ᠬᠣᠶᠠᠷ᠂ ᠭᠤᠷᠪᠠᠯ ᠤᠬᠠᠭᠠᠨ ᠵᠢᠩᠬᠢᠨᠢ ᠳ᠋ᠢᠶᠡᠯᠧᠺᠲ᠋ᠢᠺ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠶᠠᠷ᠂ ᠭᠤᠷᠪᠠᠯ ᠤᠬᠠᠭᠠᠨ ᠵᠢᠩᠬᠢᠨᠢ ᠳ᠋ᠢᠶᠡᠯᠧᠺᠲ᠋ᠢᠺ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу

ᠬᠣᠶᠠᠷ᠂ ᠭᠤᠷᠪᠠᠯ ᠤᠬᠠᠭᠠᠨ ᠵᠢᠩᠬᠢᠨᠢ ᠳ᠋ᠢᠶᠡᠯᠧᠺᠲ᠋ᠢᠺ-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу

2024-02-04

255

ᠬᠣᠶᠠᠷ᠂ ᠭᠤᠷᠪᠠᠯ ᠤᠬᠠᠭᠠᠨ ᠵᠢᠩᠬᠢᠨᠢ ᠳ᠋ᠢᠶᠡᠯᠧᠺᠲ᠋ᠢᠺ

          ᠬᠣᠶᠠᠷ᠂ ᠭᠤᠷᠪᠠᠯ ᠤᠬᠠᠭᠠᠨ ᠵᠢᠩᠬᠢᠨᠢ ᠳ᠋ᠢᠶᠡᠯᠧᠺᠲ᠋ᠢᠺ①
      ᠳ᠋ᠢᠶᠡᠯᠧᠺᠲ᠋ᠢᠽᠮ ᠲᠡᠦᠬᠡ ᠶ᠋ᠢᠨ ᠮᠠᠲᠧᠷᠢᠶᠠᠯᠢᠽᠮ ᠭᠡᠳᠡᠭ ᠢ᠋ ᠴᠣᠭᠴᠠᠯᠠᠭᠰᠠᠨ ᠮᠠᠷᠺᠰᠢᠽᠮ ᠨᠢ ᠹᠢᠯᠣᠰᠣᠹᠢ᠂ ᠤᠯᠤᠰ ᠲᠥᠷᠥ ᠶ᠋ᠢᠨ ᠡᠳ᠋ ᠦ᠋ᠨ ᠵᠠᠰᠠᠭ ᠤ᠋ᠨ ᠤᠬᠠᠭᠠᠨ᠂ ᠰᠤᠽᠢᠶᠠᠯᠢᠽᠮ ᠤ᠋ᠨ ᠣᠨᠣᠯ ᠬᠡᠮᠡᠬᠦ ᠮᠧᠬᠠᠨᠢᠺ ᠭᠤᠷᠪᠠᠯ ᠢ᠋ ᠪᠠᠭᠲᠠᠭᠠᠭᠰᠠᠨ᠂ ᠬᠥᠭᠵᠢᠯ ᠦ᠋ᠨ ᠭᠤᠷᠪᠠᠨ ᠬᠠᠤᠯᠢ ᠶ᠋ᠢ ᠨᠣᠮᠯᠠᠭᠰᠠᠨ ᠰᠤᠷᠭᠠᠯ ᠪᠠᠢᠪᠠ᠃ ᠭᠡᠲᠡᠯ᠎ᠡ ᠳ᠋ᠢᠶᠡᠯᠧᠺᠲ᠋ᠢᠺ ᠭᠡᠳᠡᠭ ᠨᠢ ᠬᠡᠯᠪᠡᠷᠢ ᠶ᠋ᠢᠨ ᠲᠡᠳᠦᠢ᠂ ᠭᠤᠷᠪᠠᠯ ᠳ᠋ᠤ᠌ ᠪᠤᠰᠤ ᠠᠭᠤᠯᠭ᠎ᠠ ᠠᠷᠭ᠎ᠠ ᠨᠢ ᠭᠤᠷᠪᠠᠯ ᠪᠠᠢᠬᠤ ᠶᠣᠰᠣᠲᠠᠢ ᠪᠠᠢᠵᠠᠢ᠂ ᠡᠭᠦᠨ ᠦ᠌ ᠤᠴᠢᠷ ᠢ᠋ ᠵᠢᠭᠠᠵᠤ ᠳ᠋ᠢᠶᠡᠯᠧᠺᠲ᠋ᠢᠺ ᠭᠡᠳᠡᠭ ᠦᠭᠡ ᠶ᠋ᠢᠨ ᠤᠳᠬ᠎ᠠ ᠶ᠋ᠢ ᠡᠮᠦᠨ᠎ᠡ ᠳᠤᠷᠠᠳᠤᠭᠰᠠᠨ ᠪᠢᠯᠡ᠃ ᠡᠨᠡ ᠭᠷᠸᠢᠡ  ᠦᠭᠡ ᠫᠯᠠᠲ᠋ᠤᠨ ᠦ᠌ ᠦᠶ᠎ᠡ ᠳ᠋ᠦ᠍ ᠰᠢᠨᠵᠢᠯᠡᠬᠦ ᠤᠬᠠᠭᠠᠨ ᠳ᠋ᠤ᠌ ᠣᠷᠣᠵᠤ ᠢᠷᠡᠬᠦ ᠳ᠋ᠡᠭᠡᠨ ᠡᠰᠡᠷᠭᠦ ᠲᠡᠰᠡᠷᠭᠦ ᠬᠣᠶᠠᠷ ᠰᠠᠨᠠᠯ ᠢ᠋ ᠬᠠᠷᠢᠴᠠᠭᠤᠯᠤᠨ ᠦᠵᠡᠭᠡᠳ ᠭᠤᠷᠪᠠᠳᠠᠬᠢ ᠪᠡᠶ᠎ᠡ ᠡᠴᠡ ᠵᠥᠷᠢᠴᠡᠯ ᠦ᠋ᠨ ᠤᠳᠬ᠎ᠠ ᠶ᠋ᠢ ᠳ᠋ᠦᠩᠨᠡᠬᠦ ᠵᠢᠩᠬᠢᠨᠢ ᠭᠤᠷᠪᠠᠯ ᠤ᠋ᠨ ᠭᠦᠨ ᠵᠣᠷᠢᠭᠰᠠᠨ ᠠᠭᠤᠯᠭ᠎ᠠ ᠶ᠋ᠢᠨ ᠲᠣᠮᠢᠶᠠᠯᠠᠪᠠᠯ ᠳᠡᠪᠰᠢᠭᠳᠡᠭᠰᠡᠨ ᠬᠡᠷᠡᠭ ᠪᠠᠢᠵᠠᠢ᠃ ᠭᠡᠲᠡᠯ᠎ᠡ ᠢᠳᠢᠶᠡᠯᠢᠽᠮ ᠲᠡᠢ ᠦᠶᠡᠯᠵᠡᠭᠰᠡᠨ ᠡᠰᠡᠷᠭᠦᠴᠡᠯ ᠢ᠋ᠶ᠋ᠡᠨ《ᠳ᠋ᠢᠶᠡᠯᠧᠺᠲ᠋ᠢᠺ》 ᠭᠡᠵᠦ ᠲᠣᠳᠣᠷᠬᠠᠢᠯᠠᠭᠰᠠᠨ ᠨᠢ ᠣᠨᠣᠯ ᠤ᠋ᠨ ᠠᠯᠳᠠᠭᠠᠨ ᠤ᠋ ᠡᠬᠢᠯᠡᠯ᠂ ᠪᠤᠷᠤᠭᠤ ᠠᠷᠭ᠎ᠠ ᠪᠠᠢᠨ᠎ᠠ᠃ ᠳ᠋ᠢᠶᠡᠯᠧᠺᠲ᠋ᠢᠺ ᠵᠥᠪᠬᠡᠨ ᠨᠢᠭᠡ ᠲᠠᠯ᠎ᠠ ᠶ᠋ᠢᠨ ᠮᠠᠲ᠋ᠧᠷᠢᠶᠠᠯᠢᠰᠲ ᠠᠷᠭ᠎ᠠ ᠪᠣᠯᠬᠤ ᠳ᠋ᠤ᠌ ᠬᠦᠷᠴᠦ ᠲᠤᠢᠯ ᠤ᠋ᠨ ᠵᠣᠷᠢᠯᠭ᠎ᠠ ᠨᠢ ᠠᠯᠳᠠᠭᠳᠠᠵᠠᠢ᠃ ᠣᠶᠤᠨ ᠰᠠᠨᠠᠭ᠎ᠠ ᠠᠩᠬᠠᠳᠠᠭᠴᠢ ᠪᠤᠰᠤ᠂ ᠮᠠᠲ᠋ᠧᠷᠢ ᠠᠩᠬᠠᠳᠠᠭᠴᠢ ᠭᠡᠬᠦ ᠲᠤᠢᠯᠰᠢᠷᠠᠯ ᠪᠣᠯ ᠳ᠋ᠢᠶᠡᠯᠧᠺᠲ᠋ᠢᠺ ᠪᠢᠰᠢ ᠶᠦᠮ᠃ ᠡᠢᠮᠦ ᠪᠤᠷᠤᠭᠤ ᠥᠷᠥᠭᠡᠰᠦᠭᠡᠯ ᠣᠨᠣᠯ ᠳ᠋ᠤ᠌ ᠦᠨᠳᠦᠰᠦᠯᠡᠭᠰᠡᠨ ᠹᠢᠯᠣᠰᠣᠹᠢ᠂ ᠤᠯᠤᠰ ᠲᠥᠷᠥ ᠶ᠋ᠢᠨ ᠡᠳ᠋ ᠦ᠋ᠨ ᠵᠠᠰᠠᠭ ᠤ᠋ᠨ ᠤᠬᠠᠭᠠᠨ᠂ ᠰᠤᠼᠢᠶᠠᠯᠢᠽᠮ ᠤ᠋ᠨ ᠣᠨᠣᠯ ᠴᠤ ᠢᠷᠡᠭᠡᠳᠦᠢ ᠦᠭᠡᠢ ᠪᠣᠯᠵᠤ ᠮᠤᠬᠤᠷᠳᠠᠬᠤ ᠨᠢ ᠵᠦᠢ ᠶ᠋ᠢᠨ ᠬᠡᠷᠡᠭ᠃ ᠲᠡᠭᠡᠬᠦ ᠪᠡᠷ ᠡᠨᠡ ᠢᠯᠠᠭᠳᠠᠭᠴᠢ ᠬᠢᠭᠡᠳ ᠲᠡᠭᠦᠨ ᠦ᠌ ᠢᠯᠠᠭᠴᠢ ᠬᠣᠶᠠᠷ ᠤ᠋ᠨ ᠦᠨᠡᠨ ᠠᠯᠢ ᠨᠢ ᠴᠦ᠍ ᠲᠣᠳᠣᠷᠬᠠᠢ ᠦᠭᠡᠢ《ᠵᠥᠪ》 ᠪᠥᠭᠡᠳ ᠵᠢᠩᠬᠢᠨᠢ ᠳ᠋ᠢᠶᠡᠯᠧᠺᠲ᠋ᠢᠺ ᠦᠭᠡᠢᠯᠡᠭᠳᠡᠵᠦ ᠪᠠᠢᠨ᠎ᠠ᠃ ᠥᠭᠡᠷ᠎ᠡ ᠪᠡᠷ ᠬᠡᠯᠡᠪᠡᠯ ᠭᠤᠷᠪᠠᠯ  ᠤ᠋ᠨ ᠣᠨᠣᠯ ᠭᠡᠳᠡᠭ ᠦᠭᠡ ᠤᠭ ᠤᠳᠬ᠎ᠠ ᠪᠠᠷ ᠢ᠋ᠶ᠋ᠠᠨ ᠵᠢᠩᠬᠢᠨᠢ ᠳ᠋ᠢᠶᠡᠯᠧᠺᠲ᠋ᠢᠺ ᠮᠥᠨ ᠪᠣᠯᠤᠨ᠎ᠠ᠃
      ᠥᠷᠭᠡᠨ ᠤᠳᠬ᠎ᠠ ᠪᠠᠷ ᠢ᠋ᠶ᠋ᠠᠨ ᠭᠦᠨ ᠤᠬᠠᠭᠠᠨ ᠤ᠋ ᠦᠨᠳᠦᠰᠦ ᠭᠤᠷᠪᠠᠯ( ᠳ᠋ᠢᠶᠡᠯᠧᠺᠲ᠋ᠢᠺ) ᠨᠢ ᠬᠥᠭᠵᠢᠯ ᠦ᠋ᠨ ᠦᠨᠡᠨ ᠶᠠᠭᠠᠬᠢᠬᠤ ᠠᠷᠭ᠎ᠠ ᠦᠭᠡᠢ ᠮᠥᠨ ᠪᠥᠭᠡᠳ  ᠲᠤᠬᠠᠢᠯᠠᠪᠠᠯ ᠮᠠᠲ᠋ᠧᠷᠢ( ᠣᠷᠣᠰᠢᠬᠤᠢ) ᠨᠢ ᠲᠠᠲᠠᠯᠴᠠᠯ ᠲᠦᠯᠬᠢᠯᠴᠡᠯ ᠦ᠋ᠨ ᠰᠢᠲᠦᠯᠴᠡᠯ ᠳᠡᠭᠡᠷ᠎ᠡ ᠣᠷᠣᠰᠢᠳᠠᠭ᠃ ᠣᠯᠵᠠ ᠠᠪᠤᠭᠰᠠᠨ ᠡᠨᠡ ᠬᠦ᠌ ᠰᠢᠲᠦᠯᠴᠡᠯ ᠢ᠋ ᠨᠡᠢᠭᠡᠮ ᠦ᠋ᠨ ᠤᠬᠠᠭᠠᠨ ᠳᠡᠭᠡᠷ᠎ᠡ ᠠᠪᠴᠤ ᠦᠵᠡᠪᠡᠰᠦ ᠡᠪ ᠨᠢᠭᠡᠳᠦᠯ ᠪᠣᠯᠤᠨ᠎ᠠ᠃ ᠡᠪ ᠨᠢᠭᠡᠳᠦᠯ ᠭᠡᠳᠡᠭ ᠪᠣᠯ ᠲᠠᠲᠠᠯᠴᠠᠯ ᠲᠦᠯᠬᠢᠯᠴᠡᠯ ᠦ᠋ᠨ ᠲᠤᠢᠯᠰᠢᠷᠠᠯ ᠪᠤᠰᠤ᠂ ᠭᠤᠷᠮᠤᠰᠤᠨ ᠰᠡᠳᠬᠢᠯᠭᠡᠨ ᠦ᠌ ᠦᠷ᠎ᠡ ᠳ᠋ᠦᠩ᠂ ᠡᠩᠬᠡ ᠲᠠᠢᠪᠤᠩ  ᠠᠮᠤᠷ ᠵᠢᠷᠭᠠᠯᠠᠩ( ᠰᠢᠲᠦᠯᠴᠡᠯ) ᠪᠣᠯᠤᠨ᠎ᠠ᠃ ᠡᠨᠡ ᠪᠣᠯ ᠪᠠᠢᠭᠠᠯᠢ— ᠬᠥᠮᠦᠨ— ᠨᠡᠢᠭᠡᠮ ᠳ᠋ᠡᠬᠢ ᠲᠤᠢᠯ ᠤ᠋ᠨ ᠵᠣᠷᠢᠯᠭ᠎ᠠ ᠪᠢᠯᠡ᠃ ᠡᠢᠮᠦ ᠳ᠋ᠦ᠍ ᠳ᠋ᠢᠶᠡᠯᠧᠺᠲ᠋ᠢᠺ ᠭᠡᠳᠡᠭ ᠣᠢᠯᠠᠭᠠᠯᠲᠠ ᠶ᠋ᠢ ᠢᠳᠢᠶᠠᠯᠢᠰᠲ ᠶᠤᠮ ᠤᠤ᠂ ᠮᠠᠲ᠋ᠧᠷᠢᠶᠠᠯᠢᠰᠲ ᠢᠪᠴᠤᠤ ᠬᠦᠷᠢᠶᠡᠨ ᠡᠴᠡ ᠭᠠᠷᠭᠠᠵᠤ《ᠭᠤᠷᠪᠠᠯ》 ᠣᠨᠣᠯ ᠤ᠋ᠨ ᠡᠪ ᠨᠢᠭᠡᠳᠦᠯ ᠳᠡᠭᠡᠷ᠎ᠡ ᠠᠪᠴᠤ《ᠠᠮᠢ》 ᠤᠳᠬ᠎ᠠ ᠶ᠋ᠢ ᠳᠡᠭᠡᠳᠦᠯᠡᠨ ᠦᠵᠡᠬᠦ ᠨᠢ ᠴᠢᠬᠤᠯᠠ ᠪᠠᠢᠨ᠎ᠠ᠃ ᠥᠭᠡᠷ᠎ᠡ ᠪᠡᠷ ᠬᠡᠯᠡᠪᠡᠯ ᠦᠭᠡᠢᠰᠬᠡᠯ ᠦ᠋ᠨ ᠦᠭᠡᠢᠰᠬᠡᠯ ᠦ᠋ᠨ ᠬᠠᠤᠯᠢ ᠭᠡᠵᠦ ᠥᠩᠭᠡᠷᠡᠭᠰᠡᠨ ᠢ᠋ᠶ᠋ᠡᠨ ᠦᠭᠡᠢᠰᠬᠡᠵᠦ ᠪᠣᠯᠬᠤ ᠦᠭᠡᠢ᠂ ᠡᠰᠡᠷᠭᠦ ᠲᠡᠰᠡᠷᠭᠦ ᠶ᠋ᠢᠨ ᠲᠡᠮᠡᠴᠡᠯ ᠨᠢᠭᠡᠳᠦᠯ ᠦ᠋ᠨ ᠬᠠᠤᠯᠢ ᠭᠡᠵᠦ ᠬᠤᠪᠢᠰᠬᠠᠯᠴᠢᠷᠬᠠᠵᠤ ᠪᠣᠯᠬᠤ ᠦᠭᠡᠢ᠂ ᠬᠤᠪᠢᠰᠤᠯ ᠠ᠋ᠴᠠ ᠴᠢᠨᠠᠷ ᠲᠤ ᠰᠢᠯᠵᠢᠨ᠎ᠡ ᠭᠡᠵᠦ ᠢᠪᠴᠤᠷᠠᠵᠤ ᠪᠣᠯᠬᠤ ᠦᠭᠡᠢ᠂ ᠴᠢᠨᠠᠷ ᠲᠣᠭᠠᠨ ᠤ᠋ ᠬᠤᠪᠢᠰᠤᠯ ᠳ᠋ᠤ᠌ ᠡᠷᠭᠢᠵᠦ ᠰᠢᠯᠵᠢᠬᠦ ᠶᠣᠰᠣᠲᠠᠢ ᠨᠢ ᠨᠢᠭᠡᠳᠦᠯ ᠭᠡᠰᠡᠨ ᠦᠭᠡ ᠠ᠋᠃ ᠳ᠋ᠢᠶᠡᠯᠧᠺᠲ᠋ᠢᠺ ᠪᠣᠯᠤᠨ ᠭᠤᠷᠮᠤᠰᠤᠨ ᠰᠡᠳᠬᠢᠯᠭᠡᠨ ᠦ᠌ ᠳᠠᠩᠰᠠᠨ ᠳ᠋ᠤ᠌ ᠨᠢᠭᠡᠨ ᠵᠦᠢᠯ《ᠭᠠᠵᠢᠯᠲᠠ》 ᠶ᠋ᠢ ᠰᠢᠭᠢᠳᠬᠡᠪᠡ᠃ ᠡᠯ᠎ᠡ ᠰᠠᠨᠠᠭ᠎ᠠ ᠶ᠋ᠢ ᠮᠡᠷᠭᠡᠨ ᠤᠩᠰᠢᠭᠴᠢ ᠠᠪᠤᠭᠠᠢ ᠨᠠᠷ ᠪᠢᠴᠢᠬᠠᠨ ᠰᠡᠳᠦᠪ ᠭᠡᠮᠡᠨ ᠦᠯᠦ ᠰᠠᠨᠠᠵᠤ ᠥᠪᠡᠷᠰᠡᠳ ᠢ᠋ᠶ᠋ᠡᠨ ᠬᠠᠷᠢᠴᠠᠭᠤᠯᠤᠯᠲᠠ ᠬᠢᠭᠡᠰᠡᠢ ᠭᠡᠰᠡᠨ ᠪᠢᠯᠡ᠃ ᠮᠣᠩᠭᠣᠯᠴᠤᠳ ᠤ᠋ᠨ ᠳᠣᠲᠣᠭᠠᠳᠤ ᠶᠢᠷᠲᠢᠨᠴᠦ ᠰᠦ ᠪᠡᠷ ᠵᠠᠢᠯᠤᠭᠰᠠᠨ ᠮᠡᠲᠦ ᠴᠠᠭᠠᠬᠠᠨ᠂ ᠡᠬᠡᠰᠢᠭ ᠢ᠋ᠶ᠋ᠡᠷ ᠪᠦᠲᠦᠭᠰᠡᠨ ᠰᠢᠭ ᠤᠶᠠᠩᠭᠠᠯᠢᠭ᠂ ᠪᠢᠰᠢᠯᠭᠠᠯ ᠨᠢ ᠭᠣᠣᠯᠴᠢ ᠨᠣᠶᠠᠨ ᠨᠢᠷᠤᠭᠤ ᠲᠠᠢ ᠭᠡᠳᠡᠭ ᠰᠠᠨ᠃ ᠭᠠᠢᠬᠠᠮᠰᠢᠭᠲᠤ ᠤᠷᠲᠤ᠂ ᠪᠡᠰᠡᠷᠡᠭ᠂ ᠪᠣᠭᠣᠨᠢ ᠳᠠᠭᠤᠤ ᠨᠤᠭᠤᠳ ᠨᠢ ᠴᠡᠯᠡᠢᠨ ᠴᠡᠩᠬᠡᠷᠲᠦᠬᠦ ᠠᠯᠤᠰ ᠲᠠᠢ ᠬᠠᠨᠢᠰᠠᠬᠤ ᠥᠭᠭᠢᠶᠡᠮᠦᠷ ᠠᠪᠢᠶᠠᠰ ᠤ᠋ᠨ ᠲᠤᠢᠯ ᠳ᠋ᠤ᠌ ᠠᠢᠵᠠᠮᠯᠠᠨ᠎ᠠ᠃ ᠡᠢᠮᠦ ᠬᠥᠭᠲᠡᠢ ᠲᠡᠭᠦᠯᠳᠡᠷ ᠤᠬᠠᠭᠠᠨ᠁ ᠳᠡᠯᠭᠡᠷ ᠣᠷᠴᠢᠨ᠁ ᠬᠣᠯᠠᠴᠢ ᠤᠳᠤᠮ ᠬᠠᠷᠢ ᠶ᠋ᠢᠨ ᠬᠢᠨ ᠳ᠋ᠦ᠍ ᠬᠤᠭᠤᠰ ᠣᠢᠯᠠᠭᠠᠭᠳᠠᠳᠠᠭ ᠶᠤᠮ ᠠ᠋ ᠭᠡᠬᠦ ᠳ᠋ᠦ᠍ ᠲᠣᠮᠢᠶ᠎ᠠ ᠬᠠᠷᠢ ᠶᠠᠭᠤᠮ᠎ᠠ ᠴᠡᠭᠡᠵᠢᠯᠡᠭᠰᠡᠨ ᠴᠡᠴᠡᠷᠬᠦᠦ ᠠᠴᠢ ᠵᠢᠭᠡ ᠨᠠᠷ ᠲᠠᠭᠠᠨ ᠲᠤᠩ ᠪᠦᠳᠦᠭᠦᠯᠢᠭ ᠰᠠᠨᠠᠭᠳᠠᠳᠠᠭ ᠯᠠ ᠠᠶᠤᠮᠰᠢᠭ᠃ ᠮᠣᠩᠭᠣᠯ ᠳ᠋ᠤ᠌ ᠥᠨᠥᠳᠥᠷ《ᠣᠳᠣᠳ》 ᠲᠦᠷᠦᠭᠰᠡᠭᠡᠷ ᠰᠣᠨᠢᠨ ᠨᠤᠭᠤᠳ ᠴᠤ᠌ ᠠᠮᠠ ᠤᠷᠤᠯᠳᠤᠭᠠᠨ ᠰᠤᠷᠲᠠᠯᠴᠢᠯᠠᠵᠤ ᠣᠷᠣᠯᠭ᠎ᠠ ᠶ᠋ᠢᠨ ᠡᠬᠡ ᠪᠣᠯᠭᠠᠨ ᠦᠵᠡᠯᠴᠡᠭᠰᠡᠭᠡᠷ ᠠᠪᠠᠢ᠃ ᠵᠣᠬᠢᠶᠠᠮᠠᠯ ᠠᠲᠠᠯ᠎ᠠ ᠪᠠᠨ ᠨᠡᠢᠲᠡᠯᠢᠭ ᠵᠢᠱ᠌ᠢᠶ᠎ᠡ ᠬᠡᠯᠬᠢᠵᠦ ᠦᠵᠡᠶ᠎ᠡ᠃
      1. ᠣ ᠶᠠ᠊ ᠬᠣ ᠶ᠋ᠢᠨ ᠭᠡᠰᠢᠭᠦᠨ ᠭᠠᠨᠳᠢ2kg ᠲᠥᠮᠥᠰᠥ ᠳᠡᠯᠭᠡᠭᠦᠷ ᠡᠴᠡ ᠠᠪᠴᠠᠢ᠃ ᠨᠣᠭᠣᠭᠠᠴᠢᠳ ᠲᠤᠯᠭᠠᠷ1523 ᠲᠤᠨ ᠲᠥᠮᠥᠰᠥ ᠬᠤᠷᠢᠶᠠᠪᠠ᠃
      2. ᠬᠣᠱᠣᠩ ᠱᠣᠭ ᠵᠦᠴᠦᠭᠡᠴᠢᠨ ᠪᠠᠲᠤᠵᠠᠶᠠᠭ᠎ᠠ ᠱᠣᠣ ᠲᠣᠭᠯᠠᠨ᠎ᠠ᠃ ᠲᠥᠷᠥ ᠶ᠋ᠢᠨ ᠰᠣᠶᠣᠷᠬᠠᠯᠲᠤ ᠠᠪᠢᠷᠮᠢᠳ ᠲᠤᠤᠯᠢ ᠬᠠᠢᠯᠠᠨ᠎ᠠ᠃
       3. ᠪᠣᠫ ᠬᠠᠲᠤᠭᠲᠠᠢ ᠰᠠᠷᠠ ᠨᠥᠬᠥᠷ ᠡᠴᠡ ᠪᠡᠨ ᠰᠠᠯᠪᠠ᠃ ᠠᠬᠠᠮᠠᠳ ᠳᠠᠢᠴᠢᠨ ᠠᠪᠠᠷᠽᠠᠳ70 ᠵᠢᠯ ᠠᠪᠠᠬᠠᠢ ᠠ᠋ᠴᠠ ᠪᠠᠨ ᠰᠠᠯᠤᠭ᠎ᠠ ᠦᠭᠡᠢ᠃
      ᠰᠣᠨᠢᠨ ᠳ᠋ᠤ᠌ ᠭᠠᠨᠳᠢ ᠶ᠋ᠢᠨ ᠲᠥᠮᠥᠰᠥ᠂ ᠪᠠᠲᠤᠵᠠᠶᠠᠭ᠎ᠠ ᠶ᠋ᠢᠨ ᠱᠣᠣ᠂ ᠰᠠᠷᠠ ᠶ᠋ᠢᠨ ᠰᠠᠯᠤᠯᠲᠠ ᠣᠨᠴᠠ ᠴᠢᠬᠤᠯᠠ᠃ ᠠᠵᠢᠯᠴᠢᠨ ᠲᠤᠯᠭᠠᠷ ᠲᠥᠮᠥᠰᠥ ᠬᠤᠷᠢᠶᠠᠭ᠎ᠠ ᠯᠠ ᠪᠢᠵᠡ᠃ ᠠᠪᠢᠷᠮᠢᠳ ᠭᠡᠳᠡᠭ ᠡᠪᠦᠭᠡᠨ ᠲᠤᠤᠯᠢ ᠬᠠᠢᠯᠠᠵᠤ ᠪᠠᠢᠨ᠎ᠠ ᠭᠡᠳ ᠪᠠᠬᠠᠨ ᠦᠯᠢᠭᠡᠷ ᠰᠢᠭ ᠶᠠᠭᠤᠮ᠎ᠠ ᠨᠢᠭᠡ ᠠᠶᠠᠯᠭᠤ ᠪᠠᠷ ᠬᠡᠳᠦᠨ ᠴᠠᠭ《ᠤᠩᠰᠢᠭ᠎ᠠ ᠯᠠ》 ᠪᠢᠵᠡ᠃ ᠠᠪᠢᠷᠮᠢᠳ ᠭᠡᠳᠡᠭ ᠬᠥᠭᠰᠢᠨ ᠴᠢᠪᠠᠭᠠᠨᠴᠠ ᠲᠠᠢ ᠪᠠᠨ70 ᠵᠢᠯ ᠠᠮᠢᠳᠤᠷᠠᠭ᠎ᠠ ᠯᠠ ᠪᠢᠵᠡ᠃ ᠡᠨᠡ ᠶᠠᠮᠠᠷ ᠠᠴᠢ ᠬᠣᠯᠪᠣᠭᠳᠠᠯ ᠲᠠᠢ ᠪᠢᠯᠡ ᠬᠡᠮᠡᠵᠦ ᠰᠣᠨᠢᠨ ᠨᠤᠭᠤᠳ ᠵᠢᠩᠬᠢᠨᠢ ᠣᠳᠣᠳ ᠤ᠋ᠨ ᠲᠤᠬᠠᠢ ᠦᠯᠦ ᠪᠢᠴᠢᠨ᠎ᠡ᠃ ᠣᠷᠣᠯᠭ᠎ᠠ ᠦᠭᠡᠢ ᠪᠣᠯᠵᠤ ᠤᠩᠰᠢᠭᠴᠢᠳ ᠤᠢᠳᠴᠤ ᠬᠣᠯᠠᠳᠠᠨ᠎ᠠ ᠭᠡᠮᠡᠨ ᠠᠶᠤᠨ᠎ᠠ᠃ ᠪᠦᠷ ᠴᠢᠷᠠᠮᠠᠨ ᠨᠢᠴᠦᠭᠦᠨ ᠵᠢᠷᠤᠭ ᠢ᠋ᠶ᠋ᠠᠨ ᠠᠪᠬᠠᠭᠤᠯᠤᠭᠰᠠᠨ ᠲᠤᠯᠠ ᠣᠳᠣ᠁ ᠬᠤᠪᠴᠠᠰᠤ ᠪᠠᠨ ᠪᠦᠲᠦᠨ ᠲᠠᠢᠴᠢᠵᠤ ᠦᠵᠡᠭᠴᠢᠳ ᠦ᠋ᠨ ᠳᠤᠮᠳᠠᠭᠤᠷ ᠢᠴᠢᠭᠦᠷᠢ ᠦᠭᠡᠢ ᠠᠯᠬᠤᠭᠰᠠᠨ ᠲᠤᠯᠠ ᠣᠳᠣ᠂ ᠰᠢᠨ᠎ᠡ ᠬᠤᠪᠴᠠᠰᠤ ᠡᠮᠦᠰᠴᠦ ᠳᠣᠶᠢᠯᠵᠠᠨ ᠠᠯᠬᠤᠭᠰᠠᠨ ᠲᠤᠯᠠ ᠣᠳᠣ᠁ ᠮᠡᠨᠢᠩ① ᠭᠤᠷᠪᠠᠯ② ᠲᠤᠯᠠ ᠣᠳᠣ᠁ ᠡᠨᠡ ᠪᠣᠯ《 ᠭᠣᠶᠣ ᠰᠠᠢᠬᠠᠨ》 ᠤ᠋ ᠲᠠᠭᠠᠰᠢᠶᠠᠯ᠃50 ᠵᠢᠯ ᠨᠣᠮ ᠱᠠᠭᠠᠢᠵᠤ ᠨᠡᠭᠡᠭᠡᠯᠲᠡ ᠬᠢᠭᠰᠡᠨ ᠡᠷᠳᠡᠮᠲᠡᠨ ᠣᠳᠣ ᠪᠢᠰᠢ ᠤᠢᠳᠬᠠᠷ ᠲᠠᠢ ᠠᠮᠢᠲᠠᠨ᠃ ᠥᠨᠥ ᠶ᠋ᠢᠨ ᠬᠡᠷᠡᠭᠴᠡᠭᠡ ᠪᠡᠷ ᠪᠠᠪᠠᠢᠭᠰᠠᠨ ᠰᠠᠬᠠᠯ ᠲᠠᠢ ᠪᠠᠭᠠᠲᠤᠷ ᠴᠣᠭᠲᠤ ᠶ᠋ᠢᠨ ᠨᠠᠭᠠᠴᠤ᠁ ᠭᠡᠵᠦ ᠨᠢᠳᠦ ᠳᠦᠷᠯᠡᠯᠵᠡᠭᠦᠯᠦᠨ ᠳᠠᠭᠤᠯᠠᠪᠠᠯ ᠱᠠᠯ ᠵᠢᠪᠦᠭᠰᠡᠨ ᠪᠠᠬᠠᠳᠤᠨ᠎ᠠ᠃《 ᠵᠢᠷᠭᠠᠯ ᠤ᠋ᠨ ᠵᠠᠮ》 ᠳᠠᠭᠤᠤᠷᠢ ᠶ᠋ᠢᠨ ᠠᠷᠢ③ ᠳᠠᠭᠤᠯᠠᠪᠠᠯ ᠠᠮᠠ ᠪᠠᠨ ᠰᠤᠨᠲᠠᠯ᠎ᠠ ᠡᠪᠰᠢᠶᠡᠵᠦ ᠤᠢᠳᠤᠨ᠎ᠠ᠃ ᠪᠠᠷᠠᠭᠤᠨ ᠤ᠋ ᠰᠣᠶᠣᠯ ᠮᠣᠩᠭᠣᠯ ᠳ᠋ᠤ᠌ ᠲᠦᠭᠡᠵᠦ ᠳᠡᠯᠡᠬᠡᠢ ᠶ᠋ᠢᠨ ᠨᠡᠢᠲᠡᠯᠢᠭ ᠰᠡᠳᠬᠢᠯᠭᠡ ᠭᠡᠢᠭᠦᠯᠵᠦ ᠪᠠᠢᠨ᠎ᠠ᠃ ᠮᠣᠩᠭᠣᠯ《 ᠪᠡᠷᠢ》 ᠬᠡᠦᠬᠡᠨ ᠬᠥᠮᠦᠨ ᠦ᠌ ᠶᠣᠰᠣ ᠵᠢᠷᠤᠮ ᠢ᠋ ᠰᠠᠬᠢᠪᠠᠯ ᠳᠡᠯᠡᠬᠡᠢ ᠶ᠋ᠢᠨ ᠪᠦᠰᠡᠭᠦᠢᠴᠦᠳ ᠡᠴᠡ ᠬᠣᠴᠣᠷᠤᠨ᠎ᠠ᠃ ᠰᠥᠨᠢ ᠶ᠋ᠢᠨ ᠡᠷᠪᠡᠬᠡᠢ ᠨᠦ᠍ᠭᠦᠳ ᠦ᠋ᠨ ᠠᠮᠢᠳᠤᠷᠠᠯ ᠱᠠᠷᠠᠭ᠎ᠠ④ ᠪᠣᠯᠤᠨ᠎ᠠ ᠃ ᠨᠧᠭᠸᠷ ᠡᠴᠡ ᠳ· ᠣ· ᠭ ᠡᠪᠡᠳᠴᠢᠨ ᠠᠪᠤᠨ᠎ᠠ ᠭᠡᠳᠡᠭ ᠳᠡᠯᠡᠬᠡᠢ ᠳ᠋ᠦ᠍ ᠪᠣᠯ ᠬᠡᠪ ᠦ᠋ᠨ ᠦᠵᠡᠭᠳᠡᠯ᠂ ᠮᠣᠩᠭᠣᠯ ᠯᠠ ᠶᠠᠭᠤᠮ᠎ᠠ ᠦᠵᠡᠭᠡ ᠦᠭᠡᠢ ᠪᠣᠯᠬᠣᠷ ᠢ᠋ᠶ᠋ᠠᠨ ᠡᠪᠡᠷ ᠲᠡᠢ ᠲᠠᠤᠯᠠᠢ ᠦᠵᠡᠭᠰᠡᠨ ᠮᠡᠲᠦ ᠠᠶᠤᠬᠤ ᠵᠢᠱ᠌ᠢᠶ᠎ᠡ ᠲᠡᠢ ᠶᠦᠮ ᠪᠠᠢᠨ᠎ᠠ᠃ ᠳᠠᠯᠳᠢᠴᠢᠬᠤ ᠲᠡᠳᠦᠢ ᠵᠤᠯᠠ ᠶ᠋ᠢ ᠣᠳᠣ ᠭᠡᠵᠦ ᠬᠥᠭᠡᠷᠭᠡᠳᠡᠵᠦ ᠲᠩᠷᠢ ᠶ᠋ᠢᠨ ᠡᠨᠳᠡ ᠭᠢᠯᠠᠯᠵᠠᠵᠤ ᠬᠤᠷᠴᠠ ᠣᠳᠣ ᠶ᠋ᠢ ᠣᠯᠵᠤ ᠬᠠᠷᠠᠬᠤ ᠦᠭᠡᠢ ᠣᠶᠤᠨ ᠤ᠋ ᠬᠠᠷᠠᠯᠠᠭᠠᠨ ᠪᠣᠯᠤᠭᠰᠠᠨ ᠠ᠋ᠴᠠ ᠤᠷᠠᠨ ᠰᠠᠢᠬᠠᠨᠴᠢ ᠶ᠋ᠢᠨ ᠬᠡᠮᠵᠢᠶᠡᠨ ᠦ᠌ ᠳᠠᠭᠤᠤ᠂ ᠳᠠᠭᠤᠴᠢ ᠬᠥᠭᠵᠢᠮᠴᠢ ᠶ᠋ᠢ ᠫᠧᠨᠲ᠋ᠠᠲ᠋ᠣᠨᠢᠺ ᠲᠤ᠌ ᠲᠠᠩᠰᠤᠭᠯᠠᠭᠤᠯᠵᠤ᠁ ᠰᠤᠤᠲᠠᠨ ᠨᠤᠭᠤᠳ ᠨᠢ ᠳᠠᠷᠵᠢᠨ⑤᠁ ᠡᠨᠡ ᠪᠣᠯ ᠥᠷᠢᠰᠦᠯᠳᠦᠭᠡᠨ᠃ ᠡᠨᠡ ᠥᠷᠢᠰᠦᠯᠳᠦᠭᠡᠨ ᠦ᠌ ᠪᠠᠷᠢᠶ᠎ᠠ ᠨᠢ ᠢᠷᠡᠭᠡᠳᠦᠢ᠃ ᠲᠡᠷᠡ ᠢᠷᠡᠭᠡᠳᠦᠢ ᠭᠣᠮᠣᠳᠠᠨ᠎ᠠ᠁ ᠲᠣᠯᠣᠭᠠᠢ ᠰᠡᠭᠰᠦᠷᠦᠨ᠎ᠡ᠃ ᠡᠨᠡ ᠬᠦ᠌ ᠥᠷᠥᠭᠡᠰᠦᠯ ᠴᠠᠭᠠᠨ ᠰᠢᠭᠦᠮᠵᠢ ᠮᠣᠩᠭᠣᠯ ᠤᠬᠠᠭᠠᠨ ᠮᠠᠨᠢ ᠭᠣᠣᠮᠠᠢ ᠬᠥᠩᠭᠡᠮᠰᠦᠭ ᠴᠠᠭ ᠲᠣᠭᠣᠰᠣᠨ ᠳ᠋ᠤ᠌ ᠳᠠᠷᠤᠭᠳᠠᠬᠤ ᠨᠢ ᠭᠡᠳᠡᠭ ᠨᠢ ᠪᠦᠦᠷ ᠲᠦᠦᠷ ᠴᠦ᠍ ᠪᠣᠯᠲᠤᠭᠠᠢ ᠰᠠᠭᠠᠲᠠᠭᠤᠯᠤᠭᠰᠠᠨ ᠪᠠᠢᠭᠠᠰᠠᠢ᠃ ᠡᠷᠬᠡ ᠴᠢᠯᠥᠭᠡ ᠪᠠᠢᠪᠠᠴᠤ ᠭᠡᠮ ᠬᠡᠮᠵᠢᠶ᠎ᠡ ᠪᠠᠢᠬᠤ ᠶᠣᠰᠣᠲᠠᠢ᠃ ᠠᠪᠬᠤ ᠭᠡᠭᠡᠬᠦ᠂ ᠥᠪᠯᠡᠬᠦ ᠤᠬᠠᠭᠠᠨ ᠤ᠋ ᠠᠯᠤᠰ ᠤ᠋ᠨ ᠭᠤᠷᠪᠠᠨ ᠠᠭᠤᠯᠠ ᠦᠭᠡᠢᠯᠡᠭᠳᠡᠨ᠎ᠡ᠃ ᠬᠥᠩᠭᠡᠨ ᠰᠠᠪᠰᠠᠭ ᠨᠢ ᠬᠥᠯᠵᠢᠵᠦ ᠪᠤᠰᠤᠳ ᠢ᠋ᠶ᠋ᠠᠨ ᠳᠠᠭᠠᠭᠤᠯᠵᠤ ᠭᠡᠷᠡᠯ ᠬᠠᠷᠠᠭᠳᠠᠵᠤ ᠮᠣᠩᠭᠣᠯ ᠭᠦᠨ ᠤᠬᠠᠭᠠᠨ᠂ ᠵᠠᠩ ᠵᠠᠩᠰᠢᠯ ᠬᠥᠰᠡᠷ ᠬᠠᠶᠠᠭᠳᠠᠬᠤ ᠴᠠᠭ ᠨᠢ ᠪᠣᠯᠤᠭᠰᠠᠨ ᠭᠡᠳᠡᠭ ᠲᠤ ᠦᠯᠦ ᠢᠲᠡᠭᠡᠨ᠎ᠡ ᠪᠢ᠃
      ᠮᠣᠩᠭᠣᠯᠴᠤᠳ ᠳᠣᠲᠣᠭᠠᠳᠤ ᠰᠠᠢᠬᠠᠨ ᠤ᠋ ᠶᠢᠷᠲᠢᠨᠴᠦ ᠲᠡᠢ᠂ ᠦᠬᠦᠰᠢ ᠦᠭᠡᠢ ᠮᠥᠩᠬᠡ ᠶ᠋ᠢᠨ ᠬᠠᠢᠷ᠎ᠠ ᠨᠢ ᠴᠦ᠍ ᠨᠠᠰᠤᠨ ᠲᠤᠷᠰᠢ ᠶ᠋ᠢᠨ ᠡᠯᠪᠡᠷᠢᠯ ᠳ᠋ᠦ᠍ ᠣᠷᠣᠰᠢᠳᠠᠭ ᠨᠢᠭᠦᠯᠡᠰᠦᠩᠭᠦᠢ ᠨᠢᠭᠤᠴᠠᠯᠢᠭ ᠦᠨᠡᠨ ᠲᠡᠢ ᠠᠵᠤᠭᠤ᠃ ᠥᠨᠥ ᠶ᠋ᠢᠨ ᠨᠢᠴᠦᠭᠦᠨ ᠵᠡᠷᠭᠡ ᠣᠳᠣᠳ ᠤ᠋ᠨ ᠳᠣᠲᠣᠭᠠᠳᠤ ᠶᠢᠷᠲᠢᠨᠴᠦ ᠨᠢ ᠬᠠᠷᠠᠩᠭᠤᠢ ᠪᠠᠯᠠᠷ ᠦᠵᠡᠮᠵᠢ( ᠭᠠᠳᠠᠨ᠎ᠠ ᠪᠠᠨ ᠭᠢᠯᠠᠨᠴᠠᠭ᠂ ᠳᠣᠲᠣᠷ᠎ᠠ ᠪᠠᠨ ᠫᠠᠯᠠᠨᠲᠠᠭ) ᠪᠥᠭᠡᠳ ᠴᠢᠩ ᠦᠨᠡᠨ ᠳ᠋ᠡᠭᠡᠨ ᠲᠡᠭᠦᠨ ᠢ᠋ ᠮᠥᠩᠭᠥᠨ ᠡᠴᠡ ᠥᠭᠡᠷ᠎ᠡ ᠶᠠᠭᠤ ᠴᠤ᠌ ᠦᠨᠡᠯᠡᠳᠡᠭ ᠦᠭᠡᠢ ᠪᠢᠯᠡ᠃ ᠬᠤᠪᠢ ᠬᠥᠮᠦᠨ ᠦ᠌ ᠦᠨ᠎ᠡ ᠴᠠᠨ᠎ᠠ ᠦᠨᠡᠮᠯᠡᠬᠦᠢ ᠳᠡᠭᠡᠳᠦ ᠦᠨᠡᠲᠦ ᠶᠦᠮ᠃ ᠡᠨᠡ ᠣᠢᠯᠠᠭᠠᠯᠲᠠ ᠪᠠᠷ ᠡᠭᠡᠯ ᠳ᠋ᠧᠵᠢᠳ ᠪᠦᠰᠡᠭᠦᠢ( ᠴᠠᠬᠢᠯᠠᠵᠤ ᠶᠠᠪᠤᠭ᠎ᠠ ᠭᠥᠷᠥᠭᠡᠰᠦ) ᠶ᠋ᠢᠨ ᠳᠣᠲᠣᠭᠠᠳᠤ ᠶᠢᠷᠲᠢᠨᠴᠦ ᠣᠳᠣᠳ ᠤ᠋ᠨ ᠵᠠᠩᠳᠠᠭ᠎ᠠ ᠱᠠᠭᠠᠷᠳᠠᠬᠤ ᠭᠦᠨ ᠤᠬᠠᠭᠠᠨ ᠪᠣᠯᠤᠨ᠎ᠠ᠃ ᠦᠨᠡᠨ ᠳ᠋ᠡᠭᠡᠨ ᠬᠡᠦᠬᠡᠨ ᠨᠦ᠍ᠭᠦᠳ ᠢ᠋ᠶ᠋ᠡᠨ ᠬᠠᠮᠠᠭᠠᠯᠠᠶ᠎ᠠ ᠭᠡᠬᠦ ᠨᠢ ᠤᠳᠬ᠎ᠠ ᠦᠭᠡᠢ᠂ ᠲᠡᠳᠡ ᠴᠢᠨᠢ ᠥᠪᠡᠷᠰᠡᠳ ᠢ᠋ᠶ᠋ᠡᠨ ᠬᠥᠮᠦᠨ᠁ ᠮᠣᠩᠭᠣᠯᠴᠤᠳ ᠤ᠋ᠨ ᠡᠬᠡ᠁ ᠮᠣᠩᠭᠣᠯ ᠭᠦᠨ ᠤᠬᠠᠭᠠᠨ ᠤ᠋ ᠡᠬᠡ᠁ ᠪᠣᠯᠬᠤ ᠠ᠋ᠴᠠ ᠪᠤᠰᠤ ᠬᠡᠨ ᠴᠦ᠍ ᠬᠡᠷᠡᠭᠯᠡᠵᠦ ᠬᠥᠩᠭᠡᠨ ᠰᠡᠪᠰᠡᠭ ᠬᠥᠭᠡᠷᠭᠡᠳᠡᠵᠦ ᠪᠣᠯᠬᠤ《 ᠶᠠᠭᠤᠮ᠎ᠠ》 ᠪᠢᠰᠢ ᠶᠦᠮ᠃ ᠡᠨᠡ ᠰᠡᠳᠦᠪ ᠲᠦ᠍ ᠪᠢ ᠭᠤᠷᠪᠠᠯ ᠡᠷᠳᠡᠮ ᠦ᠋ᠨ ᠭᠠᠷᠭᠠᠯᠭ᠎ᠠ ᠪᠠᠨ ᠬᠢᠭᠰᠡᠨ ᠦᠭᠡᠢ᠂《 ᠲᠦᠭᠦᠬᠡᠢ ᠡᠳ᠋》 ᠢ᠋ᠶ᠋ᠡᠷ ᠨᠢ ᠦᠯᠡᠳᠡᠭᠡᠪᠡ᠃ ᠬᠠᠭᠠᠰ ᠪᠣᠯᠪᠠᠰᠤᠷᠠᠭᠤᠯᠤᠯᠲᠠ ᠬᠢᠭᠰᠡᠨ ᠨᠢ ᠰᠢᠭᠦᠮᠵᠢ ᠶ᠋ᠢᠨ ᠠᠶᠠᠰ ᠪᠣᠯᠤᠨ᠎ᠠ᠃ ᠡᠨᠡ ᠠᠰᠠᠭᠤᠳᠠᠯ ᠳ᠋ᠤ᠌ ᠳ᠋ᠢᠶᠡᠯᠧᠺᠲ᠋ᠢᠺ ᠶᠠᠮᠠᠷ ᠬᠠᠷᠢᠭᠤ ᠬᠡᠯᠡᠬᠦ ᠶ᠋ᠢ ᠪᠢ ᠮᠡᠳᠡᠬᠦ ᠦᠭᠡᠢ᠃ ᠡᠷᠬᠡ᠁ ᠪᠠᠢᠭᠠᠯᠢ ᠠ᠋ᠴᠠ ᠵᠠᠶᠠᠭᠠᠭᠰᠠᠨ ᠡᠷᠬᠡᠲᠡᠨ᠁ ᠲᠠᠴᠢᠶᠠᠯ ᠵᠢᠷᠭᠠᠯ ᠭᠡᠬᠦ ᠶᠦᠮ ᠤᠤ᠂ ᠪᠢ ᠦᠨᠡᠨ ᠳ᠋ᠡᠭᠡᠨ ᠮᠡᠳᠡᠬᠦ ᠦᠭᠡᠢ᠁ ᠳ᠋ᠢᠶᠡᠯᠧᠺᠲ᠋ᠢᠺ ᠶᠠᠮᠠᠷ ᠠᠮᠢᠨ ᠴᠠᠭ ᠪᠠᠢᠳᠠᠭ ᠦᠭᠡᠢ ᠬᠥᠭᠵᠢᠯ ᠬᠥᠳᠡᠯᠭᠡᠭᠡᠨ ᠲᠡᠮᠡᠴᠡᠯ᠁ ᠨᠣᠮᠯᠠᠳᠠᠭ ᠢ᠋ ᠬᠠᠷᠢᠨ ᠲᠤᠭᠤᠯᠤᠭᠰᠠᠨ ᠪᠢᠯᠡ᠃ ᠤᠬᠠᠨ ᠪᠤᠳᠤᠭᠲᠤᠨ! ᠭᠡᠮᠡᠨ ᠬᠦᠰᠡᠮᠡᠷ ᠠᠪᠠᠢ᠃ ᠮᠥᠩᠬᠡ ᠭᠠᠯ ᠤᠰᠤ᠁ ᠠᠷᠢᠭᠤᠨ ᠭᠠᠯ ᠭᠣᠯᠣᠮᠲᠠ᠁ ᠡᠴᠢᠭᠡ ᠳᠡᠭᠡᠳᠦᠰ ᠦ᠋ᠨ ᠰᠦᠨᠡᠰᠦ ᠰᠦᠯᠳᠡᠷ᠁ ᠮᠢᠨᠢ᠃ ᠲᠩᠷᠢ ᠶ᠋ᠢᠨ ᠭᠤᠷᠪᠠᠨ ᠦᠵᠡᠮᠵᠢ( ᠨᠠᠷᠠ᠂ ᠰᠠᠷᠠ᠂< ᠣᠳᠣ>᠂ ᠡᠭᠦᠯᠡ) ᠭᠠᠵᠠᠷ ᠤ᠋ᠨ ᠭᠤᠷᠪᠠᠨ ᠦᠵᠡᠮᠵᠢ( ᠠᠭᠤᠯᠠ᠂ ᠤᠰᠤ᠂ ᠤᠷᠭᠤᠮᠠᠯ)᠂ ᠠᠮᠢᠲᠠᠨ ᠤ᠋ ᠭᠤᠷᠪᠠᠨ ᠦᠵᠡᠮᠵᠢ( ᠵᠢᠰᠦ᠂ ᠠᠭᠠᠰᠢ᠂ ᠡᠷᠳᠡᠮ) ᠬᠡᠮᠡᠮᠦ᠃
      ᠲᠡᠳᠡᠭᠡᠷ ᠦ᠋ᠨ ᠨᠢᠭᠡᠳᠦᠯ ᠨᠢ ᠦᠵᠡᠰᠬᠦᠯᠡᠩ᠂ ᠪᠠᠶᠠᠰᠬᠤᠯᠠᠩ᠂ ᠵᠢᠷᠭᠠᠯᠠᠩ ᠪᠤᠶᠤ᠃ ᠣᠮᠣᠭᠣᠯᠠᠩ ᠡᠪᠦᠭᠡᠳ᠂ ᠣᠮᠣᠭᠣᠯᠠᠩ ᠵᠠᠯᠠᠭᠤᠰ᠂ ᠰᠡᠷᠭᠦᠯᠡᠩ ᠪᠠᠭᠠᠴᠤᠤᠯ ᠬᠡᠨ ᠨᠢ ᠴᠦ᠍ ᠨᠢᠭᠡᠨ ᠢ᠋ᠶ᠋ᠡᠨ ᠠᠲᠠᠯᠠᠬᠤ ᠠᠷᠭ᠎ᠠ ᠦᠭᠡᠢ ᠠᠮᠢᠳᠤᠷᠠᠯ᠂ ᠤᠷᠠᠯᠢᠭ᠂ ᠡᠷᠳᠡᠮ ᠢ᠋ ᠭᠤᠷᠪᠠᠯ ᠣᠨᠣᠯ᠂ ᠶᠢᠷᠲᠢᠨᠴᠦ ᠶ᠋ᠢᠨ ᠭᠤᠷᠪᠠᠯ ᠨᠡᠭᠡᠭᠡᠮᠦᠢ᠃
᠁᠁᠁᠁᠁᠁᠁
      ① ᠳ᠋ᠢᠶᠡᠯᠧᠺᠲ᠋ᠢᠺ— ᠬᠤᠪᠢᠰᠤᠩᠭᠤᠢ ᠠᠷᠭ᠎ᠠ᠂ ᠬᠤᠪᠢᠰᠤᠩᠭᠤᠢ᠂ ᠬᠤᠪᠢᠰᠤᠩᠭᠤᠢ ᠠᠷᠭ᠎ᠠ ᠶ᠋ᠢᠨ( ᠪᠠᠭᠤᠯᠭᠠᠭᠴᠢ)

————————————
① ᠮᠠᠨᠢᠩ— ᠰᠠᠭᠠᠷᠮᠠᠭ ᠬᠥᠮᠦᠨ( ᠪᠠᠭᠤᠯᠭᠠᠭᠴᠢ)
② ᠭᠤᠮᠤ— ᠡᠷ᠎ᠡ ᠬᠦᠢᠰᠦᠲᠡᠳ ᠦ᠋ᠨ ᠬᠣᠭᠣᠷᠣᠨᠳᠣ ᠬᠢ ᠢᠨᠠᠭᠯᠠᠯ( ᠪᠠᠭᠤᠯᠭᠠᠭᠴᠢ)
③ ᠠᠷᠢ—( ᠳᠠᠭᠤᠯᠠᠯᠲᠤ ᠵᠦᠴᠦᠭᠡ ᠳ᠋ᠡᠬᠢ ᠭᠣᠴᠣᠯᠠᠯ ᠳᠠᠭᠤᠨ ᠤ᠋) ᠦᠭᠡ᠂ ᠤᠶᠠᠩᠭᠠᠲᠤ ᠠᠶᠠᠯᠭᠤ᠂ ᠳᠠᠭᠤᠤᠷᠢ ᠶ᠋ᠢᠨ ᠳᠠᠭᠤᠤ( ᠪᠠᠭᠤᠯᠭᠠᠭᠴᠢ)
④ ᠱᠠᠷᠠᠭ᠎ᠠ— ᠢᠴᠢᠩᠭᠦᠷᠡᠯ( ᠪᠠᠭᠤᠯᠭᠠᠭᠴᠢ)
⑤ ᠳᠠᠷᠵᠢᠨ— ᠶᠠᠳᠠᠭᠤ ᠬᠣᠭᠣᠰᠣᠨ᠂ ᠶᠠᠭᠤ ᠴᠤ᠌ ᠦᠭᠡᠢ ᠶᠠᠳᠠᠭᠤ ᠬᠥᠮᠦᠨ( ᠪᠠᠭᠤᠯᠭᠠᠭᠴᠢ)

           ᠦᠰᠦᠭ ᠠᠮᠢᠯᠠᠭᠤᠯᠤᠭᠰᠠᠨ᠄ ᠲᠣᠭᠳᠠᠭᠤᠨᠪᠠᠶᠠᠷ᠂ ᠪᠠᠶᠠᠨᠰᠡᠷᠡᠩ
           ᠦᠰᠦᠭ ᠬᠢᠨᠠᠭᠴᠢ᠄ ᠣᠳᠬᠠᠨᠰᠣ᠎ᠠ