ᠮᠥᠩᠬᠡ ᠲᠤᠩᠬᠤ 4-06Мөнх ТунхMunkh Tunkh
ᠮᠥᠩᠬᠡ ᠲᠤᠩᠬᠤ ᠳᠥᠷᠪᠡᠳᠦᠭᠡᠷ ᠤᠯᠠᠷᠢᠯ ᠤ᠋ᠨ ᠵᠢᠷᠭᠤᠳᠤᠭᠠᠷ ᠠᠩᠭᠢ
ᠮᠠᠢ ᠮᠠᠢ ᠮᠠᠢ (ᠬᠣᠨᠢ ᠢᠮᠠᠭᠠᠨ ᠤ᠋ ᠮᠠᠢᠯᠠᠬᠤ ᠳᠠᠭᠤ)
ᠲᠤᠩᠬᠤ᠄ ᠰᠠᠢᠨ ᠤᠤ? ᠮᠥᠩᠬᠡ ᠠ᠋ ᠶᠠᠭᠤ ᠬᠢᠵᠦ ᠪᠠᠢᠭ᠎ᠠ ᠶᠤᠮ?
ᠮᠥᠩᠬᠡ᠄ ᠠ! ᠪᠢ ᠤᠤ? ᠨᠥᠭᠦᠭᠡ᠂ ᠵᠢᠭᠠᠬᠠᠨ ᠲᠣᠭᠯᠠᠭᠠᠳ ᠯᠠ ᠪᠠᠢᠵᠤ ᠪᠠᠢᠨ᠎ᠠ᠃
ᠲᠤᠩᠬᠤ᠄ ᠪᠢ ᠰᠠᠶᠢ ᠬᠢᠴᠢᠶᠡᠯ ᠦ᠋ᠨ ᠢ᠋ᠶ᠋ᠡᠨ ᠳᠠᠭᠠᠭᠠᠯᠭᠠᠪᠤᠷᠢ ᠶ᠋ᠢ ᠬᠢᠴᠢᠬᠡᠭᠡᠳ ᠢᠷᠡᠯ᠎ᠡ᠂ ᠴᠢ ᠬᠢᠭᠰᠡᠨ ᠤᠤ?
ᠮᠥᠩᠬᠡ᠄ ᠥᠩ᠂ ᠶᠠᠭᠤ ᠠᠷᠠᠢ ᠬᠢᠭᠡ ᠦᠭᠡᠢ ᠯᠡ ᠪᠠᠢᠨ᠎ᠠ ᠳᠠ᠂ ᠭᠡᠬᠦ ᠳ᠋ᠦ᠍ ᠪᠡᠨ ᠶᠠᠭᠤᠬᠠᠨ ᠪᠠᠢᠬᠤᠪ ᠳᠠ᠂ ᠬᠤᠷᠳᠤᠨ ᠬᠢᠴᠢᠬᠡᠨ᠎ᠡ᠃
ᠲᠤᠩᠬᠤ᠄ ᠮᠥᠩᠬᠡ ᠠ᠋᠂ ᠳᠠᠭᠠᠭᠠᠯᠭᠠᠪᠤᠷᠢ ᠪᠠᠨ ᠴᠠᠭ ᠲᠤᠬᠠᠢ ᠳ᠋ᠤ᠌ ᠨᠢ ᠬᠤᠷᠳᠤᠨ ᠬᠢᠴᠢᠬᠡᠬᠦ ᠶᠦ᠍ᠮ ᠪᠣᠯ ᠳᠠᠷᠠᠭ᠎ᠠ ᠨᠢ ᠲᠣᠭᠯᠠᠬᠤ ᠴᠢᠯᠥᠭᠡ ᠴᠠᠭ ᠵᠠᠪ ᠵᠥᠩᠳᠡᠭᠡᠨ ᠭᠠᠷᠤᠨ᠎ᠠ ᠰᠢᠦ ᠳᠡ᠃
ᠮᠥᠩᠬᠡ᠄ ᠠ᠂ ᠪᠢ ᠬᠠᠷᠢᠨ ᠠᠮᠠᠷᠠᠯᠲᠠ ᠪᠠᠨ ᠲᠦᠷᠦᠭᠦᠯᠡᠭᠡᠳ ᠠᠪᠴᠢᠬᠠᠵᠤ ᠪᠠᠢᠭ᠎ᠠ ᠪᠠᠢᠬᠤ ᠦᠭᠡᠢ ᠤᠤ᠂ ᠦᠯᠢᠭᠡᠷ ᠢ᠋ᠶ᠋ᠡᠷ ᠠᠶᠠᠯᠠᠬᠤ ᠠ᠋ᠴᠠ ᠪᠠᠨ ᠡᠮᠦᠨ᠎ᠡ ᠭᠢᠯᠠᠰ ᠬᠢᠴᠢᠬᠡᠨ᠎ᠡ᠃
ᠲᠤᠩᠬᠤ᠄ ᠵᠠ ᠵᠠ᠂ ᠪᠢ ᠳᠠᠭᠠᠭᠠᠯᠭᠠᠪᠤᠷᠢ ᠪᠠᠨ ᠬᠢᠴᠢᠬᠡᠭᠰᠡᠨ ᠪᠣᠯᠬᠣᠷ ᠣᠳᠣ ᠴᠠᠰᠤᠬᠠᠨ ᠪᠠᠰᠠᠷ ᠬᠣᠶᠠᠷ ᠲᠠᠢ ᠭᠠᠷᠴᠤ ᠲᠣᠭᠯᠠᠯ᠎ᠠ᠂ ᠴᠢ ᠬᠢᠴᠢᠶᠡᠯ ᠢ᠋ᠶ᠋ᠡᠨ ᠰᠠᠢᠨ ᠬᠢᠭᠡᠷᠡᠢ᠃
ᠮᠥᠩᠬᠡ᠄ ᠵᠠ᠂ ᠵᠠ ᠣᠳᠣ ᠡᠨᠡ ᠲᠣᠭᠯᠠᠯᠲᠠ ᠳᠡᠭᠡᠷ᠎ᠡ ᠢᠯᠠᠴᠢᠬᠠᠭᠠᠳ ᠶᠠᠭᠠᠬᠢᠵᠤ ᠳᠠᠭᠠᠭᠠᠯᠭᠠᠪᠤᠷᠢ ᠪᠠᠨ ᠬᠢᠨ᠎ᠡ ᠳᠡ᠂ ᠵᠠ ᠭᠠᠢᠭᠤᠢ ᠪᠠᠢᠯᠭᠦᠢ ᠳᠡ ᠬᠤᠷᠳᠤᠨ ᠬᠢᠴᠢᠬᠡᠵᠦ ᠪᠣᠯᠬᠤ ᠶᠤᠮ ᠴᠢᠨᠢ᠃ᠦ᠂ ᠢᠯᠠᠴᠢᠬᠠᠯᠠ ᠰᠢᠳᠡ᠂ ᠶᠠᠮᠠᠷ ᠭᠣᠶᠣ ᠶᠤᠮ ᠪᠣᠢ᠂ ᠢᠰᠢ᠂ ᠵᠠ ᠵᠠ ᠠᠬᠢᠭᠠᠳ ᠭᠠᠭᠴᠠ ᠲᠣᠭᠯᠠᠴᠢᠬᠠᠶᠠ᠃ ᠶᠠᠭᠠᠬᠢᠨ᠎ᠠ ᠠ᠋᠂ ᠦᠯᠢᠭᠡᠷ ᠢ᠋ᠶ᠋ᠡᠷ ᠠᠶᠠᠯᠠᠬᠤ ᠴᠠᠭ ᠪᠣᠯᠴᠢᠬᠠᠭᠰᠠᠨ ᠪᠠᠢᠨ᠎ᠠ ᠰᠢᠳᠡ᠂ ᠬᠢᠴᠢᠶᠡᠯ ᠦ᠋ᠨ ᠢ᠋ᠶ᠋ᠡᠨ ᠳᠠᠭᠠᠭᠠᠯᠭᠠᠪᠤᠷᠢ ᠶ᠋ᠢ ᠬᠢᠵᠦ ᠠᠮᠵᠢᠭ᠎ᠠ ᠦᠭᠡᠢ ᠪᠠᠢᠳᠠᠭ᠂ ᠵᠠ ᠪᠠᠢᠵᠠ᠂ ᠠ᠂ ᠦᠯᠢᠭᠡᠷ ᠤᠷᠤᠭᠤ ᠠᠪᠤᠭᠠᠳ ᠣᠷᠣᠴᠢᠬᠠᠶᠠ᠂ ᠲᠡᠨᠳᠡ ᠨᠡᠭᠡᠷᠡᠨ ᠴᠠᠭ ᠬᠤᠭᠤᠴᠠᠭ᠎ᠠ ᠤᠳᠠᠭᠠᠨ ᠶᠠᠪᠤᠳᠠᠭ ᠪᠣᠯᠬᠣᠷ ᠵᠠᠪᠰᠠᠷ ᠢ᠋ᠶ᠋ᠠᠷ ᠨᠢ ᠬᠢᠵᠦ ᠠᠮᠵᠢᠬᠤ ᠪᠠᠢᠬ᠎ᠠ᠃
ᠲᠤᠩᠬᠤ᠄ ᠰᠠᠶᠢ ᠪᠢᠳᠡ ᠬᠡᠳᠦ ᠦᠨᠡᠬᠡᠷ ᠭᠣᠶᠣ ᠬᠥᠭᠡᠭᠡᠴᠡᠯᠳᠦᠵᠦ ᠲᠣᠭᠯᠠᠯ᠎ᠠ᠂ ᠥᠨᠥᠳᠥᠷ ᠦ᠋ᠨ ᠮᠠᠭᠠᠳ ᠦᠭᠡᠢ ᠳᠠᠰᠬᠠᠯ ᠬᠥᠳᠡᠯᠭᠡᠭᠡᠨ ᠢ᠋ ᠬᠠᠩᠭᠠᠯᠲᠠᠲᠠᠢ ᠬᠢᠴᠢᠬᠡᠬᠦ ᠰᠢᠭ ᠪᠣᠯᠤᠯ᠎ᠠ᠂ ᠬᠡ ᠬᠡ ᠬᠡ᠃
ᠠᠷᠸ᠎ᠠ᠄ ᠥ ᠲᠡᠢᠮᠦ ᠤᠤ᠂ ᠠ ᠬᠠ ᠬᠠ᠂ ᠰᠠᠢᠨ ᠪᠠᠢᠨ᠎ᠠ ᠰᠢᠦ᠂ ᠴᠢᠯᠥᠭᠡᠲᠦ ᠴᠠᠭ ᠢ᠋ᠶ᠋ᠠᠨ ᠶᠡᠬᠡ ᠦᠷ᠎ᠡ ᠪᠦᠲᠦᠭᠡᠯ ᠲᠡᠢ ᠥᠩᠭᠡᠷᠡᠭᠦᠯᠦᠭᠰᠡᠨ ᠪᠠᠢᠨ᠎ᠠ᠂ ᠵᠠ᠂ ᠲᠠ ᠨᠠᠷ ᠮᠠᠨᠢ ᠦᠯᠢᠭᠡᠷ ᠢ᠋ᠶ᠋ᠡᠷ ᠠᠶᠠᠯᠠᠬᠤ ᠳ᠋ᠤ᠌ ᠪᠠᠨ ᠪᠡᠯᠡᠨ ᠤᠤ?
ᠲᠤᠩᠬᠤ᠄ ᠪᠢ ᠪᠡᠯᠡᠨ᠃
ᠮᠥᠩᠬᠡ᠄ ᠠ᠂ ᠪᠢ ᠪᠡᠯᠡᠨ᠃
ᠠᠩᠭ᠌ᠯᠢ ᠠᠷᠠᠳ ᠤ᠋ᠨ ᠦᠯᠢᠭᠡᠷ ᠭᠤᠷᠪᠠᠨ ᠪᠢᠴᠢᠬᠠᠨ ᠳᠣᠷᠣᠢ
ᠡᠷᠲᠡ ᠤᠷᠢᠳᠤ ᠴᠠᠭ ᠲᠤ᠌᠂ ᠡᠵᠢ ᠭᠠᠬᠠᠢ ᠭᠤᠷᠪᠠᠨ ᠪᠢᠴᠢᠬᠠᠨ ᠳᠣᠷᠣᠢ ᠲᠠᠢ ᠪᠠᠨ ᠠᠮᠢᠳᠤᠷᠠᠨ ᠰᠠᠭᠤᠳᠠᠭ ᠪᠠᠢᠵᠠᠢ ᠭᠡᠨ᠎ᠡ᠃ ᠴᠠᠭ ᠬᠤᠭᠤᠴᠠᠭ᠎ᠠ ᠥᠩᠭᠡᠷᠡᠵᠦ ᠭᠤᠷᠪᠠᠨ ᠳᠣᠷᠣᠢ ᠨᠢ ᠨᠠᠰᠤ ᠳ᠋ᠤ᠌ ᠬᠦᠷᠪᠡ ᠭᠡᠨ᠎ᠡ᠃ ᠡᠵᠢ ᠭᠠᠬᠠᠢ᠄ᠵᠠ ᠬᠡᠦᠬᠡᠳ ᠦ᠋ᠳ ᠮᠢᠨᠢ᠂ ᠲᠠ ᠨᠠᠷ ᠮᠢᠨᠢ ᠬᠤᠪᠢ ᠵᠠᠶᠠᠭᠠᠨ ᠤ᠋ ᠪᠠᠨ ᠡᠵᠡᠨ ᠪᠣᠯᠵᠤ᠂ ᠥᠪᠡᠷ ᠥᠪᠡᠷᠰᠡᠳ ᠦ᠋ᠨ ᠢ᠋ᠶ᠋ᠡᠨ ᠠᠮᠢᠳᠤᠷᠠᠯ ᠢ᠋ ᠪᠦᠲᠦᠭᠡᠬᠦ ᠴᠠᠭ ᠪᠣᠯᠤᠯ᠎ᠠ᠂ ᠬᠠᠮᠤᠭ ᠤ᠋ᠨ ᠲᠡᠷᠢᠭᠦᠨ ᠳ᠋ᠦ᠍ ᠠᠮᠢᠳᠤᠷᠠᠬᠤ ᠪᠠᠢᠷᠢ ᠪᠠᠨ ᠪᠠᠷᠢᠵᠠᠭᠠᠭᠠᠷᠠᠢ ᠭᠡᠵᠦ ᠵᠥᠪᠯᠡᠵᠡᠢ᠃ ᠬᠠᠮᠤᠭ ᠤ᠋ᠨ ᠪᠠᠭ᠎ᠠ ᠳᠡᠭᠦᠦ ᠨᠢ ᠶᠡᠬᠡ ᠵᠠᠯᠬᠠᠭᠤ ᠲᠤᠯᠠ ᠪᠠᠢᠰᠢᠩ ᠢ᠋ᠶ᠋ᠠᠨ ᠰᠦᠷᠡᠯ ᠢ᠋ᠶ᠋ᠡᠷ ᠪᠠᠷᠢᠵᠠᠢ ᠭᠡᠨ᠎ᠡ᠃ ᠬᠣᠶᠠᠳᠠᠬᠢ ᠳᠡᠭᠦᠦ ᠨᠢ ᠪᠠᠭ᠎ᠠ ᠵᠡᠷᠭᠡ ᠶ᠋ᠢᠨ ᠬᠥᠳᠡᠯᠮᠦᠷᠢ ᠵᠠᠷᠤᠴᠠᠭᠤᠯᠤᠭᠰᠠᠨ ᠴᠤ᠌ ᠮᠥᠨ ᠵᠠᠯᠬᠠᠭᠤᠷᠠᠨ ᠮᠥᠴᠢᠷ ᠢ᠋ᠶ᠋ᠡᠷ ᠪᠠᠷᠢᠵᠠᠢ ᠭᠡᠨ᠎ᠡ᠃ ᠬᠣᠶᠠᠷ ᠪᠠᠭ᠎ᠠ ᠳᠡᠭᠦᠦ ᠨᠢ ᠪᠦᠬᠦᠯᠢ ᠡᠳᠦᠷ ᠦ᠋ᠨ ᠲᠤᠷᠰᠢ ᠳᠠᠭᠤᠯᠠᠵᠤ ᠪᠥᠵᠢᠭᠯᠡᠨ ᠠᠮᠠᠷᠠᠵᠤ ᠥᠩᠭᠡᠷᠡᠭᠡᠳᠡᠭ ᠪᠠᠢᠨ᠎ᠠ᠃ ᠲᠣᠮᠣ ᠠᠬ᠎ᠠ ᠨᠢ ᠬᠠᠷᠢᠨ ᠡᠳᠦᠷ ᠪᠦᠷᠢ ᠬᠦᠴᠦᠨ ᠴᠢᠷᠮᠠᠢᠯᠲᠠ ᠭᠠᠷᠭᠠᠨ ᠬᠥᠳᠡᠯᠮᠦᠷᠢᠯᠡᠨ ᠵᠢᠳᠬᠦᠭᠰᠡᠭᠡᠷ᠂ ᠲᠣᠭᠣᠰᠬ᠎ᠠ ᠪᠠᠷ ᠴᠢᠨᠠᠷᠲᠠᠢ ᠰᠠᠢᠬᠠᠨ ᠪᠠᠢᠰᠢᠩ ᠪᠠᠷᠢᠵᠠᠢ ᠭᠡᠨ᠎ᠡ᠃
ᠲᠤᠩᠬᠤ᠄ ᠬᠥᠥᠭ᠂ ᠦᠨᠡᠬᠡᠷ ᠰᠠᠢᠬᠠᠨ ᠪᠠᠢᠰᠢᠩ ᠪᠠᠷᠢᠭᠰᠠᠨ ᠪᠠᠢᠨ᠎ᠠ ᠰᠢᠦ᠃
ᠪᠠᠰᠠᠷ᠄ ᠬᠦ ᠬᠦ᠂ ᠡᠨᠡ ᠭᠠᠳᠠᠭᠠᠳᠤ ᠦᠯᠢᠭᠡᠷ ᠢ᠋ᠶ᠋ᠡᠷ ᠠᠶᠠᠯᠠᠭᠠᠳ ᠡᠢᠮᠦ ᠪᠠᠢᠰᠢᠩ ᠬᠠᠷᠠᠬᠤ ᠪᠠᠷ ᠨᠥᠭᠦᠭᠡ ᠨᠢᠭᠡ ᠰᠢᠮᠨᠤᠰ ᠤ᠋ᠨ ᠪᠠᠢᠰᠢᠩ ᠰᠠᠨᠠᠭᠠᠨ ᠳ᠋ᠤ᠌ ᠣᠷᠣᠭᠠᠳ ᠪᠠᠢᠬᠤ ᠶᠤᠮ᠂ ᠨᠥᠭᠦᠭᠡ ᠨᠢᠭᠡ season (ᠤᠯᠠᠷᠢᠯ ) ᠬᠣᠶᠠᠷ ᠤ᠋ᠨ ᠬᠢᠨᠠᠯ ᠤ᠋ᠨ᠂ ᠦ᠂ ᠶᠠᠭ ᠨᠡᠷ᠎ᠡ ᠶ᠋ᠢ ᠨᠢ ᠶᠠᠷᠢᠵᠤ ᠪᠣᠯᠬᠤ ᠦᠭᠡᠢ ᠪᠢᠯᠡ᠂ ᠬᠡ ᠬᠡ᠃
ᠮᠥᠩᠬᠡ᠄ ᠬᠡᠳᠦᠭᠦᠯᠡ ᠪᠡᠨ ᠣᠷᠣᠵᠤ ᠠᠵᠢᠯᠰᠠᠭ ᠭᠠᠬᠠᠢ ᠲᠠᠢ ᠲᠠᠨᠢᠯᠴᠠᠬᠤ ᠤᠤ?
ᠴᠠᠰᠤᠬᠠᠨ᠄ ᠵᠠ ᠲᠡᠭᠡᠶ᠎ᠡ᠂ ᠦᠯᠢᠭᠡᠷ ᠮᠠᠨᠢ ᠴᠠᠭᠠᠰᠢ ᠪᠠᠨ ᠬᠡᠷᠬᠢᠨ ᠦᠷᠭᠦᠯᠵᠢᠯᠡᠬᠦ ᠶ᠋ᠢ ᠦᠵᠡᠵᠡᠭᠡᠶ᠎ᠡ ᠃
ᠮᠥᠩᠬᠡ᠄ ᠭᠦᠦᠭ᠂ ᠦᠨᠡᠬᠡᠷ ᠶᠡᠬᠡ ᠬᠥᠳᠡᠯᠮᠦᠷᠢ ᠵᠠᠷᠤᠴᠠᠭᠤᠯᠤᠭᠰᠠᠨ ᠪᠠᠢᠨ᠎ᠠ ᠰᠢᠦ᠂ ᠶᠠ᠂ ᠨᠡᠭᠡᠷᠡᠨ ᠪᠣᠳᠣᠭᠠᠳ ᠪᠠᠢᠭᠰᠠᠨ ᠴᠢᠨᠢ minecraft (ᠲᠣᠭᠯᠠᠭᠠᠮ ᠤ᠋ᠨ ᠨᠡᠷ᠎ᠡ) ᠳᠡᠭᠡᠷ᠎ᠡ ᠡᠨᠡ ᠡᠴᠡ ᠢᠯᠡᠭᠦᠦ ᠭᠣᠶᠣ ᠣᠷᠳᠣᠨ ᠪᠠᠷᠢᠵᠤ ᠪᠣᠯᠬᠤ ᠶᠤᠮ ᠪᠠᠢᠨ᠎ᠠ᠃
ᠠᠬ᠎ᠠ ᠭᠠᠬᠠᠢ᠄ ᠰᠠᠢᠨ ᠪᠠᠢᠵᠠᠭᠠᠨ᠎ᠠ ᠤᠤ?
ᠲᠤᠩᠬᠤ᠄ ᠰᠠᠢᠨ᠂ ᠰᠠᠢᠨ ᠪᠠᠢᠨ᠎ᠠ ᠤᠤ? ᠲᠠ
ᠠᠬ᠎ᠠ ᠭᠠᠬᠠᠢ᠄ ᠲᠠ ᠨᠠᠷ ᠬᠠᠮᠢᠭ᠎ᠠ ᠬᠦᠷᠴᠦ ᠶᠠᠪᠤᠭ᠎ᠠ ᠶᠤᠮ?
ᠮᠥᠩᠬᠡ᠄ ᠠ᠂ ᠪᠢᠳᠡ ᠲᠠᠨ ᠤ᠋ ᠪᠠᠷᠢᠭᠰᠠᠨ ᠪᠠᠢᠰᠢᠩ ᠢ᠋ ᠦᠨᠡᠬᠡᠷ ᠴᠢᠨᠠᠷ ᠲᠠᠢ ᠪᠣᠯᠤᠭᠰᠠᠨ ᠪᠠᠢᠨ᠎ᠠ ᠭᠡᠵᠦ ᠪᠣᠳᠣᠭᠠᠳ᠂ ᠳᠣᠲᠣᠷᠠᠬᠢ ᠶ᠋ᠢ ᠨᠢ ᠦᠵᠡᠭᠡᠳ᠂ ᠪᠠᠰᠠ ᠲᠠᠨ ᠲᠠᠢ ᠲᠠᠨᠢᠯᠴᠠᠶ᠎ᠠ ᠭᠡᠵᠦ ᠪᠣᠳᠣᠭᠠᠳ ᠣᠷᠣᠭᠠᠳ ᠢᠷᠡᠯ᠎ᠡ᠃
ᠠᠬ᠎ᠠ ᠭᠠᠬᠠᠢ᠄ ᠵᠠ ᠪᠠᠶᠠᠷᠯᠠᠯ᠎ᠠ ᠲᠠ ᠨᠠᠷ ᠲᠤ᠌ ᠪᠠᠨ᠂ ᠪᠢ ᠲᠣᠭᠣᠰᠬ᠎ᠠ ᠪᠦᠷᠢ ᠪᠡᠨ ᠥᠪᠡᠷ ᠢ᠋ᠶ᠋ᠡᠨ ᠴᠣᠬᠢᠵᠤ᠂ ᠰᠢᠪᠡᠷ ᠵᠢᠭᠤᠷᠠᠨ ᠤᠳᠠᠭᠠᠨ ᠬᠤᠭᠤᠴᠠᠭᠠᠨ ᠳ᠋ᠤ᠌ ᠠᠵᠠ ᠵᠢᠷᠭᠠᠯ ᠲᠠᠢ ᠠᠮᠢᠳᠤᠷᠠᠬᠤ ᠥᠪᠡᠷ ᠦ᠋ᠨ ᠪᠠᠢᠷᠢ ᠪᠠᠨ ᠪᠦᠲᠦᠭᠡᠭᠰᠡᠨ ᠶᠦ᠍ᠮ ᠠ᠋᠃
ᠪᠠᠰᠠᠷ᠄ ᠦ ᠸᠠ ᠧᠦ᠂ ᠲᠠ ᠬᠡᠳᠦ ᠴᠦ᠍ ᠦᠨᠡᠬᠡᠷ ᠠᠵᠢᠯᠰᠠᠭ ᠶᠤᠮ ᠠ᠋᠂ ᠲᠣᠭᠣᠰᠬ᠎ᠠ ᠪᠠᠨ ᠬᠦᠷᠲᠡᠯ᠎ᠡ ᠥᠪᠡᠷ ᠢ᠋ᠶ᠋ᠡᠨ ᠬᠢᠭᠰᠡᠨ ᠶᠦ᠍ᠮ ᠤᠤ?
ᠠᠬ᠎ᠠ ᠭᠠᠬᠠᠢ᠄ ᠲᠡᠢᠮᠦ ᠠ᠋᠂ ᠠᠩᠬ᠎ᠠ ᠬᠢᠬᠦ ᠳ᠋ᠦ᠍ ᠬᠡᠴᠡᠭᠦᠦ ᠪᠠᠢᠭᠰᠠᠨ ᠴᠤ᠌ ᠭᠡᠰᠡᠨ ᠪᠠᠭ᠎ᠠ ᠪᠠᠭ᠎ᠠ ᠪᠠᠷ ᠰᠠᠢᠵᠢᠷᠠᠭᠰᠠᠭᠠᠷ᠂ ᠬᠢᠵᠦ ᠴᠢᠳᠠᠳᠠᠭ ᠪᠣᠯᠤᠭᠰᠠᠨ ᠶᠤᠮ᠂ ᠭᠡᠬᠦ ᠳ᠋ᠦ᠍ ᠪᠡᠨ ᠨᠠᠳᠠ ᠳ᠋ᠤ᠌ ᠴᠠᠭᠠᠰᠢ ᠰᠤᠷᠤᠯᠴᠠᠬᠤ ᠵᠦᠢᠯᠡᠰ ᠶᠡᠬᠡ ᠪᠣᠢ᠃
ᠪᠠᠰᠠᠷ᠄ ᠦ᠂ ᠠᠵᠢᠯᠰᠠᠭ᠂ ᠪᠠᠰᠠ ᠶᠡᠬᠡ ᠳᠠᠷᠤᠤᠬᠠᠨ ᠶᠤᠮ ᠠ᠋᠃
ᠠᠬ᠎ᠠ ᠭᠠᠬᠠᠢ᠄ ᠬᠦᠢ᠂ ᠲᠠ ᠨᠠᠷ ᠮᠢᠨᠢ ᠵᠦᠭᠡᠷ ᠤᠤ? ᠶᠠᠭᠤ ᠪᠣᠯᠤᠭᠰᠠᠨ ᠪᠣᠢ?
ᠪᠠᠭ᠎ᠠ ᠭᠠᠬᠠᠢ᠄ ᠴᠢᠨᠣ᠎ᠠ ᠴᠢᠨᠣ᠎ᠠ
ᠠᠬ᠎ᠠ ᠭᠠᠬᠠᠢ᠄ ᠴᠢᠨᠣ᠎ᠠ ᠴᠢᠨᠣ᠎ᠠ ᠶᠠᠭᠠᠬᠢᠭᠰᠠᠨ ᠭᠡᠵᠦ?
ᠬᠣᠶᠠᠳᠠᠬᠢ ᠭᠠᠬᠠᠢ᠄ ᠴᠢᠨᠣ᠎ᠠ ᠪᠢᠳᠡ ᠬᠣᠶᠠᠷ ᠤ᠋ᠨ ᠪᠠᠷᠢᠭᠰᠠᠨ ᠪᠠᠢᠰᠢᠩ ᠢ᠋ ᠶᠠᠭᠤ ᠴᠤ᠌ ᠦᠭᠡᠢ ᠦᠯᠢᠶᠡᠴᠢᠬᠡᠯᠡ᠂ ᠠᠷᠭ᠎ᠠ ᠶᠠᠳᠠᠭᠠᠳ ᠠᠬ᠎ᠠ ᠶ᠋ᠢ ᠪᠡᠨ ᠪᠠᠷᠠᠳᠠᠵᠤ ᠶᠠᠪᠤᠨ᠎ᠠ᠃
ᠠᠬ᠎ᠠ ᠭᠠᠬᠠᠢ᠄ ᠶᠠᠭᠠᠬᠢᠨ᠎ᠠ᠂ ᠶᠠᠭᠤ ᠪᠣᠯᠬᠤ ᠨᠢ ᠡᠨᠡ ᠪᠣᠢ? ᠶᠠᠭᠠᠬᠢᠭᠠᠳ ᠪᠠᠢᠰᠢᠩ ᠢ᠋ ᠴᠢᠨᠢ ᠦᠯᠢᠶᠡᠴᠢᠬᠡᠪᠡ?
ᠪᠠᠭ᠎ᠠ ᠭᠠᠬᠠᠢ᠄ ᠮᠡᠳᠡᠬᠦ᠂ ᠮᠡᠳᠡᠬᠦ ᠦᠭᠡᠢ᠂ ᠪᠢᠳᠡ ᠨᠠᠷ ᠢᠳᠡᠬᠦ ᠭᠡᠳ ᠪᠠᠢᠭ᠎ᠠ ᠶᠤᠮ ᠪᠢᠰᠢ ᠤᠤ? ᠮᠠᠭᠤ ᠰᠠᠨᠠᠭ᠎ᠠ ᠲᠠᠢ᠂ ᠶᠡᠬᠡ ᠮᠠᠭᠤ ᠰᠠᠨᠠᠭ᠎ᠠ ᠲᠠᠢ ᠴᠢᠨᠣ᠎ᠠ ᠪᠠᠢᠬᠤ ᠰᠢᠭ᠋ ᠪᠠᠢᠨ᠎ᠠ᠃
ᠬᠣᠶᠠᠳᠠᠬᠢ ᠭᠠᠬᠠᠢ᠄ ᠪᠠᠭ᠎ᠠ ᠳᠡᠭᠦᠦ ᠶ᠋ᠢᠨ ᠪᠠᠢᠰᠢᠩ ᠳᠡᠭᠡᠷ᠎ᠡ ᠴᠢᠨᠣ᠎ᠠ ᠢᠷᠡᠭᠡᠳ᠂ ᠬᠠᠭᠠᠯᠭ᠎ᠠ ᠶ᠋ᠢ ᠨᠢ ᠲᠣᠭᠰᠢᠭᠠᠳ ᠲᠠᠯᠪᠢᠬᠤ ᠦᠭᠡᠢ ᠪᠣᠯᠬᠤ ᠪᠠᠷ ᠨᠢ ᠳᠡᠷᠡᠰᠦᠨ ᠪᠠᠢᠰᠢᠩ ᠢ᠋ ᠨᠢ ᠶᠠᠭᠤ ᠴᠤ᠌ ᠦᠭᠡᠢ ᠦᠯᠢᠶᠡᠭᠡᠳ᠂ ᠪᠠᠭ᠎ᠠ ᠳᠡᠭᠦᠦ ᠵᠢᠭᠤᠲᠠᠭᠰᠠᠭᠠᠷ ᠪᠠᠢᠭᠠᠳ ᠮᠠᠨ ᠤ᠋ ᠳ᠋ᠤ᠌ ᠢᠷᠡᠭᠰᠡᠨ᠃ ᠪᠢᠳᠡ ᠬᠣᠶᠠᠷ ᠭᠡᠷ ᠲᠦ᠍ ᠪᠡᠨ ᠨᠢᠭᠤᠭᠳᠠᠵᠤ ᠪᠠᠢᠬᠤ ᠳ᠋ᠤ᠌ ᠴᠢᠨᠣ᠎ᠠ ᠳᠠᠬᠢᠵᠤ ᠢᠷᠡᠭᠡᠳ ᠮᠢᠨᠦ ᠪᠠᠷᠢᠭᠰᠠᠨ ᠮᠥᠴᠢᠷ ᠦ᠋ᠨ ᠪᠠᠢᠰᠢᠩ ᠢ᠋ ᠶᠠᠭᠤ ᠴᠤ᠌ ᠦᠭᠡᠢ ᠦᠯᠢᠶᠡᠴᠢᠬᠡᠯᠡ᠂ ᠪᠢᠳᠡ ᠬᠣᠶᠠᠷ ᠵᠢᠭᠤᠲᠠᠭᠰᠠᠭᠠᠷ ᠪᠠᠢᠭᠠᠳ᠂ ᠠᠬ᠎ᠠ ᠳᠡᠭᠡᠷ᠎ᠡ ᠢᠷᠡᠯ᠎ᠡ᠃
ᠲᠤᠩᠬᠤ᠄ ᠶᠠᠭᠠᠬᠢᠨ᠎ᠠ? ᠴᠢᠨᠣ᠎ᠠ ᠬᠥᠭᠡᠷᠦᠬᠦᠢ ᠬᠣᠶᠠᠷ ᠳᠣᠷᠣᠢ ᠶ᠋ᠢᠨ ᠪᠠᠢᠰᠢᠩ ᠢ᠋ ᠨᠤᠷᠠᠭᠠᠴᠢᠬᠠᠭᠰᠠᠨ ᠶᠤᠮ ᠪᠠᠢᠨ᠎ᠠ ᠰᠢᠲᠠ᠃
ᠮᠥᠩᠬᠡ᠄ ᠣᠳᠣ ᠴᠢᠨᠣ᠎ᠠ ᠡᠨᠡ ᠪᠠᠢᠰᠢᠩ ᠤᠷᠤᠭᠤ ᠢᠷᠡᠵᠦ ᠶᠠᠪᠤᠭ᠎ᠠ ᠶᠤᠮ ᠤᠤ?
ᠪᠠᠭ᠎ᠠ ᠭᠠᠬᠠᠢ᠄ ᠴᠢᠨᠣ᠎ᠠ ᠨᠥᠭᠦᠭᠡ᠁ ᠰᠠᠶᠢ ᠵᠠᠮ ᠢ᠋ᠶ᠋ᠠᠨ ᠪᠤᠷᠤᠭᠤᠯᠠᠵᠤ ᠵᠢᠭᠤᠲᠠᠭᠠᠳ ᠲᠥᠭᠡᠷᠢᠭᠦᠯᠴᠢᠬᠡᠭᠰᠡᠨ᠃ ᠵᠠ᠂ ᠠᠬ᠎ᠠ ᠮᠢᠨᠢ ᠢᠳᠡᠬᠦ ᠬᠣᠭᠣᠯᠠ ᠪᠠᠢᠨ᠎ᠠ ᠤᠤ? ᠰᠠᠢ ᠵᠢᠭᠤᠲᠠᠭᠰᠠᠭᠠᠷ ᠪᠠᠢᠭᠠᠳ ᠠᠶᠤᠮᠠᠷ ᠥᠯᠥᠰᠴᠦ ᠪᠠᠢᠨ᠎ᠠ᠃
ᠠᠬ᠎ᠠ ᠭᠠᠬᠠᠢ᠄ ᠳᠡᠭᠡᠯ ᠦᠭᠡᠢ ᠶᠠᠭᠠᠬᠢᠬᠤᠪ᠂ ᠪᠢ ᠬᠣᠭᠣᠯᠠ ᠤᠮᠳᠠ ᠪᠡᠯᠡᠳᠬᠡᠶ᠎ᠡ᠃
ᠮᠥᠩᠬᠡ᠄ ᠠᠭᠤᠴᠢᠯᠠᠭᠠᠷᠠᠢ! ᠲᠠᠨ ᠤ᠋ ᠳ᠋ᠤ᠌ ᠶᠠᠭᠤᠮ᠎ᠠ ᠪᠢᠴᠢᠭᠡᠳ ᠰᠠᠭᠤᠬᠤ ᠭᠠᠵᠠᠷ ᠪᠠᠢᠭ᠎ᠠ ᠤᠤ?
ᠠᠬ᠎ᠠ ᠭᠠᠬᠠᠢ᠄ ᠪᠠᠢᠯᠭᠦᠢ ᠶᠠᠭᠠᠬᠢᠬᠤ ᠪᠣᠢ᠂ ᠲᠡᠷᠡ ᠰᠢᠷᠡᠭᠡᠨ ᠳᠡᠭᠡᠷ᠎ᠡ ᠰᠠᠭᠤᠵᠤ ᠪᠣᠯᠤᠨ᠎ᠠ᠃
ᠪᠠᠰᠠᠷ᠄ ᠪᠠᠰᠠᠷ ᠪᠢ ᠴᠢᠨᠢ ᠴᠢᠨᠣ᠎ᠠ ᠲᠠᠢ ᠬᠡᠯᠡ ᠠᠮᠠ ᠪᠠᠨ ᠣᠯᠤᠯᠴᠠᠬᠤ ᠳ᠋ᠤ᠌ ᠪᠠᠨ ᠭᠠᠷᠭᠠᠭᠤᠳ ᠰᠢᠦ ᠳᠡ᠂ ᠪᠠᠷᠤᠭ ᠯᠠ ᠴᠢᠨᠣ᠎ᠠ ᠪᠠᠰᠠᠷ ᠶᠤᠮ ᠤᠤ᠂ ᠨᠥᠭᠦᠭᠡ ᠨᠢᠭᠡ ᠶᠠ᠂ ᠠᠷᠢᠶᠠᠲᠠᠨ ᠪᠠᠰᠠᠷ ᠭᠡᠳ ᠪᠠᠢᠳᠠᠭ ᠰᠢᠳᠡ᠃
ᠲᠤᠩᠬᠤ᠄ ᠨᠡᠭᠡᠷᠡᠨ ᠲᠡᠢᠮᠦ ᠰᠢᠲᠠ᠂ ᠮᠠᠨ ᠤ᠋ ᠪᠠᠰᠠᠷ ᠴᠢᠨᠢ ᠠᠷᠤ ᠶ᠋ᠢᠨ ᠠᠭᠤᠯᠠᠨ ᠤ᠋ ᠠᠢᠬᠤᠪᠲᠤᠷ ᠪᠠᠰᠠᠷᠪᠠᠢᠬᠤ ᠦᠭᠡᠢ ᠤᠤ? ᠴᠢᠨᠣ᠎ᠠ ᠨᠤᠭᠤᠳ ᠲᠠᠢ ᠬᠡᠯᠡ ᠠᠮᠠ ᠶ᠋ᠢ ᠮᠠᠰᠢ ᠰᠠᠢᠨ ᠣᠯᠤᠯᠴᠠᠨᠠ᠃
ᠪᠠᠰᠠᠷ᠄ ᠠᠷᠢᠶᠠᠲᠠᠨ ᠪᠠᠰᠠᠷ ᠭᠡᠭᠡᠴᠢ ᠠ᠋᠃
ᠴᠠᠰᠤᠬᠠᠨ᠄ ᠪᠢᠳᠡ ᠴᠢᠨᠣ᠎ᠠ ᠲᠠᠢ ᠣᠴᠢᠵᠤ ᠠᠭᠤᠯᠵᠠᠭᠠᠳ᠂ ᠤᠴᠢᠷᠯᠠᠵᠤ ᠬᠡᠯᠡᠭᠡᠳ ᠤᠠᠢᠯᠠᠭᠠᠯᠴᠠᠴᠢᠬᠠᠪᠠᠯ ᠪᠣᠯᠬᠤ ᠪᠠᠢᠬ᠎ᠠ᠃
ᠲᠤᠩᠬᠤ᠄ ᠲᠠ ᠬᠡᠳᠦ ᠮᠠᠨᠢ ᠬᠠᠭᠠᠯᠭ᠎ᠠ ᠪᠠᠨ ᠰᠠᠢᠨ ᠲᠦᠭᠵᠢᠭᠡᠳ ᠠᠶᠤᠯᠭᠦᠢ ᠪᠠᠢᠵᠠᠭᠠᠵᠤ ᠪᠠᠢᠭᠠᠷᠠᠢ!
ᠬᠣᠶᠠᠳᠠᠬᠢ ᠭᠠᠬᠠᠢ᠄ ᠬᠡ ᠬᠡ᠂ ᠲᠠ ᠨᠠᠷ ᠲᠤ᠌ ᠵᠠᠪᠠᠯ ᠠᠭᠤᠯᠵᠠᠬᠤ ᠬᠡᠷᠡᠭ ᠦᠭᠡᠢ ᠯᠡ ᠳᠡ᠂ ᠤᠭ ᠨᠢ᠃
ᠪᠠᠰᠠᠷ᠄ ᠵᠦᠭᠡᠷ ᠠ᠋᠂ ᠪᠢ ᠤᠴᠢᠷᠯᠠᠭᠠᠳ ᠣᠢᠯᠠᠭᠠᠭᠤᠯᠴᠢᠬᠠᠨᠠ ᠠ᠂ ᠮᠥᠩᠬᠡ ᠠ᠋ ᠂ ᠨᠠᠭᠠᠰᠢ ᠪᠠᠨ᠂ ᠪᠥᠭᠡᠮ ᠢ᠋ᠶ᠋ᠡᠷ ᠢ᠋ᠶ᠋ᠡᠨ ᠶᠠᠪᠤᠶ᠎ᠠ ᠃
ᠮᠥᠩᠬᠡ᠄ ᠠ᠂ ᠪᠢ ᠵᠦᠭᠡᠷ ᠳᠡ᠂ ᠪᠢ ᠡᠨᠡ ᠬᠡᠳᠦ ᠶ᠋ᠢ ᠪᠡᠨ ᠬᠠᠮᠠᠭᠠᠯᠠᠭᠠᠳ ᠪᠠᠢᠵᠤ ᠪᠠᠢᠶ᠎ᠠ᠃
ᠪᠠᠰᠠᠷ᠄ ᠦ᠂ ᠨᠡᠭᠡᠷᠡᠨ ᠡᠨᠡ ᠬᠡᠳᠦ ᠶ᠋ᠢ ᠪᠡᠨ ᠪᠠᠰᠠ ᠬᠠᠮᠠᠭᠠᠯᠠᠬᠤ ᠶᠤᠮ ᠪᠠᠢᠨ᠎ᠠ ᠰᠢᠳᠡ᠂ ᠪᠢ ᠦᠯᠡᠳᠡᠬᠦ ᠤᠤ ᠶᠠᠭᠠᠬᠢᠬᠤ?ᠠ ᠲᠡᠭᠡᠩᠭᠦᠲᠡ ᠪᠠᠰᠠ ᠴᠢᠨᠣ᠎ᠠ ᠲᠠᠢ ᠤᠴᠢᠷ ᠢ᠋ᠶ᠋ᠠᠨ ᠣᠯᠬᠤ ᠬᠡᠷᠡᠭ ᠭᠠᠷᠤᠨ᠎ᠠ᠂ ᠶᠠᠭᠠᠬᠢᠶ᠎ᠠ ᠳᠠ᠂ ᠡᠨᠡ ᠪᠡᠶ᠎ᠡ ᠶ᠋ᠢ᠂ ᠴᠢᠳᠠᠪᠤᠷᠢ ᠶ᠋ᠢ ᠠ᠃ ᠪᠡᠶ᠎ᠡ ᠪᠡᠨ ᠬᠣᠶᠠᠷ ᠬᠤᠪᠢᠶᠠᠯᠲᠠᠢ ᠪᠢᠰᠢ ᠳᠡ᠃ ᠪᠣᠯᠳᠠᠭ ᠪᠣᠯ ᠥᠪᠡᠷ ᠢ᠋ ᠪᠡᠨ copy paste (ᠬᠠᠭᠤᠯᠵᠤ ᠨᠠᠭᠠᠭᠠᠳ)᠂ ᠲᠠ ᠬᠡᠳᠦ ᠳ᠋ᠦ᠍ ᠪᠡᠨ ᠶᠠᠪᠤᠭᠤᠯᠴᠢᠬᠠᠮᠠᠷ ᠪᠠᠢᠬᠤ ᠶᠤᠮ᠃ ᠵᠠ ᠵᠠ᠃
ᠮᠥᠩᠬᠡ᠄ ᠵᠦᠭᠡᠷ ᠠ᠋᠂ ᠲᠠ ᠬᠡᠳᠦ ᠶᠠᠪᠤᠴᠢᠬᠠᠭᠠᠳ ᠢᠷ᠎ᠡ᠃
ᠴᠠᠰᠤᠬᠠᠨ᠄ ᠵᠠ᠂ ᠪᠢᠳᠡ ᠴᠢᠨᠣ᠎ᠠ ᠶ᠋ᠢᠨ ᠪᠠᠢᠰᠢᠩ ᠢ᠋ ᠣᠯᠴᠢᠬᠠᠬᠤ ᠰᠢᠭ᠋ ᠪᠣᠯᠤᠯ᠎ᠠ᠃
ᠪᠠᠰᠠᠷ᠄ ᠶᠠᠭᠠᠬᠢᠵᠤ ᠴᠢᠨᠣ᠎ᠠ ᠶ᠋ᠢᠨ ᠪᠠᠢᠰᠢᠩ ᠭᠡᠳᠡᠭ ᠢ᠋ ᠮᠡᠳᠡᠭᠡᠳ ᠪᠠᠢᠭ᠎ᠠ ᠶᠤᠮ᠂ᡸ рентген (X ᠰᠠᠴᠤᠷᠠᠭ) ᠢ᠋ᠶ᠋ᠠᠷ ᠪᠠᠷᠤᠭ ᠬᠠᠷᠠᠭᠠᠳ ᠪᠠᠢᠨ᠎ᠠ ᠤᠤ ᠦᠭᠡᠢ ᠤᠤ?
ᠴᠠᠰᠤᠬᠠᠨ᠄ ᠲᠡᠭᠦᠨ ᠢ᠋ ᠬᠠᠷ᠎ᠠ ᠳᠠ᠃
ᠪᠠᠰᠠᠷ᠄ ᠵᠠ᠂ ᠪᠢ ᠲᠤᠷᠰᠢᠯᠭ᠎ᠠ ᠲᠠᠢ ᠪᠠᠷ ᠢ᠋ᠶ᠋ᠠᠨ ᠰᠢᠭᠤᠳ ᠶᠠᠷᠢᠶ᠎ᠠ᠂ ᠵᠠ᠃ᠰᠠᠢᠨ ᠪᠠᠢᠨ᠎ᠠ ᠤᠤ?
ᠴᠢᠨᠣ᠎ᠠ᠄ ᠦ ᠰᠠᠢᠨ ᠪᠠᠢᠵᠠᠭᠠᠨ᠎ᠠ ᠤᠤ? ᠬᠠᠮᠢᠭ᠎ᠠ ᠬᠦᠷᠴᠦ ᠶᠠᠪᠤᠭ᠎ᠠ ᠬᠡᠦᠬᠡᠳ ᠦ᠋ᠳ ᠪᠣᠢ?
ᠪᠠᠰᠠᠷ᠄ ᠠ⁉ ᠦ ᠂ ᠶᠠᠮᠠᠷ ᠭᠣᠶᠣ ᠠᠭᠠᠰᠢ ᠲᠠᠢ᠂ ᠠ᠂ ᠪᠢᠳᠡ ᠨᠠᠷ ᠲᠠᠨ ᠲᠠᠢ ᠠᠭᠤᠯᠵᠠᠬᠤ ᠭᠡᠳ ᠶᠠᠪᠤᠵᠤ ᠪᠠᠢᠨ᠎ᠠ᠃
ᠴᠢᠨᠣ᠎ᠠ᠄ ᠶᠠᠮᠠᠷ ᠠᠰᠠᠭᠤᠳᠠᠯ ᠭᠠᠷᠤᠭᠰᠠᠨ ᠶᠤᠮ ᠪᠣᠯ?
ᠪᠠᠰᠠᠷ᠄ ᠲᠠ᠂ ᠴᠢᠳᠠᠯ ᠦᠭᠡᠢ ᠰᠤᠯᠠ ᠳᠣᠷᠣᠢ ᠨᠢᠭᠡᠨ ᠢ᠋ᠶ᠋ᠡᠨ ᠢᠩᠭᠢᠵᠦ ᠳᠡᠭᠡᠷᠡᠯᠬᠡᠵᠦ ᠪᠣᠯᠬᠤ ᠦᠭᠡᠢ ᠰᠢᠦ ᠳᠡ ᠲᠠᠨ ᠠ᠋ᠴᠠ ᠢᠯᠡᠭᠦᠦ ᠬᠦᠴᠦᠲᠡᠢ ᠬᠡᠨ ᠨᠢᠭᠡᠨ ᠪᠠᠢᠵᠤ ᠯᠠ ᠪᠠᠢᠭ᠎ᠠ᠂ ᠭᠡᠬᠦ ᠳ᠋ᠦ᠍ ᠪᠡᠨ ᠲᠠᠨ ᠢ᠋ ᠳᠡᠭᠡᠷᠡᠯᠬᠡᠬᠦ ᠦᠭᠡᠢ ᠪᠠᠢᠨ᠎ᠠ ᠭᠡᠳᠡᠭ ᠴᠢᠨᠢ ᠲᠡᠷᠡ ᠬᠦᠴᠦᠲᠡᠨ ᠮᠠᠰᠢ ᠶᠡᠬᠡ ᠤᠬᠠᠭᠠᠨ ᠲᠠᠢ ᠪᠠᠰᠠ ᠤᠬᠠᠮᠰᠠᠷ ᠲᠠᠢ ᠪᠠᠢᠨ᠎ᠠ ᠭᠡᠰᠡᠨ ᠦᠭᠡ᠃
ᠴᠢᠨᠣ᠎ᠠ᠄ ᠠᠭᠤᠴᠢᠯᠠᠭᠠᠷᠠᠢ! ᠪᠢ ᠬᠡᠨ ᠢ᠋ ᠴᠦ ᠳᠡᠭᠡᠷᠡᠯᠬᠡᠭᠡ ᠦᠭᠡᠢ ᠳᠡ᠃
ᠲᠤᠩᠬᠤ᠄ ᠲᠠ ᠬᠣᠶᠠᠷ ᠳᠣᠷᠣᠢ ᠶ᠋ᠢᠨ ᠪᠠᠢᠰᠢᠩ ᠢ᠋ ᠦᠯᠢᠶᠡᠵᠦ ᠨᠤᠷᠠᠭᠠᠭᠰᠠᠨ ᠪᠠᠢᠨ᠎ᠠ ᠰᠢᠦ ᠳᠡ᠂ ᠪᠢᠳᠡ ᠲᠡᠭᠡᠭᠡᠳ ᠲᠠᠨ ᠳ᠋ᠤ᠌ ᠣᠢᠯᠠᠭᠠᠭᠤᠯᠬᠤ ᠪᠠᠷ ᠢᠷᠡᠭᠰᠡᠨ ᠶᠦ᠍ᠮ᠃
ᠴᠢᠨᠣ᠎ᠠ᠄ ᠠ ᠲᠠ ᠬᠡᠳᠦ ᠮᠠᠨ ᠤ᠋ ᠬᠥᠷᠰᠢ ᠶ᠋ᠢᠨ ᠬᠣᠶᠠᠷ ᠳᠣᠷᠣᠢ ᠶ᠋ᠢ ᠬᠡᠯᠡᠵᠦ ᠪᠠᠢᠨ᠎ᠠ ᠤᠤ?
ᠪᠠᠰᠠᠷ᠄ ᠦ᠂ ᠲᠠ ᠪᠦᠷ ᠬᠦᠷᠰᠢ ᠨᠢ ᠶᠦ᠍ᠮ ᠤᠤ?
ᠴᠢᠨᠣ᠎ᠠ᠄ ᠲᠡᠢᠮᠦ ᠠ᠋᠂ ᠲᠡᠷᠡ ᠬᠣᠶᠠᠷ ᠮᠠᠨᠢ ᠤᠷᠢᠨ ᠳᠤᠯᠠᠭᠠᠨ ᠴᠠᠭ ᠪᠠᠢᠬᠤ ᠳ᠋ᠤ᠌ ᠥᠪᠡᠷᠰᠡᠳ ᠦ᠋ᠨ ᠢ᠋ᠶ᠋ᠡᠨ ᠪᠠᠢᠰᠢᠩ ᠢ᠋ ᠪᠠᠷᠢᠭᠰᠠᠨ ᠶᠤᠮ᠂ ᠨᠢᠭᠡ ᠨᠢ ᠰᠦᠷᠡᠯ ᠢ᠋ᠶ᠋ᠡᠷ ᠨᠥᠭᠦᠭᠡ ᠨᠢ ᠮᠥᠴᠢᠷ ᠢ᠋ᠶ᠋ᠡᠷ ᠪᠠᠷᠢᠭᠰᠠᠨ ᠶᠤᠮ᠂ ᠵᠤᠨ ᠳ᠋ᠤ᠌ ᠪᠠᠨ ᠶᠠᠭᠠᠬᠢᠬᠤᠪ ᠪᠣᠯᠤᠭᠠᠳ ᠯᠠ ᠪᠠᠢᠭᠰᠠᠨ ᠶᠤᠮ᠂ ᠪᠢ ᠲᠡᠳᠡᠨ ᠳ᠋ᠦ᠍ ᠡᠨᠡ ᠡᠪᠦᠯ ᠶᠡᠬᠡ ᠬᠦᠢᠲᠡᠨ ᠪᠣᠯᠤᠨ᠎ᠠ ᠪᠠᠢᠰᠢᠩ ᠢ᠋ᠶ᠋ᠠᠨ ᠰᠠᠢᠨ ᠳᠤᠯᠠᠭᠠᠯᠠᠵᠤ᠂ ᠲᠦᠯᠡᠰᠢ ᠪᠡᠨ ᠪᠡᠯᠡᠳᠴᠡᠭᠡᠭᠡᠷᠡᠢ ᠭᠡᠵᠦ ᠵᠠᠬᠢᠭᠰᠠᠨ ᠶᠤᠮ᠃ ᠬᠡᠳᠦᠢ ᠲᠡᠭᠡᠭᠰᠡᠨ ᠪᠣᠯᠪᠠᠴᠤ᠁
ᠪᠠᠭ᠎ᠠ ᠭᠠᠬᠠᠢ᠄ ᠶᠠᠭᠠᠬᠢᠭᠰᠠᠨ ᠬᠦᠢᠲᠡᠨ ᠶᠦ᠍ᠮ ᠳᠡ᠂ ᠪᠠᠢᠰᠢᠩ ᠢ᠋ ᠶᠡᠬᠡ ᠰᠠᠯᠬᠢ ᠨᠡᠪᠲᠡ ᠦᠯᠢᠶᠡᠵᠦ ᠪᠠᠢᠨ᠎ᠠ ᠰᠢᠦ᠂ ᠢ ᠲᠢ ᠲᠢ ᠲᠢ
ᠬᠣᠶᠠᠳᠠᠬᠢ ᠭᠠᠬᠠᠢ᠄ ᠡᠨᠳᠡ ᠲᠡᠨᠳᠡ ᠡᠴᠡ ᠤᠰᠤ ᠭᠣᠭᠣᠵᠢᠨ ᠬᠡᠪᠲᠡᠬᠦ ᠴᠦ᠍ ᠭᠠᠵᠠᠷ ᠣᠯᠳᠠᠬᠤ ᠦᠭᠡᠢ ᠪᠣᠯᠤᠯ᠎ᠠ᠂ ᠬᠣᠭᠣᠯᠠ ᠬᠦᠨᠡᠰᠦ ᠲᠦᠯᠡᠭᠡ ᠪᠡᠨ ᠪᠡᠯᠡᠳᠦᠭᠡ ᠦᠭᠡᠢ ᠪᠣᠯᠬᠣᠷ ᠶᠠᠮᠠᠷ ᠶᠡᠬᠡ ᠥᠯᠥᠰᠴᠦ ᠪᠠᠢᠨ᠎ᠠ᠃
ᠴᠢᠨᠣ᠎ᠠ᠄ ᠡᠪᠦᠯ ᠴᠢᠭᠢᠭ ᠳᠠᠭᠠᠭᠠᠵᠤ ᠬᠠᠪᠤᠷ ᠰᠠᠯᠬᠢᠨ ᠳ᠋ᠤ᠌ ᠢᠳᠡᠭᠳᠡᠭᠰᠡᠨ ᠪᠠᠢᠰᠢᠩ ᠤ᠋ᠳ ᠨᠢᠭᠡ ᠯᠡ ᠡᠳᠦᠷ ᠰᠠᠯᠬᠢᠨ ᠳ᠋ᠤ᠌ ᠨᠤᠷᠠᠵᠤ ᠤᠨᠠᠵᠠᠭᠠᠭᠰᠠᠨ ᠶᠤᠮ ᠳᠠ᠃ ᠬᠡᠳᠦᠢ ᠮᠠᠭᠤ ᠪᠠᠷᠢᠭᠳᠠᠭᠰᠠᠨ ᠪᠠᠢᠰᠢᠩ ᠪᠠᠢᠭᠰᠠᠨ ᠴᠤ᠌ ᠭᠡᠰᠡᠨ ᠪᠢ ᠶᠠᠭᠠᠬᠢᠵᠤ ᠦᠯᠢᠶᠡᠵᠦ ᠨᠤᠷᠠᠭᠠᠬᠤᠪ ᠳᠠ᠂ ᠠ ᠬᠡ ᠬᠡ ᠬᠡ
ᠴᠠᠰᠤᠬᠠᠨ᠄ ᠠ! ᠡᠢᠮᠦ ᠤᠴᠢᠷ ᠲᠠᠢ ᠪᠠᠢᠭᠰᠠᠨ ᠶᠤᠮ ᠪᠠᠢᠨ᠎ᠠ ᠰᠢᠦ ᠳᠡ᠃
ᠪᠠᠰᠠᠷ᠄ ᠦ᠂ ᠮᠠᠨ ᠤ᠋ ᠨᠥᠭᠦᠭᠡ ᠬᠣᠶᠠᠷ ᠠ᠂ ᠵᠠᠯᠬᠠᠭᠤ ᠳᠡᠭᠡᠷ᠎ᠡ ᠡᠴᠡ ᠨᠢ ᠪᠠᠰᠠ ᠬᠤᠳᠠᠯ ᠶᠠᠷᠢᠭᠰᠠᠨ ᠪᠠᠢᠨ᠎ᠠ ᠰᠢᠲᠠ᠂ ᠪᠢᠳᠡᠨᠦᠰ ᠲᠦ᠍᠃
ᠲᠤᠩᠬᠤ᠄ ᠪᠢᠳᠡᠨ ᠢ᠋ ᠠᠭᠤᠴᠢᠯᠠᠭᠠᠷᠠᠢ! ᠪᠢᠳᠡ ᠪᠤᠷᠤᠭᠤ ᠣᠢᠯᠠᠭᠠᠭᠰᠠᠨ ᠪᠠᠢᠵᠠᠢ᠃
ᠪᠠᠰᠠᠷ᠄ ᠴᠣᠬᠢ ᠠᠬ᠎ᠠ ᠨᠢ ᠲᠠ ᠪᠢᠳᠡᠨ ᠲᠡᠢ ᠬᠠᠮᠲᠤ ᠶᠠᠪᠤᠬᠤ ᠤᠤ? ᠠ᠂ ᠪᠤᠷᠤᠭᠤ ᠵᠦᠢᠯ ᠬᠢᠭᠰᠡᠨ ᠬᠥᠮᠦᠰ ᠠᠭᠤᠴᠢᠯᠠᠯᠠᠲᠠ ᠭᠤᠶᠤᠬᠤ ᠶᠣᠰᠣᠲᠠᠢ ᠰᠢᠦ ᠳᠡ᠂ ᠨᠢᠭᠡ ᠶᠣᠰᠣᠨ ᠳ᠋ᠤ᠌ ᠪᠠᠨ ᠲᠠᠨ ᠢ᠋ ᠭᠦᠳᠬᠡᠭᠰᠡᠨ ᠪᠠᠢᠨ᠎ᠠ ᠰᠢᠦ᠂ ᠥᠩ
ᠴᠢᠨᠣ᠎ᠠ᠄ ᠬᠠ ᠬᠠ᠂ ᠪᠢ ᠵᠦᠭᠡᠷ ᠠ᠋᠃
ᠪᠠᠰᠠᠷ᠄ ᠦᠭᠡᠢ᠂ ᠵᠦᠭᠡᠷ ᠪᠢᠰᠢ ᠠᠬ᠎ᠠ᠂ ᠠᠯᠢᠪ ᠬᠠᠮᠲᠤ ᠶᠠᠪᠤᠶ᠎ᠠ᠂ ᠠᠬ᠎ᠠ ᠶᠠᠪᠤᠶ᠎ᠠ ᠠᠬ᠎ᠠ ᠠᠬ᠎ᠠ᠂ ᠴᠣᠬᠢ ᠠᠬ᠎ᠠ᠃
ᠠᠬ᠎ᠠ ᠭᠠᠬᠠᠢ: ᠦ᠂ ᠲᠠ ᠬᠡᠳᠦ ᠬᠦᠷᠦᠭᠡᠳ ᠢᠷᠡᠪᠡ ᠤᠤ? ᠬᠥᠥᠭ᠂ ᠴᠢᠨᠦ ᠳᠠᠭᠠᠭᠤᠯᠤᠭᠠᠳ ᠢᠷᠡᠭᠰᠡᠨ ᠶᠦ᠍ᠮ ᠤᠤ?
ᠪᠠᠰᠠᠷ᠄ ᠵᠠ ᠲᠡᠭᠡᠬᠦ ᠪᠡᠷ ᠡᠢᠮᠦ ᠶᠠᠭᠤᠮ᠎ᠠ ᠪᠣᠯᠤᠭᠰᠠᠨ ᠶᠤᠮ ᠰᠠᠨᠵᠠᠢ᠂ ᠮᠠᠨ ᠤ᠋ ᠬᠣᠶᠠᠷ ᠬᠤᠳᠠᠯ ᠬᠡᠯᠡᠭᠰᠡᠨ ᠪᠠᠢᠨ᠎ᠠ᠃ ᠴᠢᠨᠣ᠎ᠠ ᠪᠠᠢᠰᠢᠩ ᠦᠯᠢᠶᠡᠭᠡ ᠦᠭᠡᠢ᠂ ᠮᠠᠭᠤ ᠪᠠᠷᠢᠭᠰᠠᠨ ᠪᠠᠢᠰᠢᠩ ᠨᠢ ᠪᠠᠢᠭᠠᠯᠢ ᠶ᠋ᠢᠨ ᠰᠢᠯᠭᠠᠯ ᠢ᠋ ᠳᠠᠪᠠᠭ᠎ᠠ ᠦᠭᠡᠢ ᠶᠦ᠍ᠮ ᠯᠡ ᠪᠠᠢᠨ᠎ᠠ ᠰᠢᠦ ᠳᠡ᠃
ᠠᠬ᠎ᠠ ᠭᠠᠬᠠᠢ᠄ ᠦ ᠦ᠂ ᠶᠠᠭᠤ ᠭᠡᠰᠡᠨ ᠦᠭᠡ ᠪᠣᠢ?ᠲᠠ ᠬᠣᠶᠠᠷ ᠵᠠᠯᠬᠠᠭᠤᠷᠠᠵᠤ ᠪᠠᠢᠰᠢᠩ ᠢ᠋ᠶ᠋ᠠᠨ ᠮᠠᠭᠤ ᠪᠠᠷᠢᠭᠠᠳ᠂ ᠳᠡᠭᠡᠷ᠎ᠡ ᠡᠴᠡ ᠨᠢ ᠬᠤᠳᠠᠯ ᠬᠡᠯᠡᠭᠰᠡᠨ ᠶᠦ᠍ᠮ ᠤᠤ?
ᠬᠣᠶᠠᠳᠠᠬᠢ ᠭᠠᠬᠠᠢ: ᠠᠭᠤᠴᠢᠯᠠᠭᠠᠷᠠᠢ ᠠᠬ᠎ᠠ ᠠ᠋᠃
ᠠᠬ᠎ᠠ ᠭᠠᠬᠠᠢ᠄ ᠨᠠᠳᠠ ᠠ᠋ᠴᠠ ᠠᠭᠤᠴᠢᠯᠠᠯᠲᠠ ᠭᠤᠶᠤᠬᠤ ᠪᠠᠷ ᠴᠢᠨᠣ᠎ᠠ ᠠᠬ᠎ᠠ ᠠ᠋ᠴᠠ ᠠᠭᠤᠴᠢᠯᠠᠯᠲᠠ ᠭᠤᠶᠤᠭᠠᠷᠠᠢ᠃
ᠬᠣᠶᠠᠳᠠᠬᠢ ᠭᠠᠬᠠᠢ᠄ ᠠᠭᠤᠴᠢᠯᠠᠭᠠᠷᠠᠢ!ᠴᠢᠨᠣ᠎ᠠ ᠠᠬ᠎ᠠ ᠨᠢ᠃
ᠪᠠᠭ᠎ᠠ ᠭᠠᠬᠠᠢ᠄ ᠠᠭᠤᠴᠢᠯᠠᠭᠠᠷᠠᠢ᠂ ᠲᠠᠨ ᠤ᠋ ᠨᠡᠷ᠎ᠡ ᠶ᠋ᠢ ᠪᠠᠷᠢᠵᠤ ᠬᠤᠳᠠᠯ ᠬᠡᠯᠡᠴᠢᠬᠡᠯ᠎ᠡ᠃
ᠴᠢᠨᠣ᠎ᠠ᠄ ᠵᠦᠭᠡᠷ ᠳᠡ᠂ ᠤᠷᠢᠨ ᠴᠠᠭ ᠢᠷᠡᠵᠦ ᠪᠠᠢᠭ᠎ᠠ ᠤᠴᠢᠷ ᠠ᠋ᠴᠠ ᠥᠪᠡᠷᠰᠡᠳ ᠦ᠋ᠨ ᠢ᠋ᠶ᠋ᠡᠨ ᠪᠠᠢᠰᠢᠩ ᠢ᠋ ᠴᠢᠨᠠᠷᠲᠠᠢ ᠰᠠᠢᠨ ᠪᠠᠷᠢᠭᠠᠷᠠᠢ᠃
ᠪᠠᠰᠠᠷ᠄ ᠠ᠂ ᠦᠨᠡᠬᠡᠷ ᠳᠠᠷᠤᠤᠬᠠᠨ᠂ ᠪᠠᠰᠠ ᠳᠡᠭᠡᠷ᠎ᠡ ᠡᠴᠡ ᠨᠢ ᠰᠠᠢᠬᠠᠨ ᠰᠡᠳᠬᠢᠯ ᠲᠡᠢ ᠶᠦᠮ ᠠ᠋᠂ ᠡᠨᠡ ᠦᠯᠢᠭᠡᠷ ᠪᠣᠯᠭᠠᠨ ᠳᠡᠭᠡᠷ᠎ᠡ ᠴᠢᠨᠣ᠎ᠠ ᠶ᠋ᠢ ᠲᠠᠩᠳᠠ ᠡᠰᠡᠷᠭᠦ ᠳᠦᠷᠢ ᠳ᠋ᠦ᠍ ᠣᠷᠣᠭᠤᠯᠳᠠᠭ ᠢ᠋ ᠴᠣᠬᠣᠮ ᠪᠤᠯᠢᠮᠠᠷ ᠪᠠᠢᠨ᠎ᠠ ᠲᠡᠢᠮᠦ᠂ ᠠ! ᠮᠠᠨ ᠤ᠋ ᠴᠢᠨᠣ᠎ᠠ ᠶ᠋ᠢᠨ ᠬᠢᠨ ᠪᠣᠯ ᠭᠠᠢᠭᠤᠢ ᠰᠢᠳᠡ᠃ ᠬᠡ ᠬᠡ
ᠲᠤᠩᠬᠤ᠄ ᠲᠠ ᠬᠡᠳᠦ ᠮᠠᠨᠢ ᠪᠢᠲᠡᠭᠡᠢ ᠲᠠᠬᠢᠵᠤ ᠵᠠᠯᠬᠠᠭᠤᠷᠠᠭᠠᠷᠠᠢ᠂ ᠠᠯᠢᠪᠠ ᠵᠦᠢᠯ ᠢ᠋ ᠰᠡᠳᠬᠢᠯ ᠡᠴᠡ ᠪᠡᠨ ᠴᠢᠨᠠᠷᠲᠠᠢ ᠬᠢᠵᠦ ᠪᠠᠢᠭᠠᠷᠠᠢ᠂ ᠥᠪᠡᠷ ᠢ᠋ ᠪᠡᠨ ᠬᠠᠭᠤᠷᠤᠨ᠎ᠠ ᠭᠡᠳᠡᠭ ᠪᠣᠯᠬᠤ ᠦᠭᠡᠢ ᠵᠦᠢᠯ ᠰᠢᠦ᠃
ᠬᠣᠶᠠᠳᠠᠬᠢ ᠭᠠᠬᠠᠢ᠄ ᠣᠢᠯᠠᠭᠠᠯ᠎ᠠ᠂ ᠪᠢᠳᠡ ᠨᠠᠷ ᠢ᠋ ᠠᠭᠤᠴᠢᠯᠠᠭᠠᠷᠠᠢ!
ᠴᠠᠰᠤᠠᠬᠨ᠄ ᠬᠥᠳᠡᠯᠮᠦᠷᠢᠴᠢ ᠵᠠᠩ ᠢ᠋ ᠬᠡᠯᠡᠭᠡᠳ ᠣᠢᠯᠠᠭᠠᠳᠠᠭ ᠵᠦᠢᠯ ᠪᠢᠰᠢ ᠰᠢᠦ ᠳᠡ᠂ ᠡᠷᠭᠢᠨ ᠲᠣᠭᠣᠷᠢᠨ ᠤ᠋ ᠬᠥᠮᠦᠰ ᠨᠢ ᠦᠯᠢᠭᠡᠷᠯᠡᠵᠦ᠂ ᠲᠤᠰᠠᠯᠠᠵᠤ ᠳᠡᠮᠵᠢᠵᠦ ᠪᠠᠢᠬᠤ ᠬᠡᠷᠡᠭᠲᠡᠢ ᠶᠦ᠍ᠮ ᠰᠢᠦ ᠳᠡ᠃ᠴᠢᠨᠣ᠎ᠠ ᠠᠬ᠎ᠠ ᠳᠣᠷᠣᠢ ᠠᠬ᠎ᠠ ᠬᠣᠶᠠᠷ ᠮᠠᠨᠢ ᠰᠠᠢᠨ ᠦᠯᠢᠭᠡᠷᠯᠡᠵᠦ ᠪᠠᠢᠭᠠᠷᠠᠢ᠃
ᠠᠬ᠎ᠠ ᠭᠠᠬᠠᠢ᠄ ᠣᠢᠯᠠᠭᠠᠯ᠎ᠠ᠂ ᠲᠠ ᠬᠡᠳᠦ ᠳ᠋ᠦ᠍ ᠪᠡᠨ ᠮᠠᠰᠢ ᠶᠡᠬᠡ ᠪᠠᠶᠠᠷᠯᠠᠯ᠎ᠠ᠃
ᠴᠢᠨᠣ᠎ᠠ᠄ ᠪᠢ ᠴᠦ᠍ ᠭᠡᠰᠡᠨ ᠲᠠ ᠬᠣᠶᠠᠷ ᠲᠤ᠌ ᠪᠠᠨ ᠴᠢᠳᠠᠯ ᠢ᠋ᠶ᠋ᠠᠷ ᠢ᠋ᠶ᠋ᠠᠨ ᠦᠯᠢᠭᠡᠷᠯᠡᠬᠦ ᠪᠣᠯᠤᠨ᠎ᠠ ᠃ ᠪᠠᠰᠠ ᠳᠠᠰᠬᠠᠯ ᠬᠥᠳᠡᠯᠭᠡᠭᠡᠨ ᠬᠢᠬᠦ ᠶᠠᠮᠠᠷ ᠬᠡᠷᠡᠭ ᠲᠡᠢ ᠪᠣᠯᠬᠤ ᠶ᠋ᠢ ᠣᠢᠯᠠᠭᠠᠭᠤᠯᠵᠤ ᠥᠭᠭᠦᠨ᠎ᠡ ᠰᠢᠦ᠂ ᠵᠠ ᠤᠤ?
ᠲᠤᠩᠬᠤ᠄ ᠪᠢ ᠴᠢᠮ᠎ᠠ ᠶ᠋ᠢ ᠳᠠᠭᠠᠭᠠᠯᠭᠠᠪᠤᠷᠢ ᠪᠠᠨ ᠬᠢᠵᠦ ᠪᠠᠢᠭ᠎ᠠ ᠶ᠋ᠢ ᠴᠢᠨᠢ ᠬᠠᠷᠠᠭᠰᠠᠨ ᠰᠢᠦ᠂ ᠬᠡ ᠬᠡ᠂ ᠪᠢ ᠴᠦ᠍ ᠭᠡᠰᠡᠨ ᠴᠢᠮ᠎ᠠ ᠳ᠋ᠤ᠌ ᠲᠤᠰᠠᠯᠠᠬᠤ ᠪᠣᠯᠤᠨ᠎ᠠ᠃
ᠲᠤᠩᠬᠤ᠄ ᠪᠢ ᠬᠢᠴᠢᠶᠡᠯ ᠢ᠋ᠶ᠋ᠡᠨ ᠬᠢᠭᠡᠳ ᠳᠠᠭᠤᠰᠴᠢᠬᠠᠯ᠎ᠠ᠂ ᠴᠢ ᠳᠠᠭᠤᠰᠤᠭᠰᠠᠨ ᠤᠤ?
ᠮᠥᠩᠬᠡ᠄ ᠪᠢ ᠶᠠᠭ ᠳᠠᠭᠤᠰᠤᠯ᠎ᠠ᠂ ᠳᠠᠭᠤᠰᠤᠯ᠎ᠠ᠂ ᠳᠠᠭᠤᠰᠤᠯ᠎ᠠ᠂ ᠳᠠᠭᠤᠰᠴᠢᠬᠠᠯ᠎ᠠ᠃
ᠲᠤᠩᠬᠤ᠄ ᠬᠢ ᠬᠢ ᠬᠢ᠂ ᠬᠢᠬᠦ ᠶᠣᠰᠣᠲᠠᠢ ᠵᠦᠢᠯᠡᠰ ᠢ᠋ᠶ᠋ᠡᠨ ᠴᠠᠭ ᠲᠤᠬᠠᠢ ᠳ᠋ᠤᠨᠢ ᠬᠢᠬᠦ ᠶᠣᠰᠣᠲᠠᠢ ᠭᠣᠶᠣ ᠰᠢᠦ᠂ ᠵᠠ ᠣᠳᠣ ᠬᠢᠴᠢᠶᠡᠯ ᠢ᠋ᠶ᠋ᠡᠨ ᠬᠢᠴᠢᠬᠡᠭᠰᠡᠨ ᠶᠦᠮ ᠴᠢᠨᠢ ᠪᠦᠭᠦᠳᠡᠭᠡᠷ ᠢ᠋ᠶ᠋ᠡᠨ ᠲᠣᠭᠯᠠᠬᠤ ᠤᠤ?
ᠮᠥᠩᠬᠡ᠄ ᠶᠧ ᠲᠡᠭᠡᠶ᠎ᠡ!
ᠮᠥᠩᠬᠡ᠄ ᠢᠷᠠᠰᠸ᠍ᠢᠬᠡᠯ
ᠲᠤᠩᠬᠤ᠄ ᠢᠷᠰᠠ᠍ᠢ᠍ᠢᠭᠠᠯ
ᠮᠥᠩᠬᠡ᠄ ᠢᠷᠠᠰᠸ᠍ᠢᠬᠥᠯ
ᠲᠤᠩᠬᠤ᠄ᠢᠰᠰᠣᠰᠯᠠᠢ
ᠴᠠᠰᠤᠬᠠᠨ᠄ ᠵᠠ ᠶᠠᠭᠤ ᠬᠢᠵᠡᠭᠡᠵᠦ ᠪᠠᠢᠭ᠎ᠠ ᠶᠤᠮ ᠪᠣᠢ?
ᠮᠥᠩᠬᠡ᠄ RECYCLE ᠶᠢ ᠶᠠᠩᠵᠤ ᠶᠠᠩᠵᠤ ᠪᠠᠷ ᠤᠩᠰᠢᠭᠠᠳ ᠵᠣᠭᠰᠣᠵᠤ ᠪᠠᠢᠨ᠎ᠠ᠃
ᠴᠠᠰᠤᠬᠠᠨ᠄ ᠠ! ᠬᠡ ᠬᠡ᠂ ᠪᠣᠬᠢᠷ ᠬᠣᠭ ᠤᠤ?
ᠲᠤᠩᠬᠤ᠄ ᠠ ᠬᠠ᠂ ᠬᠡ ᠬᠡ᠂ ᠬᠣᠭ ᠢ᠋ᠶ᠋ᠠᠨ ᠬᠠᠮᠢᠶ᠎ᠠ ᠦᠭᠡᠢ ᠢᠯᠭᠠᠬᠤ ᠦᠭᠡᠢ ᠬᠠᠶᠠᠬᠤ ᠪᠠᠷ ᠪᠠᠢᠭᠠᠯᠢ ᠳ᠋ᠤ᠌ ᠬᠣᠣᠷ ᠲᠠᠢ ᠬᠣᠣᠷ ᠦᠭᠡᠢ ᠬᠠᠮᠢᠶ᠎ᠠ ᠦᠭᠡᠢ ᠪᠦᠭᠦᠳᠡ ᠶ᠋ᠢ ᠨᠢ ᠠᠭᠤᠯᠠ ᠤᠷᠤᠭᠤ ᠬᠠᠶᠠᠴᠢᠬᠠᠳᠠᠭ ᠭᠡᠰᠡᠨ ᠦᠨᠡᠨ ᠤᠤ?
ᠴᠠᠰᠤᠬᠠᠨ᠄ ᠳᠡᠭᠡᠯ ᠦᠭᠡᠢ ᠶᠠᠭᠠᠬᠢᠬᠤᠪ᠂ ᠪᠠᠢᠭᠠᠯᠢ ᠳᠤ ᠠᠭᠤᠰᠳᠠᠭ ᠦᠭᠡᠢ ᠵᠠᠳᠠᠷᠠᠳᠠᠭ ᠦᠭᠡᠢ ᠬᠣᠭ ᠭᠡᠵᠦ ᠵᠥᠩᠳᠡᠭᠡᠨ ᠪᠠᠢᠭ᠎ᠠ᠂ ᠠᠵᠠ ᠪᠠᠷ ᠲᠡᠳᠡᠨ ᠢ᠋ ᠳᠠᠬᠢᠨ ᠪᠣᠯᠪᠠᠰᠤᠷᠠᠭᠤᠯᠵᠤ ᠪᠣᠯᠳᠠᠭ ᠶᠤᠮ᠃
ᠮᠥᠩᠬᠡ᠄ ᠲᠡᠭᠡᠭᠡᠳ ᠯᠡ ᠳᠠᠬᠢᠪᠤᠷᠢ ᠳᠠᠬᠢᠭᠠᠳ ᠯᠠ ᠪᠠᠢᠨ᠎ᠠ ᠰᠢᠦ ᠳᠡ᠂ ᠲᠡᠢᠮᠦ᠃ ᠬᠡ ᠬᠠ ᠬᠠ᠃
ᠴᠠᠰᠤᠬᠠᠨ᠄ ᠬᠣᠭ ᠢ᠋ᠶ᠋ᠠᠨ ᠵᠥᠪ ᠢᠯᠭᠠᠵᠤ ᠬᠠᠶᠠᠬᠤ ᠨᠢ ᠡᠬᠡ ᠳᠡᠯᠡᠬᠡᠢ ᠳ᠋ᠦ᠍ ᠪᠡᠨ ᠲᠤᠰᠠᠲᠠᠢ ᠶᠤᠮ ᠰᠢᠦ᠃
ᠦᠰᠦᠭ ᠢ᠋ ᠨᠢ ᠠᠮᠢᠯᠠᠭᠤᠯᠵᠤ ᠬᠠᠲᠠᠭᠰᠠᠨ ᠬᠥᠮᠦᠨ: ᠾᠦᠩ ᠸᠧᠢ
ᠬᠢᠨᠠᠯᠲᠠ ᠬᠢᠭᠰᠡᠨ ᠬᠥᠮᠦᠰ᠄ ᠱᠤᠳᠤᠷᠭᠤ᠂ ᠮᠥᠴᠢᠷ᠂ ᠬᠠᠨᠳᠠ (ᠮᠣᠩᠭᠣᠯ ᠤᠯᠤᠰ)᠃