ᠨᠢᠭᠡ᠂ ᠠᠮᠢ ᠰᠢᠨᠡᠯᠢᠭ ᠰᠡᠳᠬᠢᠯᠭᠡᠨ ᠳ᠋ᠦ᠍-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡ᠂ ᠠᠮᠢ ᠰᠢᠨᠡᠯᠢᠭ ᠰᠡᠳᠬᠢᠯᠭᠡᠨ ᠳ᠋ᠦ᠍-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу

ᠨᠢᠭᠡ᠂ ᠠᠮᠢ ᠰᠢᠨᠡᠯᠢᠭ ᠰᠡᠳᠬᠢᠯᠭᠡᠨ ᠳ᠋ᠦ᠍-ᠮᠣᠩᠭᠣᠯ ᠤ᠋ᠨ ᠭᠤᠷᠪᠠᠯ ᠣᠨᠣᠯ3-ᠨᠠ᠊᠂ ᠨᠠᠭᠠᠨᠪᠤᠤМонголын гурвал онол-На,Хаанбуу

2024-01-29

255

ᠨᠢᠭᠡ᠂ ᠠᠮᠢ ᠰᠢᠨᠡᠯᠢᠭ ᠰᠡᠳᠬᠢᠯᠭᠡᠨ ᠳ᠋ᠦ᠍

           ᠭᠤᠲᠠᠭᠠᠷ ᠶᠢᠰᠦᠯ ᠪᠦᠯᠦᠭ
             ᠬᠡᠷᠪᠡ ᠶᠡᠬᠡ ᠵᠢᠷᠤᠮ ᠢ᠋ ᠦᠯᠦ ᠰᠠᠬᠢᠪᠠᠰᠤ ᠪᠤᠰᠤᠳ ᠤ᠋ᠨ ᠶᠠᠪᠤᠳᠠᠯ ᠢ᠋ ᠳᠠᠭᠠᠬᠤ ᠳ᠋ᠤ᠌ ᠬᠦᠷᠴᠦ᠂
             ᠡᠳᠦᠭᠡ᠂ ᠡᠴᠦᠰ ᠠᠯᠢᠨ ᠳ᠋ᠤ᠌ ᠴᠤ ᠰᠠᠢᠨ ᠢ᠋ ᠭᠡᠭᠡᠵᠦ ᠮᠠᠭᠤ ᠶ᠋ᠢ ᠬᠠᠳᠠᠭᠠᠯᠠᠬᠤ ᠭᠡᠮ ᠲᠡᠢ᠃
                 (ᠵᠠᠯᠠᠬᠠᠽᠠ ᠬᠤᠲᠤᠭᠲᠤ ᠳᠠᠮᠳᠢᠨᠪᠠᠽᠠᠷ)
         ᠨᠢᠭᠡ᠂ ᠠᠮᠢ ᠰᠢᠨᠡᠯᠢᠭ ᠰᠡᠳᠬᠢᠯᠭᠡᠨ ᠳ᠋ᠦ᠍
      ᠶᠡᠬᠡ ᠡᠷᠳᠡᠮᠲᠡᠨ ᠯᠶᠸᠸ ᠭᠣᠮᠢᠯᠶᠣᠸ ᠤ᠋ᠨ ᠨᠡᠭᠡᠭᠡᠭᠰᠡᠨ ᠡᠷᠴᠢᠮᠲᠦ ᠬᠦᠴᠦᠨ ᠦ᠌ ᠣᠨᠣᠯ《ᠫᠠᠰᠰᠶᠤᠨᠠᠷᠢ》 ᠭᠡᠳᠡᠭ ᠢ᠋ ᠠᠮᠢᠳᠤᠷᠠᠬᠤ ᠬᠦᠴᠦᠨ᠂ ᠡᠷᠴᠢᠮᠲᠦ ᠭᠡᠮᠡᠨ ᠣᠷᠴᠢᠭᠤᠯᠵᠤ ᠪᠣᠢ ᠴᠤ᠌ ᠴᠣᠬᠣᠮ ᠶᠠᠭᠤ ᠬᠡᠯᠡᠭᠡᠳ ᠪᠣᠢ ᠶ᠋ᠢ ᠲᠡᠷᠡ ᠪᠦᠷᠢ ᠣᠢᠯᠠᠭᠠᠭ᠎ᠠ ᠦᠭᠡᠢ᠂ ᠪᠠᠷᠢᠨ ᠲᠠᠯᠪᠢᠨ ᠮᠡᠳᠡᠷᠡᠭᠡ ᠦᠭᠡᠢ ᠪᠠᠢᠭ᠎ᠠ ᠮᠡᠲᠦ᠃ ᠫᠠᠰᠰᠶᠤᠨᠠᠷᠢ ᠭᠡᠳᠡᠭ ᠪᠣᠯ ᠤᠳᠬ᠎ᠠ ᠪᠠᠨ ᠠᠮᠢᠨ ᠤ᠋ ᠢᠳᠡᠪᠬᠢᠵᠢᠯ᠂ ᠠᠮᠢ ᠴᠡᠨᠡᠭᠯᠡᠯ ᠡᠰᠡᠬᠦᠯ᠎ᠡ《ᠠᠮᠢ》 ᠪᠤᠰᠤ ᠤᠤ? ᠣᠭᠲᠠᠷᠭᠤᠢ(ᠮᠥᠩᠬᠡ ᠲᠩᠷᠢ ᠡᠴᠡ) ᠡᠴᠡ ᠠᠮᠢᠳᠤᠷᠠᠬᠤ(ᠠᠮᠢ᠁) ᠬᠦᠴᠦᠨ ᠦ᠌ ᠬᠢᠷᠢ ᠡᠴᠡ ᠢᠯᠡᠭᠦᠦ ᠡᠷᠴᠢᠮ ᠢᠷᠡᠳᠡᠭ ᠦᠶ᠎ᠡ ᠪᠠᠢᠳᠠᠭ ᠠᠵᠠᠢ᠃ ᠡᠨᠳᠡ ᠪᠣᠳᠠᠰ᠂ ᠡᠷᠴᠢᠮ ᠬᠦᠴᠦ᠂ ᠴᠠᠬᠢᠯᠭᠠᠨ ᠰᠣᠷᠢᠨᠵᠢᠨ᠁ ᠬᠡ ᠥᠬᠡᠢ《ᠠᠮᠢᠳᠤᠷᠠᠬᠤ》 ᠬᠦᠴᠦᠨ ᠦ᠌᠁ ᠡᠷᠴᠢᠮ ᠭᠡᠰᠡᠨ ᠪᠠᠢᠭ᠎ᠠ ᠶ᠋ᠢ ᠰᠣᠶᠣᠷᠬᠠᠨ ᠲᠤᠩᠭᠠᠭᠲᠤᠨ! ᠯ· ᠭᠣᠯᠢᠯᠶᠣᠸ ᠤ᠋ᠨ ᠣᠨᠣᠯ ᠢ᠋ᠶ᠋ᠠᠷ(ᠠᠮᠢᠳᠤᠷᠠᠯ ᠤ᠋ᠨ ᠡᠷᠴᠢᠮ ᠦ᠋ᠨ) ᠪᠣᠯ ᠠᠯᠢ ᠨᠢᠭᠡᠨ ᠲᠢᠪ ᠪᠦᠰᠡ ᠨᠤᠲᠤᠭ ᠲᠤ ᠣᠷᠴᠢᠯᠠᠩ ᠬᠣᠷᠸ᠎ᠠ ᠠ᠋ᠴᠠ ᠠᠮᠢᠳᠤᠷᠠᠬᠤ ᠬᠦᠴᠦᠨ ᠦ᠌ ᠡᠷᠴᠢᠮ ᠪᠤᠰᠤᠳ ᠳᠠᠪᠠᠭᠤ ᠬᠡᠮᠵᠢᠶ᠎ᠡ ᠪᠡᠷ ᠢᠷᠡᠵᠦ ᠫᠠᠰᠰᠶᠤᠨᠠᠷᠢ ᠡᠷᠴᠢᠮᠲᠦ ᠬᠥᠮᠦᠰ(ᠲᠩᠷᠢ ᠢᠵᠠᠭᠤᠷᠲᠠᠨ) ᠤ᠋ ᠦᠢᠯᠡ ᠠᠵᠢᠯᠯᠠᠭ᠎ᠠ ᠳᠠᠪᠠᠮᠠᠭᠠᠢᠯᠠᠬᠤ ᠳ᠋ᠤ᠌ ᠨᠡᠢᠭᠡᠮ ᠨᠢ ᠡᠷᠴᠢ ᠬᠦᠴᠦ ᠪᠡᠨ ᠠᠪᠳᠠᠭ ᠠᠵᠠᠢ᠃ ᠡᠨᠡ ᠢᠷᠡᠵᠦ ᠪᠠᠢᠭ᠎ᠠ《ᠠᠮᠢᠳᠤᠷᠠᠬᠤ ᠬᠦᠴᠦᠨ》 ᠭᠡᠭᠴᠢ ᠶᠠᠭᠤᠮ᠎ᠠ ᠶ᠋ᠢ ᠥᠨᠥᠬᠢ ᠮᠠᠲ᠋ᠧᠷᠢ ᠡᠰᠡᠪᠡᠯ ᠢᠳᠢᠶᠡᠯ ᠭᠡᠵᠦ ᠣᠢᠯᠠᠭᠠᠵᠤ ᠪᠣᠯᠤᠨ᠎ᠠ ᠭᠡᠵᠦ ᠤᠤ? ᠬᠣᠨᠢ ᠭᠠᠷᠭᠠᠭᠠᠳ ᠮᠣᠩᠭᠣᠯᠴᠤᠳ ᠠᠮᠢ ᠨᠢ ᠭᠠᠷᠤᠭ᠎ᠠ ᠦᠭᠡᠢ ᠪᠠᠢᠬ᠎ᠠ᠂ ᠬᠤᠭᠤᠯᠬᠤ ᠪᠣᠯᠤᠭ᠎ᠠ ᠦᠭᠡᠢ ᠭᠡᠳᠡᠭ᠃ ᠡᠴᠦᠰ ᠦ᠋ᠨ ᠮᠥᠴᠡ ᠪᠡᠨ ᠦᠵᠡᠬᠦ ᠭᠡᠵᠦ ᠶᠠᠳᠠᠷᠠᠵᠤ ᠪᠠᠢᠭ᠎ᠠ ᠬᠥᠮᠦᠨ ᠦ᠌ ᠲᠤᠬᠠᠢ ᠳ᠋ᠤ᠌《ᠠᠮᠢ ᠨᠢ ᠭᠠᠷᠬᠤ ᠦᠭᠡᠢ ᠵᠣᠪᠠᠭᠠᠭᠠᠳ ᠪᠠᠢᠨ᠎ᠠ》 ᠭᠡᠯᠴᠡᠳᠡᠭ᠃ ᠠᠮᠢ ᠭᠡᠳᠡᠭ ᠶᠠᠭᠤᠮ᠎ᠠ ᠪᠡᠶ᠎ᠡ ᠡᠴᠡ ᠭᠠᠷᠬᠤ ᠦᠭᠡᠢ ᠪᠠᠢᠨ᠎ᠠ ᠭᠡᠰᠡᠨ ᠰᠠᠨᠠᠭ᠎ᠠ ᠪᠠᠢᠨ᠎ᠠ᠃ ᠪᠠᠰᠠ ᠮᠣᠩᠭᠣᠯ ᠠᠷᠠᠳ ᠤ᠋ᠨ ᠦᠯᠢᠭᠡᠷ ᠵᠢᠱ᠌ᠢᠶ᠎ᠡ ᠮᠠᠩᠭᠤᠰ ᠤ᠋ᠨ ᠲᠣᠯᠣᠭᠠᠢ ᠶ᠋ᠢ ᠴᠠᠪᠴᠢᠪᠠᠰᠤ ᠦᠯᠦ ᠦᠬᠦᠵᠡᠢ᠃ ᠭᠡᠲᠡᠯ᠎ᠡ ᠣᠯᠵᠠᠯᠠᠭᠳᠠᠭᠰᠠᠨ ᠰᠢᠪᠡᠭᠴᠢᠨ ᠨᠢ ᠴᠤ ᠶᠤᠮ ᠤᠤ᠂ ᠬᠡᠨ ᠨᠢᠭᠡᠨ《ᠴᠠᠭᠠᠳᠤ ᠶ᠋ᠢᠨ ᠴᠢᠨᠢ ᠰᠤᠭᠤᠨ ᠳ᠋ᠤ᠌ ᠬᠤᠷᠤᠭᠤ ᠳᠠᠷᠤᠮ᠎ᠠ ᠬᠠᠷ᠎ᠠ ᠮᠡᠩᠭᠡ ᠪᠣᠢ᠃ ᠲᠡᠭᠦᠨ ᠢ᠋ ᠨᠢ ᠪᠦᠯᠢ! ᠠᠮᠢ ᠨᠢ ᠲᠡᠨᠳᠡ ᠪᠠᠢᠳᠠᠭ ᠶᠤᠮ》 ᠭᠡᠬᠦ ᠤᠳᠬ᠎ᠠ ᠲᠠᠢ ᠨᠢ ᠮᠥᠨ ᠴᠦ᠍ ᠣᠯᠠᠨ ᠰᠠᠨ᠃ ᠠᠮᠢ ᠭᠡᠵᠦ ᠲᠤᠰ ᠲᠠᠭᠠᠨ ᠶᠠᠭᠤᠮ᠎ᠠ ᠪᠠᠢᠳᠠᠭ ᠭᠡᠵᠦ ᠠᠷᠪᠠ ᠬᠣᠷᠢᠨ ᠮᠢᠩᠭᠠᠨ ᠵᠢᠯ ᠦ᠋ᠨ ᠲᠡᠷᠲᠡᠭᠡ ᠡᠴᠡ ᠠᠷᠠᠳ ᠲᠦᠮᠡᠨ ᠣᠢᠯᠠᠭᠠᠵᠤ ᠰᠡᠳᠬᠢᠵᠦ ᠢᠷᠡᠭᠰᠡᠨ ᠦ᠌ ᠨᠢᠭᠡᠨ ᠪᠠᠷᠢᠮᠲᠠ ᠡᠨᠡ ᠯᠡ ᠳᠡ᠃ ᠯᠢᠶᠧᠸ ᠭᠣᠮᠢᠯᠶᠣᠧ ᠶ᠋ᠢᠨ ᠠᠮᠢᠳᠤᠷᠠᠬᠤ ᠬᠦᠴᠦᠨ ᠦ᠌ ᠴᠡᠨᠡᠭ ᠲᠡᠷᠡ ᠯᠠ《ᠬᠠᠷ᠎ᠠ ᠮᠡᠩᠭᠡᠨ》 ᠦ᠌ ᠴᠠᠭᠠᠨ᠎ᠠ ᠨᠢᠭᠤᠴᠠᠯᠠᠭᠳᠠᠭᠰᠠᠨ ᠠᠮᠢ ᠬᠡᠮᠡᠭᠴᠢ ᠶ᠋ᠢ ᠢᠳᠡᠪᠬᠢᠵᠢᠭᠦᠯᠵᠦ ᠤᠯᠠᠮ ᠢ᠋ᠶ᠋ᠠᠷ ᠪᠡᠶ᠎ᠡ ᠨᠢ ᠴᠢᠭᠢᠷᠠᠭᠵᠢᠵᠤ ᠤᠬᠠᠭᠠᠨ ᠨᠢ ᠤᠷᠲᠤᠰᠬᠤ ᠠᠵᠠᠢ᠃ ᠶᠡᠷᠦ ᠨᠢ ᠠᠮᠢ ᠭᠦᠶᠦᠬᠦ ᠭᠤᠷᠪᠠᠨ ᠴᠠᠭ ᠠ᠋ᠴᠠ ᠲᠠᠷᠢᠬᠢ ᠨᠢ ᠢᠯᠡᠭᠦᠦ ᠬᠥᠭᠵᠢᠪᠡᠰᠦ ᠵᠣᠷᠢᠮᠠᠭ᠂ ᠭᠤᠷᠪᠠᠭᠤᠯᠠ ᠲᠡᠭᠰᠢ ᠬᠥᠭᠵᠢᠪᠡᠰᠦ ᠶᠡᠷᠦᠳᠡ ᠶ᠋ᠢᠨ ᠬᠥᠮᠦᠨ ᠪᠠᠢᠳᠠᠭ ᠭᠡᠳᠡᠭ ᠣᠷᠣ ᠲᠠᠢ ᠴᠤ᠌ ᠪᠠᠢᠵᠤ ᠶᠠᠭᠤᠨ ᠤ᠋ ᠮᠠᠭᠠᠳ ᠠ᠋᠃
     ᠮᠡᠩᠭᠡ ᠭᠡᠳᠡᠭ ᠲᠦ ᠶᠡᠬᠡ ᠨᠢᠭᠤᠴᠠ ᠣᠷᠣᠰᠢᠳᠠᠭ ᠤᠴᠢᠷ ᠮᠣᠩᠭᠣᠯᠴᠤᠳ ᠭᠠᠳᠠᠨ᠎ᠠ ᠶ᠋ᠢᠨ ᠬᠥᠮᠦᠨ ᠡᠴᠡ ᠲᠠᠰᠤ ᠨᠢᠭᠤᠳᠠᠭ ᠶᠣᠰᠣ ᠪᠣᠢ᠃ ᠮᠡᠩᠭᠡ ᠪᠦᠷᠢ ᠬᠠᠷᠢᠯᠴᠠᠨ ᠠᠳᠠᠯᠢ ᠦᠭᠡᠢ ᠬᠡᠯᠪᠡᠷᠢ ᠪᠠᠢᠷᠢᠯᠠᠯ᠂ ᠳᠦᠷᠰᠦ ᠥᠩᠭᠡ ᠲᠡᠢ ᠪᠢᠯᠡ᠃ ᠭᠡᠲᠡᠯ᠎ᠡ ᠮᠣᠩᠭᠣᠯ ᠵᠢᠷᠤᠬᠠᠢ ᠳ᠋ᠤ᠌ ᠵᠢᠯ ᠮᠡᠩᠭᠡ᠂ ᠲᠤᠬᠠᠢᠯᠠᠪᠠᠯ ᠶᠢᠰᠦᠨ ᠮᠡᠩᠭᠡᠨ ᠦ᠌ ᠵᠠᠰᠠᠯ ᠭᠡᠵᠦ ᠪᠣᠢ᠃ ᠮᠡᠩᠭᠡ ᠭᠣᠣᠯᠯᠠᠪᠠᠰᠤ ᠠᠮᠢᠨ ᠳ᠋ᠤ᠌ ᠠᠶᠤᠯ ᠲᠠᠢ᠂ ᠨᠠᠰᠤᠨ ᠳ᠋ᠤ᠌ ᠴᠥᠪ ᠲᠡᠢ ᠭᠡᠳᠡᠭ ᠨᠢ ᠶᠠᠮᠠᠷ ᠤᠴᠢᠷ ᠲᠠᠢ ᠶᠤᠮ ᠪᠣᠯ? 9 ᠵᠢᠯ ᠳᠣᠳᠣᠮ ᠭᠣᠣᠯᠯᠠᠬᠤ ᠡᠨᠡ ᠬᠤᠭᠤᠴᠠᠭ᠎ᠠ ᠣᠳᠣᠨ ᠭᠠᠷᠠᠭ ᠤ᠋ᠨ ᠲᠣᠬᠢᠶᠠᠯ ᠣᠷᠴᠢᠯ ᠲᠠᠢ ᠬᠣᠯᠪᠣᠭ᠎ᠠ ᠲᠠᠢ ᠭᠡᠨ᠎ᠡ᠃ ᠲᠡᠷᠡᠴᠢᠯᠡᠨ ᠠᠮᠠᠳᠠᠨ ᠤ᠋ ᠵᠢᠰᠦ ᠲᠤᠬᠠᠢ ᠶ᠋ᠢᠨ ᠭᠠᠵᠠᠷ ᠣᠷᠣᠨ᠂ ᠪᠠᠢᠭᠠᠯᠢ᠂ ᠴᠠᠭ ᠠᠭᠤᠷ᠂ ᠤᠴᠠᠷᠠᠯ ᠲᠣᠬᠢᠶᠠᠯᠳᠤᠯ ᠤ᠋ᠨ ᠵᠢᠷᠤᠭ ᠲᠥᠭᠡᠷᠭᠡ ᠪᠠᠢᠳᠠᠭ ᠴᠤ ᠪᠠᠢᠵᠤ ᠪᠣᠯᠬᠤ᠃ ᠲᠡᠷᠯᠡᠨ᠂ ᠴᠣᠬᠣᠷ᠂ ᠪᠢᠳᠠᠷ᠂ ᠲᠣᠯᠪᠣ ᠡᠯᠳᠡᠪ ᠳᠣᠬᠢᠶ᠎ᠠ ᠳᠦᠷᠰᠦ ᠠᠮᠢᠨ ᠤ᠋ ᠵᠢᠷᠤᠭ ᠵᠠᠶᠠᠭ᠎ᠠ ᠶ᠋ᠢ ᠢᠯᠡᠳᠬᠡᠳᠡᠭ ᠭᠡᠳᠡᠭ᠃ ᠲᠡᠷᠡ ᠳᠡᠯᠭᠡᠴᠡ(ᠳ᠋ᠢ᠍ᠰᠫᠯᠧᠢ) ᠡᠴᠡ ᠮᠠᠯᠴᠢᠳ ᠪᠠᠢᠭᠠᠯᠢ ᠨᠡᠢᠭᠡᠮ ᠪᠣᠯᠤᠨ ᠥᠪᠡᠷ ᠢ᠋ ᠪᠡᠨ ᠰᠢᠨᠵᠢᠳᠡᠭ ᠠᠭᠰᠠᠨ ᠵᠠᠩᠰᠢᠯ ᠮᠠᠷᠲᠠᠭᠳᠠᠬᠤ ᠨᠢ ᠠ᠋᠃ ᠲᠡᠷᠡᠴᠢᠯᠡᠨ ᠳ᠋ᠣᠺᠲ᠋ᠣᠷ ᠵ· ᠪᠠᠲᠤᠰᠠᠭᠤᠷᠢ ᠶᠢ ᠮᠣᠩᠭᠣᠯ ᠬᠥᠮᠦᠨ ᠦ᠌ ᠭᠧᠨ ᠦ᠌ ᠲᠥᠪᠯᠡᠷᠡᠯ ᠣᠷᠬᠣᠨ ᠭᠣᠣᠯ ᠤ᠋ᠨ ᠰᠠᠪᠠ ᠭᠠᠵᠠᠷ ᠲᠤ ᠬᠠᠳᠠᠭᠠᠯᠠᠭᠳᠠᠵᠤ ᠪᠠᠢᠨ᠎ᠠ ᠭᠡᠰᠡᠨ ᠨᠢ ᠪᠠᠰᠠ ᠯᠠ ᠨᠢᠭᠡ ᠳᠠᠯᠳᠠ ᠶ᠋ᠢᠨ ᠨᠢᠭᠤᠴᠠ ᠮᠡᠲᠦ᠃ ᠣᠷᠬᠣᠨ ᠤ᠋ ᠰᠠᠪᠠ ᠳ᠋ᠤ᠌ ᠶᠠᠭᠤ ᠪᠠᠢᠭ᠎ᠠ ᠶᠤᠮ ᠪᠣᠢ? ᠮᠠᠲ᠋ᠧᠷᠢ ᠡᠰᠡᠪᠡᠯ ᠤᠬᠠᠮᠰᠠᠷ ᠤ᠋ᠨ ᠲᠥᠷᠬᠦ ᠤᠤ? ᠮᠣᠩᠭᠣᠯᠴᠤᠳ ᠤ᠋ᠨ ᠠᠮᠢᠨ ᠤᠴᠢᠷ ᠭᠤᠷᠪᠠᠯ ᠤ᠋ᠨ ᠭᠣᠯᠣᠮᠲᠠ ᠤᠤ? ᠶᠡᠬᠡ ᠡᠷᠳᠡᠮᠲᠡᠨ ᠸ᠂ ᠸᠸᠷᠨᠡᠳᠰᠺᠢ᠂ ᠠᠮᠧᠷᠢᠺᠠ ᠶ᠋ᠢᠨ ᠡᠷᠳᠡᠮᠲᠡᠨ ᠺᠢᠹᠧᠷᠨᠧᠲ᠋ᠢᠺᠢ ᠶ᠋ᠢᠨ ᠡᠴᠢᠭᠡ ᠨ· ᠸᠢᠨᠧᠷ ᠨᠠᠷ ᠣᠷᠴᠢᠯᠠᠩ ᠶᠢᠷᠲᠢᠨᠴᠦ ᠨᠢ ᠪᠡᠶᠡᠲᠦ ᠮᠠᠲ᠋ᠧᠷᠢ᠂ ᠡᠨᠧᠷᠭᠢ᠂ ᠢᠨᠹᠣᠷᠮᠠᠼ ᠤ᠋ᠨ ᠬᠠᠷᠢᠯᠴᠠᠨ ᠦᠢᠯᠡᠴᠢᠯᠡᠯ ᠳ᠋ᠦ᠍ ᠣᠷᠣᠰᠢᠳᠠᠭ ᠲᠤᠬᠠᠢ ᠰᠤᠷᠭᠠᠯ ᠣᠷᠴᠢᠨ ᠦᠶ᠎ᠡ ᠶ᠋ᠢᠨ ᠡᠷᠳᠡᠮ ᠦ᠋ᠨ ᠢᠷᠡᠭᠡᠳᠦᠢ ᠶ᠋ᠢ ᠲᠣᠮᠢᠶᠠᠯᠠᠭᠰᠠᠨ ᠰᠠᠨᠠᠭ᠎ᠠ ᠭᠡᠵᠦ ᠦᠨᠡᠯᠡᠳᠡᠭ ᠶᠦᠮ ᠪᠠᠢᠨ᠎ᠠ᠃ ᠡᠨᠳᠡ ᠳᠤᠷᠠᠳᠤᠭᠰᠠᠨ ᠡᠨᠧᠷᠭᠢ ᠨᠢ ᠶᠠᠭᠤ ᠪᠠᠢᠵᠤ ᠲᠠᠭᠠᠷᠠᠬᠤ ᠪᠣᠢ? ᠲᠡᠷᠡ ᠯᠠᠪ ᠮᠠᠲ᠋ᠧᠷᠢ ᠪᠢᠰᠢ ᠪᠠᠰᠠ ᠢᠨᠹᠣᠷᠮᠠᠽ ᠪᠢᠰᠢ ᠶᠤᠮᠰᠠᠨᠵᠠᠢ᠃ ᠲᠡᠭᠡᠬᠦ ᠪᠡᠷ ᠡᠯ᠎ᠡ ᠰᠤᠷᠭᠠᠯ ᠤ᠋ᠨ ᠠᠭᠤᠯᠭ᠎ᠠ ᠳᠤᠤᠯᠢᠶᠠᠨ ᠨᠢ ᠤᠭ ᠲᠠᠭᠠᠨ ᠮᠣᠩᠭᠣᠯᠴᠤᠳ ᠤ᠋ᠨ ᠪᠠᠯᠠᠷ ᠡᠷᠲᠡᠨ ᠦ᠌ ᠮᠡᠳᠡᠯᠭᠡ ᠪᠠᠢᠵᠤ ᠪᠣᠯᠬᠤ ᠦᠭᠡᠢ ᠭᠡᠵᠦ ᠤᠤ?
     ᠨᠡᠩ ᠪᠠᠯᠠᠷ ᠴᠠᠭ ᠤ᠋ᠨ ᠠᠮᠢᠨ ᠹᠢᠯᠣᠰᠣᠹᠢ ᠥᠨᠥᠳᠥᠷ ᠵᠣᠬᠢᠶᠠᠮᠠᠯ《ᠢᠽᠮ》 ᠮᠡᠲᠦ ᠴᠤ᠌ ᠰᠢᠨ᠎ᠡ ᠪᠤᠳᠤᠭᠳᠠᠨ ᠢᠲᠡᠭᠡᠯ ᠦᠨᠡᠮᠰᠢᠯ ᠡᠰᠡ ᠲᠥᠷᠥᠬᠦ ᠪᠥᠭᠡᠰᠦ ᠤᠯᠠᠷᠢᠵᠤ ᠪᠠᠯᠠᠷᠠᠭᠰᠠᠨ ᠮᠤᠬᠤᠷ ᠰᠦᠰᠦᠭ ᠦ᠋ᠨ ᠮᠤᠩᠬᠠᠷᠠᠭᠤᠯᠭ᠎ᠠ᠂ ᠬᠡᠷᠡᠭᠴᠡᠭᠡ ᠨᠢ ᠥᠩᠭᠡᠷᠡᠭᠰᠡᠨ ᠪᠣᠷᠣ ᠠᠪᠳᠠᠷ᠎ᠠ ᠲᠠᠢ ᠲᠥᠰᠲᠡᠢ ᠰᠠᠭᠠᠲᠠᠵᠤ ᠮᠠᠭᠠᠳ ᠦᠭᠡᠢ ᠶᠦᠮ᠃
ᠨᠣᠮ ᠨᠢ ᠪᠤᠷᠤᠭᠤ ᠪᠠᠷ ᠡᠷᠭᠢᠭᠰᠡᠨ ᠺᠣᠮᠮᠤᠨᠢᠰᠲ ᠲᠢᠭᠯᠡᠮ ᠨᠢᠭᠡᠨ ᠵᠢᠷᠠᠨ ᠢᠯᠡᠭᠦᠦ ᠬᠤᠭᠤᠴᠠᠭᠠᠨ ᠳ᠋ᠤ᠌ ᠣᠷᠣᠰᠢᠨ ᠲᠣᠭᠲᠠᠨᠢᠬᠤ ᠳ᠋ᠠᠭᠠᠨ ᠮᠣᠩᠭᠣᠯ ᠢᠵᠠᠭᠤᠷ ᠤ᠋ᠨ ᠡᠯ᠎ᠡ ᠭᠦᠨ ᠤᠬᠠᠭᠠᠨ ᠢ᠋ ᠶᠡᠬᠡᠮᠰᠦᠭᠯᠡᠨ ᠠᠳᠠᠯᠠᠨ ᠬᠠᠭᠤᠴᠢᠷᠠᠭᠰᠠᠨ ᠭᠡᠮᠡᠨ ᠪᠦᠬᠦ ᠬᠡᠭᠰᠡᠨ ᠢ᠋ᠶ᠋ᠡᠷ ᠦᠯᠦ  ᠪᠠᠷᠠᠮ ᠥᠪᠡᠷ ᠢ᠋ᠶ᠋ᠡᠨ ᠴᠦ᠍ ᠦᠢᠯᠡ ᠶ᠋ᠢᠨ ᠨᠢᠭᠦᠯ ᠢ᠋ᠶ᠋ᠡᠨ ᠡᠳ᠋ᠯᠡᠨ ᠶᠠᠭᠳᠠᠭᠰᠠᠨ ᠪᠣᠯᠬᠤ ᠪᠠᠷ ᠡᠳᠦᠭᠡ ᠪᠢᠳᠡ ᠤᠷᠤᠭ ᠤᠬᠠᠭᠠᠨ ᠤ᠋ ᠦᠷ᠎ᠡ ᠴᠦ᠍ ᠦᠭᠡᠢ᠂ ᠦᠷᠡᠴᠢᠯᠡᠭᠰᠡᠨ ᠦᠷ᠎ᠡ ᠶ᠋ᠢᠨ ᠠᠴᠢ ᠴᠤ᠌ ᠦᠭᠡᠢ ᠭᠣᠯᠣᠮᠲᠠ ᠪᠠᠨ ᠰᠢᠷᠳᠡᠨ ᠬᠣᠴᠣᠷᠤᠭᠰᠠᠨ ᠮᠡᠲᠦ᠃ ᠬᠡᠨᠡᠭᠡᠨ ᠰᠡᠬᠡᠭᠡᠷᠡᠯ ᠢ᠋ᠶ᠋ᠡᠷ ᠮᠣᠩᠭᠣᠯᠵᠢᠭᠤ ᠪᠠᠷ ᠤᠤᠯ ᠤᠯᠠᠮᠵᠢᠯᠠᠯ ᠢ᠋ᠶ᠋ᠠᠨ ᠬᠢᠵᠦ ᠰᠦᠵᠢᠷᠡᠵᠡᠭᠡᠨ《ᠦᠷ᠎ᠡ ᠭᠤᠶᠤᠵᠤ》 ᠣᠪᠣᠭ᠎ᠠ ᠲᠠᠬᠢᠬᠤ ᠵᠡᠷᠭᠡ ᠪᠡᠷ ᠡᠪᠦᠭᠡ ᠳᠡᠭᠡᠳᠦᠰ ᠢ᠋ᠶ᠋ᠡᠨ ᠲᠥᠰᠦᠭᠡᠯᠡᠯ ᠢ᠋ᠶ᠋ᠡᠷ ᠳᠠᠭᠤᠷᠢᠶᠠᠨ21 ᠳ᠋ᠦ᠍ᠭᠡᠷ ᠵᠠᠭᠤᠨ ᠤ᠋ ᠰᠣᠶᠣᠯ ᠳᠡᠭᠡᠷ᠎ᠡ ᠬᠠᠭᠤᠯᠪᠤᠷᠢᠯᠠᠬᠤ ᠳ᠋ᠠᠭᠠᠨ ᠶᠠᠭᠤ ᠬᠣᠵᠢᠬᠤ ᠶᠤᠮ ᠪᠣᠯ ᠭᠡᠵᠦ ᠪᠣᠳᠣᠭᠳᠠᠬᠤ᠃ ᠦᠨᠡᠨ ᠳ᠋ᠡᠭᠡᠨ ᠰᠢᠨᠵᠢᠯᠡᠬᠦ ᠤᠬᠠᠭᠠᠨ ᠰᠣᠶᠣᠯ ᠲᠧᠭᠨᠢᠭ(ᠮᠠᠲ᠋ᠧᠷᠢ ᠪᠠ ᠤᠬᠠᠮᠰᠠᠷ) ᠡᠷᠴᠢᠮ ᠲᠡᠢ ᠬᠥᠭᠵᠢᠭᠰᠡᠨ ᠬᠢᠯ ᠴᠡᠯ ᠣᠷᠴᠢᠨ ᠳ᠋ᠤ᠌ ᠲᠡᠷᠡ ᠬᠦ᠌ ᠡᠷᠲᠡᠨ ᠦ᠌ ᠶᠣᠰᠣ ᠵᠠᠩᠰᠢᠯ ᠢ᠋ ᠠᠢᠯᠰᠠᠭᠤᠯᠬᠤ ᠭᠡᠬᠦ ᠳ᠋ᠦ᠍ ᠠᠷᠠᠳ ᠨᠡᠢᠲᠡ ᠪᠡᠷ ᠢ᠋ᠶ᠋ᠡᠨ ᠬᠠᠭᠤᠴᠢᠨ ᠤ᠋ ᠦᠵᠡᠮᠦᠷᠢ ᠪᠣᠯᠬᠤ ᠰᠠᠨᠠᠭ᠎ᠠ ᠤᠤ? ᠬᠡᠷᠡᠭᠴᠡᠭᠡ ᠱᠠᠭᠠᠷᠳᠠᠯᠭ᠎ᠠ ᠤᠤ? ᠪᠠᠰᠠ《ᠦᠨᠳᠦᠰᠦᠨ ᠦ᠌ ᠤᠯᠠᠮᠵᠢᠯᠠᠯ ᠤ᠋ᠳ》 ᠢ᠋ᠶ᠋ᠠᠨ ᠰᠢᠨᠵᠢᠯᠡᠬᠦ ᠤᠬᠠᠭᠠᠨ ᠳ᠋ᠤ᠌ ᠶᠤᠮ ᠤᠤ ᠪᠤᠳ᠋ᠳ᠋ᠾᠠ ᠶ᠋ᠢᠨ ᠱᠠᠰᠢᠨ ᠳ᠋ᠤ᠌ ᠴᠢᠷᠦᠭᠦᠯᠵᠦ ᠬᠥᠭᠵᠢᠭᠦᠯᠬᠦ ᠭᠡᠰᠡᠨ ᠵᠠᠯᠢᠷᠬᠠᠭ ᠪᠠ ᠲᠡᠨᠡᠭᠳᠡᠭᠦᠦ ᠵᠣᠷᠢᠭ ᠦᠵᠡᠭᠳᠡᠨ᠎ᠡ᠃ ᠶᠠᠭᠤᠲᠠᠢ ᠴᠤ᠌ ᠭᠤᠷᠮᠤᠰᠤᠨ ᠰᠡᠳᠬᠢᠯᠭᠡᠨ ᠦ᠌ ᠦᠷ᠎ᠡ ᠭᠤᠷᠪᠠᠯ ᠬᠡᠪ ᠶᠣᠰᠣ ᠪᠠᠢᠭᠰᠠᠭᠠᠷ ᠪᠠᠢᠭ᠎ᠠ ᠶ᠋ᠢ ᠲᠤᠩ ᠬᠠᠢᠬᠤᠷᠤᠮᠵᠢ ᠦᠭᠡᠢ ᠨᠢ ᠴᠦ᠍ ᠠᠩᠵᠠᠷᠠᠵᠤ ᠲᠡᠨᠡᠭ ᠨᠢ ᠴᠦ᠍᠂ ᠴᠡᠴᠡᠨ ᠨᠢ ᠴᠦ᠍ ᠲᠥᠷᠥᠯᠬᠢ ᠤᠳᠤᠮᠰᠢᠯ ᠢ᠋ᠶ᠋ᠠᠷ(ᠪᠣᠯᠵᠣᠯᠲᠤ ᠷᠧᠹᠯᠧᠺᠰ① ᠭᠡᠰᠡᠨ ᠴᠦ᠍ ᠪᠣᠯᠤᠨ᠎ᠠ) ᠡᠰᠡ ᠳᠡᠷᠰᠥᠨ ᠳᠠᠭᠠᠳᠠᠭ ᠦᠨᠡᠨ ᠪᠣᠢ᠃ ᠭᠡᠪᠡᠴᠦ ᠤᠯᠠᠮᠵᠢᠯᠠᠯᠲᠤ ᠶᠣᠰᠣᠨ ᠤ᠋ ᠴᠡᠭᠴᠡ ᠲᠡᠢ ᠪᠣᠳᠣᠯᠭ᠎ᠠ᠂ ᠤᠴᠢᠷ ᠰᠢᠯᠲᠠᠭᠠᠨ ᠤ᠋ ᠬᠢᠨᠢ ᠦᠨᠳᠦᠰᠦ᠂ ᠠᠪᠬᠤ ᠭᠡᠭᠡᠬᠦ᠂ ᠥᠪᠯᠡᠬᠦ ᠤᠬᠠᠭᠠᠨ ᠢ᠋ᠶ᠋ᠠᠷ ᠰᠢᠨᠡᠯᠢᠭ ᠬᠥᠭᠵᠢᠯ ᠢ᠋ ᠨᠢ ᠬᠡᠨ ᠨᠢᠭᠡ ᠤᠬᠠᠭᠠᠨ ᠲᠠᠢ ᠡᠷᠳᠡᠮᠲᠡᠨ ᠢ᠋ᠶ᠋ᠡᠷ ᠨᠡᠭᠡᠭᠡᠯᠭᠡᠵᠦ ᠰᠢᠨᠡᠴᠢᠯᠡᠬᠦ ᠪᠢᠲᠡᠭᠦᠦ ᠭᠣᠷᠢᠳᠠᠯᠭ᠎ᠠ ᠪᠠᠢᠨ᠎ᠠ᠃ ᠡᠰᠡᠪᠡᠯ ᠲᠥᠷᠥ ᠶ᠋ᠢᠨ ᠲᠡᠮᠦᠷ ᠵᠠᠷᠯᠢᠭ ᠢ᠋ᠶ᠋ᠠᠷ ᠲᠡᠭᠡᠰᠦᠭᠡᠢ! ᠢᠩᠭᠢᠲᠦᠭᠡᠢ! ᠭᠡᠮᠡᠨ ᠰᠡᠢᠳᠪᠦᠷᠢᠯᠡᠭᠦᠯᠴᠢᠬᠦ ᠬᠠᠲᠠᠭᠤ ᠡᠬᠡ ᠣᠷᠣᠨᠴᠢ ᠰᠠᠨᠠᠭ᠎ᠠ ᠵᠠᠷᠢᠮ ᠤ᠋ᠨ ᠵᠢᠷᠦᠬᠡ ᠶ᠋ᠢ ᠪᠤᠯᠭᠢᠯᠠᠭᠤᠯᠵᠤ ᠪᠣᠬᠢᠮᠳᠣᠯ ᠢ᠋ ᠲᠥᠷᠥᠭᠦᠯᠵᠦ ᠪᠤᠳᠤᠩᠭᠤᠢᠷᠠᠬᠤ ᠨᠢ ᠴᠦ᠍ ᠪᠣᠢ ᠶᠠᠩᠵᠤ ᠲᠠᠢ᠃ ᠪᠠᠢᠳᠠᠯ ᠢ᠋ ᠭᠠᠭᠴᠠᠬᠠᠨ ᠵᠢᠱ᠌ᠢᠶ᠎ᠡ ᠠᠪᠴᠤ ᠥᠩᠭᠡᠴᠡ ᠬᠠᠷᠠᠶ᠎ᠠ᠃ ᠮᠣᠩᠭᠣᠯ ᠤᠭᠰᠠᠭᠠᠲᠠᠨ ᠤ᠋ ᠦᠨᠳᠦᠰᠦᠨ ᠦ᠌ ᠶᠡᠬᠡ ᠪᠠᠶᠠᠷ《ᠴᠠᠭᠠᠨ ᠰᠠᠷ᠎ᠠ》 ᠢᠷᠡᠬᠦ1999 ᠣᠨ ᠳ᠋ᠤ᠌ ᠳᠥᠷᠦᠲᠦ ᠶᠣᠰᠣᠨ ᠤ᠋793 ᠳ᠋ᠠᠬᠢ ᠰᠢᠨᠠᠯᠠᠯᠲᠠ ᠨᠢ ᠪᠥᠭᠡᠳ ᠠᠷᠠᠳ ᠲᠦᠮᠡᠨ ᠨᠠᠢ᠍ᠮᠠᠨ ᠵᠠᠭᠤᠨ ᠤ᠋ ᠲᠤᠷᠰᠢᠳᠠ ᠠᠯᠭᠠᠰᠠᠯ ᠨᠢ ᠦᠭᠡᠢ ᠲᠡᠮᠳᠡᠭᠯᠡᠭᠰᠡᠭᠡᠷ ᠢᠷᠡᠵᠡᠢ᠃12 ᠵᠢᠯ ᠦ᠋ᠨ ᠴᠠᠭ ᠲᠣᠭᠠᠯᠠᠯ ᠾᠦᠩᠨᠦ ᠬᠦᠷᠦᠨ᠎ᠡ ᠡᠭᠦᠰᠴᠦ ᠭᠠᠳᠠᠭᠰᠢ ᠲᠠᠷᠬᠠᠭᠰᠠᠨ ᠤᠴᠢᠷ ᠣᠳᠣ ᠬᠢᠲᠠᠳ᠂ ᠶᠠᠫᠣᠨ᠂ ᠰᠣᠯᠣᠩᠭᠣᠰ ᠵᠡᠷᠭᠡ ᠤᠯᠤᠰ ᠲᠤ ᠮᠥᠨ ᠲᠡᠮᠳᠡᠭᠯᠡᠳᠡᠭ᠃ ᠭᠡᠬᠦ ᠳ᠋ᠡᠭᠡᠨ ᠮᠣᠩᠭᠣᠯᠴᠤᠳ ᠤ᠋ᠨ ᠬᠤᠪᠢ ᠳ᠋ᠤ᠌ ᠨᠢᠭᠡᠳᠦᠭᠰᠡᠨ ᠤᠯᠤᠰ ᠢ᠋ᠶ᠋ᠠᠨ ᠲᠤᠩᠬᠠᠭᠯᠠᠭᠰᠠᠨ ᠲᠥᠷᠥ ᠶ᠋ᠢᠨ ᠪᠠᠶᠠᠷ ᠨᠢ ᠪᠣᠯᠤᠭᠰᠠᠨ ᠲᠡᠦᠬᠡᠨ ᠤᠳᠬ᠎ᠠ1206 ᠣᠨ ᠠ᠋ᠴᠠ ᠡᠬᠢᠯᠡᠭᠰᠡᠨ ᠪᠢᠯᠡ᠃ ᠨᠠᠮᠤᠷ ᠲᠡᠮᠳᠡᠭᠯᠡᠳᠡᠭ ᠮᠢᠩᠭᠠᠨ ᠵᠢᠯ ᠦ᠋ᠨ ᠤᠯᠠᠮᠵᠢᠯᠠᠯ ᠬᠠᠪᠤᠷ ᠲᠤ ᠰᠢᠯᠵᠢᠬᠦ ᠳ᠋ᠡᠭᠡᠨ ᠡᠢᠮᠦ ᠨᠢᠭᠡᠨ ᠪᠡᠯᠭᠡ ᠶᠣᠰᠣ ᠵᠣᠬᠢᠴᠠᠭᠰᠠᠨ ᠠᠵᠠᠢ᠃ ᠡᠨᠡ ᠤᠯᠠᠮᠵᠢᠯᠠᠯ17 ᠳ᠋ᠤᠭᠠᠷ ᠵᠠᠭᠤᠨ(ᠮᠠᠨᠵᠤ ᠶ᠋ᠢᠨ ᠬᠠᠷᠢᠶᠠᠲᠤ) ᠠ᠋ᠴᠠ ᠡᠬᠢᠯᠡᠨ ᠠᠯᠳᠠᠷᠠᠵᠤ᠂ ᠠᠢᠯ ᠡᠷᠦᠬᠡ ᠶ᠋ᠢᠨ ᠬᠡᠮᠵᠢᠶᠡᠨ ᠳ᠋ᠦ᠍ ᠯᠡ ᠦᠯᠡᠳᠡᠵᠡᠢ᠃ ᠠᠬᠠᠰ᠂ ᠡᠬᠡᠰ᠂ ᠶᠡᠬᠡᠰ ᠢ᠋ᠶ᠋ᠡᠨ ᠬᠦᠨᠳᠦᠯᠡᠨ ᠵᠣᠯᠭᠠᠵᠤ ᠤᠭᠲᠤᠬᠤ᠂ ᠵᠣᠴᠢᠯᠠᠵᠤ ᠦᠳᠡᠬᠦ ᠶᠣᠰᠣᠯᠠᠯ ᠨᠢ ᠰᠡᠵᠢᠭ ᠲᠡᠢ ᠪᠠᠢᠵᠠᠢ᠃ ᠠᠬᠠᠰ(ᠠᠬᠠᠮᠠᠳ ᠨᠠᠰᠤᠲᠠᠨ)᠂ ᠡᠬᠡᠰ ᠰᠠᠳᠤᠨ ᠲᠥᠷᠥᠯ ᠦ᠋ᠨ ᠡᠬᠡ᠂ ᠳᠡᠭᠦᠦ ᠨᠠᠰᠤ ᠲᠠᠢ ᠴᠤ᠌ ᠲᠥᠷᠥᠯ ᠦ᠋ᠨ ᠶᠣᠰᠣᠭᠠᠷ ᠠᠬᠠᠯᠠᠬᠤ)᠂ ᠶᠡᠬᠡᠰ(ᠳᠡᠭᠡᠳᠦ ᠰᠤᠷᠪᠤᠯᠵᠢᠲᠤ) ᠶ᠋ᠢᠨ ᠬᠣᠯᠪᠣᠭ᠎ᠠ ᠶ᠋ᠢ ᠲᠥᠷᠥ ᠶ᠋ᠢᠨ ᠭᠣᠯᠣᠮᠲᠠ ᠳ᠋ᠤ᠌ ᠡᠭᠦᠷᠭᠡᠯᠡᠭᠦᠯᠬᠦ ᠶ᠋ᠢ ᠮᠠᠨᠵᠤ ᠶ᠋ᠢᠨ ᠠᠮᠪᠠᠨ ᠰᠠᠢᠳ ᠤ᠋ᠳ ᠬᠥᠯ ᠬᠥᠭᠡᠷᠴᠦᠭ ᠪᠣᠯᠭᠠᠭᠰᠠᠨ ᠦᠭᠡᠢ᠃ ᠵᠥᠪᠯᠡᠯᠲᠦ ᠶ᠋ᠢᠨ ᠮᠡᠷᠭᠡᠵᠢᠯᠲᠡᠨ ᠨᠦ᠍ᠭᠦᠳ ᠴᠦ᠍ ᠰᠠᠢᠰᠢᠶᠠᠭᠰᠠᠨ ᠦᠭᠡᠢ᠃ ᠭᠡᠪᠡᠴᠦ《ᠭᠠᠯ ᠰᠠᠷᠠ ᠨᠠᠷᠠ》 ᠰᠦᠯᠳᠡ᠂《ᠮᠥᠩᠬᠡ ᠭᠠᠯ》 ᠰᠢᠲᠦᠭᠡᠨ᠂ ᠭᠠᠯ ᠤ᠋ᠨ ᠲᠠᠬᠢᠯᠭ᠎ᠠ᠂ ᠪᠤᠷᠭᠠᠰᠤ ᠵᠡᠯᠡᠮᠡᠲᠦ ᠣᠪᠣᠭ᠎ᠠ᠂ ᠰᠢᠨᠠᠯᠠᠯᠲᠠ᠂ ᠵᠣᠯᠭᠠᠯᠲᠠ ᠶᠣᠰᠣᠯᠠᠯ ᠤ᠋ᠳ ᠬᠠᠷᠢ ᠪᠣᠳᠣᠯᠭ᠎ᠠ ᠠ᠋ᠴᠠ ᠲᠥᠷᠥ ᠪᠡᠨ ᠠᠪᠤᠷᠠᠬᠤ ᠠᠷᠠᠳ ᠲᠦᠮᠡᠨ ᠦ᠌ ᠰᠢᠲᠦᠭᠡᠨᠲᠦ ᠤᠯᠤᠰ ᠢ᠋ ᠪᠡᠯᠭᠡᠳᠡᠭᠰᠡᠭᠡᠷ᠃ ᠭᠤᠷᠪᠠᠯ ᠣᠨᠣᠯ ᠠᠯᠳᠠᠷᠠᠵᠤ ᠵᠢᠯᠣᠭᠣ ᠴᠤᠯᠪᠤᠭᠤᠷ ᠦᠭᠡᠢ ᠪᠣᠯᠤᠭᠰᠠᠨ ᠤ᠋ ᠭᠣᠣᠯ ᠤᠴᠢᠷ ᠡᠢᠮᠦ ᠪᠥᠭᠡᠳ ᠡᠨᠡᠯᠦᠯ ᠨᠢ ᠣᠳᠣ ᠴᠤ ᠪᠦᠷᠢᠨ ᠢᠯᠠᠷᠢᠰᠢᠭ᠎ᠠ ᠦᠭᠡᠢ ᠪᠠᠢᠨ᠎ᠠ᠃ ᠰᠢᠨ᠎ᠡ ᠶ᠋ᠢᠨ ᠨᠢᠭᠡᠨ ᠦ᠌ ᠥᠷᠯᠥᠭᠡ ᠲᠥᠷᠥ ᠵᠠᠰᠠᠭ ᠤ᠋ᠨ ᠲᠡᠷᠢᠭᠦᠨ ᠨᠠᠷ ᠨᠠᠷᠠᠨ ᠲᠩᠷᠢ ᠳ᠋ᠦ᠍ ᠮᠥᠷᠭᠥᠵᠦ ᠴᠠᠭᠠᠨ ᠰᠠᠷ᠎ᠠ ᠶ᠋ᠢᠨ ᠪᠡᠯᠭᠡ ᠮᠠᠨᠳᠤᠬᠤ ᠶᠣᠰᠣᠨ ᠪᠣᠢ ᠪᠢᠯᠡ᠃ ᠡᠨᠡ ᠪᠣᠯ ᠲᠠᠩᠰᠤᠭ ᠳᠣᠯᠣᠭᠠᠨ ᠬᠤᠰᠢᠭᠤᠨ ᠤ᠋ ᠨᠠᠭᠠᠳᠤᠮ ᠪᠢᠰᠢ᠂ ᠠᠷᠠᠳ ᠤ᠋ᠨ ᠬᠤᠪᠢᠰᠬᠠᠯ ᠤ᠋ᠨ《ᠢᠷᠠᠭᠤ ᠠᠯᠳᠠᠷᠲᠤ》 ᠣᠢ ᠪᠢᠰᠢ᠂ ᠾᠦᠩᠨᠦ ᠭᠦᠷᠦᠨ ᠦ᠌ ᠬᠠᠭᠠᠳ ᠠ᠋ᠴᠠ ᠪᠤᠶᠤ ᠨᠠᠮᠤᠷ ᠤ᠋ᠨ ᠴᠠᠭᠠᠨ ᠰᠠᠷ᠎ᠠ ᠠ᠋ᠴᠠ ᠥᠪᠯᠡᠭᠰᠡᠨ ᠰᠢᠨᠡᠴᠢᠯᠡᠯ ᠦ᠋ᠨ ᠶᠣᠰᠣᠨ ᠪᠢᠯᠡ᠃ ᠭᠡᠲᠡᠯ᠎ᠡ ᠡᠨᠡ ᠴᠠᠭ ᠲᠤ ᠲᠥᠷᠥ ᠶ᠋ᠢᠨ ᠣᠷᠳᠣᠨ ᠡᠭᠦᠳᠡᠨ ᠳ᠋ᠡᠭᠡᠨ ᠱᠠᠷᠢᠯ  ᠳᠠᠷᠤᠭᠠᠰᠤ ᠲᠠᠢ᠂ ᠲᠡᠷᠡ ᠣᠷᠣᠰᠢᠭᠤᠯᠭ᠎ᠠ ᠳᠡᠭᠡᠷ᠎ᠡ ᠳᠠᠷᠤᠭ᠎ᠠ ᠶᠡᠬᠡᠰ ᠨᠠᠷ ᠭᠠᠷᠴᠤ ᠠᠷᠠᠳ ᠲᠦᠮᠡᠨ ᠳ᠋ᠡᠭᠡᠨ ᠪᠠᠶᠠᠷ ᠬᠦᠷᠭᠡᠳᠡᠭ ᠵᠠᠩ ᠦᠢᠯᠡ ᠳᠡᠯᠭᠡᠷᠡᠭᠡᠳ ᠪᠠᠢᠳᠠᠭ᠃ ᠵᠠᠰᠠᠭ ᠤ᠋ᠨ ᠣᠷᠳᠣᠨ ᠤ᠋ ᠶᠡᠬᠡ ᠬᠠᠭᠠᠯᠭ᠎ᠠ ᠬᠣᠢᠰᠢ ᠪᠠᠨ ᠬᠠᠷᠠᠭᠰᠠᠨ ᠢᠷᠣ᠎ᠠ ᠶ᠋ᠢᠨ ᠡᠭᠦᠳᠡ ᠲᠡᠢ ᠪᠠᠢᠬᠤ᠃ ᠶᠢᠰᠦᠨ ᠬᠥᠯᠲᠦ ᠴᠠᠭᠠᠨ ᠲᠤᠭ ᠳᠠᠭᠢᠭᠰᠠᠨ ᠪᠣᠯᠪᠠᠴᠤ ᠲᠡᠷᠡ ᠨᠢ ᠬᠣᠩᠭᠢᠯ ᠳ᠋ᠤ᠌ ᠦᠵᠡᠮᠦᠷᠢ ᠲᠡᠳᠦᠢ ᠶᠠᠩᠵᠤ ᠲᠠᠢ᠃ ᠣᠢ ᠲᠡᠮᠳᠡᠭᠯᠡᠨ᠎ᠡ ᠭᠡᠬᠦ ᠳ᠋ᠦ᠍ ᠲᠠᠩᠳᠠ ᠰᠡᠭᠦᠯ ᠦ᠋ᠨ ᠪᠤᠶᠤ ᠰᠣᠼᠢᠶᠠᠯᠢᠰᠲ ᠡᠬᠢᠯᠡᠯ ᠢ᠋ ᠠᠪᠴᠤ ᠶᠣᠰᠣᠷᠬᠠᠬᠤ᠃ ᠮᠣᠳᠣᠨ᠂ ᠴᠢᠩᠭᠢᠰ ᠬᠠᠭᠠᠨ ᠤ᠋ ᠠᠷᠮᠢ ᠮᠣᠩᠭᠣᠯ ᠴᠡᠷᠢᠭ ᠦ᠋ᠨ ᠡᠬᠢ ᠠᠳᠠᠯᠢ1921 ᠣᠨ ᠳ᠋ᠤ᠌ ᠠᠷᠠᠳ ᠤ᠋ᠨ ᠴᠡᠷᠢᠭ ᠪᠠᠢᠭᠤᠯᠤᠭᠳᠠᠭᠰᠠᠨ ᠭᠡᠬᠦ᠃1911 ᠣᠨ ᠭᠡᠪᠡᠯ ᠡᠨᠳᠡ ᠵᠡᠪᠰᠡᠭᠲᠦ ᠬᠦᠴᠦᠨ ᠦ᠌ ᠡᠭᠦᠷᠭᠡ ᠬᠢᠷᠢ ᠪᠠᠢᠭᠰᠠᠨ ᠢ᠋ ᠬᠡᠨ ᠴᠦ᠍ ᠭᠠᠳᠠᠷᠯᠠᠬᠤ᠃ ᠤᠭ ᠨᠢ ᠮᠣᠩᠭᠣᠯ ᠤ᠋ᠨ ᠵᠡᠪᠰᠡᠭᠲᠦ ᠬᠦᠴᠦᠨ ᠮᠠᠨ ᠤ᠋ ᠡᠷᠢᠨ ᠦ᠌ ᠡᠮᠦᠨ᠎ᠡ209 ᠣᠨ ᠠ᠋ᠴᠠ ᠭᠡᠪᠡᠯ2210 ᠵᠢᠯ ᠨᠢ ᠣᠢᠷ᠎ᠠ᠃ ᠬᠣᠯᠪᠣᠭᠠᠨ ᠤ᠋ ᠰᠠᠯᠪᠤᠷᠢ ᠭᠡᠬᠦ ᠳ᠋ᠦ᠍1921 ᠣᠨ ᠳ᠋ᠤ᠌ ᠪᠤᠰᠤ᠂ ᠥᠭᠡᠳᠡᠢ ᠶ᠋ᠢᠨ ᠦᠶ᠎ᠡ ᠳ᠋ᠦ᠍ ᠶᠠᠭᠠᠬᠢᠵᠤ ᠬᠥᠭᠵᠢᠭᠰᠡᠨ ᠪᠠᠢᠯ᠎ᠠ ᠳᠠ᠃ ᠡᠢᠮᠦᠷᠬᠦ ᠨᠥᠬᠥᠴᠡᠯ ᠳ᠋ᠦ᠍ ᠠᠷᠠᠳ ᠲᠦᠮᠡᠨ ᠦ᠌ ᠤᠯᠠᠮᠵᠢᠯᠠᠯᠲᠤ ᠶᠣᠰᠣ ᠮᠣᠩᠭᠣᠯ ᠤᠬᠠᠭᠠᠨ ᠨᠣᠮᠯᠠᠭᠠᠳ ᠶᠠᠭᠠᠬᠢᠬᠤ ᠶᠤᠮ ᠪᠣᠢ? ᠳᠡᠭᠡᠷᠡᠬᠢ ᠱᠠᠷᠢᠯ ᠤ᠋ᠳ ᠢ᠋ ᠶᠡᠬᠡᠰ ᠦ᠋ᠨ ᠣᠩᠭᠣᠨ ᠳ᠋ᠤ᠌(ᠠᠯᠲᠠᠨ ᠥᠯᠥᠭᠡᠢ ᠳ᠋ᠦ᠍) ᠣᠷᠣᠰᠢᠵᠤ ᠲᠡᠷᠡ ᠪᠤᠩᠬᠤᠨ ᠢ᠋ ᠲᠥᠷᠥ ᠶ᠋ᠢᠨ ᠶᠣᠰᠣᠯᠠᠯ ᠤ᠋ᠨ ᠠᠯᠪᠠᠨ ᠤ᠋ ᠡᠭᠦᠳᠡ ᠪᠣᠯᠭᠠᠵᠤ᠂ ᠲᠥᠷᠥ ᠶ᠋ᠢᠨ ᠣᠷᠳᠣᠨ ᠤᠷᠲᠤ ᠬᠠᠭᠠᠯᠭ᠎ᠠ ᠪᠠᠨ ᠨᠡᠭᠡᠭᠡᠵᠦ ᠬᠣᠢᠲᠤ ᠬᠠᠭᠠᠯᠭ᠎ᠠ ᠪᠠᠨ ᠬᠠᠭᠠᠬᠤ ᠶᠣᠰᠣᠲᠠᠢ᠃ ᠬᠣᠢᠲᠤ ᠬᠠᠭᠠᠯᠭᠠᠨ ᠳ᠋ᠤ᠌ ᠲᠥᠷᠥ ᠶ᠋ᠢᠨ ᠥᠷᠭᠥᠭᠡ ᠭᠣᠩᠬᠣᠯᠠᠨ ᠪᠠᠷᠢᠵᠤ ᠣᠷᠳᠣᠨ ᠲᠡᠢᠰᠢ ᠣᠷᠣᠬᠤ ᠡᠭᠦᠳᠡ ᠪᠣᠯᠭᠠᠮᠠᠷ ᠠᠵᠠᠢ᠃ ᠣᠷᠳᠣᠨ ᠤ᠋ ᠬᠣᠢᠮᠣᠷ ᠲᠤ ᠭᠣᠩᠬᠣᠯᠠᠭᠰᠠᠨ ᠲᠡᠷᠡ ᠦᠷᠭᠦᠭᠡᠨ ᠳ᠋ᠦ᠍ ᠲᠥᠷᠥ ᠶ᠋ᠢᠨ ᠳᠠᠯᠪᠠᠭ᠎ᠠ᠂ ᠰᠦᠯᠳᠡ᠂ ᠶᠢᠰᠦᠨ ᠬᠥᠯᠲᠦ ᠴᠠᠭᠠᠨ ᠲᠤᠭ ᠲᠠᠬᠢᠭᠳᠠᠬᠤ ᠶᠣᠰᠣᠲᠠᠢ᠃ ᠦᠷᠭᠦᠭᠡᠨ ᠡᠴᠡ ᠭᠠᠷᠤᠮᠠᠭᠴᠠ ᠬᠥᠯ ᠦ᠋ᠨ ᠶᠡᠬᠡ ᠲᠠᠩᠬᠢᠮ(ᠣᠳᠣ ᠶ᠋ᠢᠨ ᠲᠥᠷᠥ ᠶ᠋ᠢᠨ ᠣᠷᠳᠣᠨ ᠤ᠋ ᠬᠣᠢᠰᠢ ᠪᠠᠨ ᠬᠠᠷᠠᠭᠰᠠᠨ ᠬᠠᠭᠠᠯᠭᠠᠨ ᠤ᠋ ᠡᠭᠦᠳᠡᠨ ᠦ᠌ ᠥᠷᠥᠭᠡ) ᠳ᠋ᠦ᠍ ᠶᠡᠬᠡ ᠴᠢᠩᠭᠢᠰ ᠬᠠᠭᠠᠨ ᠤ᠋ ᠪᠠᠨ ᠬᠥᠰᠢᠶ᠎ᠡ ᠶ᠋ᠢ ᠬᠣᠢᠮᠣᠷᠯᠠᠨ ᠵᠠᠯᠠᠭᠠᠰᠠᠢ᠃ ᠣᠳᠣ ᠶ᠋ᠢᠨ ᠪᠤᠩᠬᠤᠨ ᠪᠤᠶᠤ《ᠲᠥᠷᠥ ᠶ᠋ᠢᠨ ᠶᠣᠰᠣᠯᠠᠯ ᠤ᠋ᠨ ᠠᠯᠪᠠᠨ ᠤ᠋ ᠤᠭᠲᠤᠬᠤ ᠪᠠᠢᠷᠢ》 ᠶ᠋ᠢᠨ ᠣᠷᠣᠢ ᠳ᠋ᠤ᠌ ᠪᠣᠯᠤᠨ ᠬᠣᠶᠠᠷ ᠬᠠᠵᠠᠭᠤ ᠶ᠋ᠢᠨ ᠳᠡᠭᠡᠷ᠎ᠡ ᠭᠤᠷᠪᠠᠨ ᠵᠠᠯᠢᠲᠤ ᠮᠥᠩᠬᠡ ᠭᠠᠯ ᠢ᠋ᠶ᠋ᠠᠨ ᠴᠢᠨᠳᠠᠮᠤᠨᠢᠯᠠᠨ ᠪᠠᠳᠠᠷᠠᠭᠤᠯᠤᠭᠠᠰᠠᠢ᠂ ᠲᠡᠷᠡ ᠨᠢ ᠭᠡᠷᠡᠯ ᠦ᠋ᠨ ᠴᠢᠮᠡᠭ ᠪᠡᠯᠭᠡᠳᠡᠯ ᠴᠦ᠍ ᠪᠠᠢᠵᠤ ᠪᠣᠯᠬᠤ᠁
      ᠴᠠᠭᠠᠨ ᠰᠠᠷ᠎ᠠ ᠠᠢᠯ ᠬᠡᠰᠦᠬᠦ ᠪᠢᠰᠢ ᠲᠥᠷᠥ ᠶ᠋ᠢᠨ ᠶᠣᠰᠣᠨ ᠤ᠋ ᠪᠠᠶᠠᠷ ᠪᠣᠯᠪᠠᠰᠤ ᠤᠯᠠᠮᠵᠢᠯᠠᠯ ᠶᠣᠰᠣᠯᠠᠯ᠂ ᠬᠡᠯᠪᠡᠷᠢ ᠠᠭᠤᠯᠭ᠎ᠠ ᠪᠠᠨ ᠳ᠋ᠠᠭᠠᠨ ᠰᠢᠨᠡᠴᠢᠯᠡᠯᠲᠡ ᠡᠬᠢᠯᠡᠬᠦ ᠪᠥᠭᠡᠳ ᠡᠭᠦᠨ ᠢ᠋ ᠠᠷᠠᠳ ᠲᠦᠮᠡᠨ ᠥᠪᠡᠷᠰᠡᠳ ᠢ᠋ᠶ᠋ᠡᠨ ᠪᠦᠲᠦᠭᠡᠬᠦ ᠪᠣᠯᠤᠨ᠎ᠠ᠃ ᠲᠥᠷᠥ ᠶ᠋ᠢᠨ ᠣᠷᠳᠣᠨ ᠬᠡᠯᠡ ᠠᠮᠠ᠂ ᠬᠡᠷᠡᠭᠦᠯ ᠬᠠᠷᠢᠶᠠᠯ ᠤ᠋ᠨ ᠰᠠᠷᠠᠯ ᠪᠠᠢᠰᠢᠩ ᠪᠢᠰᠢ ᠠᠷᠠᠳ ᠲᠦᠮᠡᠨ ᠦ᠌ ᠣᠷᠣᠬᠤ ᠪᠡᠯᠭᠡᠳᠡᠯ ᠰᠢᠲᠦᠭᠡᠨ ᠲᠡᠢ ᠡᠷᠭᠦᠯ ᠬᠦᠨᠳᠦᠯᠡᠯ ᠦ᠋ᠨ ᠲᠡᠦᠬᠡᠨ ᠥᠷᠭᠥᠭᠡ ᠤᠷᠲᠤ ᠪᠠᠢᠬᠤ᠂ ᠬᠥᠳᠡᠭᠡᠨ ᠡᠴᠡ ᠢᠷᠡᠭᠰᠡᠨ ᠪᠠᠢᠲᠤᠭᠠᠢ ᠬᠠᠷᠢ ᠳ᠋ᠤ᠌ ᠰᠠᠭᠤᠭ᠎ᠠ ᠡᠯᠢᠭᠡ ᠨᠢᠭᠡᠲᠡᠨ ᠨᠦ᠍ᠭᠦᠳ ᠮᠠᠨᠢ ᠮᠥᠷᠭᠥᠬᠦ ᠤᠯᠠᠮᠵᠢᠯᠠᠯ ᠲᠡᠨᠳᠡ ᠬᠠᠳᠠᠭᠠᠯᠠᠭᠳᠠᠵᠤ ᠡᠭᠦᠳᠡ ᠪᠡᠨ ᠨᠡᠭᠡᠭᠡᠭᠡᠰᠡᠢ᠃ ᠥᠨᠥ ᠶ᠋ᠢᠨ《ᠴᠠᠭᠠᠨ ᠰᠠᠷ᠎ᠠ》 ᠡᠲᠡᠭᠡᠳ ᠶᠠᠩᠵᠤ ᠶ᠋ᠢᠨ ᠲᠥᠷᠬᠦ ᠲᠡᠢ ᠪᠠᠢᠨ᠎ᠠ᠃ ᠰᠣᠨᠢᠷᠬᠠᠭᠳᠠᠵᠤ ᠪᠠᠢᠭ᠎ᠠ ᠨᠢ ᠱᠠᠰᠢᠨ ᠤ᠋ ᠵᠢᠷᠤᠬᠠᠢ ᠵᠠᠰᠠᠯ ᠨᠣᠮ ᠤᠩᠰᠢᠯᠭ᠎ᠠ᠃ ᠡᠨᠡ ᠨᠢ ᠰᠦᠮ᠎ᠡ ᠬᠡᠢᠳ ᠦ᠋ᠳ ᠦ᠋ᠨ ᠵᠥᠪ ᠠᠵᠢᠯ ᠪᠣᠯᠪᠠᠴᠤ ᠳᠥᠷᠦᠲᠦ ᠶᠣᠰᠣᠨ ᠤ᠋ ᠵᠥᠪ ᠬᠦᠯᠢᠶᠡᠴᠡ ᠪᠢᠰᠢ᠃ ᠲᠥᠷᠥ ᠶ᠋ᠢᠨ ᠲᠦᠰᠢᠶ᠎ᠡ ᠰᠠᠢᠳ ᠤ᠋ᠳ ᠨᠢ ᠴᠦ᠍ ᠡᠨᠳᠡ ᠲᠡᠨᠳᠡ ᠦᠭᠡᠢ ᠭᠣᠶᠣ ᠲᠡᠷᠭᠡ ᠪᠡᠷ ᠡᠬᠡᠨᠡᠷ ᠬᠡᠦᠬᠡᠳ ᠦ᠋ᠳ ᠲᠡᠢ ᠪᠡᠨ ᠰᠦᠯᠵᠢᠯᠳᠦᠨ ᠳᠠᠪᠬᠢᠵᠤ ᠣᠷᠣᠢ ᠨᠢ ᠰᠤᠭᠤᠳᠠᠭᠤᠯᠤᠭᠰᠠᠨ ᠰᠣᠭᠲᠣᠭᠤ᠁ ᠤᠭ ᠨᠢ ᠲᠡᠷᠡ ᠡᠳᠦᠷ ᠲᠥᠷᠥ ᠶ᠋ᠢᠨ ᠶᠣᠰᠣᠯᠠᠯ ᠳ᠋ᠤ᠌ ᠵᠠᠯᠠᠷᠠᠵᠤ ᠪᠠᠢᠬᠤ ᠶᠣᠰᠣᠲᠠᠢ ᠰᠠᠨ᠃ ᠠᠷᠠᠳ ᠲᠦᠮᠡᠨ ᠠᠬᠠᠰ ᠡᠬᠡᠰ ᠲᠡᠭᠡᠨ ᠵᠣᠯᠭᠠᠳᠠᠭ ᠴᠤ᠌ ᠶᠡᠬᠡᠰ ᠲᠡᠭᠡᠨ ᠵᠣᠯᠭᠠᠳᠠᠭ ᠲᠥᠷᠥ ᠶ᠋ᠢᠨ ᠤᠳᠬ᠎ᠠ ᠲᠠᠢ ᠮᠠᠷᠲᠠᠭᠳᠠᠵᠠᠢ᠃ ᠴᠠᠭᠠᠨ ᠰᠠᠷ᠎ᠠ ᠶ᠋ᠢᠨ ᠤᠯᠠᠮᠵᠢᠯᠠᠯ ᠰᠢᠨᠡᠴᠢᠯᠡᠯ ᠡᠨᠳᠡ ᠨᠢᠭᠤᠭᠳᠠᠵᠤ ᠳᠡᠯᠡᠬᠡᠢ ᠶ᠋ᠢᠨ ᠤᠯᠤᠰ ᠣᠷᠣᠨ ᠨᠤᠭᠤᠳ ᠴᠢᠮᠡᠭᠡ ᠠᠨᠢᠷ ᠦᠭᠡᠢ ᠥᠩᠭᠡᠷᠡᠵᠦ ᠪᠠᠢᠨ᠎ᠠ᠃ ᠮᠣᠩᠭᠣᠯᠴᠤᠳ ᠬᠡᠢᠳ ᠰᠦᠮ᠎ᠡ ᠥᠷᠥᠰᠢᠶᠡ! ᠭᠡᠬᠦ ᠡᠴᠡ ᠪᠡᠨ ᠲᠥᠷᠥ ᠶ᠋ᠢᠨ ᠰᠦᠯᠳᠡ ᠮᠢᠨᠢ ᠠᠪᠤᠷᠠᠵᠤ ᠥᠷᠥᠰᠢᠶᠡ! ᠡᠨᠡᠷᠢᠵᠦ ᠬᠠᠢᠷᠠᠯᠠ! ᠭᠡᠮᠡᠨ ᠰᠥᠰᠥᠯᠡᠳᠡᠭ ᠪᠢᠯᠡ᠃ ᠮᠥᠩᠬᠡ ᠭᠠᠯ ᠰᠦᠯᠳᠡᠲᠦ ᠨᠦ᠍ᠭᠦᠳ ᠦ᠋ᠨ ᠲᠥᠷᠥ ᠶ᠋ᠢᠨ ᠠᠮᠢ《ᠴᠠᠭᠠᠨ ᠰᠠᠷ᠎ᠠ》 ᠪᠢᠳᠡᠨ ᠡᠴᠡ ᠴᠣ ᠰᠢᠨ᠎ᠡ ᠬᠠᠨᠳᠤᠯᠭ᠎ᠠ ᠦᠭᠡᠢᠯᠡᠵᠦ ᠪᠠᠢᠨ᠎ᠠ᠃12 ᠵᠢᠯ᠂ ᠴᠠᠭᠠᠨ ᠰᠠᠷ᠎ᠠ᠂《ᠮᠥᠩᠬᠡ ᠭᠠᠯ》 ᠰᠢᠲᠦᠭᠡᠨ᠂ ᠨᠠᠷᠠ ᠰᠠᠷᠠ ᠭᠠᠯ᠂ ᠰᠦᠯᠳᠡ᠂ ᠦᠯᠢᠭᠡᠷ ᠲᠤᠤᠯᠢᠰ ᠦᠨᠳᠦᠰᠦᠨ ᠦ᠌ ᠲᠣᠭᠯᠠᠭᠠᠮ ᠨᠠᠭᠠᠲᠤᠭᠠᠢ᠂ ᠭᠤᠷᠪᠠᠯ ᠶᠣᠰᠣ ᠵᠠᠩᠰᠢᠯ᠂ ᠪᠡᠯᠭᠡᠳᠡᠯ᠂ ᠵᠢᠷᠤᠬᠠᠢ᠂᠂ ᠵᠣᠯᠭᠠᠯᠲᠠ᠂ ᠠᠷᠠᠳ ᠤ᠋ᠨ ᠬᠡᠪ ᠶᠣᠰᠣ᠁ ᠡᠨᠡ ᠪᠦᠬᠦᠨ ᠠᠢᠯ ᠬᠡᠰᠦᠵᠦ ᠥᠩᠭᠡᠷᠡᠭᠡᠬᠦ ᠪᠠᠶᠠᠷ ᠪᠢᠰᠢ ᠶ᠋ᠢ ᠥᠭᠦᠯᠡᠨ᠎ᠡ᠃ ᠰᠤᠮᠤ᠂ ᠠᠢᠮᠠᠭ ᠪᠦᠷᠢ ᠶ᠋ᠢᠨ ᠲᠠᠮᠠᠭ᠎ᠠ ᠶ᠋ᠢᠨ ᠭᠠᠵᠠᠷ ᠲᠥᠷᠥ ᠶ᠋ᠢᠨ ᠶᠣᠰᠣᠯᠠᠯ ᠤ᠋ᠨ ᠥᠷᠥᠭᠡ ᠲᠠᠬᠢᠯᠭ᠎ᠠ ᠲᠠᠢ ᠪᠣᠯᠬᠤ᠁ ᠲᠡᠷᠡ ᠨᠢ ᠰᠦᠷᠵᠢᠨ ᠨᠠᠭᠠᠳᠤᠮ ᠪᠤᠰᠤ ᠰᠢᠲᠦᠯᠭᠡ ᠶ᠋ᠢᠨ ᠮᠥᠷᠭᠥᠯ ᠵᠠᠯᠪᠠᠷᠢᠯ ᠪᠠᠢᠬᠤ᠁ ᠬᠡᠨ ᠴᠦ᠍ ᠡᠰᠡ ᠰᠢᠲᠦᠬᠦ ᠥᠨᠥ ᠶ᠋ᠢᠨ ᠲᠥᠷᠥ ᠶ᠋ᠢᠨ ᠰᠦᠯᠳᠡ ᠶ᠋ᠢ ᠬᠠᠯᠠᠬᠤ᠁ ᠣᠪᠣᠭ ᠤᠭᠰᠠᠭ᠎ᠠ ᠶ᠋ᠢ ᠳᠡᠯᠭᠡᠷᠡᠭᠦᠯᠵᠦ ᠨᠠᠰᠤᠲᠠᠨ ᠪᠤᠭᠤᠷᠤᠯ ᠤ᠋ᠳ ᠲᠠᠭᠠᠨ ᠣᠨᠴᠠᠭᠠᠢ ᠬᠠᠯᠠᠮᠵᠢ( ᠪᠡᠯᠡᠭ᠂ ᠪᠣᠣᠽᠢ ᠶ᠋ᠢᠨ ᠲᠡᠭᠡᠭᠡᠷ᠎ᠡ ᠪᠤᠰᠤ) ᠢᠪᠡᠭᠡᠬᠦ ᠪᠠᠶᠠᠷ ᠪᠠᠢᠬᠤ᠁ ᠡᠨᠡ ᠪᠣᠯ《ᠠᠮᠢ》 ᠰᠢᠨᠡᠯᠢᠭ ᠰᠡᠳᠬᠢᠯᠭᠡᠨ ᠳ᠋ᠦ᠍ ᠴᠠᠭ ᠦᠶ᠎ᠡ ᠲᠡᠢ ᠪᠡᠨ ᠬᠠᠮᠲᠤ ᠪᠠᠢᠵᠤ ᠮᠥᠩᠬᠡᠵᠢᠬᠦ ᠪᠢᠰᠢᠯᠭᠠᠯ ᠤ᠋ᠨ ᠡᠭᠦᠳᠡ ᠶ᠋ᠢ ᠨᠡᠭᠡᠭᠡᠭᠴᠢ ᠰᠢᠲᠦᠭᠡᠨ ᠪᠠᠢᠬᠤ ᠶᠣᠰᠣᠲᠠᠢ ᠶ᠋ᠢᠨ ᠨᠢᠭᠡᠨ ᠵᠢᠱ᠌ᠢᠶ᠎ᠡ  ᠶᠤᠮ᠃

᠁᠁᠁᠁᠁᠁᠁
ᠷᠧᠹᠯᠧᠺᠰ— ᠲᠤᠰᠬᠠᠯ᠂ ᠣᠢᠯᠲᠠ᠂ ᠣᠢᠯᠲᠠ ᠶ᠋ᠢᠨ ᠦᠢᠯᠡᠳᠦᠯ(ᠪᠠᠭᠤᠯᠭᠠᠭᠴᠢ)

   ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ᠂ ᠪᠠᠶᠠᠨᠰᠡᠷᠡᠩ
   ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ᠎ᠠ