ᠰᠢᠨ᠎ᠡ ᠵᠢᠯ᠂ ᠴᠠᠭᠠᠨ ᠰᠠᠷ᠎ᠠ ᠶ᠋ᠢᠨ ᠬᠣᠣᠰ ᠤᠶᠠᠩᠭ᠎ᠠ(ᠭᠤᠷᠪᠠ)Шинэ жил, цагаан сарын хос уянга ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ ᠵᠢᠯ᠂ ᠴᠠᠭᠠᠨ ᠰᠠᠷ᠎ᠠ ᠶ᠋ᠢᠨ ᠬᠣᠣᠰ ᠤᠶᠠᠩᠭ᠎ᠠ(ᠭᠤᠷᠪᠠ)Шинэ жил, цагаан сарын хос уянга

ᠰᠢᠨ᠎ᠡ ᠵᠢᠯ᠂ ᠴᠠᠭᠠᠨ ᠰᠠᠷ᠎ᠠ ᠶ᠋ᠢᠨ ᠬᠣᠣᠰ ᠤᠶᠠᠩᠭ᠎ᠠ(ᠭᠤᠷᠪᠠ)Шинэ жил, цагаан сарын хос уянга

2024-01-23

1999

ᠰᠢᠨ᠎ᠡ ᠵᠢᠯ᠂ ᠴᠠᠭᠠᠨ ᠰᠠᠷ᠎ᠠ ᠶ᠋ᠢᠨ ᠬᠣᠣᠰ ᠤᠶᠠᠩᠭ᠎ᠠ(ᠭᠤᠷᠪᠠ)

ᠪᠠᠶᠠᠷ ᠴᠡᠩᠭᠡᠯ ᠢ᠋ᠶ᠋ᠡᠷ ᠪᠢᠯᠬᠠᠭᠰᠠᠨ ᠪᠠᠶᠠᠨ ᠡᠯᠪᠡᠭ ᠵᠢᠯ  
ᠪᠠᠶᠠᠵᠢᠯ ᠤ᠋ᠨ ᠢᠷᠦᠭᠡᠯ ᠰᠢᠩᠭᠡᠭᠰᠡᠨ ᠪᠠᠶᠠᠷᠲᠤ ᠰᠠᠢᠬᠠᠨ ᠣᠨ 
ᠴᠠᠭ ᠤ᠋ᠨ ᠪᠠᠢᠳᠠᠯ ᠡᠩᠬᠡ ᠲᠦᠪᠰᠢᠨ ᠵᠢᠯ ᠦ᠋ᠨ ᠥᠩᠭᠡ ᠲᠡᠭᠰᠢ  
ᠴᠠᠭᠯᠠᠰᠢ ᠦᠭᠡᠢ ᠪᠠᠶᠠᠷ ᠴᠡᠩᠭᠡᠯ ᠤᠯᠠᠷᠢᠯ ᠤ᠋ᠨ ᠪᠠᠢᠳᠠᠯ ᠨᠠᠮᠵᠢᠭᠤᠨ  
ᠮᠣᠩᠭᠣᠯ ᠤ᠋ᠨ ᠰᠠᠢᠬᠠᠨ ᠵᠠᠩᠰᠢᠯ ᠢ᠋ᠶ᠋ᠠᠷ ᠬᠠᠳᠠᠭ ᠳᠡᠯᠭᠡᠨ ᠵᠣᠯᠭᠠᠶ᠎ᠠ  
ᠮᠡᠨᠳᠦ ᠶ᠋ᠢᠨ ᠰᠠᠢᠬᠠᠨ ᠶᠣᠰᠣ ᠪᠠᠷ ᠬᠦᠬᠦᠷ ᠰᠣᠯᠢᠯᠴᠠᠨ ᠮᠡᠨᠳᠦᠴᠢᠯᠡᠶ᠎ᠡ  
ᠰᠠᠮᠪᠠᠢ ᠬᠠᠳᠠᠭ ᠢ᠋ᠶ᠋ᠠᠨ ᠳᠡᠯᠭᠡᠨ ᠪᠠᠢᠵᠤ ᠬᠠᠭᠤᠴᠢᠨ ᠣᠨ ᠢ᠋ᠶ᠋ᠠᠨ ᠦᠳᠡᠶ᠎ᠡ  
ᠰᠠᠭᠠᠯᠢ ᠶ᠋ᠢᠨ ᠠᠷᠢᠬᠢ ᠪᠠᠨ ᠡᠷᠭᠦᠨ ᠪᠠᠢᠵᠤ ᠰᠢᠨ᠎ᠡ ᠵᠢᠯ ᠢ᠋ᠶ᠋ᠡᠨ ᠤᠭᠲᠤᠶ᠎ᠠ  
ᠬᠥᠬᠡ ᠮᠣᠩᠭᠣᠯ ᠤ᠋ᠨ ᠣᠨᠳᠣᠷᠣᠯ ᠮᠢᠩᠭᠠᠨ ᠮᠢᠩᠭᠠᠨ ᠬᠠᠪᠤᠷ  
ᠬᠥᠳᠡᠭᠡ ᠨᠤᠲᠤᠭ ᠤ᠋ᠨ ᠠᠮᠢᠳᠤᠷᠠᠯ ᠵᠢᠯ ᠵᠢᠯ ᠳᠡᠯᠭᠡᠷ   

ᠠᠮᠵᠢᠯᠲᠠ ᠪᠦᠲᠦᠭᠡᠯ ᠲᠡᠢ ᠬᠠᠭᠤᠴᠢᠨ ᠵᠢᠯ ᠢ᠋ᠶ᠋ᠡᠨ ᠦᠳᠡᠮᠦᠢ  
ᠠᠬᠢᠨ ᠳᠠᠪᠰᠢᠬᠤ ᠰᠢᠨ᠎ᠡ ᠵᠢᠯ ᠢ᠋ᠶ᠋ᠡᠨ ᠤᠭᠲᠤᠮᠤᠢ  
ᠭᠡᠷᠡᠯᠲᠦ ᠨᠠᠷᠠᠨ ᠲᠤᠶᠠᠭᠠᠷᠠᠵᠤ ᠭᠡᠷ ᠬᠣᠲᠠᠯᠠᠭᠠᠷ ᠪᠠᠶᠠᠰᠬᠤᠯᠠᠩ  
ᠭᠡᠢᠴᠢᠨ ᠵᠣᠴᠢᠨ ᠨᠠᠢᠷᠯᠠᠵᠤ ᠰᠢᠨ᠎ᠡ ᠵᠢᠯ ᠳᠦᠭᠦᠷᠡᠩ  
ᠮᠢᠩᠭᠠᠨ ᠲᠦᠮᠡᠨ ᠵᠣᠭᠣᠰ ᠲᠠᠢ ᠪᠣᠯ  
ᠮᠠᠨᠳᠤᠬᠤ ᠪᠠᠶᠠᠨ ᠠᠮᠢᠳᠤᠷᠠᠯ ᠲᠠᠢ ᠪᠣᠯ  
ᠪᠣᠭᠳᠠ ᠡᠵᠡᠨ ᠦ᠌ ᠢᠪᠡᠭᠡᠯ ᠳ᠋ᠦ᠍ ᠪᠤᠶᠠᠨ ᠬᠡᠰᠢᠭ ᠬᠤᠷᠠᠮᠤᠢ   
ᠪᠡᠯᠭᠡᠲᠦ ᠣᠨ ᠤ᠋ ᠠᠮᠢᠳᠤᠷᠠᠯ ᠳ᠋ᠤ᠌ ᠪᠠᠶᠠᠨ ᠡᠷᠬᠢᠮ ᠣᠷᠣᠰᠢᠮᠤᠢ  
ᠥᠯᠵᠡᠢ ᠵᠢᠷᠭᠠᠯ ᠳᠡᠯᠭᠡᠷᠡᠨ ᠪᠠᠳᠠᠷᠠᠬᠤ ᠰᠢᠵᠢᠷ ᠠᠯᠲᠠᠨ ᠣᠨ 
ᠥᠷᠭᠡᠨ ᠬᠡᠰᠢᠭ ᠪᠠᠳᠠᠷᠠᠨ ᠠᠷᠪᠢᠵᠢᠬᠤ ᠰᠢᠨ᠎ᠡ ᠴᠠᠭᠠᠨ ᠰᠠᠷ᠎ᠠ   

ᠪᠠᠶᠠᠷ ᠤ᠋ᠨ ᠠᠭᠤᠷ ᠪᠢᠯᠬᠠᠭᠰᠠᠨ ᠥᠯᠵᠡᠢᠲᠦ ᠴᠠᠭᠠᠨ ᠰᠠᠷ᠎ᠠ  
ᠪᠠᠶᠠᠵᠢᠯ ᠤ᠋ᠨ ᠵᠠᠮ ᠳᠤᠷᠠᠢᠭᠰᠠᠨ ᠪᠡᠯᠭᠡᠲᠦ ᠰᠢᠨ᠎ᠡ ᠵᠢᠯ  
ᠰᠢᠨ᠎ᠡ ᠵᠢᠯ ᠦ᠋ᠨ ᠬᠡᠰᠢᠭ ᠭᠦᠷᠦᠨ ᠦ᠌ ᠪᠠᠢᠳᠠᠯ ᠠᠮᠤᠭᠤᠯᠠᠩ  
ᠴᠠᠭᠠᠨ ᠰᠠᠷ᠎ᠠ ᠶ᠋ᠢᠨ ᠪᠤᠶᠠᠨ ᠬᠥᠮᠦᠨ ᠦ᠌ ᠴᠢᠷᠠᠢ ᠦᠵᠡᠰᠬᠦᠯᠡᠩ  
ᠠᠭᠤᠯᠠ ᠦᠵᠡᠰᠬᠦᠯᠡᠩ ᠤᠰᠤ ᠲᠤᠩᠭᠠᠯᠠᠭ ᠰᠢᠨ᠎ᠡ ᠬᠠᠪᠤᠷ ᠤ᠋ᠨ ᠲᠡᠮᠳᠡᠭ  
ᠤᠶᠠᠩᠭ᠎ᠠ ᠢᠷᠠᠭᠤ ᠨᠠᠢᠷ ᠬᠥᠭᠵᠢᠭᠦᠨ ᠰᠢᠨ᠎ᠡ ᠵᠢᠯ ᠦ᠋ᠨ ᠪᠡᠯᠭᠡ  
ᠥᠩᠭᠡᠲᠦ ᠣᠨ ᠤ᠋ ᠲᠠᠩᠰᠤᠭ ᠠᠮᠢᠳᠤᠷᠠᠯ ᠰᠢᠵᠢᠷ  ᠪᠠᠶᠠᠨ  
ᠥᠯᠵᠡᠢᠲᠦ ᠵᠢᠯ ᠦ᠋ᠨ ᠥᠨᠢᠷ ᠵᠢᠷᠭᠠᠯ ᠳᠡᠯᠭᠡᠷ ᠪᠠᠶᠠᠨ  
ᠵᠢᠯ ᠵᠢᠯ ᠳ᠋ᠡᠭᠡᠨ ᠳᠡᠭᠵᠢᠷᠡᠬᠦ ᠡᠷᠦᠬᠡ  
ᠣᠨ ᠣᠨ ᠳ᠋ᠠᠭᠠᠨ ᠥᠭᠡᠳᠡᠯᠡᠬᠦ ᠠᠢᠯ   

ᠣᠨ ᠵᠢᠯ ᠦ᠋ᠨ ᠲᠡᠦᠬᠡᠨ ᠬᠦᠷᠳᠦᠨ ᠳ᠋ᠦ᠍ᠷ ᠮᠢᠩᠭᠠᠨ ᠮᠢᠩᠭᠠᠨ ᠬᠠᠪᠤᠷ  
ᠣᠳᠣᠨ ᠭᠠᠷᠠᠭ ᠤ᠋ᠨ ᠣᠷᠴᠢᠯ ᠮᠠᠨᠳᠤᠯ ᠳ᠋ᠤᠷ ᠲᠦᠮᠡᠨ ᠲᠦᠮᠡᠨ ᠨᠠᠮᠤᠷ  
ᠬᠠᠰ ᠤ᠋ᠨ ᠮᠣᠳᠣᠨ᠎ᠠ ᠪᠠᠶᠠᠷ ᠤ᠋ᠨ ᠱᠠᠭᠠᠵᠠᠭᠠᠢ ᠱᠠᠭᠰᠢᠨᠠᠮ  
ᠬᠠᠪᠤᠷ ᠤ᠋ᠨ ᠤᠷᠢᠨ᠎ᠠ ᠰᠢᠨ᠎ᠡ ᠶ᠋ᠢᠨ ᠳᠠᠭᠤᠤ ᠬᠠᠩᠭᠢᠨᠠᠨᠠᠮ  
ᠬᠡᠢ ᠮᠣᠷᠢ ᠮᠠᠨᠳᠤᠭᠰᠠᠨ ᠥᠯᠵᠡᠢᠲᠦ ᠭᠡᠷ ᠬᠠᠭᠤᠴᠢᠨ ᠵᠢᠯ ᠢ᠋ᠶ᠋ᠡᠨ ᠦᠳᠡᠨᠡᠮ  
ᠬᠡᠰᠢᠭ ᠪᠤᠶᠠᠨ ᠬᠤᠷᠠᠭᠰᠠᠨ ᠵᠢᠷᠭᠠᠯᠲᠤ ᠡᠷᠦᠬᠡ ᠰᠢᠨ᠎ᠡ ᠵᠢᠯ ᠢ᠋ᠶ᠋ᠡᠨ ᠤᠭᠲᠤᠨᠠᠮ   
ᠲᠦᠮᠡᠨ ᠦᠵᠡᠮᠵᠢ ᠪᠦᠷᠢᠳᠦᠭᠰᠡᠨ ᠪᠠᠶᠠᠨ ᠡᠷᠬᠢᠮ ᠬᠠᠪᠤᠷ  
ᠮᠢᠩᠭᠠᠨ ᠪᠠᠶᠠᠷ ᠳᠠᠪᠬᠤᠴᠠᠭᠰᠠᠨ ᠪᠡᠯᠭᠡᠲᠦ ᠴᠠᠭᠠᠨ ᠰᠠᠷ᠎ᠠ  
ᠬᠠᠳᠠᠭ ᠬᠦᠬᠦᠷ ᠰᠣᠯᠢᠯᠴᠠᠭᠰᠠᠨ ᠬᠠᠯᠠᠭᠤᠨ ᠨᠠᠢᠷ ᠲᠠᠢ ᠴᠠᠭᠠᠨ ᠰᠠᠷ᠎ᠠ  
ᠬᠠᠩᠭᠢᠨᠠᠮ᠎ᠠ ᠳᠠᠭᠤᠤ ᠠᠶᠠᠯᠤᠭᠤᠯᠤᠭᠰᠠᠨ ᠬᠠᠪᠤ ᠴᠡᠩᠭᠡᠯᠲᠦ ᠰᠢᠨ᠎ᠡ ᠣᠨ   

ᠰᠢᠨᠵᠢᠯᠡᠬᠦ ᠤᠬᠠᠭᠠᠨ ᠡᠷᠳᠡᠮ ᠮᠡᠷᠭᠡᠵᠢᠯ ᠢᠷᠡᠬᠦ ᠣᠨ ᠤ᠋ ᠬᠦᠯᠦᠭ  
ᠰᠢᠨ᠎ᠡ ᠬᠥᠭᠵᠢᠯ ᠶᠡᠬᠡ ᠮᠠᠨᠳᠤᠯ ᠤᠭᠲᠤᠬᠤ ᠵᠢᠯ ᠦ᠋ᠨ ᠪᠡᠯᠡᠭ  
ᠬᠣᠲᠠ ᠳᠦᠭᠦᠷᠡᠩ ᠬᠤᠭᠤᠷ ᠬᠦᠩᠭᠢᠨᠡᠭᠰᠡᠨ ᠴᠠᠭᠠᠨ ᠰᠠᠷ᠎ᠠ ᠶ᠋ᠢᠨ ᠪᠠᠶᠠᠷ  
ᠬᠤᠨᠳᠠᠭ᠎ᠠ ᠳᠦᠭᠦᠷᠡᠩ ᠠᠷᠠᠵᠠ ᠪᠢᠯᠬᠠᠭᠰᠠᠨ ᠡᠯᠪᠡᠭ ᠵᠢᠯ ᠦ᠋ᠨ ᠨᠠᠢᠷ  
ᠤᠷᠤᠭᠰᠢᠯᠠᠵᠤ ᠲᠠᠪᠰᠢᠬᠤ ᠠᠯᠬᠤᠭ᠎ᠠ ᠪᠠᠨ ᠤᠯᠠᠮ ᠬᠤᠷᠳᠤᠳᠬᠠᠬᠤ ᠵᠢᠯ  
ᠥᠭᠡᠷᠡᠴᠢᠯᠡᠯᠲᠡ ᠬᠢᠬᠦ ᠨᠠᠢᠷᠠᠯ ᠢ᠋ᠶ᠋ᠠᠨ ᠳᠠᠶᠠᠭᠠᠷ ᠢ᠋ᠶ᠋ᠠᠨ ᠬᠥᠭᠵᠢᠮᠳᠡᠬᠦ ᠣᠨ  
ᠰᠢᠯᠢᠳᠡᠭ ᠠᠮᠵᠢᠯᠲᠠ ᠪᠠᠷ ᠢ᠋ᠶ᠋ᠠᠨ ᠰᠢᠨ᠎ᠡ ᠵᠢᠯ ᠢ᠋ᠶ᠋ᠡᠨ ᠤᠭᠲᠤᠶ᠎ᠠ  
ᠰᠢᠷᠭᠠᠭᠤ ᠬᠥᠳᠡᠯᠮᠦᠷᠢ ᠪᠡᠷ ᠢ᠋ᠶ᠋ᠡᠨ ᠰᠢᠨ᠎ᠡ ᠡᠭᠦᠷᠭᠡ ᠪᠡᠨ ᠪᠡᠶᠡᠯᠡᠭᠦᠯᠦᠶ᠎ᠡ  
ᠲᠠᠪᠤᠨ ᠲᠠᠷᠢᠶ᠎ᠠ ᠬᠠᠯᠢᠭᠤᠷᠠᠭᠠᠳ ᠵᠢᠯ ᠵᠢᠯ ᠡᠯᠪᠡᠭ  
ᠲᠠᠩᠰᠤᠭ ᠠᠮᠢᠳᠤᠷᠠᠯ ᠰᠠᠢᠵᠢᠷᠠᠭᠠᠳ ᠣᠨ ᠣᠨ ᠡᠰᠡᠷᠡᠭ   

ᠮᠥᠴᠢᠷ ᠰᠣᠶᠣᠭᠠᠯᠠᠵᠤ ᠨᠠᠪᠴᠢ ᠨᠠᠬᠢᠶᠠᠯᠠᠭᠠᠳ ᠬᠥᠳᠡᠭᠡ ᠳᠦᠭᠦᠷᠡᠩ ᠰᠢᠨ᠎ᠡ  
ᠮᠥᠰᠥ ᠬᠠᠢᠯᠵᠤ ᠴᠠᠰᠤ ᠬᠡᠰᠦᠭᠡᠳ ᠲᠠᠯ᠎ᠠ ᠳᠦᠭᠦᠷᠡᠩ ᠬᠠᠪᠤᠷ  
ᠰᠠᠮᠪᠠᠢ ᠬᠠᠳᠠᠭ ᠰᠢᠨ᠎ᠡ ᠶ᠋ᠢᠨ ᠵᠣᠯᠭᠠᠯᠲᠠ ᠰᠠᠷᠠᠨ ᠳᠠᠭᠢᠨᠢ ᠶ᠋ᠢ  ᠪᠠᠶᠠᠰᠬᠠᠪᠠᠢ 
ᠰᠠᠨᠠᠯ ᠤ᠋ᠨ ᠰᠣᠯᠣᠩᠭ᠎ᠠ ᠰᠡᠳᠬᠢᠯ ᠦ᠋ᠨ ᠵᠡᠷᠭᠡᠯᠭᠡᠨ ᠨᠠᠷᠠᠨ ᠠᠪᠠᠬᠠᠢ ᠶ᠋ᠢ ᠮᠦᠰᠢᠶᠡᠯᠬᠡᠪᠡᠢ 
ᠥᠯᠵᠡᠢ ᠪᠤᠶᠠᠨᠲᠤ ᠰᠢᠨ᠎ᠡ ᠵᠢᠯ ᠬᠠᠳᠠᠭ ᠳᠦᠭᠦᠷᠡᠩ ᠢᠷᠦᠭᠡᠯ  
ᠥᠭᠡᠳᠡ ᠡᠰᠡᠷᠡᠭ ᠣᠨ ᠵᠢᠯ ᠬᠠᠨᠳᠢᠪ ᠪᠢᠯᠬᠠᠮ᠎ᠠ ᠦᠢᠯᠡᠰ  
ᠮᠥᠩᠭᠥᠨ ᠲᠠᠭᠲᠠᠭ᠎ᠠ ᠣᠭᠲᠠᠷᠭᠤᠢ ᠳ᠋ᠤᠷ ᠨᠢᠰᠦᠯᠴᠡᠨ ᠲᠦᠪᠰᠢᠨ ᠵᠢᠯ ᠢ᠋ ᠪᠡᠯᠭᠡᠳᠡᠨᠡᠮ  
ᠠᠯᠲᠠᠨ ᠪᠡᠴᠢᠨ ᠠᠭᠤᠯᠠᠨ ᠳ᠋ᠤᠷ ᠲᠣᠭᠯᠠᠯᠴᠠᠨ ᠠᠮᠤᠭᠤᠯᠠᠩ ᠣᠨ ᠢ᠋ ᠵᠥᠩᠨᠡᠨᠡᠮ  
ᠴᠠᠴᠤᠭᠲᠤ ᠳ᠋ᠧᠩᠯᠦ ᠳᠤᠸᠠᠯᠠᠭᠰᠠᠨ ᠰᠥᠨᠢ ᠦᠭᠡᠢ ᠪᠢᠲᠡᠭᠦᠨ  
ᠴᠡᠩᠭᠡᠯᠲᠦ ᠨᠠᠢᠷ ᠥᠨᠳᠥᠷᠯᠡᠭᠰᠡᠨ ᠨᠣᠢᠷ ᠦᠭᠡᠢ ᠦᠳᠡᠰᠢ  
ᠴᠠᠭᠯᠠᠰᠢ ᠦᠭᠡᠢ ᠡᠷᠢᠨ ᠴᠠᠭ ᠤ᠋ᠨ ᠴᠠᠭᠠᠨ ᠰᠠᠷ᠎ᠠ ᠪᠠᠨ ᠪᠡᠯᠭᠡᠯᠡᠮᠦᠢ  
ᠴᠢᠰᠤ ᠮᠢᠬᠠᠨ ᠤ᠋ ᠪᠠᠷᠢᠯᠳᠤᠯᠭ᠎ᠠ ᠲᠠᠢ ᠳᠠᠢᠴᠢᠨ ᠴᠡᠷᠢᠭ ᠢ᠋ᠶ᠋ᠡᠨ ᠬᠦᠷᠢᠶᠡᠯᠡᠮᠦᠢ   
ᠪᠤᠶᠠᠨᠲᠤ ᠴᠠᠭᠠᠨ ᠰᠠᠷ᠎ᠠ ᠳ᠋ᠤ᠌ ᠪᠠᠶᠠᠷ ᠤ᠋ᠨ ᠳᠠᠭᠤᠨ ᠬᠠᠩᠬᠢᠨᠠᠩᠭᠤᠢ  
ᠪᠤᠭᠤᠷᠤᠯ ᠬᠠᠢᠷᠬᠠᠨ ᠤ᠋ ᠡᠩᠭᠡᠷ ᠲᠦ᠍ ᠲᠡᠷᠢᠭᠦᠯᠡᠭᠴᠢ ᠴᠡᠴᠡᠭ ᠮᠦᠰᠢᠶᠡᠩᠭᠦᠢ      
   ᠦᠰᠦᠭ ᠠᠮᠢᠯᠠᠭᠤᠯᠤᠭᠴᠢ᠄  ᠰ ᠳᠠᠯᠠᠨᠪᠠᠶᠠᠷ 
   ᠬᠢᠨᠠᠭᠴᠢ᠄  ᠣᠳᠬᠠᠨᠰᠸ᠎ᠠ 
       2024.1.21