ᠬᠥᠬᠡ ᠵᠤᠯᠠ – ᠪᠣᠷᠵᠢᠭᠢᠨ ᠸᠠᠩᠵᠠᠯ - < ᠠᠷᠪᠠ ᠂ ᠴᠠᠭᠠᠨ ᠢᠳᠡᠭᠡᠨ ᠦ ᠪᠦᠯᠦᠭ > Хөх зул – Боржигон Ванжал –" Арав ᠂ Цагаан идээний бүлэг "
ᠠᠷᠪᠠ ᠂ ᠴᠠᠭᠠᠨ ᠢᠳᠡᠭᠡᠨ ᠦ ᠪᠦᠯᠦᠭ
ᠦᠨᠢᠶᠡᠨ ᠰᠦ
ᠦᠨᠢᠶᠡᠨ ᠡᠴᠡ ᠭᠠᠷᠬᠤ ᠰᠦ᠃ ᠭᠠᠷᠤᠴᠠ ᠪᠠᠷ ᠡᠯᠪᠡᠭ᠂ ᠰᠢᠮ᠎ᠡ ᠲᠡᠵᠢᠭᠡᠯ ᠢ᠋ᠶ᠋ᠡᠷ ᠲᠡᠭᠦᠰ᠂ ᠴᠠᠭᠠᠨ ᠢᠳᠡᠭᠡᠨ ᠦ᠌ ᠲᠥᠷᠥᠯ ᠵᠦᠢᠯ ᠢ᠋ ᠪᠣᠯᠪᠠᠰᠤᠷᠠᠭᠤᠯᠬᠤ ᠭᠣᠣᠯ ᠲᠦᠭᠦᠬᠡᠢ ᠡᠳ᠋᠃ ᠦᠨᠢᠶᠡᠨ ᠰᠦ ᠪᠡᠷ ᠬᠤᠷᠤᠳ᠂ ᠰᠢᠷ᠎ᠠ ᠲᠣᠰᠣ᠂ ᠴᠠᠭᠠᠨ ᠲᠣᠰᠣ᠂ ᠠᠭᠠᠷᠤᠤᠯ᠂ ᠡᠭᠡᠵᠡᠭᠡᠢ᠂ ᠵᠥᠭᠡᠬᠡᠢ᠂ ᠥᠷᠥᠮ᠎ᠡ᠂ ᠪᠢᠰᠢᠯᠠᠭ᠂ ᠴᠥᠴᠥᠭᠡᠢ᠂ ᠰᠦᠨ ᠲᠠᠯᠬ᠎ᠠ᠂ ᠠᠢᠷᠠᠭ᠂ ᠴᠠᠭ᠎ᠠ᠂ ᠠᠷᠢᠬᠢ ᠲᠡᠷᠢᠭᠦᠲᠡᠨ ᠢ᠋ ᠪᠦᠷ ᠬᠢᠳᠡᠭ᠃ ᠴᠠᠢ ᠰᠦᠯᠡᠬᠦ ᠳ᠋ᠦ᠍ ᠪᠠᠷᠤᠭᠲᠠᠢ᠃ ᠥᠩᠭᠡ ᠨᠢ ᠴᠢᠯᠳᠡᠭᠡᠷ᠂ ᠴᠠᠢ ᠶ᠋ᠢ ᠰᠢᠩᠭᠡᠷᠡᠭᠦᠯᠳᠡᠭ᠃
ᠬᠣᠨᠢᠨ ᠰᠦ
ᠬᠣᠨᠢᠨ ᠠ᠋ᠴᠠ ᠭᠠᠷᠬᠤ ᠰᠦ ᠃ ᠰᠦ ᠨᠢ ᠥᠳᠬᠡᠨ ᠪᠥᠭᠡᠳ ᠲᠣᠰᠣᠯᠢᠭ᠃ ᠭᠣᠣᠯᠳᠠᠭᠤ ᠪᠢᠰᠢᠯᠠᠭ ᠬᠢᠬᠦ ᠂ ᠲᠠᠷᠠᠭ ᠪᠦᠷᠢᠬᠦ ᠂ᠠᠢᠷᠠᠭ ᠲᠡᠵᠢᠭᠡᠬᠦ ᠂ ᠠᠷᠢᠬᠢ ᠨᠡᠷᠡᠬᠦ ᠂ ᠡᠭᠡᠵᠡᠭᠡᠢ ( ᠠᠭᠠᠷᠤᠤᠯ ) ᠬᠢᠬᠦ ᠂ ᠰᠢᠷ᠎ᠠ ᠲᠣᠰᠣ ᠠᠪᠬᠤ᠂ ᠥᠷᠥᠮ᠎ᠡ ᠬᠤᠷᠢᠶᠠᠨ᠎ᠠ᠃ ᠭᠡᠶ᠎ᠡ ᠬᠣᠨᠢᠨ ᠰᠦ ᠪᠡᠷ ᠬᠤᠷᠤᠳ ᠬᠢᠪᠡᠯ ᠭᠠᠰᠢᠯᠠᠩᠬᠠᠢ ᠠᠮᠲᠠᠲᠠᠢ ᠪᠣᠯᠳᠠᠭ ᠪᠥᠭᠡᠳ ᠡᠪᠳᠡᠷᠡᠵᠦ ᠸᠠᠯᠠᠬᠤ ᠨᠢ ᠲᠦᠷᠭᠡᠨ ᠪᠠᠢᠳᠠᠭ᠃ ᠲᠡᠢᠮᠦ ᠡᠴᠡ ᠳᠡᠢᠯᠦᠩᠭᠦᠢ ᠨᠢ ᠠᠭᠠᠷᠤᠤᠯ ( ᠴᠤᠷ᠎ᠠ ) ᠬᠢᠳᠡᠭ ᠃ ᠴᠠᠢ ᠨᠡᠢᠯᠡᠭᠦᠯᠪᠡᠯ ᠥᠩᠭᠡ᠂ ᠦᠨᠦᠷ᠂ ᠠᠮᠲᠠ ᠨᠢ ᠪᠦᠷ ᠰᠠᠢᠬᠠᠨ ᠪᠣᠯᠳᠠᠭ᠃
ᠢᠮᠠᠭᠠᠨ ᠰᠦ
ᠢᠮᠠᠭᠠᠨ ᠠ᠋ᠴᠠ ᠭᠠᠷᠬᠤ ᠰᠦ᠃ ᠰᠦ ᠨᠢ ᠰᠢᠩᠭᠡᠨ ᠴᠡᠩᠬᠡᠷᠯᠢᠭ ᠥᠩᠭᠡᠲᠡᠢ᠂ ᠲᠣᠭᠰᠢᠨ ᠴᠢᠨᠠᠷᠲᠠᠢ ᠂ ᠲᠣᠰᠣᠯᠢᠭ ᠬᠢᠭᠡᠳ ᠤᠭᠤᠷᠠᠭ ᠤ᠋ᠨ ᠬᠡᠮᠵᠢᠶ᠎ᠡ ᠨᠢ ᠦᠨᠢᠶᠡᠨ ᠰᠦ ᠡᠴᠡ ᠪᠠᠭ᠎ᠠ ᠪᠣᠯᠬᠣᠷ ᠭᠣᠣᠯᠳᠠᠭᠤ ᠠᠢᠷᠠᠭ ᠲᠠᠷᠠᠭ ᠢᠰᠬᠡᠬᠦ ᠳ᠋ᠦ᠍ ᠰᠠᠢᠨ ᠡᠬᠡ ᠮᠠᠲᠧᠷᠢᠶᠠᠯ ᠪᠣᠯᠳᠠᠭ᠃ ᠭᠡᠶ᠎ᠡ ᠪᠢᠰᠢᠯᠠᠭ᠂ ᠠᠭᠠᠷᠤᠤᠯ ( ᠴᠤᠷ᠎ᠠ ) ᠂ ᠡᠭᠡᠵᠡᠭᠡᠢ ᠬᠢᠳᠡᠭ ᠬᠥᠮᠦᠰ ᠴᠦ᠍ ᠪᠣᠢ᠃ ᠴᠠᠢ ᠰᠦᠯᠡᠬᠦ ᠳ᠋ᠦ᠍ ᠬᠠᠮᠤᠭ ᠰᠠᠢᠨ᠃
ᠭᠡᠭᠦᠦ ᠶ᠋ᠢᠨ ᠰᠦ
ᠭᠡᠭᠦᠳ ᠡᠴᠡ ᠭᠠᠷᠳᠠᠭ ᠰᠦ᠃ ᠮᠣᠩᠭᠣᠯ ᠤ᠋ᠨ 《ᠨᠠᠢ᠍ᠮᠠᠨ ᠠᠮᠲᠠᠲᠠᠨ 》 ᠤ᠋ ᠨᠢᠭᠡ᠃ ᠰᠦ ᠨᠢ ᠰᠢᠮ᠎ᠡ ᠲᠡᠵᠢᠭᠡᠯ ᠢ᠋ᠶ᠋ᠡᠷ ᠡᠯᠪᠡᠭ ᠂ ᠬᠠᠯᠠᠭᠤᠨ ᠴᠢᠨᠠᠷᠲᠠᠢ ᠪᠥᠭᠡᠳ ᠢᠰᠬᠦᠯᠡᠩ ᠱᠣᠷᠪᠣᠭᠯᠢᠭ ᠠᠮᠲᠠᠲᠠᠢ᠃ ᠭᠣᠣᠯᠳᠠᠭᠤ ᠴᠡᠭᠡ ᠬᠢᠳᠡᠭ᠃
ᠢᠩᠭᠡ ᠶ᠋ᠢᠨ ᠰᠦ
ᠢᠩᠭᠡᠨ ᠡᠴᠡ ᠭᠠᠷᠬᠤ ᠰᠦ᠃ ᠰᠦ ᠨᠢ ᠥᠳᠬᠡᠨ ᠮᠥᠷᠲᠡᠭᠡᠨ ᠰᠢᠮ᠎ᠡ ᠲᠡᠵᠢᠭᠡᠯ ᠰᠠᠢᠲᠠᠢ᠃ ᠴᠠᠭᠠᠨ ᠲᠣᠰᠣ ᠂ ᠰᠢᠷ᠎ᠠ ᠲᠣᠰᠣ ᠂ ᠠᠭᠠᠷᠤᠤᠯ ( ᠴᠤᠷ᠎ᠠ ) ᠂ ᠥᠷᠥᠮ᠎ᠡ ᠠᠢᠷᠠᠭ ᠢᠰᠬᠡᠨ ᠠᠪᠳᠠᠭ ᠃ ᠴᠠᠢ ᠰᠦᠯᠡᠬᠦ ᠳ᠋ᠦ᠍ ᠣᠨᠴᠠ ᠲᠣᠬᠢᠷᠠᠮᠵᠢᠲᠠᠢ᠃
ᠤᠭᠤᠷᠠᠭ ᠰᠦ
ᠰᠠᠢᠬᠠᠨ ᠲᠥᠯᠯᠡᠭᠰᠡᠨ ᠬᠣᠨᠢ ᠂ ᠢᠮᠠᠬᠠ ᠂ ᠦᠨᠢᠶ᠎ᠡ ᠂ ᠭᠡᠭᠦᠦ ᠂ ᠢᠩᠭᠡᠨ ᠡᠴᠡ ᠭᠠᠷᠤᠭᠰᠠᠨ ᠥᠳᠬᠡᠨ ᠪᠥᠭᠡᠳ ᠰᠢᠷ᠎ᠠ ᠥᠩᠭᠡᠲᠡᠢ ᠠᠩᠬᠠᠨ ᠤ᠋ ᠰᠦ ᠶ᠋ᠢ ᠤᠭᠤᠷᠠᠭ ᠰᠦ ᠭᠡᠨ᠎ᠡ ᠃ ᠤᠭᠤᠷᠠᠭ ᠤ᠋ᠨ ᠠᠩᠬᠠᠨ ᠤ᠋ ᠥᠳᠬᠡᠪᠲᠦᠷ ᠢ᠋ ᠨᠢ ᠬᠡᠯᠡᠭᠡᠢ ᠤᠭᠤᠷᠠᠭ ᠭᠡᠨ᠎ᠡ᠃
ᠰᠢᠨ᠎ᠡ ᠰᠦ ① ᠤᠭᠤᠷᠠᠭ ᠤ᠋ᠨ ᠳᠠᠷᠠᠭᠠᠬᠢ ᠰᠦ ᠶ᠋ᠢ ᠰᠢᠨ᠎ᠡ ᠰᠦ ᠭᠡᠨ᠎ᠡ᠃ ② ᠰᠠᠶᠢ ᠰᠠᠭᠠᠭᠰᠠᠨ ᠰᠦ᠃
ᠰᠠᠭᠠᠮᠠᠯ ᠰᠦ ᠰᠠᠢᠬᠠᠨ ᠰᠠᠭᠠᠭᠰᠠᠨ ᠰᠦ ᠶ᠋ᠢ ᠰᠠᠭᠠᠮᠠᠯ ᠰᠦ ᠭᠡᠳᠡᠭ ᠃
ᠲᠦᠭᠦᠬᠡᠢ ᠰᠦ ᠪᠤᠴᠠᠯᠭᠠᠵᠤ ᠬᠥᠭᠡᠷᠦᠭᠦᠯᠦᠭᠰᠡᠨ ᠦᠭᠡᠢ ᠰᠦ ᠶ᠋ᠢ ᠲᠦᠭᠦᠬᠡᠢ ᠰᠦ ᠭᠡᠨ᠎ᠡ᠃ ᠲᠦᠭᠦᠬᠡᠢ ᠰᠦ ᠳ᠋ᠦ᠍ ᠰᠢᠮ᠎ᠡ ᠲᠡᠵᠢᠭᠡᠯ ᠪᠦᠷᠢᠨ᠃
ᠬᠥᠭᠡᠷᠦᠭᠦᠯᠦᠭᠰᠡᠨ ᠰᠦ ᠪᠤᠴᠠᠯᠭᠠᠨ ᠬᠥᠭᠡᠰᠦᠷᠡᠭᠦᠯᠦᠭᠰᠡᠨ ᠰᠦ ᠶ᠋ᠢ ᠬᠥᠭᠡᠷᠦᠭᠦᠯᠦᠭᠰᠡᠨ ᠭᠡᠨ᠎ᠡ᠃
ᠪᠣᠯᠭᠣᠭᠰᠠᠨ ᠰᠦ
ᠪᠤᠴᠠᠯᠭᠠᠵᠤ ᠥᠷᠥᠮ᠎ᠡ ᠶ᠋ᠢ ᠨᠢ ᠠᠪᠤᠭᠠᠳ ᠦᠯᠡᠳᠡᠭᠰᠡᠨ ᠲᠡᠷᠡ ᠬᠦ᠌ ᠰᠦ ᠶ᠋ᠢ ᠪᠣᠯᠭᠣᠭᠰᠠᠨ ( ᠪᠣᠯᠤᠭᠰᠠᠨ ) ᠰᠦ ᠭᠡᠨ᠎ᠡ᠃
ᠡᠭᠡᠳᠡᠭᠰᠡᠨ ᠰᠦ
ᠰᠠᠭᠠᠮᠠᠯ ᠰᠦ ᠪᠡᠨ ᠰᠠᠪᠠ ᠰᠠᠭᠠᠯᠢ ᠳ᠋ᠤ᠌ ᠬᠢᠵᠦ ᠰᠡᠷᠢᠭᠦᠨ ᠭᠠᠵᠠᠷ ( ᠵᠤᠨ ᠴᠠᠭ ) ᠲᠠᠯᠪᠢᠭᠰᠠᠨ ᠤ᠋ ᠳᠠᠷᠠᠭ᠎ᠠ ᠰᠦ ᠨᠢ ᠠᠭᠠᠵᠢᠮ ᠢ᠋ᠶ᠋ᠠᠷ ᠬᠥᠰᠢᠵᠦ ᠡᠯᠢᠭᠡᠰᠢᠨᠡ᠃ ᠡᠭᠦᠨ ᠢ᠋ ᠡᠭᠡᠳᠡᠭᠰᠡᠨ ᠰᠦ ᠭᠡᠨ᠎ᠡ᠃
ᠪᠦᠯᠢᠭᠰᠡᠨ ᠰᠦ
ᠪᠦᠯᠢᠵᠦ ᠲᠣᠰᠣ ᠶ᠋ᠢ ᠨᠢ ᠠᠪᠤᠭᠰᠠᠨ ᠰᠦ ᠶ᠋ᠢ ᠪᠦᠯᠢᠭᠰᠡᠨ ᠰᠦ ᠭᠡᠨ᠎ᠡ᠃ ᠵᠥᠭᠡᠬᠡᠢ ᠬᠣᠨᠢ ᠂ ᠢᠮᠠᠭ᠎ᠠ ᠂ ᠦᠨᠢᠶ᠎ᠡ ᠂ ᠢᠩᠭᠡ ᠶ᠋ᠢᠨ ᠰᠦᠨ ᠡᠴᠡ ᠪᠦᠷ ᠵᠥᠭᠡᠬᠡᠢ ᠠᠪᠳᠠᠭ᠃ ᠰᠠᠭᠠᠮᠠᠯ ᠰᠦ ᠪᠡᠨ ᠴᠢᠯᠠᠭᠤᠨ ᠰᠠᠪᠠ ᠪᠤᠶᠤ ᠸᠠᠭᠠᠷ ᠰᠠᠪᠠ ᠵᠡᠷᠭᠡ ᠳ᠋ᠦ᠍ ᠬᠢᠭᠡᠳ ᠠᠭᠤᠷ ᠠᠮᠢᠰᠬᠤᠯ ᠰᠡᠷᠢᠭᠦᠪᠲᠦᠷ ᠭᠠᠵᠠᠷ ᠂ 7 ᠂ 8 ᠴᠠᠭ ᠲᠠᠯᠪᠢᠪᠠᠯ ᠰᠦ ᠡᠯᠢᠭᠡᠰᠢᠨ ᠡᠭᠡᠳᠡᠭᠡᠳ ᠳᠡᠭᠡᠭᠦᠷ ᠨᠢ ᠰᠢᠷᠭᠠᠯ ᠥᠩᠭᠡᠲᠡᠢ ᠬᠥᠯᠮᠦᠭᠳᠡᠭᠰᠡᠨ ᠬᠥᠷᠥᠰᠥᠯᠢᠭ ᠲᠣᠰᠣᠯᠢᠭ ᠰᠦ ᠰᠠᠭᠤᠨ᠎ᠠ ᠃ ᠡᠭᠦᠨ ᠢ᠋ ᠵᠥᠭᠡᠬᠡᠢ ᠭᠡᠨ᠎ᠡ ᠃ ᠪᠤᠳᠠᠭ᠎ᠠ ᠬᠤᠳᠬᠤᠨ ᠢᠳᠡᠬᠦ ᠳ᠋ᠦ᠍ ᠲᠤᠩ ᠠᠮᠲᠠᠲᠠᠢ᠃
ᠰᠢᠩᠭᠡ
ᠵᠥᠭᠡᠬᠡᠢ ᠪᠡᠨ ᠬᠠᠮᠤᠭᠰᠠᠨ ᠤ᠋ ᠳᠠᠷᠠᠭ᠎ᠠ ᠡᠭᠡᠳᠡᠭᠰᠡᠨ ᠰᠦ ᠶ᠋ᠢᠨ ᠳᠡᠭᠡᠷ᠎ᠡ ᠦᠯᠡᠳᠡᠬᠦ ᠂ ᠵᠥᠭᠡᠬᠡᠢ ᠶ᠋ᠢᠨ ᠦᠯᠡᠳᠡᠭᠡᠯ ᠪᠦᠬᠦᠢ ᠡᠭᠡᠳᠡᠭᠰᠡᠨ ᠰᠦ ᠶ᠋ᠢᠨ ᠬᠣᠯᠢᠮᠠᠭ ᠪᠠᠢᠳᠠᠭ᠃ ᠡᠭᠦᠨ ᠢ᠋ ᠨᠢ ᠰᠢᠩᠭᠡ ᠭᠡᠨ᠎ᠡ᠃ ᠵᠠᠷᠢᠮ ᠨᠢ ᠱᠤᠩᠭᠠ ᠭᠡᠳᠡᠭ᠃
ᠬᠤᠷᠤᠳ
ᠭᠣᠣᠯᠳᠠᠭᠤ ᠦᠨᠢᠶᠡᠨ ᠦ᠌ ᠡᠭᠡᠳᠡᠭᠰᠡᠨ ᠰᠦ ᠪᠡᠷ ᠬᠢᠨ᠎ᠡ᠃ ᠡᠭᠡᠳᠡᠭᠰᠡᠨ ᠰᠦ ᠪᠡᠨ ᠲᠣᠭᠣᠭᠠᠨ ᠳ᠋ᠤ᠌ ᠬᠢᠭᠡᠳ ᠵᠢᠭᠠᠬᠠᠨ ᠬᠠᠯᠠᠭᠠᠪᠠᠯ ᠰᠦ ᠨᠢ ᠵᠠᠩᠭᠢᠷᠠᠵᠤ ᠰᠢᠷᠠᠰᠤ ᠨᠢ ᠢᠯᠭᠠᠷᠠᠨ᠎ᠠ᠃ ᠡᠨᠡ ᠦᠶ᠎ᠡ ᠰᠢᠷᠠᠰᠤ ᠶ᠋ᠢ ᠨᠢ ᠠᠪᠴᠤ ᠵᠠᠩᠭᠢᠷᠠᠭᠰᠠᠨ ᠰᠦ ᠪᠡᠨ ᠰᠢᠨᠠᠭᠠᠨ ᠳᠤᠬᠤ ᠪᠠᠷ ᠰᠠᠢᠲᠤᠷ ᠨᠤᠬᠤᠯᠠᠵᠤ ᠪᠥᠭᠡᠮᠨᠡᠷᠡᠭᠦᠯᠦᠭᠡᠳ ᠲᠣᠭᠣᠭᠠᠨ ᠳ᠋ᠤ᠌ ᠨᠠᠭᠠᠯᠳᠤᠬᠤ ᠥᠬᠡᠢ ᠂ ᠬᠣᠭᠣᠷᠣᠨᠳᠣ ᠪᠠᠨ ᠨᠢᠭᠲᠠ ᠠᠪᠤᠯᠴᠠᠭᠰᠠᠨ ᠦᠶ᠎ᠡ ᠭᠠᠷᠭᠠᠵᠤ ᠪᠡᠯᠡᠳᠬᠡᠭᠰᠡᠨ ᠣᠯᠠᠨ ᠬᠡᠪ ᠲᠡᠭᠡᠨ ᠬᠢᠵᠦ ᠰᠡᠷᠢᠭᠦᠨ ᠭᠠᠵᠠᠷ ᠰᠡᠪᠡᠷᠡᠭᠡᠨᠡ ᠃ ᠡᠭᠦᠨ ᠢ ᠬᠤᠷᠤᠳ ᠭᠡᠨ᠎ᠡ ᠃ ᠪᠠᠰᠠ ᠰᠦᠨ ᠬᠤᠷᠤᠳ ᠭᠡᠳᠡᠭ᠃ ᠰᠢᠯᠢ ᠶ᠋ᠢᠨ ᠭᠣᠣᠯ ᠳ᠋ᠤ᠌ ᠨᠤᠬᠤᠯᠠᠮᠠ ᠭᠡᠨ᠎ᠡ᠃
ᠰᠢᠷᠪᠦᠰᠦᠨ ᠬᠤᠷᠤᠳ
ᠡᠭᠡᠳᠡᠭᠰᠡᠨ ᠪᠤᠶᠤ ᠳᠤᠲᠠᠭᠤ ᠡᠭᠡᠳᠡᠭᠰᠡᠨ ᠰᠦ ᠳᠡᠭᠡᠷ᠎ᠡ ᠪᠡᠨ ᠪᠠᠭ᠎ᠠ ᠲᠦᠭᠦᠬᠡᠢ ᠰᠦ ᠬᠣᠯᠢᠭᠠᠳ ᠡᠭᠡᠳᠡᠭᠦᠯᠵᠦ ᠬᠤᠷᠤᠳ ᠬᠢᠳᠡᠭ᠃ ᠡᠭᠦᠨ ᠢ ᠰᠢᠷᠪᠦᠰᠦᠨ ᠬᠤᠷᠤᠳ ᠭᠡᠳᠡᠭ᠃ ᠡᠭᠦᠨ ᠦ᠌ ᠥᠩᠭᠡ ᠨᠢ ᠰᠢᠷᠠᠪᠲᠤᠷ ᠂ ᠰᠢᠷᠬᠡᠭ ᠨᠢ ᠨᠢᠭᠲᠠ ᠰᠢᠷᠪᠥᠰᠥᠯᠢᠭ᠂ ᠡᠪᠳᠡᠷᠡᠬᠦ ᠨᠢ ᠤᠳᠠᠭᠠᠨ᠂ ᠬᠠᠳᠠᠭᠠᠯᠠᠬᠤ ᠳ᠋ᠤ᠌ ᠰᠠᠢᠨ᠃ ᠵᠢᠩᠨᠡᠭᠦᠷ ᠲᠦ᠍ ᠵᠢᠩᠨᠡᠪᠡᠯ ᠵᠥᠭᠡᠯᠡᠷᠡᠵᠦ ᠰᠢᠨ᠎ᠡ ᠬᠤᠷᠤᠳ ᠰᠢᠭ᠋ ᠪᠣᠯᠵᠤ ᠰᠠᠢᠬᠠᠨ ᠠᠮᠲᠠᠲᠠᠢ ᠪᠠᠢᠳᠠᠭ᠃
ᠴᠠᠭᠠᠨ ᠬᠤᠷᠤᠳ
ᠠᠭᠰᠢᠷᠠᠭᠰᠠᠨ ᠠᠭᠠᠷᠴᠠ ᠶ᠋ᠢ ᠵᠥᠭᠡᠭ ᠭᠠᠯ ᠳᠡᠭᠡᠷ᠎ᠡ ᠨᠡᠢᠴᠡᠲᠡᠯᠡ ᠰᠠᠢᠨ ᠨᠤᠬᠤᠵᠤ᠂ ᠲᠤᠰᠬᠠᠢ ᠬᠡᠪ ᠲᠦ᠍ ᠬᠢᠵᠦ ᠬᠡᠪᠰᠢᠶᠡᠨ ᠡᠭᠰᠢᠭᠡᠭᠰᠡᠨ ᠢ᠋ ᠴᠠᠭᠠᠨ ᠬᠤᠷᠤᠳ ᠭᠡᠨ᠎ᠡ᠃
ᠥᠩᠭᠡᠷᠡᠭᠰᠡᠨ ᠳ᠋ᠦ᠍ ᠠᠮᠲᠠᠲᠠᠢ ᠪᠣᠯᠭᠠᠬᠤ ᠪᠣᠯᠤᠨ ᠬᠤᠷᠤᠬᠠᠢ᠌ᠳᠠᠭᠤᠯᠬᠤ ᠦᠭᠡᠢ ᠶ᠋ᠢ ᠬᠢᠴᠢᠶᠡᠵᠦ᠂ ᠮᠥᠰᠥᠨ ᠰᠢᠬᠢᠷ᠂ ᠴᠠᠭᠠᠨ ᠰᠢᠬᠢᠷ ᠪᠤᠶᠤ ᠪᠠᠯ ᠬᠢᠳᠡᠭ ᠪᠠᠢᠯ᠎ᠠ ᠃ ᠢᠳᠡᠬᠦ ᠳ᠋ᠦ᠍ ᠠᠮᠲᠠᠲᠠᠢ᠂ ᠬᠠᠳᠠᠭᠠᠯᠠᠬᠤ ᠳ᠋ᠤ᠌ ᠡᠪᠳᠡᠷᠡᠬᠦ ᠦᠭᠡᠢ᠃ ᠶᠤᠸᠠᠨ ᠂ ᠴᠢᠩ ᠦ᠋ᠨ ᠦᠶ᠎ᠡ ᠬᠠᠭᠠᠨ ᠤ᠋ ᠣᠷᠳᠣᠨ ᠳ᠋ᠤ᠌ ᠣᠷᠣᠭᠤᠯᠳᠠᠭ ᠪᠠᠢᠵᠠᠢ᠃
ᠴᠠᠭᠠᠨ ᠲᠣᠰᠣ
ᠴᠠᠭᠠᠨ ᠲᠣᠰᠣ ᠶ᠋ᠢ ᠪᠠᠷᠠᠭᠤᠨ ᠵᠡᠭᠦᠨ ᠣᠷᠣᠨ ᠢ᠋ᠶ᠋ᠠᠷ ᠠᠳᠠᠯᠢ ᠦᠭᠡᠢ ᠠᠪᠳᠠᠭ ᠢ᠋ ᠦᠨᠳᠦᠰᠦᠯᠡᠵᠦ ᠶᠡᠬᠡ ᠲᠥᠯᠥᠪ ᠬᠣᠶᠠᠷ ᠬᠤᠪᠢᠶᠠᠵᠠᠢ᠃ ᠨᠢᠭᠡ ᠨᠢ ᠄ ᠵᠥᠭᠡᠬᠡᠢ ᠡᠴᠡ ᠠᠪᠤᠨ᠎ᠠ᠃ ᠴᠤᠭᠯᠠᠭᠤᠯᠤᠭᠰᠠᠨ ᠵᠥᠭᠡᠬᠡᠢ ᠪᠡᠨ ᠱᠦᠭᠦᠮᠡᠯ ᠳ᠋ᠦ᠍ ᠬᠢᠵᠦ ᠡᠯᠭᠦᠨ᠂ ᠰᠢᠷ᠎ᠠ ᠤᠰᠤ ᠶ᠋ᠢ ᠨᠢ ᠱᠦᠭᠦᠷᠡᠭᠦᠯᠦᠭᠡᠳ᠂ ᠳᠠᠷᠠᠭ᠎ᠠ ᠨᠢ ᠰᠠᠪᠠᠨ ᠳ᠋ᠤ᠌ ᠬᠢᠵᠦ ᠬᠤᠳᠬᠤᠵᠤ ᠲᠣᠰᠣᠯᠢᠭ ᠢ᠋ ᠨᠢ ᠰᠢᠷ᠎ᠠ ᠤᠰᠤᠨ ᠠ᠋ᠴᠠ ᠢᠯᠭᠠᠨ᠎ᠠ᠃ ᠡᠭᠦᠨ ᠢ᠋ ᠴᠠᠭᠠᠨ ᠲᠣᠰᠣ ᠭᠡᠨ᠎ᠡ᠃ ᠡᠭᠦᠨ ᠢ᠋ ᠵᠡᠭᠦᠨ ᠣᠷᠣᠨ ᠵᠢᠷᠢᠮ᠂ ᠵᠣᠣ ᠤᠳᠠ ᠪᠠᠷ ᠬᠢᠳᠡᠭ ᠃ ᠨᠥᠭᠦᠭᠡ ᠨᠢ : ᠠᠢᠷᠠᠭ ᠪᠦᠯᠢᠵᠦ ᠴᠠᠭᠠᠨ ᠲᠣᠰᠣ ᠠᠪᠳᠠᠭ᠃ ᠰᠠᠭᠠᠭᠰᠠᠨ ᠰᠦ ᠪᠡᠨ ᠡᠬᠡ ᠬᠥᠷᠥᠩᠭᠡ ᠳ᠋ᠦ᠍ ᠬᠢᠵᠦ᠂ ᠢᠰᠬᠦᠯᠡᠩ ᠮᠥᠷᠲᠡᠭᠡᠨ ᠠᠮᠲᠠᠲᠠᠢ ᠠᠢᠷᠠᠭ ᠬᠥᠭᠡᠰᠦᠷᠡᠬᠦ ᠦᠶ᠎ᠡ 3 - 4000 ᠣᠷᠴᠢᠮ ᠪᠦᠯᠢᠬᠦ ᠳ᠋ᠦ᠍ ᠲᠣᠰᠣ ᠨᠢ ᠢᠯᠭᠠᠷᠠᠨ᠎ᠠ᠃ ᠡᠭᠦᠨ ᠢ ᠴᠠᠭᠠᠨ ᠲᠣᠰᠣ ᠭᠡᠳᠡᠭ ᠃ ᠡᠭᠦᠨ ᠢ᠋ ᠭᠣᠣᠯᠳᠠᠭᠤ ᠪᠠᠷᠠᠭᠤᠨ ᠣᠷᠣᠨ ᠤ᠋ ᠠᠯᠠᠱᠠ ᠂ ᠪᠠᠶᠠᠨᠨᠠᠭᠤᠷ ᠂ ᠤᠯᠠᠭᠠᠨᠴᠠᠪ ᠢ᠋ᠶ᠋ᠠᠷ ᠬᠢᠳᠡᠭ᠃ ᠴᠠᠭᠠᠨ ᠲᠣᠰᠣ ᠪᠣᠯ ᠰᠢᠷ᠎ᠠ ᠲᠣᠰᠣᠨ ᠬᠢᠬᠦ ᠡᠬᠡ ᠮᠠᠲ᠋ᠧᠷᠢᠶᠠᠯ ᠪᠣᠯᠤᠨ᠎ᠠ᠃
ᠰᠢᠷ᠎ᠠ ᠲᠣᠰᠣ
ᠵᠥᠭᠡᠬᠡᠢ ( ᠲᠦᠭᠦᠬᠡᠢ ᠥᠷᠥᠮ᠎ᠡ ) ᠂ ᠴᠠᠭᠠᠨ ᠲᠣᠰᠣ ᠪᠠᠨ ᠲᠣᠭᠣᠭᠠᠨ ᠳ᠋ᠤ᠌ ᠬᠢᠵᠦ ᠬᠠᠢᠯᠤᠭᠤᠯᠤᠭᠠᠳ ᠢᠯᠭᠠᠷᠠᠭᠤᠯᠵᠤ ᠠᠪᠤᠭᠰᠠᠨ ᠴᠡᠪᠡᠷ ᠲᠤᠩᠭᠠᠯᠠᠭ ᠰᠢᠷ᠎ᠠ ᠥᠩᠭᠡᠲᠡᠢ ᠰᠢᠩᠭᠡᠨ ᠪᠣᠳᠠᠰ ᠢ᠋ ᠰᠢᠷ᠎ᠠ ᠲᠣᠰᠣᠨ ᠬᠡᠮᠡᠮᠦᠢ᠃
ᠮᠠᠨ ᠤ᠋ ᠬᠢᠨ ᠰᠢᠷ᠎ᠠ ᠲᠣᠰᠣ ᠶ᠋ᠢ ᠬᠣᠶᠠᠷ ᠵᠦᠢᠯ ᠢ᠋ᠶ᠋ᠡᠷ ᠠᠪᠳᠠᠭ᠃ ᠨᠢᠭᠡ ᠨᠢ ᠬᠣᠨᠢ ᠂ ᠢᠮᠠᠭ᠎ᠠ ᠂ ᠦᠨᠢᠶ᠎ᠡ ᠂ ᠢᠩᠭᠡᠨ ᠦ᠌ ᠰᠦ ᠪᠡᠷ ᠠᠢᠷᠠᠭ ᠪᠦᠯᠢᠵᠦ ᠴᠠᠭᠠᠨ ᠲᠣᠰᠣ ᠠᠪᠤᠭᠠᠳ ᠲᠡᠭᠦᠨ ᠢ᠋ᠶ᠋ᠡᠨ ᠬᠠᠢᠯᠤᠭᠤᠯᠵᠤ ᠰᠢᠷ᠎ᠠ ᠲᠣᠰᠣ ᠠᠪᠳᠠᠭ᠃ ᠨᠥᠭᠦᠭᠡ ᠨᠢ : ᠭᠣᠣᠯᠳᠠᠭᠤ ᠦᠨᠢᠶᠡᠨ ᠰᠦᠨ ᠦ᠌ ᠵᠥᠭᠡᠬᠡᠢ ᠪᠡᠨ ᠡᠷᠴᠢᠭᠡᠨ ᠬᠠᠢᠯᠤᠭᠤᠯᠵᠤ ᠰᠢᠷ᠎ᠠ ᠲᠣᠰᠣ ᠠᠪᠳᠠᠭ᠃ ᠦᠨᠢᠶ᠎ᠡ ᠂ ᠬᠣᠨᠢ ᠂ ᠢᠮᠠᠭᠠᠨ ᠤ᠋ ᠲᠣᠰᠣ ᠨᠢ ᠰᠢᠷ᠎ᠠ ᠥᠩᠭᠡᠲᠡᠢ ᠂ ᠰᠢᠮ᠎ᠡ ᠲᠡᠭᠦᠰ ᠂ ᠰᠠᠢᠬᠠᠨ ᠪᠠᠢᠳᠠᠭ᠃ ᠢᠯᠠᠩᠭᠤᠶ᠎ᠠ ᠦᠨᠢᠶᠡᠨ ᠦ᠌ ᠬᠢᠨᠢ ᠣᠬᠢ ᠮᠠᠩᠯᠠᠢ ᠲᠣᠰᠣ ᠪᠣᠯᠠᠢ᠃ ᠢᠩᠭᠡᠨ ᠦ᠌ ᠰᠢᠷ᠎ᠠ ᠲᠣᠰᠣ ᠨᠢ ᠥᠩᠭᠡ ᠴᠠᠭᠠᠨ ᠴᠢᠨᠠᠷ ᠢ᠋ᠶ᠋ᠠᠷ ᠦᠨᠢᠶᠡᠨ ᠲᠣᠰᠣᠨ ᠳ᠋ᠤ᠌ ᠬᠦᠷᠬᠦ ᠦᠭᠡᠢ ᠪᠠᠢᠳᠠᠭ᠃
ᠴᠥᠴᠥᠭᠡᠢ
ᠰᠢᠷ᠎ᠠ ᠲᠣᠰᠣ ᠶ᠋ᠢ ᠰᠢᠷᠭᠠᠭᠠᠨ ᠠᠪᠤᠭᠰᠠᠨ ᠤ᠋ ᠳᠠᠷᠠᠭ᠎ᠠ᠂ ᠲᠡᠭᠦᠨ ᠦ᠌ ᠳᠣᠣᠷ᠎ᠠ ᠦᠯᠡᠳᠡᠭᠰᠡᠨ ᠰᠢᠷᠠᠩᠭᠤᠢ ᠥᠩᠭᠡᠲᠡᠢ ᠰᠢᠭᠠᠷᠤᠭ ᠢ᠋ ᠴᠥᠴᠥᠭᠡᠢ ᠭᠡᠨ᠎ᠡ ( ᠬᠡᠰᠢᠭᠲᠡᠨ ᠳ᠋ᠦ᠍ ᠴᠠᠭᠠᠨ ᠲᠣᠰᠣ ᠭᠡᠵᠦ ᠂ ᠪᠠᠷᠭᠤ ᠳ᠋ᠤ᠌ ᠰᠦᠰᠦᠭᠡᠢ ᠭᠡᠮᠡᠨ᠂ ᠰᠥᠨᠢᠳ ᠲᠦ᠍ ᠴᠥᠪ ᠭᠡᠳᠡᠭ᠃ ᠵᠠᠷᠢᠮ ᠭᠠᠵᠠᠷ ᠰᠢᠩᠭᠡ ᠶ᠋ᠢ ᠴᠥᠴᠥᠭᠡᠢ ᠭᠡᠳᠡᠭ ) ᠃
ᠥᠷᠥᠮ᠎ᠡ ᠲᠦᠭᠦᠬᠡᠢ ᠪᠠ ᠪᠣᠯᠭᠣᠭᠰᠠᠨ ᠰᠦᠨ ᠦ᠌ ᠳᠡᠭᠡᠭᠦᠷ ᠬᠦᠯᠮᠦᠭᠳᠡᠨ ᠰᠠᠭᠤᠭᠰᠠᠨ ᠰᠦᠨ ᠦ᠌ ᠬᠥᠷᠥᠰᠥ ᠶ᠋ᠢ ᠥᠷᠥᠮ᠎ᠡ ᠭᠡᠨ᠎ᠡ ᠃
ᠡᠷᠴᠢᠭᠡᠭᠰᠡᠨ ᠥᠷᠥᠮ᠎ᠡ
ᠵᠥᠭᠡᠬᠡᠢ ᠪᠡᠨ ᠱᠦᠭᠦᠮᠡᠯ ᠳ᠋ᠦ᠍ ᠬᠢᠵᠦ ᠱᠦᠭᠦᠷᠡᠭᠦᠯᠦᠭᠡᠳ ᠳᠠᠬᠢᠨ ᠰᠠᠪᠠᠨ ᠳ᠋ᠤ᠌ ᠬᠢᠵᠦ᠂ ᠴᠡᠪᠡᠷ ᠮᠣᠳᠣ ᠪᠠᠷ ( ᠭᠤᠯᠢᠷ ᠤ᠋ᠨ ᠮᠣᠳᠣ ) ᠬᠤᠳᠬᠤᠪᠠᠯ ᠪᠠᠷᠤᠭ ᠴᠠᠭ ᠤ᠋ᠨ ᠳᠣᠲᠣᠷ᠎ᠠ ᠵᠥᠭᠡᠬᠡᠢ ᠨᠢ ᠡᠷᠴᠢᠵᠦ ᠴᠠᠭᠠᠨ ᠲᠣᠰᠣ ᠤᠨᠠᠨ ᠪᠥᠭᠡᠮᠨᠡᠷᠡᠨ᠎ᠡ᠃ ᠡᠭᠦᠨ ᠢ᠋ ᠡᠷᠴᠢᠭᠡᠭᠰᠡᠨ ᠥᠷᠥᠮ᠎ᠡ ᠭᠡᠨ᠎ᠡ ( ᠵᠢᠷᠢᠮ᠂ ᠵᠣᠣ ᠤᠳᠠ᠃ )
ᠲᠦᠭᠦᠬᠡᠢ ᠥᠷᠥᠮ᠎ᠡ ᠵᠥᠭᠡᠬᠡᠢ ᠃ ᠲᠦᠭᠦᠬᠡᠢ ᠰᠦ ᠶ᠋ᠢᠨ ᠳᠡᠭᠡᠷ᠎ᠡ ᠲᠣᠭᠲᠠᠭᠰᠠᠨ ᠥᠷᠥᠮ᠎ᠡ᠃
ᠬᠥᠭᠡᠷᠦᠭᠦᠯᠦᠭᠰᠡᠨ ᠥᠷᠥᠮ᠎ᠡ
ᠲᠦᠭᠦᠬᠡᠢ ᠰᠦ ᠪᠡᠨ ᠵᠥᠭᠡᠭ ᠭᠠᠯ ᠲᠠᠢ ᠲᠣᠭᠣᠭᠠᠨ ᠳ᠋ᠤ᠌ ᠬᠢᠭᠡᠳ ᠣᠯᠠᠨᠲᠠ ᠰᠠᠮᠤᠷᠤᠨ ᠬᠥᠭᠡᠰᠦᠷᠡᠭᠦᠯᠦᠨ ᠴᠣᠬᠣᠷᠳᠠᠭᠤᠯᠵᠤ ᠴᠠᠷᠴᠠᠭᠠᠨ ᠠᠪᠤᠭᠰᠠᠨ ᠢ᠋ ᠬᠥᠭᠡᠷᠦᠭᠦᠯᠦᠭᠰᠡᠨ ᠥᠷᠥᠮ᠎ᠡ ᠭᠡᠨ᠎ᠡ᠃
ᠬᠠᠲᠠᠭᠠᠭᠰᠠᠨ ᠥᠷᠥᠮ᠎ᠡ
ᠬᠥᠭᠡᠷᠦᠭᠦᠯᠦᠭᠰᠡᠨ ᠥᠷᠥᠮ᠎ᠡ ᠪᠡᠨ ᠰᠡᠪᠡᠷᠡᠭᠡᠨ ᠬᠠᠲᠠᠭᠠᠵᠤ ᠠᠪᠤᠭᠰᠠᠨ ᠢ ᠨᠢ ᠬᠠᠲᠠᠭᠠᠭᠰᠠᠨ ᠥᠷᠥᠮ᠎ᠡ ᠭᠡᠨ᠎ᠡ᠃
ᠲᠠᠷᠬᠠᠭ᠎ᠠ ᠥᠷᠥᠮ᠎ᠡ ᠬᠥᠭᠡᠷᠦᠭᠦᠯᠦᠭᠰᠡᠨ ᠥᠷᠥᠮ᠎ᠡ᠃
ᠬᠥᠰᠢᠭᠡᠭᠰᠡᠨ ᠥᠷᠥᠮ᠎ᠡ ᠬᠥᠭᠡᠷᠦᠭᠦᠯᠦᠭᠰᠡᠨ ᠥᠷᠥᠮ᠎ᠡ᠃
ᠳᠠᠷᠬᠠᠨ ᠥᠷᠥᠮ᠎ᠡ
ᠬᠠᠲᠠᠭᠠᠭᠰᠠᠨ ᠥᠷᠥᠮ᠎ᠡ ᠃ ᠥᠷᠥᠮ᠎ᠡ ᠪᠣᠯ ᠮᠣᠩᠭᠣᠯᠴᠤᠳ ᠤ᠋ᠨ ᠴᠠᠭᠠᠨ ᠢᠳᠡᠭᠡᠨ ᠦ᠌ ᠳᠣᠲᠣᠷᠠᠬᠢ ᠥᠩᠭᠡᠲᠡᠢ᠂ ᠰᠢᠮᠡᠲᠡᠢ ᠳᠡᠭᠡᠳᠦ ᠵᠡᠷᠭᠡ ᠶ᠋ᠢᠨ ᠴᠠᠭᠠᠨ ᠢᠳᠡᠭᠡᠨ᠃
ᠪᠢᠰᠢᠯᠠᠭ
ᠪᠢᠰᠢᠯᠠᠭ ᠲᠤ᠌ ᠲᠦᠭᠦᠬᠡᠢ ᠰᠦᠨ ᠦ᠌ ᠪᠢᠰᠢᠯᠠᠭ ᠬᠢᠭᠡᠳ ᠪᠣᠯᠭᠣᠭᠰᠠᠨ ᠰᠦᠨ ᠦ᠌ ᠪᠢᠰᠢᠯᠠᠭ ᠭᠡᠵᠦ ᠬᠣᠶᠠᠷ ᠪᠣᠢ᠃ ᠪᠢᠰᠢᠯᠠᠭ ᠢ᠋ ᠭᠣᠣᠯᠳᠠᠭᠤ ᠬᠠᠪᠤᠷ ᠨᠠᠮᠤᠷ ᠤ᠋ᠨ ᠴᠠᠭ ᠲᠤ᠌ ᠬᠣᠨᠢ ᠢᠮᠠᠭᠠᠨ ᠤ᠋ ᠰᠦ ᠪᠡᠷ ᠬᠢᠳᠡᠭ᠃
ᠲᠦᠭᠦᠬᠡᠢ ᠰᠦᠨ ᠪᠢᠰᠢᠯᠠᠭ
ᠵᠥᠭᠡᠭ ᠭᠠᠯ ᠲᠠᠢ ᠲᠣᠭᠣᠭᠠᠨ ᠳᠡᠭᠡᠷ᠎ᠡ ᠲᠦᠭᠦᠬᠡᠢ ᠰᠦ ᠪᠡᠨ ᠬᠢᠵᠦ ᠬᠥᠭᠡᠷᠦᠭᠦᠯᠦᠭᠡᠳ ᠲᠤᠰ ᠰᠦ ᠶ᠋ᠢᠨ ᠢ᠋ᠶ᠋ᠡᠨ ᠠᠷᠪᠠᠨ ᠤ᠋ ᠨᠢᠭᠡᠨ ᠦ᠌ ᠬᠠᠷᠢᠴᠠᠯ ᠢ᠋ᠶ᠋ᠠᠷ ᠠᠢᠷᠠᠭ ᠬᠢᠪᠡᠯ ᠪᠤᠴᠠᠯᠤᠭᠰᠠᠨ ᠰᠦ ᠳᠠᠷᠤᠢ ᠡᠭᠡᠳᠡᠨ᠎ᠡ᠃ ᠡᠨᠡ ᠬᠦ᠌ ᠡᠭᠡᠳᠡᠮᠡᠭ ᠢ᠋ᠶ᠋ᠡᠨ ᠱᠦᠭᠦᠮᠡᠯ ᠳ᠋ᠦ᠍ ᠬᠢᠵᠦ ᠰᠢᠷᠠᠰᠤ ᠶ᠋ᠢ ᠨᠢ ᠠᠪᠤᠭᠰᠠᠨ ᠤ᠋ ᠳᠠᠷᠠᠭ᠎ᠠ ᠴᠡᠪᠡᠷ ᠪᠥᠰ ᠲᠦ᠍ ᠪᠠᠭᠯᠠᠨ ᠬᠦᠨᠳᠦ ᠶᠠᠭᠤᠮ᠎ᠠ ᠪᠠᠷ ᠳᠠᠷᠤᠵᠤ ᠠᠭᠢᠷᠠᠭᠠᠨᠠ ( ᠬᠡᠰᠢᠭᠲᠡᠨ ᠳ᠋ᠦ᠍ ᠡᠭᠡᠳᠡᠮ ᠭᠡᠳᠡᠭ᠃ ᠪᠠᠰᠠ ᠵᠦᠰᠦᠭᠰᠡᠨ ᠢ᠋ ᠨᠢ ᠪᠢᠰᠢᠯᠠᠭ ᠴᠤ᠌ ᠭᠡᠳᠡᠭ ) ᠃
ᠪᠣᠯᠭᠣᠭᠰᠠᠨ ᠰᠦᠨ ᠪᠢᠰᠢᠯᠠᠭ
ᠰᠦ ᠪᠡᠨ ᠬᠥᠭᠡᠷᠦᠭᠦᠯᠵᠦ ᠥᠷᠥᠮ᠎ᠡ ᠪᠡᠨ ᠠᠪᠤᠭᠠᠳ᠂ ᠦᠯᠡᠳᠡᠭᠰᠡᠨ ᠰᠦ ᠪᠡᠨ ᠳᠠᠬᠢᠨ ᠪᠤᠴᠠᠯᠭᠠᠵᠤ ᠳᠡᠭᠡᠷᠡᠬᠢ ᠠᠷᠭ᠎ᠠ ᠪᠠᠷ ᠬᠢᠨ᠎ᠡ᠃ ᠤᠯᠠᠭᠠᠪᠤᠷ ᠰᠢᠷᠠᠪᠲᠤᠷ ᠥᠩᠭᠡᠲᠡᠢ᠃
ᠡᠭᠡᠵᠡᠭᠡᠢ
ᠰᠢᠷᠠᠰᠤ ᠶ᠋ᠢ ᠵᠦᠬᠡᠭ ᠭᠠᠯ ᠳᠡᠭᠡᠷ᠎ᠡ ᠳᠥᠯᠭᠡᠬᠡᠨ ᠪᠤᠴᠠᠯᠭᠠᠵᠤ ᠠᠭᠰᠢᠷᠠᠵᠤ ᠥᠳᠬᠡᠷᠡᠭᠰᠡᠨ ᠵᠦᠢᠯ ᠢ᠋ ᠱᠦᠭᠦᠮᠡᠯ ᠳ᠋ᠦ᠍ ᠬᠢᠵᠦ ᠱᠦᠭᠦᠷᠡᠭᠦᠯᠦᠨ ᠡᠭᠰᠢᠭᠡᠵᠦ ᠠᠪᠤᠭᠠᠳ ᠮᠣᠳᠣᠨ ᠳᠠᠪᠰᠢᠨ ᠳᠡᠭᠡᠷ᠎ᠡ ᠪᠥᠮᠪᠥᠭᠡᠯᠡᠬᠦ ᠪᠤᠶᠤ ᠵᠦᠰᠦᠵᠦ ᠡᠰᠡᠬᠦᠯ᠎ᠡ ᠪᠠᠵᠠᠵᠤ ᠬᠠᠲᠠᠭᠠᠨ ᠠᠪᠬᠤ ᠶ᠋ᠢ ᠡᠭᠡᠵᠡᠭᠡᠢ ᠭᠡᠨ᠎ᠡ᠃
ᠴᠤᠷ᠎ᠠ ᠳᠡᠯᠡᠰ ᠡᠭᠡᠵᠡᠭᠡᠢ ( ᠠᠯᠠᠱᠠ ᠂ ᠬᠥᠬᠡᠨᠠᠭᠤᠷ ᠲᠤ᠌ ) ᠃
ᠠᠭᠠᠷᠤᠤᠯ ᠪᠠᠵᠠᠭᠰᠠᠨ ᠡᠭᠡᠵᠡᠭᠡᠢ ( ᠪᠠᠶᠠᠨᠨᠠᠭᠤᠷ ᠲᠤ᠌ ) ᠃
ᠱᠦᠭᠦᠮᠡᠭ ᠡᠭᠡᠵᠡᠭᠡᠢ ( ᠬᠡᠰᠢᠭᠲᠡᠨ ᠳ᠋ᠦ᠍ ) ᠬᠣᠨᠢ ᠢᠮᠠᠭᠠᠨ ᠰᠦ ᠨᠢ ᠬᠤᠷᠤᠳ ᠬᠢᠬᠦ ᠳ᠋ᠦ᠍ ᠨᠡᠢᠴᠡᠪᠦᠷᠢ ᠮᠠᠭᠤᠲᠠᠢ ᠠ᠋ᠴᠠ ᠭᠣᠣᠯᠳᠠᠭᠤ ᠠᠭᠠᠷᠤᠤᠯ ᠡᠭᠡᠵᠡᠭᠡᠢ ᠬᠢᠳᠡᠭ᠃
ᠠᠢᠷᠠᠭ
ᠢᠰᠬᠡᠭᠰᠡᠨ ᠬᠥᠷᠥᠩᠭᠡ ᠳᠡᠭᠡᠷ᠎ᠡ ᠪᠡᠨ ᠥᠷᠯᠥᠭᠡ ᠦᠳᠡᠰᠢ ᠶ᠋ᠢᠨ ᠰᠦ ᠪᠡᠨ ᠬᠢᠪᠡᠯ ᠳᠠᠷᠤᠢ ᠠᠢᠷᠠᠭ ᠪᠣᠯᠤᠨ᠎ᠠ᠃
ᠬᠤᠷᠢᠶᠠᠭᠰᠠᠨ ᠲᠦᠭᠦᠬᠡᠢ ᠠᠢᠷᠠᠭ ᠠᠢᠷᠠᠭ ( ᠣᠷᠳᠣᠰ ᠲᠤ᠌ )
ᠠᠢᠷᠠᠭ ᠰᠠᠭᠭᠠᠬᠤ ᠲᠠᠯᠪᠢᠭᠰᠠᠨ ᠠᠢᠷᠠᠭ ᠪᠦᠯᠢᠭᠰᠡᠨ ᠦᠭᠡᠢ ᠦᠶ᠎ᠡ ᠳᠡᠭᠡᠭᠦᠷ ᠢ᠋ᠶ᠋ᠡᠨ ᠠᠭᠰᠢᠵᠤ ᠥᠳᠬᠡᠷᠡᠬᠦ᠃
ᠴᠡᠭᠡ
ᠭᠡᠭᠦᠨ ᠰᠦ ᠶ᠋ᠢ ᠢᠰᠬᠡᠭᠰᠡᠨ ᠬᠥᠷᠥᠩᠭᠡ ᠳᠡᠭᠡᠷ᠎ᠡ ᠪᠡᠨ ᠬᠢᠵᠦ ᠪᠦᠯᠢᠵᠦ ᠪᠣᠯᠪᠠᠰᠤᠷᠠᠭᠤᠯᠤᠨ᠎ᠠ᠃ ᠴᠡᠩᠬᠡᠷ ᠴᠠᠭᠠᠨ ᠥᠩᠭᠡᠲᠡᠢ᠃ ᠬᠥᠭᠡᠰᠦᠷᠡᠵᠦ ᠱᠤᠤᠭᠢᠭᠠᠳ ᠬᠠᠩᠬᠤᠯᠤᠭᠰᠠᠨ ᠦᠨᠦᠷ ᠭᠠᠷᠤᠨ᠎ᠠ᠃ ᠬᠥᠷᠥᠩᠭᠡ ᠶ᠋ᠢ ᠨᠢᠭᠡ ᠳ᠋ᠦ᠍ ᠄ ᠦᠨᠢᠶᠡᠨ ᠰᠦ ᠪᠡᠷ ᠬᠢᠭᠰᠡᠨ ᠠᠢᠷᠠᠭ ᠤ᠋ᠨ ᠬᠥᠷᠥᠩᠭᠡ ᠳᠡᠭᠡᠷ᠎ᠡ ᠭᠡᠭᠦᠨ ᠰᠦ ᠶ᠋ᠢ ᠭᠦᠢᠴᠡᠳ ᠬᠥᠷᠥᠭᠡᠵᠦ ᠬᠢᠭᠡᠳ ᠲᠤᠰᠬᠠᠢ ᠭᠠᠩ ᠳ᠋ᠤ᠌ ᠢᠰᠬᠡᠨ᠎ᠡ᠃ ᠬᠣᠶᠠᠷ ᠲᠤ᠌ : ᠪᠤᠰᠤᠳ ᠤ᠋ᠨ ᠪᠣᠯᠪᠠᠰᠤᠷᠠᠭᠤᠯᠤᠭᠰᠠᠨ ᠴᠡᠬᠡ ᠶ᠋ᠢᠨ ᠬᠥᠷᠥᠩᠭᠡ ᠡᠴᠡ ᠵᠠᠯᠠᠬᠤ᠃ ᠭᠤᠷᠪᠠ ᠳ᠋ᠤ᠌ ᠂ ᠡᠯ᠎ᠡ ᠵᠦᠢᠯ ᠦ᠋ᠨ ᠤᠭᠤᠷᠠᠭ ᠳᠡᠭᠡᠷ᠎ᠡ ᠠᠢᠷᠠᠭ ᠤ᠋ᠨ ᠬᠥᠷᠥᠩᠭᠡ ᠬᠢᠵᠦ ᠢᠰᠬᠡᠨ᠎ᠡ᠃ ᠳᠥᠷᠪᠡ ᠳ᠋ᠦ᠍ ᠂ 1-2 ᠯᠠᠩ ᠬᠢᠷᠢ ᠱᠦᠷᠬᠡᠢ ᠪᠣᠯᠭᠣᠭᠰᠠᠨ ᠮᠣᠩᠭᠣᠯ ᠠᠮᠤ ᠳᠡᠭᠡᠷ᠎ᠡ ᠬᠠᠷ᠎ᠠ ᠠᠷᠢᠬᠢ ᠪᠠᠨ ᠬᠢᠵᠦ ᠬᠤᠳᠬᠤᠭᠠᠳ ᠰᠠᠪᠠ ᠶ᠋ᠢᠨ ᠢ᠋ᠶ᠋ᠡᠨ ᠠᠮᠠᠰᠠᠷ ᠢ᠋ ᠰᠠᠢᠲᠤᠷ ᠴᠢᠩᠳᠠᠯᠠᠨ ᠪᠣᠭᠣᠵᠤ ᠲᠠᠯᠪᠢᠨ᠎ᠠ᠃ ᠲᠠᠪᠤ ᠳ᠋ᠤ᠌ : ᠲᠠᠪᠤᠨ ᠵᠢᠩ ᠬᠡᠭᠦᠨ ᠰᠦᠨ ᠳᠡᠭᠡᠷ᠎ᠡ 4-5 ᠯᠠᠩ ᠬᠠᠷ᠎ᠠ ᠠᠷᠢᠬᠢ ᠬᠢᠵᠦ ᠪᠠᠢᠨ ᠪᠠᠢᠨ ᠪᠦᠯᠢᠵᠦ ᠢᠰᠬᠡᠨ ᠠᠪᠤᠨ᠎ᠠ᠃
ᠲᠠᠷᠠᠭ ᠲᠦᠭᠦᠬᠡᠢ ᠂ ᠪᠣᠯᠭᠣᠭᠰᠠᠨ ᠰᠦ ᠪᠡᠷ ᠬᠢᠳᠡᠭ ᠃
ᠳᠥᠴᠢᠨ ᠬᠡᠳᠦᠨ ᠭᠷᠠᠳᠦ᠋ᠰ ᠬᠠᠯᠠᠭᠠᠭᠰᠠᠨ ᠰᠦᠨ ᠳᠡᠭᠡᠷ᠎ᠡ ᠪᠡᠨ ᠵᠠᠭᠤᠨ ᠤ᠋ ᠬᠣᠶᠠᠷ᠂ ᠭᠤᠷᠪᠠ ᠶ᠋ᠢᠨ ᠬᠠᠷᠢᠴᠠᠯ ᠢ᠋ᠶ᠋ᠠᠷ ᠬᠥᠷᠥᠩᠭᠡ ᠬᠢᠵᠦ ᠰᠠᠢᠲᠤᠷ ᠬᠤᠳᠬᠤᠵᠤ ᠨᠡᠢᠴᠡᠭᠦᠯᠦᠭᠡᠳ ᠂ ᠰᠠᠪᠠᠨ ᠳ᠋ᠤ᠌ ᠬᠢᠵᠦ ᠪᠦᠷᠢᠵᠦ ᠲᠠᠯᠪᠢᠨ᠎ᠠ᠃ ᠳᠤᠯᠠᠭᠠᠨ ᠢ ᠥᠭᠬᠦ ᠶ᠋ᠢᠨ ᠲᠥᠯᠥᠭᠡ ᠳᠡᠪᠡᠯ ᠪᠤᠶᠤ ᠬᠥᠪᠥᠩᠲᠡᠢ ᠬᠤᠴᠢᠯᠭ᠎ᠠ ᠪᠠᠷ ᠬᠤᠴᠢᠵᠤ ᠲᠠᠯᠪᠢᠨ᠎ᠠ᠃ ᠬᠠᠷᠢᠨ ᠠᠢᠷᠠᠭ ᠰᠢᠭ᠋ ᠪᠦᠯᠢᠵᠦ ᠪᠣᠯᠬᠤ ᠦᠭᠡᠢ᠃
ᠲᠡᠷᠡ ᠪᠣᠯ ᠢᠰᠬᠦᠯᠡᠩ ᠪᠥᠭᠡᠳ ᠰᠦᠨ ᠠᠮᠲᠠᠲᠠᠢ᠃ ᠢᠳᠡᠬᠦ ᠳ᠋ᠦ᠍ ᠰᠣᠨᠢᠨ ᠲᠠᠭᠠᠲᠠᠢ ᠰᠠᠨᠠᠭᠳᠠᠳᠠᠭ᠃ ᠭᠣᠣᠯᠳᠠᠭᠤ ᠡᠪᠦᠯ ᠦ᠋ᠨ ᠤᠯᠠᠷᠢᠯ ᠳ᠋ᠤ᠌ ᠬᠢᠳᠡᠭ ᠃
ᠰᠠᠭᠠᠯᠢ ᠶ᠋ᠢᠨ ᠠᠷᠢᠬᠢ
ᠡᠯ᠎ᠡ ᠮᠠᠯ ᠤ᠋ᠨ ᠰᠦ ᠪᠡᠷ ᠪᠣᠯᠪᠠᠰᠤᠷᠠᠭᠤᠯᠤᠭᠰᠠᠨ ᠠᠢᠷᠠᠭ ᠢ᠋ᠶ᠋ᠠᠷ ᠨᠡᠷᠡᠵᠦ ᠭᠠᠷᠭᠠᠭᠰᠠᠨ ᠠᠷᠢᠬᠢ ᠶ᠋ᠢ ᠰᠠᠭᠠᠯᠢ ᠶ᠋ᠢᠨ ᠠᠷᠢᠬᠢ ᠭᠡᠳᠡᠭ᠃
ᠮᠠᠯ ᠤ᠋ᠨ ᠠᠷᠢᠬᠢ ᠰᠠᠭᠠᠯᠢ ᠶ᠋ᠢᠨ ᠠᠷᠢᠬᠢ᠃
ᠨᠡᠷᠡᠮᠡᠯ ᠠᠷᠢᠬᠢ ᠰᠠᠭᠠᠯᠢ ᠶ᠋ᠢᠨ ᠠᠷᠢᠬᠢ᠃
ᠠᠢᠷᠠᠭ ᠤ᠋ᠨ ᠠᠷᠢᠬᠢ ᠰᠠᠭᠠᠯᠢ ᠶ᠋ᠢᠨ ᠠᠷᠢᠬᠢ᠃
ᠮᠣᠩᠭᠣᠯ ᠠᠷᠢᠬᠢ ᠰᠠᠭᠠᠯᠢ ᠶ᠋ᠢᠨ ᠠᠷᠢᠬᠢ᠃
ᠲᠣᠭᠣᠭ᠎ᠠ ᠨᠡᠷᠡᠬᠦ
ᠠᠢᠷᠠᠭ ᠢ᠋ᠶ᠋ᠠᠷ ᠠᠷᠢᠬᠢ ᠨᠡᠷᠡᠬᠦ ᠶᠠᠪᠤᠴᠠ ᠶ᠋ᠢ ᠲᠣᠭᠣᠭ᠎ᠠ ᠨᠡᠷᠡᠬᠦ ᠭᠡᠨ᠎ᠡ᠃ ᠣᠳᠣᠬᠠᠨ ᠳ᠋ᠤ᠌ ᠬᠣᠶᠠᠷ ᠵᠦᠢᠯ ᠦ᠋ᠨ ᠠᠷᠭ᠎ᠠ ᠪᠠᠷ ᠨᠡᠷᠡᠳᠡᠭ ᠃
ᠪᠦᠷᠬᠦᠬᠡᠷ ᠢ᠋ᠶ᠋ᠡᠷ ᠨᠡᠷᠡᠬᠦ
ᠪᠦᠯᠢᠭᠰᠡᠨ ᠠᠢᠷᠠᠭ ᠢ᠋ᠶ᠋ᠠᠨ ᠲᠣᠭᠣᠭᠠᠨ ᠳ᠋ᠠᠭᠠᠨ ᠳᠡᠭᠡᠷ᠎ᠡ ᠳᠤᠮᠳᠠᠭᠤᠷ ᠪᠤᠶᠤ ᠪᠢᠯᠬᠠᠲᠠᠯ᠎ᠠ ᠬᠢᠵᠦ ᠳᠡᠭᠡᠷ᠎ᠡ ᠨᠢ ᠳᠡᠭᠡᠭᠰᠢ ᠪᠡᠨ ᠱᠤᠪᠲᠤᠩ᠂ ᠳᠣᠣᠷ᠎ᠠ ᠪᠠᠨ ᠰᠠᠷᠪᠠᠭᠠᠷ ᠰᠠᠭᠤᠯᠠᠭᠠᠨ ᠬᠡᠯᠪᠡᠷᠢᠲᠦ ᠬᠣᠶᠠᠷ ᠲᠣᠬᠣᠢ ᠬᠢᠷᠢ ᠥᠨᠳᠥᠷ ᠪᠦᠷᠬᠦᠬᠡᠷ ᠢ᠋ᠶ᠋ᠡᠨ ᠶᠠᠪ ᠴᠠᠪ ᠲᠠᠭᠠᠷᠠᠭᠤᠯᠵᠤ᠂ ᠬᠤᠪᠢᠩ ᠢ᠋ᠶ᠋ᠠᠨ ᠳᠡᠭᠦᠵᠢᠯᠡᠵᠦ ᠪᠦᠷᠬᠦᠭᠡᠷ ᠦ᠋ᠨ ᠳᠡᠭᠡᠳᠦ ᠠᠮᠠᠰᠠᠷ ᠳᠡᠭᠡᠷ᠎ᠡ ᠵᠢᠯᠠᠪᠴᠢ ᠪᠠᠨ ᠲᠠᠯᠪᠢᠭᠠᠳ ᠵᠢᠯᠠᠪᠴᠢ᠂ ᠲᠣᠭᠣᠭ᠎ᠠ᠂ ᠪᠦᠷᠬᠦᠭᠡᠷ ᠦ᠋ᠨ ᠠᠭᠤᠯᠵᠠᠷ ᠢ ᠪᠥᠰ ᠪᠤᠶᠤ ᠢᠰᠡᠭᠡᠢ ᠪᠡᠷ ᠣᠷᠢᠶᠠᠵᠤ ᠪᠡᠬᠢᠯᠡᠭᠡᠳ᠂ ᠭᠠᠯ ᠢ᠋ᠶ᠋ᠠᠨ ᠲᠦᠯᠡᠪᠡᠯ ᠠᠢᠷᠠᠭ ᠨᠢ ᠪᠤᠴᠠᠯᠵᠤ ᠠᠷᠢᠬᠢᠯᠢᠭ᠋ ᠪᠦᠷᠢᠯᠳᠦᠬᠦᠨ ᠨᠢ ᠠᠭᠤᠷᠰᠢᠨ ᠳᠡᠭᠳᠡᠵᠦ ᠬᠦᠢᠲᠡᠨ ᠤᠰᠤ ᠪᠦᠬᠦᠢ ᠵᠢᠯᠠᠪᠴᠢᠨ ᠤ᠋ ᠢᠷᠣᠭᠠᠷ ᠲᠤ᠌ ᠬᠦᠷᠦᠭᠡᠳ ᠳᠤᠰᠤᠯ ᠪᠣᠯᠤᠭᠠᠳ ᠬᠤᠪᠢᠩ ᠳ᠋ᠤ᠌ ᠣᠷᠣᠵᠤ ᠠᠷᠢᠬᠢ ᠪᠣᠯᠤᠨ᠎ᠠ᠃
ᠶᠠᠷᠬᠠ ᠪᠠᠷ ᠨᠡᠷᠡᠬᠦ
ᠶᠠᠷᠬᠠ ( ᠠᠭᠤᠷᠰᠢᠬᠤ ᠠᠷᠢᠬᠢ ᠶ᠋ᠢ ᠲᠣᠰᠴᠤ ᠠᠪᠬᠤ ᠰᠠᠪᠠ ) ᠂ ᠴᠣᠷᠭᠣ ᠂ ᠬᠠᠢᠰᠤ ( ᠲᠣᠭᠣᠭ᠎ᠠ ) ᠪᠣᠯᠤᠨ ᠬᠥᠯᠴᠥᠦ ᠶ᠋ᠢᠨ ᠬᠠᠢᠰᠤ ( ᠳᠣᠲᠣᠷ᠎ᠠ ᠨᠢ ᠬᠦᠢᠲᠡᠨ ᠤᠰᠤ ᠬᠢᠳᠡᠭ ᠵᠢᠯᠠᠪᠴᠢ ᠶ᠋ᠢᠨ ᠦᠢᠯᠡᠳᠦᠯ ᠪᠦᠬᠦᠢ ᠲᠣᠭᠣᠭ᠎ᠠ ) ᠵᠡᠷᠭᠡ ᠪᠡᠷ ᠬᠢᠨ᠎ᠡ᠃
ᠰᠤᠪᠰᠤ ᠠᠩᠬ᠎ᠠ ᠭᠣᠭᠣᠵᠢᠭᠰᠠᠨ ᠠᠷᠢᠬᠢ᠃ ᠰᠤᠪᠰᠤ ᠪᠠᠨ ᠳᠠᠬᠢᠨ ᠨᠡᠷᠡᠪᠡᠯ ᠠᠷᠢᠬᠢ ᠪᠣᠯᠤᠨ᠎ᠠ᠃
ᠬᠠᠷᠢᠭᠤᠯᠤᠭᠰᠠᠨ ᠠᠷᠢᠬᠢ ᠰᠤᠪᠰᠤ ᠪᠠᠨ ᠳᠠᠬᠢᠨ ᠲᠣᠭᠣᠭᠠᠨ ᠳ᠋ᠤ᠌ ᠬᠢᠵᠦ ᠨᠡᠷᠡᠭᠡᠳ ᠭᠠᠷᠭᠠᠭᠰᠠᠨ ᠢ᠋ ᠬᠠᠷᠢᠭᠤᠯᠤᠭᠰᠠᠨ ᠠᠷᠢᠬᠢ ᠭᠡᠨ᠎ᠡ᠃ ᠬᠡᠳᠦᠢ ᠢᠯᠡᠭᠦᠦ ᠬᠠᠷᠢᠭᠤᠯᠪᠠᠯ ᠠᠷᠢᠬᠢ ᠨᠢ ᠲᠡᠳᠦᠢ ᠬᠦᠴᠦᠲᠡᠢ ᠪᠣᠯᠳᠠᠭ᠃
ᠠᠷᠠᠵᠠ ᠬᠠᠷᠢᠭᠤᠯᠤᠭᠰᠠᠨ ᠠᠷᠢᠬᠢ᠃
ᠬᠣᠣᠷᠠᠵᠠ ᠠᠷᠠᠵᠠ ᠪᠠᠨ ᠳᠠᠬᠢᠨ ᠬᠠᠷᠢᠭᠤᠯᠵᠤ ᠨᠡᠷᠡᠭᠰᠡᠨ ᠢ᠋ ᠬᠡᠯᠡᠨ᠎ᠡ᠃
ᠰᠢᠷᠠᠵᠠ ᠬᠣᠣᠷᠠᠵᠠ ᠪᠠᠨ ᠳᠠᠬᠢᠨ ᠬᠠᠷᠢᠭᠤᠯᠵᠤ ᠨᠡᠷᠡᠭᠰᠡᠨ ᠢ᠋ ᠬᠡᠯᠡᠨ᠎ᠡ᠃
ᠪᠣᠷᠣᠵᠠ ᠰᠢᠷᠠᠵᠠ ᠪᠠᠨ ᠳᠠᠬᠢᠨ ᠨᠡᠷᠡᠵᠦ ᠭᠠᠷᠭᠠᠭᠰᠠᠨ᠃ ᠡᠳᠡᠭᠡᠷ ᠢ᠋ ᠬᠢᠬᠦ ᠳ᠋ᠦ᠍ ᠳᠥᠷᠪᠡᠨ ᠵᠦᠢᠯ ᠦ᠋ᠨ ᠲᠥᠬᠥᠭᠡᠷᠦᠮᠵᠢ ᠶ᠋ᠢ ᠬᠡᠷᠡᠭᠰᠡᠨ᠎ᠡ᠃ ᠨᠡᠷᠡᠬᠦ ᠶᠠᠪᠤᠴᠠ ᠨᠢ ᠪᠦᠷᠬᠦᠭᠡᠷ ᠲᠡᠢ ᠠᠳᠠᠯᠢ ᠃
ᠬᠣᠷᠰᠢᠭᠠᠮᠠᠯ ᠠᠷᠢᠬᠢ ᠰᠠᠭᠠᠯᠢ ᠶ᠋ᠢᠨ ᠠᠷᠢᠬᠢ ᠪᠠᠨ ᠪᠣᠳᠣᠩ ᠳ᠋ᠤ᠌ ᠬᠢᠵᠦ ᠠᠮᠠ ᠶ᠋ᠢ ᠨᠢ ᠪᠡᠬᠢᠯᠡᠭᠡᠳ ᠮᠠᠯ ᠤ᠋ᠨ ᠬᠡᠪᠲᠡᠷᠢ ᠳ᠋ᠦ᠍ ᠮᠧᠲ᠋ᠷ ᠬᠢᠷᠢ ᠨᠦᠬᠡ ᠮᠠᠯᠲᠠᠨ ᠪᠤᠯᠠᠵᠤ ᠵᠢᠯ ᠥᠨᠵᠢᠭᠡᠳ ᠭᠠᠷᠭᠠᠭᠰᠠᠨ ᠠᠷᠢᠬᠢ ᠃
ᠴᠠᠭ᠎ᠠ
ᠴᠠᠭ᠎ᠠ ᠶ᠋ᠢ ᠬᠡᠳᠦᠨ ᠶᠠᠩᠵᠤ ᠪᠠᠷ ᠪᠣᠯᠪᠠᠰᠤᠷᠠᠭᠤᠯᠳᠠᠭ᠃ ① ᠰᠠᠭᠠᠯᠢ ᠶ᠋ᠢᠨ ᠠᠷᠢᠬᠢ ᠨᠡᠷᠡᠵᠦ ᠠᠪᠤᠭᠠᠳ ᠂ ᠦᠯᠡᠳᠡᠭᠰᠡᠨ ᠰᠢᠩᠭᠡᠨ ᠢ᠋ ᠨᠢ ᠴᠠᠭ᠎ᠠ ᠭᠡᠳᠡᠭ ᠪᠣᠢ᠃ ᠡᠭᠦᠨ ᠢ᠋ ᠠᠯᠠᠱᠠ ᠳ᠋ᠤ᠌ ᠪᠤᠴᠠᠮᠠᠭ ᠭᠡᠨ᠎ᠡ᠃ ② ᠠᠢᠷᠠᠭ ᠢ᠋ᠶ᠋ᠠᠨ ᠪᠦᠯᠢᠵᠦ ᠲᠣᠰᠣ ᠶ᠋ᠢ ᠨᠢ ᠬᠠᠮᠤᠭᠰᠠᠨ ᠤ᠋ ᠳᠠᠷᠠᠭ᠎ᠠ ᠲᠡᠷᠡ ᠬᠦ᠌ ᠠᠢᠷᠠᠭ ᠢ᠋ᠶ᠋ᠠᠨ ᠪᠤᠴᠠᠯᠭᠠᠨ ᠠᠭᠤᠷ ᠢ ᠨᠢ ᠠᠭᠤᠷᠰᠢᠭᠤᠯᠤᠭᠰᠠᠨ ᠢ ᠪᠠᠰᠠ ᠴᠠᠭ᠎ᠠ ᠭᠡᠳᠡᠭ ᠪᠣᠢ᠃ ③ ᠰᠦ ᠬᠤᠷᠤᠳ ᠬᠢᠭᠡᠳ ᠢᠯᠭᠠᠷᠠᠭᠰᠠᠨ ᠰᠢᠷᠠᠰᠤ ᠶ᠋ᠢ ᠳᠠᠬᠢᠨ ᠪᠤᠴᠠᠯᠭᠠᠵᠤ ᠥᠳᠬᠡᠷᠡᠭᠦᠯᠦᠭᠡᠳ ᠬᠥᠷᠥᠩᠭᠡ ᠬᠤᠷᠰᠢᠭᠠᠵᠤ ᠢᠰᠬᠡᠭᠰᠡᠨ ᠢ᠋ ᠮᠥᠨ ᠴᠠᠭ᠎ᠠ ᠭᠡᠳᠡᠭ᠃
ᠪᠣᠵᠠ
ᠪᠤᠴᠠᠯᠭᠠᠭᠰᠠᠨ ᠴᠠᠭ᠎ᠠ ᠳ᠋ᠤ᠌ ᠠᠢᠷᠠᠭ ᠤ᠋ᠨ ᠲᠣᠰᠣ ᠪᠤᠶᠤ ᠰᠢᠷ᠎ᠠ ᠲᠣᠰᠣ ᠬᠣᠯᠢᠵᠤ ᠪᠤᠴᠠᠯᠭᠠᠨ ᠤᠤᠭᠤᠬᠤ ᠶ᠋ᠢ ᠪᠣᠵᠠ ᠭᠡᠨ᠎ᠡ ᠃
ᠬᠣᠭᠣᠷᠮᠠᠭ
ᠴᠠᠭ᠎ᠠ ᠪᠤᠶᠤ ᠠᠢᠷᠠᠭ ᠲᠤ᠌ ᠲᠦᠭᠦᠬᠡᠢ ᠰᠦ ᠶᠦ᠍ᠮ ᠤᠤ᠂ ᠪᠣᠯᠭᠣᠭᠰᠠᠨ ᠰᠦ ᠳᠡᠢᠯᠦᠩᠭᠦᠢ ᠬᠣᠯᠢᠵᠤ ᠲᠡᠵᠢᠭᠡᠭᠰᠡᠨ ᠢ᠋ ᠬᠣᠭᠣᠷᠮᠠᠭ ᠭᠡᠨ᠎ᠡ ᠃ ᠠᠯᠠᠱᠠ ᠳ᠋ᠤ᠌ ᠬᠣᠯᠢᠮᠠᠭ ᠭᠡᠵᠦ ᠰᠥᠨᠢᠳ ᠲᠦ᠍ ᠱᠠᠯᠠᠭᠮᠠᠭ ᠭᠡᠳᠡᠭ᠃ ᠬᠣᠭᠣᠷᠮᠠᠭ ᠢ ᠡᠳᠦᠷ ᠪᠦᠷᠢ ᠨᠢᠭᠡ ᠠᠶᠠᠭ᠎ᠠ ᠤᠤᠭᠤᠪᠠᠯ ᠲᠠᠮᠢᠷᠳᠠᠭᠰᠠᠨ ᠬᠥᠮᠦᠨ ᠦ᠌ ᠲᠠᠮᠢᠷ ᠢ᠋ ᠨᠥᠬᠥᠵᠦ ᠴᠢᠳᠠᠬᠤ ᠴᠢᠳᠠᠯ ᠪᠣᠢ᠃
ᠠᠭᠠᠷᠴᠠ
ᠴᠠᠭ᠎ᠠ ᠪᠠᠨ ᠴᠡᠪᠡᠷᠬᠡᠨ ᠪᠥᠰ ᠤᠭᠤᠲᠠᠨ ᠳ᠋ᠤ᠌ ᠬᠢᠭᠡᠳ ᠮᠣᠳᠣᠨ ᠬᠠᠪᠲᠠᠰᠤᠨ ᠳᠡᠭᠡᠷ᠎ᠡ ᠲᠠᠯᠪᠢᠵᠤ᠂ ᠳᠡᠭᠡᠷ᠎ᠡ ᠡᠴᠡ ᠨᠢ ᠬᠦᠨᠳᠦ ᠶᠠᠭᠤᠮ᠎ᠠ ᠪᠠᠷ ᠳᠠᠷᠤᠪᠠᠯ᠂ ᠰᠢᠷ᠎ᠠ ᠤᠰᠤ ᠨᠢ ᠱᠦᠭᠦᠷᠡᠵᠦ ᠥᠳᠬᠡᠨ ᠵᠦᠢᠯ ᠨᠢ ᠦᠯᠡᠳᠡᠨ᠎ᠡ᠃ ᠡᠭᠦᠨ ᠢ ᠠᠭᠠᠷᠴᠠ ᠭᠡᠨ᠎ᠡ ᠃
ᠠᠭᠠᠷᠤᠤᠯ
ᠠᠭᠠᠷᠴᠠ᠂ ᠱᠦᠭᠦᠭᠰᠡᠨ ᠪᠤᠶᠤ ᠰᠢᠬᠠᠵᠤ ᠥᠳᠬᠡᠷᠡᠭᠦᠯᠦᠭᠰᠡᠨ ᠠᠭᠠᠷᠴᠠ ᠪᠠᠨ ᠬᠠᠪᠲᠠᠰᠤᠨ ᠳᠡᠭᠡᠷ᠎ᠡ ᠲᠠᠯᠪᠢᠨ ᠵᠦᠰᠦᠭᠰᠡᠨ ᠪᠤᠶᠤ ᠪᠥᠮᠪᠥᠭᠡᠯᠡᠭᠰᠡᠨ᠂ ᠡᠰᠡᠬᠦᠯ᠎ᠡ ᠪᠠᠵᠠᠭᠰᠠᠨ ᠢ᠋ ᠠᠭᠠᠷᠤᠤᠯ ᠭᠡᠨ᠎ᠡ᠃
ᠴᠥᠷᠮ᠎ᠡ ᠠ᠋ᠠᠭᠠᠷᠤᠤᠯ ( ᠣᠷᠳᠣᠰ ᠂ ᠠᠯᠠᠱᠠ ᠂ ᠬᠥᠬᠡᠨᠠᠭᠤᠷ ᠲᠤ᠌ ) ᠃
ᠦᠢᠷᠡᠮᠡᠭ ᠠᠭᠠᠷᠤᠤᠯ ᠤ᠋ᠨ ᠪᠠᠯᠪᠠᠳᠠᠭ ( ᠣᠷᠳᠣᠰ ᠲᠤ᠌ ) ᠃
ᠪᠠᠵᠠᠮᠠᠯ ᠠᠭᠠᠷᠤᠤᠯ ( ᠤᠯᠠᠭᠠᠨᠴᠠᠪ ᠳᠤ ) ᠃
ᠱᠦᠭᠦᠷᠮᠡᠭ
ᠠᠭᠠᠷᠤᠤᠯ ( ᠪᠠᠶᠠᠭᠠᠭᠤᠷ ᠲᠤ᠌ ) ᠃ ᠠᠭᠠᠷᠤᠤᠯ ᠨᠢ ᠬᠣᠳᠤᠭᠤᠳᠠᠨ ᠤ᠋ ᠰᠢᠩᠭᠡᠯᠲᠡ ᠳ᠋ᠦ᠍ ᠰᠠᠢᠨ᠃ ᠪᠤᠳᠠᠭ᠎ᠠ ᠣᠷᠬᠢᠭᠰᠠᠨ ᠴᠠᠢ ᠪᠤᠶᠤ ᠬᠣᠨᠢᠨ ᠮᠢᠬ᠎ᠠ ᠲᠠᠢ ᠰᠢᠩᠭᠡᠨ ᠪᠤᠳᠠᠭᠠᠨ ᠳ᠋ᠤ᠌ ᠬᠢᠵᠦ ᠢᠳᠡᠪᠡᠯ ᠱᠥᠯᠦᠷᠭᠦᠨ ᠪᠥᠭᠡᠳ ᠡᠷᠴᠢᠲᠡᠢ ᠪᠣᠯᠵᠤ ᠢᠳᠡᠬᠦ ᠳ᠋ᠦ᠍ ᠲᠠᠭᠠᠯᠠᠮᠵᠢᠲᠠᠢ ᠪᠠᠢᠳᠠᠭ᠃
ᠰᠢᠷᠠᠰᠤ ᠬᠤᠷᠤᠳ ᠬᠢᠬᠦ ᠳ᠋ᠦ᠍ ᠰᠢᠬᠠᠵᠤ ᠠᠪᠤᠭᠰᠠᠨ ᠰᠢᠩᠭᠡᠨ ᠰᠢᠷ᠎ᠠ ᠤᠰᠤ ᠶ᠋ᠢ ᠰᠢᠷᠠᠰᠤ ᠭᠡᠨ᠎ᠡ᠃
ᠰᠢᠷ᠎ᠠ ᠤᠰᠤ
ᠰᠢᠷᠠᠰᠤ ( ᠪᠠᠭᠠᠷᠢᠨ ᠳ᠋ᠤ᠌ ) ᠃ ᠰᠢᠷᠠᠰᠤ ᠶ᠋ᠢ ᠠᠷᠢᠬᠢ ᠨᠡᠷᠡᠬᠦ ᠭᠤᠯᠢᠷ ᠢᠰᠬᠡᠬᠦ ᠳ᠋ᠦ᠍ ᠬᠡᠷᠡᠭᠯᠡᠬᠦ ᠡᠴᠡ ᠭᠠᠳᠠᠨ᠎ᠠ ᠳᠣᠷᠣᠢ ᠬᠠᠲᠠᠩᠭᠢᠷ ᠮᠠᠯ ᠳ᠋ᠤ᠌ ᠤᠤᠭᠤᠯᠭᠠᠨ ᠲᠡᠩᠬᠡᠷᠡᠭᠦᠯᠦᠨ᠎ᠡ ᠃ ᠪᠠᠰᠠ ᠠᠷᠠᠰᠤ ᠢᠳᠡᠭᠡᠯᠡᠬᠦ ᠳ᠋ᠦ᠍ ᠬᠡᠷᠡᠭᠯᠡᠳᠡᠭ᠃
ᠡᠭᠡᠷᠡᠮ
ᠰᠠᠭᠠᠯᠢ ᠶ᠋ᠢᠨ ᠠᠷᠢᠬᠢ ᠨᠡᠷᠡᠬᠦ ᠦᠶ᠎ᠡ ᠲᠣᠰᠬᠣᠭᠤᠷ᠂ ᠪᠦᠷᠬᠦᠬᠡᠷ ᠦ᠋ᠨ ᠳᠣᠣᠷ᠎ᠠ ᠲᠠᠯᠪᠢᠭᠤᠷ ᠲᠤ᠌ ᠨᠠᠭᠠᠯᠳᠤᠭᠰᠠᠨ ᠠᠭᠠᠷᠴᠠ ᠶ᠋ᠢ ᠨᠠᠷᠠᠨ ᠳ᠋ᠤ᠌ ᠬᠠᠲᠠᠭᠠᠭᠰᠠᠨ ᠢ᠋ ᠨᠢ ᠡᠭᠡᠷᠡᠮ ᠭᠡᠨ᠎ᠡ᠃ ᠡᠭᠡᠷᠡᠮ ᠢ ᠪᠤᠳᠠᠭ᠎ᠠ ᠣᠷᠬᠢᠭᠰᠠᠨ ᠴᠠᠢ ᠳ᠋ᠤ᠌ ᠬᠣᠯᠢᠴᠠ ᠪᠣᠯᠭᠠᠬᠤ ᠶᠤᠮ ᠤᠤ᠂ ᠡᠰᠡᠬᠦᠯ᠎ᠡ ᠬᠤᠷᠰᠢᠭᠰᠠᠨ ᠮᠢᠬᠠᠨ ᠤ᠋ ᠱᠥᠯᠦᠨ ᠳ᠋ᠦ᠍ ᠬᠢᠵᠦ ᠪᠤᠴᠠᠯᠭᠠᠪᠠᠯ ᠮᠢᠬᠠᠨ ᠤ᠋ ᠬᠣᠷᠰᠢᠭᠰᠠᠨ ᠦᠨᠦᠷ ᠠᠮᠲᠠ ᠶ᠋ᠢ ᠳᠠᠷᠤᠳᠠᠭ᠃
