ᠲᠠᠪᠤ᠂ ᠭᠤᠷᠪᠠᠯ ᠣᠨᠣᠯ ᠳ᠋ᠤᠸᠠᠯᠢᠽᠮ① ᠠ᠋ᠴᠠ ᠥᠭᠡᠷ᠎ᠡ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠪᠤ᠂ ᠭᠤᠷᠪᠠᠯ ᠣᠨᠣᠯ ᠳ᠋ᠤᠸᠠᠯᠢᠽᠮ① ᠠ᠋ᠴᠠ ᠥᠭᠡᠷ᠎ᠡ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу

ᠲᠠᠪᠤ᠂ ᠭᠤᠷᠪᠠᠯ ᠣᠨᠣᠯ ᠳ᠋ᠤᠸᠠᠯᠢᠽᠮ① ᠠ᠋ᠴᠠ ᠥᠭᠡᠷ᠎ᠡ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу

2024-01-21

339

ᠲᠠᠪᠤ᠂ ᠭᠤᠷᠪᠠᠯ ᠣᠨᠣᠯ ᠳ᠋ᠤᠸᠠᠯᠢᠽᠮ① ᠠ᠋ᠴᠠ ᠥᠭᠡᠷ᠎ᠡ

    ᠮᠠᠲ᠋ᠧᠷᠢ ᠣᠶᠤᠨ ᠰᠠᠨᠠᠭ᠎ᠠ ᠬᠣᠶᠠᠷ ᠢ᠋ ᠠᠳᠠᠯᠢ ᠠᠩᠬᠠᠳᠠᠭᠴᠢ ᠪᠥᠭᠡᠳ ᠲᠡᠳᠡ ᠬᠣᠭᠣᠷᠣᠨᠳᠣ ᠪᠠᠨ ᠬᠠᠷᠢᠯᠴᠠᠨ ᠬᠣᠯᠪᠣᠭ᠎ᠠ ᠦᠭᠡᠢ᠂ ᠠᠴᠢ ᠬᠣᠯᠪᠣᠭᠳᠠᠯ ᠦᠭᠡᠢ ᠭᠡᠵᠦ ᠨᠣᠮᠯᠠᠳᠠᠭ ᠹᠢᠯᠣᠰᠣᠹᠢᠴᠢᠳ ᠢ᠋ ᠶᠡᠷᠦᠩᠬᠡᠢ ᠳ᠋ᠦ᠍ ᠨᠢ ᠳ᠋ᠤᠸᠠᠯᠢᠰᠲ᠋ ᠤ᠋ᠳ ᠭᠡᠳᠡᠭ ᠠᠵᠠᠢ᠃ ᠲᠡᠳᠡ ᠳᠡᠭᠡᠷᠡᠬᠢ ᠣᠢᠯᠠᠭᠠᠯᠲᠠ ᠤ᠋ᠳ ᠢ᠋ ᠨᠢ ᠪᠡᠶ᠎ᠡ ᠳᠠᠭᠠᠭᠠᠭᠰᠠᠨ ᠰᠣᠪᠰᠲ᠋ᠠᠨᠼ② ᠤ᠋ᠳ ᠭᠡᠵᠦ ᠦᠵᠡᠪᠡᠴᠦ ᠬᠠᠷᠢᠯᠴᠠᠨ ᠲᠣᠭᠲᠠᠯᠴᠠᠭ᠎ᠠ ᠶ᠋ᠢ ᠨᠢ ᠣᠯᠵᠤ ᠴᠢᠳᠠᠳᠠᠭ ᠦᠭᠡᠢ ᠪᠣᠯᠤᠯᠲᠠᠢ᠃ ᠲᠡᠢᠮᠦ ᠡᠴᠡ ᠣᠷᠣᠯᠳᠣᠯᠭ᠎ᠠ ᠨᠤᠭᠤᠳ ᠨᠢ ᠣᠪᠸᠺᠲ᠋ᠢᠪ③ ᠤᠷᠤᠭᠤ ᠡᠰᠡᠪᠡᠯ ᠰᠤᠪᠸᠺᠲ᠋ᠢᠪ④ ᠤᠷᠤᠭᠤ ᠬᠠᠯᠲᠤᠷᠢᠵᠤ ᠪᠤᠳᠤᠯᠢᠳᠠᠭ ᠴᠤ᠌ ᠰᠣᠨᠢᠷᠬᠠᠯ ᠲᠠᠢ ᠡᠷᠢᠯ ᠪᠠᠢᠵᠠᠢ᠃ ᠲᠡᠳᠡ ᠠᠮᠢᠨ ᠤ᠋ ᠮᠥᠨ ᠴᠢᠨᠠᠷ ᠢ᠋ ᠣᠯᠵᠤ ᠬᠠᠷᠠᠭᠰᠠᠨ ᠦᠭᠡᠢ᠃ ᠶᠡᠷᠦ ᠨᠢ ᠬᠥᠮᠦᠨ ᠬᠠᠮᠤᠭ ᠤ᠋ᠨ ᠭᠣᠣᠯ᠂ ᠬᠠᠮᠤᠭ ᠤ᠋ᠨ ᠣᠷᠣᠢ ᠶ᠋ᠢᠨ ᠶᠠᠭᠤᠮ᠎ᠠ ᠪᠠᠨ ᠠᠩᠵᠠᠭᠠᠷᠠᠳᠠᠭ ᠦᠭᠡᠢ ᠭᠡᠳᠡᠭ᠃ ᠡᠩ ᠦ᠋ᠨ ᠶᠠᠭᠤᠮᠠᠨ ᠳ᠋ᠤ᠌ ᠯᠠ ᠡᠩ ᠦ᠋ᠨ ᠨᠢᠭᠤᠴᠠ ᠪᠠᠢᠳᠠᠭ᠃ ᠮᠠᠲ᠋ᠧᠷᠢ ᠢᠳᠢᠶᠡᠯ ᠬᠣᠶᠠᠷ ᠤ᠋ᠨ ᠬᠣᠯᠪᠣᠭ᠎ᠠ ᠨᠢ ᠪᠠᠰᠠ ᠨᠢᠭᠡ ᠥᠭᠡᠷ᠎ᠡ ᠰᠣᠪᠰᠲ᠋ᠠᠨᠼ《ᠠᠮᠢ》 ᠪᠠᠢᠵᠠᠢ᠃ ᠠᠮᠢ ᠪᠣᠯ ᠢᠳᠢᠶᠡᠯ ᠪᠢᠰᠢ᠂ ᠢᠳᠢᠶᠡᠯ ᠨᠢ ᠰᠠᠷᠠᠯ( ᠣᠶᠤᠨ)᠂ ᠴᠣᠴᠢᠷᠠᠯ( ᠰᠡᠳᠬᠢᠯ) ᠮᠡᠳᠡᠷᠡᠬᠦᠢ( ᠤᠬᠠᠮᠰᠠᠷ) ᠤ᠋ᠨ ᠭᠤᠷᠪᠠᠯ ᠶᠤᠮ᠃ ᠮᠡᠳᠡᠯᠭᠡ ᠶ᠋ᠢᠨ ᠭᠤᠷᠮᠤᠰᠤᠨ ᠬᠣᠯᠪᠣᠭ᠎ᠠ ᠨᠢ ᠬᠦᠷᠲᠡᠯᠭᠡ᠂ ᠲᠥᠰᠦᠭᠡᠯᠡᠯ᠁ ᠬᠡᠢᠰᠪᠦᠷᠢᠯᠡᠨ ᠰᠡᠳᠬᠢᠬᠦ ᠬᠡᠯᠪᠡᠷᠢ ᠨᠢ ᠣᠢᠯᠠᠭᠠᠯᠲᠠ ᠪᠦᠲᠦᠮᠵᠢ ᠣᠶᠤᠨ ᠳ᠋ᠦᠩᠨᠡᠯᠲᠡ᠂ ᠲᠠᠨᠢᠨ ᠮᠡᠳᠡᠬᠦᠢ ᠨᠢ ᠨᠡᠩ ᠲᠦᠭᠡᠮᠡᠯ᠂ ᠲᠦᠭᠡᠮᠡᠯ( ᠬᠣᠶᠠᠷᠯᠠᠯ)᠂ ᠲᠤᠰᠬᠠᠢ ᠭᠡᠰᠡᠨ ᠭᠤᠷᠪᠠᠯ ᠲᠠᠢ ᠭᠡᠬᠦ ᠮᠡᠲᠦ ᠪᠡᠷ ᠶᠠᠮᠠᠷ ᠨᠢᠭᠡᠨ ᠲᠣᠮᠢᠶᠠᠯᠠᠯ ᠭᠠᠷᠭᠠᠵᠤ ᠢᠷᠡᠬᠦ ᠯᠡ ᠶᠦᠮ ᠪᠣᠯ( ᠲᠡᠭᠦᠨ ᠢ᠋ ᠭᠤᠷᠪᠠᠨ ᠵᠠᠳᠠᠷᠠᠭᠠᠨ ᠳ᠋ᠤ᠌ ᠠᠪᠴᠤ ᠦᠵᠡᠪᠡᠯ) ᠡᠭᠦᠨ ᠢ᠋ ᠬᠠᠢᠭᠰᠠᠨ ᠡᠷᠢᠯ ᠦ᠋ᠨ ᠴᠢᠭ ᠵᠥᠪ ᠪᠣᠯᠤᠨ᠎ᠠ᠃ ᠭᠤᠷᠪᠠᠯ ᠤ᠋ᠨ ᠢᠩᠭᠢᠵᠦ ᠭᠢᠨᠵᠢᠨ ᠬᠡᠯᠬᠢᠶ᠎ᠡ ᠶ᠋ᠢ ᠴᠠᠭᠠᠰᠢ ᠰᠣᠩᠭᠣᠪᠠᠰᠤ ᠰᠡᠳᠬᠢᠯ ᠨᠢ ᠵᠦᠩ ᠢᠷᠣ᠎ᠠ᠂ ᠰᠠᠷᠠᠯ ᠨᠢ ᠠᠶᠣᠳᠠᠰᠤ ᠪᠠᠶᠠᠷ᠂ ᠤᠬᠠᠮᠰᠠᠷ ᠨᠢ ᠦᠵᠡᠯ ᠪᠣᠳᠣᠯ ᠭᠡᠬᠦ ᠮᠡᠲᠦ ᠪᠡᠷ ᠡᠴᠦᠰ ᠦᠭᠡᠢ ᠪᠢᠴᠢᠯ ᠭᠤᠷᠪᠠᠯ ᠤ᠋ᠳ ᠲᠤ ᠨᠠᠷᠢᠪᠴᠢᠯᠠᠭᠳᠠᠨ᠎ᠠ᠃ ᠤᠬᠠᠮᠰᠠᠷ ᠢ᠋ ᠲᠡᠮᠳᠡᠭᠯᠡᠬᠦ( ᠢᠳᠧᠥᠭᠷᠡᠪ)᠂ ᠪᠣᠳᠣᠬᠤ ᠲᠥᠰᠦᠭᠡᠯᠡᠯ( ᠠᠰᠰᠣᠼᠢᠶᠠᠨᠢᠽᠮ) ᠡᠧᠢᠳᠧᠲ᠋ᠢᠽᠮ( ᠣᠢ ᠲᠣᠭᠲᠠᠭᠠᠮᠵᠢ) ᠪᠦᠬᠦ ᠰᠤᠳᠤᠯᠭ᠎ᠠ ᠶ᠋ᠢ ᠭᠤᠷᠪᠠᠯ ᠳ᠋ᠤ᠌ ᠠᠪᠴᠤ ᠦᠵᠡᠬᠦ ᠶᠣᠰᠣᠲᠠᠢ᠃ ᠲᠡᠭᠡᠬᠦ ᠦᠭᠡᠢ ᠥᠨᠥᠬᠢ ᠯᠡ ᠰᠠᠢᠨ ᠮᠠᠭᠤ ᠬᠠᠷ᠎ᠠ ᠴᠠᠭᠠᠨ ᠳ᠋ᠤ᠌ ᠠᠩᠭᠢᠯᠠᠬᠤ ᠠᠪᠠᠰᠤ ᠡᠨᠡ ᠰᠠᠯᠪᠤᠷᠢ ᠶ᠋ᠢᠨ ᠬᠥᠭᠵᠢᠯ ᠲᠣᠯᠣᠭᠠᠢ ᠦᠭᠡᠢ ᠪᠡᠶ᠎ᠡ ᠶ᠋ᠢᠨ ᠬᠣᠶᠠᠷ ᠬᠥᠯ ᠢ᠋ ᠲᠤᠰ ᠲᠤ᠌ ᠨᠢ ᠣᠷᠣᠭᠤᠯᠬᠤ ᠭᠡᠰᠡᠨ ᠲᠡᠢ ᠢᠵᠢᠯ ᠪᠢᠯᠡ᠃ ᠬᠥᠮᠦᠨ ᠪᠣᠯ ᠰᠡᠳᠬᠢᠳᠡᠭ ᠬᠣᠷᠣᠬᠠᠢ᠃ ᠰᠡᠳᠬᠢᠳᠡᠭ ᠤᠴᠢᠷ ᠠ᠋ᠴᠠ ᠰᠡᠳᠬᠢᠯ ᠵᠦᠢ᠂ ᠮᠡᠳᠡᠷᠡᠯ ᠵᠦᠢ᠂ ᠬᠡᠯᠡ ᠵᠦᠢ᠂ ᠰᠤᠷᠭᠠᠨ ᠬᠥᠮᠦᠵᠢᠭᠦᠯᠬᠦ ᠤᠬᠠᠭᠠᠨ᠁ ᠰᠤᠳᠤᠯᠭ᠎ᠠ ᠲᠠᠢ᠃
᠁᠁᠁᠁᠁᠁᠁᠁
① ᠳ᠋ᠤᠸᠠᠯᠢᠽᠮ— ᠬᠣᠶᠠᠷ ᠡᠰᠢᠲᠦ ᠣᠨᠣᠯ᠂ ᠬᠣᠶᠠᠷᠴᠢ ᠣᠨᠣᠯ( ᠪᠠᠭᠤᠯᠭᠠᠭᠴᠢ)
② ᠰᠣᠪᠰᠲ᠋ᠠᠨᠼ— ᠰᠪᠰᠲ᠋ᠠᠷᠠᠨᠲ᠄ ᠰᠠᠭᠤᠷᠢ ᠡᠳ᠋᠂ ᠰᠣᠪᠶᠧᠺᠲ᠋᠄ ᠪᠡᠶᠡᠴᠢ ᠴᠣᠭᠴᠠ᠂ ᠪᠡᠶᠡᠴᠢ ᠴᠣᠭᠴᠠ ᠶ᠋ᠢᠨ( ᠪᠠᠭᠤᠯᠭᠠᠭᠴᠢ)
③ ᠣᠪᠸᠺᠲ᠋ᠢᠪ—a. ᠪᠤᠰᠤᠳᠴᠢ᠂ ᠪᠣᠳᠠᠲᠠᠢ᠃b. ᠭᠦᠳᠦᠭᠦᠷ ᠰᠢᠯ( ᠪᠠᠭᠤᠯᠭᠠᠭᠴᠢ)
④ ᠰᠤᠪᠸᠺᠲ᠋ᠢᠪ— ᠪᠡᠶᠡᠴᠢ᠂ ᠪᠡᠶᠡᠴᠢ ᠦᠵᠡᠯ( ᠪᠠᠭᠤᠯᠭᠠᠭᠴᠢ)᠃
    ᠴ· ᠳ᠋ᠡᠷᠸᠢᠨ ᠦ᠌ ᠰᠤᠷᠭᠠᠯ᠂ ᠢ· ᠫ· ᠫᠠᠪᠯᠣᠧ ᠶ᠋ᠢᠨ《ᠠᠮᠢᠲᠠᠨ ᠤ᠋ ᠳᠡᠭᠡᠳᠦ ᠮᠡᠳᠡᠷᠡᠯ ᠦ᠋ᠨ ᠣᠨᠣᠯ》᠁ ᠪᠢᠳᠡᠨ ᠳ᠋ᠦ᠍ ᠣᠯᠠᠨ ᠨᠡᠭᠡᠭᠡᠯᠲᠡ ᠪᠣᠢ᠃《ᠰᠢᠯᠦᠰᠦ ᠭᠣᠭᠣᠵᠢᠳᠠᠭ》 ᠣᠨᠣᠯ ᠨᠢ ᠰᠡᠳᠬᠢᠯ ᠦ᠋ᠨ ᠮᠡᠳᠡᠷᠡᠮᠵᠢ᠂ ᠪᠠᠰᠠ ᠪᠡᠶ᠎ᠡ ᠶ᠋ᠢᠨ ᠬᠡᠷᠡᠭᠴᠡᠭᠡ ᠮᠥᠨ ᠲᠡᠳᠦᠢ ᠦᠭᠡᠢ ᠠᠮᠢᠨ ᠤ᠋ ᠦᠢᠯᠡᠳᠦᠯ᠃ ᠲᠠᠷᠢᠬᠢ ᠬᠡᠮᠡᠬᠦ ᠡᠷᠬᠡᠲᠡᠨ ᠪᠡᠶᠡᠲᠦ ᠭᠤᠷᠪᠠᠨ ᠬᠡᠰᠡᠭ ᠡᠴᠡ ᠪᠦᠷᠢᠳᠳᠡᠭ᠃ ᠮᠠᠯ ᠤ᠋ᠨ ᠲᠣᠯᠣᠭᠠᠢ ᠶ᠋ᠢᠨ ᠶᠠᠰᠤ ᠶ᠋ᠢ ᠬᠠᠷᠠᠭᠰᠠᠨ ᠴᠤ᠌ ᠲᠡᠷᠡ ᠶᠠᠰᠤ ᠭᠤᠷᠪᠠᠨ ᠵᠠᠭᠠᠭ《ᠣᠶᠣᠳᠠᠯ ᠲᠠᠢ》 ᠪᠦᠲᠦᠭᠡᠭᠳᠡᠭᠰᠡᠨ ᠪᠠᠢᠭ᠎ᠠ᠃ ᠲᠡᠷᠡ ᠭᠤᠷᠪᠠᠨ ᠬᠤᠪᠢᠶᠠᠷᠢ ᠳ᠋ᠤ᠌ ᠭᠤᠷᠪᠠᠨ ᠥᠭᠡᠷ᠎ᠡ ᠯᠡ ᠦᠢᠯᠡ ᠠᠵᠢᠯ ᠬᠥᠳᠡᠯᠭᠡᠭᠡᠨ ᠶᠠᠪᠤᠭᠳᠠᠬᠤ ᠶᠣᠰᠣᠲᠠᠢ᠃ ᠡᠨᠡ ᠪᠣᠯ《ᠭᠤᠷᠪᠠᠯ ᠤ᠋ᠨ ᠣᠨᠣᠯ》 ᠢ᠋᠁ ᠣᠶᠤᠨ ᠰᠠᠨᠠᠭᠠᠨ ᠤ᠋ ᠭᠤᠷᠪᠠᠯ ᠢ᠋ ᠶᠠᠰᠤ ᠪᠦᠲᠦᠴᠡ ᠮᠠᠲ᠋ᠧᠷᠢ ᠶ᠋ᠢᠨ ᠭᠤᠷᠪᠠᠯ ᠢ᠋ ᠡᠭᠦᠰᠬᠡᠵᠦ ᠪᠠᠲᠤᠯᠠᠵᠤ ᠪᠠᠢᠭ᠎ᠠ ᠨᠢᠭᠡᠨ ᠪᠠᠷᠢᠮᠲᠠ ᠶᠤᠮ ᠰᠢᠦ᠃ ᠲᠡᠭᠡᠬᠦ ᠪᠡᠷ ᠲᠠᠷᠢᠬᠢ ᠨᠢ ᠭᠤᠷᠪᠠᠨ ᠡᠷᠬᠡᠲᠡᠨ ᠲᠡᠢ᠂ ᠭᠤᠷᠪᠠᠨ ᠵᠠᠩᠭᠢᠯᠠᠭ᠎ᠠ ᠪᠠᠷ ᠬᠣᠯᠪᠣᠭᠳᠠᠳᠠᠭ ᠨᠢᠭᠡ ᠪᠡᠶ᠎ᠡ ᠶᠦᠮ᠃ ᠡᠨᠡ ᠨᠢ ᠥᠪᠡᠷ ᠢ᠋ᠶ᠋ᠡᠨ ᠮᠠᠰᠢ ᠪᠦᠳᠦᠭᠦᠯᠢᠭ ᠵᠢᠱ᠌ᠢᠶ᠎ᠡ ᠲᠡᠳᠦᠢ ᠪᠥᠯᠥᠭᠡ᠃ ᠲᠡᠳᠡᠨ ᠦ᠌ ᠦᠢᠯᠡᠳᠦᠯ ᠨᠢ ᠨᠢᠭᠡᠳᠡᠬᠢ ᠬᠡᠰᠡᠭ ᠨᠢ ᠬᠥᠮᠦᠨ( ᠠᠮᠢᠳᠤ ᠪᠡᠶ᠎ᠡ ᠶ᠋ᠢᠨ) ᠦ᠌ ᠬᠢᠨᠠᠬᠤ ᠰᠠᠮᠪᠠᠷ᠎ᠠ᠂ ᠬᠣᠶᠠᠳᠠᠬᠢ ᠨᠢ ᠮᠡᠳᠡᠭᠡᠯᠡᠯ ᠦ᠋ᠨ᠂ ᠭᠤᠷᠪᠠᠳᠠᠬᠢ ᠨᠢ ᠵᠣᠬᠢᠴᠠᠭᠤᠯᠤᠯᠲᠠ ᠶ᠋ᠢᠨ ᠡᠭᠦᠷᠭᠡ ᠲᠡᠢ ᠪᠠᠢᠬᠤ ᠶᠣᠰᠣᠲᠠᠢ ᠪᠥᠭᠡᠳ ᠲᠡᠳᠡᠭᠡᠷ ᠨᠢ ᠡᠴᠦᠰ ᠦᠭᠡᠢ ᠭᠤᠷᠪᠠᠯ ᠤ᠋ᠳ ᠲᠤ᠌ ᠵᠠᠳᠠᠷᠠᠵᠤ ᠢᠷᠡᠭᠡᠳᠦᠢ ᠶ᠋ᠢᠨ ᠰᠠᠶ᠎ᠠ ᠰᠠᠶ᠎ᠠ ᠵᠢᠯ ᠦ᠋ᠨ ᠲᠡᠷᠲᠡᠭᠡ ᠬᠢ ᠰᠤᠤᠲᠤ ᠡᠷᠳᠡᠮᠲᠡᠳ ᠦ᠋ᠨ ᠨᠡᠭᠡᠭᠡᠯᠲᠡ ᠠᠪᠠᠢ᠃
    ᠥᠨᠥ ᠶ᠋ᠢᠨ ᠰᠢᠨᠵᠢᠯᠡᠬᠦ ᠤᠬᠠᠭᠠᠨ ᠤ᠋ ᠶᠡᠷᠦᠩᠬᠡᠢ ᠭᠤᠷᠪᠠᠯ ᠤ᠋ᠳ ᠤ᠋ᠨ ᠳᠡᠳ᠋ ᠭᠤᠷᠪᠠᠯ ᠤ᠋ᠳ᠁ ᠭᠠᠳᠠᠭᠠᠷ᠁ ᠪᠤᠶᠤ9 ᠂ 81᠂243᠂ 729᠁6561 ᠭᠡᠬᠦ ᠮᠡᠲᠦ ᠨᠠᠷᠢᠪᠴᠢᠯᠠᠯ ᠢ᠋ ᠭᠦᠢᠴᠡᠳᠬᠡᠵᠦ ᠮᠡᠳᠡᠵᠦ ᠴᠢᠳᠠᠬᠤ ᠦᠭᠡᠢ᠃ ᠭᠡᠪᠡᠴᠦ ᠮᠡᠳᠡᠭᠡᠯᠡᠯ ᠦ᠋ᠨ ᠫᠷᠣᠼᠧᠰᠰ ᠨᠢ ᠮᠥᠨ ᠯᠡ ᠭᠤᠷᠪᠠᠯ ᠭᠡᠰᠡᠨ ᠦᠭᠡ᠃ ᠵᠣᠬᠢᠴᠠᠭᠤᠯᠤᠯᠲᠠ ᠶ᠋ᠢᠨ ᠡᠭᠦᠷᠭᠡ ᠭᠡᠬᠦ ᠳ᠋ᠦ᠍ ᠠᠭᠠᠰᠢ ᠶ᠋ᠢ᠂ ᠰᠡᠳᠬᠢᠯᠭᠡᠨ ᠦ᠌ ᠰᠢᠨᠵᠢ ᠴᠢᠳᠠᠪᠬᠢ᠂ ᠰᠡᠳᠬᠢᠴᠡ ᠶ᠋ᠢᠨ ᠦᠷ᠎ᠡ ᠳ᠋ᠦᠩ ᠢ᠋ ᠲᠣᠳᠣᠷᠬᠠᠢᠯᠠᠳᠠᠭ ᠪᠠᠢᠵᠤ ᠪᠣᠯᠬᠤ ᠮᠡᠲᠦ᠃ ᠲᠡᠭᠡᠪᠡᠯ ᠲᠡᠳᠡᠭᠡᠷ ᠨᠢ ᠪᠠᠰᠠ ᠯᠠ ᠭᠤᠷᠪᠠᠯ ᠦᠷ᠎ᠡ ᠳ᠋ᠦᠩ ᠨᠠᠷᠢᠪᠴᠢᠯᠠᠯ ᠳ᠋ᠤ᠌ ᠠᠯᠤᠰᠯᠠᠨ ᠣᠷᠣᠨ᠎ᠠ᠃ ᠡᠨᠡ ᠡᠭᠦᠷᠭᠡ ᠶ᠋ᠢ ᠨᠢᠭᠡ ᠪᠢᠰᠢ ᠲᠦᠮᠡᠨ ᠰᠢᠨᠵᠢᠯᠡᠬᠦ ᠤᠬᠠᠭᠠᠨ ᠤ᠋ ᠴᠣᠭᠴᠠ ᠰᠤᠳᠤᠯᠭ᠎ᠠ ᠰᠠᠶᠢ ᠲᠠᠢᠯᠪᠤᠷᠢᠯᠠᠨ᠎ᠠ᠃ ᠲᠡᠭᠦᠨ ᠳ᠋ᠦ᠍ ᠨᠢᠭᠡᠨ ᠵᠠᠭᠤᠨ ᠪᠢᠰᠢ ᠬᠡᠳᠦᠨ ᠮᠢᠩᠭᠠᠨ ᠵᠢᠯ᠁ ᠮᠡᠳᠡᠭᠡᠵᠢ ᠬᠢᠵᠠᠭᠠᠷ ᠦᠭᠡᠢ ᠬᠤᠭᠤᠴᠠᠭ᠎ᠠ ᠱᠠᠭᠠᠷᠳᠠᠭᠳᠠᠨ᠎ᠠ᠃ ᠲᠡᠭᠦᠨ ᠦ᠌ ᠨᠠᠰᠤ ᠵᠢᠮ᠎ᠡ ᠬᠠᠷᠢᠴᠠᠩᠭᠤᠢ ᠪᠠᠢᠬᠤ ᠪᠣᠯᠤᠯᠴᠠᠭ᠎ᠠ ᠦᠭᠡᠢ ᠭᠡᠳᠡᠭ ᠢ᠋ ᠯᠡ ᠪᠢᠳᠡ《ᠨᠡᠭᠡᠭᠡᠬᠦ》 ᠪᠣᠯᠤᠮᠵᠢ ᠲᠠᠢ ᠪᠠᠢᠨ᠎ᠠ᠃ ᠶᠠᠭᠤᠲᠠᠢ ᠴᠤ᠌ ᠠᠮᠢ ᠪᠠᠢᠭ᠎ᠠ ᠨᠥᠬᠥᠴᠡᠯ ᠳ᠋ᠦ᠍《ᠣᠶᠤᠨ ᠰᠠᠨᠠᠭ᠎ᠠ》 ᠠᠵᠢᠯᠯᠠᠵᠤ᠂ ᠪᠠᠰᠠ ᠡᠯ᠎ᠡ ᠲᠣᠬᠢᠶᠠᠯᠳᠤᠯ ᠳ᠋ᠤ᠌《ᠪᠡᠶ᠎ᠡ》 ᠮᠥᠨ ᠴᠢᠨᠠᠷ ᠢ᠋ᠶ᠋ᠠᠨ ᠣᠯᠵᠤ ᠣᠷᠣᠰᠢᠬᠤ ᠰᠠᠨ ᠪᠢᠯᠡ᠃ ᠡᠢᠮᠦ ᠡᠴᠡ《ᠠᠮᠢ》 ᠬᠡᠮᠡᠬᠦ ᠪᠠᠯᠠᠷ ᠡᠷᠲᠡᠨ ᠦ᠌《ᠲᠥᠭᠡᠷᠢᠭᠳᠡᠯ》 ᠢ᠋ᠶ᠋ᠡᠷ ᠬᠤᠶᠠᠭᠯᠠᠭᠰᠠᠨ ᠡᠨᠡ ᠦᠨᠡᠨ ᠪᠣᠯ ᠢᠳᠢᠶᠡᠯ ᠮᠠᠲ᠋ᠧᠷᠢ ᠬᠣᠶᠠᠷ ᠤ᠋ᠨ ᠠᠯᠢ ᠤᠷᠤᠭᠤ ᠨᠢ ᠬᠠᠵᠠᠢᠭ᠎ᠠ ᠦᠭᠡᠢ ᠪᠠᠰᠠ ᠬᠤᠳᠬᠤᠯᠳᠤᠭ᠎ᠠ ᠦᠭᠡᠢ᠃《ᠠᠮᠢ》 ᠭᠡᠳᠡᠭ ᠦᠯᠦ ᠮᠡᠳᠡᠭᠳᠡᠬᠦ ᠥᠨᠥ ᠶ᠋ᠢᠨ ᠭᠠᠢᠬᠠᠮᠰᠢᠭ ᠪᠠᠢᠭ᠎ᠠ᠂ ᠪᠠᠢᠬᠤ ᠦᠭᠡᠢ ᠪᠣᠯᠳᠠᠭ ᠪᠠᠢᠭᠰᠠᠨ ᠨᠢ ᠦᠨᠡᠨ ᠤᠴᠢᠷ ᠠ᠋ᠴᠠ ᠮᠤᠬᠤᠷ ᠰᠦᠰᠦᠭ ᠲᠠᠭᠠᠮᠠᠭᠯᠠᠯ ᠪᠢᠰᠢ ᠠ᠋᠃ ᠶᠡᠷᠦ ᠡᠴᠡ ᠭᠦᠨ ᠤᠬᠠᠭᠠᠨ ᠤ᠋ ᠰᠤᠳᠤᠯᠬᠤ ᠵᠦᠢᠯ ᠡᠴᠦᠰ ᠦ᠋ᠨ ᠡᠴᠦᠰ ᠲᠦ᠍ ᠡᠨᠡ ᠪᠥᠭᠡᠳ ᠠᠬᠤᠢ ᠶ᠋ᠢ ᠹᠢᠽᠢᠺ᠁ ᠬᠢᠮᠢ᠁ ᠤᠬᠠᠮᠰᠠᠷ ᠢ᠋ ᠰᠡᠳᠬᠢᠯ ᠵᠦᠢ᠁ ᠮᠡᠳᠡᠯᠭᠡ᠁ ᠰᠤᠷᠭᠠᠨ᠁ ᠬᠡᠯᠡ᠁ ᠪᠤᠰᠤᠳ ᠰᠠᠯᠪᠤᠷᠢ ᠤᠬᠠᠭᠠᠨ ᠨᠤᠭᠤᠳ ᠰᠤᠳᠤᠯᠬᠤ ᠰᠤᠳᠤᠯᠤᠭᠳᠠᠬᠤᠨ ᠶᠤᠮ᠃ ᠢᠷᠡᠭᠡᠳᠦᠢ ᠳ᠋ᠦ᠍《ᠠᠮᠢ》 ᠰᠤᠳᠤᠯᠤᠯ ᠮᠥᠨ ᠯᠡ ᠮᠡᠳᠡᠭᠡᠵᠢ ᠣᠯᠠᠨ ᠰᠠᠯᠪᠤᠷᠢ ᠤᠬᠠᠭᠠᠨ ᠲᠠᠢ ᠪᠣᠯᠬᠤ ᠨᠢ ᠭᠤᠷᠪᠠᠯ ᠠ᠋ᠴᠠ ᠡᠭᠦᠳᠬᠦ ᠦᠨᠡᠨ᠃ ᠮᠣᠩᠭᠣᠯᠴᠤᠳ ᠤ᠋ᠨ《ᠶᠢᠷᠲᠢᠨᠴᠦ ᠶ᠋ᠢᠨ ᠭᠤᠷᠪᠠ》 ᠬᠡᠮᠡᠬᠦ ᠠᠮᠠᠨ ᠤᠯᠠᠮᠵᠢᠯᠠᠯ ᠲᠠᠢ ᠤᠷᠠᠨ ᠵᠣᠬᠢᠶᠠᠯ ᠭᠦᠨ ᠤᠬᠠᠭᠠᠨ ᠤ᠋ ᠰᠣᠩᠭᠣᠳᠠᠭ ᠪᠦᠲᠦᠭᠡᠯ ᠰᠤᠷᠪᠤᠯᠵᠢ ᠨᠤᠭᠤᠳ ᠲᠤ᠌
    ᠥᠰᠬᠦ ᠳ᠋ᠦ᠍ ᠰᠢᠲᠦ ᠴᠠᠭᠠᠨ
    ᠥᠲᠡᠯᠬᠦ ᠳ᠋ᠦ᠍ ᠦᠰᠦ ᠴᠠᠭᠠᠨ
    ᠦᠬᠦᠬᠦ ᠳ᠋ᠦ᠍ ᠶᠠᠰᠤ ᠴᠠᠭᠠᠨ(ᠠᠮᠢ)
    ᠭᠠᠵᠠᠷ ᠦᠨᠳᠦᠰᠦ ᠪᠡᠷ ᠪᠠᠶᠠᠨ
    ᠲᠩᠷᠢ ᠣᠳᠣ ᠪᠠᠷ ᠪᠠᠶᠠᠨ
    ᠳᠡᠯᠡᠬᠡᠢ ᠤᠰᠤ ᠪᠠᠷ ᠪᠠᠶᠠᠨ(ᠮᠠᠲ᠋ᠧᠷᠢ
    ᠡᠷᠬᠢᠮ ᠲᠡᠨᠡᠭ ᠮᠣᠷᠢ ᠪᠠᠨ ᠮᠠᠭᠲᠠᠨ᠎ᠠ
    ᠳᠤᠮᠳᠠ ᠲᠡᠨᠡᠭ ᠡᠬᠡᠨᠡᠷ ᠢ᠋ᠶ᠋ᠡᠨ ᠮᠠᠭᠲᠠᠨ᠎ᠠ
    ᠠᠳᠠᠭ ᠤ᠋ᠨ ᠲᠡᠨᠡᠭ ᠪᠡᠶ᠎ᠡ ᠪᠡᠨ ᠮᠠᠭᠲᠠᠨ᠎ᠠ
ᠵᠠᠬ᠎ᠠ ᠠ᠋ᠴᠠ ᠨᠢ ᠰᠢᠭᠦᠷᠡᠵᠦ ᠠᠪᠤᠨ ᠪᠢᠴᠢᠭᠰᠡᠨ ᠶᠢᠷᠲᠢᠨᠴᠦ ᠶ᠋ᠢᠨ ᠭᠤᠷᠪᠠᠨ ᠴᠠᠭᠠᠨ᠂ ᠪᠠᠶᠠᠨ᠂ ᠲᠡᠨᠡᠭ ᠭᠤᠷᠪᠠᠯ ᠤ᠋ᠳ ᠤ᠋ᠨ ᠲᠤᠬᠠᠢ ᠳ᠋ᠤ᠌ ᠥᠴᠢ ᠲᠥᠴᠢᠨᠡᠭᠡᠨ ᠲᠠᠢᠯᠪᠤᠷᠢ ᠲᠣᠯᠢ ᠪᠢᠴᠢᠵᠦ ᠠᠭᠤᠯᠭ᠎ᠠ ᠶ᠋ᠢᠨ ᠭᠦᠨ ᠳ᠋ᠦ᠍ ᠨᠢ ᠪᠡᠳᠡᠷᠢᠵᠦ ᠪᠣᠯᠤᠨ᠎ᠠ᠃
    ᠳᠡᠭᠡᠳᠦ ᠪᠠᠶᠠᠨ ᠦᠷ᠎ᠡ ᠬᠡᠦᠬᠡᠳ(ᠠᠮᠢ)
    ᠳᠤᠮᠳᠠ ᠪᠠᠶᠠᠨ ᠡᠷᠳᠡᠮ ᠨᠣᠮ(ᠤᠬᠠᠮᠰᠠᠷ)
    ᠳᠣᠭᠣᠳᠤ ᠪᠠᠶᠠᠨ ᠡᠳ᠋ ᠬᠥᠷᠥᠩᠭᠡ(ᠠᠬᠤᠢ)
ᠶᠢᠷᠲᠢᠨᠴᠦ ᠶ᠋ᠢᠨ ᠭᠤᠷᠪᠠᠨ ᠪᠠᠶᠠᠨ ᠤ᠋ ᠭᠤᠷᠪᠠᠯ ᠡᠨᠡ ᠬᠤᠪᠢᠯᠪᠤᠷᠢ ᠭᠤᠷᠪᠠᠯ ᠤᠬᠠᠭᠠᠨ ᠤ᠋ ᠶᠡᠷᠦᠩᠬᠡᠢ ᠳᠠᠷᠠᠭᠠᠯᠠᠯ ᠢ᠋ ᠭᠦᠨ ᠤᠬᠠᠭᠠᠨ ᠤ᠋ ᠡᠭᠦᠳᠡᠨ ᠡᠴᠡ ᠲᠣᠭᠲᠠᠭᠠᠭᠰᠠᠨ ᠮᠡᠲᠦ᠃ ᠪᠦᠬᠦᠢ ᠯᠡ ᠵᠦᠢᠯ ᠦ᠋ᠨ ᠤᠳᠬ᠎ᠠ ᠤᠴᠢᠷ᠂ ᠵᠣᠷᠢᠯᠭ᠎ᠠ᠂ ᠪᠢᠰᠢᠷᠡᠯ᠂ ᠰᠢᠲᠦᠯᠭᠡ᠂ ᠬᠥᠭᠵᠢᠯ ᠭᠠᠭᠴᠠᠬᠦ ᠠᠮᠢᠨ ᠤ᠋ ᠲᠤᠯᠠ ᠶᠤᠮᠰᠠᠨᠵᠠᠢ᠃ ᠡᠪᠡᠳᠬᠦ ᠥᠲᠡᠯᠬᠦ ᠦᠬᠦᠬᠦ ᠭᠤᠷᠪᠠᠨ ᠵᠣᠪᠠᠯᠠᠩ ᠤ᠋ᠨ ᠰᠢᠯᠲᠠᠭᠠᠨ ᠨᠢ ᠰᠢᠨᠤᠯ᠂ ᠠᠲᠠᠭ᠎ᠠ᠂ ᠣᠮᠣᠭ ᠭᠤᠷᠪᠠ᠁ ᠭᠤᠷᠪᠠᠯ ᠣᠨᠣᠯ ᠳ᠋ᠤᠸᠠᠯᠢᠽᠮ ᠪᠢᠰᠢ ᠭᠡᠳᠡᠭ ᠢ᠋ ᠮᠣᠩᠭᠣᠯ ᠠᠷᠠᠳ ᠤ᠋ᠨ ᠭᠦᠨ ᠤᠬᠠᠭᠠᠨ《ᠶᠢᠷᠲᠢᠨᠴᠦ ᠶ᠋ᠢᠨ ᠭᠤᠷᠪᠠ》 ᠨᠤᠭᠤᠳ ᠡᠢᠨ ᠨᠤᠲᠠᠯᠠᠬᠤ ᠠᠪᠠᠢ᠃ ᠠᠮᠢ ᠡᠭᠦᠰᠦᠨ᠎ᠡ᠃ ᠪᠥᠭᠡᠰᠦ ᠮᠡᠲᠦ᠁ ᠮᠥᠭᠥ ᠮᠡᠲᠦ᠁ ᠳᠠᠷᠬᠠᠯᠠᠯ ᠤ᠋ᠨ ᠸᠢᠷᠦᠰ①᠁ ᠮᠡᠲᠦ ᠠᠮᠢᠨ ᠠ᠋ᠴᠠ ᠡᠭᠦᠰᠦᠨ᠎ᠡ᠃ ᠴᠢᠭᠢᠭ ᠦ᠋ᠨ ᠤᠯᠠᠭᠠᠨ ᠬᠣᠷᠣᠬᠠᠢ ᠠᠮᠢ ᠲᠠᠢ ᠰᠢᠷᠣᠢ ᠪᠤᠰᠤ ᠤᠤ? ᠳᠠᠭ᠎ᠠ ᠦᠭᠡᠢ ᠣᠷᠴᠢᠨ ᠳ᠋ᠤ᠌ ᠵᠡᠷᠡᠮᠳᠡᠭ ᠪᠠᠬ᠎ᠠ ᠳᠤᠲᠠᠭᠤ ᠬᠥᠭᠵᠢᠯ ᠵᠠᠶᠠᠭᠠᠨ᠎ᠠ᠃ ᠬᠥᠮᠦᠨ ᠣᠷᠴᠢᠯᠠᠩ ᠤ᠋ᠨ ᠳᠡᠭᠡᠳᠦ ᠲᠠᠭᠠᠯᠠᠮᠵᠢᠲᠠᠢ ᠣᠷᠴᠢᠨ ᠳ᠋ᠤ᠌ ᠡᠭᠦᠰᠦᠭᠰᠡᠨ ᠭᠤᠷᠪᠠᠨ ᠥᠩᠭᠡᠲᠦ ᠠᠷᠠᠰᠤᠲᠠᠨ᠃ ᠬᠥᠮᠦᠨ ᠰᠠᠷᠮᠠᠭᠴᠢᠨ ᠠ᠋ᠴᠠ ᠡᠭᠦᠰᠦᠭᠡ ᠦᠭᠡᠢ᠃ ᠲᠡᠢᠮᠦ ᠪᠣᠯ ᠬᠥᠮᠦᠨ ᠦ᠌ ᠦᠷ᠎ᠡ ᠰᠠᠷᠮᠠᠭᠴᠢᠨ ᠤ᠋ ᠵᠤᠯᠵᠠᠭ᠎ᠠ(ᠮᠣᠨᠰᠢ ②) ᠲᠥᠷᠥᠬᠦ ᠶᠣᠰᠣᠲᠠᠢ᠃ ᠬᠥᠮᠦᠨ ᠲᠥᠪ ᠠᠽᠢ ᠳ᠋ᠤ᠌ ᠶᠤᠮ ᠤᠤ᠂ ᠠᠹᠷᠢᠺᠠ ᠳ᠋ᠤ᠌ ᠡᠭᠦᠰᠴᠡᠢ ᠭᠡᠳᠡᠭ ᠥᠨᠥᠬᠡᠨ᠂ ᠤᠳᠬ᠎ᠠ ᠦᠭᠡᠢ ᠲᠠᠰᠢᠶᠠᠷᠠᠯ ᠪᠥᠭᠡᠳ ᠬᠥᠮᠦᠨ ᠭᠤᠷᠪᠠᠨ ᠴᠢᠭ ᠲᠤ ᠡᠭᠦᠰᠬᠦ ᠵᠢᠮ᠎ᠡ ᠲᠡᠢ᠃ ᠲᠡᠷᠡ ᠨᠢ ᠲᠥᠪ ᠠᠽᠢᠶ᠎ᠠ᠂ ᠲᠥᠪ ᠠᠹᠷᠢᠺᠠ᠂ ᠲᠥᠪ ᠧᠦ᠋ᠷᠣᠫᠠ᠃ ᠲᠥᠪ ᠠᠽᠢ ᠠ᠋ᠴᠠ ᠧᠦ᠋ᠷᠣᠫᠠ ᠳ᠋ᠤ᠌ ᠨᠡᠭᠦᠳᠡᠯᠯᠡᠨ ᠣᠴᠢᠭᠰᠠᠨ ᠢ᠋ᠶ᠋ᠠᠷ ᠰᠢᠷ᠎ᠠ ᠠᠷᠠᠰᠤ ᠨᠢ ᠴᠠᠭᠠᠨ ᠪᠣᠯᠬᠤ ᠦᠭᠡᠢ᠃ ᠦᠷ᠎ᠡ ᠬᠡᠦᠬᠡᠳ ᠨᠢ ᠰᠢᠷ᠎ᠠ ᠠᠷᠠᠰᠤᠲᠠᠨ ᠲᠥᠷᠥᠭᠡᠳ ᠥᠰᠬᠦ ᠳ᠋ᠡᠭᠡᠨ ᠴᠠᠭᠠᠨ ᠪᠣᠯᠬᠤ ᠲᠡᠦᠬᠡ ᠶ᠋ᠢ ᠡᠨᠡ ᠬᠣᠷᠸ᠎ᠠ ᠬᠠᠷᠠᠬᠤ ᠦᠭᠡᠢ᠃ ᠰᠢᠨ᠎ᠡ ᠲᠢᠪ ᠪᠤᠶᠤ ᠠᠮᠧᠷᠢᠺᠠ ᠳ᠋ᠤ᠌ ᠲᠥᠪ ᠠᠽᠢ ᠠ᠋ᠴᠠ ᠨᠡᠭᠦᠳᠡᠯᠯᠡᠨ ᠣᠴᠢᠭᠰᠠᠨ ᠮᠣᠩᠭᠣᠯ ᠲᠡᠷᠢᠭᠦᠲᠡᠨ ᠨᠦ᠍ᠭᠦᠳ ᠦ᠋ᠨ ᠳ᠋ᠢᠸᠠᠩᠭᠠᠷ ᠤ᠋ᠨ ᠡᠬᠡ ᠡᠭᠦᠨ ᠢ᠋ ᠨᠤᠲᠠᠯᠠᠭ᠎ᠠ᠃ᠢᠨᠳᠢᠶᠡᠨ ᠨᠢ ᠮᠣᠩᠭᠣᠯᠢᠣ᠋ ᠳ᠋ᠤ᠌ ᠭᠠᠷᠤᠯ ᠲᠠᠢ ᠪᠠᠢᠬᠤ ᠵᠠᠢᠯᠠᠰᠢ ᠦᠭᠡᠢ ᠲᠠᠭᠠᠮᠠᠭᠯᠠᠯ ᠨᠢ ᠭᠤᠷᠪᠠᠯ ᠤ᠋ᠨ ᠱᠠᠭᠠᠷᠳᠠᠯᠭ᠎ᠠ᠃ ᠭᠤᠷᠪᠠᠯ ᠣᠨᠣᠯ ᠤ᠋ᠨ ᠡᠨᠡ ᠮᠡᠲᠦ ᠵᠢᠱ᠌ᠢᠶ᠎ᠡ ᠨᠢ ᠮᠠᠲ᠋ᠧᠷᠢ ᠤᠬᠠᠮᠰᠠᠷ ᠬᠣᠶᠠᠷ ᠲᠤ᠌ ᠬᠤᠳᠬᠤᠯᠳᠤᠭ᠎ᠠ ᠦᠭᠡᠢ《ᠠᠮᠢ》 ᠭᠡᠭᠴᠢ ᠲᠤᠰᠬᠠᠢ ᠲᠣᠳᠣᠷᠬᠠᠢ ᠵᠦᠢᠯ ᠦ᠋ᠨ ᠤᠴᠢᠷ ᠶᠤᠮ᠃《ᠠᠮᠢ》 ᠳᠠᠩ ᠢ᠋ᠶ᠋ᠠᠷ ᠢ᠋ᠶ᠋ᠠᠨ ᠭᠦᠨ ᠤᠬᠠᠭᠠᠨ ᠤ᠋ ᠰᠤᠳᠤᠯᠬᠤ ᠵᠦᠢᠯ ᠦᠨᠡᠨ ᠳ᠋ᠡᠭᠡᠨ ᠪᠢᠰᠢ᠂ ᠵᠥᠪᠬᠡᠨ ᠭᠣᠣᠯ ᠱᠠᠭᠠᠷᠳᠠᠯᠭ᠎ᠠ ᠭᠡᠳᠡᠭ ᠢ᠋ ᠬᠦᠯᠢᠶᠡᠨ ᠵᠥᠪᠰᠢᠶᠡᠷᠡᠬᠦ ᠶᠣᠰᠣᠲᠠᠢ᠃ ᠡᠢᠮᠦ ᠡᠴᠡ ᠭᠠᠭᠴᠠᠬᠦ ᠭᠤᠷᠪᠠᠯ ᠴᠣᠭᠴᠠ ᠶ᠋ᠢᠨ ᠨᠢᠭᠡᠳᠦᠯ ᠨᠢ ᠭᠦᠨ ᠤᠬᠠᠭᠠᠨ ᠭᠡᠵᠦ ᠪᠠᠭᠤᠯᠲᠠ ᠬᠢᠶ᠎ᠡ᠃ ᠭᠡᠬᠦ ᠳ᠋ᠡᠭᠡᠨ ᠯᠡ ᠠᠮᠢ ᠶ᠋ᠢ ᠡᠷᠬᠢᠮ ᠳ᠋ᠦ᠍ ᠦᠵᠡᠬᠦ ᠨᠢ ᠴᠢᠬᠤᠯᠠ ᠪᠣᠯᠤᠨ᠎ᠠ᠃
᠁᠁᠁᠁᠁᠁᠁
① ᠸᠢᠷᠦᠰ— ᠡᠪᠡᠳᠴᠢᠨ ᠦ᠌ ᠬᠣᠣᠷ᠎ᠠ᠂ ᠪᠡᠶ᠎ᠡ ᠱᠦᠭᠦᠷᠡᠬᠦ᠂ ᠬᠣᠣᠷ᠎ᠠ ᠲᠤᠩᠭᠠᠬᠤ(ᠪᠠᠭᠤᠯᠭᠠᠭᠴᠢ)
② ᠮᠣᠨᠰᠢ — ᠮᠠᠭᠤ ᠠᠮᠢᠲᠠᠨ᠂ ᠯᠤᠢᠪᠠᠷᠴᠢᠨ᠂ ᠲᠠᠩᠬᠠᠢᠴᠤᠳ᠂ ᠬᠡᠷᠴᠡᠭᠡᠢᠴᠦᠳ᠂ ᠬᠥᠮᠦᠨ ᠢ᠋ ᠬᠠᠷᠢᠶᠠᠬᠤ ᠦᠭᠡ(ᠪᠠᠭᠤᠯᠭᠠᠭᠴᠢ)

   ᠦᠰᠦᠭ ᠠᠮᠢᠯᠠᠭᠤᠯᠤᠭᠰᠠᠨ᠄ ᠪᠠᠶᠠᠨᠰᠡᠷᠡᠩ᠂ ᠲᠣᠭᠳᠠᠭᠤᠨᠪᠠᠶᠠᠷ 
   ᠬᠢᠨᠠᠭᠴᠢ ᠪᠠᠭᠰᠢ᠄ ᠤᠳᠬᠠᠨᠰᠣ᠎ᠠ᠂ ᠰᠡᠬᠡᠭᠡᠷᠡᠯ᠂ ᠪᠠᠶᠠᠨᠰᠡᠷᠡᠩ