ᠦᠶ᠎ᠡ ᠡᠴᠡ ᠪᠠᠭᠠᠲᠤᠷ᠂ ᠪᠥᠬᠡ ᠬᠥᠮᠦᠨ ᠢ᠋ ᠣᠨᠴᠠᠭᠠᠢ ᠡᠷᠬᠢᠮᠯᠡᠳᠡᠭ ᠵᠠᠩᠰᠢᠯ ᠢ᠋ᠶ᠋ᠠᠷ ᠵᠢᠯ ᠳ᠋ᠦ᠍ ᠬᠥᠪᠡᠭᠦᠳ ᠡᠷᠡᠴᠦᠦᠯ ᠭᠤᠷᠪᠠᠨ ᠤᠳᠠᠭ᠎ᠠ ᠴᠤᠭᠯᠠᠵᠤ ᠬᠦᠴᠦ ᠮᠡᠷᠭᠡ ᠪᠡᠨ ᠰᠣᠷᠢᠳᠠᠭ ᠲᠡᠷᠡ ᠭᠤᠷᠪᠠᠨ ᠨᠠᠭᠠᠳᠤᠮ ᠪᠣᠯᠤᠨ᠎ᠠ᠃ ᠡᠨᠡ ᠲᠠᠯ᠎ᠠ ᠶ᠋ᠢᠨ ᠮᠡᠳᠡᠯᠭᠡ ᠯᠤᠪᠰᠠᠩᠴᠤᠢᠳᠠᠨ ᠤ᠋《 ᠮᠣᠩᠭᠣᠯ ᠤ᠋ᠨ ᠵᠠᠩ ᠦᠢᠯᠡ ᠶ᠋ᠢᠨ ᠣᠢᠯᠠᠪᠤᠷᠢ》( ᠥᠪᠥᠷ ᠮᠣᠩᠭᠣᠯ᠂ ᠬᠥᠬᠡᠬᠣᠲᠠ᠂1981) ᠨᠣᠮ ᠳ᠋ᠤ᠌ ᠲᠣᠳᠣᠷᠬᠠᠢ ᠪᠣᠢ᠃ ᠡᠮᠡᠭᠲᠡᠢ ᠬᠥᠮᠦᠨ ᠨᠤᠮᠤ ᠰᠤᠮᠤ ᠬᠠᠷᠪᠤᠳᠠᠭ᠂ ᠬᠤᠷᠳᠤᠨ ᠮᠣᠷᠢ ᠤᠨᠤᠳᠠᠭ ᠲᠡᠷᠡ ᠪᠠᠢᠲᠤᠭᠠᠢ ᠪᠠᠢᠯᠳᠤᠵᠤ ᠠᠭᠰᠠᠨ ᠪᠠᠷᠢᠮᠲᠠ ᠴᠤ᠌ ᠲᠡᠦᠬᠡᠨ ᠳ᠋ᠦ᠍ ᠡᠯᠪᠡᠭ ᠪᠣᠢ ᠶᠤᠮ ᠰᠢᠦ᠃ ᠬᠠᠷᠢᠨ ᠲᠡᠷᠡ ᠭᠤᠷᠪᠠᠨ ᠨᠠᠭᠠᠳᠤᠮ ᠤ᠋ᠨ ᠰᠣᠷᠢᠯᠭ᠎ᠠ ᠭᠤᠷᠪᠠᠯ ᠪᠡᠯᠭᠡ ᠶᠣᠰᠣᠭᠠᠷ ᠪᠥᠬᠡ᠂ ᠰᠤᠷ᠂ ᠮᠣᠷᠢ ᠭᠤᠷᠪᠠ᠂ ᠨᠡᠢᠲᠡ ᠳ᠋ᠦ᠍ ᠳᠡᠯᠭᠡᠷᠡᠭᠰᠡᠨ ᠦᠨᠳᠦᠰᠦᠨ ᠦ᠌ ᠲᠡᠮᠡᠴᠡᠭᠡᠨ ᠪᠠᠢᠭᠰᠠᠨ ᠨᠢ ᠮᠡᠳᠡᠭᠡᠵᠢ ᠡᠷᠡᠭᠡᠯᠵᠡᠭᠡ ᠦᠭᠡᠢ ᠪᠣᠯᠤᠨ᠎ᠠ᠃ ᠲᠡᠷᠡ ᠨᠢ ᠪᠥᠬᠡ ᠶ᠋ᠢᠨ ᠶᠣᠰᠣᠨ ᠤ᠋ ᠯᠤᠤ ᠲᠠᠬᠢᠯᠭ᠎ᠠ( ᠴᠠᠭᠠᠨ ᠰᠠᠷ᠎ᠠ ᠲᠠᠪᠤ᠂ ᠶᠢᠰᠦᠳᠦᠭᠡᠷ ᠰᠠᠷ᠎ᠠ ᠶ᠋ᠢᠨ ᠨᠣᠬᠠᠢ ᠡᠳᠦᠷ) ᠲᠡᠢ ᠭᠡᠬᠦ ᠭᠤᠷᠪᠠᠯ ᠮᠥᠴᠡ ᠲᠡᠢ ᠳᠠᠪᠬᠤᠴᠠᠬᠤ ᠠᠭᠠᠳ ᠡᠨᠡ ᠨᠢ ᠮᠥᠨ ᠾᠦᠩᠨᠦ ᠡᠴᠡ ᠡᠮᠦᠨᠡᠬᠢ ᠦᠶ᠎ᠡ ᠶ᠋ᠢᠨ ᠤᠯᠠᠮᠵᠢᠯᠠᠯ ᠠᠵᠠᠢ᠃ ᠡᠯ᠎ᠡ ᠲᠡᠦᠬᠡ ᠶ᠋ᠢ ᠳᠤᠷᠠᠰᠬᠤ ᠶ᠋ᠢᠨ ᠤᠴᠢᠷ ᠨᠢ ᠣᠳᠣ ᠶ᠋ᠢᠨ ᠦᠨᠳᠦᠰᠦᠨ ᠦ᠌ ᠪᠠᠶᠠᠷ(7 ᠰᠠᠷ᠎ᠠ ᠶ᠋ᠢᠨ12) ᠭᠡᠳᠡᠭ ᠨᠢ ᠴᠢᠩᠭᠢᠰ ᠶᠡᠬᠡ ᠡᠵᠡᠨ ᠦ᠌ ᠨᠠᠰᠤ ᠪᠠᠷᠠᠭᠰᠠᠨ ᠲᠣᠭ᠎ᠠ ᠲᠣᠬᠢᠶᠠᠬᠤ ᠪᠠᠷᠠᠭᠠᠨ ᠰᠡᠳᠬᠢᠯ ᠳ᠋ᠦ᠍ ᠶᠦᠮ᠃ ᠬᠡᠳᠦᠢᠪᠡᠷ ᠾᠷᠢᠰᠲ᠋ᠣᠰ ᠤ᠋ᠨ ᠲᠣᠭᠠᠯᠠᠯ8 ᠰᠠᠷ᠎ᠠ ᠶ᠋ᠢᠨ16 ᠪᠣᠯᠪᠠᠴᠤ ᠮᠥᠩᠬᠡ ᠭᠠᠯ ᠰᠦᠯᠳᠡᠲᠦᠨ ᠨᠦ᠍ᠭᠦᠳ ᠦ᠋ᠨ ᠲᠤᠬᠠᠢ ᠳ᠋ᠤ᠌《7 ᠰᠠᠷ᠎ᠠ ᠶ᠋ᠢᠨ12》 ᠬᠠᠷ᠎ᠠ ᠡᠳᠦᠷ᠃《 ᠨᠢᠭᠤᠴᠠ ᠲᠣᠪᠴᠢᠶ᠎ᠠ》᠂《 ᠠᠯᠲᠠᠨ ᠲᠣᠪᠴᠢ》᠁ ᠪᠦᠭᠦᠳᠡ ᠳ᠋ᠦ᠍ ᠡᠨᠡ ᠯᠡ ᠬᠠᠷ᠎ᠠ ᠲᠣᠭ᠎ᠠ ᠪᠠᠷᠤᠢᠬᠤ ᠲᠤᠯᠠ ᠴᠡᠭᠡᠷᠯᠡᠬᠦ ᠶᠣᠰᠣᠲᠠᠢ᠃ ᠴᠡᠭᠡᠷᠯᠡᠬᠦ ᠶᠣᠰᠣᠨ ᠭᠡᠭᠴᠢ ᠡᠨᠡ ᠪᠢᠯᠡ᠃ ᠦᠨᠳᠦᠰᠦᠨ ᠦ᠌ ᠪᠠᠶᠠᠷ ᠢ᠋ ᠡᠭᠦᠰᠦᠯ ᠦᠨᠡᠨ ᠢ᠋ᠶ᠋ᠡᠷ ᠨᠢ《 ᠴᠠᠭᠠᠨ ᠰᠠᠷ᠎ᠠ》 ᠳ᠋ᠤ᠌ ᠰᠢᠯᠵᠢᠭᠦᠯᠵᠦ1206 ᠣᠨ ᠠ᠋ᠴᠠ ᠲᠣᠭᠠᠴᠢᠬᠤ᠂ ᠶᠡᠬᠡ ᠡᠵᠡᠨ ᠦ᠌ ᠮᠡᠨᠳᠦᠯᠡᠭᠰᠡᠨ ᠡᠳᠦᠷ ᠵᠤᠨ ᠤ᠋ ᠲᠡᠷᠢᠭᠦᠨ ᠰᠠᠷ᠎ᠠ ᠶ᠋ᠢᠨ16 ᠤ᠋ ᠡᠳᠦᠷ(5 ᠰᠠᠷ᠎ᠠ) ᠲᠤ ᠳᠠᠯᠠᠯᠭ᠎ᠠ ᠶ᠋ᠢᠨ ᠪᠠᠶᠠᠷ ᠬᠢᠬᠦ᠂1206 ᠣᠨ ᠠ᠋ᠴᠠ ᠡᠮᠦᠨ᠎ᠡ1415 ᠵᠢᠯ ᠪᠠᠲᠤᠲᠠᠢ ᠲᠡᠮᠳᠡᠭᠯᠡᠭᠰᠡᠨ ᠨᠠᠮᠤᠷ ᠤ᠋ᠨ ᠴᠠᠭᠠᠯᠠᠭ᠎ᠠ ᠶ᠋ᠢ ᠲᠥᠷᠥ ᠭᠦᠷᠦᠨ ᠪᠠᠶᠠᠷ ᠪᠣᠯᠭᠠᠨ ᠲᠡᠮᠳᠡᠭᠯᠡᠬᠦ( ᠵᠤᠨ ᠨᠠᠮᠤᠷ ᠲᠠᠭᠠᠨ ᠡᠪᠦᠯ ᠳ᠋ᠦ᠍ ᠪᠡᠯᠡᠳᠬᠡᠬᠦ) ᠰᠠᠨᠠᠭ᠎ᠠ ᠶ᠋ᠢ ᠳᠤᠷᠠᠳᠬᠤ ᠭᠡᠰᠡᠨ ᠦ᠌ ᠬᠢ ᠪᠢᠯᠡ᠃ ᠦᠨᠳᠦᠰᠦᠨ ᠦ᠌᠂ ᠳᠠᠯᠠᠯᠭ᠎ᠠ ᠶ᠋ᠢᠨ᠂ ᠲᠥᠷᠥ ᠶ᠋ᠢᠨ ᠡᠯ᠎ᠡ ᠭᠤᠷᠪᠠᠯ ᠨᠠᠭᠠᠳᠤᠮ ᠤᠯᠠᠮᠵᠢᠯᠠᠯᠲᠤ ᠱᠠᠰᠢᠨ᠂ ᠵᠢᠷᠤᠬᠠᠢ ᠶ᠋ᠢᠨ ᠥᠩᠭᠡ᠂ ᠪᠡᠯᠭᠡ ᠢᠷᠦᠭᠡᠯ ᠦ᠋ᠨ ᠤᠳᠬ᠎ᠠ ᠪᠠᠷ ᠢ᠋ᠶ᠋ᠠᠨ ᠪᠦᠷᠢᠨ ᠪᠡᠯᠭᠡᠰᠢᠶᠡᠯᠲᠡᠢ᠂ ᠲᠡᠦᠬᠡᠨ ᠠᠴᠢ ᠬᠣᠯᠪᠣᠭᠳᠠᠯ ᠲᠠᠢ ᠪᠣᠯᠤᠶᠤ᠃ ᠲᠡᠭᠡᠪᠡᠯ ᠦᠨᠳᠦᠰᠦᠨ ᠦ᠌ ᠪᠠᠶᠠᠷ2415 ᠵᠢᠯ ᠦ᠋ᠨ ᠬᠢ ᠨᠢ2000 ᠣᠨ ᠳ᠋ᠤ᠌ ᠪᠥᠯᠥᠭᠡ᠃ ᠡᠨᠡ ᠳᠤᠮᠳᠠᠬᠢ ᠲᠡᠦᠬᠡ ᠶ᠋ᠢᠨ ᠣᠷᠣᠨ ᠵᠠᠢ ᠳ᠋ᠤ᠌ ᠪᠠᠶᠠᠷ᠂ ᠭᠤᠨᠢᠭ᠂ ᠬᠡᠯᠬᠢᠶ᠎ᠡ ᠲᠠᠰᠤᠷᠬᠠᠢ ᠴᠥᠮ ᠪᠣᠢ᠂ ᠲᠡᠷᠡ ᠪᠦᠬᠦᠨ ᠰᠤᠷᠭᠠᠮᠵᠢ ᠰᠡᠷᠡᠮᠵᠢ ᠪᠤᠶᠤ᠃ ᠨᠣᠮᠴᠢ ᠯᠠᠮᠠ ᠡᠷᠳᠡᠮᠲᠡᠨ ᠵᠠᠸᠠ ᠳᠠᠮᠳᠢᠨ ᠤ᠋ ᠵᠢᠭᠡᠨᠴᠢᠷ ᠤᠳᠤᠮ ᠡᠷᠳᠡᠮᠲᠦ ᠬᠥᠮᠦᠨ ᠭ· ᠨᠢᠮᠪᠤᠤ ᠠᠭᠰᠠᠨ ᠪᠤᠭᠤᠷᠤᠯ ᠤ᠋ᠨ ᠥᠪ᠂ ᠪᠤᠳ᠋ᠳ᠋ᠾᠠ ᠶ᠋ᠢᠨ ᠰᠤᠷᠭᠠᠯ ᠲᠠᠢ ᠨᠣᠮ᠂ ᠪᠤᠷᠤᠭᠤ ᠲᠠᠢ ᠵᠥᠪ ᠲᠡᠢ ᠮᠠᠷᠺᠰ ᠯᠧᠨᠢᠨ ᠦ᠌ ᠣᠨᠣᠯ ᠦᠵᠡᠭᠰᠡᠨ ᠬᠠᠲᠠᠭᠤ ᠴᠠᠭ ᠤ᠋ᠨ ᠢᠷᠭᠡᠨ ᠲᠤᠯᠠ《 ᠵᠠᠩ ᠵᠠᠩᠰᠢᠯ》 ᠲᠣᠯᠢ ᠡᠮᠬᠢᠳᠬᠡᠯ ᠵᠡᠷᠭᠡ ᠪᠡᠨ ᠪᠤᠳ᠋ᠳ᠋ᠾᠠ ᠶ᠋ᠢᠨ ᠶᠣᠰᠣ ᠶ᠋ᠢ ᠲᠥᠷᠥ ᠶ᠋ᠢᠨ ᠱᠠᠰᠢᠨ ᠭᠡᠬᠦ ᠬᠠᠤᠯᠢ ᠶ᠋ᠢᠨ ᠰᠢᠨ᠎ᠡ ᠠᠭᠤᠯᠭ᠎ᠠ ᠪᠠᠷ᠂ ᠪᠥᠬᠡ ᠶ᠋ᠢᠨ ᠱᠠᠰᠢᠨ ᠢ᠋ ᠰᠡᠷᠭᠦᠭᠡᠬᠦ ᠪᠡᠷ ᠦᠭᠡᠢ ᠬᠣᠯᠠᠳᠤᠭᠰᠠᠨ ᠳᠣᠮᠣᠭ ᠵᠦᠢ ᠭᠡᠮᠡᠨ ᠦᠵᠡᠵᠦ ᠬᠥᠨᠳᠡᠢ ᠬᠠᠨᠳᠤᠭᠰᠠᠨ ᠭᠡᠮ ᠪᠠᠢᠳᠠᠭ ᠢ᠋ ᠥᠴᠢᠯᠡᠬᠦ ᠪᠤᠰᠤ᠂ ᠥᠷᠥᠰᠢᠶᠡᠨ ᠬᠠᠨᠳᠤᠬᠤ ᠨᠢ ᠵᠥᠪ ᠪᠢᠯᠡ᠃ ᠦᠨᠡᠬᠡᠷ ᠶᠣᠰᠣ ᠵᠠᠩᠰᠢᠯ ᠳ᠋ᠤ᠌ ᠮᠠᠨᠢ ᠺᠣᠮᠮᠤᠨᠢᠰᠲ ᠦᠵᠡᠯ᠂ ᠰᠣᠼᠢᠶᠠᠯᠢᠰᠲ ᠠᠵᠤ ᠲᠥᠷᠥᠬᠦ ᠶᠣᠰᠣ᠂ ᠪᠤᠳ᠋ᠳ᠋ᠾᠠ ᠶ᠋ᠢᠨ ᠱᠠᠰᠢᠨ ᠤ᠋ ᠨᠥᠯᠥᠭᠡ ᠶᠡᠬᠡ ᠪᠣᠢ ᠴᠤ᠌ ᠦᠨᠳᠦᠰᠦ ᠨᠢ ᠢᠯᠡᠷᠬᠡᠢ ᠠᠪᠠᠢ᠃ ᠪᠢᠳᠡᠨ ᠦ᠌ ᠠᠯᠢᠪᠠ ᠰᠢᠨᠡᠴᠢᠯᠡᠯ ᠬᠥᠭᠵᠢᠯ ᠦ᠋ᠨ ᠦᠷ᠎ᠡ ᠲᠡᠷᠡ ᠪᠣᠯᠠᠢ᠃ ᠡᠢᠮᠦ ᠲᠤᠯᠠ ᠶᠡᠬᠡᠰ ᠳᠣᠣᠷᠠᠳᠤᠰ ᠦᠭᠡᠢ ᠰᠡᠬᠡᠭᠡᠷᠡᠬᠦ ᠴᠠᠭ ᠢᠷᠡᠪᠡ ᠭᠡᠯᠲᠡᠢ᠃ ᠡᠨᠳᠡ ᠣᠨᠣᠯᠴᠢ ᠳ· ᠷᠠᠪᠵᠠᠢ ᠶ᠋ᠢᠨ《 ᠰᠡᠳᠬᠢᠯ ᠳ᠋ᠦ᠍ ᠤᠢᠳᠬᠠᠷ ᠲᠥᠷᠥᠨ᠎ᠡ》 ᠰᠢᠯᠦᠭ ᠦ᠋ᠨ ᠨᠢᠭᠡᠨ ᠪᠠᠳᠠᠭ ᠢ᠋ ᠡᠰᠢᠯᠡᠶᠦ᠃
ᠭᠥᠷᠥᠭᠡᠰᠦ ᠦ᠋ᠳ ᠭᠣᠣᠯ ᠤ᠋ᠨ ᠰᠠᠢᠷ ᠲᠤ ᠬᠦᠷᠬᠦ ᠨᠢᠭᠡ
ᠡᠨᠳᠡᠭᠦᠷᠡᠭᠡᠳ ᠵᠡᠷᠭᠡᠯᠭᠡ ᠶ᠋ᠢ ᠬᠥᠭᠡᠭᠡᠬᠦ ᠬᠣᠶᠠᠷ
ᠤᠮᠳᠠᠭᠠᠰᠤᠭᠠᠳ ᠤᠰᠤ ᠦᠭᠡᠢ ᠦᠬᠦᠬᠦ ᠲᠡᠢ ᠭᠤᠷᠪᠠ ᠶ᠋ᠢ
ᠰᠠᠨᠠᠪᠠᠰᠤ ᠰᠡᠳᠬᠢᠯ ᠳ᠋ᠦ᠍ ᠬᠥᠭᠡᠷᠦᠬᠦᠢ ᠰᠠᠨᠠᠭᠳᠠᠨᠠᠮ
ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ᠂ ᠪᠠᠶᠠᠨᠰᠡᠷᠡᠩ᠂ ᠱᠠᠭᠰᠠᠯ
ᠬᠢᠨᠠᠭᠴᠢ ᠪᠠᠭᠰᠢ᠄ ᠭᠠᠷᠮ᠎ᠠ᠂ ᠰᠡᠬᠡᠭᠡᠷᠡᠯ᠂ ᠣᠳᠬᠠᠨᠰᠣ᠎ᠠ
