ᠴᠠᠭᠠᠨ ᠨᠠᠭᠤᠷ -ᠰᠣᠶᠣᠯᠴᠢᠮᠡᠭЦагаан нуур-Соёлчимгээ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠨᠠᠭᠤᠷ -ᠰᠣᠶᠣᠯᠴᠢᠮᠡᠭЦагаан нуур-Соёлчимгээ

ᠴᠠᠭᠠᠨ ᠨᠠᠭᠤᠷ -ᠰᠣᠶᠣᠯᠴᠢᠮᠡᠭЦагаан нуур-Соёлчимгээ

ᠠᠩᠭᠢᠯᠠᠯ:ᠳᠠᠭᠤᠤ ᠬᠥᠭᠵᠢᠮ
2026-09-15

62

ᠴᠠᠭᠠᠨ ᠨᠠᠭᠤᠷ


  ᠦᠭᠡ᠄ ᠣ• ᠠᠷᠪᠠᠨᠪᠠᠶᠠᠷ   
  ᠠᠶ᠎ᠠ᠄ ᠠ᠊ •  ᠪᠠᠶᠠᠷ    
  ᠳᠠᠭᠤᠴᠢᠨ᠄ ᠰᠣᠶᠣᠯᠴᠢᠮᠡᠭ    

ᠭᠠᠯᠠᠭᠤᠨ ᠴᠤᠪᠤᠭ᠎ᠠ ᠬᠣᠷᠭᠣᠳᠠᠭᠰᠠᠨ   
ᠭᠠᠯᠪᠠ ᠶ᠋ᠢᠨ ᠵᠢᠵᠢᠭᠬᠡᠨ ᠰᠤᠪᠤᠳ ᠮᠢᠨᠢ   
ᠭᠠᠩ ᠤ᠋ᠨ ᠬᠠᠯᠠᠭᠤᠨ ᠳ᠋ᠤ᠌ ᠲᠠᠲᠠᠷᠠᠰᠢ ᠦᠭᠡᠢ   
ᠭᠠᠵᠠᠷ ᠤ᠋ᠨ ᠮᠥᠩᠭᠥᠨ ᠲᠠᠮᠠᠭ᠎ᠠ ᠶᠤ᠌᠃   
ᠵᠤᠰᠠᠯᠠᠩ ᠤ᠋ᠨ ᠰᠦᠷᠦᠭ ᠨᠠᠯᠠᠢᠭᠠᠳ   
ᠵᠢᠷᠤᠭ ᠤ᠋ᠨ ᠲᠠᠩᠰᠤᠭ ᠴᠠᠭᠠᠨ ᠨᠠᠭᠤᠷ ᠮᠢᠨᠢ  
ᠵᠠᠭᠤᠨ ᠵᠠᠭᠤᠨ ᠤ᠋ ᠪᠣᠱᠣᠭᠠᠨ ᠳ᠋ᠤ᠌  
ᠵᠣᠯᠪᠣᠭ᠎ᠠ ᠬᠡᠢᠮᠣᠷᠢ ᠲᠠᠢ ᠠᠷᠠᠳ ᠤ᠋ᠳ ᠮᠢᠨᠢ᠃   

ᠤᠯᠠᠭᠠᠢ ᠢᠨᠵᠠᠭᠠᠨ ᠭᠣᠶᠣᠬᠠᠨ ᠤ᠋
ᠭᠤᠷᠪᠠᠨ ᠭᠣᠣᠯ ᠤ᠋ᠨ ᠡᠮᠵᠢᠶᠡᠷᠢ ᠲᠡᠢ
ᠣᠨ ᠴᠠᠭ ᠢ᠋ ᠬᠠᠷᠠᠭᠤᠯᠳᠠᠭᠰᠠᠨ
ᠣᠪᠣᠭ᠎ᠠ ᠰᠢᠲᠦᠭᠡᠨᠲᠦ ᠳᠠᠬᠢᠯᠠᠭ᠎ᠠ ᠲᠠᠢ᠃ 
ᠵᠤᠰᠠᠯᠠᠩ ᠤ᠋ᠨ ᠰᠦᠷᠦᠭ ᠨᠠᠯᠠᠢᠭᠠᠳ
ᠵᠢᠷᠤᠭ ᠤ᠋ᠨ ᠲᠠᠩᠰᠤᠭ ᠴᠠᠭᠠᠨ ᠨᠠᠭᠤᠷ ᠮᠢᠨᠢ
ᠵᠠᠭᠤᠨ ᠵᠠᠭᠤᠨ ᠤ᠋ ᠪᠣᠱᠣᠭᠠᠨ ᠳ᠋ᠤ᠌
ᠵᠣᠯᠪᠣᠭ᠎ᠠ ᠬᠡᠢᠮᠣᠷᠢ ᠲᠠᠢ ᠠᠷᠠᠳ ᠤ᠋ᠳ ᠮᠢᠨᠢ᠃ 

ᠥᠩᠭᠡ ᠶ᠋ᠢᠨ ᠴᠡᠴᠡᠭ ᠢ᠋ᠶ᠋ᠡᠷ ᠴᠢᠮᠡᠭᠯᠡᠭᠳᠡᠭᠰᠡᠨ
ᠡᠪᠦᠭᠡᠳ ᠦ᠋ᠨ ᠬᠠᠭᠤᠴᠢ ᠪᠠᠷ ᠬᠥᠭᠯᠡᠭᠳᠡᠭᠰᠡᠨ
ᠥᠷᠯᠥᠭ ᠮᠠᠯᠴᠢᠳ ᠢ᠋ᠶ᠋ᠠᠷ ᠪᠠᠬᠠᠷᠬᠠᠭᠳᠠᠭᠰᠠᠨ
ᠦᠶ᠎ᠡ ᠶ᠋ᠢᠨ ᠦᠶ᠎ᠡ ᠪᠡᠷ ᠵᠢᠷᠭᠠᠭᠰᠠᠨ
ᠵᠤᠰᠠᠯᠠᠩ ᠤ᠋ᠨ ᠰᠦᠷᠦᠭ ᠨᠠᠯᠠᠢᠭᠠᠳ
ᠵᠢᠷᠤᠭ ᠤ᠋ᠨ ᠲᠠᠩᠰᠤᠭ ᠴᠠᠭᠠᠨ ᠨᠠᠭᠤᠷ ᠮᠢᠨᠢ
ᠵᠠᠭᠤᠨ ᠵᠠᠭᠤᠨ ᠤ᠋ ᠪᠣᠱᠣᠭᠠᠨ ᠳ᠋ᠤ᠌
ᠵᠣᠯᠪᠣᠭ᠎ᠠ ᠬᠡᠢᠮᠣᠷᠢ ᠲᠠᠢ ᠠᠷᠠᠳ ᠤ᠋ᠳ ᠮᠢᠨᠢ᠃
ᠵᠤᠰᠠᠯᠠᠩ ᠤ᠋ᠨ ᠰᠦᠷᠦᠭ ᠨᠠᠯᠠᠢᠭᠠᠳ
ᠵᠢᠷᠤᠭ ᠤ᠋ᠨ ᠲᠠᠩᠰᠤᠭ ᠴᠠᠭᠠᠨ ᠨᠠᠭᠤᠷ ᠮᠢᠨᠢ
ᠵᠠᠭᠤᠨ ᠵᠠᠭᠤᠨ ᠤ᠋ ᠪᠣᠱᠣᠭᠠᠨ ᠳ᠋ᠤ᠌
ᠵᠣᠯᠪᠣᠭ᠎ᠠ ᠬᠡᠢᠮᠣᠷᠢ ᠲᠠᠢ ᠠᠷᠠᠳ ᠤ᠋ᠳ ᠮᠢᠨᠢ 
ᠵᠣᠯᠪᠣᠭ᠎ᠠ ᠬᠡᠢᠮᠣᠷᠢ ᠲᠠᠢ ᠠᠷᠠᠳ ᠤ᠋ᠳ ᠮᠢᠨᠢ᠃
  
  ᠦᠰᠦᠭ ᠠᠮᠢᠯᠠᠭᠤᠯᠤᠭᠴᠢ᠄ ᠤᠤᠭᠠᠨᠵᠢᠳ
  ᠬᠢᠨᠠᠭᠴᠢ᠄ ᠮᠡᠷᠭᠡᠨᠪᠢᠯᠢᠭ