ᠶᠢᠰᠦ᠂ ᠰᠢᠨ᠎ᠡ ᠰᠣᠶᠣᠯ ᠤ᠋ᠨ ᠡᠭᠦᠳᠡ《ᠠᠮᠢᠨ ᠤ᠋ ᠦᠵᠡᠯ》-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠰᠦ᠂ ᠰᠢᠨ᠎ᠡ ᠰᠣᠶᠣᠯ ᠤ᠋ᠨ ᠡᠭᠦᠳᠡ《ᠠᠮᠢᠨ ᠤ᠋ ᠦᠵᠡᠯ》-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу

ᠶᠢᠰᠦ᠂ ᠰᠢᠨ᠎ᠡ ᠰᠣᠶᠣᠯ ᠤ᠋ᠨ ᠡᠭᠦᠳᠡ《ᠠᠮᠢᠨ ᠤ᠋ ᠦᠵᠡᠯ》-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу

2024-01-28

260

ᠶᠢᠰᠦ᠂ ᠰᠢᠨ᠎ᠡ ᠰᠣᠶᠣᠯ ᠤ᠋ᠨ ᠡᠭᠦᠳᠡ《ᠠᠮᠢᠨ ᠤ᠋ ᠦᠵᠡᠯ》

    ᠠᠤᠭ᠎ᠠ ᠶᠡᠬᠡ ᠠᠮᠢᠨᠴᠢ ᠦᠵᠡᠯ᠁ ᠪᠢ ᠠᠮᠢᠨᠴᠢ ᠪᠠᠢᠪᠠᠯ ᠠᠮᠢᠳᠤᠷᠠᠯ ᠥᠭᠡᠳᠡᠯᠡᠨ᠎ᠡ᠃ ᠵᠠᠮ ᠮᠥᠷ ᠮᠠᠨᠢ ᠴᠠᠭᠠᠨ ᠪᠠᠢᠨ᠎ᠠ᠂ ᠪᠢ ᠠᠷᠢᠭᠴᠢᠢᠳ ᠲᠠᠢ ᠳᠡᠷᠪᠡᠭᠡᠳ ᠡᠯᠢᠭᠡ ᠮᠠᠭᠤᠳᠠᠵᠤ ᠦᠬᠦᠬᠦ ᠶ᠋ᠢᠨ ᠴᠠᠭ ᠲᠤ᠌ ᠦᠶᠡᠷᠬᠡᠭᠰᠡᠨ ᠠᠷᠢᠭᠴᠢᠢᠳ ᠬᠣᠬᠢᠷᠠᠬᠤ ᠦᠭᠡᠢ᠃ ᠪᠢ ᠯᠡ ᠰᠥᠨᠥᠨ᠎ᠡ᠃ ᠪᠢ ᠠᠪᠤ᠂ ᠡᠵᠢ᠂ ᠠᠪᠠᠬᠠᠢ ᠬᠡᠦᠬᠡᠳ ᠲᠡᠢ ᠪᠡᠨ ᠠᠮᠢᠨᠴᠢ ᠪᠠᠢᠬᠤ ᠶᠣᠰᠣᠲᠠᠢ᠃ ᠬᠡᠨ ᠨᠢᠭᠡ ᠶ᠋ᠢ ᠨᠢ ᠭᠣᠮᠣᠳᠠᠭᠠᠵᠤ ᠲᠠᠨᠤᠮᠠᠯ ᠪᠣᠯᠭᠠᠪᠠᠯ ᠮᠢᠨᠦ ᠤᠳᠤᠮ ᠯᠠ ᠬᠣᠬᠢᠷᠠᠨ᠎ᠠ᠃ ᠪᠢ ᠠᠬ᠎ᠠ ᠳᠡᠭᠦᠦᠰ᠂ ᠨᠠᠢᠵᠠ ᠨᠥᠬᠥᠳ ᠲᠡᠢ ᠪᠡᠨ ᠠᠮᠢᠨᠴᠢ ᠪᠠᠢᠬᠤ ᠶᠣᠰᠣᠲᠠᠢ᠃ ᠨᠢᠭᠡ ᠨᠥᠬᠥᠷ ᠮᠠᠨᠢ ᠱᠣᠷᠣᠩ ᠳ᠋ᠤ᠌ ᠣᠷᠣᠪᠠᠯ ᠮᠢᠨᠦ ᠯᠡ ᠰᠡᠳᠬᠢᠯ ᠭᠤᠲᠤᠷᠠᠨ᠎ᠠ᠃ ᠪᠢᠳᠡ ᠠᠢᠮᠠᠭ ᠰᠤᠮᠤ᠂ ᠠᠢᠯ ᠰᠠᠭᠠᠬᠠᠯᠲᠠ ᠪᠠᠷ ᠢ᠋ᠶ᠋ᠠᠨ ᠠᠮᠢᠨᠴᠢᠷ ᠪᠠᠢᠬᠤ ᠶᠣᠰᠣᠲᠠᠢ᠃ ᠨᠢᠭᠡ ᠠᠢᠯ ᠮᠠᠨᠢ ᠶᠠᠳᠠᠭᠤᠷᠠᠪᠠᠯ ᠨᠡᠢᠲᠡ ᠶ᠋ᠢᠨ ᠯᠡ ᠨᠡᠷ᠎ᠡ ᠭᠠᠷᠤᠨ᠎ᠠ᠃ ᠪᠢ ᠪᠠᠢᠭᠠᠯᠢ ᠳᠡᠯᠡᠬᠡᠢ᠂ ᠤᠰᠤ ᠨᠤᠲᠤᠭ᠂ ᠮᠣᠷᠢ ᠮᠠᠯ᠂ ᠠᠩ ᠠᠮᠢᠲᠠᠨ᠂ ᠬᠣᠷᠣᠬᠠᠢ ᠰᠢᠪᠠᠵᠢ᠂ ᠪᠠᠶᠠᠯᠢᠭ ᠪᠠᠢᠭ᠎ᠠ ᠪᠦᠬᠦᠨ ᠳ᠋ᠡᠭᠡᠨ ᠠᠮᠢᠨᠴᠢᠷ ᠪᠠᠢᠬᠤ ᠶᠣᠰᠣᠲᠠᠢ᠃ ᠬᠥᠷᠰᠢ ᠭᠦᠷᠦᠨ ᠳ᠋ᠦ᠍ ᠤᠯᠤᠰ ᠲᠦᠮᠡᠨ ᠠᠮᠢᠨᠴᠢᠷ ᠪᠠᠢᠬᠤ ᠶᠣᠰᠣᠲᠠᠢ᠃ ᠪᠢᠳᠡ ᠨᠢᠭᠡ ᠳᠡᠯᠡᠬᠡᠢ᠂ ᠨᠢᠭᠡ ᠰᠠᠷᠠ᠂ ᠨᠢᠭᠡ ᠨᠠᠷᠠ ᠲᠠᠢ ᠴᠢᠨᠳᠠᠮᠤᠨᠢ ᠬᠣᠯᠪᠣᠭᠠᠨ ᠳ᠋ᠤ᠌ ᠠᠮᠢᠳᠤᠷᠠᠵᠤ ᠪᠠᠢᠭ᠎ᠠ᠃ ᠬᠠᠷᠢᠨ ᠨᠢᠭᠡ ᠨᠠᠨᠳᠢᠨ ᠦᠭᠡ ᠶ᠋ᠢᠨ ᠮᠣᠩᠭᠣᠯ ᠤᠳᠬ᠎ᠠ ᠶ᠋ᠢ ᠺᠣᠮᠮᠤᠨᠢᠰᠲ ᠰᠤᠷᠲᠠᠯ᠂ ᠨᠡᠢᠲᠡᠴᠢ ᠬᠠᠮᠲᠤᠴᠢ ᠭᠡᠳᠡᠭ ᠮᠣᠳᠣᠨ ᠣᠢᠯᠠᠭᠠᠯᠲᠠ ᠪᠠᠷ ᠬᠠᠯᠠᠵᠤ ᠬᠤᠪᠢ ᠪᠠᠨ ᠬᠢᠴᠢᠶᠡᠭᠴᠢ ᠭᠡᠰᠡᠨ ᠥᠩᠭᠡ ᠲᠡᠢ ᠪᠣᠯᠭᠠᠭᠰᠠᠨ ᠨᠢ ᠬᠠᠷᠠᠮᠰᠠᠯ ᠲᠠᠢ᠃ ᠪᠠᠰᠠ ᠺᠠᠫᠢᠲ᠋ᠠᠯᠢᠰᠲ᠋ ᠶᠣᠰᠣ ᠰᠤᠷᠲᠠᠬᠤᠨ《ᠰᠥᠷᠭᠡᠯᠳᠦᠭᠡᠨ》 ᠭᠡᠳᠡᠭ ᠬᠠᠲᠠᠭᠤ ᠦᠵᠡᠯ ᠢ᠋ᠶ᠋ᠡᠷ ᠠᠮᠢᠨᠴᠢ ᠦᠵᠡᠯ ᠢ᠋《ᠪᠡᠷᠲᠡᠭᠴᠢᠨ》 ᠮᠠᠶᠢᠭ ᠲᠠᠢ ᠪᠣᠯᠭᠠᠭᠰᠠᠨ ᠨᠢ ᠡᠭᠳᠡᠭᠦᠴᠡᠮᠡᠷ᠃ ᠠᠮᠢᠨ ᠭᠣᠣᠯ ᠤ᠋ᠨ ᠬᠠᠢᠷᠠᠲᠤ ᠡᠬᠡ ᠣᠷᠣᠨ ᠭᠡᠵᠦ ᠪᠢᠳᠡ  ᠳᠠᠭᠤᠯᠠᠵᠠᠭᠠᠳᠠᠭ ᠪᠢᠵᠡ ᠳᠡ᠃ ᠡᠨᠡ ᠯᠡ ᠠᠮᠢᠨ ᠬᠠᠢᠷ᠎ᠠ ᠮᠣᠩᠭᠣᠯ ᠢ᠋ ᠥᠭᠡᠳᠡ ᠲᠠᠲᠠᠵᠤ ᠶᠠᠪᠤᠭᠰᠠᠨ ᠪᠥᠯᠥᠭᠡ᠃ ᠠᠩᠬᠠᠨ ᠤ᠋ ᠰᠤᠷᠭᠠᠭᠤᠯᠢ ᠪᠠᠢᠭᠤᠯᠤᠭᠠᠳ728 ᠵᠢᠯ᠂ ᠰᠢᠨᠵᠢᠯᠡᠬᠦ ᠤᠬᠠᠭᠠᠨ ᠤ᠋ ᠬᠦᠷᠢᠶᠡᠯᠡᠩ ᠡᠭᠦᠰᠦᠭᠡᠳ725 ᠵᠢᠯ ᠪᠣᠯᠤᠭᠰᠠᠨ《ᠠᠮᠢᠨ ᠬᠥᠭᠵᠢᠯ ᠢ᠋ ᠠᠳᠬᠤᠭᠰᠠᠨ》 ᠮᠣᠩᠭᠣᠯᠴᠤᠳ ᠧᠦ᠋ᠷᠣᠫᠠ ᠳ᠋ᠤ᠌ ᠬᠡᠪᠯᠡᠬᠦ ᠡᠴᠡ200 ᠭᠠᠷᠤᠢ ᠵᠢᠯ ᠦ᠋ᠨ ᠡᠮᠦᠨ᠎ᠡ1000 ᠭᠠᠷᠤᠢ ᠨᠣᠮ ᠪᠠᠷᠠᠯᠠᠭᠰᠠᠨ ᠶᠤᠮ ᠭᠡᠳᠡᠭ᠃1600 ᠵᠢᠯ ᠦ᠋ᠨ ᠲᠡᠷᠲᠡᠭᠡ ᠪᠢᠴᠢᠭ ᠵᠣᠬᠢᠶᠠᠭᠰᠠᠨ ᠶᠢᠷᠲᠢᠨᠴᠦ ᠳ᠋ᠦ᠍ ᠠᠮᠢᠨᠴᠢ ᠠᠷᠠᠳ ᠲᠦᠮᠡᠨ ᠪᠢᠯᠡ᠃ ᠮᠣᠩᠭᠣᠯ ᠵᠢᠷᠤᠬᠠᠢ ᠶ᠋ᠢᠨ ᠲᠣᠭᠠᠴᠠᠭ᠎ᠠ ᠪᠠᠷ ᠡᠮᠦᠨᠡᠬᠢ ᠰᠣᠶᠣᠯ ᠢᠷᠭᠡᠨᠰᠢᠯ ᠦ᠋ᠨ5 ᠭᠠᠯᠪᠠ60 ᠮᠢᠩᠭᠠᠨ ᠵᠢᠯ ᠦ᠋ᠨ ᠲᠡᠦᠬᠡ ᠲᠡᠢ ᠪᠠᠢᠬᠤ ᠶᠣᠰᠣᠲᠠᠢ᠃ ᠭᠡᠲᠡᠯ᠎ᠡ ᠰᠢᠨᠵᠢᠯᠡᠬᠦ ᠤᠬᠠᠭᠠᠨ ᠲᠠᠪᠢᠭᠠᠳ ᠮᠢᠩᠭᠠᠨ ᠵᠢᠯ ᠦ᠋ᠨ ᠤᠯᠠᠭᠠᠨ ᠱᠤᠭᠤᠮ ᠲᠣᠭᠲᠠᠭᠠᠭᠰᠠᠨ ᠨᠢ ᠣᠯᠤᠭᠰᠠᠨ ᠣᠯᠳᠠᠪᠤᠷᠢ ᠶ᠋ᠢᠨ ᠬᠢᠷᠢ ᠴᠢᠨᠡᠭᠡ ᠪᠣᠯᠪᠠ ᠤᠤ? ᠲᠡᠭᠦᠨ ᠡᠴᠡ ᠡᠮᠦᠨᠡᠬᠢ ᠰᠠᠶ᠎ᠠ ᠰᠠᠶ᠎ᠠ ᠵᠢᠯ ᠦ᠋ᠨ ᠲᠡᠦᠬᠡ ᠪᠣᠯ ᠵᠢᠩᠬᠢᠨᠢ ᠬᠦᠢ ᠨᠢᠭᠡᠳᠦᠯ ᠦ᠋ᠨ ᠦᠶ᠎ᠡ ᠶᠦᠮ ᠳᠡ᠃ ᠾᠦᠩᠨᠦ ᠮᠣᠩᠭᠣᠯᠴᠤᠳ ᠠᠩᠬ᠎ᠠ12 ᠵᠢᠯ ᠦ᠋ᠨ ᠣᠨ ᠲᠣᠭᠠᠯᠠᠯ ᠢ᠋ ᠪᠦᠲᠦᠭᠡᠵᠦ ᠬᠢᠲᠠᠳ ᠢ᠋ᠶ᠋ᠠᠷ ᠳᠠᠮᠵᠢᠨ ᠲᠦᠭᠡᠭᠡᠵᠡᠢ᠃ ᠡᠨᠡ ᠬᠦ᠌12 ᠨᠢ4 ᠵᠦᠭ᠂3 ᠴᠠᠭ ᠤ᠋ᠨ ᠰᠣᠯᠪᠢᠴᠠᠯ᠂12 ᠰᠠᠷ᠎ᠠ᠂12 ᠤᠷᠲᠤ᠂12 ᠵᠢᠯ᠂12 ᠡᠳᠦᠷ᠂12 ᠴᠠᠭ ᠶᠤᠮᠰᠠᠨᠵᠠᠢ᠃ ᠠᠮᠢᠲᠠᠨ ᠨᠢ ᠭᠡᠬᠦ ᠳ᠋ᠦ᠍ ᠵᠦᠭ ᠢ᠋ᠶ᠋ᠡᠷ ᠨᠢᠭᠡ ᠨᠡᠷ᠎ᠡ ᠠᠪᠤᠭᠰᠠᠨ ᠬᠡᠷᠡᠭ ᠪᠤᠰᠤ ᠤᠳᠬ᠎ᠠ ᠶ᠋ᠢᠨ ᠭᠦᠨ ᠰᠡᠳᠬᠢᠮᠵᠢ ᠳ᠋ᠦ᠍ ᠣᠷᠣᠰᠢᠨ᠎ᠠ᠃
                ᠬᠦᠰᠡᠬᠦ ᠤᠯᠠᠷᠢᠯ
        1. ᠬᠤᠯᠤᠭᠠᠨ᠎ᠠ—( ᠨᠣᠭᠣᠭ᠎ᠠ ᠬᠦᠰᠡᠬᠦ)
        2. ᠦᠬᠡᠷ—( ᠰᠦ ᠬᠦᠰᠡᠬᠦ)
        3. ᠪᠠᠷᠰ—( ᠬᠦᠴᠦ ᠬᠦᠰᠡᠬᠦ)
               ᠤᠷᠢᠬᠤ ᠤᠯᠠᠷᠢᠯ
        4. ᠲᠠᠤᠯᠠᠢ— ᠴᠠᠭ ᠤ᠋ᠨ ᠨᠣᠮᠣᠬᠠᠨ ᠢ᠋ ᠤᠷᠢᠬᠤ
        5. ᠯᠤᠤ— ᠴᠠᠰᠤ ᠬᠤᠷ᠎ᠠ ᠶ᠋ᠢ ᠤᠷᠢᠬᠤ
        6. ᠮᠣᠭᠠᠢ— ᠴᠢᠭᠢᠭ ᠬᠠᠭᠤᠴᠢᠳ ᠬᠣᠣᠷ ᠢ᠋ ᠤᠷᠢᠬᠤ
            ᠬᠦᠷᠬᠦ ᠤᠯᠠᠷᠢᠯ
        7. ᠮᠣᠷᠢ— ᠠᠮᠤᠭᠤᠯᠠᠩ ᠳ᠋ᠤ᠌ ᠬᠦᠷᠬᠦ
        8. ᠬᠣᠨᠢ— ᠠᠮᠤᠭᠤᠯᠠᠩ ᠳ᠋ᠤ᠌ ᠬᠦᠷᠬᠦ
        9.  ᠪᠠᠴᠢ— ᠰᠡᠷᠭᠦᠯᠡᠩ ᠳ᠋ᠦ᠍ ᠬᠦᠷᠬᠦ
              ᠬᠤᠷᠠᠬᠤ ᠤᠯᠠᠷᠢᠯ
        10. ᠲᠠᠬᠢᠶ᠎ᠠ— ᠡᠷᠲᠡᠴᠢ ᠬᠤᠷᠠᠬᠤ
        11. ᠨᠣᠬᠠᠢ— ᠦᠨᠡᠨᠴᠢ ᠬᠤᠷᠠᠬᠤ
        12. ᠭᠠᠬᠠᠢ— ᠪᠤᠶᠠᠨ ᠬᠤᠷᠠᠬᠤ
        12 ᠨᠢᠭᠡᠴᠢ ᠶ᠋ᠢᠨ ᠶᠡᠬᠡ ᠬᠤᠪᠢᠷᠠᠯ ᠨᠢ120᠂1200᠂12000 ᠵᠢᠯ ᠪᠥᠭᠡᠳ ᠡᠨᠡ ᠬᠦ᠌12000 ᠵᠢᠯ ᠨᠢ ᠲᠩᠷᠢ ᠶ᠋ᠢᠨ ᠣᠷᠣᠨ ᠤ᠋ ᠢᠯᠡᠭᠡᠯᠲᠡ ᠶ᠋ᠢᠨ ᠲᠣᠭᠠᠴᠠᠭ᠎ᠠ᠂ ᠶᠢᠷᠲᠢᠨᠴᠦ ᠶ᠋ᠢᠨ ᠨᠢᠭᠡᠴᠢ ᠴᠠᠭᠯᠠᠯ ᠲᠠᠢ ᠲᠣᠬᠢᠷᠠᠳᠠᠭ ᠪᠣᠯᠤᠨ᠎ᠠ᠃ ᠡᠨᠡ ᠦᠷᠡᠵᠢᠪᠦᠷᠢ ᠰᠣᠯᠪᠢᠴᠠᠯ ᠤ᠋ᠨ ᠨᠢᠭᠤᠴᠠ ᠨᠢ ᠠᠮᠢᠨ ᠣᠨᠣᠯ ᠤ᠋ᠨ ᠠᠭᠤᠯᠭ᠎ᠠ ᠳ᠋ᠤ᠌ ᠪᠣᠢ《ᠠᠮᠢᠨᠴᠢ》 ᠤᠬᠠᠭᠠᠨ ᠪᠣᠯᠤᠨ᠎ᠠ᠃ ᠠᠩ ᠠᠮᠢᠲᠠᠨ ᠲᠥᠯᠥᠭᠡᠯᠡᠯ ᠲᠡᠢ ᠡᠨᠡ ᠬᠦ᠌ ᠴᠠᠭ ᠲᠣᠭᠠᠯᠠᠯ《ᠠᠮᠢᠨᠴᠢ》 ᠬᠣᠯᠪᠣᠭ᠎ᠠ ᠶ᠋ᠢ ᠰᠦᠯᠵᠢᠭᠰᠡᠨ ᠳᠡᠭᠡᠳᠦ ᠰᠡᠳᠬᠢᠯᠭᠡ ᠶ᠋ᠢᠨ ᠭᠡᠷᠡᠴᠢ ᠪᠥᠯᠥᠭᠡ᠃ ᠣᠷᠴᠢᠯᠠᠩ ᠳ᠋ᠤ᠌ ᠬᠠᠨᠳᠤᠬᠤ ᠬᠥᠮᠦᠨ ᠦ᠌ ᠠᠮᠢᠨᠴᠢ ᠬᠡᠯᠬᠢᠶ᠎ᠡ ᠲᠠᠰᠤᠷᠠᠭᠰᠠᠨ ᠠ᠋ᠴᠠ ᠬᠦᠨᠳᠦ ᠬᠠᠷᠰᠢᠯ ᠬᠣᠷᠸ᠎ᠠ ᠳ᠋ᠤ᠌ ᠰᠦᠢᠷᠡᠯ ᠨᠥᠮᠥᠷᠴᠦ᠂ ᠤᠷᠭᠤᠮᠠᠯ ᠤ᠋ᠨ᠂ ᠨᠠᠷᠠᠨ ᠤ᠋᠂ ᠤᠰᠤᠨ ᠤ᠋᠂ ᠲᠣᠭᠣᠰᠣᠨ ᠤ᠋᠁ ᠵᠡᠷᠭᠡ ᠡᠪᠡᠳᠴᠢᠨ ᠦ᠌ ᠡᠬᠡ ᠪᠣᠯᠵᠤ ᠡᠴᠦᠰ ᠲᠡᠭᠡᠨ ᠣᠵᠣᠨ ᠤ᠋ ᠴᠣᠭᠣᠷᠬᠠᠢ᠂ ᠴᠥᠯᠵᠢᠯᠲᠡ᠁ ᠴᠡᠴᠡᠭ ᠦ᠋ᠨ ᠬᠠᠷᠰᠢᠯ ᠥᠨᠥᠬᠢ ᠡᠬᠡ ᠶ᠋ᠢᠨ ᠰᠦᠨ ᠦ᠌ ᠬᠣᠣᠷᠳᠠᠯᠭ᠎ᠠ᠁ ᠪᠢᠳᠡ ᠳᠡᠯᠡᠬᠡᠢ ᠳ᠋ᠠᠬᠢᠨ《ᠠᠮᠢᠨᠴᠢ》 ᠪᠠᠢᠬᠤ ᠦᠭᠡᠢ ᠪᠣᠯ ᠳᠡᠯᠡᠬᠡᠢ ᠪᠢᠳᠡᠨ ᠳ᠋ᠦ᠍《ᠳᠠᠢᠰᠤᠩᠨᠠᠴᠢ》 ᠬᠠᠨᠳᠤᠨ᠎ᠠ ᠭᠡᠳᠡᠭ ᠢ᠋ ᠡᠮᠦᠨ᠎ᠡ ᠴᠦ᠍ ᠳᠤᠷᠠᠳᠤᠭᠰᠠᠨ ᠪᠢᠯᠡ᠃  
    ᠠᠮᠢ ᠪᠦᠷᠢ ᠳ᠋ᠦ᠍ ᠤᠬᠠᠭᠠᠯᠢᠭ ᠬᠠᠨᠳᠤᠵᠤ ᠠᠮᠢᠨᠴᠢ ᠪᠠᠢᠵᠠᠭᠠᠶ᠎ᠠ ᠲᠠ ᠮᠢᠨᠢ ᠠ᠋! ᠠᠮᠢᠨ ᠠ᠋ᠴᠠ ᠥᠭᠡᠷ᠎ᠡ ᠠᠷᠢᠭᠤᠨ ᠰᠢᠲᠦᠭᠡᠨ ᠣᠷᠴᠢᠯᠠᠩ ᠳ᠋ᠤ᠌ ᠪᠠᠢᠬᠤ ᠦᠭᠡᠢ ᠠ᠋᠃
    ᠠᠮᠢᠨᠴᠢ ᠦᠵᠡᠯ ᠦ᠋ᠨ ᠨᠢᠭᠡᠨ ᠰᠤᠷᠭᠠᠯ ᠪᠣᠯ ᠴᠢᠩᠭᠢᠰ ᠬᠠᠭᠠᠨ ᠣᠭᠢᠨ ᠢ᠋ᠶ᠋ᠠᠨ ᠠᠢᠯ ᠤ᠋ᠨ ᠬᠥᠮᠦᠨ ᠪᠣᠯᠬᠤ ᠳ᠋ᠤ᠌《ᠬᠠᠲᠤᠭᠲᠠᠢ ᠬᠥᠮᠦᠨ ᠳ᠋ᠦ᠍ ᠭᠤᠷᠪᠠᠨ ᠡᠷ᠎ᠡ ᠪᠣᠢ᠃ ᠠᠩᠬᠠᠨ ᠤ᠋ ᠡᠷ᠎ᠡ ᠨᠢ ᠠᠯᠲᠠᠨ ᠲᠥᠷᠥ᠂ ᠳᠠᠷᠠᠭ᠎ᠠ ᠬᠢ ᠡᠷ᠎ᠡ ᠨᠢ ᠠᠷᠢᠭᠤᠨ ᠨᠡᠷ᠎ᠡ᠂ ᠲᠡᠭᠦᠨ ᠦ᠌ ᠳᠠᠷᠠᠭ᠎ᠠ ᠬᠢ ᠡᠷ᠎ᠡ ᠨᠢ ᠠᠪᠠᠯᠢ ᠡᠷ᠎ᠡ ᠮᠥᠨ ᠪᠢᠯᠡ᠁》 ᠭᠡᠵᠦ ᠰᠤᠷᠭᠠᠭᠰᠠᠨ ᠪᠢᠯᠡ᠃ ᠡᠨᠡ ᠪᠣᠯ ᠠᠮᠢᠨᠴᠢ ᠦᠵᠡᠯ ᠦ᠋ᠨ ᠭᠤᠷᠪᠠᠯ ᠰᠤᠷᠭᠠᠯ ᠦ᠋ᠨ ᠢᠷᠠᠭᠤ ᠲᠣᠳᠣᠷᠬᠠᠢ ᠪᠠᠷᠢᠮᠲᠠ ᠶᠤᠮ᠃ ᠠᠮᠢᠨᠴᠢ ᠦᠵᠡᠯ ᠪᠣᠯ ᠡᠨᠡᠷᠢᠩᠭᠦᠢ ᠶ᠋ᠢᠨ ᠰᠢᠨᠵᠢᠯᠡᠬᠦ ᠤᠬᠠᠭᠠᠨ ‍ᠤ ᠭᠣᠣᠯ ᠠᠢ ᠮᠥᠨ ᠪᠥᠭᠡᠳ ᠠᠮᠢ ᠬᠣᠣᠷᠯᠠᠯ᠂ ᠡᠴᠦᠰᠯᠡᠯ ᠦ᠋ᠨ ᠰᠢᠯᠲᠠᠭᠠᠨ ᠨᠥᠬᠥᠴᠡᠯ ᠪᠣᠯᠤᠮᠵᠢ ᠶ᠋ᠢᠨ ᠬᠤᠪᠢ ᠵᠠᠶᠠᠭ᠎ᠠ ᠶ᠋ᠢ ᠨᠡᠭᠡᠭᠡᠵᠦ᠂ ᠵᠠᠶ᠋ᠢᠯᠠᠰᠢ ᠦᠭᠡᠢ᠂ ᠰᠠᠨᠠᠮᠰᠠᠷ ᠦᠭᠡᠢ ᠬᠢᠭᠡᠳ ᠡᠰᠡ ᠥᠳᠥᠭᠡᠭᠳᠡᠬᠥ ᠮᠥᠨ ᠴᠢᠨᠠᠷ ᠊ᠢ ᠰᠤᠳᠤᠯᠬᠤ ᠵᠣᠷᠢᠯᠭ᠎ᠠ ᠳᠡᠪᠰᠢᠭᠳᠡᠨ᠂ ᠠᠮᠢᠨ ‍ᠤ ᠦᠷᠡᠵᠢᠯ ᠦ᠋ᠨ ᠵᠣᠬᠢᠰᠲᠠᠢ ᠬᠢᠵᠠᠭᠠᠷ ᠲᠡᠩᠴᠡᠪᠦᠷᠢ ᠶ᠋ᠢ ᠬᠠᠳᠠᠭᠠᠯᠠᠬᠤ《ᠡᠨᠡᠷᠢᠬᠦᠢ》 ᠦᠨᠳᠦᠰᠦ ᠶ᠋ᠢ ᠡᠷᠢᠬᠦ ᠱᠠᠭᠠᠷᠳᠠᠯᠭ᠎ᠠ ᠭᠠᠷᠤᠨ᠎ᠠ᠃ ᠮᠥᠨ ᠵᠥᠷᠢᠴᠡᠯ ᠲᠡᠮᠡᠴᠡᠯ ᠬᠥᠭᠵᠢᠯ ᠦ᠋ᠨ《ᠠᠮᠢ  ᠪᠠᠷ ᠰᠢᠢᠳᠪᠦᠷᠢᠯᠡᠭᠴᠢ》 ᠬᠠᠷᠭᠢᠰ ᠪᠠᠯᠠᠷ ᠠᠷᠭ᠎ᠠ ᠶ᠋ᠢ ᠠᠮᠢᠨᠴᠢ ᠦᠵᠡᠯ ᠶ᠋ᠢᠡᠷ ᠦᠭᠡᠶ᠋ᠢᠰᠬᠡᠨ ᠨᠤᠲᠠᠯᠠᠵᠤ ᠡᠨᠡᠷᠢᠬᠦᠢ ᠶ᠋ᠢᠨ ᠬᠢᠭᠡᠳ ᠠᠬᠤᠢ ᠤᠬᠠᠮᠰᠠᠷ ᠦ᠋ᠨ ᠭᠤᠷᠮᠤᠰᠤᠨ ᠠᠷᠭ᠎ᠠ ᠳ᠋ᠤ ᠲᠦᠰᠢᠭᠯᠡᠭᠰᠡᠨ ᠰᠢᠨ᠎ᠡ ᠵᠠᠮ ᠊ᠢ ᠨᠡᠭᠡᠭᠡᠬᠦ ᠣᠨᠣᠯ ᠦ᠋ᠨ ᠭᠠᠷᠴᠠ ᠪᠤᠢ ᠪᠣᠯᠤᠨ᠎ᠠ᠃ ᠲᠡᠷᠡ ᠴᠠᠭ ᠲᠤ《ᠵᠢᠭᠠᠰᠤᠴᠢᠨ ᠬᠥᠮᠦᠨ》 ᠭᠡᠬᠦ ᠳᠦ ᠵᠢᠭᠠᠰᠤ ᠪᠠᠷᠢᠳᠠᠭ ᠪᠤᠰᠤ ᠦᠷᠡᠵᠢᠭᠦᠯᠳᠡᠭ ᠬᠥᠮᠦᠨ ᠊ᠢ᠂ ᠠᠩᠴᠢᠨ ᠭᠡᠵᠦ ᠠᠪᠠᠯᠠᠳᠠᠭ ᠪᠤᠰᠤ ᠠᠩ ᠠᠮᠢᠲᠠᠨ ᠊ᠢ ᠨᠤᠲᠤᠭᠰᠢᠭᠤᠯᠳᠠᠭ ᠰᠤᠳᠤᠯᠤᠭᠠᠴᠢ ᠶ᠋ᠢ ᠨᠡᠷᠡᠯᠡᠬᠦ ᠵᠡᠷᠭᠡ ᠪᠡᠷ ᠰᠡᠳᠬᠢᠯᠭᠡᠨ ‍ᠦ ᠡᠷᠭᠢᠯ ᠳᠦ ᠳᠡᠪᠰᠢᠭᠳᠡᠨ᠎ᠡ᠃ ᠡᠨᠡ ᠶᠢᠷᠲᠢᠨᠴᠦ ᠳᠦ ᠠᠪᠠᠯᠠᠭᠴᠢ᠂ ᠭᠦᠷᠦᠭᠡᠴᠢᠨ᠂ ᠨᠢᠳᠤᠯᠠᠭᠴᠢ᠂ ᠮᠣᠳᠣ ᠪᠡᠯᠡᠳᠬᠡᠭᠴᠢ᠁ ᠵᠡᠷᠭᠡ ᠮᠡᠷᠭᠡᠵᠢᠯ ᠊ᠢ ᠰᠠᠶ᠋ᠢᠰᠢᠶᠠᠵᠤ ᠱᠠᠩᠨᠠᠬᠤ᠂ ᠠᠯᠳᠠᠷ ᠴᠣᠯᠠ ᠣᠯᠭᠣᠬᠤ ᠬᠠᠭᠤᠴᠢᠨ ᠪᠠᠷᠢᠯ ᠡᠴᠦᠰᠯᠡᠵᠦ ᠮᠢᠬ᠎ᠠ ᠺᠥᠮᠪᠢᠨᠠᠲ①᠂ ᠮᠣᠳᠣᠨ ‍ᠤ ᠦᠢᠯᠡᠳᠪᠦᠷᠢ ᠶ᠋ᠢ ᠥᠷᠭᠡᠳᠬᠡᠬᠦ ᠵᠡᠷᠭᠡ ᠵᠣᠷᠢᠯᠭ᠎ᠠ ᠶ᠋ᠢ ᠬᠠᠵᠠᠭᠠᠷᠯᠠᠬᠤ ᠪᠤᠢ ᠊ᠢ᠎ᠠ᠃ ᠬᠣᠨᠢᠴᠢᠨ ᠬᠥᠮᠦᠨ ᠰᠦᠷᠦᠭ ᠶ᠋ᠢᠡᠨ ᠮᠠᠯᠯᠠᠵᠤ᠂ ᠳᠣᠣᠷᠠᠳᠤ ᠥᠲᠡᠯᠥᠭᠡᠰ ᠨᠢ ᠬᠠᠶᠠ ᠮᠠᠭᠤᠯᠠᠵᠤ᠂ ᠬᠡᠷᠡᠭᠯᠡᠭᠡ ᠪᠡᠨ ᠬᠠᠩᠭᠠᠳᠠᠭ ᠴᠦ᠍ ᠬᠣᠨᠢ ᠨᠢᠳᠤᠯᠠᠭᠴᠢ ᠭᠡᠬᠦ ᠪᠡᠷ ᠦᠭᠡᠢ ᠰᠢᠭ᠌ ᠬᠦᠨᠡᠰᠦ ᠬᠡᠷᠡᠭᠯᠡᠭᠡᠨ ‍ᠦ ᠪᠡᠯᠡᠳᠬᠡᠯ ᠳᠦ ᠵᠣᠬᠢᠰᠲᠤ ᠬᠠᠷᠢᠴᠠᠭ᠎ᠠ᠂ ᠪᠢᠴᠢᠯ ᠦᠢᠯᠡᠳᠪᠦᠷᠢᠯᠡᠯ ᠨᠣᠶᠠᠯᠠᠬᠤ ᠶᠣᠰᠣᠲᠠᠢ᠃ ᠨᠢᠭᠡ ᠮᠣᠳᠣ ᠪᠡᠯᠡᠳᠬᠡᠯ᠎ᠡ ᠭᠡᠬᠦ ᠳᠦ ᠡᠮᠦᠨ᠎ᠡ ᠨᠢ᠂ ᠪᠠᠰᠠ ᠦᠯᠡᠳᠡᠭᠰᠡᠨ ᠬᠣᠵᠤᠤᠯ᠎ᠠ ᠶ᠋ᠢ ᠬᠣᠪᠬᠣᠯᠵᠤ ᠲᠡᠷᠡ ᠦᠶ᠎ᠡ ᠳᠦ ᠨᠢ ᠤᠷᠭᠤᠯᠲᠠ᠂ ᠰᠡᠶ᠋ᠢᠷᠡᠭᠦᠯᠦᠯᠲᠡ᠂ ᠨᠢᠬᠲᠠᠷᠠᠭᠤᠯᠤᠯᠲᠠ ᠶ᠋ᠢᠨ ᠪᠠᠶ᠋ᠢᠳᠠᠯ ᠶ᠋ᠢᠠᠷ ᠳᠠᠬᠢᠨ ᠮᠣᠳᠣ ᠲᠠᠷᠢᠵᠤ ᠠᠷᠠᠴᠢᠯᠠᠳᠠᠭ ᠥᠢᠵᠢ‍ᠬᠤᠯᠤᠭᠴᠢ ᠬᠥᠮᠦᠨ ᠯᠠ ᠰᠣᠩᠭᠣᠯᠲᠠ ᠬᠢᠬᠦ ᠠᠵᠢᠯ ᠪᠣᠯᠤᠨ᠎ᠠ᠃ ᠦᠨᠡᠲᠦ ᠦᠰᠦ ᠲᠡᠢ ᠠᠮᠢᠲᠠᠨ ‍ᠤ ᠠᠷᠠᠰᠤ ᠪᠠᠷ ᠭᠤᠶᠤᠭᠰᠠᠨ ᠬᠥᠮᠦᠨ ᠊ᠢ ᠠᠲᠠᠭᠠᠷᠬᠠᠯ ᠪᠤᠰᠤ ᠵᠢᠪᠡᠬᠦᠴᠡᠯ ᠤᠭᠲᠤᠵᠤ ᠲᠡᠷᠡ ᠬᠤᠪᠴᠠᠰᠤ ᠪᠠᠨ ᠡᠮᠦᠰᠬᠦ ᠭᠠᠵᠠᠷ ᠦᠭᠡᠢ ᠢᠴᠢᠭᠦᠷᠢ ᠨᠢᠭᠤᠷᠯᠠᠨ᠎ᠠ᠃ ᠲᠠᠪᠢᠨ ᠪᠤᠯᠠᠭᠠᠨ ‍ᠤ ᠠᠮᠢ ᠪᠤᠰᠠᠨᠢᠬᠰᠠᠨ ‍ᠤ ᠭᠡᠷᠡᠴᠢ ᠡᠮᠦᠰᠦᠭᠡᠳ ᠲᠠᠩᠰᠤᠭ ᠭᠣᠶᠣ ᠬᠠᠷᠠᠭᠳᠠᠨ᠎ᠠ ᠭᠡᠵᠦ ᠡᠨᠳᠡᠭᠦᠷᠡᠭᠰᠡᠳ ᠲᠤ ᠡᠨᠡᠷᠢᠬᠦᠢ ᠶ᠋ᠢᠨ ᠰᠢᠨᠵᠢᠯᠡᠬᠦ ᠤᠬᠠᠭᠠᠨ ‍ᠤ ᠮᠡᠳᠡᠯᠭᠡ ᠰᠦᠷᠲᠠᠯᠴᠢᠯᠠᠭᠳᠠᠨ᠎ᠠ᠃ ᠪᠠᠰᠠ ᠡᠪᠦᠯ ᠦ᠋ᠨ ᠬᠦᠢᠲᠡᠨ ᠳᠦ ᠦᠰᠦ ᠶ᠋ᠢ ᠨᠢ ᠳᠤᠯᠠᠭᠠᠯᠭ᠎ᠠ ᠶ᠋ᠢᠨ ᠵᠣᠷᠢᠭᠤᠯᠤᠯᠲᠠ ᠪᠠᠷ ᠳᠣᠲᠣᠭᠰᠢ ᠬᠠᠷᠠᠭᠤᠯᠤᠭᠠᠳ ᠴᠢᠬᠢᠪᠴᠢ ᠬᠢᠭᠡᠳ ᠡᠮᠦᠰᠴᠢᠬᠡᠭᠰᠡᠨ ᠪᠠᠶ᠋ᠢᠪᠠᠯ ᠬᠡᠷᠡᠭᠯᠡᠭᠡ ᠭᠡᠵᠦ ᠦᠵᠡᠬᠦ ᠥᠷᠥᠰᠢᠶᠡᠯ ᠢᠷᠡᠨ᠎ᠡ᠃ ᠮᠣᠩᠭᠣᠯ ᠳᠠᠬᠢ ᠣᠣᠭᠣᠯᠢ ᠠᠮᠢᠳᠤᠷᠠᠯ ᠳ᠋ᠠᠭᠠᠨ ᠤᠰᠠᠳᠤᠭᠰᠠᠨ᠃ ᠭᠣᠪᠢ ᠶ᠋ᠢᠨ ᠮᠠᠵᠠᠭᠠᠯᠠᠢ ᠶ᠋ᠢᠨ ᠲᠣᠭ᠎ᠠ ᠠᠷᠪᠠ ᠪᠠᠷ᠂ ᠬᠠᠪᠲᠠᠭᠠᠢ ᠶ᠋ᠢᠨ ᠲᠣᠭ᠎ᠠ ᠵᠠᠭᠤ ᠪᠠᠷ ᠶᠠᠷᠢᠬᠳᠠᠵᠤ ᠪᠠᠶ᠋ᠢᠨ᠎ᠠ᠃ ᠬᠥᠮᠦᠨ ᠲᠡᠳᠡᠨ ‍ᠦ ᠠᠮᠢᠳᠤᠷᠠᠯ ᠦ᠋ᠨ ᠨᠥᠬᠥᠴᠡᠯ ᠳᠦ ᠲᠤᠰᠠᠯᠠᠭ᠎ᠠ ᠦᠭᠡᠢ᠂ ᠰᠦᠢᠷᠡᠯ ᠶ᠋ᠢᠡᠷ ᠨᠢ ᠵᠠᠨᠤᠯᠬᠢᠯᠠᠭᠰᠠᠭᠠᠷ᠁ ᠤᠯᠠᠮᠵᠢᠯᠠᠯ ᠬᠥᠰᠡᠷᠳᠡᠵᠦ ᠣᠷᠰᠢᠬᠲᠦ ᠬᠥᠭᠵᠢᠯ ᠦ᠋ᠨ ᠴᠡᠴᠡᠨ ᠫᠤᠤ ᠴᠡᠨᠡᠭᠯᠡᠭᠰᠡᠨ ‍ᠦ ᠪᠠᠷᠢᠮᠲᠠ᠂ ᠠᠮᠢᠨᠴᠢ ᠦᠵᠡᠯ ᠠᠯᠠᠭᠤᠷᠴᠢ ᠮᠠᠶᠢᠭ ᠲᠤ ᠰᠢᠯᠵᠢᠭᠰᠡᠨ ‍ᠦ ᠪᠠᠯᠠᠭ ᠡᠨᠡ᠃ ᠡᠨᠡ ᠠᠪᠬᠤ᠂ ᠭᠡᠭᠡᠬᠦ ᠶ᠋ᠢᠨ ᠮᠣᠩᠭᠣᠯ ᠤᠬᠠᠭᠠᠨ ‍ᠤ ᠤᠯᠠᠮᠵᠢᠯᠠᠯ᠂ ᠰᠢᠨᠡᠴᠢᠯᠡᠯ᠂ ᠪᠠᠰᠠ ᠬᠥᠭᠵᠢᠯ⁈ ᠮᠣᠩᠭᠣᠯ ᠲᠦᠮᠡᠨ ‍ᠦ ᠰᠢᠲᠦᠭᠡᠨ ᠪᠣᠯᠤᠭᠰᠠᠨ ᠮᠥᠩᠬᠡ— ᠭᠠᠯ ᠰᠦᠯᠳᠡ ᠪᠡᠯᠭᠡ ᠮᠠᠨᠢ ᠠᠮᠢᠨᠴᠢ ᠴᠢᠨᠠᠷ᠂ ᠡᠨᠡᠷᠢᠩᠭᠦᠢ ᠤᠬᠠᠭᠠᠨ ᠨᠡᠪᠲᠡᠷᠬᠡᠢ ᠨᠡᠭᠦᠳᠡᠯᠴᠢᠳ ᠤᠰᠤ ᠨᠤᠲᠤᠭ ᠲᠠᠭᠠᠨ ᠠᠮᠢᠨᠴᠢ ᠪᠢᠯᠡ᠃ ᠲᠥᠷᠥ ᠲᠦᠰᠢᠭᠴᠢ ᠡᠵᠡᠨᠲᠦ ᠳᠡᠭᠡᠳᠦᠰ ᠷᠢᠳᠢ ᠰᠢᠳᠢᠲᠡᠨ ᠨᠦ᠍ᠭᠦᠳ ᠢ᠋ ᠮᠥᠩᠬᠡ ᠲᠩᠷᠢ ᠪᠡᠨ ᠰᠢᠲᠦᠵᠦ᠂ ᠲᠦᠮᠡᠨ ᠣᠯᠠᠨ ᠲᠥᠷᠥ ᠶ᠋ᠢᠨ ᠡᠷᠦᠬᠡ ᠠᠢᠯ ᠪᠦᠷᠢ ᠭᠠᠯ ᠭᠣᠯᠣᠮᠲᠠ ᠪᠠᠨ ᠠᠷᠢᠭᠤᠯᠠᠨ ᠰᠢᠲᠦᠵᠦ᠂ ᠲᠥᠷᠥᠭᠰᠡᠨ ᠪᠦᠬᠦᠨ ᠳ᠋ᠦ᠍ ᠮᠥᠩᠬᠡ ᠨᠠᠰᠤ ᠢᠷᠦᠭᠡᠭᠴᠢ ᠣᠯᠠᠨ《ᠮᠥᠩᠬᠡ ᠭᠠᠯ》 ᠣᠪᠣᠭᠲᠠᠨ ᠮᠢᠨᠦ᠃ ᠭᠠᠯ ᠭᠣᠯᠣᠮᠲᠠ ᠭᠡᠳᠡᠭ ᠨᠡᠭᠦᠳᠡᠯᠴᠢᠳ ᠦ᠋ᠨ ᠹᠢᠯᠣᠰᠣᠹᠢ ᠶ᠋ᠢᠨ ᠰᠠᠭᠤᠷᠢ ᠨᠢ ᠪᠥᠯᠥᠭᠡ᠃ ᠭᠠᠯ ᠭᠣᠯᠣᠮᠲᠠ ᠪᠠᠨ ᠲᠤᠯᠤᠭᠰᠠᠨ ᠨᠤᠲᠤᠭ ᠬᠠᠢᠷᠬᠠᠨ ᠨᠢ ᠠᠮᠢᠨ ᠬᠣᠯᠪᠣᠭ᠎ᠠ ᠪᠥᠯᠥᠭᠡ᠃ ᠣᠪᠣᠭ᠂ ᠠᠢᠮᠠᠭ᠂ ᠤᠯᠤᠰ ᠢ᠋ᠶ᠋ᠠᠨ ᠪᠠᠷᠢᠭᠴᠢ ᠶᠡᠬᠡᠰ ᠦ᠋ᠨ ᠰᠦᠯᠳᠡ ᠨᠢ ᠮᠥᠩᠬᠡ ᠲᠩᠷᠢ᠂ ᠶᠢᠷᠲᠢᠨᠴᠦ ᠶ᠋ᠢᠨ ᠠᠮᠢᠨ ᠹᠢᠯᠣᠰᠣᠹᠢ ᠶ᠋ᠢᠨ ᠡᠨᠡᠷᠢᠩᠭᠦᠢ ᠤᠳᠬ᠎ᠠ ᠡᠨᠡ ᠪᠥᠯᠥᠭᠡ᠃
       ᠳᠡᠳ᠋ ᠪᠦᠯᠦᠭ ᠦ᠋ᠨ ᠨᠠᠷᠠᠨ ᠭᠤᠳᠤᠢᠪᠠᠢ᠃ ᠡᠮᠦᠨ᠎ᠡ ᠡᠰᠢᠯᠡᠭᠰᠡᠨ ᠥᠨᠳᠥᠷ ᠭᠡᠭᠡᠨᠲᠡᠨ ᠦ᠌ ᠠᠢᠯᠠᠳᠤᠯ ᠢ᠋ ᠠᠬᠢᠨ ᠨᠢᠭᠡ ᠠᠩᠬᠠᠷᠴᠤ ᠠᠮᠢ ᠬᠢᠭᠡᠳ ᠡᠨᠡᠷᠢᠩᠭᠦᠢ ᠶ᠋ᠢᠨ ᠠᠷᠢᠭᠤᠨ ᠰᠡᠳᠬᠢᠯ ᠢ᠋ᠶ᠋ᠡᠨ ᠲᠡᠵᠢᠭᠡᠭᠲᠦᠨ! ᠠᠮᠢᠨᠴᠢ ᠪᠠᠢᠬᠤ ᠶᠤᠮᠰᠠᠨ ᠲᠠ ᠮᠢᠨᠢ ᠠ᠋᠃

————————————
         ① ᠺᠣᠮᠪᠢᠨᠠᠲ—a. ᠬᠣᠯᠪᠣᠭᠠᠲᠤ ᠠᠵᠤ ᠠᠬᠤᠶ᠋ᠢᠯᠠᠯ᠂b. ᠬᠣᠯᠪᠣᠭᠠᠲᠤ ᠠᠵᠢᠯ ᠮᠡᠷᠭᠡᠵᠢᠯ ᠦ᠋ᠨ ᠰᠤᠷᠭᠠᠭᠤᠯᠢ( ᠪᠠᠭᠤᠯᠭᠠᠭᠴᠢ)


   ᠦᠰᠦᠭ ᠠᠮᠢᠯᠠᠭᠤᠯᠤᠭᠴᠢ᠄ ᠪᠠᠶᠠᠨᠰᠡᠷᠡᠩ᠂ ᠲᠣᠭᠲᠠᠭᠤᠨᠪᠠᠶᠠᠷ
   ᠬᠢᠨᠠᠭᠴᠢ ᠪᠠᠭᠰᠢ᠄ ᠣᠳᠬᠠᠨᠰᠣ᠎ᠠ᠂ ᠰᠡᠬᠡᠭᠡᠷᠡᠯ