ᠬᠥᠬᠡ ᠵᠤᠯᠠ – ᠪᠣᠷᠵᠢᠭᠢᠨ ᠸᠠᠩᠵᠠᠯ - < ᠶᠢᠰᠦ ᠂ ᠮᠣᠷᠢ ᠤᠷᠤᠯᠳᠤᠬᠤ ᠵᠢᠷᠤᠮ᠎ ᠤᠨ ᠪᠦᠯᠦᠭ 4 > Хөх зул – Боржигон Ванжал –" Ес᠂ Морь уралдах журмын бүлэг 4 " ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠶᠢᠰᠦ ᠂ ᠮᠣᠷᠢ ᠤᠷᠤᠯᠳᠤᠬᠤ ᠵᠢᠷᠤᠮ᠎ ᠤᠨ ᠪᠦᠯᠦᠭ 4 > Хөх зул – Боржигон Ванжал –" Ес᠂ Морь уралдах журмын бүлэг 4 "

ᠬᠥᠬᠡ ᠵᠤᠯᠠ – ᠪᠣᠷᠵᠢᠭᠢᠨ ᠸᠠᠩᠵᠠᠯ - < ᠶᠢᠰᠦ ᠂ ᠮᠣᠷᠢ ᠤᠷᠤᠯᠳᠤᠬᠤ ᠵᠢᠷᠤᠮ᠎ ᠤᠨ ᠪᠦᠯᠦᠭ 4 > Хөх зул – Боржигон Ванжал –" Ес᠂ Морь уралдах журмын бүлэг 4 "

ᠠᠩᠭᠢᠯᠠᠯ:ᠵᠠᠩ ᠦᠢᠯᠡ
2024-01-06

537

ᠶᠢᠰᠦ ᠂ ᠮᠣᠷᠢ ᠤᠷᠤᠯᠳᠤᠬᠤ ᠵᠢᠷᠤᠮ᠎ ᠤᠨ ᠪᠦᠯᠦᠭ - 4


            ᠠᠳᠠᠭ ᠮᠣᠷᠢᠨ ᠤ᠋ ᠴᠣᠯᠠ - 《ᠠᠯᠲᠠᠨ ᠰᠠᠨᠳᠠᠯᠢ 》 

 ᠬᠣᠲᠠᠯᠠ ᠪᠠᠶᠠᠰᠬᠤᠯᠠᠩ ᠤ᠋ᠨ 
 ᠮᠠᠩᠯᠠᠢ ᠪᠣᠯᠤᠭᠰᠠᠨ 
 ᠬᠣᠯᠠ ᠣᠢᠷ᠎ᠠ ᠶ᠋ᠢᠨ 
 ᠵᠢᠷᠭᠠᠯ ᠢ᠋ ᠪᠦᠷᠢᠯᠳᠦᠭᠦᠯᠦᠭᠰᠡᠨ 
 ᠮᠠᠨ ᠤ᠋ ᠡᠨᠡ ᠨᠠᠭᠠᠳᠤᠮ ᠳᠡᠭᠡᠷ᠎ᠡ 
 ᠮᠣᠬᠣᠰᠢ ᠦᠭᠡᠢ ᠵᠣᠷᠢᠭ ᠢ᠋ᠶ᠋ᠠᠷ 
 ᠮᠠᠭᠰᠢᠨ ᠮᠠᠭᠰᠢᠨ ᠭᠦᠶᠦᠭᠡᠳ 
 ᠬᠣᠵᠢᠮ ᠤ᠋ᠨ ᠪᠠᠭᠠᠰᠤ ᠶ᠋ᠢ 
 ᠬᠣᠷᠭᠣᠯ ᠪᠣᠯᠲᠠᠯ᠎ᠠ ᠲᠡᠭᠦᠵᠦ 
 ᠠᠭᠲᠠ ᠶ᠋ᠢᠨ ᠪᠠᠭᠠᠰᠤ ᠶ᠋ᠢ 
 ᠠᠷᠭᠠᠯ ᠪᠣᠯᠲᠠᠯ᠎ᠠ ᠬᠤᠷᠢᠶᠠᠵᠤ 
 ᠬᠣᠵᠢᠳᠠᠵᠤ ᠢᠷᠡᠭᠰᠡᠨ 
 ᠡᠨᠡ ᠰᠠᠢᠬᠠᠨ ᠮᠣᠷᠢ ᠶ᠋ᠢ 
 ᠬᠥᠭᠡᠷᠦᠬᠦᠢ ᠳᠡ ᠶᠠᠭᠠᠬᠢᠭᠠᠳ 
 ᠰᠠᠭᠠᠲᠠᠭᠰᠠᠨ ᠪᠣᠢ ᠭᠡᠪᠡᠯ ᠂ 
 ᠤᠰᠤ ᠲᠠᠢ ᠭᠠᠵᠠᠷ 
 ᠤᠤᠭᠤᠯᠭᠠᠵᠤ ᠶᠠᠪᠤᠵᠤ 
 ᠡᠪᠡᠰᠦ ᠲᠡᠢ ᠭᠠᠵᠠᠷ 
 ᠢᠳᠡᠭᠦᠯᠵᠦ ᠶᠠᠪᠤᠵᠤ 
 ᠡᠷᠭᠢ ᠲᠡᠢ ᠭᠠᠵᠠᠷ 
 ᠲᠣᠭᠣᠷᠢᠭᠤᠯᠵᠤ ᠶᠠᠪᠤᠵᠤ 
 ᠡᠯᠡᠰᠦ ᠲᠡᠢ ᠭᠠᠵᠠᠷ 
 ᠰᠠᠵᠢᠯᠠᠭᠤᠯᠵᠤ ᠶᠠᠪᠤᠵᠤ ᠂ 
 ᠳᠡᠭᠡᠷ᠎ᠡ ᠨᠢ ᠤᠨᠤᠭᠰᠠᠨ ᠬᠥᠮᠦᠨ ᠨᠢ 
 ᠲᠤᠭ ᠨᠣᠢᠷ ᠨᠢ ᠬᠦᠷᠴᠦ 
 ᠳᠡᠷᠭᠡᠳᠡ ᠨᠢ ᠶᠠᠪᠤᠭᠰᠠᠨ ᠬᠥᠮᠦᠨ ᠨᠢ 
 ᠢᠨᠢᠶᠡᠳᠦ ᠨᠢ ᠬᠦᠷᠴᠦ 
 ᠳᠠᠮ ᠠᠷᠭ᠎ᠠ  ᠲᠠᠢ ᠭᠦᠶᠦᠬᠦ ᠶ᠋ᠢ ᠨᠢ 
 ᠰᠤᠳᠤᠯᠵᠤ ᠶᠠᠪᠤᠵᠤ ᠭᠡᠨ᠎ᠡ 
 ᠳᠡᠮᠡᠢ ᠴᠦ᠍ ᠪᠠᠰᠠ ᠮᠠᠭᠤ ᠳ᠋ᠠᠭᠠᠨ 
 ᠬᠣᠴᠣᠷᠤᠭᠰᠠᠨ ᠪᠢᠰᠢ ᠭᠡᠨ᠎ᠡ ᠂ 
 ᠤᠨᠤᠭᠰᠠᠨ ᠬᠥᠮᠦᠨ ᠨᠢ 
 ᠬᠠᠰᠬᠢᠷᠬᠤ ᠪᠠᠨ ᠮᠠᠷᠲᠠᠵᠤ ᠭᠡᠨ᠎ᠡ ᠂ 
 ᠣᠷᠣᠯᠳᠣᠭᠰᠠᠨ ᠮᠣᠷᠢ ᠨᠢ 
 ᠬᠠᠷᠠᠢᠬᠤ ᠪᠠᠨ ᠮᠠᠷᠲᠠᠵᠤ ᠭᠡᠨ᠎ᠡ 
 ᠤᠷᠤᠯᠳᠤᠭᠠᠨ ᠤ᠋ ᠲᠠᠰᠢᠭᠤᠷ ᠢ᠋ᠶ᠋ᠠᠨ 
 ᠳᠠᠯᠠᠢᠬᠤ ᠪᠠᠨ ᠮᠠᠷᠲᠠᠵᠤ ᠭᠡᠨ᠎ᠡ 
 ᠣᠷᠣᠭᠰᠢ ᠪᠠᠨ ᠦᠰᠦᠷᠬᠦ ᠭᠡᠳ 
 ᠬᠣᠢᠰᠢ ᠪᠠᠨ ᠤᠬᠤᠷᠴᠢᠬᠠᠯ᠎ᠠ ᠭᠡᠨ᠎ᠡ ᠃ 
 ᠪᠠᠷᠤᠭ ᠲᠥᠯᠥᠪ ᠢ᠋ ᠨᠢ ᠦᠵᠡᠵᠦ ᠪᠠᠢᠭᠠᠳ 
 ᠪᠠᠭᠠᠨ᠎ᠠ ᠪᠠᠷᠢᠭᠤᠨ ᠳᠡᠯᠡᠳᠦᠭᠰᠡᠨ ᠪᠣᠯ 
 ᠪᠠᠰᠠ ᠴᠤ᠌ ᠮᠠᠭᠠᠳ ᠦᠭᠡᠢ ᠮᠣᠷᠢ ᠭᠡᠨ᠎ᠡ 
 ᠮᠠᠨᠠᠷᠠᠭᠰᠠᠨ ᠲᠣᠭᠣᠰᠣᠨ ᠳ᠋ᠤᠨᠢ 
 ᠳᠠᠷᠤᠭᠳᠠᠵᠤ ᠭᠡᠨ᠎ᠡ 
 ᠮᠠᠩᠰᠢᠭᠤᠷᠠᠵᠤ ᠪᠠᠢᠭᠠᠳ 
 ᠬᠣᠵᠢᠭᠳᠠᠵᠤ ᠯᠠ ᠭᠡᠨ᠎ᠡ 
 ᠮᠠᠭᠰᠢᠨ ᠮᠠᠭᠰᠢᠨ ᠭᠦᠶᠦᠵᠦ ᠪᠠᠢᠭᠠᠳ 
 ᠮᠠᠭᠤᠬᠠᠢ ᠨᠢᠭᠡ ᠭᠡᠨᠡᠳᠡᠴᠢᠬᠡᠯ᠎ᠡ ᠭᠡᠨ᠎ᠡ 
 ᠬᠠᠨᠳᠤᠭᠰᠠᠨ ᠵᠦᠭ  ᠢ᠋ᠶ᠋ᠡᠨ 
 ᠲᠥᠭᠡᠷᠢᠴᠢᠬᠡᠵᠦ ᠭᠡᠨ᠎ᠡ 
 ᠬᠠᠲᠠᠷᠢᠬᠤ ᠡᠷᠳᠡᠮ  ᠢ᠋ᠶ᠋ᠡᠨ 
 ᠮᠠᠷᠲᠠᠴᠢᠬᠠᠵᠤ ᠭᠡᠨ᠎ᠡ ᠃ 
 ᠬᠠᠶᠠ ᠨᠢᠭᠡ ᠣᠷᠣᠯᠳᠣᠭᠰᠠᠨ ᠪᠣᠯᠬᠣᠷ 
 ᠬᠠᠷᠠᠮᠰᠠᠯᠲᠠᠢ ᠪᠠᠷ ᠬᠣᠢᠨ᠎ᠠ ᠨᠢ 
 ᠬᠣᠴᠣᠷᠴᠢᠬᠠᠯ᠎ᠠ ᠭᠡᠨ᠎ᠡ ᠃ 
 ᠠ ! ᠬᠥᠭᠡᠷᠦᠬᠦᠢ ! 
 ᠳᠠᠬᠢᠪᠠᠯ ᠣᠳᠣ ᠲᠠ 
 ᠶᠠᠭᠠᠬᠢᠳᠠᠭ ᠪᠢᠯᠡ ᠳᠠ ? ᠭᠡᠬᠦ ᠳ᠋ᠦ᠍ : 
 ᠠᠭᠲᠠ ᠶ᠋ᠢᠨ ᠤᠷᠤᠯᠳᠤᠭᠠᠨ ᠢ᠋ ᠦᠵᠡᠵᠦ ᠪᠠᠢᠭᠠᠳ 
 ᠠᠷᠭ᠎ᠠ ᠲᠤᠷᠰᠢᠯᠭ᠎ᠠ ᠶ᠋ᠢ ᠰᠤᠷᠤᠨ᠎ᠠ ᠭᠡᠨ᠎ᠡ ᠂   
 ᠠᠬᠢᠬᠤ ᠵᠢᠯ ᠦ᠋ᠨ ᠤᠷᠤᠯᠳᠤᠭᠠᠨ ᠳ᠋ᠤ᠌ 
 ᠠᠷᠭ᠎ᠠ ᠰᠠᠮᠪᠠᠭᠠᠲᠠᠢ ᠣᠷᠣᠯᠳᠣᠨ᠎ᠠ ᠭᠡᠨ᠎ᠡ ᠂ 
 ᠳᠠᠷᠠᠭ᠎ᠠ ᠤᠳᠠᠭ᠎ᠠ ᠳ᠋ᠤ᠌ ᠪᠣᠯᠤᠶ᠎ᠠ ᠭᠡᠨ᠎ᠡ 
 ᠲᠠᠪᠰᠢᠵᠤ ᠪᠠᠢᠭᠠᠳ ᠭᠦᠢᠴᠡᠨ᠎ᠡ ᠭᠡᠨ᠎ᠡ 
 ᠬᠣᠢᠲᠤᠨ ᠵᠢᠯ ᠮᠡᠳᠡᠶ᠎ᠡ ᠭᠡᠨ᠎ᠡ ᠃ 
 ᠠ ! ᠬᠥᠭᠡᠷᠦᠬᠦᠢ ! 
 ᠠᠷᠭ᠎ᠠ ᠦᠭᠡᠢ ᠡᠨᠡ ᠰᠠᠢᠬᠠᠨ 
 ᠵᠣᠷᠢᠭ ᠰᠠᠨᠠᠭ᠎ᠠ ᠶ᠋ᠢ ᠨᠢ 
 ᠮᠠᠭᠲᠠᠨ ᠰᠠᠢᠰᠢᠶᠠᠵᠤ 
 ᠠᠷᠠᠳ ᠣᠯᠠᠨ  ᠢ᠋ᠶ᠋ᠠᠷ 
 ᠰᠡᠳᠬᠢᠯ ᠪᠠᠶᠠᠰᠬᠠᠬᠤ ᠳ᠋ᠠᠭᠠᠨ 
 ᠠᠯᠲᠠᠨ ᠰᠠᠨᠳᠠᠯᠢ ᠭᠡᠵᠦ 
 ᠴᠣᠯᠠ ᠱᠠᠩᠨᠠᠯ᠎ᠠ ᠃