ᠨᠠᠢ᠍ᠮᠠ᠂ ᠰᠢᠨ᠎ᠡ ᠭᠠᠯᠪᠠ ᠭᠤᠷᠪᠠᠯ ᠰᠣᠶᠣᠯ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠢ᠍ᠮᠠ᠂ ᠰᠢᠨ᠎ᠡ ᠭᠠᠯᠪᠠ ᠭᠤᠷᠪᠠᠯ ᠰᠣᠶᠣᠯ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу

ᠨᠠᠢ᠍ᠮᠠ᠂ ᠰᠢᠨ᠎ᠡ ᠭᠠᠯᠪᠠ ᠭᠤᠷᠪᠠᠯ ᠰᠣᠶᠣᠯ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу

2024-01-27

243

ᠨᠠᠢ᠍ᠮᠠ᠂ ᠰᠢᠨ᠎ᠡ ᠭᠠᠯᠪᠠ ᠭᠤᠷᠪᠠᠯ ᠰᠣᠶᠣᠯ

    ᠬᠥᠮᠦᠨ ᠲᠥᠷᠥᠯᠬᠢᠲᠡᠨ ᠦ᠌ ᠨᠢᠭᠡᠨ ᠰᠢᠨ᠎ᠡ ᠰᠣᠶᠣᠯ ᠢᠷᠭᠡᠨᠰᠢᠯ(ᠭᠠᠯᠪᠠ ᠭᠡᠬᠦ ᠮᠥᠴᠢᠯᠭᠡ)1999 ᠣᠨ ᠠ᠋ᠴᠠ ᠡᠬᠢᠯᠡᠬᠦ ᠲᠤᠬᠠᠢ ᠳᠡᠯᠡᠬᠡᠢ ᠨᠡᠢᠲᠡ ᠪᠡᠷ ᠱᠤᠤᠭᠢᠬᠤ ᠪᠣᠯᠤᠯ᠎ᠠ ᠃ ᠠᠲ᠋ᠠᠯᠠᠨᠲ᠋ᠢᠳ᠋ ᠤ᠋ᠨ ᠮᠥᠬᠥᠯ ᠢ᠋ᠶ᠋ᠡᠷ ᠰᠢᠪᠲᠤᠷᠠᠭᠰᠠᠨ ᠨᠢᠭᠡ ᠦᠨᠡᠨᠲᠦ ᠬᠥᠭᠵᠢᠯ ᠢ᠋ ᠥᠷᠲᠡᠭᠡᠯᠡᠨ ᠡᠪᠦᠭᠡᠨ ᠬᠣᠢᠮᠣᠰᠣᠨ ᠣᠨᠣᠯᠳᠤ ᠰᠣᠶᠣᠯ ᠢᠷᠭᠡᠨᠰᠢᠯ ᠦ᠋ᠨ ᠲᠠᠪᠤᠳᠠᠬᠢ ᠭᠠᠯᠪᠠ1998 ᠣᠨ ᠳ᠋ᠤ᠌ ᠳᠠᠭᠤᠰᠴᠤ ᠪᠠᠢᠭ᠎ᠠ ᠲᠤᠭᠠᠴᠠᠬ᠎ᠠ ᠰᠣᠨᠢᠷᠬᠠᠯ ᠲᠠᠢ ᠶᠤᠮ᠃666×3=1998 ᠭᠡᠰᠡᠨ ᠵᠦᠩ ᠦᠯᠡᠳᠡᠭᠡᠭᠰᠡᠨ ᠢ᠋ ᠤᠰᠲ᠋ᠷᠠᠳ᠋ᠠᠮᠥ᠋ᠰ ᠴᠦ᠍ ᠦᠭᠡᠢᠰᠬᠡᠭᠰᠡᠨ ᠦᠭᠡᠢ᠃ ᠾᠷᠢᠰᠲ᠋ᠣᠰ ᠬᠡᠪ ᠶᠣᠰᠣᠨ ᠳ᠋ᠤ᠌ ᠶᠡᠷᠦ ᠶ᠋ᠢᠨ ᠲᠣᠭ᠎ᠠ ᠭᠡᠵᠦ ᠴᠡᠭᠡᠷᠯᠡᠭᠳᠡᠳᠡᠭ666 ᠶᠠᠭᠠᠬᠢᠭᠠᠳ ᠰᠢᠳᠢᠲᠦ ᠲᠣᠭ᠎ᠠ ᠪᠣᠯᠪᠠ? ᠬᠠᠮᠢᠭ᠎ᠠ ᠠ᠋ᠴᠠ ᠨᠢᠭᠡᠳᠦᠮᠡᠯ ᠭᠤᠷᠪᠠᠯᠠᠭᠰᠠᠨ ᠪᠤᠷᠬᠠᠨ᠁ ᠭᠤᠷᠪᠠᠨ ᠡᠯᠴᠢ᠁ ᠭᠠᠷᠤᠭᠠᠳ ᠢᠷᠡᠪᠡ? ᠭᠡᠲᠡᠯ᠎ᠡ《ᠰᠦᠢᠷᠡᠯ ᠭᠤᠷᠪᠠ ᠳ᠋ᠤ᠌ ᠲᠡᠭᠰᠢ ᠬᠤᠪᠢᠶᠠᠭᠳᠠᠬᠤ ᠣᠨ ᠳ᠋ᠤ᠌ ᠪᠣᠯᠤᠨ᠎ᠠ᠃1998᠄3=666》 ᠭᠡᠵᠦ ᠶᠣᠷᠣᠯᠠᠭᠰᠠᠨ ᠮᠠᠢᠶᠸᠷ ᠤ᠋ᠨ ᠰᠠᠨᠠᠭ᠎ᠠ ᠬᠣᠶᠠᠷᠯᠠᠯ ᠰᠡᠳᠬᠢᠯᠭᠡᠨ ᠦ᠌ ᠰᠦᠢᠷᠡᠯ ᠢ᠋ ᠬᠡᠯᠡᠭᠰᠡᠨ ᠪᠣᠯᠤᠯᠲᠠᠢ᠃ ᠬᠠᠷᠢᠨ ᠠᠫᠤᠭᠡᠯᠢᠫᠰᠢᠰ ᠮᠠᠢᠶᠸᠷ ᠠᠯᠢ ᠠᠯᠢ ᠨᠢ ᠬᠠᠮᠤᠭ ᠰᠢᠳᠢ《3》 ᠳ᠋ᠤ᠌ ᠨᠢᠭᠤᠴᠠᠯᠠᠭᠳᠠᠵᠤ ᠪᠠᠢᠭ᠎ᠠ ᠶ᠋ᠢ ᠬᠡᠪ ᠶᠣᠰᠣᠨ ᠤ᠋ ᠤᠯᠠᠮᠵᠢᠯᠠᠯ ᠦᠭᠡᠢ ᠤᠴᠢᠷ ᠠ᠋ᠴᠠ ᠮᠡᠳᠡᠷᠡᠭᠰᠡᠨ ᠦᠭᠡᠢ᠃ ᠲᠡᠷᠡ666 ᠶ᠋ᠢ ᠦᠷᠡᠵᠢᠭᠦᠯᠦᠭᠡᠳ ᠬᠤᠪᠢᠶᠠᠭᠠᠳ ᠪᠠᠢᠭ᠎ᠠ(3) ᠪᠣᠯ ᠭᠤᠷᠪᠠᠯ ᠣᠨᠣᠯ ᠪᠢᠰᠢ ᠤᠤ? ᠲᠡᠷᠡ ᠨᠢᠭᠡᠳᠦᠮᠡᠯ ᠭᠤᠷᠪᠠᠯᠠᠭᠰᠠᠨ ᠪᠤᠷᠬᠠᠨ ᠴᠢᠨᠢ ᠭᠤᠷᠪᠠᠯᠠᠭᠰᠠᠨ ᠰᠡᠳᠬᠢᠯᠭᠡ ᠪᠤᠰᠤ ᠤᠤ? ᠣᠳᠣ ᠠ᠋ᠴᠠ12000 ᠵᠢᠯ(ᠶᠢᠷᠲᠢᠨᠴᠦ ᠶ᠋ᠢᠨ ᠳᠤᠮᠳᠠᠴᠢ ᠨᠢᠭᠡ ᠭᠡᠳᠡᠭ ᠴᠠᠭ ᠤ᠋ᠨ ᠨᠢᠭᠡᠴᠢ ᠲᠣᠭᠠᠯᠠᠯ) ᠤ᠋ᠨ ᠲᠡᠷᠲᠡᠭᠡ ᠨᠢᠭᠡ ᠦᠨᠡᠨ ᠲᠡᠢ ᠠᠲ᠋ᠠᠯᠠᠨᠲ᠋ᠢᠳ᠋ ᠤ᠋ᠨ ᠭᠠᠢᠬᠠᠮᠰᠢᠭᠲᠤ ᠰᠣᠶᠣᠯ ᠮᠥᠨ᠂12000 ᠵᠢᠯ ᠣᠷᠣᠰᠢᠨ ᠲᠣᠭᠲᠠᠨᠢᠵᠤ ᠴᠡᠴᠡᠭᠯᠡᠨ ᠬᠥᠭᠵᠢᠭᠡᠳ ᠮᠥᠬᠥᠵᠡᠢ᠃ ᠲᠡᠭᠦᠨ ᠦ᠌ ᠤᠯᠠᠮᠵᠢᠯᠠᠭᠰᠠᠨ ᠲᠠᠪᠤᠳᠤᠭᠠᠷ ᠭᠠᠯᠪᠠ ᠪᠠᠰᠠ12000 ᠵᠢᠯ ᠬᠣᠶᠠᠷᠯᠠᠯ ᠣᠨᠣᠯ ᠢ᠋ᠶ᠋ᠠᠷ ᠳᠠᠪᠰᠢᠨ ᠴᠡᠴᠡᠭᠯᠡᠭᠡᠳ1998 ᠣᠨ ᠳ᠋ᠤ᠌《ᠮᠥᠬᠥᠬᠦ》 ᠠᠵᠤᠭᠤ᠃ ᠭᠡᠲᠡᠯ᠎ᠡ ᠡᠮᠦᠨ᠎ᠡ ᠳᠤᠷᠠᠳᠴᠤ ᠪᠠᠢᠭᠰᠠᠨ ᠲᠩᠷᠢ ᠶ᠋ᠢᠨ ᠣᠷᠣᠨ ᠤ᠋ ᠢᠯᠡᠭᠡᠯᠲᠡ ᠳ᠋ᠦ᠍《ᠲᠠᠨ ᠤ᠋ ᠲᠡᠢᠨ ᠪᠠᠢᠯᠳᠤᠭᠠᠨ ᠨᠤᠭᠤᠳ ᠵᠣᠭᠰᠣᠬᠤ ᠳ᠋ᠤ᠌ ᠠᠬᠢᠭᠠᠳ12000 ᠵᠢᠯ ᠡᠴᠡ ᠨᠠᠭᠠᠰᠢ ᠦᠭᠡᠢ ᠪᠣᠯᠤᠯᠲᠠᠢ》 ᠬᠡᠮᠡᠭᠰᠡᠨ ᠥᠭᠦᠯᠡᠪᠦᠷᠢ ᠪᠣᠢ᠃ ᠲᠡᠳᠡᠨ ᠦ᠌ ᠡᠢᠨ ᠳ᠋ᠦᠩᠨᠡᠬᠦ ᠪᠣᠯᠤᠭᠰᠠᠨ ᠰᠢᠯᠲᠠᠭᠠᠨ ᠨᠢ ᠣᠳᠣ ᠶ᠋ᠢᠨ ᠪᠢᠳᠡᠨ ᠦ᠌《ᠲᠡᠢᠮᠦ᠂ ᠦᠭᠡᠢ》 ᠭᠡᠰᠡᠨ ᠪᠢᠴᠢᠬᠠᠨ ᠰᠡᠳᠬᠢᠯᠭᠡ ᠠᠵᠠᠢ᠃ ᠲᠡᠳᠡᠨ ᠦ᠌ ᠠᠶᠤᠭᠠᠳ ᠪᠠᠢᠭ᠎ᠠ ᠵᠦᠢᠯ ᠨᠢ ᠪᠢᠳᠡᠨ ᠦ᠌ ᠪᠢᠴᠢᠬᠠᠨ ᠬᠣᠢᠮᠣᠰᠣᠨ ᠰᠡᠳᠬᠢᠯᠭᠡ᠃ ᠶᠢᠷᠲᠢᠨᠴᠦ ᠶ᠋ᠢᠨ ᠪᠤᠶᠤ ᠬᠠᠷᠢ ᠭᠠᠷᠠᠭ ᠤ᠋ᠨ ᠤᠬᠠᠭᠠᠨᠲᠠᠨ ᠨᠤᠭᠤᠳ ᠶᠠᠭᠠᠬᠢᠭᠠᠳ ᠦᠯᠦ ᠦᠵᠡᠭᠳᠡᠭᠴᠢ ᠨᠢᠰᠳᠡᠭ ᠪᠡᠶᠡᠲᠦ ᠨᠦ᠍ᠭᠦᠳ ᠪᠣᠯᠤᠭᠠᠳ ᠪᠠᠢᠨ᠎ᠠ ᠪᠣᠢ⁈ ᠡᠰᠡᠷᠭᠦᠴᠡᠬᠦ ᠤᠬᠠᠭᠠᠨ ᠲᠣᠭ᠎ᠠ ᠲᠣᠢᠮᠣᠰᠢ ᠦᠭᠡᠢ ᠣᠯᠠᠨ ᠲᠡᠢᠨ ᠪᠠᠢᠯᠳᠤᠭᠠᠨ ᠰᠦᠷᠭᠦᠯᠳᠦᠭᠡᠨ ᠳ᠋ᠦ᠍ ᠬᠦᠷᠭᠡᠵᠦ ᠠᠮᠢ ᠰᠦᠢᠳᠬᠦ ᠲᠡᠳᠦᠢ ᠦᠭᠡᠢ ᠳᠡᠯᠡᠬᠡᠢ ᠶ᠋ᠢᠨ ᠪᠦᠬᠦ ᠠᠮᠢᠳᠤ ᠠᠮᠢᠲᠠᠨ ᠵᠥᠪᠬᠡᠨ ᠬᠥᠮᠦᠨ ᠡᠴᠡ ᠠᠶᠤᠳᠠᠭ ᠲᠥᠷᠥᠯᠬᠢ ᠵᠦᠩ《ᠠᠶᠤᠳᠠᠰᠤ ᠶ᠋ᠢᠨ ᠮᠠᠨᠳᠤᠯ》 ᠪᠣᠢ ᠪᠣᠯᠭᠠᠬᠤ ᠳ᠋ᠤ᠌ ᠬᠦᠷᠭᠡᠵᠡᠢ᠃ ᠤᠷᠢᠳᠤ ᠡᠮᠦᠨ᠎ᠡ ᠨᠢ ᠬᠥᠮᠦᠨ ᠳ᠋ᠦ᠍ ᠠᠯᠠᠭᠤᠯᠵᠤ ᠦᠵᠡᠭᠡ ᠦᠭᠡᠢ ᠥᠴᠦᠬᠡᠨ ᠮᠥᠨᠳᠥᠯ ᠲᠡᠮᠡᠭᠡᠨ ᠡᠴᠡ ᠦᠯᠦ ᠠᠶᠤᠬᠤ ᠠᠲᠠᠯ᠎ᠠ ᠪᠠᠨ ᠬᠡᠦᠬᠡᠳ ᠡᠴᠡ ᠠᠶᠤᠳᠠᠭ ᠪᠥᠯᠥᠭᠡ᠃ ᠡᠢᠮᠦᠷᠬᠦ ᠰᠠᠨᠠᠭ᠎ᠠ ᠪᠠᠷ ᠡᠮᠦᠨ᠎ᠡ ᠨᠢ《ᠠᠶᠤᠳᠠᠰᠤ ᠶ᠋ᠢᠨ ᠮᠠᠨᠳᠤᠯ ᠤ᠋ᠨ ᠨᠢᠭᠤᠴᠠ》 ᠵᠥᠩᠨᠡᠯᠲᠡ ᠷᠣᠮᠠᠨ ᠪᠢᠴᠢᠵᠦ ᠬᠡᠪᠯᠡᠭᠦᠯᠦᠭᠰᠡᠨ ᠪᠢᠯᠡ ᠪᠢ᠃ ᠲᠩᠷᠢᠯᠢᠭ ᠰᠡᠳᠬᠢᠬᠦᠢᠲᠦ ᠮᠣᠩᠭᠣᠯᠴᠤᠳ ᠬᠣᠢᠮᠣᠰᠣᠨ ᠬᠥᠭᠵᠢᠯ ᠦ᠋ᠨ ᠶᠡᠬᠡ ᠰᠦᠢᠳᠬᠡᠯ ᠳᠤᠮᠳᠠ ᠭᠤᠷᠪᠠᠨ ᠣᠨᠣᠯ ᠢ᠋ ᠳᠡᠭᠦᠴᠡᠬᠡᠯᠡᠨ ᠮᠡᠳᠡᠷᠡᠵᠦ ᠵᠢᠳᠬᠦᠭᠰᠡᠨ ᠦ᠌ ᠰᠥᠷᠬᠦ ᠨᠥᠯᠥᠭᠡ ᠬᠠᠷᠢᠴᠠᠩᠭᠤᠢ ᠪᠠᠭ᠎ᠠ ᠲᠠᠢ ᠡᠬᠡ ᠣᠷᠣᠨ ᠡᠵᠡᠩᠨᠡᠵᠦ ᠪᠠᠢᠨ᠎ᠠ᠃ ᠡᠯ᠎ᠡ ᠰᠡᠳᠦᠪ ᠢ᠋ᠶ᠋ᠡᠷ《ᠬᠥᠬᠡ ᠭᠠᠯ ᠤ᠋ᠨ ᠰᠦᠢᠳᠬᠡᠯ》 ᠤᠷᠠᠨ ᠰᠡᠳᠬᠢᠮᠵᠢ ᠶ᠋ᠢᠨ ᠷᠣᠮᠠᠨ ᠪᠢᠴᠢᠵᠦ1994 ᠣᠨ ᠳ᠋ᠤ᠌ ᠮᠣᠩᠭᠣᠯ ᠤ᠋ᠨ ᠵᠣᠬᠢᠶᠠᠯᠴᠢᠳ ᠤ᠋ᠨ ᠡᠪᠯᠡᠯ ᠡᠴᠡ ᠭᠤᠷᠪᠠᠨ ᠨᠣᠮ ᠰᠣᠩᠭᠣᠨ ᠰᠢᠯᠭᠠᠷᠠᠭᠤᠯᠤᠯᠲᠠ ᠬᠢᠵᠦ ᠬᠡᠪᠯᠡᠬᠦ ᠪᠣᠯᠬᠤ ᠳ᠋ᠤ᠌ ᠲᠡᠭᠦᠨ ᠳ᠋ᠦ᠍ ᠣᠷᠣᠭᠰᠠᠨ ᠪᠣᠯᠪᠠᠴᠤ ᠬᠡᠷᠡᠭᠴᠡᠭᠡ ᠦᠭᠡᠢ ᠪᠢᠯᠡ᠃ ᠡᠳᠦᠭᠡ ᠠᠢᠯᠴᠢᠯᠠᠨ ᠢᠷᠡᠬᠦ ᠰᠢᠨ᠎ᠡ ᠭᠠᠯᠪᠠ ᠭᠤᠷᠮᠤᠰᠤᠨ ᠬᠡᠷᠰᠡᠦ ᠤᠬᠠᠭᠠᠨ ᠠᠮᠢᠨ ᠣᠨᠣᠯ ᠤ᠋ᠨ ᠬᠢ ᠪᠠᠢᠬᠤ ᠨᠢ ᠡᠷᠡᠭᠡᠯᠵᠡᠭᠡ ᠦᠭᠡᠢ ᠪᠥᠭᠡᠳ ᠮᠣᠩᠭᠣᠯᠴᠤᠳ ᠤ᠋ᠨ ᠳᠡᠯᠡᠬᠡᠢ ᠶ᠋ᠢ ᠰᠡᠷᠢᠭᠡᠬᠦ ᠭᠤᠷᠪᠠᠳᠠᠬᠢ ᠳᠠᠭᠤᠳᠠᠯᠭ᠎ᠠ ᠡᠨᠡ ᠪᠣᠯᠤᠨ᠎ᠠ᠃ ᠬᠣᠢᠮᠣᠰᠣᠨ ᠪᠣᠯᠤᠨ ᠭᠤᠷᠪᠠᠯ ᠬᠥᠭᠵᠢᠯ ᠦ᠋ᠨ ᠦᠷᠡᠵᠢᠪᠦᠷᠢ ᠬᠤᠷᠳᠤᠴᠠ6(ᠵᠢᠷᠭᠤᠭᠠᠳᠠᠬᠢ ᠰᠣᠶᠣᠯ ᠢᠷᠭᠡᠨᠰᠢᠯ ᠦ᠋ᠨ ᠭᠠᠯᠪᠠ) ᠭᠡᠳᠡᠭ ᠲᠣᠭ᠎ᠠ ᠲᠠᠢ ᠲᠠᠢᠵᠠ ᠪᠠᠢᠭ᠎ᠠ ᠨᠢ ᠪᠡᠯᠭᠡᠰᠢᠶᠡᠯ ᠪᠠᠰᠠ ᠣᠷᠴᠢᠯᠠᠩ ᠤ᠋ᠨ ᠮᠠᠲ᠋ᠧᠮᠠᠲ᠋ᠢᠺ① ᠢᠷᠦᠭᠡᠯ ᠶᠦᠮ᠃ ᠪᠠᠢᠭᠠᠯᠢ ᠪᠠᠨ ᠬᠣᠮᠰᠠᠳᠠᠭᠤᠯᠵᠤ ᠪᠤᠰᠤ ᠠᠷᠪᠢᠳᠠᠭᠤᠯᠵᠤ ᠬᠠᠷᠢᠴᠠᠬᠤ ᠤᠪᠠᠳᠢᠰ ᠤ᠋ᠨ ᠡᠭᠦᠳᠡ ᠠᠮᠢᠨ ᠲᠥᠪ ᠲᠦ᠍ ᠳᠡᠯᠡᠬᠡᠢ ᠶ᠋ᠢᠨ ᠭᠤᠷᠪᠠᠯ ᠣᠨᠣᠯ ᠮᠥᠨ ᠪᠥᠯᠥᠭᠡ᠃ ᠡᠨᠡ ᠰᠠᠨᠠᠭ᠎ᠠ ᠪᠠᠷ《ᠠᠮᠢᠨ ᠶᠢᠷᠲᠢᠨᠴᠦ ᠶ᠋ᠢᠨ ᠳᠤᠤᠯᠢᠶᠠᠨ》 ᠵᠥᠩᠨᠡᠯᠲᠦ ᠷᠣᠮᠠᠨ ᠪᠢᠴᠢᠵᠦ ᠭᠤᠷᠪᠠᠯ ᠨᠣᠮ ᠢ᠋ᠶ᠋ᠠᠨ ᠳᠠᠭᠤᠰᠬᠠᠭᠰᠠᠨ ᠴᠤ᠌ ᠢᠷᠡᠭᠡᠳᠦᠢ ᠳ᠋ᠦ᠍ ᠬᠡᠪᠯᠡᠭᠳᠡᠨ᠎ᠡ ᠭᠡᠬᠦ ᠳᠦᠭᠦᠷᠡᠩ ᠢᠲᠡᠭᠡᠯ ᠢ᠋ᠶ᠋ᠡᠷ ᠬᠠᠳᠠᠭᠠᠯᠠᠪᠠᠢ᠃
    ᠬᠠᠳᠠ ᠴᠢᠯᠠᠭᠤᠨ ᠳᠡᠭᠡᠷ᠎ᠡ ᠨᠣᠭᠣᠭ᠎ᠠ ᠤᠷᠭᠤᠭᠤᠯᠬᠤ ᠨᠢᠭᠡ ᠬᠡᠴᠡᠭᠦᠦ
    ᠬᠠᠷ᠎ᠠ ᠤᠰᠤᠨ ᠳᠡᠭᠡᠷ᠎ᠡ ᠭᠠᠯ ᠲᠦᠯᠡᠬᠦ ᠨᠢᠭᠡ ᠬᠡᠴᠡᠭᠦᠦ
    ᠬᠠᠢᠨᠤᠭ ᠦᠬᠡᠷ ᠦ᠋ᠨ ᠡᠪᠡᠷ ᠳᠡᠭᠡᠷ᠎ᠡ ᠴᠠᠰᠤ ᠲᠣᠭᠲᠠᠬᠤ ᠨᠢᠭᠡ ᠬᠡᠴᠡᠭᠦᠦ
ᠶᠢᠷᠲᠢᠨᠴᠦ ᠶ᠋ᠢᠨ ᠭᠤᠷᠪᠠᠨ ᠬᠡᠴᠡᠭᠦᠦ ᠶ᠋ᠢ ᠭᠤᠷᠪᠠᠨ ᠡᠭᠡᠯ ᠪᠣᠯᠭᠠᠨ ᠬᠠᠳᠠ ᠴᠢᠯᠠᠭᠤᠨ ᠳᠡᠭᠡᠷ᠎ᠡ ᠨᠣᠭᠣᠭ᠎ᠠ ᠤᠷᠭᠤᠭᠤᠯᠪᠠᠰᠤ ᠠᠮᠢᠨ ᠬᠥᠭᠵᠢᠯ ᠴᠡᠴᠡᠭᠯᠡᠨ᠎ᠡ᠃
    ᠬᠠᠷ᠎ᠠ ᠤᠰᠤᠨ ᠳᠡᠭᠡᠷ᠎ᠡ ᠭᠠᠯ ᠲᠦᠯᠡᠪᠡᠰᠦ ᠡᠷᠴᠢᠮ ᠬᠦᠴᠦᠨ ᠦ᠌ ᠠᠰᠠᠭᠤᠳᠠᠯ ᠰᠢᠲᠦᠭᠳᠡᠵᠦ ᠳᠠᠯᠠᠢ ᠶ᠋ᠢᠨ ᠤᠰᠤ ᠭᠠᠯ ᠤ᠋ᠨ ᠡᠬᠢ ᠪᠣᠯᠵᠤ ᠠᠭᠤᠷ ᠬᠠᠶᠠᠭᠳᠠᠯ ᠨᠢ ᠪᠣᠷᠣᠭ᠎ᠠ ᠪᠣᠯᠵᠤ ᠶᠢᠷᠲᠢᠨᠴᠦ ᠠᠮᠠᠷᠠᠨ᠎ᠠ᠃ ᠬᠠᠢᠨᠤᠭ ᠦᠬᠡᠷ ᠦ᠋ᠨ ᠡᠪᠡᠷ ᠳᠡᠭᠡᠷ᠎ᠡ ᠴᠠᠰᠤ ᠲᠣᠭᠲᠠᠪᠠᠰᠤ ᠡᠭᠦᠯᠳᠡᠷ ᠤᠭᠰᠠᠭ᠎ᠠ ᠦᠷᠡᠵᠢᠯ(ᠮᠢᠺᠷᠣᠪᠢᠣᠯᠣᠭᠢ②᠂ ᠡᠺᠽᠢᠮᠣᠯᠣᠬᠢ᠂ ᠡᠰ ᠦ᠋ᠨ ᠪᠣᠯᠤᠨ ᠭᠧᠨ ᠦ᠌ ᠢᠨᠵᠧᠨᠧᠷᠴᠢᠯᠡᠯ) ᠪᠢᠣᠲ᠋ᠧᠭᠨᠣᠯᠣᠬᠢ③ ᠬᠥᠮᠦᠨ ᠡᠷᠬᠡᠨ ᠳ᠋ᠦ᠍ ᠪᠦᠷᠢᠨ ᠣᠷᠣᠨ᠎ᠠ ᠭᠡᠰᠡᠨ ᠦᠭᠡ᠃ ᠰᠠᠷᠯᠤᠭ— ᠤᠯᠠᠭᠠᠨ ᠦᠬᠡᠷ ᠬᠣᠶᠠᠷ ᠤ᠋ᠨ ᠳᠤᠮᠳᠠ ᠠ᠋ᠴᠠ ᠭᠠᠷᠳᠠᠭ ᠨᠠᠷᠠᠨ ᠰᠠᠷᠠᠨ ᠬᠠᠢᠨᠤᠭ(ᠬᠠᠶᠠ ᠨᠢᠭᠡ) ᠦᠬᠡᠷ ᠨᠢ ᠡᠪᠡᠷ ᠤᠷᠲᠤ ᠲᠡᠭᠦᠪᠡᠷ ᠢ᠋ᠶ᠋ᠡᠨ ᠳᠤᠯᠠᠭᠠᠨ ᠢ᠋ᠶ᠋ᠠᠨ ᠶᠡᠬᠡ ᠠᠯᠳᠠᠳᠠᠭ ᠭᠡᠮ ᠲᠡᠢ ᠤᠴᠢᠷ ᠬᠠᠢᠨᠤᠭ ᠢ᠋ ᠦᠷᠡᠵᠢᠭᠦᠯᠳᠡᠭ ᠦᠭᠡᠢ᠂ ᠦᠷᠡᠵᠢᠭᠦᠯᠪᠡᠰᠦ ᠤᠰᠤᠨ ᠪᠠᠯᠢᠶᠠᠮ④᠂ ᠤᠰᠤᠨ ᠭᠦᠵᠡᠭᠡ ᠭᠡᠭᠴᠢ ᠬᠡᠷᠡᠭ ᠦᠭᠡᠢ ᠠᠮᠢᠲᠠᠨ ᠪᠣᠯᠳᠠᠭ ᠠᠵᠠᠢ᠃ ᠡᠨᠡ ᠪᠦᠬᠦ ᠬᠡᠴᠡᠭᠦᠦ ᠶ᠋ᠢ ᠶᠢᠷᠲᠢᠨᠴᠦ ᠠᠮᠤᠷ ᠪᠣᠯᠭᠠᠵᠤ ᠠᠮᠢᠨ ᠣᠨᠣᠯ ᠢᠷᠡᠭᠡᠳᠦᠢ ᠳ᠋ᠦ᠍ ᠰᠢᠢᠳᠪᠦᠷᠢᠯᠡᠨ᠎ᠡ ᠭᠡᠵᠦ ᠡᠷᠲᠡᠨ ᠦ᠌ ᠮᠣᠩᠭᠣᠯᠴᠤᠳ ᠰᠡᠳᠬᠢᠵᠡᠢ᠃ ᠲᠠᠪᠤᠳᠤᠭᠠᠷ ᠭᠠᠯᠪᠠ ᠶ᠋ᠢᠨ ᠲᠡᠭᠦᠰᠬᠡᠯ《ᠬᠠᠷᠰᠢᠯ ᠤ᠋ᠨ ᠡᠷᠢᠨ》 ᠬᠡᠮᠡᠬᠦ ᠨᠣᠴᠢᠲᠠᠢ ᠪᠣᠯᠭᠣᠮᠵᠢᠯᠠᠯ ᠳᠡᠭᠳᠡᠭᠡᠯ᠎ᠡ᠃ ᠠᠮᠢ ᠦᠭᠡᠢᠴᠢᠯᠡᠭᠰᠡᠨ ᠬᠥᠭᠵᠢᠯ ᠦ᠋ᠨ ᠤᠷᠰᠢᠭ ᠴᠢᠯᠥᠭᠡᠲᠦ ᠰᠥᠷᠭᠡᠯᠳᠦᠭᠡᠨ ᠦ᠌ ᠰᠤᠯᠠ ᠲᠠᠯ᠎ᠠ ᠡᠨᠡ ᠪᠠᠢᠪᠠ᠃ ᠨᠠᠷᠠᠨ ᠤ᠋᠂ ᠤᠷᠭᠤᠮᠠᠯ ᠤ᠋ᠨ ᠬᠠᠷᠰᠢᠯ ᠲᠡᠳᠦᠢ ᠦᠭᠡᠢ ᠡᠬᠡ ᠶ᠋ᠢᠨ ᠰᠦᠨ ᠦ᠌ ᠬᠣᠣᠷᠳᠠᠯᠭ᠎ᠠ ᠪᠣᠢ ᠪᠣᠯᠤᠭᠰᠠᠨ ᠭᠡᠳ ᠪᠤᠳᠤᠭᠲᠤᠨ!
    ᠠᠮᠧᠷᠢᠺᠠ ᠺᠡᠫᠢᠲ᠋ᠠᠯᠢᠰᠲ ᠬᠥᠭᠵᠢᠯ ᠦ᠋ᠨ ᠡᠬᠢᠯᠡᠯ ᠠᠯᠲᠠ ᠬᠠᠢᠵᠤ ᠭᠠᠵᠠᠷ ᠥᠷᠥᠮᠳᠡᠵᠦ᠂ ᠪᠧᠽᠣᠨ ᠭᠥᠷᠥᠭᠡᠰᠦ᠂ ᠪᠠᠳᠠᠩ ᠨᠢᠰᠦᠭᠴᠢ᠂ ᠲᠠᠭᠲᠠᠭ᠎ᠠ᠁ ᠵᠡᠷᠭᠡ ᠦᠢ ᠣᠯᠠᠨ ᠠᠮᠢᠲᠠᠳ ᠡᠴᠦᠰ ᠦ᠋ᠨ ᠠᠮᠢ ᠶ᠋ᠢ ᠬᠦᠷᠲᠡᠯ᠎ᠡ ᠣᠯᠠᠨ ᠠᠰᠢᠭ ᠤ᠋ᠨ ᠵᠣᠯᠢᠶᠠᠰᠤ ᠪᠣᠯᠭᠠᠭᠰᠠᠨ ᠡᠮᠭᠡᠨᠢᠯᠲᠦ ᠲᠡᠦᠬᠡ ᠪᠣᠢ᠃ ᠤᠴᠢᠷ ᠨᠢ ᠠᠮᠢ ᠶ᠋ᠢ ᠠᠮᠢᠨ ᠴᠢᠨᠠᠷ ᠪᠤᠶᠤ ᠪᠠᠢᠭᠠᠯᠢ ᠠᠪᠤᠷᠠᠨ᠎ᠠ᠃ ᠭᠡᠬᠦ ᠳ᠋ᠡᠭᠡᠨ ᠡᠭᠦᠨ ᠳ᠋ᠦ᠍ ᠲᠡᠩᠴᠡᠪᠦᠷᠢ(ᠣᠶᠤᠨ ᠰᠠᠨᠠᠭ᠎ᠠ) ᠨᠥᠯᠥᠭᠡᠯᠡᠬᠦ ᠶᠣᠰᠣᠲᠠᠢ᠃ ᠣᠳᠣ ᠶ᠋ᠢᠨ ᠬᠠᠨᠳᠤᠯᠭ᠎ᠠ ᠪᠣᠯ ᠲᠢᠭ ᠦᠭᠡᠢ ᠵᠢᠭᠠᠯ ᠤ᠋ᠨ ᠵᠥᠪ ᠵᠦᠩ ᠰᠣᠪᠢᠩ ᠲᠡᠳᠦᠢ ᠦᠢᠯᠡᠳᠦᠯ ᠶᠦᠮ᠃ ᠭᠤᠷᠪᠠᠯ ᠣᠨᠣᠯ ᠢ᠋ ᠮᠠᠩᠯᠠᠢᠯᠠᠭᠴᠢ ᠪᠢᠳᠡᠨ ᠦ᠌《ᠪᠦᠳᠦᠭᠦᠯᠢᠭ》 ᠮᠣᠩᠭᠣᠯᠴᠤᠳ ᠣᠨᠣᠯ ᠤ᠋ᠨ ᠡᠬᠡ《ᠠᠮᠢ》 ᠶ᠋ᠢ ᠲᠠᠷᠢᠬᠢ᠂ ᠵᠢᠷᠦᠬᠡ᠂ ᠪᠡᠯᠭᠦ(бэлх)(ᠡᠬᠡ) ᠭᠤᠷᠪᠠᠯ ᠴᠠᠭ ᠠ᠋ᠴᠠ ᠬᠠᠢᠬᠤ ᠶᠣᠰᠣᠲᠠᠢ ᠴᠤ᠌ ᠪᠦᠯᠡᠬᠡ᠂ ᠬᠣᠯᠬᠢ᠂ ᠰᠢᠷᠬ᠎ᠠ ᠭᠤᠷᠪᠠ ᠠ᠋ᠴᠠ ᠲᠤᠯᠭᠠᠭᠤᠷᠢ ᠦᠨᠡᠨ ᠦ᠌ ᠰᠥᠷᠬᠦ ᠲᠦᠯᠬᠢᠭᠦᠷ ᠢ᠋ ᠪᠠᠰᠠ ᠣᠯᠵᠤ ᠮᠠᠭᠠᠳ ᠦᠭᠡᠢ᠃ ᠭᠤᠷᠪᠠᠯ ᠣᠨᠣᠯᠳᠤ ᠮᠣᠩᠭᠣᠯ ᠦᠭᠡ ᠬᠡᠯᠡ ᠴᠦ᠍ ᠤᠳᠬ᠎ᠠ ᠤᠴᠢᠷ ᠦᠭᠡᠢ ᠡᠭᠦᠰᠦᠭᠡ ᠦᠭᠡᠢ ᠪᠠᠢᠵᠤ ᠮᠡᠳᠡᠨ᠎ᠡ ᠰᠢᠦ᠃ ᠭᠤᠷᠪᠠᠯ ᠤᠬᠠᠭᠠᠨ ᠮᠠᠨᠢ ᠶᠢᠷᠲᠢᠨᠴᠦ ᠳ᠋ᠦ᠍ ᠬᠡᠷᠡᠭ ᠲᠡᠢ ᠡᠷᠢᠨ ᠭᠠᠯᠪᠠ ᠨᠢ ᠢᠷᠡᠭᠡᠳ ᠪᠠᠢᠬᠤ ᠰᠢᠭ᠋᠃
    ᠠᠯᠲᠠ ᠶ᠋ᠢ ᠨᠢ ᠠᠪᠤᠭᠠᠳ ᠳᠡᠯᠢᠮ ᠳᠡᠭᠡᠷ᠎ᠡ ᠨᠢ
    ᠠᠳᠬᠤ ᠶ᠋ᠢ ᠨᠢ ᠠᠪᠤᠭᠠᠳ ᠴᠢᠮᠬᠢ ᠳᠡᠭᠡᠷ᠎ᠡ ᠨᠢ
    ᠠᠯᠤᠰ ᠢ᠋ ᠨᠢ ᠠᠪᠤᠭᠠᠳ ᠬᠥᠲᠥᠯ ᠳᠡᠭᠡᠷ᠎ᠡ ᠨᠢ ᠭᠡᠬᠦ ᠠᠷᠠᠳ ᠤ᠋ᠨ ᠭᠤᠷᠪᠠᠯ ᠰᠤᠷᠭᠠᠯ ᠪᠣᠢ᠃ ᠪᠢᠳᠡ ᠡᠨᠡ ᠯᠡ ᠳᠡᠯᠢᠮ ᠴᠢᠮᠡᠭᠡ ᠬᠥᠲᠥᠯ ᠳᠡᠭᠡᠷ᠎ᠡ ᠨᠢ ᠢᠷᠡᠭᠡᠳ ᠶᠠᠭᠳᠠᠯ᠎ᠠ᠃ ᠡᠪᠦᠭᠡᠳ ᠦ᠋ᠨ ᠥᠪ ᠢ᠋ᠶ᠋ᠡᠨ ᠳᠠᠬᠢᠵᠤ ᠲᠤᠯᠭ᠎ᠠ ᠶ᠋ᠢᠨ ᠭᠤᠷᠪᠠᠨ ᠴᠢᠯᠠᠭᠤᠨ ᠳ᠋ᠠᠭᠠᠨ ᠭᠠᠯ ᠥᠷᠲᠥᠬᠦ ᠴᠠᠭ ᠢᠷᠡᠯ᠎ᠡ᠃ ᠰᠢᠨ᠎ᠡ ᠭᠠᠯᠪᠠ ᠰᠢᠨ᠎ᠡ ᠬᠥᠭᠵᠢᠯ ᠭᠤᠷᠪᠠᠯ ᠤ᠋ᠨ ᠣᠨᠣᠯ ᠤ᠋ᠨ ᠬᠢ ᠪᠤᠶᠤ ᠮᠢᠩᠭᠠᠨ ᠵᠢᠯ ᠳ᠋ᠦ᠍ ᠭᠠᠭᠴᠠ ᠲᠣᠬᠢᠶᠠᠯᠳᠤᠳᠠᠭ ᠭᠤᠷᠪᠠᠨ ᠶᠢᠰᠦ ᠪᠦᠷᠢᠳᠦᠭᠰᠡᠨ ᠲᠣᠭᠠᠨ ᠳ᠋ᠤ᠌(1999) ᠵᠢᠷᠭᠤᠳᠤᠭᠠᠷ ᠭᠠᠯᠪᠠ ᠪᠠᠢᠭ᠎ᠠ ᠨᠢ ᠭᠤᠷᠪᠠᠯ ᠤ᠋ᠨ ᠳᠡᠭᠡᠳᠦ ᠪᠡᠯᠭᠡᠳᠡᠯ ᠪᠤᠶᠤ᠃

—————————————
① ᠮᠠᠲ᠋ᠧᠮᠠᠲ᠋ᠢᠺ— ᠲᠣᠭᠠᠨ ᠤ᠋ ᠤᠬᠠᠭᠠᠨ(ᠪᠠᠭᠤᠯᠭᠠᠭᠴᠢ)
② ᠮᠢᠺᠷᠣᠪᠢᠣᠯᠣᠭᠢ— ᠮᠢᠺᠷᠣᠪ ᠤ᠋ᠨ ᠰᠤᠳᠤᠯᠤᠯ᠂ ᠥᠴᠦᠬᠡᠨ ᠪᠡᠶᠡᠳᠡᠨ ᠦ᠌ ᠰᠤᠳᠤᠯᠤᠯ᠂ ᠪᠠᠺᠲ᠋ᠧᠷᠢ ᠶ᠋ᠢᠨ ᠰᠤᠳᠤᠯᠤᠯ(ᠪᠠᠭᠤᠯᠭᠠᠭᠴᠢ)
③ ᠪᠢᠣᠲ᠋ᠧᠭᠨᠣᠯᠣᠬᠢ— ᠠᠮᠢᠳᠤ ᠪᠣᠳᠠᠰ ᠤ᠋ᠨ ᠤᠷᠠᠨ ᠮᠡᠷᠭᠡᠵᠢᠯ ᠦ᠋ᠨ ᠰᠤᠳᠤᠯᠤᠯ(ᠪᠠᠭᠤᠯᠭᠠᠭᠴᠢ)
④ ᠪᠠᠯᠢᠶᠠᠮ— ᠬᠠᠢᠨᠤᠭ ᠤ᠋ᠨ ᠲᠥᠯ(ᠪᠠᠭᠤᠯᠭᠠᠭᠴᠢ)

   ᠦᠰᠦᠭ ᠠᠮᠢᠯᠠᠭᠤᠯᠤᠭᠴᠢ ᠄  ᠪᠠᠶᠠᠨᠰᠡᠷᠡᠩ᠂ ᠦᠯᠵᠡᠢᠪᠠᠭᠠᠲᠤᠷ 
   ᠬᠢᠨᠠᠭᠴᠢ᠄ ᠰᠡᠬᠡᠭᠡᠷᠡᠯ᠂ ᠣᠳᠬᠠᠨᠰᠣ᠎ᠠ