ᠮᠥᠩᠬᠡ ᠲᠤᠩᠬᠤ 4-07Мөнх ТунхMunkh Tunkh
ᠮᠥᠩᠬᠡ ᠲᠤᠩᠬᠤ ᠳᠥᠷᠪᠡᠳᠦᠭᠡᠷ ᠤᠯᠠᠷᠢᠯ ᠤ᠋ᠨ ᠳᠣᠯᠣᠳᠤᠭᠠᠷ ᠠᠩᠭᠢ
ᠮᠥᠩᠬᠡ᠄ ᠳ᠋ᠤᠷᠤᠨ ᠳ᠋ᠤᠷᠤᠨ᠁ ᠳ᠋ᠤᠷᠤᠷᠠᠨ᠂ ᠳ᠋ᠤᠷᠤᠨ ᠳ᠋ᠤᠷᠤᠨ᠁ ᠳ᠋ᠤᠷᠤᠷᠠᠨ᠂ ᠳ᠋ᠤᠷᠤᠨ ᠳ᠋ᠤᠷᠤᠨ᠁ ᠳ᠋ᠤᠷᠤᠷᠠᠨ᠃ ᠳᠣᠣᠷ᠎ᠠ ᠠ᠋ᠴᠠ ᠨᠢ ᠬᠠᠪᠠᠭᠠᠳ ᠬᠢᠪᠡᠯ ᠳᠣᠭᠣᠭᠢ ᠪᠣᠯᠤᠨ᠎ᠠ᠃ ᠳᠡᠭᠡᠷ᠎ᠡ ᠡᠴᠡ ᠨᠢ ᠳᠡᠮᠨᠡᠭᠡᠳ ᠬᠢᠪᠡᠯ ᠳᠡᠭᠡᠷ᠎ᠡ ᠪᠣᠯᠤᠨ᠎ᠠ᠂ ᠬᠡ ᠬᠠ ᠬᠠ᠃
ᠠᠷᠸ᠎ᠠ᠄ ᠬᠡ ᠬᠡ᠂ ᠵᠠ ᠠᠬ᠎ᠠ ᠨᠢ ᠤᠤᠭᠤᠬᠤ ᠶᠠᠭᠤᠮ᠎ᠠ ᠬᠢᠭᠡᠳ ᠢᠷᠡᠶ᠎ᠡ᠃ ᠮᠢᠨᠦ ᠳᠡᠭᠦᠦ ᠦᠷᠭᠦᠯᠵᠢᠯᠡᠭᠦᠯᠦᠭᠡᠳ ᠶᠠᠭᠤᠮ᠎ᠠ ᠪᠠᠨ ᠬᠢ ᠳᠡ᠃
ᠮᠥᠩᠬᠡ᠄ ok(ᠵᠠ) ᠡᠨᠡ ᠬᠡᠰᠡᠭ ᠢ᠋ ᠡᠨᠳᠡ ᠨᠢ ᠬᠣᠯᠪᠣᠴᠢᠬᠠᠪᠠᠯ᠁
ᠲᠤᠩᠬᠤ᠄ ᠵᠠ ᠦᠯᠢᠭᠡᠷ ᠢ᠋ᠶ᠋ᠡᠷ ᠠᠶᠠᠯᠠᠴᠢᠬᠠᠬᠤ ᠤᠤ ᠳᠠ ᠪᠦᠭᠦᠳᠡᠭᠡᠷ ᠢ᠋ᠶ᠋ᠡᠨ᠃
ᠠᠷᠸ᠎ᠠ: ᠴᠢᠱ᠌ᠢ᠂ ᠮᠥᠩᠬᠡ ᠨᠢ ᠪᠦᠷ ᠶᠠᠩᠵᠤ ᠶ᠋ᠢᠨ ᠲᠥᠪᠯᠡᠷᠡᠴᠢᠬᠡᠭᠰᠡᠨ ᠶᠠᠭᠤᠮ᠎ᠠ ᠬᠢᠵᠦ ᠪᠠᠢᠨ᠎ᠠ᠃
ᠲᠤᠩᠬᠤ᠄ ᠫᠥᠬᠥ᠂ ᠲᠡᠢᠮᠦ ᠤᠤ?
ᠠᠷᠸ᠎ᠠ᠄ ᠠ ᠬᠠ᠂ ᠬᠡᠳᠦᠭᠦᠯᠡ ᠪᠡᠨ ᠳᠡᠭᠡᠭᠰᠢ ᠪᠡᠨ ᠭᠠᠷᠴᠤ ᠬᠣᠭᠣᠯᠠ ᠬᠢᠴᠢᠬᠡᠬᠦ ᠤᠤ?ᠡᠰᠡᠬᠦᠯ᠎ᠡ ᠮᠢᠨᠦ ᠳᠡᠭᠦᠦ ᠮᠥᠩᠬᠡ ᠲᠡᠢ ᠪᠡᠨ ᠬᠠᠮᠲᠤ ᠶᠠᠭᠤᠮ᠎ᠠ ᠵᠣᠬᠢᠶᠠᠨ ᠪᠦᠲᠦᠭᠡᠮᠡᠷ ᠪᠠᠢᠨ᠎ᠠ ᠤᠤ? ᠥᠪᠡᠷ ᠢ᠋ᠶ᠋ᠡᠨ ᠯᠡ ᠮᠡᠳᠡ᠃
ᠲᠤᠩᠬᠤ᠄ ᠵᠣᠬᠢᠶᠠᠨ ᠪᠦᠲᠦᠭᠡᠬᠦ ᠴᠦ᠍ ᠰᠣᠨᠢᠷᠬᠠᠯᠲᠠᠢ ᠯᠠ ᠳᠠ᠂ ᠭᠡᠬᠦ ᠳ᠋ᠦ᠍ ᠪᠡᠨ ᠶᠠᠭ ᠣᠳᠣᠬᠠᠨ ᠳ᠋ᠤ᠌ ᠪᠠᠨ ᠬᠣᠭᠣᠯᠠ ᠢᠯᠡᠭᠦᠦ ᠰᠣᠨᠣᠰᠳᠠᠵᠤ ᠪᠠᠢᠨ᠎ᠠ᠂ ᠬᠡ ᠬᠡ ᠬᠡ
ᠠᠷᠸ᠎ᠠ᠄ ᠵᠠ ᠲᠡᠭᠡᠪᠡᠯ ᠪᠦᠭᠦᠳᠡᠭᠡᠷ ᠢ᠋ᠶ᠋ᠡᠨ ᠳᠡᠭᠡᠭᠰᠢ ᠪᠡᠨ ᠭᠠᠷᠴᠠᠭᠠᠶ᠎ᠠ᠂ ᠴᠢᠱ᠌ᠢ᠃
ᠲᠤᠩᠬᠤ᠄ ᠬᠡ ᠬᠡ᠂ ᠠᠷᠸ᠎ᠠ ᠠᠬ᠎ᠠ ᠠ᠋᠂ ᠮᠠᠨ ᠤ ᠮᠥᠩᠬᠡ ᠨᠢᠭᠡ ᠲᠥᠪᠯᠡᠷᠡᠴᠢᠬᠡᠭᠰᠡᠨ ᠪᠠᠢᠪᠠᠯ᠂ ᠪᠢᠳᠡ ᠨᠠᠷ ᠢ ᠪᠠᠷᠤᠭ ᠯᠠ ᠰᠣᠨᠣᠰᠬᠤ ᠦᠭᠡᠢ᠂ ᠬᠡ ᠬᠡ ᠬᠡ
ᠠᠷᠸ᠎ᠠ᠄ ᠲᠡᠢᠮᠦ ᠤᠤ?
ᠲᠤᠩᠬᠤ᠄ ᠳ᠋ᠠᠬᠢ᠂ ᠲᠠ ᠬᠠᠷ᠎ᠠ ᠳᠠ᠂ ᠥᠩ᠂ ᠵᠠ ᠪᠢᠳᠡ ᠨᠠᠷ ᠦᠯᠢᠭᠡᠷ ᠤᠷᠤᠭᠤ ᠪᠠᠨ ᠠᠶᠠᠯᠠᠭᠠᠳ ᠢᠷᠡᠶ᠎ᠡ ᠳᠠ᠂ ᠮᠥᠩᠬᠡ ᠴᠢ ᠲᠡᠭᠡᠭᠡᠳ ᠰᠠᠢᠨ ᠰᠠᠭᠤᠵᠤ ᠪᠠᠢᠭᠠᠷᠠᠢ!
ᠮᠥᠩᠬᠡ: ᠰᠠᠢᠨ ᠰᠠᠭᠤᠨ᠎ᠠ ᠭᠡᠳᠡᠭ ᠴᠢᠨᠢ ᠤᠴᠢᠷ ᠲᠠᠢ ᠶᠤᠮ ᠰᠢᠦ ᠳᠡ᠂ ᠤᠴᠢᠷ ᠭᠡᠳᠡᠭ ᠴᠢᠨᠢ ᠵᠠᠩᠴᠢᠨ ᠲᠠᠢ ᠶᠤᠮ ᠰᠢᠦ ᠳᠡ᠃ ᠥᠩ᠃
ᠠᠷᠸ᠎ᠠ᠄ ᠬᠡ ᠬᠡ ᠬᠡ᠂ ᠶᠠᠮᠠᠷ ᠬᠥᠭᠡᠷᠦᠬᠦᠨ ᠶᠦ᠍ᠮ ᠪᠣᠢ? ᠵᠠ᠂ ᠪᠢ ᠨᠢᠭᠡ ᠲᠡᠭᠡᠪᠡᠯ ᠲᠤᠷᠰᠢᠭᠠᠳ ᠦᠵᠡᠶ᠎ᠡ᠂ ᠵᠠ᠂ ᠪᠢ ᠲᠤᠩᠬᠤ ᠳ᠋ᠤ᠌ ᠰᠢᠨ᠎ᠡ ᠰᠦᠫᠸᠷ ᠷᠤᠪᠡᠲ᠋ᠤᠨ ᠬᠤᠪᠴᠠᠰᠤ ᠬᠢᠵᠦ ᠥᠭᠬᠦ ᠪᠡᠷ ᠶᠠᠪᠤᠯ᠎ᠠ ᠰᠢᠦ᠂ ᠵᠥᠪᠬᠡᠨ ᠲᠤᠩᠬᠤ ᠳ᠋ᠤ᠌᠃
ᠮᠥᠩᠬᠡ᠄ ᠲᠤᠩᠬᠤ ᠳ᠋ᠤ᠌ ᠮᠠᠨᠢ ᠷᠤᠪᠡᠲ ᠬᠤᠪᠴᠠᠰᠤ ᠬᠡᠷᠡᠭᠲᠡᠢ ᠰᠢᠦ᠂ ᠷᠤᠪᠡᠲ ᠭᠡᠳᠡᠭ ᠴᠢᠨᠢ ᠤᠴᠢᠷ ᠵᠠᠩᠴᠢᠨ ᠲᠠᠢ ᠶᠤᠮ ᠰᠢᠦ ᠳᠡ᠃ ᠵᠠᠩᠴᠢᠨ ᠭᠡᠳᠡᠭ ᠴᠢᠨᠢ ᠶᠠᠭᠤ ᠪᠢᠯᠡ?
ᠠᠷᠸ᠎ᠠ᠄ ᠬᠡ ᠬᠠ ᠬᠠ᠂ ᠰᠠᠢᠨ ᠲᠥᠪᠯᠡᠷᠡᠵᠦ ᠪᠠᠢᠨ᠎ᠠ ᠰᠢᠦ᠃
ᠲᠤᠩᠬᠤ᠄ ᠬᠡ ᠬᠡ᠂ ᠬᠠᠷᠢᠨ ᠳᠠ᠃
ᠠᠷᠸ᠎ᠠ᠄ ᠵᠠ ᠬᠡᠳᠦᠭᠦᠯᠡ ᠪᠠᠨ ᠳᠡᠭᠡᠭᠰᠢ ᠪᠡᠨ ᠭᠠᠷᠴᠤ ᠬᠣᠭᠣᠯᠠ ᠬᠢᠵᠡᠭᠡᠶ᠎ᠡ᠃
ᠠᠷᠸ᠎ᠠ᠄ ᠲᠤᠩᠬᠤ ᠠ᠋᠂ ᠮᠢᠨᠦ ᠳᠡᠭᠦᠦ ᠶᠡᠷᠦ ᠨᠢ ᠶᠠᠮᠠᠷ ᠮᠡᠷᠭᠡᠵᠢᠯ ᠲᠡᠢ ᠬᠥᠮᠦᠨ ᠪᠣᠯᠤᠨ᠎ᠠ ᠭᠡᠵᠦ ᠪᠣᠳᠣᠳᠠᠭ ᠪᠣᠢ?
ᠲᠤᠩᠬᠤ᠄ ᠥᠩ᠁
ᠠᠷᠸ᠎ᠠ᠄ ᠡᠢᠮᠦ ᠮᠡᠷᠭᠡᠵᠢᠯ ᠲᠡᠢ ᠬᠥᠮᠦᠨ ᠪᠣᠯᠤᠨ᠎ᠠ᠂ ᠡᠰᠡᠬᠦᠯ᠎ᠡ ᠲᠡᠢᠮᠦ ᠬᠥᠮᠦᠨ ᠪᠣᠯᠤᠨ᠎ᠠ ᠭᠡᠵᠦ ᠶᠡᠷᠦ ᠨᠢ ᠪᠣᠳᠣᠳᠠᠭ ᠤᠤ?
ᠲᠤᠩᠬᠤ᠄ ᠥᠩ᠂ ᠬᠥᠮᠦᠨ ᠳ᠋ᠦ᠍ ᠬᠡᠷᠡᠭᠲᠡᠢ ᠯᠡ ᠬᠥᠮᠦᠨ ᠪᠣᠯᠤᠨ᠎ᠠ ᠭᠡᠵᠦ ᠪᠣᠳᠣᠳᠠᠭ ᠳᠠ!
ᠠᠷᠸ᠎ᠠ᠄ ᠬᠡ ᠬᠠ ᠬᠠ
ᠲᠤᠩᠬᠤ᠄ ᠬᠡ ᠬᠡ᠂ ᠨᠡᠭᠡᠷᠡᠨ ᠪᠢ ᠬᠡᠳᠦ ᠬᠡᠳᠦᠨ ᠭᠣᠶᠣ ᠮᠡᠷᠭᠡᠵᠢᠯ ᠪᠣᠳᠣᠭᠰᠠᠨ ᠠ᠋᠃
ᠠᠷᠸ᠎ᠠ᠄ ᠠ ᠵᠠ! ᠠᠬ᠎ᠠ ᠳ᠋ᠤ᠌ ᠪᠠᠨ ᠭᠣᠶᠣ ᠶᠠᠷᠢᠵᠤ ᠥᠭᠭᠦᠭᠴᠢ᠃
ᠮᠥᠩᠬᠡ᠄ ᠵᠠ ᠶᠠᠭ᠂ ᠡᠭᠦᠨ ᠡᠴᠡ ᠡᠨᠳᠡ ᠬᠣᠯᠪᠣᠭᠠᠳ᠂ ᠠ! ᠡᠭᠦᠨ ᠢ᠋ᠶ᠋ᠡᠷ ᠨᠢ ᠭᠠᠷᠭᠠᠭᠠᠳ ᠢᠷᠡᠪᠡᠯ᠂ ᠶᠠᠭᠠᠬᠢᠳᠠᠭ ᠪᠣᠯ ᠳᠠ? ᠵᠠ᠂ ᠲᠤᠭ(ᠴᠠᠬᠢᠯᠭᠠᠨ) ᠥᠭᠭᠦᠭᠡᠳ ᠦᠵᠡᠳᠡᠭ ᠶᠦ᠍ᠮ ᠤᠤ? ᠥᠩ᠂ ᠤ᠌ᠭ ᠨᠢ ᠪᠣᠯᠴᠢᠬᠠᠬᠤ ᠪᠠᠢᠬ᠎ᠠ ᠭᠡᠵᠦ ᠪᠣᠳᠣᠭᠰᠠᠨ ᠶᠤᠮ ᠳᠠ᠂ ᠵᠠ ᠪᠠᠢᠵᠠ᠂ youtube ᠡᠴᠡ ᠮᠡᠳᠡᠭᠡᠯᠡᠯ ᠠᠪᠳᠠᠭ ᠶᠤᠮ ᠤᠤ?How to build the drone(ᠳ᠋ᠤᠷᠤᠨ ᠢ᠋ ᠬᠡᠷᠬᠢᠨ ᠪᠦᠲᠦᠭᠡᠬᠦ ᠪᠣᠢ)᠂ youtube ᠳ᠋ᠦ᠍ ᠨᠡᠭᠡᠷᠡᠨ ᠪᠦᠬᠦ ᠶᠠᠭᠤᠮ᠎ᠠ ᠪᠠᠢᠬᠤ ᠶᠤᠮ ᠠ᠋᠂ ᠬᠡ ᠬᠡ
ᠮᠠᠽᠠ᠄ ᠵᠠ ᠰᠠᠢᠨ ᠤᠤ ᠨᠠᠢᠵᠠ ᠨᠤᠭᠤᠳ ᠠ᠋᠂ ᠪᠦᠭᠦᠳᠡ ᠳ᠋ᠦ᠍ ᠨᠢ ᠡᠳᠦᠷ ᠦ᠋ᠨ ᠮᠡᠨᠳᠦ ᠬᠦᠷᠭᠡᠶ᠎ᠡ ᠃ ᠵᠠ᠂ ᠮᠠᠨ ᠤ᠋ ᠬᠢᠨ ᠠ᠋᠂ ᠶᠠᠭᠠᠬᠢᠵᠤ ᠥᠪᠡᠷ ᠦ᠋ᠨ ᠭᠡᠰᠡᠨ Digiyal (ᠲᠣᠭᠠᠴᠢᠯᠠᠭᠰᠠᠨ) ᠳ᠋ᠤᠷᠤᠨ ᠢ᠋ᠶ᠋ᠠᠨ ᠬᠡᠷᠬᠢᠨ ᠪᠦᠲᠦᠭᠡᠬᠦ ᠲᠠᠯ᠎ᠠ ᠪᠠᠷ ᠪᠢᠴᠢᠯᠭᠡ ᠪᠡᠨ ᠬᠤᠪᠢᠶᠠᠯᠴᠠᠵᠤ ᠪᠠᠢᠨ᠎ᠠ᠃
ᠮᠥᠩᠬᠡ᠄ ᠠ ᠵᠠ!
ᠮᠠᠽᠠ᠄ ᠵᠠ ᠲᠠ ᠨᠠᠷ ᠮᠠᠨᠢ ᠪᠢᠴᠢᠯᠭᠡ ᠡᠬᠢᠯᠡᠬᠦ ᠡᠴᠡ ᠡᠮᠦᠨ᠎ᠡ Leak Subscribe(ᠨᠡᠪᠲᠡᠷᠡᠭᠰᠡᠨ ᠢ᠋ᠶ᠋ᠡᠨ ᠪᠦᠷᠢᠳᠬᠡᠭᠦᠯᠬᠦ) ᠪᠡᠨ ᠳᠠᠷᠤᠬᠤ ᠪᠠᠨ ᠪᠢᠲᠡᠭᠡᠢ ᠮᠠᠷᠲᠠᠭᠠᠷᠠᠢ᠂ ᠮᠥᠨ ᠮᠢᠨᠦ ᠰᠢᠨ᠎ᠡ ᠪᠦᠲᠦᠭᠡᠭᠳᠡᠬᠦᠨ ᠪᠣᠯᠬᠤ ᠮᠠᠽᠠ ᠰᠠᠢᠪᠲ ᠮᠠᠽᠠ ᠪᠠᠨ ᠠᠪᠤᠭᠠᠷᠠᠢ᠃
ᠮᠥᠩᠬᠡ᠄ ᠬᠡ ᠬᠠ ᠬᠠ᠂ ᠶᠣ᠂ ᠪᠢᠴᠢᠯᠭᠡ ᠪᠡᠨ ᠦᠵᠡᠵᠦ ᠯᠡ ᠶᠦ᠍ᠮ ᠰᠠᠨ ᠵᠠ!
ᠲᠤᠩᠬᠤ᠄ ᠲᠡᠭᠡᠭᠡᠳ ᠡᠮᠴᠢ ᠪᠣᠯᠪᠠᠯ ᠭᠣᠶᠣ ᠪᠠᠢᠬ᠎ᠠ ᠳᠠ ᠭᠡᠵᠦ ᠪᠢ ᠪᠣᠳᠣᠳᠠᠭ ᠠ᠋᠃
ᠠᠷᠸ᠎ᠠ᠄ ᠸᠠ ᠧᠦ᠂ ᠰᠠᠢᠬᠠᠨ ᠮᠡᠷᠭᠡᠵᠢᠯ ᠰᠢᠦ᠃
ᠲᠤᠩᠬᠤ᠄ ᠬᠠᠷᠢᠨ ᠳᠠ᠂ ᠬᠥᠮᠦᠨ ᠦ᠌ ᠲᠤᠰᠠ ᠪᠣᠯᠤᠭᠠᠳ ᠯᠠ᠂ ᠬᠥᠮᠦᠨ ᠦ᠌ ᠠᠮᠢ ᠠᠪᠤᠷᠠᠭᠠᠳ ᠯᠠ᠁ ᠠᠢ ᠬᠠᠯᠴᠠᠭᠠᠢ!
ᠠᠷᠸ᠎ᠠ᠄ ᠳᠡᠭᠡᠯ ᠦᠭᠡᠢ ᠶᠠᠭᠠᠬᠢᠬᠤᠪ᠂ ᠭᠡᠬᠦ ᠳ᠋ᠦ᠍ ᠪᠡᠨ ᠮᠡᠷᠭᠡᠵᠢᠯ ᠪᠣᠯᠭᠠᠨ ᠬᠥᠮᠦᠨ ᠳ᠋ᠦ᠍ ᠲᠤᠰᠠᠯᠠᠳᠠᠭ ᠭᠡᠳᠡᠭ ᠢ᠋ ᠮᠢᠨᠦ ᠳᠡᠭᠦᠦ ᠮᠡᠳᠡᠨ᠎ᠡ ᠪᠢᠵᠡ ᠳᠡ?
ᠲᠤᠩᠬᠤ᠄ ᠠ ᠬᠠ᠂ ᠮᠡᠳᠡᠨ᠎ᠡ᠃
ᠠᠷᠸ᠎ᠠ᠄ ᠲᠣᠭᠣᠭᠴᠢ ᠬᠥᠮᠦᠨ ᠭᠡᠬᠦ ᠳ᠋ᠦ᠍ ᠬᠥᠮᠦᠨ ᠬᠣᠭᠣᠯᠠᠯᠠᠵᠤ ᠲᠤᠰᠠ ᠪᠣᠯᠤᠨ᠎ᠠ᠂ᠢᠨᠵᠧᠨᠧᠷ ᠬᠥᠮᠦᠨ ᠦ᠌ ᠪᠦᠲᠦᠭᠡᠭᠰᠡᠨ ᠵᠦᠢᠯᠡᠰ ᠬᠥᠭᠵᠢᠯ ᠢᠷᠡᠭᠡᠳᠦᠢ ᠳ᠋ᠦ᠍ ᠲᠤᠰᠠ ᠪᠣᠯᠤᠨ᠎ᠠ᠂ ᠪᠠᠷᠢᠯᠭᠠᠴᠢᠨ ᠠᠮᠢᠳᠤᠷᠠᠬᠤ ᠣᠷᠣᠨ ᠰᠠᠭᠤᠴᠠ ᠶ᠋ᠢ ᠪᠠᠷᠢᠨ᠎ᠠ᠂ ᠬᠥᠭᠵᠢᠮᠴᠢᠨ ᠬᠥᠮᠦᠨ ᠬᠥᠮᠦᠰ ᠲᠦ᠍ ᠰᠡᠳᠬᠢᠯ ᠦ᠋ᠨ ᠠᠮᠤᠷ ᠠᠮᠤᠭᠤᠯᠠᠩ ᠢ᠋ ᠪᠡᠯᠡᠭᠯᠡᠬᠦ᠂ ᠵᠢᠷᠤᠭᠠᠴᠢ ᠬᠥᠮᠦᠨ ᠰᠢᠨᠵᠢᠯᠡᠭᠡ ᠮᠡᠳᠡᠷᠡᠮᠵᠢ ᠭᠠᠢᠬᠠᠯᠲᠠᠢ ᠵᠦᠢᠯᠡᠰ ᠦ᠋ᠨ ᠲᠥᠰᠦᠭᠡᠯᠡᠯ ᠢ᠋ ᠪᠦᠲᠦᠭᠡᠬᠦ᠂ ᠵᠢᠯᠣᠭᠣᠴᠢ ᠬᠥᠮᠦᠨ ᠬᠦᠰᠡᠭᠰᠡᠨ ᠭᠠᠵᠠᠷ ᠲᠤ᠌ ᠨᠢ ᠬᠦᠷᠭᠡᠬᠦ ᠭᠡᠳ ᠯᠡ᠂ ᠮᠡᠷᠭᠡᠵᠢᠯ ᠪᠣᠯᠭᠠᠨ ᠶᠡᠷᠦ ᠨᠢ ᠬᠥᠮᠦᠨ ᠳ᠋ᠦ᠍ ᠲᠤᠰᠠᠯᠠᠳᠠᠭ ᠶᠤᠮ ᠰᠢᠦ ᠳᠡ᠃
ᠲᠤᠩᠬᠤ᠄ ᠨᠡᠭᠡᠷᠡᠨ ᠲᠡᠢᠮᠦ ᠪᠠᠢᠨ᠎ᠠ ᠰᠢᠦ ᠃
ᠮᠥᠩᠬᠡ᠄ ᠥᠩ᠂ ᠵᠠ! ᠢᠩᠭᠢᠭᠡᠳ ᠪᠣᠯᠴᠢᠬᠠᠪᠠ ᠤᠤ ᠳᠠ?
ᠳ᠋ᠤᠷᠤᠨ᠄ ᠰᠦᠨ ᠦ᠌ ᠦᠨᠦᠷ ᠰᠢᠩᠭᠡᠭᠰᠡᠨ
ᠮᠥᠩᠬᠡ᠄ ᠥᠩ᠂ ᠬᠥᠶᠢ ᠳ᠋ᠤᠷᠤᠨ ᠮᠢᠨᠢ ᠶᠠᠷᠢᠵᠤ ᠪᠠᠢᠨ᠎ᠠ ᠤᠤ ᠳᠠ᠂ ᠰᠠᠢᠨ ᠤᠤ ᠰᠠᠢᠨ ᠤᠤ?
ᠳ᠋ᠤᠷᠤᠨ᠄ ᠠᠵᠢᠯ ᠳᠠ᠂ ᠬᠥᠮᠦᠨ ᠤᠶᠠᠩᠭᠠᠯᠠᠵᠤ ᠪᠠᠢᠬᠤ ᠳ᠋ᠤ᠌ ᠳᠠ᠃
ᠮᠥᠩᠬᠡ᠄ ᠸᠠ ᠧᠦ᠂ ᠠᠷᠸ᠎ᠠ ᠠᠬ᠎ᠠ ᠬᠠᠷᠠᠭᠠᠳ ᠭᠠᠢᠬᠠᠨ᠎ᠠ ᠳᠠ!
ᠳ᠋ᠤᠷᠤᠨ᠄ ᠠᠷᠸ᠎ᠠ ᠠᠬ᠎ᠠ ᠭᠡᠵᠦ ᠬᠡᠨ ᠪᠣᠢ?
ᠮᠥᠩᠬᠡ᠄ ᠬᠡ᠂ ᠮᠠᠨ ᠤ᠋ ᠵᠣᠬᠢᠶᠠᠨ ᠪᠦᠲᠦᠭᠡᠭᠴᠢ ᠠᠬ᠎ᠠ ᠮᠢᠨᠢ ᠪᠠᠢᠭ᠎ᠠ ᠶᠤᠮ ᠠ᠋᠃
ᠳ᠋ᠤᠷᠤᠨ᠄ ᠲᠡᠭᠡᠭᠡᠳ ᠠᠷᠸ᠎ᠠ ᠠᠬ᠎ᠠ ᠨᠠᠮ᠎ᠠ ᠶ᠋ᠢ ᠪᠦᠲᠦᠭᠡᠭᠰᠡᠨ ᠶᠦ᠍ᠮ ᠤᠤ?
ᠮᠥᠩᠬᠡ᠄ ᠦᠭᠡᠢ᠂ ᠪᠢ ᠪᠦᠲᠦᠭᠡᠭᠰᠡᠨ᠂ ᠭᠡᠬᠦ ᠳ᠋ᠦ᠍ ᠪᠡᠨ ᠠᠷᠸ᠎ᠠ ᠠᠬ᠎ᠠ ᠶ᠋ᠢᠨ ᠬᠢᠮᠡᠯ ᠣᠶᠤᠨ ᠤᠬᠠᠭᠠᠨ ᠤ᠋ ᠠᠵᠢᠯ ᠳᠡᠭᠡᠷ᠎ᠡ ᠨᠢ ᠰᠠᠭᠤᠷᠢᠯᠠᠵᠤ ᠬᠢᠭᠰᠡᠨ ᠪᠠᠢᠬᠤ ᠦᠭᠡᠢ ᠤᠤ᠃
ᠳ᠋ᠤᠷᠤᠨ᠄ ᠬᠢᠮᠡᠯ ᠣᠶᠤᠨ ᠤᠬᠠᠭᠠᠨ? ᠨᠠᠮ᠎ᠠ ᠶ᠋ᠢ ᠬᠢᠮᠡᠯ ᠣᠶᠤᠨ ᠤᠬᠠᠭᠠᠨ ᠭᠡᠵᠦ ᠪᠠᠢᠭ᠎ᠠ ᠶᠤᠮ ᠤᠤ?
ᠮᠥᠩᠬᠡ᠄ ᠬᠡ ᠬᠠ ᠬᠠ᠂ ᠥ᠂ ᠦᠭᠡᠢ ᠳᠡ!ᠵᠣᠬᠢᠶᠠᠨ ᠪᠦᠲᠦᠭᠡᠭᠰᠡᠨ ᠣᠶᠤᠨ ᠤᠬᠠᠭᠠᠨ ᠢ᠋ ᠲᠡᠭᠡᠵᠦ ᠨᠡᠷᠡᠯᠡᠳᠡᠭ ᠪᠠᠢᠬᠤ ᠦᠭᠡᠢ ᠤᠤ᠂ ᠴᠢ ᠬᠥᠮᠦᠨ ᠰᠢᠭ ᠰᠡᠳᠬᠢᠵᠦ᠂ ᠥᠪᠡᠷ ᠦ᠋ᠨ ᠰᠢᠢᠳᠪᠦᠷᠢ ᠪᠡᠨ ᠥᠪᠡᠷ ᠢ᠋ᠶ᠋ᠡᠨ ᠭᠠᠷᠭᠠᠬᠤ ᠴᠢᠳᠠᠪᠤᠷᠢ ᠲᠠᠢ ᠭᠡᠵᠦ ᠪᠣᠳᠣ ᠳᠠ᠃
ᠳ᠋ᠤᠷᠤᠨ᠄ ᠭᠦᠦᠭ᠂ ᠲᠡᠢᠮᠦ ᠤᠤ?
ᠮᠥᠩᠬᠡ᠄ ᠲᠡᠢᠮᠦ᠂ ᠶᠣ ᠬᠠ ᠬᠠ ᠂ ᠶᠠᠮᠠᠷ ᠭᠣᠶᠣ ᠶᠤᠮ ᠪᠣᠢ?
ᠳ᠋ᠤᠷᠤᠨ᠄ ᠥᠩ᠂ ᠮᠢᠨᠦ ᠵᠣᠷᠢᠯᠭ᠎ᠠ ᠶᠠᠭᠤ ᠪᠣᠢ?
ᠮᠥᠩᠬᠡ᠄ ᠡᠩ ᠠ᠂ ᠵᠣᠷᠢᠯᠭ᠎ᠠ ᠠ᠋?
ᠳ᠋ᠤᠷᠤᠨ᠄ ᠳᠥᠩᠭᠡᠵᠢ ᠯᠡ ᠣᠳᠣ ᠲᠣᠯᠣᠭᠠᠢ ᠳ᠋ᠤ᠌ ᠣᠷᠣᠵᠤ ᠢᠷᠡᠵᠦ ᠪᠠᠢᠭ᠎ᠠ ᠴᠤ᠌ ᠶᠠᠮᠠᠷ ᠨᠢᠭᠡᠨ ᠵᠦᠢᠯ ᠪᠣᠯᠭᠠᠨ ᠵᠣᠷᠢᠯᠭ᠎ᠠ ᠲᠠᠢ ᠪᠠᠢᠬᠤ ᠶᠣᠰᠣᠲᠠᠢ ᠪᠢᠰᠢ ᠤᠤ?
ᠮᠥᠩᠬᠡ᠄ ᠥᠩ᠂ ᠵᠣᠷᠢᠯᠭ᠎ᠠ ᠠ᠋?
ᠠᠷᠸ᠎ᠠ᠄ ᠨᠣᠭᠣᠭ᠎ᠠ ᠨᠢ ᠪᠡᠯᠡᠨ ᠤᠤ?
ᠲᠤᠩᠬᠤ᠄ ᠨᠣᠭᠣᠭ᠎ᠠ ᠨᠢ ᠳᠡᠮᠡᠢ ᠤᠳᠠᠬᠤ ᠦᠭᠡᠢ ᠪᠡᠯᠡᠨ ᠪᠣᠯᠤᠯ᠎ᠠ!
ᠠᠷᠸ᠎ᠠ᠄ ᠨᠣᠭᠣᠭ᠎ᠠ ᠲᠦᠷᠭᠡᠨ ᠪᠣᠯᠬᠤ ᠦᠭᠡᠢ ᠪᠣᠯ ᠮᠢᠬ᠎ᠠ ᠪᠦᠷᠢᠨ ᠪᠣᠯᠤᠭᠠᠳ ᠳᠠᠭᠤᠰᠬᠤ ᠨᠢ ᠳᠡ᠃
ᠲᠤᠩᠬᠤ᠄ ᠠᠶ᠎ᠠ᠂ ᠶᠠᠭᠠᠬᠢᠳᠠᠭ ᠶᠤᠮ ᠪᠢᠯᠡ ᠳᠠ᠃
ᠠᠷᠸ᠎ᠠ᠄ ᠵᠠ ᠶᠠᠮᠠᠷ ᠳᠣᠲᠣᠷ᠎ᠠ ᠨᠢ ᠣᠷᠣᠭᠠᠳ ᠭᠦᠶᠦᠯᠲᠡᠢ ᠶᠦ᠍ᠮ ᠪᠢᠰᠢ ᠳᠡ᠂ ᠬᠦᠯᠢᠶᠡᠶ᠎ᠡ᠃ ᠪᠠᠪᠠᠯᠲ ᠲᠠᠢ ᠵᠠᠪᠰᠠᠷᠯᠠᠭ᠎ᠠ᠃
ᠠᠷᠸ᠎ᠠ᠄ ᠪᠢ ᠪᠠᠭ᠎ᠠ ᠳ᠋ᠤ᠌ ᠪᠠᠨ ᠥᠪᠡᠷ ᠢ᠋ ᠪᠡᠨ ᠲᠣᠭᠣᠭᠠᠴᠢ ᠪᠣᠯᠤᠨ᠎ᠠ ᠭᠡᠵᠦ ᠪᠣᠳᠣᠳᠠᠭ ᠪᠠᠢᠭᠰᠠᠨ ᠶᠤᠮ᠃
ᠲᠤᠩᠬᠤ᠄ ᠭᠦᠦᠭ᠂ ᠲᠡᠢᠮᠦ ᠤᠤ?
ᠠᠷᠸ᠎ᠠ᠄ ᠠ ᠬᠠ᠂ ᠠᠬ᠎ᠠ ᠨᠢ ᠵᠢᠷᠤᠭᠲᠤ ᠪᠠᠷ ᠶᠠᠩᠵᠤ ᠪᠦᠷᠢ ᠶ᠋ᠢᠨ ᠣᠷᠣᠨ ᠤ᠋ ᠶᠠᠩᠵᠤ ᠪᠦᠷᠢ ᠶ᠋ᠢᠨ ᠬᠣᠭᠣᠯᠠ ᠬᠢᠬᠦ ᠶ᠋ᠢ ᠬᠠᠷᠠᠭᠠᠳ ᠯᠠ ᠡᠢᠮᠦ ᠬᠣᠭᠣᠯᠠ ᠬᠢᠳᠡᠭ ᠪᠣᠯᠬᠤ ᠶᠤᠮ ᠰᠠᠨ ᠳᠠ ᠭᠡᠵᠦ ᠪᠣᠳᠣᠳᠠᠭ ᠪᠠᠢᠭᠰᠠᠨ ᠶᠤᠮ᠃
ᠲᠤᠩᠬᠤ᠄ ᠲᠠ ᠭᠡᠬᠦ ᠳ᠋ᠦ᠍ ᠪᠡᠨ ᠬᠣᠭᠣᠯᠠ ᠭᠣᠶᠣ ᠬᠢᠳᠡᠭ ᠰᠢᠦ᠃
ᠠᠷᠸ᠎ᠠ᠄ ᠬᠡ ᠬᠡ᠂ ᠪᠠᠶᠠᠷᠯᠠᠯ᠎ᠠ!ᠬᠣᠭᠣᠯᠠ ᠪᠦᠲᠦᠭᠡᠬᠦ ᠨᠢ ᠪᠠᠰᠠ ᠵᠣᠬᠢᠶᠠᠨ ᠪᠦᠲᠦᠭᠡᠭᠴᠢ ᠶ᠋ᠢᠨ ᠠᠵᠢᠯ ᠭᠡᠵᠦ ᠪᠣᠳᠣᠳᠠᠭ ᠶᠤᠮ ᠳᠠ!
ᠲᠤᠩᠬᠤ᠄ ᠥᠩ᠃
ᠠᠷᠸ᠎ᠠ᠄ ᠠᠬ᠎ᠠ ᠨᠢ ᠶᠠᠩᠵᠤ ᠪᠦᠷᠢ ᠶ᠋ᠢᠨ ᠰᠢᠨ᠎ᠡ ᠲᠥᠬᠥᠭᠡᠷᠦᠮᠵᠢ ᠪᠦᠲᠦᠭᠡᠭᠡᠳ ᠬᠢᠬᠦ ᠳ᠋ᠦ᠍ ᠪᠡᠨ ᠴᠦ᠍ ᠭᠡᠰᠡᠨ ᠶᠠᠭ ᠬᠣᠭᠣᠯᠠ ᠬᠢᠵᠦ ᠪᠠᠢᠨ᠎ᠠ ᠭᠡᠵᠦ ᠬᠢᠬᠦ ᠳᠤᠷᠠᠲᠠᠢ᠃
ᠲᠤᠩᠬᠤ᠄ ᠫᠥᠬᠥ᠂ ᠭᠣᠶᠣ ᠶᠤᠮ ᠠ᠋᠃
ᠠᠷᠸ᠎ᠠ᠄ ᠮᠢᠨᠦ ᠳᠡᠭᠦᠦ ᠡᠮᠴᠢ ᠪᠣᠯᠬᠤ ᠪᠠᠷ ᠪᠦᠷᠢᠨ ᠰᠢᠢᠳᠴᠢᠬᠡᠭᠰᠡᠨ ᠤᠤ?
ᠲᠤᠩᠬᠤ᠄ ᠠ ᠬᠠ᠂ ᠡᠮᠴᠢ ᠪᠣᠯᠬᠤ ᠶᠤᠮ ᠪᠣᠯ ᠬᠥᠮᠦᠰ ᠲᠦ᠍ ᠲᠤᠰᠠᠯᠠᠭᠠᠳ ᠭᠣᠶᠣ ᠰᠢᠦ ᠳᠡ᠃
ᠠᠷᠸ᠎ᠠ᠄ ᠶᠣᠰᠣᠲᠠᠢ ᠮᠤᠨᠳᠠᠭ᠂ ᠬᠡᠷᠪᠡ ᠨᠢᠭᠡ ᠮᠡᠷᠭᠡᠵᠢᠯ ᠢ᠋ᠶ᠋ᠡᠨ ᠰᠣᠩᠭᠣᠪᠠᠯ ᠲᠡᠭᠦᠨ ᠦ᠌ ᠪᠡᠨ ᠲᠥᠯᠥᠭᠡ ᠪᠦᠬᠦ ᠬᠦᠴᠦᠨ ᠢ᠋ᠶ᠋ᠡᠨ ᠵᠣᠷᠢᠭᠤᠯᠵᠤ ᠪᠠᠢᠭᠠᠷᠠᠢ!
ᠲᠤᠩᠬᠤ᠄ ᠣᠢᠯᠠᠭᠠᠯ᠎ᠠ᠃
ᠠᠷᠸ᠎ᠠ᠄ ᠮᠡᠷᠭᠡᠵᠢᠯ ᠳ᠋ᠦ᠍ ᠪᠡᠨ ᠦᠨᠡᠨ ᠰᠡᠳᠬᠢᠯ ᠡᠴᠡ ᠪᠡᠨ ᠬᠠᠨᠳᠤᠵᠤ᠂ ᠮᠠᠰᠢ ᠶᠡᠬᠡ ᠴᠠᠭ ᠢ᠋ᠶ᠋ᠠᠨ ᠵᠠᠷᠤᠴᠠᠭᠤᠯᠵᠤ᠂ ᠤᠯᠠᠮ ᠮᠡᠷᠭᠡᠵᠢᠯ ᠦ᠋ᠨ ᠪᠣᠯᠬᠤ ᠨᠢ ᠶᠡᠬᠡ ᠴᠢᠬᠤᠯᠠ ᠶᠤᠮ ᠰᠢᠦ ᠳᠡ᠃
ᠲᠤᠩᠬᠤ᠄ ᠦ ᠬᠦ᠃
ᠠᠷᠸ᠎ᠠ᠄ ᠮᠢᠨᠦ ᠳᠡᠭᠦᠦ ᠴᠢᠳᠠᠨ᠎ᠠ᠂ ᠮᠤᠨᠳᠠᠭ ᠰᠢᠦ ᠳᠡ᠃
ᠲᠤᠩᠬᠤ᠄ ᠬᠡ ᠬᠡ᠂ ᠪᠠᠶᠠᠷᠯᠠᠯ᠎ᠠ!
ᠠᠷᠸ᠎ᠠ᠄ ᠮᠤᠨᠳᠠᠭ ᠪᠠᠢᠭᠠᠷᠠᠢ!
ᠲᠤᠩᠬᠤ᠄ ᠮᠤᠨᠳᠠᠭ ᠪᠠᠢᠭᠠᠷᠠᠢ᠂ ᠬᠡ ᠬᠡ
ᠮᠥᠩᠬᠡ᠄ ᠣᠮ ᠮᠠᠢ ᠣᠮ ᠦ᠂ ᠬᠡ ᠬᠡ᠂ᠵᠠ ᠶᠠᠭ᠃ ᠢᠩᠭᠢᠭᠡᠳ᠁
ᠳ᠋ᠤᠷᠤᠨ᠄ ᠬᠥᠥᠭ᠂ ᠴᠢ ᠨᠠᠮ᠎ᠠ ᠶ᠋ᠢ ᠨᠢᠰᠳᠡᠭ ᠪᠣᠯᠭᠠᠴᠢᠬᠠᠯᠠ᠃
ᠮᠥᠩᠬᠡ᠄ ᠬᠣᠶᠠᠭᠤᠯᠠ ᠪᠠᠨ ᠬᠦᠴᠦ ᠪᠡᠨ ᠨᠡᠢᠯᠡᠭᠦᠯᠦᠭᠡᠳ ᠢᠩᠭᠢᠵᠦ ᠬᠢᠯ᠎ᠡ ᠰᠢᠦ ᠳᠡ᠃
ᠳ᠋ᠤᠷᠤᠨ᠄ ᠲᠡᠭᠡᠯ᠎ᠡ᠃
ᠮᠥᠩᠬᠡ᠄ ᠠ ᠬᠠ᠂ ᠡᠨᠡ ᠴᠢᠨᠦ ᠵᠣᠷᠢᠯᠭ᠎ᠠ ᠶᠤᠮ ᠪᠠᠢᠨ᠎ᠠ᠃
ᠳ᠋ᠤᠷᠤᠨ᠄ ᠶᠠᠭᠤ ᠭᠡᠵᠦ? ᠶᠠᠭᠤ ᠮᠢᠨᠦ ᠵᠣᠷᠢᠯᠭ᠎ᠠ ᠭᠡᠵᠦ?
ᠮᠥᠩᠬᠡ᠄ ᠴᠢ ᠪᠢᠳᠡᠨ ᠦ᠌ ᠨᠠᠢᠵᠠ ᠪᠠᠢᠬᠤ ᠪᠠᠷ ᠪᠦᠲᠦᠭᠡᠭᠳᠡᠭᠰᠡᠨ ᠭᠡᠪᠡᠯ ᠴᠢᠮ᠎ᠠ ᠳ᠋ᠤ᠌ ᠶᠠᠮᠠᠷ ᠪᠠᠢᠨ᠎ᠠ?
ᠳ᠋ᠤᠷᠤᠨ᠄ ᠤᠭ ᠨᠢ ᠭᠣᠶᠣ ᠯᠠ ᠪᠠᠢᠨ᠎ᠠ᠂ ᠭᠡᠬᠦ ᠳ᠋ᠦ᠍ ᠪᠡᠨ ᠮᠢᠨᠦ ᠵᠠᠩ ᠴᠢᠨᠠᠷ ᠲᠠ ᠨᠠᠷ ᠲᠤ᠌ ᠲᠠᠭᠠᠯᠠᠭᠳᠠᠬᠤ ᠦᠭᠡᠢ ᠪᠣᠯ ᠶᠠᠭᠠᠬᠢᠬᠤ ᠪᠣᠢ?
ᠮᠥᠩᠬᠡ᠄ ᠬᠡ ᠬᠠ ᠬᠠ ᠬᠠ᠂ ᠲᠡᠭᠦᠨ ᠢ᠋ ᠴᠢᠨᠢ ᠨᠠᠢᠵᠠᠯᠠᠵᠤ ᠪᠠᠢᠵᠤ ᠮᠡᠳᠡᠨ᠎ᠡ ᠰᠢᠦ ᠳᠡ᠃ ᠪᠢ ᠨᠢᠭᠡ ᠵᠦᠢᠷ ᠰᠡᠴᠡᠨ ᠦᠭᠡ ᠰᠣᠨᠣᠰᠴᠤ ᠪᠠᠢᠭᠰᠠᠨ ᠶᠤᠮ᠃ ᠮᠣᠷᠢᠨ ᠤ᠋ ᠰᠠᠢᠨ ᠢ᠋ ᠤᠨᠤᠨ ᠪᠠᠢᠵᠤ ᠮᠡᠳᠡᠨ᠎ᠡ᠂ ᠨᠥᠬᠥᠷ ᠦ᠋ᠨ ᠰᠠᠢᠨ ᠢ᠋ ᠬᠠᠨᠢᠯᠠᠨ ᠪᠠᠢᠵᠤ ᠮᠡᠳᠡᠨ᠎ᠡ ᠭᠡᠳ᠃
ᠳ᠋ᠤᠷᠤᠨ᠄ ᠬᠥᠥᠭ᠂ ᠭᠣᠶᠣ ᠬᠡᠯᠡᠭᠰᠡᠨ ᠪᠠᠢᠨ᠎ᠠ ᠰᠢᠦ᠃
ᠮᠥᠩᠬᠡ᠄ ᠬᠡᠷᠪᠡ ᠪᠢᠳᠡ ᠨᠠᠷ ᠴᠢᠮ᠎ᠠ ᠳ᠋ᠤ᠌ ᠲᠠᠭᠠᠯᠠᠭᠳᠠᠪᠠᠯ᠂ ᠮᠥᠨ ᠴᠢ ᠪᠢᠳᠡᠨ ᠳ᠋ᠦ᠍ ᠲᠠᠭᠠᠯᠠᠭᠳᠠᠬᠤ ᠶᠤᠮ ᠪᠣᠯ ᠪᠦᠭᠦᠳᠡᠭᠡᠷ ᠢ᠋ᠶ᠋ᠡᠨ ᠨᠠᠢᠵᠠ ᠨᠤᠭᠤᠳ ᠪᠣᠯᠵᠤ ᠪᠣᠯᠬᠤ ᠶᠤᠮ ᠪᠠᠢᠨ᠎ᠠ ᠰᠢᠦ ᠳᠡ᠃
ᠳ᠋ᠤᠷᠤᠨ᠄ ᠨᠠᠳᠠ ᠠᠯᠢ ᠬᠡᠳᠦᠢᠨ ᠲᠠᠭᠠᠯᠠᠭᠳᠠᠭᠠᠳ ᠡᠬᠢᠯᠡᠯ᠎ᠡ᠂ ᠬᠡ ᠬᠡ ᠬᠡ
ᠮᠥᠩᠬᠡ᠄ ᠬᠡ ᠬᠠ ᠬᠠ᠂ ᠲᠡᠭᠡᠪᠡᠯ ᠮᠤᠨᠳᠠᠭ ᠰᠠᠢᠨ ᠨᠠᠢᠵᠠ ᠪᠠᠢᠬᠤ ᠨᠢ ᠴᠢᠨᠦ ᠵᠣᠷᠢᠯᠭ᠎ᠠ ᠰᠢᠦ᠃
ᠳ᠋ᠤᠷᠤᠨ᠄ ᠨᠠᠢᠵᠠ᠂ ᠵᠣᠷᠢᠯᠭ᠎ᠠ᠂ ᠥᠩ᠂ ᠰᠠᠢᠬᠠᠨ ᠰᠣᠨᠣᠰᠳᠠᠵᠤ ᠪᠠᠢᠨ᠎ᠠ᠃
ᠮᠥᠩᠬᠡ᠄ ᠬᠡ ᠬᠠ ᠬᠠ!
ᠠᠷᠸ᠎ᠠ᠄ ᠵᠠ! ᠮᠢᠨᠦ ᠳᠡᠭᠦᠦ ᠨᠠᠷ ᠭᠠᠷᠴᠤ ᠢᠷᠡᠵᠦ ᠬᠣᠭᠣᠯᠠ ᠪᠠᠨ ᠢᠳᠡᠭᠡᠷᠡᠢ᠃
ᠮᠥᠩᠬᠡ᠄ ᠶᠠ ᠶᠠ ᠶᠠᠩᠵᠤ ᠶ᠋ᠢᠨ ᠶᠦ᠍ᠮ᠂ ᠵᠠ ᠬᠣᠭᠣᠯᠠ ᠪᠣᠯᠴᠢᠬᠠᠭᠰᠠᠨ ᠪᠠᠢᠨ᠎ᠠ ᠭᠡᠨ᠎ᠡ᠂ ᠬᠠᠮᠲᠤ ᠣᠴᠢᠬᠤ ᠤᠤ?
ᠳ᠋ᠤᠷᠤᠨ᠄ ᠨᠠᠢᠵᠠ ᠨᠤᠭᠤᠳ ᠲᠠᠢ ᠪᠠᠨ ᠬᠠᠮᠲᠤ ᠬᠣᠭᠣᠯᠠ ᠢᠳᠡᠨ᠎ᠡ ᠭᠡᠵᠡᠢ ᠤᠤ? ᠬᠡ ᠬᠡ ᠬᠡ
ᠮᠥᠩᠬᠡ᠄ ᠲᠡᠢᠮᠦ᠂ ᠬᠠᠮᠲᠤ ᠳ᠋ᠤ᠌ ᠪᠠᠨ ᠢᠳᠡᠵᠡᠭᠡᠶ᠎ᠡ᠃
ᠳ᠋ᠤᠷᠤᠨ᠄ ᠲᠡᠭᠡᠶ᠎ᠡ!
ᠠᠷᠸ᠎ᠠ᠄ ᠵᠠ ᠥᠨᠥᠳᠥᠷ ᠦ᠋ᠨ ᠶᠡᠷᠦᠩᠬᠡᠢ ᠲᠣᠭᠣᠭᠠᠴᠢ ᠪᠠᠷ ᠲᠤᠩᠬᠤ᠃
ᠲᠤᠩᠬᠤ᠄ ᠬᠢ ᠬᠢ ᠬᠢ
ᠠᠷᠸ᠎ᠠ᠄ ᠲᠤᠰᠠᠯᠠᠬᠤ ᠲᠣᠭᠣᠭᠠᠴᠢ ᠪᠠᠷ ᠠᠷᠸ᠎ᠠ ᠮᠢᠨᠦ ᠪᠡᠶ᠎ᠡ ᠠᠵᠢᠯᠯᠠᠯ᠎ᠠ᠃
ᠲᠤᠩᠬᠤ᠄ ᠠᠷᠸ᠎ᠠ ᠠᠬ᠎ᠠ ᠪᠠᠷ ᠢ᠋ᠶ᠋ᠠᠨ ᠵᠢᠭᠠᠯᠭᠠᠵᠤ ᠪᠠᠢᠭᠠᠳ ᠬᠢᠯ᠎ᠡ ᠰᠢᠦ ᠳᠡ᠃
ᠠᠷᠸ᠎ᠠ᠄ ᠵᠠ ᠥᠨᠥᠳᠥᠷ ᠪᠦᠭᠦᠳᠡᠭᠡᠷ ᠢ᠋ᠶ᠋ᠡᠨGhibli Studio ᠶᠢᠨ Anime ᠳᠡᠭᠡᠷ᠎ᠡ ᠭᠠᠷᠳᠠᠭ ᠭᠠᠢᠬᠠᠯᠲᠠᠢ ᠬᠣᠭᠣᠯᠠᠨ ᠤ᠋ ᠡᠳᠦᠷᠯᠢᠭ ᠢ᠋ ᠬᠢᠬᠦ ᠪᠡᠷ ᠪᠣᠯᠤᠭᠰᠠᠨ ᠪᠠᠢᠭ᠎ᠠ᠃
ᠮᠥᠩᠬᠡ᠄ ᠠ᠂ ᠸᠠ ᠧᠦ!
ᠲᠤᠩᠬᠤ᠄ Ponyo ᠶᠢᠨ ᠠᠮᠲᠠᠲᠤ Ramen ᠃
ᠠᠷᠸ᠎ᠠ᠄Howl’s Moving Castle ᠶᠢᠨ ᠥᠷᠯᠥᠭᠡᠨ ᠦ᠌ ᠴᠠᠢ ᠶ᠋ᠢ ᠮᠥᠨ ᠬᠠᠮᠲᠤ ᠪᠡᠯᠡᠳᠬᠡᠯ᠎ᠡ᠃
ᠲᠤᠩᠬᠤ᠄Spirited Away ᠶᠢᠨ ᠠᠮᠲᠠᠲᠤ ᠪᠥᠮᠪᠥᠭᠡᠯᠢᠭ ᠦ᠋ᠨ ᠪᠤᠳᠠᠭ᠎ᠠ᠃
ᠠᠷᠸ᠎ᠠ᠄Kiki's Delivery Service ᠶᠢᠨ ᠮᠠᠢ ᠵᠢᠭᠠᠰᠤ ᠪᠣᠯᠤᠨ ᠬᠤᠯᠤ ᠶ᠋ᠢᠨ ᠪᠢᠯᠠᠤ᠃
ᠮᠥᠨ ᠲᠤᠩᠬᠤ ᠮᠠᠨᠢ ᠦᠯᠢᠭᠡᠷ ᠢ᠋ᠶ᠋ᠡᠷ ᠠᠶᠠᠯᠠᠬᠤ ᠳ᠋ᠤ᠌ ᠪᠠᠨ ᠠᠪᠴᠤ ᠶᠠᠪᠤᠬᠤ ᠪᠠᠷ ᠪᠡᠯᠡᠳᠦᠭᠰᠡᠨ ᠬᠣᠭᠣᠯᠠ ᠪᠠᠨ ᠦᠵᠡᠭᠦᠯᠦᠭᠡᠴᠢ᠃
ᠲᠤᠩᠬᠤ᠄ ᠮᠢᠨᠦ ᠬᠥᠷᠰᠢ Totoro ᠳᠡᠭᠡᠷ᠎ᠡ ᠭᠠᠷᠳᠠᠭ ᠬᠥᠭᠡᠷᠦᠬᠦᠨ ᠮᠣᠳᠣᠨ ᠰᠠᠪᠠ ᠲᠠᠢ ᠬᠣᠭᠣᠯᠠ ᠶ᠋ᠢ ᠠᠪᠴᠤ ᠶᠠᠪᠤᠨ᠎ᠠ ᠰᠢᠦ ᠳᠡ᠂ ᠬᠡ ᠬᠡ᠃
ᠮᠥᠩᠬᠡ᠄ ᠲᠠ ᠬᠣᠶᠠᠷ ᠭᠠᠢᠬᠠᠯᠲᠠᠢ ᠬᠢᠵᠡᠢ᠃
ᠪᠠᠰᠠᠷ᠄ ᠬᠥᠪ ᠬᠥᠪ!
ᠴᠠᠰᠣᠬᠠᠨ᠄ ᠮᠢᠶᠣᠤ
ᠳ᠋ᠤᠷᠤᠨ᠄ ᠭᠠᠢᠬᠠᠯᠲᠠᠢ ᠶᠤᠮ ᠠ᠋᠃
ᠠᠷᠸ᠎ᠠ᠄ ᠬᠥᠥᠭ᠂ ᠳ᠋ᠤᠷᠤᠨ ᠢ᠋ᠶ᠋ᠠᠨ ᠪᠦᠲᠦᠭᠡᠴᠢᠬᠡᠭᠰᠡᠨ ᠶᠦ᠍ᠮ ᠤᠤ?
ᠮᠥᠩᠬᠡ᠄ ᠦ᠂ ᠲᠡᠭᠡᠭᠰᠡᠨ ᠰᠢᠳᠡ᠂ ᠨᠡᠭᠡᠷᠡᠨ᠂ ᠬᠡ ᠬᠠ ᠬᠠ᠃
ᠲᠤᠩᠬᠤ᠄ ᠬᠥᠥᠭ᠂ ᠮᠤᠨᠳᠠᠭ ᠶᠤᠮ ᠠ᠋᠂ ᠮᠥᠩᠬᠡ ᠃
ᠮᠥᠩᠬᠡ᠄ ᠵᠠ᠂ ᠥᠪᠡᠷ ᠢ᠋ ᠪᠡᠨ ᠲᠠᠨᠢᠯᠴᠠᠭᠤᠯᠤᠭᠠᠷᠠᠢ᠂ ᠮᠢᠨᠦ ᠨᠠᠢᠵᠠ᠃
ᠳ᠋ᠤᠷᠤᠨ᠄ ᠰᠠᠢᠨ ᠪᠠᠢᠵᠠᠭᠠᠨ᠎ᠠ ᠤᠤ? ᠨᠠᠢᠵᠠ ᠨᠤᠭᠤᠳ ᠠ᠋᠃ᠬᠡ ᠬᠡ᠂ ᠵᠠ ᠂ ᠲᠣᠭᠯᠠᠭᠰᠠᠨ ᠶᠤᠮ ᠠ᠋᠂ ᠲᠣᠭᠯᠠᠭᠰᠠᠨ ᠶᠤᠮ᠂ ᠵᠠ ᠰᠠᠢᠨ ᠪᠠᠢᠵᠠᠭᠠᠨ᠎ᠠ ᠤᠤ?
ᠮᠥᠩᠬᠡ᠄ ᠬᠡ ᠬᠠ ᠬᠠ᠁
ᠲᠤᠩᠬᠤ᠄ ᠬᠡ ᠬᠡ ᠬᠡ᠁ ᠰᠠᠢᠨ᠂ ᠰᠠᠢᠨ ᠪᠠᠢᠨ᠎ᠠ ᠤᠤ?
ᠠᠷᠸ᠎ᠠ᠄ ᠬᠡ ᠬᠡ ᠬᠡ᠂᠂ ᠰᠠᠢᠨ ᠤᠤ?
ᠮᠥᠩᠬᠡ᠄ ᠨᠡᠭᠡᠷᠡᠨ᠂ ᠨᠡᠷ᠎ᠡ ᠶ᠋ᠢ ᠴᠢᠨᠢ ᠬᠡᠨ ᠭᠡᠳᠡᠭ ᠪᠢᠯᠡ?
ᠳ᠋ᠤᠷᠤᠨ᠄ ᠳ᠋ᠤᠷᠤᠷᠠᠨ᠁
ᠮᠥᠩᠬᠡ᠄ ᠢᠷᠠᠰᠸ᠍ᠢᠬᠡᠯ
ᠲᠤᠩᠬᠤ᠄ ᠢᠷᠰᠠ᠍ᠢ᠍ᠢᠭᠠᠯ
ᠮᠥᠩᠬᠡ᠄ ᠢᠷᠠᠰᠸ᠍ᠢᠬᠥᠯ
ᠲᠤᠩᠬᠤ᠄ᠢᠰᠰᠣᠰᠯᠠᠢ
ᠴᠠᠰᠤᠬᠠᠨ᠄ ᠵᠠ ᠶᠠᠭᠤ ᠬᠢᠵᠡᠭᠡᠵᠦ ᠪᠠᠢᠭ᠎ᠠ ᠶᠤᠮ ᠪᠣᠢ?
ᠮᠥᠩᠬᠡ᠄ RECYCLE ᠶᠢ ᠶᠠᠩᠵᠤ ᠶᠠᠩᠵᠤ ᠪᠠᠷ ᠤᠩᠰᠢᠭᠠᠳ ᠯᠠ ᠵᠣᠭᠰᠣᠵᠤ ᠪᠠᠢᠨ᠎ᠠ᠃
ᠴᠠᠰᠤᠬᠠᠨ᠄ ᠠ! ᠬᠡ ᠬᠡ᠂ ᠪᠣᠬᠢᠷ ᠬᠣᠭ ᠤᠤ?
ᠲᠤᠩᠬᠤ᠄ ᠠ ᠬᠠ᠂ ᠬᠡ ᠬᠡ᠂ ᠬᠣᠭ ᠢ᠋ᠶ᠋ᠠᠨ ᠬᠠᠮᠢᠶ᠎ᠠ ᠦᠭᠡᠢ ᠢᠯᠭᠠᠬᠤ ᠦᠭᠡᠢ ᠬᠠᠶᠠᠬᠤ ᠪᠠᠷ ᠪᠠᠢᠭᠠᠯᠢ ᠳ᠋ᠤ᠌ ᠬᠣᠣᠷ ᠲᠠᠢ ᠬᠣᠣᠷ ᠦᠭᠡᠢ ᠬᠠᠮᠢᠶ᠎ᠠ ᠦᠭᠡᠢ ᠪᠦᠭᠦᠳᠡ ᠶ᠋ᠢ ᠨᠢ ᠠᠭᠤᠯᠠ ᠤᠷᠤᠭᠤ ᠬᠠᠶᠠᠴᠢᠬᠠᠳᠠᠭ ᠭᠡᠰᠡᠨ ᠦᠨᠡᠨ ᠤᠤ?
ᠴᠠᠰᠤᠬᠠᠨ᠄ ᠳᠡᠭᠡᠯ ᠦᠭᠡᠢ ᠶᠠᠭᠠᠬᠢᠬᠤᠪ᠂ ᠪᠠᠢᠭᠠᠯᠢ ᠳᠦ ᠠᠭᠤᠰᠳᠠᠭ ᠦᠭᠡᠢ ᠵᠠᠳᠠᠷᠠᠳᠠᠭ ᠦᠭᠡᠢ ᠬᠣᠭ ᠭᠡᠵᠦ ᠵᠥᠩᠳᠡᠭᠡᠨ ᠪᠠᠢᠭ᠎ᠠ᠂ ᠠᠵᠠ ᠪᠠᠷ ᠲᠡᠳᠡᠨ ᠢ᠋ ᠳᠠᠬᠢᠨ ᠪᠣᠯᠪᠠᠰᠤᠷᠠᠭᠤᠯᠵᠤ ᠪᠣᠯᠳᠠᠭ ᠶᠤᠮ᠃
ᠮᠥᠩᠬᠡ᠄ ᠲᠡᠭᠡᠭᠡᠳ ᠯᠡ ᠳᠠᠬᠢᠪᠤᠷᠢ ᠳᠠᠬᠢᠭᠠᠳ ᠯᠠ ᠪᠠᠢᠨ᠎ᠠ ᠰᠢᠦ ᠳᠡ᠂ ᠲᠡᠢᠮᠦ᠃ ᠬᠡ ᠬᠠ ᠬᠠ᠃ RECYCLE᠃
ᠴᠠᠰᠤᠬᠠᠨ᠄ ᠬᠣᠭ ᠢ᠋ᠶ᠋ᠠᠨ ᠵᠥᠪ ᠢᠯᠭᠠᠵᠤ ᠬᠠᠶᠠᠬᠤ ᠨᠢ ᠡᠬᠡ ᠳᠡᠯᠡᠬᠡᠢ ᠳ᠋ᠦ᠍ ᠪᠡᠨ ᠲᠤᠰᠠᠲᠠᠢ ᠶᠤᠮ ᠰᠢᠦ᠃
ᠵᠡᠭᠦᠯᠲᠡ᠄ ᠬᠤᠯᠤᠨ ᠊᠊᠊᠊᠊᠊᠊᠊ ᠨᠠᠩᠭᠤᠸᠠ
ᠦᠰᠦᠭ ᠢ᠋ ᠨᠢ ᠠᠮᠢᠯᠠᠭᠤᠯᠵᠤ ᠬᠠᠲᠠᠭᠰᠠᠨ ᠬᠥᠮᠦᠨ: ᠾᠦᠩ ᠸᠧᠢ
ᠬᠢᠨᠠᠯᠲᠠ ᠬᠢᠭᠰᠡᠨ ᠬᠥᠮᠦᠰ᠄ ᠱᠤᠳᠤᠷᠭᠤ᠂ ᠮᠥᠴᠢᠷ᠂ ᠬᠠᠨᠳᠠ(ᠮᠣᠩᠭᠣᠯ ᠤᠯᠤᠰ)᠂ ᠰᠡᠴᠡᠩᠭᠤᠸ᠎ᠠ᠂ ᠨᠤᠮᠤᠴᠢᠨ ᠪᠢᠯᠢᠭ᠃