ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠭᠤᠷᠪᠠᠳᠤᠭᠠᠷ ᠪᠦᠯᠦᠭ > Хөх судрын залгамж - Инжинаш < Далан гуравдугаар бүлэг >
ᠳᠠᠯᠠᠨ ᠭᠤᠷᠪᠠᠳᠤᠭᠠᠷ ᠪᠦᠯᠦᠭ
ᠤᠯᠠᠭᠠᠨᠴᠢᠨ ᠲᠠᠬᠢᠶ᠎ᠠ ᠵᠢᠯ ᠦ᠋ᠨ ᠨᠠᠮᠤᠷ ᠤ᠋ᠨ ᠤᠴᠢᠷ ᠢ᠋ ᠵᠠᠯᠭᠠᠵᠤ ᠪᠢᠴᠢᠮᠦᠢ
ᠢᠵᠢᠯ ᠮᠥᠷᠡᠨ ᠦ᠌ ᠬᠥᠪᠡᠭᠡᠨ ᠳ᠋ᠦ᠍ᠷ ᠮᠣᠩᠭᠣᠯᠴᠤᠳ ᠰᠦᠯᠳᠡ ᠶ᠋ᠢᠨ ᠨᠠᠢᠷ ᠬᠢᠵᠦ
ᠣᠷᠣᠰ ᠨᠤᠲᠤᠭ ᠲᠤᠷ ᠴᠥᠮᠥᠷᠡᠨ ᠣᠷᠣᠬᠤ ᠪᠠᠷ ᠪᠡᠯᠡᠳᠬᠡᠪᠡᠢ
ᠢᠯᠡ ᠳᠠᠯᠳᠠ ᠶ᠋ᠢ ᠰᠠᠢᠨ ᠮᠡᠳᠡᠵᠦ ᠠᠪᠬᠤ ᠶ᠋ᠢᠨ ᠲᠥᠯᠥᠭᠡ ᠰᠥᠪᠡᠭᠡᠳᠡᠢ ᠪᠠᠭᠠᠲᠤᠷ
ᠲᠠᠩᠨᠠᠭᠤᠯ ᠲᠤᠷᠰᠢᠭᠤᠯ ᠢ᠋ᠶ᠋ᠠᠨ ᠶᠠᠪᠤᠭᠤᠯᠪᠠᠢ
ᠥᠭᠦᠯᠡᠬᠦ ᠢᠨᠦ ᠳᠡᠮᠡᠢ ᠤᠳᠠᠭᠰᠠᠨ ᠦᠭᠡᠢ ᠮᠣᠩᠭᠣᠯ ᠤ᠋ᠨ ᠬᠠᠳ ᠬᠥᠪᠡᠭᠦᠳ ᠦ᠋ᠨ ᠴᠡᠷᠢᠭ ᠪᠠᠲᠤ ᠬᠠᠨ ᠤ᠋ ᠠᠷᠤ ᠠ᠋ᠴᠠ ᠬᠦᠷᠦᠯᠴᠡᠨ ᠢᠷᠡᠵᠡᠭᠡᠵᠦ ᠢᠵᠢᠯ ᠮᠥᠷᠡᠨ ᠦ᠌ ᠬᠥᠪᠡᠭᠡᠨ ᠳ᠋ᠦ᠍ᠷ ᠪᠠᠭᠤᠳᠠᠯᠯᠠᠮᠤᠢ᠃
ᠪᠠᠷᠠᠭᠤᠨ ᠵᠢᠭᠦᠷ ᠦ᠋ᠨ ᠶᠡᠬᠡ ᠴᠡᠷᠢᠭ ᠤᠷᠳᠠ ᠬᠠᠨ ᠳᠡᠭᠦᠦ ᠱᠢᠪᠢᠨ᠂ ᠪᠣᠯᠣᠳ ᠤ᠋ᠨ ᠬᠠᠮᠲᠤ ᠵᠠᠮ ᠵᠠᠭᠤᠷ᠎ᠠ ᠪᠠᠨ ᠢᠵᠢᠯ ᠮᠥᠷᠡᠨ ᠳ᠋ᠦ᠍ᠷ ᠴᠢᠳᠬᠤᠬᠤ ᠺᠠᠮ ᠭᠣᠣᠯ ᠳᠠᠭᠠᠤ ᠣᠷᠣᠰᠢᠨ ᠰᠠᠭᠤᠬᠤ ᠤᠮᠠᠷᠠᠲᠤ ᠪᠣᠯᠭᠠᠷᠢ ᠶ᠋ᠢ ᠪᠠᠢᠯᠳᠤᠨ ᠡᠵᠡᠯᠡᠭᠡᠳ ᠮᠠᠰᠢ ᠣᠯᠠᠨ ᠴᠡᠷᠢᠭ ᠮᠣᠷᠢ ᠣᠯᠵᠠᠯᠠᠪᠠ᠃ ᠵᠡᠭᠦᠨ ᠵᠢᠭᠦᠷ ᠦ᠋ᠨ ᠮᠥᠩᠬᠡ ᠬᠠᠨ ᠤ᠋ ᠴᠡᠷᠢᠭ ᠢᠵᠢᠯ ᠮᠥᠷᠡᠨ ᠪᠠ ᠳ᠋ᠤᠨ ᠭᠣᠣᠯ ᠤ᠋ᠨ ᠳᠣᠣᠷ᠎ᠠ ᠵᠠᠬ᠎ᠠ ᠪᠠᠷ ᠨᠤᠲᠤᠭᠯᠠᠳᠠᠭ ᠺᠢᠪᠴᠠᠭ᠂ ᠲᠦᠷᠺᠠᠮᠠᠸᠠᠨᠴᠤᠳ᠂ ᠺᠠᠮᠠᠴᠤᠳ ᠢ᠋ ᠢᠯᠪᠢᠨ ᠳᠠᠭᠠᠭᠤᠯᠵᠤ ᠮᠠᠰᠢ ᠣᠯᠠᠨ ᠴᠡᠷᠢᠭ ᠮᠣᠷᠢ ᠣᠯᠵᠠᠯᠠᠵᠤ ᠢᠷᠡᠪᠡ᠃ ᠳᠤᠮᠳᠠᠳᠤ ᠵᠠᠮ ᠤ᠋ᠨ ᠭᠦᠶᠦᠭ ᠬᠠᠨ ᠤ᠋ ᠴᠡᠷᠢᠭ ᠴᠦ᠍ ᠵᠠᠮ ᠳᠠᠭᠠᠤ ᠬᠡᠳᠦᠨ ᠪᠦᠯᠦᠭ ᠺᠢᠪᠴᠠᠭ᠂ ᠺᠦᠷᠳᠠᠴᠤᠳ ᠤ᠋ᠨ ᠣᠯᠠᠨ ᠢ᠋ ᠬᠣᠷᠢᠶᠠᠨ ᠠᠪᠴᠤ ᠢᠷᠡᠭᠰᠡᠨ ᠲᠤᠯᠠ ᠬᠠᠳ ᠬᠥᠪᠡᠭᠦᠳ ᠶᠡᠬᠡ ᠴᠠᠴᠠᠷ ᠲᠤᠷ ᠵᠠᠮ ᠵᠠᠭᠤᠷᠠᠬᠢ ᠲᠡᠢᠨ ᠪᠠᠢᠯᠳᠤᠭᠠᠨ ᠢ᠋ ᠶᠠᠷᠢᠯᠴᠠᠵᠤ ᠭᠣᠣᠯ ᠭᠡᠲᠦᠯᠬᠦ ᠶ᠋ᠢ ᠵᠥᠪᠳᠡᠯᠴᠡᠮᠦᠢ᠃
ᠰᠥᠪᠡᠭᠡᠳᠡᠢ ᠪᠠᠭᠠᠲᠤᠷ ᠂ ᠪᠦᠵᠦᠭ ᠨᠣᠶᠠᠨ ᠂ ᠣᠭᠲᠠᠷ ᠬᠣᠷᠴᠢ ᠂ ᠰᠢᠮᠤᠬᠠᠢ ᠪᠠᠭᠠᠲᠤᠷ ᠲᠤᠰ ᠲᠤᠰ ᠤ᠋ᠨ ᠬᠤᠪᠢᠶᠠᠷᠢ ᠴᠡᠷᠢᠭ ᠦ᠋ᠨ ᠮᠥᠷᠡᠨ ᠭᠡᠲᠦᠯᠬᠦ ᠪᠡᠯᠡᠳᠬᠡᠯ ᠢ ᠨᠣᠶᠠᠯᠠᠵᠤ ᠬᠢᠬᠦ ᠪᠣᠯᠪᠠ᠃
ᠴᠡᠷᠢᠭ ᠦ᠋ᠨ ᠤᠷᠠᠴᠤᠳ ᠪᠦᠳᠦᠭᠦᠨ ᠪᠦᠳᠦᠭᠦᠨ ᠮᠣᠳᠣ ᠬᠢᠷᠥᠭᠡᠳᠡᠵᠦ ᠲᠣᠮᠣ ᠲᠣᠮᠣ ᠣᠩᠭᠣᠴᠠ ᠰᠠᠯ ᠦᠢᠯᠡᠳᠴᠦ ᠶᠠᠭᠠᠷᠠᠯᠳᠤᠬᠤᠢ ᠳ᠋ᠤᠷ ᠣᠯᠠᠨ ᠴᠡᠷᠢᠭ ᠦ᠋ᠳ ᠢᠳᠡᠰᠢᠨ ᠤ ᠪᠠ ᠠᠩ ᠤ᠋ᠨ ᠠᠷᠠᠰᠤ ᠶ᠋ᠢ ᠲᠤᠯᠤᠮᠯᠠᠨ ᠥᠪᠴᠢᠵᠦ ᠢᠳᠡᠭᠡᠯᠡᠵᠦ ᠲᠠᠯᠪᠢᠭᠠᠳ ᠮᠥᠷᠡᠨ ᠭᠡᠲᠦᠯᠬᠦ ᠳ᠋ᠦ᠍ᠷ ᠬᠡᠷᠡᠭᠯᠡᠬᠦ ᠪᠡᠷ ᠪᠡᠯᠡᠳᠬᠡᠬᠦ ᠠᠵᠤᠭᠤ᠃
ᠢᠵᠢᠯ ᠮᠥᠷᠡᠨ ᠬᠦᠷᠴᠦ ᠢᠷᠡᠬᠦᠢ ᠳ᠋ᠦ᠍ᠷ ᠠᠬᠠᠮᠠᠳ ᠴᠡᠷᠢᠭ ᠨᠡᠮᠡᠭᠳᠡᠭᠰᠡᠭᠡᠷ ᠭᠤᠴᠢᠨ ᠭᠤᠷᠪᠠᠨ ᠲᠦᠮᠡ ᠬᠦᠷᠴᠦ ᠪᠠᠷᠠᠭᠤᠨ ᠵᠢᠭᠦᠷ ᠡᠴᠡ ᠵᠡᠭᠦᠨ ᠵᠢᠭᠦᠷ ᠬᠦᠷᠲᠡᠯ᠎ᠡ ᠲᠠᠪᠤᠨ ᠡᠳᠦᠷ ᠦ᠋ᠨ ᠵᠠᠮ ᠪᠣᠢ᠃ ᠲᠡᠢᠨ ᠬᠦ᠌ ᠭᠣᠣᠯ ᠭᠡᠲᠦᠯᠬᠦ ᠪᠡᠯᠡᠳᠬᠡᠯ ᠴᠦ᠍ ᠡᠳᠦᠷ ᠬᠣᠨᠣᠭ ᠣᠷᠣᠬᠤ ᠶ᠋ᠢ ᠶᠠᠭᠤᠨ ᠥᠭᠦᠯᠡᠬᠦ ᠠᠵᠢ᠃
ᠲᠡᠳᠦᠢ ᠳ᠋ᠦ᠍ᠷ ᠮᠣᠩᠭᠣᠯ ᠴᠡᠷᠢᠭ ᠦ᠋ᠨ ᠶᠡᠬᠡ ᠶᠤᠸᠠᠨᠱᠤᠸᠠᠢ᠂ ᠵᠢᠭᠦᠷ ᠦ᠋ᠨ ᠶᠤᠸᠠᠨᠱᠤᠸᠠᠢ ᠪᠣᠢ ᠪᠣᠯᠪᠠᠴᠤ ᠴᠡᠷᠢᠭ ᠦ᠋ᠨ ᠡᠳᠦᠷ ᠳᠣᠳᠣᠮ ᠤ᠋ᠨ ᠶᠠᠪᠤᠳᠠᠯ ᠢ ᠰᠥᠪᠡᠭᠡᠲᠡᠢ ᠪᠠᠭᠠᠲᠤᠷ ᠂ ᠪᠦᠵᠥᠭ ᠂ ᠣᠭᠳᠠᠷ ᠂ ᠰᠢᠮᠤᠬᠠᠢ ᠮᠡᠲᠦ ᠡᠪᠦᠭᠡᠨ ᠬᠠᠰᠢᠷ ᠨᠣᠶᠠᠨ ᠪᠠ ᠲᠦᠮᠡᠨ ᠦ᠌ ᠨᠣᠶᠠᠨ ᠂ ᠮᠢᠩᠭᠠᠨ ᠤ᠋ ᠨᠣᠶᠠᠨ ᠂ ᠵᠠᠭᠤᠨ ᠤ᠋ ᠨᠣᠶᠠᠨ ᠮᠡᠲᠦ ᠪᠣᠭᠳᠠ ᠡᠵᠡᠨ ᠴᠢᠩᠭᠢᠰ ᠬᠠᠭᠠᠨ ᠢ᠋ ᠤᠳᠠᠭᠠᠨ ᠵᠢᠯ ᠳᠠᠭᠠᠵᠤ ᠠᠶᠠᠯᠠᠭᠰᠠᠨ ᠬᠥᠮᠦᠰ ᠲᠣᠯᠣᠭᠠᠢ ᠮᠡᠳᠡᠵᠦ ᠭᠦᠢᠴᠡᠳᠬᠡᠬᠦ ᠠᠵᠢ᠃ ᠪᠠᠭᠤᠴᠠ ᠰᠣᠩᠭᠣᠬᠤ ᠠ᠋ᠴᠠ ᠡᠬᠢᠯᠡᠨ ᠲᠠᠩᠨᠠᠭᠤᠯ ᠲᠤᠷᠰᠢᠭᠤᠯ ᠶᠠᠪᠤᠭᠤᠯᠬᠤ ᠶᠡᠬᠡ ᠴᠠᠴᠠᠷ ᠤ᠋ᠨ ᠵᠢᠭᠠᠪᠤᠷᠢ ᠵᠠᠷᠯᠢᠭ ᠢ᠋ ᠬᠦᠯᠢᠶᠡᠨ ᠠᠪᠬᠤ ᠪᠠ ᠭᠦᠢᠴᠡᠳᠬᠡᠬᠦ ᠬᠠᠮᠲᠤ ᠶᠢᠰᠦᠨ ᠡᠳᠦᠷ ᠲᠣᠷ ᠶᠡᠬᠡ ᠴᠠᠴᠠᠷ ᠤ᠋ᠨ ᠰᠥ᠋ᠪᠡᠭᠡᠳᠡᠢ ᠪᠠᠭᠠᠲᠤᠷ ᠲᠤᠷ ᠪᠠᠢᠳᠠᠯ ᠢ᠋ᠶ᠋ᠠᠨ ᠨᠢᠭᠡᠨ ᠤᠳᠠᠭ᠎ᠠ ᠮᠡᠳᠡᠭᠦᠯᠬᠦ ᠪᠣᠯᠠᠢ᠃ ᠡᠭᠦᠨ ᠳ᠋ᠦ᠍ᠷ ᠠᠭᠲᠠ ᠶ᠋ᠢᠨ ᠲᠠᠷᠭᠤ ᠂ ᠠᠩ ᠰᠢᠪᠠᠭᠤᠨ ᠤ᠋ ᠣᠯᠵᠠ ᠂ ᠡᠪᠡᠳᠴᠢᠨ ᠵᠣᠪᠠᠯᠠᠩ ᠤ᠋ᠨ ᠪᠠᠢᠳᠠᠯ ᠂ ᠬᠣᠭᠣᠯᠠ ᠤᠮᠳᠠ ᠶ᠋ᠢᠨ ᠬᠠᠩᠭᠠᠭᠠᠯᠲᠠ ᠂ ᠴᠠᠭᠠᠵᠠ ᠵᠠᠷᠯᠢᠭ ᠪᠠ ᠳᠠᠢᠰᠤᠨ ᠤ᠋ ᠴᠢᠮᠡᠭᠡ ᠮᠡᠳᠡᠭᠡ ᠶ᠋ᠢ ᠪᠠᠭᠲᠠᠭᠠᠮᠤᠢ᠃ ᠰᠦᠪᠡᠭᠡᠲᠡᠢ ᠪᠠᠭᠠᠲᠤᠷ ᠡᠳᠡᠭᠡᠷ ᠪᠠᠢᠳᠠᠯ ᠢ ᠬᠤᠷᠢᠶᠠᠩᠭᠤᠢᠯᠠᠨ ᠶᠡᠬᠡ ᠴᠡᠷᠢᠭ ᠦ᠋ᠨ ᠶᠤᠸᠠᠨᠱᠤᠸᠠᠢ ᠂ ᠵᠢᠭᠦᠷ ᠦ᠋ᠨ ᠶᠤᠸᠠᠨᠱᠤᠸᠠᠢ ᠪᠠ ᠬᠠᠳ ᠨᠣᠶᠠᠳ ᠲᠤᠷ ᠮᠡᠳᠡᠭᠦᠯᠵᠦ ᠵᠥᠪᠳᠡᠭᠦᠯᠦᠭᠡᠳ ᠪᠦᠬᠦ ᠴᠡᠷᠢᠭ ᠦ᠋ᠨ ᠬᠥᠯ ᠢ ᠲᠠᠭᠠᠷᠠᠭᠤᠯᠬᠤ ᠪᠣᠯᠪᠠ᠃
ᠥᠭᠦᠯᠡᠬᠦ ᠢᠨᠦ ᠣᠯᠠᠨ ᠵᠠᠮ ᠤ᠋ᠨ ᠴᠡᠷᠢᠭ ᠮᠥᠷᠡᠨ ᠭᠡᠲᠦᠯᠬᠦ ᠪᠡᠯᠡᠳᠬᠡᠯ ᠢ᠋ᠶ᠋ᠡᠨ ᠭᠦᠢᠴᠡᠳᠬᠡᠭᠰᠡᠨ ᠲᠤᠯᠠ ᠢᠵᠢᠯ ᠮᠥᠷᠡᠨ ᠢ ᠭᠡᠲᠦᠯᠵᠦ ᠣᠷᠣᠰ ᠲᠤᠷ ᠣᠷᠣᠬᠤ ᠬᠠᠮᠤᠭ ᠡᠴᠦᠰ ᠦ᠋ᠨ ᠰᠢᠯᠭᠠᠯᠲᠠ ᠬᠢᠬᠦ ᠪᠡᠷ ᠪᠣᠯᠪᠠ ᠃ ᠣᠯᠠᠨ ᠬᠠᠳ ᠨᠣᠶᠠᠳ ᠮᠥᠷᠡᠨ ᠦ᠌ ᠴᠢᠨᠠᠳᠤ ᠳ᠋ᠤᠷ ᠬᠦᠯᠢᠶᠡᠵᠦ ᠪᠠᠢᠭ᠎ᠠ ᠬᠠᠷᠢ ᠦᠨᠳᠦᠰᠦᠲᠡᠨ ᠦ᠌ ᠡᠰᠡᠷᠭᠦᠴᠡᠯ ᠪᠠ ᠲᠠᠨᠢᠭᠳᠠᠰᠢ ᠦᠭᠡᠢ ᠢᠳᠡᠭᠡᠨ ᠤᠮᠳᠠᠭᠠᠨ᠂ ᠵᠠᠩ ᠰᠤᠷᠲᠠᠬᠤᠨ ᠢ ᠰᠣᠨᠢᠷᠬᠠᠨ ᠶᠡᠬᠡ ᠴᠠᠴᠠᠷ ᠤ᠋ᠨ ᠵᠠᠷᠯᠢᠭ ᠢ ᠬᠦᠯᠢᠶᠡᠵᠦ ᠠᠬᠤ ᠲᠤᠯᠠ ᠶᠡᠬᠡ ᠴᠠᠴᠠᠷ ᠲᠤᠷ ᠬᠤᠷᠠᠯ ᠲᠠᠢ ᠬᠡᠮᠡᠬᠦ ᠵᠠᠷᠯᠢᠭ ᠢ ᠰᠣᠨᠣᠰᠤᠮᠠᠭᠴᠠ ᠪᠠᠶᠠᠰᠤᠯᠴᠠᠨ ᠬᠦᠷᠦᠯᠴᠡᠵᠦ ᠢᠷᠡᠪᠡᠢ᠃ ᠬᠠᠳ ᠪᠠ ᠬᠦᠨᠳᠦᠲᠦ ᠨᠣᠶᠠᠳ ᠵᠠᠩᠵᠤᠨ ᠰᠠᠭᠤᠯᠴᠠᠭᠰᠠᠨ ᠬᠣᠢᠨ᠎ᠠ ᠰᠢᠳᠠᠷ ᠲᠦᠰᠢᠮᠡᠳ ᠪᠠᠲᠤ ᠬᠠᠨ ᠢ ᠣᠷᠳᠣᠨ ᠠ᠋ᠴᠠ ᠶᠤᠸᠠᠨᠱᠤᠸᠠᠢ ᠶ᠋ᠢᠨ ᠴᠠᠴᠠᠷ ᠲᠤᠷ ᠵᠠᠯᠠᠵᠤ ᠶᠣᠰᠣᠯᠠᠯ ᠤ᠋ᠨ ᠲᠦᠰᠢᠮᠡᠯ ᠤᠳᠤᠷᠢᠳᠤᠨ ᠣᠷᠣᠵᠤ ᠢᠷᠡᠬᠦᠶ᠎ᠡ ᠣᠯᠠᠨ ᠬᠠᠳ ᠨᠣᠶᠠᠳ ᠪᠠᠶᠠᠰᠤᠩᠭᠤᠢ ᠴᠢᠷᠠᠢ ᠪᠠᠷ ᠤᠭᠲᠤᠵᠤ ᠬᠠᠷᠢᠯᠴᠠᠨ ᠳᠣᠲᠣᠨᠣ ᠮᠡᠨᠳᠦᠴᠢᠯᠡᠭᠡᠳ ᠴᠠᠴᠠᠷ ᠲᠤᠷ ᠰᠠᠭᠤᠬᠤᠢ ᠳ᠋ᠤᠷ ᠰᠠᠭᠤᠳᠠᠯ ᠵᠠᠰᠠᠬᠤ ᠲᠦᠰᠢᠮᠡᠯ ᠳᠣᠬᠢᠶ᠎ᠠ ᠥᠭᠴᠦ ᠴᠠᠭ᠎ᠠ ᠪᠠᠷᠢᠵᠤ ᠢᠳᠡᠭᠡ ᠲᠠᠯᠪᠢᠭᠰᠠᠨ ᠤ᠋ ᠳᠠᠷᠠᠭ᠎ᠠ ᠪᠠᠲᠤ ᠬᠠᠨ ᠵᠠᠷᠯᠢᠭ ᠪᠣᠯᠵᠤ ᠥᠭᠦᠯᠡᠷᠦᠨ ᠄ 《ᠮᠥᠩᠬᠡ ᠲᠡᠭᠷᠢ ᠶ᠋ᠢᠨ ᠬᠦᠴᠦᠨ ᠳ᠋ᠦ᠍ᠷ ᠪᠣᠭᠳᠠ ᠡᠵᠡᠨ ᠡᠪᠦᠭᠡ ᠶ᠋ᠢᠨ ᠰᠦᠯᠳᠡ ᠪᠡᠷ ᠬᠠᠭᠠᠨ ᠠᠪᠠᠭ᠎ᠠ ᠶ᠋ᠢᠨ ᠰᠤᠤ ᠳ᠋ᠤᠷ ᠂ ᠺᠢᠪᠴᠠᠭ ᠤ᠋ᠨ ᠦᠯᠦ ᠳᠠᠭᠠᠭᠰᠠᠳ ᠪᠠ ᠪᠤᠯᠭᠠᠷᠢᠴᠤᠳ ᠺᠣᠮᠠᠸᠠᠴᠣᠳ ᠢ᠋ ᠡᠩᠬᠡᠵᠢᠭᠦᠯᠪᠡ᠃ ᠡᠳᠦᠭᠡ ᠵᠠᠷᠯᠢᠭ ᠢ᠋ᠶ᠋ᠠᠷ ᠨᠠᠷᠠᠨ ᠰᠢᠩᠭᠡᠬᠦ ᠵᠦᠭ ᠦ᠋ᠨ ᠣᠯᠠᠨ ᠢᠷᠭᠡᠳ ᠢ ᠪᠠᠢᠯᠳᠤᠨ ᠳᠠᠭᠠᠭᠤᠯᠬᠤ ᠪᠠᠷ ᠢᠵᠢᠯ ᠮᠥᠷᠡᠨ ᠢ ᠭᠡᠲᠦᠯᠵᠦ ᠂ ᠣᠷᠣᠰ ᠨᠤᠲᠤᠭ ᠲᠤᠷ ᠣᠷᠣᠮᠤᠢ᠂ ᠴᠡᠷᠢᠭ ᠮᠥᠷᠡᠨ ᠭᠡᠲᠦᠯᠦᠭᠰᠡᠨ ᠬᠣᠢᠨ᠎ᠠ ᠪᠠᠭᠤᠵᠤ ᠥᠭᠭᠦᠭᠰᠡᠳ ᠢ ᠡᠩᠬᠡᠵᠢᠭᠦᠯᠵᠦ ᠡᠰᠡᠷᠭᠦᠴᠡᠭᠴᠢᠳ ᠢ ᠬᠢᠳᠤᠵᠤ ᠰᠦᠷ ᠦᠵᠡᠭᠦᠯᠦᠮᠦᠢ᠃ ᠡᠰᠡᠷᠭᠦᠴᠡᠭᠰᠡᠳ ᠢ᠋ ᠦᠯᠦ ᠥᠷᠥᠰᠢᠶᠡᠬᠦ ᠢᠨᠦ ᠪᠣᠭᠳᠠ ᠡᠵᠡᠨ ᠴᠢᠩᠭᠢᠰ ᠬᠠᠭᠠᠨ ᠡᠪᠦᠭᠡ ᠶ᠋ᠢᠨ ᠮᠢᠨᠦ ᠰᠤᠷᠭᠠᠯ ᠪᠤᠶᠤ᠃ ᠰᠦᠷ ᠢ᠋ ᠡᠰᠡ ᠬᠡᠷᠡᠭᠯᠡᠪᠡᠰᠦ ᠡᠰᠡᠷᠭᠦᠴᠡᠭᠴᠢᠳ ᠦᠯᠦ ᠳᠠᠭᠠᠬᠤ ᠃ ᠬᠡᠰᠢᠭ ᠥᠷᠥᠰᠢᠶᠡᠯ ᠢ᠋ ᠦᠯᠦ ᠬᠦᠷᠲᠡᠭᠡᠪᠡᠰᠦ ᠠᠷᠠᠳ ᠢᠷᠭᠡᠳ ᠠᠮᠢᠳᠤᠷᠠᠬᠤ ᠵᠠᠮ ᠦᠭᠡᠢ ᠪᠣᠯᠵᠤ ᠥᠬᠥᠸᠡᠷ ᠡᠰᠡᠷᠭᠦᠴᠡᠮᠦᠢ᠃ ᠡᠢᠨ ᠪᠥᠭᠡᠰᠦ ᠪᠡᠶ᠎ᠡ ᠳ᠋ᠦ᠍ᠷ ᠬᠣᠬᠢᠷᠠᠯ ᠪᠣᠯᠵᠤ ᠶᠡᠬᠡ ᠦᠢᠯᠡᠰ ᠢ᠋ ᠰᠠᠭᠠᠲᠠᠭᠠᠮᠤᠢ᠃ ᠲᠡᠢᠨ ᠬᠦ᠌ ᠬᠢᠯᠢᠰ ᠢ᠋ᠶ᠋ᠡᠷ ᠦᠯᠦ ᠠᠯᠠᠵᠤ ᠠᠷᠠᠳ ᠲᠤᠷ ᠦᠯᠦ ᠬᠠᠯᠳᠠᠨ ᠬᠠᠭᠠᠨ ᠠᠪᠠᠭ᠎ᠠ ᠶ᠋ᠢᠨ ᠥᠷᠥᠰᠢᠶᠡᠯ ᠢ᠋ ᠬᠠᠷᠢ ᠤᠯᠤᠰ ᠲᠤᠷ ᠲᠦᠭᠡᠮᠡᠯ ᠬᠦᠷᠲᠡᠭᠡᠵᠦ ᠢᠯᠪᠢᠬᠦ ᠶ᠋ᠢ ᠬᠢᠴᠢᠶᠡᠭᠲᠦᠨ ᠃ ᠮᠥᠷᠡᠨ ᠢ᠋ ᠭᠡᠲᠦᠯᠬᠦᠢ ᠳ᠋ᠦ᠍ᠷ ᠠᠴᠢᠶ᠎ᠠ ᠬᠥᠰᠬᠡ ᠶ᠋ᠢ ᠭᠠᠪᠰᠢᠭᠠᠢᠯᠠᠬᠤ ᠴᠢᠬᠤᠯᠠ ᠲᠠᠢ ᠲᠤᠯᠠ ᠴᠡᠭᠴᠡᠯᠡᠭᠰᠡᠨ ᠬᠦᠨᠡᠰᠦᠨ ᠦ᠌ ᠮᠠᠯ ᠂ ᠢᠯᠡᠭᠦᠴᠡ ᠠᠭᠲᠠ ᠶ᠋ᠢ ᠴᠥᠮ ᠮᠥᠷᠡᠨ ᠦ᠌ ᠵᠡᠭᠦᠨ᠎ᠡ ᠣᠷᠬᠢᠲᠤᠭᠠᠢ᠃ ᠪᠡᠯᠡᠳᠬᠡᠯ ᠢ ᠳᠥᠷᠪᠡᠨ ᠡᠳᠦᠷ ᠲᠣᠷ ᠪᠦᠷᠢᠨ ᠲᠡᠭᠦᠰᠬᠡᠵᠦ ᠭᠤᠷᠪᠠᠨ ᠡᠳᠦᠷ ᠦ᠋ᠨ ᠨᠠᠢᠷ ᠢ ᠥᠩᠭᠡᠷᠡᠭᠡᠵᠦ ᠵᠢᠴᠢ ᠵᠠᠷᠯᠠᠮᠤᠢ᠂ ᠰᠠᠭᠠᠲᠠᠵᠤ ᠦᠯᠦ ᠪᠣᠯᠤᠮᠤᠢ 》ᠬᠡᠮᠡᠬᠦᠢ ᠳ᠋ᠦ᠍ᠷ ᠂ ᠣᠯᠠᠨ ᠬᠠᠳ ᠪᠠ ᠨᠣᠶᠠᠳ ᠵᠡᠷᠭᠡᠪᠡᠷ ᠪᠣᠰᠴᠤ ᠵᠣᠭᠰᠣᠭᠠᠳ:《ᠶᠤᠸᠠᠨᠱᠤᠸᠠᠢ ᠶ᠋ᠢᠨ ᠵᠠᠷᠯᠢᠭ ᠢ᠋ᠶ᠋ᠠᠷ ᠪᠣᠯᠲᠤᠭᠠᠢ ! 》ᠬᠡᠮᠡᠯᠳᠦᠪᠡᠢ᠃
ᠬᠡᠰᠢᠭᠲᠡᠨ ᠡᠷᠡᠰ ᠬᠤᠨᠳᠠᠭ᠎ᠠ ᠪᠠᠷᠢᠵᠤ ᠢᠳᠡᠭᠡ ᠣᠷᠣᠭᠤᠯᠤᠭᠰᠠᠨ ᠬᠣᠢᠨ᠎ᠠ ᠬᠠᠳ ᠬᠥᠪᠡᠭᠦᠳ ᠨᠣᠶᠠᠳ ᠲᠦᠰᠢᠮᠡᠨ ᠦᠪᠡᠳᠡᠭᠰᠢ ᠶᠡᠬᠡ ᠨᠠᠢᠷᠠᠯᠳᠤᠪᠠᠢ᠃
ᠲᠡᠳᠦᠢ ᠳ᠋ᠦ᠍ᠷ ᠰᠥᠪᠡᠭᠡᠳᠡᠢ ᠪᠠᠭᠠᠲᠤᠷ ᠬᠡᠳᠦᠨ ᠰᠠᠢᠨ ᠡᠷᠡᠰ ᠢ᠋ ᠳᠠᠭᠠᠭᠤᠯᠤᠨ ᠲᠦᠮᠡᠨ ᠪᠦᠬᠦᠨ ᠦ᠌ ᠬᠦᠷᠢᠶ᠎ᠡ ᠪᠡᠷ ᠶᠠᠪᠤᠵᠤ ᠴᠡᠷᠢᠭ ᠦ᠋ᠨ ᠪᠡᠯᠡᠳᠬᠡᠯ ᠢ᠋ ᠠᠰᠠᠭᠤᠨ ᠰᠢᠯᠭᠠᠮᠤᠢ᠃ ᠲᠣᠭᠲᠠᠭᠠᠯ ᠢ᠋ᠶ᠋ᠠᠷ ᠠᠷᠪᠠᠨ ᠪᠦᠷᠢ ᠬᠦᠨᠡᠰᠦᠨ ᠦ᠌ ᠠᠴᠢᠶ᠎ᠠ ᠶ᠋ᠢᠨ ᠲᠡᠮᠡᠭᠡ ᠨᠢᠭᠡ᠂ ᠮᠠᠢᠬᠠᠨ ᠲᠣᠭᠣᠭ᠎ᠠ ᠰᠢᠨᠠᠭ᠎ᠠ ᠶ᠋ᠢᠨ ᠲᠡᠮᠡᠭᠡ ᠨᠢᠭᠡ ᠂ ᠵᠠᠭᠤᠨ ᠤ᠋ ᠳᠠᠷᠤᠭ᠎ᠠ ᠳ᠋ᠤᠷ ᠠᠴᠢᠶᠠᠨ ᠤ᠋ ᠲᠡᠮᠡᠭᠡ ᠨᠢᠭᠡ᠂ ᠮᠢᠩᠭᠠᠨ ᠤ᠋ ᠳᠠᠷᠤᠭ᠎ᠠ ᠳ᠋ᠤᠷ ᠠᠴᠢᠶᠠᠨ ᠤ᠋ ᠲᠡᠮᠡᠭᠡ ᠬᠣᠶᠠᠷ᠂ ᠬᠥᠮᠦᠨ ᠪᠦᠷᠢ ᠰᠠᠭᠠᠳᠠᠭ ᠳᠦᠭᠦᠷᠡᠩ ᠵᠡᠪᠡ᠂ ᠬᠤᠷᠴᠠ ᠤᠷᠲᠤ ᠵᠢᠳᠠ᠂ ᠠᠯᠠᠵᠤ ᠴᠠᠪᠴᠢᠬᠤ ᠢᠯᠳᠦ ᠠᠪᠤᠮᠤᠢ᠃ ᠬᠤᠶᠠᠭ ᠤ᠋ᠨ ᠣᠭᠣᠰᠣᠷ ᠂ ᠳᠤᠭᠤᠯᠠᠭ᠎ᠠ ᠶ᠋ᠢᠨ ᠪᠦᠴᠡ᠂ ᠭᠤᠲᠤᠯ ᠬᠤᠪᠴᠠᠰᠤ᠂ ᠴᠢᠳᠥᠷ ᠲᠤᠱᠠ ᠬᠣᠭᠣᠯᠠ ᠬᠦᠨᠡᠰᠦ ᠬᠦᠷᠲᠡᠯ᠎ᠡ ᠪᠡᠯᠡᠬᠡᠨ ᠪᠣᠯᠭᠠᠬᠤ ᠲᠣᠭᠲᠠᠭᠠᠯ ᠲᠠᠢ ᠲᠤᠯᠠ ᠬᠥᠮᠦᠨ ᠪᠦᠷᠢ ᠶᠠᠭᠠᠷᠠᠯᠳᠤᠵᠤ ᠰᠤᠷ ᠡᠯᠳᠡᠵᠦ ᠴᠢᠳᠥᠷ ᠲᠤᠱᠠ ᠵᠠᠩᠭᠢᠳᠤᠨ ᠵᠢᠳᠠ ᠢᠯᠳᠦ ᠢᠷᠯᠡᠵᠦ ᠪᠦᠬᠦᠢ ᠳ᠋ᠦ᠍ᠷ ᠬᠡᠳᠦᠨ ᠬᠥᠮᠦᠨ ᠠᠷᠢᠬᠢᠳᠠᠵᠤ ᠰᠠᠭᠤᠬᠤ ᠪᠠᠷ ᠦᠯᠦ ᠪᠠᠷᠠᠨ ᠠᠷᠪᠠᠭᠠᠳ ᠴᠡᠷᠢᠭ ᠦ᠋ᠨ ᠠᠷᠠᠳ ᠢ ᠰᠥᠭᠥᠳᠬᠡᠨ ᠲᠠᠰᠢᠭᠤᠷᠳᠠᠮᠤᠢ᠃ ᠤᠴᠢᠷ ᠢ᠋ ᠠᠰᠠᠭᠤᠪᠠᠰᠤ ᠠᠷᠭᠠᠰᠤᠨ ᠤ᠋ ᠰᠢᠳᠠᠷ ᠡᠷᠡᠰ ᠲᠤᠯᠠ ᠨᠣᠶᠠᠳ ᠲᠦᠰᠢᠮᠡᠳ ᠪᠤᠰᠤ ᠭᠡᠮᠡᠨ ᠦᠭᠡ ᠶ᠋ᠢ ᠨᠢ ᠡᠰᠡ ᠳᠠᠭᠠᠪᠠᠰᠤ ᠬᠣᠣᠷ ᠠᠮᠰᠠᠮᠤᠢ ᠬᠡᠮᠡᠮᠦ᠃ ᠰᠥᠪᠡᠭᠡᠲᠡᠢ ᠪᠠᠭᠠᠲᠤᠷ ᠬᠢᠯᠢᠩᠯᠡᠨ ᠴᠠᠴᠠᠷ ᠤ᠋ᠨ ᠠᠷᠠᠳ ᠢ᠋ᠶ᠋ᠠᠷ ᠳᠠᠭᠤᠳᠠᠭᠤᠯᠪᠠᠰᠤ ᠲᠡᠳᠡᠭᠡᠷ ᠡᠷᠡᠰ ᠰᠣᠨᠣᠰᠤᠭᠠᠳ: 《ᠡᠴᠢᠭᠡ ᠴᠢᠨᠦ ᠭᠦᠶᠦᠭ ᠬᠠᠨ ᠠ᠋ᠴᠠ ᠪᠤᠰᠤ ᠬᠡᠨ ᠡᠴᠡ ᠴᠦ᠍ ᠠᠶᠤᠬᠤ ᠦᠭᠡᠢ᠂ ᠰᠥᠪᠡᠭᠡᠲᠡᠢ ᠪᠠᠭᠠᠲᠤᠷ ᠢ᠋ᠶ᠋ᠠᠷ ᠬᠡᠨ ᠢ ᠠᠶᠤᠯᠭᠠᠮᠤᠢ᠃ ᠲᠡᠷᠡ ᠢᠷᠡᠪᠡᠯ ᠢᠷᠡᠮᠦᠢ ᠊ᠶ᠎ᠠ ᠃ ᠨᠠᠳᠤᠷ ᠶᠠᠮᠠᠷ ᠬᠠᠮᠢᠶ᠎ᠠ ᠁ 》ᠭᠡᠮᠡᠨ ᠶᠡᠬᠡ ᠦᠭᠡ ᠶᠠᠷᠢᠵᠤ ᠰᠠᠭᠤᠮᠤᠢ᠃ ᠰᠦᠪᠡᠭᠡᠲᠡᠢ ᠪᠠᠭᠠᠲᠤᠷ ᠳᠠᠭᠠᠭᠰᠠᠳ ᠢ᠋ᠶ᠋ᠠᠨ ᠵᠠᠩᠳᠤᠷᠤᠨ ᠲᠡᠷᠡ ᠬᠡᠳᠦᠭᠦᠯᠡ ᠶ᠋ᠢ ᠴᠢᠷᠴᠦ ᠭᠠᠷᠭᠠᠨ ᠦᠵᠡᠪᠡᠰᠦ ᠴᠥᠮ ᠰᠣᠭᠲᠣᠭᠤ ᠠᠵᠤᠭᠤ᠃ ᠪᠦᠵᠥᠭ ᠨᠣᠶᠠᠨ ᠠ᠋ᠴᠠ ᠠᠰᠠᠭᠤᠪᠠᠰᠤ ᠡᠳᠡᠭᠡᠷ ᠬᠥᠮᠦᠰ ᠴᠥᠮ ᠠᠷᠭᠠᠰᠤᠨ ᠤ᠋ ᠰᠢᠳᠠᠷ ᠡᠷᠡᠰ ᠬᠡᠮᠡᠮᠦᠢ᠃ ᠠᠷᠭᠠᠰᠤᠨ ᠭᠠᠪᠢᠶᠠᠲᠤ ᠰᠠᠢᠳ ᠤ᠋ᠨ ᠦᠷ᠎ᠡ ᠬᠡᠦᠬᠡᠳ ᠭᠡᠮᠡᠨ ᠡᠳᠦᠷᠵᠢᠨ ᠰᠣᠭᠲᠣᠭᠤ ᠶᠠᠪᠤᠬᠤ ᠪᠠᠷ ᠦᠯᠦ ᠪᠠᠷᠠᠨ ᠭᠦᠶᠦᠭ ᠬᠠᠨ ᠢ ᠴᠦ᠍ ᠲᠠᠲᠠᠵᠤ ᠠᠷᠢᠬᠢᠨ ᠳ᠋ᠤᠷ ᠣᠷᠣᠭᠤᠯᠵᠤ ᠰᠣᠭᠲᠣᠪᠠᠰᠤ ᠴᠡᠷᠢᠭ ᠦ᠋ᠨ ᠠᠷᠠᠳ ᠢ᠋ ᠲᠠᠰᠢᠭᠤᠷᠳᠠᠵᠤ ᠳᠤᠷ᠎ᠠ ᠰᠡᠷᠭᠦᠭᠡᠮᠦᠢ ᠬᠡᠮᠡᠭᠰᠡᠨ ᠢ ᠰᠣᠨᠣᠰᠴᠤ ᠄ ᠶᠡᠬᠡ ᠴᠡᠷᠢᠭ ᠢ᠋ ᠡᠢᠨ ᠳᠠᠢᠴᠢᠯᠠᠪᠠᠰᠤ ᠬᠡᠷᠬᠢᠨ ᠳᠠᠢᠰᠤᠨ ᠢ᠋ ᠲᠠᠢᠯᠮᠤᠢ ! ᠪᠠᠲᠤ ᠬᠠᠨ ᠳ᠋ᠤᠷ ᠡᠰᠡ ᠮᠡᠳᠡᠭᠦᠯᠪᠡᠰᠦ ᠪᠣᠯᠬᠤ ᠦᠭᠡᠢ ᠭᠡᠮᠡᠨ ᠶᠡᠬᠡ ᠦᠭᠡ ᠲᠡᠢ ᠲᠡᠷᠡ ᠨᠢᠭᠡ ᠶ᠋ᠢ ᠬᠦᠯᠢᠭᠦᠯᠵᠦ ᠶᠡᠬᠡ ᠴᠠᠴᠠᠷ ᠲᠤᠷ ᠬᠦᠷᠭᠡᠭᠦᠯᠵᠦ ᠨᠥᠭᠦᠭᠡ ᠳᠥᠷᠪᠡᠭᠦᠯᠡ ᠶ᠋ᠢ ᠳᠠᠷᠤᠵᠤ ᠬᠡᠪᠳᠡᠭᠦᠯᠦᠨ ᠨᠡᠪᠰᠢᠷᠡᠲᠡᠯ᠎ᠡ ᠵᠠᠨᠴᠢ ᠭᠡᠮᠡᠨ ᠦᠵᠡᠵᠦ ᠪᠠᠢᠭᠠᠳ ᠳᠠᠭᠤᠨ ᠲᠠᠰᠤᠷᠠᠲᠠᠯ᠎ᠠ ᠵᠠᠨᠴᠢᠭᠤᠯᠵᠤ ᠳᠠᠬᠢᠨ ᠢᠷᠡᠵᠦ ᠰᠢᠯᠭᠠᠰᠤᠭᠠᠢ ᠭᠡᠮᠡᠨ ᠦᠭᠡ ᠥᠭᠴᠦ ᠶᠡᠬᠡ ᠴᠠᠴᠠᠷ ᠲᠤᠷ ᠪᠤᠴᠠᠪᠠ᠃
ᠲᠡᠳᠦᠢ ᠳ᠋ᠦ᠍ᠷ ᠣᠯᠠᠨ ᠬᠠᠳ ᠨᠣᠶᠠᠳ ᠵᠠᠩᠵᠤᠨ ᠲᠦᠰᠢᠮᠡᠳ ᠬᠤᠷᠢᠮᠯᠠᠵᠤ ᠪᠦᠬᠦᠢ ᠳ᠋ᠦ᠍ᠷ ᠰᠥᠪᠡᠭᠡᠲᠡᠢ ᠪᠠᠭᠠᠲᠤᠷ ᠣᠷᠣᠵᠤ ᠢᠷᠡᠭᠡᠳ ᠪᠠᠲᠤ ᠬᠠᠨ ᠤ᠋ ᠴᠢᠬᠢᠨ ᠳ᠋ᠦ᠍ᠷ ᠬᠡᠳᠦᠨ ᠦᠭᠡ ᠮᠡᠳᠡᠭᠦᠯᠦᠭᠰᠡᠨ ᠳ᠋ᠦ᠍ᠷ ᠪᠠᠲᠤ ᠬᠠᠨ ᠤ᠋ ᠴᠢᠷᠠᠢ ᠭᠡᠨᠡᠳᠲᠡ ᠬᠤᠪᠢᠷᠠᠵᠤ ᠄《ᠴᠠᠪᠴᠢᠵᠤ ᠢᠷ᠎ᠡ !》 ᠬᠡᠮᠡᠭᠰᠡᠨ ᠳ᠋ᠦ᠍ᠷ ᠣᠯᠠᠨ ᠬᠥᠮᠦᠨ ᠴᠥᠮ ᠰᠣᠴᠢᠨ ᠭᠠᠢᠬᠠᠵᠤ ᠪᠦᠬᠦᠢ ᠳ᠋ᠦ᠍ᠷ ᠬᠡᠰᠢᠭᠲᠡᠨ ᠡᠷᠡᠰ ᠲᠣᠰᠣᠭᠤᠷ ᠲᠤᠷ ᠨᠢᠭᠡᠨ ᠬᠥᠮᠦᠨ ᠦ᠌ ᠲᠣᠯᠣᠭᠠᠢ ᠶ᠋ᠢ ᠠᠪᠴᠤ ᠣᠷᠣᠨ ᠢᠷᠡᠭᠡᠳ ᠰᠢᠯᠭᠠᠭᠤᠯᠵᠤ ᠠᠪᠴᠤ ᠭᠠᠷᠪᠠ᠃ ᠣᠯᠠᠨ ᠴᠥᠮ ᠭᠡᠯᠮᠡᠨ ᠰᠣᠴᠢᠭᠰᠠᠨ ᠳ᠋ᠤᠷ ᠪᠠᠲᠤ ᠬᠠᠨ ᠬᠢᠯᠢᠩᠯᠡᠨ ᠥᠭᠦᠯᠡᠷᠦᠨ:《ᠴᠡᠷᠢᠭ ᠮᠥᠷᠡᠨ ᠭᠡᠲᠦᠯᠭᠡᠳᠦᠢ ᠳ᠋ᠦ᠍ᠷ ᠳᠠᠷᠤᠢ ᠵᠠᠷᠯᠢᠭ ᠵᠢᠭᠠᠪᠤᠷᠢ ᠠᠪᠬᠤ ᠦᠭᠡᠢ ᠬᠡᠷᠬᠢᠵᠦ ᠪᠣᠯᠤᠮᠤᠢ ᠃ ᠠᠷᠭᠠᠰᠤᠨ ᠢ᠋ ᠠᠪᠴᠤ ᠢᠷ᠎ᠡ !》ᠬᠡᠮᠡᠪᠡᠰᠦ ᠠᠷᠭᠠᠰᠤᠨ ᠬᠥᠶᠦᠭ ᠬᠠᠭᠠᠨ ᠢ᠋ ᠳᠠᠭᠠᠵᠤ ᠶᠠᠪᠤᠬᠤ ᠲᠤᠯᠠ ᠴᠠᠴᠠᠷ ᠤ᠋ᠨ ᠭᠠᠳᠠᠨ᠎ᠠ ᠠ᠋ᠴᠠ ᠡᠮᠢᠶᠡᠨ ᠣᠷᠣᠵᠤ ᠢᠷᠡᠭᠡᠳ ᠰᠢᠷᠡᠭᠡᠨ ᠦ᠌ ᠡᠮᠦᠨ᠎ᠡ ᠰᠥᠭᠥᠳᠴᠦ ᠶᠠᠯ᠎ᠠ ᠬᠦᠯᠢᠶᠡᠭᠰᠡᠨᠡ ᠪᠠᠲᠤ ᠬᠠᠨ ᠶᠡᠬᠡᠳᠡ ᠬᠢᠯᠢᠩᠯᠡᠨ:《ᠴᠢ ᠰᠠᠢᠳ ᠲᠦᠰᠢᠮᠡᠳ ᠦ᠋ᠨ ᠦᠷ᠎ᠡ ᠲᠤᠯᠠ ᠶᠣᠰᠣ ᠮᠡᠳᠡᠪᠡᠰᠦ ᠵᠣᠬᠢᠮᠤᠢ ᠃ ᠭᠡᠲᠡᠯ᠎ᠡ ᠡᠳᠦᠷ ᠪᠦᠷᠢ ᠠᠷᠢᠬᠢᠳᠠᠵᠤ ᠰᠣᠭᠲᠣᠪᠠᠰᠤ ᠴᠡᠷᠢᠭ ᠠᠷᠠᠳ ᠢ᠋ ᠲᠠᠰᠢᠭᠤᠷᠳᠠᠵᠤ ᠵᠤᠭ᠎ᠠ ᠪᠣᠯᠭᠠᠨ ᠪᠠᠯᠠᠮᠠᠤᠳᠯᠠᠬᠤ ᠪᠠᠷ ᠦᠯᠦ ᠪᠠᠷᠠᠨ ᠳᠠᠭᠠᠭᠰᠠᠳ ᠢ᠋ᠶ᠋ᠠᠨ ᠳᠤᠷ᠎ᠠ ᠪᠠᠷ ᠲᠠᠯᠪᠢᠵᠤ ᠵᠠᠷᠯᠢᠭ ᠴᠠᠭᠠᠵᠠ ᠶ᠋ᠢ ᠨᠢᠳᠦᠨ ᠳ᠋ᠡᠭᠡᠨ ᠬᠠᠪᠴᠢᠬᠤ ᠦᠭᠡᠢ ᠬᠡᠮᠡᠮᠦ᠃ ᠡᠰᠡ ᠴᠡᠭᠡᠷᠯᠡᠭᠦᠯᠪᠡᠰᠦ ᠦᠯᠦ ᠪᠣᠯᠤᠮᠤᠢ᠃ ᠭᠠᠷᠭᠠᠵᠤ ᠴᠠᠪᠴᠢ ! 》ᠬᠡᠮᠡᠭᠰᠡᠨ ᠳ᠋ᠦ᠍ᠷ ᠮᠥᠩᠬᠡ ᠬᠠᠨ ᠪᠣᠳᠣᠪᠠᠰᠤ ᠠᠷᠭᠠᠰᠤᠨ ᠬᠥᠶᠦᠭ ᠬᠠᠭᠠᠨ ᠤ᠋ ᠰᠢᠳᠠᠷ ᠳᠠᠭᠠᠭᠰᠠᠳ ᠲᠤᠯᠠ ᠨᠢᠭᠤᠷ ᠲᠤᠷ ᠠᠨᠤ ᠮᠠᠭᠤᠬᠠᠢ ᠪᠣᠯᠬᠤ ᠪᠣᠯᠪᠠᠤ ᠭᠡᠮᠡᠨ ᠤᠷᠤᠭᠰᠢ ᠲᠠᠪᠰᠢᠵᠤ ᠬᠣᠷᠢᠭᠯᠠᠵᠤ ᠥᠭᠦᠯᠡᠷᠦᠨ:《ᠴᠠᠭᠠᠵᠠ ᠵᠥᠷᠢᠴᠡᠭᠰᠡᠨ ᠨᠢᠭᠡᠨ ᠢ᠋ ᠨᠢᠭᠡᠨᠲᠡ ᠴᠠᠪᠴᠢᠵᠤ ᠴᠡᠭᠡᠷᠯᠡᠭᠦᠯᠦᠭᠰᠡᠨ ᠲᠤᠯᠠ ᠠᠷᠭᠠᠰᠤᠨ ᠢ᠋ ᠥᠷᠥᠰᠢᠶᠡᠬᠦ ᠪᠣᠯᠪᠠᠤ ?》 ᠭᠡᠮᠡᠨ ᠥᠷᠥᠰᠢᠶᠡᠯ ᠬᠠᠢᠷᠠᠯᠠᠬᠤ ᠶ᠋ᠢ ᠭᠤᠶᠤᠭᠰᠠᠨ ᠳ᠋ᠤᠷ ᠪᠠᠲᠤ ᠬᠠᠨ ᠤ᠋ ᠬᠢᠯᠢᠩ ᠨᠠᠮᠵᠢᠭᠠᠳᠤᠢ ᠲᠤᠯᠠ ᠬᠥᠮᠥᠰᠬᠡ ᠵᠠᠩᠭᠢᠳᠴᠤ ᠤᠳᠠᠲᠠᠯ᠎ᠠ ᠪᠣᠳᠣᠭᠠᠳ:《ᠡᠨᠡ ᠡᠳᠦᠷ ᠠᠮᠢ ᠶ᠋ᠢ ᠴᠢᠨᠦ ᠬᠡᠯᠲᠦᠷᠢᠭᠦᠯᠵᠦ ᠪᠣᠯᠬᠤ ᠪᠣᠯᠪᠠᠴᠤ ᠠᠷᠠᠰᠤ ᠮᠢᠬᠠᠨ ᠤ᠋ ᠰᠢᠳᠬᠡᠯ ᠢ᠋ ᠬᠡᠯᠲᠦᠷᠢᠭᠦᠯᠵᠦ ᠦᠯᠦ ᠪᠣᠯᠤᠮᠤᠢ᠃ ᠲᠠᠪᠢᠨ ᠲᠠᠰᠢᠭᠤᠷ ᠲᠠᠰᠢᠭᠤᠷᠳᠠᠵᠤ ᠵᠠᠯᠬᠠᠭᠠᠨ ᠬᠠᠰᠢᠷᠠᠭᠤᠯ !》ᠬᠡᠮᠡᠪᠡᠢ᠃ ᠭᠠᠪᠢᠶᠠᠲᠤ ᠰᠠᠢᠳ ᠡᠯᠵᠢᠭᠡᠳᠡᠢ ᠶ᠋ᠢᠨ ᠨᠢᠭᠤᠷ ᠢ ᠪᠣᠳᠣᠵᠤ ᠨᠢᠭᠡᠮᠦᠰᠦᠨ ᠥᠷᠥᠰᠢᠶᠡᠬᠦ ᠪᠣᠯᠪᠠᠤ ᠭᠡᠮᠡᠨ ᠣᠯᠠᠨ ᠬᠥᠮᠦᠨ ᠵᠡᠷᠭᠡᠪᠡᠷ ᠭᠤᠶᠤᠭᠰᠠᠨ ᠳ᠋ᠤᠷ ᠪᠠᠲᠤ ᠬᠠᠨ ᠭᠠᠯ ᠮᠡᠲᠦ ᠬᠢᠯᠢᠩᠯᠡᠨ ᠬᠥᠮᠥᠰᠬᠡ ᠪᠤᠰᠬᠠᠨ ᠨᠢᠳᠦ ᠲᠥᠭᠥᠷᠢᠭᠯᠡᠵᠦ ᠥᠭᠦᠯᠡᠷᠦᠨ: 《ᠡᠩ ᠦ᠋ᠨ ᠠᠷᠠᠳ ᠪᠥᠭᠡᠰᠦ ᠮᠠᠲᠠᠯ ᠦᠭᠡᠢ ᠭᠡᠮᠡᠨ ᠥᠷᠥᠰᠢᠶᠡᠪᠡᠰᠦ ᠪᠣᠯᠤᠮᠤᠢ ᠃ ᠡᠨᠡ ᠭᠠᠪᠢᠶᠠᠲᠤ ᠰᠠᠢᠳ ᠤ᠋ᠨ ᠦᠷ᠎ᠡ ᠬᠡᠦᠬᠡᠳ ᠲᠤᠯᠠ ᠶᠣᠰᠣ ᠮᠡᠳᠡᠬᠦ ᠠᠲᠠᠯ᠎ᠠ ᠡᠢᠨ ᠬᠦ᠌ ᠪᠠᠯᠠᠮᠠᠳᠯᠠᠪᠠᠰᠤ ᠪᠤᠰᠤᠳ ᠢ ᠬᠡᠷᠬᠢᠮᠦᠢ᠃ ᠵᠠᠨᠴᠢ !》ᠭᠡᠮᠡᠨ ᠵᠠᠩᠳᠤᠷᠤᠭᠰᠠᠨ ᠳ᠋ᠤᠷ ᠬᠡᠰᠢᠭᠲᠡᠨ ᠡᠷᠡᠰ ᠣᠷᠣᠭᠰᠢ ᠳᠠᠪᠰᠢᠵᠤ ᠴᠢᠷᠴᠦ ᠭᠠᠷᠭᠠᠪᠠ᠃
ᠥᠭᠦᠯᠡᠬᠦ ᠢᠨᠤ ᠪᠠᠲᠤ ᠬᠠᠨ ᠶᠠᠭᠤᠨ ᠳ᠋ᠤᠷ ᠡᠢᠨ ᠬᠦ᠌ ᠬᠢᠯᠢᠩᠯᠡᠪᠡ ᠬᠡᠮᠡᠪᠡᠰᠦ ᠠᠷᠭᠠᠰᠤᠨ ᠤ᠋ ᠶᠠᠪᠤᠳᠠᠯ ᠭᠠᠷᠬᠤ ᠠ᠋ᠴᠠ ᠰᠠᠷ᠎ᠠ ᠡᠮᠦᠨ᠎ᠡ ᠳᠤᠮᠳᠠᠳᠤ ᠵᠠᠮ ᠤ᠋ᠨ ᠲᠠᠢᠪᠦ᠋ᠬᠡ ᠶ᠋ᠢᠨ ᠠᠷᠪᠠᠨ ᠤ᠋ ᠬᠡᠳᠦᠭᠦᠯᠡ ᠲᠦᠳᠡᠭ ᠦ᠋ᠨ ᠢᠯᠴᠢ ᠪᠡᠷ ᠴᠢᠭᠢᠭ ᠢ᠋ᠶ᠋ᠡᠨ ᠬᠠᠲᠠᠭᠠᠨ ᠦᠬᠦᠯ ᠦ᠋ᠨ ᠵᠠᠮ ᠳ᠋ᠤᠷ ᠣᠷᠣᠭᠰᠠᠨ ᠬᠠᠨᠢ ᠨᠥᠬᠥᠳ ᠢ᠋ᠶ᠋ᠡᠨ ᠰᠠᠨᠠᠭᠠᠯᠵᠠᠨ ᠤᠷᠮ᠎ᠠ ᠳᠣᠷᠮᠠ ᠦᠭᠡᠢ ᠠᠬᠤᠢ ᠳ᠋ᠤᠷ ᠮᠠᠢᠬᠠᠨ ᠤ᠋ ᠬᠤᠷᠮᠤᠢ ᠢ᠋ ᠰᠢᠬᠠᠵᠤ ᠭᠠᠯ ᠳ᠋ᠤᠷ ᠣᠢᠷᠠᠲᠤᠭᠰᠠᠨ ᠦᠯᠦ ᠲᠠᠨᠢᠬᠤ ᠡᠷᠡᠰ ᠢ᠋ ᠣᠢᠰᠢᠶᠠᠭᠰᠠᠨ ᠦᠭᠡᠢ ᠠᠭᠯᠠᠭᠴᠢ ᠲᠠᠢᠪᠥ᠋ᠬᠡ ᠤᠷᠲᠤ ᠰᠡᠭᠦᠷᠡᠰᠦ ᠠᠯᠳᠠᠵᠤ ᠠᠶᠠᠭ᠎ᠠ ᠲᠠᠢ ᠤᠮᠳᠠ ᠪᠠᠨ ᠤᠤᠭᠤᠬᠤ ᠰᠠᠨᠠᠭ᠎ᠠ ᠦᠭᠡᠢ ᠥᠭᠦᠯᠡᠷᠦᠨ:《 ᠠᠯᠢ ᠬᠣᠯᠠ ᠠᠯᠲᠠᠢ ᠶ᠋ᠢᠨ ᠴᠢᠨᠠᠳᠤ ᠠ᠋ᠴᠠ ᠬᠡᠮᠵᠢᠰᠢ ᠦᠭᠡᠢ ᠭᠡᠷᠯᠦᠨ ᠡᠴᠡ ᠢᠨᠠᠳᠤ ᠠᠬᠠᠮᠠᠳ ᠴᠡᠷᠢᠭ ᠲᠦ᠍ᠷ ᠠᠮᠠᠯᠠᠭᠳᠠᠵᠤ ᠠᠢᠯ ᠤᠰᠤᠨ ᠤ᠋ ᠠᠷᠪᠠᠭᠤᠯᠠ ᠡᠴᠢᠭᠡ ᠡᠬᠡ ᠶ᠋ᠢᠨ ᠢᠷᠦᠭᠡᠯ ᠢ᠋ ᠬᠦᠷᠲᠡᠵᠦ ᠡᠷᠡᠭᠦᠯ ᠮᠡᠨᠳᠦ ᠪᠤᠴᠠᠮᠤ ᠭᠡᠮᠡᠨ ᠵᠠᠯᠪᠠᠷᠢᠵᠤ ᠢᠵᠢᠯ ᠮᠥᠷᠡᠨ ᠳ᠋ᠦ᠍ᠷ ᠣᠢᠷᠠᠲᠤᠬᠤ ᠠ᠋ᠴᠠ ᠡᠮᠦᠨ᠎ᠡ ᠠᠷᠢᠬᠢᠨ ᠰᠣᠭᠲᠣᠭᠤ ᠬᠠᠳ ᠨᠣᠶᠠᠳ ᠲᠤᠷ ᠭᠤᠷᠪᠠ ᠶ᠋ᠢ ᠪᠡᠨ ᠵᠤᠭ᠎ᠠ ᠪᠣᠯᠭᠠᠨ ᠦᠬᠦᠭᠦᠯᠪᠡᠢ 》ᠭᠡᠮᠡᠨ ᠢᠳᠠᠮ ᠬᠤᠷᠤᠭᠤ ᠪᠠᠷ ᠢ᠋ᠶ᠋ᠠᠨ ᠠᠶᠠᠭ᠎ᠠ ᠲᠠᠢ ᠤᠮᠳᠠ ᠭᠠᠯ ᠳ᠋ᠤᠷ ᠭᠤᠷᠪᠠᠨ ᠵᠡᠷᠭᠡ ᠢᠳᠠᠮᠯᠠᠵᠤ ᠪᠠᠪᠤᠭᠠᠷ ᠬᠠᠷ᠎ᠠ ᠰᠠᠬᠠᠯ ᠢ᠋ᠶ᠋ᠠᠨ ᠠᠶᠠᠭᠠᠨ ᠳ᠋ᠠᠭᠠᠨ ᠣᠢᠷᠠᠲᠤᠭᠤᠯᠬᠤ ᠳ᠋ᠠᠭᠠᠨ ᠦᠯᠦ ᠲᠠᠨᠢᠬᠤ ᠡᠷᠡᠰ ᠢ᠋ ᠯᠠᠪᠯᠠᠨ ᠦᠵᠡᠭᠡᠳ: 《 ᠶᠠᠭᠠᠬᠢᠭᠰᠠᠨ ᠬᠥᠮᠦᠨ ? 》ᠭᠡᠮᠡᠨ ᠵᠠᠩᠳᠤᠷᠤᠨ : 《 ᠴᠢᠮᠡᠭᠡ ᠦᠭᠡᠢ ᠢᠷᠡᠵᠦ ᠳᠠᠭᠤᠨ ᠦᠭᠡᠢ ᠰᠠᠭᠤᠬᠤ ᠠᠨᠤ ᠶᠠᠭᠤᠨ ? 》ᠭᠡᠮᠡᠨ ᠠᠷᠤ ᠳ᠋ᠤᠷ ᠪᠠᠢᠭ᠎ᠠ ᠠᠬᠠᠷ ᠵᠡᠪᠰᠡᠭ ᠲᠡᠭᠡᠨ ᠭᠠᠷ ᠰᠠᠷᠪᠠᠢᠬᠤᠢ ᠳ᠋ᠤᠷ ᠲᠡᠷᠡ ᠠᠷᠤᠤᠬᠠᠨ ᠡᠷ᠎ᠡ ᠬᠦᠩᠭᠢᠨᠡᠬᠦ ᠢᠷᠠᠭᠤ ᠬᠣᠭᠣᠯᠠᠢ ᠪᠠᠷ: 《ᠠᠶᠠᠭ᠎ᠠ ᠲᠠᠢ ᠤᠮᠳᠠ ᠳ᠋ᠤᠷ ᠴᠢᠨᠦ ᠬᠤᠷᠤᠭᠤ ᠲᠥᠷᠥᠭᠰᠡᠨ ᠦᠭᠡᠢ᠂ ᠣᠪᠣᠭᠠᠳᠠᠢ ᠠᠷᠭᠠᠯ ᠳ᠋ᠤᠷ ᠴᠢᠨᠦ ᠬᠣᠷᠣᠮᠵᠢ ᠪᠣᠯᠤᠭᠰᠠᠨ ᠦᠭᠡᠢ ᠂ ᠠᠶᠠᠯᠠᠨ ᠶᠠᠪᠤᠭ᠎ᠠ ᠪᠢᠳᠡ ᠭᠠᠯ ᠭᠡᠷᠡᠯ ᠢ ᠦᠵᠡᠵᠦ᠂ ᠠᠢᠯ ᠭᠡᠷ ᠬᠡᠮᠡᠯᠳᠦᠵᠦ ᠬᠦᠷᠴᠦ ᠢᠷᠡᠭᠡᠳ ᠦᠷᠦ ᠡᠪᠡᠳᠦᠯᠲᠡᠢ ᠦᠭᠡ ᠶ᠋ᠢ ᠴᠢᠨᠦ ᠰᠣᠨᠣᠰᠴᠤ ᠰᠡᠳᠬᠢᠯ ᠵᠣᠪᠠᠵᠤ ᠰᠠᠭᠤᠬᠤ ᠪᠥᠯᠥᠭᠡ᠃ ᠬᠢᠲᠤᠭ᠎ᠠ ᠰᠢᠪᠦᠭᠡ ᠬᠥᠳᠡᠯᠭᠡᠵᠦ ᠬᠡᠨ ᠳ᠋ᠦ᠍ᠷ ᠪᠣᠢ ! 》ᠭᠡᠮᠡᠨ ᠳᠡᠪᠬᠢᠷᠠᠯᠳᠤᠨ ᠪᠣᠰᠤᠯᠴᠠᠵᠤ ᠬᠠᠷᠠᠩᠭᠤᠢ ᠳ᠋ᠤᠷ ᠣᠷᠣᠮᠠᠭᠴᠠ ᠣᠯᠠᠨ ᠠᠭᠲᠠ ᠶ᠋ᠢᠨ ᠲᠦᠪᠦᠷᠭᠡᠨ ᠬᠣᠯᠠᠳᠠᠵᠤ ᠣᠴᠢᠮᠤᠢ᠃ 《 ᠪᠠᠲᠤ ᠬᠠᠨ ᠦᠷᠭᠦᠯᠵᠢ ᠭᠡᠷ ᠮᠠᠢᠬᠠᠨ ᠢ᠋ᠶ᠋ᠠᠷ ᠶᠠᠪᠤᠵᠤ ᠴᠡᠷᠢᠭ ᠦ᠋ᠨ ᠠᠷᠠᠳ ᠤ᠋ᠨ ᠭᠤᠶᠤᠭᠰᠠᠨ ᠪᠦᠬᠦᠨ ᠢ᠋ ᠪᠦᠲᠦᠭᠡᠵᠦ ᠦᠭᠭᠦᠮᠦᠢ 》ᠬᠡᠮᠡᠬᠦ ᠰᠤᠯᠠ ᠦᠭᠡ ᠳᠠᠮᠵᠢᠭᠳᠠᠬᠤ ᠶ᠋ᠢ ᠲᠠᠢᠪᠦ᠋ᠬᠡ ᠡᠨᠡ ᠡᠳᠦᠷ ᠰᠠᠶᠢ ᠢᠲᠡᠭᠡᠵᠦ ᠯᠠᠪ ᠪᠠᠲᠤ ᠬᠠᠨ ᠮᠠᠭᠠᠳ ᠭᠡᠮᠡᠨ ᠲᠠᠭᠠᠮᠠᠭᠯᠠᠪᠠ᠃
ᠥᠭᠦᠯᠡᠬᠦ ᠢᠨᠦ ᠲᠡᠷᠡ ᠰᠥᠨᠢ ᠲᠠᠢᠪᠥ᠋ᠬᠡ ᠶ᠋ᠢᠨ ᠠᠷᠪᠠᠨ ᠤ᠋ ᠬᠠᠷᠠᠭᠤᠯ ᠤ᠋ᠨ ᠡᠭᠡᠯᠵᠢ ᠪᠣᠯᠵᠤ ᠲᠠᠬᠠᠢᠲᠡᠮᠦᠷ ᠂ ᠲᠠᠷᠠᠴᠡ ᠂ ᠬᠠᠷ᠎ᠠ ᠭᠤᠷᠪᠠᠭᠤᠯᠠ ᠪᠦᠵᠥᠭ ᠨᠣᠶᠠᠨ ᠳ᠋ᠤᠷ ᠮᠡᠳᠡᠭᠦᠯᠬᠦ ᠤᠴᠢᠷ ᠲᠠᠢ ᠪᠣᠯᠵᠤ ᠴᠠᠴᠠᠷ ᠲᠤᠷ ᠢᠷᠠᠪᠠᠰᠤ ᠬᠥᠶᠦᠭ ᠬᠠᠨ ᠂ ᠪᠦᠷᠢ ᠂ ᠠᠷᠭᠠᠰᠤᠨ ᠨᠠᠷ ᠤ᠋ᠨ ᠣᠯᠠᠨ ᠬᠥᠮᠦᠨ ᠠᠷᠢᠬᠢᠳᠠᠵᠤ ᠪᠣᠢ ᠲᠤᠯᠠ ᠤᠷᠮ᠎ᠠ ᠶ᠋ᠢ ᠬᠤᠭᠤᠯᠪᠠ ᠭᠡᠮᠡᠨ ᠬᠠᠲᠠᠭᠠᠵᠤ ᠠᠯᠠ ᠬᠡᠮᠡᠵᠦ ᠡᠳᠡ ᠭᠤᠷᠪᠠᠭᠤᠯᠠ ᠶ᠋ᠢ ᠴᠠᠴᠠᠷ ᠤ᠋ᠨ ᠡᠮᠦᠨᠡᠬᠢ ᠰᠠᠯᠬᠢᠨ ᠤ᠋ ᠰᠢᠷᠤᠭ ᠲᠤᠷ ᠳᠡᠭᠦᠵᠢᠯᠡᠵᠦ ᠲᠠᠯᠪᠢᠪᠠᠢ᠃ ᠳᠠᠬᠠᠢᠲᠡᠮᠥᠷ ᠭᠤᠷᠪᠠᠭᠤᠯᠠ ᠦᠬᠦᠵᠦ ᠡᠳᠡᠭᠡᠵᠦ ᠪᠣᠯᠬᠤ ᠦᠭᠡᠢ ᠪᠦᠬᠦᠢ ᠳ᠋ᠦ᠍ᠷ ᠭᠡᠨᠡᠳᠲᠡ ᠬᠡᠳᠦ ᠬᠡᠳᠦᠨ ᠰᠠᠢᠨ ᠡᠷᠡᠰ ᠬᠠᠷᠠᠩᠭᠤᠢ ᠠ᠋ᠴᠠ ᠭᠠᠷᠴᠤ ᠢᠷᠡᠭᠡᠳ ᠳᠡᠭᠦᠵᠢᠯᠡᠭᠰᠡᠨ ᠳᠡᠭᠡᠰᠦ ᠶ᠋ᠢ ᠴᠠᠪᠴᠢᠵᠤ ᠭᠤᠷᠪᠠᠭᠤᠯᠠ ᠶ᠋ᠢ ᠲᠣᠯᠣᠭᠠᠢ ᠮᠡᠳᠡᠭᠦᠯᠬᠦ ᠦᠭᠡᠢ ᠥᠨᠳᠥᠷ ᠥᠨᠳᠥᠷ ᠮᠣᠷᠢᠨ ᠳ᠋ᠤᠷ ᠮᠣᠷᠳᠠᠭᠤᠯᠵᠤ ᠠᠲᠠᠯ᠎ᠠ ᠴᠠᠴᠠᠷ ᠤ᠋ᠨ ᠠᠷᠠᠳ ᠪᠠᠷᠬᠢᠷᠠᠯᠳᠤᠨ ᠦᠢᠮᠡᠯᠳᠦᠬᠦᠢ ᠳ᠋ᠦ᠍ᠷ ᠭᠦᠶᠦᠭ ᠬᠠᠨ ᠂ ᠪᠦᠷᠢ ᠂ ᠠᠷᠭᠠᠰᠤᠨ ᠨᠠᠷ ᠶᠡᠬᠡᠳᠡ ᠠᠭᠤᠷᠯᠠᠨ ᠬᠡᠨ ᠠᠶᠤᠮᠰᠢᠭ ᠦᠭᠡᠢ ᠲᠡᠷᠡ ᠭᠤᠷᠪᠠᠭᠤᠯᠠ ᠶ᠋ᠢ ᠲᠠᠯᠪᠢᠪᠠ ᠭᠡᠮᠡᠨ ᠰᠣᠭᠲᠣᠭᠤ ᠪᠠᠷ ᠵᠡᠪᠰᠡᠭ ᠪᠠᠷᠢᠵᠤ ᠳᠡᠪᠭᠡᠷᠡᠯᠳᠦᠨ ᠭᠠᠷᠴᠤ ᠢᠷᠠᠪᠠᠰᠤ ᠨᠢᠭᠡᠨ ᠶᠡᠬᠡ ᠡᠷ᠎ᠡ ᠲᠣᠰᠴᠤ ᠠᠪᠤᠭᠠᠳ ᠬᠡᠳᠦᠭᠦᠯᠡ ᠶ᠋ᠢ ᠨᠢᠳᠦ ᠨᠢᠭᠤᠷ ᠦᠭᠡᠢ ᠲᠠᠰᠢᠭᠤᠷᠳᠠᠵᠤ ᠨᠢᠭᠡᠨᠲᠡ ᠢᠰᠬᠡᠷᠦᠯᠳᠦᠮᠡᠭᠴᠡ ᠲᠠᠵᠢᠩᠨᠠᠭᠠᠳ ᠠᠯᠠᠭ᠎ᠠ ᠪᠣᠯᠪᠠᠠ᠋᠃ ᠣᠯᠠᠨ ᠤ᠋ ᠮᠡᠳᠡᠭᠡᠵᠢ ᠪᠡᠷ ᠬᠠᠳ ᠤ᠋ᠨ ᠲᠡᠷᠢᠭᠦᠨ ᠳ᠋ᠦ᠍ᠷ ᠭᠠᠷ ᠬᠦᠷᠦᠭᠰᠡᠨ ᠬᠥᠮᠦᠨ ᠢ᠋ ᠬᠦᠢᠰᠦ ᠲᠡᠮᠲᠡᠷᠢᠬᠦ ᠶᠠᠯ᠎ᠠ ᠲᠠᠢ ᠲᠤᠯᠠ ᠪᠠᠲᠤ ᠬᠠᠨ ᠠ᠋ᠴᠠ ᠥᠭᠡᠷ᠎ᠡ ᠬᠡᠨ ᠠᠶᠤᠮᠰᠢᠭ ᠦᠭᠡᠢ ᠡᠢᠨ ᠶᠠᠪᠤᠬᠤ ᠠᠵᠢ ᠬᠡᠮᠡᠯᠳᠦᠮᠦᠢ᠂ ᠭᠦᠶᠦᠭ ᠬᠠᠨ ᠴᠤ᠌ ᠡᠢᠨ ᠰᠠᠨᠠᠵᠤ ᠢᠴᠢᠩᠭᠦᠷᠡᠬᠦ ᠪᠥᠭᠡᠳ ᠬᠣᠷᠣᠰᠬᠤ ᠪᠣᠯᠪᠠᠴᠤ ᠵᠠᠳᠠᠷᠠᠪᠠᠰᠤ ᠤᠯᠠᠮ ᠮᠠᠭᠤᠬᠠᠢ ᠪᠣᠯᠬᠤ ᠲᠤᠯᠠ ᠲᠠᠰᠤ ᠳᠠᠷᠤᠵᠤ ᠲᠠᠯᠪᠢᠪᠠ᠃ ᠭᠡᠲᠡᠯ᠎ᠡ ᠰᠠᠢᠨ ᠬᠡᠷᠡᠭ ᠭᠡᠷ ᠡᠴᠡ ᠭᠠᠷᠬᠤ ᠦᠭᠡᠢ᠂ ᠮᠠᠭᠤ ᠬᠡᠷᠡᠭ ᠲᠦᠮᠡᠨ ᠭᠠᠵᠠᠷ ᠶᠠᠷᠢᠭᠳᠠᠮᠤᠢ ᠬᠡᠮᠡᠭᠰᠡᠨ ᠮᠡᠲᠦ ᠨᠡᠢᠰᠯᠡᠯ ᠬᠠᠷ᠎ᠠ ᠬᠣᠷᠢᠨ ᠬᠦᠷᠲᠡᠯ᠎ᠡ ᠭᠦᠶᠦᠭ ᠬᠠᠨ ᠴᠡᠷᠢᠭ ᠦ᠋ᠨ ᠠᠷᠠᠳ ᠲᠤᠷ ᠥᠷᠥᠰᠢᠶᠡᠯ ᠦᠭᠡᠢ ᠬᠡᠮᠡᠬᠦ ᠴᠤᠤ ᠴᠢᠮᠡᠭᠡ ᠲᠠᠷᠬᠠᠪᠠ᠃ ᠭᠦᠶᠦᠭ ᠬᠠᠨ ᠰᠤᠷᠭᠠᠮᠵᠢ ᠠᠪᠴᠤ ᠬᠢᠴᠢᠶᠡᠭᠰᠡᠨ ᠪᠣᠯᠪᠠᠴᠤ ᠪᠦᠷᠢ᠂ ᠠᠷᠭᠠᠰᠤᠨ ᠨᠠᠷ ᠢ᠋ ᠬᠣᠷᠢᠭᠯᠠᠵᠤ ᠠᠪᠤᠭᠰᠠᠨ ᠦᠭᠡᠢ ᠳᠠᠬᠢᠨ ᠠᠷᠭᠠᠰᠤᠨ ᠤ᠋ ᠬᠡᠷᠡᠭ ᠲᠦ᠍ᠷ ᠬᠣᠯᠪᠣᠭᠳᠠᠵᠤ ᠴᠢᠷᠠᠢ ᠤᠯᠠᠢᠨ ᠶᠡᠬᠡᠳᠡ ᠡᠪ ᠦᠭᠡᠢ ᠪᠣᠯᠪᠠᠢ᠃
ᠥᠭᠦᠯᠡᠬᠦ ᠢᠨᠦ ᠪᠠᠲᠤ ᠬᠠᠨ ᠪᠠᠭ᠎ᠠ ᠶ᠋ᠢᠨ ᠦᠶᠡᠰ ᠬᠠᠳ ᠬᠥᠪᠡᠭᠦᠳ ᠦ᠋ᠨ ᠬᠠᠮᠲᠤ ᠤᠢᠭᠤᠷ ᠂ ᠮᠣᠩᠭᠣᠯ ᠂ ᠫᠠᠷᠰ ᠬᠡᠯᠡ ᠰᠤᠷᠬᠤᠢ ᠳ᠋ᠤᠷ ᠴᠡᠭᠡᠵᠢᠯᠡᠬᠦ ᠬᠡᠴᠡᠭᠦᠦ ᠬᠡᠮᠡᠭᠳᠡᠳᠡᠭ᠃ ᠡᠳᠦᠭᠡ ᠣᠷᠣᠰ ᠺᠢᠪᠴᠠᠭ ᠬᠡᠯᠡ ᠳ᠋ᠦ᠍ᠷ ᠨᠡᠪᠲᠡᠷᠡᠪᠡᠢ᠃ ᠬᠠᠷᠪᠤᠵᠤ ᠨᠠᠮᠨᠠᠬᠤ ᠳᠤᠷᠠᠲᠠᠢ᠃ ᠬᠦᠴᠦᠨ ᠲᠣᠭᠰᠢᠨ ᠠᠷᠢᠶᠠᠲᠠᠨ ᠢ᠋ ᠪᠠᠵᠠᠭᠳᠠᠮᠤᠢ᠃ ᠪᠣᠭᠳᠠ ᠴᠢᠩᠭᠢᠰ ᠬᠠᠭᠠᠨ ᠬᠣᠷᠸᠰᠮ ᠢ᠋ ᠡᠩᠬᠡᠵᠢᠭᠦᠯᠵᠦ ᠪᠤᠴᠠᠬᠤ ᠳ᠋ᠠᠭᠠᠨ ᠬᠣᠯᠠ ᠶ᠋ᠢᠨ ᠰᠢᠯᠢ ᠳ᠋ᠦ᠍ᠷ ᠬᠤᠯᠠᠨ ᠨᠤᠭᠤᠳ ᠤ᠋ᠨ ᠶᠡᠬᠡ ᠠᠩ ᠵᠠᠷᠯᠠᠵᠤ ᠥᠨᠳᠥᠷ ᠲᠣᠷ ᠵᠣᠭᠰᠣᠵᠤ ᠦᠵᠡᠬᠦᠢ ᠳ᠋ᠦ᠍ᠷ ᠨᠢᠭᠡᠨ ᠵᠠᠯᠠᠭᠤ ᠣᠨᠢᠯᠠᠬᠤ ᠪᠤᠶᠤ ᠪᠣᠭᠣᠮᠢᠳᠠᠬᠤ ᠪᠦᠬᠦᠨ ᠬᠣᠭᠣᠰᠣᠨ ᠦᠭᠡᠢ ᠪᠥᠭᠡᠳ ᠭᠠᠪᠰᠢᠭᠠᠢᠯᠠᠨ ᠣᠷᠣᠬᠤ ᠠᠨᠤ ᠣᠷᠭᠢᠯ ᠠ᠋ᠴᠠ ᠪᠠᠭᠤᠭᠰᠠᠨ ᠪᠠᠷᠰ ᠂ ᠣᠭᠲᠠᠷᠭᠤᠢ ᠠ᠋ᠴᠠ ᠰᠢᠭᠦᠷᠡᠬᠦ ᠪᠦᠷᠭᠦᠳ ᠮᠡᠲᠦ ᠳ᠋ᠦ᠍ᠷ ᠴᠢᠩᠭᠢᠰ ᠬᠠᠭᠠᠨ ᠭᠠᠢᠬᠠᠵᠤ ᠠᠰᠠᠭᠤᠪᠠᠰᠤ ᠬᠥᠮᠦᠰ 《ᠪᠠᠲᠤ ᠬᠠᠨ ! 》 ᠭᠡᠮᠡᠨ ᠮᠡᠳᠡᠭᠦᠯᠦᠭᠰᠡᠨ ᠳ᠋ᠦ᠍ᠷ ᠶᠡᠬᠡᠳᠡ ᠪᠡᠶᠡᠰᠴᠦ ᠄ 《ᠪᠠᠲᠤ ᠪᠣᠢ ᠪᠥᠭᠡᠰᠦ ᠪᠠᠷᠠᠭᠤᠨ ᠵᠦᠭ ᠲᠣᠢ ᠮᠢᠨᠦ ᠵᠣᠪᠠᠬᠤ ᠭᠠᠵᠠᠷ ᠦᠭᠡᠢ 》ᠭᠡᠮᠡᠨ ᠵᠠᠷᠯᠢᠭ ᠪᠣᠯᠪᠠ ᠬᠡᠮᠡᠮᠦ᠃
ᠡᠷᠡᠴᠢᠯᠡᠭᠰᠡᠨ ᠦ᠌ ᠬᠣᠢᠨ᠎ᠠ ᠠᠷᠢᠬᠢ ᠥᠩᠭᠡ ᠶ᠋ᠢ ᠵᠢᠭᠰᠢᠵᠦ ᠪᠠᠭᠠᠲᠤᠷ ᠡᠷᠳᠡᠮᠲᠡᠨ ᠳ᠋ᠦ᠍ᠷ ᠣᠢᠷᠠᠲᠤᠵᠤ ᠴᠡᠷᠢᠭ ᠠᠷᠠᠳ ᠲᠤᠷ ᠬᠠᠢᠷ᠎ᠠ ᠥᠷᠦᠰᠢᠶᠡᠯᠲᠡᠢ᠃ ᠮᠣᠷᠢ ᠪᠠᠨ ᠶᠡᠭᠦᠯᠡᠵᠦ ᠬᠤᠪᠴᠠᠰᠤ ᠪᠠᠨ ᠲᠠᠢᠯᠵᠤ ᠥᠭᠬᠦ ᠶᠠᠪᠤᠳᠠᠯ ᠣᠯᠠᠨᠲᠠ ᠭᠠᠷᠤᠮᠤᠢ᠃ ᠠᠶᠠᠨ ᠲᠡᠢᠨ ᠳ᠋ᠦ᠍ᠷ ᠡᠩ ᠦ᠋ᠨ ᠬᠤᠪᠴᠠᠰᠤ ᠪᠠᠷ ᠴᠡᠷᠢᠭ ᠦ᠋ᠨ ᠠᠷᠠᠳ ᠯᠤᠭ᠎ᠠ ᠬᠣᠯᠢᠯᠳᠤᠨ ᠶᠠᠪᠤᠬᠤ ᠠᠨᠤ ᠦᠷᠭᠦᠯᠵᠢ ᠶ᠋ᠢᠨ ᠬᠡᠷᠡᠭ ᠪᠣᠯᠠᠢ᠃
ᠨᠠᠮᠤᠷ ᠤ᠋ᠨ ᠬᠣᠩᠭᠣᠷ ᠰᠠᠯᠬᠢᠨ ᠳ᠋ᠤᠷ ᠡᠪᠡᠰᠦ ᠨᠣᠭᠣᠭ᠎ᠠ ᠶ᠋ᠢᠨ ᠥᠩᠭᠡ ᠰᠢᠷᠦᠭᠦᠰᠴᠦ ᠠᠷᠠᠢ ᠵᠢᠭᠦᠭᠡᠨ ᠪᠣᠯᠪᠠᠢ᠃ ᠬᠥᠬᠡ ᠣᠭᠲᠠᠷᠭᠤᠢ ᠤᠯᠠᠮ ᠴᠢᠯᠮᠡᠭᠰᠢᠭᠡᠳ ᠠᠳᠤᠭᠤ ᠲᠠᠷᠭᠤᠨ ᠠᠶᠠᠯᠠᠬᠤ ᠰᠠᠢᠨ ᠴᠠᠭ ᠨᠢᠭᠡᠨᠲᠡ ᠬᠦᠷᠴᠦ ᠢᠷᠡᠭᠰᠡᠨ ᠲᠤᠯᠠ ᠬᠥᠮᠦᠨ ᠪᠦᠬᠦᠨ ᠭᠠᠷ ᠨᠤᠬᠤᠯᠠᠵᠤ ᠮᠣᠷᠳᠠᠰᠤᠭᠠᠢ ᠬᠡᠮᠡᠮᠦᠢ᠃
ᠦᠵᠡᠪᠡᠰᠦ ᠮᠥᠷᠡᠨ ᠭᠡᠲᠦᠯᠬᠦ ᠪᠡᠯᠡᠳᠬᠡᠯ ᠨᠢᠭᠡᠨᠲᠡ ᠭᠦᠢᠴᠡᠭᠰᠡᠨ ᠲᠤᠯᠠ ᠪᠠᠲᠤ ᠬᠠᠨ ᠮᠥᠷᠡᠨ ᠭᠡᠲᠦᠯᠬᠦ ᠵᠠᠷᠯᠢᠭ ᠪᠣᠯᠵᠤ ᠵᠢᠴᠢ ᠥᠷᠯᠥᠭᠡ ᠪᠡᠶ᠎ᠡ ᠪᠡᠷ ᠲᠡᠷᠢᠭᠦᠯᠡᠨ ᠣᠯᠠᠨ ᠬᠠᠳ ᠨᠣᠶᠠᠳ ᠢ ᠳᠠᠭᠠᠭᠤᠯᠤᠨ ᠶᠡᠬᠡ ᠮᠠᠨᠳᠠᠯ ᠳ᠋ᠤᠷ ᠠᠭᠠᠷᠤ ᠽᠠᠨᠳᠠᠨ ᠳᠡᠭᠳᠡᠭᠡᠨ ᠴᠠᠭ᠎ᠠ ᠪᠠᠷᠢᠵᠤ ᠰᠦᠯᠳᠡ ᠳᠠᠬᠢᠭᠠᠳ ᠶᠡᠬᠡ ᠫᠤᠤ ᠶᠢᠰᠦᠨ ᠵᠡᠷᠭᠡ ᠲᠠᠯᠪᠢᠭᠰᠠᠨ ᠳ᠋ᠤᠷ ᠢᠵᠢᠯ ᠮᠥᠷᠡᠨ ᠦ᠌ ᠬᠥᠪᠡᠭᠡᠨ ᠡᠴᠡ ᠶᠡᠬᠡ ᠪᠠᠭ᠎ᠠ ᠣᠩᠭᠣᠴᠠ ᠰᠠᠯ ᠵᠡᠷᠭᠡᠪᠡᠷ ᠬᠥᠳᠡᠯᠵᠦ ᠰᠢᠷᠦᠭᠦᠨ ᠤᠷᠤᠰᠬᠠᠯ ᠳ᠋ᠤᠷ ᠣᠷᠣᠪᠠᠢ᠃ ᠴᠡᠷᠢᠭ ᠦ᠋ᠳ ᠵᠠᠭᠤᠨ ᠤ᠋ ᠪᠠᠨ ᠠᠴᠢᠶ᠎ᠠ ᠬᠥᠰᠬᠡ ᠶ᠋ᠢᠨ ᠶᠡᠬᠡ ᠰᠠᠯ ᠳ᠋ᠤᠷ ᠬᠤᠶᠠᠭ ᠳᠤᠭᠤᠯᠠᠭ᠎ᠠ᠂ ᠵᠠᠷ ᠵᠡᠪᠰᠡᠭ ᠢ᠋ᠶ᠋ᠡᠨ ᠠᠴᠢᠶᠠᠯᠠᠨ ᠪᠡᠶ᠎ᠡ ᠳ᠋ᠡᠭᠡᠨ ᠬᠡᠢ ᠲᠡᠢ ᠲᠤᠯᠤᠮ ᠤᠶᠠᠭᠠᠳ ᠮᠣᠷᠢᠳ ᠤ᠋ᠨ ᠠᠮᠠᠭᠠᠢ ᠶ᠋ᠢ ᠠᠪᠴᠤ ᠨᠣᠭᠳᠠ ᠪᠠᠷ ᠬᠥᠲᠥᠯᠵᠦ ᠰᠠᠯ ᠤ᠋ᠨ ᠠᠷᠤ ᠠ᠋ᠴᠠ ᠬᠦᠪᠦᠵᠦ ᠶᠠᠪᠤᠮᠤᠢ᠃ ᠢᠵᠢᠯ ᠮᠥᠷᠡᠨ ᠳ᠋ᠦ᠍ᠷ ᠬᠡᠱᠡᠨᠡ ᠵᠠᠭᠤᠷ᠎ᠠ ᠬᠥᠮᠦᠨ ᠮᠣᠷᠢᠨ ᠤ᠋ ᠲᠣᠯᠣᠭᠠᠢ ᠴᠤᠬᠤᠯᠵᠠᠨ ᠬᠥᠮᠦᠨ ᠤ ᠳᠠᠭᠤᠨ ᠮᠣᠷᠢᠳ ᠤ᠋ᠨ ᠢᠨᠴᠠᠭ᠎ᠠ ᠂ ᠮᠥᠷᠡᠨ ᠦ᠌ ᠱᠤᠤᠭᠢᠶᠠᠨ ᠬᠣᠯᠢᠯᠳᠤᠨ ᠡᠭᠦᠰᠴᠦ ᠬᠥᠮᠦᠰ ᠦ᠋ᠨ ᠲᠣᠯᠣᠭᠠᠢ ᠲᠠᠷᠢᠬᠢ ᠶ᠋ᠢ ᠨᠠᠷᠭᠢᠭᠤᠯᠤᠮᠤᠢ᠃ ᠮᠥᠷᠡᠨ ᠦ᠌ ᠭᠣᠣᠯ ᠳ᠋ᠤᠷ ᠬᠦᠷᠦᠭᠰᠡᠨ ᠮᠣᠩᠭᠣᠯᠴᠤᠳ ᠮᠣᠷᠢᠳ ᠤ᠋ᠨ ᠰᠡᠭᠦᠯ ᠡᠴᠡ ᠴᠤᠯᠪᠤᠭᠤᠷᠳᠠᠨ ᠶᠠᠪᠤᠮᠤᠢ᠃
ᠲᠡᠳᠦᠢ ᠳ᠋ᠦ᠍ᠷ ᠲᠡᠷᠢᠭᠦᠴᠢ ᠶ᠋ᠢᠨ ᠬᠡᠳᠦᠨ ᠶᠡᠬᠡ ᠰᠠᠯ ᠢ᠋ ᠮᠥᠷᠡᠨ ᠦ᠌ ᠳᠡᠭᠡᠳᠦ ᠤᠷᠤᠰᠬᠠᠯ ᠠ᠋ᠴᠠ ᠲᠠᠯᠪᠢᠭᠰᠠᠨ ᠪᠥᠭᠡᠳ ᠳᠡᠭᠡᠷ᠎ᠡ ᠢᠨᠤ ᠳᠠᠷᠪᠠᠭᠤᠯᠲᠠᠢ ᠲᠤᠯᠠ ᠵᠡᠭᠦᠨ ᠦ᠌ ᠰᠠᠯᠬᠢᠨ ᠳᠠᠷᠪᠠᠭᠤᠯ ᠢ ᠲᠡᠨᠢᠢᠯᠭᠡᠨ ᠬᠢᠯᠪᠠᠷᠬᠠᠨ ᠢ᠋ᠶ᠋ᠠᠷ ᠪᠠᠷᠠᠭᠤᠨ ᠡᠷᠭᠢ ᠳ᠋ᠦ᠍ᠷ ᠬᠦᠷᠪᠡᠢ᠃ ᠣᠷᠣᠰ ᠤ᠋ᠨ ᠮᠥᠷᠡᠨ ᠦ᠌ ᠬᠠᠷᠠᠭᠤᠯ ᠵᠡᠪᠡ ᠴᠢᠯᠠᠭᠤ ᠬᠠᠷᠪᠤᠵᠤ ᠡᠷᠭᠢ ᠳ᠋ᠦ᠍ᠷ ᠭᠠᠷᠭᠠᠬᠤ ᠦᠭᠡᠢ ᠭᠡᠮᠡᠨ ᠵᠢᠳᠬᠦᠭᠰᠡᠨ ᠪᠣᠯᠪᠠᠴᠤ ᠰᠠᠯ ᠤ᠋ᠨ ᠡᠷᠡᠰ ᠰᠥᠪᠡᠭᠡᠲᠡᠢ ᠪᠠᠭᠠᠲᠤᠷ ᠢ᠋ ᠳᠠᠭᠠᠵᠤ ᠪᠠᠮᠪᠠᠢ ᠲᠣᠬᠣᠢᠯᠠᠨ ᠴᠠᠪᠴᠢᠵᠤ ᠭᠠᠷᠤᠭᠰᠠᠨ ᠳ᠋ᠤᠷ ᠣᠷᠣᠰ ᠤ᠋ᠳ ᠬᠥᠮᠦᠨ ᠴᠥᠭᠡᠨ ᠲᠤᠯᠠ ᠲᠣᠭᠲᠠᠵᠤ ᠴᠢᠳᠠᠬᠤ ᠦᠭᠡᠢ ᠶᠡᠬᠡ ᠣᠢ ᠵᠦᠭ ᠪᠤᠷᠤᠭᠤᠯᠠᠵᠤᠬᠤᠢ᠃
ᠰᠥᠪᠡᠭᠡᠳᠡᠢ ᠪᠠᠭᠠᠲᠤᠷ ᠤ᠋ᠨ ᠮᠠᠩᠯᠠᠢ ᠴᠡᠷᠢᠭ ᠴᠥᠮ ᠭᠡᠲᠦᠯᠵᠦ ᠮᠥᠷᠡᠨ ᠦ᠌ ᠪᠠᠷᠠᠭᠤᠨ ᠡᠷᠭᠢ ᠳ᠋ᠦ᠍ᠷ ᠰᠡᠷᠭᠡᠢᠯᠡᠨ ᠰᠠᠭᠤᠬᠤ ᠲᠤᠯᠠ ᠶᠡᠬᠡ ᠴᠡᠷᠢᠭ ᠶᠠᠮᠠᠷ ᠴᠤ᠌ ᠬᠠᠷᠰᠢ ᠰᠠᠭᠠᠳ ᠦᠭᠡᠢ ᠠᠯᠭᠤᠷ ᠭᠡᠲᠦᠯᠵᠦ ᠳᠣᠪᠣ ᠲᠣᠯᠣᠭᠠᠢ ᠶᠡᠬᠡᠲᠡᠢ ᠮᠣᠳᠣ ᠪᠤᠷᠭᠠᠰᠤ ᠳᠠᠷᠠᠰᠤ ᠬᠤᠯᠤᠰᠤ ᠲᠠᠢ ᠣᠷᠣᠰ ᠨᠤᠲᠤᠭ ᠲᠤᠷ ᠣᠷᠣᠵᠤ ᠬᠦᠷᠢᠶᠡᠯᠡᠨ ᠪᠠᠭᠤᠳᠠᠯᠯᠠᠪᠠ᠃ ᠪᠦᠷᠢᠳᠬᠡᠪᠡᠰᠦ ᠮᠥᠷᠡᠨ ᠭᠡᠲᠦᠯᠬᠦᠢ ᠳ᠋ᠦ᠍ᠷ ᠣᠩᠭᠣᠴᠠ ᠰᠠᠯ ᠳ᠋ᠤᠷ ᠮᠥᠷᠭᠥᠭᠳᠡᠨ ᠨᠣᠭᠳᠠ ᠴᠤᠯᠪᠤᠭᠤᠷ ᠲᠠᠭᠠᠨ ᠣᠷᠢᠶᠠᠯᠭᠠᠵᠤ ᠣᠩᠭᠣᠴᠠ ᠰᠠᠯ ᠬᠥᠷᠪᠡᠬᠦᠢ ᠳ᠋ᠦ᠍ᠷ ᠦᠬᠦᠭᠰᠡᠨ ᠬᠥᠮᠦᠨ ᠮᠣᠷᠢ ᠬᠡᠳᠦᠨ ᠵᠠᠭᠤ ᠪᠣᠯᠪᠠᠢ᠃ ᠮᠠᠩᠯᠠᠢ ᠴᠡᠷᠢᠭ ᠦ᠋ᠨ ᠲᠤᠷᠰᠢᠭᠤᠯ ᠤ᠋ᠨ ᠮᠡᠳᠡᠭᠦᠯᠦᠭᠰᠡᠨ ᠢ᠋ᠶ᠋ᠡᠷ ᠡᠨᠡᠬᠦ ᠡᠯᠮᠢᠭ ᠥᠷᠭᠡᠨ ᠺᠣᠮᠠᠨ ᠤ᠋ ᠬᠥᠪᠡᠭᠡ ᠬᠢᠵᠠᠭᠠᠷ ᠦᠭᠡᠢ ᠲᠠᠯ᠎ᠠ ᠨᠤᠲᠤᠭ ᠲᠤᠷ ᠬᠥᠮᠦᠨ ᠠᠮᠢᠲᠠᠨ ᠬᠠᠷᠠᠭᠳᠠᠬᠤ ᠦᠭᠡᠢ᠂ ᠺᠣᠮᠠᠨᠴᠣᠳ ᠴᠥᠮ ᠳᠤᠲᠠᠭᠠᠪᠠᠢ ᠬᠡᠮᠡᠮᠦ ᠃ ᠲᠠᠯ᠎ᠠ ᠶ᠋ᠢᠨ ᠮᠣᠳᠣ ᠴᠢᠯᠠᠭᠤ ᠡᠪᠡᠰᠦ ᠤᠷᠭᠤᠮᠠᠯ ᠳ᠋ᠤᠷ ᠬᠦᠷᠲᠡᠯ᠎ᠡ ᠰᠠᠶᠢ ᠬᠦᠷᠴᠦ ᠢᠷᠡᠭᠰᠡᠨ ᠮᠣᠩᠭᠣᠯᠴᠤᠳ ᠲᠤᠷ ᠴᠥᠮ ᠵᠢᠰᠦ ᠪᠤᠷᠤᠭᠤ ᠬᠠᠷᠠᠭᠳᠠᠵᠤ ᠡᠯᠮᠢᠭ ᠲᠠᠯ᠎ᠠ ᠶ᠋ᠢᠨ ᠭᠦᠨ ᠳ᠋ᠦ᠍ᠷ ᠰᠡᠳᠬᠢᠭᠳᠡᠰᠢ ᠦᠭᠡᠢ ᠠᠶᠤᠯ ᠰᠦᠷᠳᠡᠭᠦᠯ ᠨᠢᠭᠤᠭᠳᠠᠵᠤ ᠪᠠᠢᠭ᠎ᠠ ᠮᠡᠲᠦ ᠬᠥᠮᠦᠰ ᠦ᠋ᠨ ᠠᠩᠬᠠᠷᠤᠯ ᠢ ᠲᠠᠲᠠᠵᠤ ᠮᠥᠷᠡᠨ ᠭᠡᠲᠦᠯᠬᠦ ᠠᠶᠤᠯ ᠰᠣᠴᠢᠯ ᠨᠢᠭᠡᠨᠲᠡ ᠵᠤᠭ᠎ᠠ ᠪᠣᠯᠵᠤ ᠥᠩᠭᠡᠷᠡᠪᠡ᠃
ᠣᠯᠠᠨ ᠬᠠᠳ ᠨᠣᠶᠠᠳ ᠢᠵᠢᠯ ᠮᠥᠷᠡᠨ ᠢ᠋ ᠤᠷᠤᠭᠰᠢᠲᠠᠢ ᠭᠡᠲᠦᠯᠦᠭᠰᠡᠨ ᠲᠤᠯᠠ ᠣᠳᠣ ᠰᠡᠳᠬᠢᠯ ᠬᠥᠪᠦᠯᠵᠡᠨ ᠰᠢᠷᠦᠭᠦᠨ ᠴᠠᠪᠴᠢᠯᠳᠤᠬᠤ ᠶ᠋ᠢ ᠬᠦᠰᠡᠵᠦ ᠬᠦᠯᠢᠶᠡᠵᠦ ᠶᠠᠳᠠᠮᠤᠢ ᠃ ᠪᠠᠲᠤ ᠬᠠᠨ ᠣᠯᠠᠨ ᠤ᠋ ᠰᠡᠳᠬᠢᠯ ᠢ᠋ ᠮᠡᠳᠡᠵᠦ ᠥᠭᠦᠯᠡᠷᠦᠨ ᠄ 《ᠶᠡᠬᠡ ᠴᠡᠷᠢᠭ ᠣᠷᠣᠰ ᠬᠣᠲᠠᠳ ᠢ᠋ ᠪᠡᠯᠡᠳᠬᠡᠯ ᠦᠭᠡᠢ ᠳ᠋ᠦ᠍ᠷ ᠠᠮᠵᠢᠵᠤ ᠪᠠᠢᠯᠳᠤᠬᠤ ᠠᠨᠤ ᠵᠦᠢ ᠪᠥᠭᠡᠳ ᠮᠥᠷᠡᠨ ᠦ᠌ ᠪᠠᠷᠠᠭᠤᠨ ᠳ᠋ᠤᠷ ᠨᠢᠭᠡᠨ ᠬᠥᠯ ᠲᠣᠭᠲᠠᠬᠤ ᠰᠠᠭᠤᠷᠢᠨ ᠪᠠᠢᠭᠤᠯᠬᠤ ᠠᠨᠤ ᠴᠤ᠌ ᠴᠢᠬᠤᠯᠠ ᠪᠣᠯᠠᠢ᠃ ᠣᠷᠣᠰ ᠤ᠋ᠨ ᠡᠪᠦᠯ ᠤᠳᠠᠬᠤ ᠦᠭᠡᠢ ᠬᠦᠷᠴᠦ ᠢᠷᠡᠬᠦ ᠲᠤᠯᠠ ᠪᠡᠯᠡᠳᠬᠡᠯ ᠦᠭᠡᠢ ᠪᠥᠭᠡᠰᠦ ᠲᠡᠷᠡ ᠴᠠᠭ ᠭᠠᠷ ᠪᠠᠷᠢᠮᠤᠢ᠃ ᠲᠡᠢᠨ ᠬᠦ᠌ ᠬᠠᠭᠠᠰ ᠴᠡᠷᠢᠭ ᠢ᠋ ᠪᠠᠢᠯᠳᠤᠭᠠᠨ ᠳ᠋ᠤᠷ ᠭᠠᠷᠭᠠᠵᠤ ᠬᠠᠭᠠᠰ ᠢ᠋ ᠠᠨᠤ ᠦᠯᠡᠳᠡᠭᠡᠵᠦ ᠡᠪᠦᠯᠵᠢᠶ᠎ᠡ ᠶ᠋ᠢᠨ ᠰᠠᠭᠤᠷᠢᠨ ᠪᠠᠢᠭᠤᠯᠤᠨ ᠦᠨᠳᠦᠰᠦ ᠬᠠᠳᠬᠤᠵᠤ ᠪᠠᠢᠯᠳᠤᠭᠠᠨ ᠤ᠋ ᠬᠥᠮᠦᠰ ᠲᠣᠷ ᠠᠷᠤ ᠲᠦᠰᠢᠭ ᠪᠣᠯᠭᠠᠲᠤᠭᠠᠢ᠃ ᠲᠡᠢᠨ ᠬᠦ᠌ ᠪᠠᠷᠠᠭᠤᠨ ᠵᠢᠭᠦᠷ ᠦ᠋ᠨ ᠤᠷᠲᠠ ᠬᠠᠨ ᠠᠷᠪᠠᠨ ᠨᠢᠭᠡᠨ ᠲᠦᠮᠡᠨ ᠦ᠌ ᠣᠯᠠᠨ ᠡᠴᠡ ᠪᠡᠨ ᠲᠠᠪᠤᠨ ᠲᠦᠮᠡᠨ ᠢ᠋ ᠰᠢᠯᠭᠠᠨ ᠠᠪᠴᠤ ᠮᠣᠰᠺᠸᠠ ᠶ᠋ᠢ ᠴᠢᠭᠯᠡᠨ ᠵᠠᠮ ᠳᠠᠭᠠᠤ ᠬᠣᠲᠠ ᠪᠠᠯᠭᠠᠰᠤᠨ ᠢ᠋ ᠡᠵᠡᠯᠡᠨ ᠶᠠᠪᠤᠵᠤ ᠣᠷᠣᠰ ᠤ᠋ᠨ ᠨᠡᠢᠰᠯᠡᠯ ᠸᠯᠠᠳᠢᠮᠢᠷ ᠲᠤᠷ ᠴᠡᠷᠢᠭ ᠨᠡᠢᠯᠡᠰᠦᠭᠡᠢ ᠭᠡᠮᠡᠨ ᠵᠡᠭᠦᠨ ᠵᠠᠮ ᠤ᠋ᠨ ᠮᠥᠩᠬᠡ ᠬᠠᠨ ᠶᠢᠰᠦᠨ ᠲᠦᠮᠡᠨ ᠦ᠌ ᠣᠯᠠᠨ ᠡᠴᠡ ᠮᠥᠨ ᠲᠠᠪᠤᠨ ᠲᠦᠮᠡᠨ ᠢ᠋ ᠰᠢᠯᠭᠠᠨ ᠠᠪᠴᠤ ᠢᠵᠢᠯ ᠮᠥᠷᠡᠨ ᠪᠠ ᠳ᠋ᠤᠨ ᠭᠣᠣᠯ ᠤ᠋ᠨ ᠳᠣᠣᠷ᠎ᠠ ᠤᠷᠤᠰᠬᠠᠯ ᠳ᠋ᠠᠭᠠᠨ ᠴᠡᠷᠢᠭ ᠣᠷᠣᠵᠤ ᠲᠡᠨᠳᠡ ᠨᠤᠲᠤᠭᠰᠢᠭᠰᠠᠨ ᠺᠢᠪᠴᠠᠭ ᠬᠢᠭᠡᠳ ᠺᠣᠮᠠᠸᠠᠨᠴᠣᠳ ᠢ᠋ ᠪᠠᠢᠯᠳᠤᠨ ᠳᠠᠭᠠᠭᠤᠯᠤᠭᠰᠠᠨ ᠤ᠋ ᠬᠣᠢᠨ᠎ᠠ ᠭᠣᠣᠯ ᠥᠭᠡᠳᠡᠯᠡᠨ ᠵᠠᠮ ᠳᠠᠭᠠᠤ ᠬᠣᠲᠠ ᠪᠠᠯᠭᠠᠰᠤᠨ ᠢ᠋ ᠡᠵᠡᠯᠡᠵᠦ ᠠᠯᠭᠤᠷ ᠢ᠋ᠶ᠋ᠠᠷ ᠶᠡᠬᠡ ᠴᠡᠷᠢᠭ ᠲᠦ᠍ᠷ ᠬᠠᠪᠢᠳᠠᠵᠤ ᠬᠡᠨ ᠠᠯᠢᠨ ᠳ᠋ᠠᠭᠠᠨ ᠪᠠᠷ᠎ᠠ ᠲᠦᠰᠢᠭ ᠪᠣᠯᠲᠤᠭᠠᠢ ᠭᠡᠮᠡᠨ ᠪᠠᠰᠠ ᠳᠤᠮᠳᠠᠳᠤ ᠵᠠᠮ ᠤ᠋ᠨ ᠬᠥᠶᠦᠭ ᠬᠠᠨ ᠠᠷᠪᠠᠨ ᠭᠤᠷᠪᠠᠨ ᠲᠦᠮᠡᠨ ᠡᠴᠡ ᠵᠢᠷᠭᠤᠭᠠᠨ ᠲᠦᠮᠡᠨ ᠢ ᠰᠢᠯᠭᠠᠨ ᠠᠪᠴᠤ ᠷᠶᠠᠽᠠᠨ ᠢ ᠴᠢᠭᠯᠡᠨ ᠪᠠᠢᠯᠳᠤᠬᠤ ᠪᠠᠷ ᠪᠡᠯᠡᠳᠭᠡ᠂ ᠦᠯᠡᠳᠡᠭᠰᠡᠨ ᠪᠦᠬᠦ ᠴᠡᠷᠢᠭ ᠢ᠋ ᠪᠦᠵᠥᠭ ᠨᠣᠶᠠᠨ ᠨᠣᠶᠠᠯᠠᠵᠤ᠂ ᠡᠪᠦᠯᠵᠡᠬᠦ ᠪᠡᠯᠡᠳᠬᠡᠯ ᠢ᠋ ᠭᠦᠢᠴᠡᠳᠬᠡᠭᠲᠦᠨ ᠭᠡᠮᠡᠨ ᠲᠤᠰ ᠲᠤᠰ ᠵᠠᠷᠯᠢᠭ ᠪᠣᠯᠤᠭᠠᠳ ᠴᠠᠴᠠᠷ ᠤ᠋ᠨ ᠲᠦᠰᠢᠮᠡᠳ ᠬᠤᠷᠢᠮ ᠪᠠᠷᠢᠭᠰᠠᠨ ᠤ᠋ ᠳᠠᠷᠠᠭ᠎ᠠ ᠰᠠᠶᠢ ᠨᠠᠢᠷᠠᠯᠳᠤᠨ ᠲᠠᠷᠠᠬᠠᠯᠴᠠᠪᠠ᠃
ᠥᠭᠦᠯᠡᠬᠦ ᠢᠨᠤ ᠮᠠᠩᠯᠠᠢ ᠴᠡᠷᠢᠭ ᠦ᠋ᠨ ᠨᠣᠶᠠᠨ ᠰᠥᠪᠡᠭᠡᠳᠡᠢ ᠪᠠᠭᠠᠲᠤᠷ᠂ ᠮᠣᠩᠭᠣᠯ ᠳ᠋ᠤᠷ ᠳᠠᠭᠠᠭᠰᠠᠨ ᠲᠡᠳᠡᠭᠡᠷ ᠺᠣᠮᠠᠸᠠᠨ ᠂ ᠺᠢᠪᠴᠠᠭ ᠣᠷᠣᠰ ᠤ᠋ᠨ ᠰᠥᠰᠥ ᠶᠡᠬᠡ ᠠᠰᠢᠭ ᠬᠣᠵᠢᠪᠤᠷᠢ ᠳ᠋ᠤᠷ ᠳᠤᠷᠠᠲᠠᠢ ᠡᠷᠡᠰ ᠢ᠋ ᠰᠣᠩᠭᠣᠨ ᠠᠪᠴᠤ ᠬᠦᠨᠳᠦ ᠱᠠᠩ ᠬᠡᠰᠢᠭ ᠬᠦᠷᠲᠡᠭᠡᠨ ᠲᠠᠩᠨᠠᠭᠤᠯ ᠲᠤᠷᠰᠢᠭᠤᠯ ᠪᠣᠯᠭᠠᠨ ᠣᠯᠠᠨ ᠲᠣᠭ᠎ᠠ ᠪᠠᠷ ᠶᠠᠪᠤᠭᠤᠯᠤᠭᠰᠠᠨ ᠪᠥᠭᠡᠳ ᠵᠠᠭᠣᠨᠲᠤ ᠶ᠋ᠢᠨ ᠲᠤᠷᠰᠢᠭᠤᠯ ᠮᠢᠩᠭᠠᠨ ᠤ᠋ ᠬᠠᠢᠭᠤᠯ ᠭᠠᠷᠭᠠᠨ ᠴᠢᠩᠳᠠᠯᠠᠨ ᠰᠡᠷᠭᠡᠢᠯᠡᠬᠦ ᠶ᠋ᠢᠨ ᠬᠠᠮᠲᠤ ᠬᠣᠯᠠ ᠣᠢᠷ᠎ᠠ ᠶ᠋ᠢᠨ ᠴᠢᠮᠡᠭᠡ ᠮᠡᠳᠡᠭᠡ ᠶ᠋ᠢ ᠠᠪᠴᠤ ᠭᠠᠵᠠᠷ ᠤᠰᠤᠨ ᠤ᠋ ᠪᠠᠢᠳᠠᠯ᠂ ᠵᠠᠮ ᠮᠥᠷ᠂ ᠡᠪᠡᠰᠦ ᠪᠡᠯᠴᠢᠭᠡᠷ᠂ ᠠᠩ ᠭᠥᠷᠥᠭᠡᠰᠦ ᠬᠦᠷᠲᠡᠯ᠎ᠡ ᠣᠢᠯᠠᠭᠠᠨ ᠶᠠᠭᠠᠷᠠᠵᠤ ᠶᠡᠷᠦᠳᠡᠭᠡᠨ ᠪᠠᠢᠳᠠᠯ ᠮᠡᠳᠡᠬᠦ ᠦᠭᠡᠢ ᠪᠡᠷ ᠴᠡᠷᠢᠭ ᠬᠡᠷᠡᠭᠯᠡᠬᠦ ᠶ᠋ᠢ 《ᠰᠣᠬᠣᠷ ᠴᠡᠷᠢᠭ 》ᠭᠡᠮᠡᠨ ᠵᠢᠭᠰᠢᠵᠦ ᠴᠡᠭᠡᠷᠯᠡᠬᠦ ᠲᠤᠯᠠ ᠪᠠᠢᠯᠳᠤᠷ᠎ᠠ ᠮᠣᠷᠳᠠᠬᠤ ᠶ᠋ᠢ ᠶᠠᠭᠠᠷᠠᠬᠤ ᠦᠭᠡᠢ ᠮᠡᠲᠦ ᠪᠠᠢᠪᠠ᠃
ᠲᠡᠳᠦᠢ ᠳ᠋ᠦ᠍ᠷ ᠣᠷᠣᠰ ᠨᠤᠲᠤᠭ ᠨᠢᠭᠡᠨᠲᠡ ᠳᠡᠪᠵᠢᠭᠡᠷᠡᠵᠦ ᠲᠠᠲᠠᠷᠴᠤᠳ ᠪᠠᠰᠠ ᠢᠷᠡᠪᠡ ᠭᠡᠮᠡᠨ ᠠᠢᠯ ᠲᠣᠰᠬᠣᠨ ᠤ᠋ ᠬᠥᠮᠦᠰ ᠣᠢ ᠠᠭᠤᠯᠠ ᠪᠠᠷ ᠳᠤᠲᠠᠭᠠᠵᠤ ᠡᠰᠡᠪᠡᠰᠦ ᠶᠡᠬᠡ ᠶᠡᠬᠡ ᠬᠣᠲᠠᠨ ᠳ᠋ᠤᠷ ᠣᠷᠣᠵᠤ ᠠᠶᠤᠯ ᠠ᠋ᠴᠠ ᠵᠠᠢᠯᠠᠮᠤᠢ᠃ ᠣᠷᠣᠰ ᠸᠠᠩ ᠬᠦᠩ ᠦ᠋ᠳ ᠵᠠᠷᠢᠮ ᠠᠨᠤ ᠪᠠᠢᠯᠳᠤᠵᠤ ᠰᠠᠬᠢᠬᠤ ᠪᠡᠯᠡᠳᠬᠡᠯ ᠬᠢᠵᠦ ᠵᠠᠷᠢᠮ ᠠᠨᠤ ᠮᠠᠨ ᠤ᠋ ᠡᠨᠳᠡ ᠢᠷᠡᠬᠦ ᠦᠭᠡᠢ ᠪᠢᠵᠡ ᠭᠡᠮᠡᠨ ᠬᠣᠶᠠᠷ ᠦᠵᠦᠭᠦᠷᠲᠦ ᠰᠡᠳᠬᠢᠯ ᠡᠪᠦᠷᠯᠡᠵᠦ ᠰᠠᠭᠤᠮᠤᠢ᠃
ᠮᠣᠩᠭᠣᠯᠴᠤᠳ ᠤ᠋ᠨ ᠲᠠᠢᠯᠤᠨ ᠳᠡᠢᠯᠦᠭᠳᠡᠬᠦ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃
ᠰᠤᠯᠠ ᠰᠢᠯᠦᠭ
ᠮᠢᠩᠭᠠᠨ ᠠᠭᠤᠯᠠᠨ᠎ᠠ ᠨᠢᠰᠬᠦ ᠰᠢᠪᠠᠭᠤᠳ ᠦᠭᠡᠢ
ᠲᠦᠮᠡᠨ ᠵᠠᠮ ᠳ᠋ᠤᠷ ᠬᠥᠮᠦᠨ ᠦ᠌ ᠰᠡᠭᠦᠳᠡᠷ ᠠᠯᠠᠭ᠎ᠠ
ᠥᠨᠥᠴᠢᠨ ᠣᠩᠭᠣᠴᠠᠨ᠎ᠠ ᠡᠪᠡᠰᠦᠨ ᠨᠥᠮᠥᠷᠭᠡᠲᠦ ᠡᠪᠦᠭᠡᠨ
ᠦᠬᠦᠰᠢᠷᠡᠨ ᠰᠠᠭᠤᠵᠤ ᠬᠦᠢᠲᠡᠨ ᠮᠥᠷᠡᠨ ᠦ᠌ ᠴᠠᠰᠤᠨ ᠳ᠋ᠤᠷ ᠭᠣᠬᠢᠳᠠᠮᠤᠢ᠃
( ᠮᠥᠷᠡᠨ ᠤ ᠴᠠᠰᠤ -ᠯᠢᠦ ᠰᠥᠩ ᠶᠤᠸᠠᠨ)
