ᠮᠢᠨᠦ ᠨᠤᠲᠤᠭ- ᠨᠠᠴᠢᠨᠱᠣᠩᠬᠤᠷМиний нутаг-Начиншнхор ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠨᠤᠲᠤᠭ- ᠨᠠᠴᠢᠨᠱᠣᠩᠬᠤᠷМиний нутаг-Начиншнхор

ᠮᠢᠨᠦ ᠨᠤᠲᠤᠭ- ᠨᠠᠴᠢᠨᠱᠣᠩᠬᠤᠷМиний нутаг-Начиншнхор

ᠠᠩᠭᠢᠯᠠᠯ:ᠳᠠᠭᠤᠤ ᠬᠥᠭᠵᠢᠮ
2023-11-10

346

ᠮᠢᠨᠦ ᠨᠤᠲᠤᠭ

     ᠦᠭᠡ᠄ ᠰᠠᠩ᠂ ᠴᠡᠩᠭᠡᠯᠲᠦ 
     ᠠᠶ᠎ᠠ᠄ ᠰᠢ ᠂ ᠪᠠᠲᠤᠰᠠᠢᠬᠠᠨ( ᠮᠣᠩᠭᠣᠯ) 
     ᠳᠠᠭᠤᠴᠢᠨ᠄ ᠨᠠᠴᠢᠨᠱᠣᠩᠬᠤᠷ 

ᠮᠥᠩᠬᠡ ᠲᠩᠷᠢ ᠶ᠋ᠢᠨ ᠳᠠᠯᠠᠯᠭ᠎ᠠ ᠬᠤᠷᠤᠢᠯᠠᠭᠰᠠᠨ 
ᠮᠥᠩᠭᠥᠨ ᠰᠠᠢᠷᠳᠠᠭ ᠨᠢ ᠴᠠᠢᠯᠵᠠᠭᠠᠳ ᠪᠠᠢᠨ᠎ᠠ ᠤᠤ 
ᠴᠠᠢᠳᠠᠮ ᠪᠦᠷᠢᠳᠦ ᠨᠢ ᠴᠡᠩᠬᠡᠷᠲᠦᠨ ᠤᠨᠢᠶᠠᠷᠲᠤᠭᠰᠠᠨ 
ᠴᠡᠴᠡᠭᠡᠰ ᠦ᠋ᠨ ᠦᠨᠡᠷ ᠲᠡᠢ ᠮᠢᠨᠦ ᠨᠤᠲᠤᠭ ᠠ᠋ 
ᠡᠵᠡᠨ ᠲᠡᠢ ᠪᠣᠯᠬᠣᠷ ᠨᠤᠲᠤᠭ ᠮᠢᠨᠢ ᠠᠮᠤᠭᠤᠯᠠᠩ 
ᠨᠤᠲᠤᠭ ᠲᠠᠢ ᠪᠣᠯᠬᠣᠷ ᠡᠵᠡᠨ ᠪᠢᠳᠡᠨ ᠦ᠌ ᠵᠢᠷᠭᠠᠯ ᠠ᠋ 

ᠨᠠᠷᠠ ᠬᠤᠷ᠎ᠠ ᠶ᠋ᠢᠨ ᠬᠡᠰᠢᠭ ᠢᠪᠡᠭᠡᠭᠰᠡᠨ 
ᠨᠠᠭᠤᠷ ᠭᠣᠣᠯ ᠨᠢ ᠮᠡᠯᠲᠡᠭᠡᠨᠡᠭᠡᠳ ᠪᠠᠢᠨ᠎ᠠ ᠤᠤ 
ᠨᠣᠮᠢᠨ ᠲᠠᠯ᠎ᠠ ᠨᠢ ᠬᠠᠶᠠᠭ᠎ᠠ ᠪᠠᠨ ᠳᠡᠯᠡᠭᠰᠡᠨ
ᠨᠡᠭᠦᠳᠡᠯ ᠦ᠋ᠨ ᠴᠥᠷᠬᠦᠯᠡᠭᠡ ᠲᠡᠢ ᠮᠢᠨᠦ ᠨᠤᠲᠤᠭ ᠠ᠋
ᠡᠵᠡᠨ ᠲᠡᠢ ᠪᠣᠯᠬᠣᠷ ᠨᠤᠲᠤᠭ ᠮᠢᠨᠢ ᠠᠮᠤᠭᠤᠯᠠᠩ
ᠨᠤᠲᠤᠭ ᠲᠠᠢ ᠪᠣᠯᠬᠣᠷ ᠲᠤ ᠡᠵᠡᠨ ᠪᠢᠳᠡᠨ ᠦ᠌ ᠵᠢᠷᠭᠠᠯ ᠠ᠋

ᠠᠯᠤᠰ ᠬᠣᠯᠠ ᠶ᠋ᠢᠨ ᠵᠡᠷᠭᠡᠯᠭᠡᠨ ᠮᠢᠷᠠᠯᠵᠠᠭᠰᠠᠨ
ᠠᠢᠯ ᠬᠣᠲᠠ ᠨᠢ ᠨᠠᠯᠠᠢᠭᠠᠳ ᠪᠠᠢᠨ᠎ᠠ ᠤᠤ
ᠠᠮᠤᠭᠤᠯᠠᠩ ᠵᠢᠷᠭᠠᠯᠠᠩ ᠬᠣᠣᠰᠯᠠᠨ ᠵᠠᠶᠠᠭᠠᠭᠰᠠᠨ
ᠠᠳᠤᠭᠤᠳ ᠤ᠋ᠨ ᠦᠦᠷᠰᠡᠭᠡ ᠲᠡᠢ ᠮᠢᠨᠦ ᠨᠤᠲᠤᠭ ᠠ᠋
ᠡᠵᠡᠨ ᠲᠡᠢ ᠪᠣᠯᠬᠣᠷ ᠨᠤᠲᠤᠭ ᠮᠢᠨᠢ ᠠᠮᠤᠭᠤᠯᠠᠩ
ᠨᠤᠲᠤᠭ ᠲᠠᠢ ᠪᠣᠯᠬᠣᠷ ᠡᠵᠡᠨ ᠪᠢᠳᠡᠨ ᠦ᠌ ᠵᠢᠷᠭᠠᠯ ᠠ᠋
ᠡᠵᠡᠨ ᠲᠡᠢ ᠪᠣᠯᠬᠣᠷ ᠨᠤᠲᠤᠭ ᠮᠢᠨᠢ ᠠᠮᠤᠭᠤᠯᠠᠩ
ᠨᠤᠲᠤᠭ ᠲᠠᠢ ᠪᠣᠯᠬᠣᠷ ᠡᠵᠡᠨ ᠪᠢᠳᠡᠨ ᠦ᠌ ᠵᠢᠷᠭᠠᠯ ᠠ᠋

     ᠦᠰᠦᠭ ᠬᠠᠲᠠᠭᠰᠠᠨ ᠨᠢ᠄ ᠣᠳᠬᠣᠨᠴᠡᠴᠡᠭ᠃