ᠵᠢᠷᠭᠤᠭ᠎ᠠ᠂ ᠢᠳᠢᠶᠡᠯᠢᠽᠮ ᠮᠡᠲ᠋ᠧᠷᠢᠶᠡᠯᠢᠽᠮ ᠬᠣᠶᠠᠭᠤᠯᠠ ᠥᠷᠥᠰᠰᠥᠬᠡᠯ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу
ᠵᠢᠷᠭᠤᠭ᠎ᠠ᠂ ᠢᠳᠢᠶᠡᠯᠢᠽᠮ ᠮᠡᠲ᠋ᠧᠷᠢᠶᠡᠯᠢᠽᠮ ᠬᠣᠶᠠᠭᠤᠯᠠ ᠥᠷᠥᠰᠰᠥᠬᠡᠯ-ᠮᠣᠩᠭᠣᠯ ᠤ᠋ᠨ ᠭᠤᠷᠪᠠᠯ ᠣᠨᠣᠯ2
ᠢᠳᠢᠶᠡᠯᠢᠽᠮ ᠪᠣᠯ ᠬᠥᠷᠥᠩᠭᠡᠲᠡᠨ ᠦ᠌ ᠬᠠᠷᠭᠢᠰ ᠣᠨᠣᠯ ᠭᠡᠵᠦ ᠺᠣᠮᠮᠤᠨᠢᠰᠲ ᠰᠤᠷᠲᠠᠯ ᠨᠣᠮᠯᠠᠳᠠᠭ ᠪᠠᠢᠪᠠ᠃ ᠲᠡᠭᠡᠪᠡᠯ ᠢᠳᠢᠶᠠᠯᠢᠰᠲ ᠤ᠋ᠳ ᠮᠡᠲ᠋ᠧᠷᠢᠶᠡᠯᠢᠽᠮ ᠢ᠋ ᠺᠣᠮᠮᠣᠨᠢᠽᠮ ᠲᠠᠢ ᠨᠢ ᠬᠠᠮᠲᠤ ᠬᠠᠷᠭᠢᠰ ᠭᠡᠮᠡᠨ ᠰᠢᠭᠦᠮᠵᠢᠯᠡᠭᠰᠡᠭᠡᠷ ᠨᠠᠮ ᠴᠣᠬᠢᠪᠠ᠃ ᠡᠨᠳᠡ ᠡᠯᠳᠡᠪ ᠦ᠋ᠨ ᠨᠣᠮ ᠠ᠋ᠴᠠ ᠶᠠᠩᠵᠤ ᠪᠦᠷᠢ ᠶ᠋ᠢᠨ ᠡᠷᠳᠡᠮᠲᠡᠨ ᠦ᠌ ᠣᠨᠣᠯ ᠡᠰᠢ ᠳᠤᠷᠠᠳᠴᠤ ᠪᠣᠯᠬᠤ ᠴᠤ᠌ ᠡᠨᠡ ᠲᠡᠮᠡᠴᠡᠯ᠂ ᠡᠨᠡ ᠢᠯᠠᠯᠲᠠ᠂ ᠡᠨᠡ ᠢᠯᠠᠭᠳᠠᠯ ᠬᠤᠳᠠᠯ ᠭᠡᠳᠡᠭ ᠢ᠋《ᠭᠤᠷᠪᠠᠯ ᠤᠬᠠᠭᠠᠨ》 ᠮᠡᠳᠡᠵᠦ ᠪᠠᠢᠭ᠎ᠠ ᠤᠴᠢᠷ ᠠ᠋ᠴᠠ ᠲᠡᠢᠮᠦ ᠡᠰᠢᠯᠡᠯ ᠬᠡᠷᠡᠭᠴᠡᠭᠡ ᠦᠭᠡᠢ ᠶᠦᠮ᠃ ᠶᠠᠭᠤᠲᠠᠢ ᠴᠤ᠌ ᠣᠷᠴᠢᠯᠠᠩᠲᠤ ᠳᠡᠯᠡᠬᠡᠢ ᠶ᠋ᠢ ᠬᠡᠳᠦ ᠳᠠᠬᠢᠨ ᠪᠤᠲᠠᠷᠠᠭᠠᠵᠤ ᠬᠣᠷᠸ᠎ᠠ ᠶ᠋ᠢᠨ ᠡᠨᠡᠬᠡᠨ ᠬᠡ ᠰᠡᠭ ᠦ᠋ᠨ ᠨᠡᠢᠲᠡ ᠠᠮᠢ ᠶ᠋ᠢ ᠪᠤᠰᠠᠨᠢᠶᠠᠬᠤ ᠬᠦᠴᠦ ᠠᠭᠤᠯᠤᠭᠰᠠᠨ ᠲᠤᠢᠯᠰᠢᠷᠠᠯ ᠳ᠋ᠤ᠌ ᠬᠦᠷᠲᠡᠯ᠎ᠡ ᠪᠡᠨ ᠳᠠᠢᠰᠤᠩᠨᠠᠭᠰᠠᠨ ᠬᠣᠶᠠᠷ ᠰᠤᠷᠲᠠᠯ ᠳ᠋ᠤ᠌ ᠶᠢᠷᠲᠢᠨᠴᠦ ᠶ᠋ᠢ ᠬᠤᠪᠢᠶᠠᠭᠰᠠᠨ ᠲᠡᠦᠬᠡ ᠶ᠋ᠢᠨ ᠥᠪ ᠪᠣᠢ᠃ ᠭᠤᠷᠪᠠᠳᠠᠭᠴᠢ ᠶᠢᠷᠲᠢᠨᠴᠦ ᠶ᠋ᠢᠨ ᠣᠷᠣᠨ ᠨᠤᠭᠤᠳ ᠭᠡᠵᠦ ᠢᠯᠭᠠᠷᠠᠬᠤ ᠣᠷᠣᠯᠳᠣᠯᠭ᠎ᠠ ᠪᠠᠢᠭᠰᠠᠨ ᠴᠤ᠌ ᠲᠡᠨᠳᠡ ᠣᠨᠣᠯ ᠦᠭᠡᠢ ᠤᠴᠢᠷ ᠠ᠋ᠴᠠ ᠳ᠋ᠤᠸᠠᠯᠢᠽᠮ ᠲᠡᠳᠦᠢ ᠪᠣᠯᠵᠤ ᠡᠰᠡᠪᠡᠯ ᠢᠮᠫᠧᠷᠶᠠᠯᠢᠽᠮ① ᠤ᠋ᠨ ᠡᠰᠡᠪᠡᠯ ᠺᠣᠮᠮᠣᠨᠢᠽᠮ ᠤ᠋ᠨ ᠰᠡᠭᠦᠳᠡᠷ ᠪᠠᠷᠠᠳᠠᠬᠤ ᠠ᠋ᠴᠠ ᠬᠡᠲᠦᠷᠡᠳᠡᠭ ᠦᠭᠡᠢ ᠪᠠᠢᠪᠠ᠃ ᠳᠡᠭᠡᠷᠡᠬᠢ ᠬᠣᠶᠠᠷ ᠰᠤᠷᠭᠠᠯ ᠬᠣᠶᠠᠭᠤᠯᠠ ᠬᠠᠷᠭᠢᠰ ᠠᠵᠠᠢ᠃ ᠲᠡᠳᠡ ᠥᠷᠥᠭᠡᠰᠥᠯᠳᠦᠵᠦ ᠮᠠᠭᠤ ᠮᠠᠭᠤᠬᠠᠢ ᠪᠠᠨ ᠳᠠᠭᠤᠳᠠᠯᠴᠠᠵᠤ ᠥᠷᠥᠭᠡᠯ ᠲᠡᠢ ᠬᠠᠮᠲᠤ ᠥᠪᠡᠷ ᠢ᠋ ᠪᠡᠨ ᠲᠡᠳᠦᠢ ᠦᠭᠡᠢ ᠪᠦᠬᠦᠨ ᠢ᠋ ᠤᠰᠠᠳᠬᠠᠬᠤ ᠳ᠋ᠤ᠌ ᠪᠡᠯᠡᠨ ᠪᠠᠢᠭᠰᠠᠨ ᠢ᠋ᠶ᠋ᠠᠷ ᠢ᠋ᠶ᠋ᠠᠨ ᠬᠠᠷᠭᠢᠰ᠃ ᠮᠣᠩᠭᠣᠯ《ᠶᠡᠬᠡ ᠵᠠᠰᠠᠭ》 ᠬᠠᠤᠯᠢ ᠶ᠋ᠢᠨ ᠵᠢᠭᠠᠯᠲᠠ ᠶ᠋ᠢ ᠳᠠᠬᠢᠨ ᠳᠤᠷᠠᠰᠤᠮᠠᠷ ᠰᠠᠨᠠᠭᠳᠠᠨ᠎ᠠ᠃ ᠲᠡᠨᠳᠡ《ᠲᠡᠮᠡᠴᠡᠯᠳᠦᠭᠴᠢ ᠬᠣᠶᠠᠷ ᠡᠲᠡᠭᠡᠳ ᠦ᠋ᠨ ᠨᠢᠭᠡ ᠶ᠋ᠢ ᠨᠢ ᠳᠡᠮᠵᠢᠪᠡᠯ ᠶᠠᠯᠠᠯᠠᠨ᠎ᠠ᠁》 ᠭᠡᠰᠡᠨ ᠤᠳᠬ᠎ᠠ ᠪᠣᠢ᠃ ᠭᠤᠷᠪᠠᠯ ᠤᠬᠠᠭᠠᠨ ᠤ᠋ ᠡᠷᠲᠡᠨ ᠦ᠌ ᠬᠡᠪ ᠶᠣᠰᠣ ᠶ᠋ᠢ ᠬᠠᠤᠯᠢᠴᠢᠯᠠᠨ ᠤᠯᠠᠮᠵᠢᠯᠠᠭᠤᠯᠤᠭᠰᠠᠨ ᠡᠨᠡ ᠤᠬᠠᠭᠠᠨ ᠡᠵᠡᠨ ᠴᠢᠩᠭᠢᠰ ᠦ᠋ᠨ ᠬᠢ ᠪᠠᠢᠯ᠎ᠠ᠃ ᠳᠡᠭᠡᠳᠦᠰ ᠦ᠋ᠨ ᠬᠠᠤᠯᠢ ᠣᠨᠣᠯ ᠪᠢᠳᠡᠨ ᠦ᠌ ᠤᠬᠠᠭᠠᠨ ᠳ᠋ᠤ᠌ ᠬᠠᠳᠠᠭᠠᠯᠠᠭᠳᠠᠵᠤ ᠪᠠᠢᠭᠰᠠᠨ ᠰᠠᠨ ᠪᠣᠯ《ᠮᠠᠲᠧᠷᠢᠶᠠᠯᠢᠽᠮ ᠪᠣᠯ ᠶᠣᠰᠣᠲᠠᠢ ᠵᠥᠪ᠂ ᠢᠳ᠋ᠢᠶᠠᠯᠢᠽᠮ ᠪᠣᠯ ᠦᠨᠡᠬᠡᠷ ᠪᠤᠷᠤᠭᠤ》 ᠭᠡᠮᠡᠨ ᠳᠤᠤᠭᠠᠷᠴᠤ ᠦᠯᠦ ᠪᠣᠯᠬᠤ ᠪᠠᠢᠵᠠᠢ᠃ ᠶᠠᠭᠠᠬᠢᠭᠠᠳ ᠭᠡᠪᠡᠯ ᠡᠨᠡ ᠨᠢ ᠧᠦ᠋ᠷᠣᠫᠠ ᠶ᠋ᠢᠨ《ᠲᠡᠮᠡᠴᠡᠯᠳᠦᠭᠴᠢ ᠬᠣᠶᠠᠷ ᠡᠲᠡᠭᠡᠳ》 ᠶᠡᠷᠦ ᠡᠴᠡ ᠬᠣᠶᠠᠷᠯᠠᠭᠰᠠᠨ ᠤᠬᠠᠭᠠᠨ ᠤ᠋ ᠳᠡᠭᠡᠳᠦ ᠬᠥᠭᠵᠢᠯᠲᠡ ᠨᠦ᠍ᠭᠦᠳ ᠲᠤᠯᠠ ᠨᠢᠭᠡ ᠶ᠋ᠢ ᠨᠢ ᠳᠡᠮᠵᠢᠵᠦ ᠨᠥᠭᠦᠭᠡ ᠶ᠋ᠢ ᠨᠢ ᠠᠯᠳᠠᠵᠤ ᠦᠯᠦ ᠪᠣᠯᠬᠤ ᠪᠠᠢᠪᠠ᠃ ᠬᠡ ᠳ᠋ᠡᠭᠡᠨ ᠴᠦ᠍ ᠪᠣᠢ᠂ ᠭᠤ ᠳ᠋ᠠᠭᠠᠨ ᠴᠤ᠌ ᠪᠣᠢ ᠭᠡᠮᠡᠨ ᠡᠷᠭᠢᠴᠡᠭᠦᠯᠬᠦ ᠶᠣᠰᠣᠲᠠᠢ ᠪᠠᠢᠯ᠎ᠠ᠃《ᠭᠤᠷᠪᠠᠨ ᠬᠥᠮᠦᠨ ᠠᠮᠠ ᠠᠪᠤᠯᠴᠠᠨ ᠵᠥᠪᠰᠢᠶᠡᠷᠡᠭᠰᠡᠨ ᠬᠡᠷᠡᠭ ᠢ᠋ ᠬᠠᠮᠢᠭ᠎ᠠ ᠴᠤ᠌ ᠥᠭᠦᠯᠡᠵᠦ ᠪᠣᠯᠤᠨ᠎ᠠ᠃ ᠲᠡᠢᠮᠦ ᠪᠤᠰᠤ ᠪᠣᠯ ᠢᠲᠡᠭᠡᠵᠦ ᠦᠯᠦ ᠪᠣᠯᠤᠨ᠎ᠠ》 ᠭᠡᠰᠡᠨ ᠬᠠᠤᠯᠢ ᠶ᠋ᠢ ᠪᠢᠳᠡ ᠮᠠᠷᠲᠠᠭᠰᠠᠨ ᠪᠠᠢᠪᠠ᠃ ᠶᠡᠷᠦ ᠡᠴᠡ ᠮᠣᠩᠭᠣᠯ ᠶᠡᠬᠡ ᠭᠦᠷᠦᠨ ᠦ᠌ ᠳᠣᠷᠣᠢᠲᠠᠨ ᠪᠠᠭᠤᠷᠠᠭᠰᠠᠨ ᠤ᠋ ᠰᠢᠯᠲᠠᠭᠠᠨ ᠨᠢ ᠥᠭᠡᠷ᠎ᠡ ᠶᠠᠭᠤᠨ ᠳ᠋ᠤ᠌ ᠴᠤ᠌ ᠪᠢᠰᠢ ᠭᠠᠭᠴᠠᠬᠦ ᠮᠠᠨᠳᠤᠨ ᠪᠠᠳᠠᠷᠠᠬᠤ ᠬᠥᠭᠵᠢᠯ ᠦ᠋ᠨ ᠣᠨᠣᠯ ᠢ᠋ᠶ᠋ᠠᠨ ᠬᠥᠰᠡᠷᠳᠡᠭᠦᠯᠦᠭᠰᠡᠨ ᠳ᠋ᠦ᠍᠂ ᠡᠰᠡᠬᠦᠯ᠎ᠡ ᠮᠠᠷᠲᠠᠭᠰᠠᠨ ᠳ᠋ᠤ᠌ ᠪᠠᠢᠭᠰᠠᠨ ᠪᠣᠯᠤᠨ᠎ᠠ᠃ ᠪᠢᠳᠡ ᠶᠡᠬᠡᠰ ᠦ᠋ᠨ ᠬᠠᠤᠯᠢᠨ ᠳ᠋ᠤ᠌ ᠲᠡᠷᠰᠴᠦ ᠮᠠᠲ᠋ᠧᠷᠢᠶᠠᠯᠢᠽᠮ ᠺᠣᠮᠮᠣᠨᠢᠽᠮ ᠢ᠋ ᠳ᠋ᠡᠭᠡᠨ ᠬᠥᠭᠡᠷᠴᠦᠭᠯᠡᠵᠦ ᠬᠣᠬᠢᠷᠠᠵᠤ ᠶᠠᠭᠳᠠᠭᠰᠠᠨ ᠢ᠋ᠶ᠋ᠠᠷ ᠦᠯᠦ ᠪᠠᠷᠠᠮ ᠲᠤᠢᠯᠳᠠᠬᠤ ᠶ᠋ᠢᠨ ᠡᠷᠬᠡ ᠪᠡᠷ《ᠰᠢᠨ᠎ᠡ ᠰᠡᠳᠬᠢᠯᠭᠡ》 ᠣᠯᠵᠤ᠂ ᠡᠳᠦᠭᠡ ᠺᠡᠫᠢᠲ᠋ᠡᠯᠢᠽᠮ② ᠨᠢ ᠵᠥᠪ ᠶᠦᠮ ᠪᠠᠢᠨ᠎ᠠ ᠭᠡᠵᠦ ᠰᠦᠵᠢᠷᠡᠵᠦ ᠰᠠᠭᠤᠬᠤ᠃ ᠬᠣᠶᠠᠷ ᠤ᠋ᠨ ᠳᠤᠮᠳᠠ ᠭᠤᠷᠪᠠᠨ ᠰᠢᠷᠪᠠᠭᠰᠠᠨ ᠥᠪᠡᠷ ᠦ᠋ᠨ ᠤᠬᠠᠭᠠᠨ ᠦᠭᠡᠢ ᠡᠨᠡ ᠰᠢᠪᠰᠢᠭ ᠨᠢ ᠭᠤᠷᠪᠠᠯ ᠤᠬᠠᠭᠠᠨ ᠢ᠋ᠶ᠋ᠠᠨ ᠮᠠᠷᠲᠠᠵᠤ ᠠᠯᠢᠪᠠ ᠵᠦᠢᠯ ᠠᠮᠢ ᠶ᠋ᠢ ᠪᠢᠰᠢᠯᠭᠠᠬᠤ ᠪᠠᠨ ᠪᠣᠯᠢᠵᠤ ᠪᠤᠳᠤᠩᠭᠤᠢᠷᠠᠭᠰᠠᠨ ᠤ᠋ ᠰᠢᠨᠵᠢ ᠶᠦᠮ᠃ ᠳᠡᠭᠡᠷᠡᠬᠢ ᠬᠣᠶᠠᠷ ᠲᠣᠮᠣ ᠣᠨᠣᠯ ᠠᠮᠢ ᠶ᠋ᠢ ᠦᠯᠦ ᠳᠡᠭᠡᠳᠦᠯᠡᠭᠰᠡᠨ ᠲᠤᠯᠠ ᠠᠯᠳᠠᠭ᠎ᠠ ᠲᠠᠢ ᠬᠠᠷᠭᠢᠰ ᠭᠡᠮᠡᠨ ᠤᠬᠠᠵᠤ ᠪᠣᠳᠣᠭᠰᠠᠨ ᠦᠭᠡᠢ᠃ ᠲᠡᠳᠡᠨ ᠦ᠌ ᠨᠡᠢᠯᠡᠭ ᠨᠢᠭᠡᠳᠦᠯ ᠨᠢ ᠴᠦ᠍ ᠠᠮᠢᠨ ᠳ᠋ᠤ᠌ ᠲᠡᠷᠰᠯᠡᠪᠡ᠃ ᠬᠣᠣᠷ ᠢ᠋ ᠬᠣᠣᠷ ᠢ᠋ᠶ᠋ᠠᠷ ᠭᠡᠮᠡᠨ ᠨᠡᠭᠡᠭᠡᠯᠲᠡ ᠬᠢᠵᠦ ᠬᠦᠴᠦᠲᠦ ᠠᠨᠲ᠋ᠢᠪᠢᠤᠲ᠋ᠧᠻ③ ᠬᠥᠭᠵᠢᠭᠦᠯᠦᠭᠰᠡᠨ ᠨᠢ ᠮᠠᠲ᠋ᠧᠷᠢ ᠪᠡᠶ᠎ᠡ ᠪᠡᠨ ᠴᠦ᠍᠂ ᠣᠶᠤᠨ ᠰᠠᠨᠠᠭ᠎ᠠ ᠶ᠋ᠢ ᠴᠦ᠍ ᠮᠥᠬᠥᠭᠡᠵᠦ ᠠᠮᠢᠨ ᠠᠶᠤᠯ ᠵᠠᠷᠯᠠᠭᠰᠠᠭᠠᠷ ᠪᠠᠢᠨ᠎ᠠ᠃ ᠠᠮᠢ ᠭᠡᠵᠦ ᠶᠠᠭᠤ ᠪᠠᠢᠳᠠᠭ ᠢ᠋ ᠦᠯᠦ ᠮᠡᠳᠡᠬᠦ ᠲᠤᠯᠠ ᠮᠠᠲ᠋ᠧᠷᠢ ᠶ᠋ᠢ ᠠᠨᠠᠭᠠᠬᠤ ᠭᠡᠵᠦ ᠮᠤᠭᠤᠢᠳᠤᠯᠠᠨᠠ᠃20 ᠳ᠋ᠤᠭᠠᠷ ᠵᠠᠭᠤᠨ ᠮᠠᠨᠠᠨ ᠳᠤᠮᠳᠠ ᠲᠥᠭᠡᠷᠢᠵᠦ ᠶᠠᠪᠤᠨ᠎ᠠ᠃
ᠪᠡᠶ᠎ᠡ ᠦᠭᠡᠢ ᠠᠮᠢ᠂ ᠠᠮᠢ ᠦᠭᠡᠢ ᠣᠶᠤᠨ ᠰᠠᠨᠠᠭ᠎ᠠ᠂ ᠣᠶᠤᠨ ᠰᠠᠨᠠᠭ᠎ᠠ ᠦᠭᠡᠢ ᠪᠡᠶ᠎ᠡ ᠭᠡᠵᠦ ᠦᠭᠡᠢ ᠪᠣᠯᠬᠣᠷ ᠬᠣᠷᠣᠬᠠᠢ ᠶ᠋ᠢᠨ ᠰᠠᠨᠠᠭ᠎ᠠ᠂ ᠮᠠᠯ ᠤ᠋ᠨ ᠰᠡᠳᠬᠢᠯ ᠭᠡᠵᠦ ᠪᠠᠢᠬᠤ ᠨᠢ ᠠ᠋᠃ ᠡᠰᠡᠷᠭᠦ ᠬᠦᠢᠰᠦᠲᠡᠨ ᠢ᠋ᠶ᠋ᠡᠨ ᠬᠦᠰᠡᠮᠵᠢᠯᠡᠬᠦ᠂ ᠦᠷ᠎ᠡ ᠪᠡᠨ ᠬᠠᠢᠷᠠᠯᠠᠨ ᠥᠰᠬᠡᠬᠦ᠂ ᠢᠵᠢᠯᠢ ᠪᠡᠨ ᠡᠷᠬᠢᠮᠯᠡᠬᠦ᠂ ᠪᠦᠯᠢ ᠪᠡᠷ ᠨᠢᠭᠡᠳᠬᠦ ᠨᠢ ᠰᠡᠳᠬᠢᠯ ᠦ᠋ᠨ ᠦᠢᠯᠡ᠂ ᠬᠣᠭᠣᠯᠠ ᠪᠠᠨ ᠡᠷᠢᠵᠦ ᠣᠯᠬᠤ᠂ ᠪᠤᠯᠢᠶᠠᠯᠳᠤᠨ ᠲᠡᠮᠡᠴᠡᠬᠦ᠂ ᠦᠷ᠎ᠡ ᠳ᠋ᠡᠭᠡᠨ ᠬᠣᠭᠣᠯᠠ ᠵᠥᠭᠡᠭᠡᠬᠦ ᠨᠢ ᠰᠠᠨᠠᠭ᠎ᠠ ᠶᠤᠮᠰᠠᠨᠵᠠᠢ᠃ ᠣᠶᠤᠨ ᠰᠠᠨᠠᠭ᠎ᠠ ᠪᠢᠰᠢ ᠠᠮᠢ ᠯᠠ ᠣᠷᠴᠢᠯᠠᠩ ᠤ᠋ᠨ ᠠᠮᠢᠨ ᠰᠠᠩ ᠠ᠋ᠴᠠ ᠪᠠᠨ ᠭᠠᠩ ᠵᠤᠳ᠂ ᠭᠠᠵᠠᠷ ᠬᠥᠳᠡᠯᠦᠯ ᠵᠡᠷᠭᠡ ᠢᠷᠣ᠎ᠠ ᠵᠦᠩ ᠢ᠋ ᠬᠦᠯᠢᠶᠡᠨ ᠠᠪᠳᠠᠭ ᠠᠮᠢᠨ ᠲᠣᠬᠢᠶᠠᠯᠳᠤᠯ ᠪᠣᠢ᠃᠃᠃ ᠲᠡᠭᠦᠨ ᠢ᠋ ᠣᠶᠤᠨ ᠰᠠᠨᠠᠭ᠎ᠠ᠂ ᠪᠡᠶ᠎ᠡ ᠬᠣᠶᠠᠷ ᠮᠡᠳᠡᠭᠡᠯᠡᠯ ᠪᠣᠯᠭᠠᠨ ᠬᠦᠯᠢᠶᠡᠵᠦ ᠠᠪᠳᠠᠭ᠃ ᠲᠡᠭᠦᠨ ᠡᠴᠡ ᠪᠢᠰᠢ ᠨᠣᠬᠠᠢ ᠶ᠋ᠢᠨ ᠣᠶᠤᠨ ᠤᠬᠠᠭᠠᠨ ᠭᠠᠵᠠᠷ ᠬᠥᠳᠡᠯᠬᠦ ᠶ᠋ᠢ ᠲᠣᠭᠠᠴᠢᠵᠤ ᠪᠠᠢᠭ᠎ᠠ ᠶᠤᠮ ᠪᠢᠰᠢ᠂ ᠡᠨᠡᠴᠢᠯᠡᠨ(ᠬᠠᠯᠠᠭᠤᠨ᠂ ᠪᠦᠯᠢᠶᠡᠨ᠂ ᠬᠦᠢᠲᠡᠨ)᠂ ᠵᠠᠳᠠᠭᠠᠢ᠂ ᠰᠤᠯᠠ᠂ ᠴᠢᠩᠭ᠎ᠠ᠂(ᠬᠠᠲᠠᠭᠤ᠂ ᠵᠥᠭᠡᠯᠡᠨ᠂ ᠬᠣᠭᠣᠰᠣᠨ)᠁ ᠭᠡᠮᠡᠨ ᠠᠮᠢ ᠯᠠ ᠮᠡᠳᠡᠷᠡᠭᠰᠡᠨ ᠬᠡᠮᠨᠡᠯ᠂ ᠬᠥᠳᠡᠯᠭᠡᠭᠡᠨ ᠬᠡᠯᠪᠡᠯᠵᠡᠯ ᠦ᠋ᠨ ᠪᠣᠳᠠᠲᠠᠢ ᠶ᠋ᠢ ᠣᠶᠤᠨ ᠰᠠᠨᠠᠭ᠎ᠠ ᠬᠦᠯᠢᠶᠡᠨ ᠠᠪᠴᠤ ᠪᠡᠶ᠎ᠡ ᠦᠢᠯᠡᠳᠦᠯ ᠬᠢᠬᠦ ᠠᠵᠢ᠃ ᠠᠮᠢ ᠮᠡᠳᠡᠷᠡᠭᠡ ᠦᠭᠡᠢ ᠶ᠋ᠢ ᠣᠶᠤᠨ ᠰᠠᠨᠠᠭ᠎ᠠ ᠬᠦᠯᠢᠶᠡᠵᠦ ᠠᠪᠬᠤ ᠦᠭᠡᠢ ᠲᠡᠢ ᠠᠳᠠᠯᠢ ᠪᠠᠰᠠ ᠠᠮᠢ ᠮᠡᠳᠡᠷᠡᠭᠡ ᠦᠭᠡᠢ ᠠᠬᠤᠯ᠎ᠠ ᠪᠣᠳᠠᠲᠤ ᠴᠤ᠌ ᠬᠣᠭᠣᠰᠣᠨ ᠪᠣᠯᠤᠨ᠎ᠠ᠃ ᠠᠮᠢ ᠣᠶᠤᠨ ᠬᠣᠶᠠᠷ ᠢ᠋᠂ ᠠᠮᠢ ᠪᠡᠶ᠎ᠡ ᠬᠣᠶᠠᠷ ᠢ᠋ ᠢᠯᠭᠠᠵᠤ ᠤᠬᠠᠭᠠᠷᠠᠬᠤ ᠶᠤᠮᠰᠠᠨ᠃ ᠥᠨᠥᠳᠥᠷ ᠰᠢᠭᠦᠳᠡᠷᠢᠮᠡ ᠭᠡᠳᠡᠭ ᠪᠦᠰᠡᠭᠦᠢ ᠪᠠᠢᠭ᠎ᠠ ᠨᠢ᠂1960 ᠣᠨ ᠳ᠋ᠤ᠌ ᠲᠥᠷᠥᠭᠰᠡᠨ ᠨᠢ ᠦᠨᠡᠨ ᠪᠠᠢᠵᠤ ᠪᠣᠯᠬᠤ ᠴᠤ᠌᠂1959 ᠣᠨ ᠳ᠋ᠤ᠌ ᠴᠤ᠌ ᠶᠤᠮ ᠤᠤ᠂ ᠡᠭᠦᠰᠦᠭᠡ ᠦᠭᠡᠢ ᠡᠴᠢᠭᠡ ᠡᠬᠡ ᠨᠢ1939 ᠣᠨ ᠳ᠋ᠤ᠌ ᠴᠤ᠌ ᠶᠤᠮ ᠤᠤ ᠡᠭᠦᠰᠦᠭᠡ ᠦᠭᠡᠢ᠂13 ᠳ᠋ᠤᠭᠠᠷ ᠵᠠᠭᠤᠨ᠁ ᠾᠦᠩᠨᠦ ᠭᠦᠷᠦᠨ ᠦ᠌ ᠢᠷᠭᠡᠨ᠁ ᠬᠦᠢ ᠨᠢᠭᠡᠳᠦᠯ ᠦᠶ᠎ᠡ ᠶ᠋ᠢᠨ ᠬᠥᠮᠦᠨ᠁ ᠬᠥᠮᠦᠨ ᠦ᠌ ᠡᠭᠦᠰᠦᠯ ᠦ᠋ᠨ ᠡᠬᠢᠯᠡᠯ᠁ ᠬᠢᠵᠠᠭᠠᠷ ᠦᠭᠡᠢ ᠣᠨ ᠴᠠᠭ ᠤ᠋ᠨ ᠲᠦᠷᠦᠭᠦᠴᠢ ᠰᠠᠶ᠎ᠠ ᠰᠠᠶ᠎ᠠ ᠵᠢᠯ ᠦ᠋ᠨ ᠦᠷᠭᠦᠯᠵᠢᠯᠡᠯ ᠰᠢᠭᠦᠳᠡᠷᠢᠮᠡ᠁2050 ᠣᠨ ᠳ᠋ᠤ᠌ ᠦᠬᠦᠵᠦ ᠪᠣᠯᠬᠤ ᠴᠤ᠌ ᠠᠮᠢ ᠦᠷ᠎ᠡ ᠶ᠋ᠢ ᠮᠥᠩᠬᠡ᠁ ᠮᠠᠲ᠋ᠧᠷᠢ ᠠᠮᠢ ᠬᠣᠶᠠᠷ ᠮᠥᠩᠬᠡ ᠶᠦᠮ ᠪᠣᠯ ᠣᠶᠤᠨ ᠰᠠᠨᠠᠭ᠎ᠠ ᠴᠤ᠌ ᠮᠥᠩᠬᠡ᠂ ᠡᠰᠡᠬᠦᠯ᠎ᠡ ᠮᠥᠩᠬᠡ ᠪᠤᠰᠤ᠃ ᠭᠦᠨ ᠤᠬᠠᠭᠠᠨ ᠴᠣᠬᠣᠮ ᠡᠭᠦᠨ ᠳ᠋ᠦ᠍ ᠯᠡ ᠬᠠᠨᠳᠤᠬᠤ ᠶᠣᠰᠣᠲᠠᠢ᠃ ᠠᠲᠯᠠᠨᠲ᠋ᠢᠳ᠋ ᠤ᠋ᠨ ᠰᠦᠢᠷᠡᠯ᠁ ᠰᠠᠨᠰᠠᠷ ᠤ᠋ᠨ ᠡᠷᠢᠯ᠁ ᠬᠡᠭᠡᠷ᠎ᠡ ᠦᠷ᠎ᠡ ᠪᠡᠨ᠁ ᠰᠣᠩᠭᠣᠭᠤᠯᠢ ᠶ᠋ᠢᠨ ᠬᠥᠲᠥᠯᠪᠦᠷᠢ᠁ ᠴᠠᠰᠤ᠃ ᠮᠥᠩᠬᠡ ᠴᠢᠨᠠᠷ ᠦᠵᠡᠭᠳᠡᠯ ᠬᠤᠪᠢᠰᠤᠯ᠂ ᠰᠢᠯᠲᠠᠭᠠᠨ ᠦᠢᠯᠡᠳᠦᠯ᠁ ᠦᠷ᠎ᠡ ᠳᠠᠭᠠᠪᠤᠷᠢ᠂ ᠪᠣᠯᠤᠯᠴᠠᠭ᠎ᠠ ᠪᠣᠳᠠᠲᠤ ᠪᠠᠢᠳᠠᠯ ᠨᠥᠬᠥᠴᠡᠯ ᠳ᠋ᠦ᠍ ᠣᠷᠣᠨ ᠵᠠᠢ᠂ ᠴᠠᠭ ᠬᠤᠭᠤᠴᠠᠭ᠎ᠠ ᠬᠣᠭᠣᠰᠣᠨ ᠪᠤᠶᠤ(ᠣᠷᠣᠨᠲᠤ ᠵᠠᠢ)᠂ ᠲᠠᠲᠠᠯᠴᠠᠯ ᠲᠦᠯᠬᠢᠯᠴᠡᠯ᠂ ᠰᠢᠲᠦᠯᠴᠡᠯ᠃ ᠲᠡᠭᠡᠬᠦ ᠪᠡᠷ ᠭᠦᠨ ᠤᠬᠠᠭᠠᠨ ᠨᠢ ᠮᠠᠲ᠋ᠧᠷᠢ ᠢᠳᠢᠶᠡᠯ ᠦ᠋ᠨ ᠡᠷᠢᠯ ᠳ᠋ᠦ᠍ ᠬᠠᠲᠠᠬᠤ ᠪᠤᠰᠤ ᠠᠮᠢ ᠨᠠᠰᠤᠨ ᠤ᠋ ᠵᠢᠮ᠎ᠡ᠂ ᠦᠵᠡᠭᠳᠡᠯ ᠲᠣᠬᠢᠶᠠᠯᠳᠤᠯ ᠢ᠋ ᠪᠡᠶ᠎ᠡ ᠬᠢᠭᠡᠳ ᠣᠶᠤᠨ ᠰᠠᠨᠠᠭ᠎ᠠ ᠲᠠᠢ ᠨᠢ ᠨᠢᠭᠡᠳᠬᠡᠨ ᠰᠤᠳᠤᠯᠬᠤ ᠤᠬᠠᠭᠠᠨ ᠪᠣᠯᠬᠤ ᠨᠢ ᠢᠯᠡᠳᠲᠡ ᠮᠡᠲᠦ᠃ ᠡᠢᠮᠦ《ᠬᠥᠩᠭᠡᠮᠰᠦᠭ》 ᠳ᠋ᠦᠩᠨᠡᠯᠲᠡ ᠡᠨᠡ ᠳᠡᠯᠡᠬᠡᠢ ᠳᠡᠭᠡᠷ᠎ᠡ ᠪᠠᠢᠬᠤ ᠦᠭᠡᠢ ᠴᠦ᠍ ᠭᠤᠷᠪᠠᠯ ᠣᠨᠣᠯ ᠤ᠋ᠨ ᠬᠠᠮᠤᠭ ᠤ᠋ᠨ ᠬᠥᠩᠭᠡᠨ ᠭᠠᠷᠭᠠᠯᠭ᠎ᠠ ᠡᠢᠮᠦ ᠲᠥᠰᠦᠭᠡᠯᠡᠯ ᠦ᠋ᠳ ᠲᠦ᠍ ᠬᠦᠷᠭᠡᠵᠦ ᠪᠠᠢᠭ᠎ᠠ ᠪᠣᠯᠤᠨ᠎ᠠ᠃ ᠶᠡᠷᠦ ᠡᠴᠡ ᠡᠨᠡ ᠭᠣᠣᠯ ᠢ᠋ ᠰᠣᠷᠢᠵᠤ ᠲᠤᠷᠰᠢᠬᠤ ᠪᠠᠷᠢᠮᠲᠠ ᠴᠤᠭᠯᠠᠭᠤᠯᠬᠤ᠂ ᠵᠠᠳᠠᠯᠤᠨ ᠰᠢᠨᠵᠢᠯᠡᠬᠦ ᠠᠷᠭ᠎ᠠ ᠪᠠᠷ ᠪᠤᠰᠤ ᠮᠣᠩᠭᠣᠯ ᠤ᠋ᠨ ᠠᠷᠠᠳ ᠲᠦᠮᠡᠨ ᠦ᠌ ᠥᠪ ᠵᠠᠩ ᠳ᠋ᠤ᠌ ᠲᠤᠯᠭᠠᠭᠤᠷᠢᠯᠠᠨ ᠤᠭᠲᠤᠨ ᠮᠡᠳᠡᠬᠦ ᠰᠠᠨᠠᠭ᠎ᠠ ᠪᠠᠷ ᠬᠡᠢᠰᠪᠦᠷᠢᠯᠡᠨ ᠰᠤᠳᠤᠯᠤᠭᠰᠠᠨ ᠭᠡᠳᠡᠭ ᠲᠦ᠍ ᠬᠡᠯᠡᠬᠦ ᠶᠣᠰᠣᠲᠠᠢ᠃ ᠰᠣᠷᠢᠵᠤ ᠲᠤᠷᠰᠢᠬᠤ᠂ ᠵᠠᠳᠠᠯᠤᠨ ᠰᠢᠨᠵᠢᠯᠡᠬᠦ᠂ ᠨᠡᠭᠡᠭᠡᠵᠦ ᠳ᠋ᠦᠩᠨᠡᠬᠦ ᠠᠷᠭ᠎ᠠ ᠬᠣᠮᠰᠠᠳᠠᠬᠤ᠂ ᠡᠨᠡ ᠳᠤᠲᠠᠭᠳᠠᠯ ᠨᠢ ᠢᠷᠡᠭᠡᠳᠦᠢ ᠶ᠋ᠢᠨ ᠣᠯᠤᠯᠲᠠ ᠪᠣᠯᠤᠨ᠎ᠠ ᠭᠡᠳᠡᠭ ᠲᠦ᠍ ᠢᠲᠡᠭᠡᠮᠦᠢ᠃ ᠵᠠᠭᠤ᠂ ᠮᠢᠩᠭ᠎ᠠ᠂ ᠮᠠᠭᠠᠳ ᠦᠭᠡᠢ ᠲᠦᠮᠡᠨ ᠵᠢᠯ ᠦ᠋ᠨ ᠬᠣᠢᠴᠢ ᠶ᠋ᠢᠨ ᠡᠷᠳᠡᠮᠲᠡᠨ ᠮᠡᠷᠭᠡᠳ ᠴᠦ᠍ ᠡᠨᠡ ᠯᠡ ᠠᠭᠠᠷᠤᠤᠯ ᠢ᠋ ᠮᠡᠷᠡᠬᠦ ᠪᠥᠭᠡᠳ《ᠮᠥᠩᠬᠡ ᠭᠠᠯ》 ᠤ᠋ᠨ ᠷᠢᠳᠢ ᠰᠢᠳᠢ ᠲᠡᠷᠡ ᠶᠦᠮ᠃ ᠶᠠᠭᠤᠲᠠᠢ ᠴᠤ᠌ ᠮᠣᠩᠭᠣᠯ ᠤ᠋ᠨ ᠭᠤᠷᠪᠠᠯ ᠤ᠋ᠨ ᠣᠨᠣᠯ ᠤ᠋ᠨ ᠠᠮᠢᠨ ᠹᠢᠯᠣᠰᠣᠹᠢ ᠶ᠋ᠢᠨ ᠦᠨᠳᠦᠰᠦ ᠶ᠋ᠢ ᠮᠥᠰᠬᠢᠬᠦ ᠪᠡᠷ ᠬᠢᠴᠢᠶᠡᠬᠦᠢ ᠲᠣᠰᠤᠮ ᠤᠤᠯ ᠤ᠋ᠨ ᠤᠯᠤᠰ ᠦᠨᠳᠦᠰᠦᠲᠡᠨ ᠦ᠌ ᠪᠡᠨ ᠡᠷᠲᠡᠨ ᠦ᠌ ᠰᠡᠳᠬᠢᠯᠭᠡᠨ ᠦ᠌ ᠬᠡᠪ ᠰᠢᠨᠵᠢ ᠶ᠋ᠢᠨ ᠥᠪᠡᠷᠮᠢᠴᠡ ᠳ᠋ᠦ᠍ ᠨᠡᠪᠲᠡᠷᠡᠬᠦ ᠡᠭᠦᠳᠡ ᠲᠦᠳᠡᠯᠦᠨᠡ ᠭᠡᠳᠡᠭ ᠲᠦ᠍ ᠢᠲᠡᠭᠡᠮᠦᠢ᠃ ᠡᠷᠲᠡᠨ ᠦ᠌ ᠨᠡᠭᠦᠳᠡᠯᠴᠢᠳ ᠦ᠋ᠨ ᠭᠦᠨ ᠤᠬᠠᠭᠠᠨ᠂ ᠯᠣᠭᠢᠭ ᠰᠡᠳᠬᠢᠴᠡ ᠶ᠋ᠢᠨ ᠣᠨᠴᠠᠯᠢᠭ᠂ ᠬᠡᠯᠪᠡᠷᠢ᠂ ᠪᠦᠲᠦᠴᠡ᠂ ᠠᠷᠭ᠎ᠠ ᠪᠠᠷᠢᠯ ᠤ᠋ᠨ ᠦᠨᠳᠦᠰᠦ ᠶ᠋ᠢ ᠲᠣᠢᠮᠣ ᠲᠡᠳᠦᠢ ᠴᠦ᠍ ᠠᠲᠤᠭᠠᠢ ᠨᠡᠭᠡᠭᠡᠪᠡᠰᠦ ᠲᠡᠦᠬᠡ ᠶ᠋ᠢᠨ ᠪᠤᠭᠤᠷᠤᠯ ᠦᠶ᠎ᠡ ᠪᠡᠨ ᠲᠣᠳᠣᠷᠠᠭᠤᠯᠬᠤ ᠲᠦᠯᠬᠢᠭᠦᠷ ᠲᠡᠢ ᠪᠣᠯᠤᠨ᠎ᠠ ᠭᠡᠰᠡᠨ ᠦᠭᠡ᠃ ᠴᠢᠩᠭᠢᠵᠦ ᠴᠢᠳᠠᠬᠤ ᠠᠬᠤᠯ᠎ᠠ ᠠᠯᠲᠠᠨ ᠥᠪ ᠢ᠋ᠶ᠋ᠡᠨ ᠭᠠᠷᠲᠠᠬᠤ ᠲᠡᠳᠦᠢ ᠦᠭᠡᠢ ᠤᠯᠠᠮᠵᠢᠯᠠᠯᠲᠤ ᠤᠬᠠᠭᠠᠨ᠂ ᠮᠣᠩᠭᠣᠯ ᠰᠡᠳᠬᠢᠯᠭᠡ ᠭᠡᠮᠡᠨ ᠪᠠᠷᠢᠨ ᠲᠠᠯᠪᠢᠮ᠎ᠠ ᠵᠦᠢᠯ ᠦᠭᠡᠢ ᠠᠲᠠᠯ᠎ᠠ ᠪᠠᠨ ᠴᠤᠯᠭᠤᠢ ᠶᠠᠷᠢᠵᠠᠭᠠᠳᠠᠭ ᠢ᠋ᠶ᠋ᠠᠨ ᠲᠠᠲᠠᠬᠤ ᠰᠠᠨ ᠪᠢᠯᠡ᠃ ᠤᠭ ᠨᠢ ᠠᠮᠢᠳᠤᠷᠠᠯ ᠳ᠋ᠤ᠌ ᠦᠶ᠎ᠡ ᠳᠠᠮᠵᠢᠨ ᠥᠪᠯᠡᠭᠳᠡᠭᠰᠡᠨ ᠪᠡᠯᠡᠬᠡᠨ ᠡᠬᠢ ᠰᠤᠷᠪᠤᠯᠵᠢ᠂ ᠤᠯᠠᠮᠵᠢᠯᠠᠭᠳᠠᠭᠰᠠᠨ ᠴᠡᠭᠴᠡ ᠲᠡᠢ ᠲᠣᠭᠲᠠᠯᠴᠠᠭ᠎ᠠ ᠲᠠᠢ ᠴᠤ᠌ ᠲᠣᠳᠣᠷᠬᠠᠢ ᠬᠡᠯᠡᠵᠦ ᠯᠡ ᠴᠢᠳᠠᠬᠤ ᠦᠭᠡᠢ ᠡᠳᠦᠢ ᠬᠦᠷᠪᠡ ᠪᠢᠳᠡ᠃ ᠲᠡᠷᠡ ᠨᠢ ᠬᠣᠴᠣᠷᠤᠭᠳᠠᠬᠤ ᠵᠠᠩᠰᠢᠯ ᠶᠣᠰᠣ ᠪᠢᠰᠢ᠃ ᠤᠷᠠᠨ ᠰᠡᠳᠬᠢᠮᠵᠢ ᠲᠠᠭᠠᠮᠠᠭ ᠪᠣᠳᠣᠯ ᠤ᠋ᠨ ᠬᠡᠢᠰᠪᠦᠷᠢᠯᠡᠯ ᠪᠤᠰᠤ ᠮᠢᠩᠭᠠᠨ ᠣᠨ ᠳᠠᠮᠵᠢᠨ ᠪᠣᠯᠪᠠᠰᠤᠷᠠᠭᠰᠠᠨ ᠣᠨᠣᠯ ᠭᠡᠳᠡᠭ ᠲᠦ᠍ ᠢᠲᠡᠭᠡᠬᠦ ᠡᠴᠡ ᠠᠷᠭ᠎ᠠ ᠦᠭᠡᠢ ᠨᠡᠭᠦᠳᠡᠯᠴᠢᠨ ᠰᠣᠶᠣᠯ ᠢ᠋ ᠲᠡᠷᠢᠭᠦᠯᠡᠭᠴᠢ ᠮᠣᠩᠭᠣᠯ ᠠᠮᠢᠳᠤᠷᠠᠯ ᠶᠤᠮ᠃ ᠪᠠᠯᠠᠷ ᠴᠠᠭ ᠤ᠋ᠨ ᠭᠦᠨ ᠤᠬᠠᠭᠠᠨ ᠤ᠋ ᠲᠣᠳᠣᠷᠬᠠᠢ ᠭᠡᠷᠡᠴᠢ ᠪᠣᠯᠬᠤ ᠪᠥᠬᠡ ᠶ᠋ᠢᠨ ᠶᠣᠰᠣᠨ ᠤ᠋ ᠰᠢᠲᠦᠯᠭᠡ ᠤᠯᠠ ᠮᠥᠷ ᠨᠢ ᠴᠦ᠍ ᠠᠷᠢᠯᠤᠭ᠎ᠠ ᠦᠭᠡᠢ ᠪᠠᠢᠭ᠎ᠠ ᠰᠤᠳᠤᠯᠭᠠᠨ ᠤ᠋ ᠬᠡᠷᠡᠭᠯᠡᠭᠳᠡᠬᠦᠨ ᠮᠥᠨ᠃ ᠲᠡᠷᠡ ᠨᠢ ᠣᠷᠴᠢᠯᠠᠩᠲᠤ ᠶᠢᠷᠲᠢᠨᠴᠦ ᠶ᠋ᠢᠨ ᠠᠤᠭ᠎ᠠ ᠶᠡᠬᠡ ᠠᠮᠢᠨ ᠴᠢᠨᠠᠷ᠂ ᠪᠠᠢᠭᠠᠯᠢ ᠶ᠋ᠢᠨ ᠳᠠᠯᠳᠠ ᠬᠦᠴᠦᠨ ᠦ᠌ ᠰᠢᠳᠢ᠂ ᠬᠥᠮᠦᠨ ᠦ᠌ ᠭᠠᠢᠬᠠᠮᠰᠢᠭ ᠤ᠋ᠨ ᠭᠤᠷᠮᠤᠰᠤᠨ ᠰᠢᠲᠦᠯᠴᠡᠭᠡ ᠶ᠋ᠢ ᠬᠣᠯᠪᠣᠭᠰᠠᠨ《ᠣᠩᠭᠣᠳ 》ᠠᠵᠠᠢ᠃ ᠲᠡᠷᠡ ᠣᠨ ᠤ᠋ ᠲᠡᠷᠲᠡᠭᠡ ᠬᠢ ᠲᠡᠷᠡ《ᠪᠦᠳᠦᠭᠦᠯᠢᠭ》 ᠬᠥᠮᠦᠰ ᠦ᠋ᠨ ᠨᠡᠭᠡᠭᠡᠭᠰᠡᠨ《ᠣᠩᠭᠣᠳ》 ᠤ᠋ᠨ ᠤᠴᠢᠷ ᠨᠠᠴᠢᠷ ᠢ᠋ ᠦᠯᠦ ᠬᠠᠷᠠᠬᠤ ᠠᠪᠠᠰᠤ ᠪᠢᠳᠡ ᠲᠡᠳᠡᠨ ᠡᠴᠡ ᠪᠦᠳᠦᠭᠦᠯᠢᠭ ᠪᠣᠢ ᠪᠠᠨ ᠬᠦᠯᠢᠶᠡᠬᠦ ᠬᠡᠷᠡᠭᠲᠡᠢ ᠪᠣᠯᠤᠨ᠎ᠠ᠃ ᠪᠢᠳᠡ ᠣᠪᠣᠬᠠᠢ ᠣᠷᠣᠴᠠᠨ ᠤ᠋ ᠭᠤᠷᠪᠠᠯᠵᠢᠨ ᠺᠦᠨᠦᠰ① ᠬᠡᠯᠪᠡᠷᠢ᠂ ᠳᠤᠭᠤᠢ ᠪᠠᠭᠤᠷᠢ᠂ ᠭᠠᠯ ᠰᠢᠲᠦᠬᠦ ᠶᠣᠰᠣ᠂ ᠦᠵᠡᠮᠦᠷᠢᠴᠢ᠂ ᠬᠤᠪᠢᠯᠭᠠᠭᠴᠢ᠂ ᠶᠣᠷᠣᠴᠢ᠂ ᠵᠥᠩᠴᠢ ᠣᠪᠢᠳᠢᠰ ᠭᠡᠳ ᠣᠯᠠᠨ ᠵᠦᠢᠯ ᠤᠬᠠᠭᠠᠨ ᠤ᠋ ᠪᠠᠷᠢᠮᠲᠠ ᠶ᠋ᠢ ᠡᠰᠡ ᠬᠠᠢᠬᠤᠷᠴᠤ ᠥᠩᠭᠡᠴᠡ ᠭᠦᠶᠦᠬᠡᠨ ᠬᠠᠨᠳᠤᠭᠰᠠᠭᠠᠷ ᠪᠠᠢᠨ᠎ᠠ᠃
ᠪᠢᠳᠡᠨ ᠦ᠌ ᠥᠨᠳᠥᠷ ᠪᠣᠯᠪᠠᠰᠤᠷᠠᠯ ᠭᠡᠬᠦ ᠳ᠋ᠦ᠍ ᠲᠡᠦᠬᠡᠨ ᠮᠡᠳᠡᠯᠭᠡ ᠶ᠋ᠢᠨ ᠬᠤᠪᠢ ᠳ᠋ᠤ᠌ ᠰᠢᠨ᠎ᠡ ᠲᠡᠦᠬᠡ ᠨᠢ ᠵᠥᠷᠢᠴᠡᠯ ᠲᠡᠢ᠂ ᠴᠢᠩᠭᠢᠰ ᠦ᠋ᠨ ᠦᠶ᠎ᠡ ᠭᠡᠪᠡᠰᠦ ᠪᠠᠯᠠᠷᠬᠠᠢ᠂ ᠾᠦᠩᠨᠦ ᠭᠦᠷᠦᠨ ᠦ᠌ ᠦᠶ᠎ᠡ ᠶ᠋ᠢ ᠲᠥᠰᠦᠭᠡᠯᠡᠬᠦ ᠲᠡᠳᠦᠢ ᠰᠤᠷᠠᠭ ᠲᠠᠢ᠂ ᠲᠡᠭᠦᠨ ᠦ᠌ ᠡᠮᠦᠨᠡᠬᠢ ᠰᠠᠶ᠎ᠠ ᠰᠠᠶ᠎ᠠ ᠵᠢᠯ ᠦ᠋ᠨ ᠬᠥᠮᠦᠨ ᠦ᠌ ᠰᠡᠳᠬᠢᠯᠭᠡᠨ ᠦ᠌ ᠲᠡᠦᠬᠡ ᠳᠠᠭᠠᠪᠤᠷᠢ ᠮᠡᠲᠦ ᠪᠠᠢᠭ᠎ᠠ ᠪᠢᠯᠡ᠃ ᠡᠷᠲᠡᠨ ᠦ᠌ ᠬᠥᠮᠦᠰ ᠦ᠋ᠨ ᠪᠡᠯᠭᠡ ᠦᠷᠡᠵᠢᠯ ᠦ᠋ᠨ ᠤᠬᠠᠮᠰᠠᠷ᠂ ᠦᠷ᠎ᠡ ᠤᠳᠤᠮ ᠰᠢᠲᠦᠬᠦ ᠨᠠᠢᠷ ᠬᠤᠷᠢᠮ ᠤ᠋ᠨ ᠲᠦᠷᠦᠭᠦᠲᠦ ᠶᠣᠰᠣ᠂ ᠲᠠᠪᠤᠨ ᠬᠣᠰᠢᠭᠤ ᠮᠠᠯᠴᠢ ᠰᠡᠳᠬᠢᠯᠭᠡ᠂ ᠪᠥᠬᠡ ᠰᠢᠲᠦᠭᠡᠨ᠂ ᠲᠤᠲ᠋ᠧᠮ ᠰᠢᠲᠦᠭᠡᠨ᠂ ᠪᠤᠷᠬᠠᠨ ᠰᠢᠲᠦᠭᠡᠨ᠂ ᠭᠠᠯ ᠰᠢᠲᠦᠭᠡᠨ᠂ ᠲᠩᠷᠢ ᠰᠢᠲᠦᠭᠡᠨ᠂ ᠳᠣᠮᠣᠭ ᠰᠡᠳᠬᠢᠯᠭᠡ᠂ ᠲᠡᠳᠡᠭᠡᠷ ᠦ᠋ᠨ ᠲᠥᠪ ᠨᠢᠭᠡᠳᠦᠯ᠂ ᠲᠡᠷᠡ ᠪᠦᠬᠦᠨ ᠦ᠌ ᠭᠡᠷᠡᠴᠢ ᠠᠷᡁᠸᠤᠯᠤᠬᠢ④ ᠶ᠋ᠢᠨ ᠣᠯᠳᠠᠪᠤᠷᠢ᠂ ᠬᠠᠳᠠᠨ ᠤ᠋ ᠪᠢᠴᠢᠭᠡᠰᠦ᠂ ᠰᠦᠭ ᠵᠢᠷᠤᠭ᠂ ᠬᠥᠰᠢᠶ᠎ᠡ ᠳᠤᠷᠠᠰᠬᠠᠯ᠁ ᠭᠡᠳ ᠪᠢᠳᠡᠨ ᠳ᠋ᠦ᠍ ᠪᠠᠶᠠᠯᠢᠭ ᠪᠠᠢᠭ᠎ᠠ ᠪᠥᠭᠡᠳ ᠭᠣᠣᠯ ᠲᠣᠮᠢᠶ᠎ᠠ ᠨᠢ《ᠮᠥᠩᠬᠡ ᠭᠠᠯ》 ᠭᠤᠷᠪᠠᠯ ᠣᠨᠣᠯ ᠪᠣᠯᠤᠨ᠎ᠠ ᠭᠡᠳᠡᠭ ᠢ᠋ ᠣᠯᠠᠨ ᠬᠠᠭᠤᠳᠠᠰᠤ ᠳᠠᠮᠵᠢᠭᠤᠯᠤᠨ ᠨᠤᠲᠠᠯᠠᠬᠤ ᠶ᠋ᠢ ᠬᠢᠴᠢᠶᠡᠭᠰᠡᠨ ᠪᠥᠯᠥᠭᠡ᠃ ᠮᠡᠬᠦᠰ ᠮᠢᠨᠦ ᠪᠣᠬᠢᠮᠳᠣᠭᠣ ᠬᠠᠨᠳᠤᠬᠤ ᠨᠢᠭᠡᠨ ᠰᠢᠭᠦᠮᠵᠢ ᠪᠣᠯ ᠡᠨᠡ ᠬᠦ᠌ ᠡᠷᠳᠡᠮ ᠦ᠋ᠨ ᠡᠬᠢ ᠶ᠋ᠢ ᠶᠡᠬᠡᠳᠡ ᠬᠣᠵᠢᠭᠤᠴᠢᠯᠠᠨ《ᠡᠷᠲᠡᠨ ᠦ᠌ ᠰᠠᠭᠤᠷᠢᠨ ᠰᠣᠶᠣᠯᠲᠤ ᠭᠦᠷᠦᠨ ᠡᠨᠡᠳᠬᠡᠭ᠂ ᠬᠢᠲᠠᠳ ᠤ᠋ᠨ ᠰᠣᠶᠣᠯ ᠤ᠋ᠨ ᠲᠤᠰᠬᠠᠯ》(ᠰᠢᠭᠤᠳ ᠬᠠᠮᠢᠶᠠᠷᠤᠯ ᠲᠠᠢ) ᠮᠡᠲᠦ ᠪᠡᠷ ᠦᠵᠡᠭᠰᠡᠭᠡᠷ ᠪᠠᠢᠳᠠᠭ ᠲᠤ ᠡᠮᠵᠡᠭᠯᠡᠨ᠎ᠡ᠃ ᠡᠨᠡ ᠲᠡᠦᠬᠡ ᠶ᠋ᠢᠨ ᠦᠨᠡᠨ ᠨᠢ ᠾᠷᠢᠰᠲ᠋ᠣᠰ ᠤ᠋ᠨ ᠣᠨ ᠲᠣᠭᠠᠯᠠᠯ ᠤ᠋ᠨ ᠡᠬᠢᠨ᠂ ᠶᠡᠬᠡ ᠬᠣᠯᠠ ᠳ᠋ᠠᠭᠠᠨ ᠮᠠᠨ ᠤ᠋ ᠡᠷᠡᠨ ᠦ᠌ ᠡᠮᠦᠨ᠎ᠡ ᠮᠢᠩᠭᠠᠭᠠᠳ ᠵᠢᠯ ᠦ᠋ᠨ ᠬᠣᠯᠪᠣᠭ᠎ᠠ ᠤᠶᠠᠯᠳᠤᠭ᠎ᠠ ᠪᠠᠢᠬᠤ ᠶ᠋ᠢ ᠦᠭᠡᠢᠰᠬᠡᠬᠦ ᠠᠷᠭ᠎ᠠ ᠦᠭᠡᠢ ᠴᠦ᠍ ᠡᠴᠢᠭᠡ ᠳᠡᠭᠡᠳᠦᠰ ᠦ᠋ᠨ ᠡᠪᠦᠭᠡ ᠲᠡᠦᠬᠡ ᠰᠠᠶ᠎ᠠ ᠪᠠᠷ ᠶᠠᠷᠢᠭᠳᠠᠬᠤ ᠠ᠋ᠴᠠ ᠴᠠᠭ ᠤ᠋ᠨ ᠬᠥᠭᠵᠢᠯ ᠲᠡᠢ ᠶ᠋ᠢ ᠲᠥᠪ ᠠᠽᠢ(ᠠᠯᠲᠠᠢ ᠬᠠᠩᠭᠠᠢ᠂ ᠬᠡᠨᠲᠡᠢ᠂ ᠬᠢᠩᠭᠠᠨ᠂ ᠰᠢᠪᠠᠷ᠂ ᠰᠢᠶᠠᠨ) ᠪᠢᠳᠡᠨ ᠳ᠋ᠦ᠍ ᠲᠤᠯᠭᠠᠬᠤ ᠪᠣᠯᠪᠠ ᠤᠤ? ᠡᠷᠡᠰ ᠲᠠᠰᠤ ᠪᠠᠢᠭᠠᠯᠢ᠂ ᠠᠭᠤᠵᠢᠭᠤ ᠲᠠᠢᠪᠤᠭᠤᠨ ᠨᠡᠭᠦᠳᠡᠯ᠂ ᠮᠠᠯ ᠠᠬᠤᠢ ᠳ᠋ᠤ᠌ ᠰᠢᠲᠦᠭᠰᠡᠨ ᠨᠡᠭᠦᠳᠡᠯᠴᠢᠨ ᠠᠮᠢᠳᠤᠷᠠᠯ ᠵᠠᠢᠯᠠᠰᠢ ᠦᠭᠡᠢ ᠥᠭᠡᠷ᠎ᠡ ᠤᠬᠠᠭᠠᠨ ᠤ᠋ ᠡᠬᠢᠯᠡᠯ᠂ ᠥᠪᠡᠷᠮᠢᠴᠡ ᠰᠡᠳᠬᠢᠯᠭᠡ ᠶ᠋ᠢ ᠡᠭᠦᠰᠬᠡᠬᠦ ᠤᠴᠢᠷᠲᠠᠢ᠃ ᠵᠥᠪᠬᠡᠨ ᠤᠯᠠᠮᠵᠢᠯᠠᠯᠲᠤ ᠠᠨᠠᠭᠠᠬᠤ ᠤᠬᠠᠭᠠᠨ ᠤ᠋ ᠰᠠᠯᠪᠤᠷᠢ ᠭᠡᠬᠦ ᠳ᠋ᠦ᠍ ᠪᠤᠵᠠᠷ ᠢ᠋ ᠭᠠᠯ ᠢ᠋ᠶ᠋ᠠᠷ ᠠᠷᠢᠯᠭᠠᠬᠤ᠂ ᠬᠠᠯᠠᠭᠤᠨ ᠢ᠋ ᠮᠥᠰᠥ ᠪᠡᠷ ᠵᠢᠩᠨᠡᠬᠦ᠂ ᠰᠢᠷᠬ᠎ᠠ ᠶ᠋ᠢ ᠨᠣᠷᠮ᠎ᠠ ᠳᠠᠷᠤᠬᠤ᠂ ᠬᠦᠨᠡᠰᠦ ᠪᠡᠨ ᠬᠥᠯᠳᠡᠭᠡᠵᠦ ᠬᠠᠳᠠᠭᠠᠯᠠᠬᠤ᠂ ᠬᠠᠲᠠᠭᠠᠵᠤ ᠪᠣᠷᠴᠠᠯᠠᠬᠤ᠂ ᠴᠢᠬᠢ ᠪᠡᠨ ᠬᠥᠯᠳᠡᠭᠡᠬᠦ᠂ ᠨᠠᠷᠠᠨ ᠳ᠋ᠤ᠌ ᠴᠣᠬᠢᠭᠤᠯᠬᠤ᠂ ᠠᠮᠠ ᠴᠠᠩᠭᠠᠬᠤ᠁ ᠵᠡᠷᠭᠡ ᠡᠴᠡ ᠡᠬᠢᠯᠡᠨ ᠠᠳᠤᠭᠤ ᠮᠠᠯ ᠢ᠋ ᠬᠠᠮᠤᠭ ᠤ᠋ᠨ ᠠᠩᠬ᠎ᠠ ᠭᠡᠷᠰᠢᠭᠦᠯᠦᠭᠰᠡᠨ ᠦ᠌ ᠬᠤᠪᠢ ᠳ᠋ᠤ᠌ ᠳᠡᠪᠰᠢᠭᠳᠡᠭᠰᠡᠨ ᠮᠠᠯ ᠠᠮᠢᠲᠠᠨ ᠢ᠋ᠶ᠋ᠠᠨ ᠡᠮᠴᠢᠯᠡᠬᠦ ᠱᠠᠭᠠᠷᠳᠠᠯᠭ᠎ᠠ ᠬᠢᠭᠡᠳ ᠮᠠᠯ ᠲᠥᠬᠥᠭᠡᠷᠴᠦ᠂ ᠪᠡᠶ᠎ᠡ ᠡᠷᠬᠡᠲᠡᠨ ᠦ᠌ ᠪᠦᠲᠦᠴᠡ ᠲᠡᠢ ᠲᠠᠨᠢᠯᠴᠠᠬᠤ ᠥᠷᠭᠡᠨ ᠪᠣᠯᠤᠮᠵᠢ ᠨᠢ ᠨᠣᠭᠣᠭ᠎ᠠ᠂ ᠵᠢᠭᠠᠰᠤ ᠲᠡᠷᠢᠭᠦᠲᠡᠨ ᠢ᠋ᠶ᠋ᠡᠷ ᠬᠦᠨᠠᠰᠦᠯᠡᠭᠴᠢᠳ ᠡᠴᠡ ᠲᠠᠰᠤ ᠥᠭᠡᠷ᠎ᠡ ᠳᠠᠪᠠᠭᠤ ᠲᠠᠯ᠎ᠠ ᠨᠢ ᠪᠠᠢᠬᠤ ᠵᠢᠱ᠌ᠢᠶ᠎ᠡ ᠲᠡᠢ ᠶᠦᠮ᠃
ᠮᠠᠯ ᠠᠭᠳᠠᠯᠠᠬᠤ᠂ ᠪᠤᠢᠯᠠᠯᠠᠬᠤ᠂ ᠴᠥᠷᠬᠡᠯᠡᠬᠦ᠂ ᠢᠮᠨᠡᠬᠦ ᠵᠡᠷᠭᠡ ᠪᠡᠷ ᠮᠡᠰᠡ ᠠᠵᠢᠯᠪᠤᠷᠢ ᠬᠢᠬᠦ ᠪᠣᠯᠤᠭᠰᠠᠨ᠂ ᠰᠦ ᠴᠠᠭᠠᠨ ᠢᠳᠡᠭᠡ᠂ ᠠᠩ ᠤ᠋ᠨ ᠮᠢᠬ᠎ᠠ ᠱᠥᠯᠥ᠂ ᠲᠣᠰᠣ᠂ ᠰᠥᠰᠥ᠂ ᠴᠢᠰᠤ ᠵᠡᠷᠭᠡ ᠶ᠋ᠢ ᠡᠮᠨᠡᠯ ᠵᠦᠢ ᠳ᠋ᠦ᠍ ᠠᠰᠢᠭᠯᠠᠭᠰᠠᠨ᠂ ᠮᠠᠯ ᠢ᠋ᠶ᠋ᠠᠷ ᠳᠠᠮᠵᠢᠭᠤᠯᠬᠤ ᠬᠣᠣᠷ ᠲᠠᠢ ᠪᠣᠯᠤᠨ ᠲᠤᠰᠠ ᠲᠠᠢ ᠡᠪᠡᠰᠦ ᠤᠷᠭᠤᠮᠠᠯ ᠢ᠋ ᠡᠷᠲᠡ ᠲᠠᠨᠢᠭᠰᠠᠨ ᠵᠡᠷᠭᠡ ᠡᠴᠡ ᠡᠭᠦᠳᠦᠨ ᠨᠡᠢᠲᠡ ᠡᠪᠡᠳᠴᠢᠨ ᠢ᠋ ᠬᠡᠢ᠂ ᠰᠢᠷ᠎ᠠ᠂ ᠪᠠᠳᠬᠠᠨᠠ ᠭᠤᠷᠪᠠᠨ ᠲᠥᠷᠥᠯ ᠳ᠋ᠦ᠍ ᠠᠩᠭᠢᠯᠠᠵᠤ᠂ ᠬᠡᠢ ᠨᠢ ᠭᠡᠬᠦ ᠳ᠋ᠦ᠍ ᠢᠯᠡ ᠳᠠᠯᠳᠠ ᠨᠢᠭᠤᠴᠠ ᠭᠤᠷᠪᠠᠯ ᠳ᠋ᠤ᠌ ᠬᠤᠪᠢᠶᠠᠭᠳᠠᠬᠤ ᠵᠡᠷᠭᠡ ᠪᠡᠷ ᠨᠠᠷᠢᠪᠴᠢᠯᠠᠬᠤ ᠡᠷᠳᠡᠮ ᠢ᠋ ᠬᠢᠲᠠᠳ ᠠ᠋ᠴᠠ ᠶᠤᠮ ᠤᠤ᠂ ᠡᠨᠡᠳᠬᠡᠭ ᠡᠴᠡ ᠰᠤᠷᠤᠯᠴᠠᠭᠰᠠᠨ ᠭᠡᠳᠡᠭ ᠲᠦ᠍ ᠬᠡᠨ ᠢᠲᠡᠭᠡᠬᠦ᠃ ᠭᠠᠯ ᠳᠥᠯᠥ ᠣᠴᠢ ᠶ᠋ᠢᠨ ᠴᠣᠴᠢᠮᠠᠭ ᠡᠮᠴᠢᠯᠡᠭᠡ᠂ ᠴᠣᠭ᠂ ᠨᠣᠷᠮ᠎ᠠ᠂ ᠦᠨᠡᠰᠦᠨ ᠦ᠌ ᠵᠢᠩ ᠡᠮᠴᠢᠯᠡᠭᠡ ᠵᠡᠷᠭᠡ ᠳ᠋ᠦ᠍ ᠲᠦᠰᠢᠭᠰᠡᠨ ᠭᠠᠯ ᠤ᠋ᠨ ᠲᠣᠮ᠂ ᠰᠢᠪᠰᠢᠯᠭᠡ᠂ ᠰᠢᠷᠬᠢᠯᠡᠬᠦ (ᠭᠠᠯ ᠳ᠋ᠤ᠌ ᠳᠠᠪᠤᠰᠤ ᠴᠠᠴᠤᠨ ᠠᠷᠢᠭᠤᠯᠠᠬᠤ) ᠠᠷᠭ᠎ᠠ ᠨᠤᠭᠤᠳ ᠴᠤ᠌ ᠪᠤᠰᠤ ᠠ᠋ᠴᠠ ᠡᠬᠢ ᠲᠡᠢ ᠭᠡᠳᠡᠭ ᠲᠤ ᠦᠯᠦ ᠢᠲᠡᠭᠡᠨ᠎ᠡ᠃ ᠭᠠᠯ ᠠᠷᠢᠭᠤᠯᠠᠬᠤ ᠭᠠᠯ ᠤ᠋ᠨ ᠲᠠᠷᠨᠢ ᠵᠡᠷᠭᠡ ᠰᠡᠳᠬᠢᠯ ᠦ᠋ᠨ ᠵᠠᠰᠠᠯ ᠭᠣᠢᠳᠠ ᠠᠴᠢ ᠲᠤᠰᠠ ᠲᠠᠢ ᠶ᠋ᠢ ᠭᠠᠳᠠᠭᠠᠳᠤ ᠶ᠋ᠢᠨ ᠬᠠᠮᠢᠭᠠᠬᠢ ᠶ᠋ᠢᠨ᠂ ᠬᠡᠨ ᠴᠦ᠍ ᠦᠯᠦ ᠮᠡᠳᠡᠬᠦ ᠪᠣᠢ ᠊ᠶ᠎ᠠ᠃ ᠵᠠᠩᠭᠠᠭ ᠲᠠᠢ ᠨᠣᠣᠰᠣ᠂ ᠤᠲᠤᠭ᠎ᠠ ᠲᠠᠢ ᠰᠢᠷ᠎ᠠ ᠢᠰᠡᠭᠡᠢ᠂ ᠪᠣᠭᠣᠯᠲᠠ ᠶ᠋ᠢᠨ ᠴᠢᠬᠤᠯᠠ ᠡᠳ᠋ ᠪᠠᠢᠭᠰᠠᠨ ᠢ᠋ ᠨᠡᠭᠦᠳᠡᠯᠴᠢᠳ ᠡᠴᠡ ᠥᠭᠡᠷ᠎ᠡ ᠬᠡᠨ ᠮᠡᠳᠡᠭᠰᠡᠨ ᠪᠣᠯ᠃《ᠪᠠᠢᠭᠠᠯᠢ᠂ ᠭᠠᠯ᠂ ᠰᠡᠳᠬᠢᠯ》 ᠭᠤᠷᠪᠠᠨ ᠵᠠᠰᠠᠯ ᠢ᠋ᠶ᠋ᠠᠷ ᠡᠮᠴᠢᠯᠡᠵᠦ ᠪᠠᠢᠭᠰᠠᠨ ᠢ᠋ᠶ᠋ᠠᠷ ᠢ᠋ᠶ᠋ᠠᠨ ᠳᠣᠷᠣᠨ᠎ᠠ ᠳ᠋ᠠᠬᠢᠨ ᠤ᠋ ᠰᠠᠭᠤᠷᠢᠨ ᠢᠷᠭᠡᠨᠰᠢᠯ ᠦ᠋ᠨ ᠭᠦᠨ ᠤᠬᠠᠭᠠᠨ ᠲᠠᠪᠤᠨ ᠠᠬᠠᠮᠠᠳ ᠤ᠋ᠨ ᠣᠨᠣᠯ ᠳ᠋ᠤ᠌ ᠰᠢᠲᠦᠭᠰᠡᠨ ᠠᠽᠢ ᠶ᠋ᠢᠨ ᠰᠠᠭᠤᠷᠢᠨ ᠢᠷᠭᠡᠨᠰᠢᠯ ᠦ᠋ᠨ ᠨᠡᠢᠲᠡᠯᠢᠭ ᠬᠥᠭᠵᠢᠯ ᠡᠴᠡ ᠲᠠᠰᠤ ᠥᠭᠡᠷ᠎ᠡ ᠭᠡᠵᠦ ᠲᠠᠭᠠᠮᠠᠭᠯᠠᠬᠤ ᠶᠣᠰᠣᠲᠠᠢ᠃ ᠬᠠᠨᠠᠬᠤ᠂ ᠲᠥᠭᠡᠨᠡᠬᠦ᠂ ᠢᠯᠢᠬᠦ᠂ ᠪᠠᠷᠢᠬᠤ᠂ ᠪᠣᠭᠣᠬᠤ᠂ ᠱᠠᠪᠰᠢᠬᠤ ᠡᠮᠴᠢᠯᠡᠭᠡ ᠶ᠋ᠢ ᠮᠠᠯ ᠳ᠋ᠤ᠌ ᠠᠩᠬ᠎ᠠ ᠲᠤᠷᠰᠢᠵᠤ ᠬᠥᠮᠦᠨ ᠳᠡᠭᠡᠷ᠎ᠡ ᠪᠠᠲᠤᠯᠠᠭᠠᠵᠢᠭᠤᠯᠤᠭᠰᠠᠨ ᠲᠤᠷᠰᠢᠯᠭ᠎ᠠ ᠰᠢᠨᠵᠢᠯᠡᠭᠡ ᠮᠣᠩᠭᠣᠯᠴᠤᠳ ᠤ᠋ᠨ ᠠᠷᠠᠳ ᠤ᠋ᠨ ᠡᠮᠨᠡᠯᠭᠡ ᠶ᠋ᠢᠨ ᠦᠨᠳᠦᠰᠦ ᠶ᠋ᠢ ᠪᠦᠷᠢᠯᠳᠦᠭᠦᠯᠬᠦ ᠪᠣᠯᠤᠮᠵᠢ ᠨᠡᠭᠡᠭᠡᠵᠡᠢ᠃ ᠡᠬᠢᠨ ᠦ᠌ ᠡᠪᠡᠳᠴᠢᠯᠡᠭᠰᠡᠨ ᠳᠣᠲᠣᠷ ᠡᠷᠬᠡᠲᠡᠨ ᠢ᠋ ᠥᠭᠡᠷ᠎ᠡ ᠠᠮᠢᠲᠠᠨ ᠤ᠋ ᠣᠨᠴᠠᠭᠠᠢ ᠬᠥᠭᠵᠢᠯ ᠲᠡᠢ ᠡᠷᠬᠡᠲᠡᠨ ᠢ᠋ ᠢᠳᠡᠵᠦ ᠢᠳᠡᠪᠬᠢᠵᠢᠭᠦᠯᠬᠦ᠂ ᠣᠷᠣᠭ᠎ᠠ ᠨᠢ ᠣᠷᠣᠭᠰᠠᠨ ᠲᠠᠴᠢᠶᠠᠯᠲᠤ ᠠᠮᠢᠲᠠᠨ ᠤ᠋ ᠴᠢᠪ ᠲᠥᠮᠥᠰᠥᠭ᠂ ᠵᠤᠤᠯᠲᠤ᠂ ᠵᠠᠭᠠᠷ ᠮᠡᠲᠦ ᠶ᠋ᠢ ᠴᠢᠯᠬ᠎ᠠ⑤ ᠰᠡᠷᠭᠦᠭᠡᠬᠦ ᠳ᠋ᠦ᠍ ᠠᠰᠢᠭᠯᠠᠬᠤ ᠵᠡᠷᠭᠡ ᠪᠡᠷ ᠡᠮ᠎ᠡ ᠶ᠋ᠢᠨ ᠲᠥᠷᠥᠯ ᠬᠥᠭᠵᠢᠭᠰᠡᠨ ᠥᠪᠡᠷᠮᠢᠴᠡ ᠴᠦ᠍ ᠪᠠᠢᠬᠤ ᠶᠣᠰᠣᠲᠠᠢ᠃ ᠠᠮᠢ ᠶ᠋ᠢ ᠤᠷᠲᠤᠰᠬᠠᠬᠤ ᠹᠢᠯᠣᠰᠣᠹᠢ ᠮᠥᠷᠥᠭᠡᠳᠦᠯ ᠦ᠋ᠨ ᠦᠷ᠎ᠡ ᠳ᠋ᠦᠩ ᠮᠣᠩᠭᠣᠯ ᠤ᠋ᠨ ᠤᠯᠠᠮᠵᠢᠯᠠᠯᠲᠤ ᠠᠨᠠᠭᠠᠬᠤ ᠤᠬᠠᠭᠠᠨ ᠤ᠋ ᠲᠡᠦᠬᠡ ᠭᠡᠵᠦ ᠦᠵᠡᠨᠡᠮ᠃ ᠮᠣᠩᠭᠣᠯ ᠢ᠋ᠶ᠋ᠠᠨ ᠮᠣᠩᠭᠣᠯ ᠢ᠋ᠶ᠋ᠠᠷ ᠰᠤᠳᠤᠯᠬᠤ ᠭᠤᠷᠪᠠᠯ ᠡᠷᠳᠡᠮ ᠦ᠋ᠨ ᠲᠦᠯᠬᠢᠭᠦᠷ ᠮᠠᠷᠲᠠᠭᠳᠠᠭᠰᠠᠨ ᠴᠤ᠌ ᠮᠣᠩᠭᠣᠯ ᠠᠮᠢᠳᠤᠷᠠᠯ ᠰᠣᠶᠣᠯ ᠲᠡᠦᠬᠡ ᠶ᠋ᠢᠨ ᠳᠠᠪᠲᠠᠭᠳᠠᠰᠢ ᠦᠭᠡᠢ ᠴᠢᠨᠠᠷ᠂ ᠬᠡᠯᠡ ᠪᠣᠯᠤᠨ ᠰᠠᠨᠠᠭ᠎ᠠ ᠪᠢᠴᠢᠭ ᠦ᠋ᠨ ᠳᠤᠷᠠᠰᠬᠠᠯ ᠵᠡᠷᠭᠡ ᠪᠡᠨ ᠦᠯᠦ ᠣᠢᠰᠢᠶᠠᠵᠤ ᠵᠠᠪᠠᠯ ᠭᠠᠳᠠᠭᠠᠳᠤ ᠶ᠋ᠢᠨ ᠨᠥᠯᠥᠭᠡ᠂ ᠬᠠᠷᠢ ᠬᠥᠮᠦᠨ ᠦ᠌ ᠴᠢᠭ ᠤᠬᠠᠭᠠᠨ ᠢ᠋ᠶ᠋ᠠᠷ ᠮᠣᠩᠭᠣᠯ ᠢ᠋ᠶ᠋ᠠᠨ ᠪᠠᠲᠤᠯᠠᠬᠤ ᠭᠡᠰᠡᠨ ᠲᠡᠨᠡᠭ ᠵᠤᠷᠰᠢᠯ ᠢ᠋ᠶ᠋ᠠᠨ ᠰᠡᠬᠡᠭᠡᠷᠡᠪᠡᠯ ᠶᠠᠭᠠᠬᠢᠯᠲᠠᠢ ᠪᠣᠢ᠃ ᠨᠠᠩᠭᠢᠶᠠᠳ ᠳᠠᠮ ᠰᠤᠷᠪᠤᠯᠵᠢ ᠠ᠋ᠴᠠ ᠭᠠᠳᠠᠨ᠎ᠠ ᠥᠨᠥ ᠶ᠋ᠢᠨ ᠮᠣᠩᠭᠣᠯ ᠡᠬᠡ ᠣᠷᠣᠨ ᠳ᠋ᠤ᠌ ᠾᠦᠩᠨᠦ(ᠬᠦᠨᠦᠢ) ᠬᠠᠭᠠᠨ ᠤ᠋(ᠬᠠᠨᠣᠢ) ᠭᠡᠳᠡᠭ ᠨᠡᠷ᠎ᠡ ᠳᠤᠷᠠᠢᠨ᠎ᠠ ᠪᠤᠰᠤ ᠤᠤ? ᠤᠭ ᠨᠢ ᠠᠮᠢᠳᠤ ᠬᠡᠯᠡᠨ ᠦ᠌ ᠳᠤᠷᠠᠰᠬᠠᠯ᠂ ᠤᠳᠬ᠎ᠠ ᠪᠢᠴᠢᠭ(ᠹᠷᠠᠽᠤᠭᠷᠠᠪᠢᠶᠠ) ᠶ᠋ᠢᠨ ᠦᠯᠡᠳᠡᠪᠦᠷᠢ᠂ ᠲᠡᠦᠬᠡ ᠰᠣᠶᠣᠯ ᠢ᠋ ᠵᠠᠩᠰᠢᠯ ᠤ᠋ᠨ ᠥᠪ ᠤᠯᠠᠮᠵᠢᠯᠠᠯ ᠴᠢᠬᠤᠯᠠ ᠯᠠ ᠪᠠᠢᠬᠤ ᠶᠣᠰᠣᠲᠠᠢ᠃ ᠭᠡᠲᠡᠯ᠎ᠡ ᠡᠭᠦᠨ ᠢ᠋ ᠳᠠᠭᠠᠵᠤ(таащ) ᠫᠤᠤᠳᠠᠪᠠ᠂ ᠪᠠᠲᠤᠯᠠᠭ᠎ᠠ ᠠᠯᠠᠭ᠎ᠠ᠂ ᠸᠯᠠᠳᠢᠮᠢᠷᠼᠣᠸ ᠢᠩᠭᠢᠵᠦ ᠪᠠᠲᠤᠯᠠᠭ᠎ᠠ ᠦᠭᠡᠢ᠂ ᠫᠤᠯᠣ᠋ ᠢᠩᠭᠢᠵᠦ ᠲᠡᠮᠳᠡᠭᠯᠡᠭᠡ ᠦᠭᠡᠢ ᠭᠡᠬᠦ ᠪᠣᠯᠪᠠ ᠤᠤ᠂ ᠬᠥᠪᠰᠥᠭᠥᠯ ᠭᠡᠳᠡᠭ ᠨᠡᠷ᠎ᠡ ᠶ᠋ᠢ ᠲᠦᠷᠺ ᠭᠠᠷᠤᠯ ᠲᠠᠢ ᠭᠡᠵᠦ ᠪᠠᠲᠤᠯᠠᠭᠰᠠᠨ ᠶᠤᠮᠰᠠᠨᠵᠠᠢ᠃ ᠭᠡᠲᠡᠯ᠎ᠡ ᠲᠦᠷᠺ ᠦ᠋ᠨ ᠦᠶ᠎ᠡ ᠡᠴᠡ ᠡᠮᠦᠨ᠎ᠡ ᠡᠨᠡ ᠶᠡᠬᠡ ᠳᠠᠯᠠᠢ ᠨᠡᠷ᠎ᠡ ᠦᠭᠡᠢ ᠪᠠᠢᠭᠰᠠᠨ ᠭᠡᠵᠦ ᠤᠤ ᠭᠡᠬᠦ ᠰᠡᠵᠢᠭ ᠲᠥᠷᠥᠨ᠎ᠡ᠃ ᠥᠩᠭᠡᠴᠡ ᠠᠵᠢᠬᠤ ᠳ᠋ᠤ᠌ ᠤᠰᠤ ᠮᠥᠷᠡᠨ ᠨᠦ᠍ᠭᠦᠳ ᠮᠠᠨᠢ ᠣᠳᠣ ᠶ᠋ᠢᠨ ᠬᠤᠪᠢᠷᠠᠯ ᠢ᠋ᠶ᠋ᠠᠷ ᠦᠢᠯᠡ ᠦᠭᠡ ᠶ᠋ᠢᠨ ᠦᠨᠳᠦᠰᠦ ᠲᠡᠢ ᠨᠡᠢᠲᠡᠯᠢᠭ ᠠᠵᠢᠭᠯᠠᠭᠳᠠᠨ᠎ᠠ᠃ ᠬᠥᠪᠬᠦ(ᠬᠥᠪᠰᠥᠭᠥᠯ) ᠰᠡᠯᠢᠬᠦ(ᠰᠡᠯᠡᠩᠭᠡ)᠂ ᠲᠤᠭᠤᠯᠬᠤ(ᠲᠤᠤᠯᠠ)᠂ ᠣᠷᠣᠬᠤ(ᠣᠷᠬᠣᠨ)᠂ ᠤᠨᠤᠬᠤ(ᠤᠨᠤᠨ)᠂ ᠬᠡᠷᠦᠬᠦ(ᠬᠡᠷᠦᠯᠦᠨ) ᠵᠢᠭᠠᠬᠤ(ᠵᠢᠭᠠᠬᠤ ᠶ᠋ᠢᠨ ᠪᠤᠶᠤ ᠵᠠᠪᠬᠠᠨ)᠂ ᠬᠤᠷᠠᠬᠤ(ᠬᠤᠷᠬᠤ)᠂ ᠪᠤᠷᠤᠬᠤ(ᠪᠤᠷᠬᠤ)᠂ ᠢᠷᠦᠭᠡᠬᠦ(ᠢᠷᠥᠭᠡ)᠂ ᠬᠠᠷᠢᠶᠠᠬᠤ(ᠬᠠᠷᠢᠶ᠎ᠠ)᠁ ᠭᠡᠬᠦ ᠮᠡᠲᠦ᠃ ᠶᠠᠭᠤᠲᠠᠢ ᠴᠤ᠌ ᠮᠣᠩᠭᠣᠯ ᠬᠥᠮᠦᠨ ᠡᠬᠡ ᠬᠡᠯᠡ ᠪᠡᠷ ᠢ᠋ᠶ᠋ᠡᠨ ᠨᠡᠷ᠎ᠡ ᠬᠠᠢᠷᠠᠯᠠᠭᠰᠠᠨ ᠨᠢ ᠲᠦᠭᠡᠮᠡᠯ᠂ ᠲᠡᠷᠡ ᠨᠢ ᠨᠢᠭᠡ ᠵᠠᠶᠠᠭ ᠲᠠᠢ ᠪᠠᠢᠭᠰᠠᠨ ᠴᠤ᠌ ᠪᠠᠢᠵᠤ ᠮᠠᠭᠠᠳ᠃ ᠳᠡᠯᠡᠬᠡᠢ ᠭᠡᠳᠡᠭ ᠦᠭᠡ ᠵᠠᠪᠠᠯ ᠠᠮᠢ ᠲᠠᠢ ᠪᠠᠢᠬᠤ ᠶᠣᠰᠣᠲᠠᠢ᠃᠃ ᠲᠡᠢᠮᠦ ᠡᠴᠡ ᠴᠦ᠍ ᠳᠡᠯᠡᠬᠡᠢ ᠳᠠᠯᠠᠩᠨᠠᠪᠠ᠂ ᠳᠡᠯᠡᠬᠡᠢ ᠶ᠋ᠢᠨ ᠰᠢᠮ᠎ᠡ ᠭᠡᠵᠦ ᠶᠠᠷᠢᠳᠠᠭ ᠪᠢᠵᠡ᠃ ᠳᠡᠯᠡᠩᠬᠡᠢ ᠴᠦ᠍ ᠶᠦᠮ ᠤᠤ᠂ ᠳᠠᠯᠠᠩ— ᠡᠬᠡ ᠴᠦ᠍ ᠶᠦᠮ ᠤᠤ᠃ ᠣᠢᠷᠠᠳ ᠤᠭᠰᠠᠭᠠᠲᠠᠨ ᠨᠤᠭᠤᠳ ᠳᠡᠯᠡᠬᠡᠢ᠂ ᠪᠤᠷᠢᠶᠠᠳ ᠤ᠋ᠳ ᠳᠡᠯᠡᠬᠡᠢ ᠭᠡᠳᠡᠭ ᠪᠣᠯ ᠬᠤᠳᠤᠮ ᠪᠢᠴᠢᠭ ᠲᠦ᠍ ᠲᠡ᠊ — ᠯᠡ᠊ — ᠬᠡᠢ ᠶᠦᠮ᠃ ᠺᠢᠷᠢᠯ ᠦᠰᠦᠭ ᠢ᠋ ᠠᠪᠬᠤ ᠳ᠋ᠠᠭᠠᠨ《ᠠᠮᠢ》 ᠦᠨᠳᠦᠰᠦ ᠪᠡᠨ ᠮᠠᠷᠲᠠᠵᠤ《ᠳᠡᠯᠡᠬᠡᠢ》 ᠭᠡᠬᠦ ᠳᠠᠭᠠᠪᠠᠴᠤ ᠦᠯᠦ ᠣᠯᠬᠤ ᠦᠭᠡ ᠪᠦᠲᠦᠭᠡᠭᠰᠡᠨ ᠠᠵᠢ ᠭᠡᠳᠡᠭ ᠢ᠋ ᠯᠡ ᠬᠡᠯᠡᠬᠦ ᠭᠡᠰᠡᠨ ᠬᠡᠷᠡᠭ᠃ ᠲᠡᠭᠦᠨ ᠡᠴᠡ ᠪᠢᠰᠢ ᠶᠠᠭ ᠤᠨᠤᠵᠤ ᠢᠵᠠᠭᠤᠷ ᠡᠬᠡ ᠶ᠋ᠢ ᠨᠢ ᠪᠠᠲᠤᠯᠠᠬᠤ ᠶ᠋ᠢ ᠬᠢᠴᠢᠶᠡᠭᠰᠡᠨ ᠦᠭᠡᠢ ᠪᠥᠯᠥᠭᠡ᠃ ᠮᠣᠩᠭᠣᠯ ᠢ᠋ᠶ᠋ᠠᠷ ᠰᠡᠳᠬᠢᠬᠦ᠂ ᠤᠯᠠᠮᠵᠢᠯᠠᠯ ᠢ᠋ᠶ᠋ᠠᠨ ᠬᠠᠳᠠᠭᠠᠯᠠᠬᠤ᠂ ᠡᠪᠦᠭᠡ ᠤᠬᠠᠭᠠᠨ ᠢ᠋ᠶ᠋ᠠᠨ ᠡᠵᠡᠮᠰᠢᠬᠦ ᠠᠬᠤᠯ᠎ᠠ ᠪᠢᠳᠡ ᠬᠡᠯᠡ ᠰᠣᠶᠣᠯ ᠢ᠋ᠶ᠋ᠠᠨ ᠰᠠᠬᠢᠬᠤ ᠪᠤᠶᠤ᠃ ᠢᠳᠢᠶᠡᠯᠢᠽᠮ᠂ ᠮᠠᠲᠧᠷᠢᠶᠡᠯᠢᠽᠮ ᠬᠣᠶᠠᠭᠤᠯᠠ ᠥᠷᠥᠭᠡᠰᠦᠯ᠂ ᠮᠣᠩᠭᠣᠯᠴᠤᠳ ᠠᠮᠢᠨ ᠪᠤᠶᠤ ᠭᠤᠷᠪᠠᠯ ᠰᠡᠳᠬᠢᠯᠭᠡ ᠲᠡᠢ ᠭᠡᠵᠦ ᠦᠭᠡᠯᠡᠬᠦ ᠶ᠋ᠢᠨ ᠤᠴᠢᠷ ᠡᠨᠡ ᠮᠡᠲᠦ ᠶᠦᠮ᠃ ᠮᠣᠩᠭᠣᠯ ᠤ᠋ᠨ ᠭᠤᠷᠪᠠᠯ ᠤᠬᠠᠭᠠᠨ ᠠᠯᠠᠭᠠᠨ(алаан) ᠲᠡᠷᠰᠯᠡᠳᠡᠭᠡᠨ ᠳ᠋ᠦ᠍ ᠪᠤᠰᠤ ᠠᠮᠢᠨ ᠴᠢᠨᠠᠷ ᠲᠤ᠌ ᠣᠷᠣᠰᠢᠮᠤ᠃
——————————
① ᠢᠮᠪᠧᠷᠶᠡᠯᠢᠽᠮ— ᠡᠵᠡᠷᠬᠡᠭ ᠲᠦᠷᠢᠮᠡᠬᠡᠢ ᠶᠣᠰᠣ ᠡᠵᠡᠷᠬᠡᠭ ᠲᠦᠷᠢᠮᠡᠬᠡᠢᠲᠡᠨ(ᠪᠠᠭᠤᠯᠠᠭᠠᠭᠴᠢ)
② ᠺᠡᠫᠢᠲ᠋ᠠᠯᠢᠽᠮ— ᠬᠥᠷᠥᠩᠭᠡᠲᠦ ᠶᠣᠰᠣ᠂ ᠬᠥᠷᠥᠩᠭᠡᠲᠦ ᠶᠣᠰᠣᠨ ᠤ᠋ ᠪᠠᠢᠭᠤᠯᠤᠯ(ᠪᠠᠭᠤᠯᠠᠭᠠᠭᠴᠢ)
③ ᠠᠨᠲ᠋ᠢᠪᠢᠤᠲ᠋ᠧᠻ— ᠪᠠᠺᠲ᠋ᠧᠷᠢ ᠳᠠᠷᠤᠬᠤ ᠡᠮ᠂ ᠨᠢᠶᠠᠨ ᠳᠠᠷᠤᠭᠴᠢ(ᠪᠠᠭᠤᠯᠠᠭᠠᠭᠴᠢ)
④ ᠠᠷᡁᠸᠤᠯᠤᠬᠢ— ᠬᠠᠭᠤᠴᠢᠨ ᠤ᠋ ᠰᠤᠳᠤᠯᠤᠯ(ᠪᠠᠭᠤᠯᠭᠠᠭᠴᠢ)
⑤ ᠴᠢᠯᠬ᠎ᠠ— ᠴᠣᠭ ᠵᠢᠪᠬᠤᠭ᠎ᠠ᠂ ᠵᠣᠯᠪᠣᠭ᠎ᠠ᠂ ᠳᠦᠷᠢ ᠲᠥᠷᠬᠦ(ᠪᠠᠭᠤᠯᠭᠠᠭᠴᠢ)
ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ᠂ ᠳ᠂ ᠣᠶᠤᠨᠪᠢᠯᠢᠭ᠌᠂ ᠪᠠᠶᠠᠨᠰᠡᠷᠡᠩ
ᠬᠢᠨᠠᠭᠴᠢ᠄ ᠪᠠᠶᠠᠨᠰᠡᠷᠡᠩ᠂ ᠣᠳᠬᠠᠨᠰᠣ᠎ᠠ᠂ ᠰᠡᠬᠡᠭᠡᠷᠡᠯ
