ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠨᠢᠭᠡ ᠂ ᠤᠯᠠᠭᠠᠨ ᠢᠳᠡᠭᠡᠨ ᠦ ᠪᠦᠯᠦᠭ 1 > Хөх зул – Боржигон Ванжал –" Арван нэг ᠂ Улаан идээний бүлэг 1 "
ᠠᠷᠪᠠᠨ ᠨᠢᠭᠡ ᠂ ᠤᠯᠠᠭᠠᠨ ᠢᠳᠡᠭᠡᠨ ᠦ ᠪᠦᠯᠦᠭ –1
ᠰᠢᠭᠦᠰᠦ ᠲᠠᠯᠪᠢᠬᠤ
ᠬᠠᠮᠤᠭ ᠤ᠋ᠨ ᠰᠢᠮᠡᠲᠡᠢ ᠢᠳᠡᠭᠡᠨ ᠣᠷᠣᠭᠤᠯᠬᠤ ᠶ᠋ᠢ ᠰᠢᠭᠦᠰᠦ ᠲᠠᠯᠪᠢᠬᠤ ᠭᠡᠨ᠎ᠡ ᠃ ᠮᠠᠨ ᠤ᠋ ᠮᠣᠩᠭᠣᠯᠴᠤᠳ ᠡᠷᠲᠡᠨ ᠡᠴᠡ ᠡᠳᠦᠭᠡ ᠪᠣᠯᠲᠠᠯ᠎ᠠ ᠬᠠᠮᠤᠭ ᠤ᠋ᠨ ᠶᠡᠬᠡ ᠬᠦᠨᠳᠦᠲᠦ ᠵᠣᠴᠢᠨ ᠳ᠋ᠠᠭᠠᠨ ᠰᠢᠭᠦᠰᠦ ᠲᠠᠯᠪᠢᠳᠠᠭ ᠵᠤᠷᠰᠢᠯ ᠲᠠᠢ ᠃
ᠪᠦᠬᠦᠯᠢ ᠬᠣᠨᠢᠨ ᠰᠢᠭᠦᠰᠦ
ᠡᠪᠴᠢᠭᠦᠦ ᠂ ᠪᠣᠭᠣᠨᠢ ᠬᠠᠪᠢᠷᠭ᠎ᠠ ᠂ ᠭᠡᠳᠡᠰᠦ ᠳᠣᠲᠣᠷ ᠂ ᠰᠢᠭᠢᠷ᠎ᠡ ᠶ᠋ᠢ ᠠᠪᠴᠤ ᠭᠠᠷᠭᠠᠭᠠᠳ ᠪᠤᠰᠤᠳ ᠢ᠋ ᠨᠢ ᠴᠢᠨᠠᠵᠤ ᠣᠷᠣᠭᠤᠯᠬᠤ ᠶ᠋ᠢ ᠪᠦᠬᠦᠯᠢ ᠬᠣᠨᠢᠨ ᠰᠢᠭᠦᠰᠦ ᠭᠡᠨ᠎ᠡ᠃
ᠶᠡᠬᠡ ᠰᠢᠭᠦᠰᠦ ᠪᠦᠬᠦᠯᠢ ᠰᠢᠭᠦᠰᠦ (ᠬᠥᠬᠡᠨᠠᠭᠤᠷ ᠲᠤ᠌ ) ᠃
ᠪᠦᠬᠦᠯᠢ ᠤᠭᠤᠴᠠ ᠪᠦᠬᠦᠯᠢ ᠰᠢᠭᠦᠰᠦ ( ᠪᠠᠶᠠᠨᠨᠠᠭᠤᠷ ᠲᠤ᠌ ) ᠃
ᠥᠳᠬᠡᠷᠡᠭᠦᠯᠦᠭᠰᠡᠨ ᠰᠢᠭᠦᠰᠦ ᠪᠦᠬᠦᠯᠢ ᠰᠢᠭᠦᠰᠦ ᠃
ᠰᠢᠷᠠᠭᠤᠰᠤ ᠪᠦᠬᠦᠯᠢ ᠰᠢᠭᠦᠰᠦ ( ᠪᠠᠷᠭᠤ ᠪᠤᠷᠢᠶᠠᠳ ᠲᠤ᠌ ) ᠃
ᠰᠢᠭᠦᠰᠦ ᠴᠢᠨᠠᠬᠤ ᠶᠣᠰᠣᠨ
ᠶᠢᠰᠦᠨ ᠲᠠᠮᠠᠭᠠᠲᠤ ᠪᠦᠳᠦᠭᠦᠨ ᠲᠣᠭᠣᠭᠠᠲᠠᠢ ᠬᠦᠢᠲᠡᠨ ᠤᠰᠤᠨ ᠳ᠋ᠤ᠌ ᠂ ᠰᠢᠭᠦᠰᠦᠨ ᠳ᠋ᠦ᠍ ᠣᠷᠣᠬᠤ ᠮᠢᠬ᠎ᠠ ᠨᠤᠭᠤᠳ ᠢ᠋ᠶ᠋ᠠᠨ ᠤᠭᠤᠴᠠ ᠠ᠋ᠴᠠ ᠪᠤᠰᠤᠳ ᠢ ᠨᠢ ᠦᠶᠡᠯᠡᠬᠦ ᠶᠣᠰᠣᠭᠠᠷ ᠰᠠᠯᠭᠠᠵᠤ ( ᠵᠠᠷᠢᠮ ᠭᠠᠵᠠᠷ ᠰᠠᠯᠭᠠᠬᠤ ᠦᠭᠡᠢ ᠮᠥᠴᠢ ᠮᠥᠴᠢ ᠪᠡᠷ ᠨᠢ ) ᠬᠢᠭᠡᠳ ᠳᠠᠪᠤᠰᠤ ᠶ᠋ᠢ ᠨᠢ ᠲᠠᠭᠠᠷᠠᠭᠤᠯᠵᠤ ( ᠵᠠᠷᠢᠮ ᠭᠠᠵᠠᠷ ᠪᠠᠰᠠ ᠵᠢᠭᠠᠬᠠᠨ ᠴᠠᠭ᠎ᠠ ᠬᠢᠳᠡᠭ ) ᠵᠥᠭᠡᠯᠡᠨ ᠭᠠᠯ ᠢ᠋ᠶ᠋ᠠᠷ ᠴᠢᠨᠠᠬᠤ ᠳ᠋ᠠᠭᠠᠨ ᠪᠠᠢᠨ ᠳᠠᠬᠢᠨ ᠡᠷᠭᠢᠭᠦᠯᠵᠦ ᠬᠡᠵᠢᠶ᠎ᠡ ᠱᠦᠷᠬᠡᠢ ᠦᠭᠡᠢ ᠪᠣᠯᠤᠭᠰᠠᠨ ( ᠭᠡᠪᠡᠴᠦ ᠬᠡᠳᠦ ᠴᠢᠨᠠᠵᠤ ᠨᠣᠯᠳᠤᠷᠠᠭᠤᠯᠵᠤ ᠪᠣᠯᠬᠤ ᠦᠭᠡᠢ ) ᠶ᠋ᠢᠨ ᠬᠣᠢᠨ᠎ᠠ ᠭᠠᠷᠭᠠᠵᠤ ᠳᠠᠪᠬᠠᠯᠠᠵᠤ ᠲᠡᠪᠰᠢᠯᠡᠨᠡ ᠃ ᠭᠡᠳᠡᠰᠦ ᠳᠣᠲᠣᠷ ᠡᠯᠢᠭᠡ ᠪᠥᠭᠡᠷ᠎ᠡ ᠶ᠋ᠢ ᠪᠤᠰᠤ ᠲᠣᠭᠣᠭᠠᠨ ᠳ᠋ᠤ᠌ ᠴᠢᠨᠠᠨ᠎ᠠ ᠃ ᠭᠡᠳᠡᠰᠦ ᠳᠣᠲᠣᠷ ᠡᠯᠢᠭᠡ ᠪᠥᠭᠡᠷ᠎ᠡ ᠶ᠋ᠢ ᠬᠠᠮᠲᠤ ᠴᠢᠨᠠᠪᠠᠯ ᠭᠡᠳᠡᠰᠦ ᠳᠣᠲᠣᠷ ᠤ᠋ᠨ ᠠᠮᠲᠠ ᠣᠷᠣᠵᠤ ᠮᠢᠬᠠᠨ ᠤ᠋ ᠠᠮᠲᠠ ᠶ᠋ᠢ ᠪᠠᠭᠤᠷᠠᠭᠤᠯᠤᠨ᠎ᠠ ᠃ ᠮᠥᠨ ᠱᠥᠯᠥ ᠶ᠋ᠢᠨ ᠴᠢᠨᠠᠷ ᠢ᠋ ᠮᠠᠭᠤᠳᠠᠭᠤᠯᠤᠨ᠎ᠠ ᠃ ᠲᠣᠯᠣᠭᠠᠢ ᠶ᠋ᠢ ᠨᠡᠩ ᠲᠤᠰ ᠲᠤᠨᠢ ᠴᠢᠨᠠᠨ᠎ᠠ ᠃
ᠳᠠᠪᠠᠬᠠᠯᠠᠵᠤ ᠲᠡᠪᠰᠢᠯᠡᠬᠦ ᠶᠣᠰᠣᠨ
ᠪᠣᠯᠭᠣᠭᠰᠠᠨ ᠮᠢᠬ᠎ᠠ ᠪᠠᠨ ᠭᠠᠤᠯᠢ ᠪᠤᠶᠤ ᠮᠣᠳᠣᠨ ᠲᠠᠪᠠᠭ ᠲᠡᠪᠰᠢ ᠳ᠋ᠦ᠍ ᠳᠥᠷᠪᠡᠨ ᠮᠥᠴᠢ ᠶ᠋ᠢ ᠨᠢ ᠠᠮᠢᠳᠤ ᠬᠣᠨᠢᠨ ᠤ᠋ ᠬᠡᠪᠲᠡᠭᠡ ᠪᠠᠢᠷᠢᠰᠢᠯ ᠢ᠋ᠶ᠋ᠠᠷ ᠡᠮᠦᠨ᠎ᠡ ᠬᠣᠢᠨ᠎ᠠ ᠂ ᠵᠡᠭᠦᠨ ᠪᠠᠷᠠᠭᠤᠨ ᠲᠠᠯ᠎ᠠ ᠪᠠᠷ ᠢᠯᠭᠠᠵᠤ ᠲᠠᠯᠪᠢᠭᠠᠳ ᠬᠣᠶᠠᠷ ᠬᠠ ᠶ᠋ᠢᠨ ᠬᠣᠭᠣᠷᠣᠨᠳᠣ ᠡᠮᠦᠨ᠎ᠡ ᠨᠢ ᠰᠡᠭᠡᠷ ᠢ᠋ ᠰᠡᠷᠪᠡᠭᠡ ᠶ᠋ᠢ ᠨᠢ ᠳᠣᠲᠣᠭᠰᠢ ᠬᠠᠨᠳᠤᠭᠤᠯᠤᠨ ᠬᠥᠨᠳᠡᠯᠡᠨ ᠲᠠᠯᠪᠢᠵᠤ ᠂ ᠳᠡᠭᠡᠷ᠎ᠡ ᠨᠢ ᠤᠭᠤᠴᠠ ᠪᠠᠨ ᠪᠦᠷᠬᠦᠨ ᠲᠠᠯᠪᠢᠨ᠎ᠠ᠃ ᠤᠭᠤᠴᠠᠨ ᠳᠡᠭᠡᠷ᠎ᠡ ᠪᠡᠨ ᠣᠳᠣ ᠲᠡᠷᠡ ᠬᠦ᠌ ᠪᠠᠶᠠᠷ ᠤ᠋ᠨ ᠮᠠᠩᠨᠠᠢ ( ᠲᠣᠨᠣᠯᠵᠢᠨ ) ᠡᠰᠬᠡᠭᠰᠡᠨ ᠬᠣᠨᠢᠨ ᠤ᠋ ᠪᠦᠬᠦᠯᠢ ᠲᠣᠯᠣᠭᠠᠢ ( ᠡᠷᠡᠦ ᠲᠡᠢ ᠲᠣᠯᠣᠭᠠᠢ ) ᠪᠠᠨ ᠲᠠᠯᠪᠢᠵᠤ ᠂ ᠰᠢᠷᠡᠭᠡᠨ ᠭᠣᠣᠯᠳᠠᠬᠢ ᠬᠥᠮᠦᠨ ᠦ᠌ ᠥᠭᠡᠳᠡ ᠲᠣᠯᠣᠭᠠᠢ ᠲᠠᠯ᠎ᠠ ᠶ᠋ᠢ ᠬᠠᠨᠳᠤᠭᠤᠯᠵᠤ ᠰᠡᠭᠦᠯ ᠲᠠᠯ᠎ᠠ ᠶ᠋ᠢ ᠪᠡᠶ᠎ᠡ ᠵᠦᠭ ᠬᠠᠷᠠᠭᠤᠯᠵᠤ ᠲᠠᠯᠪᠢᠨ᠎ᠠ ᠃ ᠡᠭᠦᠨ ᠢ᠋ ᠪᠦᠬᠦᠯᠢ ᠬᠣᠨᠢ ᠳᠡᠪᠰᠢᠭᠦᠯᠬᠦ ᠶᠣᠰᠣᠨ ᠭᠡᠨ᠎ᠡ ᠃ ᠵᠠᠷᠢᠮ ᠭᠠᠵᠠᠷ ᠳᠠᠭᠠᠪᠤᠷᠢ ᠳᠠᠪᠰᠢ ( ᠵᠣᠴᠢᠨ ᠠᠷᠪᠢᠨ ᠂ ᠮᠠᠯ ᠴᠥᠭᠡᠨ ᠭᠠᠷᠭᠠᠭᠰᠠᠨ ᠪᠠᠢᠳᠠᠯ ᠳ᠋ᠤ᠌ ) ᠣᠷᠣᠭᠤᠯᠳᠠᠭ ᠃ ᠡᠨᠡ ᠨᠢ ᠲᠠᠪᠤᠨ ᠴᠤᠯᠤ ᠂ ᠴᠢᠳᠬᠤᠭᠰᠠᠨ ᠭᠡᠳᠡᠰᠦ ᠂ ᠬᠣᠰᠬᠢᠨᠠᠭ ᠵᠡᠷᠭᠡ ᠶ᠋ᠢ ᠲᠠᠪᠰᠢ ᠳ᠋ᠤ᠌ ᠥᠷᠥᠵᠦ ᠳᠣᠣᠷ᠎ᠠ ᠲᠠᠯ᠎ᠠ ᠶ᠋ᠢᠨ ᠰᠢᠷᠡᠭᠡᠨ᠎ᠡ ᠲᠠᠯᠪᠢᠳᠠᠭ ᠃ ᠬᠠᠷᠢᠨ ᠣᠷᠣᠭᠤᠯᠤᠭᠰᠠᠨ ᠤᠭᠤᠴᠠ ᠲᠠᠢ ᠪᠠᠨ ᠬᠠᠮᠲᠤ ᠭᠡᠳᠡᠰᠦ ᠳᠣᠲᠣᠷ ᠣᠷᠣᠭᠤᠯᠬᠤ ᠶ᠋ᠢ ᠴᠢᠩᠳᠠ ᠴᠡᠭᠡᠷᠯᠡᠳᠡᠭ᠃ ᠢᠩᠭᠢᠪᠡᠯ ᠤᠭᠤᠴᠠ ᠶ᠋ᠢᠨ ᠨᠡᠷ᠎ᠡ ᠬᠦᠨᠳᠦ ᠶ᠋ᠢ ᠪᠠᠷᠠᠬᠤ ᠪᠠᠷ ᠵᠣᠭᠰᠣᠬᠤ ᠦᠭᠡᠢ᠂ ᠢᠷᠡᠭᠰᠡᠨ ᠵᠣᠴᠢᠨ ᠢ᠋ ᠬᠦᠨᠳᠦᠯᠡᠭᠰᠡᠨ ᠦᠭᠡᠢ ᠳ᠋ᠦ᠍ ᠲᠣᠭᠠᠴᠠᠭᠳᠠᠨ᠎ᠠ ᠃
ᠬᠠᠯᠢᠮᠨᠠᠬᠤ ᠶᠣᠰᠣᠨ
ᠵᠠᠷᠢᠮ ᠭᠠᠵᠠᠷ ᠤᠭᠤᠴᠠ ᠪᠠᠨ ᠴᠢᠨᠠᠵᠤ ᠲᠣᠭᠣᠭᠠᠨ ᠠ᠋ᠴᠠ ᠭᠠᠷᠭᠠᠭᠰᠠᠭᠠᠷ ᠤᠭᠤᠴᠠᠨ ᠤ᠋ ᠥᠩᠭᠡᠨ ᠲᠠᠯ᠎ᠠ ᠶ᠋ᠢᠨ ᠨᠢᠮᠭᠡᠨ ᠮᠢᠬᠠᠨ ᠬᠠᠯᠢᠰᠤ ᠶ᠋ᠢ ᠥᠪᠴᠢᠨ ᠠᠪᠴᠤ ᠤᠭᠤᠴᠠ ᠪᠠᠨ ᠥᠩᠭᠡᠯᠡᠳᠡᠭ ᠃ ᠡᠭᠦᠨ ᠢ᠋ ᠤᠭᠤᠴᠠ ᠬᠠᠯᠢᠮᠨᠠᠬᠤ ᠶᠣᠰᠣ ᠭᠡᠨ᠎ᠡ᠃
ᠪᠦᠬᠦᠯᠢ ᠰᠢᠭᠦᠰᠦᠨ ᠦ᠌ ᠬᠥᠨᠳᠡᠬᠦ ᠬᠠᠰᠢᠬᠤ ᠶᠣᠰᠣᠨ
ᠮᠣᠩᠭᠣᠯᠴᠤᠳ ᠡᠷᠲᠡ ᠳᠡᠭᠡᠷ᠎ᠡ ᠦᠶ᠎ᠡ ᠡᠴᠡ ᠪᠡᠨ ᠵᠤᠮ᠎ᠠ ᠰᠢᠭᠦᠰᠦ ᠬᠢᠭᠡᠳ ᠪᠦᠬᠦᠯᠢ ᠰᠢᠭᠦᠰᠦ ᠪᠡᠨ ᠡᠵᠡᠨ ᠴᠢᠩᠭᠢᠰ ᠦ᠋ᠨ ᠲᠠᠬᠢᠯᠭ᠎ᠠ ᠳ᠋ᠤ᠌ ᠪᠤᠶᠤ ᠦᠪᠡᠳᠡᠭᠰᠢ ᠶᠡᠬᠡ ᠨᠠᠢᠷ ᠬᠤᠷᠢᠮ ᠂ ᠣᠨᠴᠠ ᠬᠦᠨᠳᠦᠲᠦ ᠵᠣᠴᠢᠨ ᠳ᠋ᠤ᠌ ᠣᠷᠣᠭᠤᠯᠵᠤ ᠳᠠᠢᠯᠠᠬᠤ ᠳ᠋ᠠᠭᠠᠨ ᠪᠦᠷ ᠲᠣᠭᠲᠠᠭᠰᠠᠨ ᠶᠣᠰᠣ ᠵᠢᠷᠤᠮ ᠲᠠᠢ ᠪᠢᠯᠡ ᠃ ᠰᠢᠭᠦᠰᠦ ᠶ᠋ᠢ ᠲᠠᠬᠢᠯᠭ᠎ᠠ ᠪᠤᠶᠤ ᠢᠷᠡᠭᠰᠡᠨ ᠵᠣᠴᠢᠳ ᠲᠤ᠌ ᠣᠷᠣᠭᠤᠯᠬᠤ ᠦᠶ᠎ᠡ ᠂ ᠭᠡᠷ ᠦ᠋ᠨ ᠡᠵᠡᠨ ᠨᠢ ᠲᠤᠰᠬᠠᠢ ᠤᠭᠤᠴᠠ ᠬᠠᠰᠢᠬᠤ ( ᠵᠦᠰᠦᠬᠦ ) ᠬᠥᠮᠦᠨ ᠭᠠᠷᠭᠠᠬᠤ ᠪᠤᠶᠤ ᠡᠰᠡᠬᠦᠯ᠎ᠡ ᠰᠢᠷᠡᠭᠡᠨ ᠦ᠌ ᠠᠬᠠᠯᠠᠭᠴᠢ ᠨᠢ ᠰᠢᠭᠦᠰᠦ ᠬᠥᠨᠳᠡᠬᠦ ᠬᠥᠮᠦᠨ ᠲᠣᠮᠢᠯᠠᠵᠤ ᠬᠠᠰᠢᠳᠠᠭ ᠪᠢᠯᠡ ᠃ ᠡᠭᠦᠨ ᠳ᠋ᠦ᠍ ᠰᠢᠭᠦᠰᠦ ᠬᠥᠨᠳᠡᠬᠦ ᠡᠴᠡ ᠡᠮᠦᠨ᠎ᠡ ᠭᠡᠷ ᠦ᠋ᠨ ᠡᠵᠡᠨ ᠂ ᠳᠠᠶᠠᠭᠠᠷ ᠲᠤ᠌ ᠭᠡᠮ ᠰᠡᠷᠭᠦᠭᠡᠨ ᠡᠷᠭᠦᠵᠦ ᠶᠣᠰᠣ ᠭᠦᠢᠴᠡᠳᠬᠡᠭᠰᠡᠨ ᠦ᠌ ᠳᠠᠷᠠᠭ᠎ᠠ ᠰᠢᠭᠦᠰᠦ ᠬᠥᠨᠳᠡᠨ᠎ᠡ ᠃ ᠵᠠᠷᠢᠮ ᠶᠡᠬᠡ ᠨᠠᠢᠷ ᠲᠤ᠌ ᠲᠤᠰᠬᠠᠢ ᠢᠷᠦᠭᠡᠯᠴᠢ ᠣᠷᠣᠵᠤ ( ᠰᠠᠢᠨ ᠳᠤᠷ᠎ᠠ ᠶ᠋ᠢᠨ ᠢᠷᠦᠭᠡᠯᠴᠢ ᠴᠦ᠍ ᠪᠣᠯᠤᠨ᠎ᠠ ) ᠂ ᠭᠡᠮ ᠰᠡᠷᠭᠦᠭᠡᠭᠰᠡᠨ ᠦ᠌ ᠬᠣᠢᠨ᠎ᠠ ᠢᠷᠦᠭᠡᠯᠴᠢ ᠰᠢᠭᠦᠰᠦᠨ ᠢᠷᠦᠭᠡᠯ ᠬᠡᠯᠡᠳᠡᠭ ᠃ ᠢᠷᠦᠭᠡᠯ ᠪᠠᠷᠠᠭᠰᠠᠨ ᠤ᠋ ᠳᠠᠷᠠᠭ᠎ᠠ ᠰᠢᠭᠦᠰᠦ ᠬᠥᠨᠳᠡᠵᠦ ᠡᠬᠢᠯᠡᠨ᠎ᠡ᠃
ᠰᠢᠭᠦᠰᠦ ᠬᠥᠨᠳᠡᠬᠦ ᠶᠣᠰᠣ ᠭᠣᠷᠢᠮ ᠮᠥᠨ ᠴᠢᠩᠭ᠎ᠠ ᠨᠢᠮᠪᠠᠢ᠃ ᠮᠠᠨ ᠤ᠋ ᠪᠠᠷᠠᠭᠤᠨ ᠵᠡᠭᠦᠨ ᠣᠷᠣᠨ ᠤ᠋ ᠰᠢᠭᠦᠰᠦ ᠬᠥᠨᠳᠡᠵᠦ ᠤᠭᠤᠴᠠ ᠬᠠᠰᠢᠬᠤ ᠨᠢ ᠮᠥᠨ ᠠᠳᠠᠯᠢ ᠦᠭᠡᠢ ᠂ ᠵᠢᠭᠠᠬᠠᠨ ᠵᠦᠷᠢᠶᠡᠨ ᠲᠡᠢ ᠪᠠᠢᠳᠠᠭ᠃ ᠪᠠᠷᠠᠭᠤᠨ ᠣᠷᠣᠨ ᠳ᠋ᠤ᠌ ᠠᠯᠠᠱᠠ ᠮᠡᠲᠦ ᠶ᠋ᠢᠨ ᠭᠠᠵᠠᠷ ᠰᠢᠷᠡᠭᠡᠨ ᠲᠦᠷᠦᠭᠦᠦ ᠪᠤᠶᠤ ᠤᠭᠤᠴᠠ ᠡᠪᠳᠡᠬᠦ ᠬᠥᠮᠦᠨ ᠂ ᠴᠥᠮ ᠮᠥᠩᠭᠥᠨ ᠬᠤᠢ ᠲᠠᠢ ᠮᠣᠩᠭᠣᠯ ᠬᠢᠲᠤᠭ᠎ᠠ ᠪᠠᠷᠢᠵᠤ ᠂ ᠬᠣᠨᠢᠨ ᠲᠣᠯᠣᠭᠠᠢ ᠳᠡᠭᠡᠷ᠎ᠡ ᠰᠠᠷ᠎ᠠ ᠪᠤᠶᠤ ᠲᠣᠨᠣᠯᠵᠢᠨ ᠵᠢᠷᠤᠭᠠᠳ ᠰᠡᠭᠦᠯ ᠡᠴᠡ ᠨᠢ ᠨᠢᠮᠭᠡᠨ ᠬᠠᠯᠢᠵᠤ ᠂ ᠬᠣᠨᠢᠨ ᠤ᠋ ᠲᠣᠯᠣᠭᠠᠢ ᠳᠡᠭᠡᠷ᠎ᠡ ᠲᠠᠯᠪᠢᠵᠤ ᠭᠡᠷ ᠦ᠋ᠨ ᠡᠵᠡᠨ ᠳ᠋ᠦ᠍ᠨᠢ ᠪᠠᠷᠢᠳᠠᠭ᠃ ᠪᠠᠰᠠ ᠤᠭᠤᠷᠠᠭ ᠰᠡᠭᠦᠯ ᠢ᠋ ᠠᠪᠴᠤ ᠵᠥᠪ ᠲᠠᠯ᠎ᠠ ᠶ᠋ᠢᠨ ᠱᠠᠭᠠᠨᠲᠤ ᠲᠠᠢ ᠲᠠᠪᠬᠠᠯᠠᠭᠠᠳ ᠲᠣᠯᠣᠭᠠᠢ ᠶ᠋ᠢ ᠳᠡᠭᠡᠷ᠎ᠡ ᠨᠢ ᠲᠠᠯᠪᠢᠵᠤ ᠭᠡᠷ ᠦ᠋ᠨ ᠡᠵᠡᠨ ᠳ᠋ᠦ᠍ᠨᠢ ᠥᠭᠭᠦᠨ᠎ᠡ᠃ ᠬᠡᠷᠪᠡ ᠭᠡᠷ ᠦ᠋ᠨ ᠡᠵᠡᠨ ᠨᠢ ᠨᠠᠰᠤ ᠵᠡᠷᠭᠡ ᠪᠡᠷ ᠥᠨᠳᠥᠷ ᠪᠣᠯᠪᠠᠯ ᠪᠠᠷᠠᠭᠤᠨ ᠬᠠ ᠶ᠋ᠢ ᠪᠦᠬᠦᠯᠢ ᠪᠡᠷ ᠨᠢ ᠭᠡᠷ ᠦ᠋ᠨ ᠡᠵᠡᠨ ᠳ᠋ᠦ᠍ ᠪᠠᠷᠢᠳᠠᠭ ᠶᠣᠰᠣ ᠴᠤ᠌ ᠪᠣᠢ ᠃ ᠭᠡᠷ ᠦ᠋ᠨ ᠡᠵᠡᠨ ᠲᠡᠷᠡᠬᠦ ᠬᠠ ᠠ᠋ᠴᠠ ᠬᠣᠶᠠᠷ ᠬᠠᠪᠢᠷᠭ᠎ᠠ ᠶ᠋ᠢ ᠨᠢ ᠦᠯᠡᠳᠡᠭᠡᠭᠡᠳ ᠪᠤᠰᠤᠳ ᠢ᠋ ᠨᠢ ᠦᠶᠡᠯᠡᠭᠡᠳ ᠪᠤᠴᠠᠭᠠᠨ ᠲᠠᠯᠪᠢᠨ᠎ᠠ᠃ ᠳᠠᠷᠠᠭ᠎ᠠ ᠨᠢ ᠪᠠᠷᠠᠭᠤᠨ ᠬᠠ ᠂ ᠵᠡᠭᠦᠨ ᠭᠤᠶ᠎ᠠ ᠂ ᠵᠡᠭᠦᠨ ᠬᠠ ᠂ ᠪᠠᠷᠠᠭᠤᠨ ᠭᠤᠶ᠎ᠠ ᠮᠡᠲᠦᠴᠢᠯᠡᠨ ᠳᠡᠰ ᠳᠠᠷᠠᠭᠠᠯᠠ ᠵᠥᠷᠢᠭᠦᠦ ᠥᠷᠥᠭᠡᠯᠳᠡᠨ ᠮᠥᠴᠢᠯᠡᠵᠦ ᠳᠠᠭᠤᠰᠤᠭᠠᠳ ᠂ ᠤᠭᠤᠴᠠ ᠶ᠋ᠢᠨ ᠵᠥᠪ ᠲᠠᠯ᠎ᠠ ᠶ᠋ᠢᠨ ᠰᠦᠪᠡᠭᠡ ᠡᠴᠡ ᠡᠬᠢᠯᠡᠨ ᠤᠷᠤᠭᠰᠢ ᠲᠠᠯ᠎ᠠ ᠪᠦᠷᠢ ᠬᠣᠶᠠᠷ ᠬᠣᠶᠠᠷ ᠵᠤᠷᠪᠤᠰ ᠵᠦᠰᠦᠭᠡᠳ ᠤᠭᠤᠴᠠ ᠶ᠋ᠢᠨ ᠭᠣᠣᠯ ᠳ᠋ᠤ᠌ ᠵᠥᠷᠢᠭᠦᠯᠵᠦ ᠬᠥᠨᠳᠡᠯᠡᠨ ᠲᠠᠯᠪᠢᠳᠠᠭ᠃
ᠪᠠᠶᠠᠨᠠᠭᠤᠷ ᠠ᠋ᠴᠠ ᠵᠡᠭᠦᠨᠰᠢᠬᠢ ᠳᠤᠮᠳᠠ ᠪᠠᠢᠭ᠎ᠠ ᠮᠣᠩᠭᠣᠯᠴᠤᠳ ᠂ ᠤᠭᠤᠴᠠ ᠣᠷᠣᠵᠤ ᠲᠠᠯᠪᠢᠬᠤ ᠲᠠᠢ ᠵᠡᠷᠭᠡ ᠤᠭᠤᠴᠠ ᠬᠠᠰᠢᠭᠴᠢ ᠰᠥᠬᠥᠷᠡᠵᠦ ᠰᠠᠭᠤᠨ ᠬᠢᠲᠤᠭ᠎ᠠ ᠪᠠᠨ ᠭᠠᠷᠭᠠᠨ ᠪᠠᠷᠢᠭᠤᠯ ( ᠡᠰᠢ ) ᠲᠠᠯ᠎ᠠ ᠪᠠᠷ ᠨᠢ ᠰᠢᠷᠡᠭᠡᠨ ᠭᠣᠣᠯ ᠳ᠋ᠤ᠌ ᠰᠠᠭᠤᠭᠰᠠᠨ ᠬᠦᠨᠳᠦᠲᠦ ᠵᠣᠴᠢᠨ ᠳ᠋ᠤ᠌ ᠭᠠᠷᠳᠠᠭᠤᠯᠤᠨ᠎ᠠ᠃ ᠬᠦᠨᠳᠦᠲᠦ ᠵᠣᠴᠢᠨ ᠲᠡᠷᠡ ᠭᠢᠲᠤᠬᠠ ᠪᠠᠷ ᠤᠭᠤᠴᠠᠨ ᠤ᠋ ᠠᠯᠢ ᠨᠢᠭᠡ ᠬᠡᠰᠡᠭ ᠲᠦ᠍ ᠬᠦᠷᠭᠡᠵᠦ ᠬᠥᠨᠳᠡᠮᠡᠭᠴᠡ ᠬᠢᠲᠤᠭ᠎ᠠ ᠪᠠᠨ ᠤᠭᠤᠴᠠ ᠬᠠᠰᠢᠭᠴᠢ ᠳ᠋ᠤ᠌ ᠪᠤᠴᠠᠭᠠᠨ᠎ᠠ᠃ ᠡᠢᠮᠦ ᠪᠠᠢᠳᠠᠯ ᠳ᠋ᠤ᠌ ᠤᠭᠤᠴᠠ ᠬᠠᠰᠢᠭᠴᠢ ᠬᠢᠲᠤᠭ᠎ᠠ ᠠᠪᠤᠮᠠᠭᠴᠠ ᠤᠷᠢᠳ ᠪᠡᠯᠡᠳᠬᠡᠭᠰᠡᠨ ᠲᠠᠪᠠᠭ ᠲᠤ᠌ ᠤᠭᠤᠷᠠᠭ ᠰᠡᠭᠦᠯ ᠢ᠋ ᠣᠭᠲᠣᠯᠵᠤ᠂ ᠱᠠᠭᠠᠨᠲᠤ ᠲᠠᠢ ᠠᠪᠴᠤ ᠳᠡᠪᠢᠰᠬᠡᠷᠯᠡᠭᠡᠳ ᠳᠡᠭᠡᠷ᠎ᠡ ᠨᠢ ᠲᠣᠯᠣᠭᠠᠢ ᠶ᠋ᠢ ᠲᠠᠯᠪᠢᠵᠤ ᠂ ᠪᠤᠷᠬᠠᠨ ᠤ᠋ ᠬᠤᠪᠢ ( ᠣᠳᠣ ᠭᠡᠷ ᠦ᠋ᠨ ᠡᠵᠡᠨ ᠦ᠌ ᠬᠤᠪᠢ ) ᠭᠡᠵᠦ ᠠᠪᠴᠤ ᠥᠭᠭᠦᠭᠡᠳ ᠤᠭᠤᠴᠠ ᠪᠠᠨ ᠬᠠᠰᠢᠵᠤ ᠡᠬᠢᠯᠡᠨ᠎ᠡ ᠃ ᠭᠡᠬᠦ ᠳ᠋ᠡᠭᠡᠨ ᠭᠤᠷᠪᠠᠨ ᠰᠦᠪᠡᠷᠭᠡ ᠶ᠋ᠢ ᠨᠢ ᠠᠪᠠᠴᠢᠭᠰᠠᠨ ( ᠤᠭᠤᠴᠠ ᠣᠷᠣᠭᠤᠯᠬᠤ ᠠ᠋ᠴᠠ ᠡᠮᠦᠨ᠎ᠡ ᠰᠦᠪᠡᠷᠭᠡ ᠶ᠋ᠢᠨ ᠲᠣᠯᠣᠭᠠᠢ ᠶ᠋ᠢ ᠬᠠᠲᠠᠵᠤ ᠪᠡᠯᠡᠳᠬᠡᠨ᠎ᠡ ) ᠪᠣᠯ ᠰᠢᠭᠤᠳ ᠬᠠᠰᠢᠵᠤ ᠡᠬᠢᠯᠡᠨ᠎ᠡ᠃ ᠬᠡᠷᠪᠡ ᠠᠪᠤᠭ᠎ᠠ ᠦᠭᠡᠢ ᠣᠷᠣᠭᠤᠯᠤᠭᠰᠠᠨ ᠪᠣᠯ ᠤᠷᠢᠳ ᠢ᠋ᠶ᠋ᠠᠷ ᠡᠬᠢᠨ ᠨᠢᠷᠤᠭᠤᠨ ᠤ᠋ ᠨᠢᠭᠡᠨ ᠦᠶ᠎ᠡ ᠲᠡᠢ ᠬᠠᠮᠲᠤ ᠭᠤᠷᠪᠠᠨ ᠰᠦᠪᠡᠷᠭᠡ ᠶ᠋ᠢ ᠦᠶᠡᠯᠡᠴᠢᠬᠡᠳ ᠰᠠᠶᠢ ᠬᠠᠰᠢᠨᠠ᠃ ᠬᠠᠰᠢᠬᠤ ᠳ᠋ᠠᠭᠠᠨ ᠬᠥᠮᠦᠨ ᠣᠯᠠᠨ ᠪᠣᠯ ᠤᠭᠤᠴᠠ ᠶ᠋ᠢᠨ ᠲᠠᠯ᠎ᠠ ᠪᠦᠷᠢ ᠳ᠋ᠦ᠍ ᠭᠤᠷᠪᠠ ᠭᠤᠷᠪᠠ ᠵᠦᠰᠦᠭᠡᠳ ᠬᠠᠮᠤᠭ ᠰᠡᠭᠦᠯ ᠦ᠋ᠨ ᠵᠦᠰᠦᠮ ᠢ᠋ᠶ᠋ᠡᠨ ᠤᠭᠤᠴᠠᠨ ᠳᠡᠭᠡᠷ᠎ᠡ ᠰᠣᠯᠢᠵᠤ ᠲᠠᠯᠪᠢᠨ᠎ᠠ᠃ ᠵᠦᠰᠦᠬᠦ ᠳ᠋ᠡᠭᠡᠨ ᠤᠭᠤᠴᠠ ᠶ᠋ᠢᠨ ᠬᠣᠷᠮᠣᠢ ( ᠰᠡᠭᠦᠯ ᠦ᠋ᠨ ᠲᠡᠨᠳᠡ ) ᠡᠴᠡ ᠬᠢᠲᠤᠭ᠎ᠠ ᠶ᠋ᠢᠨ ᠢᠷ ᠢ᠋ᠶ᠋ᠡᠨ ᠭᠠᠳᠠᠭᠰᠢ ᠬᠠᠨᠳᠤᠭᠤᠯᠤᠨ ᠪᠠᠷᠢᠵᠤ᠂ ᠤᠭᠤᠴᠠᠨ ᠤ᠋ ᠵᠥᠪ ᠲᠠᠯ᠎ᠠ ᠠ᠋ᠴᠠ ᠡᠬᠢᠯᠡᠵᠦ ᠬᠠᠰᠢᠨᠠ᠃ ᠢᠩᠭᠢᠭᠡᠳ ᠤᠭᠤᠴᠠ ᠬᠠᠰᠢᠭᠴᠢ ᠭᠣᠣᠯ ᠰᠠᠭᠤᠳᠠᠯ ᠤ᠋ᠨ ᠬᠥᠮᠦᠨ ᠦ᠌ ᠥᠭᠡᠳᠡ ᠬᠣᠶᠠᠷ ᠭᠠᠷ ᠢ᠋ᠶ᠋ᠠᠨ ᠳᠡᠯᠭᠡᠨ ᠡᠷᠭᠦᠵᠦ ᠰᠢᠭᠦᠰᠦ ᠵᠣᠭᠣᠭᠯᠠ ᠭᠡᠵᠦ ᠬᠦᠨᠳᠦᠯᠡᠭᠰᠡᠨ ᠣ ᠳᠠᠷᠠᠭ᠎ᠠ ᠲᠦᠷᠦᠭᠦᠦ ᠰᠠᠭᠤᠳᠠᠯ ᠤ᠋ᠨ ᠬᠥᠮᠦᠨ ᠭᠠᠷ ᠤᠷᠢᠲᠠᠵᠤ ᠬᠦᠷᠦᠭᠰᠡᠨ ᠦ᠌ ᠬᠣᠢᠨ᠎ᠠ ᠪᠦᠭᠦᠳᠡᠭᠡᠷ ᠢᠳᠡᠯᠴᠡᠨᠡ᠃ ᠡᠨᠡ ᠦᠶ᠎ᠡ ᠤᠭᠤᠴᠠ ᠬᠠᠰᠢᠭᠴᠢ ᠲᠦᠷᠭᠡᠨ ᠭᠠᠷᠴᠤ ᠥᠨᠥᠬᠢ ᠱᠠᠭᠠᠨᠲᠤ ᠴᠢᠮᠥᠭᠡ ᠪᠡᠨ ᠰᠠᠢᠬᠠᠨ ᠮᠥᠯᠵᠢᠵᠦ ᠶᠠᠰᠤ ᠶ᠋ᠢ ᠨᠢ ᠲᠠᠰᠢᠭᠠᠳ ᠴᠢᠮᠥᠭᠡ ᠶ᠋ᠢ ᠭᠠᠷᠭᠠᠨ ᠠᠪᠴᠢᠷᠠᠵᠤ ᠰᠢᠷᠡᠬᠡᠨ᠎ᠡ ᠲᠠᠯᠪᠢᠵᠤ ᠲᠣᠰᠣᠨ ᠬᠤᠷᠢᠮ ᠪᠠᠷᠢᠵᠤ ᠪᠠᠢᠨ᠎ᠠ ᠭᠡᠵᠦ ᠭᠡᠮ ᠰᠡᠷᠭᠦᠭᠡᠨ ᠤᠤᠭᠤᠵᠠᠭᠠᠬᠤ ᠶ᠋ᠢᠨ ᠬᠠᠮᠲᠤ ᠴᠢᠮᠥᠭᠡ ᠠᠮᠰᠠᠭᠤᠯᠤᠨ᠎ᠠ᠃ ᠵᠡᠭᠦᠨ ᠣᠷᠣᠨ ᠤ᠋ ᠪᠠᠭᠠᠷᠢᠨ ᠮᠡᠲᠦ ᠶ᠋ᠢᠨ ᠭᠠᠵᠠᠷ ᠲᠤ᠌ ᠰᠢᠷᠡᠭᠡᠨ ᠦ᠌ ᠲᠦᠷᠦᠭᠦᠦ ᠪᠤᠶᠤ ᠤᠭᠤᠴᠠ ᠬᠠᠰᠢᠭᠴᠢ ᠶᠠᠭᠤᠨ ᠤ᠋ ᠡᠮᠦᠨ᠎ᠡ ᠬᠣᠨᠢᠨ ᠲᠣᠯᠣᠭᠠᠢ ᠶ᠋ᠢᠨ ᠳᠤᠬᠤ ᠠ᠋ᠴᠠ ᠬᠤᠢᠬ᠎ᠠ ᠶ᠋ᠢ ᠨᠢ ᠬᠥᠨᠳᠡᠵᠦ ᠭᠠᠯ ᠲᠡᠭᠷᠢ ᠳ᠋ᠦ᠍ ᠡᠷᠭᠦᠨ᠂ ᠳᠠᠬᠢᠨ ᠪᠠᠷᠠᠭᠤᠨ ᠴᠢᠬᠢᠨ ᠦ᠌ ᠠᠷᠤ ᠶ᠋ᠢ ᠪᠠᠭᠠᠬᠠᠨ ᠣᠭᠲᠣᠯᠵᠤ ᠬᠥᠨᠳᠡᠭᠡᠳ ᠲᠣᠯᠣᠭᠠᠢ ᠶ᠋ᠢ ᠨᠢ ᠪᠠᠭ᠎ᠠ ᠲᠠᠪᠰᠢ ᠳ᠋ᠤ᠌ ᠠᠬᠤᠭᠤᠯᠤᠨ ᠨᠢᠭᠡ ᠲᠠᠯ᠎ᠠ ᠳ᠋ᠤ᠌ ᠲᠠᠯᠪᠢᠨ ᠳᠠᠷᠠᠭ᠎ᠠ ᠨᠢ ᠤᠭᠤᠷᠠᠭ ᠰᠡᠭᠦᠯ ᠢ᠋ ᠨᠢᠭᠡ ᠯᠡ ᠬᠢᠲᠤᠭ᠎ᠠ ᠪᠠᠷ ᠣᠭᠲᠣᠯᠤᠨ ᠠᠪᠴᠤ ᠵᠥᠪ ᠱᠠᠭᠠᠨᠲᠤ ᠴᠢᠮᠥᠭᠡ ᠶ᠋ᠢᠨ ᠬᠠᠮᠲᠤ ᠲᠠᠬᠢᠯᠭ᠎ᠠ ᠳ᠋ᠤ᠌ ᠲᠠᠯᠪᠢᠨ᠎ᠠ᠃ ᠡᠭᠦᠨ ᠦ᠌ ᠳᠠᠷᠠᠭ᠎ᠠ ᠤᠭᠤᠴᠠ ᠬᠠᠰᠢᠨᠠ᠃ ᠬᠠᠰᠢᠬᠤ ᠳ᠋ᠠᠭᠠᠨ ᠤᠭᠤᠴᠠᠨ ᠤ᠋ ᠬᠣᠶᠠᠷ ᠲᠠᠯ᠎ᠠ ᠶ᠋ᠢ ᠠᠳᠠᠯᠢᠬᠠᠨ ᠬᠠᠰᠢᠬᠤ ᠪᠠ ᠮᠥᠨ ᠬᠢᠲᠤᠭ᠎ᠠ ᠶ᠋ᠢᠨ ᠢᠷ ᠢ᠋ᠶ᠋ᠡᠨ ᠭᠠᠳᠠᠭᠰᠢ ᠬᠠᠨᠳᠤᠭᠤᠯᠤᠨ ᠭᠠᠷ ᠤ᠋ᠨ ᠵᠥᠪ ᠂ ᠤᠭᠤᠴᠠᠨ ᠤ᠋ ᠵᠥᠪ ᠲᠠᠯ᠎ᠠ ᠠ᠋ᠴᠠ ᠰᠡᠭᠦᠯ ᠦ᠋ᠨ ᠪᠣᠭᠣᠮ᠎ᠠ ( ᠤᠭ ) ᠠ᠋ᠴᠠ ᠡᠬᠢᠯᠡᠨ ᠵᠦᠰᠦᠨ᠎ᠡ᠃ ᠡᠨᠡ ᠬᠦ ᠵᠦᠰᠦᠮ ᠢ᠋ ᠬᠠᠰᠢᠶᠠᠰᠤ ᠭᠡᠬᠦ ᠶᠦ᠍ᠮ ᠤᠤ ᠂ ᠤᠭᠤᠴᠠᠨ ᠤ᠋ ᠵᠠᠬ᠎ᠠ ᠭᠡᠨ᠎ᠡ ᠃ ᠶᠡᠬᠡ ᠤᠭᠤᠴᠠ ᠶ᠋ᠢ ᠬᠣᠶᠠᠷ ᠵᠠᠬ᠎ᠠ ᠂ ᠪᠠᠭ᠎ᠠ ᠤᠭᠤᠴᠠ ᠶ᠋ᠢ ᠨᠢᠭᠡ ᠵᠠᠬ᠎ᠠ ᠲᠠᠢ ᠵᠦᠰᠦᠨ᠎ᠡ᠃ ᠵᠦᠰᠦᠬᠦ ᠪᠦᠷᠢ ᠬᠤᠷᠤᠭᠤ ᠢᠯᠡᠭᠦᠦ ᠥᠷᠭᠡᠨ ᠢ᠋ᠶ᠋ᠡᠷ ᠬᠠᠰᠢᠨᠠ᠃ ᠬᠠᠰᠢᠭᠰᠠᠨ ᠬᠠᠰᠢᠶᠠᠰᠤ ᠪᠠᠨ ᠵᠥᠪ ᠲᠠᠯ᠎ᠠ ᠶ᠋ᠢᠨ ᠬᠢ ᠶ᠋ᠢ ᠪᠤᠷᠤᠭᠤ ᠲᠠᠯ᠎ᠠ ᠳ᠋ᠤᠨᠢ ᠂ ᠪᠤᠷᠤᠭᠤ ᠲᠠᠯ᠎ᠠ ᠶ᠋ᠢᠨ ᠬᠢ ᠶ᠋ᠢ ᠨᠢ ᠵᠥᠪ ᠲᠠᠯ᠎ᠠ ᠳ᠋ᠤᠨᠢ ᠰᠣᠯᠢᠵᠤ ᠲᠠᠯᠪᠢᠭᠰᠠᠨ ᠤ᠋ ᠳᠠᠷᠠᠭ᠎ᠠ ᠬᠢᠲᠤᠭ᠎ᠠ ᠪᠠᠨ ᠡᠰᠢ ᠪᠡᠷ ᠨᠢ ᠭᠣᠣᠯ ᠵᠣᠴᠢᠨ ᠤ᠋ ᠡᠰᠡᠷᠭᠦ ᠬᠠᠨᠳᠤᠭᠤᠯᠤᠨ ᠲᠠᠪᠠᠭ ᠲᠤ᠌ ᠲᠠᠯᠪᠢᠨ᠎ᠠ᠃ ᠭᠣᠣᠯ ᠵᠣᠴᠢᠨ ᠲᠡᠷᠡ ᠬᠦ ᠬᠢᠲᠤᠭ᠎ᠠ ᠪᠠᠷ ᠤᠭᠤᠴᠠᠨ ᠤ᠋ ᠡᠬᠢᠨ ᠡᠴᠡ ᠨᠢᠭᠡᠨ ᠬᠡᠰᠡᠭ ᠣᠭᠲᠣᠯᠤᠨ ᠭᠠᠯ ᠳ᠋ᠤ᠌ ᠡᠷᠭᠦᠵᠦ᠂ ᠥᠪᠡᠷ ᠢ᠋ᠶ᠋ᠡᠨ ᠠᠮᠰᠠᠭᠰᠠᠨ ᠤ᠋ ᠳᠠᠷᠠᠭ᠎ᠠ ᠪᠤᠰᠤᠳ ᠵᠣᠴᠢᠳ ᠡᠬᠢᠯᠡᠨ ᠵᠣᠭᠣᠭᠯᠠᠨ᠎ᠠ᠃ ᠭᠡᠲᠡᠯ᠎ᠡ ᠬᠡᠰᠢᠭᠲᠡᠨ ᠵᠡᠷᠭᠡ ᠭᠠᠵᠠᠷ᠎ᠠ ᠰᠢᠭᠦᠰᠦ ᠡᠪᠳᠡᠭᠴᠢ ᠨᠢ ᠡᠩ ᠲᠡᠷᠢᠭᠦᠨ ᠳ᠋ᠦ᠍ ᠲᠣᠯᠣᠭᠠᠢ ᠶ᠋ᠢᠨ ᠳᠤᠬᠤ ᠂ ᠬᠣᠶᠠᠷ ᠵᠠᠪᠠᠵᠢ ( ᠬᠡᠰᠢᠭᠲᠡᠨ ᠳ᠋ᠦ᠍ ᠪᠦᠬᠦᠯᠢ ᠲᠣᠯᠣᠭᠠᠢ ᠲᠡᠪᠰᠢᠯᠡᠳᠡᠭ ) ᠬᠣᠶᠠᠷ ᠴᠢᠬᠢ ᠂ ᠬᠣᠶᠠᠷ ᠤᠬᠤᠷᠬᠠᠢ ᠂ ᠰᠢᠯᠢ ᠲᠠᠩᠨᠠᠢ ᠠ᠋ᠴᠠ ᠶᠢᠰᠦᠨ ᠬᠡᠰᠡᠭ ᠠᠪᠴᠤ ᠂ ᠲᠡᠭᠷᠢ ᠭᠠᠵᠠᠷ ᠡᠷᠭᠦᠭᠰᠡᠨ ᠦ᠌ ᠰᠡᠭᠦᠯᠡᠷ ᠲᠣᠯᠣᠭᠠᠢ ᠤᠭᠤᠷᠠᠭ ᠰᠡᠭᠦᠯ ᠂ ᠳᠥᠷᠪᠡᠨ ᠥᠨᠳᠥᠷ ᠱᠠᠭᠠᠨᠲᠤ ᠶ᠋ᠢ ᠲᠤᠰᠬᠠᠢ ᠳᠠᠪᠰᠢ ᠳ᠋ᠤ᠌ ᠬᠢᠵᠦ ᠰᠠᠭᠤᠳᠠᠯ ᠤ᠋ᠨ ᠠᠬᠠᠮᠠᠳ ᠲᠤ᠌ ᠪᠠᠷᠢᠨ᠎ᠠ᠃ ᠠᠬᠠᠮᠠᠳ ᠬᠢᠲᠤᠭᠠᠨ ᠢᠷ ᠢ᠋ᠶ᠋ᠡᠨ ᠭᠠᠳᠠᠭᠰᠢ ᠬᠠᠨᠳᠤᠭᠤᠯᠤᠨ ᠪᠠᠷᠢᠵᠤ ᠰᠡᠭᠦᠯ ᠢ᠋ ᠬᠢᠲᠤᠭ᠎ᠠ ᠶ᠋ᠢᠨ ᠮᠥᠷᠥ ᠬᠢᠷᠢ ᠵᠤᠵᠠᠭᠠᠨ ᠢ᠋ᠶ᠋ᠠᠷ ᠭᠤᠷᠪᠠᠨᠲᠠ ᠬᠠᠰᠢᠭᠰᠠᠨ ᠤ᠋ ᠳᠠᠷᠠᠭ᠎ᠠ ᠪᠤᠰᠤᠳ ᠮᠥᠴᠢ ᠶ᠋ᠢ ᠳᠡᠰ ᠳᠠᠷᠠᠭᠠᠯᠠᠨ ᠡᠪᠳᠡᠨ᠎ᠡ᠃ ᠲᠠᠪᠰᠢ ᠣᠷᠣᠭᠤᠯᠬᠤ ᠲᠠᠢ ᠵᠡᠷᠭᠡ ᠰᠢᠭᠦᠰᠦ ᠴᠢᠨᠠᠭᠰᠠᠨ ᠱᠥᠯᠦᠨ ᠳ᠋ᠦ᠍ ᠳᠠᠪᠤᠰᠤ ᠂ ᠰᠣᠩᠭᠢᠨ᠎ᠠ ᠂ ᠰᠠᠷᠢᠮᠰᠠᠭ ᠬᠠᠴᠢᠷᠯᠠᠵᠤ ᠰᠢᠷᠡᠭᠡᠨ ᠳᠥᠷᠪᠡᠨ ᠥᠨᠴᠥᠭ ᠲᠦ᠍ ᠲᠠᠯᠪᠢᠵᠤ ᠮᠢᠬ᠎ᠠ ᠲᠥᠷᠥᠵᠦ ᠢᠳᠡᠬᠦ ᠳ᠋ᠦ᠍ ᠪᠡᠯᠡᠳᠬᠡᠨ᠎ᠡ᠃
ᠮᠠᠨ ᠤ᠋ ᠣᠷᠣᠨ ᠳ᠋ᠤ᠌ ᠪᠠᠷᠭᠤ ᠪᠤᠷᠢᠶᠠᠳ ᠤ᠋ᠨ ᠰᠢᠭᠦᠰᠦ ᠵᠠᠰᠠᠬᠤ ᠨᠢ ᠪᠠᠰᠠ ᠲᠡᠭᠦᠨ ᠦ᠌ ᠣᠨᠴᠠᠯᠢᠭ ᠲᠠᠢ᠃ ᠪᠦᠬᠦᠯᠢ ᠬᠣᠨᠢᠨ ᠤ᠋ ᠰᠢᠭᠦᠰᠦ ᠶ᠋ᠢ ᠭᠣᠣᠯᠳᠠᠭᠤ ᠬᠤᠷᠢᠮ ᠨᠠᠢᠷ ᠳᠡᠭᠡᠷ᠎ᠡ ᠵᠠᠰᠠᠬᠤ ᠪᠥᠭᠡᠳ ᠪᠦᠬᠦᠯᠢ ᠰᠢᠭᠦᠰᠦ ᠪᠡᠨ ᠳᠥᠷᠪᠡᠨ ᠲᠠᠪᠠᠭ ᠲᠤ᠌ ᠥᠷᠥᠵᠦ ᠲᠠᠯᠪᠢᠨ᠎ᠠ᠃ ᠲᠦᠷᠦᠭᠦᠨ ᠦ᠌ ᠲᠠᠪᠠᠭ ᠲᠤ᠌ ᠬᠣᠨᠢᠨ ᠲᠣᠯᠣᠭᠠᠢ ( ᠲᠥᠭᠡᠯᠡᠢ ) ᠲᠠᠯᠪᠢᠨ᠎ᠠ ᠃ ᠡᠨᠡ ᠨᠢ ᠬᠤᠢᠬᠠᠯᠠᠵᠤ ᠴᠢᠨᠠᠭᠰᠠᠨ ᠬᠣᠨᠢᠨ ᠲᠣᠯᠣᠭᠠᠢ ᠶ᠋ᠢᠨ ᠮᠠᠩᠨᠠᠢ ᠳ᠋ᠤ᠌ ᠭᠤᠷᠪᠠᠯᠵᠢᠨ ᠵᠦᠰᠦᠵᠦ ᠂ ᠴᠢᠬᠢᠨ ᠠᠷᠤ ᠂ ᠬᠠᠵᠠᠭᠤ ᠤᠷᠤᠭᠤᠯ ᠤ᠋ᠨ ᠮᠢᠬ᠎ᠠ ᠶ᠋ᠢ ᠵᠡᠷᠭᠡᠴᠡᠭᠦᠯᠦᠨ ᠬᠣᠶᠠᠷ ᠣᠭᠲᠣᠯᠵᠤ ᠳᠡᠭᠡᠷ᠎ᠡ ᠨᠢ ᠨᠢᠭᠡᠨ ᠬᠠᠪᠢᠷᠭ᠎ᠠ ᠲᠠᠯᠪᠢᠵᠤ ᠬᠠᠮᠤᠭ ᠤ᠋ᠨ ᠳᠡᠭᠡᠳᠦ ᠰᠠᠭᠤᠳᠠᠯ ᠳ᠋ᠤ᠌ ᠰᠠᠭᠤᠭᠰᠠᠨ ᠬᠦᠨᠳᠦᠲᠦ ᠵᠣᠴᠢᠨ ᠳ᠋ᠤ᠌ ᠲᠠᠯᠪᠢᠨ᠎ᠠ᠃ ᠬᠣᠶᠠᠳᠤᠭᠠᠷ ᠲᠠᠪᠠᠭ ᠲᠤ᠌ ᠬᠣᠨᠢᠨ ᠤᠭᠤᠴᠠ ᠲᠠᠯᠪᠢᠨ᠎ᠠ᠃ ᠭᠤᠷᠪᠠᠳᠤᠭᠠᠷ ᠲᠠᠪᠠᠭ ᠲᠤ᠌ ᠳᠠᠯᠤ ᠲᠠᠯᠪᠢᠨ᠎ᠠ᠃ ᠳᠥᠷᠪᠡᠳᠦᠭᠡᠷ ᠲᠠᠪᠠᠭ ᠲᠤ᠌ ᠱᠠᠭᠠᠨᠲᠤ ᠲᠠᠯᠪᠢᠨ᠎ᠠ ᠃ ᠢᠩᠭᠢᠵᠦ ᠳᠥᠷᠪᠡᠨ ᠲᠠᠪᠠᠭ ᠢ᠋ ᠲᠤᠰ ᠲᠤᠰ ᠪᠤᠰᠤᠳ ᠮᠢᠬ᠎ᠠ ᠪᠠᠷ ᠳᠡᠪᠢᠰᠬᠡᠷᠯᠡᠨ ᠳᠦᠭᠦᠷᠭᠡᠭᠰᠡᠨ ᠦ᠌ ᠳᠠᠷᠠᠭ᠎ᠠ ᠵᠣᠴᠢᠯᠠᠭᠴᠢ ᠨᠢ ᠮᠠᠯᠠᠭᠠᠢ ᠪᠠᠨ ᠠᠪᠴᠤ ᠪᠡᠶ᠎ᠡ ᠮᠡᠬᠦᠢᠨ ᠂ ᠬᠣᠶᠠᠷ ᠭᠠᠷ ᠢ᠋ᠶ᠋ᠠᠨ ᠳᠡᠯᠭᠡᠨ 《ᠪᠠᠷᠢᠵᠤ ᠢᠳᠡᠭᠡᠯᠡᠭᠲᠦᠨ ! 》ᠭᠡᠬᠦ ᠳ᠋ᠦ᠍ ᠲᠦᠷᠦᠭᠦᠦ ᠵᠣᠴᠢᠨ ᠲᠣᠯᠣᠭᠠᠢ ᠶ᠋ᠢᠨ ᠭᠤᠷᠪᠠᠯᠵᠢᠯᠠᠭᠰᠠᠨ ᠬᠤᠢᠬ᠎ᠠ ᠶ᠋ᠢ ᠬᠠᠭᠤᠯᠵᠤ ᠠᠪᠤᠭᠠᠳ ᠂ ᠣᠷᠣᠨ ᠳᠡᠯᠡᠬᠡᠢ ᠳ᠋ᠦ᠍ ᠡᠷᠭᠦᠨ ᠂ ᠴᠢᠬᠢᠨ ᠦ᠌ ᠠᠷᠤ ᠶ᠋ᠢᠨ ᠣᠭᠲᠣᠯᠤᠭᠠᠰᠤ ᠶ᠋ᠢ ᠭᠠᠯ ᠳ᠋ᠤ᠌ ᠡᠷᠭᠦᠨ ᠂ ᠤᠷᠤᠭᠤᠯ ᠤ᠋ᠨ ᠬᠠᠵᠠᠭᠤ ᠶ᠋ᠢᠨ ᠣᠭᠲᠣᠯᠤᠭᠠᠰᠤ ᠶ᠋ᠢ ᠥᠪᠡᠷ ᠲᠡᠭᠡᠨ ᠢᠳᠡᠭᠡᠳ ᠂ ᠲᠣᠯᠣᠭᠠᠢ ᠶ᠋ᠢ ᠬᠠᠪᠢᠷᠭ᠎ᠠ ᠶ᠋ᠢᠨ ᠬᠠᠮᠲᠤ ᠵᠣᠴᠢᠯᠠᠭᠴᠢ ( ᠭᠡᠷ ᠦ᠋ᠨ ᠡᠵᠡᠨ ) ᠳ᠋ᠦ᠍ ᠬᠣᠶᠠᠷ ᠭᠠᠷ ᠢ᠋ᠶ᠋ᠠᠷ ᠡᠷᠭᠦᠨ ᠭᠠᠷᠳᠠᠭᠤᠯᠤᠨ᠎ᠠ᠃ ᠬᠣᠶᠠᠳᠤᠭᠠᠷ ᠲᠠᠪᠠᠭ ᠢ ᠬᠤᠳᠠᠭᠠᠢ ᠳ᠋ᠤ᠌ ᠪᠠᠷᠢᠳᠠᠭ ᠃ ᠬᠤᠳᠠᠭᠠᠢ ᠮᠥᠨ ᠤᠭᠤᠴᠠ ᠶ᠋ᠢᠨ ᠬᠣᠶᠠᠷ ᠲᠠᠯ᠎ᠠ ᠠ᠋ᠴᠠ ᠵᠢᠭᠠᠬᠠᠨ ᠬᠠᠰᠢᠵᠤ ᠡᠷᠭᠦᠭᠡᠳ ᠨᠢᠭᠡ ᠬᠡᠰᠡᠭ ᠢ ᠭᠠᠯ ᠳ᠋ᠤ᠌ ᠡᠷᠭᠦᠵᠦ ᠵᠣᠴᠢᠳ ᠲᠤᠷ ᠵᠠᠯᠠᠨ᠎ᠠ ᠃ ᠡᠭᠦᠨ ᠡᠴᠡ ᠳᠣᠷᠣᠭᠰᠢᠬᠢ ᠲᠠᠪᠠᠭ ᠨᠢ ᠴᠥᠮ ᠡᠨᠡ ᠵᠢᠷᠤᠮ ᠢ᠋ᠶ᠋ᠠᠷ ᠶᠠᠪᠤᠭᠳᠠᠨ᠎ᠠ᠃ ᠪᠠᠷᠭᠤ ᠪᠤᠷᠢᠶᠠᠳ ᠲᠤ᠌ ᠳᠠᠢᠯᠠᠯᠭ᠎ᠠ ᠪᠤᠶᠤ ᠠᠯᠪᠠᠨ ᠶᠣᠰᠣᠨ ᠤ᠋ ᠳᠠᠢᠯᠠᠯᠭ᠎ᠠ ᠳ᠋ᠤ᠌ ᠬᠣᠨᠢᠨ ᠲᠣᠯᠣᠭᠠᠢ ᠲᠠᠯᠪᠢᠳᠠᠭ ᠦᠭᠡᠢ᠃
ᠳᠠᠪᠰᠢ ᠪᠠᠭᠤᠯᠭᠠᠬᠤ ᠶᠣᠰᠣ
ᠢᠷᠡᠭᠰᠡᠨ ᠵᠣᠴᠢᠨ ᠵᠣᠭᠣᠭᠯᠠᠵᠤ ᠪᠠᠷᠠᠭᠰᠠᠨ ᠤ᠋ ᠳᠠᠷᠠᠭ᠎ᠠ ᠠᠬᠠᠮᠠᠳ ᠵᠣᠴᠢᠨ ᠳᠠᠯᠤ ᠴᠢᠮᠥᠭᠡ ᠶ᠋ᠢᠨ ᠶᠠᠰᠤ ᠶ᠋ᠢ ᠮᠥᠨ ᠬᠦ᠌ ᠲᠠᠪᠰᠢ ᠳ᠋ᠤ᠌ ᠶᠣᠰᠣᠴᠢᠯᠠᠨ ᠲᠠᠯᠪᠢᠭᠠᠳ ᠂ ᠵᠠᠷᠢᠮ ᠭᠠᠵᠠᠷ ᠬᠣᠨᠢᠨ ᠲᠣᠯᠣᠭᠠᠢ ᠶ᠋ᠢ ᠮᠥᠨ ᠬᠦ᠌ ᠤᠭᠤᠴᠠᠨ ᠳᠡᠭᠡᠷ᠎ᠡ ᠨᠢ ᠲᠠᠯᠪᠢᠵᠤ᠂ ᠲᠠᠪᠰᠢ ᠪᠠᠭᠤᠯᠭᠠᠬᠤ ᠶ᠋ᠢ ᠮᠡᠳᠡᠭᠳᠡᠨ ᠰᠥᠩ ᠬᠠᠮᠢᠶᠠᠷᠤᠭᠴᠢ ᠪᠤᠶᠤ ᠭᠡᠷ ᠦ᠋ᠨ ᠡᠵᠡᠨ ᠳ᠋ᠦ᠍ ᠨᠠᠷᠠᠨ ᠵᠥᠪ ᠢ᠋ᠶ᠋ᠡᠷ ᠡᠷᠭᠢᠭᠦᠯᠦᠨ ᠭᠠᠷᠳᠠᠭᠤᠯᠬᠤ ᠳ᠋ᠠᠭᠠᠨ ᠬᠣᠶᠠᠷ ᠭᠠᠷ ᠢ᠋ᠶ᠋ᠠᠷ ᠢ᠋ᠶ᠋ᠠᠨ ᠡᠷᠭᠦᠨ ᠪᠤᠴᠠᠭᠠᠨ᠎ᠠ᠃ ᠬᠦᠯᠢᠶᠡᠨ ᠠᠪᠤᠭᠴᠢ ᠨᠢ ᠳᠠᠬᠢᠨ ᠵᠥᠪ ᠢ᠋ᠶ᠋ᠡᠷ ᠬᠠᠭᠠᠰ ᠡᠷᠭᠢᠭᠦᠯᠦᠨ ᠤᠭᠤᠴᠠᠨ ᠲᠣᠯᠣᠭᠠᠢ ᠶ᠋ᠢ ᠭᠠᠳᠠᠭᠰᠢ ᠬᠠᠨᠳᠤᠭᠤᠯᠵᠤ ( ᠵᠣᠴᠢᠳ ᠵᠦᠭ ) 《ᠳᠠᠶᠠᠭᠠᠷ ᠢ᠋ᠶ᠋ᠠᠨ ᠲᠠᠪᠠ ᠪᠠᠷ ᠵᠣᠭᠣᠭᠯᠠᠵᠤ ᠬᠠᠢᠷᠠᠯᠠᠭᠲᠤᠨ !》ᠭᠡᠵᠦ ᠶᠣᠰᠣ ᠭᠦᠢᠴᠡᠳᠬᠡᠭᠡᠳ ᠠᠪᠴᠤ ᠭᠠᠷᠤᠨ᠎ᠠ᠃
ᠱᠥᠯᠥ ᠪᠠᠷᠢᠬᠤ
ᠰᠢᠭᠦᠰᠦ ᠪᠠᠭᠤᠭᠰᠠᠨ ᠤ᠋ ᠳᠠᠷᠠᠭ᠎ᠠ ᠵᠣᠴᠢᠳ ᠲᠤ᠌ ᠱᠥᠯᠦᠨ ᠳ᠋ᠦ᠍ ᠴᠢᠨᠠᠭᠰᠠᠨ ᠲᠤᠲᠤᠷᠭ᠎ᠠ᠂ ᠨᠠᠷᠢᠮᠤ ᠪᠤᠶᠤ ᠬᠠᠭᠤᠷᠤᠭᠰᠠᠨ ᠪᠤᠳᠠᠭ᠎ᠠ ᠠᠶᠠᠭᠠᠯᠠᠵᠤ ᠵᠣᠴᠢᠯᠠᠨ᠎ᠠ᠃ ᠡᠭᠦᠨ ᠢ᠋ ᠱᠥᠯᠥ ᠪᠠᠷᠢᠬᠤ ᠭᠡᠨ᠎ᠡ ᠃ ᠪᠠᠰᠠ ᠲᠠᠲᠠᠰᠢ ᠭᠡᠨ᠎ᠡ ᠃ ᠢᠩᠭᠢᠪᠡᠯ ᠪᠦᠬᠦᠯᠢ ᠰᠢᠭᠦᠰᠦ ᠶ᠋ᠢᠨ ᠳᠠᠢᠯᠠᠯᠭ᠎ᠠ ᠲᠡᠭᠦᠰᠦᠨ᠎ᠡ ᠃ ᠬᠠᠭᠠᠰ ᠰᠢᠭᠦᠰᠦ ᠤᠭᠤᠴᠠ ᠂ ᠬᠣᠶᠠᠷ ᠬᠠ᠂ ᠰᠡᠭᠡᠷ ᠂ ᠡᠷᠡᠦ ᠦᠭᠡᠢ ᠂ ᠲᠣᠯᠣᠭᠠᠢ ᠪᠠᠷ ᠪᠦᠷᠢᠯᠳᠦᠨ᠎ᠡ᠃ ᠡᠭᠦᠨ ᠢ᠋ ᠲᠠᠪᠠᠭᠯᠠᠬᠤ ᠳ᠋ᠠᠭᠠᠨ ᠲᠦᠷᠦᠭᠦᠨ ᠳ᠋ᠦ᠍ᠨᠢ ᠰᠡᠭᠡᠷ ᠢ᠋ᠶ᠋ᠡᠨ ᠬᠥᠨᠳᠡᠯᠡᠨ ᠲᠠᠯᠪᠢᠵᠤ ᠂ ᠳᠠᠷᠠᠭ᠎ᠠ ᠨᠢ ᠬᠣᠶᠠᠷ ᠬᠠ ᠪᠠᠨ ᠠᠮᠢᠳᠤ ᠶ᠋ᠢᠨ ᠪᠠᠢᠷᠢᠰᠢᠯ ᠢ᠋ᠶ᠋ᠠᠷ ᠲᠠᠯᠪᠢᠵᠤ ᠂ ᠳᠡᠭᠡᠷ᠎ᠡ ᠨᠢ ᠤᠭᠤᠴᠠ ᠪᠠᠷ ᠪᠦᠲᠡᠭᠡᠨ᠂ ᠤᠭᠤᠴᠠᠨ ᠳᠡᠭᠡᠷ᠎ᠡ ᠪᠡᠨ ᠲᠣᠯᠣᠭᠠᠢ ᠪᠠᠨ ᠲᠠᠯᠪᠢᠵᠤ ᠵᠠᠰᠠᠨ᠎ᠠ ᠃ ᠡᠨᠡ ᠪᠣᠯ ᠮᠣᠩᠭᠣᠯᠴᠤᠳ ᠤ᠋ᠨ ᠬᠣᠶᠠᠳᠤᠭᠠᠷ ᠳᠡᠰ ᠦ᠋ᠨ ᠶᠣᠰᠣ ᠬᠦᠨᠳᠦᠲᠡᠢ ᠰᠢᠭᠦᠰᠦ ᠪᠣᠯᠤᠨ᠎ᠠ᠃
ᠥᠷᠥᠭᠡᠯ ᠰᠢᠭᠦᠰᠦ
ᠤᠭᠤᠴᠠ ᠂ ᠵᠥᠪ ᠲᠠᠯ᠎ᠠ ᠶ᠋ᠢᠨ ᠬᠠ ᠂ ᠪᠤᠷᠤᠭᠤ ᠲᠠᠯ᠎ᠠ ᠶ᠋ᠢᠨ ᠭᠤᠶ᠎ᠠ ᠪᠠᠷ ᠪᠦᠷᠢᠯᠳᠦᠨ᠎ᠡ ᠃ ᠲᠠᠪᠠᠭᠯᠠᠬᠤ ᠶᠣᠰᠣ ᠨᠢ ᠬᠠ ᠪᠠᠨ ᠦᠶᠡᠯᠡᠵᠦ ᠡᠮᠦᠨ᠎ᠡ ᠨᠢ ᠭᠤᠶ᠎ᠠ ᠪᠠᠨ ᠦᠶᠡᠯᠡᠵᠦ ᠬᠣᠢᠨ᠎ᠠ ᠨᠢ ᠳᠡᠪᠢᠰᠬᠡᠷᠯᠡᠭᠡᠳ ᠤᠭᠤᠴᠠ ᠪᠠᠨ ᠨᠥᠮᠥᠷᠭᠡᠨ ᠲᠠᠯᠪᠢᠨ᠎ᠠ᠃
ᠣᠷᠭᠢᠯ ᠰᠢᠭᠦᠰᠦ ᠥᠷᠥᠭᠡᠯ ᠰᠢᠭᠦᠰᠦ ( ᠠᠯᠠᠱᠠ ᠂ ᠣᠷᠳᠣᠰ ᠤ᠋ᠨ ᠬᠡᠯᠡᠯᠭᠡ ) ᠃
ᠭᠦᠶᠦᠯᠭᠡ ᠤᠭᠤᠴᠠ ᠶ᠋ᠢᠨ ᠳᠠᠢᠯᠠᠯᠭ᠎ᠠ
ᠤᠭᠤᠴᠠ ᠪᠠᠨ ᠪᠣᠯᠭᠣᠭᠠᠵᠤ ᠬᠠᠯᠢᠮᠨᠠᠭᠰᠠᠨ ᠤ᠋ ᠳᠠᠷᠠᠭ᠎ᠠ ᠵᠢᠷᠭᠤᠭᠠᠨ ᠨᠢᠷᠤᠭᠤ ᠶ᠋ᠢ ᠠᠰᠠᠭᠤᠬᠤ ᠨᠢᠷᠤᠭᠤ ᠬᠦᠷᠲᠡᠯ᠎ᠡ ᠬᠣᠶᠠᠷ ᠬᠣᠶᠠᠷ ᠢ᠋ᠶ᠋ᠠᠷ ᠦᠶᠡᠯᠡᠵᠦ ᠰᠡᠭᠦᠯ ᠦ᠋ᠨ ᠦᠵᠦᠭᠦᠷ ᠡᠴᠡ ᠲᠠᠪᠤᠨ ᠦᠶ᠎ᠡ ᠬᠠᠰᠤᠵᠤ ᠂ ᠲᠣᠯᠣᠭᠠᠢ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ ( ᠵᠣᠴᠢᠨ ᠴᠥᠭᠡᠨ ᠂ ᠬᠣᠨᠢᠨ ᠲᠣᠯᠣᠭᠠᠢ ᠪᠡᠯᠡᠨ ᠪᠠᠢᠬᠤ ᠦᠭᠡᠢ ᠦᠶ᠎ᠡ ᠢᠩᠭᠢᠨ᠎ᠡ ) ᠃ ᠡᠭᠦᠨ ᠢ᠋ ᠭᠦᠶᠦᠯᠭᠡ ᠤᠭᠤᠴᠠ ᠶ᠋ᠢᠨ ᠳᠠᠢᠯᠠᠯᠭ᠎ᠠ ᠭᠡᠨ᠎ᠡ ᠃
ᠣᠬᠣᠷ ᠤᠭᠤᠴᠠ ᠶ᠋ᠢᠨ ᠳᠠᠢᠯᠠᠯᠭ᠎ᠠ
ᠲᠤᠤᠬ᠎ᠠ ᠨᠢᠷᠤᠭᠤ ᠂ ᠠᠰᠠᠭᠤᠬᠤ ᠨᠢᠷᠤᠭᠤ ᠶ᠋ᠢᠨ ᠳᠡᠭᠡᠷ᠎ᠡ ᠨᠢᠭᠡᠨ ᠦᠶ᠎ᠡ ᠨᠡᠮᠡᠵᠦ ᠰᠡᠭᠦᠯ ᠦ᠋ᠨ ᠦᠵᠦᠭᠦᠷ ᠡᠴᠡ ᠲᠠᠪᠤᠨ ᠦᠶ᠎ᠡ ᠬᠠᠰᠤᠵᠤ᠂ ᠰᠡᠭᠡᠷ ᠱᠠᠭᠠᠨᠲᠤ ᠲᠡᠷᠢᠭᠦᠲᠡᠨ ᠢ᠋ᠶ᠋ᠡᠷ ᠬᠠᠰᠢᠵᠤ ᠲᠡᠪᠰᠢᠯᠡᠬᠦ ᠶ᠋ᠢ ᠣᠬᠣᠷ ᠤᠭᠤᠴᠠ ᠶ᠋ᠢᠨ ᠳᠠᠢᠯᠠᠯᠭ᠎ᠠ ᠭᠡᠨ᠎ᠡ ( ᠵᠡᠭᠦᠨ ᠣᠷᠣᠨ ) ᠃
ᠳᠠᠯᠤ ᠳᠥᠷᠪᠡᠨ ᠥᠨᠳᠥᠷ ᠦ᠋ᠨ ᠳᠠᠢᠯᠠᠯᠭ᠎ᠠ
ᠴᠢᠨᠠᠵᠤ ᠪᠣᠯᠭᠣᠭᠰᠠᠨ ᠬᠠ ᠪᠠᠨ ᠦᠶᠡᠯᠡᠵᠦ ᠂ ᠳᠠᠯᠤ ᠶ᠋ᠢᠨ ᠮᠥᠭᠡᠷᠰᠦ ᠶ᠋ᠢ ᠤᠨᠠᠭᠠᠨ ᠬᠣᠲᠠ ᠶ᠋ᠢ ᠨᠢ ᠳᠡᠭᠡᠭᠰᠢ ᠬᠠᠨᠳᠤᠭᠤᠯᠤᠨ ᠂ ᠳᠥᠷᠪᠡᠨ ᠥᠨᠳᠥᠷ ᠦ᠋ᠨ ᠳᠡᠭᠡᠷ᠎ᠡ ᠨᠢ ᠲᠠᠯᠪᠢᠨ᠎ᠠ᠃ ᠡᠭᠦᠨ ᠢ᠋ ᠳᠠᠯᠤ ᠳᠥᠷᠪᠡᠨ ᠥᠨᠳᠥᠷ ᠦ᠋ᠨ ᠳᠠᠢᠯᠠᠯᠭ᠎ᠠ ᠭᠡᠨ᠎ᠡ ᠃ ᠡᠭᠦᠨ ᠳ᠋ᠦ᠍ ᠠᠩᠬᠠᠷᠬᠤ ᠵᠦᠢᠯ ᠭᠡᠪᠡᠯ : ᠨᠠᠭᠠᠴᠤ ᠵᠢᠭᠡ ᠳ᠋ᠦ᠍ ᠡᠨᠡ ᠳᠠᠢᠯᠠᠯᠭ᠎ᠠ ᠶ᠋ᠢ ᠣᠷᠣᠭᠤᠯᠳᠠᠭ ᠦᠭᠡᠢ ᠃ ᠶᠣᠰᠣ ᠠᠯᠳᠠᠨ᠎ᠠ ᠃ ᠤᠴᠢᠷ ᠨᠢ ᠨᠠᠭᠠᠴᠤ ᠂ ᠵᠢᠭᠡ ᠳ᠋ᠦ᠍ ᠣᠷᠣᠭᠤᠯᠪᠠᠯ ᠂ ᠲᠡᠳᠡᠨ ᠢ᠋ ᠦᠭᠡᠢᠷᠡᠨᠡ ᠭᠡᠳᠡᠭ ( ᠵᠡᠭᠦᠨ ᠣᠷᠣᠨ ) ᠃
ᠰᠡᠭᠦᠵᠢ ᠳᠤᠮᠳᠠ ᠴᠢᠮᠥᠭᠡ ᠶ᠋ᠢᠨ ᠳᠠᠢᠯᠠᠯᠭ᠎ᠠ
ᠴᠢᠨᠠᠵᠤ ᠪᠣᠯᠭᠣᠭᠰᠠᠨ ᠭᠤᠶ᠎ᠠ ᠪᠠᠨ ᠦᠶᠡᠯᠡᠵᠦ ᠂ ᠱᠠᠭᠠᠨᠲᠤ ᠂ ᠳᠤᠮᠳᠠ ᠴᠢᠮᠥᠭᠡ ᠶ᠋ᠢᠨ ᠳᠡᠭᠡᠷ᠎ᠡ ᠰᠡᠭᠦᠵᠢ ᠪᠡᠨ ᠬᠠᠪᠲᠠᠭᠠᠢ ᠲᠣᠯᠣᠭᠠᠢ ᠲᠠᠯ᠎ᠠ ᠪᠠᠷ ᠨᠢ ᠳᠠᠪᠰᠢᠯᠠᠨ᠎ᠠ ᠃ ᠬᠡᠷᠪᠡ ᠵᠣᠴᠢᠨ ᠣᠯᠠᠨ ᠪᠣᠯ ᠪᠤᠰᠤᠳ ᠵᠦᠢᠯ ᠢ᠋ ᠳᠠᠭᠠᠪᠤᠷᠢ ᠳ᠋ᠤ᠌ ᠣᠷᠣᠭᠤᠯᠵᠤ ᠪᠣᠯᠤᠨ᠎ᠠ ᠃ ᠣᠯᠠᠩᠬᠢ ᠳ᠋ᠠᠭᠠᠨ ᠡᠩ ᠦ᠋ᠨ ᠡᠮᠡᠭᠲᠡᠢ ᠬᠥᠮᠦᠨ ᠳ᠋ᠦ᠍ ᠣᠷᠣᠭᠤᠯᠳᠠᠭ ᠃ ᠪᠤᠰᠤᠳ ᠬᠥᠮᠦᠰ ᠲᠦ᠍ ᠴᠦ᠍ ᠪᠣᠯᠳᠠᠭ ᠠ᠋ !
ᠡᠪᠴᠢᠭᠦᠨ ᠳᠠᠢᠯᠠᠯᠭ᠎ᠠ
ᠪᠣᠯᠭᠣᠭᠰᠠᠨ ᠡᠪᠴᠢᠭᠦᠦ ᠶ᠋ᠢᠨ ᠬᠣᠷᠮᠣᠢ ᠶ᠋ᠢ ᠲᠡᠭᠰᠢ ᠬᠡᠷᠪᠢᠨ ᠂ ᠪᠦᠳᠦᠷᠬᠡᠢ ᠶ᠋ᠢ ᠨᠢ ᠠᠪᠴᠤ ᠬᠥᠩᠬᠥᠷ ᠲᠠᠯ᠎ᠠ ᠶ᠋ᠢ ᠨᠢ ᠳᠡᠭᠡᠭᠰᠢ ᠬᠠᠨᠳᠤᠭᠤᠯᠤᠨ ᠬᠣᠰᠢᠭᠤᠮᠠᠯ ᠲᠠᠯ᠎ᠠ ᠶ᠋ᠢ ᠨᠢ ᠤᠷᠤᠭᠰᠢ ᠬᠠᠨᠳᠤᠭᠤᠯᠤᠨ ᠳᠠᠪᠰᠢᠯᠠᠨ᠎ᠠ ᠃ ᠡᠪᠴᠢᠭᠦᠦ ᠶ᠋ᠢ ᠭᠣᠣᠯᠳᠠᠭᠤ ᠪᠦᠰᠡᠭᠦᠢ ᠬᠥᠮᠦᠨ ᠢ᠋ ᠳᠠᠢᠯᠠᠬᠤ ᠳ᠋ᠤ᠌ ᠬᠡᠷᠡᠭᠯᠡᠨ᠎ᠡ ᠃ ᠡᠭᠦᠨ ᠢ ᠡᠪᠴᠢᠭᠦᠨ ᠳᠠᠢᠯᠠᠯᠭ᠎ᠠ ᠭᠡᠨ᠎ᠡ ᠃ ᠳᠡᠭᠡᠷᠡᠬᠢ ᠲᠠᠪᠤᠨ ᠵᠦᠢᠯ ᠨᠢ ᠭᠣᠣᠯᠳᠠᠭᠤ ᠵᠡᠭᠦᠨ ᠣᠷᠣᠨ ᠤ᠋ ᠳᠠᠢᠯᠠᠯᠭ᠎ᠠ ᠳ᠋ᠤ᠌ ᠬᠠᠷᠠᠭᠳᠠᠨ᠎ᠠ᠃
ᠬᠠ ᠶ᠋ᠢᠨ ᠳᠠᠢᠯᠠᠯᠭ᠎ᠠ
ᠬᠠ ᠪᠠᠨ ᠦᠶᠡᠯᠡᠨ ᠡᠪᠳᠡᠵᠦ ᠂ ᠮᠥᠴᠢ ᠶ᠋ᠢᠨ ᠨᠠᠷᠢᠨ ᠲᠠᠯ᠎ᠠ ᠪᠣᠯᠤᠨ ᠬᠠᠪᠢᠰᠤᠨ ᠤ᠋ ᠲᠣᠯᠣᠭᠠᠢ ᠲᠠᠯ᠎ᠠ ᠶ᠋ᠢ ᠰᠢᠷᠡᠭᠡᠨ ᠦ᠌ ᠬᠣᠢᠮᠣᠷ ᠲᠠᠢᠰᠢ ᠬᠠᠨᠳᠤᠭᠤᠯᠤᠨ ᠲᠠᠯᠪᠢᠨ᠎ᠠ ᠃ ᠡᠭᠦᠨ ᠢ᠋ ᠬᠠ ᠶ᠋ᠢᠨ ᠳᠠᠢᠯᠠᠯᠭ᠎ᠠ ᠭᠡᠨ᠎ᠡ ᠃ ᠡᠨᠡ ᠳᠠᠢᠯᠠᠯᠭ᠎ᠠ ᠠᠯᠠᠱᠠ ᠳ᠋ᠤ᠌ ᠬᠠᠷᠠᠭᠳᠠᠨ᠎ᠠ᠃
ᠪᠦᠬᠦᠯᠢ ᠲᠣᠯᠣᠭᠠᠢ ᠶ᠋ᠢᠨ ᠳᠠᠢᠯᠠᠯᠭ᠎ᠠ
ᠬᠢᠷᠪᠤᠰᠤᠯᠠᠬᠰᠠᠨᠨ ( ᠬᠤᠢᠬᠠᠯᠠᠭᠰᠠᠨ ) ᠬᠣᠨᠢᠨ ᠤ᠋ ᠲᠣᠯᠣᠭᠠᠢ ᠪᠠᠨ ᠴᠢᠨᠠᠭᠠᠳ ᠂ ᠬᠣᠩᠰᠢᠶᠠᠷ ᠢ᠋ ᠨᠢ ᠰᠢᠷᠡᠭᠡᠨ ᠦ᠌ ᠬᠣᠢᠮᠣᠷ ᠲᠠᠢᠰᠢ ᠬᠠᠨᠳᠤᠭᠤᠯᠤᠨ ᠬᠣᠶᠠᠷ ᠲᠠᠯ᠎ᠠ ᠪᠠᠷ ᠨᠢ ᠬᠣᠰ ᠵᠤᠷᠠᠮ᠎ᠠ ( ᠭᠦᠵᠡᠭᠡ ᠂ ᠴᠢᠴᠠᠷᠬᠠᠢ ᠶ᠋ᠢᠨ ᠥᠭᠡᠬᠦ ᠶ᠋ᠢ ᠨᠡᠢᠯᠡᠭᠦᠯᠵᠦ ᠨᠠᠷᠢᠨ ᠭᠡᠳᠡᠰᠦ ᠪᠡᠷ ᠣᠷᠢᠶᠠᠭᠰᠠᠨ ᠮᠢᠬ᠎ᠠ ) ᠶ᠋ᠢ ᠬᠠᠪᠴᠢᠨ ᠲᠡᠪᠰᠢᠯᠡᠳᠡᠭ ᠃ ᠡᠨᠡ ᠳᠠᠢᠯᠠᠯᠭ᠎ᠠ ᠠᠯᠠᠱᠠ ᠳ᠋ᠤ᠌ ᠬᠠᠷᠠᠭᠳᠠᠨ᠎ᠠ᠃
ᠬᠠᠰᠢᠭᠰᠠᠨ ᠰᠢᠭᠦᠰᠦ ᠶ᠋ᠢᠨ ᠳᠠᠢᠯᠠᠯᠭ᠎ᠠ
ᠵᠥᠪ ᠲᠠᠯ᠎ᠠ ᠶ᠋ᠢᠨ ᠬᠠ ᠂ ᠪᠤᠷᠤᠭᠤ ᠲᠠᠯ᠎ᠠ ᠶ᠋ᠢᠨ ᠭᠤᠶ᠎ᠠ ᠂ ᠤᠭᠤᠴᠠ ᠦᠭᠡᠢ ᠰᠡᠭᠡᠷ ᠲᠣᠯᠣᠭᠠᠢ ᠲᠠᠢ ᠴᠢᠨᠠᠭᠰᠠᠨ ᠰᠢᠭᠦᠰᠦ ᠶ᠋ᠢ ᠬᠠᠰᠢᠭᠰᠠᠨ ᠰᠢᠭᠦᠰᠦᠨ ᠲᠠᠢᠯᠠᠯᠠᠭᠠ ᠭᠡᠨ᠎ᠡ ᠃ ᠡᠨᠡ ᠳᠠᠢᠯᠠᠯᠭ᠎ᠠ ᠣᠷᠳᠣᠰ ᠲᠤ᠌ ᠬᠠᠷᠠᠭᠳᠠᠨ᠎ᠠ ᠃
ᠳᠠᠯᠤ ᠶ᠋ᠢᠨ ᠳᠠᠢᠯᠠᠯᠭ᠎ᠠ
ᠵᠥᠪ ᠲᠠᠯ᠎ᠠ ᠶ᠋ᠢᠨ ᠬᠠ ᠂ ᠲᠣᠯᠣᠭᠠᠢ ᠦᠭᠡᠢ ᠪᠡᠷ ᠰᠡᠭᠡᠷ ᠲᠡᠢ ᠴᠢᠨᠠᠭᠰᠠᠨ ᠰᠢᠭᠦᠰᠦ ᠶ᠋ᠢ ᠳᠠᠯᠤ ᠶ᠋ᠢᠨ ᠳᠠᠢᠯᠠᠯᠭ᠎ᠠ ᠭᠡᠨ᠎ᠡ ᠃ ᠡᠨᠡ ᠪᠣᠯ ᠦᠷᠳᠦᠰ ᠨᠤᠲᠤᠭ ᠲᠤ᠌ ᠬᠠᠷᠠᠭᠳᠠᠨ᠎ᠠ᠃
ᠳᠠᠯᠤ ᠳᠥᠷᠪᠡᠨ ᠥᠨᠳᠥᠷ ᠦ᠋ᠨ ᠳᠠᠢᠯᠠᠯᠭ᠎ᠠ ᠃ ᠳᠠᠯᠤ ᠳᠥᠷᠪᠡᠨ ᠥᠨᠳᠥᠷ ᠂ ᠰᠡᠭᠦᠵᠢ ᠂ ᠳᠤᠮᠳᠠ ᠴᠢᠮᠥᠭᠡ ᠶ᠋ᠢᠨ ᠳᠠᠢᠯᠠᠯᠭ᠎ᠠ ᠃ ᠤᠭᠤᠴᠠ ᠳᠠᠯᠤ ᠳᠥᠷᠪᠡᠨ ᠥᠨᠳᠥᠷ ᠦ᠋ᠨ ᠳᠠᠢᠯᠠᠯᠭ᠎ᠠ᠃ ᠡᠪᠴᠢᠭᠦᠦ ᠳᠠᠯᠤ ᠳᠥᠷᠪᠡᠨ ᠥᠨᠳᠥᠷ ᠦ᠋ᠨ ᠳᠠᠢᠯᠠᠯᠭ᠎ᠠ ᠭᠡᠵᠦ ᠪᠣᠢ ᠃ ᠡᠭᠦᠨ ᠳ᠋ᠦ᠍ ᠴᠥᠮ ᠬᠣᠰ ᠂ ᠪᠦᠳᠦᠭᠦᠨ ᠭᠡᠳᠡᠰᠦ ᠂ ᠡᠯᠢᠭᠡ ᠂ ᠵᠢᠷᠦᠬᠡ ᠶ᠋ᠢ ᠳᠠᠭᠠᠯᠳᠤᠭᠤᠯᠳᠠᠭ ᠪᠣᠢ ᠃ ᠡᠨᠡ ᠪᠣᠯ ᠰᠢᠯᠢ ᠶ᠋ᠢᠨ ᠭᠣᠣᠯ ᠂ ᠬᠡᠰᠢᠭᠲᠡᠨ ᠢ᠋ᠶ᠋ᠡᠷ ᠦᠵᠡᠭᠳᠡᠳᠡᠭ ᠳᠠᠢᠯᠠᠯᠭ᠎ᠠ ᠃
ᠳᠡᠯᠡᠭᠡ ᠬᠤᠷᠠᠭ᠎ᠠ ᠶ᠋ᠢᠨ ᠰᠢᠭᠦᠰᠦ
ᠥᠨᠳᠥᠷ ᠨᠠᠰᠤᠲᠠᠢ ᠬᠥᠮᠦᠨ ᠳ᠋ᠦ᠍ ᠣᠷᠣᠭᠤᠯᠳᠠᠭ ᠰᠢᠭᠦᠰᠦ ᠂ ᠬᠤᠷᠠᠭᠠᠨ ᠮᠢᠬ᠎ᠠ ᠠᠮᠲᠠᠲᠠᠢ ᠪᠥᠭᠡᠳ ᠵᠥᠭᠡᠯᠡᠨ ᠃ ᠡᠨᠡ ᠪᠣᠯ ᠡᠷᠲᠡᠨ ᠡᠴᠡ ᠪᠠᠢᠵᠠᠢ᠃
ᠡᠩ ᠦ᠋ᠨ ᠬᠤᠷᠠᠭ᠎ᠠ ᠶ᠋ᠢᠨ ᠰᠢᠭᠦᠰᠦ
ᠡᠨᠡ ᠨᠢ ᠮᠥᠨ ᠲᠡᠯᠡᠭᠡ ᠬᠤᠷᠠᠭ᠎ᠠ ᠶ᠋ᠢᠨ ᠣᠷᠣᠨ ᠳ᠋ᠤ᠌ ᠢᠳᠡᠳᠡᠭ ᠰᠢᠭᠦᠰᠦ ( ᠲᠡᠯᠡᠭᠡ ᠦᠭᠡᠢ ᠦᠶ᠎ᠡ ) ᠃
