ᠳᠣᠯᠣᠭ᠎ᠠ᠂ ᠠᠮᠢ ᠪᠠ ᠡᠨᠡᠷᠢᠩᠭᠦᠢ ᠶ᠋ᠢᠨ ᠰᠢᠨᠵᠢᠯᠡᠬᠦ ᠤᠬᠠᠭᠠᠨ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭ᠎ᠠ᠂ ᠠᠮᠢ ᠪᠠ ᠡᠨᠡᠷᠢᠩᠭᠦᠢ ᠶ᠋ᠢᠨ ᠰᠢᠨᠵᠢᠯᠡᠬᠦ ᠤᠬᠠᠭᠠᠨ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу

ᠳᠣᠯᠣᠭ᠎ᠠ᠂ ᠠᠮᠢ ᠪᠠ ᠡᠨᠡᠷᠢᠩᠭᠦᠢ ᠶ᠋ᠢᠨ ᠰᠢᠨᠵᠢᠯᠡᠬᠦ ᠤᠬᠠᠭᠠᠨ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу

2024-01-26

440

ᠳᠣᠯᠣᠭ᠎ᠠ᠂ ᠠᠮᠢ ᠪᠠ ᠡᠨᠡᠷᠢᠩᠭᠦᠢ ᠶ᠋ᠢᠨ ᠰᠢᠨᠵᠢᠯᠡᠬᠦ ᠤᠬᠠᠭᠠᠨ

    ᠠᠮᠢᠳᠤᠷᠠᠯ ᠪᠣᠯᠤᠨ ᠠᠵᠠ ᠵᠢᠷᠭᠠᠯ ᠠᠤᠭ᠎ᠠ ᠥᠷᠭᠡᠨ ᠪᠤᠰᠤ᠂ ᠠᠯᠠᠭ ᠴᠣᠭᠣᠭ ᠭᠤᠷᠪᠠᠬᠠᠨ ᠬᠦᠷᠢᠶ᠎ᠡ ᠲᠡᠢ ᠠᠵᠠᠢ᠃
    ᠢ· ᠸ· ᠰᠲ᠋ᠠᠯᠢᠨ ᠡᠴᠦᠰᠯᠡᠭᠡ ᠦᠭᠡᠢ ᠲᠡᠷᠡ ᠥᠨᠥᠳᠥᠷ ᠳᠠᠬᠢᠨ ᠰᠢᠳᠥᠭᠳᠡᠭᠰᠡᠭᠡᠷ ᠪᠠᠢᠭᠰᠠᠨ ᠪᠣᠯ᠂ ᠬᠡᠷᠪᠡ ᠠ· ᠭᠢᠲ᠋ᠯᠧᠷ ᠢᠯᠠᠭᠳᠠᠭ᠎ᠠ ᠦᠭᠡᠢ ᠬᠦᠴᠦ ᠨᠢ ᠤᠯᠠᠮ ᠵᠢᠭᠤᠷᠠᠭᠰᠠᠭᠠᠷ ᠳᠡᠯᠡᠬᠡᠢ ᠶ᠋ᠢ ᠭᠢᠰᠬᠢᠭᠰᠡᠨ ᠪᠣᠯ ᠶᠠᠭᠤ ᠪᠣᠯᠬᠤ ᠪᠠᠢᠭᠰᠠᠨ ᠪᠣᠢ? ᠪᠦᡁᠸᠸᠡᠯᠳ᠋ ᠲᠦ᠍᠂ ᠤᠰᠸᠸᠨᠼᠢᠮ ᠤ᠋ᠨ ᠪᠥᠭᠡᠮ ᠢ᠋ᠶ᠋ᠡᠷ ᠬᠣᠷᠢᠬᠤ᠂ ᠭᠠᠯᠳᠠᠨ ᠰᠢᠲᠠᠭᠠᠬᠤ ᠱᠣᠷᠣᠩ ᠨᠤᠭᠤᠳ ᠠᠵᠢᠯᠯᠠᠭᠰᠠᠭᠠᠷ ᠤᠯᠠᠮ ᠬᠥᠭᠵᠢᠭᠰᠡᠨ ᠪᠠᠢᠭ᠎ᠠ ᠪᠣᠯ ᠶᠠᠭᠤ ᠬᠢᠬᠦ ᠪᠣᠢ?
    ᠨᠥᠬᠥᠨ ᠦᠷᠡᠵᠢᠬᠦᠢ ᠪᠣᠯ ᠠᠮᠢᠨ ᠴᠢᠨᠠᠷ ᠪᠥᠭᠡᠳ ᠠᠮᠢᠳᠤᠷᠠᠯ᠂ ᠦᠬᠦᠯ᠂ ᠮᠥᠩᠬᠡᠷᠡᠯ ᠶᠦᠮ᠃ ᠤᠭ ᠲᠠᠭᠠᠨ ᠠᠮᠢ ᠥᠪᠡᠷ ᠢ᠋ᠶ᠋ᠡᠨ ᠣᠷᠣᠰᠢᠬᠤ(ᠣᠷᠣᠬᠤ᠂ ᠣᠷᠣᠩᠨᠠᠬᠤ᠂ ᠭᠠᠷᠬᠤ)᠂ ᠬᠥᠳᠡᠯᠦᠯ(ᠬᠣᠷᠢᠬᠤ᠂ ᠬᠦᠷᠬᠦ᠂ ᠪᠤᠴᠠᠬᠤ) ᠶ᠋ᠢᠨ ᠵᠡᠷᠭᠡ ᠭᠤᠷᠪᠠᠯ ᠬᠠᠤᠯᠢ ᠨᠤᠭᠤᠳ ᠲᠠᠭᠠᠨ ᠵᠠᠬᠢᠷᠤᠭᠳᠠᠨ᠎ᠠ᠃ ᠤᠴᠢᠷ ᠡᠢᠮᠦ ᠡᠴᠡ ᠲᠡᠭᠦᠨ ᠦ᠌ ᠵᠠᠢᠯᠠᠰᠢ ᠦᠭᠡᠢ᠂ ᠰᠠᠨᠠᠮᠰᠠᠷ ᠦᠭᠡᠢ᠂ ᠡᠰᠡᠬᠦᠯ᠎ᠡ ᠥᠳᠥᠭᠡᠭᠳᠡᠬᠦ ᠵᠢᠮ᠎ᠡ ᠶ᠋ᠢ ᠰᠤᠳᠤᠯᠬᠤ ᠪᠠᠷ ᠪᠠᠷᠠᠬᠤ ᠦᠭᠡᠢ ᠠᠭᠤᠯᠭ᠎ᠠ ᠬᠡᠯᠪᠡᠷᠢ᠂ ᠤᠷ᠎ᠠ ᠴᠢᠳᠠᠪᠤᠷᠢ ᠬᠢᠭᠡᠳ ᠰᠢᠯᠲᠠᠭᠠᠨ ᠦᠢᠯᠡᠳᠦᠯ ᠦᠷ᠎ᠡ ᠳᠠᠭᠠᠪᠤᠷᠢ᠂ ᠮᠥᠨ ᠴᠢᠨᠠᠷ ᠦᠵᠡᠭᠳᠡᠯ᠂ ᠬᠤᠪᠢᠰᠤᠯ ᠪᠣᠯᠤᠨ ᠪᠣᠯᠤᠯᠴᠠᠭ᠎ᠠ ᠪᠣᠳᠠᠲᠤ ᠪᠠᠢᠳᠠᠯ ᠨᠥᠬᠥᠴᠡᠯ᠁ ᠵᠡᠷᠭᠡ ᠶ᠋ᠢ ᠰᠤᠳᠤᠯᠵᠤ ᠵᠢᠮ᠎ᠡ ᠬᠠᠤᠯᠢ ᠶ᠋ᠢ ᠨᠢ ᠨᠡᠭᠡᠭᠡᠬᠦ ᠶᠠᠪᠤᠳᠠᠯ ᠴᠢᠬᠤᠯᠠᠴᠢᠯᠠᠭᠳᠠᠨ᠎ᠠ᠃ ᠢᠩᠭᠢᠬᠦ ᠪᠡᠷ ᠭᠦᠨ ᠤᠬᠠᠭᠠᠨ ᠤ᠋ ᠰᠤᠳᠤᠯᠬᠤ ᠵᠦᠢᠯ ᠮᠥᠩᠬᠡ ᠶ᠋ᠢᠨ ᠱᠠᠭᠠᠷᠳᠠᠯᠭ᠎ᠠ ᠪᠣᠯᠬᠤ ᠲᠡᠳᠦᠢ ᠦᠭᠡᠢ ᠠᠮᠢ ᠠᠬᠤᠢ ᠤᠬᠠᠮᠰᠠᠷ ᠪᠠᠢᠭ᠎ᠠ ᠴᠠᠭ ᠲᠤ᠌ ᠰᠤᠳᠤᠯᠭ᠎ᠠ ᠨᠢ ᠮᠥᠩᠬᠡ ᠶᠦᠮ᠃ ᠪᠢᠳᠡ ᠥᠨᠥᠳᠥᠷ ᠲᠡᠭᠡᠨ ᠵᠥᠪᠬᠡᠨ ᠣᠶᠤᠨ ᠰᠠᠨᠠᠭᠠᠨ ᠤ᠋(ᠲᠠᠴᠢᠶᠠᠯ ᠤ᠋ᠨ) ᠦᠷ᠎ᠡ ᠪᠡᠷ ᠦᠢᠯᠡᠳᠦᠭᠳᠡᠵᠦ ᠪᠣᠢ ᠮᠠᠲ᠋ᠧᠷᠢ ᠬᠡᠯᠪᠡᠷᠢ ᠶ᠋ᠢ ᠨᠢ ᠮᠠᠰᠢ ᠨᠠᠷᠢᠪᠴᠢᠯᠠᠨ ᠰᠤᠳᠤᠯᠵᠤ᠂ ᠦᠢᠯᠡ ᠶ᠋ᠢᠨ ᠭᠣᠣᠯ ᠡᠵᠡᠨ ᠠᠮᠢ ᠶ᠋ᠢ ᠡᠰᠡ ᠬᠠᠢᠭᠤᠷᠴᠠᠢ᠃ ᠱᠠᠭᠠᠷᠳᠠᠯᠭ᠎ᠠ ᠪᠣᠯᠤᠯᠴᠠᠭ᠎ᠠ ᠨᠢ ᠬᠡᠯᠪᠡᠷᠢ ᠶ᠋ᠢ᠂ ᠦᠢᠯᠡᠳᠦᠯ ᠨᠥᠬᠥᠴᠡᠯ ᠨᠢ ᠠᠭᠤᠯᠭ᠎ᠠ ᠶ᠋ᠢ ᠥᠳᠥᠭᠡᠵᠦ᠂ ᠦᠷ᠎ᠡ ᠳᠠᠭᠠᠪᠤᠷᠢ ᠨᠢ ᠪᠣᠳᠠᠲᠤ ᠪᠠᠢᠳᠠᠯ ᠪᠣᠯᠳᠠᠭ ᠭᠡᠰᠡᠨ ᠭᠦᠨ ᠤᠬᠠᠭᠠᠨ ᠤ᠋ ᠰᠦᠯᠵᠢᠶ᠎ᠡ ᠬᠢᠪᠡᠯ ᠠᠮᠢ ᠨᠢ ᠮᠥᠨ ᠴᠢᠨᠠᠷ᠂ ᠣᠶᠤᠨ ᠰᠠᠨᠠᠭ᠎ᠠ ᠨᠢ ᠦᠵᠡᠭᠳᠡᠯ᠂ ᠮᠠᠲ᠋ᠧᠷᠢ ᠨᠢ ᠬᠤᠪᠢᠰᠤᠯ ᠪᠣᠯᠤᠨ᠎ᠠ᠃ ᠠᠮᠢ ᠶ᠋ᠢ ᠰᠢᠨᠵᠢᠯᠡᠬᠦ ᠤᠬᠠᠭᠠᠨ ᠡᠪᠡᠳᠴᠢᠨ(ᠨᠢᠶᠠᠨ᠂ ᠸᠢᠷᠦᠰ ᠦ᠋ᠨ ᠬᠥᠳᠡᠯᠦᠯ) ᠲᠡᠢ ᠲᠡᠮᠡᠴᠡᠨ ᠠᠪᠤᠷᠠᠵᠤ ᠪᠠᠢᠭ᠎ᠠ ᠴᠤ᠌ ᠠᠮᠢᠨ ᠤ᠋ ᠠᠮᠢ ᠶ᠋ᠢ ᠪᠠᠢᠨ᠎ᠠ ᠴᠢᠨᠡᠭᠡ ᠰᠠᠨᠠᠭᠰᠠᠨ ᠦᠭᠡᠢ᠃ ᠡᠳᠦᠭᠡ ᠠᠮᠢ ᠶ᠋ᠢ ᠠᠪᠤᠷᠠᠬᠤ ᠭᠡᠵᠦ ᠵᠥᠪᠬᠡᠨ ᠡᠯᠢᠭᠡ ᠪᠥᠭᠡᠷ᠎ᠡ ᠶ᠋ᠢ᠂ ᠵᠢᠷᠦᠬᠡ ᠲᠠᠷᠢᠬᠢ ᠶ᠋ᠢ᠂ ᠰᠢᠷᠬ᠎ᠠ ᠶ᠋ᠢ ᠡᠮᠴᠢᠯᠡᠵᠦ ᠪᠠᠢᠨ᠎ᠠ᠃ ᠦᠬᠦᠬᠦ ᠳᠥᠭᠥᠭᠡᠳ ᠢᠷᠡᠬᠦ ᠪᠡᠷ ᠨᠢ《ᠠᠮᠢ ᠲᠠᠷᠢᠶ᠎ᠠ》 ᠬᠢᠵᠦ ᠪᠠᠢᠪᠠᠴᠤ ᠡᠨᠡ ᠨᠢ ᠠᠮᠢ ᠲᠠᠢ ᠪᠤᠰᠤ ᠥᠨᠥᠬᠢ ᠮᠠᠲ᠋ᠧᠷᠢ ᠲᠠᠢ ᠯᠠ ᠵᠢᠭᠤᠷᠠᠯᠳᠤᠵᠤ ᠪᠣᠢ ᠬᠡᠷᠡᠭ ᠶᠦᠮ᠃ ᠠᠯᠢᠪᠠ ᠠᠮᠢᠰ ᠥᠪᠡᠷ ᠦ᠋ᠨ ᠡᠷᠴᠢᠮᠯᠢᠭ ᠢᠳᠡᠪᠬᠢ ᠪᠡᠷ ᠢ᠋ᠶ᠋ᠡᠨ ᠬᠡᠯᠪᠡᠷᠢ ᠪᠡᠨ ᠲᠣᠳᠣᠷᠬᠠᠢᠯᠠᠬᠤ ᠪᠥᠭᠡᠳ ᠬᠡᠯᠪᠡᠷᠢ ᠨᠢ ᠠᠭᠤᠯᠭ᠎ᠠ ᠪᠠᠨ᠂ ᠠᠭᠤᠯᠭ᠎ᠠ ᠨᠢ ᠦᠷ᠎ᠡ ᠴᠢᠳᠠᠪᠤᠷᠢ ᠪᠠᠨ ᠲᠣᠳᠣᠷᠬᠠᠢᠯᠠᠨ᠎ᠠ᠃ ᠲᠡᠷᠡ ᠦᠷ᠎ᠡ ᠴᠢᠳᠠᠪᠤᠷᠢ ᠨᠢ ᠡᠷᠬᠡᠲᠡᠨ ᠦ᠌ ᠱᠠᠭᠠᠷᠳᠠᠯᠭ᠎ᠠ ᠪᠥᠭᠡᠳ ᠡᠨᠳᠡ ᠡᠴᠡ ᠡᠷ᠎ᠡ ᠡᠮ᠎ᠡ ᠲᠥᠷᠥᠬᠦ ᠵᠠᠶᠠᠭ᠎ᠠ ᠶ᠋ᠢ ᠪᠠᠢᠭᠠᠯᠢ ᠶᠤᠮ ᠤᠤ᠂ ᠪᠤᠷᠬᠠᠨ(ᠣᠶᠤᠨ ᠰᠠᠨᠠᠭ᠎ᠠ) ᠪᠦᠲᠦᠭᠡᠭᠰᠡᠨ ᠭᠠᠢᠬᠠᠮᠰᠢᠭ ᠪᠢᠰᠢ ᠶᠦᠮ ᠭᠡᠳᠡᠭ ᠢ᠋ ᠲᠠᠭᠠᠮᠠᠭᠯᠠᠵᠤ ᠪᠣᠯᠤᠨ᠎ᠠ᠃ ᠰᠢᠨᠵᠢᠯᠡᠬᠦ ᠤᠬᠠᠭᠠᠨ ᠳ᠋ᠤ᠌ ᠦᠷ᠎ᠡ ᠰᠦᠭ᠂ ᠤᠷᠤᠭ ᠡᠰ ᠦ᠋ᠨ ᠲᠤᠬᠠᠢ ᠳ᠋ᠠᠭᠠᠨ ᠪᠣᠳᠠᠲᠤ ᠮᠡᠳᠡᠯᠭᠡ ᠲᠡᠢ ᠴᠦ᠍《ᠠᠮᠢ》 ᠰᠤᠳᠤᠯᠤᠯ ᠦᠭᠡᠢ ᠥᠷᠥᠭᠡᠰᠦᠭᠡᠯ ᠪᠠᠢᠵᠠᠢ ᠭᠡᠳᠡᠭ ᠢ᠋ ᠢᠷᠡᠭᠡᠳᠦᠢ ᠶ᠋ᠢᠨ ᠡᠮᠡᠭᠡᠳ ᠴᠦ᠍ ᠱᠣᠭᠰᠢᠷᠠᠬᠤᠢᠴᠠ《ᠣᠯᠤᠯᠲᠠ》 ᠪᠣᠢ ᠊ᠶ᠎ᠠ᠃ ᠳᠤᠰᠤᠯ ᠰᠢᠩᠭᠡᠨ ᠳ᠋ᠡᠬᠢ ᠰᠠᠶ᠎ᠠ ᠰᠠᠶ᠎ᠠ ᠦᠷ᠎ᠡ ᠰᠦᠭ ᠦ᠋ᠨ ᠠᠮᠢᠳᠤᠷᠠᠯ ᠡᠭᠦᠰᠦᠯ ᠬᠥᠭᠵᠢᠯ ᠠᠮᠢᠨ ᠤ᠋ ᠨᠢᠭᠤᠴᠠ ᠶ᠋ᠢ ᠪᠢᠳᠡ ᠰᠤᠳᠤᠯᠤᠭᠰᠠᠨ ᠭᠡᠵᠦ ᠤᠤ?
    ᠪᠤᠳ᠋ᠳ᠋ᠾᠠ᠂ ᠾᠷᠢᠰᠲ᠋ᠣᠰ᠂ ᠮᠤᠬᠠᠮᠮᠸᠳ᠋ ᠪᠤᠷᠬᠠᠳ ᠬᠥᠮᠦᠨ ᠲᠥᠷᠥᠯᠬᠢᠲᠡᠨ ᠦ᠌ ᠡᠭᠦᠰᠴᠦ ᠬᠥᠭᠵᠢᠭᠰᠡᠨ ᠰᠠᠶ᠎ᠠ ᠰᠠᠶ᠎ᠠ ᠵᠢᠯ ᠦ᠋ᠨ ᠬᠣᠢᠨ᠎ᠠ ᠮᠡᠨᠳᠦᠯᠡᠭᠰᠡᠨ ᠬᠣᠶᠠᠷ ᠭᠤᠷᠪᠠᠬᠠᠨ ᠮᠢᠩᠭᠠᠨ ᠵᠢᠯ ᠦ᠋ᠨ ᠨᠠᠰᠤ ᠲᠠᠢ ᠪᠢᠯᠡ᠃ ᠲᠡᠭᠡᠬᠦ ᠪᠡᠷ ᠲᠡᠳᠡᠨ ᠡᠴᠡ ᠡᠮᠦᠨᠡᠬᠢ ᠬᠥᠮᠦᠨ ᠦ᠌ ᠲᠡᠦᠬᠡ ᠪᠤᠷᠬᠠᠨ ᠤ᠋ ᠵᠢᠷᠤᠭ ᠪᠢᠰᠢ ᠨᠢ ᠲᠣᠳᠣᠷᠬᠠᠢ᠃ ᠡᠢᠮᠦ ᠳ᠋ᠦ᠍ ᠡᠷ᠎ᠡ᠂ ᠡᠮ᠎ᠡ ᠪᠣᠯᠭᠠᠵᠤ ᠲᠥᠷᠥᠬᠦ ᠨᠢ ᠠᠮᠢᠨ ᠤ᠋ ᠲᠤᠯᠠ ᠡᠭᠦᠰᠦᠭᠰᠡᠨ ᠵᠢᠮ᠎ᠡ ᠭᠡᠳᠡᠭ ᠨᠢ ᠡᠷᠡᠭᠡᠯᠵᠡᠭᠡ ᠦᠭᠡᠢ᠃ ᠡᠮ᠎ᠡ ᠠᠭᠠᠯᠵᠢ᠂ ᠡᠷ᠎ᠡ ᠢᠯᠠᠭ᠎ᠠ ᠪᠣᠯᠵᠤ ᠲᠥᠷᠥᠭᠰᠡᠨ ᠨᠢ ᠪᠤᠷᠬᠠᠨ ᠠ᠋ᠴᠠ ᠣᠨᠣᠭᠠᠭᠰᠠᠨ ᠬᠤᠪᠢ ᠲᠠᠪᠢᠯᠠᠩ ᠭᠡᠳᠡᠭ ᠲᠦ᠍ ᠢᠲᠡᠭᠡᠬᠦ ᠡᠰᠡᠬᠦ ᠨᠢ ᠬᠤᠪᠢ ᠬᠥᠮᠦᠨ ᠦ᠌ ᠬᠡᠷᠡᠭ ᠪᠣᠯᠪᠠᠴᠤ ᠵᠢᠮ᠎ᠡ ᠭᠡᠰᠡᠨ ᠲᠣᠳᠣᠷᠬᠠᠢᠯᠠᠯᠲᠠ ᠶ᠋ᠢ ᠡᠷᠭᠢᠴᠡᠭᠦᠯᠦᠭᠡᠰᠡᠢ ᠪᠢᠯᠡ᠃
    ᠠᠯᠢᠪᠠ ᠠᠮᠢ(ᠠᠮᠢᠰ᠂ ᠠᠮᠢᠲᠠᠨ) ᠪᠦᠷ ᠭᠠᠭᠴᠠᠬᠦ ᠠᠮᠢ ᠪᠠᠷ ᠬᠣᠭᠣᠯᠠᠯᠠᠬᠤ ᠶᠣᠰᠣᠲᠠᠢ᠃ ᠤᠷᠭᠤᠮᠠᠯ᠂ ᠵᠠᠮᠠᠭ᠂ ᠮᠣᠳᠣ ᠪᠤᠲᠠ᠂ ᠬᠥᠷᠥᠰᠥ ᠰᠢᠷᠣᠢ᠂ ᠡᠪᠡᠰᠦ ᠤᠷᠭᠤᠮᠠᠯ᠂ ᠮᠢᠬ᠎ᠠ ᠰᠦ ᠪᠦᠭᠦᠳᠡ ᠠᠮᠢ ᠪᠢᠯᠡ᠃ ᠬᠦᠨᠡᠰᠦ ᠲᠡᠵᠢᠭᠡᠯ ᠢ᠋ ᠬᠢᠮᠢᠵᠢᠭᠦᠯᠬᠦ ᠲᠣᠰᠤᠮ ᠠᠮᠢᠨ ᠤ᠋ ᠬᠢᠭᠡᠳ ᠪᠡᠶ᠎ᠡ ᠰᠡᠳᠬᠢᠯ ᠦ᠋ᠨ ᠲᠠᠷᠬᠠᠯᠭᠠᠨ ᠳ᠋ᠤ᠌ ᠰᠥᠷᠬᠦ ᠨᠥᠯᠥᠭᠡ ᠦᠵᠡᠭᠦᠯᠦᠨ᠎ᠡ᠃ ᠠᠮᠢ ᠢᠳᠡᠭᠴᠢ ᠠᠮᠢᠲᠠᠨ ᠪᠦᠷ ᠳᠣᠲᠣᠷ᠎ᠠ ᠪᠠᠨ ᠲᠣᠭ᠎ᠠ ᠶ᠋ᠢ ᠨᠢ ᠲᠣᠢᠮᠣᠯᠠᠰᠢ ᠦᠭᠡᠢ ᠠᠮᠢ ᠲᠡᠵᠢᠭᠡᠵᠦ ᠪᠠᠢᠳᠠᠭ ᠨᠢ ᠠᠮᠢᠨ ᠶᠢᠷᠲᠢᠨᠴᠦ ᠶ᠋ᠢᠨ ᠨᠢᠭᠡᠨ ᠵᠢᠮ᠎ᠡ ᠪᠤᠶᠤ᠃ ᠬᠤᠪᠢ ᠨᠢᠭᠡᠴᠢ ᠶ᠋ᠢᠨ ᠢ᠋ᠶ᠋ᠡᠨ ᠬᠤᠪᠢ ᠳ᠋ᠤ᠌ ᠦᠬᠦᠬᠦ ᠴᠠᠭ ᠲᠠᠭᠠᠨ ᠳᠡᠯᠡᠬᠡᠢ ᠳ᠋ᠠᠬᠢᠨ ᠬᠥᠮᠦᠨ᠂ ᠴᠢᠨᠣ᠎ᠠ᠂ ᠥᠳᠥ ᠬᠣᠷᠣᠬᠠᠢ᠂ ᠨᠢᠶᠠᠨ ᠸᠢᠷᠦᠰ ᠦ᠋ᠨ ᠬᠣᠭᠣᠯᠠᠨ ᠭᠠᠵᠠᠷ ᠤᠷᠭᠤᠮᠠᠯ ᠤ᠋ᠨ ᠰᠢᠮ᠎ᠡ ᠲᠡᠵᠢᠭᠡᠯ ᠪᠣᠯᠵᠤ ᠮᠥᠩᠬᠡᠷᠡᠨ᠎ᠡ᠃ ᠤᠷᠠᠨ ᠰᠠᠨᠠᠭ᠎ᠠ ᠪᠢᠰᠢ ᠭᠦᠨ ᠤᠬᠠᠭᠠᠨ ᠤ᠋ ᠦᠨᠡᠨ ᠡᠨᠡ ᠶᠦᠮ᠃ ᠡᠭᠦᠨ ᠯᠦ᠍ᠭᠡ ᠠᠳᠠᠯᠢ ᠣᠶᠤᠨ ᠰᠠᠨᠠᠭ᠎ᠠ ᠮᠠᠨᠢ ᠰᠦᠨᠡᠰᠦ ᠪᠣᠯᠵᠤ ᠣᠷᠴᠢᠯᠠᠩ ᠳ᠋ᠤ᠌ ᠮᠥᠩᠬᠡᠷᠡᠨ᠎ᠡ᠃ ᠠᠮᠢ ᠨᠢ ᠶᠢᠷᠲᠢᠨᠴᠦ ᠶ᠋ᠢᠨ ᠠᠮᠢᠨ ᠨᠢᠭᠡᠳᠦᠯ ᠳ᠋ᠦ᠍ ᠰᠢᠩᠭᠡᠮᠦᠢ᠃ ᠬᠡᠷᠪᠡ ᠰᠢᠯᠲᠠᠭᠠᠨ ᠨᠢ ᠲᠣᠬᠢᠶᠠᠵᠤ ᠠᠮᠢ ᠰᠦᠨᠡᠰᠦ ᠬᠣᠶᠠᠷ ᠨᠢᠭᠡᠳᠪᠡᠰᠦ ᠬᠡᠢ ᠦᠵᠡᠭᠳᠡᠯ ᠴᠢᠳᠬᠥᠷ ᠱᠤᠯᠤᠮᠤᠰ ᠮᠡᠳᠡᠷᠡᠭᠳᠡᠮᠦᠢ᠃ ᠢᠷᠡᠬᠦ ᠰᠢᠨ᠎ᠡ ᠰᠣᠶᠣᠯ ᠢᠷᠭᠡᠨᠰᠢᠯ ᠠᠮᠢᠨ ᠤ᠋ ᠲᠤᠯᠠ ᠬᠥᠭᠵᠢᠯ ᠢ᠋ ᠨᠡᠭᠡᠭᠡᠵᠦ ᠠᠮᠢ ᠶ᠋ᠢ ᠡᠮᠴᠢᠯᠡᠬᠦ ᠪᠣᠯᠤᠨ᠎ᠠ᠃ ᠠᠮᠢᠨ ᠤ᠋ ᠰᠤᠳᠤᠯᠤᠭᠳᠠᠬᠤ ᠴᠠᠭ ᠬᠤᠭᠤᠴᠠᠭ᠎ᠠ ᠢᠷᠡᠭᠡᠳᠦᠢ ᠡᠴᠡ ᠨᠠᠭᠠᠰᠢ ᠢᠷᠡᠵᠦ ᠪᠠᠢᠨ᠎ᠠ᠃ ᠰᠢᠨᠵᠢᠯᠡᠭᠡᠨ ᠦ᠌ ᠳᠡᠭᠡᠵᠢ ᠠᠪᠴᠤ ᠬᠠᠳᠠᠭᠠᠯᠠᠬᠤ ᠮᠡᠲᠦ ᠬᠣᠨᠢᠨ ᠤ᠋᠁ ᠬᠥᠮᠦᠨ ᠦ᠌᠁ ᠵᠢᠭᠠᠰᠤᠨ ᠤ᠋᠁ ᠬᠣᠷᠣᠬᠠᠢ ᠶ᠋ᠢᠨ᠁ ᠠᠮᠢ ᠬᠥᠮᠦᠨ ᠦ᠌ ᠭᠠᠷ ᠲᠤ᠌ ᠣᠯᠵᠠᠯᠠᠭᠳᠠᠬᠤ ᠪᠣᠯᠤᠨ᠎ᠠ᠃ ᠬᠥᠮᠦᠨ ᠳ᠋ᠦ᠍ ᠬᠥᠮᠦᠨ ᠦ᠌ ᠠᠮᠢ ᠰᠢᠯᠵᠢᠭᠦᠯᠵᠦ ᠬᠡᠷᠡᠭ ᠲᠡᠢ ᠦᠶ᠎ᠡ ᠳ᠋ᠦ᠍ ᠵᠣᠬᠢᠰᠲᠠᠢ ᠠᠰᠢᠭᠯᠠᠬᠤ ᠴᠠᠭ ᠢᠷᠡᠨ᠎ᠡ᠃《ᠮᠥᠩᠬᠡ》 ᠵᠣᠷᠢᠯᠭ᠎ᠠ ᠶ᠋ᠢᠨ ᠰᠠᠨᠠᠭ᠎ᠠ ᠭᠤᠷᠪᠠᠯ ᠣᠨᠣᠯ ᠤ᠋ᠨ ᠠᠮᠢᠨ ᠺᠠᠲ᠋ᠧᠭᠣᠷᠢ ᠪᠥᠭᠡᠳ ᠡᠯᠡᠨ ᠪᠠᠯᠠᠷ ᠠ᠋ᠴᠠ ᠦᠷᠭᠦᠯᠵᠢᠯᠡᠭᠰᠡᠨ ᠡᠨᠡ ᠰᠡᠳᠬᠢᠯᠭᠡ ᠶ᠋ᠢ ᠬᠥᠭᠵᠢᠭᠦᠯᠵᠦ᠂ ᠪᠤᠤᠬᠢᠶᠠᠯᠠᠭᠰᠠᠨ ᠡᠪᠦᠭᠡ ᠳᠡᠭᠡᠳᠦᠰ ᠡᠴᠡ ᠡᠮᠦᠨ᠎ᠡ ᠨᠢᠭᠡᠨ ᠪᠦᠯᠦᠭ ᠲᠦ᠍ ᠴᠤᠬᠤᠰ ᠠᠪᠴᠤ ᠦᠵᠡᠭᠰᠡᠨ ᠪᠢᠯᠡ᠃ ᠡᠨᠡ20 ᠳ᠋ᠤᠭᠠᠷ ᠵᠠᠭᠤᠨ ᠤ᠋ ᠭᠣᠣᠯ ᠰᠣᠩᠭᠣᠳᠠᠭ ᠲᠥᠯᠥᠭᠡᠯᠡᠭᠴᠢ ᠭᠡᠪᠡᠯ ᠳ᠋ᠣᠺᠲ᠋ᠣᠷ ᠫᠷᠤᠫᠧᠰᠰᠣᠷ ᠵ· ᠴᠠᠸᠠᠩ(1881—1942) ᠪᠥᠭᠡᠳ ᠲᠡᠷᠡ ᠪᠡᠷ ᠳᠡᠯᠡᠬᠡᠢ ᠶ᠋ᠢᠨ ᠠᠷᠠᠳᠴᠢᠯᠠᠭᠰᠠᠨ ᠰᠣᠼᠢᠶᠠᠯᠢᠰᠲ ᠦᠵᠡᠯ ᠢ᠋ ᠬᠣᠯᠠ ᠠ᠋ᠴᠠ ᠬᠠᠷᠠᠭᠰᠠᠨ ᠦᠨᠳᠦᠰᠦᠯᠡᠭᠴᠢᠳ ᠦ᠋ᠨ ᠨᠢᠭᠡ ᠲᠡᠳᠦᠢ ᠦᠭᠡᠢ ᠮᠣᠩᠭᠣᠯ ᠤ᠋ᠨ ᠤᠯᠤᠰ ᠲᠥᠷᠥ᠂ ᠪᠣᠯᠪᠠᠰᠤᠷᠠᠯ᠂ ᠰᠣᠶᠣᠯ᠂ ᠰᠢᠨᠵᠢᠯᠡᠬᠦ ᠤᠬᠠᠭᠠᠨ ᠤ᠋ ᠣᠯᠠᠨ ᠰᠠᠯᠪᠤᠷᠢ ᠶ᠋ᠢᠨ ᠱᠠᠪᠢ ᠶ᠋ᠢ ᠲᠠᠯᠪᠢᠭᠰᠠᠨ ᠰᠣᠶᠣᠨ ᠬᠡᠬᠡᠷᠡᠭᠦᠯᠦᠭᠴᠢ ᠶᠦᠮ᠃ ᠲᠤᠬᠠᠢ ᠶ᠋ᠢᠨ ᠦᠶ᠎ᠡ ᠶ᠋ᠢᠨ ᠢ᠋ᠶ᠋ᠡᠨ ᠨᠡᠢᠭᠡᠮ ᠦ᠋ᠨ ᠪᠣᠳᠣᠯᠭ᠎ᠠ ᠶ᠋ᠢ ᠲᠣᠳᠣᠷᠬᠠᠢᠯᠠᠵᠤ᠂《ᠠᠩᠭᠢ ᠶ᠋ᠢᠨ ᠲᠡᠮᠡᠴᠡᠯ ᠢ᠋ ᠬᠤᠷᠴᠠᠳᠬᠠᠵᠤ ᠬᠡᠷᠡᠭ ᠦᠭᠡᠢ》᠂《ᠵᠠᠬᠢᠷᠤᠨ ᠲᠤᠰᠢᠶᠠᠵᠤ ᠠᠯᠪᠠᠴᠢᠯᠠᠬᠤ ᠠᠷᠭ᠎ᠠ ᠪᠠᠷ ᠰᠢᠨ᠎ᠡ ᠵᠣᠷᠢᠯᠭ᠎ᠠ ᠶ᠋ᠢ ᠨᠡᠪᠲᠡᠷᠡᠭᠦᠯᠵᠦ ᠪᠣᠯᠬᠤ ᠦᠭᠡᠢ》᠂ ᠡᠢᠮᠦ ᠶ᠋ᠢᠨ ᠲᠤᠯᠠ《ᠤᠷᠢᠳᠠᠪᠡᠷ ᠺᠡᠫᠢᠲ᠋ᠡᠯᠢᠰᠲ ᠮᠠᠶᠢᠭ ᠤ᠋ᠨ ᠬᠣᠷᠰᠢᠶᠠᠯᠠᠯ ᠢ᠋ ᠠᠷᠠᠳ ᠤ᠋ᠨ ᠠᠵᠤ ᠠᠬᠤᠢᠲᠠᠨ ᠤ᠋ ᠴᠢᠨᠡᠭᠡᠯᠢᠭ ᠪᠠᠢᠳᠠᠯ ᠢ᠋ ᠬᠠᠩᠭᠠᠨ ᠪᠠᠶᠠᠵᠢᠬᠤ᠂ ᠤᠯᠠᠮ ᠢ᠋ᠶ᠋ᠠᠷ ᠰᠣᠼᠢᠶᠡᠯᠢᠽᠮ ᠳ᠋ᠦ᠍ ᠳᠡᠪᠰᠢᠬᠦ ᠁》 ᠣᠨᠣᠯ ᠨᠡᠭᠡᠭᠡᠵᠦ᠂ ᠠᠯᠢ ᠲᠡᠷᠲᠡᠭᠡ1927 ᠣᠨ ᠳ᠋ᠤ᠌ ᠳᠡᠪᠰᠢᠭᠦᠯᠦᠭᠰᠡᠨ ᠨᠢ ᠸᠸᠨᠳᠤᠷ(ᠭᠤᠳᠤᠮᠵᠢᠨ ᠤ᠋ ᠮᠠᠢᠮᠠᠢ) ᠮᠠᠶᠢᠭ ᠤ᠋ᠨ ᠺᠡᠫᠢᠲ᠋ᠠᠯᠢᠰᠲ᠋ ᠲᠥᠷᠬᠦ ᠲᠡᠢ ᠨᠡᠢᠭᠡᠮ ᠳ᠋ᠦ᠍ ᠰᠠᠨᠠᠭᠠᠷᠬᠠᠵᠤ ᠪᠣᠢ ᠥᠨᠥᠳᠥᠷ ᠯᠡ ᠣᠢᠯᠠᠭᠠᠭᠳᠠᠵᠤ ᠡᠬᠢᠯᠡᠭᠰᠡᠨ ᠦᠨᠡᠨ ᠪᠠᠢᠵᠠᠢ᠃ ᠵ· ᠴᠠᠸᠠᠩ ᠠᠤᠭ᠎ᠠ ᠶᠡᠬᠡ ᠴᠢᠯᠦᠭᠡᠯᠡᠭᠴᠢ ᠦᠵᠡᠯ ᠰᠠᠨᠠᠭ᠎ᠠ ᠭᠡᠭᠳᠡᠬᠦ ᠯᠡᠪᠡᠷᠡᠯ① ᠦᠵᠡᠯ ᠪᠠᠷᠢᠮᠲᠠᠯᠠᠬᠤ ᠤᠯᠤᠰ ᠦᠨᠳᠦᠰᠦᠲᠡᠨ ᠢ᠋ᠶ᠋ᠡᠨ ᠴᠢᠯᠥᠭᠡᠯᠡᠵᠦ ᠨᠢᠭᠡᠳᠬᠡᠬᠦ᠂ ᠶᠠᠳᠠᠭᠤ ᠬᠣᠴᠣᠷᠤᠭᠳᠠᠮᠠᠯ ᠪᠠᠢᠳᠠᠯ ᠠ᠋ᠴᠠ ᠠᠩᠭᠢᠵᠢᠷᠠᠬᠤ ᠶ᠋ᠢ ᠤᠷᠢᠶᠠᠯᠠᠵᠤ ᠰᠢᠨ᠎ᠡ ᠵᠠᠮ ᠰᠣᠼᠢᠶᠠᠯᠢᠰᠲ ᠺᠣᠮᠣᠨᠢᠰᠲ ᠦᠵᠡᠯ ᠳ᠋ᠦ᠍ ᠰᠢᠭᠦᠮᠵᠢᠯᠡᠯ ᠲᠡᠢ ᠬᠠᠨᠳᠤᠵᠤ᠂ ᠠᠷᠠᠳᠴᠢᠯᠠᠭᠰᠠᠨ ᠰᠣᠼᠢᠶᠠᠯᠢᠰᠲ ᠪᠠᠷᠢᠮᠲᠠᠯᠠᠯ ᠢ᠋ ᠳᠡᠪᠰᠢᠭᠦᠯᠵᠦ ᠪᠠᠢᠭᠰᠠᠨ ᠨᠢ ᠭᠤᠷᠪᠠᠯ ᠣᠨᠣᠯ ᠤ᠋ᠨ ᠰᠢᠨ᠎ᠡ ᠭᠠᠷᠭᠠᠯᠭ᠎ᠠ ᠪᠠᠢᠭᠰᠠᠨ ᠠᠵᠠᠢ᠃ ᠵ· ᠴᠠᠸᠠᠩ ᠰᠢᠭ᠋ ᠠᠷᠠᠳ ᠤ᠋ᠨ ᠠᠮᠠᠨ ᠵᠣᠬᠢᠶᠠᠯ ᠲᠡᠦᠬᠡ ᠰᠣᠶᠣᠯ ᠢ᠋ᠶ᠋ᠠᠨ ᠨᠠᠨᠳᠢᠩᠨᠠᠵᠤ ᠠᠷᠪᠢᠨ ᠪᠠᠶᠠᠨ ᠥᠪ ᠰᠠᠩ ᠪᠦᠷᠢᠳᠦᠭᠦᠯᠵᠦ᠂ ᠧᠦ᠋ᠷᠣᠫᠠ ᠬᠡᠯᠡᠨ ᠦ᠌ ᠣᠷᠴᠢᠭᠤᠯᠭ᠎ᠠ ᠶ᠋ᠢᠨ ᠦᠯᠢᠭᠡᠷ ᠦᠵᠡᠭᠦᠯᠦᠨ᠂ ᠬᠣᠢᠴᠢ ᠦᠶ᠎ᠡ ᠳ᠋ᠡᠭᠡᠨ《ᠮᠣᠩᠭᠣᠯ ᠤᠬᠠᠭᠠᠨ》 ᠦᠯᠡᠳᠡᠭᠡᠭᠰᠡᠨ ᠡᠷᠳᠡᠮᠲᠡᠨ ᠣᠯᠠᠨ ᠪᠢᠰᠢ ᠪᠢᠯᠡ᠃ ᠬᠠᠷᠠᠮᠰᠠᠯ ᠲᠠᠢ ᠨᠢ ᠡᠨᠡ ᠰᠤᠤᠲᠤ ᠬᠥᠮᠦᠨ ᠦ᠌ ᠠᠯᠲᠠᠨ ᠠᠮᠢ ᠶ᠋ᠢ ᠴᠢᠰᠤᠲᠤ ᠰᠲ᠋ᠠᠯᠢᠨᠢᠽᠮ ᠵᠡᠷᠯᠢᠭ ᠢ᠋ᠶ᠋ᠡᠷ ᠬᠥᠨᠥᠭᠡᠭᠰᠡᠨ ᠭᠤᠲᠤᠮᠰᠢᠭ ᠦᠢᠯᠡᠳᠴᠡᠢ᠃ ᠡᠨᠡᠷᠢᠬᠦᠢ ᠶ᠋ᠢᠨ ᠨᠡᠢᠲᠡᠯᠢᠭ ᠰᠢᠨᠵᠢᠯᠡᠬᠦ ᠤᠬᠠᠭᠠᠨ ᠢ᠋ ᠦᠭᠡᠢᠯᠡᠬᠦ ᠶ᠋ᠢᠨ ᠤᠴᠢᠷ ᠡᠨᠡ ᠪᠥᠭᠡᠳ ᠲᠡᠭᠦᠨ ᠦ᠌ ᠠᠮᠢ ᠶ᠋ᠢᠨ᠂ ᠠᠬᠤᠢ ᠶ᠋ᠢᠨ᠂ ᠤᠬᠠᠮᠰᠠᠷ ᠤ᠋ᠨ ᠭᠤᠷᠮᠤᠰᠤᠨ ᠰᠡᠳᠬᠢᠯᠭᠡᠨ ᠳ᠋ᠦ᠍ ᠠᠪᠴᠤ ᠦᠵᠡᠬᠦ᠂ ᠲᠤᠬᠠᠢᠯᠠᠪᠠᠯ ᠠᠯᠲᠠ᠂ ᠮᠥᠩᠭᠥ ᠣᠯᠬᠤ ᠶ᠋ᠢᠨ ᠲᠤᠯᠠᠳᠠ ᠠᠮᠢ ᠰᠦᠢᠳᠬᠡᠬᠦ᠂ ᠦᠵᠡᠯ ᠢᠯᠠᠬᠤ ᠶ᠋ᠢᠨ ᠲᠤᠯᠠᠳᠠ ᠪᠠᠢᠯᠳᠤᠭᠠᠨ ᠳ᠋ᠤ᠌ ᠬᠦᠷᠬᠦ᠂ ᠠᠮᠢ ᠪᠠᠨ ᠠᠷᠭᠠᠴᠠᠭᠠᠬᠤ ᠶ᠋ᠢᠨ ᠲᠤᠯᠠ ᠶᠠᠳᠠᠭᠤ ᠠᠮᠢᠳᠤᠷᠠᠬᠤ ᠶ᠋ᠢᠨ ᠭᠤᠲᠤᠮᠰᠢᠭ ᠢ᠋ ᠣᠨᠣᠯ ᠤ᠋ᠨ ᠡᠭᠦᠳᠡᠨ ᠡᠴᠡ ᠲᠠᠢᠯᠪᠤᠷᠢᠯᠠᠬᠤ ᠶᠤᠮᠰᠠᠨ᠃
    20 ᠳ᠋ᠤᠭᠠᠷ ᠵᠠᠭᠤᠨ ᠤ᠋ ᠡᠬᠢᠨ ᠳ᠋ᠦ᠍ ᠭᠤᠷᠪᠠᠯ ᠡᠷᠳᠡᠮ ᠦ᠋ᠨ ᠡᠰᠢᠨ᠎ᠡ ᠲᠡᠭᠦᠰ ᠪᠣᠯᠪᠠᠰᠤᠷᠠᠭᠰᠠᠨ ᠶᠡᠬᠡ ᠡᠷᠳᠡᠮᠲᠡᠳ ᠵ᠂ ᠴᠠᠸᠠᠩ᠂ ᠵᠠᠸ᠎ᠠ ᠳᠠᠮᠳᠢᠨ᠂ ᠣᠩᠬᠣᠳ ᠵᠠᠮᠢᠶᠠᠨ᠂ ᠪᠠᠶᠠᠨᠴᠢᠭᠤᠯᠭᠠᠨ ᠨᠠᠷ ᠤ᠋ᠨ ᠠᠷᠤ ᠠ᠋ᠴᠠ ᠠ᠂ ᠠᠮᠤᠷ᠂ ᠳ᠂ ᠨᠠᠴᠤᠭᠳᠣᠷᠵᠢ᠂ ᠮᠡᠷᠭᠡᠨ ᠬᠦᠩ ᠭᠣᠮᠪᠣᠵᠠᠪ᠂ ᠰ᠂ ᠪᠤᠶᠠᠨᠨᠡᠮᠡᠬᠦ᠂ ᠶ᠋ᠢᠨ᠂ ᠷᠢᠨᠴᠢᠨ᠂ ᠴ᠂ ᠳᠠᠮᠳᠢᠨᠰᠦ᠋ᠷᠦᠩ᠂᠁ ᠵᠡᠷᠭᠡ ᠣᠯᠠᠨ ᠶᠡᠬᠡᠰ ᠪᠤᠤᠬᠢᠶᠠᠯᠠᠭᠰᠠᠨ ᠴᠤ᠌1940— ᠭᠡᠳ ᠣᠨ ᠤ᠋ ᠬᠡᠯᠡᠮᠡᠭᠳᠡᠯ ᠦ᠋ᠨ ᠶᠡᠬᠡ ᠲᠦᠢᠮᠡᠷ ᠦᠨᠳᠦᠰᠦᠲᠡᠨ ᠦ᠌ ᠭᠠᠰᠢᠭᠤᠳᠠᠯᠲᠤ ᠭᠠᠷᠤᠵᠠ᠂ ᠣᠶᠤᠨ ᠰᠠᠨᠠᠭᠠᠨ ᠤ᠋ ᠦᠭᠡᠢᠷᠡᠯ ᠡᠭᠦᠰᠬᠡᠵᠡᠢ᠃ ᠡᠨᠡ ᠣᠨᠣᠯ ᠳ᠋ᠤ᠌ ᠰᠠᠭᠤᠷᠢᠯᠠᠭᠰᠠᠨ ᠰᠡᠷᠭᠦᠨ ᠮᠠᠨᠳᠤᠯ ᠢ᠋ ᠠᠪᠴᠢᠷᠠᠭᠰᠠᠨ ᠰᠠᠢᠨ ᠨᠣᠶᠠᠨ ᠬᠠᠨ ᠨᠠᠮᠨᠠᠩᠰᠥ᠋ᠷᠦᠩ᠁ᠨᠠᠷ ᠤ᠋ᠨ ᠤᠳᠤᠮ ᠤᠭᠰᠠᠭ᠎ᠠ ᠰᠤᠷᠪᠤᠯᠵᠢᠲᠤ ᠨᠣᠶᠠᠳ ᠬᠤᠲᠤᠭᠲᠤ ᠨᠠᠷ ᠢ᠋ ᠬᠣᠮᠣᠷᠭᠠᠯᠠᠨ ᠤᠰᠠᠳᠬᠠᠭᠰᠠᠨ ᠨᠢ ᠮᠣᠩᠭᠣᠯ ᠲᠥᠷᠥ ᠶ᠋ᠢᠨ ᠪᠣᠳᠣᠯᠭ᠎ᠠ ᠶ᠋ᠢᠨ ᠤᠯᠠᠮᠵᠢᠯᠠᠯ ᠪᠦᠳᠡᠭᠢᠷᠡᠬᠦ ᠳ᠋ᠦ᠍ ᠬᠦᠷᠪᠡ᠃ ᠹᠧᠣᠳᠠᠯ ᠤ᠋ᠨ ᠬᠥᠷᠥᠩᠭᠡ ᠶ᠋ᠢ ᠬᠤᠷᠢᠶᠠᠬᠤ ᠬᠠᠮᠲᠤᠷᠠᠯ ᠪᠠᠢᠭᠤᠯᠬᠤ ᠶ᠋ᠢ ᠡᠰᠡᠷᠭᠦᠴᠡᠵᠦ ᠯᠠᠮ᠎ᠠ ᠨᠠᠷ ᠤ᠋ᠨ ᠡᠰᠡᠷᠭᠦ ᠲᠡᠮᠡᠴᠡᠯ ᠢ᠋ ᠬᠢᠵᠠᠭᠠᠷᠯᠠᠬᠤ᠂ ᠥᠪᠡᠷ ᠦ᠋ᠨ ᠬᠠᠭᠤᠴᠢᠨ ᠰᠣᠶᠣᠯ ᠤ᠋ᠨ ᠥᠪ ᠲᠤ ᠲᠤᠯᠭᠠᠭᠤᠷᠢᠯᠠᠬᠤ ᠳᠡᠯᠡᠬᠡᠢ ᠶ᠋ᠢᠨ ᠳᠠᠪᠰᠢᠯᠳᠤ ᠰᠣᠶᠣᠯ ᠠ᠋ᠴᠠ ᠰᠤᠷᠤᠯᠴᠠᠬᠤ ᠪᠣᠳᠣᠯᠭ᠎ᠠ ᠨᠣᠮᠯᠠᠵᠤ ᠠᠭᠰᠠᠨ ᠵ᠂ ᠴᠠᠸᠠᠩ᠂ ᠴ᠂ ᠳ᠋ᠠᠮᠪᠠᠳᠣᠷᠵᠢ᠂ ᠠ᠂ ᠠᠮᠤᠷ ᠨᠠᠷ ᠴᠤ᠌ ᠠᠷᠤ ᠠ᠋ᠴᠠ ᠨᠢ ᠬᠡᠯᠡᠮᠡᠭᠳᠡᠯ᠎ᠡ᠃ ᠠ᠂ ᠠᠮᠤᠷ ᠶᠡᠷᠦᠩᠬᠡᠢ ᠰᠠᠢᠳ《ᠬᠠᠷᠢᠯᠴᠠᠨ ᠰᠠᠨᠠᠯ ᠣᠨᠣᠯ ᠢ᠋ᠶ᠋ᠠᠨ ᠨᠡᠢᠯᠡᠭᠦᠯᠵᠦ ᠶᠠᠪᠤᠭᠤᠯᠬᠤ ᠨᠢ ᠴᠢᠬᠤᠯᠠ ᠪᠥᠭᠡᠳ ᠬᠡᠨ ᠨᠢᠭᠡᠨ ᠨᠢ ᠭᠠᠭᠴᠠᠭᠠᠷ ᠳᠤᠷ᠎ᠠ ᠮᠡᠳᠡᠨ᠎ᠡ ᠶᠠᠪᠤᠭᠤᠯᠵᠤ ᠬᠡᠷᠬᠢᠪᠡᠴᠦ ᠵᠣᠬᠢᠰ ᠦᠭᠡᠢ》 ᠬᠡᠮᠡᠭᠰᠡᠨ ᠢ᠋ᠶ᠋ᠡᠷ ᠣᠷᠣᠰ ᠤ᠋ᠨ ᠱᠣᠷᠣᠩ ᠳ᠋ᠤ᠌ ᠬᠦᠷᠭᠡᠭᠳᠡᠨ ᠴᠠᠭᠠᠵᠠᠯᠠᠭᠳᠠᠬᠤ ᠡᠮᠭᠡᠨᠢᠯᠲᠦ ᠪᠠᠢᠳᠠᠯ ᠳ᠋ᠤ᠌ ᠣᠷᠣᠲᠠᠯ᠎ᠠ ᠪᠠᠨ ᠮᠥᠩᠬᠡ ᠭᠠᠯ ᠤ᠋ᠨ ᠲᠥᠷᠥ ᠮᠡᠬᠦᠰᠳᠡᠵᠡᠢ᠃ ᠭᠡᠬᠦ ᠳ᠋ᠡᠭᠡᠨ ᠮᠣᠩᠭᠣᠯ ᠲᠥᠷᠥ ᠶ᠋ᠢᠨ ᠨᠣᠶᠠᠨ ᠨᠢᠷᠤᠭᠤᠲᠤ ᠠᠮᠢᠨ ᠴᠢᠨᠠᠷ ᠷ᠂ ᠪᠤᠮᠴᠠᠩᠳᠠ᠂ ᠵ᠂ ᠰᠠᠮᠪᠤᠤ᠂ ᠵ᠂ ᠪᠠᠲᠤᠮᠥ᠋ᠩᠬᠡ ᠭᠡᠳ ᠪᠠᠭᠤᠷᠢ ᠲᠠᠢ ᠪᠤᠭᠤᠷᠤᠯ ᠤ᠋ᠳ ᠤ᠋ᠨ ᠣᠶᠤᠨ ᠤ᠋ ᠲᠥᠪ ᠲᠤ ᠪᠠᠢᠭᠰᠠᠭᠠᠷ ᠠᠭᠰᠠᠨ ᠤᠴᠢᠷ ᠠ᠋ᠴᠠ ᠰᠣᠼᠢᠶᠠᠯᠢᠰᠲ ᠭᠡᠭᠳᠡᠬᠦ ᠣᠷᠣᠨ ᠨᠤᠭᠤᠳ ᠳᠤᠮᠳᠠ ᠠ᠋ᠴᠠ ᠥᠨᠥ ᠶ᠋ᠢᠨ ᠮᠣᠩᠭᠣᠯ ᠤᠯᠤᠰ ᠤ᠋ᠨ ᠰᠢᠨᠡᠴᠢᠯᠡᠯ ᠬᠤᠪᠢᠰᠤᠯ ᠥᠪᠡᠷᠮᠢᠴᠡ ᠲᠥᠷᠬᠦ ᠲᠡᠢ ᠪᠠᠢᠭ᠎ᠠ ᠪᠥᠭᠡᠳ ᠬᠠᠷᠢᠨ ᠡᠨᠡ ᠤᠯᠠᠮᠵᠢᠯᠠᠯ ᠢ᠋ ᠬᠡᠳᠦ ᠪᠠᠷᠠᠭᠤᠨ᠂ ᠬᠡᠳᠦ ᠵᠡᠭᠦᠨ᠂ ᠬᠡᠳᠦ ᠲᠥᠪ ᠦᠵᠡᠯ ᠦ᠋ᠳ ᠡᠴᠡ ᠠᠩᠭᠢᠳᠠ ᠦᠯᠦ ᠬᠣᠰᠢᠭᠤᠷᠠᠬᠤ ᠨᠢ ᠴᠢᠬᠤᠯᠠ ᠪᠣᠯᠤᠯᠲᠠᠢ᠃ ᠡᠷᠳᠡᠮᠲᠡᠳ ᠦ᠋ᠨ ᠲᠤᠬᠠᠢ ᠳ᠋ᠤ᠌ ᠵ᠂ ᠨᠢᠮᠪᠦ᠂ ᠰ᠂ ᠳᠤᠯᠮ᠎ᠠ᠂ ᠲ᠂ ᠮᠠᠨᠳᠢᠷ ᠭᠡᠳ ᠤᠳᠤᠮ ᠳᠠᠮᠵᠢᠭᠰᠠᠨ ᠡᠷᠳᠡᠮ᠂ ᠰᠤᠳᠤᠷ ᠨᠣᠮ ᠤ᠋ᠨ ᠬᠡᠯᠬᠢᠶ᠎ᠡ ᠰᠢᠲᠦᠭᠰᠡᠨ ᠬᠣᠯᠪᠣᠭᠠᠰᠤ ᠲᠠᠰᠤᠷᠠᠯ ᠦᠭᠡᠢ ᠲᠣᠷᠭᠣᠭᠠᠭᠰᠠᠭᠠᠷ᠂ ᠵᠥᠷᠢᠴᠡᠯᠳᠦᠭᠰᠡᠭᠡᠷ20 ᠳ᠋ᠤᠭᠠᠷ ᠵᠠᠭᠤᠨ ᠤ᠋ ᠲᠡᠭᠦᠰᠬᠡᠯ ᠳ᠋ᠦ᠍ ᠢᠷᠡᠯ᠎ᠡ᠃
ᠤᠷᠠᠨ ᠵᠣᠬᠢᠶᠠᠯ ᠤ᠋ᠨ ᠬᠦᠷᠢᠶᠡᠨ ᠳ᠋ᠦ᠍ ᠭᠤᠷᠪᠠᠯ ᠣᠨᠣᠯ ᠴᠢᠬᠤᠯᠠ ᠰᠤᠳᠤᠯᠤᠭᠳᠠᠬᠤᠨ ᠪᠣᠯᠬᠤ ᠪᠥᠭᠡᠳ ᠬᠣᠢᠨ᠎ᠠ ᠨᠢᠭᠡᠨ ᠪᠦᠯᠦᠭ ᠪᠣᠯᠭᠠᠨ ᠠᠪᠴᠤ ᠦᠵᠡᠬᠦ ᠪᠣᠯᠪᠠᠴᠤ ᠡᠨᠳᠡ ᠲᠡᠢᠮᠦ ᠳ᠋ᠦᠩᠨᠡᠯᠲᠡ ᠶ᠋ᠢᠨ ᠬᠡᠮᠵᠢᠶᠡᠨ ᠳ᠋ᠦ᠍ ᠳᠤᠷᠠᠳᠬᠤ ᠨᠢ ᠵᠥᠪ ᠪᠣᠯᠤᠯᠲᠠᠢ᠃ ᠰᠢᠨ᠎ᠡ ᠦᠶ᠎ᠡ ᠶ᠋ᠢᠨ ᠤᠳᠬ᠎ᠠ ᠵᠣᠬᠢᠶᠠᠯ ᠤ᠋ᠨ ᠰᠣᠩᠭᠣᠳᠠᠭ ᠲᠥᠯᠥᠭᠡᠯᠡᠭᠴᠢ ᠳ᠂ ᠨᠠᠴᠤᠭᠳᠣᠷᠵᠢ ᠶ᠋ᠢᠨ ᠣᠷᠭᠢᠯ ᠪᠦᠲᠦᠭᠡᠯ《ᠤᠴᠢᠷ ᠲᠠᠢ ᠭᠤᠷᠪᠠᠨ ᠲᠣᠯᠣᠭᠠᠢ》 ᠳ᠋ᠠᠬᠢ ᠪᠠᠯᠭᠠᠨ(ᠪᠤᠶᠤ ᠪᠠᠷᠠᠭᠤᠨ ᠠᠭᠤᠯᠠ)᠂ ᠶᠣᠨᠳᠣᠨ ᠨᠠᠩᠰᠠᠯᠮ᠎ᠠ ᠪᠤᠶᠤ ᠮᠣᠩᠭᠣᠯ(ᠬᠥᠨᠳᠡᠯᠡᠨ ᠳᠤᠮᠳᠠ ᠠᠭᠤᠯᠠ)᠂ ᠬᠣᠷᠯᠣᠮ᠎ᠠ(ᠵᠡᠭᠦᠨ ᠠᠭᠤᠯᠠ) ᠭᠡᠬᠦ ᠤᠯᠤᠰ ᠲᠥᠷᠥ ᠶ᠋ᠢᠨ ᠪᠢᠲᠡᠭᠦᠦ ᠰᠠᠨᠠᠭ᠎ᠠ ᠶ᠋ᠢ ᠵᠥᠷᠢᠴᠡᠯᠳᠦᠭᠦᠯᠦᠭᠰᠡᠨ ᠭᠡᠵᠦ ᠤᠬᠠᠭᠠᠨ ᠲᠠᠢ ᠵᠣᠬᠢᠶᠠᠯᠴᠢ ᠶᠠᠷᠢᠬᠤ ᠶ᠋ᠢ ᠰᠣᠨᠣᠰᠪᠠ᠃ ᠭᠤᠷᠪᠠᠨ ᠲᠣᠯᠣᠭᠠᠢ ᠶ᠋ᠢᠨ《ᠤᠴᠢᠷ》 ᠲᠡᠷᠡ ᠪᠠᠢᠵᠤ᠃ ᠡᠨᠡᠴᠢᠯᠡᠨ ᠰ· ᠪᠤᠶᠠᠨᠨᠡᠮᠡᠬᠦ ᠶ᠋ᠢᠨ ᠳᠠᠯᠳᠠ ᠤᠳᠬ᠎ᠠ᠂ ᠶ᠋ᠢᠨ· ᠷᠢᠨᠴᠢᠨ ᠦ᠌ ᠶᠣᠵᠣ ᠶᠥᠭᠡ ᠴᠥᠮ ᠭᠤᠷᠪᠠᠯ ᠡᠷᠳᠡᠮ ᠦ᠋ᠨ ᠬᠠᠶᠠᠯᠭ᠎ᠠ ᠪᠠᠢᠵᠠᠢ᠃
    1940—1950 ᠣᠨ ᠤ᠋ ᠦᠶ᠎ᠡ ᠳ᠋ᠦ᠍ ᠬᠠᠷᠢ ᠣᠨᠣᠯ ᠦᠵᠡᠯ ᠦ᠋ᠨ ᠨᠥᠯᠥᠭᠡ ᠪᠡᠷ ᠠᠶᠤᠳᠠᠰᠤ ᠶ᠋ᠢᠨ ᠮᠠᠨᠳᠤᠯ ᠳ᠋ᠤ᠌ ᠳᠠᠷᠤᠭᠳᠠᠵᠤ ᠨᠢᠭᠡᠨ ᠦᠶ᠎ᠡ ᠳᠠᠯᠳᠠᠯᠠᠭᠳᠠᠭᠰᠠᠨ ᠴᠤ᠌ ᠶ᠋ᠢᠨ· ᠶᠠᠪᠤᠭᠤᠬᠤᠯᠠᠩ《ᠳᠠᠬᠢ ᠶ᠋ᠢᠨ ᠵᠣᠭᠰᠣᠭᠠᠯ》᠂《ᠪᠢ ᠬᠠᠮᠢᠭ᠎ᠠ ᠨᠢ ᠳᠥᠷᠥᠭᠡ ᠪᠣᠢ》᠂ ᠳ· ᠫᠦᠷᠪᠦᠳᠣᠷᠵᠢ《ᠬᠥᠬᠡ ᠳᠠᠯᠢᠩᠪᠤᠤ ᠲᠡᠷᠯᠢᠭ》᠂ ᠴ· ᠯᠣᠳᠤᠢᠳᠠᠮᠪᠠ《ᠲᠤᠩᠭᠠᠯᠠᠭ ᠲᠠᠮᠢᠷ》᠂ ᠳ· ᠨᠠᠮᠳᠠᠭ《ᠴᠠᠭ ᠲᠥᠷᠥ ᠶ᠋ᠢᠨ ᠦᠢᠮᠡᠭᠡᠨ》᠂ ᠯ· ᠲᠦᠳᠦᠪ《ᠣᠷᠣᠢ ᠦᠭᠡᠢ ᠰᠦᠮ᠎ᠡ》᠂ ᠳ· ᠪᠠᠲᠤᠪᠠᠶᠠᠷ《ᠴᠠᠬᠢᠯᠠᠵᠤ ᠶᠠᠪᠤᠭ᠎ᠠ ᠭᠥᠷᠥᠭᠡᠰᠦ》᠂ ᠷ· ᠴᠣᠢᠨᠠᠮ ᠤ᠋ᠨ ᠨᠡᠢᠭᠡᠮ ᠦ᠋ᠨ ᠭᠢᠷᠠᠬᠠᠢ ᠰᠢᠯᠦᠭᠯᠡᠯ᠂ ᠦ᠋ᠨ· ᡀᠠᠮᠣᠰᠦ᠋ᠷᠦᠩ ᠦ᠋ᠨ ᠤᠯᠠᠮᠵᠢᠯᠠᠯ ᠰᠢᠨᠡᠴᠢᠯᠡᠯ ᠦ᠋ᠨ ᠡᠷᠢᠯ᠂ ᠦ᠋ᠨ· ᠳ᠋ᠣᠭᠮᠢᠳ᠂ ᠦ ᠳᠠᠰᠢᠪᠠᠯᠪᠠᠷ ᠨᠠᠷ ᠤ᠋ᠨ ᠳᠣᠲᠣᠭᠠᠳᠤ ᠰᠡᠳᠬᠢᠯ ᠦ᠋ᠨ ᠤᠶᠠᠩᠭ᠎ᠠ ᠵᠡᠷᠭᠡ ᠶ᠋ᠢ ᠠᠵᠢᠬᠤᠢ ᠭᠤᠷᠪᠠᠯ ᠣᠨᠣᠯ ᠮᠣᠩᠭᠣᠯ ᠤᠷᠠᠨ ᠪᠦᠲᠦᠭᠡᠯᠴᠢᠳ ᠦ᠋ᠨ ᠰᠡᠳᠬᠢᠯᠭᠡᠨ ᠦ᠌ ᠴᠢᠨᠠᠳᠤ ᠬᠠᠳᠠᠭᠠᠯᠠᠭᠳᠠᠭᠰᠠᠭᠠᠷ ᠪᠠᠢᠭᠰᠠᠨ ᠨᠢ ᠠᠵᠢᠭᠯᠠᠭᠳᠠᠨ᠎ᠠ᠃ ᠶᠡᠷᠦ ᠨᠢ ᠶᠠᠭᠠᠬᠢᠭᠠᠳ ᠵᠢᠷᠤᠭᠠᠴᠢ ᠶ᠋ᠢᠨ· ᠰᠢᠷᠠᠪ᠂ ᠵᠣᠬᠢᠶᠠᠯᠴᠢ ᠰ· ᠪᠤᠶᠠᠨᠨᠡᠮᠡᠬᠦ᠂ ᠵᠦᠴᠦᠭᠡᠴᠢᠨ ᠴ· ᠴᠡᠪᠡᠭᠯᠢᠳ᠂ ᠵ· ᠭᠣᠮᠪᠤᠰᠦ᠋ᠷᠦᠩ᠂ ᠢᠦᠰᠢᠬᠤᠷᠯᠤ᠂ ᠲ· ᠴᠡᠸᠡᠩᠵᠠᠪ᠂ ᠨᠠᠢᠷᠠᠭᠤᠯᠤᠭᠴᠢ ᠶ᠋ᠢᠨ· ᠵᠢᠭᠮᠡᠳ᠂ ᠬᠥᠭᠵᠢᠮᠴᠢᠨ ᠮ᠂ ᠳᠤᠭᠠᠷᠵᠠᠪ᠂ ᠦᠵᠡᠯ ᠰᠤᠷᠲᠠᠯᠴᠢ ᠠ· ᠠᠮᠤᠷ᠂ ᠫ· ᠬᠠᠳᠠᠨ᠂ ᠷ· ᠪᠤᠮᠴᠡᠩᠳᠡ᠂ ᠵ· ᠰᠠᠮᠪᠤᠤ ᠭᠡᠬᠦ ᠮᠡᠲᠦ ᠪᠠᠬᠠᠨ《ᠪᠣᠯᠪᠠᠰᠤᠷᠠᠯ ᠦᠭᠡᠢ ᠶᠠᠭᠤᠮ᠎ᠠ ᠨᠤᠭᠤᠳ》 ᠢ᠋ ᠠᠷᠠᠳ ᠲᠦᠮᠡᠨ ᠳᠡᠭᠡᠳᠦᠯᠡᠭᠡᠳ᠂ ᠥᠴᠢᠨᠡᠨ ᠲᠥᠴᠢᠨᠡᠭᠡᠨ ᠠᠺᠠᠳᠧᠮᠢ ᠲᠡᠭᠦᠰᠦᠭᠰᠡᠨ ᠵᠠᠷᠢᠮ ᠰᠡᠬᠡᠭᠡᠲᠡᠨ ᠨᠦ᠍ᠭᠦᠳ ᠣᠳᠣ ᠴᠤ᠌ ᠠᠯᠳᠠᠷᠰᠢᠭ᠎ᠠ ᠦᠭᠡᠢ《ᠳᠠᠷᠤᠮᠲᠠᠯᠠᠭᠤᠯᠤᠭᠰᠠᠭᠠᠷ》 ᠪᠠᠢᠭ᠎ᠠ ᠶᠤᠮ ᠪᠣᠢ? ᠡᠨᠡ ᠨᠢ ᠠᠷᠠᠳ ᠲᠦᠮᠡᠨ ᠦ᠌ ᠤᠯᠠᠮᠵᠢᠯᠠᠯᠲᠤ ᠭᠦᠨ ᠤᠬᠠᠭᠠᠨ ᠤ᠋ ᠬᠡᠷᠡᠭᠴᠡᠭᠡ᠂ ᠱᠠᠭᠠᠷᠳᠠᠯᠭ᠎ᠠ᠂ ᠳᠡᠭᠡᠷᠡᠬᠢ ᠰᠣᠳᠣ ᠬᠥᠮᠦᠰ ᠦ᠋ᠨ ᠰᠡᠳᠬᠢᠯᠭᠡᠨ ᠦ᠌ ᠥᠪᠡᠷᠮᠢᠴᠡ ᠡᠯᠢᠭᠡᠨ ᠡᠴᠡ ᠰᠢᠭᠤᠳ ᠬᠠᠮᠢᠶᠠᠷᠤᠯ ᠲᠠᠢ ᠠᠵᠠᠢ᠃《ᠬᠠᠷᠢ ᠭᠠᠷᠤᠯ ᠲᠠᠢ ᠰᠢᠨ᠎ᠡ ᠰᠡᠳᠬᠢᠯᠭᠡ ᠶ᠋ᠢ ᠱᠣᠬᠣᠭᠣᠷᠬᠠᠨ ᠮᠠᠭᠲᠠᠵᠤ》 ᠬᠦᠯᠢᠶᠡᠨ ᠠᠪᠤᠭᠠᠳ ᠮᠠᠷᠲᠠᠵᠤ ᠣᠷᠬᠢᠳᠠᠭ ᠠᠷᠠᠳ ᠲᠦᠮᠡᠨ ᠦ᠌ ᠠᠤᠭ᠎ᠠ ᠰᠤᠤᠲᠤ ᠤᠬᠠᠭᠠᠨ ᠭᠠᠢᠬᠠᠮᠰᠢᠭ ᠠ᠋᠃ ᠥᠨᠥᠳᠥᠷ ᠶᠣ᠌· ᠴᠢᠳᠠᠨᠪᠠᠯ ᠢ᠋ ᠳᠤᠷᠠᠰᠤᠨ ᠦᠭᠡᠢᠯᠡᠬᠦ ᠠᠮᠢᠰᠬᠤᠯ ᠪᠠᠢᠭ᠎ᠠ ᠪᠣᠯ ᠶᠣ᠌· ᠴᠢᠳᠠᠨᠪᠠᠯ ᠤ᠋ᠨ ᠲᠣᠯᠣᠭᠠᠢ ᠳ᠋ᠤ᠌ ᠶᠦᠮᠵᠡ ᠭᠤᠸᠠᠢ ᠶ᠋ᠢᠨ ᠰᠤᠷᠭᠠᠯ ᠪᠠᠭ᠎ᠠ ᠴᠤ᠌ ᠠᠲᠤᠭᠠᠢ ᠡᠷᠭᠢᠯᠳᠦᠵᠦ ᠪᠠᠢᠭᠰᠠᠨ ᠤ᠋ ᠠᠴᠢ ᠪᠣᠯᠤᠨ᠎ᠠ᠃ ᠥᠨᠥᠳᠥᠷ ᠰ· ᠵᠣᠷᠢᠭ ᠤ᠋ᠨ ᠦᠬᠦᠯ ᠦ᠋ᠨ ᠬᠠᠷᠠᠮᠰᠠᠨ ᠭᠠᠰᠢᠭᠤᠳᠠᠵᠤ ᠪᠠᠢᠭ᠎ᠠ ᠰᠡᠳᠬᠢᠯᠭᠡ ᠨᠢ ᠠᠷᠠᠳᠴᠢᠯᠠᠯ ᠭᠡᠵᠦ ᠠᠷᠠᠳ ᠲᠦᠮᠡᠨ ᠦ᠌ ᠨᠡᠷ᠎ᠡ ᠪᠠᠷᠢᠨ ᠬᠤᠪᠢ ᠶ᠋ᠢᠨ ᠠᠰᠢᠭ᠂ ᠬᠣᠯᠠ ᠶ᠋ᠢᠨ ᠠᠯᠳᠠᠷ ᠭᠣᠷᠢᠯᠠᠵᠤ ᠬᠡᠢᠷᠬᠡᠭᠡ ᠦᠭᠡᠢ ᠠᠷᠠᠢ ᠲᠥᠪ ᠬᠠᠨᠳᠤᠯᠭ᠎ᠠ ᠲᠠᠢ ᠠᠭᠰᠠᠨ ᠤ᠋ ᠳᠤᠷᠠᠰᠬᠠᠯ ᠪᠣᠯᠤᠨ᠎ᠠ᠃ ᠬᠡᠢᠷᠬᠡᠯ ᠦ᠋ᠨ ᠢᠯᠠᠯᠲᠠ ᠠᠯᠳᠠᠷ ᠬᠢᠮᠳᠠ ᠪᠥᠭᠡᠳ ᠨᠠᠰᠤ ᠦᠭᠡᠢ ᠪᠠᠢᠳᠠᠭ ᠢ᠋ ᠪᠢᠳᠡ ᠣᠯᠠᠨ ᠦᠶ᠎ᠡ ᠶ᠋ᠢᠨ ᠳᠤᠷᠠᠰᠢᠯᠭ᠎ᠠ᠂ ᠭᠤᠷᠪᠠᠯ ᠤᠬᠠᠭᠠᠨ ᠤ᠋ ᠪᠢᠰᠢᠯᠭᠠᠯ ᠠ᠋ᠴᠠ ᠲᠠᠨᠢᠨ ᠮᠡᠳᠡᠵᠦ ᠤᠬᠠᠭᠠᠷᠠᠭᠰᠠᠨ ᠠᠷᠠᠳ ᠲᠦᠮᠡᠨ ᠪᠢᠯᠡ᠃
    ᠠᠮᠢ ᠰᠤᠳᠤᠯᠤᠭᠳᠠᠬᠤ ᠲᠡᠷᠡ ᠴᠠᠭ ᠲᠤ᠌ ᠡᠭᠦᠰᠬᠦ ᠬᠠᠮᠤᠭ ᠤ᠋ᠨ ᠤᠤᠭᠠᠨ ᠰᠠᠯᠪᠤᠷᠢ ᠰᠢᠨᠵᠢᠯᠡᠬᠦ ᠤᠬᠠᠭᠠᠨ ᠨᠢ ᠡᠨᠡᠷᠢᠩᠭᠦᠢ ᠤᠬᠠᠭᠠᠨ ᠪᠠᠢᠬᠤ ᠪᠣᠯᠤᠨ᠎ᠠ᠃ ᠶᠣᠰᠣ ᠰᠤᠷᠲᠠᠬᠤᠨ ᠶᠤᠮ ᠤᠤ᠂ ᠰᠡᠳᠬᠢᠯ ᠵᠦᠢ ᠶ᠋ᠢᠨ ᠠᠰᠠᠭᠤᠳᠠᠯ ᠪᠤᠰᠤ᠂ ᠠᠮᠢ — ᠠᠬᠤᠢ — ᠤᠬᠠᠮᠰᠠᠷ ᠤ᠋ᠨ ᠨᠢᠭᠡᠳᠦᠯ ᠳ᠋ᠦ᠍ ᠴᠣᠭᠴᠠᠯᠠᠭᠰᠠᠨ ᠨᠥᠬᠥᠴᠡᠯ ᠳ᠋ᠦ᠍ ᠰᠠᠶ᠎ᠠ ᠬᠥᠮᠦᠨ ᠲᠥᠷᠥᠯᠬᠢᠲᠡᠨ ᠬᠥᠭᠵᠢᠯ ᠦ᠋ᠨ ᠵᠠᠮ ᠳ᠋ᠤ᠌ ᠣᠷᠣᠪᠠ ᠭᠡᠮᠡᠨ ᠢᠲᠡᠭᠡᠬᠦ ᠶᠣᠰᠣᠲᠠᠢ᠃
    ᠥᠨᠥ ᠶ᠋ᠢᠨ ᠬᠣᠢᠮᠣᠰᠣᠨ ᠡᠷᠳᠡᠮ ᠦ᠋ᠨ ᠰᠢᠨᠵᠢᠯᠡᠬᠦ ᠤᠬᠠᠭᠠᠨ᠂ ᠤᠷᠠᠯᠢᠭ ᠨᠢ ᠬᠥᠮᠦᠨ ᠢ᠋ ᠲᠡᠳᠦᠢ ᠦᠭᠡᠢ ᠪᠠᠢᠭᠠᠯᠢ ᠶ᠋ᠢ ᠮᠥᠬᠥᠭᠡᠵᠦ ᠪᠠᠢᠨ᠎ᠠ ᠭᠡᠳᠡᠭ ᠢ᠋ ᠳᠠᠬᠢᠨ ᠳᠤᠷᠠᠳᠤᠮᠠᠷ ᠠᠪᠠᠢ᠃ ᠬᠠᠩᠭᠠᠢ ᠶ᠋ᠢᠨ ᠤᠨᠠᠩᠭᠢ ᠲᠦᠯᠡᠰᠢᠨ ᠦ᠌ ᠪᠣᠯᠤᠨ ᠬᠡᠷᠡᠭᠯᠡᠭᠡᠨ ᠦ᠌ ᠱᠠᠭᠠᠷᠳᠠᠯᠭ᠎ᠠ ᠳ᠋ᠤ᠌ ᠢᠯᠡᠭᠦᠦ ᠴᠦ᠍ ᠦᠭᠡᠢ᠂ ᠳᠤᠲᠠᠭᠤ ᠴᠤ᠌ ᠦᠭᠡᠢ ᠵᠣᠬᠢᠴᠠᠵᠤ ᠪᠠᠢᠪᠠᠯ ᠰᠢᠨᠵᠢᠯᠡᠬᠦ ᠤᠬᠠᠭᠠᠨ ᠬᠥᠭᠵᠢᠵᠡᠢ ᠭᠡᠵᠦ ᠦᠵᠡᠬᠦ ᠰᠠᠨ᠃ ᠵᠠᠯᠠᠭᠤ ᠮᠣᠳᠣ ᠶ᠋ᠢ ᠤᠨᠠᠭᠠᠬᠤ ᠪᠤᠰᠤ ᠬᠥᠭᠰᠢᠨ(ᠡᠴᠦᠰᠯᠡᠭᠰᠡᠨ) ᠮᠣᠳᠣ ᠯᠠ ᠲᠦᠭᠦᠬᠡᠢ ᠡᠳ᠋ ᠪᠠᠢᠭᠠᠰᠠᠢ᠃ ᠮᠣᠳᠣ ᠪᠦᠷ ᠮᠥᠩᠬᠡ ᠪᠤᠰᠤ ᠰᠢᠦ ᠳᠡ᠃ ᠬᠣᠷᠸ᠎ᠠ ᠭᠱᠠᠨ ᠪᠦᠷᠢ ᠳ᠋ᠦ᠍ ᠰᠢᠨ᠎ᠡ ᠪᠠᠢᠬᠤ ᠰᠡᠳᠬᠢᠯ ᠦ᠋ᠨ ᠨᠡᠭᠡᠭᠡᠯᠲᠡ ᠭᠠᠢᠬᠠᠮᠰᠢᠭ ᠢ᠋ ᠤᠷᠠᠯᠢᠭ ᠤ᠋ᠨ ᠰᠢᠨᠡᠴᠢᠯᠡᠯ ᠭᠡᠵᠦ ᠦᠵᠡᠬᠦ ᠰᠠᠨ᠃ ᠤᠷᠠᠯᠢᠭ ᠦᠨᠡᠨ ᠳ᠋ᠡᠭᠡᠨ ᠲᠣᠯᠣᠭᠠᠢ ᠴᠡᠨᠡᠭᠯᠡᠬᠦ ᠡᠳ᠋ ᠪᠢᠰᠢ ᠰᠡᠳᠬᠢᠯ ᠦ᠋ᠨ ᠤᠪᠠᠳᠢᠰ ᠤ᠋ᠨ ᠲᠠᠯᠠᠰᠲᠤ ᠰᠢᠦ ᠳᠡ᠁ ᠡᠨᠡᠷᠢᠩᠭᠦᠢ ᠤᠬᠠᠭᠠᠨ ᠬᠣᠮᠰᠠᠳᠠᠵᠤ《ᠳ᠋ᠣᠯᠯᠠᠷ》 ᠲᠤ᠌ ᠳᠠᠷᠤᠯᠠᠭᠳᠠᠭᠰᠠᠨ ᠪᠠᠷᠠᠭᠤᠨ ᠤ᠋ ᠠᠮᠢᠳᠤᠷᠠᠯ ᠤᠷᠠᠯᠢᠭ ᠥᠨᠥᠳᠥᠷ ᠶᠠᠭᠤ ᠤᠬᠠᠭᠠᠷᠠᠵᠤ ᠦᠭᠡᠢᠯᠡᠭᠡᠳ ᠪᠠᠢᠭ᠎ᠠ ᠶ᠋ᠢ ᠳᠠᠶᠠᠩ ᠳᠡᠯᠡᠬᠡᠢ ᠰᠡᠬᠡᠭᠡᠷᠡᠮᠡᠷ ᠪᠥᠯᠥᠭᠡ᠃ ᠭᠤᠲᠤᠮᠰᠢᠭᠲᠤ ᠠᠮᠢᠳᠤᠷᠠᠯ ᠬᠡᠮᠡᠪᠡᠴᠦ ᠭᠡᠮ ᠢ᠋ ᠥᠪᠡᠷ ᠡᠴᠡ ᠬᠠᠢᠵᠤ᠂ ᠪᠤᠰᠤᠳ ᠲᠤ᠌ ᠡᠨᠡᠷᠢᠩᠭᠦᠢ ᠪᠠᠢᠬᠤ᠂ ᠭᠤᠲᠤᠮᠰᠢᠭᠲᠤ ᠠᠮᠢᠳᠤᠷᠠᠯ ᠬᠡᠮᠡᠪᠡᠴᠦ ᠡᠴᠦᠰ ᠲᠦ᠍ ᠮᠥᠩᠬᠡᠷᠡᠯ ᠦᠭᠡᠢ ᠶ᠋ᠢ ᠪᠣᠳᠣᠵᠤ ᠡᠨᠡᠷᠢᠩᠭᠦᠢ ᠪᠠᠢᠵᠤ᠂ ᠠᠬᠤᠢ ᠣᠶᠤᠨ ᠲᠡᠭᠰᠢ᠂ ᠡᠭᠡᠯ ᠠᠮᠢᠳᠤᠷᠠᠯ ᠵᠠᠶᠠᠭᠠᠪᠠᠴᠤ ᠠᠯᠳᠠᠷ ᠬᠥᠰᠢᠶ᠎ᠡ ᠠᠯᠢ ᠨᠢ ᠴᠦ᠍ ᠬᠣᠭᠣᠰᠣᠨ ᠢ᠋ ᠮᠡᠳᠡᠵᠦ ᠡᠨᠡᠷᠢᠩᠭᠦᠢ ᠪᠠᠢᠬᠤ᠃ ᠡᠨᠡᠷᠢᠩᠭᠦᠢ ᠵᠠᠷᠴᠢᠮ ᠨᠢ ᠢᠷᠡᠭᠡᠳᠦᠢ ᠶ᠋ᠢ ᠪᠣᠳᠣᠭᠴᠢ ᠤᠬᠠᠭᠠᠨᠲᠤ ᠬᠥᠮᠦᠨ ᠦ᠌ ᠠᠮᠢᠳᠤᠷᠠᠯ ᠤ᠋ᠨ《ᠠᠮᠢ》 ᠪᠥᠯᠥᠭᠡ᠃ ᠲᠣᠯᠢᠨ ᠤ᠋ ᠭᠢᠯᠪᠠᠭ᠎ᠠ ᠮᠡᠲᠦ ᠴᠦ᠍ ᠲᠣᠪ ᠬᠢᠭᠰᠡᠨ ᠪᠠᠭ᠎ᠠ ᠨᠠᠰᠤ ᠪᠠᠢᠳᠠᠭ᠃ ᠲᠡᠭᠦᠨ ᠦ᠌ ᠣᠷᠣᠨ ᠳ᠋ᠤ᠌ ᠡᠨᠡ ᠯᠡ ᠬᠠᠯᠢᠬᠤ ᠨᠢ ᠶᠠᠭᠠᠬᠢᠪᠠ ᠠ᠋ ᠭᠡᠮᠡᠷ ᠲᠠᠮᠤ ᠶ᠋ᠢᠨ ᠠᠮᠢᠲᠠᠨ ᠤ᠋ ᠬᠢ ᠰᠢᠭ ᠶᠡᠬᠡ ᠨᠠᠰᠤ ᠪᠠᠢᠳᠠᠭ᠃ ᠲᠡᠷᠡ ᠪᠠᠭ᠎ᠠ ᠨᠠᠰᠤᠲᠠᠨ ᠳ᠋ᠤ᠌ ᠡᠨᠡᠷᠢᠯ ᠳᠤᠲᠠᠭᠰᠠᠨ ᠳ᠋ᠤ᠌ ᠡᠮᠭᠡᠨᠢᠵᠦ᠂ ᠲᠡᠷᠡ ᠶᠡᠬᠡ ᠨᠠᠰᠤᠨ ᠠ᠋ᠴᠠ ᠪᠢᠳᠡ ᠡᠨᠡᠷᠢᠯ᠂ ᠵᠣᠷᠢᠯᠭ᠎ᠠ᠂ ᠥᠪ ᠦᠭᠡᠢᠯᠡᠮᠦ᠃ ᠠᠯᠲᠠᠨ ᠳᠤᠮᠳᠠᠴᠢ ᠨᠢ ᠠᠮᠢ — ᠠᠬᠤᠢ — ᠤᠬᠠᠮᠰᠠᠷ ᠤ᠋ᠨ ᠲᠡᠭᠰᠢ ᠭᠡᠮ《ᠡᠨᠡᠷᠢᠯ》 ᠪᠥᠯᠥᠭᠡ᠃ ᠭᠡᠲᠡᠯ᠎ᠡ ᠡᠨᠡ ᠵᠠᠭᠤᠨ ᠤ᠋ ᠬᠥᠭᠵᠢᠯ ᠠᠰᠠᠭᠤᠳᠠᠯ ᠢ᠋《ᠲᠡᠢᠨ》 ᠬᠢᠵᠦ ᠢᠯᠠᠬᠤ ᠬᠣᠢᠮᠣᠰᠣᠨ ᠰᠢᠢᠳᠦᠯ ᠢ᠋ᠶ᠋ᠡᠷ ᠠᠮᠧᠷᠢᠺᠠ ᠶ᠋ᠢᠨ ᠨᠢᠭᠡᠳᠦᠭᠰᠡᠨ ᠤᠯᠤᠰ ᠲᠡᠷᠢᠭᠦᠲᠦ ᠬᠥᠭᠵᠢᠯᠲᠦ ᠭᠦᠷᠦᠨ ᠨᠦ᠍ᠭᠦᠳ ᠪᠠᠢᠲᠤᠭᠠᠢ ᠠᠮᠧᠷᠢᠺᠠ ᠶ᠋ᠢᠨ ᠨᠢᠭᠡᠳᠦᠭᠰᠡᠨ ᠤᠯᠤᠰ ᠤ᠋ᠨ ᠪᠠᠢᠷᠢ ᠰᠠᠭᠤᠷᠢ ᠪᠣᠯᠵᠤ ᠭᠠᠷᠬᠤ ᠶ᠋ᠢ ᠦᠭᠡᠢᠰᠬᠡᠬᠦ ᠠᠷᠭ᠎ᠠ ᠦᠭᠡᠢ ᠶ᠋ᠢ ᠡᠮᠦᠨ᠎ᠡ ᠰᠠᠨᠠᠭᠤᠯᠤᠭᠰᠠᠨ ᠪᠥᠯᠥᠭᠡ᠁ ᠦᠷᠭᠦᠯᠵᠢᠳᠡ ᠲᠠᠯᠤᠨ ᠤ᠋ ᠭᠤᠷᠪᠠᠨ ᠶᠠᠰᠤ ᠪᠠᠷ ᠮᠡᠷᠭᠡᠯᠡᠳᠡᠭ ᠢ᠋ᠶ᠋ᠡᠷ ᠢ᠋ᠶ᠋ᠡᠨ ᠠᠯᠳᠠᠷᠰᠢᠭᠰᠠᠨ ᠮᠥᠩᠬᠡ ᠬᠠᠭᠠᠨ ᠸ· ᠷᠦᠪᠷᠥ᠋ᠺ ᠦ᠋ᠨ《ᠮᠠᠨ ᠤ᠋ ᠾᠷᠢᠰᠲ᠋ᠣᠰ ᠪᠤᠷᠬᠠᠨ ᠡᠴᠢᠭᠡ— ᠬᠦᠦ— ᠰᠦᠨᠡᠰᠦ ᠴᠣᠭᠴᠠᠯᠠᠮᠠᠯ(ᠭᠤᠷᠪᠠᠯ)》 ᠭᠡᠵᠦ ᠢᠲᠡᠭᠡᠳᠡᠭ᠂ ᠲᠡᠭᠦᠨ ᠦ᠌ ᠤᠴᠢᠷ ᠠ᠋ᠴᠠ ᠪᠢᠳᠡ ᠠᠵᠤ ᠲᠥᠷᠥᠵᠦ ᠮᠥᠬᠥᠵᠦ ᠪᠣᠢ᠃ ᠪᠤᠷᠬᠠᠨ ᠭᠠᠷ ᠤ᠋ᠨ ᠬᠤᠷᠤᠭᠤ ᠮᠡᠲᠦ ᠲᠡᠭᠰᠢ ᠦᠭᠡᠢ ᠲᠠᠪᠢᠯᠠᠩ ᠣᠯᠭᠣᠨᠠᠮ᠃ ᠲᠠ ᠨᠠᠷ ᠲᠤ ᠨᠣᠮ ᠵᠠᠶᠠᠭᠠᠭᠰᠠᠨ ᠴᠤ᠌ ᠲᠡᠭᠦᠨ ᠢ᠋ ᠰᠠᠬᠢᠬᠤ ᠦᠭᠡᠢ ᠨᠢᠭᠡ ᠨᠢ ᠨᠥᠭᠦᠭᠡ ᠪᠡᠨ ᠪᠤᠷᠤᠭᠤᠰᠢᠶᠠᠮᠤᠢ᠃(ᠡᠶᠡᠷᠭᠦ᠂ ᠡᠰᠡᠷᠭᠦ) ᠮᠥᠩᠭᠥᠨ ᠡᠴᠡ ᠪᠣᠯᠵᠤ ᠬᠥᠮᠦᠨ ᠰᠢᠳᠤᠷᠭᠤ ᠶᠣᠰᠣᠨ ᠠ᠋ᠴᠠ ᠭᠠᠵᠢᠳᠠᠭ ᠢ᠋ ᠲᠠ ᠪᠦᠬᠦᠨ ᠮᠡᠳᠡᠳᠡᠭ ᠦᠭᠡᠢ ᠭᠡᠰᠡᠨ ᠨᠢ ᠬᠣᠢᠮᠣᠰᠣᠨ ᠤᠬᠠᠭᠠᠨ ᠢ᠋ ᠭᠠᠢᠬᠠᠭᠰᠠᠨ ᠬᠤᠷᠴᠠ ᠤᠬᠠᠭᠠᠨ᠂ ᠮᠣᠩᠭᠣᠯᠴᠤᠳ ᠤ᠋ᠨ ᠡᠭᠦᠰᠬᠡᠭᠰᠡᠨ ᠮᠥᠩᠭᠥᠨ ᠳ᠋ᠦ᠍ ᠲᠤᠢᠯᠰᠢᠷᠠᠨ ᠬᠠᠨᠳᠤᠭᠰᠠᠨ ᠳ᠋ᠤ᠌ ᠡᠮᠵᠡᠭᠯᠡᠭᠰᠡᠨ ᠭᠦᠨ ᠤᠬᠠᠭᠠᠨ ᠤ᠋ ᠭᠠᠷᠭᠠᠯᠭ᠎ᠠ ᠭᠤᠷᠪᠠᠯ ᠣᠨᠣᠯ ᠢ᠋ᠶ᠋ᠠᠨ ᠲᠤᠩᠬᠠᠭᠯᠠᠭᠰᠠᠨ ᠪᠠᠷᠢᠮᠲᠠ ᠭᠡᠮᠡᠨ ᠰᠠᠨᠠᠨ᠎ᠠ᠃

———————————
① ᠯᠢᠪᠧᠷᠠᠯ— ᠡᠷᠬᠡ ᠴᠢᠯᠥᠭᠡᠲᠦ ᠦᠵᠡᠯᠲᠡᠨ᠂ ᠡᠷᠬᠡ ᠴᠢᠯᠥᠭᠡᠲᠦ ᠨᠠᠮ ᠤ᠋ᠨ ᠬᠢᠨ(᠂ ᠪᠠᠭᠤᠯᠭᠠᠭᠴᠢ)

   ᠦᠰᠦᠭ ᠠᠮᠢᠯᠠᠭᠤᠯᠤᠭᠴᠢ᠄ ᠱᠠᠭᠰᠠᠯ᠂ᠲᠣᠭᠳᠠᠭᠤᠨᠪᠠᠶᠠᠷ᠂ ᠪᠠᠶᠠᠨᠰᠡᠷᠡᠩ᠂ᠲᠣᠭᠳᠠᠭᠤᠨᠪᠠᠶᠠᠷ
   ᠬᠢᠨᠠᠭᠴᠢ᠄ ᠰᠡᠬᠡᠭᠡᠷᠡᠯ᠂ ᠤᠳᠬᠠᠨᠰᠣ᠎ᠠ