ᠬᠥᠬᠡ ᠵᠤᠯᠠ – ᠪᠣᠷᠵᠢᠭᠢᠨ ᠸᠠᠩᠵᠠᠯ - < ᠶᠢᠰᠦ ᠂ ᠮᠣᠷᠢ ᠤᠷᠤᠯᠳᠤᠬᠤ ᠵᠢᠷᠤᠮ᠎ ᠤᠨ ᠪᠦᠯᠦᠭ 3 > Хөх зул – Боржигон Ванжал –" Ес᠂ Морь уралдах журмын бүлэг 3 " ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠶᠢᠰᠦ ᠂ ᠮᠣᠷᠢ ᠤᠷᠤᠯᠳᠤᠬᠤ ᠵᠢᠷᠤᠮ᠎ ᠤᠨ ᠪᠦᠯᠦᠭ 3 > Хөх зул – Боржигон Ванжал –" Ес᠂ Морь уралдах журмын бүлэг 3 "

ᠬᠥᠬᠡ ᠵᠤᠯᠠ – ᠪᠣᠷᠵᠢᠭᠢᠨ ᠸᠠᠩᠵᠠᠯ - < ᠶᠢᠰᠦ ᠂ ᠮᠣᠷᠢ ᠤᠷᠤᠯᠳᠤᠬᠤ ᠵᠢᠷᠤᠮ᠎ ᠤᠨ ᠪᠦᠯᠦᠭ 3 > Хөх зул – Боржигон Ванжал –" Ес᠂ Морь уралдах журмын бүлэг 3 "

ᠠᠩᠭᠢᠯᠠᠯ:ᠵᠠᠩ ᠦᠢᠯᠡ
2024-01-05

361

ᠶᠢᠰᠦ ᠂ ᠮᠣᠷᠢ ᠤᠷᠤᠯᠳᠤᠬᠤ ᠵᠢᠷᠤᠮ᠎ ᠤᠨ ᠪᠦᠯᠦᠭ - 3


            ᠲᠡᠷᠢᠭᠦᠯᠡᠭᠰᠡᠨ ᠵᠢᠷᠣᠭ᠎ᠠ ᠮᠣᠷᠢᠨ ᠤ᠋ ᠢᠷᠦᠭᠡᠯ 

 ᠣᠮ ᠰᠠᠢᠨ ᠠᠮᠤᠭᠤᠯᠠᠩ ᠪᠣᠯᠲᠤᠭᠠᠢ !   
 ᠡᠩᠬᠡ ᠰᠠᠢᠨ ᠵᠢᠷᠭᠠᠯᠠᠩ ᠪᠣᠯᠲᠤᠭᠠᠢ !        
 ᠰᠦᠷᠦᠭ ᠰᠦᠷᠦᠭ ᠠᠳᠤᠭᠤᠨ ᠠ᠋ᠴᠠ        
 ᠰᠣᠩᠭᠣᠳᠠᠭ ᠰᠠᠢᠨ ᠢ᠋ ᠨᠢ ᠰᠢᠯᠢᠵᠦ        
 ᠠᠵᠢᠷᠭ᠎ᠠ ᠠᠵᠢᠷᠭ᠎ᠠ ᠠᠳᠤᠭᠤᠨ ᠠ᠋ᠴᠠ        
 ᠠᠭᠲᠠ ᠶ᠋ᠢᠨ ᠰᠠᠢᠨ ᠢ᠋ ᠰᠣᠩᠭᠣᠵᠤ        
 ᠵᠠᠭᠤᠨ ᠪᠠᠷ᠎ᠠ ᠶ᠋ᠢᠨ ᠭᠠᠵᠠᠷ ᠠ᠋ᠴᠠ        
 ᠵᠢᠷᠣᠭ᠎ᠠ ᠮᠣᠷᠢᠳ ᠢ᠋ ᠤᠷᠤᠯᠳᠤᠭᠤᠯᠵᠤ        
 ᠵᠢᠯᠣᠭᠣ ᠳᠠᠷᠤᠨ ᠲᠡᠯᠮᠡᠭᠦᠯᠵᠦ        
 ᠵᠣᠯᠪᠣᠭ᠎ᠠ ᠴᠣᠭ ᠢ᠋ ᠪᠠᠳᠠᠷᠠᠭᠤᠯᠵᠤ 
 ᠵᠠᠭᠤᠨ ᠭᠠᠵᠠᠷ ᠠ᠋ᠴᠠ ᠲᠠᠯᠪᠢᠬᠤ ᠳ᠋ᠤ᠌ 
 ᠵᠢᠭᠦᠷᠲᠡᠨ ᠰᠢᠪᠠᠭᠤ ᠮᠡᠲᠦ 
 ᠨᠢᠰᠦᠮ᠎ᠡ ᠬᠤᠷᠳᠤᠨ ᠵᠢᠷᠣᠭᠠᠯᠠᠳᠠᠭ 
 ᠨᠡᠷᠡᠲᠦ ᠡᠨᠡ ᠮᠣᠷᠢ ᠪᠣᠯ 
 ᠥᠩᠰᠢᠭ ᠭᠠᠵᠠᠷ ᠤᠨᠠᠭᠠᠯᠠᠭᠰᠠᠨ 
 ᠥᠪᠥᠷ ᠭᠠᠵᠠᠷ ᠥᠰᠦᠭᠰᠡᠨ 
 ᠥᠨᠳᠥᠷ ᠭᠠᠵᠠᠷ ᠰᠣᠢᠭᠰᠠᠨ 
 ᠥᠷᠭᠡᠨ ᠭᠠᠵᠠᠷ ᠰᠣᠷᠢᠭᠰᠠᠨ 
 ᠴᠢᠭᠢᠭᠲᠡᠢ ᠭᠠᠵᠠᠷ ᠪᠡᠯᠴᠢᠭᠡᠷᠯᠡᠭᠰᠡᠨ 
 ᠴᠡᠩᠭᠡᠭᠲᠡᠢ ᠭᠠᠵᠠᠷ ᠤᠰᠤᠯᠠᠭᠰᠠᠨ 
 ᠴᠡᠴᠡᠭ ᠲᠡᠢ ᠡᠪᠡᠰᠦ ᠢᠳᠡᠰᠢᠯᠡᠭᠰᠡᠨ 
 ᠴᠡᠪᠡᠷᠬᠡᠨ ᠵᠢᠷᠣᠭ᠎ᠠ ᠣᠷᠣᠭᠰᠠᠨ 
 ᠲᠤᠷᠤᠭ ᠰᠠᠢᠬᠠᠨ ᠪᠡᠶᠡᠲᠡᠢ 
 ᠲᠤᠭ ᠰᠠᠢᠬᠠᠨ ᠰᠡᠬᠦᠯᠲᠡᠢ 
 ᠲᠣᠷᠭᠠᠨ ᠰᠠᠢᠬᠠᠨ ᠦᠰᠦᠲᠡᠢ 
 ᠲᠣᠭᠣᠰ ᠰᠠᠢᠬᠠᠨ ᠵᠢᠰᠤᠮᠲᠠᠢ 
 ᠴᠢᠨᠣ᠎ᠠ ᠶ᠋ᠢᠨ ᠬᠣᠶᠠᠷ ᠴᠢᠬᠢᠲᠡᠢ 
 ᠴᠣᠯᠮᠣᠨ ᠬᠣᠶᠠᠷ ᠨᠢᠳᠦᠲᠡᠢ 
 ᠴᠣᠭᠲᠤ ᠶ᠋ᠢᠨ ᠰᠠᠢᠬᠠᠨ ᠳᠡᠯᠳᠡᠢ 
 ᠴᠣᠮᠪᠣᠩ ᠳᠥᠷᠪᠡᠨ ᠲᠤᠭᠤᠷᠠᠢᠲᠠᠢ 
 ᠤᠷᠲᠤ ᠰᠠᠢᠬᠠᠨ ᠵᠤ᠋ ᠲᠠᠢ 
 ᠠᠭᠤᠵᠢᠮ ᠰᠠᠢᠬᠠᠨ ᠲᠠᠰᠢᠶᠠᠲᠠᠢ 
 ᠥᠨᠳᠥᠷ ᠰᠠᠢᠬᠠᠨ ᠴᠡᠭᠡᠵᠢᠲᠡᠢ 
 ᠦᠵᠡᠮᠵᠢ ᠰᠠᠢᠬᠠᠨ ᠪᠡᠶᠡᠲᠡᠢ 
 ᠲᠠᠪᠢᠨ ᠯᠠᠩ  ᠤ᠋ᠨ ᠬᠠᠵᠠᠭᠠᠷ ᠢ᠋  
 ᠲᠣᠯᠣᠭᠠᠢ ᠳᠡᠭᠡᠷ᠎ᠡ ᠨᠢ ᠲᠣᠬᠢᠶᠠᠭᠰᠠᠨ 
 ᠬᠣᠷᠢᠨ ᠯᠠᠩ ᠤ᠋ᠨ ᠬᠤᠳᠠᠷᠭ᠎ᠠ ᠶ᠋ᠢ 
 ᠬᠣᠨᠳᠣᠯᠠᠢ ᠳᠡᠭᠡᠷ᠎ᠡ ᠨᠢ ᠲᠣᠬᠣᠭᠰᠠᠨ 
 ᠵᠠᠭᠤᠨ ᠯᠠᠩ  ᠤ᠋ᠨ ᠡᠮᠡᠭᠡᠯ ᠢ᠋ 
 ᠵᠣ ᠳᠡᠭᠡᠷ᠎ᠡ ᠨᠢ ᠳᠠᠷᠤᠭᠰᠠᠨ 
 ᠵᠢᠷᠠᠨ ᠯᠠᠩ ᠤ᠋ᠨ ᠳᠡᠪᠰᠡ ᠶ᠋ᠢ 
 ᠵᠠᠰᠠᠵᠤ ᠰᠠᠢᠬᠠᠨ ᠲᠣᠬᠢᠷᠠᠭᠤᠯᠤᠭᠰᠠᠨ  
 ᠨᠠᠷᠠᠨ ᠰᠠᠷᠠᠨ ᠪᠦᠭᠦᠷᠭᠡ ᠨᠢ 
 ᠨᠠᠭᠠᠨ᠎ᠠ ᠴᠠᠭᠠᠨ᠎ᠠ ᠨᠢ ᠭᠢᠯᠠᠯᠵᠠᠭᠰᠠᠨ 
 ᠨᠠᠢ᠍ᠮᠠᠨ ᠰᠠᠢᠬᠠᠨ ᠭᠠᠨᠵᠤᠭ᠎ᠠ ᠨᠢ 
 ᠨᠠᠢᠭᠤᠨ ᠰᠠᠢᠬᠠᠨ ᠬᠡᠢᠰᠦᠭᠰᠡᠨ 
 ᠵᠠᠭᠠᠨ᠎ᠠ ᠶ᠋ᠢᠨ ᠶᠠᠰᠤᠨ ᠬᠠᠪᠲᠠᠰᠤᠲᠠᠢ 
 ᠵᠢᠭᠠᠰᠤᠨ ᠴᠠᠪᠠᠤ ᠶ᠋ᠢᠨ ᠵᠦᠢᠳᠡᠯᠲᠡᠢ 
 ᠮᠡᠩ ᠦ᠋ᠨ ᠠᠷᠠᠰᠤᠨ ᠬᠤᠯᠳᠠᠭᠠᠰᠤᠲᠠᠢ 
 ᠮᠠᠩᠨᠤᠭ ᠲᠣᠷᠭᠠᠨ ᠲᠣᠬᠤᠮᠳᠠᠢ 
 ᠲᠣᠯᠢᠨ ᠮᠥᠩᠭᠥᠨ ᠬᠠᠵᠠᠭᠠᠷᠲᠠᠢ 
 ᠲᠣᠷᠭᠠᠨ ᠮᠢᠨᠳᠠᠰᠤᠨ ᠣᠯᠣᠩᠲᠠᠢ 
 ᠵᠢᠭᠵᠢᠬᠡᠷ ᠴᠣᠮᠪᠣᠩ ᠳᠥᠷᠥᠭᠡᠲᠡᠢ 
 ᠵᠡᠭᠡᠷ᠎ᠡ ᠶ᠋ᠢᠨ ᠰᠤᠷ ᠤ᠋ᠨ ᠵᠢᠷᠢᠮᠲᠡᠢ 
 ᠬᠡᠪᠯᠢᠭ ᠰᠠᠢᠬᠠᠨ ᠲᠣᠪᠣᠷᠤᠤᠲᠠᠢ 
 ᠬᠡ ᠬᠤᠸᠠᠷ ᠬᠥᠯᠢᠮᠲᠡᠢ 
 ᠻᠬᠢᠪ ᠲᠣᠷᠭᠠᠨ ᠨᠣᠭᠲᠣᠲᠠᠢ 
 ᠬᠡᠭᠡᠨᠴᠢᠷ ᠰᠠᠢᠬᠠᠨ ᠵᠢᠯᠤᠭᠤᠲᠠᠢ 
 ᠬᠦᠷᠡᠩ ᠤᠯᠠᠭᠠᠨ ᠮᠣᠯᠴᠣᠭᠳᠠᠢ 
 ᠬᠥᠮᠥᠯᠳᠥᠷᠭᠡ ᠬᠤᠳᠠᠷᠭ᠎ᠠ ᠴᠢᠮᠡᠭᠲᠡᠢ 
 ᠭᠥᠭᠯᠡᠪᠡᠯ ᠣᠷᠣᠭᠠᠯᠠᠳᠠᠭ 
 ᠬᠥᠳᠡᠯᠭᠡᠪᠡᠯ ᠵᠢᠷᠣᠭᠠᠯᠠᠳᠠᠭ 
 ᠲᠠᠲᠠᠪᠠᠯ ᠵᠢᠷᠣᠭᠠᠯᠠᠳᠠᠭ 
 ᠲᠠᠯᠪᠢᠪᠠᠯ ᠣᠷᠣᠭᠠᠯᠠᠳᠠᠭ 
 ᠬᠥᠯ ᠳ᠋ᠡᠭᠡᠨ ᠵᠢᠷᠤᠭᠠᠲᠠᠢ 
 ᠬᠦᠵᠦᠭᠦᠨ ᠳ᠋ᠡᠭᠡᠨ ᠣᠷᠣᠭᠠᠲᠠᠢ 
 ᠪᠣᠷᠪᠢ ᠳ᠋ᠠᠭᠠᠨ ᠵᠢᠷᠤᠭᠠᠲᠠᠢ 
 ᠲᠣᠢᠭ ᠲᠠᠭᠠᠨ ᠣᠷᠤᠭᠠᠲᠠᠢ 
 ᠦᠰᠦᠨ ᠳ᠋ᠡᠭᠡᠨ ᠲᠡᠮᠳᠡᠭᠲᠡᠢ 
 ᠥᠯᠮᠡᠢ ᠳ᠋ᠡᠭᠡᠨ ᠵᠢᠷᠤᠭᠠᠲᠠᠢ 
 ᠦᠶ᠎ᠡ ᠳ᠋ᠡᠭᠡᠨ ᠥᠰᠦᠭᠲᠡᠢ 
 ᠥᠰᠥᠭᠡᠢ ᠳ᠋ᠡᠭᠡᠨ ᠵᠢᠷᠤᠭᠠᠲᠠᠢ 
 ᠡᠵᠡᠨ ᠳ᠋ᠡᠭᠡᠨ ᠬᠠᠢᠷᠠᠲᠠᠢ 
 ᠢᠵᠢᠯᠢ ᠳ᠋ᠡᠭᠡᠨ ᠡᠭᠡᠯᠢᠲᠡᠢ 
 ᠡᠰᠡᠷᠸ᠎ᠠ ᠳ᠋ᠠᠭᠠᠨ ᠰᠠᠷᠠ ᠲᠠᠢ 
 ᠡᠭᠡᠮᠦᠭ ᠲᠡᠭᠡᠨ ᠮᠣᠯᠴᠣᠭ  ᠲᠠᠢ 
 ᠨᠠᠷᠠᠨ ᠥᠭᠡᠳᠡ ᠬᠠᠨᠳᠤᠭᠤᠯᠵᠤ 
 ᠨᠠᠶᠠ ᠬᠣᠨᠣᠭ ᠰᠣᠢᠵᠤ 
 ᠨᠠᠷᠠ ᠤᠷᠤᠭᠤ ᠬᠠᠨᠳᠤᠭᠤᠯᠵᠤ 
 ᠨᠠᠢ᠍ᠮᠠᠨ ᠬᠣᠨᠣᠭ ᠤᠶᠠᠵᠤ 
 ᠵᠢᠪᠠᠷ ᠥᠭᠡᠳᠡ ᠬᠠᠨᠳᠤᠭᠤᠯᠵᠤ 
 ᠵᠢᠷᠠ ᠬᠣᠨᠣᠭ ᠰᠣᠢᠵᠤ 
 ᠵᠢᠪᠠᠷ ᠤᠷᠤᠭᠤ ᠬᠠᠨᠳᠤᠭᠤᠯᠵᠤ 
 ᠵᠢᠷᠭᠤᠬ᠎ᠠ ᠬᠣᠨᠣᠭ ᠤᠶᠠᠵᠤ 
 ᠠᠯᠲᠠᠢ ᠬᠠᠩᠭᠠᠢ ᠶ᠋ᠢ ᠵᠢᠷᠤᠭᠯᠠᠨ ᠵᠢᠷᠣᠭᠠᠯᠠᠳᠠᠭ 
 ᠠᠭᠠᠷ ᠳᠡᠭᠡᠭᠦᠷ ᠨᠢᠰᠦᠨ ᠵᠢᠷᠣᠭᠠᠯᠠᠳᠠᠭ 
 ᠠᠶᠠᠨ ᠵᠠᠮ ᠢ᠋ ᠲᠣᠪᠴᠢᠯᠠᠨ ᠵᠢᠷᠣᠭᠠᠯᠠᠳᠠᠭ 
 ᠠᠯᠤᠰ ᠤ᠋ᠨ ᠵᠣᠷᠢᠯᠭ᠎ᠠ ᠶ᠋ᠢ ᠪᠡᠶᠡᠯᠡᠭᠦᠯᠦᠨ ᠵᠢᠷᠣᠭᠠᠯᠠᠳᠠᠭ 
 ᠭᠠᠵᠠᠷ ᠳᠡᠯᠡᠬᠡᠢ ᠶ᠋ᠢ ᠲᠣᠭᠣᠷᠢᠨ ᠵᠢᠷᠣᠭᠠᠯᠠᠳᠠᠭ 
 ᠭᠠᠯᠪᠠ ᠶᠢᠷᠲᠢᠨᠴᠦ ᠶ᠋ᠢ ᠲᠣᠪᠴᠢᠯᠠᠨ ᠵᠢᠷᠣᠭᠠᠯᠠᠳᠠᠭ 
 ᠳᠠᠯᠠᠢ ᠲᠠᠩᠭᠢᠰ  ᠲᠤ᠌ ᠱᠤᠩᠪᠠᠨ ᠵᠢᠷᠣᠭᠠᠯᠠᠳᠠᠭ 
 ᠳᠠᠯᠳᠠ ᠣᠷᠴᠢᠯᠠᠩ ᠢ ᠬᠣᠯᠪᠣᠨ ᠵᠢᠷᠣᠭᠠᠯᠠᠳᠠᠭ 
 ᠤᠷᠠᠨ ᠲᠠᠩᠨᠠᠢ ᠶ᠋ᠢᠨ ᠰᠢᠯᠢ ᠳᠡᠭᠡᠷ᠎ᠡ 
 ᠤᠨᠠᠭᠠᠯᠠᠭᠰᠠᠨ ᠵᠢᠷᠣᠭ᠎ᠠ 
 ᠣᠯᠠᠨ ᠤᠯᠤᠰ ᠤ᠋ᠨ ᠳᠤᠮᠳᠠ ᠠ᠋ᠴᠠ 
 ᠭᠠᠢᠬᠠᠭᠳᠠᠭᠰᠠᠨ ᠵᠢᠷᠣᠭ᠎ᠠ 
 ᠬᠦᠷᠢᠶᠡᠨ ᠡᠴᠡ ᠪᠡᠨ ᠤᠨᠤᠬᠤ ᠳ᠋ᠤ᠌ 
 ᠬᠥᠯᠮᠥᠯᠵᠡᠭᠦᠯᠦᠭᠰᠡᠨ ᠵᠢᠷᠣᠭ᠎ᠠ 
 ᠬᠥᠮᠦᠨ ᠦ᠌ ᠭᠠᠵᠠᠷ ᠶᠠᠪᠤᠬᠤ ᠳ᠋ᠤ᠌ 
 ᠬᠦᠯᠦᠭ ᠪᠣᠯᠤᠭᠰᠠᠨ ᠵᠢᠷᠣᠭ᠎ᠠ 
 ᠬᠠᠶᠠᠭᠠᠨ ᠡᠴᠡ ᠪᠡᠨ ᠤᠨᠤᠬᠤ ᠳ᠋ᠤ᠌ 
 ᠬᠠᠩᠭᠢᠨᠠᠭᠤᠯᠤᠭᠰᠠᠨ ᠵᠢᠷᠣᠭ᠎ᠠ 
 ᠬᠠᠷᠢ ᠶ᠋ᠢᠨ ᠭᠠᠵᠠᠷ ᠶᠠᠪᠤᠬᠤ ᠳ᠋ᠤ᠌ 
 ᠬᠠᠨᠢ ᠪᠣᠯᠤᠭᠰᠠᠨ ᠵᠢᠷᠣᠭ᠎ᠠ 
 ᠬᠠᠷᠴᠠᠭᠠᠢ ᠨᠢᠰᠦᠭᠡᠳ ᠱᠤᠩᠪᠠᠬᠤ ᠰᠢᠭ᠋ 
 ᠬᠠᠯᠭᠢᠯᠵᠠᠭᠤᠯᠤᠭᠰᠠᠨ ᠵᠢᠷᠣᠭ᠎ᠠ 
 ᠬᠠᠨᠳᠠᠭᠠᠢ ᠭᠦᠶᠦᠭᠡᠳ ᠱᠤᠩᠪᠠᠬᠤ ᠰᠢᠭ᠋ 
 ᠬᠠᠷᠪᠤᠭᠰᠠᠨ ᠰᠤᠮᠤ ᠰᠢᠭ᠋ ᠵᠢᠷᠣᠭ᠎ᠠ 
 ᠬᠠᠢᠷᠠᠲᠠᠢ ᠬᠥᠮᠦᠨ ᠳ᠋ᠦ᠍ 
 ᠬᠠᠨᠢ ᠪᠣᠯᠤᠭᠰᠠᠨ ᠵᠢᠷᠣᠭ᠎ᠠ 
 ᠬᠣᠣᠷᠲᠠᠨ ᠳᠠᠢᠰᠤᠨ ᠳ᠋ᠤ᠌ 
 ᠳᠠᠷᠤᠯᠭ᠎ᠠ ᠪᠣᠯᠤᠭᠰᠠᠨ ᠵᠢᠷᠣᠭ᠎ᠠ 
 ᠠᠷᠠᠳ ᠣᠯᠠᠨ ᠳ᠋ᠠᠭᠠᠨ 
 ᠣᠨᠣᠯᠭ᠎ᠠ ᠪᠣᠯᠤᠭᠰᠠᠨ ᠬᠦᠯᠦᠭ 
 ᠠᠲᠠᠭᠠᠲᠠᠨ ᠳᠠᠢᠰᠤᠨ ᠳ᠋ᠤ᠌ 
 ᠳᠠᠷᠤᠯᠭ᠎ᠠ ᠪᠣᠯᠤᠭᠰᠠᠨ ᠬᠦᠯᠦᠭ 
 ᠡᠨᠡ ᠵᠢᠯ ᠦ᠋ᠨ ᠨᠠᠢᠷ ᠳᠡᠭᠡᠷ᠎ᠡ 
 ᠵᠢᠷᠣᠭ᠎ᠠ ᠮᠣᠷᠢᠨ ᠤ᠋ ᠤᠷᠤᠯᠳᠤᠭᠠᠨ ᠳ᠋ᠤ᠌ 
 ᠲᠡᠷᠢᠭᠦᠨ ᠠᠪᠤᠭᠰᠠᠨ ᠡᠨᠡ ᠮᠣᠷᠢ ᠪᠣᠯ 
 ᠮᠢᠩᠭᠠᠨ ᠬᠥᠭᠵᠢᠯ 
 ᠲᠦᠮᠡᠨ ᠪᠠᠳᠠᠷᠠᠯ ᠪᠦᠷᠢᠳᠴᠦ 
 ᠮᠠᠩᠯᠠᠢ ᠪᠣᠯᠤᠭᠰᠠᠨ 
 ᠪᠢᠯᠢᠭ ᠦ᠋ᠨ ᠬᠡᠭᠡᠷ ᠭᠡᠵᠦ 
 ᠡᠭᠡᠰᠢᠭᠯᠡᠨ ᠮᠠᠭᠲᠠᠶ᠎ᠠ ᠃  




ᠠᠳᠠᠭ ᠮᠣᠷᠢᠨ ᠤ᠋ ᠴᠣᠯᠠ - 《ᠠᠯᠲᠠᠨ ᠰᠠᠨᠳᠠᠯᠢ 》 ᠬᠣᠲᠠᠯᠠ ᠪᠠᠶᠠᠰᠬᠤᠯᠠᠩ ᠤ᠋ᠨ ᠮᠠᠩᠯᠠᠢ ᠪᠣᠯᠤᠭᠰᠠᠨ ᠬᠣᠯᠠ ᠣᠢᠷ᠎ᠠ ᠶ᠋ᠢᠨ ᠵᠢᠷᠭᠠᠯ ᠢ᠋ ᠪᠦᠷᠢᠯᠳᠦᠭᠦᠯᠦᠭᠰᠡᠨ ᠮᠠᠨ ᠤ᠋ ᠡᠨᠡ ᠨᠠᠭᠠᠳᠤᠮ ᠳᠡᠭᠡᠷ᠎ᠡ ᠮᠣᠬᠣᠰᠢ ᠦᠭᠡᠢ ᠵᠣᠷᠢᠭ ᠢ᠋ᠶ᠋ᠠᠷ ᠮᠠᠭᠰᠢᠨ ᠮᠠᠭᠰᠢᠨ ᠭᠦᠶᠦᠭᠡᠳ ᠬᠣᠵᠢᠮ ᠤ᠋ᠨ ᠪᠠᠭᠠᠰᠤ ᠶ᠋ᠢ ᠬᠣᠷᠭᠣᠯ ᠪᠣᠯᠲᠠᠯ᠎ᠠ ᠲᠡᠭᠦᠵᠦ ᠠᠭᠲᠠ ᠶ᠋ᠢᠨ ᠪᠠᠭᠠᠰᠤ ᠶ᠋ᠢ ᠠᠷᠭᠠᠯ ᠪᠣᠯᠲᠠᠯ᠎ᠠ ᠬᠤᠷᠢᠶᠠᠵᠤ ᠬᠣᠵᠢᠳᠠᠵᠤ ᠢᠷᠡᠭᠰᠡᠨ ᠡᠨᠡ ᠰᠠᠢᠬᠠᠨ ᠮᠣᠷᠢ ᠶ᠋ᠢ ᠬᠥᠭᠡᠷᠦᠬᠦᠢ ᠳᠡ ᠶᠠᠭᠠᠬᠢᠭᠠᠳ ᠰᠠᠭᠠᠲᠠᠭᠰᠠᠨ ᠪᠣᠢ ᠭᠡᠪᠡᠯ ᠂ ᠤᠰᠤ ᠲᠠᠢ ᠭᠠᠵᠠᠷ ᠤᠤᠭᠤᠯᠭᠠᠵᠤ ᠶᠠᠪᠤᠵᠤ ᠡᠪᠡᠰᠦ ᠲᠡᠢ ᠭᠠᠵᠠᠷ ᠢᠳᠡᠭᠦᠯᠵᠦ ᠶᠠᠪᠤᠵᠤ ᠡᠷᠭᠢ ᠲᠡᠢ ᠭᠠᠵᠠᠷ ᠲᠣᠭᠣᠷᠢᠭᠤᠯᠵᠤ ᠶᠠᠪᠤᠵᠤ ᠡᠯᠡᠰᠦ ᠲᠡᠢ ᠭᠠᠵᠠᠷ ᠰᠠᠵᠢᠯᠠᠭᠤᠯᠵᠤ ᠶᠠᠪᠤᠵᠤ ᠂ ᠳᠡᠭᠡᠷ᠎ᠡ ᠨᠢ ᠤᠨᠤᠭᠰᠠᠨ ᠬᠥᠮᠦᠨ ᠨᠢ ᠲᠤᠭ ᠨᠣᠢᠷ ᠨᠢ ᠬᠦᠷᠴᠦ ᠳᠡᠷᠭᠡᠳᠡ ᠨᠢ ᠶᠠᠪᠤᠭᠰᠠᠨ ᠬᠥᠮᠦᠨ ᠨᠢ ᠢᠨᠢᠶᠡᠳᠦ ᠨᠢ ᠬᠦᠷᠴᠦ ᠳᠠᠮ ᠠᠷᠭ᠎ᠠ  ᠲᠠᠢ ᠭᠦᠶᠦᠬᠦ ᠶ᠋ᠢ ᠨᠢ ᠰᠤᠳᠤᠯᠵᠤ ᠶᠠᠪᠤᠵᠤ ᠭᠡᠨ᠎ᠡ ᠳᠡᠮᠡᠢ ᠴᠦ᠍ ᠪᠠᠰᠠ ᠮᠠᠭᠤ ᠳ᠋ᠠᠭᠠᠨ ᠬᠣᠴᠣᠷᠤᠭᠰᠠᠨ ᠪᠢᠰᠢ ᠭᠡᠨ᠎ᠡ ᠂ ᠤᠨᠤᠭᠰᠠᠨ ᠬᠥᠮᠦᠨ ᠨᠢ ᠬᠠᠰᠬᠢᠷᠬᠤ ᠪᠠᠨ ᠮᠠᠷᠲᠠᠵᠤ ᠭᠡᠨ᠎ᠡ ᠂ ᠣᠷᠣᠯᠳᠣᠭᠰᠠᠨ ᠮᠣᠷᠢ ᠨᠢ ᠬᠠᠷᠠᠢᠬᠤ ᠪᠠᠨ ᠮᠠᠷᠲᠠᠵᠤ ᠭᠡᠨ᠎ᠡ ᠤᠷᠤᠯᠳᠤᠭᠠᠨ ᠤ᠋ ᠲᠠᠰᠢᠭᠤᠷ ᠢ᠋ᠶ᠋ᠠᠨ ᠳᠠᠯᠠᠢᠬᠤ ᠪᠠᠨ ᠮᠠᠷᠲᠠᠵᠤ ᠭᠡᠨ᠎ᠡ ᠣᠷᠣᠭᠰᠢ ᠪᠠᠨ ᠦᠰᠦᠷᠬᠦ ᠭᠡᠳ ᠬᠣᠢᠰᠢ ᠪᠠᠨ ᠤᠬᠤᠷᠴᠢᠬᠠᠯ᠎ᠠ ᠭᠡᠨ᠎ᠡ ᠃ ᠪᠠᠷᠤᠭ ᠲᠥᠯᠥᠪ ᠢ᠋ ᠨᠢ ᠦᠵᠡᠵᠦ ᠪᠠᠢᠭᠠᠳ ᠪᠠᠭᠠᠨ᠎ᠠ ᠪᠠᠷᠢᠭᠤᠨ ᠳᠡᠯᠡᠳᠦᠭᠰᠡᠨ ᠪᠣᠯ ᠪᠠᠰᠠ ᠴᠤ᠌ ᠮᠠᠭᠠᠳ ᠦᠭᠡᠢ ᠮᠣᠷᠢ ᠭᠡᠨ᠎ᠡ ᠮᠠᠨᠠᠷᠠᠭᠰᠠᠨ ᠲᠣᠭᠣᠰᠣᠨ ᠳ᠋ᠤᠨᠢ ᠳᠠᠷᠤᠭᠳᠠᠵᠤ ᠭᠡᠨ᠎ᠡ ᠮᠠᠩᠰᠢᠭᠤᠷᠠᠵᠤ ᠪᠠᠢᠭᠠᠳ ᠬᠣᠵᠢᠭᠳᠠᠵᠤ ᠯᠠ ᠭᠡᠨ᠎ᠡ ᠮᠠᠭᠰᠢᠨ ᠮᠠᠭᠰᠢᠨ ᠭᠦᠶᠦᠵᠦ ᠪᠠᠢᠭᠠᠳ ᠮᠠᠭᠤᠬᠠᠢ ᠨᠢᠭᠡ ᠭᠡᠨᠡᠳᠡᠴᠢᠬᠡᠯ᠎ᠡ ᠭᠡᠨ᠎ᠡ ᠬᠠᠨᠳᠤᠭᠰᠠᠨ ᠵᠦᠭ  ᠢ᠋ᠶ᠋ᠡᠨ ᠲᠥᠭᠡᠷᠢᠴᠢᠬᠡᠵᠦ ᠭᠡᠨ᠎ᠡ ᠬᠠᠲᠠᠷᠢᠬᠤ ᠡᠷᠳᠡᠮ  ᠢ᠋ᠶ᠋ᠡᠨ ᠮᠠᠷᠲᠠᠴᠢᠬᠠᠵᠤ ᠭᠡᠨ᠎ᠡ ᠃ ᠬᠠᠶᠠ ᠨᠢᠭᠡ ᠣᠷᠣᠯᠳᠣᠭᠰᠠᠨ ᠪᠣᠯᠬᠣᠷ ᠬᠠᠷᠠᠮᠰᠠᠯᠲᠠᠢ ᠪᠠᠷ ᠬᠣᠢᠨ᠎ᠠ ᠨᠢ ᠬᠣᠴᠣᠷᠴᠢᠬᠠᠯ᠎ᠠ ᠭᠡᠨ᠎ᠡ ᠃ ᠠ ! ᠬᠥᠭᠡᠷᠦᠬᠦᠢ ! ᠳᠠᠬᠢᠪᠠᠯ ᠣᠳᠣ ᠲᠠ ᠶᠠᠭᠠᠬᠢᠳᠠᠭ ᠪᠢᠯᠡ ᠳᠠ ?  ᠭᠡᠬᠦ ᠳ᠋ᠦ᠍ : ᠠᠭᠲᠠ ᠶ᠋ᠢᠨ ᠤᠷᠤᠯᠳᠤᠭᠠᠨ  ᠢ᠋ ᠦᠵᠡᠵᠦ ᠪᠠᠢᠭᠠᠳ ᠠᠷᠭ᠎ᠠ ᠲᠤᠷᠰᠢᠯᠭ᠎ᠠ ᠶ᠋ᠢ ᠰᠤᠷᠤᠨ᠎ᠠ ᠭᠡᠨ᠎ᠡ ᠂   ᠠᠬᠢᠬᠤ ᠵᠢᠯ ᠦ᠋ᠨ ᠤᠷᠤᠯᠳᠤᠭᠠᠨ ᠳ᠋ᠤ᠌ ᠠᠷᠭ᠎ᠠ ᠰᠠᠮᠪᠠᠭᠠᠲᠠᠢ ᠣᠷᠣᠯᠳᠣᠨ᠎ᠠ ᠭᠡᠨ᠎ᠡ ᠂ ᠳᠠᠷᠠᠭ᠎ᠠ ᠤᠳᠠᠭ᠎ᠠ ᠳ᠋ᠤ᠌ ᠪᠣᠯᠤᠶ᠎ᠠ ᠭᠡᠨ᠎ᠡ ᠲᠠᠪᠰᠢᠵᠤ ᠪᠠᠢᠭᠠᠳ ᠭᠦᠢᠴᠡᠨ᠎ᠡ ᠭᠡᠨ᠎ᠡ ᠬᠣᠢᠲᠤᠨ ᠵᠢᠯ ᠮᠡᠳᠡᠶ᠎ᠡ ᠭᠡᠨ᠎ᠡ ᠃ ᠠ  ᠬᠥᠭᠡᠷᠦᠬᠦᠢ ! ᠠᠷᠭ᠎ᠠ ᠦᠭᠡᠢ ᠡᠨᠡ ᠰᠠᠢᠬᠠᠨ ᠵᠣᠷᠢᠭ ᠰᠠᠨᠠᠭ᠎ᠠ ᠶ᠋ᠢ ᠨᠢ ᠮᠠᠭᠲᠠᠨ ᠰᠠᠢᠰᠢᠶᠠᠵᠤ ᠠᠷᠠᠳ ᠣᠯᠠᠨ  ᠢ᠋ᠶ᠋ᠠᠷ ᠰᠡᠳᠬᠢᠯ ᠪᠠᠶᠠᠰᠬᠠᠬᠤ ᠳ᠋ᠠᠭᠠᠨ ᠠᠯᠲᠠᠨ ᠰᠠᠨᠳᠠᠯᠢ ᠭᠡᠵᠦ ᠴᠣᠯᠠ ᠱᠠᠩᠨᠠᠯ᠎ᠠ ᠃