1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 4-10Мөнх ТунхMunkh Tunkh

ᠮᠥᠩᠬᠡ ᠲᠤᠩᠬᠤ 4-10Мөнх ТунхMunkh Tunkh

2023-08-23

298

ᠮᠥᠩᠬᠡ ᠲᠤᠩᠬᠤ ᠳᠥᠷᠪᠡᠳᠦᠭᠡᠷ ᠤᠯᠠᠷᠢᠯ ᠤ᠋ᠨ ᠠᠷᠪᠠᠳᠤᠭᠠᠷ ᠠᠩᠭᠢ

ᠮᠣᠩᠭᠣᠯ ᠠᠷᠠᠳ ᠤ᠋ᠨ ᠦᠯᠢᠭᠡᠷ ᠪᠤᠭᠤ ᠲᠡᠮᠡᠭᠡ ᠬᠣᠶᠠᠷ
ᠡᠷᠲᠡ ᠤᠷᠢᠳᠤ ᠴᠠᠭ ᠲᠤ᠌᠂ᠲᠡᠮᠡᠭᠡ ᠣᠳᠣ ᠶ᠋ᠢᠨ ᠪᠤᠭᠤ ᠶ᠋ᠢᠨ ᠰᠢᠭ ᠠᠷᠪᠠᠨ ᠬᠣᠶᠠᠷ ᠰᠠᠯᠠᠭ᠎ᠠ ᠡᠪᠡᠷ ᠲᠡᠢ ᠪᠠᠢᠭᠰᠠᠨ ᠠᠵᠠᠢ᠃ ᠰᠦᠷᠯᠢᠭ ᠰᠠᠢᠬᠠᠨ ᠴᠢᠮᠡᠭᠯᠡᠯ ᠪᠣᠯᠤᠭᠰᠠ ᠡᠪᠡᠷ ᠢ᠋ ᠨᠢ ᠰᠢᠭᠦᠷᠴᠦ ᠠᠪᠤᠭᠠᠳ ᠪᠤᠭᠤ ᠣᠢ  ᠳ᠋ᠤ᠌ ᠪᠠᠨ ᠣᠷᠣᠴᠢᠬᠠᠪᠠ᠃ ᠰᠠᠢᠬᠠᠨ ᠰᠡᠳᠬᠢᠯᠲᠦ ᠲᠡᠮᠡᠭᠡ ᠮᠠᠨᠢ ᠠᠨᠠᠢ ᠯᠠ ᠮᠣᠷᠢᠨ ᠤ᠋ ᠦᠭᠡᠨ ᠳ᠋ᠦ᠍ ᠣᠷᠣᠭᠠᠳ ᠰᠡᠭᠦᠯ ᠢ᠋ᠶ᠋ᠡᠨ ᠪᠠᠰᠠ ᠰᠣᠯᠢᠴᠢᠬᠠᠵᠠᠢ ᠭᠡᠨ᠎ᠡ᠃
ᠮᠥᠩᠬᠡ᠄ ᠬᠥᠶᠢ᠂ ᠳ᠋ᠤᠷᠤᠷᠠᠨ ᠪᠠᠰᠠᠷ ᠤ᠋ᠨ ᠬᠣᠭᠣᠯᠠᠢ ᠪᠠᠷ ᠶᠠᠷᠢᠭᠠᠳ ᠪᠠᠢᠨ᠎ᠠ ᠤᠤ ᠳᠠ᠃
ᠳ᠋ᠤᠷᠤᠨ᠄ ᠬᠥᠶᠢ ᠮᠥᠩᠬᠡ ᠴᠢ ᠴᠠᠰᠤᠬᠠᠨ ᠤ᠋ ᠬᠣᠭᠣᠯᠠᠢ ᠪᠠᠷ ᠶᠠᠷᠢᠭᠠᠳ ᠪᠠᠢᠨ᠎ᠠ ᠤᠤ ᠳᠠ᠃
ᠪᠠᠮᠪᠠᠷ᠄ ᠬᠥᠶᠢ ᠶᠠᠭᠤ ᠪᠣᠯᠤᠭᠠᠳ ᠪᠠᠢᠨ᠎ᠠ?
ᠴᠠᠰᠤᠬᠠᠨ᠄ ᠠᠢ᠂ ᠪᠢᠳᠡᠨ ᠦ᠌ ᠪᠡᠶ᠎ᠡ ᠨᠦ᠍ᠭᠦᠳ ᠰᠣᠯᠢᠭᠳᠠᠭᠰᠠᠨ ᠪᠠᠢᠨ᠎ᠠ ᠤᠤ ᠳᠠ?
ᠲᠣᠷᠤᠨ᠄ ᠪᠠᠰᠠᠷ ᠠ᠋᠂ᠪᠠᠰᠠᠷ᠂ᠡᠨᠡ ᠶᠠᠭᠠᠬᠢᠵᠤ ᠨᠢᠰᠳᠡᠭ ᠶᠦ᠍ᠮ ᠪᠣᠢ? ᠬᠦᠳᠡᠯᠭᠡᠪᠦᠷᠢ ᠨᠢ ᠬᠦᠳᠡᠯᠭᠡᠪᠦᠷᠢ ᠨᠢ ᠬᠠᠮᠢᠭ᠎ᠠ ᠨᠢ ᠪᠠᠢᠭ᠎ᠠ ᠶᠤᠮ ᠪᠣᠢ?
ᠮᠥᠩᠬᠡ᠄ ᠴᠠᠰᠤᠬᠠᠨ ᠠ᠋ ᠡᠨᠡ ᠨᠢᠭᠡ ᠯᠡ ᠡᠪ ᠦᠭᠡᠢ ᠪᠠᠢᠭᠠᠳ ᠪᠠᠢᠬᠤ ᠶᠤᠮ᠃
ᠪᠠᠮᠪᠠᠷ᠄ ᠬᠥᠶᠢ ᠲᠤᠩᠬᠤ ᠠ᠋᠂ ᠵᠦᠭᠡᠷ ᠤᠤ?ᠠ! ᠪᠢ ᠶᠠᠮᠠᠷ ᠥᠨᠳᠥᠷ ᠪᠣᠯᠴᠢᠬᠠᠭᠰᠠᠨ ᠶᠤᠮ ᠪᠣᠢ?
ᠲᠤᠩᠬᠤ᠄ ᠪᠠᠮᠪᠠᠷ ᠠ᠋᠂ᠨᠠᠮ᠎ᠠ ᠶ᠋ᠢ ᠰᠠᠢᠨ ᠪᠠᠷᠢᠭᠠᠷᠠᠢ!
ᠴᠠᠰᠤᠬᠠᠨ᠄ ᠵᠠ! ᠮᠠᠨ ᠤ᠋ ᠬᠢᠨ ᠠ᠋᠂ ᠲᠠᠢᠪᠤᠩ ᠪᠠᠢᠭᠠᠷᠠᠢ᠂ ᠪᠢ ᠮᠥᠩᠬᠡ ᠶ᠋ᠢᠨ ᠪᠠᠶᠠᠨ ᠳ᠋ᠤ᠌ ᠣᠷᠣᠴᠢᠬᠠᠭᠰᠠᠨ ᠤᠴᠢᠷ ᠠ᠋ᠴᠠ ᠡᠨᠡ ᠦᠯᠢᠭᠡᠷ  ᠲᠦ᠍ ᠶᠠᠭ ᠶᠠᠭᠤ ᠲᠣᠬᠢᠶᠠᠯᠳᠤᠭᠠᠳ ᠪᠠᠢᠭ᠎ᠠ ᠶ᠋ᠢ ᠮᠡᠳᠡᠬᠦ ᠦᠭᠡᠢ ᠪᠠᠢᠨ᠎ᠠ᠃
ᠪᠠᠰᠠᠷ᠄ ᠥᠩ᠂ ᠬᠦᠯᠢᠶᠡᠭᠡᠷᠡᠢ᠂ ᠮᠠᠨ ᠤ᠋ ᠬᠢᠨ ᠠ᠋᠂ᠮᠠᠨ ᠤ᠋ ᠬᠢᠨ ᠠ᠋᠂ ᠵᠢᠭᠠᠬᠠᠨ ᠲᠠᠢᠪᠤᠩ᠂ ᠪᠢ ᠡᠨᠳᠡ ᠪᠠᠷᠤᠭ ᠲᠣᠭᠠᠨ ᠤ᠋ ᠨᠠᠷᠢᠨ ᠤᠬᠠᠭᠠᠨ ᠢ᠋ ᠣᠯᠴᠢᠬᠠᠬᠤ ᠰᠢᠭ᠋ ᠪᠣᠯᠤᠯ᠎ᠠ᠂ ᠲᠣᠭ᠎ᠠ ᠲᠣᠭ᠎ᠠ᠂ᠮᠠᠰᠢ ᠶᠡᠬᠡ ᠲᠣᠭ᠎ᠠ᠂ᠨᠠᠳᠠ ᠮᠠᠰᠢ ᠶᠡᠬᠡ ᠲᠣᠭ᠎ᠠ ᠬᠡᠷᠡᠭᠲᠡᠢ ᠪᠠᠢᠨ᠎ᠠ᠂ ᠡᠨᠡ ᠶᠡᠬᠡ ᠬᠢᠵᠠᠭᠠᠷ ᠦᠭᠡᠢ ᠮᠡᠳᠡᠯᠭᠡ᠂ ᠬᠢᠮᠡᠯ ᠣᠶᠤᠨ ᠤᠬᠠᠭᠠᠨ᠂ ᠡᠨᠡ ᠶᠡᠬᠡ ᠡᠷᠬᠡ ᠮᠠᠲᠠᠯ᠂ ᠳᠡᠯᠡᠬᠡᠢ ᠶ᠋ᠢ ᠡᠵᠡᠯᠡᠬᠦ ᠷᠤᠪᠡᠲ ᠦ᠋ᠨ ᠲᠡᠢᠨ᠃
ᠮᠥᠩᠬᠡ᠄ ᠬᠥᠶᠢ ᠪᠠᠰᠠᠷ ᠠ᠋᠂ ᠶᠠᠭᠤ ᠪᠣᠯᠤᠭᠠᠳ ᠪᠠᠢᠭ᠎ᠠ ᠶᠤᠮ ᠪᠣᠢ?
ᠪᠠᠰᠠᠷ᠄ ᠵᠦᠭᠡᠷ ᠠ᠋᠂ ᠮᠥᠩᠬᠡ ᠨᠠᠮ᠎ᠠ ᠶ᠋ᠢ ᠣᠳᠣ ᠠ᠋ᠴᠠ ᠠᠷᠢᠶᠠᠲᠠᠨ ᠳ᠋ᠤᠷᠤᠷᠠᠨ ᠭᠡᠵᠦ ᠳᠠᠭᠤᠳᠠᠭᠠᠷᠠᠢ!
ᠲᠤᠩᠬᠤ᠄ ᠠ ⁉
ᠪᠠᠮᠪᠠᠷ᠄ ᠶᠠᠭᠠᠬᠢᠨ᠎ᠠ?
ᠴᠠᠰᠤᠬᠠᠨ : ᠶᠠᠭᠤ?
ᠳ᠋ᠤᠷᠤᠨ᠄ ᠦᠭᠡᠢ᠂ ᠪᠠᠰᠠᠷ ᠠ᠋᠂ ᠪᠣᠯᠬᠤ ᠦᠭᠡᠢ᠂ Dark site(ᠬᠠᠷ᠎ᠠ ᠰᠦᠯᠵᠢᠶ᠎ᠡ) ᠤᠷᠤᠭᠤ ᠪᠢᠲᠡᠭᠡᠢ ᠣᠷᠣᠭᠠᠷᠠᠢ᠃
ᠪᠠᠰᠠᠷ᠄ ᠬᠡ ᠬᠡ᠂ ᠳ᠋ᠤᠷᠤᠷᠠᠨ ᠰᠢᠭ᠋ ᠤᠶᠠᠩᠭᠠᠯᠠᠵᠤ ᠪᠠᠢᠬᠤ ᠳ᠋ᠤ᠌ ᠳᠠ! ᠭᠡᠬᠦ ᠳ᠋ᠦ᠍ ᠪᠡᠨ ᠠᠷᠢᠶᠠᠲᠠᠨ ᠳ᠋ᠤᠷᠤᠷᠠᠨ ᠭᠡᠰᠡᠨ ᠴᠢᠨᠢ ᠪᠠᠰᠠ ᠯᠠ ᠠᠶᠤᠮᠠᠷ ᠰᠣᠨᠣᠰᠳᠠᠵᠤ ᠪᠠᠢᠨ᠎ᠠ ᠰᠢᠦ᠂ ᠠ!
ᠮᠥᠩᠬᠡ᠄ ᠶᠣ᠂ ᠬᠥᠮᠦᠨ ᠠᠶᠤᠯᠭᠠᠴᠢᠬᠠᠬᠤ ᠶᠤᠮ ᠠ᠋᠂ ᠪᠠᠰᠠᠷ ᠠ᠋᠂ ᠮᠢᠨᠦ comment (ᠰᠡᠳᠬᠢᠭᠳᠡᠯ ᠢ᠋ᠶ᠋ᠡᠨ ᠪᠢᠴᠢᠬᠦ) ᠳᠡᠭᠡᠷ᠎ᠡ ᠭᠠᠷᠳᠠᠭ ᠦᠨᠡᠬᠡᠷ ᠯᠡ ᠮᠠᠭᠤ ᠰᠠᠨᠠᠭ᠎ᠠ ᠲᠠᠢ ᠪᠣᠯᠴᠢᠬᠠᠯ᠎ᠠ ᠭᠡᠵᠦ ᠪᠣᠳᠣᠯ᠎ᠠ ᠰᠢᠳᠡ᠃
ᠴᠠᠰᠤᠬᠠᠨ᠄ ᠵᠠ ᠣᠳᠣ ᠪᠦᠭᠦᠳᠡᠭᠡᠷ ᠢ᠋ᠶ᠋ᠡᠨ ᠶᠠᠭᠤ ᠴᠤ᠌ ᠭᠡᠰᠡᠨ ᠡᠨᠡ ᠰᠣᠯᠢᠭᠳᠠᠭᠰᠠᠨ ᠤᠴᠢᠷ ᠢ᠋ᠶ᠋ᠠᠨ ᠣᠯᠬᠤ ᠬᠡᠷᠡᠭᠲᠡᠢ ᠪᠠᠢᠨ᠎ᠠ᠃ ᠮᠥᠩᠬᠡ᠂ᠠᠷᠸ᠎ᠠ ᠠᠬ᠎ᠠ ᠤᠷᠤᠭᠤ ᠵᠠᠯᠭᠠᠬᠤ ᠭᠡᠳ ᠦᠵᠡ ᠳᠡ᠃
ᠮᠥᠩᠬᠡ᠄ ᠬᠥᠶᠢ᠂ ᠶᠠᠭᠤ ᠪᠣᠯᠤᠭᠠᠳ ᠪᠠᠢᠨ᠎ᠠ᠂ ᠡᠨᠡ ᠬᠠᠮᠢᠭᠠᠰᠢ ᠪᠠᠨ ᠵᠠᠯᠭᠠᠭᠳᠠᠴᠢᠬᠠᠪᠠ? ᠴᠠᠰᠤᠬᠠᠨ ᠠ᠋ ᠶᠠᠭᠠᠬᠢᠬᠤ ᠪᠣᠢ? ᠴᠢᠨᠦ ᠪᠠᠶᠠᠨ ᠳ᠋ᠤ᠌ ᠠᠩᠬ᠎ᠠ ᠤᠳᠠᠭ᠎ᠠ ᠣᠷᠣᠵᠤ ᠪᠠᠢᠬᠤ ᠪᠣᠯᠬᠣᠷ ᠶᠠᠭᠠᠬᠢᠵᠤ ᠴᠤ᠌ ᠴᠢᠳᠠᠬᠤ ᠦᠭᠡᠢ᠂ ᠡᠨᠡ ᠶᠠᠭᠠᠬᠢᠭᠠᠳ ᠪᠠᠢᠨ᠎ᠠ᠃
ᠴᠠᠰᠤᠬᠠᠨ᠄ ᠪᠦᠭᠦᠳᠡᠭᠡᠷ ᠢ᠋ᠶ᠋ᠡᠨ ᠠᠷᠸ᠎ᠠ ᠠᠬ᠎ᠠ ᠲᠠᠢ ᠬᠣᠯᠪᠣᠭᠳᠠᠵᠤ ᠴᠢᠳᠠᠬᠤ ᠦᠭᠡᠢ ᠪᠠᠢᠭ᠎ᠠ ᠶᠤᠮ ᠴᠢᠨᠢ ᠡᠨᠡ ᠦᠯᠢᠭᠡᠷ ᠦ᠋ᠨ ᠭᠣᠣᠯ ᠳᠦᠷᠢ ᠪᠣᠯᠬᠤ ᠲᠡᠮᠡᠭᠡ ᠶ᠋ᠢ ᠣᠯᠵᠤ ᠠᠰᠠᠭᠤᠵᠠᠭᠠᠶ᠎ᠠ᠃ ᠮᠠᠭᠠᠳ ᠦᠭᠡᠢ ᠶᠠᠭᠠᠬᠢᠭᠠᠳ ᠢᠩᠭᠢᠵᠦ ᠥᠭᠡᠷᠡᠴᠢᠯᠡᠭᠳᠡᠭᠰᠡᠨ ᠤᠴᠢᠷ ᠢ᠋ ᠨᠢ ᠬᠡᠯᠡᠵᠦ ᠴᠢᠳᠠᠬᠤ ᠪᠠᠢᠬ᠎ᠠ᠃
ᠪᠠᠰᠠᠷ᠄ ᠵᠠ ᠶᠠᠭᠤ ᠯᠠ ᠪᠣᠯᠴᠢᠬᠠᠪᠠ ᠳᠠ ᠠ! ᠪᠠᠷᠰ ᠠᠬ᠎ᠠ ᠪᠥᠮᠪᠥᠷ ᠮᠦᠮᠪᠦᠷ ᠲᠣᠭᠯᠠᠭᠠᠳ ᠪᠠᠢᠭᠰᠠᠨ ᠤᠤ ᠦᠭᠡᠢ ᠤᠤ? ᠬᠡ ᠬᠡ ᠬᠡ ᠁
ᠲᠤᠩᠬᠤ᠄ ᠪᠦᠭᠦᠳᠡᠭᠡᠷ ᠢ᠋ᠶ᠋ᠡᠨ ᠲᠡᠮᠡᠭᠡ ᠪᠡᠨ ᠬᠠᠢᠵᠤ ᠣᠯᠵᠠᠭᠠᠶ᠎ᠠ᠃
ᠪᠠᠰᠠᠷ᠄ ᠵᠠ ᠲᠡᠭᠡᠶ᠎ᠡ ᠲᠡᠭᠡᠶ᠎ᠡ᠂ ᠠᠷᠢᠶᠠᠲᠠᠨ ᠳ᠋ᠤᠷᠤᠷᠠᠨ ᠪᠠᠰᠠᠷ ᠨᠢᠰᠦᠯ᠎ᠡ ᠰᠢᠦ᠃
ᠮᠥᠩᠬᠡ᠄ ᠴᠠᠰᠣᠬᠠᠨ ᠠ᠋᠂ᠡᠬᠢᠯᠡᠭᠡᠳ ᠠᠯᠢ ᠬᠥᠯ ᠢ᠋ᠶ᠋ᠡᠷ ᠢ᠋ᠶ᠋ᠡᠨ ᠭᠢᠰᠬᠢᠬᠦ ᠪᠣᠢ? ᠪᠢ ᠨᠢᠭᠡ ᠯᠡ ᠰᠣᠨᠢᠨ ᠠᠯᠬᠤᠭᠠᠳ ᠪᠠᠢᠬᠤ ᠶᠤᠮ᠃
ᠴᠠᠰᠤᠬᠠᠨ᠄ ᠬᠠᠷᠢᠨ ᠲᠡᠢᠮᠦ ᠠ᠋᠂ ᠮᠥᠩᠬᠡ ᠪᠢ ᠪᠠᠰᠠ ᠠᠯᠬᠤᠵᠤ ᠴᠢᠳᠠᠬᠤ ᠦᠭᠡᠢ᠂ ᠶᠠᠭᠠᠬᠢᠬᠤ ᠪᠠᠨ ᠮᠡᠳᠡᠬᠦ ᠦᠭᠡᠢ ᠤᠨᠠᠴᠢᠬᠠᠬᠤ ᠭᠡᠳ ᠪᠠᠢᠬᠤ ᠶᠤᠮ᠃
ᠪᠠᠰᠠᠷ᠄ ᠵᠠ᠂ᠪᠢ ᠴᠦ᠍ ᠨᠢᠭᠡ ᠶᠠᠭᠤᠮ᠎ᠠ ᠨᠢᠰᠳᠡᠭ ᠪᠠᠢᠭᠰᠠᠨ ᠭᠡᠰᠡᠨ ᠳ᠋ᠦ᠍ ᠪᠡᠨ ᠨᠢᠰᠴᠢᠬᠡᠭᠡᠳ ᠪᠠᠢᠨ᠎ᠠ᠂ ᠳ᠋ᠤᠷᠤᠷᠠᠨ ᠤ᠋ ᠪᠡᠶ᠎ᠡ ᠬᠠᠷᠢᠨ ᠵᠢᠵᠢᠭᠬᠡᠨ ᠪᠣᠯᠬᠣᠷ ᠬᠥᠳᠡᠯᠬᠦ ᠳ᠋ᠦ᠍ ᠬᠥᠩᠭᠡᠬᠡᠨ ᠠᠮᠠᠷᠬᠠᠨ ᠴᠤ᠌ ᠶᠤᠮ ᠤᠤ᠃
ᠳ᠋ᠤᠷᠤᠨ᠄ ᠪᠠᠰᠠᠷ ᠠ᠋᠂ ᠴᠢ ᠶᠠᠭᠠᠬᠢᠵᠤ ᠠᠯᠬᠤᠭᠠᠳ ᠪᠠᠢᠭᠰᠠᠨ ᠶᠤᠮ ᠪᠣᠢ? ᠪᠢ ᠨᠢᠰᠴᠦ ᠴᠢᠳᠠᠬᠤ ᠦᠭᠡᠢ ᠶᠦ᠍ᠮ᠃
ᠲᠤᠩᠬᠤ᠄ ᠤᠤᠯ ᠨᠢ ᠴᠦ᠍ ᠪᠠᠮᠪᠠᠷ ᠲᠤ᠌ ᠪᠠᠨ ᠲᠡᠪᠡᠷᠢᠭᠦᠯᠦᠭᠡᠳ ᠠᠯᠬᠤᠬᠤ ᠴᠤ᠌ ᠶᠠᠩᠵᠤ ᠶ᠋ᠢᠨ ᠪᠠᠢᠨ᠎ᠠ ᠰᠢᠦ᠃
ᠪᠠᠮᠪᠠᠷ᠄ ᠬᠥᠶᠢ ᠨᠠᠢᠵᠠ ᠨᠤᠭᠤᠳ ᠠ᠋᠂ ᠲᠡᠷᠡ ᠪᠤᠲᠠᠨ ᠤ᠋ ᠳᠡᠭᠡᠭᠦᠷ ᠬᠠᠷᠠ ᠳᠠ᠂ ᠲᠡᠷᠡ ᠨᠥᠭᠦᠭᠡ ᠦᠯᠢᠭᠡᠷ ᠳᠡᠭᠡᠷ᠎ᠡ ᠭᠠᠷᠳᠠᠭ ᠲᠡᠮᠡᠭᠡ ᠰᠢᠭ ᠯᠡ ᠪᠠᠢᠬᠤ ᠶᠤᠮ᠃
ᠪᠠᠰᠠᠷ᠄ ᠲᠡᠢᠮᠦ ᠪᠠᠢᠨ᠎ᠠ ᠰᠢᠦ᠂ ᠲᠡᠮᠡᠭᠡᠨ ᠦ᠌ ᠬᠣᠶᠠᠷ ᠪᠦᠬᠦ ᠬᠠᠷᠠᠭᠳᠠᠵᠤ ᠪᠠᠢᠨ᠎ᠠ᠃
ᠲᠤᠩᠬᠤ᠄ ᠬᠥᠭᠡᠷᠦᠬᠦᠢ ᠲᠡᠮᠡᠭᠡᠨ ᠦ᠌ ᠪᠦᠬᠦ ᠭᠣᠶᠣᠯᠠᠯ ᠢ᠋ ᠨᠢ ᠪᠤᠭᠤ ᠮᠣᠷᠢ ᠬᠣᠶᠠᠷ ᠠᠪᠴᠢᠬᠠᠭᠰᠠᠨ ᠪᠣᠯᠬᠣᠷ ᠶᠡᠬᠡ ᠯᠡ ᠭᠤᠨᠢᠭᠲᠠᠢ ᠪᠠᠢᠭ᠎ᠠ ᠪᠠᠢᠬᠤ ᠳᠠ᠃
ᠴᠠᠰᠤᠬᠠᠨ᠄ ᠪᠦᠭᠦᠳᠡᠭᠡᠷ ᠢ᠋ᠶ᠋ᠡᠨ ᠣᠴᠢᠵᠤ ᠲᠤᠰᠠᠯᠠᠩᠭᠠᠨ ᠥᠪᠡᠷᠰᠡᠳ ᠦ᠋ᠨ ᠤᠴᠢᠷ ᠢ᠋ᠶ᠋ᠠᠨ ᠬᠡᠯᠡᠵᠡᠭᠡᠶ᠎ᠡ᠃
ᠴᠠᠰᠤᠬᠠᠨ᠄ ᠶᠠᠭᠤ ᠪᠣᠢ?
ᠲᠤᠩᠬᠤ᠄ ᠲᠡᠮᠡᠭᠡ ᠭᠤᠸᠠᠢ ᠲᠡᠮᠡᠭᠡ ᠭᠤᠸᠠᠢ᠂ ᠲᠠ ᠶᠠᠭᠠᠬᠢᠭᠠᠳ ᠪᠠᠰᠠ ᠳᠡᠯ ᠰᠡᠭᠦᠯ ᠡᠪᠡᠷ ᠲᠡᠢ ᠪᠡᠨ ᠪᠠᠢᠭ᠎ᠠ ᠶᠤᠮ ᠪᠣᠢ?
ᠲᠡᠮᠡᠭᠡ᠄ ᠡᠪᠡᠷ᠂ ᠥᠩ᠂ ᠰᠡᠭᠦᠯ ᠠ᠋? ᠲᠡᠩᠴᠡᠭᠦᠬᠡᠨ ᠪᠠᠢᠳᠠᠭ ᠡᠵᠡᠨ ᠳ᠋ᠦ᠍ ᠪᠡᠨ ᠁
ᠪᠠᠰᠠᠷ᠄ ᠲᠡᠮᠡᠭᠡ ᠭᠤᠸᠠᠢ᠂ ᠲᠠ ᠶᠠᠭᠠᠬᠢᠭᠠᠳ ᠡᠪᠡᠷ ᠲᠡᠢ ᠪᠡᠨ ᠪᠠᠢᠭ᠎ᠠ ᠶᠤᠮ ᠪᠣᠢ? ᠪᠤᠭᠤ ᠮᠣᠷᠢ ᠬᠣᠶᠠᠷ ᠢᠷᠡᠭᠡᠳ ᠠᠪᠤᠭᠠᠳ ᠶᠠᠪᠤᠴᠢᠬ᠎ᠠ ᠦᠭᠡᠢ ᠶᠦ᠍ᠮ ᠤᠤ?
ᠲᠡᠮᠡᠭᠡ᠄ ᠥᠩ᠂ ᠪᠤᠭᠤ ᠠ᠋? ᠪᠠᠰᠠ ᠮᠣᠷᠢ?
ᠴᠠᠰᠤᠬᠠᠨ᠄ ᠵᠠ ᠮᠠᠨ ᠤ᠋ ᠬᠢᠨ ᠠ᠋᠂ ᠶᠠᠭᠤ ᠴᠤ᠌ ᠭᠡᠰᠡᠨ ᠡᠨᠡ ᠲᠡᠮᠡᠭᠡ ᠦᠯᠢᠭᠡᠷ ᠳᠡᠭᠡᠷ᠎ᠡ ᠭᠠᠷᠳᠠᠭ ᠰᠢᠭ᠋ ᠢ᠋ᠶ᠋ᠡᠨ ᠡᠪᠡᠷ ᠲᠡᠢ ᠪᠡᠨ ᠪᠤᠴᠠᠭᠠᠳ ᠪᠣᠯᠴᠢᠬᠠᠭᠰᠠᠨ ᠪᠠᠢᠨ᠎ᠠ᠃ ᠪᠢᠳᠡ ᠨᠠᠷ ᠴᠤ᠌ ᠪᠠᠰᠠ ᠡᠨᠡ ᠲᠡᠮᠡᠭᠡᠨ ᠡᠴᠡ ᠠᠷᠭ᠎ᠠ ᠠᠰᠠᠭᠤᠭᠠᠳ᠂ ᠥᠪᠡᠷ ᠥᠪᠡᠷᠰᠡᠳ ᠦ᠋ᠨ ᠢ᠋ᠶ᠋ᠡᠨ ᠪᠠᠶᠠᠨ ᠳ᠋ᠤ᠌ ᠣᠷᠣᠵᠤ ᠴᠢᠳᠠᠬᠤ ᠪᠠᠢᠬ᠎ᠠ᠃
ᠲᠡᠮᠡᠭᠡ᠄ ᠠ᠂ᠡᠪᠡᠷ ᠲᠡᠢ ᠪᠡᠨ ᠪᠣᠯᠴᠢᠬᠠᠭᠰᠠᠨ ᠠ᠋᠂ ᠥᠩ᠂ ᠪᠢ ᠰᠠᠨᠠᠯ᠎ᠠ᠂ ᠲᠠ ᠬᠡᠳᠦ ᠨᠠᠮ᠎ᠠ ᠶ᠋ᠢ ᠳᠠᠭᠠᠭᠠᠳ ᠶᠠᠪᠤᠭᠠᠷᠠᠢ᠂ ᠲᠠ ᠨᠠᠷ ᠢ᠋ ᠨᠢᠭᠡ ᠭᠠᠵᠠᠷ ᠬᠦᠷᠭᠡᠵᠦ ᠦᠭᠭᠦᠶ᠎ᠡ᠂ ᠲᠡᠨᠳᠡ ᠲᠠ ᠨᠠᠷ ᠤ᠋ᠨ ᠠᠰᠠᠭᠤᠳᠠᠯ ᠢ᠋ ᠰᠢᠢᠳᠴᠦ ᠪᠣᠯᠬᠤ ᠪᠠᠢᠬ᠎ᠠ᠃
ᠳ᠋ᠤᠷᠤᠨ᠄ ᠲᠠ ᠪᠤᠭᠤ ᠮᠣᠷᠢ ᠬᠣᠶᠠᠷ ᠠ᠋ᠴᠠ ᠡᠪᠡᠷ ᠰᠡᠭᠦᠯ ᠢ᠋ᠶ᠋ᠡᠨ ᠪᠤᠴᠠᠭᠠᠵᠤ ᠠᠪᠤᠭᠰᠠᠨ ᠰᠢᠭ᠋ ᠪᠢᠳᠡ ᠨᠠᠷ ᠤ᠋ᠨ ᠪᠡᠶ᠎ᠡ ᠶ᠋ᠢ ᠪᠤᠴᠠᠭᠠᠳ ᠬᠡᠪ  ᠲᠦ᠍ ᠨᠢ ᠣᠷᠣᠬᠤ ᠠᠷᠭ᠎ᠠ ᠵᠢᠭᠠᠵᠤ ᠥᠭᠭᠦᠨ᠎ᠡ ᠭᠡᠵᠡᠢ ᠤᠤ?
ᠲᠡᠮᠡᠭᠡ᠄ ᠲᠡᠢᠮᠦ ᠠ᠋᠃
ᠴᠠᠰᠤᠬᠠᠨ᠄ ᠲᠠ ᠦᠨᠡᠬᠡᠷ ᠪᠢᠳᠡᠨ ᠳ᠋ᠦ᠍ ᠲᠤᠰᠠᠯᠠᠨ᠎ᠠ ᠭᠡᠵᠦ ᠤᠤ?
ᠲᠡᠮᠡᠭᠡ᠄ ᠲᠡᠢᠮᠦ ᠠ᠋᠃
ᠪᠠᠰᠠᠷ᠄ ᠲᠡᠭᠡᠪᠡᠯ ᠨᠠᠮ᠎ᠠ ᠶ᠋ᠢ minecraft(ᠲᠣᠭᠯᠠᠭᠠᠮ ᠤ᠋ᠨ ᠨᠡᠷ᠎ᠡ) ᠶ᠋ᠢᠨ Speedrun (ᠲᠣᠭᠯᠠᠭᠠᠮ ᠤ᠋ᠨ ᠨᠡᠷ᠎ᠡ) ᠪᠡᠷ ᠳᠡᠯᠡᠬᠡᠢ ᠶ᠋ᠢᠨ record (ᠲᠡᠮᠳᠡᠭᠯᠡᠯ) ᠡᠪᠳᠡᠬᠦ ᠳ᠋ᠦ᠍ ᠲᠣᠰᠠᠯᠬᠤ ᠶᠤᠮ ᠤᠤ?
ᠲᠡᠮᠡᠭᠡ᠄ ᠲᠡᠢᠮᠦ ᠠ᠋᠃
ᠴᠠᠰᠤᠬᠠᠨ᠄ ᠪᠠᠰᠠᠷ ᠠ᠋᠂ ᠪᠢᠲᠡᠭᠡᠢ ᠲᠣᠭᠯᠠᠭᠠᠳ ᠪᠠᠢ᠂ ᠵᠠ᠂ ᠲᠠ ᠪᠢᠳᠡᠨ ᠢ᠋ ᠳᠠᠭᠠᠭᠤᠯᠤᠭᠠᠳ ᠶᠠᠪᠤᠨ᠎ᠠ ᠤᠤ?
ᠪᠠᠰᠠᠷ᠄ ᠵᠥᠪ ᠠ᠋᠂ ᠵᠥᠪ᠃
ᠪᠠᠰᠠᠷ᠄ ᠮᠥᠩᠬᠡ ᠶ᠋ᠢᠨ ᠪᠠᠶᠠᠨ ᠳ᠋ᠤ᠌ ᠣᠷᠣᠭᠰᠠᠨ ᠴᠤ᠌ ᠭᠡᠰᠡᠨ ᠯᠡ ᠪᠠᠪ ᠪᠠᠪ ᠪᠠᠢ᠂ ᠪᠠᠢᠪ ᠪᠠᠢᠪ ᠪᠠᠢ ᠭᠡᠳ ᠯᠡ ᠪᠠᠢᠬᠤ ᠶᠤᠮ᠃ ᠬᠡᠩ ᠬᠡᠩ
ᠳ᠋ᠤᠷᠤᠨ᠄ ᠪᠠ ᠪᠠ ᠪᠠ᠂ᠪᠠᠢ ᠪᠠᠢ ᠭᠡᠳ ᠤᠤ? ᠬᠡ ᠬᠡ
ᠪᠠᠰᠠᠷ᠄ ᠬᠠᠷᠢᠨ ᠲᠡᠢᠮᠦ᠂ ᠬᠡ ᠬᠡ ᠬᠡ
ᠲᠡᠮᠡᠭᠡ᠄ ᠠ ᠢᠩᠭᠢᠭᠡᠳ ᠁ᠢᠷᠡᠯ᠎ᠡ᠃
ᠪᠠᠰᠠᠷ᠄ ᠶᠠᠭᠤ ᠪᠣᠯᠤᠭᠠᠳ ᠪᠠᠢᠨ᠎ᠠ᠃
ᠪᠠᠮᠪᠠᠷ᠄ ᠶᠠᠭᠤ ᠪᠣᠢ ᠶᠠᠭᠤ ᠪᠣᠢ? ᠲᠡᠮᠡᠭᠡ ᠭᠤᠸᠠᠢ ᠲᠡᠮᠡᠭᠡ ᠭᠤᠸᠠᠢ ᠲᠠ ᠬᠠᠮᠢᠭ᠎ᠠ ᠪᠠᠢᠨ᠎ᠠ ᠠ᠋?
ᠴᠠᠰᠣᠬᠠᠨ᠄ ᠶᠠᠭᠠᠬᠢᠨ᠎ᠠ? ᠡᠨᠡ ᠤᠷᠠᠬ᠎ᠠ ᠶᠤᠮ ᠪᠢᠰᠢ ᠤᠤ?ᠡᠩ ⁉
ᠪᠠᠮᠪᠠᠷ᠄ ᠶᠧ᠂ ᠲᠡᠮᠡᠭᠡ ᠥᠪᠡᠷ ᠦ᠋ᠨ ᠨᠠᠢᠵᠠ ᠤᠤ?
ᠮᠥᠩᠬᠡ᠄ what (ᠶᠠᠭᠤ? )᠂ ᠰᠠᠶᠢ ᠶ᠋ᠢᠨ ᠲᠡᠮᠡᠭᠡ ᠦᠨᠡᠬᠡᠷ ᠠᠯᠠᠭ᠎ᠠ ᠪᠣᠯᠴᠢᠬᠠᠵᠤ ᠪᠠᠢᠭ᠎ᠠ ᠶᠤᠮ ᠤᠤ?
ᠴᠠᠰᠤᠬᠠᠨ᠄ ᠣᠳᠣ ᠪᠦᠭᠦᠳᠡᠭᠡᠷ ᠢ᠋ᠶ᠋ᠡᠨ ᠶᠠᠭᠠᠬᠢᠬᠤ ᠪᠣᠢ?
ᠴᠤᠤᠷᠢᠶ᠎ᠠ : ᠣᠳᠣ ᠪᠦᠭᠦᠳᠡᠭᠡᠷ ᠢ᠋ᠶ᠋ᠡᠨ ᠶᠠᠭᠠᠬᠢᠬᠤ ᠪᠣᠢ?
ᠪᠠᠮᠪᠠᠷ᠄ ᠬᠡᠨ ᠳᠤᠤᠭᠠᠷᠤᠭᠰᠠᠨ ᠪᠣᠢ?
ᠴᠤᠤᠷᠢᠶ᠎ᠠ : ᠬᠡᠨ ᠳᠤᠤᠭᠠᠷᠤᠭᠰᠠᠨ ᠪᠣᠢ?
ᠳ᠋ᠤᠷᠤᠨ᠄ ᠶᠠᠭᠤ ᠪᠠᠢᠭᠰᠠᠨ ᠪᠣᠢ?
ᠴᠤᠤᠷᠢᠶ᠎ᠠ᠄ ᠶᠠᠭᠤ ᠪᠠᠢᠭᠰᠠᠨ ᠪᠣᠢ?
ᠡᠪ ᠦᠭᠡᠢ ᠮᠥᠩᠬᠡ᠄ ᠬᠠᠢ! ᠪᠢᠳᠡᠨ ᠢ᠋ ᠪᠡᠨ ᠮᠠᠷᠲᠠᠭ᠎ᠠ ᠦᠭᠡᠢ ᠪᠢᠵᠡ ᠳᠡ?
ᠪᠠᠰᠠᠷ᠄ ᠪᠠᠢᠵᠠᠭᠠᠭᠠᠷᠠᠢ᠂ ᠪᠠᠢᠵᠠᠭᠠᠭᠠᠷᠠᠢ!
ᠡᠪ ᠦᠭᠡᠢ ᠮᠥᠩᠬᠡ᠄ ᠠ!
ᠪᠠᠰᠠᠷ᠄ ᠠᠭᠤᠷᠲᠠᠢ ᠮᠥᠩᠬᠡ ᠠ᠋᠂ ᠲᠠᠩᠳᠠ ᠯᠠ ᠪᠢᠳᠡ ᠨᠠᠷ ᠢ᠋ ᠪᠡᠨ ᠮᠠᠷᠲᠠᠭ᠎ᠠ ᠦᠭᠡᠢ ᠪᠢᠵᠡ ᠳᠡ ᠭᠡᠬᠦ ᠶᠦᠮ᠂ ᠠᠷᠠᠢ ᠥᠭᠡᠷ᠎ᠡ ᠦᠭᠡ ᠬᠡᠯᠡᠵᠦ ᠪᠣᠯᠳᠠᠭ ᠦᠭᠡᠢ ᠶᠦ᠍ᠮ ᠤᠤ? ᠠ᠂ᠬᠡ ᠬᠡ
ᠡᠪ ᠦᠭᠡᠢ ᠮᠥᠩᠬᠡ᠄ ᠠ! ᠠ! ᠪᠢ ᠤᠤ?
ᠡᠩ ᠦᠭᠡᠢ ᠲᠤᠩᠬᠤ᠄ ᠪᠢᠳᠡ ᠨᠠᠷ ᠲᠠ ᠨᠠᠷ ᠢ᠋ ᠳᠠᠬᠢᠭᠠᠳ ᠯᠠ ᠴᠢᠳᠠᠴᠢᠬᠠᠯ᠎ᠠ᠂ ᠲᠠ ᠨᠠᠷ ᠤ᠋ᠨ ᠣᠷᠣᠵᠤ ᠢᠷᠡᠭᠰᠡᠨ ᠨᠠᠨ ᠦᠯᠢᠭᠡᠷ ᠡᠩ ᠦ᠋ᠨ ᠦᠯᠢᠭᠡᠷ ᠪᠢᠰᠢ᠂ ᠲᠠ ᠨᠠᠷ ᠡᠮᠦᠨ᠎ᠡ ᠪᠢᠳᠡ ᠨᠠᠷ ᠢ᠋ ᠤᠷᠠᠬᠠᠨ ᠳ᠋ᠤ᠌ ᠣᠷᠣᠭᠤᠯᠵᠤ ᠪᠠᠢᠭᠰᠠᠨ ᠰᠢᠭ᠋᠂ ᠡᠨᠡ ᠪᠣᠯ ᠪᠢᠳᠡᠨ ᠦ᠌ ᠥᠪᠡᠷᠰᠡᠳ ᠦ᠋ᠨ ᠪᠦᠲᠦᠭᠡᠭᠰᠡᠨ ᠬᠢᠮᠡᠯ ᠦᠯᠢᠭᠡᠷ᠃
ᠰᠠᠬᠢᠯᠭ᠎ᠠ ᠦᠭᠡᠢ ᠪᠠᠰᠠᠷ᠄ ᠶᠠᠭᠠᠬᠢᠭᠠᠳ ᠠᠩᠬᠠᠨ ᠠ᠋ᠴᠠ ᠪᠠᠨ ᠪᠡᠶ᠎ᠡ ᠨᠦ᠍ᠭᠦᠳ ᠴᠢᠨᠢ ᠰᠣᠯᠢᠭᠳᠠᠭᠰᠠᠨ ᠭᠡᠵᠦ ᠪᠣᠳᠣᠵᠤ ᠪᠠᠢᠨ᠎ᠠ᠂ ᠠ
ᠰᠠᠨᠠᠭ᠎ᠠ ᠴᠠᠰᠤᠬᠠᠨ᠄ ᠡᠨᠡ ᠪᠣᠯ ᠪᠢᠳᠡ ᠨᠠᠷ ᠤ᠋ᠨ ᠲᠠ ᠨᠠᠷ ᠲᠤ᠌ ᠪᠡᠯᠡᠳᠦᠭᠰᠡᠨ ᠭᠡᠨᠡᠳᠲᠡ ᠶ᠋ᠢᠨ ᠪᠡᠯᠡᠭ ᠪᠠᠢᠭᠰᠠᠨ ᠶᠤᠮ᠃
ᠡᠪ ᠦᠭᠡᠢ ᠮᠥᠩᠬᠡ᠄ ᠪᠢᠳᠡ ᠨᠠᠷ ᠤ᠋ᠨ ᠬᠢᠮᠡᠯ ᠣᠶᠤᠨ ᠤᠬᠠᠭᠠᠨ ᠤ᠋ ᠡᠨᠡ ᠲᠥᠬᠥᠭᠡᠷᠦᠮᠵᠢ ᠲᠠ ᠨᠠᠷ ᠢ᠋ ᠴᠦ᠍ ᠬᠠᠭᠤᠷᠴᠤ ᠳᠥᠩᠭᠡᠯ᠎ᠡ ᠰᠢᠦ᠃
ᠲᠤᠩᠬᠤ᠄ ᠬᠡᠦᠬᠡᠳ ᠦ᠋ᠳ ᠠ᠋᠂ ᠲᠠ ᠨᠠᠷ ᠶᠠᠭᠠᠬᠢᠭᠠᠳ ᠢᠩᠭᠢᠵᠦ ᠶᠡᠬᠡ ᠠᠭᠤᠷᠲᠠᠢ ᠁
ᠡᠩ ᠦᠭᠡᠢ ᠴᠠᠰᠤᠬᠠᠨ᠄ ᠳᠡᠭᠡᠳᠦ ᠦᠯᠢᠭᠡᠷ ᠢ᠋ ᠬᠠᠢᠵᠤ ᠪᠠᠢᠭ᠎ᠠ ᠪᠠᠨ ᠪᠠᠢ ᠭᠡᠵᠦ ᠤᠤ?
ᠲᠤᠩᠬᠤ᠄ ᠤᠭ ᠨᠢ ᠡᠪ ᠲᠡᠢ᠂ ᠨᠠᠢᠷ ᠲᠠᠢ ᠪᠠᠢᠪᠠᠯ ᠁
ᠰᠠᠬᠢᠯᠭ᠎ᠠ ᠦᠭᠡᠢ ᠪᠠᠰᠠᠷ᠄ ᠡᠪ ᠲᠡᠢ ᠨᠠᠢᠷ ᠲᠠᠢ ᠪᠠᠢᠭᠠᠳ ᠳᠡᠭᠡᠳᠦ ᠦᠯᠢᠭᠡᠷ ᠢ᠋ ᠣᠯᠤᠨ᠎ᠠ ᠭᠡᠵᠦ ᠤᠤ?ᠰᠠᠨᠠᠭᠠᠲᠤ ᠴᠠᠰᠣᠬᠠᠨ ᠠ᠋᠂ ᠪᠡᠯᠡᠨ ᠤᠤ?
ᠰᠠᠨᠠᠭ᠎ᠠ ᠴᠠᠰᠤᠬᠠᠨ᠄ ᠣᠳᠣ᠃
ᠰᠠᠬᠢᠯᠭ᠎ᠠ ᠦᠭᠡᠢ ᠪᠠᠰᠠᠷ᠄ ᠮᠠᠨ ᠤ᠋ ᠬᠢᠨ ᠠ᠋᠂ ᠪᠡᠯᠡᠳᠦᠭᠡᠳ ᠁
ᠪᠠᠰᠠᠷ᠄ ᠵᠠ! ᠳ᠋ᠤᠷᠤᠷᠠᠨ ᠮᠢᠨᠦ ᠨᠠᠢᠵᠠ ᠨᠢᠰᠦᠭᠡᠷᠡᠢ!
ᠳ᠋ᠤᠷᠤᠨ᠄ ᠶᠠᠭᠠᠬᠢᠵᠤ ᠨᠢᠰᠳᠡᠭ ᠶᠦ᠍ᠮ ᠪᠣᠢ?
ᠪᠠᠰᠠᠷ᠄ ᠨᠢᠰ ᠭᠡᠵᠦ ᠬᠡᠯᠡᠭᠡᠳ ᠤᠬᠢᠯᠠ᠃
ᠳ᠋ᠤᠷᠤᠨ᠄ ᠠ!
ᠪᠠᠰᠠᠷ᠄ ᠬᠡ ᠬᠡ᠂ ᠵᠦᠭᠡᠷ ᠯᠡ ᠬᠥᠭᠡᠷᠬᠦ ᠲᠠᠯ᠎ᠠ ᠪᠠᠷ ᠪᠣᠳᠣ ᠠ᠋᠂ ᠠᠭᠠᠵᠢᠮ ᠳ᠋ᠤ᠌ ᠪᠠᠨ ᠬᠥᠭᠡᠷᠦᠨ᠎ᠡ᠃
ᠴᠠᠰᠤᠬᠠᠨ᠄ ᠰᠡᠭᠦᠯᠴᠢ ᠶ᠋ᠢᠨ ᠡᠰᠡᠷᠭᠦᠴᠡᠭᠴᠢᠳ ᠠ᠋᠂ᠪᠡᠯᠡᠳᠦᠭᠡᠳ!
ᠪᠠᠰᠠᠷ᠄ ᠲᠡᠢᠮᠦ ᠠ᠋᠂ ᠰᠡᠭᠦᠯᠴᠢ ᠶ᠋ᠢᠨ ᠡᠰᠡᠷᠭᠦᠴᠡᠭᠴᠢᠳ᠂ ᠥᠩ᠂ᠪᠢ ᠡᠨᠳᠡ ᠭᠠᠷᠤᠭᠠᠳ ᠪᠠᠢᠬᠤ ᠶᠤᠮ᠂ ᠥᠩ᠃ ᠨᠠᠢᠷᠠᠭᠤᠯᠤᠭᠴᠢ ᠠ᠋᠂ ᠡᠨᠳᠡ ᠺᠢᠨᠣ᠋ ᠳᠤᠮᠳᠠᠭᠤᠷ ᠨᠠᠳᠠ ᠤᠷᠤᠭᠤ ᠳᠦᠷᠰᠦ ᠥᠭᠴᠡᠭᠡᠭᠰᠡᠨ ᠪᠠᠢᠬᠤ ᠶᠤᠮ᠂ ᠵᠠ ᠪᠠᠢᠵᠠ᠂ ᠣᠳᠣ ᠨᠢᠭᠡᠨᠲᠡ ᠺᠠᠮᠧᠷᠠ ᠥᠭᠴᠡᠭᠡᠭᠰᠡᠨ ᠶᠦᠮ ᠴᠢᠨᠢ᠂ ᠵᠠ᠂ ᠬᠥᠶᠢ᠂ ᠬᠡᠦᠬᠡᠳ ᠦ᠋ᠳ ᠠ᠋᠂ ᠮᠤᠨᠳᠠᠭ ᠬᠥᠭᠡᠷᠦᠬᠦᠨ ᠬᠡᠦᠬᠡᠳ ᠁
ᠮᠥᠩᠬᠡ᠄ ᠳᠠᠭᠠᠷᠢᠭᠠᠳ ᠁
ᠡᠪ ᠦᠭᠡᠢ ᠮᠥᠩᠬᠡ᠄ ᠬᠡ ᠬᠡ ᠲᠠ ᠨᠠᠷ ᠪᠢᠳᠡᠨ ᠦ᠌ ᠰᠡᠭᠦᠯ ᠦ᠋ᠨ ᠪᠡᠯᠡᠭ ᠢ᠋ ᠬᠠᠷᠠᠬᠠᠨ ᠬᠠᠷᠠᠭ᠎ᠠ ᠦᠭᠡᠢ ᠪᠠᠢᠨ᠎ᠠ ᠳᠠ᠃
ᠰᠠᠨᠠᠭ᠎ᠠ ᠴᠠᠰᠤᠬᠠᠨ᠄ ᠰᠡᠭᠦᠯᠴᠢ ᠶ᠋ᠢᠨ ᠪᠡᠯᠡᠭ ᠪᠣᠯ
ᠬᠠᠭᠤᠷᠮᠠᠭ ᠪᠠᠮᠪᠠᠷ᠄ ᠵᠠ᠂ᠵᠠᠯᠠᠭᠤᠴᠤᠳ ᠠ᠋᠂ ᠢᠩᠭᠢᠭᠡᠳ ᠳᠥᠭᠥᠭᠡᠳ ᠬᠡᠷᠡᠭ ᠦᠭᠡᠢ ᠪᠢᠵᠡ ᠳᠡ ᠭᠡᠳ ᠭᠡᠳ ᠪᠠᠢᠳᠠᠭ ᠶᠤᠮ ᠪᠣᠯ ᠤᠤ?
ᠪᠠᠰᠠᠷ᠄ ᠨᠠᠭᠠᠳᠤᠬᠢ ᠴᠢᠨᠢ ᠪᠤᠷᠤᠭᠤ ᠦᠭᠡ ᠪᠠᠢᠨ᠎ᠠ ᠰᠢᠦ᠂ ᠲᠠᠬᠢᠵᠦ ᠣᠢᠷᠠᠲᠤᠭᠠᠳ ᠪᠣᠯᠬᠤ ᠦᠭᠡᠢ ᠭᠡᠳᠡᠭ ᠪᠣᠯᠤᠭᠰᠠᠨ ᠰᠢᠦ᠃
ᠡᠪ ᠦᠭᠡᠢ ᠮᠥᠩᠬᠡ᠄ ᠲᠡᠷᠡ ᠬᠠᠮᠢᠶ᠎ᠠ ᠦᠭᠡᠢ᠂ ᠳᠠᠭᠠᠷᠢᠭᠠᠳ ᠁
ᠬᠠᠭᠤᠷᠮᠠᠭ ᠪᠠᠮᠪᠠᠷ᠄ ᠥᠩ!
ᠴᠠᠰᠤᠬᠠᠨ᠄ ᠠᠪᠤᠷᠠᠭᠠᠷᠠᠢ!
ᠪᠠᠮᠪᠠᠷ᠄ ᠪᠠᠰᠠᠷ ᠠ᠋᠂ᠪᠢᠰᠢ᠂ ᠳ᠋ᠤᠷᠤᠷᠠᠨ ᠪᠠᠰᠠᠷ ᠠ᠋᠂ ᠶᠠᠮᠠᠷ ᠨᠢᠭᠡ ᠵᠦᠢᠯ ᠬᠢᠭᠡᠷᠡᠢ᠃ ᠠ! ᠠ᠋
ᠬᠠᠭᠤᠷᠮᠠᠭ ᠪᠠᠮᠪᠠᠷ᠄ ᠡᠨᠡ ᠬᠣᠶᠠᠷ ᠣᠳᠣ ᠠᠶᠤᠯ ᠦᠭᠡᠢ ᠪᠣᠯᠤᠭᠰᠠᠨ ᠠ᠋᠃
ᠰᠠᠬᠢᠯᠭ᠎ᠠ ᠦᠭᠡᠢ ᠪᠠᠰᠠᠷ᠄ ᠠᠯᠢᠪ᠂ ᠮᠠᠨ ᠤ᠋ ᠪᠢᠴᠢᠬᠠᠨ ᠪᠠᠰᠠᠷ ᠳ᠋ᠤᠷᠤᠷᠠᠨ ᠤ᠋ ᠪᠠᠶᠠᠨ ᠳ᠋ᠤ᠌ ᠪᠠᠢᠭ᠎ᠠ ᠪᠢᠵᠡ ᠳᠡ᠂ ᠠ!
ᠡᠪ ᠦᠭᠡᠢ ᠮᠥᠩᠬᠡ᠄ ᠵᠠ ᠲᠤᠩᠬᠤ ᠠ᠋᠂ ᠪᠡᠯᠡᠳᠦᠭᠡᠷᠡᠢ᠃
ᠪᠠᠮᠪᠠᠷ᠄ ᠠ ᠶᠠᠭᠠᠬᠢᠵᠤ ᠪᠠᠢᠨ᠎ᠠ᠂ ᠲᠤᠩᠬᠤ ᠶ᠋ᠢ ᠮᠢᠨᠢ ᠭᠡᠮᠲᠦᠭᠡᠪᠡᠯ ᠳᠡᠮᠡᠢ ᠶᠠᠭᠤᠮ᠎ᠠ ᠪᠣᠯᠤᠨ᠎ᠠ ᠰᠢᠦ᠂ ᠥᠩ᠂ᠪᠢ ᠠᠭᠤᠷᠯᠠᠬᠤ ᠪᠠᠷ ᠢ᠋ᠶ᠋ᠠᠨ ᠥᠪᠡᠷᠰᠡᠳ ᠲᠡᠢ ᠴᠢᠨᠢ ᠳᠠᠢᠳᠤᠨ᠎ᠠ ᠰᠢᠦ᠃
ᠬᠠᠭᠤᠷᠮᠠᠭ ᠪᠠᠮᠪᠠᠷ᠄ ᠬᠡ ᠬᠡ ᠬᠡ
ᠲᠤᠩᠬᠤ᠄ ᠡᠩ ᠡᠩ ᠡᠩ᠂ ᠮᠢᠨᠦ ᠨᠠᠢᠵᠠ ᠨᠤᠭᠤᠳ ᠢ᠋ ᠪᠠᠭᠤᠯᠭ᠎ᠠ᠂ ᠠᠭᠠᠷᠴᠠ ᠠᠪᠬᠤ ᠦᠭᠡᠢ ᠤᠤ? ᠮᠠᠨ ᠤ᠋ ᠬᠢᠨ ᠠ᠋᠂
ᠬᠠᠭᠤᠷᠮᠠᠭ ᠪᠠᠮᠪᠠᠷ᠄ ᠬᠡ ᠬᠡ ᠬᠡ᠂ᠡᠭᠳᠡᠭᠦᠦ ᠲᠡᠢ ᠴᠦ᠍ ᠪᠣᠯ ᠳᠠ᠂ ᠡᠪᠡᠳᠬᠡᠭᠡᠳ ᠪᠠᠢᠨ᠎ᠠ ᠭᠡᠵᠦ ᠪᠣᠳᠣᠭᠠᠷᠠᠢ᠃
ᠰᠠᠬᠢᠯᠭ᠎ᠠ ᠦᠭᠡᠢ ᠪᠠᠰᠠᠷ᠄ ᠵᠠ᠂ᠢᠩᠭᠢᠵᠦ ᠨᠢᠭᠡ ᠪᠠᠷᠢᠭᠳᠠᠳᠠᠭ ᠶᠤᠮ ᠪᠠᠢᠵᠠᠢ᠃
ᠳ᠋ᠤᠷᠤᠷᠠᠨ᠄ ᠮᠢᠨᠦ ᠨᠠᠢᠵᠠ ᠠ᠋ᠴᠠ ᠬᠣᠯᠠᠳᠤᠭᠠᠷᠠᠢ!
ᠰᠠᠬᠢᠯᠭ᠎ᠠ ᠦᠭᠡᠢ ᠪᠠᠰᠠᠷ᠄ ᠥᠩ᠂
ᠪᠠᠰᠠᠷ᠄ ᠶᠠ! ᠶᠣ᠂ ᠨᠠᠳᠠ ᠠ᠋ᠴᠠ ᠫᠤᠤ ᠭᠠᠷᠤᠭᠠᠳ ᠢᠷᠡᠵᠦ ᠪᠠᠢᠭ᠎ᠠ ᠶᠤᠮ ᠤᠤ?
ᠳ᠋ᠤᠷᠤᠨ᠄ ᠬᠠᠷᠢᠨ ᠲᠡᠭᠡᠴᠢᠬᠡᠯ᠎ᠡ᠃
ᠪᠠᠰᠠᠷ᠄ ᠶᠣᠬᠣ᠂ ᠶᠠᠭᠠᠬᠢᠵᠤ ᠫᠤᠤ ᠭᠠᠷᠭᠠᠭᠰᠠᠨ ᠶᠤᠮ ᠪᠣᠢ?
ᠳ᠋ᠤᠷᠤᠨ᠄ ᠴᠡᠭᠡᠵᠢᠨ ᠦ᠌ ᠭᠡᠷᠡᠯ ᠢ᠋ ᠭᠤᠷᠪᠠ ᠲᠣᠭᠰᠢᠭᠰᠠᠨ ᠴᠢᠨᠢ ᠭᠠᠷᠤᠭᠠᠳ ᠢᠷᠡᠭᠰᠡᠨ᠂ ᠬᠡ ᠬᠡ᠃
ᠰᠠᠬᠢᠯᠭ᠎ᠠ ᠦᠭᠡᠢ ᠪᠠᠰᠠᠷ᠄ ᠵᠠ! ᠲᠡᠭᠡᠭᠰᠡᠨ ᠴᠦ᠍ ᠨᠠᠮ᠎ᠠ ᠶ᠋ᠢ ᠳᠡᠢᠯᠬᠦ ᠦᠭᠡᠢ ᠰᠢᠦ᠃
ᠪᠠᠰᠠᠷ᠄ ᠸᠠ᠂ᠪᠠᠷᠤᠭ Harry potter ᠳᠡᠭᠡᠷ᠎ᠡ Voldemort ᠲᠠᠢ ᠲᠤᠯᠵᠤ ᠪᠠᠢᠭ᠎ᠠ ᠶᠤᠮ ᠰᠢᠭ᠋ ᠯᠡ ᠪᠠᠢᠨ᠎ᠠ ᠰᠢᠲᠠ᠂ ᠶᠠᠩᠵᠤ ᠶᠤᠮ ᠠ᠋᠃
ᠮᠥᠩᠬᠡ᠄ ᠣᠯᠴᠢᠬᠠᠯ᠎ᠠ᠂ ᠪᠠᠰᠠᠷ ᠠ᠋᠂ᠪᠠᠰᠠᠷ᠂ᠬᠠᠮᠤᠭ ᠤ᠋ᠨ ᠰᠤᠯᠠ ᠲᠠᠯ᠎ᠠ ᠨᠢ ᠦᠯᠢᠭᠡᠷ ᠢ᠋ ᠳᠠᠬᠢᠨ ᠪᠦᠲᠦᠭᠡᠳᠡᠭ ᠲᠥᠬᠥᠭᠡᠷᠦᠮᠵᠢ ᠨᠢ ᠶᠦ᠍ᠮ ᠪᠠᠢᠨ᠎ᠠ ᠰᠢᠦ᠂ ᠭᠠᠷ ᠲᠤ᠌ ᠨᠢ ᠪᠠᠢᠭ᠎ᠠ ᠫᠢᠯᠠ ᠶ᠋ᠢ ᠰᠠᠯᠭᠠᠵᠤ ᠠᠪᠬᠤ ᠬᠡᠷᠡᠭᠲᠡᠢ ᠶᠦᠮ ᠪᠠᠢᠨ᠎ᠠ᠃
ᠮᠥᠩᠬᠡ᠄ ᠵᠠ ᠣᠳᠣ ᠳᠠᠭᠠᠷᠢᠭᠠᠷᠠᠢ!ᠪᠠᠰᠠᠷ ᠠ᠋᠃
ᠪᠠᠰᠠᠷ᠄ ᠵᠠ! ᠁
ᠰᠢᠰᠲ᠋ᠧᠮ ᠳᠠᠬᠢᠨ ᠠᠴᠢᠶᠠᠯᠠᠯ᠎ᠠ᠃ ᠰᠢᠰᠲ᠋ᠧᠮ ᠳᠠᠬᠢᠨ ᠠᠴᠢᠶᠠᠯᠠᠯ᠎ᠠ᠃ ᠰᠢᠰᠲ᠋ᠧᠮ ᠳᠠᠬᠢᠨ ᠠᠴᠢᠶᠠᠯᠠᠯ᠎ᠠ᠃
ᠮᠣᠩᠭᠣᠯ ᠠᠷᠠᠳ ᠤ᠋ᠨ ᠦᠯᠢᠭᠡᠷ ᠪᠤᠭᠤ ᠲᠡᠮᠡᠭᠡ ᠬᠣᠶᠠᠷ
ᠪᠠᠰᠠᠷ᠄ ᠡᠩ?ᠶᠠᠭᠤ ᠪᠣᠯᠴᠢᠬᠠᠪᠠ?
ᠮᠥᠩᠬᠡ᠄ ᠶᠠᠭᠤ ᠪᠣᠢ? ᠪᠠᠰᠠᠷ ᠠ᠋᠂ᠴᠢ ᠪᠠᠶᠠᠨ ᠳ᠋ᠤ᠌ ᠪᠠᠨ ᠪᠤᠴᠠᠭᠠᠳ ᠣᠷᠣᠴᠢᠬᠠᠭᠰᠠᠨ ᠪᠠᠢᠨ᠎ᠠ ᠰᠢᠳᠡ᠃
ᠲᠤᠩᠬᠤ᠄ ᠮᠥᠩᠬᠡ ᠠ᠋᠂ᠴᠢ ᠴᠦ᠍ ᠭᠡᠰᠡᠨ ᠪᠤᠴᠠᠭᠠᠳ ᠪᠠᠶᠠᠨ ᠳ᠋ᠤ᠌ ᠪᠠᠨ ᠣᠷᠣᠴᠢᠬᠠᠭᠰᠠᠨ ᠪᠠᠢᠨ᠎ᠠ ᠰᠢᠲᠠ᠃
ᠴᠠᠰᠤᠬᠠᠨ᠄ ᠪᠢᠳᠡ ᠬᠢᠮᠡᠯ ᠦᠯᠢᠭᠡᠷ ᠢ᠋ ᠪᠠᠷᠠᠴᠢᠬᠠᠭᠠᠳ ᠵᠢᠩᠬᠢᠨᠢ ᠦᠯᠢᠭᠡᠷ ᠤᠷᠤᠭᠤ ᠪᠠᠨ ᠣᠷᠣᠴᠢᠬᠠᠬᠤ ᠰᠢᠭ᠋ ᠪᠣᠯᠤᠯ᠎ᠠ᠃
ᠳ᠋ᠤᠷᠤᠨ᠄ ᠪᠢᠳᠡ ᠢᠩᠭᠢᠭᠡᠳ ᠥᠪᠡᠷᠰᠡᠳ ᠦ᠋ᠨ ᠢ᠋ᠶ᠋ᠡᠨ ᠪᠡᠶ᠎ᠡ ᠪᠠᠶᠠᠨ ᠳ᠋ᠤ᠌ ᠪᠠᠨ ᠣᠷᠣᠴᠢᠬᠠᠯ᠎ᠠ ᠭᠡᠵᠡᠢ ᠤᠤ?
ᠪᠠᠰᠠᠷ᠄ ᠶᠠ᠂ ᠪᠢᠳᠡ ᠪᠢᠳᠡ᠂ ᠪᠢᠳᠡ ᠪᠦᠷ ᠢᠯᠠᠴᠢᠬᠠᠭᠰᠠᠨ ᠪᠠᠢᠨ᠎ᠠ ᠰᠢᠲᠠ᠃
ᠮᠥᠩᠬᠡ᠄ ᠲᠡᠢᠮᠦ ᠪᠠᠢᠨ᠎ᠠ ᠰᠢᠲᠠ᠂ᠮᠠᠨ ᠤ᠋ ᠬᠢᠨ ᠠ᠋᠃
ᠲᠤᠩᠬᠤ᠄ ᠶᠠ! ᠶᠠᠮᠠᠷ ᠮᠤᠨᠳᠠᠭ ᠶᠤᠮ ᠪᠣᠢ?
ᠴᠠᠰᠣᠬᠠᠨ᠄ ᠶᠠᠮᠠᠷ ᠭᠣᠶᠣ ᠶᠤᠮ ᠪᠣᠢ?
ᠳ᠋ᠤᠷᠤᠨ᠄ ᠦᠯᠢᠭᠡᠷ ᠦ᠋ᠨ ᠶᠢᠷᠲᠢᠨᠴᠦ ᠶ᠋ᠢᠨ ᠠᠳᠠᠯ ᠶᠠᠪᠤᠳᠠᠯ ᠭᠡᠵᠦ ᠶᠠᠮᠠᠷ ᠭᠣᠶᠣ ᠶᠤᠮ ᠪᠣᠢ?
ᠪᠦᠭᠦᠳᠡᠭᠡᠷ ᠢᠨᠢᠶᠡᠨ᠎ᠡ᠃
ᠠᠷᠸ᠎ᠠ᠄ ᠮᠥᠩᠬᠡ ᠲᠤᠩᠬᠤ ᠲᠠᠢ ᠳᠥᠷᠪᠡᠳᠦᠭᠡᠷ ᠤᠯᠠᠷᠢᠯ ᠢ᠋ᠶ᠋ᠠᠷ ᠬᠠᠮᠲᠤ ᠠᠶᠠᠯᠠᠭᠰᠠᠨ ᠬᠡᠦᠬᠡᠳ ᠦ᠋ᠳ ᠲᠦ᠍ ᠪᠡᠨ ᠦᠨᠡᠬᠡᠷ ᠶᠡᠬᠡ ᠪᠠᠶᠠᠷᠯᠠᠯ᠎ᠠ! ᠮᠠᠨ ᠤ᠋ ᠲᠠᠪᠤ ᠶ᠋ᠢᠨ ᠨᠢᠭᠡ ᠨᠢᠭᠡᠨ ᠢ᠋ ᠪᠡᠨ ᠭᠡᠰᠡᠨ ᠰᠣᠨᠢᠭᠤᠴᠢ᠂ ᠭᠠᠢᠬᠠᠯᠲᠠᠢ ᠬᠦᠰᠡᠯ ᠮᠥᠷᠥᠭᠡᠳᠦᠯ ᠢ᠋ᠶ᠋ᠡᠷ ᠳᠦᠭᠦᠷᠡᠩ ᠶᠢᠷᠲᠢᠨᠴᠦ ᠬᠠᠮᠢᠭ᠎ᠠ ᠬᠦᠷᠬᠦ ᠶ᠋ᠢ ᠬᠡᠨ ᠴᠦ᠍ ᠳᠠᠭᠠᠭᠠᠰᠢ ᠦᠭᠡᠢ ᠭᠠᠢᠬᠠᠯᠲᠠᠢ᠃ ᠠᠳᠠᠯ ᠶᠠᠪᠤᠳᠠᠯ ᠢ᠋ ᠪᠦᠭᠦᠳᠡᠭᠡᠷ ᠢ᠋ᠶ᠋ᠡᠨ ᠬᠠᠮᠲᠤ ᠳ᠋ᠤ᠌ ᠪᠠᠨ ᠦᠷᠭᠦᠯᠵᠢᠯᠡᠭᠦᠯᠵᠡᠭᠡᠶ᠎ᠡ᠃ᠳᠠᠷᠠᠭ᠎ᠠ ᠶ᠋ᠢᠨ ᠤᠯᠠᠷᠢᠯ ᠳ᠋ᠤ᠌
ᠮᠥᠩᠬᠡ᠄ ᠠᠷᠸ᠎ᠠ ᠠᠬ᠎ᠠ ᠠ᠋᠂ ᠬᠢᠮᠡᠯ ᠳᠠᠭᠠᠭᠤᠯᠢ ᠶ᠋ᠢᠨ ᠮᠡᠳᠡᠭᠡ ᠶ᠋ᠢ ᠶᠠᠭᠠᠬᠢᠵᠤ ᠬᠠᠭᠤᠯᠵᠤ ᠠᠪᠳᠠᠭ ᠪᠢᠯᠡ?
ᠠᠷᠸ᠎ᠠ᠄ ᠠ᠂ ᠠᠬ᠎ᠠ ᠨᠢ ᠦᠵᠡᠭᠴᠢ ᠬᠡᠦᠬᠡᠳ ᠦ᠋ᠳ ᠲᠡᠢ ᠪᠡᠨ ᠶᠠᠷᠢᠴᠢᠬᠠᠭᠠᠳ ᠣᠴᠢᠯ᠎ᠠ᠃ ᠵᠠ! ᠲᠠ ᠨᠠᠷ ᠲᠠᠢ ᠪᠠᠨ ᠳᠠᠷᠠᠭ᠎ᠠ ᠶ᠋ᠢᠨ ᠤᠯᠠᠷᠢᠯ ᠢ᠋ᠶ᠋ᠠᠷ ᠠᠭᠤᠯᠵᠠᠵᠠᠭᠠᠶ᠎ᠠ᠂ ᠮᠤᠨᠳᠠᠭ ᠬᠡᠦᠬᠡᠳ ᠦ᠋ᠳ ᠪᠠᠢᠭᠠᠷᠠᠢ! ᠰᠠᠨᠠᠭᠰᠠᠨ ᠠ᠋ᠴᠠ ᠮᠠᠨ ᠤ᠋ ᠮᠥᠩᠬᠡ ᠶ᠋ᠢᠨ ᠮᠠᠨᠢ ᠰᠡᠭᠦᠯᠴᠢ ᠶ᠋ᠢᠨ ᠡᠰᠡᠷᠭᠦᠴᠡᠭᠴᠢᠳ comment (ᠰᠡᠳᠬᠢᠭᠳᠡᠯ ᠢ᠋ᠶ᠋ᠡᠨ ᠪᠢᠴᠢᠬᠦ ) ᠶ᠋ᠢᠨ ᠠᠳᠠᠯ ᠶᠠᠪᠤᠳᠠᠯ ᠦᠷᠭᠦᠯᠵᠢᠯᠡᠵᠦ ᠮᠠᠭᠠᠳ ᠦᠭᠡᠢ ᠶᠦ᠍ᠮ ᠰᠢᠭ ᠪᠠᠢᠨ᠎ᠠ ᠰᠢᠦ᠃ ᠵᠠ᠂ ᠠᠬ᠎ᠠ ᠨᠢ ᠣᠳᠣ ᠣᠴᠢᠯ᠎ᠠ᠃ ᠪᠠᠶᠠᠷᠲᠠᠢ!
ᠡᠩ ᠦᠭᠡᠢ ᠲᠤᠩᠬᠤ᠄ ᠮᠥᠩᠬᠡ ᠠ᠋᠂ ᠡᠭᠦᠨ ᠢ᠋ ᠶᠠᠩᠵᠤᠯᠠᠵᠤ ᠪᠣᠯᠬᠤ ᠤᠤ?
ᠡᠪ ᠦᠭᠡᠢ ᠮᠥᠩᠬᠡ᠄ ᠪᠣᠯᠤᠨ᠎ᠠ᠃
ᠵᠡᠭᠦᠯᠲᠡ᠄
Dark site ———— ᠬᠥᠮᠦᠨ ᠮᠡᠬᠡᠯᠡᠳᠡᠭ ᠰᠦᠯᠵᠢᠶ᠎ᠡ ᠭᠡᠰᠡᠨ ᠭᠠᠳᠠᠭᠠᠳᠤ ᠦᠭᠡ᠂
Harry potter , Voldemort——— ᠬᠣᠶᠠᠭᠤᠯᠠ ᠪᠠᠨ ᠪᠦᠷ ᠬᠡᠦᠬᠡᠯᠳᠡᠢ ᠺᠢᠨᠣ᠋ ᠳ᠋ᠠᠬᠢ ᠬᠥᠮᠦᠨ ᠦ᠌ ᠨᠡᠷ᠎ᠡ᠂
Minecraft , Speedrun ——— ᠰᠦᠯᠵᠢᠶᠡᠨ ᠲᠣᠭᠯᠠᠭᠠᠮ ᠤ᠋ᠨ ᠨᠡᠷ᠎ᠡ᠂
record ——— ᠲᠡᠮᠳᠡᠭᠯᠡᠯ (ᠳᠡᠯᠡᠬᠡᠢ  ᠶ᠋ᠢᠨ ᠲᠡᠮᠳᠡᠭᠯᠡᠯ ᠡᠭᠦᠳᠬᠦ ᠭᠡᠰᠡᠨ ᠤᠳᠬ᠎ᠠ ᠪᠠᠷ ᠬᠡᠷᠡᠭᠯᠡᠭᠳᠡᠵᠦ ᠪᠠᠢᠨ᠎ᠠ )᠃
   ᠦᠰᠦᠭ ᠢ᠋ ᠨᠢ ᠠᠮᠢᠯᠠᠭᠤᠯᠵᠤ ᠬᠠᠲᠠᠭᠰᠠᠨ ᠬᠥᠮᠦᠨ : ᠾᠦᠩ ᠸᠧᠢ
   ᠬᠢᠨᠠᠭᠰᠠᠨ ᠬᠥᠮᠦᠰ᠄ ᠮᠥᠴᠢᠷ᠂ ᠰᠡᠴᠡᠩᠭᠤᠸ᠎ᠠ᠂ ᠳ·ᠪᠥᠬᠡᠴᠢᠯᠠᠭᠤ᠂ ᠱᠤᠳᠤᠷᠭᠤ᠂ ᠨᠤᠮᠤᠴᠢᠨ ᠪᠢᠯᠢᠭ᠂ ᠬᠠᠨᠳᠠ(ᠮᠣᠩᠭᠣᠯ ᠤᠯᠤᠰ)᠃