1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠲᠡᠢ ᠪᠡᠨ ᠰᠠᠢᠬᠠᠨ ᠬᠠᠮᠵᠢᠯᠴᠠᠶ᠎ᠠ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-12-ᠪᠣᠯᠣᠴᠢᠯᠠᠭᠤ

ᠬᠡᠦᠬᠡᠳ ᠲᠡᠢ ᠪᠡᠨ ᠰᠠᠢᠬᠠᠨ ᠬᠠᠮᠵᠢᠯᠴᠠᠶ᠎ᠠ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-12-ᠪᠣᠯᠣᠴᠢᠯᠠᠭᠤ

2023-12-20

613

ᠠᠷᠪᠠᠨ ᠬᠣᠶᠠᠷ᠂ ᠬᠡᠦᠬᠡᠳ ᠲᠡᠢ ᠪᠡᠨ ᠰᠠᠢᠬᠠᠨ ᠬᠠᠮᠵᠢᠯᠴᠠᠶ᠎ᠠ

   ᠬᠡᠦᠬᠡᠳ ᠲᠡᠢ ᠪᠡᠨ ᠰᠠᠢᠬᠠᠨ ᠬᠠᠮᠵᠢᠯᠴᠠᠵᠤ ᠰᠡᠳᠬᠢᠴᠡ᠂ ᠬᠥᠮᠦᠨ ᠮᠥᠰᠥ ᠶ᠋ᠢᠨ ᠪᠣᠢᠵᠢᠯᠲᠠ ᠵᠢᠴᠢ ᠠᠵᠢᠯ ᠰᠤᠷᠤᠯᠭ᠎ᠠ ᠳ᠋ᠤ᠌ ᠨᠢ ᠬᠠᠯᠠᠮᠵᠢ ᠲᠤᠰᠠᠯᠠᠮᠵᠢ ᠦᠵᠡᠭᠦᠯᠬᠦ ᠪᠣᠯ ᠭᠡᠷ ᠦ᠋ᠨ ᠠᠬᠠᠮᠠᠳ ᠤ᠋ᠨ ᠴᠢᠬᠤᠯᠠ ᠡᠭᠦᠷᠭᠡ ᠬᠠᠷᠢᠭᠤᠴᠠᠯᠭ᠎ᠠ ᠪᠠᠢᠭ᠎ᠠ ᠶᠤᠮ᠂ ᠲᠡᠭᠡᠪᠡᠯ ᠬᠡᠷᠬᠢᠨ ᠳᠠᠮ ᠲᠤᠰᠠ ᠪᠣᠯᠬᠤ ᠪᠣᠢ ᠭᠡᠪᠡᠯ ᠭᠣᠣᠯ ᠨᠢ ᠬᠡᠦᠬᠡᠳ ᠢ᠋ᠶ᠋ᠡᠨ ᠣᠢᠯᠠᠭᠠᠵᠤ᠂ ᠬᠡᠦᠬᠡᠳ ᠲᠡᠢ ᠪᠡᠨ ᠨᠠᠢᠵᠠᠯᠠᠵᠤ᠂ ᠬᠡᠦᠬᠡᠳ ᠦ᠋ᠨ ᠢ᠋ᠶ᠋ᠡᠨ ᠳᠤᠷ᠎ᠠ ᠪᠠᠬ᠎ᠠ ᠲᠠᠢ ᠵᠦᠢᠯ ᠢ᠋ ᠨᠢ ᠤᠷᠮᠠᠰᠢᠭᠤᠯᠤᠨ ᠠᠯᠢᠪᠠ ᠠᠰᠠᠭᠤᠳᠠᠯ ᠳ᠋ᠤ᠌ ᠡᠷᠬᠡ ᠲᠡᠭᠰᠢ ᠵᠥᠪᠳᠡᠯᠴᠡᠬᠦ ᠭᠡᠷ ᠪᠦᠯᠢ ᠶ᠋ᠢᠨ ᠠᠷᠠᠳᠴᠢᠯᠠᠭᠰᠠᠨ ᠠᠭᠤᠷ ᠠᠮᠢᠰᠬᠤᠯ ᠲᠠᠢ ᠪᠠᠢᠵᠤ ᠴᠢᠳᠠᠪᠠᠯ ᠬᠡᠦᠬᠡᠳ ᠦ᠋ᠨ ᠡᠷᠡᠭᠦᠯ ᠦᠰᠦᠨ ᠪᠣᠢᠵᠢᠯᠲᠠ ᠳ᠋ᠤ᠌ ᠲᠤᠩ ᠰᠠᠢᠬᠠᠨ ᠨᠥᠯᠥᠭᠡ ᠦᠵᠡᠭᠦᠯᠬᠦ ᠪᠣᠯᠤᠨ᠎ᠠ᠃ ᠣᠳᠣ ᠶ᠋ᠢᠨ ᠭᠣᠣᠯ ᠠᠰᠠᠭᠤᠳᠠᠯ ᠪᠣᠯ ᠣᠯᠠᠩᠬᠢ ᠬᠡᠦᠬᠡᠳ ᠭᠡᠷ ᠦ᠋ᠨ ᠠᠬᠠᠮᠠᠳ ᠤ᠋ᠨ ᠠᠯᠪᠠᠳᠠᠯᠭ᠎ᠠ ᠳᠣᠣᠷ᠎ᠠ ᠳᠤᠷᠠᠲᠠᠢ ᠳᠤᠷ᠎ᠠ ᠦᠭᠡᠢ ᠵᠦᠢᠯ ᠢ᠋ ᠪᠠᠭ᠎ᠠ ᠠ᠋ᠴᠠ ᠪᠠᠨ ᠬᠢᠭᠰᠡᠭᠡᠷ ᠪᠠᠢᠵᠤ ᠬᠡᠦᠬᠡᠳ ᠦ᠋ᠨ ᠳᠡᠭᠵᠢᠨ ᠴᠤᠪᠤᠭ᠎ᠠ ᠰᠣᠨᠢᠭᠤᠴᠢ ᠵᠠᠩ᠂ ᠣᠯᠠᠨ ᠰᠠᠢᠬᠠᠨ ᠳᠤᠷ᠎ᠠ ᠰᠣᠨᠢᠷᠬᠠᠯ ᠠᠪᠢᠶᠠᠰ ᠨᠢ ᠪᠦᠷ ᠪᠠᠯᠠᠷᠠᠵᠤ ᠳᠥᠵᠢᠷᠡᠬᠦ ᠬᠡᠮᠵᠢᠶᠡᠨ ᠳ᠋ᠦ᠍ ᠬᠦᠷᠴᠡᠢ᠃ ᠡᠨᠡ ᠪᠣᠯ ᠭᠡᠷ ᠦ᠋ᠨ ᠠᠬᠠᠮᠠᠳ ᠤ᠋ᠨ ᠬᠡᠦᠬᠡᠳ ᠢ᠋ᠶ᠋ᠡᠨ ᠣᠢᠯᠠᠭᠠᠭᠰᠠᠨ ᠦᠭᠡᠢ ᠬᠡᠦᠬᠡᠳ ᠲᠡᠢ ᠪᠡᠨ ᠬᠠᠮᠵᠢᠯᠴᠠᠭᠰᠠᠨ ᠦᠭᠡᠢ ᠡᠴᠡ ᠪᠣᠯᠤᠭᠰᠠᠨ ᠶᠡᠬᠡ ᠣᠰᠣᠯ ᠪᠠᠢᠭ᠎ᠠ᠃ ᠪᠤᠰᠤᠳ ᠤ᠋ᠨ ᠬᠡᠦᠬᠡᠳ ᠶᠠᠭᠤ ᠰᠤᠷᠴᠤ ᠪᠠᠢᠪᠠᠯ ᠲᠡᠭᠦᠨ ᠢ᠋ ᠨᠢ ᠪᠠᠰᠠ ᠰᠤᠷᠭᠠᠨ᠎ᠠ ᠭᠡᠬᠦ ᠪᠣᠯ ᠬᠡᠦᠬᠡᠳ ᠦ᠋ᠨ ᠢ᠋ᠶ᠋ᠡᠨ ᠪᠣᠳᠣᠯ ᠰᠡᠳᠬᠢᠯ ᠳᠤᠷ᠎ᠠ ᠪᠠᠬ᠎ᠠ ᠶ᠋ᠢ ᠣᠢᠯᠠᠭᠠᠭᠰᠠᠨ ᠦᠭᠡᠢ ᠪᠡᠷ ᠬᠡᠦᠬᠡᠳ ᠲᠤ ᠪᠡᠨ ᠥᠪᠡᠷᠰᠡᠳ ᠦ᠋ᠨ ᠵᠣᠷᠢᠭ ᠢ᠋ᠶ᠋ᠠᠷ ᠡᠭᠦᠷᠭᠡ ᠲᠤᠰᠢᠶᠠᠯ ᠪᠠᠭᠤᠯᠭᠠᠭᠰᠠᠨ ᠲᠤᠩ ᠶᠡᠬᠡ ᠠᠯᠳᠠᠭ᠎ᠠ᠃ ᠬᠡᠦᠬᠡᠳ ᠥᠪᠡᠷ ᠢ᠋ᠶ᠋ᠡᠨ ᠳᠤᠷᠠᠲᠠᠢ ᠪᠣᠯ ᠶᠠᠭᠤ ᠰᠤᠷᠤᠭᠰᠠᠨ ᠴᠤ᠌ ᠢᠯᠡᠭᠦᠬᠡᠨ ᠳᠡᠮᠵᠢᠵᠦ ᠪᠠᠢᠬᠤ ᠪᠣᠯ ᠵᠥᠪ᠂ ᠮᠣᠷᠢᠨ ᠬᠤᠭᠤᠷ ᠲᠤ ᠳᠤᠷᠠᠲᠠᠢ ᠬᠡᠦᠬᠡᠳ ᠮᠣᠷᠢᠨ ᠬᠤᠭᠤᠷᠴᠢ ᠪᠣᠯᠬᠤ ᠠᠯᠪᠠ ᠦᠭᠡᠢ᠂ ᠭᠡᠪᠡᠴᠦ ᠳᠤᠷ᠎ᠠ ᠰᠣᠨᠢᠷᠬᠠᠯ ᠣᠷᠣᠯᠳᠣᠯᠭ᠎ᠠ ᠲᠠᠢ ᠪᠠᠢᠪᠠᠯ ᠬᠢᠴᠢᠶᠡᠯ ᠦ᠋ᠨ ᠭᠠᠳᠠᠭᠤᠷ ᠬᠢᠳᠡᠯ ᠠᠯᠳᠠᠬᠤ ᠦᠭᠡᠢ᠂ ᠰᠡᠳᠬᠢᠯ ᠰᠠᠨᠠᠭ᠎ᠠ ᠬᠣᠭᠣᠰᠣᠷᠠᠬᠤ ᠦᠭᠡᠢ᠂ ᠰᠡᠳᠬᠢᠴᠡ ᠶ᠋ᠢᠨ ᠪᠢᠲᠡᠭᠦᠷᠡᠯ ᠡᠭᠦᠰᠬᠦ ᠦᠭᠡᠢ ᠮᠥᠷᠲᠡᠭᠡᠨ ᠪᠡᠶ᠎ᠡ ᠪᠡᠨ ᠳᠠᠭᠠᠭᠠᠵᠤ ᠶᠠᠭᠤᠮ᠎ᠠ ᠰᠡᠳᠬᠢᠵᠦ ᠣᠷᠣᠯᠳᠣᠭᠰᠠᠨ ᠬᠡᠦᠬᠡᠳ ᠦ᠋ᠨ ᠪᠦᠲᠦᠭᠡᠯᠴᠢ ᠴᠢᠳᠠᠪᠤᠷᠢ᠂ ᠠᠵᠢᠭᠯᠠᠵᠤ ᠰᠡᠳᠬᠢᠬᠦ ᠴᠢᠳᠠᠪᠤᠷᠢ ᠨᠡᠭᠡᠭᠡᠭᠳᠡᠵᠦ᠂ ᠣᠯᠠᠨ ᠰᠠᠢᠬᠠᠨ ᠬᠦᠰᠡᠯ ᠮᠥᠷᠥᠭᠡᠳᠦᠯ ᠲᠡᠢ ᠬᠥᠮᠦᠨ ᠪᠣᠯᠤᠨ᠎ᠠ᠃ ᠪᠤᠰᠤᠳ ᠤ᠋ᠨ ᠠᠯᠪᠠᠳᠠᠯᠭ᠎ᠠ ᠪᠠᠷ ᠰᠤᠷᠬᠤ ᠬᠡᠦᠬᠡᠳ ᠠᠯᠪᠠ ᠬᠠᠰᠢᠵᠤ ᠠᠮᠠ ᠪᠥᠭᠯᠡᠳᠡᠭ ᠡᠴᠡ ᠪᠣᠯᠵᠤ᠂ ᠥᠪᠡᠷ ᠦ᠋ᠨ ᠭᠡᠰᠡᠨ ᠬᠠᠷᠠᠯᠲᠠ ᠬᠦᠰᠡᠯᠡᠩ ᠢ᠋ᠶ᠋ᠡᠨ ᠠᠯᠳᠠᠨ᠎ᠠ᠃ ᠭᠡᠷ ᠦ᠋ᠨ ᠠᠬᠠᠮᠠᠳ ᠬᠡᠮᠡᠭᠴᠢ ᠬᠡᠦᠬᠡᠳ ᠦ᠋ᠨ ᠰᠡᠳᠬᠢᠯ ᠳ᠋ᠦ᠍ ᠬᠠᠢᠷ᠎ᠠ ᠤᠬᠠᠭᠠᠨ ᠤ᠋ ᠥᠮᠥᠭ ᠲᠦᠰᠢᠭᠳᠡᠨ ᠪᠣᠯᠬᠤ ᠠ᠋ᠴᠠ ᠪᠢᠰᠢ᠂ ᠲᠣᠮᠣ ᠬᠥᠮᠦᠨ ᠦ᠌ ᠵᠣᠷᠢᠭ ᠬᠦᠰᠡᠯ ᠢ᠋ᠶ᠋ᠡᠨ ᠪᠡᠶᠡᠯᠡᠭᠦᠯᠬᠦ ᠡᠷᠬᠡ ᠰᠦᠷᠳᠡᠨ ᠪᠢᠰᠢ᠂ ᠬᠡᠦᠬᠡᠳ ᠲᠡᠢ ᠪᠡᠨ ᠰᠡᠳᠬᠢᠯ ᠦ᠋ᠨ ᠵᠠᠢ ᠬᠣᠯᠠᠳᠠᠭᠰᠠᠨ ᠪᠠᠢᠳᠠᠯ ᠳ᠋ᠤ᠌᠂ ᠠᠪᠤ ᠡᠵᠢ ᠨᠢ ᠬᠠᠶᠠ ᠬᠡᠦᠬᠡᠳ ᠦ᠋ᠨ ᠢ᠋ᠶ᠋ᠡᠨ ᠠᠮᠵᠢᠯᠲᠠ ᠲᠠᠢ ᠵᠦᠢᠯ ᠢ᠋ ᠣᠯᠵᠤ ᠬᠠᠷᠠᠭᠠᠳ ᠬᠡᠦᠬᠡᠳ ᠲᠤ ᠪᠡᠨ ᠬᠡᠯᠡᠬᠦ ᠭᠡᠮᠡᠨ ᠨᠡᠷ᠎ᠡ ᠶ᠋ᠢ ᠨᠢ ᠪᠠᠶᠠᠷᠲᠠᠢᠬᠠᠨ ᠳᠠᠭᠤᠳᠠᠭᠠᠳ ᠠᠪᠬᠤ ᠳ᠋ᠤ᠌ ᠴᠤ᠌ ᠬᠡᠦᠬᠡᠳ ᠦ᠋ᠨ ᠰᠡᠳᠬᠢᠯ ᠳ᠋ᠦ᠍《ᠪᠠᠰᠠ ᠯᠠ ᠶᠠᠭᠠᠬᠢᠴᠢᠬᠠᠪᠠ?》 ᠬᠡᠮᠡᠬᠦ ᠰᠥᠷᠭᠡᠦ ᠰᠡᠳᠬᠢᠴᠡ ᠶ᠋ᠢᠨ ᠲᠤᠰᠬᠠᠯ ᠡᠭᠦᠰᠳᠡᠭ ᠡᠴᠡ ᠰᠠᠢᠨ ᠦᠭᠡ ᠴᠦ᠍ ᠥᠩᠭᠡ ᠪᠡᠨ ᠠᠯᠳᠠᠳᠠᠭ ᠰᠢᠦ᠃ ᠲᠡᠢᠮᠦ ᠡᠴᠡ ᠬᠡᠦᠬᠡᠳ ᠲᠡᠢ ᠪᠡᠨ ᠡᠪ ᠵᠦᠢᠲᠡᠢ ᠬᠠᠷᠢᠯᠴᠠᠬᠤ ᠪᠣᠯ ᠬᠡᠦᠬᠡᠳ ᠦ᠋ᠨ ᠡᠷᠡᠭᠦᠯ ᠦᠰᠦᠨ ᠪᠣᠢᠵᠢᠯᠲᠠ ᠳ᠋ᠤ᠌ ᠲᠤᠩ ᠶᠡᠬᠡ ᠨᠥᠯᠥᠭᠡ ᠦᠵᠡᠭᠦᠯᠦᠨ᠎ᠡ᠂ ᠬᠡᠦᠬᠡᠳ ᠲᠡᠢ ᠪᠡᠨ ᠵᠥᠪ ᠬᠠᠷᠢᠯᠴᠠᠬᠤ ᠳ᠋ᠤ᠌ ᠳᠣᠣᠷᠠᠬᠢ ᠵᠠᠷᠴᠢᠮ ᠢ᠋ ᠮᠥᠷᠳᠡᠭᠡᠷᠡᠢ᠃
   ᠭᠤᠷᠪᠠᠨ ᠨᠠᠰᠤᠨ ᠠ᠋ᠴᠠ ᠡᠮᠦᠨ᠎ᠡ《ᠴᠢᠩᠭ᠎ᠠ》 ᠬᠠᠨᠳᠤᠵᠤ ᠢᠳᠡᠬᠦ ᠤᠤᠭᠤᠬᠤ᠂ ᠤᠨᠲᠠᠬᠤ ᠪᠣᠰᠬᠤ᠂ ᠡᠮᠦᠰᠴᠦ ᠵᠡᠭᠦᠬᠦ ᠡᠴᠡ ᠡᠬᠢᠯᠡᠨ ᠨᠠᠭᠠᠳᠬᠤ ᠠᠮᠠᠷᠠᠬᠤ ᠪᠦᠷ ᠲᠢᠭᠯᠡᠮ ᠲᠡᠢ ᠪᠠᠢᠵᠤ᠂ ᠬᠡᠦᠬᠡᠳ ᠢ᠋ᠶ᠋ᠡᠨ ᠰᠠᠢᠬᠠᠨ ᠳᠠᠳᠬᠠᠯ ᠲᠠᠢ ᠪᠣᠯᠭᠠᠨ᠎ᠠ᠂ ᠬᠡᠦᠬᠡᠳ ᠦ᠋ᠨ ᠨᠢᠯᠬ᠎ᠠ ᠪᠠᠭ᠎ᠠ ᠳ᠋ᠤ᠌ ᠪᠠᠨ ᠬᠡᠪᠰᠢᠭᠰᠡᠨ ᠵᠠᠩᠰᠢᠯ ᠨᠢᠭᠡ ᠨᠠᠰᠤ ᠶ᠋ᠢ ᠨᠥᠯᠥᠭᠡᠯᠡᠨ᠎ᠡ᠃ ᠤᠬᠠᠭᠠᠨ ᠲᠥᠬᠥᠭᠡ ᠣᠷᠣᠭᠠᠳ ᠢᠷᠡᠬᠦ ᠳ᠋ᠦ᠍ ᠬᠠᠲᠠᠭᠤ ᠵᠥᠭᠡᠯᠡᠨ ᠢ᠋ ᠵᠣᠬᠢᠴᠠᠭᠤᠯᠵᠤ ᠰᠠᠢᠬᠠᠨ ᠨᠠᠢᠵᠠᠯᠠᠵᠤ᠂ ᠬᠡᠦᠬᠡᠳ ᠲᠡᠢ ᠪᠡᠨ ᠡᠷᠬᠡ ᠲᠡᠭᠰᠢ ᠬᠠᠷᠢᠯᠴᠠᠨ᠎ᠠ᠃ ᠬᠡᠦᠬᠡᠳ ᠦ᠋ᠨ ᠠᠯᠢᠪᠠ ᠤᠴᠢᠷ ᠲᠤ ᠬᠡᠦᠬᠡᠳ ᠦ᠋ᠨ ᠰᠠᠨᠠᠭ᠎ᠠ ᠶ᠋ᠢ ᠬᠦᠯᠢᠴᠡᠩᠭᠦᠢ ᠰᠣᠨᠣᠰᠴᠤ᠂ ᠲᠤᠷᠰᠢᠯᠭ᠎ᠠ ᠰᠤᠷᠭᠠᠮᠵᠢ ᠪᠠᠨ ᠬᠡᠯᠡᠵᠦ᠂ ᠵᠥᠪᠳᠡᠯ ᠥᠭᠬᠦ ᠡᠴᠡ ᠪᠢᠰᠢ᠂ ᠤᠴᠢᠷ ᠪᠦᠬᠦᠨ ᠳ᠋ᠦ᠍ ᠡᠵᠡᠨ ᠮᠡᠳᠡᠵᠦ ᠵᠠᠷᠯᠢᠭ ᠲᠤᠰᠢᠶᠠᠯ ᠪᠠᠭᠤᠯᠭᠠᠵᠤ ᠪᠣᠯᠬᠤ ᠦᠭᠡᠢ᠃ ᠬᠡᠦᠬᠡᠳ ᠦ᠋ᠨ ᠢ᠋ᠶ᠋ᠡᠨ ᠬᠢᠵᠦ ᠪᠠᠢᠭ᠎ᠠ᠂ ᠰᠤᠷᠴᠤ ᠪᠠᠢᠭ᠎ᠠ ᠵᠦᠢᠯ ᠳ᠋ᠦ᠍ ᠢᠯᠡᠭᠦᠬᠡᠨ ᠰᠠᠨᠠᠭ᠎ᠠ ᠠᠩᠬᠠᠷᠤᠯ ᠲᠠᠯᠪᠢᠵᠤ᠂ ᠬᠡᠯᠡᠵᠦ ᠵᠢᠭᠠᠵᠤ ᠥᠭᠬᠦ ᠡᠴᠡ ᠪᠡᠨ ᠢᠯᠡᠭᠦᠦ ᠠᠰᠠᠭᠤᠵᠤ ᠰᠤᠷᠠᠵᠤ ᠪᠠᠢᠬᠤ ᠨᠢ ᠴᠢᠬᠤᠯᠠ᠃ ᠲᠣᠮᠣ ᠬᠥᠮᠦᠰ ᠴᠦ᠍ ᠦᠵᠡᠭᠰᠡᠨ ᠰᠣᠨᠣᠰᠤᠭᠰᠠᠨ ᠮᠡᠳᠡᠭᠰᠡᠨ ᠢ᠋ᠶ᠋ᠡᠨ ᠣᠢᠷ᠎ᠠ ᠵᠠᠭᠤᠷ᠎ᠠ ᠬᠥᠮᠦᠰ ᠲᠤ ᠪᠡᠨ ᠬᠡᠯᠡᠵᠦ ᠮᠡᠷᠭᠡᠯᠡᠶ᠎ᠡ ᠭᠡᠮᠡᠨ ᠶᠠᠭᠠᠷᠠᠳᠠᠭ ᠪᠢᠰᠢ ᠤᠤ᠂ ᠬᠡᠦᠬᠡᠳ ᠮᠡᠳᠡᠭᠰᠡᠨ ᠴᠢᠳᠠᠭᠰᠠᠨ ᠢ᠋ᠶ᠋ᠠᠨ ᠬᠡᠷᠡᠭᠯᠡᠬᠦ ᠭᠠᠢᠬᠠᠭᠤᠯᠬᠤ ᠵᠠᠪᠰᠢᠶᠠᠨ ᠣᠯᠬᠤ ᠦᠭᠡᠢ ᠪᠠᠢᠭᠰᠠᠭᠠᠷ ᠰᠤᠷᠤᠯᠭ᠎ᠠ ᠠ᠋ᠴᠠ ᠳᠤᠷ᠎ᠠ ᠠᠯᠳᠠᠷᠠᠵᠤ ᠰᠠᠷᠠᠯ ᠰᠡᠳᠬᠢᠬᠦᠢ ᠨᠢ ᠲᠦᠵᠢᠷᠡᠵᠦ ᠡᠬᠢᠯᠡᠳᠡᠭ ᠢ᠋ ᠮᠡᠳᠡᠬᠦ ᠴᠢᠬᠤᠯᠠ ᠲᠠᠢ᠃ ᠥᠩᠭᠡᠷᠡᠭᠰᠡᠨ ᠦ᠌ ᠨᠠᠰᠤᠲᠠᠨ ᠣᠮᠪᠣᠯᠣ ᠬᠡᠦᠬᠡᠳ ᠦ᠋ᠨ ᠢ᠋ᠶ᠋ᠡᠨ ᠲᠣᠯᠣᠭᠠᠢ ᠶ᠋ᠢ ᠨᠢ ᠢᠯᠢᠭᠡᠳ ᠬᠠᠵᠠᠭᠤᠳᠠ ᠪᠠᠨ ᠳᠠᠭᠠᠭᠤᠯᠤᠭᠠᠳ ᠠᠳᠤᠭᠤ ᠮᠠᠯ ᠳ᠋ᠤ᠌ ᠶᠠᠪᠤᠬᠤ ᠳ᠋ᠤ᠌ ᠪᠠᠨ ᠬᠠᠷᠠᠭᠠᠨ ᠳ᠋ᠤ᠌ ᠬᠠᠷᠠᠭᠳᠠᠭᠰᠠᠨ ᠪᠦᠬᠦᠨ ᠢ᠋ ᠠᠰᠠᠭᠤᠵᠤ᠂ ᠬᠡᠦᠬᠡᠳ ᠦ᠋ᠨ ᠠᠰᠠᠭᠤᠭᠰᠠᠨ ᠪᠦᠬᠦᠨ ᠢ᠋ ᠬᠠᠯᠠᠰᠢᠷᠠᠯ ᠦᠭᠡᠢ ᠬᠠᠷᠢᠭᠤᠯᠵᠤ ᠥᠭᠳᠡᠭ᠃ ᠲᠡᠷᠡ ᠡᠳᠦᠷ ᠦ᠋ᠨ ᠢᠷᠡᠭᠰᠡᠨ ᠵᠣᠴᠢᠨ ᠤ᠋ ᠮᠣᠷᠢ ᠶᠠᠮᠠᠷ ᠲᠠᠮᠠᠭ᠎ᠠ ᠲᠠᠢ ᠪᠣᠢ? ᠥᠴᠥᠭᠡᠳᠦᠷ ᠪᠠᠷᠠᠭᠤᠨ ᠭᠣᠣᠯ ᠤ᠋ᠨ ᠲᠣᠬᠣᠢ ᠳ᠋ᠤ᠌ ᠬᠡᠨ ᠦ᠌ ᠠᠳᠤᠭᠤ ᠬᠡᠳᠦᠨ ᠤᠨᠠᠭ᠎ᠠ ᠶᠠᠮᠠᠷ ᠵᠢᠰᠦᠮ ᠦ᠋ᠨ ᠪᠠᠢᠭᠰᠠᠨ ᠭᠡᠬᠦ ᠮᠡᠲᠦ ᠪᠡᠷ ᠡᠳᠦᠷ ᠳᠣᠳᠣᠮ ᠤ᠋ᠨ ᠡᠩ ᠦ᠋ᠨ ᠤᠴᠢᠷ᠂ ᠲᠡᠭᠡᠬᠦ ᠳ᠋ᠦ᠍ ᠪᠡᠨ ᠬᠡᠦᠬᠡᠳ ᠦ᠋ᠨ ᠰᠠᠨᠠᠭᠠᠨ ᠳ᠋ᠤ᠌ ᠦᠭᠡᠢ ᠶᠠᠭᠤᠮ᠎ᠠ ᠶ᠋ᠢ ᠠᠰᠠᠭᠤᠵᠤ᠂ ᠬᠤᠷᠴᠠ ᠭᠢᠷᠠᠬᠠᠢ ᠠᠵᠢᠭᠯᠠᠬᠤ ᠵᠠᠩᠰᠢᠯ ᠳ᠋ᠤ᠌ ᠬᠡᠪᠰᠢᠭᠦᠯᠵᠦ ᠪᠠᠢᠳᠠᠭ᠃ ᠬᠠᠪᠤᠷ ᠲᠥᠯ ᠲᠤᠰᠬᠤ ᠳ᠋ᠤ᠌ ᠬᠤᠷᠠᠭ᠎ᠠ ᠪᠦᠬᠦᠨ ᠦ᠌ ᠵᠢᠰᠦᠮ ᠦ᠋ᠨ ᠨᠠᠷᠢᠨ ᠢᠯᠭᠠᠭ᠎ᠠ ᠶ᠋ᠢ ᠲᠣᠳᠣ ᠲᠠᠨᠢᠭᠤᠯᠤᠨ᠎ᠠ᠃ ᠮᠠᠨ ᠰᠢᠭ᠋ ᠮᠠᠯᠵᠢᠯ ᠠ᠋ᠴᠠ ᠪᠠᠨ ᠬᠣᠯᠠᠳᠠᠵᠤ ᠪᠠᠢᠭ᠎ᠠ ᠬᠥᠮᠦᠨ ᠳ᠋ᠦ᠍ ᠢᠵᠢᠯᠬᠡᠨ ᠬᠠᠷᠠᠭᠳᠠᠬᠤ ᠬᠠᠷ᠎ᠠ ᠲᠦᠷᠦᠭᠦᠦ ᠲᠡᠢ ᠬᠤᠷᠠᠭ᠎ᠠ ᠬᠣᠨᠢᠳ ᠮᠠᠯᠴᠢᠨ ᠬᠥᠮᠦᠨ ᠦ᠌ ᠨᠢᠳᠦᠨ ᠳ᠋ᠦ᠍ ᠨᠢᠭᠡ ᠨᠢᠭᠡ ᠪᠡᠷ ᠢ᠋ᠶ᠋ᠡᠨ ᠨᠡᠷ᠎ᠡ ᠵᠢᠰᠦᠮ ᠲᠡᠢ ᠪᠡᠨ ᠢᠯᠭᠠᠷᠠᠨ᠎ᠠ᠃ ᠨᠢᠭᠡ ᠮᠡᠳᠡᠬᠦ ᠳ᠋ᠦ᠍ ᠬᠦᠦᠴᠦᠦᠯ ᠡᠷ᠎ᠡ ᠬᠥᠮᠦᠨ ᠦ᠌ ᠠᠷᠪᠠᠨ ᠡᠷᠳᠡᠮ ᠳ᠋ᠦ᠍ ᠴᠠᠭᠠᠷᠠᠭᠰᠠᠨ ᠪᠠᠢᠳᠠᠭ᠃ ᠶᠠᠮᠠᠷ ᠴᠤ᠌ ᠠᠯᠪᠠᠳᠠᠯᠭ᠎ᠠ ᠶ᠋ᠢᠨ ᠬᠦᠴᠦᠨ ᠦᠭᠡᠢ ᠪᠡᠷ ᠬᠡᠯᠡᠨ ᠳ᠋ᠦ᠍ ᠮᠡᠷᠭᠡᠨ᠂ ᠰᠣᠨᠣᠷ ᠰᠣᠷᠭᠣᠭ᠂ ᠠᠵᠢᠭᠴᠢ ᠭᠢᠷᠠᠬᠠᠢ ᠡᠮᠨᠢᠭᠴᠢᠨ ᠠᠩᠴᠢᠨ᠂ ᠰᠠᠢᠨ ᠮᠠᠯᠴᠢᠨ ᠪᠣᠯᠴᠢᠬᠠᠨ᠎ᠠ᠃ ᠥᠬᠢᠳ ᠨᠢ ᠲᠥᠯ ᠲᠤᠰᠬᠤ ᠠᠷᠭᠠᠯ ᠲᠦᠯᠡᠰᠢ ᠲᠡᠭᠦᠬᠦ᠂ ᠭᠡᠷ ᠪᠠᠷᠢᠬᠤ᠂ ᠰᠠᠭᠠᠯᠢ ᠢᠳᠡᠭᠡ ᠡᠷᠭᠢᠴᠡᠭᠦᠯᠬᠦ᠂ ᠦᠢᠯᠡ ᠤᠲᠠᠰᠤᠨ ᠳ᠋ᠤ᠌ ᠪᠠᠨ ᠰᠠᠢᠨ ᠤᠷᠠᠨ ᠣᠶᠣᠳᠠᠯᠴᠢᠨ ᠪᠣᠯᠴᠢᠬᠠᠭᠰᠠᠨ ᠪᠠᠢᠳᠠᠭ᠃ ᠣᠳᠣ ᠶ᠋ᠢᠨ ᠬᠢ ᠪᠡᠷ ᠬᠡᠯᠡᠪᠡᠯ ᠳᠡᠭᠡᠷ᠎ᠡ ᠦᠶ᠎ᠡ ᠶ᠋ᠢᠨ ᠭᠡᠷ ᠦ᠋ᠨ ᠬᠥᠮᠦᠵᠢᠯ ᠨᠢ ᠬᠡᠦᠬᠡᠳ ᠢ᠋ᠶ᠋ᠡᠨ ᠠᠷᠪᠠᠨ ᠭᠤᠷᠪᠠ ᠶ᠋ᠢᠨ ᠵᠢᠯ ᠵᠢᠷᠭᠢᠬᠦ ᠨᠠᠰᠤ ᠪᠣᠯᠲᠠᠯ᠎ᠠ ᠠᠵᠢᠯ ᠮᠡᠷᠭᠡᠵᠢᠯ ᠦ᠋ᠨ ᠳᠡᠭᠡᠳᠦ ᠰᠤᠷᠭᠠᠭᠤᠯᠢ ᠲᠡᠭᠦᠰᠬᠡᠵᠦ᠂ ᠣᠶᠤᠨ ᠤᠬᠠᠭᠠᠨ᠂ ᠪᠡᠶ᠎ᠡ ᠮᠠᠬᠠᠪᠣᠳ᠂ ᠮᠣᠷᠠᠯ ᠰᠤᠷᠲᠠᠯ᠂ ᠬᠥᠳᠡᠯᠮᠦᠷᠢ᠂ ᠭᠤᠸ᠎ᠠ ᠰᠠᠢᠬᠠᠨ ᠤ᠋ ᠪᠦᠬᠦ ᠲᠠᠯ᠎ᠠ ᠶ᠋ᠢᠨ ᠬᠥᠮᠦᠵᠢᠯ ᠢ᠋ ᠬᠦᠷᠲᠡᠭᠡᠵᠦ᠂ ᠪᠡᠶ᠎ᠡ ᠪᠡᠨ ᠳᠠᠭᠠᠭᠠᠵᠤ ᠠᠮᠢᠳᠤᠷᠠᠬᠤ ᠪᠦᠷᠢᠨ ᠴᠢᠳᠠᠪᠤᠷᠢ ᠲᠠᠢ ᠪᠣᠯᠭᠠᠭᠰᠠᠨ ᠪᠠᠢᠳᠠᠭ᠃ ᠡᠨᠳᠡ ᠮᠠᠨ ᠤ᠋ ᠥᠪᠯᠡᠬᠦ ᠶᠣᠰᠣᠲᠠᠢ ᠬᠡᠦᠬᠡᠳ ᠦ᠋ᠨ ᠬᠥᠮᠦᠵᠢᠯ ᠦ᠋ᠨ ᠲᠤᠩ ᠰᠢᠯᠢᠳᠡᠭ ᠤᠯᠠᠮᠵᠢᠯᠠᠯ ᠪᠠᠢᠭ᠎ᠠ ᠶ᠋ᠢ ᠰᠤᠳᠤᠯᠵᠤ ᠵᠠᠯᠭᠠᠮᠵᠢᠯᠠᠬᠤ ᠶᠣᠰᠣᠲᠠᠢ ᠪᠠᠢᠨ᠎ᠠ᠃ ᠣᠳᠣ ᠪᠣᠯᠬᠤ ᠳ᠋ᠤ᠌ ᠪᠢᠳᠡ ᠬᠡᠦᠬᠡᠳ ᠦ᠋ᠨ ᠢ᠋ᠶ᠋ᠡᠨ ᠰᠣᠨᠢᠭᠤᠴᠢ ᠰᠡᠳᠬᠢᠴᠡ ᠨᠢ ᠣᠷᠭᠢᠯᠵᠤ ᠪᠠᠢᠭ᠎ᠠ ᠪᠠᠭ᠎ᠠ ᠨᠠᠰᠤᠨ ᠳ᠋ᠤ᠌ ᠨᠢ ᠰᠠᠷᠠᠯ ᠰᠡᠳᠬᠢᠬᠦᠢ ᠶ᠋ᠢᠨ ᠬᠥᠮᠦᠵᠢᠯ ᠬᠢᠬᠦ ᠪᠡᠨ ᠪᠣᠯᠢᠭᠰᠠᠨ ᠪᠠᠢᠨ᠎ᠠ᠃ ᠶᠡᠬᠡ ᠶ᠋ᠢ ᠰᠤᠷᠭᠠᠬᠤ ᠭᠡᠮᠡᠨ ᠴᠡᠴᠡᠷᠯᠢᠭ ᠲᠤ ᠥᠭᠭᠦᠭᠰᠡᠨ ᠬᠡᠦᠬᠡᠳ ᠢ᠋ᠶ᠋ᠡᠨ ᠬᠡᠷᠬᠢᠨ ᠲᠣᠰᠴᠤ ᠪᠠᠢᠬᠤ ᠪᠠᠨ ᠬᠠᠷᠠᠶ᠎ᠠ ᠳᠠ᠂ ᠨᠠᠰᠤᠲᠠᠨ ᠨᠢ ᠬᠥᠲᠥᠯᠦᠭᠡᠳ ᠯᠡ ᠬᠥᠯᠥᠰᠥᠨ ᠪᠠᠢᠰᠢᠩ ᠵᠦᠭ ᠢ᠋ᠶ᠋ᠡᠨ ᠶᠠᠭᠠᠷᠠᠬᠤ ᠪᠤᠶᠤ ᠡᠴᠢᠭᠡ ᠡᠬᠡ ᠨᠢ ᠮᠠᠰᠢᠨ ᠳ᠋ᠤ᠌ ᠴᠢᠬᠢᠭᠡᠳ ᠯᠡ ᠳᠣᠪᠲᠣᠯᠴᠢᠬᠠᠨ᠎ᠠ᠂ ᠬᠡᠦᠬᠡᠳ ᠲᠡᠢ ᠵᠠᠮ ᠵᠠᠭᠤᠷ᠎ᠠ ᠦᠵᠡᠭᠰᠡᠨ ᠬᠠᠷᠠᠭᠰᠠᠨ ᠢ᠋ᠶ᠋ᠠᠨ ᠠᠰᠠᠭᠤᠵᠤ ᠵᠣᠭᠣᠭᠳᠠᠨ᠎ᠠ ᠭᠡᠵᠦ ᠪᠠᠢᠬᠤ ᠦᠭᠡᠢ᠂ ᠡᠭᠦᠨ ᠦ᠌ ᠳ᠋ᠦᠩ ᠳ᠋ᠦ᠍ ᠮᠠᠨ ᠤ᠋ ᠬᠡᠦᠬᠡᠳ ᠴᠢᠬᠢ ᠳᠦᠯᠡᠢ ᠨᠢᠳᠦ ᠰᠣᠬᠣᠷ ᠠᠵᠢᠭᠯᠠᠬᠤ ᠴᠢᠳᠠᠪᠤᠷᠢ ᠴᠤ᠌ ᠦᠭᠡᠢ ᠪᠣᠯᠤᠭᠰᠠᠨ᠃ ᠮᠣᠩᠭᠣᠯ ᠰᠤᠷᠭᠠᠭᠤᠯᠢ ᠳ᠋ᠤ᠌ ᠡᠯ᠎ᠡ ᠲᠥᠷᠥᠯ ᠦ᠋ᠨ ᠬᠢᠴᠢᠶᠡᠯ ᠳᠤᠮᠳᠠ ᠬᠡᠯᠡ ᠪᠢᠴᠢᠭ ᠨᠢ ᠵᠢᠭᠠᠨ ᠰᠤᠷᠭᠠᠬᠤ ᠳ᠋ᠤ᠌ ᠬᠠᠮᠤᠭ ᠬᠦᠴᠢᠷ ᠬᠢᠴᠢᠶᠡᠯ ᠲᠥᠷᠥᠯ ᠳ᠋ᠦ᠍ ᠣᠷᠣᠭᠰᠠᠨ᠂ ᠶᠠᠭᠠᠬᠢᠭᠠᠳ ᠪᠣᠢ? ᠦᠭᠡ ᠶᠠᠳᠠᠭᠤᠷᠠᠵᠤ ᠬᠡᠯᠡ ᠬᠣᠯᠢᠮᠠᠭᠰᠢᠭᠠᠳ ᠡᠬᠡ ᠬᠡᠯᠡᠨ ᠦ᠌ ᠮᠡᠳᠡᠷᠡᠮᠵᠢ ᠲᠤᠩ ᠮᠠᠭᠤᠳᠠᠭᠰᠠᠨ᠂ ᠬᠡᠦᠬᠡᠳ ᠦ᠋ᠨ ᠰᠡᠳᠬᠢᠬᠦᠢ ᠬᠡᠯᠡ ᠪᠡᠷ ᠳᠠᠮᠵᠢᠨ ᠨᠡᠭᠡᠭᠡᠭᠳᠡᠨ᠎ᠡ᠂ ᠡᠬᠡ ᠬᠡᠯᠡᠨ ᠦ᠌ ᠦᠨᠳᠦᠰᠦ ᠶ᠋ᠢ ᠡᠴᠢᠭᠡ ᠡᠬᠡ ᠲᠠᠯᠪᠢᠳᠠᠭ᠂ ᠠᠮᠢᠳᠤᠷᠠᠯ ᠤ᠋ᠨ ᠠᠮᠢᠳᠤ ᠶᠠᠷᠢᠶ᠎ᠠ ᠠ᠋ᠴᠠ ᠯᠠ ᠬᠡᠦᠬᠡᠳ ᠬᠡᠯᠡ ᠳ᠋ᠦ᠍ ᠣᠷᠣᠵᠤ᠂ ᠬᠥᠯ ᠳ᠋ᠦ᠍ ᠣᠷᠣᠵᠤ ᠣᠢ ᠤᠬᠠᠭᠠᠨ ᠨᠢ ᠳᠡᠯᠭᠡᠷᠡᠳᠡᠭ᠃ ᠭᠡᠷ ᠵᠠᠭᠤᠷ᠎ᠠ ᠪᠠᠨ ᠶᠠᠷᠢᠶ᠎ᠠ ᠬᠥᠭᠡᠷᠦᠭᠡ ᠲᠡᠢ ᠬᠡᠦᠬᠡᠳ ᠦ᠋ᠨ ᠬᠡᠯᠡᠨ ᠦ᠌ ᠮᠡᠳᠡᠷᠡᠮᠵᠢ ᠰᠠᠢᠨ ᠪᠠᠢᠵᠤ᠂ ᠰᠠᠷᠠᠯ ᠰᠡᠳᠬᠢᠬᠦᠢ ᠨᠢ ᠬᠤᠷᠴᠠ ᠪᠣᠯᠳᠠᠭ᠂ ᠲᠡᠢᠮᠦ ᠡᠴᠡ ᠡᠴᠢᠭᠡ ᠡᠬᠡᠴᠦᠦᠯ ᠮᠠᠨᠢ ᠬᠡᠦᠬᠡᠳ ᠲᠡᠢ ᠪᠡᠨ ᠡᠷᠬᠡᠪᠰᠢ ᠡᠬᠡ ᠬᠡᠯᠡ ᠪᠡᠷ ᠢ᠋ᠶ᠋ᠡᠨ ᠴᠡᠪᠡᠷ ᠰᠠᠢᠬᠠᠨ ᠶᠠᠷᠢᠬᠤ ᠵᠠᠩᠰᠢᠯ ᠢ᠋ ᠬᠠᠲᠠᠭᠤ ᠪᠠᠷᠢᠮᠲᠠᠯᠠᠬᠤ ᠬᠡᠷᠡᠭᠲᠡᠢ! ᠬᠢᠴᠢᠶᠡᠯ ᠦ᠋ᠨ ᠲᠢᠩᠬᠢᠮ ᠳ᠋ᠦ᠍ ᠠᠵᠢᠯ ᠠᠮᠢᠳᠤᠷᠠᠯ᠂ ᠮᠠᠯ ᠠᠬᠤᠢ᠂ ᠪᠠᠢᠭᠠᠯᠢ ᠣᠷᠴᠢᠨ ᠤ᠋ ᠬᠠᠮᠢᠶᠠᠲᠠᠢ ᠬᠡᠯᠡᠨ ᠦ᠌ ᠪᠠᠶᠠᠯᠢᠭ ᠨᠡᠮᠡᠭᠳᠡᠬᠦ ᠳ᠋ᠦ᠍ ᠪᠡᠷᠬᠡ᠂ ᠪᠠᠢᠷᠢ ᠶ᠋ᠢᠨ ᠠᠮᠢᠳᠤᠷᠠᠯ ᠳᠤᠮᠳᠠ ᠪᠠᠭᠰᠢ ᠠ᠋ᠴᠠ ᠪᠣᠰ! ᠤᠨᠲᠠ! ᠪᠠᠢᠷᠢ ᠪᠠᠨ ᠴᠡᠪᠡᠷᠯᠡ! ᠭᠡᠬᠦ ᠮᠡᠲᠦ ᠬᠡᠳᠦᠬᠡᠨ ᠦᠭᠡ ᠡᠴᠡ ᠴᠠᠰᠢ ᠬᠡᠯᠡᠨ ᠦ᠌ ᠬᠠᠷᠢᠯᠴᠠᠭ᠎ᠠ ᠲᠡᠢᠮᠦ ᠴᠦ᠍ ᠥᠷᠭᠡᠨ ᠪᠢᠰᠢ ᠭᠡᠳᠡᠭ ᠢ᠋ ᠮᠡᠳᠡᠭᠡᠷᠡᠢ! ᠠᠵᠢᠯ ᠢ᠋ ᠡᠮᠬᠢ ᠴᠢᠭᠴᠢ ᠲᠡᠢ ᠬᠢᠵᠦ᠂ ᠠᠢᠯ ᠭᠡᠷ ᠢ᠋ᠶ᠋ᠡᠨ ᠴᠡᠪᠡᠷ ᠴᠡᠮᠴᠡᠭᠡᠷ ᠠᠪᠴᠤ ᠶᠠᠪᠤᠳᠠᠭ ᠠᠢᠯ ᠪᠦᠯᠢ ᠶ᠋ᠢᠨ ᠬᠡᠦᠬᠡᠳ ᠦ᠋ᠨ ᠬᠢᠨᠢ ᠠᠵᠢᠯ ᠳᠠᠰᠬᠠᠯ ᠢ᠋ᠶ᠋ᠠᠨ ᠪᠡᠶᠡᠯᠡᠭᠦᠯᠬᠦ ᠨᠢ ᠡᠮᠬᠢ ᠳᠢᠭᠯᠢᠮ ᠲᠡᠢ ᠮᠥᠷᠲᠡᠭᠡᠨ ᠴᠡᠪᠡᠷᠬᠡᠨ ᠪᠠᠢᠳᠠᠭ᠃ ᠡᠳ᠋ᠯᠡᠯ ᠲᠠᠸᠠᠷ ᠨᠢ ᠬᠥᠭᠯᠡᠷᠡᠭᠰᠡᠨ ᠠᠵᠢᠯ ᠮᠣᠳᠣ ᠨᠢ ᠠᠯᠳᠠᠴᠢᠬᠠᠭᠰᠠᠨ ᠠᠢᠯ ᠤ᠋ᠨ ᠬᠡᠦᠬᠡᠳ ᠦ᠋ᠨ ᠠᠵᠢᠯ ᠬᠢᠬᠦ ᠨᠢ ᠡᠬᠢ ᠠᠳᠠᠭ ᠦᠭᠡᠢ ᠡᠳᠦᠷᠵᠢᠨ ᠨᠢᠭᠡ ᠶᠠᠭᠤᠮ᠎ᠠ ᠨᠤᠬᠤᠵᠤ ᠰᠠᠭᠤᠭᠠᠳ ᠵᠦᠭ ᠭᠠᠷᠳᠠᠭ ᠦᠭᠡᠢ ᠳᠢᠭᠯᠡᠮ ᠦᠭᠡᠢ ᠠᠯᠠᠩ ᠰᠠᠯᠠᠩ ᠬᠥᠮᠦᠨ ᠪᠣᠯᠳᠠᠭ᠃
   ᠰᠢᠯᠢᠩᠬᠣᠲᠠ ᠶ᠋ᠢᠨ ᠴᠣᠬᠠᠨᠭᠤᠯᠠ ᠰᠤᠮᠤ ᠪᠠᠷ ᠨᠤᠲᠤᠭᠲᠠᠢ ᠪᠠᠲᠤᠮᠥ᠋ᠩᠬᠡ ᠨᠠᠷᠠᠨᠭᠡᠷᠡᠯ ᠦ᠋ᠨ ᠬᠢ ᠭᠡᠳᠡᠭ ᠲᠠᠪᠤᠨ ᠬᠣᠰᠢᠭᠤ ᠮᠠᠯ ᠢ᠋ᠶ᠋ᠠᠨ ᠲᠥᠷᠥᠯ ᠪᠦᠷᠢᠨ ᠮᠠᠯᠵᠢᠵᠤ ᠪᠠᠢᠭ᠎ᠠ ᠡᠭᠡᠯ ᠵᠢᠷ ᠦ᠋ᠨ ᠮᠠᠯᠴᠢᠨ ᠠᠢᠯ ᠪᠠᠢᠳᠠᠭ᠃ ᠲᠡᠳᠡᠨ ᠦ᠌ ᠬᠢ ᠰᠠᠷᠠᠨᠮᠠᠨᠳᠤᠬᠤ ᠮᠢᠳᠤᠭᠮ᠎ᠠ ᠭᠡᠬᠦ ᠬᠦᠦ ᠥᠬᠢᠨ ᠬᠣᠶᠠᠷ ᠲᠠᠢ᠂ ᠳᠥᠷᠪᠡᠭᠦᠯᠡ ᠪᠡᠨ ᠨᠡᠢᠯᠡᠪᠡᠯ ᠳᠡᠭᠡᠪᠦᠷ ᠡᠷᠭᠦᠮᠡᠷ ᠨᠠᠷᠭᠢᠶ᠎ᠠ ᠬᠥᠭᠵᠢᠶᠡᠨᠲᠡᠢ ᠪᠠᠢᠳᠠᠭ ᠨᠢ ᠦᠶ᠎ᠡ ᠬᠤᠷᠠᠭ ᠤ᠋ᠨ ᠨᠠᠢᠵᠠ ᠨᠠᠷ ᠭᠡᠮᠡᠷ᠃ ᠬᠣᠶᠠᠷ ᠬᠡᠦᠬᠡᠳ ᠨᠢ ᠭᠡᠷ ᠲᠤ ᠪᠡᠨ ᠬᠠᠷᠢᠪᠠᠯ ᠬᠢᠬᠦ ᠦᠭᠡᠢ ᠠᠵᠢᠯ ᠦᠭᠡᠢ᠂ ᠮᠢᠳᠤᠭᠮ᠎ᠠ ᠥᠬᠢᠨ ᠦᠢᠯᠡ ᠤᠲᠠᠰᠤᠨ ᠠ᠋ᠴᠠ ᠰᠦ ᠰᠠᠭᠠᠯᠢ ᠡᠷᠭᠢᠴᠡᠭᠦᠯᠬᠦ᠂ ᠬᠣᠭᠣᠯᠠ ᠬᠤᠰᠢ᠂ ᠬᠣᠨᠢᠨ ᠭᠡᠳᠡᠰᠦ ᠠᠷᠢᠯᠭᠠᠬᠤ᠁ ᠭᠡᠳ ᠪᠦᠷ ᠴᠢᠳᠠᠨ᠎ᠠ᠃ ᠬᠠᠭᠤᠷᠤᠯᠭ᠎ᠠ ᠬᠠᠭᠠᠷᠢᠯᠭ᠎ᠠ ᠬᠢᠬᠦ ᠪᠦᠷ ᠴᠦ᠍ ᠳᠤᠷᠠᠲᠠᠢ᠂ ᠠᠪᠤ ᠡᠵᠢ ᠮᠢᠨᠢ ᠭᠤᠸᠠᠩᠵᠠᠨ ᠤ᠋ ᠬᠣᠭᠣᠯᠠ ᠳᠡᠮᠡᠢ ᠣᠯᠵᠤ ᠢᠳᠡᠳᠡᠭ ᠦᠭᠡᠢ ᠶᠦᠮ ᠠ᠋ ᠭᠡᠮᠡᠨ ᠲᠤᠰᠬᠠᠢᠯᠠᠨ ᠬᠣᠲᠠ ᠠ᠋ᠴᠠ ᠵᠢᠭᠠᠰᠤ ᠲᠠᠬᠢᠶ᠎ᠠ ᠠᠪᠴᠢᠷᠠᠭᠠᠳ ᠠᠮᠲᠠᠲᠠᠢ ᠰᠠᠢᠬᠠᠨ ᠬᠠᠭᠤᠷᠤᠯᠭ᠎ᠠ ᠪᠠᠵᠠᠭᠠᠨ ᠠᠪᠤ ᠡᠵᠢ ᠪᠡᠨ ᠪᠠᠶᠠᠷᠯᠠᠭᠤᠯᠳᠠᠭ᠃ ᠬᠦᠦ ᠰᠠᠷᠠᠨᠮᠠᠨᠳᠤᠬᠤ ᠲᠡᠮᠡᠭᠡ ᠮᠣᠷᠢ ᠤᠨᠤᠬᠤ ᠠ᠋ᠴᠠ ᠴᠠᠰᠤ ᠵᠤᠳ ᠲᠤ ᠬᠣᠨᠢ ᠮᠠᠯ ᠳ᠋ᠤ᠌ ᠶᠠᠪᠤᠬᠤ ᠭᠡᠳ ᠶᠣᠰᠣᠲᠠᠢ ᠥᠯᠴᠢᠷ ᠪᠣᠷᠣᠭᠵᠢᠭᠤᠨ ᠨᠠᠷᠠᠨ ᠤ᠋ ᠪᠣᠷᠣ ᠮᠠᠯᠴᠢᠨ᠃ ᠰᠠᠷᠠᠨᠮᠠᠨᠳᠤᠬᠤ2009 ᠣᠨ ᠳ᠋ᠤ᠌602 ᠬᠤᠪᠢ ᠪᠠᠷ ᠪᠠᠢᠭᠠᠯᠢ ᠶ᠋ᠢᠨ ᠲᠥᠷᠥᠯ ᠦ᠋ᠨ ᠶᠡᠬᠡ ᠰᠤᠷᠭᠠᠭᠤᠯᠢ ᠶ᠋ᠢᠨ ᠰᠢᠯᠭᠠᠯᠲᠠ ᠳ᠋ᠤ᠌ ᠰᠢᠯᠢᠨ ᠭᠣᠣᠯ ᠠᠢᠮᠠᠭ ᠤ᠋ᠨ ᠵᠤᠸᠠᠩᠶᠤᠸᠠᠨ ᠪᠣᠯᠵᠤ᠂ ᠬᠠᠷᠪᠢᠨ ᠤ᠋ ᠠᠵᠤ ᠦᠢᠯᠡᠳᠪᠦᠷᠢ ᠶ᠋ᠢᠨ ᠶᠡᠬᠡ ᠰᠤᠷᠭᠠᠭᠤᠯᠢ ᠳ᠋ᠤ᠌ ᠰᠢᠯᠭᠠᠭᠳᠠᠨ ᠣᠷᠣᠭᠰᠠᠨ᠂2013 ᠣᠨ ᠳ᠋ᠤ᠌ ᠲᠡᠭᠦᠰᠪᠡᠯ ᠰᠢ ᠠᠨ ᠤ᠋ ᠵᠠᠮ ᠬᠠᠷᠢᠯᠴᠠᠭᠠᠨ ᠤ᠋ ᠶᠡᠬᠡ ᠰᠤᠷᠭᠠᠭᠤᠯᠢ ᠳ᠋ᠤ᠌ ᠲᠠᠪᠤᠨ ᠵᠢᠯ ᠦ᠋ᠨ ᠰᠤᠷᠤᠯᠭ᠎ᠠ ᠶ᠋ᠢᠨ ᠬᠤᠭᠤᠴᠠᠭ᠎ᠠ ᠲᠠᠢ ᠳ᠋ᠣᠺᠲ᠋ᠣᠷᠠᠨᠲ᠋ ᠢ᠋ᠶ᠋ᠠᠷ ᠪᠠᠲᠤᠯᠠᠭᠳᠠᠨ ᠬᠦᠷᠭᠡᠭᠳᠡᠬᠦ ᠪᠡᠷ ᠪᠠᠢᠭ᠎ᠠ᠃ ᠮᠢᠳᠤᠭᠮ᠎ᠠ ᠥᠬᠢᠨ2011 ᠣᠨ ᠳ᠋ᠤ᠌ ᠥᠪᠥᠷ ᠮᠣᠩᠭᠣᠯ ᠤ᠋ᠨ ᠮᠠᠯ ᠲᠠᠷᠢᠶᠠᠯᠠᠩ ᠤ᠋ᠨ ᠶᠡᠬᠡ ᠰᠤᠷᠭᠠᠭᠤᠯᠢ ᠶ᠋ᠢᠨ ᠣᠶᠤᠲᠠᠨ ᠪᠣᠯᠤᠭᠰᠠᠨ᠃ ᠪᠠᠲᠤᠮᠥ᠋ᠩᠬᠡ ᠶ᠋ᠢᠨ ᠬᠢᠨ ᠢ᠋ᠶ᠋ᠡᠷ ᠠᠢᠯᠴᠢᠯᠠᠵᠤ ᠬᠦᠷᠪᠡᠯ ᠮᠠᠯᠴᠢᠨ ᠠᠢᠯ ᠤ᠋ᠨ ᠠᠵᠢᠯᠴᠢ ᠪᠣᠷᠣᠭᠵᠢᠭᠤᠨ᠂ ᠴᠡᠪᠡᠷ ᠴᠠᠢᠯᠭᠠᠨ᠂ ᠡᠶᠡᠯᠳᠡᠭ ᠳᠣᠲᠣᠨᠣ ᠡᠷᠡᠭᠦᠯ ᠰᠠᠷᠠᠭᠤᠯ ᠠᠢᠯ ᠪᠦᠯᠢ ᠶ᠋ᠢᠨ ᠬᠠᠯᠠᠭᠤᠨ ᠳᠤᠯᠠᠭᠠᠨ ᠠᠭᠠᠷ ᠢ᠋ ᠭᠦᠢᠴᠡᠳ ᠣᠯᠵᠤ ᠬᠠᠷᠠᠨ᠎ᠠ᠃ ᠡᠢᠮᠦᠷᠬᠦ ᠠᠢᠯ ᠪᠦᠯᠢ ᠡᠴᠡ ᠡᠷᠡᠭᠦᠯ ᠳᠡᠭᠵᠢᠨ ᠵᠠᠩ ᠰᠡᠳᠬᠢᠴᠡ ᠲᠡᠢ ᠰᠠᠢᠨ ᠬᠡᠦᠬᠡᠳ ᠲᠥᠷᠥᠬᠦ ᠦᠭᠡᠢ ᠴᠤ᠌ ᠶᠠᠭᠠᠬᠢᠨ᠎ᠠ ᠪᠣᠢ ᠭᠡᠰᠡᠨ ᠲᠥᠷᠥᠭᠳᠡᠯ ᠲᠠ ᠨᠠᠷ ᠤ᠋ᠨ ᠰᠡᠳᠬᠢᠯ ᠳ᠋ᠦ᠍ ᠥᠪᠡᠷ ᠦ᠋ᠨ ᠡᠷᠬᠡ ᠦᠭᠡᠢ ᠣᠷᠣᠵᠤ ᠢᠷᠡᠬᠦ ᠪᠣᠯᠤᠨ᠎ᠠ᠃ ᠭᠡᠷ ᠦ᠋ᠨ ᠠᠬᠠᠮᠠᠳ ᠲᠤ ᠪᠠᠨ ᠪᠠᠰᠠ ᠨᠢᠭᠡᠨ ᠰᠠᠨᠠᠭᠤᠯᠬᠤ ᠵᠦᠢᠯ ᠪᠣᠯ ᠬᠡᠦᠬᠡᠳ ᠢ᠋ᠶ᠋ᠡᠨ ᠨᠢᠯᠬ᠎ᠠ ᠪᠠᠭ᠎ᠠ ᠪᠠᠢᠬᠤ ᠳ᠋ᠤ᠌ ᠨᠢ ᠰᠣᠩᠭᠣᠳᠠᠭ ᠳᠠᠭᠤᠤ ᠬᠥᠭᠵᠢᠮ ᠮᠣᠩᠭᠣᠯ ᠠᠷᠠᠳ ᠤ᠋ᠨ ᠳᠠᠭᠤᠤ᠂ ᠮᠣᠩᠭᠣᠯ ᠷᠠᠳᠢᠣ᠋ ᠲᠧᠯᠸᠢᠰ ᠰᠣᠨᠢᠨ ᠰᠡᠳᠬᠦᠯ ᠢ᠋ᠶ᠋ᠡᠨ ᠢᠯᠡᠭᠦᠬᠡᠨ ᠦᠵᠡᠵᠦ ᠰᠣᠨᠣᠰᠴᠤ ᠪᠠᠢᠬᠤ ᠲᠤᠩ ᠴᠢᠬᠤᠯᠠ᠂ ᠨᠢᠯᠬ᠎ᠠ ᠬᠡᠦᠬᠡᠳ ᠲᠤ ᠶᠠᠮᠠᠷ ᠳᠠᠭᠤᠤ ᠬᠥᠭᠵᠢᠮ ᠰᠣᠨᠣᠰᠬᠤ ᠰᠣᠩᠭᠣᠯᠲᠠ ᠪᠠᠢᠳᠠᠭ ᠦᠭᠡᠢ᠂ ᠭᠡᠷ ᠪᠦᠯᠢ ᠶ᠋ᠢᠨ ᠬᠢᠨ ᠶᠠᠭᠤ ᠰᠣᠨᠣᠰᠴᠤ ᠶᠠᠭᠤ ᠦᠵᠡᠳᠡᠭ ᠪᠠᠢᠪᠠᠯ ᠲᠡᠳᠡᠭᠡᠷ ᠢ᠋ ᠤᠬᠠᠮᠰᠠᠷ ᠦᠭᠡᠢ ᠪᠡᠷ ᠬᠦᠯᠢᠶᠡᠵᠦ ᠯᠡ ᠪᠠᠢᠳᠠᠭ᠂ ᠨᠢᠭᠡ ᠮᠡᠳᠡᠬᠦ ᠳ᠋ᠦ᠍ ᠡᠳᠡᠭᠡᠷ ᠵᠠᠩᠰᠢᠯ ᠴᠢᠨᠢ ᠬᠡᠦᠬᠡᠳ ᠢ᠋ ᠨᠥᠯᠥᠭᠡᠯᠡᠵᠦ᠂ ᠡᠨᠡ ᠲᠠᠯ᠎ᠠ ᠶ᠋ᠢᠨ ᠮᠡᠳᠡᠷᠡᠮᠵᠢ ᠰᠣᠨᠢᠷᠬᠠᠯ ᠨᠢ ᠲᠥᠯᠥᠪᠰᠢᠵᠦ ᠡᠬᠢᠯᠡᠳᠡᠭ᠃ ᠭᠡᠷ ᠪᠦᠯᠢ ᠶ᠋ᠢᠨ ᠵᠠᠩᠰᠢᠯ ᠰᠤᠷᠲᠠᠯ ᠢ᠋ᠶ᠋ᠠᠷ ᠨᠥᠯᠥᠭᠡᠯᠡᠬᠦ ᠬᠥᠮᠦᠵᠢᠯ ᠢ᠋ ᠪᠢᠳᠡ ᠢᠩᠭᠢᠵᠦ ᠤᠬᠠᠮᠰᠠᠷ ᠲᠠᠢ ᠪᠠᠷ ᠬᠢᠪᠡᠯ ᠬᠡᠦᠬᠡᠳ ᠠᠶᠠᠨᠳᠠᠭᠠᠨ ᠬᠦᠯᠢᠶᠡᠵᠦ ᠠᠪᠤᠨ᠎ᠠ᠃ ᠦᠭᠡᠢ ᠪᠣᠯ ᠨᠢᠭᠡ ᠮᠡᠳᠡᠬᠦ ᠳ᠋ᠦ᠍ ᠡᠷᠢᠶᠡᠨ ᠪᠠᠷᠠᠭᠠᠨ ᠣᠷᠢᠯᠠᠭᠰᠠᠨ᠂ ᠡᠯᠳᠡᠪ ᠦ᠋ᠨ ᠭᠣᠮᠣᠳᠠᠯ ᠵᠢᠪᠡᠭᠦᠴᠡᠯ ᠢ᠋ᠶ᠋ᠡᠷ ᠳᠦᠭᠦᠷᠦᠭᠰᠡᠨ ᠳᠠᠭᠤᠤ ᠬᠥᠭᠵᠢᠮ ᠰᠣᠨᠣᠰᠬᠤ ᠪᠣᠯᠤᠭᠰᠠᠨ ᠬᠣᠢᠨ᠎ᠠ ᠠᠭᠤᠷᠯᠠᠵᠤ ᠬᠣᠷᠢᠭᠯᠠᠭᠠᠳ ᠶᠠᠮᠠᠷ ᠴᠤ᠌ ᠲᠤᠰᠠ ᠪᠣᠯᠳᠠᠭ ᠦᠭᠡᠢ ᠰᠢᠦ᠃
   ᠲᠡᠢᠮᠦ ᠡᠴᠡ ᠭᠡᠷ ᠪᠦᠯᠢ ᠶ᠋ᠢᠨ ᠬᠥᠮᠦᠵᠢᠯ ᠬᠡᠦᠬᠡᠳ ᠦ᠋ᠨ ᠬᠥᠮᠦᠨ ᠪᠣᠯᠬᠤ ᠳ᠋ᠤ᠌80 ᠬᠤᠪᠢ ᠶ᠋ᠢᠨ ᠬᠠᠷᠢᠭᠤᠴᠠᠯᠭ᠎ᠠ ᠲᠠᠢ ᠭᠡᠰᠡᠨ ᠦᠭᠡᠨ ᠦ᠌ ᠲᠠᠢᠯᠤᠮᠵᠢ ᠤᠯᠠᠮ ᠲᠣᠳᠣᠷᠠᠵᠤ ᠪᠠᠢᠬᠤ ᠪᠢᠰᠢᠦ᠃ ᠪᠢᠳᠡ ᠦᠭᠡ ᠶᠠᠷᠢᠶ᠎ᠠ ᠦᠢᠯᠡ ᠠᠵᠢᠯᠯᠠᠭ᠎ᠠ ᠪᠠᠷ ᠢ᠋ᠶ᠋ᠠᠨ ᠬᠡᠦᠬᠡᠳ ᠲᠤ ᠪᠡᠨ ᠬᠡᠪ ᠳᠠᠭᠤᠷᠢᠶᠠᠯ ᠪᠣᠯᠵᠤ᠂ ᠡᠴᠢᠭᠡ ᠡᠬᠡ ᠶ᠋ᠢᠨ ᠡᠷᠬᠢᠮ ᠳᠡᠭᠡᠳᠦ ᠢᠲᠡᠭᠡᠯ ᠬᠦᠨᠳᠦ ᠶ᠋ᠢ ᠪᠣᠢ ᠪᠣᠯᠭᠠᠨ᠎ᠠ᠃ ᠠᠪᠤ ᠡᠵᠢ᠂ ᠬᠡᠦᠬᠡᠳ ᠦ᠋ᠨ ᠢ᠋ᠶ᠋ᠡᠨ ᠰᠡᠳᠬᠢᠯ ᠳ᠋ᠦ᠍ ᠬᠡᠯᠡᠭᠰᠡᠨ ᠪᠦᠬᠦᠨ ᠨᠢ ᠡᠷᠳᠡᠨᠢ᠂ ᠬᠢᠭᠰᠡᠨ ᠪᠦᠬᠦᠨ ᠨᠢ ᠵᠥᠪ ᠭᠡᠰᠡᠨ ᠪᠤᠷᠬᠠᠨ ᠰᠢᠭ᠋ ᠬᠦᠨᠳᠦ ᠢᠲᠡᠭᠡᠯ ᠲᠡᠢ ᠪᠣᠯᠤᠭᠠᠳ ᠢᠷᠡᠬᠦ ᠳ᠋ᠦ᠍ ᠬᠡᠦᠬᠡᠳ ᠴᠢᠨᠢ ᠶᠠᠮᠠᠷᠪᠠ ᠤᠴᠢᠷ ᠲᠤ ᠴᠥᠮ ᠠᠪᠤ ᠡᠵᠢ ᠡᠴᠡ ᠪᠡᠨ ᠰᠠᠨᠠᠯ ᠵᠥᠪᠳᠡᠯ ᠠᠪᠬᠤ ᠪᠣᠯᠤᠨ᠎ᠠ᠃ ᠶᠠᠭᠤ ᠬᠢᠬᠦ᠂ ᠶᠠᠭᠠᠬᠢᠵᠤ ᠬᠢᠬᠦ ᠭᠡᠵᠦ ᠪᠠᠢᠭ᠎ᠠ ᠪᠠᠨ ᠬᠦᠷᠲᠡᠯ᠎ᠡ ᠡᠬᠡ ᠡᠴᠢᠭᠡ ᠳ᠋ᠦ᠍ ᠪᠡᠨ ᠡᠷᠬᠡᠯᠡᠨ ᠬᠡᠯᠡᠳᠡᠭ ᠪᠣᠯᠤᠨ᠎ᠠ᠃ ᠠᠷᠤ ᠭᠡᠷ ᠠᠪᠤ ᠡᠵᠢ ᠨᠢ ᠠᠭᠤᠯᠠ ᠬᠠᠢᠷᠬᠠᠨ ᠰᠢᠭ᠋ ᠥᠮᠥᠭ ᠲᠦᠰᠢᠭ ᠥᠶᠥᠭ ᠳᠤᠯᠠᠭᠠᠨ ᠰᠠᠨᠠᠭᠳᠠᠬᠤ ᠳ᠋ᠤ᠌ ᠬᠡᠦᠬᠡᠳ ᠴᠢᠨᠢ ᠪᠠᠶᠠᠷ ᠪᠠᠶᠠᠰᠤᠯ ᠭᠣᠮᠣᠳᠠᠯ ᠪᠠᠭᠲᠠᠷᠠᠯ ᠪᠦᠬᠦᠨ ᠢ᠋ᠶ᠋ᠡᠨ ᠪᠦᠷ ᠭᠡᠷ ᠪᠦᠯᠢ ᠶ᠋ᠢᠨ ᠬᠥᠮᠦᠰ ᠲᠡᠢ ᠪᠡᠨ ᠬᠤᠪᠢᠶᠠᠯᠴᠠᠬᠤ ᠪᠣᠯᠤᠨ᠎ᠠ᠃ ᠡᠨᠡ ᠦᠶ᠎ᠡ ᠳ᠋ᠦ᠍ ᠭᠡᠷ ᠪᠦᠯᠢ᠂ ᠭᠡᠷ ᠦ᠋ᠨ ᠠᠬᠠᠮᠠᠳ ᠥᠳᠥ ᠰᠣᠳᠣ ᠨᠢ ᠬᠠᠲᠠᠭᠤᠷᠠᠭ᠎ᠠ ᠦᠭᠡᠢ ᠦᠷ᠎ᠡ ᠬᠡᠦᠬᠡᠳ ᠦ᠋ᠨ ᠵᠢᠩᠬᠢᠨᠢ ᠬᠢᠨᠠᠨ ᠬᠠᠮᠠᠭᠠᠯᠠᠭᠴᠢ ᠶ᠋ᠢᠨ ᠡᠭᠦᠷᠭᠡ ᠬᠠᠷᠢᠭᠤᠴᠠᠯᠭ᠎ᠠ ᠪᠠᠨ ᠪᠡᠶᠡᠯᠡᠭᠦᠯᠬᠦ ᠪᠣᠯᠤᠨ᠎ᠠ᠃ ᠡᠢᠮᠦᠷᠬᠦ ᠡᠪ ᠨᠠᠢᠷᠰᠠᠭ ᠠᠷᠠᠳᠴᠢᠯᠠᠭᠰᠠᠨ ᠠᠭᠤᠷ ᠠᠮᠢᠰᠬᠤᠯ ᠳ᠋ᠤ᠌ ᠦᠰᠦᠨ ᠪᠣᠢᠵᠢᠭᠰᠠᠨ ᠬᠡᠦᠬᠡᠳ ᠪᠡᠶ᠎ᠡ ᠰᠡᠳᠬᠢᠴᠡ ᠶ᠋ᠢᠨ ᠲᠠᠯ᠎ᠠ ᠪᠠᠷ ᠪᠦᠷ ᠡᠷᠡᠭᠦᠯ ᠰᠠᠷᠠᠭᠤᠯ ᠰᠡᠴᠡᠨ ᠰᠡᠷᠭᠦᠯᠡᠩ᠂ ᠠᠵᠢᠯᠰᠠᠭ ᠤᠬᠠᠭᠠᠯᠢᠭ᠂ ᠠᠴᠢᠯᠠᠯ ᠵᠢᠷᠤᠮ ᠲᠠᠢ ᠬᠡᠦᠬᠡᠳ ᠪᠣᠯᠵᠤ ᠬᠥᠮᠦᠵᠢᠭᠳᠡᠬᠦ ᠨᠢ ᠯᠠᠪᠲᠠᠢ᠃

   ᠦᠰᠦᠭ ᠠᠮᠢᠯᠠᠭᠤᠯᠤᠭᠴᠢ᠄ ᠱᠠᠭᠰᠠᠯ᠂ ᠪᠠᠶᠠᠨᠰᠡᠷᠡᠩ
   ᠬᠢᠨᠠᠭᠴᠢ᠄ ᠣᠶᠤᠨᠴᠡᠴᠡᠭ᠂ ᠰᠡᠬᠡᠭᠡᠷᠡᠯ᠂ ᠵ᠂ ᠪᠤᠶᠠᠨᠲᠣᠭᠲᠠᠬᠤ᠂ ᠭᠠᠷᠮ᠎ᠠ
   ᠶᠡᠷᠦᠩᠬᠡᠢ ᠬᠢᠨᠠᠭᠴᠢ᠄ ᠣᠳᠬᠠᠨᠰᠤ᠎ᠠ