ᠰᠢᠨ᠎ᠡ ᠵᠢᠯ᠂ ᠴᠠᠭᠠᠨ ᠰᠠᠷ᠎ᠠ ᠶ᠋ᠢᠨ ᠬᠣᠣᠰ ᠤᠶᠠᠩᠭ᠎ᠠ(ᠬᠣᠶᠠᠷ)Шинэ жил, цагаан сарын хос уянга
ᠰᠢᠨ᠎ᠡ ᠵᠢᠯ᠂ ᠴᠠᠭᠠᠨ ᠰᠠᠷ᠎ᠠ ᠶ᠋ᠢᠨ ᠬᠣᠣᠰ ᠤᠶᠠᠩᠭ᠎ᠠ02
ᠰᠢᠮᠡᠳᠦ ᠰᠠᠷᠬᠤᠳ ᠰᠥᠩᠨᠡᠭᠰᠡᠨ ᠰᠢᠨ᠎ᠡ ᠵᠢᠯ ᠦ᠋ᠨ ᠪᠠᠶᠠᠷ
ᠰᠠᠢᠬᠠᠨ ᠤ᠋ ᠪᠡᠯᠭᠡ ᠪᠦᠷᠢᠳᠦᠭᠰᠡᠨ ᠥᠯᠵᠡᠢᠲᠦ ᠬᠠᠪᠤᠷ ᠤ᠋ᠨ ᠢᠪᠡᠭᠡᠯ
ᠮᠣᠩᠭᠣᠯ ᠤ᠋ᠨ ᠰᠠᠢᠬᠠᠨ ᠵᠠᠩᠰᠢᠯ ᠢ᠋ᠶ᠋ᠠᠷ ᠢ᠋ᠶ᠋ᠠᠨ ᠬᠠᠳᠠᠭ ᠳᠡᠯᠭᠡᠨ ᠵᠣᠯᠭᠠᠯᠴᠠᠶᠠ
ᠮᠣᠷᠠᠯ ᠤ᠋ᠨ ᠰᠠᠢᠬᠠᠨ ᠶᠣᠰᠣ ᠪᠠᠷ ᠬᠦᠬᠦᠷ ᠰᠣᠯᠢᠯᠴᠠᠨ ᠮᠡᠨᠳᠦᠴᠢᠯᠡᠶ᠎ᠡ
ᠠᠯᠢᠪᠠ ᠪᠦᠬᠦᠨ ᠥᠭᠡᠳᠡᠯᠡᠨ ᠳᠠᠪᠰᠢᠬᠤ ᠰᠢᠨ᠎ᠡ ᠵᠢᠯ
ᠠᠮᠵᠢᠯᠲᠠ ᠪᠦᠲᠦᠭᠡᠯ ᠡᠯᠪᠡᠭᠵᠢᠨ ᠵᠤᠵᠠᠭᠠᠷᠠᠬᠤ ᠰᠢᠨ᠎ᠡ ᠬᠠᠪᠤᠷ
ᠠᠮᠵᠢᠯᠲᠠ ᠶᠡᠬᠡᠲᠡᠢ ᠬᠠᠭᠤᠴᠢᠨ ᠵᠢᠯ ᠢ᠋ᠶ᠋ᠡᠨ ᠦᠳᠡᠶ᠎ᠡ
ᠠᠬᠢᠨ ᠲᠠᠪᠰᠢᠬᠤ ᠰᠢᠨ᠎ᠡ ᠬᠠᠪᠤᠷ ᠢ᠋ᠶ᠋ᠠᠨ ᠤᠭᠲᠤᠶ᠎ᠠ
ᠬᠠᠪᠤᠷ ᠮᠦᠰᠢᠶᠡᠭᠰᠡᠨ ᠰᠢᠨ᠎ᠡ ᠵᠢᠯ ᠳ᠋ᠦ᠍ ᠰᠠᠢᠨ ᠤ᠋ ᠪᠡᠯᠭᠡ ᠲᠡᠭᠦᠰ
ᠬᠠᠳᠠᠭ ᠳᠡᠯᠭᠡᠭᠰᠡᠨ ᠠᠢᠯᠴᠢᠨ ᠭᠡᠢᠴᠢᠳ ᠮᠠᠩᠨᠠᠢ ᠲᠡᠨᠢᠢᠮ᠎ᠡ ᠪᠠᠶᠠᠷ
ᠲᠥᠷᠥ ᠤᠯᠤᠰ ᠲᠦᠪᠰᠢᠷᠡᠨ ᠡᠩᠬᠡᠵᠢᠭᠰᠡᠨ ᠰᠢᠨ᠎ᠡ ᠵᠢᠯ ᠦ᠋ᠨ ᠪᠠᠶᠠᠷ
ᠲᠦᠮᠡᠨ ᠢᠷᠡᠭᠡᠳ ᠪᠠᠶᠠᠵᠢᠨ ᠴᠢᠨᠡᠭᠡᠯᠢᠭᠵᠢᠭᠰᠡᠨ ᠴᠠᠭᠠᠨ ᠰᠠᠷ᠎ᠠ ᠶ᠋ᠢᠨ ᠨᠠᠢᠷ
ᠦᠦᠷ ᠴᠠᠢᠮᠠᠭᠴᠠ ᠪᠠᠶᠠᠷ ᠤ᠋ᠨ ᠫᠤᠤᠵᠢᠩ ᠢ᠋ᠶ᠋ᠠᠷ ᠴᠠᠭᠠᠨ ᠰᠠᠷ᠎ᠠ ᠪᠠᠨ ᠪᠡᠯᠭᠡᠯᠡᠮᠦᠢ
ᠡᠭᠦᠳᠡ ᠰᠡᠬᠦᠮᠡᠬᠴᠡ ᠪᠢᠯᠢᠭ ᠦ᠋ᠨ ᠬᠠᠳᠠᠭ ᠢ᠋ᠶ᠋ᠠᠷ ᠰᠢᠨ᠎ᠡ ᠶ᠋ᠢᠨ ᠵᠣᠴᠢᠨ ᠢ᠋ᠶ᠋ᠠᠨ ᠤᠭᠲᠤᠮᠤᠢ
ᠴᠠᠭ ᠲᠥᠷᠥ ᠶ᠋ᠢᠨ ᠪᠠᠳᠠᠷᠠᠯ ᠳ᠋ᠤ᠌ ᠬᠡᠢ ᠮᠣᠷᠢ ᠲᠠᠢ ᠶᠠᠪᠤᠶ᠎ᠠ
ᠴᠠᠭᠠᠨ ᠰᠠᠷ᠎ᠠ ᠶ᠋ᠢᠨ ᠪᠠᠶᠠᠷ ᠲᠤ᠌ ᠬᠡᠰᠢᠭ ᠪᠤᠶᠠᠨ ᠢ᠋ᠶ᠋ᠠᠨ ᠬᠤᠷᠤᠢᠯᠠᠶ᠎ᠠ
ᠮᠣᠷᠠᠯ ᠤ᠋ᠨ ᠰᠠᠢᠬᠠᠨ ᠤᠯᠠᠮᠵᠢᠯᠠᠯ ᠢ᠋ᠶ᠋ᠠᠷ ᠢ᠋ᠶ᠋ᠠᠨ ᠬᠦᠬᠦᠷ ᠰᠣᠯᠢᠯᠴᠠᠨ ᠵᠣᠯᠭᠠᠯᠴᠠᠶᠠ
ᠮᠣᠩᠭᠣᠯ ᠤ᠋ᠨ ᠡᠷᠬᠢᠮ ᠳᠠᠳᠬᠠᠯ ᠢ᠋ᠶ᠋ᠠᠷ ᠢ᠋ᠶ᠋ᠠᠨ ᠰᠡᠷᠵᠢᠮ ᠡᠷᠭᠦᠨ ᠨᠠᠢᠷᠠᠯᠳᠤᠶᠠ
ᠪᠠᠶᠠᠷ ᠤ᠋ᠨ ᠬᠤᠨᠳᠠᠭ᠎ᠠ ᠪᠠᠨ ᠡᠷᠭᠦᠨ ᠪᠠᠢᠵᠤ ᠴᠠᠭᠠᠨ ᠰᠠᠷ᠎ᠠ ᠪᠠᠨ ᠤᠭᠲᠤᠶ᠎ᠠ
ᠪᠠᠬᠠᠳᠤᠯᠲᠤ ᠳᠠᠭᠤᠤ ᠪᠠᠨ ᠳᠠᠭᠤᠯᠠᠨ ᠪᠠᠢᠵᠤ ᠰᠠᠳᠤᠨ ᠲᠥᠷᠥᠯ ᠲᠡᠢ ᠪᠡᠨ ᠨᠠᠢᠷᠯᠠᠶ᠎ᠠ
ᠡᠯᠪᠡᠭ ᠬᠤᠷᠢᠶᠠᠯᠲᠠ ᠪᠠᠨ ᠪᠡᠯᠭᠡᠯᠡᠨ ᠨᠠᠢᠷᠯᠠᠬᠤᠶᠠ ᠡᠷᠦᠬᠡ ᠪᠦᠷᠢ ᠪᠠᠶᠠᠷ ᠲᠠᠢ
ᠴᠠᠭᠠᠨ ᠰᠠᠷ᠎ᠠ ᠪᠠᠨ ᠪᠠᠶᠠᠷᠯᠠᠨ ᠤᠭᠲᠤᠬᠤᠶ᠎ᠠ ᠬᠥᠮᠦᠨ ᠪᠦᠬᠦᠨ ᠵᠢᠷᠭᠠᠯ ᠲᠠᠢ
ᠥᠭᠡᠷᠡᠴᠢᠯᠡᠯᠲᠡ ᠶ᠋ᠢᠨ ᠠᠴᠢ ᠪᠠᠷ ᠪᠠᠶᠠᠵᠢᠬᠤ ᠥᠨᠢᠷ ᠴᠠᠭᠠᠨ ᠰᠠᠷ᠎ᠠ
ᠣᠳᠣᠬᠢᠴᠢᠯᠠᠯᠲᠠ ᠶ᠋ᠢᠨ ᠬᠡᠰᠢᠭ ᠢ᠋ᠶ᠋ᠡᠷ ᠳᠡᠭᠵᠢᠷᠡᠬᠦ ᠥᠯᠵᠡᠢᠲᠦ ᠰᠢᠨ᠎ᠡ ᠣᠨ
ᠥᠭᠡᠷᠡᠴᠢᠯᠡᠯᠲᠡ ᠶ᠋ᠢᠨ ᠪᠦᠷᠢᠶ᠎ᠡ ᠰᠢᠨ᠎ᠡ ᠵᠢᠯ ᠳ᠋ᠦ᠍ ᠦᠪᠡᠳᠡᠭᠰᠢ ᠪᠠᠶᠠᠷ ᠠᠪᠴᠢᠷᠠᠨᠠᠮ
ᠣᠳᠣᠬᠢᠴᠢᠯᠠᠯᠲᠠ ᠶ᠋ᠢᠨ ᠴᠤᠤᠷᠢᠶ᠎ᠠ ᠬᠣᠲᠠ ᠬᠥᠳᠡᠭᠡ ᠳ᠋ᠦ᠍ ᠠᠤᠭ᠎ᠠ ᠵᠢᠷᠤᠭ ᠳᠡᠯᠭᠡᠨᠡᠮ
ᠣᠭᠲᠠᠷᠭᠤᠢ ᠴᠡᠯᠮᠡᠭᠰᠢᠵᠦ ᠨᠠᠷᠠᠨ ᠬᠡᠷᠡᠯᠳᠦᠭᠡᠳ ᠰᠢᠨ᠎ᠡ ᠶ᠋ᠢᠨ ᠪᠠᠶᠠᠷ ᠬᠥᠭᠵᠢᠩᠭᠦᠢ
ᠥᠷᠭᠥᠭᠡ ᠰᠢᠨᠡᠳᠴᠦ ᠭᠡᠷ ᠰᠠᠷᠠᠭᠤᠯᠵᠢᠭᠠᠳ ᠡᠷᠢᠨ ᠦ᠌ ᠠᠮᠢᠳᠤᠷᠠᠯ ᠪᠠᠶᠠᠰᠤᠩᠭᠤᠢ
ᠮᠣᠷᠢᠨ ᠬᠤᠭᠤᠷ ᠤ᠋ᠨ ᠬᠥᠩᠭᠢᠨᠡᠯ ᠳ᠋ᠦ᠍ ᠰᠠᠭᠠᠯᠢ ᠶ᠋ᠢᠨ ᠠᠷᠢᠬᠢ ᠪᠢᠯᠬᠠᠨᠠᠮ
ᠮᠣᠩᠭᠣᠯ ᠨᠤᠲᠤᠭ ᠤ᠋ᠨ ᠬᠥᠭᠵᠢᠯ ᠳ᠋ᠦ᠍ ᠤᠶᠠᠩᠭ᠎ᠠ ᠰᠢᠯᠦᠭ ᠤᠨᠳᠤᠷᠤᠨᠠᠮ
ᠬᠣᠲᠠ ᠳᠦᠭᠦᠷᠡᠩ ᠬᠤᠭᠤᠷ ᠬᠦᠩᠭᠢᠨᠡᠭᠰᠡᠨ ᠴᠠᠭᠠᠨ ᠰᠠᠷ᠎ᠠ ᠶ᠋ᠢᠨ ᠪᠠᠶᠠᠷ
ᠬᠤᠨᠳᠠᠭ᠎ᠠ ᠳᠦᠭᠦᠷᠡᠩ ᠠᠷᠠᠵᠠ ᠪᠢᠯᠬᠠᠭᠰᠠᠨ ᠡᠯᠪᠡᠭ ᠵᠢᠯ ᠦ᠋ᠨ ᠨᠠᠢᠷ
ᠰᠢᠨᠵᠢᠯᠡᠬᠦ ᠤᠬᠠᠭᠠᠨ ᠡᠷᠳᠡᠮ ᠮᠡᠷᠭᠡᠵᠢᠯ ᠢᠷᠡᠬᠦ ᠣᠨ ᠤ᠋ ᠬᠦᠯᠦᠭ
ᠰᠢᠨ᠎ᠡ ᠬᠥᠭᠵᠢᠯ ᠶᠡᠬᠡ ᠮᠠᠨᠳᠤᠯ ᠤᠭᠲᠤᠬᠤ ᠵᠢᠯ ᠦ᠋ᠨ ᠪᠡᠯᠡᠭ
ᠬᠠᠳᠠᠭ ᠬᠦᠬᠦᠷ ᠰᠣᠯᠢᠯᠴᠠᠭᠰᠠᠨ ᠬᠠᠯᠠᠭᠤᠨ ᠨᠠᠢᠷ ᠲᠠᠢ ᠴᠠᠭᠠᠨ ᠰᠠᠷ᠎ᠠ
ᠬᠠᠩᠭᠢᠨᠠᠮ᠎ᠠ ᠳᠠᠭᠤᠤ ᠠᠶᠠᠯᠠᠭᠤᠯᠤᠭᠰᠠᠨ ᠬᠠᠪᠤ ᠴᠡᠩᠭᠡᠯᠲᠦ ᠰᠢᠨ᠎ᠡ ᠣᠨ
ᠥᠯᠵᠡᠢ ᠪᠡᠯᠭᠡ ᠲᠡᠢ ᠪᠤᠶᠠᠨᠲᠤ ᠴᠠᠭᠠᠨ ᠰᠠᠷ᠎ᠠ
ᠥᠭᠡᠳᠡᠯᠡᠯ ᠳᠡᠭᠵᠢᠷᠡᠯ ᠲᠡᠢ ᠪᠠᠳᠠᠷᠠᠯᠲᠤ ᠰᠢᠨ᠎ᠡ ᠵᠢᠯ
ᠥᠯᠵᠡᠢ ᠪᠡᠯᠭᠡᠲᠦ ᠴᠠᠭᠠᠨ ᠰᠠᠷ᠎ᠠ ᠪᠡᠯᠭᠡ ᠲᠠᠮᠪᠠᠷᠠᠯ ᠣᠯᠠᠨᠲᠠᠢ
ᠥᠭᠡᠳᠡ ᠡᠰᠡᠷᠡᠭ ᠰᠢᠨ᠎ᠡ ᠵᠢᠯ ᠬᠡᠢ ᠮᠣᠷᠢ ᠰᠠᠢᠲᠠᠢ
ᠪᠦᠲᠦᠭᠡᠯ ᠰᠠᠢᠲᠠᠢ ᠬᠠᠭᠤᠴᠢᠨ ᠵᠢᠯ ᠢ᠋ᠶ᠋ᠡᠨ ᠦᠳᠡᠨᠡᠮ
ᠪᠦᠭᠦᠳᠡᠭᠡᠷ ᠮᠠᠨᠳᠤᠬᠤ ᠰᠢᠨ᠎ᠡ ᠵᠢᠯ ᠢ᠋ᠶ᠋ᠡᠨ ᠤᠭᠲᠤᠨᠠᠮ
ᠮᠢᠩᠭᠠᠨ ᠪᠠᠶᠠᠷ ᠪᠢᠯᠬᠠᠭᠰᠠᠨ ᠪᠠᠶᠠᠷᠲᠤ ᠴᠠᠭᠠᠨ ᠰᠠᠷ᠎ᠠ
ᠲᠦᠮᠡᠨ ᠥᠯᠵᠡᠢ ᠪᠦᠷᠢᠳᠦᠭᠰᠡᠨ ᠪᠡᠯᠭᠡᠲᠦ ᠰᠠᠢᠬᠠᠨ ᠬᠠᠪᠤᠷ
ᠰᠢᠨᠵᠢᠯᠡᠬᠦ ᠤᠬᠠᠭᠠᠨ ᠢ᠋ ᠡᠷᠬᠢᠮᠯᠡᠪᠡᠰᠦ ᠣᠨ ᠣᠨ ᠥᠭᠡᠳᠡ
ᠰᠢᠳᠤᠷᠭᠤ ᠬᠥᠳᠡᠯᠮᠦᠷᠢ ᠶ᠋ᠢ ᠲᠦᠰᠢᠭᠯᠡᠪᠡᠯ ᠵᠢᠯ ᠵᠢᠯ ᠡᠰᠡᠷᠡᠭ
ᠲᠡᠭᠦᠰ ᠠᠮᠵᠢᠯᠲᠠ ᠪᠠᠷ ᠬᠠᠭᠤᠴᠢᠨ ᠵᠢᠯ ᠢ᠋ᠶ᠋ᠡᠨ ᠦᠳᠡᠨᠡᠮ
ᠲᠡᠨᠢᠭᠦᠨ ᠰᠡᠳᠬᠢᠯ ᠢ᠋ᠶ᠋ᠡᠷ ᠰᠢᠨ᠎ᠡ ᠠᠮᠢᠯᠠᠯ ᠢ᠋ᠶ᠋ᠠᠨ ᠤᠭᠲᠤᠨᠠᠮ
ᠲᠡᠷᠢᠭᠦᠯᠡᠭᠴᠢ ᠴᠡᠴᠡᠭ ᠤᠷᠢᠨ ᠬᠠᠪᠤᠷ ᠢ᠋ ᠮᠡᠳᠡᠭᠡᠯᠡᠨᠡᠮ
ᠲᠦᠮᠡᠨ ᠪᠣᠳᠠᠰ ᠰᠢᠨ᠎ᠡ ᠠᠮᠢᠯᠠᠯ ᠢ᠋ᠶ᠋ᠠᠨ ᠤᠭᠲᠤᠨᠠᠮ
ᠠᠮᠢᠯᠠᠬᠴᠢ᠄ ᠰ ᠳᠠᠯᠠᠨᠪᠠᠶᠠᠷ
2024.1.2
