ᠨᠠᠰᠤᠨ ᠤ᠋ ᠭᠠᠭᠴᠠᠬᠠᠨ ᠭᠡᠨᠡᠮ᠎ᠠ-ᠪ ᠪᠠᠲᠤᠲᠤᠯᠭ᠎ᠠ Battulga - Nasnii Gantshan GenemaaНасны ганцхан гэнэмаа-Б. Баттулга ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠰᠤᠨ ᠤ᠋ ᠭᠠᠭᠴᠠᠬᠠᠨ ᠭᠡᠨᠡᠮ᠎ᠠ-ᠪ ᠪᠠᠲᠤᠲᠤᠯᠭ᠎ᠠ Battulga - Nasnii Gantshan GenemaaНасны ганцхан гэнэмаа-Б. Баттулга

ᠨᠠᠰᠤᠨ ᠤ᠋ ᠭᠠᠭᠴᠠᠬᠠᠨ ᠭᠡᠨᠡᠮ᠎ᠠ-ᠪ ᠪᠠᠲᠤᠲᠤᠯᠭ᠎ᠠ Battulga - Nasnii Gantshan GenemaaНасны ганцхан гэнэмаа-Б. Баттулга

ᠠᠩᠭᠢᠯᠠᠯ:ᠳᠠᠭᠤᠤ ᠬᠥᠭᠵᠢᠮ
2026-09-16

1340

ᠨᠠᠰᠤᠨ ᠤ᠋ ᠭᠠᠭᠴᠠᠬᠠᠨ ᠭᠡᠨᠡᠮ᠎ᠠ


    ᠦᠭᠡ᠄ ᠮ· ᠪᠢᠯᠢᠭᠰᠠᠢᠬᠠᠨ 
    ᠠᠶ᠎ᠠ᠄ ᠳ· ᠴᠢᠯᠠᠭᠤᠨ 
    ᠳᠠᠭᠤᠴᠢᠨ᠄ ᠤ᠋· ᠪᠠᠲᠤᠳᠤᠯᠭ᠎ᠠ 

ᠨᠠᠮᠤᠷ ᠨᠠᠮᠤᠷ ᠲᠠᠭᠠᠨ ᠳᠤᠯᠠᠭᠠᠬᠠᠨ ᠯᠠ ᠪᠠᠢᠨ᠎ᠠ 
ᠨᠤᠲᠤᠭ ᠤ᠋ᠨ ᠥᠨᠳᠥᠷ ᠠᠭᠤᠯᠠᠰ ᠤ᠋ᠳ ᠮᠢᠨᠢ 
ᠨᠠᠰᠤ ᠶ᠋ᠢ ᠮᠢᠨᠢ ᠡᠷᠭᠢᠲᠡᠯ᠎ᠡ ᠰᠠᠨᠠᠭᠳᠠᠭᠤᠯᠤᠭᠠᠳ   
ᠨᠠᠭᠠᠯᠢᠩᠬᠠᠢ ᠬᠣᠩᠭᠣᠷ ᠪᠦᠰᠡᠭᠦᠢ ᠶᠠ 
ᠨᠠᠮᠪᠠ ᠰᠠᠭᠤᠭᠰᠠᠨ ᠴᠢᠮ᠎ᠠ ᠳ᠋ᠠᠭᠠᠨ ᠶᠠᠭᠠᠷᠠᠭᠠᠳ ᠪᠠᠢᠨ᠎ᠠ ᠪᠢ ᠴᠢᠨᠢ 
ᠨᠠᠰᠤᠨ ᠤ᠋ ᠬᠣᠩᠭᠣᠷ ᠭᠡᠨᠡᠮ᠎ᠡ ᠪᠡᠨ ᠵᠡᠭᠦᠳᠦᠯᠡᠭᠡᠳ ᠪᠠᠢᠨ᠎ᠠ ᠪᠢ ᠴᠢᠨᠢ᠃ 

ᠡᠪᠦᠯ ᠡᠪᠦᠯ ᠳ᠋ᠡᠭᠡᠨ ᠨᠥᠭᠡᠯᠭᠡ ᠲᠡᠢ ᠯᠠ ᠪᠠᠢᠨ᠎ᠠ
ᠥᠩ ᠲᠡᠢ ᠵᠢᠯ ᠦ᠋ᠨ ᠥᠩᠭᠡ ᠤᠤ ᠳᠠ
ᠥᠪᠡᠷ ᠦ᠋ᠨ ᠡᠷᠬᠡ ᠦᠭᠡᠢ ᠰᠠᠨᠠᠭᠳᠠᠭᠤᠯᠤᠭᠠᠳ
ᠦᠭᠡᠯᠡᠬᠦ ᠶ᠋ᠢᠨ ᠴᠦ᠍ ᠶ᠋ᠢᠨ ᠦᠭᠡᠢ ᠪᠦᠰᠡᠭᠦᠢ ᠶᠠ
ᠨᠠᠮᠪᠠ ᠰᠠᠭᠤᠭᠰᠠᠨ ᠴᠢᠮ᠎ᠠ ᠳ᠋ᠠᠭᠠᠨ ᠶᠠᠭᠠᠷᠠᠭᠠᠳ ᠪᠠᠢᠨ᠎ᠠ ᠪᠢ ᠴᠢᠨᠢ
ᠨᠠᠰᠤᠨ ᠤ᠋ ᠬᠣᠩᠭᠣᠷ ᠭᠡᠨᠡᠮ᠎ᠡ ᠪᠡᠨ ᠵᠡᠭᠦᠳᠦᠯᠡᠭᠡᠳ ᠪᠠᠢᠨ᠎ᠠ ᠪᠢ ᠴᠢᠨᠢ᠃ 

ᠬᠠᠪᠤᠷ ᠬᠠᠪᠤᠷ ᠲᠠᠭᠠᠨ ᠬᠠᠢᠯᠭᠠᠨ ᠯᠠ ᠪᠠᠢᠨ᠎ᠠ
ᠬᠠᠨᠠᠭᠠᠷ ᠨᠤᠲᠤᠭ ᠤ᠋ᠨ ᠥᠩᠭᠡ ᠤᠤ ᠳᠠ
ᠬᠠᠨᠢ ᠶ᠋ᠢ ᠬᠠᠨᠢ ᠶ᠋ᠢ ᠰᠠᠨᠠᠭᠳᠠᠭᠤᠯᠤᠭᠠᠳ
ᠬᠠᠢᠯᠭᠠᠨ ᠴᠤ᠌ ᠬᠣᠩᠭᠣᠷ ᠪᠦᠰᠡᠭᠦᠢ ᠶᠠ
ᠨᠠᠮᠪᠠ ᠰᠠᠭᠤᠭᠰᠠᠨ ᠴᠢᠮ᠎ᠠ ᠳ᠋ᠠᠭᠠᠨ ᠶᠠᠭᠠᠷᠠᠭᠠᠳ ᠪᠠᠢᠨ᠎ᠠ ᠪᠢ ᠴᠢᠨᠢ
ᠨᠠᠰᠤᠨ ᠤ᠋ ᠬᠣᠩᠭᠣᠷ ᠭᠡᠨᠡᠮ᠎ᠡ ᠪᠡᠨ ᠵᠡᠭᠦᠳᠦᠯᠡᠭᠡᠳ ᠪᠠᠢᠨ᠎ᠠ ᠪᠢ ᠴᠢᠨᠢ᠃ 

ᠵᠤᠰᠠᠯᠠᠩ ᠵᠤᠰᠠᠯᠠᠩ ᠳ᠋ᠠᠭᠠᠨ ᠵᠤᠭ᠎ᠠ ᠲᠠᠢ ᠯᠠ ᠪᠠᠢᠨ᠎ᠠ
ᠵᠤᠨ ᠲᠠᠢ ᠵᠢᠯ ᠦ᠋ᠨ ᠥᠩᠭᠡ ᠤᠤ ᠳᠠ
ᠡᠭᠦᠷᠢᠳᠡ ᠶ᠋ᠢᠨ ᠶᠤᠮ ᠰᠢᠭ ᠰᠠᠨᠠᠭᠳᠠᠭᠤᠯᠤᠭᠠᠳ
ᠦᠨᠡᠨᠴᠢ ᠬᠠᠢᠷ᠎ᠠ ᠶ᠋ᠢᠨ ᠲᠩᠷᠢ ᠤᠤ ᠳᠠ
ᠨᠠᠮᠪᠠ ᠰᠠᠭᠤᠭᠰᠠᠨ ᠴᠢᠮ᠎ᠠ ᠳ᠋ᠠᠭᠠᠨ ᠶᠠᠭᠠᠷᠠᠭᠠᠳ ᠪᠠᠢᠨ᠎ᠠ ᠪᠢ ᠴᠢᠨᠢ
ᠨᠠᠰᠤᠨ ᠤ᠋ ᠬᠣᠩᠭᠣᠷ ᠭᠡᠨᠡᠮ᠎ᠡ ᠪᠡᠨ ᠵᠡᠭᠦᠳᠦᠯᠡᠭᠡᠳ ᠪᠠᠢᠨ᠎ᠠ ᠪᠢ ᠴᠢᠨᠢ
ᠨᠠᠰᠤᠨ ᠤ᠋ ᠬᠣᠩᠭᠣᠷ ᠭᠡᠨᠡᠮ᠎ᠡ ᠪᠡᠨ ᠵᠡᠭᠦᠳᠦᠯᠡᠭᠡᠳ ᠪᠠᠢᠨ᠎ᠠ ᠪᠢ ᠴᠢᠨᠢ᠃ 

    ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
    ᠬᠢᠨᠠᠭᠴᠢ᠄ ᠤᠤᠭᠠᠨᠵᠢᠳ