1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 4-08Мөнх ТунхMunkh Tunkh

ᠮᠥᠩᠬᠡ ᠲᠤᠩᠬᠤ 4-08Мөнх ТунхMunkh Tunkh

2023-08-21

470

ᠮᠥᠩᠬᠡ ᠲᠤᠩᠬᠤ ᠳᠥᠷᠪᠡᠳᠦᠭᠡᠷ ᠤᠯᠠᠷᠢᠯ ᠤ᠋ᠨ ᠨᠠᠢ᠍ᠮᠠᠳᠤᠭᠠᠷ ᠠᠩᠭᠢ

ᠮᠥᠩᠬᠡ ᠄ ᠷᠤᠪᠡᠲ ᠦ᠋ᠳ ᠬᠢᠮᠡᠯ ᠣᠶᠤᠨ ᠤᠬᠠᠭᠠᠨ ᠲᠠᠢ ᠪᠣᠯᠤᠭᠰᠠᠨ ᠡᠴᠡ ᠬᠣᠢᠰᠢ᠂ ᠡᠬᠡ ᠳᠡᠯᠡᠬᠡᠢ ᠶ᠋ᠢ ᠡᠵᠡᠯᠡᠨ ᠲᠦᠷᠢᠮᠡᠬᠡᠢᠯᠡᠵᠦ ᠡᠬᠢᠯᠡᠵᠡᠢ᠃ᠲᠡᠷᠡ ᠦᠶ᠎ᠡ ᠳ᠋ᠦ᠍ ᠲᠡᠳᠡᠨ ᠥᠭᠡᠳᠡ ᠡᠴᠡ ᠰᠡᠭᠦᠯᠴᠢ ᠶ᠋ᠢᠨ ᠡᠰᠡᠷᠭᠦᠴᠡᠭᠴᠢᠳ ᠪᠣᠰᠤᠨ ᠲᠡᠮᠡᠴᠡᠵᠦ ᠪᠠᠢᠯ᠎ᠠ᠃
ᠪᠠᠮᠪᠠᠷ ᠄ ᠵᠠ ᠵᠠᠯᠠᠭᠤᠴᠤᠳ ᠠ᠋᠂ ᠢᠯᠡᠭᠦᠦ ᠳᠥᠭᠥᠭᠡᠳ ᠬᠡᠷᠡᠭ ᠦᠭᠡᠢ ᠪᠠᠢᠬ᠎ᠠ ᠳᠠ᠂ᠥᠩ᠂ᠪᠢ ᠠᠷᠠᠢ ᠥᠭᠡᠷ᠎ᠡ ᠦᠭᠡ ᠬᠡᠯᠡᠵᠦ ᠪᠣᠯᠬᠤ ᠦᠭᠡᠢ ᠶᠦ᠍ᠮ ᠤᠤ?
ᠮᠥᠩᠬᠡ ᠄ ᠥᠩ᠂ ᠬᠡ ᠬᠠ ᠬᠠ᠂ᠲᠦᠷ ᠬᠦᠯᠢᠶᠡᠵᠦ ᠪᠠᠢᠭᠠᠭᠠᠷᠠᠢ! ᠵᠠ ᠪᠢ ᠶᠠᠪᠤᠭᠤᠯᠴᠢᠬᠠᠯ᠎ᠠ ᠰᠢᠦ᠃
ᠪᠠᠮᠪᠠᠷ ᠄ ok᠂ ᠥᠩ᠂ᠠ ᠨᠡᠭᠡᠷᠡᠨ ᠢᠩᠭᠢᠵᠦ ᠬᠡᠯᠡᠬᠦ ᠶᠦ᠍ᠮ ᠤᠤ?
ᠮᠥᠩᠬᠡ ᠄ ᠲᠡᠢᠮᠦ ᠠ᠋᠂ ᠲᠡᠭᠡᠭᠡᠳ ᠬᠡᠯᠡᠴᠢᠬᠡ᠃
ᠪᠠᠮᠪᠠᠷ ᠄ ᠵᠠ ᠵᠠ᠂ ᠵᠠᠯᠠᠭᠤᠴᠤᠳ ᠠ᠋᠂ ᠲᠠᠬᠢᠵᠣ ᠣᠢᠷᠠᠲᠤᠭᠠᠳ ᠪᠣᠯᠬᠤ ᠦᠭᠡᠢ ᠪᠠᠢᠬ᠎ᠠ ᠠ᠋᠃
ᠮᠥᠩᠬᠡ ᠄ ᠮᠠᠰᠢ ᠤᠳᠠᠭᠠᠨ ᠦᠷᠭᠦᠯᠵᠢᠯᠡᠭᠰᠡᠨ ᠡᠨᠡ ᠳᠣᠯᠣᠭᠠᠨ ᠳ᠋ᠤ᠌ ᠬᠡᠨ ᠨᠢ ᠳᠡᠢᠯᠬᠦ ᠪᠣᠢ ᠭᠡᠳᠡᠭ ᠢ᠋ ᠬᠡᠨ ᠬᠡᠨ ᠨᠢ ᠴᠦ᠍ ᠮᠡᠳᠡᠬᠦ ᠦᠭᠡᠢ ᠪᠠᠢᠯ᠎ᠠ᠃ ᠲᠡᠭᠡᠲᠡᠯ᠎ᠡ ᠭᠡᠨᠡᠳᠲᠡ ᠳ᠋ᠤᠷᠤᠷᠠᠨ ᠠᠶᠤᠯ ᠲᠠᠢ ᠲᠣᠮᠣ ᠯᠠᠢᠰᠧᠷ ᠦ᠋ᠨ ᠫᠤᠤ ᠭᠠᠷᠭᠠᠨ ᠢᠷᠡᠵᠡᠢ᠃ᠰᠡᠭᠦᠯᠴᠢ ᠶ᠋ᠢᠨ ᠡᠰᠡᠷᠬᠦᠴᠡᠭᠴᠢᠳ ᠮᠠᠰᠢ ᠲᠣᠮᠣ ᠬᠠᠮᠠᠭᠠᠯᠠᠯᠲᠠ ᠶ᠋ᠢᠨ ᠠᠷᠤ ᠳ᠋ᠤ᠌ ᠣᠷᠣᠵᠤ ᠪᠠᠢᠯᠳᠤᠵᠤ ᠡᠬᠢᠯᠡᠯ᠎ᠡ᠃ᠠᠢ᠂ ᠲᠡᠭᠡᠲᠡᠯ᠎ᠡ ᠲᠡᠷᠡ ᠦᠶ᠎ᠡ ᠪᠡᠷ ᠁
ᠳ᠋ᠤᠷᠤᠨ : ᠶᠠᠭᠤ ᠬᠢᠵᠦ ᠪᠠᠢᠭ᠎ᠠ ᠶᠤᠮ?
ᠮᠥᠩᠬᠡ ᠄ ᠶᠠ!
ᠳ᠋ᠤᠷᠤᠨ ᠄ ᠶᠣ
ᠮᠥᠩᠬᠡ ᠄ ᠶᠣ
ᠳ᠋ᠤᠷᠤᠨ᠄ᠶᠣ
ᠮᠥᠩᠬᠡ ᠄ ᠶᠣ᠂ᠶᠠᠮᠠᠷ ᠠᠶᠤᠮᠠᠷ ᠰᠣᠴᠢᠪᠠ?
ᠳ᠋ᠤᠷᠤᠨ᠄ ᠠᠭᠤᠴᠢᠯᠠᠭᠠᠷᠠᠢ!  ᠬᠡ ᠬᠡ᠂ ᠴᠢ ᠴᠢ ᠶᠠᠭᠤ ᠬᠢᠵᠦ ᠪᠠᠢᠭ᠎ᠠ ᠶᠤᠮ?
ᠮᠥᠩᠬᠡ ᠄ ᠬᠡ ᠬᠠ ᠬᠠ᠂ᠶᠣ ᠶᠠᠮᠠᠷ ᠠᠶᠤᠮᠠᠷ ᠰᠣᠴᠢᠪᠠ? ᠪᠢ
ᠺᠣᠮᠮᠸᠨᠲ(ᠰᠡᠳᠬᠢᠭᠳᠡᠯ ᠢ᠋ᠶ᠋ᠡᠨ ᠪᠢᠴᠢᠬᠦ )ᠨᠣᠮ ᠵᠣᠬᠢᠶᠠᠵᠤ ᠪᠠᠢᠭᠰᠠᠨ ᠪᠠᠢᠬᠤ ᠦᠭᠡᠢ ᠤᠤ?
ᠳ᠋ᠤᠷᠤᠨ ᠄ ᠫᠥᠬᠥ᠂ ᠶᠠᠭᠤᠨ ᠤ᠋ ᠲᠠᠯ᠎ᠠ ᠪᠠᠷ ᠶᠤᠮ?
ᠮᠥᠩᠬᠡ : ᠠᠶᠠᠭᠦᠢ ᠰᠦᠷ ᠲᠡᠢ ᠷᠤᠪᠡᠲ᠋ᠤᠨ ᠳ᠋ᠤᠷᠤᠷᠠᠨ ᠤ᠋ᠳ ᠤ᠋ᠨ ᠪᠣᠰᠤᠯᠭ᠎ᠠ ᠶ᠋ᠢᠨ ᠲᠠᠯ᠎ᠠ ᠪᠠᠷ᠃
ᠳ᠋ᠤᠷᠤᠨ᠄ ᠳ᠋ᠤᠷᠤᠷᠠᠨ ᠤ᠋ᠳ ᠤ᠋ᠨ ᠤᠤ?
ᠮᠥᠩᠬᠡ ᠄ ᠠ?
ᠳ᠋ᠤᠷᠤᠨ᠄ ᠫᠥᠬᠥ᠂ ᠨᠠᠮ᠎ᠠ ᠶ᠋ᠢ ᠵᠢᠷᠤᠴᠢᠬᠠᠭᠰᠠᠨ ᠪᠠᠢᠨ᠎ᠠ ᠰᠢᠲᠠ᠃
ᠮᠥᠩᠬᠡ : ᠠ ᠬᠠ᠂ ᠬᠡ ᠬᠡ᠂ ᠬᠠᠷᠢᠨ ᠳᠠ ᠃
ᠳ᠋ᠤᠷᠤᠨ ᠄ ᠪᠢ ᠪᠦᠷ ᠠᠶᠤᠮᠠᠷ ᠫᠤᠤ ᠲᠠᠢ ᠪᠣᠯᠴᠢᠬᠠᠭᠰᠠᠨ ᠪᠠᠢᠨ᠎ᠠ ᠰᠢᠳᠡ᠃
ᠮᠥᠩᠬᠡ ᠄ ᠬᠠᠷᠢᠨ ᠳᠠ᠃
ᠳ᠋ᠤᠷᠤᠨ ᠄ ᠪᠢ ᠡᠰᠡᠷᠭᠦ ᠲᠠᠯ᠎ᠠ ᠨᠢ ᠶᠦ᠍ᠮ ᠤᠤ?
ᠮᠥᠩᠬᠡ ᠄ ᠬᠠᠷᠢᠨ ᠳᠠ᠃
ᠳ᠋ᠤᠷᠤᠨ᠄ ᠥᠩ᠂ ᠶᠠᠮᠠᠷ ᠭᠣᠶᠣ ᠶᠤᠮ ᠪᠣᠢ?
ᠮᠥᠩᠬᠡ ᠄ ᠶᠣᠬᠣ᠂ ᠬᠡ ᠬᠠ ᠬᠠ᠂ ᠴᠢᠮ᠎ᠠ ᠶ᠋ᠢ ᠡᠰᠡᠷᠭᠦ ᠳᠦᠷᠢ ᠪᠣᠯᠭᠠᠴᠢᠬᠠᠭᠰᠠᠨ ᠪᠣᠯᠠᠠᠣᠷ ᠠᠭᠤᠷᠯᠠᠬᠤ ᠪᠣᠯᠪᠠ ᠤᠤ ᠭᠡᠵᠦ ᠪᠣᠳᠣᠵᠤ ᠪᠠᠢᠯ᠎ᠠ᠃ ᠴᠢᠮ᠎ᠠ ᠳ᠋ᠤ᠌ ᠲᠠᠭᠠᠯᠠᠭᠳᠠᠵᠤ ᠪᠠᠢᠨ᠎ᠠ ᠤᠤ?
ᠳ᠋ᠤᠷᠤᠨ ᠄ ᠶᠣᠰᠣᠲᠠᠢ ᠭᠣᠶᠣ ᠶᠤᠮ ᠠ᠋᠂ ᠪᠢ ᠪᠦᠷ ᠠᠶᠤᠮᠠᠷ ᠲᠣᠮᠣ ᠫᠤᠤ ᠲᠠᠢ ᠪᠣᠯᠴᠢᠬᠠᠭᠰᠠᠨ᠂ ᠮᠥᠩᠬᠡ ᠮᠢᠨᠦ ᠨᠠᠢᠵᠠ ᠪᠠᠰᠠ ᠭᠣᠶᠣ ᠵᠢᠷᠤᠬᠤ ᠶᠤᠮ ᠠ᠋᠃
ᠮᠥᠩᠬᠡ ᠄ ᠠᠷᠸ᠎ᠠ ᠠᠬ᠎ᠠ ᠨᠠᠳᠠ ᠲᠥᠰᠦᠭᠡᠯᠡᠯ ᠢ᠋ᠶ᠋ᠡᠷ ᠢ᠋ᠶ᠋ᠡᠨ ᠵᠣᠬᠢᠶᠠᠵᠤ ᠪᠢᠴᠢᠵᠦ ᠶᠠᠭᠤᠮ᠎ᠠ ᠵᠢᠷᠤᠬᠤ ᠨᠢ ᠣᠶᠤᠨ ᠤᠬᠠᠭᠠᠨ ᠶᠡᠬᠡ ᠬᠥᠭᠵᠢᠭᠦᠯᠳᠡᠭ ᠭᠡᠵᠦ ᠬᠡᠯᠡᠭᠰᠡᠨ ᠶᠦ᠍ᠮ᠃
ᠳ᠋ᠤᠷᠤᠨ : ᠶᠣᠰᠣᠲᠠᠢ ᠭᠣᠶᠣ ᠶᠤᠮ ᠠ᠋᠃
ᠮᠥᠩᠬᠡ ᠄ ᠬᠠᠷᠢᠨ ᠳᠠ᠃
ᠠᠷᠸ᠎ᠠ ᠄ ᠵᠠ ᠮᠠᠨ ᠤ᠋ ᠬᠢᠨ ᠠ᠋᠂ ᠦᠯᠢᠭᠡᠷ ᠢ᠋ᠶ᠋ᠡᠷ ᠢ᠋ᠶ᠋ᠡᠨ ᠠᠶᠠᠯᠠᠬᠤ ᠳ᠋ᠤ᠌ ᠪᠠᠨ ᠪᠡᠯᠡᠨ ᠤᠤ?
ᠮᠥᠩᠬᠡ ᠄ ᠶᠧ᠂ᠪᠡᠯᠡᠨ᠃
ᠲᠣᠠᠬᠡᠠᠣ ᠄ ᠪᠡᠯᠡᠨ! 
ᠠᠷᠸ᠎ᠠ ᠄ ᠳ᠋ᠤᠷᠤᠷᠠᠨ ᠬᠠᠮᠲᠤ ᠦᠯᠢᠭᠡᠷ ᠢ᠋ᠶ᠋ᠡᠷ ᠠᠶᠠᠯᠠᠵᠤ ᠦᠵᠡᠬᠦ ᠦᠭᠡᠢ ᠤᠤ?
ᠳ᠋ᠤᠷᠤᠨ ᠄ ᠸᠠ ᠧᠦ᠂ᠲᠡᠭᠡᠶ᠎ᠡ ᠯᠡ ᠳᠡ ᠪᠡᠯᠡᠨ᠃
ᠮᠣᠩᠭᠣᠯ ᠠᠷᠠᠳ ᠤ᠋ᠨ ᠦᠯᠢᠭᠡᠷ ᠦᠨᠡᠭᠡ ᠴᠢᠨᠣ᠎ᠠ ᠬᠣᠶᠠᠷ
ᠦᠨᠡᠭᠡ ᠴᠢᠨᠣ᠎ᠠ ᠬᠣᠶᠠᠷ ᠬᠠᠮᠲᠤ ᠶᠠᠪᠤᠵᠤ ᠪᠠᠢᠭᠠᠳ ᠭᠦᠵᠡᠭᠡ ᠰᠢᠷ᠎ᠠ ᠲᠣᠰᠣ ᠣᠯᠵᠠᠢ᠃ ᠡᠨᠡ ᠲᠣᠰᠣ ᠶ᠋ᠢ ᠬᠣᠶᠠᠭᠤᠯᠠ ᠪᠠᠨ ᠲᠡᠭᠰᠢ ᠬᠤᠪᠢᠶᠠᠵᠤ ᠢᠳᠡᠬᠦ ᠶ᠋ᠢ ᠵᠠᠪᠳᠤᠵᠤ ᠪᠠᠢᠲᠠᠯ᠎ᠠ ᠦᠨᠡᠭᠡ᠄ 《 ᠡᠨᠡ ᠲᠣᠰᠣ  ᠶ᠋ᠢ ᠡᠨᠳᠡ ᠢᠳᠡᠬᠦ ᠳ᠋ᠦ᠍ ᠵᠣᠬᠢᠰ ᠦᠭᠡᠢ᠂ᠬᠥᠮᠦᠨ ᠶᠠᠪᠤᠨ᠎ᠠ᠂ᠬᠠᠷᠢᠨ ᠥᠨᠳᠥᠷ ᠠᠭᠤᠯᠠᠨ ᠤ᠋ ᠣᠷᠣᠢ ᠳᠡᠭᠡᠷ᠎ᠡ ᠭᠠᠷᠴᠤ ᠢᠳᠡᠶ᠎ᠡ᠂ ᠴᠢ ᠠᠪᠴᠤ ᠶᠠᠪᠤ》 ᠭᠡᠵᠡᠢ᠃ ᠢᠩᠭᠢᠭᠡᠳ ᠬᠣᠶᠠᠭᠤᠯᠠ ᠪᠠᠨ ᠥᠨᠳᠥᠷ ᠠᠭᠤᠯᠠ ᠶ᠋ᠢᠨ ᠣᠷᠣᠢ ᠳ᠋ᠤ᠌ ᠭᠠᠷᠪᠠ᠃ ᠭᠡᠲᠡᠯ᠎ᠡ ᠦᠨᠡᠭᠡ ᠄ 《ᠡᠨᠡ ᠲᠣᠰᠣ ᠶ᠋ᠢ ᠬᠤᠪᠢᠶᠠᠵᠤ ᠢᠳᠡᠭᠰᠡᠨ ᠦ᠌ ᠬᠡᠷᠡᠭ ᠦᠭᠡᠢ᠂ ᠨᠢᠭᠡ ᠨᠢ ᠯᠡ ᠢᠳᠡᠪᠡᠯ ᠵᠣᠬᠢᠨ᠎ᠠ》 ᠭᠡᠯ᠎ᠡ᠃ ᠴᠢᠨᠣ᠎ᠠ ᠄ 《ᠬᠡᠨ ᠮᠠᠨᠢ ᠢᠳᠡᠬᠦ ᠪᠣᠢ?》 ᠭᠡᠬᠦ ᠳ᠋ᠦ᠍ ᠦᠨᠡᠭᠡ᠄ 《ᠬᠡᠨ ᠨᠢ ᠠᠬ᠎ᠠ ᠨᠠᠰᠤᠲᠠᠢ ᠮᠠᠨᠢ ᠢᠳᠡᠪᠡᠯ ᠲᠠᠭᠠᠷᠠᠨ᠎ᠠ᠂ ᠴᠢ ᠬᠡᠳᠦᠢ ᠨᠠᠰᠤ ᠲᠠᠢ ᠪᠣᠢ?》 ᠭᠡᠵᠦ ᠠᠰᠠᠭᠤᠯ᠎ᠠ᠃ ᠴᠢᠨᠣ᠎ᠠ ᠦᠨᠡᠭᠡ ᠶ᠋ᠢ ᠮᠡᠬᠡᠯᠡᠨ ᠥᠨᠥᠬᠢ ᠲᠣᠰᠣ ᠶ᠋ᠢ ᠢᠳᠡᠬᠦ ᠶᠢᠨ ᠲᠤᠯᠠᠳᠠ ᠄《ᠨᠠᠮ᠎ᠠ ᠶ᠋ᠢ ᠪᠠᠭ᠎ᠠ ᠪᠠᠢᠬᠤ ᠳ᠋ᠤ᠌ ᠰᠦᠮᠪᠦᠷ ᠠᠭᠤᠯᠠ ᠳᠣᠪᠣ ᠰᠢᠭ᠋᠂ ᠰᠦᠨ ᠳᠠᠯᠠᠢ ᠱᠠᠯᠪᠠᠭ ᠰᠢᠭ᠋ ᠪᠠᠢᠭᠰᠠᠨ ᠪᠢᠯᠡ》 ᠭᠡᠬᠦ ᠳ᠋ᠦ᠍᠂ ᠦᠨᠡᠭᠡ ᠤᠴᠢᠷ ᠵᠦᠭ ᠦᠭᠡᠢ ᠤᠬᠢᠯᠠᠯ᠎ᠠ᠃ ᠴᠢᠨᠣ᠎ᠠ ᠳᠣᠲᠣᠷ᠎ᠠ ᠪᠠᠨ : 《ᠰᠢᠷ᠎ᠠ ᠭᠠᠢᠬᠠᠯ ᠴᠢᠮ᠎ᠠ ᠶ᠋ᠢ ᠨᠢᠭᠡ ᠯᠡ ᠮᠡᠬᠡᠯᠡᠯ᠎ᠡ ᠳᠡ᠂ ᠣᠳᠣ ᠤᠬᠢᠯᠠᠭᠰᠠᠨ ᠴᠤ᠌ ᠣᠬᠢᠯᠠᠭ᠎ᠠ ᠦᠭᠡᠢ ᠲᠣᠰᠣ ᠮᠢᠨᠦᠬᠢ ᠪᠣᠯᠤᠭᠰᠠᠨ ᠳᠠ》 ᠭᠡᠵᠦ ᠪᠣᠳᠣᠭᠠᠳ᠂ 《ᠴᠢ ᠶᠠᠭᠤᠨ ᠳ᠋ᠤ᠌ ᠪᠠᠨ ᠤᠬᠢᠯᠠᠭ᠎ᠠ ᠪᠣᠢ?》 ᠭᠡᠬᠦ ᠳ᠋ᠦ᠍ ᠦᠨᠡᠭᠡ ᠄ 《ᠨᠠᠳᠠ ᠭᠤᠷᠪᠠᠨ ᠵᠤᠯᠵᠠᠭ᠎ᠠ ᠪᠣᠢ᠂ ᠬᠠᠮᠤᠭ ᠤ᠋ᠨ ᠪᠠᠭ᠎ᠠ ᠨᠢ ᠴᠢᠮ᠎ᠠ ᠲᠠᠢ ᠰᠠᠴᠠᠭᠤ ᠶᠤᠮ ᠪᠠᠢᠨ᠎ᠠ᠂ ᠲᠡᠭᠡᠭᠡᠳ ᠰᠡᠳᠬᠢᠯ ᠤᠶᠠᠷᠠᠯ᠎ᠠ》 ᠭᠡᠬᠦ ᠳ᠋ᠦ᠍᠂ ᠴᠢᠨᠣ᠎ᠠ ᠲᠡᠭᠦᠨ ᠢ᠋ ᠰᠣᠨᠣᠰᠤᠭᠠᠳ ᠶᠡᠬᠡ ᠯᠡ ᠢᠴᠢᠭᠡᠳ᠂ ᠣᠯᠢᠨ ᠬᠣᠭᠣᠰᠣᠨ ᠬᠣᠩᠬᠣᠯᠵᠠᠭᠰᠠᠭᠠᠷ ᠬᠣᠩᠬᠣᠯ ᠳ᠋ᠤ᠌ ᠪᠠᠨ ᠪᠤᠴᠠᠬᠤ ᠳ᠋ᠤ᠌᠂ ᠦᠨᠡᠭᠡ ᠥᠨᠥᠬᠢ ᠲᠣᠰᠣ ᠶ᠋ᠢ ᠭᠠᠭᠴᠠᠭᠠᠷ ᠢ᠋ᠶ᠋ᠠᠨ ᠴᠠᠳᠲᠠᠯ᠎ᠠ ᠪᠠᠨ ᠢᠳᠡᠵᠡᠢ᠃
ᠴᠠᠰᠣᠠᠠᠠᠨ ᠄ ᠵᠠ᠂ ᠡᠨᠡ ᠦᠯᠢᠭᠡᠷ ᠳᠡᠭᠡᠷ᠎ᠡ ᠦᠨᠡᠭᠡ ᠴᠢᠨᠣ᠎ᠠ ᠬᠣᠶᠠᠷ ᠪᠡᠶ᠎ᠡ ᠪᠠᠶᠠᠨ ᠲᠠᠢ ᠪᠠᠨ ᠶᠠᠭᠤᠮ᠎ᠠ ᠪᠠᠨ ᠬᠤᠪᠢᠶᠠᠯᠴᠠᠬᠤ ᠦᠭᠡᠢ ᠲᠠᠯ᠎ᠠ ᠪᠠᠷ ᠭᠠᠷᠴᠤ ᠪᠠᠢᠨ᠎ᠠ᠃
ᠪᠠᠰᠠᠷ ᠄ ᠲᠡᠢᠮᠦ ᠪᠠᠢᠨ᠎ᠠ᠂ ᠨᠡᠯᠢᠶᠡᠳ ᠬᠠᠷᠠᠮᠴᠢ ᠬᠣᠶᠠᠷ ᠨᠥᠬᠥᠷ ᠪᠠᠢᠨ᠎ᠠ ᠳᠠ᠃ ᠬᠡ ᠬᠡ
ᠲᠣᠠᠬᠡᠠᠣ ᠄ ᠬᠡᠳᠦᠭᠦᠯᠡ ᠪᠡᠨ ᠬᠤᠪᠢᠶᠠᠯᠴᠠᠵᠤ ᠪᠠᠢᠬᠤ ᠨᠢ ᠰᠠᠢᠨ ᠵᠦᠢᠯ ᠰᠢᠦ ᠭᠡᠳᠡᠭ ᠢ᠋ ᠶᠠᠭᠠᠬᠢᠵᠤ ᠣᠢᠯᠠᠭᠠᠭᠤᠯᠬᠤ ᠪᠣᠢ?
ᠮᠥᠩᠬᠡ ᠄ ᠳ᠋ᠤᠷᠤᠷᠠᠨ ᠮᠢᠨᠦ ᠨᠠᠢᠵᠠ ᠶᠠᠭᠤ ᠭᠡᠵᠦ ᠪᠣᠳᠣᠬᠤ ᠪᠠᠢᠨ᠎ᠠ?
ᠳ᠋ᠤᠷᠤᠨ ᠄ ᠰᠢᠭᠤᠳ ᠣᠴᠢᠭᠠᠳ ᠵᠣᠳᠣᠩᠭᠤᠲᠠ ᠪᠠᠨ ᠶᠠᠭᠤᠮ ᠎ᠠ ᠪᠠᠨ ᠬᠤᠪᠢᠶᠠ ᠯᠠ ᠳᠠ᠂ ᠲᠠ ᠨᠠᠷ ᠭᠡᠳ ᠬᠡᠯᠡᠴᠢᠬᠡᠬᠦ ᠤᠤ?
ᠪᠠᠰᠠᠷ ᠄ ᠥᠩ ⁉
ᠮᠥᠩᠬᠡ ᠄ ᠠ ⁉
ᠲᠤᠩᠬᠤ᠄ ᠠ⁉
ᠪᠠᠰᠠᠷ᠄ ᠬᠥᠶᠢ᠂ ᠵᠠ᠂ ᠪᠢ ᠴᠦ᠍ ᠡᠢᠮᠦ ᠴᠢᠩᠭ᠎ᠠ ᠶᠠᠷᠢᠬᠤ ᠦᠭᠡᠢ ᠳᠡ᠂ ᠤᠭ ᠨᠢ᠂ ᠡᠢᠮᠦᠷᠬᠦ ᠨᠥᠬᠥᠷ ᠪᠠᠢᠨ᠎ᠠ ᠳᠠ᠂ ᠳ᠋ᠤᠷᠤᠷᠠᠨ᠃
ᠳ᠋ᠤᠷᠤᠨ᠄ ᠳ᠋ᠤᠷᠤᠷᠠᠨ᠁ ᠵᠠ! ᠲᠣᠭᠯᠠᠭᠰᠠᠨ ᠶᠤᠮ ᠠ᠋᠃
ᠲᠤᠩᠬᠤ᠄ ᠬᠡ ᠬᠡ᠂ ᠲᠡᠢᠮᠦ ᠪᠠᠢᠯᠭᠦᠢ ᠳᠡ᠂ ᠪᠦᠷ ᠭᠠᠢᠬᠠᠯ᠎ᠠ᠃
ᠮᠥᠩᠬᠡ᠄ ᠶᠣ᠂ ᠪᠢ ᠢᠩᠭᠢᠭᠡᠳ ᠯᠡ ᠷᠤᠪᠡᠲ ᠳ᠋ᠤᠷᠤᠨ ᠤ᠋ᠳ ᠪᠣᠰᠤᠭᠠᠳ ᠡᠬᠢᠯᠡᠯ᠎ᠡ ᠭᠡᠵᠦ ᠪᠣᠳᠣᠯ᠎ᠠ ᠰᠢᠲᠠ᠂ ᠬᠡ ᠬᠠ᠃
ᠳ᠋ᠤᠷᠤᠨ᠄ ᠬᠡ ᠬᠡ
ᠴᠠᠰᠤᠬᠠᠨ᠄ ᠵᠠ᠂ ᠬᠡᠳᠦᠭᠦᠯᠡ ᠪᠠᠨ ᠢᠩᠭᠢᠶ᠎ᠡ᠂ ᠴᠢᠨᠣ᠎ᠠ ᠦᠨᠡᠭᠡ ᠬᠣᠶᠠᠷ ᠤ᠋ᠨ ᠳᠡᠷᠭᠡᠳᠡᠭᠦᠷ ᠥᠩᠭᠡᠷᠡᠬᠦ ᠪᠣᠯᠭᠠᠨ ᠳ᠋ᠤ᠌ ᠪᠠᠨ᠄《ᠪᠡᠶ᠎ᠡ ᠪᠡᠶ᠎ᠡ ᠳ᠋ᠦ᠍ ᠪᠡᠨ ᠪᠠᠢᠭ᠎ᠠ ᠵᠦᠢᠯᠡᠰ ᠢᠶᠠᠨ ᠬᠤᠪᠢᠶᠠᠯᠴᠠᠵᠠᠭᠠᠶ᠎ᠠ᠂ ᠲᠡᠭᠡᠭᠡᠳ ᠪᠤᠰᠤᠳ ᠲᠠᠢ ᠪᠠᠨ ᠬᠤᠪᠢᠶᠠᠯᠴᠠᠬᠤ ᠨᠢ ᠶᠠᠮᠠᠷ ᠭᠣᠶᠣ ᠪᠣᠯᠬᠤ ᠲᠠᠯ᠎ᠠ ᠪᠡᠷ ᠵᠢᠱ᠌ᠢᠶ᠎ᠡ ᠲᠠᠲᠠᠭᠠᠳ ᠯᠠ ᠶᠠᠷᠢᠭᠠᠳ ᠪᠠᠢᠶ᠎ᠠ᠃
ᠮᠥᠩᠬᠡ᠄ᠶᠠ᠂ ᠶᠠᠩᠵᠤ ᠶᠢᠨ ᠰᠠᠨᠠᠭ᠎ᠠ ᠪᠢᠰᠢ ᠤᠤ? ᠵᠢᠱ᠌ᠢᠶ᠎ᠡ ᠪᠣᠯᠭᠠᠵᠤ ᠶᠠᠭᠤᠮ᠎ᠠ ᠶᠠᠷᠢᠭᠠᠳ ᠪᠠᠢᠬᠤ ᠶᠤᠮ ᠪᠣᠯ ᠨᠢᠭᠡ ᠶᠠᠭᠤᠮ᠎ᠠ ᠪᠣᠳᠣᠨ᠎ᠠ ᠳᠠ᠃
ᠪᠠᠰᠠᠷ᠄ ᠦ᠂ ᠠᠭᠤᠴᠢᠯᠠᠭᠠᠷᠠᠢ! ᠮᠠᠨ ᠤ᠋ ᠬᠢᠨ ᠠ᠋᠂ ᠲᠠ ᠨᠠᠷ ᠲᠦ᠍ ᠢᠩᠭᠢᠬᠦ ᠳ᠋ᠦ᠍ ᠬᠤᠪᠢᠶᠠᠵᠤ ᠪᠠᠷᠢᠬᠤ ᠶᠠᠭᠤᠮ᠎ᠠ ᠪᠠᠢᠭ᠎ᠠ ᠶᠤᠮ ᠤᠤ?
ᠳ᠋ᠤᠷᠤᠨ᠄ ᠵᠠ᠂ ᠬᠦᠯᠢᠶᠡᠵᠦ ᠪᠠᠢᠭᠠᠷᠠᠢ! 
ᠠᠷᠸ᠎ᠠ᠄ ᠬᠥᠥᠭ᠂ ᠳ᠋ᠤᠷᠤᠷᠠᠨ ᠠ᠋ᠴᠠ ᠮᠸᠰᠰᠸᠵᠢ(ᠣᠬᠣᠷ ᠮᠡᠳᠡᠭᠡ) ᠢᠷᠡᠭᠡ ᠤᠤ ᠳᠠ᠂ ᠭᠣᠶᠣ ᠮᠣᠩᠭᠣᠯ ᠠᠭᠠᠷᠤᠤᠯ᠂ ᠠᠭᠠᠷᠴᠠᠨ ᠦᠷᠢᠯ᠂ ᠪᠣᠭᠤᠷᠴᠤᠭ ᠶᠠᠪᠤᠭᠤᠯᠤᠭᠠᠷᠠᠢ ᠭᠡᠨ᠎ᠡ ᠤᠤ᠃ ᠬᠡ ᠬᠡ᠂ ᠮᠠᠨ  ᠤ᠋ ᠬᠡᠳᠦ ᠥᠯᠥᠰᠦᠭᠰᠡᠨ ᠶᠦ᠍ᠮ ᠪᠠᠢᠬ᠎ᠠ ᠳᠠ᠂ ᠵᠠ ᠶᠠᠪᠤᠭᠤᠯᠤᠶ᠎ᠠ ᠳᠠ᠃
ᠪᠠᠰᠠᠷ᠄ ᠢ᠂ ᠬᠢ ᠬᠢ᠂ ᠮᠠᠨ ᠤ᠋ ᠴᠠᠰᠣᠬᠠᠨ ᠭᠠᠭᠴᠠᠭᠠᠷ ᠵᠢᠨᠨ ᠠᠷᠸ᠎ᠠ ᠠᠬ᠎ᠠ ᠤᠷᠤᠭᠤ ᠶᠠᠷᠢᠳᠠᠭ ᠪᠠᠢᠭᠰᠠᠨ ᠴᠢᠨᠢ ᠳ᠋ᠤᠷᠤᠷᠠᠨ ᠵᠦᠭᠡᠷ ᠯᠡ ᠵᠣᠬᠢᠴᠠᠭᠤᠯᠴᠢᠬᠠᠯ᠎ᠠ ᠰᠢᠲᠠ᠂ ᠬᠢ ᠬᠢ ᠬᠢ
ᠲᠣᠷᠤᠨ᠄ ᠬᠢ ᠬᠢ ᠬᠢ
ᠴᠠᠰᠣᠬᠠᠨ᠄ ᠬᠢ ᠬᠢ ᠬᠢ᠂ ᠵᠠ ᠬᠡᠳᠦᠭᠦᠯᠡ ᠪᠡᠨ ᠲᠥᠯᠥᠪᠯᠡᠭᠡ ᠪᠠᠨ ᠪᠡᠶᠡᠯᠡᠭᠦᠯᠴᠡᠭᠡᠶ᠎ᠡ᠃
ᠮᠥᠩᠬᠡ᠄ ᠲᠤᠩᠬᠤ ᠠ᠋᠂ ᠥᠭᠯᠢᠭᠡᠴᠢ ᠵᠠᠩ ᠭᠡᠵᠦ ᠶᠠᠭᠤ  ᠶ᠋ᠢ ᠬᠡᠯᠡᠳᠡᠭ ᠶᠦᠮ ᠪᠣᠢ?
ᠦᠨᠡᠭᠡ᠄ ᠠ⁉
ᠴᠢᠨᠣ᠎ᠠ᠄ ᠠ᠋⁉
ᠲᠤᠩᠬᠤ᠄ ᠥᠭᠯᠢᠭᠡ ᠥᠭᠬᠦ ᠳᠤᠷᠠᠲᠠᠢ ᠵᠠᠩ ᠪᠠᠢᠳᠠᠭ ᠨᠢ ᠬᠡᠯᠡᠳᠡᠭ ᠶᠦ᠍ᠮ ᠳᠡ᠃
ᠪᠠᠰᠠᠷ᠄ ᠴᠠᠰᠤᠬᠠᠨ ᠠ᠋᠂ ᠴᠢ ᠨᠠᠳᠠ ᠡᠨᠡ ᠵᠦᠢᠷ ᠰᠡᠴᠡᠨ ᠦᠭᠡ ᠶᠢ ᠲᠠᠢᠯᠪᠤᠷᠢᠯᠠᠭᠠᠳ ᠥᠭᠭᠦᠭᠡᠴᠢ᠃
ᠴᠠᠰᠣᠬᠠᠨ᠄ ᠵᠠ ᠲᠡᠭᠡᠶ᠎ᠡ᠃
ᠦᠨᠡᠭᠡ᠄ ᠥᠩ⁉
ᠴᠢᠨᠣ᠎ᠠ᠄ ᠥᠩ⁉
ᠪᠠᠰᠠᠷ᠄ ᠥᠨᠥᠴᠢᠨ ᠢ᠋ ᠠᠰᠠᠷᠠᠪᠠᠯ ᠥᠨᠢᠷ ᠪᠣᠯᠳᠠᠭ᠂ ᠦᠭᠡᠢ ᠶᠢ ᠲᠤᠰᠠᠯᠠᠪᠠᠯ ᠥᠭᠯᠢᠭᠡᠴᠢ ᠪᠣᠯᠳᠠᠭ ᠭᠡᠵᠦ ᠶᠠᠭᠤ ᠭᠡᠰᠡᠨ ᠦᠭᠡ ᠪᠣᠢ?
ᠴᠠᠰᠣᠬᠠᠨ᠄ ᠥᠨᠥᠴᠢᠨ ᠬᠥᠮᠦᠨ ᠢ᠋ ᠠᠰᠠᠷᠠᠪᠠᠯ ᠪᠤᠶᠠᠨ ᠪᠣᠯᠵᠤ ᠣᠯᠠᠭᠤᠯᠠ ᠪᠠᠨ ᠪᠣᠯᠬᠤ᠂ ᠰᠠᠢᠬᠠᠨ ᠰᠡᠳᠬᠢᠯ  ᠦ᠋ᠨ ᠡᠭᠦᠳᠡᠨ ᠡᠴᠡ ᠬᠥᠮᠦᠨ  ᠳ᠋ᠦ᠍ ᠶᠠᠭᠤᠮ᠎ᠠ ᠪᠠᠨ ᠥᠭᠴᠦ ᠲᠤᠰᠠᠯᠠᠪᠠᠯ᠂ ᠥᠭᠯᠢᠭᠡᠴᠢ ᠪᠣᠯᠬᠤ ᠭᠡᠰᠡᠨ ᠰᠠᠨᠠᠭ᠎ᠠ ᠶᠤᠮ ᠰᠢᠦ ᠳᠡ᠃
ᠮᠥᠩᠬᠡ᠄ ᠳ᠋ᠤᠷᠤᠷᠠᠨ ᠪᠢ ᠨᠢᠭᠡ ᠵᠦᠢᠷ ᠰᠡᠴᠡᠨ ᠦᠭᠡ ᠠᠰᠠᠭᠤᠶ᠎ᠠ᠃
ᠳ᠋ᠤᠷᠤᠨ᠄ ᠵᠠ ᠲᠡᠭᠡ! 
ᠴᠢᠨᠣ᠎ᠠ᠄ ᠥᠩ⁉
ᠦᠨᠡᠭᠡ᠄ ᠥᠩ⁉
ᠮᠥᠩᠬᠡ᠄ ᠥᠭᠭᠦᠭᠰᠡᠨ ᠶᠠᠭᠤᠮᠠᠨ ᠳ᠋ᠤ᠌ ᠪᠠᠨ ᠬᠠᠷᠠᠮᠰᠠᠬᠤ ᠦᠭᠡᠢ ᠪᠣᠯ ᠥᠭᠯᠢᠭᠡᠴᠢ᠂ ᠦᠭᠭᠦᠭᠦᠯᠦᠭᠰᠡᠨ ᠶᠠᠭᠤᠮᠠᠨ  ᠳ᠋ᠤ᠌ ᠪᠠᠨ ᠭᠡᠮᠰᠢᠬᠦ ᠦᠭᠡᠢ ᠪᠣᠯ ᠵᠥᠪᠯᠡᠭᠴᠢ᠂ ᠡᠨᠡ ᠶᠠᠭ ᠶᠠᠭᠤ ᠭᠡᠰᠡᠨ ᠦᠭᠡ ᠶᠦ᠍ᠮ ᠪᠣᠢ?
ᠳ᠋ᠤᠷᠤᠨ᠄ ᠬᠥᠮᠦᠨ  ᠳ᠋ᠦ᠍ ᠶᠠᠭᠤᠮᠠᠨ ᠠ᠋ᠴᠠ ᠪᠠᠨ ᠦᠭᠴᠢᠬᠡᠭᠡᠳ ᠬᠠᠷᠠᠮᠰᠠᠬᠤ ᠦᠭᠡᠢ ᠪᠠᠢᠪᠠᠯ ᠬᠠᠷᠠᠮᠴᠢ ᠪᠢᠰᠢ ᠬᠥᠮᠦᠨ᠂ ᠶᠠᠷᠢᠵᠤ ᠬᠡᠯᠡᠴᠢᠬᠡᠭᠡᠳ ᠬᠣᠵᠢᠮ ᠠᠮᠠ ᠪᠠᠨ ᠪᠠᠢᠬᠤ ᠦᠭᠡᠢ ᠪᠣᠯ ᠰᠠᠢᠨ ᠵᠥᠪᠯᠡᠭᠴᠢ ᠬᠥᠮᠦᠨ ᠭᠡᠰᠡᠨ ᠰᠠᠨᠠᠭ᠎ᠠ ᠰᠢᠦ ᠳᠡ᠃
ᠪᠠᠰᠠᠷ᠄ ᠥᠭᠯᠢᠭᠡᠴᠢ ᠬᠥᠮᠦᠨ ᠭᠡᠵᠦ ᠶᠠᠮᠠᠷ ᠬᠥᠮᠦᠨ ᠢ᠋ ᠬᠡᠯᠡᠳᠡᠭ ᠪᠣᠢ?
ᠴᠠᠰᠤᠬᠠᠨ᠄ ᠠ᠂ ᠥᠭᠯᠢᠭᠡᠴᠢ ᠪᠠᠢᠨ᠎ᠠ ᠭᠡᠳᠡᠭ ᠨᠢ᠁
ᠦᠨᠡᠭᠡ᠄ ᠠ!  ᠣᠢᠯᠠᠭᠠᠯ᠎ᠠ ᠳᠠ ᠣᠢᠯᠠᠭᠠᠯ᠎ᠠ᠃
ᠴᠠᠰᠣᠬᠠᠨ᠄ ᠠ⁉
ᠪᠠᠰᠠᠷ᠄ ᠡᠩ⁉
ᠴᠢᠨᠣ᠎ᠠ᠄ ᠶᠣ᠂ ᠬᠠᠷᠢᠨ ᠲᠡᠢᠮᠦ᠂ ᠭᠡᠨᠡᠳᠲᠡ ᠭᠡᠨᠡᠳᠲᠡ ᠡᠨᠳᠡ ᠲᠡᠨᠳᠡ ᠠᠴᠠ ᠭᠠᠷᠴᠤ ᠢᠷᠡᠭᠡᠳ ᠯᠡ ᠪᠠᠢᠬᠤ ᠶᠤᠮ᠂ ᠪᠢᠳᠡ ᠬᠣᠶᠠᠷ ᠣᠢᠯᠠᠭᠠᠭᠰᠠᠨ᠃
ᠲᠤᠩᠬᠤ᠄ ᠬᠡ ᠬᠡ᠂ ᠠᠭᠤᠴᠢᠯᠠᠭᠠᠷᠠᠢ! ᠪᠢᠳᠡ ᠨᠠᠷ ᠲᠠ ᠬᠣᠶᠠᠷ ᠲᠤ ᠪᠠᠨ ᠡᠪᠲᠡᠢ ᠨᠠᠢᠷᠲᠠᠢ ᠥᠭᠯᠢᠭᠡᠴᠢ ᠪᠠᠢᠪᠠᠯ ᠨᠢᠭᠡ  ᠨᠢ ᠢᠩᠭᠢᠵᠦ ᠶᠡᠬᠡ ᠥᠯᠥᠰᠬᠦ ᠦᠭᠡᠢ ᠰᠢᠦ ᠳᠡ ᠭᠡᠳᠡᠭ ᠢ᠋ ᠣᠢᠯᠠᠭᠠᠭᠤᠯᠬᠤ ᠭᠡᠳ ᠯᠡ᠃
ᠮᠥᠩᠬᠡ᠄ ᠬᠡ ᠬᠡ ᠬᠡ
ᠦᠨᠡᠭᠡ᠄ ᠬᠡ ᠬᠡ᠂ ᠪᠢ ᠪᠦᠷ ᠭᠡᠮᠰᠢᠵᠦ ᠡᠬᠢᠯᠡᠭᠡᠳ᠂ ᠣᠳᠣ ᠡᠴᠡ ᠶᠠᠭᠤ ᠴᠤ᠌ ᠢᠳᠡᠭᠰᠡᠨ ᠴᠦ᠍ ᠴᠢᠮ᠎ᠠ ᠲᠠᠢ ᠪᠠᠨ ᠪᠢ ᠬᠤᠪᠢᠶᠠᠵᠤ ᠢᠳᠡᠬᠦ ᠪᠣᠯᠤᠨ᠎ᠠ᠃
ᠴᠢᠨᠣ᠎ᠠ᠄ ᠬᠤ᠌᠂ ᠨᠡᠭᠡᠷᠡᠨ ᠤᠤ?
ᠦᠨᠡᠭᠡ᠄ ᠨᠡᠭᠡᠷᠡᠨ᠃
ᠮᠥᠩᠬᠡ᠄ ᠢᠩᠭᠢᠬᠦ  ᠳ᠋ᠦ᠍ ᠲᠠ ᠨᠠᠷ ᠮᠠᠨᠢ ᠠᠭᠠᠷᠤᠤᠯ᠂ ᠠᠭᠠᠷᠴᠠ ᠢᠳᠡᠬᠦ ᠤᠤ?
ᠴᠢᠨᠣ᠎ᠠ᠄ ᠪᠢᠳᠡ ᠬᠣᠶᠠᠷ ᠴᠢᠨᠢ ᠴᠢᠨᠣ᠎ᠠ ᠦᠨᠡᠭᠡ ᠬᠣᠶᠠᠷ ᠰᠢᠦ ᠳᠡ᠃
ᠮᠥᠩᠬᠡ᠄ ᠥ᠂ ᠲᠡᠢᠮᠦ ᠰᠢᠲᠠ᠂ ᠨᠡᠭᠡᠷᠡᠨ᠂ ᠬᠡ ᠬᠠ ᠬᠠ
ᠪᠠᠰᠠᠷ᠄ ᠵᠦᠭᠡᠷ ᠠ᠋᠂ ᠴᠠᠭᠠᠨ ᠬᠣᠭᠤᠯᠠᠲᠠᠨ ᠴᠢᠨᠣ᠎ᠠ ᠴᠣ ᠬᠡᠮᠡᠬᠦ ᠶ᠋ᠢ ᠬᠡᠨ ᠮᠡᠳᠡᠬᠦ ᠶᠦ᠍ᠮ ᠳᠡ᠂ ᠠ!  ᠪᠠᠶᠠᠨ  ᠳ᠋ᠤ᠌ ᠰᠠᠢᠨ᠂ ᠠᠯᠢᠪ ᠢᠳᠡ ᠢᠳᠡ ᠁ ᠬᠡ ᠬᠡ ᠬᠡ
ᠪᠦᠭᠦᠳᠡᠭᠡᠷ ᠢᠨᠢᠶᠡᠨ᠎ᠡ᠃
ᠮᠠᠽᠠ᠄ ᠥᠨᠥᠳᠥᠷ ᠬᠡᠳᠦᠭᠦᠯᠡ ᠪᠡᠨ ᠪᠢᠴᠢᠬᠠᠨ ᠳᠡᠭᠦᠦ ᠨᠠᠷ ᠵᠢᠠᠨ ᠬᠡᠷᠬᠢᠨ ᠠᠶᠤᠯ ᠦᠭᠡᠢ ᠶᠢ ᠬᠠᠮᠠᠭᠠᠯᠠᠬᠤ ᠲᠠᠯ᠎ᠠ ᠪᠡᠷ ᠰᠤᠷᠴᠠᠭᠠᠶ᠎ᠠ᠃
ᠪᠠᠰᠠᠷ᠄ ᠰᠤᠷᠴᠠᠭᠠᠶ᠎ᠠ᠃
ᠮᠥᠩᠬᠡ᠄ ᠰᠤᠷᠴᠠᠭᠠᠶ᠎ᠠ᠃
ᠲᠤᠩᠬᠤ᠄ ᠪᠦᠭᠦᠳᠡᠭᠡᠷ ᠵᠢᠠᠨ ᠰᠤᠷᠴᠠᠭᠠᠶ᠎ᠠ᠃ᠰᠤᠷᠴᠠᠭᠠᠶ᠎ᠠ᠁
ᠮᠥᠩᠬᠡ᠄ ᠦ ᠨᠡᠭᠡᠷᠡᠨ ᠴᠠᠰᠣᠬᠠᠨ ᠭᠤᠸᠠᠢ ᠵᠢᠨ ᠳᠣᠯᠣᠭᠠᠨ ᠤᠳᠠᠭ᠎ᠠ ᠵᠢᠨ ᠳᠠᠭᠤᠤ ᠳᠠᠭᠤᠯᠠᠬᠤ ᠡᠷᠬᠡ ᠵᠢ ᠠᠪᠤᠭ᠎ᠠ ᠦᠭᠡᠢ ᠰᠢᠲᠠ ᠪᠢᠳᠡ ᠨᠠᠷ᠂ ᠬᠡ ᠬᠡ ᠬᠡ
ᠮᠠᠽᠠ᠄ ᠬᠠ ᠬᠠ ᠬᠠ᠂ ᠦ ᠪᠠᠰᠠᠷ ᠠ᠋᠂ ᠬᠥᠮᠦᠨ ᠠᠨᠳᠠᠭᠤᠷᠠᠭᠤᠯᠤᠭᠠᠳ ᠳᠠᠭᠤᠤ ᠪᠣᠯᠭᠠᠴᠢᠬᠠᠬᠤ ᠶᠤᠮ ᠠ᠋᠂ ᠬᠡ ᠬᠡ
ᠪᠠᠰᠠᠷ᠄ ᠬᠡ ᠬᠡ᠂ sorry sorry (ᠤᠰᠤᠯᠲᠠᠯ᠎ᠠ ᠤᠰᠤᠯᠲᠠᠯ᠎ᠠ)
ᠮᠠᠽᠠ᠄ ᠵᠠ ᠬᠡᠳᠦᠭᠦᠯᠡ ᠪᠡᠨ ᠭᠡᠷ ᠲᠦ᠍ ᠪᠡᠨ ᠪᠠᠢᠬᠤ ᠳ᠋ᠤ᠌ ᠪᠠᠨ ᠪᠢᠴᠢᠬᠠᠨ ᠳᠡᠭᠦᠦ ᠨᠠᠷ ᠵᠢᠨᠨ ᠬᠡᠷᠬᠢᠨ ᠠᠶᠤᠯ ᠦᠭᠡᠢ ᠪᠠᠢᠯᠭᠠᠬᠤ ᠲᠠᠯ᠎ᠠ ᠪᠠᠷ ᠶᠠᠷᠢᠵᠠᠭᠠᠶ᠎ᠠ
ᠲᠤᠩᠬᠤ᠄ ᠵᠠ!  ᠣᠢᠯᠠᠭᠠᠯ᠎ᠠ᠃
ᠮᠠᠽᠠ᠄ ᠮᠠᠨ  ᠤ᠋ ᠳᠡᠭᠦᠦ ᠨᠠᠷ ᠰᠠᠷᠮᠠᠭᠴᠢᠨ ᠰᠢᠭ᠋ ᠬᠤᠷᠳᠤ ᠲᠠᠢ ᠠᠪᠠᠷᠢᠬᠤ ᠭᠡᠳ ᠪᠠᠢᠳᠠᠭ ᠰᠢᠦ ᠴᠣᠩᠬᠣᠨ  ᠤ᠋ ᠲᠠᠪᠴᠠᠩ ᠤᠷᠤᠭᠤ᠃
ᠮᠥᠩᠬᠡ᠄ ᠴᠣᠩᠬᠣ ᠣᠩᠭᠣᠷᠬᠠᠢ ᠦᠶ᠎ᠡ ᠳ᠋ᠦ᠍ ᠠᠶᠤᠯ ᠲᠠᠢ᠂ ᠲᠡᠢᠮᠦ ᠠ᠋?
ᠮᠠᠽᠠ᠄ ᠶᠠᠭ ᠵᠥᠪ᠂ ᠲᠡᠢᠮᠦ ᠪᠣᠯᠬᠣᠷ ᠳᠡᠭᠦᠦ ᠨᠠᠷ ᠢᠶᠠᠨ ᠴᠣᠩᠬᠣ ᠤᠷᠤᠭᠤ ᠠᠪᠠᠷᠢᠬᠤ ᠦᠭᠡᠢ ᠪᠠᠢᠬᠤ ᠶᠢ ᠪᠠᠢᠩᠭᠤ ᠰᠠᠨᠠᠭᠤᠯᠤᠭᠠᠷᠠᠢ᠃
ᠮᠥᠩᠬᠡ᠄ ok(ᠵᠠ ᠲᠡᠭᠡᠶ᠎ᠡ)
ᠮᠠᠽᠠ᠄ ᠳᠡᠭᠦᠦ ᠨᠠᠷ ᠮᠠᠨᠢ ᠴᠤ᠌ ᠶᠡᠬᠡ ᠰᠣᠨᠢᠭᠤᠴᠢ ᠳᠠ᠂ ᠶᠠᠩᠵᠤ ᠪᠦᠷᠢ ᠵᠢᠨ ᠵᠦᠢᠯ ᠣᠷᠣᠯᠳᠣᠬᠤ ᠭᠡᠳ ᠪᠠᠢᠳᠠᠭ ᠰᠢᠦ ᠳᠡ᠂ ᠫᠢᠯᠢᠲ(ᠵᠤᠤᠬ᠎ᠠ) ᠪᠠᠨ ᠠᠰᠠᠭᠠᠭᠠᠳ᠂ ᠮᠠᠷᠲᠠᠴᠢᠬᠠᠬᠤ ᠭᠡᠳ ᠪᠠᠢᠳᠠᠭ ᠲᠣᠬᠢᠶᠠᠯᠳᠤᠯ ᠭᠠᠷᠳᠠᠭ ᠰᠢᠦ ᠳᠡ᠃
ᠲᠤᠩᠬᠤ᠄ ᠭᠠᠯ ᠊ᠤᠨ ᠠᠶᠤᠯ ᠲᠠᠢ᠂ ᠲᠡᠢᠮᠦ?
ᠮᠠᠽᠠ᠄ ᠶᠠᠭ ᠵᠥᠪ᠂ ᠲᠡᠢᠮᠦ ᠪᠣᠯᠬᠣᠷ ᠳᠡᠭᠦᠦ ᠨᠠᠷ ᠵᠢᠠᠨ ᠴᠠᠬᠢᠯᠭᠠᠨ ᠬᠡᠷᠡᠭᠰᠡᠯ  ᠦ᠋ᠳ ᠡᠴᠡ ᠬᠣᠯᠠ ᠪᠠᠢᠯᠭᠠᠭᠠᠷᠠᠢ᠃
ᠲᠤᠩᠬᠤ᠄ ok(ᠵᠠ ᠲᠡᠭᠡᠶ᠎ᠡ)
ᠮᠠᠽᠠ᠄ ᠪᠢᠴᠢᠬᠠᠨ ᠳᠡᠭᠦᠦ ᠨᠠᠷ ᠮᠢᠨᠢ ᠭᠢᠯᠠᠯᠵᠠᠭᠰᠠᠨ ᠥᠩᠭᠡᠯᠢᠭ ᠶᠠᠩᠵᠤ ᠵᠢᠨ ᠪᠦᠷᠢ ᠵᠢᠨ ᠵᠦᠢᠯ ᠪᠠᠷᠢᠭᠠᠳ ᠭᠦᠶᠦᠳᠡᠭ ᠰᠢᠦ ᠳᠡ᠃
ᠴᠠᠰᠤᠬᠠᠨ᠄ ᠲᠡᠭᠡᠳᠡᠭ ᠰᠢᠦ᠃
ᠮᠠᠽᠠ᠄ ᠵᠠᠷᠢᠮ ᠨᠢᠭᠡ ᠭᠢᠯᠠᠯᠵᠠᠭᠰᠠᠨ ᠵᠦᠢᠯ ᠢ ᠨᠢ ᠬᠠᠷᠠ ᠳᠠ᠂ ᠳᠡᠭᠦᠦ ᠨᠠᠷ ᠲᠦ᠍ ᠪᠡᠨ ᠬᠤᠷᠴᠠ ᠢᠷ ᠲᠠᠢ ᠵᠦᠢᠯ ᠪᠠᠷᠢᠭᠤᠯᠵᠤ ᠣᠭᠲᠣᠬᠠᠨ ᠴᠤ᠌ ᠪᠣᠯᠬᠤ ᠦᠭᠡᠢ ᠰᠢᠦ᠃
ᠴᠠᠰᠤᠬᠠᠨ᠄ok(ᠵᠠ ᠲᠡᠭᠡᠶ᠎ᠡ)᠃
ᠮᠠᠽᠠ᠄ ᠬᠥᠭᠡᠷᠦᠬᠦᠨ ᠳᠡᠭᠦᠦ ᠨᠠᠷ ᠮᠢᠨᠢ ᠶᠠᠭᠤ ᠬᠠᠯᠠᠭᠤᠨ ᠪᠠᠢᠭ᠎ᠠ᠂ ᠶᠠᠭᠤ ᠵᠦᠭᠡᠷ ᠪᠠᠢᠭ᠎ᠠ ᠵᠢ ᠮᠡᠳᠡᠬᠦ ᠦᠭᠡᠢ ᠰᠢᠦ ᠳᠡ᠂ ᠲᠡᠭᠡᠬᠦ ᠪᠡᠷ᠁
ᠪᠠᠰᠠᠷ᠄ ᠬᠠᠯᠠᠭᠤᠨ ᠵᠤᠤᠬ᠎ᠠ ᠬᠠᠯᠠᠭᠤᠨ ᠲᠣᠭᠣᠭᠠᠨ ᠠ᠋ᠴᠠ ᠬᠣᠯᠠ ᠪᠠᠢᠯᠭᠠᠬᠤ ᠬᠡᠷᠡᠭᠲᠡᠢ᠃
ᠮᠠᠽᠠ᠄ ᠶᠠᠭ ᠵᠥᠪ᠃ᠳᠡᠭᠦᠦ ᠨᠠᠷ ᠵᠢᠨᠨ ᠭᠡᠨᠡᠳᠲᠡ ᠵᠢᠨ ᠠᠶᠤᠯ ᠣᠰᠣᠯ ᠠ᠋ᠴᠠ ᠬᠠᠮᠠᠭᠠᠯᠠᠵᠤ ᠪᠠᠢᠭᠠᠷᠠᠢ ᠨᠠᠢᠵᠠ ᠨᠤᠭᠤᠳ ᠠ᠋᠂ ᠲᠠ ᠨᠠᠷ ᠮᠢᠨᠢ ᠰᠠᠢᠨ ᠬᠠᠮᠠᠭᠠᠯᠠᠳᠠᠭ ᠪᠣᠯᠬᠣᠷ ᠰᠦᠫᠸᠷ ᠬᠦᠴᠦᠲᠡᠨ ᠨᠥᠬᠥᠳ ᠰᠢᠦ ᠳᠡ᠂ ᠬᠡ ᠬᠡ ᠬᠡ
ᠪᠦᠭᠦᠳᠡᠭᠡᠷ ᠄ ᠪᠠᠶᠠᠷᠯᠠᠯ᠎ᠠ ᠰᠫᠣᠷᠲ ᠮᠠᠽᠠ!

   ᠦᠰᠦᠭ ᠢ᠋ ᠨᠢ ᠠᠮᠢᠯᠠᠭᠤᠯᠵᠤ ᠬᠠᠲᠠᠭᠰᠠᠨ ᠬᠥᠮᠦᠨ : ᠾᠦᠩ ᠸᠧᠢ
   ᠬᠢᠨᠠᠯᠲᠠ ᠬᠢᠭᠰᠡᠨ ᠬᠥᠮᠦᠰ᠄ ᠱᠤᠳᠤᠷᠭᠤ᠂ ᠬᠠᠨᠳᠠ(ᠮᠣᠩᠭᠣᠯ ᠤᠯᠤᠰ)᠂ ᠨᠤᠮᠤᠴᠢᠨ ᠪᠢᠯᠢᠭ᠃