ᠭᠠᠢᠬᠠᠭᠤᠯᠵᠤ ᠶᠠᠪᠤᠯ᠎ᠠ -ᠽ ∙ ᠡᠷᠳᠡᠨᠢᠸᠴᠢᠷ Erdene-Ochir - Gaihuulj yavlaa З.Эрдэнэ-Очир - Гайхуулж явлаа
ᠭᠠᠢᠬᠠᠭᠤᠯᠵᠤ ᠶᠠᠪᠤᠯ᠎ᠠ
ᠦᠭᠡ᠄ ᠳ · ᠳᠠᠸᠠᠳᠣᠷᠵᠢ
ᠠᠶ᠎ᠠ᠄ ᠨ · ᠴᠢᠯᠠᠭᠤᠨᠬᠦᠦ
ᠳᠠᠭᠤᠴᠢᠨ᠄ ᠵ · ᠡᠷᠳᠡᠨᠢᠸᠴᠢᠷ
ᠳᠥᠷᠥᠭᠡᠨ ᠳᠡᠭᠡᠷ᠎ᠡ ᠪᠡᠨ ᠥᠨᠳᠡᠢᠭᠡᠳ
ᠵᠤᠤᠵᠠᠢ ᠬᠣᠯᠪᠣᠨ ᠶᠥᠷᠭᠡᠭᠦᠯᠦᠭᠡᠳ
ᠳᠡᠩᠳᠡᠭᠦᠦ ᠱᠠᠪᠠᠢ ᠴᠢᠮ᠎ᠠ ᠪᠠᠷ ᠢ᠋ᠶ᠋ᠠᠨ
ᠭᠠᠢᠬᠠᠭᠤᠯᠵᠤ ᠪᠢ ᠶᠠᠪᠤᠯ᠎ᠠ ᠪᠢ ᠴᠢᠨᠢ
ᠴᠡᠭᠡᠵᠢᠨ ᠪᠡᠶ᠎ᠡ ᠶ᠋ᠢᠨ ᠴᠢᠮᠡᠭᠬᠡᠨ
ᠴᠡᠴᠡᠷᠡᠨ ᠬᠥᠳᠡᠯᠬᠦ ᠶ᠋ᠢ ᠨᠢ ᠬᠠᠷᠠᠭᠠᠳ
ᠰᠡᠷᠭᠦᠯᠡᠩ ᠵᠢᠭᠠᠬᠠᠨ ᠴᠢᠮ᠎ᠠ ᠪᠠᠷ ᠢ᠋ᠶ᠋ᠠᠨ
ᠭᠠᠢᠬᠠᠭᠤᠯᠵᠤ ᠪᠢ ᠶᠠᠪᠤᠯ᠎ᠠ ᠪᠢ ᠴᠢᠨᠢ
ᠶᠠᠭᠠᠨ ᠪᠣᠷᠣᠯᠠᠭ ᠮᠣᠷᠢᠳ ᠢ᠋ᠶ᠋ᠠᠷ ᠢ᠋ᠶ᠋ᠠᠨ
ᠳᠥᠷᠥᠭᠡ ᠬᠠᠷᠰᠢᠭᠤᠯᠤᠨ ᠳᠠᠪᠬᠢᠭᠠᠳ
ᠢᠨᠠᠭᠬᠠᠨ ᠴᠢᠨᠦᠬᠢ ᠪᠡᠨ ᠠᠭᠠᠰᠢ ᠪᠠᠷ ᠢ᠋ᠶ᠋ᠠᠨ
ᠭᠠᠢᠬᠠᠭᠤᠯᠵᠤ ᠪᠢ ᠶᠠᠪᠤᠯ᠎ᠠ ᠪᠢ ᠴᠢᠨᠢ
ᠴᠢᠬᠢᠨ ᠦ᠌ ᠰᠤᠪᠤᠳᠤᠨ ᠡᠭᠡᠮᠦᠭ ᠢ᠋ᠶ᠋ᠡᠨ
ᠰᠣᠯᠣᠩᠭᠠᠷᠠᠭᠤᠯᠤᠨ ᠬᠠᠲᠠᠷᠢᠭᠤᠯᠵᠤ ᠶᠠᠪᠤᠭ᠎ᠠ
ᠵᠢᠪᠬᠤᠭ᠎ᠠ ᠲᠠᠢ ᠲᠥᠷᠥᠭᠰᠡᠨ ᠴᠢᠮ᠎ᠠ ᠪᠠᠷ ᠢ᠋ᠶ᠋ᠠᠨ
ᠭᠠᠢᠬᠠᠭᠤᠯᠵᠤ ᠪᠢ ᠶᠠᠪᠤᠯ᠎ᠠ ᠪᠢ ᠴᠢᠨᠢ
ᠬᠥᠲᠥᠯᠦᠭᠡ ᠮᠣᠷᠢ ᠲᠠᠢ ᠬᠣᠣᠰᠯᠠᠩᠬᠠᠨ
ᠬᠣᠶᠠᠭᠤᠯᠠ ᠪᠠᠨ ᠢᠵᠢᠯᠢᠰᠢᠨ ᠳᠡᠷᠭᠡᠭᠦᠯᠦᠭᠡᠳ
ᠬᠥᠭᠡᠷᠦᠬᠦᠨ ᠨᠢᠳᠦ ᠲᠡᠢ ᠴᠢᠮ᠎ᠠ ᠪᠠᠷ ᠢ᠋ᠶ᠋ᠠᠨ
ᠭᠠᠢᠬᠠᠭᠤᠯᠵᠤ ᠪᠢ ᠶᠠᠪᠤᠯ᠎ᠠ ᠪᠢ ᠴᠢᠨᠢ
ᠭᠠᠢᠬᠠᠭᠤᠯᠵᠤ ᠪᠢ ᠶᠠᠪᠤᠯ᠎ᠠ ᠪᠢ ᠴᠢᠨᠢ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
