ᠮᠥᠩᠬᠡ ᠲᠤᠩᠬᠤ 4-09Мөнх ТунхMunkh Tunkh
ᠮᠥᠩᠬᠡ ᠲᠤᠩᠬᠤ ᠳᠥᠷᠪᠡᠳᠦᠭᠡᠷ ᠤᠯᠠᠷᠢᠯ ᠤ᠋ᠨ ᠶᠢᠰᠦᠳᠦᠭᠡᠷ ᠠᠩᠭᠢ
ᠮᠠᠢ ᠮᠠᠢ ᠮᠠᠢ(ᠬᠣᠨᠢ ᠢᠮᠠᠭᠠᠨ ᠤ᠋ ᠮᠠᠢᠯᠠᠬᠤ ᠳᠠᠭᠤ)
ᠮᠥᠩᠬᠡ ᠄ ᠵᠠ᠂ᠦᠯᠢᠭᠡᠷ ᠪᠣᠯᠲᠠᠯ᠎ᠠ ᠶᠠᠭᠤ ᠬᠢᠬᠦ ᠪᠣᠢ? ᠬᠣᠶᠠᠭᠤᠯᠠ ᠪᠠᠨ᠃
ᠲᠤᠩᠬᠤ ᠄ ᠴᠢ ᠳᠠᠭᠠᠭᠠᠯᠭᠠᠪᠤᠷᠢ ᠪᠠᠨ ᠬᠢᠴᠢᠬᠡᠭᠰᠡᠨ ᠶᠦᠮ ᠤᠤ ᠮᠥᠩᠬᠡ ᠠ᠋᠃
ᠮᠥᠩᠬᠡ ᠄ ᠬᠢᠴᠢᠬᠡᠭᠰᠡᠨ ᠠ᠋᠃
ᠲᠤᠩᠬᠤ ᠄ ᠨᠡᠭᠡᠷᠡᠨ᠂ ᠢᠩᠭᠢᠬᠦ ᠳ᠋ᠦ᠍ ᠴᠢ comment (ᠰᠡᠳᠬᠢᠭᠳᠡᠯ ᠢ᠋ᠶ᠋ᠡᠨ ᠪᠢᠴᠢᠬᠦ ) ᠨᠣᠮ ᠬᠢᠵᠦ ᠪᠠᠢᠭ᠎ᠠ ᠭᠡᠰᠡᠨ ᠤᠤ?
ᠮᠥᠩᠬᠡ ᠄ ᠲᠡᠢᠮᠦ ᠰᠢᠲᠠ᠂ᠨᠡᠭᠡᠷᠡᠨ᠂ ᠤᠩᠰᠢᠵᠤ ᠦᠵᠡᠬᠦ ᠤᠤ?
ᠲᠤᠩᠬᠤ ᠲᠡᠭᠡᠶ᠎ᠡ ᠯᠡ ᠳᠡ᠃
ᠮᠥᠩᠬᠡ ᠄ ᠵᠠ ᠪᠠᠢᠵᠠ᠂ ᠬᠠᠮᠤᠭ ᠤ᠋ᠨ ᠰᠡᠭᠦᠯ ᠳ᠋ᠦ᠍ ᠴᠢᠨᠢ ᠶᠠᠭᠠᠬᠢᠵᠤ ᠳᠠᠭᠤᠰᠤᠯ᠎ᠠ᠂ ᠪᠠᠢᠵᠠ᠃ ᠷᠤᠪᠡᠲ ᠦ᠋ᠳ ᠬᠢᠮᠡᠯ ᠣᠶᠤᠨ ᠤᠬᠠᠭᠠᠨ ᠲᠠᠢ ᠪᠣᠯᠤᠭᠰᠠᠨ ᠡᠴᠡ ᠬᠣᠢᠰᠢ᠂ ᠡᠬᠡ ᠳᠡᠯᠡᠬᠡᠢ ᠶ᠋ᠢ ᠡᠵᠡᠯᠡᠨ ᠲᠦᠷᠢᠮᠡᠬᠡᠢᠯᠡᠵᠦ ᠡᠬᠢᠯᠡᠵᠡᠢ᠃ ᠠ ᠲᠡᠢᠮᠦ᠂ ᠳ᠋ᠤᠷᠤᠷᠠᠨ ᠮᠠᠰᠢ ᠲᠣᠮᠣ ᠫᠤᠤ ᠭᠠᠷᠭᠠᠵᠤ ᠢᠷᠡᠭᠡᠳ᠂ ᠰᠡᠭᠦᠯᠴᠢ ᠶ᠋ᠢᠨ ᠡᠰᠡᠷᠭᠦᠴᠡᠭᠴᠢᠳ ᠮᠠᠰᠢ ᠬᠡᠴᠡᠭᠦᠦ ᠪᠣᠯᠤᠭᠠᠳ᠂ ᠳ᠋ᠤᠷᠤᠷᠠᠨ ᠯᠠᠢᠰᠧᠷ ᠦ᠋ᠨ ᠫᠤᠤ ᠪᠠᠷ ᠫᠤᠤᠳᠠᠭᠠᠳ ᠯᠠ ᠪᠠᠢᠵᠠᠢ ᠭᠡᠨ᠎ᠡ᠃ᠬᠠᠮᠠᠭᠠᠯᠠᠯᠲᠠ ᠤᠤᠯ ᠠ᠋ᠴᠠ ᠪᠠᠨ ᠢᠳᠡᠯᠡᠵᠦ ᠡᠬᠢᠯᠡᠵᠡᠢ ᠭᠡᠨ᠎ᠡ᠃ ᠰᠡᠭᠦᠯᠴᠢ ᠶ᠋ᠢᠨ ᠡᠰᠡᠷᠭᠦᠴᠡᠭᠴᠢᠳ ᠶᠠᠭᠠᠬᠢᠬᠤ ᠤᠴᠢᠷ ᠢ᠋ᠶ᠋ᠠᠨ ᠣᠯᠬᠤ ᠦᠭᠡᠢ ᠪᠦᠷ ᠬᠡᠴᠡᠭᠦᠦ ᠪᠠᠢᠳᠠᠯ ᠳ᠋ᠤ᠌ ᠣᠷᠣᠵᠤ ᠡᠬᠢᠯᠡᠵᠡᠢ ᠭᠡᠨ᠎ᠡ᠃ ᠲᠡᠭᠡᠭᠰᠡᠨ ᠴᠢᠨᠢ ᠭᠡᠨᠡᠳᠲᠡ ᠮᠥᠩᠬᠡ ᠪᠣᠰᠴᠤ ᠢᠷᠡᠭᠰᠡᠨ ᠢ᠋ᠶ᠋ᠡᠨ ᠁《ᠮᠢᠨᠦ ᠵᠢᠵᠢᠭᠬᠡᠨ ᠨᠠᠢᠵᠠ ᠲᠠᠢ ᠮᠡᠨᠳᠦᠯᠡᠭᠡᠷᠡᠢ 》ᠭᠡᠰᠡᠨ ᠢ᠋ᠶ᠋ᠡᠨ ᠬᠣᠶᠠᠷ ᠲᠣᠮᠣ ᠯᠠᠢᠰᠧᠷ ᠦ᠋ᠨ ᠫᠤᠤ ᠭᠠᠷᠭᠠᠵᠤ ᠢᠷᠡᠭᠡᠳ ᠴᠡᠨᠡᠭᠯᠡᠵᠦ ᠡᠬᠢᠯᠡᠲᠡᠯ᠎ᠡ ᠁
ᠲᠤᠩᠬᠤ ᠄ ᠪᠦᠭᠦᠳᠡᠭᠡᠷ ᠢ᠋ᠶ᠋ᠡᠨ ᠡᠪᠲᠡᠢ ᠨᠠᠢᠷᠲᠠᠢ ᠪᠠᠢᠵᠤ ᠪᠣᠯᠬᠤ ᠦᠭᠡᠢ ᠭᠡᠵᠡᠢ ᠤᠤ ᠭᠡᠵᠦ ᠭᠡᠨ᠎ᠡ᠃
ᠮᠥᠩᠬᠡ ᠄ ᠦ᠂ ᠲᠤᠩᠬᠤ ᠠ᠋᠂ ᠦᠭᠡᠢ᠂ ᠮᠥᠩᠬᠡ ᠮᠠᠰᠲ᠋ᠸᠷ ᠪᠤᠳᠠᠭ᠎ᠠ ᠪᠣᠯᠭᠠᠬᠤ ᠭᠡᠵᠦ ᠪᠠᠢᠬᠤ ᠳ᠋ᠤ᠌ ᠴᠢᠨᠢ ᠳᠡ᠃ ᠲᠡᠭᠡᠭᠰᠡᠨ ᠢ᠋ᠶ᠋ᠡᠨ ᠮᠥᠩᠬᠡ ᠮᠠᠰᠲ᠋ᠸᠷ ᠤ᠋ᠨ ᠫᠤᠤ ᠪᠦᠷᠢᠨ ᠴᠡᠨᠡᠭᠯᠡᠭᠳᠡᠭᠡᠳ᠂ ᠴᠡᠨᠡᠭᠯᠡᠭᠳᠡᠭᠡᠳ᠂ ᠪᠦᠷ ᠴᠡᠨᠡᠭᠯᠡᠭᠳᠡᠭᠡᠳ ᠫᠤᠤᠳᠠᠭᠰᠠᠨ ᠴᠢᠨᠢ ᠁
ᠲᠤᠩᠬᠤ ᠄ ᠵᠦᠭᠡᠷ ᠯᠡ ᠱᠣᠰᠢᠭ᠎ᠠ ᠲᠠᠢ ᠪᠢᠴᠢᠭ ᠦ᠋ᠳ ᠭᠠᠷᠴᠤ ᠢᠷᠡᠵᠡᠢ ᠭᠡᠨ᠎ᠡ᠃
ᠮᠥᠩᠬᠡ ᠄ ᠦ ᠲᠤᠩᠬᠤ ᠠ᠋ ᠁
ᠲᠤᠩᠬᠤ ᠄ ᠬᠡ ᠬᠡ ᠪᠠᠢᠵᠤ ᠪᠠᠢ ᠯᠠ ᠳᠠ᠂ ᠭᠣᠶᠣ ᠪᠣᠯᠵᠤ ᠪᠠᠢᠬᠤ ᠳ᠋ᠤ᠌ ᠴᠢᠨᠢ᠃
ᠮᠥᠩᠬᠡ ᠄ ᠠᠶ᠎ᠠ᠂ ᠰᠦᠷ ᠲᠡᠢ ᠪᠠᠢᠭᠠᠳ ᠪᠠᠢᠬᠤ ᠳ᠋ᠤ᠌ ᠴᠢᠨᠢ ᠳᠡ᠂ ᠵᠠ ᠲᠡᠭᠡᠭᠡᠳ ᠮᠥᠩᠬᠡ ᠮᠠᠰᠲ᠌ᠸᠷ ᠭᠡᠨᠡᠳᠲᠡ ᠠᠭᠠᠷ ᠲᠤ᠌ ᠬᠥᠭᠡᠷᠴᠦ ᠡᠬᠢᠯᠡᠵᠡᠢ᠃ ᠰᠢᠭᠤᠳ ᠵᠡᠪᠰᠡᠭ ᠢ᠋ᠶ᠋ᠡᠨ ᠡᠷᠭᠦᠨ ᠨᠢᠰᠦᠭᠰᠡᠨ ᠢ᠋ᠶ᠋ᠡᠨ ᠁
ᠲᠤᠩᠬᠤ ᠄ ᠳ᠋ᠤᠷᠤᠷᠠᠨ ᠢ ᠲᠡᠪᠡᠷᠢᠵᠡᠢ ᠭᠡᠨ᠎ᠡ᠃ ᠸᠠ ᠧᠦ ᠁
ᠮᠥᠩᠬᠡ ᠄ᠠ᠋ ᠬᠠ᠂ᠦᠭᠡᠢ᠂ ᠳ᠋ᠤᠷᠤᠷᠠᠨ ᠤᠷᠤᠭᠤ ᠳᠣᠪᠲᠣᠯᠵᠠᠢ ᠭᠡᠨ᠎ᠡ᠂ᠶᠠᠭ ᠲᠤᠯᠵᠤ ᠢᠷᠡᠭᠡᠳ ᠫᠤᠤᠳᠠᠬᠤ ᠭᠡᠰᠡᠨ ᠴᠢᠨᠢ᠂
ᠲᠤᠩᠬᠤ : ᠲᠡᠭᠡᠲᠡᠯ᠎ᠡ ᠭᠡᠨᠡᠳᠲᠡ ᠡᠩᠬᠡ ᠶ᠋ᠢᠨ ᠴᠠᠭᠠᠨ ᠲᠠᠭᠲᠠᠭ᠎ᠠ ᠨᠢᠰᠦᠭᠡᠳ ᠭᠠᠷᠤᠭᠠᠳ ᠢᠷᠡᠵᠡᠢ ᠭᠡᠨ᠎ᠡ᠃ ᠳ᠋ᠤᠷᠤᠷᠠᠨ ᠮᠥᠩᠬᠡ ᠮᠠᠰᠲ᠋ᠸᠷ ᠬᠣᠶᠠᠷ ᠤ᠋ᠨ ᠲᠠᠭᠲᠠᠭ᠎ᠠ ᠶ᠋ᠢ ᠬᠠᠷᠠᠭᠰᠠᠨ ᠢ᠋ᠶ᠋ᠠᠨ ᠴᠡᠨᠡᠩᠯᠡᠵᠦ ᠪᠠᠢᠭᠰᠠᠨ ᠰᠤᠮᠤ ᠪᠠᠨ ᠵᠣᠭᠰᠣᠭᠠᠵᠠᠢ᠃ᠡᠩᠬᠡ ᠶ᠋ᠢᠨ ᠴᠠᠭᠠᠨ ᠲᠠᠭᠲᠠᠭ᠎ᠠ ᠲᠡᠭᠦᠨ ᠦ᠌ ᠰᠡᠳᠬᠢᠯ ᠢ᠋ ᠪᠦᠯᠢᠶᠡᠰᠬᠡᠵᠡᠢ᠃ ᠳ᠋ᠤᠷᠤᠷᠠᠨ ᠬᠡᠳᠦᠢ ᠳᠡᠯᠡᠬᠡᠢ ᠶ᠋ᠢ ᠡᠵᠡᠯᠡᠬᠦ ᠵᠣᠷᠢᠯᠭ᠎ᠠ ᠲᠠᠢ ᠪᠠᠢᠭᠰᠠᠨ ᠴᠤ᠌ ᠰᠡᠳᠬᠢᠯ ᠨᠢ ᠵᠥᠭᠡᠯᠡᠷᠡᠨ᠂ ᠡᠩᠬᠡ ᠲᠠᠢᠪᠤᠩ ᠢ᠋ ᠵᠠᠷᠯᠠᠵᠠᠢ᠃
ᠮᠥᠩᠬᠡ ᠄ ᠦ᠂ ᠲᠠ ᠮᠢᠨᠦ ᠵᠣᠬᠢᠶᠠᠯ ᠢ᠋ ᠮᠠᠨᠢ ᠠᠶ᠎ᠠ ᠦᠭᠡᠢ ᠵᠥᠭᠡᠯᠡᠨ ᠵᠣᠬᠢᠶᠠᠯ ᠪᠣᠯᠭᠠᠴᠢᠬᠠᠬᠤ ᠶᠤᠮ᠂ ᠬᠡ ᠬᠠ ᠬᠠ
ᠲᠤᠩᠬᠤ ᠄ ᠬᠡ ᠬᠡ ᠬᠡ᠂ ᠬᠥᠭᠡᠷᠦᠬᠦᠨ ᠪᠠᠢᠭ᠎ᠠ ᠪᠢᠵᠡ ᠳᠡ᠃
ᠮᠥᠩᠬᠡ ᠄ ᠬᠡᠩ᠂ ᠵᠠ ᠵᠠ᠂ᠳᠠᠷᠠᠭ᠎ᠠ ᠯᠠ ᠵᠣᠬᠢᠶᠠᠯ ᠢ᠋ᠶ᠋ᠠᠨ ᠦᠷᠭᠦᠯᠵᠢᠯᠡᠭᠦᠯᠬᠦ ᠡᠴᠡ᠃
ᠲᠤᠩᠬᠤ ᠄ ᠲᠡᠭᠡ ᠳᠡ ᠮᠥᠩᠬᠡ᠂ ᠮᠢᠨᠦ ᠲᠤᠰᠠ ᠬᠡᠷᠡᠭ ᠪᠣᠯᠪᠠᠯ ᠬᠡᠯᠡᠵᠦ ᠪᠠᠢᠭᠠᠷᠠᠢ!
ᠮᠥᠩᠬᠡ ᠄ ᠬᠡ ᠬᠠ ᠬᠠ
ᠠᠷᠸ᠎ᠠ :ᠵᠠ᠂ ᠮᠠᠨ ᠤ᠋ ᠬᠢᠨ ᠠ᠋᠂ ᠶᠠᠭᠤ ᠬᠢᠵᠡᠭᠡᠵᠦ ᠪᠠᠢᠨ᠎ᠠ ᠳᠠ᠃
ᠮᠥᠩᠬᠡ ᠄ ᠦ᠂ ᠮᠢᠨᠦ Comment(ᠰᠡᠳᠬᠢᠭᠳᠡᠯ ᠢ᠋ᠶ᠋ᠡᠨ ᠪᠢᠴᠢᠬᠦ )ᠨᠣᠮ ᠢ᠋ ᠲᠤᠩᠬᠤ ᠵᠣᠬᠢᠶᠠᠯ ᠢ᠋ ᠨᠢ ᠥᠭᠡᠷᠡᠴᠢᠯᠡᠭᠡᠳ ᠯᠡ᠂ ᠪᠢ ᠵᠣᠬᠢᠶᠠᠯ ᠢ᠋ᠶ᠋ᠠᠨ ᠠᠪᠤᠷᠠᠬᠤ ᠭᠡᠳ ᠪᠥᠭᠡᠮ ᠶᠠᠭᠤᠮ᠎ᠠ ᠪᠣᠯᠤᠯ᠎ᠠ ᠰᠢᠲᠠ᠃ ᠬᠡ ᠬᠠ᠃
ᠲᠤᠩᠬᠤ ᠄ ᠬᠡ ᠬᠡ
ᠳ᠋ᠤᠷᠤᠨ ᠄ ᠠ ᠲᠡᠢᠮᠦ᠂ᠮᠢᠨᠦ ᠲᠠᠯ᠎ᠠ ᠪᠠᠷ ᠬᠢᠭᠰᠡᠨ ᠵᠣᠬᠢᠶᠠᠯ ᠳᠡᠭᠡᠷ᠎ᠡ᠃
ᠮᠥᠩᠬᠡ ᠄ ᠬᠠᠷᠢᠨ ᠳᠠ᠂ ᠲᠤᠩᠬᠤ ᠴᠢᠮ᠎ᠠ ᠶ᠋ᠢ ᠪᠦᠷ ᠪᠠᠮᠪᠤᠷᠰᠢ ᠪᠣᠯᠭᠠᠴᠢᠬᠠᠭᠰᠠᠨ ᠰᠢᠲᠠ᠃
ᠲᠤᠩᠬᠤ ᠄ ᠦᠭᠡᠢ᠂ ᠲᠡᠷᠡ ᠴᠢᠨᠢ ᠬᠥᠭᠡᠷᠦᠬᠦᠨ ᠪᠠᠢᠭᠰᠠᠨ ᠰᠢᠳᠡ᠂ᠬᠡ ᠬᠡ᠃
ᠲᠣᠷᠤᠨ ᠄ ᠬᠡ ᠬᠡ᠂ ᠶᠠᠮᠠᠷ ᠪᠠᠮᠪᠤᠷᠰᠢ ᠪᠣᠯᠭᠠᠭᠰᠠᠨ ᠪᠣᠢ?
ᠲᠤᠩᠬᠤ ᠄ ᠡᠭᠦᠨ ᠢ᠋ ᠬᠠᠷ᠎ᠠ ᠳᠠ᠃
ᠲᠣᠷᠤᠨ ᠄ ᠸᠠ ᠬᠠ ᠬᠠ᠂ ᠶᠠᠮᠠᠷ ᠬᠥᠭᠡᠷᠦᠬᠦᠨ ᠶᠦᠮ ᠪᠣᠢ? ᠮᠠᠨ ᠤ᠋ ᠪᠠᠰᠠᠷ ᠶᠠᠭᠤ ᠭᠡᠳ ᠪᠠᠢᠳᠠᠭ ᠪᠢᠯᠡ?ᠪᠠᠮᠪᠤᠵᠢ ᠴᠠᠮᠪᠤᠵᠢ᠂ ᠪᠠᠮ ᠪᠠᠮ ᠪᠠᠮᠪᠤᠵᠢ᠂ ᠬᠡ ᠬᠡ
ᠪᠦᠭᠦᠳᠡᠭᠡᠷ ᠢᠨᠢᠶᠡᠨ᠎ᠡ᠃
ᠮᠥᠩᠬᠡ ᠄ ᠵᠠ᠂ᠠᠷᠸ᠎ᠠ ᠠᠬ᠎ᠠ ᠠ᠋᠂ ᠡᠨᠡ ᠤᠳᠠᠭ᠎ᠠ ᠶᠠᠮᠠᠷ ᠦᠯᠢᠭᠡᠷ ᠢ᠋ᠶ᠋ᠡᠷ ᠠᠶᠠᠯᠠᠬᠤ ᠪᠣᠢ?
ᠠᠷᠸ᠎ᠠ ᠄ ᠵᠠ ᠠᠬ᠎ᠠ ᠨᠢ ᠬᠠᠷᠢᠨ ᠪᠣᠳᠣᠵᠤ ᠯᠠ ᠪᠠᠢᠨ᠎ᠠ᠂ ᠲᠠ ᠬᠡᠳᠦ ᠮᠠᠨᠢ ᠶᠠᠮᠠᠷ ᠦᠯᠢᠭᠡᠷ ᠢ᠋ᠶ᠋ᠡᠷ ᠠᠶᠠᠯᠠᠮᠠᠷ ᠪᠠᠢᠨ᠎ᠠ᠃
ᠲᠤᠩᠬᠤ ᠄ ᠶᠠᠮᠠᠷ ᠴᠤ᠌ ᠪᠠᠢᠭᠰᠠᠨ ᠪᠣᠯᠤᠨ᠎ᠠ᠂ ᠪᠦᠬᠦ ᠦᠯᠢᠭᠡᠷ ᠭᠣᠶᠣ᠃
ᠮᠥᠩᠬᠡ ᠄ ᠶᠠ ᠲᠡᠭᠡᠪᠡᠯ ᠭᠣᠶᠣ ᠮᠣᠩᠭᠣᠯ ᠠᠷᠠᠳ ᠤ᠋ᠨ ᠦᠯᠢᠭᠡᠷ ᠢ᠋ᠶ᠋ᠡᠷ ᠠᠶᠠᠯᠠᠬᠤ ᠤᠤ?
ᠠᠷᠸ᠎ᠠ ᠄ ᠵᠠ ᠲᠡᠭᠡᠶ᠎ᠡ᠂ ᠠᠬ᠎ᠠ ᠨᠢ ᠬᠠᠷᠠᠶ᠎ᠠ᠃ ᠵᠠ ᠲᠠ ᠨᠠᠷ ᠮᠠᠨᠢ ᠪᠤᠭᠤ ᠲᠡᠮᠡᠭᠡ ᠬᠣᠶᠠᠷ ᠭᠡᠳ ᠦᠯᠢᠭᠡᠷ ᠢ᠋ᠶ᠋ᠡᠷ ᠠᠶᠠᠯᠠᠵᠠᠭᠠᠬᠤ ᠤᠤ?
ᠮᠥᠩᠬᠡ ᠄ ᠬᠣ᠂ᠲᠡᠭᠡᠶ᠎ᠡ᠃
ᠲᠤᠩᠬᠤ ᠄ ok(ᠵᠠ ᠲᠡᠭᠡᠶ᠎ᠡ )
ᠲᠣᠷᠤᠨ ᠄ yes yes(ᠵᠠ ᠵᠠ)
ᠠᠷᠸ᠎ᠠ ᠄ ᠳ᠋ᠤᠷᠤᠨ ᠮᠠᠨᠢ ᠠᠶᠠᠯᠠᠬᠤ ᠦᠭᠡᠢ᠃
ᠳ᠋ᠤᠷᠤᠨ ᠄ ᠶᠠᠭᠠᠬᠢᠭᠠᠳ?
ᠠᠷᠸ᠎ᠠ ᠄ ᠬᠡ ᠬᠠ ᠬᠠ᠂ ᠲᠣᠭᠯᠠᠭᠰᠠᠨ ᠶᠤᠮ ᠠ᠋᠂ ᠬᠠᠮᠲᠤ ᠠᠶᠠᠯᠠᠴᠢᠬᠠ᠃
ᠳ᠋ᠤᠷᠤᠨ ᠄ ᠶᠣᠬᠣ᠂ ᠶᠠᠭᠠᠬᠢᠵᠤ ᠪᠠᠢᠭ᠎ᠠ ᠶᠤᠮ ᠲᠠ᠂ ᠬᠥᠮᠦᠨ ᠠᠶᠤᠯᠭᠠᠭᠠᠳ᠃
ᠪᠦᠭᠦᠳᠡᠭᠡᠷ ᠢᠨᠢᠶᠡᠨ᠎ᠡ᠃
ᠮᠥᠩᠬᠡ ᠄ᠠᠷᠸ᠎ᠠ ᠠᠬ᠎ᠠ ᠠ᠋?
ᠠᠷᠸ᠎ᠠ ᠄ ᠶᠠᠭᠠᠬᠢᠭᠰᠠᠨ ᠮᠢᠨᠦ ᠳᠡᠭᠦᠦ?
ᠮᠥᠩᠬᠡ ᠄ ᠲᠤᠩᠬᠤ ᠳ᠋ᠤᠷᠤᠨ ᠪᠢᠳᠡ ᠭᠤᠷᠪᠠ ᠦᠯᠢᠭᠡᠷ ᠢ᠋ ᠴᠢᠨᠢ ᠤᠩᠰᠢᠵᠤ ᠪᠣᠯᠬᠤ ᠤᠤ?
ᠠᠷᠸ᠎ᠠ ᠄ ᠦ᠂ ᠵᠠ! ᠰᠠᠢᠨ ᠪᠠᠢᠨ᠎ᠠ᠂ ᠤᠩᠰᠢᠬᠤ ᠳᠠᠰᠬᠠᠯ ᠢ᠋ᠶ᠋ᠠᠨ ᠬᠢᠬᠦ ᠭᠡᠵᠦ ᠪᠠᠢᠭ᠎ᠠ ᠶᠤᠮ ᠤᠤ ᠳᠠ᠃
ᠲᠤᠩᠬᠤ ᠄ ᠨᠡᠭᠡᠷᠡᠨ ᠲᠡᠢᠮᠦ ᠶᠦᠮ ᠪᠠᠢᠨ᠎ᠠ ᠰᠢᠦ᠂ ᠦᠯᠢᠭᠡᠷ ᠢ᠋ᠶ᠋ᠡᠨ ᠤᠩᠰᠢᠭᠠᠳ ᠤᠩᠰᠢᠯᠭ᠎ᠠ ᠶ᠋ᠢᠨ ᠳᠠᠰᠬᠠᠯ ᠢ᠋ᠶ᠋ᠠᠨ ᠬᠢᠴᠢᠬᠡᠭᠡᠳ᠂ ᠲᠡᠭᠡᠭᠡᠳ ᠦᠯᠢᠭᠡᠷ ᠢ᠋ᠶ᠋ᠡᠷ ᠢ᠋ᠶ᠋ᠡᠨ ᠠᠶᠠᠯᠠᠴᠢᠬᠠᠨᠠ ᠭᠣᠶᠣ ᠳᠠ᠃
ᠠᠷᠸ᠎ᠠ ᠄ ᠶᠣᠰᠣᠲᠠᠢ ᠰᠠᠢᠨ ᠪᠠᠢᠨ᠎ᠠ᠂ ᠵᠠ ᠦᠯᠢᠭᠡᠷ ᠢ᠋ᠶ᠋ᠡᠨ ᠤᠩᠰᠢ ᠳᠠ᠃
ᠮᠣᠩᠭᠣᠯ ᠠᠷᠠᠳ ᠤ᠋ᠨ ᠦᠯᠢᠭᠡᠷ ᠪᠤᠭᠤ ᠲᠡᠮᠡᠭᠡ ᠬᠣᠶᠠᠷ
ᠡᠷᠲᠡ ᠤᠷᠢᠳᠤ ᠴᠠᠭ ᠲᠤ᠌᠂ᠲᠡᠮᠡᠭᠡ ᠣᠳᠣ ᠶ᠋ᠢᠨ ᠪᠤᠭᠤ ᠶ᠋ᠢᠨ ᠰᠢᠭ᠋ ᠠᠷᠪᠠᠨ ᠬᠣᠶᠠᠷ ᠰᠠᠯᠠᠭ᠎ᠠ ᠡᠪᠡᠷ ᠲᠡᠢ ᠪᠠᠢᠭᠰᠠᠨ ᠠᠵᠠᠢ᠃ ᠪᠠᠰᠠ ᠥᠳᠬᠡᠨ ᠪᠣᠯᠤᠭᠠᠳ ᠤᠷᠲᠤ ᠰᠠᠢᠬᠠᠨ ᠰᠡᠭᠦᠯ ᠲᠡᠢ ᠪᠠᠢᠵᠠᠢ ᠭᠡᠨ᠎ᠡ᠃ ᠬᠠᠷᠢᠨ ᠲᠡᠷᠡ ᠴᠠᠭ ᠲᠤ᠌ ᠪᠤᠭᠤ ᠡᠪᠡᠷ ᠦᠭᠡᠢ ᠮᠤᠬᠤᠷ ᠮᠤᠯᠴᠤᠩ᠂ ᠠᠳᠤᠭᠤ ᠰᠡᠭᠦᠯ ᠦᠭᠡᠢ ᠰᠢᠬᠠᠮ ᠭᠣᠳᠣᠩ ᠱᠣᠳᠣᠩ ᠪᠠᠢᠭᠰᠠᠨ ᠶᠤᠮ ᠰᠠᠨᠵᠠᠢ᠃ ᠡᠢᠨ ᠴᠦ᠍ ᠲᠡᠮᠡᠭᠡ ᠰᠦᠷᠯᠢᠭ ᠰᠠᠢᠬᠠᠨ ᠡᠪᠡᠷ ᠲᠡᠢ ᠳ᠋ᠦ᠍ ᠪᠡᠨ ᠶᠡᠬᠡᠯ᠎ᠡ ᠪᠡᠶ᠎ᠡ ᠪᠡᠨ ᠲᠣᠭᠣᠨ᠂ ᠡᠪᠡᠷ ᠢ᠋ᠶ᠋ᠡᠷ ᠢ᠋ᠶ᠋ᠡᠨ ᠢᠮᠠᠭᠲᠠ ᠭᠠᠢᠬᠠᠭᠤᠯᠤᠨ ᠬᠥᠭᠡᠷᠦᠯᠬᠡᠳᠡᠭ ᠪᠠᠢᠵᠠᠢ ᠭᠡᠨ᠎ᠡ᠃ᠲᠡᠮᠡᠭᠡ ᠨᠢᠭᠡ ᠡᠳᠦᠷ ᠤᠰᠤ ᠤᠤᠭᠤᠬᠤ ᠪᠠᠷ ᠨᠠᠭᠤᠷ ᠤ᠋ᠨ ᠬᠥᠪᠡᠭᠡᠨ ᠳ᠋ᠦ᠍ ᠢᠷᠡᠭᠡᠳ᠂ ᠤᠤᠭᠤᠬᠤ ᠠ᠋ᠴᠠ ᠪᠠᠨ ᠢᠯᠡᠭᠦᠦ ᠤᠰᠤᠨ ᠳ᠋ᠤ᠌ ᠲᠤᠰᠤᠭᠰᠠᠨ ᠳᠦᠷᠰᠦ ᠪᠡᠨ ᠣᠯᠵᠤ ᠦᠵᠡᠭᠡᠳ᠂ᠰᠦᠷ ᠵᠢᠪᠬᠤᠯᠠᠩ ᠢ᠋ᠶ᠋ᠠᠨ ᠶᠡᠬᠡᠯ᠎ᠡ ᠪᠠᠬᠠᠳᠤᠨ ᠬᠠᠷᠠᠭᠠᠳ ᠵᠣᠭᠰᠣᠵᠤ ᠪᠠᠢᠵᠠᠢ᠃ ᠲᠡᠭᠡᠲᠡᠯ᠎ᠡ ᠡᠨᠡ ᠦᠶ᠎ᠡ ᠪᠡᠷ ᠣᠢ ᠠ᠋ᠴᠠ ᠪᠤᠭᠤ ᠭᠠᠷᠴᠤ ᠢᠷᠡᠭᠡᠳ᠂ ᠲᠣᠯᠣᠭᠠᠢ ᠪᠥᠬᠥᠢᠯᠭᠡᠨ ᠮᠡᠬᠦᠰᠬᠢᠨ ᠭᠤᠨᠢᠭᠲᠠᠢ ᠪᠠᠷ ᠡᠢᠨ ᠬᠡᠯᠡᠵᠡᠢ ᠭᠡᠨ᠎ᠡ᠃ ᠥᠨᠥ ᠦᠳᠡᠰᠢ ᠪᠢ ᠣᠢ ᠶ᠋ᠢᠨ ᠠᠮᠢᠲᠠᠳ ᠤ᠋ᠨ ᠴᠢᠭᠤᠯᠭᠠᠨ ᠳ᠋ᠤ᠌ ᠠᠢᠯᠴᠢᠯᠠᠨ ᠣᠴᠢᠬᠤ ᠤᠴᠢᠷ ᠲᠠᠢ ᠪᠢᠯᠡ᠂ ᠡᠢᠮᠦ ᠮᠠᠭᠤᠬᠠᠢ ᠮᠦᠯᠴᠢᠭᠡᠷ ᠳᠤᠬᠤ ᠲᠠᠢ ᠶᠠᠭᠠᠬᠢᠵᠤ ᠣᠴᠢᠬᠤ ᠪᠢᠯᠡ ᠳᠠ᠂ ᠶᠠᠳᠠᠵᠤ ᠨᠢᠭᠡ ᠴᠠᠭ ᠤ᠋ᠨ ᠲᠡᠳᠦᠢ ᠴᠦ᠍ ᠪᠣᠯᠪᠠ᠂ ᠴᠢᠨᠦᠬᠢ ᠰᠢᠭ ᠡᠢᠮᠦ ᠰᠠᠢᠬᠠᠨ ᠡᠪᠡᠷ ᠲᠡᠢ ᠶᠠᠪᠤᠵᠤ ᠦᠵᠡᠬᠦ ᠰᠠᠨ᠂ ᠲᠡᠮᠡᠭᠡ ᠴᠢ ᠥᠷᠥᠰᠢᠶᠡᠵᠦ ᠥᠨᠥᠳᠥᠷ ᠨᠠᠳᠠ ᠡᠪᠡᠷ ᠢ᠋ᠶ᠋ᠡᠨ ᠲᠦᠷ ᠥᠭᠭᠦᠭᠡᠴᠢ᠂ ᠮᠠᠷᠭᠠᠰᠢ ᠴᠢᠮ᠎ᠠ ᠶᠢ ᠤᠰᠤ ᠤᠤᠭᠤᠬᠤ ᠪᠠᠷ ᠡᠨᠳᠡ ᠢᠷᠡᠬᠦ ᠳ᠋ᠦ᠍ ᠴᠢᠨᠢ ᠪᠢ ᠡᠪᠡᠷ ᠢ᠋ ᠴᠢᠨᠢ ᠠᠪᠴᠢᠷᠠᠵᠤ ᠥᠭᠭᠦᠨ᠎ᠡ ᠭᠡᠵᠦ ᠭᠤᠶᠤᠵᠠᠢ ᠭᠡᠨ᠎ᠡ᠃ ᠲᠡᠮᠡᠭᠡ ᠪᠤᠭᠤ ᠶ᠋ᠢ ᠦᠵᠡᠪᠡᠯ ᠦᠨᠡᠬᠡᠷ ᠥᠷᠦᠪᠳᠦᠮᠡᠷ ᠰᠦᠷ ᠦᠭᠡᠢ ᠦᠵᠡᠮᠵᠢ ᠦᠭᠡᠢ ᠬᠠᠷᠠᠭᠳᠠᠭᠰᠠᠨ ᠲᠤᠯᠠ ᠡᠪᠡᠷ ᠢ᠋ᠶ᠋ᠡᠨ ᠮᠤᠯᠲᠤᠯᠵᠤ ᠦᠭᠭᠦᠭᠡᠳ᠂ ᠤᠰᠤ ᠤᠤᠭᠤᠬᠤ ᠪᠠᠷ ᠢᠷᠡᠬᠦ ᠳ᠋ᠦ᠍ ᠮᠢᠨᠢ ᠵᠠᠪᠠᠯ ᠠᠪᠴᠢᠷᠠᠵᠤ ᠥᠭᠭᠦᠭᠡᠷᠡᠢ ᠭᠡᠵᠦ ᠵᠠᠬᠢᠪᠠ᠃ ᠰᠦᠷᠯᠢᠭ ᠰᠠᠢᠬᠠᠨ ᠴᠢᠮᠡᠭᠯᠡᠯ ᠪᠣᠯᠤᠭᠰᠠ ᠡᠪᠡᠷ ᠢ᠋ ᠨᠢ ᠰᠢᠭᠦᠷᠴᠦ ᠠᠪᠤᠭᠠᠳ ᠪᠤᠭᠤ ᠣᠢ ᠳ᠋ᠤ᠌ ᠪᠠᠨ ᠣᠷᠣᠴᠢᠬᠠᠪᠠ᠃ ᠵᠠᠮ ᠳ᠋ᠤᠨᠢ ᠮᠣᠷᠢ ᠲᠠᠭᠠᠷᠠᠯᠳᠤᠭᠰᠠᠨ ᠳ᠋ᠤ᠌ ᠪᠤᠭᠤ ᠬᠡᠨ ᠡᠴᠡ ᠡᠪᠡᠷ ᠠᠪᠤᠭᠰᠠᠨ ᠢ᠋ᠶ᠋ᠠᠨ ᠬᠡᠯᠡᠵᠦ ᠥᠭᠴᠡᠢ᠃ ᠮᠣᠷᠢ ᠪᠠᠰᠠ ᠨᠢᠭᠡ ᠭᠣᠶᠣ ᠰᠠᠢᠬᠠᠨ ᠶᠠᠭᠤᠮ᠎ᠠ ᠣᠯᠵᠤ ᠠᠪᠬᠤ ᠰᠠᠨᠠᠭ᠎ᠠ ᠲᠠᠢ ᠲᠡᠮᠡᠭᠡᠨ ᠳ᠋ᠦ᠍ ᠣᠴᠢᠭᠠᠳ ᠰᠡᠭᠦᠯ ᠢ᠋ ᠨᠢ ᠭᠤᠶᠤᠵᠠᠢ ᠭᠡᠨ᠎ᠡ᠃ ᠰᠠᠢᠬᠠᠨ ᠰᠡᠳᠬᠢᠯᠲᠦ ᠲᠡᠮᠡᠭᠡ ᠮᠠᠨᠢ ᠠᠨᠢ ᠯᠠ ᠮᠣᠷᠢᠨ ᠤ᠋ ᠦᠭᠡᠨ ᠳ᠋ᠦ᠍ ᠣᠷᠣᠭᠠᠳ ᠰᠡᠭᠦᠯ ᠢ᠋ᠶ᠋ᠡᠨ ᠪᠠᠰᠠ ᠰᠣᠯᠢᠴᠢᠬᠠᠵᠠᠢ ᠭᠡᠨ᠎ᠡ᠃ ᠲᠡᠭᠦᠨ ᠡᠴᠡ ᠬᠣᠢᠰᠢ ᠡᠳᠦᠷ ᠬᠣᠨᠣᠭ ᠥᠩᠭᠡᠷᠡᠭᠰᠡᠭᠡᠷ ᠣᠨ ᠤᠳᠠᠭᠰᠠᠨ ᠪᠣᠯᠪᠠᠴᠤ ᠬᠥᠭᠡᠷᠦᠬᠦᠢ ᠲᠡᠮᠡᠭᠡ ᠡᠪᠡᠷ ᠰᠡᠭᠦᠯ ᠬᠣᠶᠠᠷ ᠤ᠋ᠨ ᠢ᠋ᠶ᠋ᠠᠨ ᠠᠯᠢ ᠠᠯᠢᠨ ᠢ᠋ ᠨᠢ ᠣᠯᠵᠤ ᠠᠪᠴᠤ ᠴᠢᠳᠠᠭᠰᠠᠨ ᠦᠭᠡᠢ ᠪᠠᠢᠵᠠᠢ᠃ ᠠᠪᠠᠯᠠᠬᠤ ᠳ᠋ᠤ᠌ ᠪᠠᠨ ᠠᠮᠢᠲᠠᠳ ᠲᠠᠢ ᠠᠭᠤᠯᠵᠠᠭᠠᠳ᠂ ᠡᠪᠡᠷ ᠰᠡᠭᠦᠯ ᠬᠣᠶᠠᠷ ᠢ᠋ ᠨᠢ ᠡᠷᠭᠢᠭᠦᠯᠵᠦ ᠥᠭᠭᠦᠨ᠎ᠡ ᠭᠡᠵᠦ ᠠᠮᠠᠯᠠᠭᠰᠠᠨ ᠢ᠋ ᠨᠢ ᠰᠠᠨᠠᠭᠤᠯᠬᠤ ᠳ᠋ᠤ᠌ ᠴᠠᠭᠠᠳᠤᠭᠤᠯᠠ ᠨᠢ ᠳᠣᠭᠣᠭᠢᠯᠠᠨ ᠳᠣᠭᠣᠭᠢᠯᠠᠨ ᠢᠨᠢᠶᠡᠭᠡᠳ ᠄《ᠬᠡ ᠬᠠ᠂ ᠳᠠᠬᠢ ᠶ᠋ᠢᠨ ᠡᠪᠡᠷ ᠢ᠋ ᠲᠡᠭᠷᠢ ᠳ᠋ᠦ᠍ ᠲᠤᠯᠬᠤ ᠪᠠᠷ᠂ ᠲᠡᠮᠡᠭᠡᠨ ᠦ᠌ ᠰᠡᠭᠦᠯ ᠢ᠋ ᠭᠠᠵᠠᠷ ᠲᠤ᠌ ᠬᠦᠷᠬᠦ ᠪᠡᠷ ᠥᠭᠭᠦᠨ᠎ᠡ 》ᠭᠡᠵᠦ ᠭᠡᠨ᠎ᠡ᠃ ᠲᠡᠷᠡ ᠴᠠᠭ ᠠ᠋ᠴᠠ ᠬᠣᠢᠰᠢ ᠣᠳᠣ ᠪᠣᠯᠲᠠᠯ᠎ᠠ ᠲᠡᠮᠡᠭᠡ ᠤᠰᠤ ᠤᠤᠭᠤᠬᠤ ᠪᠦᠷᠢ ᠳ᠋ᠦ᠍ ᠪᠡᠨ ᠤᠰᠤᠨ ᠳᠣᠲᠣᠷ᠎ᠠ ᠡᠪᠡᠷ ᠦᠭᠡᠢ ᠮᠤᠬᠤᠷ ᠮᠤᠯᠴᠤᠩ ᠪᠣᠯᠤᠭᠰᠠᠨ ᠳᠦᠷᠰᠦ ᠪᠡᠨ ᠣᠯᠵᠤ ᠬᠠᠷᠠᠭᠠᠳ ᠳᠤᠷ᠎ᠠ ᠨᠢ ᠭᠤᠲᠤᠵᠤ ᠲᠣᠯᠣᠭᠠᠢ ᠪᠠᠨ ᠰᠡᠭᠰᠦᠷᠳᠡᠭ ᠪᠣᠯᠤᠭᠰᠠᠨ ᠭᠡᠬᠦ ᠪᠠ ᠤᠰᠤ ᠬᠡᠳᠦ ᠪᠠᠯᠭᠤᠭᠠᠳ ᠡᠨᠡ ᠲᠡᠷᠡ ᠠᠭᠤᠯᠠ ᠶ᠋ᠢᠨ ᠣᠷᠣᠢ ᠬᠠᠷᠠᠵᠤ ᠪᠠᠢᠨ ᠪᠠᠢᠨ ᠦᠯᠡᠢᠨ ᠵᠣᠭᠰᠣᠳᠠᠭ ᠨᠢ ᠤᠰᠤᠨ ᠳᠡᠭᠡᠷ᠎ᠡ ᠡᠪᠡᠷ ᠢ᠋ ᠨᠢ ᠠᠪᠴᠢᠷᠠᠵᠤ ᠥᠭᠭᠦᠨ᠎ᠡ ᠭᠡᠵᠦ ᠠᠮᠠᠯᠠᠭᠰᠠᠨ ᠪᠤᠭᠤ ᠶ᠋ᠢᠨ ᠪᠣᠯᠵᠣᠭ᠎ᠠ ᠶ᠋ᠢ ᠰᠠᠨᠠᠭᠠᠳ᠂ ᠪᠤᠭᠤ ᠡᠪᠡᠷ ᠢ᠋ ᠨᠢ ᠠᠪᠴᠢᠷᠠᠵᠤ ᠶᠠᠪᠤᠭ᠎ᠠ ᠪᠣᠯᠪᠠ ᠤᠤ ᠭᠡᠵᠦ ᠭᠣᠷᠢᠳᠠᠵᠤ ᠬᠠᠷᠠᠳᠠᠭ ᠤᠴᠢᠷ ᠠ᠋ᠴᠠ ᠲᠡᠷᠡ ᠭᠡᠨ᠎ᠡ᠃ ᠪᠠᠰᠠ ᠪᠤᠭᠤ ᠶ᠋ᠢᠨ ᠡᠪᠡᠷ ᠵᠢᠯ ᠪᠦᠷᠢ ᠨᠢᠭᠡ ᠤᠳᠠᠭ᠎ᠠ ᠪᠤᠯᠭᠤᠷᠠᠵᠤ ᠤᠨᠠᠳᠠᠭ ᠨᠢ ᠲᠡᠷᠡ ᠡᠪᠡᠷ ᠤᠭ ᠠ᠋ᠴᠠ ᠪᠤᠭᠤ ᠳ᠋ᠤ᠌ ᠵᠠᠶᠠᠭᠠᠭᠰᠠᠨ ᠪᠢᠰᠢ ᠲᠡᠮᠡᠭᠡᠨ ᠡᠴᠡ ᠵᠠᠯᠢᠯᠠᠵᠤ ᠠᠪᠤᠭᠰᠠᠨ ᠤ᠋ ᠤᠴᠢᠷ ᠠ᠋ᠴᠠ ᠲᠡᠭᠡᠳᠡᠭ ᠭᠡᠨ᠎ᠡ᠃
ᠳ᠋ᠤᠷᠤᠨ ᠄ ᠵᠠ ᠢᠩᠭᠢᠭᠡᠳ ᠰᠠᠢᠬᠠᠨ ᠠᠶᠠᠯᠠᠵᠠᠭᠠᠳᠠᠭ ᠶᠤᠮ ᠪᠠᠢᠵᠠᠢ᠃
ᠮᠥᠩᠬᠡ ᠄ ᠬᠥᠶᠢ᠂ ᠳ᠋ᠤᠷᠤᠷᠠᠨ ᠪᠠᠰᠠᠷ ᠤ᠋ᠨ ᠬᠣᠭᠣᠯᠠᠢ ᠪᠠᠷ ᠶᠠᠷᠢᠭᠠᠳ ᠪᠠᠢᠨ᠎ᠠ ᠤᠤ ᠳᠠ᠃
ᠳ᠋ᠤᠷᠤᠨ ᠄ ᠬᠥᠶᠢ ᠮᠥᠩᠬᠡ ᠴᠢ ᠴᠠᠰᠤᠬᠠᠨ ᠤ᠋ ᠬᠣᠭᠣᠯᠠᠢ ᠪᠠᠷ ᠶᠠᠷᠢᠭᠠᠳ ᠪᠠᠢᠨ᠎ᠠ ᠤᠤ ᠳᠠ᠃
ᠪᠠᠮᠪᠠᠷ ᠄ ᠬᠥᠶᠢ ᠶᠠᠭᠤ ᠪᠣᠯᠤᠭᠠᠳ ᠪᠠᠢᠨ᠎ᠠ?
ᠴᠠᠰᠤᠬᠠᠨ ᠄ ᠠᠢ᠂ ᠪᠢᠳᠡᠨ ᠦ᠌ ᠪᠡᠶ᠎ᠡ ᠨᠦ᠍ᠭᠦᠳ ᠰᠣᠯᠢᠭᠳᠠᠭᠰᠠᠨ ᠪᠠᠢᠨ᠎ᠠ ᠤᠤ ᠳᠠ?
ᠲᠤᠩᠬᠤ ᠄ ᠪᠢ ᠰᠢᠭᠤᠳ ᠶᠠᠷᠢᠵᠤ ᠪᠣᠯᠤᠭᠠᠳ ᠪᠠᠢᠬᠤ ᠶᠤᠮ᠂ ᠰᠣᠨᠢᠨ ᠶᠤᠮ ᠪᠣᠢ?
ᠪᠠᠰᠠᠷ ᠄ ᠶᠧ᠂ ᠶᠠᠭᠠᠬᠢᠬᠤ ᠦᠶ᠎ᠡ ᠳ᠋ᠦ᠍ ᠪᠢᠯᠡ?
ᠲᠣᠷᠤᠨ ᠄ ᠵᠠ᠂ᠶᠠᠩᠵᠤ ᠶ᠋ᠢᠨ ᠶᠠᠭᠤᠮ᠎ᠠ ᠪᠣᠯᠬᠤ ᠨᠢ ᠳᠡ᠂ ᠪᠠᠷᠤᠭ ᠠᠩᠭᠢ ᠳᠠᠭᠤᠰᠬᠤ ᠭᠡᠳ ᠪᠠᠢᠨ᠎ᠠ ᠤᠤ ᠦᠭᠡᠢ ᠤᠤ?
ᠮᠥᠩᠬᠡ ᠄ ᠬᠠᠷᠢᠨ ᠶᠠᠭᠤ ᠪᠣᠯᠤᠭᠠᠳ ᠪᠠᠢᠨ᠎ᠠ?
ᠡᠨᠡ ᠬᠡᠳᠦ ᠳ᠋ᠦ᠍ ᠮᠠᠨᠢ ᠶᠠᠭᠤ ᠲᠣᠬᠢᠶᠠᠯᠳᠤᠴᠢᠬᠠᠪᠠ? ᠪᠠᠰᠠᠷ ᠳ᠋ᠤᠷᠤᠨ ᠬᠣᠶᠠᠷ ᠰᠣᠯᠢᠭᠳᠠᠴᠢᠬᠠᠵᠠᠢ᠂ ᠴᠠᠰᠤᠬᠠᠨ ᠮᠥᠩᠬᠡ ᠬᠣᠶᠠᠷ ᠰᠣᠯᠢᠭᠳᠠᠴᠢᠬᠠᠵᠠᠢ᠂ ᠲᠤᠩᠬᠤ ᠪᠠᠮᠪᠠᠷ ᠬᠣᠶᠠᠷ ᠰᠣᠯᠢᠭᠳᠠᠴᠢᠬᠠᠵᠠᠢ᠂ ᠬᠡᠨ ᠢᠩᠭᠢᠵᠦ ᠰᠣᠯᠢᠴᠢᠬᠠᠪᠠ᠃ ᠡᠨᠡ ᠤᠯᠠᠷᠢᠯ ᠤ᠋ᠨ ᠰᠡᠭᠦᠯ ᠦ᠋ᠨ ᠠᠩᠭᠢ ᠳᠡᠭᠡᠷ᠎ᠡ ᠬᠦᠯᠢᠶᠡᠨ ᠠᠪᠴᠤ ᠦᠵᠡᠭᠡᠷᠡᠢ᠃ ᠪᠠᠶᠠᠷᠲᠠᠢ᠃ ᠬᠠᠢᠷᠠᠲᠠᠢ ᠰᠢᠦ᠃
ᠳ᠋ᠤᠷᠤᠨ᠄ ᠲᠠ ᠬᠣᠶᠠᠷ ᠰᠠᠨᠳᠤᠷᠴᠤ ᠪᠠᠢᠨ᠎ᠠ ᠤᠤ?
ᠮᠥᠩᠬᠡ ᠄ ᠬᠠᠷᠢᠨ᠂ ᠵᠢᠭᠠᠬᠠᠨ ᠰᠠᠨᠳᠤᠷᠤᠭᠠᠳ ᠯᠠ ᠪᠠᠢᠨ᠎ᠠ᠃
ᠲᠤᠩᠬᠤ ᠄ ᠴᠢᠮᠡᠭ ᠡᠭᠡᠴᠢ ᠤᠭ ᠠ᠋ᠴᠠ ᠪᠠᠨ ᠭᠣᠶᠣ ᠠᠭᠠᠰᠢ ᠲᠠᠢ ᠬᠥᠮᠦᠨ ᠭᠡᠰᠡᠨ ᠠ᠋᠃
ᠮᠥᠩᠬᠡ ᠄ ᠬᠡ ᠬᠠ ᠬᠠ᠂ ᠴᠢᠮᠡᠭ ᠡᠭᠡᠴᠢ ᠤᠭ ᠠ᠋ᠴᠠ ᠪᠠᠨ ᠭᠣᠶᠣ ᠠᠭᠠᠰᠢ ᠲᠠᠢ ᠯᠠ ᠳᠠ᠃ ᠭᠣᠣᠯ ᠨᠢ ᠣᠯᠠᠨ ᠺᠠᠮᠧᠷᠠ ᠶ᠋ᠢᠨ ᠡᠮᠦᠨ᠎ᠡ ᠭᠠᠷᠤᠨ᠎ᠠ ᠭᠡᠬᠦ ᠪᠠᠷ ᠯᠠ᠃
ᠳ᠋ᠤᠷᠤᠨ᠄ ᠶᠠᠭᠤ ᠪᠣᠢ? ᠲᠠ ᠬᠣᠶᠠᠷ ᠢ᠋ ᠴᠢᠨᠢ ᠡᠳᠦᠷ ᠪᠣᠯᠭᠠᠨ ᠮᠢᠩᠭ᠎ᠠ ᠮᠢᠩᠭᠠᠨ ᠬᠥᠮᠦᠰ ᠦᠵᠡᠳᠡᠭ ᠰᠢᠲᠠ᠂ ᠬᠡ ᠬᠡ
ᠮᠥᠩᠬᠡ ᠄ ᠦ᠂ ᠨᠡᠭᠡᠷᠡᠨ ᠲᠡᠢᠮᠦ ᠰᠢᠲᠠ᠃
ᠪᠦᠭᠦᠳᠡᠭᠡᠷ ᠢᠨᠢᠶᠡᠨ᠎ᠡ᠃
ᠴᠢᠮᠡᠭ ᠄ ᠵᠠ ᠢᠩᠭᠢᠭᠡᠳ ᠦᠵᠡᠭᠴᠢᠳ ᠲᠠ ᠪᠦᠭᠦᠳᠡ ᠶ᠋ᠢ ᠪᠡᠨ ᠪᠢ ᠮᠥᠩᠬᠡ ᠲᠤᠩᠬᠤ ᠬᠣᠶᠠᠷ ᠲᠠᠢ ᠪᠠᠨ ᠠᠭᠤᠯᠵᠠᠭᠤᠯᠬᠤ ᠭᠡᠵᠦ ᠪᠠᠢᠨ᠎ᠠ᠂ ᠮᠥᠩᠬᠡ ᠲᠤᠩᠬᠤ ᠬᠣᠶᠠᠷ ᠠ᠋᠂Digital ᠲᠸᠭ᠌ᠨᠢᠭ᠌ᠯᠤᠬᠢ ᠭᠡᠵᠦ ᠲᠠ ᠬᠣᠶᠠᠷ ᠮᠡᠳᠡᠬᠦ ᠤᠤ?ᠶᠠᠭ ᠶᠠᠮᠠᠷ ᠤᠳᠬ᠎ᠠ ᠲᠠᠢ ᠦᠭᠡ ᠶᠦᠮ ᠪᠣᠢ?
ᠮᠥᠩᠬᠡ ᠄ ᠶᠠᠭᠤᠨ ᠤ᠋ ᠡᠮᠦᠨ᠎ᠡ ᠲᠧᠯᠸᠢᠰ ᠦᠵᠡᠵᠦ ᠪᠠᠢᠭ᠎ᠠ ᠦᠵᠡᠭᠴᠢ ᠲᠠ ᠪᠦᠬᠦᠨ ᠳ᠋ᠦ᠍ ᠪᠡᠨ ᠣᠷᠣᠢ ᠶ᠋ᠢᠨ ᠮᠡᠨᠳᠦ ᠬᠦᠷᠭᠡᠶ᠎ᠡ!ᠪᠢᠳᠡ Digital ᠶᠢᠨ ᠡᠷᠡᠨ ᠦᠶ᠎ᠡ ᠳ᠋ᠦ᠍ ᠠᠮᠢᠳᠤᠷᠠᠵᠤ ᠪᠠᠢᠨ᠎ᠠ᠂ ᠲᠡᠭ ᠪᠠ ᠨᠢᠭᠡ ᠽᠸᠹᠷᠲᠦ ᠶ᠋ᠢᠨ ᠴᠤᠭᠯᠠᠷᠠᠯ ᠬᠡᠯᠪᠡᠷᠢ ᠪᠡᠷ ᠢᠯᠡᠷᠬᠡᠢᠯᠡᠭᠳᠡᠳᠡᠭ᠃
ᠲᠤᠩᠬᠤ ᠄ ᠬᠡ ᠬᠡ᠂ ᠮᠥᠩᠬᠡ ᠶᠠᠮᠠᠷ ᠰᠦᠷ ᠲᠡᠢ ᠶᠠᠷᠢᠳᠠᠭ ᠶᠤᠮ ᠪᠣᠢ?ᠵᠦᠭᠡᠷ ᠯᠡ ᠭᠣᠶᠣ ᠲᠠᠢᠯᠪᠤᠷᠢᠯᠠᠵᠤ ᠥᠭᠭᠦᠭᠡᠴᠢ ᠠ᠋᠃
ᠮᠥᠩᠬᠡ ᠄ ᠦ ᠬᠠ ᠬᠠ᠂ ᠵᠠ ᠲᠡᠭᠡᠶ᠎ᠡ᠃ Digital ᠲᠸᠭ᠌ᠨᠢᠭ᠌ᠯᠤᠬᠢ ᠭᠡᠳᠡᠭ ᠪᠣᠯ ᠲᠸᠭ᠌ᠨᠢᠭ᠌ ᠦ᠋ᠨ ᠳᠡᠪᠰᠢᠯ ᠭᠡᠵᠦ ᠬᠡᠯᠡᠬᠦ ᠳ᠋ᠦ᠍ ᠪᠣᠯᠬᠤ ᠶᠤᠮ᠂ ᠪᠢᠳᠡᠨ ᠦ᠌ ᠤᠲᠠᠰᠤ᠂ᠺᠤᠮᠫᠢᠦᠢ᠍ᠲ᠋ᠸᠷ᠂ᠲᠧᠯᠸᠢᠰ ᠭᠡᠳ ᠪᠦᠬᠦ ᠵᠦᠢᠯ Digital ᠲᠸᠭ᠌ᠨᠢᠭ᠌ᠯᠤᠬᠢ ᠳ᠋ᠤ᠌ ᠬᠠᠮᠢᠶᠠᠷᠤᠭᠳᠠᠳᠠᠭ ᠶᠤᠮ ᠰᠢᠦ᠃
ᠲᠤᠩᠬᠤ ᠄ ᠲᠡᠢᠮᠦ ᠰᠢᠦ᠂ ᠣᠳᠣ ᠪᠢ ᠠᠶᠠᠭᠦᠢ ᠰᠦᠷ ᠲᠡᠢ ᠦᠭᠡ ᠬᠡᠯᠡᠨ᠎ᠡ᠂ Digital ᠲᠸᠭ᠌ᠨᠢᠭ᠌ᠯᠤᠬᠢ ᠨᠢ ᠬᠡᠷᠡᠭᠯᠡᠵᠦ ᠪᠠᠢᠭ᠎ᠠ ᠪᠢᠳᠡᠨ ᠳ᠋ᠦ᠍ ᠳᠡᠯᠭᠡᠷᠡᠩᠭᠦᠢ ᠮᠡᠳᠡᠭᠡᠯᠡᠯ ᠢ᠋ᠶ᠋ᠡᠨ ᠰᠢᠭᠤᠳ ᠠᠪᠴᠤ ᠪᠣᠯᠳᠠᠭ᠃ ᠦᠢᠯᠡᠴᠢᠯᠡᠭᠡ ᠪᠡᠨ ᠰᠢᠭᠤᠳ ᠬᠡᠷᠡᠭᠯᠡᠵᠦ ᠪᠣᠯᠳᠠᠭ ᠲᠡᠢᠮᠦ ᠵᠦᠢᠯ ᠰᠢᠦ ᠳᠡ᠂ ᠲᠡᠢᠮᠦ ᠤᠤ? ᠴᠢᠮᠡᠭ ᠡᠭᠡᠴᠢ ᠠ᠋᠃
ᠴᠢᠮᠡᠭ ᠄ ᠮᠠᠰᠢ ᠵᠥᠪ᠂ ᠲᠠ ᠬᠣᠶᠠᠷ ᠶᠡᠬᠡ ᠵᠥᠪ ᠣᠢᠯᠠᠭᠠᠯᠲᠠ ᠲᠠᠢ ᠬᠡᠦᠬᠡᠳ ᠦ᠋ᠳ ᠪᠠᠢᠨ᠎ᠠ ᠰᠢᠦ᠂ ᠲᠡᠭᠡᠪᠡᠯ ᠣᠷᠴᠢᠨ ᠦᠶ᠎ᠡ ᠶ᠋ᠢᠨ ᠬᠡᠦᠬᠡᠳ ᠦ᠋ᠳ᠂ ᠶᠠᠭ ᠲᠠ ᠬᠣᠶᠠᠷ ᠰᠢᠭ᠋ ᠡᠢᠮᠦ ᠬᠡᠦᠬᠡᠳ ᠦ᠋ᠳ ᠮᠠᠨᠢ ᠶᠡᠷᠦ ᠨᠢ ᠶᠠᠮᠠᠷ ᠲᠸᠭ᠌ᠨᠢᠭ᠌ ᠬᠡᠷᠡᠭᠰᠡᠯ᠂ ᠲᠸᠭ᠌ᠨᠢᠭ᠌ᠯᠤᠬᠢ ᠠᠰᠢᠭᠯᠠᠭᠠᠳ ᠪᠠᠢᠨ᠎ᠠ ᠪᠣᠢ? ᠵᠢᠱ᠌ᠢᠶ᠎ᠡ ᠨᠢ᠂ ᠲᠠ ᠬᠣᠶᠠᠷ ᠮᠠᠨᠢ ᠶᠠᠭᠤ ᠠᠰᠢᠭᠯᠠᠳᠠᠭ ᠶᠤᠮ?
ᠮᠥᠩᠬᠡ ᠄ ᠥᠩ᠂ ᠣᠷᠴᠢᠨ ᠦᠶ᠎ᠡ ᠶ᠋ᠢᠨ᠂ ᠣᠷᠴᠢᠨ ᠦᠶ᠎ᠡ ᠭᠡᠳᠡᠭ ᠨᠢ ᠥᠭᠡᠷ᠎ᠡ ᠪᠡᠷ ᠶᠠᠭ ᠶᠠᠭᠤ ᠭᠡᠰᠡᠨ ᠦᠭᠡ ᠶᠦᠮ ᠪᠣᠢ?ᠪᠢᠳᠡ ᠥᠨᠥᠳᠥᠷ ᠬᠡᠦᠬᠡᠳ ᠪᠠᠢᠭ᠎ᠠ ᠪᠣᠯᠬᠣᠷ ᠣᠷᠴᠢᠨ ᠦᠶ᠎ᠡ ᠳ᠋ᠦ᠍ ᠪᠡᠨ ᠬᠠᠮᠢᠶᠠᠷᠤᠭᠳᠠᠵᠤ ᠪᠠᠢᠨ᠎ᠠ ᠤᠤ?ᠡᠰᠡᠬᠦᠯ᠎ᠡ ᠪᠢᠳᠡᠨ ᠦ᠌ ᠣᠶᠤᠨ ᠰᠠᠨᠠᠭ᠎ᠠ ᠳᠥᠩᠭᠡᠵᠦ ᠰᠤᠷᠤᠯᠴᠠᠵᠤ ᠪᠠᠢᠭ᠎ᠠ ᠪᠣᠯᠬᠣᠷ ᠣᠷᠴᠢᠨ ᠦᠶ᠎ᠡ ᠳ᠋ᠦ᠍ ᠪᠡᠨ ᠬᠠᠮᠢᠶᠠᠷᠤᠭᠳᠠᠳᠠᠭ ᠶᠤᠮ ᠤᠤ?ᠬᠡ ᠬᠡ
ᠲᠤᠩᠬᠤ ᠄ ᠬᠡ ᠬᠡ᠂ ᠦ ᠮᠥᠩᠬᠡ ᠳᠠᠬᠢᠭᠠᠳ ᠯᠠ ᠰᠦᠷᠴᠢᠭᠢᠨᠡᠭᠡᠳ ᠡᠬᠢᠯᠡᠯ᠎ᠡ᠃
ᠮᠥᠩᠬᠡ ᠄ ᠬᠡ ᠬᠠ ᠬᠠ ᠁ ᠪᠢ ᠶᠡᠬᠡᠪᠴᠢᠯᠡᠨ ᠭᠠᠷ ᠤᠲᠠᠰᠤ ᠵᠢᠷᠤᠭᠲᠤ ᠭᠡᠳ ᠭᠣᠶᠣ ᠠᠲ᠋ᠠᠮᠠᠲ ᠲᠠᠢ ᠲᠣᠭᠯᠠᠭᠠᠮ ᠭᠡᠳ ᠯᠡ᠂ ᠮᠡᠳᠡᠭᠡᠵᠢ ᠬᠢᠴᠢᠶᠡᠯ ᠢ᠋ᠶ᠋ᠡᠨ ᠬᠢᠬᠦ ᠳ᠋ᠦ᠍ ᠪᠡᠨ ᠺᠣᠮᠫᠢᠦ᠋ᠲ᠋ᠧᠷ ᠭᠡᠬᠦ ᠮᠡᠲᠦᠴᠢᠯᠡᠨ᠂ ᠶᠡᠷᠦ ᠨᠢ ᠯᠡ ᠬᠥᠯ ᠨᠡᠢᠯᠡᠭᠦᠯᠦᠭᠡᠳ ᠶᠠᠪᠤᠭᠠᠳ ᠪᠠᠢᠭ᠎ᠠ ᠳᠠ᠃ ᠬᠡ ᠬᠠ ᠬᠠ
ᠴᠢᠮᠡᠭ ᠄ ᠬᠠ ᠬᠠ᠂ ᠶᠡᠬᠡ ᠰᠠᠢᠨ ᠪᠠᠢᠨ᠎ᠠ᠂ ᠲᠡᠭᠡᠪᠡᠯ ᠮᠥᠩᠬᠡ ᠲᠤᠩᠬᠤ ᠠ᠋᠂ ᠡᠨᠡ Digital ᠲᠸᠭ᠌ᠨᠢᠭ᠌ᠯᠤᠬᠢ᠂ ᠲᠸᠭ᠌ᠨᠢᠭ᠌ ᠭᠡᠳ ᠪᠠᠢᠭ᠎ᠠ ᠶᠠᠭᠤᠮ᠎ᠠ ᠶ᠋ᠢ ᠬᠡᠷᠡᠭᠯᠡᠬᠦ ᠨᠢ ᠶᠡᠷᠦ ᠨᠢ ᠲᠠ ᠨᠠᠷ ᠤ᠋ᠨ ᠮᠠᠨᠢ ᠠᠮᠢᠳᠤᠷᠠᠯ ᠳ᠋ᠤ᠌ ᠶᠠᠮᠠᠷ ᠠᠴᠢ ᠲᠤᠰᠠ ᠲᠠᠢ ᠶᠤᠮ᠃ ᠲᠠ ᠬᠣᠶᠠᠷ ᠶᠠᠭᠤ ᠭᠡᠵᠦ ᠪᠣᠳᠣᠵᠤ ᠪᠠᠢᠨ᠎ᠠ᠃
ᠲᠤᠩᠬᠤ ᠄ ᠪᠢ ᠶᠡᠬᠡ ᠠᠴᠢ ᠲᠤᠰᠠ ᠲᠠᠢ ᠭᠡᠵᠦ ᠪᠣᠳᠣᠳᠠᠭ ᠠ᠋᠂ ᠶᠠᠭᠠᠬᠢᠭᠠᠳ ᠭᠡᠪᠡᠯ᠂ ᠬᠡᠦᠬᠡᠳ ᠦ᠋ᠳ ᠮᠠᠨᠢ ᠬᠠᠢᠵᠤ ᠪᠠᠢᠭᠠᠳ᠂ ᠰᠤᠷᠤᠶ᠎ᠠ ᠮᠡᠳᠡᠶ᠎ᠡ ᠭᠡᠰᠡᠨ ᠵᠦᠢᠯ ᠦ᠋ᠳ ᠢ᠋ᠶ᠋ᠡᠨ ᠰᠢᠭᠤᠳ ᠬᠠᠢᠭᠠᠳ ᠣᠯᠴᠢᠬᠠᠳᠠᠭ᠃ ᠪᠠᠰᠠ ᠭᠣᠶᠣ ᠰᠢᠨ᠎ᠡ ᠪᠡᠷ ᠭᠠᠷᠬᠤ ᠭᠡᠵᠦ ᠪᠠᠢᠭ᠎ᠠ ᠬᠡᠦᠬᠡᠯᠳᠡᠢ ᠶ᠋ᠢ ᠶᠠᠭ ᠵᠡᠷᠭᠡ ᠦᠵᠡᠵᠦ ᠪᠣᠯᠤᠨ᠎ᠠ᠃ ᠵᠢᠱ᠌ᠢᠶ᠎ᠡ ᠨᠢ ᠠᠮᠧᠷᠢᠺᠠ ᠳ᠋ᠤ᠌ ᠪᠠᠢᠭ᠎ᠠ ᠰᠢᠨ᠎ᠡ ᠬᠡᠦᠬᠡᠯᠳᠡᠢ ᠺᠢᠨᠣ᠋ ᠭᠠᠷᠤᠯ᠎ᠠ ᠭᠡᠵᠦ ᠪᠣᠳᠣᠬᠤ ᠳ᠋ᠤ᠌᠂ ᠯᠢᠰᠡ ᠪᠢᠳᠡ ᠬᠣᠶᠠᠷ ᠵᠡᠷᠭᠡ ᠦᠵᠡᠭᠡᠳ ᠵᠡᠷᠭᠡ ᠦᠵᠡᠵᠡᠭᠡᠵᠦ ᠪᠣᠯᠤᠨ᠎ᠠ ᠭᠡᠰᠡᠨ ᠦᠭᠡ ᠰᠢᠦ ᠳᠡ᠃ ᠭᠠᠢᠬᠠᠯᠲᠠᠢ ᠪᠢᠰᠢ ᠭᠡᠵᠡᠢ ᠤᠤ?
ᠴᠢᠮᠡᠭ ᠄ ᠭᠠᠢᠬᠠᠯᠲᠠᠢ ᠪᠠᠢᠯᠭᠦᠢ ᠶᠠᠭᠠᠬᠢᠬᠤ ᠶᠤᠮ ᠪᠣᠢ᠃
ᠮᠥᠩᠬᠡ ᠄ ᠲᠡᠢᠮᠦ ᠰᠢᠦ ᠬᠡ ᠬᠡ᠃
ᠴᠢᠮᠡᠭ ᠄ ᠡᠪ ᠦᠭᠡᠢ ᠠᠰᠠᠭᠤᠯᠲᠠ ᠠᠰᠠᠭᠤᠨ᠎ᠠ᠃ ᠡᠢᠮᠦ ᠠᠴᠢ ᠲᠤᠰᠠ ᠲᠠᠢ ᠶᠤᠮ ᠪᠣᠯ ᠪᠠᠰᠠ ᠬᠣᠣᠷ ᠤᠷᠰᠢᠭ ᠲᠠᠢ ᠪᠠᠢᠵᠤ ᠪᠣᠯᠳᠠᠭ ᠶᠤᠮ ᠪᠣᠯᠪᠠ ᠤᠤ?ᠲᠠ ᠬᠣᠶᠠᠷ ᠶᠠᠭᠤ ᠪᠣᠳᠣᠵᠤ ᠪᠠᠢᠨ᠎ᠠ᠃
ᠲᠤᠩᠬᠤ ᠄ ᠪᠢ ᠪᠣᠳᠣᠬᠤ ᠨᠢ ᠴᠠᠬᠢᠮ ᠣᠷᠴᠢᠨ ᠳ᠋ᠤ᠌ ᠮᠠᠭᠤᠬᠠᠢ ᠠᠭᠠᠰᠢᠯᠠᠳᠠᠭ᠂ ᠨᠢᠭᠡᠨ ᠢ᠋ᠶ᠋ᠡᠨ ᠰᠢᠭᠦᠮᠵᠢᠯᠡᠳᠡᠭ ᠵᠠᠩᠨᠠᠳᠠᠭ ᠬᠥᠮᠦᠰ ᠵᠥᠩᠳᠡᠭᠡᠨ ᠪᠠᠢᠳᠠᠭ᠃
ᠮᠥᠩᠬᠡ ᠄ ᠬᠠᠷᠢᠨ ᠳᠠ᠂ ᠨᠢᠭᠡᠨ ᠢ᠋ᠶ᠋ᠡᠨ ᠳᠡᠭᠡᠷᠡᠯᠬᠡᠭᠡᠳ ᠯᠡ᠂ ᠤᠭ ᠨᠢ ᠨᠢᠭᠡ ᠨᠢᠭᠡᠨ ᠢ᠋ ᠪᠡᠨ ᠳᠡᠭᠡᠷᠡᠯᠬᠡᠬᠦ ᠦᠭᠡᠢ᠂ ᠪᠡᠶ᠎ᠡ ᠪᠠᠶᠠᠨ ᠲᠠᠢ ᠪᠠᠨ ᠨᠠᠢᠵᠠ ᠨᠤᠭᠤᠳ ᠪᠠᠢᠵᠤ᠂ᠤᠷᠮ᠎ᠠ ᠶ᠋ᠢᠨ ᠦᠭᠡ ᠪᠡᠷ ᠳᠡᠮᠵᠢᠬᠦ ᠨᠢ ᠭᠣᠶᠣ ᠰᠢᠦ ᠳᠡ᠃
ᠴᠢᠮᠡᠭ ᠄ ᠲᠡᠭᠡᠬᠦ ᠦᠭᠡᠢ ᠶᠠᠭᠠᠬᠢᠬᠤ ᠶᠤᠮ᠂ ᠮᠠᠨ ᠤ᠋ ᠲᠧᠯᠸᠢᠰ ᠦᠵᠡᠭᠴᠢᠳ ᠪᠠᠰᠠ ᠲᠠ ᠬᠣᠶᠠᠷ ᠢ᠋ ᠮᠠᠰᠢ ᠰᠠᠢᠨ ᠰᠣᠨᠣᠰᠴᠤ ᠪᠠᠢᠭ᠎ᠠ ᠪᠠᠢᠬᠤ ᠭᠡᠵᠦ ᠪᠣᠳᠣᠵᠤ ᠪᠠᠢᠨ᠎ᠠ ᠰᠢᠦ᠃ ᠵᠠ! ᠲᠠ ᠬᠣᠶᠠᠷ ᠮᠠᠨᠢ ᠰᠤᠷᠤᠭᠴᠢ ᠮᠥᠨ ᠤᠤ?
ᠲᠤᠩᠬᠤ ᠄ ᠮᠥᠨ᠃
ᠴᠢᠮᠡᠭ ᠄ ᠬᠢᠴᠢᠶᠡᠯ ᠳ᠋ᠦ᠍ ᠶᠠᠪᠤᠳᠠᠭ ᠤᠤ?
ᠮᠥᠩᠬᠡ ᠄ ᠳᠡᠭᠡᠯ ᠦᠭᠡᠢ ᠶᠠᠭᠠᠬᠢᠬᠤᠪ᠃
ᠴᠢᠮᠡᠭ ᠄ ᠬᠠ ᠬᠠ᠂ ᠲᠡᠭᠡᠪᠡᠯ ᠰᠡᠭᠦᠯ ᠦ᠋ᠨ ᠦᠶ᠎ᠡ ᠳ᠋ᠦ᠍ ᠣᠷᠣᠭᠰᠠᠨ ᠴᠠᠬᠢᠮ ᠰᠤᠷᠭᠠᠯᠲᠠ ᠶᠡᠷᠦ ᠨᠢ ᠶᠠᠮᠠᠷ ᠰᠠᠨᠠᠭᠳᠠᠭᠰᠠᠨ ᠪᠣᠢ?ᠮᠥᠩᠬᠡ ᠲᠤᠩᠬᠤ ᠠ᠋᠃
ᠮᠥᠩᠬᠡ ᠄ ᠥᠩ᠂ ᠴᠠᠬᠢᠮ ᠬᠢᠴᠢᠶᠡᠯ ᠲᠡᠭᠡᠭᠡᠳ ᠯᠡ ᠴᠠᠬᠢᠮ ᠯᠠ ᠰᠠᠨᠠᠭᠳᠠᠭᠰᠠᠨ ᠳᠠ᠂ ᠬᠡ ᠬᠡ
ᠴᠢᠮᠡᠭ ᠄ ᠲᠡᠷᠡ ᠴᠢᠨᠢ ᠶᠠᠭᠤ ᠭᠡᠰᠡᠨ ᠦᠭᠡ ᠶᠦᠮ?
ᠮᠥᠩᠬᠡ ᠄ ᠠᠩᠭᠢ ᠶ᠋ᠢᠨ ᠬᠢᠨ ᠲᠡᠢ ᠪᠡᠨ ᠶᠠᠭᠠᠬᠢᠬᠤᠪ᠂ ᠪᠠᠭᠰᠠᠢ ᠲᠠᠢ ᠪᠠᠨ ᠬᠢᠴᠢᠶᠡᠯ ᠢ᠋ᠶ᠋ᠡᠷ ᠢ᠋ᠶ᠋ᠡᠨ ᠠᠭᠤᠯᠵᠠᠵᠤ ᠪᠠᠢᠨ᠎ᠠ ᠭᠡᠳᠡᠭ ᠨᠢ ᠭᠣᠶᠣ ᠪᠠᠢᠭᠰᠠᠨ ᠳᠠ᠃
ᠴᠢᠮᠡᠭ ᠄ ᠠ!ᠲᠡᠭᠡᠬᠦ ᠳ᠋ᠦ᠍ ᠪᠡᠨ ᠲᠢᠩᠬᠢᠮ ᠢ᠋ᠶ᠋ᠡᠷ ᠬᠢᠴᠢᠶᠡᠯᠯᠡᠬᠦ ᠨᠢ ᠪᠦᠷ ᠭᠣᠶᠣ ᠤᠤ?ᠡᠰᠡᠬᠦᠯ᠎ᠡ ᠴᠠᠬᠢᠮ ᠨᠢ ᠭᠣᠶᠣ ᠤᠤ?
ᠲᠤᠩᠬᠤ ᠄ ᠮᠢᠨᠦ ᠪᠣᠳᠣᠯ ᠢ᠋ᠶ᠋ᠠᠷ ᠬᠢᠴᠢᠶᠡᠯ ᠳᠡᠭᠡᠷ᠎ᠡ ᠪᠡᠨ ᠬᠠᠮᠲᠤ ᠠᠭᠤᠯᠵᠠᠭᠠᠳ ᠬᠢᠴᠢᠶᠡᠯ ᠢ᠋ᠶ᠋ᠡᠨ ᠬᠠᠮᠲᠤ ᠬᠢᠬᠦ ᠨᠢ ᠪᠦᠷ ᠭᠣᠶᠣ᠃
ᠴᠢᠮᠡᠭ ᠄ ᠲᠡᠭᠡᠭᠡᠳ ᠬᠠᠮᠲᠤ ᠳ᠋ᠤ᠌ ᠪᠠᠨ ᠭᠠᠳᠠᠭ᠎ᠠ ᠲᠣᠭᠯᠠᠪᠠᠯ ᠪᠦᠷ ᠭᠣᠶᠣ᠂ ᠲᠡᠢᠮᠦ ᠤᠤ?
ᠲᠤᠩᠬᠤ ᠄ ᠲᠡᠷᠡ ᠮᠡᠳᠡᠭᠡᠵᠢ᠃
ᠴᠢᠮᠡᠭ ᠄ ᠵᠠ! ᠣᠳᠣ ᠪᠢᠳᠡ ᠴᠢᠨᠢ ᠮᠣᠩᠭᠣᠯᠴᠤᠳ ᠢ᠋ᠶ᠋ᠠᠷ ᠢ᠋ᠶ᠋ᠠᠨ ᠴᠠᠬᠢᠮ ᠣᠷᠴᠢᠨ ᠶᠡᠬᠡ ᠰᠠᠢᠬᠠᠨ ᠨᠡᠭᠡᠭᠡᠯᠲᠡ ᠲᠡᠢ ᠪᠣᠯᠴᠢᠬᠠᠭᠰᠠᠨ ᠰᠢᠲᠠ᠂ ᠬᠡᠦᠬᠡᠳ ᠦ᠋ᠳ ᠠ᠋᠂ ᠡᠮᠡᠭᠡ ᠡᠪᠦᠭᠡ ᠨᠠᠷ ᠴᠤ᠌ ᠤᠲᠠᠰᠤ ᠪᠠᠷᠢᠭᠠᠳ ᠰᠠᠭᠤᠵᠤ ᠯᠠ ᠪᠠᠢᠵᠤ ᠪᠠᠢᠳᠠᠭ᠂ ᠬᠡᠦᠬᠡᠳ ᠦ᠋ᠳ ᠴᠤ᠌ ᠤᠲᠠᠰᠤ ᠡᠰᠡᠬᠦᠯ᠎ᠡ ᠺᠣᠮᠫᠢᠦ᠋ᠲ᠋ᠧᠷ ᠳᠡᠭᠡᠷ᠎ᠡ ᠲᠣᠭᠯᠠᠵᠤ ᠪᠠᠢᠳᠠᠭ᠂ ᠲᠡᠢᠮᠦ ᠠ᠋? ᠲᠠ ᠬᠣᠶᠠᠷ ᠤ᠋ᠨ ᠮᠠᠨᠢ ᠬᠤᠪᠢ ᠳ᠋ᠤ᠌ ᠶᠡᠷᠦ ᠨᠢ ᠴᠠᠬᠢᠮ ᠣᠷᠴᠢᠨ ᠳ᠋ᠤ᠌ ᠬᠢᠷᠢ ᠢᠳᠡᠪᠬᠢᠲᠡᠢ ᠪᠠᠢᠳᠠᠭ ᠪᠣᠢ?
ᠲᠤᠩᠬᠤ ᠄ ᠶᠡᠷᠦ ᠨᠢ ᠪᠣᠯ ᠪᠢᠳᠡ ᠬᠣᠶᠠᠷ ᠤ᠋ᠨ ᠬᠤᠪᠢ ᠳ᠋ᠤ᠌ youtube ᠪᠠᠷ ᠬᠡᠦᠬᠡᠯᠳᠡᠢ ᠶ᠋ᠢᠨ ᠺᠢᠨᠣ᠋ ᠪᠠᠨ ᠭᠠᠷᠭᠠᠳᠠᠭ ᠪᠣᠯᠬᠣᠷ ᠶᠡᠬᠡ ᠢᠳᠡᠪᠬᠢᠲᠡᠢ ᠪᠠᠢᠳᠠᠭ ᠠ᠋᠃
ᠴᠢᠮᠡᠭ ᠄ ᠠ ᠲᠡᠢᠮᠦ ᠤᠤ!ᠥᠭᠡᠷ᠎ᠡ ᠶᠠᠮᠠᠷ ᠵᠦᠢᠯ ᠬᠡᠷᠡᠭᠯᠡᠳᠡᠭ ᠪᠣᠢ?
ᠮᠥᠩᠬᠡ ᠄ ᠶᠡᠷᠦ ᠨᠢ ᠲᠡᠭᠡᠬᠦ ᠳ᠋ᠦ᠍ ᠪᠡᠨ ᠮᠠᠨ ᠤ᠋ ᠠᠪᠤ ᠡᠵᠢ ᠶᠡᠷᠦ ᠨᠢ ᠶᠠᠭ ᠴᠠᠭ ᠤ᠋ᠨ ᠬᠤᠪᠢᠶᠠᠷᠢ ᠭᠠᠷᠭᠠᠵᠤ ᠥᠭᠳᠡᠭ ᠠ᠋᠂ ᠲᠡᠷᠡ ᠬᠤᠭᠤᠴᠠᠭᠠᠨ ᠳ᠋ᠤ᠌ ᠪᠠᠨ ᠭᠣᠶᠣ ᠢᠨᠲ᠋ᠸᠷᠨᠡᠲ ᠢ᠋ᠶ᠋ᠡᠷ ᠭᠣᠶᠣ ᠶᠠᠭᠤᠮ᠎ᠠ ᠦᠵᠡᠵᠦ ᠪᠠᠢᠭᠠᠳ ᠯᠠ ᠵᠠ ᠴᠠᠭᠠᠰᠢ ᠨᠢ ᠲᠠᠯᠪᠢᠴᠢᠬᠠᠳᠠᠭ᠃ ᠨᠢᠭᠡ ᠶᠣᠰᠣᠨ ᠳ᠋ᠤ᠌ ᠪᠠᠨ ᠪᠠᠢᠩᠭᠤ ᠤᠩᠰᠢᠵᠤ᠂ ᠠ ᠶᠠᠭᠤᠮ᠎ᠠ ᠦᠵᠡᠬᠦ ᠨᠢ ᠮᠠᠭᠤ ᠰᠢᠲᠠ ᠨᠢᠳᠦᠨ ᠳ᠋ᠦ᠍᠃
ᠴᠢᠮᠡᠭ ᠄ ᠮᠠᠰᠢ ᠵᠥᠪ᠂ ᠲᠠᠨ ᠤ᠋ ᠡᠵᠢ ᠠᠪᠤ ᠬᠣᠶᠠᠷ ᠴᠢᠨᠢ ᠶᠠᠮᠠᠷ ᠮᠤᠨᠳᠠᠭ ᠶᠤᠮ ᠪᠣᠢ? ᠬᠡᠦᠬᠡᠳ ᠪᠣᠯᠭᠠᠨ ᠤ᠋ ᠡᠵᠢ ᠠᠪᠤ ᠬᠣᠶᠠᠷ ᠶᠠᠭ ᠮᠥᠩᠬᠡ ᠲᠤᠩᠬᠤ ᠬᠣᠶᠠᠷ ᠤ᠋ᠨ ᠡᠵᠢ ᠠᠪᠤ ᠰᠢᠭ᠋ ᠪᠠᠢᠪᠠᠯ ᠮᠠᠰᠢ ᠰᠠᠢᠨ ᠪᠠᠢᠨ᠎ᠠ᠂ ᠬᠡᠦᠬᠡᠳ ᠦ᠋ᠳ ᠢ᠋ᠶ᠋ᠡᠨ ᠪᠠᠰᠠ ᠴᠠᠬᠢᠮ ᠣᠷᠴᠢᠨ ᠳ᠋ᠤ᠌ ᠬᠡᠳᠦ ᠢᠳᠡᠪᠬᠢᠲᠡᠢ ᠪᠠᠢᠯᠭᠠᠬᠤ ᠨᠢ ᠰᠠᠢᠨ ᠵᠦᠢᠯ ᠪᠢᠰᠢ ᠰᠢᠦ ᠳᠡ᠃ ᠲᠡᠢᠮᠦ ᠠ᠋᠃ ᠵᠠ ᠲᠡᠭᠡᠭᠡᠳ ᠮᠥᠩᠬᠡ ᠲᠤᠩᠬᠤ ᠠ᠋᠂ ᠡᠭᠡᠴᠢ ᠶ᠋ᠢᠨ ᠬᠢᠨ ᠲᠠ ᠬᠣᠶᠠᠷ ᠲᠠᠢ ᠶᠠᠷᠢᠯᠴᠠᠬᠤ ᠴᠠᠭ ᠮᠠᠨᠢ ᠶᠠᠭ ᠳᠠᠭᠤᠰᠬᠤ ᠳᠥᠭᠥᠵᠦ ᠪᠠᠢᠨ᠎ᠠ ᠰᠢᠦ᠂ ᠨᠠᠢᠷᠠᠭᠤᠯᠤᠭᠴᠢ ᠴᠢᠬᠢᠨ ᠳ᠋ᠦ᠍ ᠨᠠᠳᠠ ᠬᠡᠯᠡᠭᠡᠳ ᠪᠠᠢᠨ᠎ᠠ᠂ ᠳᠠᠭᠤᠰᠬᠠᠭᠠᠷᠠᠢ ᠭᠡᠳ᠃ ᠲᠡᠭᠡᠬᠦ ᠳ᠋ᠦ᠍ ᠪᠡᠨ ᠡᠭᠡᠴᠢ ᠨᠢ ᠨᠢᠭᠡ ᠠᠰᠠᠭᠤᠯᠲᠠ ᠠᠰᠠᠭᠤᠴᠢᠬᠠᠮᠠᠷ ᠰᠠᠨᠠᠭᠳᠠᠵᠤ ᠪᠠᠢᠨ᠎ᠠ᠃ ᠴᠠᠬᠢᠮ ᠣᠷᠴᠢᠨ ᠶᠠᠭ ᠲᠠ ᠬᠣᠶᠠᠷ ᠰᠢᠭ᠋ ᠬᠡᠦᠬᠡᠳ ᠦ᠋ᠳ ᠲᠦ᠍᠂ ᠪᠠᠰᠠ ᠲᠠ ᠬᠣᠶᠠᠷ ᠲᠤ᠌ ᠴᠤ᠌ ᠭᠡᠰᠡᠨ ᠬᠢᠷᠢ ᠠᠶᠤᠯ ᠲᠠᠢ ᠣᠷᠴᠢᠨ ᠪᠣᠢ?
ᠮᠥᠩᠬᠡ ᠄ ᠶᠠᠭ ᠵᠥᠪ ᠠᠰᠠᠭᠤᠯᠲᠠ ᠰᠢᠦ᠂ ᠬᠡᠦᠬᠡᠳ ᠪᠢᠳᠡ ᠶᠠᠮᠠᠷ ᠴᠤ᠌ ᠬᠠᠮᠢᠶ᠎ᠠ ᠦᠭᠡᠢ ᠬᠠᠶᠢᠭ ᠤ᠋ᠳ ᠢ᠋ᠶ᠋ᠠᠷ ᠬᠡᠵᠢᠶ᠎ᠡ ᠴᠦ᠍ ᠬᠡᠰᠦᠵᠦ ᠪᠣᠯᠬᠤ ᠦᠭᠡᠢ ᠰᠢᠦ᠃
ᠴᠢᠮᠡᠭ ᠄ ᠮᠠᠰᠢ ᠵᠥᠪ᠃
ᠲᠤᠩᠬᠤ ᠄ ᠲᠡᠢᠮᠦ ᠰᠢᠦ᠂ ᠮᠠᠨ ᠤ᠋ ᠠᠪᠤ ᠡᠵᠢ ᠤᠲᠠᠰᠤᠨ ᠳᠡᠭᠡᠷ᠎ᠡ ᠮᠠᠨᠢ ᠬᠡᠦᠬᠡᠳ ᠬᠠᠮᠠᠭᠠᠯᠠᠬᠤ ᠭᠡᠳᠡᠭ ᠬᠡᠰᠡᠭ ᠢ᠋ ᠨᠢ ᠠᠰᠠᠭᠠᠵᠤ ᠥᠭᠳᠡᠭ᠃ ᠲᠡᠭᠡᠬᠦ ᠪᠡᠷ ᠬᠡᠵᠢᠶ᠎ᠡ ᠴᠤ᠌ ᠲᠡᠢᠮᠦ ᠬᠠᠶᠢᠭ ᠤ᠋ᠳ ᠣᠷᠣᠵᠤ ᠢᠷᠡᠬᠦ ᠦᠭᠡᠢ ᠪᠣᠯᠤᠭᠰᠠᠨ ᠠ᠋᠃ ᠲᠡᠭᠡᠬᠦ ᠪᠡᠷ ᠨᠠᠢᠵᠠ ᠨᠤᠭᠤᠳ ᠲᠤ᠌ ᠪᠠᠨ᠂ ᠠᠪᠤ ᠡᠵᠢ ᠨᠠᠷ ᠲᠤ᠌ ᠪᠠᠨ ᠰᠠᠨᠠᠭᠤᠯᠬᠤ ᠳ᠋ᠤ᠌ ᠬᠡᠦᠬᠡᠳ ᠢ᠋ᠶ᠋ᠡᠨ ᠬᠠᠮᠠᠭᠠᠯᠠᠬᠤ ᠭᠡᠰᠡᠨ ᠬᠡᠰᠡᠭ ᠢ᠋ ᠠᠰᠠᠭᠠᠵᠤ ᠪᠠᠢᠭᠠᠷᠠᠢ!
ᠮᠥᠩᠬᠡ ᠄ ᠪᠠᠰᠠ ᠨᠠᠢᠵᠠ ᠨᠤᠭᠤᠳ ᠲᠤ᠌ ᠪᠠᠨ ᠬᠡᠯᠡᠬᠦ ᠳ᠋ᠦ᠍᠂ ᠴᠠᠬᠢᠮ ᠣᠷᠴᠢᠨ ᠳ᠋ᠤ᠌ ᠰᠣᠶᠣᠯ ᠲᠠᠢ ᠮᠤᠨᠳᠠᠭ ᠪᠠᠢᠭᠠᠷᠠᠢ ᠭᠡᠵᠦ ᠬᠡᠯᠡᠶ᠎ᠡ ᠳᠡ!
ᠴᠢᠮᠡᠭ ᠄ ᠮᠠᠰᠢ ᠰᠠᠢᠨ ᠪᠠᠢᠨ᠎ᠠ ᠮᠥᠩᠬᠡ᠃ ᠮᠠᠰᠢ ᠰᠠᠢᠨ ᠪᠠᠢᠨ᠎ᠠ᠂ ᠤᠬᠠᠭᠠᠨ ᠲᠠᠢ ᠪᠠᠢᠨ᠎ᠠ ᠲᠤᠩᠬᠤ ᠠ᠋᠃
ᠲᠤᠩᠬᠤ ᠄ ᠲᠠ ᠨᠠᠷ ᠲᠤ᠌ ᠪᠠᠨ ᠬᠠᠢᠷᠠᠲᠠᠢ ᠰᠢᠦ!
ᠮᠥᠩᠬᠡ ᠄ ᠮᠠᠰᠢ ᠶᠡᠬᠡ ᠪᠠᠶᠠᠷᠯᠠᠯ᠎ᠠ᠂ ᠡᠨᠡ ᠰᠠᠢᠬᠠᠨ ᠨᠡᠪᠲᠡᠷᠡᠭᠦᠯᠭᠡ ᠳ᠋ᠦ᠍ ᠣᠷᠣᠯᠴᠠᠭᠤᠯᠤᠭᠰᠠᠨ ᠳ᠋ᠤ᠌᠂ ᠠ ᠬᠠ ᠬᠠ
ᠴᠢᠮᠡᠭ ᠄ ᠵᠠ ᠡᠷᠬᠢᠮ ᠦᠵᠡᠭᠴᠢᠳ ᠠ᠋᠂ ᠢᠩᠭᠢᠭᠡᠳ ᠥᠨᠥᠳᠥᠷ ᠮᠡᠳᠡᠭᠡᠯᠡᠯ ᠦ᠋ᠨ ᠬᠥᠲᠥᠯᠪᠦᠷᠢ ᠳ᠋ᠦ᠍ ᠮᠠᠨᠢ ᠮᠥᠩᠬᠡ ᠲᠤᠩᠬᠤ ᠬᠣᠶᠠᠷ ᠣᠷᠣᠯᠴᠠᠵᠤ᠂ ᠴᠠᠬᠢᠮ ᠣᠷᠴᠢᠨ ᠳ᠋ᠠᠬᠢ ᠪᠦᠬᠦᠢ ᠯᠡ ᠥᠪᠡᠷ ᠦ᠋ᠨ ᠢ᠋ᠶ᠋ᠡᠨ ᠮᠡᠳᠡᠯᠭᠡ ᠶ᠋ᠢ ᠲᠠ ᠪᠦᠬᠦᠨ ᠲᠡᠢ ᠪᠡᠨ ᠬᠤᠪᠢᠶᠠᠯᠴᠠᠯ᠎ᠠ᠃ ᠬᠡᠦᠬᠡᠳ ᠦ᠋ᠳ ᠲᠦ᠍ ᠮᠠᠨᠢ᠂ ᠬᠡᠦᠬᠡᠳ ᠦ᠋ᠳ ᠦ᠋ᠨ ᠮᠠᠨᠢ ᠡᠵᠢ ᠠᠪᠤ ᠨᠠᠷ᠂ ᠡᠮᠡᠭᠡ ᠡᠪᠦᠭᠡ ᠨᠠᠷ᠂ ᠡᠭᠡᠴᠢ ᠠᠬ᠎ᠠ ᠨᠠᠷ ᠲᠤ᠌ ᠮᠠᠰᠢ ᠬᠡᠷᠡᠭᠲᠡᠢ ᠪᠠᠢᠭᠰᠠᠨ ᠭᠡᠵᠦ ᠨᠠᠢᠳᠠᠵᠤ ᠪᠠᠢᠨ᠎ᠠ᠃
ᠦᠰᠦᠭ ᠢ᠋ ᠨᠢ ᠠᠮᠢᠯᠠᠭᠤᠯᠵᠤ ᠬᠠᠲᠠᠭᠰᠠᠨ ᠬᠥᠮᠦᠨ : ᠾᠦᠩ ᠸᠧᠢ
ᠬᠢᠨᠠᠭᠰᠠᠨ ᠬᠥᠮᠦᠰ᠄ ᠱᠤᠳᠤᠷᠭᠤ᠂ ᠳ᠂ ᠪᠥᠬᠡᠴᠢᠯᠠᠭᠤ᠃