ᠰᠢᠨ᠎ᠡ ᠵᠢᠯ᠂ ᠴᠠᠭᠠᠨ ᠰᠠᠷ᠎ᠠ ᠶ᠋ᠢᠨ ᠬᠣᠣᠰ ᠤᠶᠠᠩᠭ᠎ᠠ(ᠨᠢᠭᠡ)Шинэ жил, цагаан сарын хос уянга
ᠰᠢᠨ᠎ᠡ ᠵᠢᠯ᠂ ᠴᠠᠭᠠᠨ ᠰᠠᠷ᠎ᠠ ᠶ᠋ᠢᠨ ᠬᠣᠣᠰ ᠤᠶᠠᠩᠭ᠎ᠠ 01
ᠰᠢᠨ᠎ᠡ ᠵᠢᠯ᠂ ᠰᠢᠨ᠎ᠡ ᠬᠠᠪᠤᠷ᠂ ᠰᠢᠨ᠎ᠡ ᠨᠠᠢᠷ ᠰᠠᠢᠬᠠᠨ
ᠰᠢᠨ᠎ᠡ ᠴᠠᠭ᠂ ᠰᠢᠨ᠎ᠡ ᠶᠣᠰᠣ᠂ ᠰᠢᠨᠡᠴᠢᠯᠡᠯ ᠥᠭᠡᠷᠡᠴᠢᠯᠡᠯ ᠰᠠᠢᠨ
ᠮᠥᠩᠬᠡ ᠲᠡᠭᠷᠢ ᠶ᠋ᠢᠨ ᠪᠡᠯᠭᠡᠲᠦ ᠴᠡᠴᠡᠭ ᠰᠢᠨ᠎ᠡ ᠵᠢᠯ ᠢ᠋ ᠤᠭᠲᠤᠨᠠᠮ
ᠮᠣᠩᠭᠣᠯ ᠨᠤᠲᠤᠭ ᠤ᠋ᠨ ᠬᠥᠭᠵᠢᠯ ᠪᠠᠳᠠᠷᠠᠯ ᠰᠢᠨ᠎ᠡ ᠡᠷᠢᠨ ᠢ᠋ ᠭᠠᠢᠬᠠᠭᠤᠯᠤᠨᠠᠮ
ᠥᠷᠯᠥᠭᠡ ᠪᠣᠰᠤᠮᠠᠭᠴᠠ ᠪᠠᠶᠠᠷᠯᠠᠯᠳᠤᠨ ᠵᠣᠯᠭᠠᠬᠤ ᠴᠠᠭᠠᠨ ᠰᠠᠷ᠎ᠠ ᠶ᠋ᠢᠨ ᠪᠡᠯᠭᠡᠳᠡᠯ
ᠡᠭᠦᠳᠡ ᠭᠠᠷᠤᠮᠠᠭᠴᠠ ᠪᠠᠶᠠᠷ ᠤᠴᠠᠷᠠᠬᠤ ᠥᠯᠵᠡᠢᠲᠦ ᠡᠳᠦᠷ ᠦ᠋ᠨ ᠤᠴᠠᠷᠠᠯ
ᠣᠨ ᠵᠢᠯ ᠦ᠋ᠨ ᠰᠢᠨ᠎ᠡ ᠬᠦᠷᠳᠦᠨ ᠳ᠋ᠦ᠍ ᠮᠢᠩᠭᠠᠨ ᠮᠢᠩᠭᠠᠨ ᠬᠠᠪᠤᠷ
ᠣᠳᠣᠨ ᠭᠠᠷᠠᠭ ᠤ᠋ᠨ ᠤᠴᠠᠷᠠᠯ ᠮᠠᠨᠳᠤᠯ ᠳ᠋ᠤ᠌ ᠲᠦᠮᠡᠨ ᠲᠦᠮᠡᠨ ᠨᠠᠮᠤᠷ
ᠭᠡᠷᠡᠯᠲᠦ ᠳᠡᠯᠡᠬᠡᠢ ᠶ᠋ᠢᠨ ᠪᠡᠯᠭᠡᠲᠦ ᠴᠠᠰᠤᠨ ᠰᠢᠨ᠎ᠡ ᠬᠠᠪᠤᠷ ᠢ᠋ ᠤᠭᠲᠤᠨᠠᠮ
ᠭᠡᠭᠡᠨ ᠡᠷᠢᠨ ᠦ᠌ ᠴᠠᠭᠠᠨ ᠲᠠᠤᠯᠠᠢ ᠰᠢᠨ᠎ᠡ ᠬᠥᠭᠵᠢᠯ ᠢ᠋ ᠰᠣᠨᠢᠷᠬᠠᠨᠠᠮ
ᠰᠢᠵᠢᠷ ᠨᠠᠷᠠᠨ ᠤ᠋ ᠮᠥᠩᠬᠡ ᠭᠡᠷᠡᠯ ᠳ᠋ᠦ᠍ ᠡᠭᠦᠳᠡ ᠡᠷᠦᠬᠡ ᠭᠡᠭᠡᠨ
ᠰᠢᠨ᠎ᠡ ᠣᠨ ᠤ᠋ ᠪᠠᠶᠠᠷᠲᠤ ᠮᠥᠴᠡ ᠳ᠋ᠦ᠍ ᠠᠳᠠᠯ ᠦᠢᠯᠡᠰ ᠥᠷᠨᠢᠭᠦᠨ
ᠣᠨ ᠣᠨ ᠣᠷᠣᠯᠭ᠎ᠠ ᠨᠡᠮᠡᠭᠳᠡᠵᠦ ᠪᠠᠶᠠᠨ ᠲᠠᠩᠰᠤᠭ
ᠡᠳᠦᠷ ᠡᠳᠦᠷ ᠦᠢᠯᠡᠰ ᠥᠭᠡᠳᠡᠯᠡᠵᠦ ᠬᠥᠮᠦᠨ ᠠᠵᠢᠯᠰᠠᠭ
ᠲᠦᠮᠡᠨ ᠥᠯᠵᠡᠢ ᠮᠢᠩᠭᠠᠨ ᠪᠤᠶᠠᠨ ᠤᠯᠠᠷᠢᠬᠤ ᠡᠷᠦᠬᠡ
ᠲᠦᠪᠰᠢᠨ ᠵᠢᠷᠭᠠᠯ ᠲᠡᠷᠢᠭᠦᠨ ᠪᠠᠶᠠᠷ ᠲᠥᠪᠯᠡᠷᠡᠬᠦ ᠭᠡᠷ
ᠡᠩᠬᠡ ᠵᠢᠷᠭᠠᠯ ᠢ᠋ ᠣᠷᠣᠭᠤᠯᠤᠭᠠᠴᠢ ᠡᠪᠲᠡᠢ ᠰᠠᠢᠬᠠᠨ ᠡᠭᠦᠳᠡ
ᠡᠯᠪᠡᠭ ᠪᠤᠶᠠᠨ ᠢ᠋ ᠡᠳ᠋ᠯᠡᠭᠦᠯᠦᠭᠴᠢ ᠢᠷᠦᠭᠡᠯ ᠲᠡᠢ ᠰᠠᠢᠬᠠᠨ ᠡᠷᠦᠬᠡ
ᠪᠣᠷᠣ ᠲᠣᠬᠣᠢ ᠳ᠋ᠠᠭᠠᠨ ᠰᠦᠯᠳᠡ ᠲᠡᠢ ᠵᠢᠪᠬᠤᠭ᠎ᠠ ᠲᠦᠰᠢᠭᠰᠡᠨ ᠥᠷᠭᠥᠭᠡ
ᠪᠤᠷᠬᠠᠨ ᠱᠠᠰᠢᠨ ᠳ᠋ᠠᠭᠠᠨ ᠢᠪᠡᠭᠡᠯ ᠲᠡᠢ ᠵᠠᠶᠠᠭ᠎ᠠ ᠲᠡᠳᠬᠦᠭᠰᠡᠨ ᠡᠷᠦᠬᠡ
ᠠᠢᠯ ᠰᠠᠭᠠᠬᠠᠯᠲᠠ ᠨᠠᠢᠷᠠᠮᠳᠠᠯ ᠲᠠᠢ ᠬᠥᠮᠦᠨ ᠪᠦᠬᠦᠨ ᠴᠡᠩᠭᠡᠯᠲᠡᠢ
ᠠᠵᠢᠯ ᠦᠢᠯᠡᠰ ᠠᠮᠵᠢᠯᠲᠠ ᠲᠠᠢ ᠡᠷᠦᠬᠡ ᠪᠣᠯᠭᠠᠨ ᠵᠢᠷᠭᠠᠯᠲᠠᠢ
ᠳᠡᠭᠵᠢᠷᠡᠨ ᠮᠠᠨᠳᠤᠬᠤ ᠮᠣᠩᠭᠣᠯ ᠠᠮᠢᠳᠤᠷᠠᠯ ᠪᠤᠶᠠᠨ ᠵᠤᠵᠠᠭᠠᠨ
ᠳᠡᠯᠭᠡᠷᠡᠨ ᠴᠡᠴᠡᠭᠯᠡᠬᠦ ᠰᠢᠨ᠎ᠡ ᠵᠢᠯ ᠬᠡᠰᠢᠭ ᠳᠦᠭᠦᠷᠡᠩ
ᠴᠠᠰᠤᠲᠤ ᠬᠠᠢᠷᠬᠠᠨ ᠤ᠋ ᠣᠷᠭᠢᠯ ᠳ᠋ᠤᠷ ᠲᠡᠷᠢᠭᠦᠯᠡᠭᠴᠢ ᠴᠡᠴᠡᠭ ᠮᠦᠰᠢᠶᠡᠩᠭᠦᠢ
ᠴᠠᠭᠠᠨ ᠰᠠᠷ᠎ᠠ ᠶ᠋ᠢᠨ ᠪᠠᠶᠠᠷ ᠢ᠋ᠶ᠋ᠠᠷ ᠢᠯᠭᠤᠭᠰᠠᠨ ᠳᠠᠭᠤᠨ ᠬᠠᠩᠭᠢᠨᠠᠩᠭᠤᠢ
ᠮᠥᠴᠢᠷ ᠳᠠᠭᠠᠭᠠᠮ᠎ᠠ ᠬᠥᠬᠡ ᠬᠦᠢᠰ ᠰᠢᠨ᠎ᠡ ᠬᠠᠪᠤᠷ ᠢ᠋ ᠪᠡᠯᠭᠡᠳᠡᠨᠡᠮ
ᠮᠥᠷᠡᠨ ᠪᠢᠯᠬᠠᠮ᠎ᠠ ᠤᠯᠠᠭᠠᠨ ᠲᠤᠶᠠᠭ᠎ᠠ ᠰᠢᠨ᠎ᠡ ᠣᠨ ᠢ᠋ ᠤᠭᠲᠤᠨᠠᠮ
ᠬᠠᠭᠤᠴᠢᠨ ᠵᠢᠯ ᠢ᠋ ᠲᠡᠦᠬᠡ ᠶ᠋ᠢᠨ ᠥᠯᠥᠭᠡᠢ ᠳ᠋ᠦ᠍ ᠵᠢᠷᠭᠠᠭᠤᠯᠤᠨᠠᠮ
ᠰᠢᠨ᠎ᠡ ᠣᠨ ᠤ᠋ ᠡᠰᠡᠨᠢᠯ ᠦ᠋ᠨ ᠮᠠᠨᠴᠤᠢ ᠳ᠋ᠤ᠌ ᠪᠦᠪᠡᠢᠯᠡᠨᠡᠮ
ᠠᠯᠲᠠᠨ ᠯᠤᠤ ᠬᠣᠷᠸ᠎ᠠ ᠳ᠋ᠤ᠌ ᠲᠣᠭᠯᠠᠭᠠᠳ ᠰᠢᠨ᠎ᠡ ᠵᠢᠯ ᠢ᠋ᠶ᠋ᠡᠨ ᠠᠮᠢᠯᠠᠭᠤᠯᠤᠨᠠᠮ
ᠬᠠᠰ ᠤ᠋ᠨ ᠲᠠᠤᠯᠠᠢ ᠰᠠᠷᠠᠨ ᠳ᠋ᠤ᠌ ᠪᠥᠵᠢᠭᠯᠡᠭᠡᠳ ᠬᠠᠭᠤᠴᠢᠨ ᠣᠨ ᠢ᠋ᠶ᠋ᠠᠨ ᠦᠳᠡᠨᠡᠮ
ᠲᠡᠭᠷᠢ ᠰᠢᠨ᠎ᠡ ᠣᠨ ᠰᠠᠷ᠎ᠠ ᠶ᠋ᠢ ᠡᠷᠭᠢᠯᠡᠭᠰᠡᠨᠡ ᠬᠥᠮᠦᠨ ᠳ᠋ᠦ᠍ᠷ ᠨᠠᠰᠤᠨ ᠥᠯᠵᠡᠢ ᠨᠡᠮᠡᠭᠳᠡᠮᠦᠢ
ᠭᠠᠵᠠᠷ ᠪᠡᠯᠭᠡᠲᠦ ᠴᠠᠭ ᠤᠯᠠᠷᠢᠯ ᠳ᠋ᠤ᠌ ᠣᠷᠣᠭᠰᠠᠨ᠎ᠠ ᠬᠦᠷᠢᠶᠡᠨ ᠳ᠋ᠦ᠍ᠷ ᠬᠡᠰᠢᠭ ᠪᠤᠶᠠᠨ ᠠᠷᠪᠢᠳᠤᠮᠤᠢ
ᠪᠠᠶᠠᠷ ᠨᠠᠢᠷ ᠪᠢᠯᠬᠠᠵᠤ ᠴᠠᠯᠭᠢᠭ᠌ᠰᠠᠨ ᠴᠠᠭᠠᠨ ᠰᠠᠷ᠎ᠠ
ᠪᠠᠯ ᠪᠤᠷᠠᠮ ᠠᠭᠤᠰᠴᠤ ᠰᠢᠩᠭᠡᠭᠰᠡᠨ ᠵᠢᠷᠭᠠᠯᠲᠤ ᠠᠮᠢᠳᠤᠷᠠᠯ
ᠠᠮᠢᠯᠠᠭᠴᠢ᠄ ᠰ ᠳᠠᠯᠠᠨᠪᠠᠶᠠᠷ
2023.12.30
