ᠭᠤᠷᠪᠠ᠂ ᠮᠤᠨᠠᠽᠮ ᠠ᠋ᠴᠠ ᠭᠤᠷᠪᠠᠯ ᠣᠨᠣᠯ ᠬᠥᠯ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу
ᠭᠤᠷᠪᠠ᠂ ᠮᠤᠨᠠᠽᠮ ᠠ᠋ᠴᠠ ᠭᠤᠷᠪᠠᠯ ᠣᠨᠣᠯ ᠬᠥᠯ
ᠶᠠᠭᠤᠨ ᠤ᠋ ᠡᠮᠦᠨ᠎ᠡ ᠭᠤᠷᠪᠠᠯ ᠣᠨᠣᠯ ᠤ᠋ᠨ ᠰᠡᠳᠬᠢᠯᠭᠡ ᠪᠡᠷ ᠲᠤᠩᠭᠠᠬᠤ ᠳ᠋ᠤ᠌ ᠢᠳᠢᠶᠡᠯᠢᠽᠮ ᠮᠠᠲ᠋ᠧᠷᠢᠶᠡᠯᠢᠽᠮ ᠬᠣᠶᠠᠭᠤᠯᠠ ᠥᠷᠥᠭᠡᠰᠦᠭᠡᠯ ᠹᠢᠯᠣᠰᠣᠹᠢ ᠭᠡᠵᠦ ᠡᠮᠦᠨ᠎ᠡ ᠳᠤᠷᠠᠳᠤᠭᠰᠠᠨ ᠢ᠋ᠶ᠋ᠠᠨ ᠡᠷᠭᠢᠨ ᠰᠠᠨᠠᠶ᠎ᠠ᠃ ᠮᠣᠨᠢᠰᠲ ᠤ᠋ᠳ ᠭᠡᠳᠡᠭ ᠨᠢ ᠶᠢᠷᠲᠢᠨᠴᠦ ᠶᠠᠮᠠᠷ ᠨᠢᠭᠡ ᠠᠩᠬᠠᠳᠠᠭᠴᠢ ᠲᠠᠢ ᠭᠡᠵᠦ ᠠᠩᠬᠠᠳᠠᠭᠴᠢ ᠶ᠋ᠢᠨ ᠡᠷᠢᠯ ᠳ᠋ᠦ᠍ ᠬᠠᠲᠠᠵᠤ ᠢᠳᠢᠶᠡᠯᠢᠽᠮ ᠢ᠋ ᠶᠦᠮ ᠤᠤ ᠮᠠᠲ᠋ᠧᠷᠢᠶᠠᠯᠢᠽᠮ ᠢ᠋ ᠡᠰᠡᠬᠦᠯ᠎ᠡ ᠥᠭᠡᠷ᠎ᠡ ᠨᠢᠭᠡᠨ ᠢᠽᠮ ᠭᠠᠷᠭᠠᠵᠤ ᠪᠦᠬᠦᠨ ᠢ᠋ ᠲᠦᠷᠦᠭᠦᠨ ᠳ᠋ᠦ᠍《 ᠠᠩᠬᠠᠳᠠᠭᠴᠢ》 ᠭᠡᠰᠡᠨ ᠠᠰᠠᠭᠤᠯᠲᠠ ᠲᠠᠯᠪᠢᠴᠢᠬᠠᠳᠠᠭ ᠡᠷᠳᠡᠮᠲᠡᠳ ᠢ᠋ ᠨᠡᠷᠡᠯᠡᠳᠡᠭ ᠠᠯᠳᠠᠷ ᠶᠤᠮᠰᠠᠨᠵᠠᠢ᠃ ᠲᠡᠭᠡᠬᠦ ᠪᠡᠷ ᠢᠳᠢᠶᠠᠯᠢᠰᠲ ᠤ᠋ᠳ ᠴᠤ᠌ ᠮᠠᠲ᠋ᠧᠷᠢᠶᠠᠯᠢᠰᠲ ᠤ᠋ᠳ ᠴᠤ᠌ ᠥᠪᠡᠷᠰᠡᠳ ᠢ᠋ᠶ᠋ᠡᠨ ᠨᠡᠢᠲᠡᠯᠢᠭ ᠮᠣᠨᠢᠰᠲ ᠮᠥᠨ ᠪᠣᠯᠬᠤ ᠨᠢ ᠭᠠᠷᠴᠠᠭ᠎ᠠ ᠦᠭᠡᠢ᠃ ᠬᠠᠷᠢᠨ ᠣᠶᠤᠨ ᠰᠠᠨᠠᠭ᠎ᠠ ᠣᠷᠴᠢᠯᠠᠩ ᠢ᠋ ᠪᠦᠲᠦᠭᠡᠭᠰᠡᠨ ᠭᠡᠵᠦ ᠮᠡᠳᠡᠷᠡᠬᠦ ᠳ᠋ᠦ᠍《 ᠪᠦᠲᠦᠭᠡᠭᠰᠡᠨ》 ᠭᠡᠳᠡᠭ ᠦᠭᠡ ᠨᠢ ᠨᠠᠰᠤᠨ ᠤ᠋ ᠲᠤᠬᠠᠢ ᠰᠡᠳᠦᠪ ᠢ᠋ ᠬᠥᠨᠳᠡᠵᠦ᠂ ᠮᠠᠲ᠋ᠧᠷᠢ ᠮᠥᠩᠬᠡ᠂ ᠪᠠᠢᠭᠠᠯᠢ ᠠᠩᠬ᠎ᠠ ᠡᠭᠦᠰᠦᠭᠰᠡᠨ ᠭᠡᠬᠦ ᠳ᠋ᠦ᠍《 ᠮᠥᠩᠬᠡ》 ᠭᠡᠳᠡᠭ ᠦᠭᠡ ᠡᠰᠡᠬᠦᠯ᠎ᠡ《 ᠡᠭᠦᠰᠦᠭᠰᠡᠨ》 ᠭᠡᠳᠡᠭ ᠦᠭᠡ ᠪᠠᠰᠠ ᠨᠠᠰᠤ ᠶ᠋ᠢ ᠵᠢᠭᠠᠭᠰᠠᠨ ᠤᠳᠬ᠎ᠠ ᠠᠭᠤᠯᠵᠤ ᠪᠣᠢ ᠶ᠋ᠢ ᠠᠩᠵᠡᠷᠡᠬᠤ ᠶᠣᠰᠣᠲᠠᠢ᠃ ᠪᠦᠲᠦᠭᠡᠭᠰᠡᠨ᠁ ᠮᠥᠩᠬᠡ᠁ ᠡᠭᠦᠰᠦᠭᠰᠡᠨ ᠭᠡᠳᠡᠭ ᠨᠢ ᠠᠮᠢᠨ ᠤ᠋ ᠲᠤᠬᠠᠢ ᠳ᠋ᠤ᠌ ᠯᠠ ᠬᠡᠯᠡᠵᠦ ᠪᠣᠯᠬᠤ ᠨᠡᠷ᠎ᠡ ᠲᠣᠮᠢᠶ᠎ᠠ ᠭᠡᠳᠡᠭ ᠨᠢ ᠪᠦᠷ ᠴᠦ᠍ ᠲᠣᠳᠣᠷᠬᠠᠢ᠃ ᠡᠢᠮᠦ ᠡᠴᠡ ᠮᠣᠩᠭᠣᠯ ᠤ᠋ᠨ ᠭᠤᠷᠪᠠᠯ ᠡᠨᠡ ᠬᠣᠶᠠᠷ ᠲᠤᠢᠯ ᠢ᠋ ᠠᠮᠢ ᠲᠠᠢ ᠬᠣᠯᠪᠣᠨ ᠠᠮᠢᠯᠠᠭᠤᠯᠵᠤ ᠭᠤᠷᠪᠠᠯ ᠪᠣᠯᠭᠠᠭᠠᠳ ᠠᠯᠢ ᠨᠢ ᠴᠦ᠍ ᠠᠩᠬᠠᠳᠠᠭᠴᠢ ᠪᠢᠰᠢ ᠭᠡᠵᠦ ᠦᠵᠡᠳᠡᠭ ᠲᠤᠯᠠ ᠮᠣᠨᠢᠰᠲ᠋ ᠤ᠋ᠳ ᠠ᠋ᠴᠠ ᠬᠣᠯᠠ ᠶᠤᠮ᠃ ᠶᠡᠷᠦ ᠡᠴᠡ ᠪᠡᠨ ᠭᠤᠷᠪᠠᠯ ᠦᠭᠡᠢ ᠨᠢᠭᠡ ᠶᠠᠭᠤᠮ᠎ᠠ ᠪᠠᠢᠳᠠᠭ ᠦᠭᠡᠢ ᠭᠡᠵᠦ ᠨᠤᠲᠠᠯᠠᠳᠠᠭ ᠲᠤᠯᠠ ᠶᠠᠭᠠᠬᠢᠭᠠᠳ ᠴᠤ᠌ ᠮᠣᠨᠢᠰᠲ᠋ ᠤ᠋ᠳ ᠲᠠᠢ ᠡᠪᠯᠡᠷᠡᠬᠦ ᠶᠣᠰᠣ ᠦᠭᠡᠢ ᠶᠤᠮᠰᠠᠨᠵᠠᠢ᠃ ᠶᠢᠷᠲᠢᠨᠴᠦ ᠣᠶᠤᠨ ᠰᠠᠨᠠᠭ᠎ᠠ ᠪᠠᠷ ᠪᠦᠲᠦᠭᠡᠭᠳᠡᠭᠰᠡᠨ ᠶᠡᠷᠦ ᠪᠤᠰᠤ ᠶ᠋ᠢᠨ ᠬᠦᠴᠦᠨ ᠦ᠌ ᠦᠢᠯᠡᠳᠦᠯ ᠭᠡᠵᠦ ᠢᠳᠢᠶᠠᠯᠢᠰᠲ ᠤ᠋ᠳ ᠮᠡᠳᠬᠡᠭᠰᠡᠭᠡᠷ᠁ ᠣᠶᠤᠨ ᠰᠠᠨᠠᠭ᠎ᠠ ᠪᠣᠯ ᠮᠠᠲ᠋ᠧᠷᠢ ᠶ᠋ᠢᠨ ᠦᠢᠯᠡᠳᠦᠯ ᠶᠦᠮ ᠭᠡᠵᠦ ᠮᠠᠲ᠋ᠧᠷᠢᠶᠠᠯᠢᠰᠲ ᠤ᠋ᠳ ᠮᠡᠳᠬᠡᠭᠰᠡᠭᠡᠷ᠁ ᠥᠨᠥᠳᠥᠷ ᠦ᠋ᠨ ᠮᠣᠩᠭᠣᠯᠴᠤᠳ ᠬᠥᠷᠥᠩᠭᠡᠲᠡᠨ ᠦ᠌ ᠨᠡᠢᠭᠡᠮ ᠤᠷᠤᠭᠤ ᠳᠡᠪᠬᠡᠷᠦᠨ ᠣᠷᠣᠭᠰᠠᠨ ᠴᠤ᠌ ᠶᠠᠭᠠᠬᠢᠭᠠᠳ ᠢᠳᠢᠶᠡᠯᠢᠽᠮ ᠭᠡᠮᠡᠨ ᠬᠥᠭᠡᠷᠴᠦᠭᠯᠡᠬᠦ ᠦᠭᠡᠢ ᠪᠠᠢᠭ᠎ᠠ ᠨᠢ ᠰᠣᠨᠢᠨ᠃《 ᠢᠳᠢᠶᠠᠯᠢᠰᠲ ᠹᠢᠯᠣᠰᠣᠹᠢ ᠪᠣᠯ ᠦᠷ᠎ᠡ ᠦᠭᠡᠢ ᠴᠡᠴᠡᠭ》 ᠬᠡᠮᠡᠭᠰᠡᠨ ᠸ᠂ ᠢ᠂ ᠯᠧᠨᠢᠨ ᠦ᠌ ᠨᠣᠮᠯᠠᠯ ᠳ᠋ᠤ᠌ ᠢᠲᠡᠭᠡᠭᠰᠡᠨ ᠬᠡᠪ ᠢ᠋ᠶ᠋ᠡᠷ ᠢ᠋ᠶ᠋ᠡᠨ ᠪᠠᠢᠭ᠎ᠠ ᠶ᠋ᠢᠨ ᠬᠢ ᠤᠤ? ᠡᠰᠡᠬᠦᠯ᠎ᠡ ᠰᠣᠼᠢᠶᠠᠯᠢᠽᠮ ᠢᠯᠠᠭᠳᠠᠭᠰᠠᠨ ᠴᠤ᠌ ᠮᠡᠲ᠋ᠧᠷᠢᠶᠡᠢᠽᠮ ᠢᠯᠠᠭᠳᠠᠭ᠎ᠠ ᠦᠭᠡᠢ ᠭᠡᠵᠦ ᠢᠲᠡᠭᠡᠭᠰᠡᠨ ᠦ᠌ ᠬᠢ ᠤᠤ? ᠫᠯᠠᠲ᠋ᠦᠨ ᠭᠧᠭᠧᠯ᠁ ᠨᠠᠷ ᠮᠣᠩᠭᠣᠯ ᠳ᠋ᠤ᠌ ᠪᠦᠳᠡᠭᠢ ᠰᠤᠷᠲᠠᠯᠴᠢᠯᠠᠭᠳᠠᠭᠰᠠᠨ ᠬᠡᠪ ᠢ᠋ᠶ᠋ᠡᠷ ᠢ᠋ᠶ᠋ᠡᠨ᠃ ᠵᠤᠨ ᠳ᠋ᠶᠤᠢ( ᠫᠷᠬᠠᠮᠠᠲ᠋ᠢᠽᠮ① ᠤ᠋ᠨ ᠴᠢᠭᠯᠡᠯ ᠪᠤᠶᠤ ᠮᠠᠲ᠋ᠧᠷᠢ ᠢᠳᠢᠶᠡᠯ ᠬᠣᠶᠠᠷ ᠤ᠋ᠨ ᠵᠠᠭᠠᠭ ᠢᠯᠭᠠᠭ᠎ᠠ ᠶ᠋ᠢ ᠦᠭᠦᠢᠰᠬᠡᠨ ᠤᠳᠬ᠎ᠠ ᠦᠭᠡᠢ ᠶ᠋ᠢ ᠨᠣᠮᠯᠠᠭᠴᠢ ᠢᠳᠢᠶᠠᠯᠢᠰᠲ)᠂ ᠬᠠᠢᠳ᠋ᠸᠬ᠌ᠬᠢᠷ( ᠡᠺᠽᠢᠰᠲ᠋ᠧᠨᠼᠢᠶᠠᠯᠢᠰᠲ᠋ ᠪᠤᠶᠤ ᠬᠥᠮᠦᠨ ᠶᠠᠭᠤ ᠴᠤ᠌ ᠪᠢᠰᠢ ᠡᠴᠡ ᠡᠭᠦᠰᠴᠦ᠂ ᠶᠠᠭᠤ ᠴᠤ᠌ ᠪᠢᠰᠢ ᠦᠬᠦᠯ ᠳ᠋ᠦ᠍ ᠬᠦᠷᠳᠡᠭ ᠭᠡᠬᠦ ᠮᠡᠲᠦ ᠣᠨᠣᠯ)᠂ ᠱᠯᠢᠺ᠂ ᠠᠢᠶᠸᠷ( ᠨᠶᠸᠤᠫᠤᠽᠢᠲ᠋ᠢᠸᠢᠰᠲ᠋ ᠤ᠋ᠳ)᠂ ᠺᠡᠷᠨᠡᠫ( ᠰᠧᠮᠡᠨᠲ᠋ᠢᠺ)᠂ ᠹᠢᠶᠦᠯᠯᠢᠩ᠂ ᠹᠷᠠᠢᠲ᠋ᠮᠧ᠂ ᠨ( ᠫᠸᠷᠰᠣᠨᠠᠯᠢᠰᠲ᠋) ᠺᠣᠯᠯᠢᠨᠽ( ᠨᠶᠸᠣᠲ᠋ᠣᠯᠢᠽᠮ) ᠪᠤᠰᠤᠳ ᠣᠨᠣᠯ ᠤᠷᠤᠰᠬᠠᠯ ᠴᠢᠭᠯᠡᠯ ᠦ᠋ᠨ ᠢᠳᠢᠶᠠᠯᠢᠰᠲ ᠦᠵᠡᠯ ᠣᠨᠣᠯ ᠮᠣᠩᠭᠣᠯ ᠳ᠋ᠤ᠌ ᠶᠠᠭᠠᠬᠢᠭᠠᠳ ᠰᠣᠷᠲᠠᠯᠴᠢᠯᠠᠭᠳᠠᠬᠤ ᠦᠭᠡᠢ ᠪᠠᠢᠨ᠎ᠠ? ᠮᠣᠩᠭᠣᠯ ᠳ᠋ᠤ᠌ ᠥᠨᠥᠳᠥᠷ ᠲᠣᠳᠣᠷᠬᠠᠢ ᠹᠢᠯᠣᠰᠣᠹᠢ ᠪᠠᠢᠬᠤ ᠦᠭᠡᠢ ᠪᠠᠢᠭ᠎ᠠ ᠨᠢ ᠬᠥᠮᠦᠨ ᠪᠦᠷᠢ ᠳᠤᠷ᠎ᠠ ᠪᠠᠷ ᠢ᠋ᠶ᠋ᠠᠨ ᠰᠡᠳᠬᠢᠬᠦ ᠡᠷᠬᠡ ᠴᠢᠯᠥᠭᠡᠨ ᠳ᠋ᠦ᠍ ᠰᠡᠯᠡᠭᠦᠴᠡᠵᠦ《 ᠢᠽᠮ》 ᠡᠴᠡ ᠵᠢᠬᠢᠷᠡᠭᠡᠳᠡᠭ② ᠪᠣᠯᠤᠭᠰᠠᠨ ᠤᠤ? ᠲᠡᠷᠡ ᠲᠣᠰᠤᠮ ᠢ᠋ᠶ᠋ᠠᠨ《 ᠭᠤᠷᠪᠠᠯ ᠣᠨᠣᠯ》 ᠥᠪᠡᠷ ᠦ᠋ᠨ ᠬᠥᠷᠥᠰᠥᠨ ᠳ᠋ᠡᠭᠡᠨ ᠳᠠᠬᠢᠨ ᠤᠷᠭᠤᠬᠤ ᠨᠥᠬᠥᠴᠡᠯ ᠪᠣᠯᠤᠮᠵᠢ ᠪᠦᠷᠢᠳᠴᠦ《 ᠠᠩᠬᠠᠳᠠᠭᠴᠢ》 ᠶ᠋ᠢᠨ ᠠᠰᠠᠭᠤᠳᠠᠯ ᠳ᠋ᠤ᠌ ᠬᠠᠨᠳᠤᠳᠠᠭ ᠦᠭᠡᠢ ᠲᠥᠷᠥᠯᠬᠢ ᠰᠡᠳᠬᠢᠯᠭᠡ ᠨᠢ《 ᠠᠮᠢ》 ᠶ᠋ᠢ ᠬᠠᠢᠵᠤ ᠠᠵᠢᠷᠭ᠎ᠠ ᠪᠠᠨ ᠤᠨᠠᠴᠢᠬᠠᠭᠠᠳ ᠠᠳᠤᠭᠤ ᠪᠠᠨ ᠡᠷᠢᠵᠦ ᠶᠠᠪᠤᠭ᠎ᠠ ᠦᠯᠢᠭᠡᠷ ᠰᠢᠭ ᠶᠠᠭᠤᠮ᠎ᠠ ᠪᠣᠯᠵᠤ ᠪᠠᠢᠨ᠎ᠠ ᠤᠤ?
᠁᠁᠁᠁᠁᠁
① ᠫᠷᠬᠠᠮᠠᠲ᠋ᠢᠽᠮ— ᠬᠡᠷᠡᠭᠯᠡᠭᠡᠨ ᠦ᠌ ᠦᠵᠡᠯ( ᠪᠠᠭᠤᠯᠭᠠᠭᠴᠢ)
② ᠵᠢᠭᠢᠷᠡᠭᠡᠳᠡᠭ[жццрэхдэг]—a. ᠲᠠᠭᠠᠷᠠᠬᠤ ᠠ᠋ᠴᠠ ᠠᠶᠤᠨ᠎ᠠ᠂ ᠳᠠᠭᠵᠢᠬᠤ᠃b. ᠳᠤᠷ᠎ᠠ ᠦᠭᠡᠢᠴᠡᠬᠦ᠂ ᠭᠣᠯᠣᠬᠤ᠂ ᠠᠶᠤᠬᠤ᠂ ᠵᠢᠷᠦᠬᠡᠰᠢᠶᠡᠬᠦ( ᠪᠠᠭᠤᠯᠭᠠᠭᠴᠢ)
ᠲᠡᠭᠡᠬᠦ ᠪᠡᠷ ᠮᠣᠩᠭᠣᠯᠴᠤᠳ ᠲᠤ᠌ ᠠᠩᠬᠠᠳᠠᠭᠴᠢ ᠶ᠋ᠢᠨ ᠡᠷᠢᠯ ᠤᠳᠬ᠎ᠠ ᠦᠭᠡᠢ ᠲᠡᠳᠡᠨ ᠦ᠌ ᠭᠤᠷᠪᠠᠯ ᠰᠡᠳᠬᠢᠯᠭᠡᠨ ᠦ᠌ ᠤᠳᠤᠮᠰᠢᠯ ᠳ᠋ᠤ᠌ ᠮᠣᠨᠢᠽᠮ① ᠣᠷᠣᠰᠢᠬᠤ ᠭᠢᠰᠬᠢᠬᠦ ᠭᠠᠵᠠᠷ ᠦᠭᠡᠢ ᠭᠡᠬᠦ ᠳ᠋ᠦ᠍ ᠮᠠᠭᠠᠳᠯᠠᠭᠰᠠᠨ ᠪᠣᠯᠬᠤ ᠪᠠᠷ ᠦᠭᠡᠢ ᠠᠵᠠᠢ᠃
ᠮᠣᠨᠢᠽᠮ ᠨᠠᠪᠲᠠᠷᠠᠰᠢ ᠦᠭᠡᠢ ᠪᠠᠲᠤ ᠴᠠᠢᠵᠠ ᠪᠣᠯᠤᠭᠰᠠᠨ ᠭᠤᠷᠪᠠᠯ ᠤ᠋ᠨ ᠣᠨᠣᠯ ᠤ᠋ᠨ ᠤᠭ ᠰᠤᠷᠪᠤᠯᠵᠢ ᠶ᠋ᠢ ᠶᠡᠬᠡ ᠡᠵᠡᠨ ᠴᠢᠩᠭᠢᠰ ᠦ᠋ᠨ ᠵᠠᠮ ᠢ᠋ᠶ᠋ᠠᠷ ᠠᠶᠠᠯᠠᠵᠤ ᠮᠣᠩᠭᠣᠯ ᠢ᠋ ᠠᠩᠬ᠎ᠠ ᠧᠦ᠋ᠷᠣᠫᠠ ᠳ᠋ᠤ᠌ ᠨᠡᠭᠡᠭᠡᠭᠰᠡᠨ ᠭᠡᠮᠡᠨ ᠠᠯᠳᠠᠷᠰᠢᠭᠰᠠᠨ ᠭᠤᠷᠪᠠᠨ ᠶᠡᠬᠡ ᠵᠢᠭᠤᠯᠴᠢᠨ ᠢᠲ᠋ᠠᠯᠢ ᠶ᠋ᠢᠨ ᠮᠠᠷᠺᠣ ᠫᠣᠯᠣ(1257—1324)᠂ ᠮᠥᠨ ᠢᠲ᠋ᠠᠯᠢ ᠶ᠋ᠢᠨ ᠫᠯᠠᠨᠥ᠌ ᠺᠡᠷᠫᠢᠨᠥ᠌(1182—1251)᠂ ᠹᠷᠠᠨᠼᠢ ᠭᠢᠯᠣᠮ ᠳᠧ ᠷᠦᠪᠷᠦ᠋ᠺ ᠨᠠᠷ ᠤ᠋ᠨ ᠪᠦᠲᠦᠭᠡᠯ ᠢ᠋ᠶ᠋ᠡᠷ ᠵᠢᠱ᠌ᠢᠶᠡᠯᠡᠵᠦ ᠳ᠋ᠦᠩᠨᠡᠯᠲᠡ ᠪᠡᠨ ᠲᠣᠳᠣᠷᠠᠭᠤᠯᠤᠶᠠ᠃ ᠮᠠᠷᠺᠣ ᠫᠣᠯᠣ《 ᠣᠷᠴᠢᠯᠠᠩ ᠤ᠋ᠨ ᠡᠯᠳᠡᠪ ᠰᠣᠨᠢᠨ》 ᠨᠣᠮ ᠳ᠋ᠠᠭᠠᠨ《 ᠥᠪᠡᠷᠰᠡᠳ ᠦ᠋ᠨ ᠢ᠋ᠶ᠋ᠡᠨ ᠣᠩᠭᠣ ᠰᠠᠬᠢᠭᠤᠰᠤᠨ ᠳ᠋ᠤ᠌ ᠲᠣᠮᠣ ᠳᠠᠢᠯᠭ᠎ᠠ ᠲᠠᠬᠢᠯᠭ᠎ᠠ ᠬᠢᠬᠦ ᠦᠶ᠎ᠡ ᠳ᠋ᠡᠭᠡᠨ ᠮᠠᠭᠲᠠᠭᠠᠯ ᠳᠠᠭᠤᠳᠠᠯᠭ᠎ᠠ ᠡᠭᠡᠰᠢᠭᠯᠡᠭᠦᠯᠦᠨ ᠤᠷᠢᠳᠤ ᠣᠭᠲᠣ ᠦᠵᠡᠭᠡ ᠦᠭᠡᠢ ᠭᠡᠷᠡᠯ ᠭᠡᠭᠡ( ᠭᠠᠯ ᠨ᠂ ᠨ) ᠪᠠᠳᠠᠷᠭᠠᠨᠠ᠁ ᠲᠡᠳᠡ ᠬᠣᠶᠠᠷ ᠭᠠᠷ ᠢ᠋ᠶ᠋ᠠᠨ ᠡᠷᠭᠦᠨ ᠭᠤᠷᠪᠠᠨ ᠤᠳᠠᠭ᠎ᠠ ᠬᠠᠪᠰᠤᠷᠤᠨ ᠨᠠᠮᠠᠨᠴᠢᠯᠠᠵᠤ ᠵᠠᠯᠪᠠᠷᠢᠨ ᠮᠥᠷᠭᠥᠬᠦ ᠳ᠋ᠡᠭᠡᠨ ᠰᠠᠷᠠᠭᠤᠯ ᠤᠬᠠᠭᠠᠨ᠂ ᠡᠷᠡᠭᠦᠯ ᠡᠩᠬᠡ ᠶ᠋ᠢ ᠬᠦᠰᠡᠨ ᠮᠥᠷᠭᠥᠬᠦ ᠡᠴᠡ ᠪᠤᠰᠤ ᠥᠭᠡᠷ᠎ᠡ ᠶᠠᠭᠤ ᠣ ᠳᠠᠭᠠᠳᠬᠠᠳᠠᠭ ᠦᠭᠡᠢ》 ᠭᠡᠵᠡᠢ᠃ ᠭᠠᠯ᠁ ᠭᠤᠷᠪᠠᠨ ᠤᠳᠠᠭ᠎ᠠ ᠵᠠᠯᠪᠠᠷᠢᠨ ᠮᠥᠷᠭᠥᠬᠦ ᠭᠤᠷᠮᠤᠰᠤᠨ ᠰᠡᠳᠬᠢᠯᠭᠡ᠁ ᠤᠬᠠᠭᠠᠨ᠂ ᠡᠷᠡᠭᠦᠯ( ᠠᠮᠢ) ᠪᠡᠶ᠎ᠡ ᠡᠴᠡ ᠪᠡᠨ ᠥᠭᠡᠷ᠎ᠡ ᠶᠠᠭᠤ ᠴᠤ᠌ ᠦᠯᠦ ᠬᠦᠰᠡᠬᠦ ᠭᠦᠨ ᠤᠬᠠᠭᠠᠨ᠂ ᠡᠨᠡ ᠦᠶ᠎ᠡ ᠳ᠋ᠦ᠍ ᠬᠡᠪᠰᠢᠮᠡᠯ ᠪᠠᠢᠵᠠᠢ᠃ ᠭᠢᠯᠤᠮ ᠷᠦᠪᠷᠦ᠋ᠺ《 ᠲᠥᠷᠥᠨ᠎ᠡ ᠡᠲᠡᠭᠡᠳ ᠲᠦ᠍ ᠵᠣᠷᠴᠢᠭᠰᠠᠨ ᠮᠢᠨᠢ》 ᠨᠣᠮ ᠳ᠋ᠠᠭᠠᠨ ᠭᠤᠷᠪᠠᠯ ᠴᠣᠭᠴᠠᠯᠠᠭᠰᠠᠨ ᠰᠡᠳᠬᠢᠯᠭᠡ ᠶ᠋ᠢ《᠁ ᠥᠷᠯᠥᠭᠡ ᠴᠠᠢ ᠠᠪᠴᠤ ᠡᠮᠦᠨ᠎ᠡ ᠵᠦᠭ ᠭᠤᠷᠪᠠᠨ ᠤᠳᠠᠭ᠎ᠠ ᠰᠥᠭᠥᠳᠦᠨ ᠡᠷᠭᠦᠬᠦ ᠪᠥᠭᠡᠳ ᠡᠨᠡ ᠨᠢ ᠭᠠᠯ ᠢ᠋ ᠳᠠᠬᠢᠵᠤ ᠪᠠᠢᠭ᠎ᠠ ᠨᠢ ᠠᠭᠠᠳ ᠳᠠᠷᠠᠭ᠎ᠠ ᠨᠢ ᠲᠩᠷᠢ ᠳ᠋ᠦ᠍ ᠳᠣᠷᠣᠨ᠎ᠠ ᠵᠦᠭ᠂ ᠤᠰᠤᠨ ᠳ᠋ᠤ᠌ ᠡᠮᠦᠨ᠎ᠡ ᠵᠦᠭ᠂ ᠨᠭᠴᠭᠰᠳ ᠨᠥᠭᠴᠡᠭᠰᠡᠳ ᠲᠦ᠍ ᠥᠷᠥᠨ᠎ᠡ ᠵᠦᠭ ᠮᠥᠨ ᠴᠠᠴᠤᠵᠤ ᠲᠡᠢᠮᠦ ᠶᠣᠰᠣ ᠭᠦᠢᠴᠡᠳᠬᠡᠨ᠎ᠡ》 ᠭᠡᠮᠡᠨ ᠪᠢᠴᠢᠵᠡᠢ᠃
ᠫᠯᠠᠨᠤ᠋ ᠺᠡᠷᠪᠢᠨᠤ᠋ ᠨᠣᠮ ᠳ᠋ᠠᠭᠠᠨ《᠁ ᠲᠡᠳᠡ ᠨᠠᠷᠠ ᠰᠠᠷ᠎ᠠ ᠭᠠᠯ ᠪᠣᠯᠤᠨ ᠪᠠᠰᠠ ᠤᠰᠤ ᠭᠠᠵᠠᠷ ᠳᠡᠯᠡᠬᠡᠢ ᠳ᠋ᠦ᠍ ᠰᠦᠰᠦᠭᠯᠡᠨ ᠮᠥᠷᠭᠥᠵᠦ ᠢᠯᠠᠩᠭᠤᠶ᠎ᠠ ᠥᠷᠯᠥᠭᠡ ᠂ ᠢᠳᠡᠵᠦ ᠤᠤᠭᠤᠬᠤ ᠠ᠋ᠴᠠ ᠪᠠᠨ ᠡᠮᠦᠨ᠎ᠡ ᠬᠣᠭᠣᠯᠠ ᠴᠠᠢ ᠶ᠋ᠢᠨ ᠢ᠋ᠶ᠋ᠡᠨ ᠳᠡᠭᠡᠵᠢ ᠶ᠋ᠢ ᠡᠷᠭᠦᠳᠡᠭ ᠪᠣᠯᠠᠢ》 ᠭᠡᠵᠡᠢ᠃ ᠡᠨᠳᠡ《 ᠨᠠᠷᠠ ᠰᠠᠷ᠎ᠠ ᠭᠠᠯ》 ᠭᠡᠵᠦ ᠤᠯᠠᠮ ᠴᠤ᠌ ᠲᠣᠳᠣᠷᠬᠠᠢ ᠪᠢᠴᠢᠵᠦ ᠡᠯ᠎ᠡ ᠰᠦᠯᠳᠡ800 ᠵᠢᠯ ᠦ᠋ᠨ ᠲᠡᠷᠲᠡᠭᠡ ᠬᠠᠭᠤᠴᠢᠨ ᠤᠯᠠᠮᠵᠢᠯᠠᠯᠲᠤ ᠰᠡᠳᠬᠢᠯᠭᠡ ᠰᠦᠯᠳᠡ ᠪᠠᠢᠭᠰᠠᠨ ᠢ᠋ ᠪᠠᠲᠤᠯᠠᠪᠠ᠃ ᠺᠡᠷᠫᠢᠨᠤ᠋ ᠶ᠋ᠢᠨ ᠠᠵᠢᠭᠯᠠᠭᠰᠠᠨ ᠥᠭᠡᠷ᠎ᠡ ᠨᠢᠭᠡ ᠵᠦᠢᠯ ᠨᠢ《 ᠭᠠᠯ》 ᠶᠤᠮ᠃ ᠲᠡᠷᠡ《᠁ ᠭᠠᠯ ᠤᠷᠤᠭᠤ ᠬᠢᠲᠤᠭ᠎ᠠ ᠪᠠᠷ ᠴᠢᠴᠢᠬᠦ ᠡᠰᠡᠪᠡᠯ ᠶᠠᠮᠠᠷ ᠨᠢᠭᠡᠨ ᠪᠠᠢᠳᠠᠯ ᠢ᠋ᠶ᠋ᠠᠷ ᠬᠢᠲᠤᠭ᠎ᠠ ᠪᠠᠨ ᠭᠠᠯ ᠬᠦᠷᠭᠡᠬᠦ᠂ ᠮᠥᠨ ᠬᠢᠲᠤᠭ᠎ᠠ ᠪᠠᠷ ᠲᠣᠭᠣᠭᠠᠨ ᠠ᠋ᠴᠠ ᠮᠢᠬ᠎ᠠ ᠠᠪᠬᠤ᠂ ᠲᠡᠭᠦᠨᠴᠢᠯᠡᠨ ᠭᠠᠯ ᠤ᠋ᠨ ᠳᠡᠷᠭᠡᠳᠡ
———————————
① ᠮᠣᠨᠢᠽᠮ— ᠨᠢᠭᠡ ᠡᠰᠢᠲᠦ ᠣᠨᠣᠯ᠃ ᠳᠡᠯᠡᠬᠡᠢ ᠵᠥᠪᠬᠡᠨ ᠨᠢᠭᠡ ᠯᠡ ᠢᠵᠠᠭᠤᠷ ᠲᠠᠢ ᠭᠡᠵᠦ ᠦᠵᠡᠳᠡᠭ ᠭᠦᠨ ᠤᠬᠠᠭᠠᠨ ᠤ᠋ ᠰᠤᠷᠭᠠᠯ᠂ ᠪᠣᠳᠠᠰ ᠪᠣᠯ ᠳᠡᠯᠡᠬᠡᠢ ᠶ᠋ᠢᠨ ᠢᠵᠠᠭᠤᠷ ᠭᠡᠵᠦ ᠦᠵᠡᠳᠡᠭ ᠨᠢ ᠪᠣᠳᠠᠰᠴᠢ ᠦᠵᠡᠯ ᠦ᠋ᠨ ᠮᠣᠨᠢᠽᠮ᠃ ᠣᠶᠤᠨ ᠰᠠᠨᠠᠭ᠎ᠠ ᠪᠣᠯ ᠳᠡᠯᠡᠬᠡᠢ ᠶ᠋ᠢᠨ ᠢᠵᠠᠭᠤᠷ ᠭᠡᠵᠦ ᠦᠵᠡᠳᠡᠭ ᠨᠢ ᠰᠡᠳᠬᠢᠯᠴᠢ ᠦᠵᠡᠯ ᠦ᠋ᠨ ᠮᠣᠨᠢᠽᠮ( ᠪᠠᠭᠤᠯᠭᠠᠭᠴᠢ)
ᠲᠦᠯᠡᠭᠡ ᠬᠠᠭᠠᠯᠪᠠᠯ ᠲᠡᠳᠡ ᠭᠠᠯ ᠤ᠋ᠨ ᠲᠣᠯᠣᠭᠠᠢ ᠶ᠋ᠢ ᠲᠠᠰᠤᠯᠴᠢᠬᠠᠨᠠ ᠭᠡᠵᠦ ᠢᠲᠡᠭᠡᠬᠦ ᠪᠣᠯᠠᠢ》 ᠭᠡᠵᠦ ᠲᠡᠮᠳᠡᠭᠯᠡᠨ ᠦᠯᠡᠳᠡᠭᠡᠭᠰᠡᠨ ᠶᠠᠪᠤᠳᠠᠯ ᠶᠤᠮ᠃ ᠡᠨᠳᠡ ᠭᠠᠯ ᠪᠣᠳᠠᠲᠤ ᠪᠠᠢᠳᠠᠯ ᠢ᠋ᠶ᠋ᠠᠷ ᠢ᠋ᠶ᠋ᠠᠨ ᠲᠡᠳᠦᠢ ᠦᠭᠡᠢ ᠪᠡᠯᠭᠡ ᠰᠢᠨᠵᠢ ᠳᠠᠪᠠᠭᠤ ᠠᠭᠰᠠᠨ ᠢ᠋ ᠨᠡᠭᠡᠭᠡᠵᠡᠢ᠃ ᠮᠥᠨ ᠪᠤᠷᠬᠠᠨ( ᠪᠤᠷᠭᠠᠰᠤ) ᠶ᠋ᠢᠨ ᠳᠠᠷᠬᠠᠨ ᠰᠢᠲᠦᠯᠭᠡ《 ᠪᠢᠳᠡ ᠴᠦ᠍ ᠭᠡᠰᠡᠨ ᠮᠣᠷᠢ ᠪᠠᠨ ᠭᠤᠶᠠᠳᠠᠬᠤ᠂ ᠶᠠᠭᠤᠮ᠎ᠠ ᠡᠷᠢᠵᠦ ᠶᠠᠳᠠᠵᠤ ᠶᠠᠪᠤᠬᠤ ᠳ᠋ᠠᠭᠠᠨ ᠭᠠᠭᠴᠠ ᠴᠤ᠌ ᠪᠤᠷᠭᠠᠰᠤ ᠰᠢᠲᠦᠭᠳᠡᠵᠦ ᠬᠤᠭᠤᠯᠬᠤ ᠶ᠋ᠢ ᠵᠢᠷᠦᠬᠡᠯᠡᠭᠡ ᠦᠭᠡᠢ ᠪᠢᠯᠡ》 ᠭᠡᠰᠡᠨ ᠢ᠋ᠶ᠋ᠡᠷ ᠲᠣᠳᠣᠷᠠᠵᠤ ᠪᠠᠢᠨ᠎ᠠ᠃ ᠺᠡᠷᠫᠢᠨᠦ᠌《 ᠲᠡᠳᠡ ᠪᠤᠷᠬᠠᠨ ᠢ᠋ᠶ᠋ᠠᠨ ᠡᠲᠦᠭᠡᠨ ᠡᠬᠡ ᠭᠡᠬᠦ ᠪᠥᠭᠡᠳ》 ᠭᠡᠰᠡᠨ ᠪᠣᠯ ᠮᠠᠷᠺᠣ ᠫᠣᠯᠤ᠋《 ᠨᠠᠴᠢᠭᠠᠢ᠁ ᠪᠦᠬᠦ ᠶᠠᠭᠤᠮᠠᠨ ᠤ᠋ ᠰᠢᠲᠦᠭᠡᠨ ᠰᠠᠬᠢᠭᠤᠰᠤᠨ ᠤ᠋ ᠪᠤᠷᠬᠠᠨ ᠶᠤᠮ》 ᠭᠡᠵᠡᠢ᠃ ᠡᠳᠦᠭᠡᠨ ᠡᠬᠡ᠂ ᠨᠠᠴᠢᠭᠠᠢ᠁ ᠡᠳᠡᠭᠡᠷ ᠦᠭᠡᠰ ᠦ᠋ᠨ ᠤᠳᠬ᠎ᠠ ᠶ᠋ᠢᠨ ᠲᠠᠯ᠎ᠠ ᠪᠠᠷ ᠲᠤᠬᠠᠢ ᠶ᠋ᠢᠨ ᠦᠶ᠎ᠡ ᠶ᠋ᠢᠨ ᠪᠡᠯᠭᠡ ᠰᠡᠳᠬᠢᠯᠭᠡᠨ ᠳ᠋ᠦ᠍ ᠪᠣᠳᠣᠵᠤ ᠦᠵᠡᠪᠡᠰᠦ ᠥᠨᠥᠬᠢ ᠭᠦᠨ ᠤᠬᠠᠭᠠᠨ ᠤ᠋ ᠡᠬᠡ ᠡᠳᠦᠭᠡᠨ( ᠪᠠᠢᠭᠠᠯᠢ ᠡᠬᠡ)᠂ ᠨᠠᠴᠠᠭᠠᠢ ᠨᠢ ᠮᠥᠨ ᠯᠡ ᠡᠬᠡ ᠲᠠᠯ᠎ᠠ ᠶ᠋ᠢᠨ ᠰᠢᠲᠦᠭᠡᠨ᠂ ᠡᠳᠦᠭᠡ ᠶ᠋ᠢᠨ ᠮᠣᠩᠭᠣᠯ ᠬᠡᠯᠡᠨ ᠳ᠋ᠦ᠍ ᠪᠠᠢᠭ᠎ᠠ ᠤᠳᠬ᠎ᠠ ᠪᠠᠷ ᠪᠣᠯ ᠡᠵᠢ ᠶ᠋ᠢᠨ ᠲᠠᠯ᠎ᠠ ᠶ᠋ᠢᠨ ᠰᠠᠳᠤᠨ᠂《 ᠨᠠᠭᠠᠴᠤ》᠂ ᠬᠦᠨᠳᠦᠯᠡᠯ ᠦ᠋ᠨ《 ᠡᠬᠡ》᠂ ᠪᠠᠰᠠ ᠨᠠᠭᠠᠴᠤ ᠠᠪᠤ( ᠨᠠᠴᠢᠭᠠᠢ ᠠᠪᠤ ᠭᠡᠵᠦ ᠳᠦᠷᠰᠦᠯᠡᠭᠳᠡᠳᠡᠭ ᠪᠤᠷᠬᠠᠨ ᠤ᠋ ᠣᠢᠯᠠᠭᠠᠯᠲᠠ ᠪᠣᠢ》 ᠪᠠᠢᠵᠤ ᠪᠣᠯᠬᠤ ᠶᠤᠮ ᠭᠡᠵᠦ ᠰᠠᠨᠠᠭᠳᠠᠨ᠎ᠠ᠃ ᠡᠳ᠋ ᠥᠨᠥᠬᠢ ᠯᠡ ᠭᠠᠯ᠁ ᠭᠤᠷᠪᠠ ᠮᠥᠷᠭᠥᠯ᠁ ᠪᠤᠷᠭᠠᠰᠤ᠁ ᠮᠥᠩᠬᠡ ᠭᠠᠯ᠁ ᠡᠬᠡ( ᠡᠳᠦᠭᠡᠨ᠂ ᠨᠠᠴᠢᠭᠠᠢ) ᠳᠠᠪᠲᠠᠭᠳᠠᠯᠠ᠃ ᠡᠨᠡ ᠨᠢ ᠭᠤᠷᠪᠠᠨ ᠡᠰᠢᠲᠦ ᠭᠤᠷᠮᠤᠰᠤᠨ ᠰᠡᠳᠬᠢᠯᠭᠡᠨ ᠦ᠌ ᠮᠣᠩᠭᠣᠯ ᠭᠦᠨ ᠤᠬᠠᠭᠠᠨ᠂ ᠪᠠᠯᠠᠷ ᠡᠷᠲᠡᠨ ᠦ᠌ ᠬᠢᠵᠠᠭᠠᠷ ᠲᠠᠢ ᠪᠣᠯᠬᠤ ᠶ᠋ᠢ ᠪᠠᠰᠠ ᠡᠨᠡ ᠤᠳᠤᠮᠰᠢᠯᠲᠤ ᠰᠡᠳᠬᠢᠯᠭᠡ ᠶᠠᠭᠠᠬᠢᠪᠠᠴᠤ ᠮᠣᠨᠢᠰᠲ᠋ ᠨᠢᠭᠡ ᠠᠩᠬᠠᠳᠠᠭᠴᠢ ᠶ᠋ᠢ ᠬᠠᠢᠬᠤ ᠶᠣᠰᠣ ᠦᠭᠡᠢ ᠭᠡᠳᠡᠭ ᠢ᠋ ᠪᠠᠲᠤᠯᠠᠬᠤ ᠠᠪᠠᠢ᠃
ᠭᠤᠷᠪᠠᠯ ᠣᠨᠣᠯ᠂ ᠭᠠᠯ ᠲᠠᠬᠢᠯᠭ᠎ᠠ ᠶ᠋ᠢᠨ ᠲᠠᠯ᠎ᠠ ᠪᠠᠷ ᠮᠠᠷᠺᠣ ᠫᠣᠯᠤ᠋ ᠨᠢᠭᠡ ᠰᠣᠨᠢᠨ ᠳᠣᠮᠣᠭ ᠲᠡᠮᠳᠡᠭᠯᠡᠭᠰᠡᠨ ᠨᠢ ᠬᠡᠯᠡ( ᠭᠠᠯ) ᠠᠲ᠋ᠠᠫᠸᠷᠢᠰᠲ᠋ᠠᠨ ᠭᠡᠬᠦ ᠴᠠᠢᠵᠠ ᠪᠠᠢᠳᠠᠭ ᠲᠡᠷᠡ ᠨᠢ ᠭᠠᠯ ᠲᠠᠬᠢᠬᠴᠢᠳ ᠤ᠋ᠨ ᠴᠠᠢᠵᠠ᠃ ᠤᠷᠢᠳᠤ ᠴᠠᠭ ᠲᠤ ᠭᠤᠷᠪᠠᠨ ᠬᠠᠨ ᠰᠢᠨ᠎ᠡ ᠲᠣᠳᠣᠷᠠᠭᠰᠠᠨ ᠨᠢᠭᠡᠨ ᠭᠡᠭᠡᠨᠲᠡᠨᠦ᠍ ᠮᠥᠷᠭᠥᠬᠦ ᠪᠡᠷ ᠣᠴᠢᠬᠤ ᠳ᠋ᠠᠭᠠᠨ ᠠᠯᠲᠠ᠂ ᠬᠦᠨᠡᠰᠦ᠂ ᠡᠮ ᠭᠤᠷᠪᠠ ᠠ᠋ᠴᠠ ᠪᠡᠯᠡᠭ ᠪᠠᠷᠢᠵᠤ᠂ ᠲᠩᠷᠢ ᠡᠵᠡᠨ ᠤᠤ᠂ ᠳᠡᠯᠡᠬᠡᠢ ᠬᠠᠭᠠᠨ ᠤᠤ᠂ ᠡᠰᠡᠪᠡᠯ ᠣᠲᠠᠴᠢ ᠤᠤ?( ᠣᠶᠤᠨ᠂ ᠣᠷᠣᠰᠢᠬᠤ᠂ ᠠᠮᠢ ᠨ᠂ ᠨ) ᠭᠡᠮᠡᠨ ᠲᠡᠩᠰᠡᠵᠡᠢ᠃ ᠭᠤᠷᠪᠠᠨ ᠭᠡᠭᠡᠨ ᠭᠠᠭᠴᠠ ᠭᠠᠭᠴᠠ ᠪᠠᠷ ᠢ᠋ᠶ᠋ᠠᠨ ᠣᠷᠣᠬᠤᠯ᠎ᠠ ᠥᠪᠡᠷ ᠲᠡᠢ ᠨᠢ ᠠᠳᠠᠯᠢ ᠪᠣᠯᠤᠭᠠᠳ ᠪᠠᠢᠭᠰᠠᠨ ᠲᠤᠯᠠ ᠬᠠᠮᠲᠤ ᠣᠷᠣᠪᠠᠰᠤ ᠰᠠᠶᠢ ᠭᠡᠭᠡᠨ ᠳᠦᠷᠢ ᠪᠡᠷ ᠢ᠋ᠶ᠋ᠡᠨ ᠲᠣᠳᠣᠷᠠᠵᠠᠢ( ᠭᠠᠮᠮᠠᠨ᠂ ᠹᠸᠲ᠋ᠲ᠋ᠠ᠂ ᠠᠯᠹᠠ ᠮᠡᠲᠦ[ ᠨᠢᠭᠡ] ᠪᠣᠯᠤᠯᠲᠠᠢ)᠃ ᠭᠡᠭᠡᠨ ᠲᠡᠳᠡᠨ ᠡᠴᠡ ᠨᠢᠭᠡ ᠪᠡᠯᠡᠭ ᠠᠪᠴᠤ ᠬᠣᠶᠠᠷ ᠢ᠋ ᠨᠢ ᠣᠷᠬᠢᠭᠰᠠᠨ ᠦᠭᠡᠢ ᠭᠤᠷᠪᠠᠨ ᠪᠡᠯᠡᠭ ᠢ᠋ ᠬᠠᠮᠲᠤ ᠠᠪᠤᠭᠰᠠᠨ ᠨᠢ ᠲᠩᠷᠢ᠂ ᠳᠡᠯᠡᠬᠡᠢ᠂ ᠣᠲᠠᠴᠢ ᠭᠤᠷᠪᠠᠨ ᠨᠢᠭᠡ ᠪᠣᠯᠬᠤ ᠶ᠋ᠢ ᠳᠣᠬᠢᠶᠠᠯᠠᠵᠤ ᠬᠠᠷᠢᠭᠤ ᠳ᠋ᠤ᠌ ᠬᠠᠢᠷᠴᠠᠭ ᠲᠤ᠌ ᠬᠢᠭᠰᠡᠨ ᠭᠠᠭᠴᠠ ᠰᠢᠷᠬᠡᠭ ᠴᠢᠯᠠᠭᠤ ᠥᠭᠴᠦ ᠭᠡᠨ᠎ᠡ᠃ ᠲᠡᠳᠡ ᠴᠢᠯᠠᠭᠤᠨ ᠤ᠋ ᠷᠢᠳᠢ ᠰᠢᠳᠢ ᠶ᠋ᠢ ᠡᠰᠡ ᠤᠬᠠᠭᠠᠷᠠᠵᠤ ᠨᠢᠭᠡᠨ ᠬᠤᠳᠳᠤᠭ ᠲᠤ ᠬᠠᠶᠠᠲᠠᠯᠠ ᠲᠩᠷᠢ ᠡᠴᠡ ᠶᠡᠬᠡ ᠭᠠᠯ ᠡᠭᠴᠡ ᠳᠣᠭᠣᠭᠰᠢ ᠪᠠᠨ ᠤᠭ ᠬᠤᠳᠳᠤᠭ ᠤᠷᠤᠭᠤ ᠡᠷᠴᠢᠯᠡᠨ ᠪᠠᠭᠤᠭᠰᠠᠨ ᠳ᠋ᠤ᠌ ᠳᠠᠯᠳᠠ ᠤᠳᠬ᠎ᠠ ᠭᠦᠨ ᠤᠴᠢᠷ ᠪᠠᠢᠭᠰᠠᠨ ᠰᠠᠨᠵᠠᠢ ᠭᠡᠮᠡᠨ ᠰᠠᠶᠢ ᠰᠡᠬᠡᠭᠡᠷᠡᠵᠦ ᠲᠡᠷᠡ ᠬᠤᠳᠳᠤᠭ ᠤ᠋ᠨ ᠭᠠᠯ ᠠ᠋ᠴᠠ ᠠᠪᠴᠤ ᠨᠤᠲᠤᠭ ᠲᠠᠭᠠᠨ ᠣᠳᠤᠭᠠᠳ᠁ ᠲᠡᠷᠡ ᠭᠠᠯ ᠢ᠋ ᠮᠥᠩᠬᠡ ᠰᠠᠬᠢᠨ ᠪᠤᠷᠬᠠᠨ ᠲᠩᠷᠢ ᠳ᠋ᠦ᠍ ᠮᠥᠷᠭᠥᠬᠦ ᠠᠳᠠᠯᠢ ᠪᠠᠷ ᠲᠡᠭᠦᠨ ᠳ᠋ᠦ᠍ ᠮᠥᠷᠭᠥᠨ ᠠᠯᠢᠪᠠ ᠲᠠᠬᠢᠯ ᠳᠡᠪᠢᠭ ᠡᠷᠭᠦᠵᠦ ᠠᠪᠠᠢ᠃ ᠬᠡᠷᠪᠡ ᠲᠡᠷᠡ ᠭᠠᠯ ᠣᠰᠣᠯᠳᠠᠨ ᠪᠥᠬᠥᠪᠡᠯ ᠮᠥᠨ ᠬᠦ᠌ ᠭᠠᠯ ᠠ᠋ᠴᠠ ᠵᠠᠯᠠᠬᠤ ᠪᠠᠷ ᠣᠳᠴᠤ᠂ ᠤᠭ ᠭᠠᠯ ᠳ᠋ᠤ᠌ ᠮᠥᠷᠭᠥᠨ ᠳᠠᠢᠭᠠᠳ ᠢᠷᠡᠳᠡᠭ ᠠᠵᠠᠢ᠃ ᠲᠡᠢᠨ ᠬᠦ᠌ ᠲᠡᠷᠡ ᠭᠠᠵᠠᠷ ᠤ᠋ᠨ ᠬᠥᠮᠦᠰ ᠭᠠᠯ ᠳᠠᠬᠢᠵᠤ ᠮᠥᠷᠭᠥᠳᠡᠭ ᠶᠣᠰᠣ ᠡᠢᠮᠦ ᠪᠤᠶᠤ ᠬᠡᠮᠡᠵᠦ ᠤᠭ ᠴᠠᠢᠵᠠ ᠶ᠋ᠢ ᠫᠧᠷᠰ ᠲᠦ᠍ ᠪᠣᠢ ᠬᠡᠮᠡᠵᠡᠢ᠃ ᠡᠨᠡ ᠪᠣᠯ ᠤᠷᠢᠳᠤ ᠴᠠᠭ ᠤ᠋ᠨ ᠪᠠᠷᠠᠭᠤᠨ ᠾᠦᠩᠨᠦ ᠶ᠋ᠢᠨ ᠨᠤᠲᠤᠭ ᠨᠤᠭᠤ ᠮᠥᠨ ᠪᠣᠯᠠᠢ᠃ ᠲᠠᠰᠢᠷᠠᠮ ᠳ᠋ᠤ᠌ ᠲᠡᠮᠳᠡᠭᠯᠡᠬᠦ ᠳ᠋ᠦ᠍《 ᠠᠯᠲᠠᠲᠠᠢ》 ᠭᠡᠳᠡᠭ ᠦᠭᠡ ᠡᠴᠡ《 ᠭᠠᠷᠤᠯ ᠲᠠᠢ》 ᠭᠡᠬᠦ ᠠᠯᠲᠠᠢ ᠶ᠋ᠢᠨ ᠨᠢᠷᠤᠭᠤ ᠨᠢ ᠭᠠᠯ ᠲᠠᠬᠢᠯᠭ᠎ᠠ ᠶ᠋ᠢᠨ ᠪᠡᠯᠭᠡ《 ᠭᠠᠯᠲᠠᠢ》 ᠪᠥᠭᠡᠳ13 ᠠᠯᠲᠠᠢ ᠭᠡᠳᠡᠭ ᠨᠢ ᠶᠡᠬᠡ ᠮᠣᠩᠭᠣᠯ ᠤ᠋ᠨ ᠤᠤᠯ ᠂ ᠪᠠᠭ᠎ᠠ ᠠᠽᠢ ᠬᠦᠷᠲᠡᠯ᠎ᠡ ᠳᠠᠮᠨᠠᠭᠰᠠᠨ ᠭᠠᠯ ᠤ᠋ᠨ ᠰᠢᠲᠦᠭᠡᠨ ᠦ᠌ ᠣᠷᠭᠢᠯ ᠰᠦᠮᠪᠦᠷ ᠠᠭᠤᠯᠠ ᠲᠤᠯᠤᠭᠠᠳ ᠪᠠᠢᠬᠤ ᠮᠠᠭᠠᠳᠯᠠᠯ ᠶᠡᠬᠡ ᠪᠣᠢ᠃ ᠥᠨᠥ ᠶ᠋ᠢᠨ ᠮᠣᠩᠭᠣᠯ ᠠᠯᠳᠠᠷ ᠨᠢ ᠮᠥᠩᠬᠡᠭᠠᠯ ᠭᠠᠯᠲᠠᠢ ᠪᠥᠭᠡᠳ ᠴᠣᠬᠣᠮ ᠡᠨᠡ ᠬᠣᠷᠰᠢᠶ᠎ᠠ ᠦᠭᠡᠨ ᠦ᠌ ᠬᠡᠯᠡᠬᠦ ᠤᠷᠤᠰᠬᠠᠯ ᠳ᠋ᠤ᠌ ᠠᠪᠢᠶ᠎ᠠ ᠭᠡᠭᠡᠭᠳᠡᠭᠰᠡᠨ ᠡᠴᠡ ᠰᠢᠯᠲᠠᠭᠠᠯᠠᠵᠤ ᠠᠯᠲᠠᠢ ᠭᠡᠬᠦ ᠬᠡᠯᠡᠯᠭᠡ ᠡᠭᠦᠰᠦᠭᠰᠡᠨ᠃ ᠪᠠᠭ᠎ᠠ ᠭᠠᠯᠲᠠᠢ ᠨᠢ ᠭᠣᠪᠢ— ᠠᠯᠲᠠᠢ ᠶ᠋ᠢᠨ ᠨᠢᠷᠤᠭᠤ᠂ ᠡᠨᠡᠴᠢᠯᠡᠨ ᠢᠳᠡᠷ ᠠᠯᠲᠠᠢ( ᠬᠠᠩᠭᠠᠢ ᠶ᠋ᠢᠨ ᠨᠢᠷᠤᠭᠤᠨ ᠳ᠋ᠤ᠌ ᠠᠷᠤᠬᠠᠩᠭᠠᠢ ᠶ᠋ᠢᠨ ᠴᠢᠯᠠᠭᠤᠲᠤ ᠣᠷᠴᠢᠮ ᠳ᠋ᠤ᠌)᠂ ᠤᠯᠤᠰ ᠬᠢᠯᠢ ᠶ᠋ᠢᠨ ᠭᠠᠳᠠᠨ᠎ᠠ ᠠᠭᠤᠯᠠ ᠶ᠋ᠢᠨ ᠭᠠᠯᠲᠠᠢ( ᠭᠣᠷᠨᠤ᠋ ᠠᠯᠳᠠᠢᠰᠺᠢ)᠂ ᠠᠯᠠᠲ᠋ᠠᠤ᠋᠂ ᠠᠯᠮᠠ— ᠠᠲ᠋ᠠ ᠴᠤ᠌《 ᠭᠠᠯᠲᠠᠢ》 ᠰᠢᠲᠦᠯᠭᠡ ᠶ᠋ᠢᠨ ᠲᠥᠪ ᠪᠠᠢᠵᠤ ᠪᠣᠯᠬᠤ᠂ ᠰᠤᠳᠤᠯᠭ᠎ᠠ ᠱᠠᠭᠠᠷᠳᠠᠭᠰᠠᠨ ᠲᠡᠦᠬᠡ ᠶ᠋ᠢᠨ ᠨᠢᠭᠤᠴᠠ ᠭᠡᠮᠡᠨ ᠰᠠᠨᠠᠨ᠎ᠠ᠃ ᠶᠠᠭᠤᠲᠠᠢ ᠴᠤ᠌13 ᠠᠯᠲᠠᠢ ᠶ᠋ᠢ ᠲᠣᠳᠣᠷᠠᠭᠤᠯᠬᠤ ᠱᠠᠭᠠᠷᠳᠠᠯᠭ᠎ᠠ ᠪᠠᠢᠨ᠎ᠠ᠃ ᠶᠡᠬᠡ ᠠᠭᠤᠯᠠᠰ ᠦᠭᠡᠢ ᠭᠠᠵᠠᠷ ᠤ᠋ᠳ ᠲᠤ᠌ ᠵᠢᠱ᠌ᠢᠶ᠎ᠡ ᠨᠢ ᠬᠡᠨᠲᠡᠢ ᠳ᠋ᠦ᠍ ᠰᠡᠷᠢᠭᠦᠨ ᠭᠠᠯᠲᠠᠢ᠂ ᠬᠠᠩᠭᠠᠢ ᠶ᠋ᠢᠨ ᠨᠢᠷᠤᠭᠤᠨ ᠳ᠋ᠤ᠌ ᠢᠳᠡᠷ ᠠᠯᠲᠠᠢ᠂ ᠠᠯᠲᠠᠢ( ᠵᠠᠪᠬᠠᠨ ᠪᠠᠶᠠᠨᠲ᠋ᠠᠰ) ᠰᠡᠯᠡᠩᠭᠡ ᠳ᠋ᠦ᠍ ᠪᠤᠷᠭᠠᠯᠲᠠᠢ( ᠪᠤᠷᠬᠠᠨ ᠭᠠᠯᠲᠠᠢ ᠭᠡᠬᠦ ᠢᠵᠠᠭᠤᠷ ᠡᠷᠲᠡᠨ ᠦ᠌ ᠦᠯᠡᠳᠡᠴᠡ)᠂ ᠠᠭᠤᠯᠠ ᠠᠯᠳᠠᠭᠠᠳ( ᠣᠯᠠᠨ ᠲᠣᠭ᠎ᠠ) ᠪᠣᠯᠤᠨ ᠳᠠᠩ ᠭᠠᠯᠲᠠᠢ( ᠳᠠᠩ ᠭᠠᠯᠲᠠᠢ ᠪᠤᠶᠤ ᠳᠠᠩ ᠨᠢ ᠭᠠᠭᠴᠠ ᠭᠡᠰᠡᠨ ᠤᠳᠬ᠎ᠠ ᠪᠦᠬᠦᠢ ᠳᠠᠩ ᠮᠣᠷᠢ ᠲᠠᠢ ᠭᠡᠬᠦ ᠲᠡᠢ ᠠᠳᠠᠯᠢ) ᠣᠷᠣᠨ ᠨᠤᠲᠤᠭ ᠤ᠋ᠨ ᠠᠭᠤᠯᠠ ᠶ᠋ᠢ《 ᠠᠯᠲᠠ》 ᠡᠵᠡᠯᠡᠭᠰᠡᠨ ᠭᠡᠵᠦ ᠣᠨᠣᠰᠢᠯᠠᠬᠤ ᠠ᠋ᠴᠠ ᠢᠯᠡᠭᠦᠦ《 ᠭᠠᠯᠲᠠᠢ》 ᠭᠡᠮᠡᠨ ᠳᠠᠭᠢᠬᠤ《 ᠭᠠᠯ》 ᠰᠢᠲᠦᠭᠡᠨ ᠢ᠋ᠶ᠋ᠡᠨ ᠣᠩᠭᠣᠯᠠᠬᠤ ᠨᠢ ᠢᠯᠡᠭᠦᠦ ᠨᠡᠢᠴᠡᠲᠡᠢ ᠠᠭᠰᠠᠨ ᠬᠢᠭᠡᠳ ᠠᠯᠲᠠᠲᠠᠢ ᠭᠠᠵᠠᠷ ᠢ᠋ ᠠᠯᠲᠠᠨ᠂ ᠠᠯᠲᠠᠲᠤ᠂ ᠠᠯᠲᠠᠨ ᠭᠡᠵᠦ ᠨᠡᠷᠡᠯᠡᠭᠰᠡᠨ ᠪᠥᠯᠥᠭᠡ᠃ ᠭᠠᠯ ᠰᠢᠲᠦᠭᠡᠨ ᠭᠠᠭᠴᠠ ᠴᠤ᠌ ᠭᠤᠷᠪᠠᠨ ᠵᠠᠯᠢ᠂ ᠲᠥᠷᠥ ᠤᠳᠬᠠᠲᠤ ᠲᠤᠯᠠ ᠮᠤᠨᠢᠼᠮ ᠪᠢᠰᠢ ᠪᠣᠯᠠᠢ᠃
ᠦᠰᠦᠭ ᠠᠮᠢᠯᠠᠭᠤᠯᠤᠭᠴᠢ᠄ ᠪᠠᠶᠠᠨᠰᠡᠷᠡᠩ᠂ ᠲᠣᠭᠳᠠᠭᠤᠨᠪᠠᠶᠠᠷ
ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ᠎ᠠ
