1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠳᠡ ᠶᠠᠮᠠᠷ ᠬᠥᠮᠦᠨ ᠢ᠋ ᠥᠰᠬᠡᠵᠦ ᠪᠠᠢᠬᠤ ᠪᠠᠨ ᠲᠣᠳᠣᠷᠬᠠᠢ ᠮᠡᠳᠡᠬᠦ ᠶᠣᠰᠣᠲᠠᠢ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-13-ᠪᠣᠯᠣᠴᠢᠯᠠᠭᠤ

ᠪᠢᠳᠡ ᠶᠠᠮᠠᠷ ᠬᠥᠮᠦᠨ ᠢ᠋ ᠥᠰᠬᠡᠵᠦ ᠪᠠᠢᠬᠤ ᠪᠠᠨ ᠲᠣᠳᠣᠷᠬᠠᠢ ᠮᠡᠳᠡᠬᠦ ᠶᠣᠰᠣᠲᠠᠢ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-13-ᠪᠣᠯᠣᠴᠢᠯᠠᠭᠤ

2023-12-21

1589

ᠠᠷᠪᠠᠨ ᠭᠤᠷᠪᠠ᠂ ᠪᠢᠳᠡ ᠶᠠᠮᠠᠷ ᠬᠥᠮᠦᠨ ᠢ᠋ ᠥᠰᠬᠡᠵᠦ ᠪᠠᠢᠬᠤ ᠪᠠᠨ ᠲᠣᠳᠣᠷᠬᠠᠢ ᠮᠡᠳᠡᠬᠦ ᠶᠣᠰᠣᠲᠠᠢ

   ᠶᠠᠫᠣᠨᠴᠤᠳ ᠬᠡᠦᠬᠡᠳ ᠢ᠋ᠶ᠋ᠡᠨ ᠭᠤᠷᠪᠠᠨ ᠨᠠᠰᠤᠨ ᠳᠣᠲᠣᠷ᠎ᠠ ᠶᠠᠫᠣᠨ ᠬᠥᠮᠦᠨ ᠪᠣᠯᠭᠠᠳᠠᠭ ᠭᠡᠨ᠎ᠡ᠃ ᠶᠠᠫᠣᠨ ᠤ᠋ ᠶᠣᠰᠣ ᠵᠠᠩᠰᠢᠯ ᠳ᠋ᠤ᠌ ᠬᠡᠪᠰᠢᠭᠦᠯᠵᠦ᠂ ᠬᠡᠯᠡᠵᠦ ᠶᠠᠷᠢᠬᠤ ᠠ᠋ᠴᠠ ᠡᠬᠢᠯᠡᠨ ᠬᠡᠨ ᠬᠠᠷᠠᠭᠰᠠᠨ ᠴᠤ᠌ ᠶᠠᠫᠣᠨ ᠬᠥᠮᠦᠨ ᠦ᠌ ᠳᠦᠷᠢ ᠲᠥᠷᠬᠦ ᠬᠠᠷᠠᠭᠳᠠᠬᠤ ᠣᠪᠣᠷ ᠰᠤᠷᠲᠠᠯ ᠲᠠᠢ ᠵᠢᠭᠠᠬᠠᠨ ᠶᠠᠫᠣᠨ ᠪᠣᠯᠭᠠᠳᠠᠭ ᠭᠡᠨ᠎ᠡ᠃ ᠡᠭᠦᠨ ᠦ᠌ ᠲᠥᠯᠥᠭᠡ ᠡᠬᠡᠴᠦᠳ ᠨᠢ ᠶᠠᠮᠠᠷ ᠠᠪᠢᠶᠠᠰ ᠴᠢᠳᠠᠪᠤᠷᠢ ᠲᠠᠢ᠂ ᠶᠠᠮᠠᠷᠬᠠᠨ ᠴᠢᠬᠤᠯᠠ ᠠᠵᠢᠯ ᠲᠤᠰᠢᠶᠠᠯ ᠲᠠᠢ᠂ ᠶᠠᠮᠠᠷ ᠨᠡᠷ᠎ᠡ ᠬᠦᠨᠳᠦ ᠲᠡᠢ ᠤᠷᠠᠯᠢᠭ ᠤ᠋ᠨ ᠣᠳᠣᠨ ᠪᠠᠢᠭᠰᠠᠨ ᠴᠤ᠌ ᠡᠨᠡ ᠪᠦᠬᠦᠨ ᠢ᠋ ᠬᠠᠷᠠᠮᠰᠠᠯ ᠦᠭᠡᠢ ᠲᠠᠶᠠᠭᠳᠠᠵᠤ᠂ ᠠᠷᠤ ᠭᠡᠷ ᠲᠤ ᠪᠡᠨ ᠬᠠᠷᠢᠵᠤ ᠠᠯᠢᠪᠠ ᠪᠠᠨ ᠬᠡᠦᠬᠡᠳ ᠦ᠋ᠨ ᠬᠥᠮᠦᠵᠢᠯ ᠳ᠋ᠦ᠍ ᠵᠣᠷᠢᠭᠤᠯᠳᠠᠭ᠂ ᠲᠡᠢᠮᠦ ᠡᠴᠡ ᠶᠠᠫᠣᠨᠴᠤᠳ ᠰᠢᠨᠵᠢᠯᠡᠭᠡ ᠮᠡᠷᠭᠡᠵᠢᠯ ᠦ᠋ᠨ ᠬᠤᠷᠳᠤᠴᠠ ᠲᠦᠷᠭᠡᠰᠦᠭᠡᠳ ᠳᠡᠯᠡᠬᠡᠢ᠂ ᠪᠥᠮᠪᠥᠷᠴᠡᠭ ᠲᠣᠰᠬᠣᠨ ᠪᠣᠯᠤᠨ ᠵᠢᠵᠢᠭᠳᠡᠭᠰᠡᠨ ᠳᠠᠶᠠᠭᠠᠷᠰᠢᠯ ᠤ᠋ᠨ ᠥᠨᠥᠳᠥᠷ ᠴᠤ᠌ ᠥᠪᠡᠷᠰᠡᠳ ᠦ᠋ᠨ ᠤᠯᠠᠮᠵᠢᠯᠠᠯᠲᠤ ᠭᠡᠷ ᠪᠦᠯᠢ ᠶ᠋ᠢᠨ ᠬᠥᠮᠦᠵᠢᠯ ᠢ᠋ᠶ᠋ᠡᠨ ᠥᠪᠯᠡᠨ ᠤᠯᠠᠮᠵᠢᠯᠠᠵᠤ᠂ ᠬᠠᠢᠯᠤᠭᠳᠠᠰᠢ ᠦᠭᠡᠢ ᠶᠠᠫᠣᠨ ᠰᠣᠶᠣᠯ ᠰᠡᠳᠬᠢᠬᠦᠢ᠂ ᠶᠠᠫᠣᠨ ᠴᠢᠷᠠᠢ ᠶ᠋ᠢ ᠲᠦᠷᠦᠭᠰᠡᠭᠡᠷ ᠪᠠᠢᠨ᠎ᠠ᠃ ᠮᠠᠨᠤᠰ ᠴᠢᠨᠢ《ᠤᠨᠠᠭᠰᠠᠨ ᠰᠢᠷᠣᠢ ᠠᠯᠲᠠ᠂ ᠤᠤᠭᠤᠭᠰᠠᠨ ᠤᠰᠤ ᠷᠠᠰᠢᠶᠠᠨ》 ᠭᠡᠮᠡᠨ ᠨᠤᠲᠤᠭ ᠤᠰᠤ ᠪᠠᠨ ᠳᠡᠭᠡᠳᠦᠯᠡᠳᠡᠭ ᠮᠠᠯᠵᠢᠬᠤ ᠰᠣᠶᠣᠯᠲᠠᠨ᠂ ᠲᠠᠷᠢᠶᠠᠯᠠᠩ ᠡᠷᠬᠢᠯᠡᠵᠦ ᠪᠠᠢᠭ᠎ᠠ ᠣᠷᠣᠨ ᠬᠡᠰᠡᠭ ᠦ᠋ᠨ ᠮᠣᠩᠭᠣᠯᠴᠤᠳ ᠴᠤ᠌ ᠴᠠᠭᠠᠨ᠎ᠠ ᠠ᠋ᠴᠠ ᠪᠠᠨ ᠪᠥᠬᠡ ᠮᠣᠷᠢᠨ ᠳ᠋ᠤ᠌ ᠪᠠᠨ ᠬᠠᠢᠷᠠᠲᠠᠢ᠂ ᠠᠭᠤᠯᠠ ᠤᠰᠤ ᠤᠷᠭᠤᠮᠠᠯ ᠠᠮᠢᠲᠠᠨ ᠳ᠋ᠤ᠌ ᠪᠠᠨ ᠡᠯᠢᠭᠡᠰᠡᠭ ᠪᠠᠢᠳᠠᠭ ᠨᠢ ᠶᠠᠰᠤ ᠴᠢᠰᠤᠨ ᠳ᠋ᠤ᠌ ᠮᠠᠨᠢ ᠪᠠᠢᠳᠠᠭ ᠰᠣᠶᠣᠯ ᠢᠷᠭᠡᠨᠰᠢᠯ ᠦ᠋ᠨ ᠭᠠᠢᠬᠠᠮᠰᠢᠭ! ᠮᠣᠩᠭᠣᠯ ᠠᠷᠠᠳ ᠤ᠋ᠨ ᠳᠠᠭᠤᠤ ᠨᠠᠢᠷᠠᠭ ᠢ᠋ ᠲᠣᠪᠴᠢᠯᠠᠪᠠᠯ᠂ ᠨᠤᠲᠤᠭ ᠨᠤᠲᠤᠭ ᠲᠤ᠌ ᠪᠠᠢᠭᠠᠯᠢ ᠠᠵᠤ ᠠᠬᠤᠢ ᠶ᠋ᠢᠨ ᠠᠳᠠᠯᠢ ᠪᠤᠰᠤ ᠥᠩᠭᠡ ᠠᠶᠠᠰ ᠢ᠋ ᠳᠠᠭᠠᠭᠠᠳ ᠠᠶᠠᠯᠭᠤ ᠠᠢᠵᠠᠮ ᠨᠢ ᠣᠨᠳᠣᠣᠰᠢᠭᠰᠠᠨ ᠴᠤ᠌ ᠠᠪᠤ ᠡᠵᠢ ᠶ᠋ᠢᠨ ᠠᠴᠢᠯᠠᠯ᠂ ᠨᠤᠲᠤᠭ ᠤᠰᠤ ᠪᠠᠨ ᠰᠠᠨᠠᠵᠤ ᠮᠥᠷᠥᠭᠡᠳᠬᠦ᠂ ᠬᠠᠢᠷ᠎ᠠ ᠵᠢᠷᠤᠮ ᠢ᠋ ᠳᠡᠭᠡᠳᠦᠯᠡᠬᠦ ᠭᠤᠷᠪᠠᠨ ᠮᠥᠩᠬᠡ ᠶ᠋ᠢᠨ ᠰᠡᠳᠦᠪ ᠳᠣᠪᠣᠢᠵᠤ ᠪᠠᠢᠳᠠᠭ ᠨᠢ ᠮᠠᠨ ᠤ᠋ ᠰᠣᠶᠣᠯ ᠤᠳᠤᠮᠰᠢᠯ ᠤ᠋ᠨ ᠠᠮᠢᠨ ᠰᠦᠨᠡᠰᠦ!
   ᠣᠳᠣᠬᠠᠨ ᠳ᠋ᠤ᠌ ᠭᠤᠷᠪᠠᠨ ᠡᠬᠡ ᠰᠣᠶᠣᠯ ᠤ᠋ᠨ ᠬᠥᠮᠦᠵᠢᠯ ᠭᠡᠮᠡᠨ ᠣᠮᠪᠠᠽᠠᠷ ᠲᠡᠷᠢᠭᠦᠲᠡᠢ ᠬᠡᠰᠡᠭ ᠡᠷᠳᠡᠮᠲᠡᠳ ᠤᠯᠤᠰ ᠤ᠋ᠨ ᠳᠡᠰ ᠦ᠋ᠨ ᠰᠤᠷᠭᠠᠨ ᠬᠥᠮᠦᠵᠢᠯ ᠦ᠋ᠨ ᠰᠡᠳᠦᠪ ᠢ᠋ ᠰᠤᠳᠤᠯᠵᠤ ᠪᠠᠢᠨ᠎ᠠ ᠭᠡᠰᠡᠨ᠃ ᠲᠤᠩ ᠰᠠᠢᠨ ᠶᠠᠪᠤᠳᠠᠯ᠂ ᠲᠡᠷᠡᠬᠦ ᠬᠥᠮᠦᠵᠢᠯ ᠴᠢᠨᠢ ᠮᠠᠨ ᠤ᠋ ᠤᠳᠤᠮ ᠭᠧᠨ ᠳ᠋ᠦ᠍ ᠤᠯᠠᠮᠵᠢᠯᠠᠯ ᠲᠠᠢ ᠭᠡᠷ ᠪᠦᠯᠢ ᠶ᠋ᠢᠨ ᠬᠥᠮᠦᠵᠢᠯ ᠡᠴᠡ ᠲᠤᠢᠯ ᠤ᠋ᠨ ᠶᠡᠬᠡ ᠨᠥᠯᠥᠭᠡ ᠬᠦᠷᠲᠡᠨ᠎ᠡ᠃ ᠶᠡᠷᠡᠭᠡᠳ ᠣᠨ ᠤ᠋ ᠳᠤᠮᠳᠠᠴᠢ ᠪᠠᠷ ᠲᠦᠩᠯᠢᠶᠣᠣ ᠶ᠋ᠢᠨ ᠨᠢᠭᠡᠨ ᠴᠡᠴᠡᠷᠯᠢᠭ ᠲᠦ᠍ ᠳᠠᠯᠠ ᠬᠦᠷᠦᠭᠰᠡᠨ ᠡᠪᠦᠭᠡ ᠵᠢᠭᠠᠬᠠᠨ ᠣᠮᠪᠣᠯᠣ ᠲᠠᠢ ᠪᠠᠨ ᠵᠡᠭᠦᠨ ᠬᠣᠢᠲᠤ ᠶ᠋ᠢᠨ ᠪᠠᠭᠠᠪᠠᠭᠠᠢ ᠶ᠋ᠢ ᠰᠣᠨᠢᠷᠬᠠᠬᠤ ᠳ᠋ᠤ᠌ ᠪᠠᠨ《ᠡᠨᠡ ᠪᠠᠭᠠᠪᠠᠭᠠᠢ ᠶ᠋ᠢᠨ ᠲᠠᠪᠠᠭ ᠲᠤᠩ ᠠᠮᠲᠠᠲᠠᠢ ᠰᠢᠦ》 ᠭᠡᠮᠡᠨ ᠨᠠᠰᠤᠲᠠᠢ ᠬᠥᠮᠦᠨ ᠦ᠌ ᠮᠡᠳᠡᠯᠭᠡ ᠪᠡᠨ ᠣᠮᠪᠣᠯᠣ ᠳ᠋ᠤ᠌ ᠪᠠᠨ ᠤᠯᠠᠮᠵᠢᠯᠠᠵᠤ ᠪᠠᠢᠬᠤ ᠶ᠋ᠢ ᠬᠠᠵᠠᠭᠤ ᠠ᠋ᠴᠠ ᠨᠢ ᠰᠣᠨᠣᠰᠤᠭᠠᠳ《ᠲᠠᠨᠠᠷ ᠶᠠᠭᠠᠬᠢᠬᠤ ᠳ᠋ᠤ᠌ ᠪᠠᠨ ᠬᠠᠮᠠᠭᠠᠯᠠᠭᠠᠳ ᠠᠮᠵᠢᠬᠤ ᠦᠭᠡᠢ ᠪᠣᠯᠤᠭᠰᠠᠨ ᠠᠮᠢᠲᠠᠨ ᠢ᠋ ᠴᠤ᠌ ᠢᠳᠡᠬᠦ ᠭᠡᠳ ᠪᠠᠢᠳᠠᠭ ᠪᠣᠢ?》 ᠭᠡᠮᠡᠨ ᠲᠡᠷᠡ ᠡᠪᠦᠭᠡ ᠲᠡᠢ ᠨᠢ ᠶᠣᠰᠣ ᠮᠠᠷᠭᠤᠵᠤ ᠪᠠᠢᠭᠰᠠᠨ ᠠᠷᠪᠠᠭᠠᠳ ᠨᠠᠰᠤᠨ ᠤ᠋ ᠴᠡᠭᠡᠯ ᠭᠡᠳᠡᠭ ᠮᠣᠩᠭᠣᠯ ᠬᠦᠦ ᠶ᠋ᠢᠨ ᠦᠯᠢᠭᠡᠷ ᠢ᠋ ᠰᠣᠨᠣᠰᠴᠤ ᠪᠠᠢᠭᠰᠠᠨ᠃ ᠬᠥᠮᠦᠵᠢᠯ ᠢ᠋ ᠭᠡᠷ ᠪᠦᠯᠢ ᠢᠩᠭᠢᠵᠦ ᠯᠡ ᠰᠠᠨᠠᠮᠰᠠᠷ ᠦᠭᠡᠢ ᠪᠡᠷ ᠤᠳᠤᠮ ᠵᠠᠩᠰᠢᠯ ᠢ᠋ᠶ᠋ᠠᠷ ᠢ᠋ᠶ᠋ᠠᠨ ᠤᠯᠠᠮᠵᠢᠯᠠᠵᠤ ᠪᠠᠢᠳᠠᠭ᠃ ᠨᠤᠲᠤᠭ ᠤᠰᠤᠨ ᠳ᠋ᠤ᠌ ᠪᠠᠨ ᠬᠠᠢᠷ᠎ᠠ ᠦᠭᠡᠢ ᠬᠥᠮᠦᠰ ᠤᠯᠤᠰ ᠣᠷᠣᠨ ᠳᠡᠯᠡᠬᠡᠢ ᠶ᠋ᠢ ᠬᠠᠢᠷᠠᠯᠠᠨ᠎ᠠ ᠤᠤ? ᠤᠭᠰᠠᠭ᠎ᠠ ᠶᠠᠰᠤᠲᠠᠨ ᠳ᠋ᠤ᠌ ᠪᠠᠨ ᠡᠯᠢᠭᠡᠰᠡᠭ ᠦᠭᠡᠢ ᠬᠥᠮᠦᠰ ᠥᠷᠥᠭᠡᠯ ᠦᠨᠳᠦᠰᠦᠲᠡᠨ ᠢ᠋ ᠬᠦᠨᠳᠦᠳᠬᠡᠨ᠎ᠡ ᠤᠤ? ᠡᠬᠡ ᠰᠣᠶᠣᠯ ᠳ᠋ᠤ᠌ ᠪᠠᠨ ᠰᠢᠲᠦᠯᠭᠡ ᠦᠭᠡᠢ ᠬᠥᠮᠦᠰ ᠥᠭᠡᠷ᠎ᠡ ᠰᠣᠶᠣᠯ ᠢ᠋ ᠳᠡᠭᠡᠳᠦᠯᠡᠨ᠎ᠡ ᠭᠡᠳᠡᠭ ᠬᠤᠳᠠᠯ ᠦᠭᠡ! ᠲᠡᠢᠮᠦ ᠡᠴᠡ ᠮᠠᠨ ᠤ᠋ ᠠᠬᠠᠮᠠᠳ ᠲᠣᠮᠣᠭᠠᠲᠠᠳ ᠦᠷ᠎ᠡ ᠬᠡᠦᠬᠡᠳ ᠢ᠋ᠶ᠋ᠡᠨ ᠬᠠᠷᠠᠬᠠᠨ ᠪᠠᠭ᠎ᠠ ᠠ᠋ᠴᠠ ᠨᠢ ᠮᠣᠩᠭᠣᠯ ᠵᠢᠷᠦᠬᠡ ᠰᠡᠳᠬᠢᠯᠭᠡ ᠲᠡᠢ ᠂ ᠮᠣᠩᠭᠣᠯ ᠰᠢᠲᠦᠯᠭᠡ ᠪᠢᠰᠢᠷᠡᠯ ᠲᠡᠢ᠂ ᠮᠣᠩᠭᠣᠯ ᠰᠠᠷᠠᠯ ᠰᠡᠳᠬᠢᠬᠦᠢ ᠲᠡᠢ᠂ ᠮᠣᠩᠭᠣᠯ ᠴᠢᠷᠠᠢ ᠲᠥᠷᠬᠦ ᠲᠡᠢ ᠬᠥᠮᠦᠨ ᠪᠣᠯᠭᠠᠨ᠎ᠠ ᠭᠡᠳᠡᠭ ᠬᠡᠦᠬᠡᠳ ᠦ᠋ᠨ ᠰᠡᠳᠬᠢᠯ ᠳ᠋ᠦ᠍ ᠡᠬᠡ ᠣᠷᠣᠨ᠂ ᠡᠬᠡ ᠦᠨᠳᠦᠰᠦᠲᠡᠨ᠂ ᠡᠬᠡ ᠰᠣᠶᠣᠯ ᠬᠡᠮᠡᠬᠦ ᠭᠤᠷᠪᠠᠨ ᠡᠬᠡ ᠶ᠋ᠢᠨ ᠬᠥᠮᠦᠵᠢᠯ ᠢ᠋ ᠰᠠᠨᠠᠭᠠᠴᠢᠯᠠᠭ᠎ᠠ ᠲᠠᠢ ᠬᠢᠬᠦ ᠪᠠᠢᠨ᠎ᠠ᠃ ᠡᠨᠡᠬᠦ ᠭᠤᠷᠪᠠᠨ ᠡᠬᠡ ᠶ᠋ᠢᠨ ᠬᠥᠮᠦᠵᠢᠯ ᠰᠠᠢᠲᠠᠢ ᠬᠡᠦᠬᠡᠳ ᠯᠡ ᠡᠬᠡ ᠣᠷᠣᠨ᠂ ᠤᠭᠰᠠᠭ᠎ᠠ ᠶᠠᠰᠤᠲᠠᠨ᠂ ᠡᠬᠡ ᠰᠣᠶᠣᠯ ᠤ᠋ᠨ ᠢ᠋ᠶ᠋ᠠᠨ ᠲᠥᠯᠥᠭᠡ ᠬᠡᠮᠡᠬᠦ ᠠᠤᠭ᠎ᠠ ᠵᠣᠷᠢᠭ ᠠᠯᠤᠰ ᠤ᠋ᠨ ᠬᠦᠰᠡᠯᠡᠩ ᠲᠡᠢ ᠪᠣᠯᠵᠤ᠂ ᠬᠥᠮᠦᠨ ᠪᠣᠯᠣᠭᠰᠠᠳ ᠤ᠋ᠨ ᠨᠡᠢᠭᠡᠮ ᠦ᠋ᠨ ᠬᠠᠷᠢᠭᠤᠴᠠᠯᠭ᠎ᠠ ᠪᠠᠨ ᠡᠭᠦᠷᠭᠡᠯᠡᠬᠦ ᠪᠣᠯᠤᠨ᠎ᠠ᠃
   ᠶᠠᠫᠣᠨ ᠳ᠋ᠤ᠌ ᠬᠠᠷᠢᠯᠠᠨ ᠰᠤᠷᠤᠯᠴᠠᠭ᠎ᠠ ᠮᠣᠩᠭᠣᠯ ᠣᠶᠤᠲᠠᠳ ᠲᠡᠢᠮᠦ ᠶᠠᠭᠠᠷᠠᠯᠲᠠᠢ ᠮᠥᠷᠲᠡᠭᠡᠨ ᠬᠦᠨᠳᠦᠷᠡᠯᠲᠡᠢ ᠠᠵᠢᠯ ᠰᠤᠷᠤᠯᠭ᠎ᠠ ᠶ᠋ᠢᠨ ᠢ᠋ᠶ᠋ᠡᠨ ᠴᠢᠯᠥᠭᠡᠨ ᠳ᠋ᠦ᠍《ᠮᠣᠩᠭᠣᠯ ᠰᠣᠶᠣᠯ ᠤ᠋ᠨ ᠰᠠᠩ》 ᠪᠠᠢᠭᠤᠯᠵᠤ᠂ ᠪᠤᠶᠠᠨ ᠤ᠋ ᠲᠣᠭᠯᠠᠯᠲᠠ ᠪᠠᠷ ᠢ᠋ᠶ᠋ᠠᠨ ᠬᠤᠷᠠᠮᠳᠤᠭᠤᠯᠤᠭᠰᠠᠨ ᠮᠥᠩᠭᠥ ᠪᠡᠷ ᠨᠤᠲᠤᠭ ᠲᠤ᠌ ᠪᠠᠨ ᠪᠠᠢᠭ᠎ᠠ ᠠᠮᠢᠳᠤᠷᠠᠯ ᠬᠦᠴᠢᠷᠲᠡᠢ ᠬᠡᠦᠬᠡᠳ ᠲᠦ᠍ ᠲᠤᠰᠠᠯᠠᠵᠤ ᠪᠠᠢᠳᠠᠭ ᠨᠢ ᠡᠨᠡ ᠯᠡ ᠭᠤᠷᠪᠠᠨ ᠡᠬᠡ ᠶ᠋ᠢᠨ ᠬᠥᠮᠦᠵᠢᠯ ᠳ᠋ᠦ᠍ ᠪᠣᠢᠵᠢᠭᠰᠠᠨ ᠤ᠋ ᠭᠠᠪᠢᠶ᠎ᠠ ᠪᠠᠢᠭ᠎ᠠ᠃ ᠡᠨᠡᠬᠦ ᠰᠣᠶᠣᠯ ᠤ᠋ᠨ ᠰᠠᠩ ᠨᠢ2002 ᠣᠨ ᠤ᠋6 ᠰᠠᠷ᠎ᠠ ᠳ᠋ᠤ᠌ ᠪᠠᠢᠭᠤᠯᠤᠭᠳᠠᠭᠰᠠᠨ ᠠ᠋ᠴᠠ ᠨᠠᠰᠢᠬᠢ ᠠᠷᠪᠠᠨ ᠵᠢᠯ ᠦ᠋ᠨ ᠲᠤᠷᠰᠢ ᠨᠠᠢ᠍ᠮᠠᠨ ᠮᠣᠵᠢ ᠣᠷᠣᠨ ᠤ᠋ ᠡᠬᠡ ᠬᠡᠯᠡ ᠪᠡᠷ ᠢ᠋ᠶ᠋ᠡᠨ ᠰᠤᠷᠴᠤ ᠪᠠᠢᠭ᠎ᠠ ᠳᠣᠯᠣᠭᠠᠨ ᠵᠠᠭᠤ ᠭᠠᠷᠤᠢ ᠬᠡᠦᠬᠡᠳ ᠲᠦ᠍ ᠳᠥᠴᠢᠨ ᠲᠦᠮᠡ ᠭᠠᠷᠤᠢ ᠲᠥᠭᠥᠷᠢᠭ ᠦ᠋ᠨ ᠲᠤᠰᠠᠯᠠᠮᠵᠢ ᠦᠵᠡᠭᠦᠯᠦᠭᠰᠡᠨ ᠪᠠᠢᠭ᠎ᠠ᠃ ᠥᠪᠥᠷ ᠮᠣᠩᠭᠣᠯᠴᠤᠳ ᠤ᠋ᠨ ᠳᠤᠮᠳᠠ ᠠ᠋ᠴᠠ ᠲᠥᠷᠥᠵᠦ ᠪᠠᠢᠭ᠎ᠠ ᠡᠷᠳᠡᠮᠲᠡᠨ ᠦ᠌ ᠲᠣᠭ᠎ᠠ ᠬᠥᠮᠦᠨ ᠠᠮᠠ ᠶ᠋ᠢᠨ ᠬᠠᠷᠢᠴᠠᠯ ᠢ᠋ᠶ᠋ᠠᠷ ᠢ᠋ᠶ᠋ᠠᠨ ᠳᠤᠮᠳᠠᠳᠤ ᠤᠯᠤᠰ ᠤ᠋ᠨ ᠳᠣᠲᠣᠷ᠎ᠠ ᠪᠤᠰᠤᠳ ᠦᠨᠳᠦᠰᠦᠲᠡᠨ ᠡᠴᠡ ᠯᠠᠪᠲᠠᠢ ᠥᠨᠳᠥᠷ ᠪᠠᠢᠳᠠᠭ ᠨᠢ ᠮᠠᠨ ᠳ᠋ᠤ᠌ ᠡᠬᠡ ᠪᠠᠢᠭᠠᠯᠢ᠂ ᠤᠭᠰᠠᠭ᠎ᠠ ᠰᠣᠶᠣᠯ᠂ ᠨᠡᠢᠭᠡᠮ ᠦ᠋ᠨ ᠲᠥᠯᠥᠭᠡ ᠭᠡᠬᠦ ᠬᠠᠷᠢᠭᠤᠴᠠᠯᠭᠠᠲᠤ ᠰᠡᠳᠬᠢᠯᠭᠡ ᠶ᠋ᠢᠨ ᠬᠥᠮᠦᠵᠢᠯ ᠥᠨᠳᠥᠷ ᠪᠠᠢᠳᠠᠭ ᠠ᠋ᠴᠠ ᠪᠣᠯᠤᠭᠰᠠᠨ ᠶᠤᠮ᠃ ᠶᠡᠬᠡ ᠬᠠᠷᠢᠭᠤᠴᠠᠯᠭ᠎ᠠ ᠲᠠᠢ ᠬᠥᠮᠦᠰ ᠶᠡᠬᠡ ᠶ᠋ᠢ ᠪᠦᠲᠦᠭᠡᠨ᠎ᠡ᠂ ᠪᠠᠭ᠎ᠠ ᠬᠠᠷᠢᠭᠤᠴᠠᠯᠭ᠎ᠠ ᠲᠠᠢ ᠬᠥᠮᠦᠰ ᠪᠠᠭ᠎ᠠ ᠶ᠋ᠢ ᠪᠦᠲᠦᠭᠡᠨ᠎ᠡ᠂ ᠶᠠᠮᠠᠷ ᠴᠤ᠌ ᠨᠡᠢᠭᠡᠮ ᠦ᠋ᠨ ᠬᠠᠷᠢᠭᠤᠴᠠᠯᠭᠠᠲᠤ ᠰᠡᠳᠬᠢᠯᠭᠡ ᠶ᠋ᠢᠨ ᠬᠥᠮᠦᠵᠢᠯ ᠬᠦᠷᠲᠡᠭᠰᠡᠨ ᠦᠭᠡᠢ ᠠᠮᠢᠨᠴᠢᠷ ᠬᠤᠪᠢᠨᠴᠢᠷ ᠬᠡᠦᠬᠡᠳ ᠭᠤᠶᠤᠯᠭᠠᠴᠢᠨ ᠪᠣᠯᠬᠤ ᠠ᠋ᠴᠠ ᠴᠠᠰᠢ ᠦᠭᠡᠢ᠃ ᠡᠬᠡ ᠰᠣᠶᠣᠯ ᠤ᠋ᠨ ᠬᠥᠮᠦᠵᠢᠯ ᠳᠤᠲᠠᠮᠠᠭ ᠬᠡᠦᠬᠡᠳ ᠲᠤᠩ ᠰᠢᠯᠢᠳᠡᠭ ᠰᠤᠷᠤᠭᠠᠳ ᠳᠣᠲᠣᠷ ᠣᠷᠣᠨ ᠤ᠋ ᠨᠡᠷᠡᠲᠦ ᠰᠤᠷᠭᠠᠭᠤᠯᠢ ᠪᠤᠶᠤ ᠭᠠᠳᠠᠭᠠᠳᠤ ᠳ᠋ᠤ᠌ ᠡᠷᠳᠡᠮ ᠦ᠋ᠨ ᠮᠥᠷ ᠬᠥᠭᠡᠭᠡᠬᠦ ᠪᠡᠷ ᠶᠠᠪᠤᠭᠠᠳ ᠣᠯᠠᠩᠬᠢ ᠨᠢ ᠪᠤᠴᠠᠬᠤ ᠰᠤᠷᠠᠭ ᠦᠭᠡᠢ ᠬᠠᠷᠢ ᠨᠤᠲᠤᠭ ᠲᠤ ᠴᠢᠮᠡᠭᠡ ᠦᠭᠡᠢ ᠠᠭᠤᠰᠤᠨ᠎ᠠ᠃ ᠡᠴᠢᠭᠡ ᠡᠬᠡ ᠶ᠋ᠢᠨ ᠬᠦᠰᠡᠯ ᠬᠥᠳᠡᠯᠮᠦᠷᠢ ᠶ᠋ᠢᠨ ᠴᠡᠴᠡᠭ ᠪᠣᠯᠤᠨ ᠳᠡᠯᠭᠡᠷᠡᠭᠰᠡᠨ ᠰᠣᠳᠣᠨ ᠬᠡᠦᠬᠡᠳ ᠮᠠᠨᠢ ᠬᠠᠷᠢ ᠨᠤᠲᠤᠭ ᠲᠤ ᠥᠨᠳᠥᠷ ᠪᠣᠯᠪᠠᠰᠤᠷᠠᠯ ᠲᠠᠢ ᠬᠢᠮᠳᠠ ᠬᠥᠳᠡᠯᠮᠦᠷᠢ ᠬᠦᠴᠦᠨ ᠪᠣᠯᠵᠤ ᠬᠥᠮᠦᠨ ᠦ᠌ ᠭᠠᠵᠠᠷ ᠨᠡᠷ᠎ᠡ ᠪᠡᠨ ᠭᠡᠮᠡᠨ ᠵᠢᠷᠦᠬᠡᠨ ᠲᠠᠮᠢᠷ ᠢ᠋ᠶ᠋ᠠᠨ ᠪᠠᠷᠠᠲᠠᠯ᠎ᠠ 《ᠦᠢᠯᠡᠰ》 ᠪᠤᠰᠬᠠᠭᠠᠳ ᠥᠲᠡᠯᠬᠦ ᠶ᠋ᠢᠨ ᠦᠵᠦᠭᠦᠷ ᠮᠢᠨᠦᠬᠢ ᠭᠡᠮᠡᠨ ᠨᠢᠳᠦ ᠳᠦᠭᠦᠷᠡᠩ ᠬᠠᠷᠠᠬᠤ ᠡᠬᠡ ᠨᠤᠲᠤᠭ ᠦᠭᠡᠢ᠂ ᠰᠡᠳᠬᠢᠯ ᠳᠦᠭᠦᠷᠭᠡᠬᠦ ᠬᠥᠷᠥᠩᠭᠡ ᠥᠮᠴᠢ ᠦᠭᠡᠢ ᠶᠠᠪᠤᠬᠤ ᠳ᠋ᠤ᠌ ᠪᠠᠨ ᠬᠡᠷᠬᠢᠨ ᠭᠤᠲᠤᠷᠠᠬᠤ ᠶ᠋ᠢ ᠪᠢᠳᠡ ᠪᠣᠳᠣᠵᠤ ᠲᠤᠩᠭᠠᠭᠰᠠᠨ ᠴᠤ᠌ ᠪᠢᠯᠡ ᠤᠤ! ᠡᠬᠡ ᠣᠷᠣᠨ ᠡᠭᠦᠳᠡ ᠡᠷᠦᠬᠡ ᠶ᠋ᠢᠨ ᠮᠠᠨᠢ ᠭᠡᠷᠡᠯᠲᠦ ᠢᠷᠡᠭᠡᠳᠦᠢ ᠪᠣᠯᠤᠭᠰᠠᠨ ᠦᠷ᠎ᠡ ᠬᠡᠦᠬᠡᠳ ᠦ᠋ᠨ ᠢ᠋ᠶ᠋ᠡᠨ ᠬᠠᠷᠢ ᠭᠠᠳᠠᠭᠠᠳᠤ ᠳ᠋ᠤ᠌ ᠬᠦᠷᠴᠦ ᠨᠢᠳᠦ ᠨᠡᠭᠡᠭᠡᠵᠦ ᠪᠤᠰᠤᠳ ᠤ᠋ᠨ ᠳᠠᠪᠰᠢᠩᠭᠤᠢ ᠰᠣᠶᠣᠯ ᠮᠡᠷᠭᠡᠵᠢᠯ ᠢ᠋ ᠡᠵᠡᠮᠳᠡᠬᠦ ᠶ᠋ᠢ ᠳᠡᠮᠵᠢᠬᠦ ᠵᠥᠪ᠂ ᠭᠡᠪᠡᠴᠦ ᠬᠥᠮᠦᠨ ᠦ᠌ ᠨᠤᠲᠤᠭ ᠲᠤ ᠬᠠᠷᠢᠯᠠᠨ ᠰᠠᠭᠤᠬᠤ ᠶ᠋ᠢ ᠥᠩᠭᠡ ᠭᠡᠷᠡᠯᠲᠡᠢ ᠭᠡᠮᠡᠨ ᠰᠤᠷᠲᠠᠯᠴᠢᠯᠠᠬᠤ ᠳᠡᠮᠡᠢ᠂ ᠬᠠᠷᠢ ᠤᠯᠤᠰ ᠬᠡᠴᠢᠨᠡᠨ ᠰᠠᠢᠬᠠᠨ ᠴᠤ᠌ ᠨᠤᠲᠤᠭ ᠤ᠋ᠨ ᠬᠠᠯᠠᠭᠤᠨ ᠰᠢᠷᠣᠢ ᠶ᠋ᠢ ᠶᠠᠭᠠᠬᠢᠵᠤ ᠬᠦᠷᠬᠦ ᠪᠣᠢ᠂《ᠰᠡᠢᠮᠡᠬᠡᠢ ᠪᠣᠯᠤᠭᠰᠠᠨ ᠴᠤ᠌ ᠭᠡᠷ ᠮᠢᠨᠢ᠂ ᠰᠡᠭᠰᠡᠭᠡᠷ ᠪᠣᠯᠤᠭᠰᠠᠨ ᠴᠤ᠌ ᠡᠵᠢ ᠮᠢᠨᠢ》 ᠭᠡᠳᠡᠭ ᠦᠭᠡ ᠪᠠᠢᠳᠠᠭ ᠰᠢᠦ ᠳᠡ! ᠬᠠᠷᠢᠨ ᠴᠤ᠌ ᠬᠠᠷᠢ ᠤᠯᠤᠰ ᠲᠤ᠌ ᠡᠷᠳᠡᠮ ᠰᠤᠷᠤᠭᠠᠳ ᠬᠥᠳᠡᠭᠡ ᠨᠤᠲᠤᠭ ᠲᠤ ᠪᠠᠨ ᠪᠤᠴᠠᠨ ᠢᠷᠡᠵᠦ ᠦᠢᠯᠡᠰ ᠪᠤᠰᠬᠠᠵᠤ ᠪᠠᠢᠭ᠎ᠠ ᠠᠷᠤ ᠬᠣᠷᠴᠢᠨ ᠤ᠋ ᠥᠯᠵᠡᠢᠰᠡᠷᠡᠩ ᠮᠡᠲᠦ ᠰᠣᠳᠣᠨ ᠵᠠᠯᠠᠭᠤᠰ ᠤ᠋ᠨ ᠦᠢᠯᠡ ᠦᠵᠡᠯ ᠮᠠᠭᠲᠠᠭᠤᠰᠢᠲᠠᠢ ᠪᠠᠢᠨ᠎ᠠ᠃ ᠶᠠᠮᠠᠷᠬᠠᠨ ᠥᠷᠲᠡᠭ ᠦ᠋ᠨ ᠦᠵᠡᠯᠲᠡ ᠶ᠋ᠢ ᠪᠠᠷᠢᠮᠲᠠᠯᠠᠭᠰᠠᠨ ᠬᠥᠮᠦᠵᠢᠯ ᠨᠢ ᠰᠠᠶᠢ ᠮᠠᠨ ᠤ᠋ ᠦᠷ᠎ᠡ ᠬᠣᠢᠴᠢᠰ ᠲᠤ ᠦᠶ᠎ᠡ ᠶ᠋ᠢᠨ ᠦᠶ᠎ᠡ ᠳ᠋ᠦ᠍ ᠥᠪ ᠬᠥᠷᠥᠩᠭᠡ ᠪᠣᠯᠵᠤ ᠮᠥᠩᠬᠡᠷᠡᠨ᠎ᠡ ᠭᠡᠳᠡᠭ ᠦᠨᠡᠬᠡᠷ ᠭᠦᠨ ᠰᠡᠳᠬᠢᠭᠦᠰᠢᠲᠡᠢ ᠭᠦᠨᠵᠡᠭᠡᠢ ᠰᠤᠳᠤᠯᠤᠭᠤᠰᠢᠲᠠᠢ᠂ ᠬᠥᠩᠭᠡᠨ ᠬᠠᠭᠤᠳᠠᠮ ᠬᠠᠨᠳᠤᠵᠤ ᠶᠠᠭᠠᠬᠢᠭᠰᠠᠨ ᠴᠤ᠌ ᠪᠣᠯᠬᠤ ᠦᠭᠡᠢ! ᠮᠠᠨ ᠤ᠋ ᠦᠶ᠎ᠡ ᠳ᠋ᠦ᠍ ᠨᠢᠭᠡ ᠠᠯᠬᠤᠮ ᠪᠤᠶᠤ ᠨᠢᠭᠡ ᠯᠡ ᠪᠣᠳᠣᠯ ᠤ᠋ᠨ ᠣᠰᠣᠯ ᠠᠯᠳᠠᠭ᠎ᠠ ᠬᠣᠢᠴᠢ ᠦᠶ᠎ᠡ ᠳ᠋ᠦ᠍ ᠮᠠᠨᠢ ᠲᠦᠮᠡᠨ ᠭᠠᠵᠠᠷ ᠤ᠋ᠨ ᠲᠥᠭᠡᠷᠢᠭᠳᠡᠯ ᠪᠣᠯᠵᠤ᠂ ᠦᠷ᠎ᠡ ᠠᠴᠢᠷ ᠮᠠᠨᠢ ᠨᠤᠲᠤᠭ ᠰᠣᠶᠣᠯ ᠦᠨᠳᠦᠰᠦ ᠤᠳᠤᠮ ᠦᠭᠡᠢ ᠥᠨᠥᠴᠢᠷᠡᠵᠦ ᠮᠡᠳᠡᠬᠦ ᠶᠦᠮ᠃ ᠲᠡᠦᠬᠡᠨ ᠳ᠋ᠡᠬᠢ ᠡᠢᠮᠦᠷᠬᠦ ᠠᠯᠳᠠᠭ᠎ᠠ
 ᠶ᠋ᠢ ᠲᠣᠭᠠᠴᠠᠭᠠᠳ ᠪᠠᠷᠠᠰᠢ ᠦᠭᠡᠢ! ᠶᠦᠨᠨᠠᠨ᠂ ᠭᠦᠢᠵᠧᠦ᠂ ᠰᠧᠴᠤᠸᠠᠨ ᠤ᠋ ᠮᠣᠩᠭᠣᠯᠴᠤᠳ ᠠ᠋ᠴᠠ ᠬᠠᠯᠢᠮᠠᠭ᠂ ᠬᠠᠵᠠᠭᠠᠷ᠂ ᠳᠤᠸᠠ ᠭᠡᠳ ᠳᠡᠯᠡᠬᠡᠢ ᠲᠦᠭᠡᠭᠰᠡᠨ ᠥᠨᠥᠴᠢᠨ ᠦᠷᠡᠰ ᠦ᠋ᠳ ᠮᠣᠩᠭᠣᠯ ᠤ᠋ᠨ ᠥᠨᠳᠥᠷᠯᠢᠭ ᠢ᠋ᠶ᠋ᠡᠨ ᠬᠡᠴᠢᠨᠡᠨ ᠵᠠᠭᠤᠨ ᠵᠢᠯ ᠢ᠋ᠶ᠋ᠡᠷ ᠵᠡᠭᠦᠳᠦᠯᠡᠨ ᠮᠥᠷᠥᠭᠡᠳᠦᠭᠰᠡᠭᠡᠷ ᠪᠠᠢᠭ᠎ᠠ ᠨᠢ ᠮᠠᠨ ᠳ᠋ᠤ᠌ ᠬᠠᠲᠠᠭᠤ ᠰᠤᠷᠭᠠᠮᠵᠢ ᠪᠢᠰᠢ ᠤᠤ! ᠬᠢᠲᠠᠳ ᠢᠷᠭᠡᠨ ᠬᠠᠷᠢ ᠨᠤᠲᠤᠭ ᠲᠤ ᠬᠡᠳᠦᠨ ᠵᠠᠭᠤᠨ ᠵᠢᠯ ᠢ᠋ᠶ᠋ᠡᠷ ᠬᠠᠢᠯᠤᠭᠳᠠᠬᠤ ᠦᠭᠡᠢ ᠲᠠᠩᠴᠤᠤᠯ ᠤ᠋ᠨ ᠵᠡᠭᠡᠯᠢ ᠪᠠᠢᠭᠤᠯᠤᠨ ᠬᠡᠯᠡ ᠰᠣᠶᠣᠯ ᠲᠠᠢ ᠪᠠᠨ ᠣᠷᠣᠰᠢᠨ ᠲᠣᠭᠲᠠᠨᠢᠵᠤ ᠪᠠᠢᠬᠤ ᠳ᠋ᠤ᠌ ᠮᠠᠨᠤᠰ ᠬᠠᠷᠢᠨ ᠨᠤᠲᠤᠭ ᠳᠡᠭᠡᠷ᠎ᠡ ᠪᠡᠨ ᠥᠪᠡᠷ ᠢ᠋ ᠪᠡᠨ ᠥᠪᠡᠷᠲᠡᠭᠡᠨ ᠬᠠᠢᠯᠤᠭᠤᠯᠤᠨ᠎ᠠ ᠭᠡᠭᠴᠢ ᠮᠠᠨ ᠤ᠋ ᠰᠡᠳᠬᠢᠯᠭᠡᠨ ᠲᠤᠩ ᠨᠢᠮᠭᠡᠷᠡᠵᠦ ᠬᠡᠪᠡᠷᠡᠭᠰᠢᠭᠰᠡᠨ ᠦ᠌ ᠰᠢᠨᠵᠢ ᠪᠢᠰᠢ ᠤᠤ! ᠨᠡᠩ ᠠᠶᠤᠯᠲᠠᠢ ᠨᠢ ᠨᠤᠲᠤᠭ ᠰᠣᠶᠣᠯ ᠤ᠋ᠨ ᠰᠢᠲᠦᠯᠭᠡ ᠪᠢᠰᠢᠷᠡᠯ ᠦᠭᠡᠢ ᠬᠥᠮᠦᠰ ᠡᠷᠬᠡ ᠮᠥᠩᠭᠥᠨ ᠦ᠌ ᠪᠣᠭᠣᠯ ᠪᠤᠶᠤ ᠡᠷᠯᠢᠰᠡ ᠰᠣᠶᠣᠯᠲᠠᠨ ᠪᠣᠯᠵᠤ ᠥᠪᠡᠷ ᠪᠤᠰᠤᠳ ᠲᠤ ᠪᠦᠷ ᠭᠠᠳᠠᠭᠤᠷᠬᠠᠭᠳᠠᠨ᠂ ᠰᠡᠳᠬᠢᠴᠡ ᠭᠠᠵᠢᠭᠰᠠᠨ᠂ ᠨᠡᠢᠭᠡᠮ ᠳ᠋ᠦ᠍ ᠨᠢᠭᠦᠯ ᠬᠢᠯᠢᠨᠴᠡ ᠬᠢᠬᠦ ᠳ᠋ᠦ᠍ ᠣᠢᠷᠠᠬᠠᠨ ᠪᠣᠯᠤᠨ᠎ᠠ᠃ ᠡᠭᠦᠨ ᠦ᠌ ᠡᠰᠡᠷᠭᠦ ᠪᠡᠷ ᠮᠣᠩᠭᠣᠯ ᠢ᠋ᠶ᠋ᠠᠷ ᠢ᠋ᠶ᠋ᠠᠨ ᠠᠮᠢᠳᠤᠷᠠᠭᠰᠠᠨ ᠮᠣᠩᠭᠣᠯ ᠰᠣᠶᠣᠯ ᠰᠡᠳᠬᠢᠯᠭᠡ ᠲᠡᠢ ᠬᠥᠮᠦᠰ ᠦ᠋ᠨ ᠠᠵᠠ ᠵᠢᠷᠭᠠᠯ ᠤ᠋ᠨ ᠲᠥᠷᠥᠭᠳᠡᠯ ᠴᠦ᠍ ᠥᠨᠳᠥᠷ ᠪᠠᠢᠳᠠᠭ ᠢ᠋ ᠰᠡᠳᠬᠢᠴᠡ ᠶ᠋ᠢᠨ ᠬᠡᠮᠵᠢᠯᠲᠡ ᠪᠠᠲᠤᠯᠠᠭᠰᠠᠨ ᠢ᠋ ᠮᠡᠳᠡᠭᠦᠰᠢᠲᠡᠢ᠃
   ᠲᠡᠭᠡᠪᠡᠯ ᠭᠤᠷᠪᠠᠨ ᠡᠬᠡ ᠶ᠋ᠢᠨ ᠬᠥᠮᠦᠵᠢᠯ ᠬᠡᠦᠬᠡᠳ ᠪᠠᠭᠠᠴᠤᠤᠯ ᠳ᠋ᠤ᠌ ᠶᠠᠮᠠᠷᠬᠠᠨ ᠦᠷ᠎ᠡ ᠥᠭᠭᠦᠭᠡᠵᠢ ᠲᠡᠢ ᠪᠣᠯᠤᠨ᠎ᠠ ᠭᠡᠳᠡᠭ ᠪᠦᠷ ᠮᠠᠨ ᠤ᠋ ᠡᠬᠡ ᠡᠴᠢᠭᠡ ᠪᠣᠯᠣᠭᠰᠠᠳ ᠤ᠋ᠨ ᠬᠡᠪ ᠴᠢᠨᠠᠷ᠂ ᠰᠣᠶᠣᠯ᠂ ᠨᠡᠢᠭᠡᠮ ᠦ᠋ᠨ ᠤᠬᠠᠮᠰᠠᠷ ᠠ᠋ᠴᠠ ᠲᠣᠭᠲᠠᠭᠠᠭᠳᠠᠨ᠎ᠠ᠃ ᠮᠣᠩᠭᠣᠯ ᠣᠷᠣᠨ ᠤ᠋ ᠪᠠᠨ ᠲᠡᠷᠡ ᠰᠠᠢᠬᠠᠨ ᠦᠵᠡᠰᠬᠦᠯᠡᠩᠲᠦ ᠠᠭᠤᠯᠠ ᠤᠰᠤ᠂ ᠣᠪᠣᠭ᠎ᠠ ᠬᠠᠢᠷᠬᠠᠨ᠂ ᠠᠮᠢᠲᠠᠨ ᠭᠣᠣᠯᠳᠠᠨ᠂ ᠪᠠᠢᠭᠠᠯᠢ ᠣᠷᠴᠢᠨ ᠢ᠋ ᠲᠠᠨᠢᠭᠤᠯᠵᠤ᠂ ᠦᠨᠳᠦᠰᠦᠲᠡᠨ ᠤᠭᠰᠠᠭᠠᠲᠠᠨ ᠤ᠋ ᠪᠠᠨ ᠣᠮᠣᠭᠰᠢᠯ ᠪᠣᠯᠤᠭᠰᠠᠨ ᠲᠡᠷᠡ ᠣᠯᠠᠨ ᠪᠠᠭᠠᠲᠤᠷ ᠢᠳᠡᠲᠡᠨ᠂ ᠡᠷᠳᠡᠮᠲᠡᠨ ᠮᠡᠷᠭᠡᠳ᠂ ᠬᠠᠰᠢᠷ ᠮᠠᠯᠴᠢᠨ ᠲᠠᠷᠢᠶᠠᠴᠢᠨ᠂ ᠨᠤᠲᠤᠭ ᠤᠰᠤᠨ ᠤ᠋ ᠭᠠᠪᠢᠶᠠᠲᠠᠨ᠂ ᠨᠡᠢᠭᠡᠮ ᠦ᠋ᠨ ᠵᠢᠳᠬᠦᠯᠲᠡᠨ ᠵᠢᠴᠢ ᠡᠪᠦᠭᠡ ᠳᠡᠭᠡᠳᠦᠰ ᠪᠣᠯᠤᠭᠰᠠᠨ ᠡᠵᠡᠨ ᠴᠢᠩᠭᠢᠰ ᠦ᠋ᠨ ᠢ᠋ᠶ᠋ᠡᠨ ᠠᠯᠳᠠᠷ ᠲᠡᠦᠬᠡ ᠶ᠋ᠢ ᠵᠠᠪᠠᠯ ᠮᠡᠳᠡᠭᠦᠯᠵᠦ᠂ ᠡᠬᠡ ᠬᠡᠯᠡ ᠪᠡᠷ ᠮᠠᠨᠢ ᠦᠷᠡᠵᠢᠵᠦ ᠲᠥᠯᠵᠢᠭᠰᠡᠨ ᠳᠠᠯᠠᠢ ᠪᠠᠶᠠᠨ ᠦᠯᠢᠭᠡᠷ ᠳᠣᠮᠣᠭ᠂ ᠤᠷᠠᠨ ᠬᠡᠯᠡᠴᠡ᠂ ᠣᠨᠢᠰᠣᠭ᠎ᠠ ᠰᠢᠯᠦᠭ ᠢ᠋ ᠤᠯᠠᠮᠵᠢᠯᠠᠵᠤ᠂ᠡᠬᠡ ᠬᠡᠯᠡᠨ ᠦ᠌ ᠪᠡᠨ ᠢᠷᠠᠭᠤ ᠲᠠᠩᠰᠤᠭ ᠢ᠋ ᠮᠡᠳᠡᠷᠡᠭᠦᠯᠬᠦ ᠳ᠋ᠦ᠍ ᠡᠬᠡ ᠣᠷᠣᠨ᠂ ᠥᠷᠯᠥᠭ ᠲᠡᠦᠬᠡ᠂ ᠡᠬᠡ ᠰᠣᠶᠣᠯ ᠤ᠋ᠨ ᠢ᠋ᠶ᠋ᠠᠨ ᠥᠨᠢᠷ ᠲᠠᠩᠰᠤᠭ ᠢ᠋ ᠪᠠᠬᠠᠷᠬᠠᠨ ᠰᠢᠲᠦᠬᠦ ᠮᠡᠳᠡᠷᠡᠮᠵᠢ ᠰᠡᠳᠬᠢᠯᠭᠡ ᠲᠡᠢ ᠪᠣᠯᠤᠭᠰᠠᠨ ᠲᠡᠳᠡᠭᠡᠷ ᠬᠡᠦᠬᠡᠳ ᠦ᠋ᠨ ᠳᠤᠮᠳᠠ ᠠ᠋ᠴᠠ ᠯᠠ ᠭ· ᠴᠢᠩᠪᠠᠭᠠᠲᠤᠷ ᠰᠢᠭ᠋ ᠣᠳᠣᠨ ᠵᠠᠯᠠᠭᠤᠰ᠂ ᠰᠢᠭᠤᠷᠭᠠᠨ᠂ ᠴᠢᠮᠡᠳᠳᠣᠷᠵᠢ᠂ ᠪᠣᠷᠵᠢᠭᠢᠨ ᠭᠡᠷᠡᠯᠲᠦ᠂ ᠬᠠᠷᠠᠨᠤᠳ ᠰᠠᠢᠨᠴᠣᠭᠲᠣ᠂ ᠬᠣᠣᠰ ᠳ᠋ᠣᠺᠲ᠋ᠣᠷ ᠮᠠᠩᠯᠠᠢ ᠨᠠᠷ ᠰᠢᠭ᠋ ᠰᠣᠳᠣᠨ ᠡᠷᠳᠡᠮᠲᠡᠳ᠂ ᠮᠣᠩᠭᠣᠯ ᠤᠷᠠᠯᠢᠭ ᠢ᠋ᠶ᠋ᠠᠨ ᠳᠡᠯᠡᠬᠡᠢ ᠳ᠋ᠦ᠍ ᠭᠠᠢᠬᠠᠭᠤᠯᠤᠭᠰᠠᠨ ᠴᠢ· ᠪᠤᠯᠠᠭ᠂ ᠲᠩᠷᠢ ᠰᠢᠭ ᠣᠮᠣᠭᠯᠠᠩ ᠤᠷᠠᠯᠢᠭᠴᠢᠨ᠂ ᠭ· ᠰᠢᠷᠠᠪᠵᠠᠮᠰᠤ᠂ ᠶ᠋ᠢᠨ· ᠪᠤᠶᠠᠨᠭᠡᠰᠢᠭ ᠨᠠᠷ ᠰᠢᠭ᠋ ᠰᠢᠨᠳᠠᠰᠤ ᠲᠠᠢ ᠪᠢᠴᠢᠭᠲᠡᠨ᠂ ᠵᠢᠷᠤᠮᠲᠤ ᠰᠢᠭ᠋ ᠦᠨᠳᠦᠰᠦᠲᠡᠨ ᠦ᠌ ᠠᠵᠤ ᠠᠬᠤᠢᠯᠠᠯᠲᠠᠨ ᠦᠯᠡᠮᠵᠢ ᠣᠯᠠᠨ ᠢ᠋ᠶ᠋ᠠᠷ ᠲᠥᠷᠥᠬᠦ ᠪᠣᠯᠤᠨ᠎ᠠ᠃
   ᠭᠤᠷᠪᠠᠨ ᠡᠬᠡ ᠶ᠋ᠢᠨ ᠬᠥᠮᠦᠵᠢᠯ ᠢᠯᠠᠭᠳᠠᠪᠠᠯ᠂ ᠮᠠᠨ ᠤ᠋ ᠬᠡᠦᠬᠡᠳ ᠥᠷᠥᠭᠡᠯ ᠦ᠋ᠨ ᠡᠮᠦᠨ᠎ᠡ ᠣᠮᠣᠭᠰᠢᠯ ᠪᠠᠬᠠᠷᠬᠠᠯ ᠪᠣᠯᠭᠠᠬᠤ ᠰᠣᠶᠣᠯ ᠤ᠋ᠨ ᠲᠤᠭ ᠰᠦᠯᠳᠡ ᠪᠡᠨ ᠠᠯᠳᠠᠵᠤ᠂ ᠲᠦᠮᠡᠨ ᠦ᠌ ᠳᠤᠮᠳᠠ ᠴᠡᠭᠡᠵᠢ ᠲᠡᠨᠢᠭᠦᠨ ᠠᠯᠬᠤᠵᠤ ᠴᠢᠳᠠᠬᠤ ᠦᠭᠡᠢ ᠪᠣᠯᠤᠨ᠎ᠠ᠃《ᠬᠥᠮᠦᠨ ᠶᠠᠪᠤᠪᠠᠯ ᠨᠡᠷ᠎ᠡ ᠪᠡᠨ᠂ ᠭᠠᠯᠠᠭᠤ ᠶᠠᠪᠤᠪᠠᠯ ᠳᠠᠭᠤ ᠪᠠᠨ》 ᠭᠡᠳᠡᠭ᠂ ᠡᠭᠦᠨ ᠳ᠋ᠦ᠍ ᠮᠠᠨᠤᠰ ᠤ᠋ᠨ ᠳᠡᠯᠡᠬᠡᠢ ᠶ᠋ᠢᠨ ᠲᠦᠭ ᠲᠦᠮᠡᠨ ᠰᠣᠶᠣᠯ ᠢᠷᠭᠡᠨᠰᠢᠯ ᠲᠡᠢ ᠮᠥᠷᠥ ᠵᠡᠷᠭᠡᠴᠡᠨ ᠨᠡᠷ᠎ᠡ ᠨᠢᠭᠤᠷ ᠲᠠᠢ ᠶᠠᠪᠤᠬᠤ ᠬᠥᠮᠦᠨ ᠰᠣᠶᠣᠯ ᠤ᠋ᠨ ᠪᠦᠬᠦᠢᠯᠡ ᠦᠨ᠎ᠡ ᠴᠠᠨ᠎ᠠ ᠥᠪᠯᠡᠭᠳᠡᠵᠦ ᠪᠠᠢᠳᠠᠭ ᠢ᠋ ᠮᠡᠳᠡᠬᠦ ᠶᠣᠰᠣᠲᠠᠢ᠃ ᠠᠷᠤ ᠬᠣᠷᠴᠢᠨ ᠤ᠋ ᠴᠢᠪᠠᠭ᠎ᠠ ᠮᠣᠩᠭᠣᠯ ᠪᠠᠭ᠎ᠠ ᠰᠤᠷᠭᠠᠭᠤᠯᠢ ᠬᠡᠦᠬᠡᠳ ᠦ᠋ᠨ ᠢ᠋ᠶ᠋ᠡᠨ ᠣᠪᠣᠭ ᠢ᠋ ᠲᠡᠮᠳᠡᠭᠯᠡᠵᠦ ᠥᠭᠭᠦᠭᠰᠡᠨ ᠠᠵᠢᠯᠯᠠᠭ᠎ᠠ ᠲᠤᠩ ᠠᠯᠤᠰ ᠤ᠋ᠨ ᠠᠴᠢ ᠬᠣᠯᠪᠣᠭᠳᠠᠯ ᠲᠠᠢ ᠪᠣᠯᠤᠭᠰᠠᠨ᠃ ᠤᠷᠤᠭ ᠲᠥᠷᠥᠯ ᠴᠢᠰᠤᠨ ᠤᠳᠤᠮ ᠤᠷᠤᠭᠯᠠᠴᠢᠬᠠᠬᠤ ᠦᠭᠡᠢ ᠳᠡᠭᠡᠳᠦᠰ ᠦ᠋ᠨ ᠮᠠᠨᠢ ᠰᠢᠨᠵᠢᠯᠡᠬᠦ ᠤᠬᠠᠭᠠᠨᠴᠢ ᠮᠡᠷᠭᠡᠨ ᠪᠣᠳᠣᠯᠭ᠎ᠠ ᠶ᠋ᠢ ᠲᠤᠤᠱᠯᠠᠭᠤᠯᠬᠤ ᠠ᠋ᠴᠠ ᠭᠠᠳᠠᠨ᠎ᠠ ᠤᠳᠤᠮ ᠰᠤᠳᠤᠷ ᠢ᠋ᠶ᠋ᠠᠷ ᠢ᠋ᠶ᠋ᠠᠨ ᠪᠠᠬᠠᠷᠬᠠᠬᠤ ᠡᠬᠡ ᠰᠣᠶᠣᠯ ᠤ᠋ᠨ ᠬᠥᠮᠦᠵᠢᠯ ᠦ᠋ᠨ ᠪᠣᠳᠠᠲᠤ ᠠᠭᠤᠯᠭ᠎ᠠ ᠪᠣᠯᠬᠤ ᠶᠤᠮ᠃ ᠪᠠᠰᠠ ᠨᠢᠭᠡ ᠰᠠᠨᠠᠭ᠎ᠠ ᠶ᠋ᠢ ᠨᠡᠮᠡᠵᠦ ᠬᠡᠯᠡᠬᠦ ᠡᠴᠡ ᠬᠡᠦᠬᠡᠳ ᠲᠤ ᠪᠡᠨ ᠵᠠᠪᠠᠯ ᠮᠣᠩᠭᠣᠯ ᠨᠡᠷ᠎ᠡ ᠬᠠᠢᠷᠠᠯᠠᠵᠤ ᠪᠠᠢᠭᠠᠷᠠᠢ! ᠨᠡᠷ᠎ᠡ ᠮᠢᠨᠢ ᠬᠡᠪᠯᠡᠯ ᠰᠦᠯᠵᠢᠶ᠎ᠡ ᠠᠮᠠ ᠳᠠᠮᠵᠢᠨ ᠵᠢᠰᠦ ᠲᠥᠷᠬᠦ ᠡᠴᠡ ᠪᠡᠨ ᠰᠠᠯᠵᠤ ᠬᠠᠮᠢᠭ᠎ᠠ ᠴᠤ᠌ ᠬᠦᠷᠴᠦ ᠮᠡᠳᠡᠨ᠎ᠡ᠂ ᠮᠠᠯᠠᠭᠠᠢ ᠪᠠᠷ ᠢ᠋ᠶ᠋ᠠᠨ ᠲᠥᠪᠡᠳ᠂ ᠬᠣᠲᠣᠩ᠂ ᠤᠢᠭᠤᠷ ᠢ᠋ ᠢᠯᠭᠠᠳᠠᠭ ᠰᠢᠭ᠋ ᠨᠡᠷ᠎ᠡ ᠪᠡᠷ ᠢ᠋ᠶ᠋ᠡᠨ ᠪᠢᠳᠡ ᠳᠡᠯᠡᠬᠡᠢ ᠶ᠋ᠢᠨ ᠠᠯᠢ ᠴᠤ᠌ ᠥᠨᠴᠥᠭ ᠪᠤᠯᠤᠩ ᠠ᠋ᠴᠠ ᠬᠥᠬᠡ ᠲᠣᠯᠪᠣ ᠲᠠᠢ ᠲᠥᠷᠥᠯ ᠰᠠᠳᠤᠨ ᠢ᠋ᠶ᠋ᠠᠨ ᠲᠥᠭᠡᠷᠢᠯ ᠦᠭᠡᠢ ᠲᠠᠨᠢᠵᠤ ᠣᠯᠤᠨ᠎ᠠ᠂ ᠡᠳᠦᠷ ᠪᠣᠯᠭᠠᠨ ᠨᠠᠰᠤᠨ ᠲᠤᠷᠰᠢᠳᠠ ᠳᠠᠭᠤᠳᠠᠭᠤᠯᠵᠤ ᠶᠠᠪᠤᠬᠤ ᠬᠥᠮᠦᠨ ᠦ᠌ ᠣᠪᠣᠭ ᠨᠡᠷ᠎ᠡ ᠳ᠋ᠦ᠍ ᠡᠬᠡ ᠰᠣᠶᠣᠯ ᠤ᠋ᠨ ᠭᠦᠨ ᠳᠠᠯᠳᠠ ᠬᠦᠴᠦᠨ ᠰᠢᠩᠭᠡᠵᠦ ᠪᠠᠢᠳᠠᠭ ᠢ᠋ ᠮᠡᠳᠡᠬᠦ ᠶᠣᠰᠣᠲᠠᠢ! ᠮᠠᠨ ᠤ᠋ ᠬᠡᠦᠬᠡᠳ ᠠᠷᠪᠠᠭᠠᠳ ᠨᠠᠰᠤᠨ ᠠ᠋ᠴᠠ ᠨᠡᠷ᠎ᠡ ᠣᠪᠣᠭ ᠢ᠋ᠶ᠋ᠠᠨ ᠰᠢᠨᠵᠢᠯᠡᠵᠦ᠂ ᠰᠡᠳᠬᠢᠯ ᠳ᠋ᠦ᠍ ᠳᠤᠯᠠᠭᠠᠨ ᠤᠳᠬ᠎ᠠ ᠰᠠᠨᠠᠭ᠎ᠠ ᠨᠢ ᠢᠯᠡᠬᠡᠨ ᠮᠣᠩᠭᠣᠯ ᠨᠡᠷ᠎ᠡ ᠣᠯᠤᠨ᠎ᠠ ᠭᠡᠭᠴᠢ ᠬᠡᠦᠬᠡᠳ ᠦ᠋ᠨ ᠪᠠᠰᠠ ᠨᠢᠭᠡᠨ ᠪᠤᠶᠠᠨ ᠪᠠᠢᠭ᠎ᠠ᠃ ᠨᠡᠷ᠎ᠡ ᠳ᠋ᠦ᠍ ᠪᠡᠨ ᠶᠠᠰᠤᠨ ᠠ᠋ᠴᠠ ᠪᠠᠨ ᠢᠯᠡᠭᠦᠦ ᠬᠠᠢᠷᠠᠲᠠᠢ ᠪᠠᠢᠳᠠᠭ ᠨᠢ ᠮᠣᠩᠭᠣᠯᠴᠤᠳ ᠤ᠋ᠨ ᠤᠳᠤᠮ ᠴᠢᠰᠤᠨ ᠳ᠋ᠤ᠌ ᠰᠢᠩᠭᠡᠭᠰᠡᠨ ᠰᠡᠳᠬᠢᠴᠡ᠃ ᠬᠥᠮᠦᠰ ᠥᠪᠡᠷ ᠦ᠋ᠨ ᠨᠡᠷ᠎ᠡ ᠣᠪᠣᠭ ᠠ᠋ᠴᠠ ᠪᠠᠨ ᠯᠠ ᠡᠬᠡ ᠰᠣᠶᠣᠯ ᠤ᠋ᠨ ᠰᠡᠳᠬᠢᠯᠭᠡᠨ ᠢ᠋ ᠠᠩᠬ᠎ᠠ ᠮᠡᠳᠡᠷᠡᠵᠦ ᠡᠬᠢᠯᠡᠳᠡᠭ᠂ ᠪᠠᠬᠠᠷᠬᠠᠵᠤ ᠲᠣᠭᠣᠭᠰᠠᠨ ᠨᠡᠷ᠎ᠡ ᠡᠴᠡ ᠪᠡᠨ ᠡᠷᠴᠢ ᠬᠦᠴᠦ ᠣᠯᠵᠤ ᠪᠠᠢᠳᠠᠭ᠃ ᠮᠠᠨᠤᠰ ᠤ᠋ᠨ ᠦᠷ᠎ᠡ ᠬᠣᠢᠴᠢ ᠳ᠋ᠤ᠌ ᠪᠠᠨ ᠦᠯᠡᠳᠡᠭᠡᠬᠦ ᠴᠣᠷ ᠤ᠋ᠨ ᠭᠠᠭᠴᠠ ᠮᠥᠩᠬᠡ ᠶ᠋ᠢᠨ ᠬᠥᠷᠥᠩᠭᠡ ᠪᠣᠯ ᠡᠷᠬᠡ ᠮᠥᠩᠭᠥ ᠯᠠᠷᠵᠢᠶ᠎ᠠ ᠶᠠᠩᠪᠠ ᠪᠤᠰᠤ ᠨᠡᠷ᠎ᠡ ᠬᠦᠨᠳᠦ ᠯᠡ ᠪᠠᠢᠭ᠎ᠠ ᠶᠤᠮ! ᠵᠠᠷᠢᠮ ᠨᠤᠲᠤᠭ ᠲᠤ ᠮᠣᠩᠭᠣᠯ ᠪᠤᠰᠤ ᠨᠠᠷᠠᠳᠠᠨ ᠣᠯᠠᠰᠢᠷᠠᠭᠰᠠᠨ ᠨᠢ ᠬᠥᠮᠦᠨ ᠦ᠌ ᠲᠤᠭ ᠰᠦᠯᠳᠡ ᠪᠣᠯᠤᠭᠰᠠᠨ ᠨᠡᠷ᠎ᠡ ᠡᠴᠡ ᠪᠡᠨ ᠡᠬᠢᠯᠡᠨ ᠰᠡᠮᠡᠷᠡᠨ ᠬᠠᠢᠯᠤᠭᠳᠠᠵᠤ ᠪᠠᠢᠬᠤ ᠰᠡᠷᠡᠮᠵᠢ ᠶ᠋ᠢᠨ ᠳᠣᠬᠢᠶ᠎ᠠ ᠭᠡᠳᠡᠭ ᠢ᠋ ᠮᠡᠳᠡᠬᠦ ᠶᠣᠰᠣᠲᠠᠢ!
   ᠡᠷᠬᠡ ᠮᠥᠩᠭᠥ᠂ ᠣᠷᠳᠣᠨ ᠬᠠᠷᠰᠢ᠂ ᠪᠡᠯᠴᠢᠭᠡᠷ ᠨᠤᠲᠤᠭ ᠤ᠋ᠨ ᠠᠭᠤᠳᠠᠮ ᠢ᠋ᠶ᠋ᠠᠷ ᠢ᠋ᠶ᠋ᠠᠨ ᠵᠢᠩᠬᠢᠨᠢ《 ᠳᠠᠷᠬᠠᠨ ᠸᠠᠩ》 ᠶᠠᠪᠤᠭᠰᠠᠨ ᠨᠠᠮᠵᠢᠯᠰᠡᠷᠡᠩ ᠮᠠᠨᠢ ᠠᠮᠢᠳᠤᠷᠠᠯ ᠤ᠋ᠨ ᠢ᠋ᠶ᠋ᠠᠨ ᠲᠡᠭᠦᠰᠬᠡᠯ ᠳ᠋ᠤ᠌ ᠶᠠᠰᠤ ᠪᠠᠨ ᠲᠠᠯᠪᠢᠬᠤ ᠠᠳᠬᠤ ᠰᠢᠷᠣᠢ᠂ ᠨᠡᠷ᠎ᠡ ᠪᠡᠨ ᠪᠢᠴᠢᠬᠦ ᠠᠯᠠᠭᠠᠨ ᠴᠢᠨᠡᠭᠡᠨ ᠬᠥᠰᠢᠶ᠎ᠡ ᠣᠯᠤᠭᠰᠠᠨ ᠦᠭᠡᠢ ᠨᠢ ᠶᠠᠭᠤᠨ ᠳ᠋ᠤ᠌ ᠪᠠᠨ ᠪᠢᠯᠡ! ᠬᠠᠵᠠᠭᠤ ᠪᠠᠷ ᠨᠢ ᠬᠠᠷᠢᠨ ᠤᠷᠤᠭᠤᠳᠠᠭᠰᠠᠨ ᠲᠥᠷᠥ ᠶ᠋ᠢᠨ ᠳᠣᠷᠣᠢᠲᠠᠭᠰᠠᠨ ᠢᠵᠠᠭᠤᠷᠲᠠᠨ ᠢᠨᠵᠠᠨᠨᠠᠰᠢ ᠶ᠋ᠢᠨ ᠨᠤᠲᠤᠭ ᠤᠰᠤ ᠨᠢ ᠥᠩᠭᠡ ᠪᠡᠨ ᠠᠯᠳᠠᠭᠰᠠᠨ ᠴᠤ᠌ ᠠᠯᠳᠠᠷ ᠭᠠᠪᠢᠶ᠎ᠠ ᠨᠢ ᠳᠡᠯᠡᠬᠡᠢ ᠳ᠋ᠤ᠌ ᠳᠡᠯᠭᠡᠷᠡᠭᠰᠡᠭᠡᠷ᠁ ᠨᠡᠷ᠎ᠡ ᠲᠥᠷᠥ ᠠ᠋ ᠭᠡᠵᠦ᠁ ᠪᠢᠳᠡ ᠬᠡᠴᠢᠨᠡᠨ ᠳᠠᠷᠬᠠᠨ ᠸᠠᠩ ᠢ᠋ ᠲᠥᠷᠥᠵᠦ᠂ ᠬᠡᠳᠦᠨ ᠢᠨᠵᠠᠨᠨᠠᠰᠢ ᠶ᠋ᠢ ᠬᠥᠮᠦᠵᠢᠭᠦᠯᠵᠦ ᠪᠠᠢᠭ᠎ᠠ ᠪᠣᠯ? ᠪᠣᠳᠣᠭᠤᠰᠢᠲᠠᠢ!

   ᠦᠰᠦᠭ ᠠᠮᠢᠯᠠᠭᠤᠯᠤᠭᠴᠢ᠄  ᠪᠠᠶᠠᠨᠰᠡᠷᠡᠩ᠂ ᠬᠣᠩ ᠮᠧᠢ᠂ ᠲᠤᠶᠠᠭ᠎ᠠ
   ᠬᠢᠨᠠᠭᠴᠢ᠄ ᠰᠡᠬᠡᠭᠡᠷᠡᠯ᠂ ᠵ᠂ ᠪᠤᠶᠠᠨᠲᠣᠭᠲᠠᠬᠤ᠂ ᠭᠠᠷᠮ᠎ᠠ 
   ᠶᠡᠷᠦᠩᠬᠡᠢ ᠬᠢᠨᠠᠭᠴᠢ᠄ ᠤᠳᠬᠠᠨᠰᠣ᠎ᠠ