ᠰᠣᠶᠣᠯᠲᠤ ᠢᠷᠭᠡᠨ ᠢ᠋ ᠬᠥᠮᠦᠵᠢᠭᠦᠯᠦᠶ᠎ᠡ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-11-ᠪᠣᠯᠣᠴᠢᠯᠠᠭᠤ
ᠠᠷᠪᠠᠨ ᠨᠢᠭᠡ᠂ ᠰᠣᠶᠣᠯᠲᠤ ᠢᠷᠭᠡᠨ ᠢ᠋ ᠬᠥᠮᠦᠵᠢᠭᠦᠯᠦᠶ᠎ᠡ
ᠬᠡᠦᠬᠡᠳ ᠢ᠋ᠶ᠋ᠡᠨ ᠪᠢᠳᠡ ᠬᠥᠮᠦᠨ ᠦ᠌ ᠳᠡᠭᠡᠳᠦ ᠰᠣᠶᠣᠯᠲᠤ ᠢᠷᠭᠡᠨ ᠪᠣᠯᠭᠠᠨ ᠬᠥᠮᠦᠵᠢᠭᠦᠯᠬᠦ ᠪᠡᠷ ᠡᠴᠢᠭᠡ ᠡᠬᠡᠴᠦᠦᠯ ᠪᠦᠬᠦᠨ ᠲᠤᠩ ᠴᠢᠷᠮᠠᠢᠵᠤ ᠪᠠᠢᠨ᠎ᠠ᠃ ᠲᠡᠭᠡᠪᠡᠯ ᠰᠣᠶᠣᠯᠲᠤ ᠢᠷᠭᠡᠨ ᠦ᠌ ᠪᠠᠷᠢᠮᠵᠢᠶ᠎ᠠ ᠨᠢ ᠶᠠᠮᠠᠷᠬᠠᠨ ᠪᠠᠢᠬᠤ ᠶᠣᠰᠣᠲᠠᠢ ᠪᠣᠢ? ᠮᠢᠨᠦ ᠪᠣᠳᠣᠬᠤ ᠪᠠᠷ᠂ ᠥᠨᠥᠳᠥᠷ ᠦ᠋ᠨ ᠰᠣᠶᠣᠯᠲᠤ ᠢᠷᠭᠡᠨ ᠪᠣᠯ ᠨᠡᠢᠭᠡᠮ ᠦ᠋ᠨ ᠡᠷᠬᠡ ᠡᠭᠦᠷᠭᠡ ᠪᠡᠨ ᠲᠣᠳᠣᠷᠬᠠᠢ ᠮᠡᠳᠡᠭᠰᠡᠨ᠂ ᠬᠥᠳᠡᠯᠮᠦᠷᠢᠴᠢ ᠪᠣᠷᠣᠭᠵᠢᠭᠤᠨ᠂ ᠠᠴᠢᠯᠠᠯ ᠵᠢᠷᠤᠮ ᠤ᠋ᠨ ᠰᠡᠳᠬᠢᠯ ᠲᠡᠢ᠂ ᠬᠥᠮᠦᠨ ᠳ᠋ᠦ᠍ ᠲᠤᠰᠠᠴᠢ᠂ ᠪᠡᠶ᠎ᠡ ᠳ᠋ᠦ᠍ ᠪᠡᠨ ᠢᠲᠡᠭᠡᠯ ᠲᠡᠢ᠂ ᠥᠪᠡᠷ ᠦ᠋ᠨ ᠦᠵᠡᠯᠲᠡ ᠬᠥᠭᠡᠭᠡᠴᠡᠯᠳᠦᠯ ᠲᠡᠢ᠂ ᠪᠠᠢᠭᠠᠯᠢ ᠣᠷᠴᠢᠨ ᠠᠮᠢᠲᠠᠨ ᠭᠣᠣᠯᠳᠠᠨ ᠳ᠋ᠤ᠌ ᠬᠠᠢᠷᠠᠲᠠᠢ᠂ ᠥᠪ ᠰᠣᠶᠣᠯ ᠢ᠋ᠶ᠋ᠠᠨ ᠳᠡᠭᠡᠳᠦᠯᠡᠭᠰᠡᠨ᠂ ᠤᠳᠤᠮ ᠰᠤᠳᠤᠷ ᠤᠭᠰᠠᠭ᠎ᠠ ᠶᠠᠰᠤᠲᠠᠨ ᠤ᠋ ᠪᠠᠨ ᠬᠤᠪᠢ ᠵᠠᠶᠠᠭ᠎ᠠ ᠶ᠋ᠢ ᠰᠠᠨᠠᠵᠤ ᠵᠢᠳᠬᠦᠵᠦ ᠶᠠᠪᠤᠳᠠᠭ᠂ ᠨᠡᠢᠭᠡᠮ ᠦ᠋ᠨ ᠬᠡᠷᠡᠭᠴᠡᠭᠡᠨ ᠳ᠋ᠦ᠍ ᠵᠣᠬᠢᠴᠠᠭᠰᠠᠨ᠂ ᠳᠤᠷ᠎ᠠ ᠰᠣᠨᠢᠷᠬᠠᠯ ᠥᠷᠭᠡᠨ᠂ ᠶᠢᠰᠦᠨ ᠴᠠᠭᠠᠨ ᠬᠦᠰᠡᠯ ᠲᠡᠢ᠂ ᠬᠡᠵᠢᠶᠡᠳᠡ ᠥᠭᠡᠳᠡᠷᠬᠡᠭ ᠬᠠᠯᠠᠭᠤᠨ ᠰᠡᠳᠬᠢᠯ ᠲᠡᠢ ᠨᠡᠢᠭᠡᠮ ᠦ᠋ᠨ ᠬᠥᠭᠵᠢᠯᠲᠡ ᠶ᠋ᠢᠨ ᠤᠷᠤᠰᠬᠠᠯ ᠤ᠋ᠨ ᠡᠮᠦᠨ᠎ᠡ ᠬᠣᠰᠢᠭᠤᠷᠠᠭᠰᠠᠨ ᠰᠢᠨ᠎ᠡ ᠡᠷᠢᠨ ᠦ᠌ ᠴᠣᠭ ᠰᠦᠯᠳᠡ ᠲᠡᠢ ᠣᠮᠣᠭᠯᠠᠩ ᠵᠠᠯᠠᠭᠤᠰ ᠪᠠᠢᠬᠤ ᠶᠣᠰᠣᠲᠠᠢ᠃ ᠬᠡᠨ ᠴᠦ᠍ ᠭᠡᠰᠡᠨ ᠬᠡᠦᠬᠡᠳ ᠢ᠋ᠶ᠋ᠡᠨ ᠪᠦᠷ ᠡᠨᠡ ᠮᠡᠲᠦ ᠰᠣᠳᠣᠨ ᠰᠢᠯᠢᠳᠡᠭ ᠬᠥᠮᠦᠨ ᠪᠣᠯᠭᠠᠬᠤ ᠶ᠋ᠢ ᠬᠦᠰᠡᠵᠦ ᠪᠠᠢᠭ᠎ᠠ ᠨᠢ ᠯᠠᠪ᠂ ᠭᠡᠲᠡᠯ᠎ᠡ ᠵᠠᠩᠭᠢᠯᠠᠭ᠎ᠠ ᠶ᠋ᠢᠨ ᠠᠰᠠᠭᠤᠳᠠᠯ ᠪᠣᠯ ᠬᠡᠦᠬᠡᠳ ᠮᠠᠨ ᠤ᠋ ᠬᠦᠰᠡᠵᠦ ᠰᠠᠨᠠᠭᠰᠠᠨ ᠢ᠋ᠶ᠋ᠠᠷ ᠪᠣᠯᠬᠤ ᠪᠢᠰᠢ᠂ ᠬᠠᠷᠢᠨ ᠡᠴᠢᠭᠡ ᠡᠬᠡ ᠪᠣᠯᠣᠭᠰᠠᠳ ᠬᠡᠦᠬᠡᠳ ᠲᠦ ᠪᠡᠨ ᠶᠠᠭᠤ ᠥᠭᠭᠦᠭᠰᠡᠨ ᠡᠴᠡ ᠲᠣᠭᠲᠠᠭᠠᠭᠳᠠᠨ᠎ᠠ᠂ ᠵᠢᠱ᠌ᠢᠶᠡᠯᠡᠪᠡᠯ ᠬᠡᠦᠬᠡᠳ ᠢ᠋ᠶ᠋ᠡᠨ ᠪᠢᠳᠡ ᠠᠴᠢᠯᠠᠯ ᠵᠢᠷᠤᠮ ᠲᠠᠢ ᠬᠥᠮᠦᠨ ᠪᠣᠯᠭᠠᠶ᠎ᠠ ᠭᠡᠵᠦ ᠪᠣᠳᠣᠭᠰᠠᠨ ᠪᠣᠯ ᠪᠢᠳᠡ ᠥᠪᠡᠷᠰᠡᠳ ᠢ᠋ᠶ᠋ᠡᠨ ᠠᠮᠢᠳᠤᠷᠠᠯ ᠳᠤᠮᠳᠠ ᠲᠡᠷᠡ ᠳᠦᠷᠢ ᠶ᠋ᠢ ᠦᠨᠡᠨ ᠲᠣᠭᠯᠠᠭᠰᠠᠨ ᠪᠠᠢᠬᠤ ᠬᠡᠷᠡᠭᠲᠡᠢ᠂ ᠬᠡᠵᠢᠶᠡᠳᠡ ᠬᠥᠮᠦᠨ ᠦ᠌ ᠲᠤᠰᠠ ᠶ᠋ᠢ ᠰᠠᠨᠠᠵᠤ ᠶᠠᠷᠢᠵᠤ ᠬᠡᠦᠬᠡᠳ ᠲᠦ ᠪᠡᠨ ᠪᠤᠰᠤᠳ ᠤ᠋ᠨ ᠲᠤᠰᠠᠴᠢ ᠦᠢᠯᠡ ᠶᠠᠪᠤᠳᠠᠯ ᠳ᠋ᠤ᠌ ᠪᠠᠶᠠᠷᠯᠠᠵᠤ ᠲᠠᠯᠠᠷᠬᠠᠵᠤ ᠰᠤᠷᠭᠠᠨ᠎ᠠ᠂ ᠪᠤᠰᠤᠳ ᠤ᠋ᠨ ᠲᠤᠰᠠᠴᠢ ᠦᠢᠯᠡ ᠳ᠋ᠦ᠍ ᠪᠠᠶᠠᠷᠯᠠᠵᠤ ᠶᠠᠪᠤᠳᠠᠭ ᠬᠡᠦᠬᠡᠳ ᠠᠵᠠ ᠵᠢᠷᠭᠠᠯ ᠢ᠋ ᠦᠨᠡᠨ ᠬᠦ᠌ ᠰᠡᠳᠬᠢᠯ ᠢ᠋ᠶ᠋ᠡᠷ ᠢ᠋ᠶ᠋ᠡᠨ ᠮᠡᠳᠡᠷᠡᠨ᠎ᠡ ᠰᠢᠦ᠂ ᠪᠢᠳᠡ ᠬᠡᠷᠪᠡ ᠡᠳᠦᠷᠵᠢᠨ ᠬᠥᠮᠦᠨ ᠦ᠌ ᠮᠠᠭᠤ ᠶ᠋ᠢ ᠶᠠᠷᠢᠭᠠᠳ ᠥᠷᠥᠭᠡᠯ ᠪᠤᠰᠤᠳ ᠲᠤ ᠭᠣᠮᠣᠳᠠᠭᠠᠳ ᠪᠠᠢᠪᠠᠯ ᠶᠠᠮᠠᠷ ᠡᠷᠡᠭᠦᠯ ᠰᠡᠳᠬᠢᠴᠡ ᠲᠡᠢ ᠬᠡᠦᠬᠡᠳ ᠢ᠋ ᠥᠰᠬᠡᠨ᠎ᠡ ᠪᠢᠯᠡ!
ᠦᠨᠡᠨ ᠳ᠋ᠦ᠍ ᠪᠡᠨ ᠮᠠᠨ ᠤ᠋ ᠮᠠᠯᠴᠢᠨ ᠠᠷᠠᠳ ᠪᠣᠯ ᠳᠡᠯᠡᠬᠡᠢ ᠳ᠋ᠦ᠍ ᠳᠡᠭᠡᠳᠦ ᠵᠢᠩᠳᠠᠭᠠᠨ ᠳ᠋ᠤ᠌ ᠰᠠᠭᠤᠳᠠᠯ ᠲᠠᠢ ᠰᠣᠶᠣᠯᠲᠤ ᠢᠷᠭᠡᠨ ᠰᠢᠦ᠃ ᠲᠩᠷᠢ ᠶ᠋ᠢᠨ ᠢ᠋ᠶ᠋ᠡᠨ ᠴᠢᠷᠠᠢ ᠪᠠᠷ ᠴᠠᠭ ᠠᠭᠠᠷ ᠢ᠋ᠶ᠋ᠠᠨ ᠮᠡᠳᠡᠴᠢᠬᠡᠳᠡᠭ᠃ ᠤᠷᠭᠤᠮᠠᠯ ᠠᠮᠢᠲᠠᠨ ᠤ᠋ ᠪᠠᠨ ᠥᠴᠦᠬᠡᠨ ᠬᠤᠪᠢᠷᠠᠯᠲᠠ ᠪᠠᠷ ᠵᠢᠯ ᠦ᠋ᠨ ᠥᠩᠭᠡ ᠶ᠋ᠢ ᠤᠷᠢᠳᠴᠢᠯᠠᠨ ᠲᠥᠰᠥᠭᠡᠯᠡᠳᠡᠭ᠃ ᠪᠠᠢᠭᠠᠯᠢ ᠳᠡᠯᠡᠬᠡᠢ ᠳ᠋ᠦ᠍ ᠪᠡᠨ ᠨᠠᠷᠢᠨ ᠮᠡᠳᠡᠷᠡᠮᠵᠢ ᠲᠡᠢ᠂ ᠠᠮᠢ ᠠᠬᠤᠢ ᠶ᠋ᠢᠨ ᠲᠤᠬᠠᠢ ᠦᠯᠡᠮᠵᠢ ᠲᠤᠷᠰᠢᠯᠭ᠎ᠠ ᠲᠠᠢ᠂ ᠠᠭᠤᠯᠠ ᠤᠰᠤ ᠪᠠᠨ ᠠᠮᠢᠨ ᠠ᠋ᠴᠠ ᠪᠠᠨ ᠢᠯᠡᠭᠦᠦ ᠳᠡᠭᠡᠳᠦᠯᠡᠳᠡᠭ᠂ ᠠᠩ ᠠᠩᠨᠠᠯ ᠠᠶᠠᠨ ᠵᠢᠩ ᠦ᠋ᠨ ᠨᠠᠷᠢᠨ ᠵᠢᠷᠤᠮ ᠲᠠᠢ ᠥᠪᠡᠷ ᠪᠤᠰᠤᠳ ᠤ᠋ᠨ ᠬᠡᠦᠬᠡᠳ ᠲᠦ ᠢᠵᠢᠯᠬᠡᠨ ᠬᠠᠨᠳᠤᠳᠠᠭ ᠳᠡᠯᠡᠬᠡᠢ ᠳ᠋ᠦ᠍ ᠬᠣᠣᠰ ᠦᠭᠡᠢ ᠦᠷᠦ ᠵᠥᠭᠡᠯᠡᠨ ᠦᠨᠡᠨᠴᠢ ᠴᠠᠢᠯᠭᠠᠨ ᠪᠣᠯᠪᠠᠰᠤᠨ ᠤᠭᠰᠠᠭᠠᠲᠠᠨ ᠰᠢᠦ ᠳᠡ᠃ ᠥᠨᠥᠳᠥᠷ ᠦ᠋ᠨ ᠳᠡᠯᠡᠬᠡᠢ ᠪᠡᠷ ᠢ᠋ᠶ᠋ᠡᠨ ᠤᠷᠢᠶᠠᠯᠠᠵᠤ ᠪᠠᠢᠬᠤ ᠪᠠᠢᠭᠠᠯᠢ ᠣᠷᠴᠢᠨ ᠳ᠋ᠤ᠌ ᠪᠠᠨ ᠨᠥᠬᠥᠷᠰᠡᠭ ᠨᠡᠢᠭᠡᠮ ᠢ᠋ ᠡᠷᠲᠡ ᠵᠠᠭᠤᠨ ᠳ᠋ᠤ᠌ ᠪᠡᠶᠡᠯᠡᠭᠦᠯᠴᠢᠬᠡᠭᠰᠡᠨ᠂ ᠮᠣᠩᠭᠣᠯᠴᠤᠳ ᠪᠣᠯ ᠢᠲᠡᠭᠡᠯ ᠵᠢᠷᠤᠮ ᠢ᠋ ᠪᠠᠷᠢᠳᠠᠭ᠂ ᠬᠥᠮᠦᠨ ᠬᠥᠮᠦᠨ ᠳ᠋ᠦ᠍ ᠪᠡᠨ ᠠᠭᠤᠳᠠᠮᠴᠢ ᠲᠤᠰᠠᠴᠢ᠂ ᠡᠭᠡᠯ ᠪᠣᠷᠣᠭᠵᠢᠭᠤᠨ ᠮᠥᠷᠲᠡᠭᠡᠨ ᠡᠷᠬᠢᠮᠰᠦᠭ ᠳᠡᠭᠡᠳᠦ ᠰᠤᠷᠲᠠᠯ ᠲᠠᠢ᠂ ᠬᠥᠮᠦᠨ ᠪᠠᠢᠭᠠᠯᠢ ᠡᠶ᠎ᠡ ᠵᠣᠬᠢᠴᠠᠯ ᠲᠠᠢ ᠲᠦᠰᠢᠯᠴᠡᠨ ᠠᠮᠢᠳᠤᠷᠠᠳᠠᠭ ᠳᠡᠯᠡᠬᠡᠢ ᠶ᠋ᠢᠨ ᠲᠡᠷᠢᠭᠦᠨ ᠵᠡᠷᠭᠡ ᠶ᠋ᠢᠨ ᠰᠣᠶᠣᠯᠲᠤ ᠢᠷᠭᠡᠨ ᠭᠡᠳᠡᠭ ᠢ᠋ᠶ᠋ᠡᠨ ᠮᠡᠳᠡᠬᠦ ᠶᠣᠰᠣᠲᠠᠢ ᠰᠢᠦ᠃ ᠤᠯᠤᠰ ᠣᠷᠣᠨ ᠤ᠋ ᠰᠣᠶᠣᠯ ᠤ᠋ᠨ ᠬᠥᠭᠵᠢᠯᠲᠡ ᠶ᠋ᠢ ᠲᠠᠮᠢᠷ ᠤᠷᠠᠯᠢᠭ ᠤ᠋ᠨ ᠲᠦᠭᠡᠮᠡᠯᠵᠢᠭᠰᠡᠨ ᠲᠦᠪᠰᠢᠨ ᠢ᠋ᠶ᠋ᠡᠷ ᠣᠴᠢᠵᠤ ᠬᠡᠮᠵᠢᠳᠡᠭ ᠭᠡᠳᠡᠭ᠂ ᠮᠠᠨ ᠤ᠋ ᠮᠠᠯᠴᠢᠨ ᠠᠷᠠᠳ ᠤ᠋ᠨ ᠲᠠᠮᠢᠷ ᠤ᠋ᠨ ᠬᠥᠳᠡᠯᠭᠡᠭᠡᠨ ᠳ᠋ᠦ᠍ ᠳᠣᠯᠣᠭᠠᠨ ᠨᠠᠰᠤᠲᠠᠢ ᠪᠠᠯᠴᠢᠷ ᠠ᠋ᠴᠠ ᠳᠠᠯ᠎ᠠ ᠬᠦᠷᠦᠭᠰᠡᠨ ᠪᠤᠭᠤᠷᠤᠯᠴᠤᠳ ᠲᠤ ᠪᠠᠨ ᠬᠦᠷᠲᠡᠯ᠎ᠡ ᠮᠣᠷᠢ ᠤᠨᠤᠵᠤ᠂ ᠪᠥᠬᠡ ᠪᠠᠷᠢᠯᠳᠤᠵᠤ᠂ ᠨᠤᠮᠤ ᠳᠡᠯᠢᠳᠡᠭ ᠪᠠᠢᠭᠰᠠᠨ᠃ ᠣᠯᠧᠮᠫᠢᠺ ᠦ᠋ᠨ ᠵᠣᠷᠢᠭ ᠰᠠᠨᠠᠭ᠎ᠠ ᠭᠠᠭᠴᠠᠬᠦ ᠮᠣᠩᠭᠣᠯᠴᠤᠳ ᠤ᠋ᠨ ᠳᠤᠮᠳᠠ ᠲᠦᠭᠡᠮᠡᠯᠵᠢᠭᠰᠡᠨ᠃ ᠪᠦᠬᠦ ᠠᠷᠠᠳ ᠢ᠋ᠶ᠋ᠠᠷ ᠢ᠋ᠶ᠋ᠠᠨ ᠠᠮᠠᠨ ᠢᠷᠠᠭᠤ ᠨᠠᠢᠷᠠᠭᠴᠢ ᠠᠷᠠᠳ ᠤ᠋ᠨ ᠤᠷᠠᠯᠢᠭᠴᠢᠨ ᠪᠠᠢᠵᠤ᠂ ᠳᠠᠭᠤᠯᠠᠵᠤ ᠪᠥᠵᠢᠭᠯᠡᠵᠦ ᠢᠷᠦᠭᠡᠵᠦ ᠪᠡᠶᠡᠰᠴᠦ ᠴᠢᠳᠠᠳᠠᠭ᠂ ᠲᠠᠮᠢᠷ ᠤᠷᠠᠯᠢᠭ ᠶᠣᠰᠣᠲᠠᠢ ᠪᠦᠬᠦ ᠠᠷᠠᠳ ᠤ᠋ᠨ ᠰᠣᠶᠣᠯ ᠪᠣᠯᠤᠨ ᠢᠷᠭᠡᠨᠰᠢᠵᠡᠢ᠃
ᠪᠢᠳᠡ ᠬᠡᠦᠬᠡᠳ ᠢ᠋ᠶ᠋ᠡᠨ ᠡᠨᠡ ᠯᠡ ᠪᠠᠷᠢᠮᠵᠢᠶ᠎ᠠ ᠪᠠᠷ ᠬᠥᠮᠦᠵᠢᠭᠦᠯᠵᠦ ᠴᠢᠳᠠᠪᠠᠯ ᠦᠨᠡᠬᠡᠷ ᠭᠠᠢᠬᠠᠮᠰᠢᠭ᠃ ᠠᠭᠤᠯᠠ ᠲᠦᠰᠢᠪᠡᠯ ᠠᠭᠤᠯᠠ ᠪᠠᠨ ᠢᠳᠡᠵᠦ᠂ ᠤᠰᠤ ᠬᠥᠪᠡᠭᠡᠳᠡᠪᠡᠯ ᠤᠰᠤ ᠪᠠᠨ ᠢᠳᠡᠳᠡᠭ ᠠᠰᠢᠭ ᠬᠣᠨᠵᠢᠶ᠎ᠠ ᠡᠷᠬᠡ ᠮᠥᠩᠭᠥ ᠪᠡᠷ ᠯᠠ ᠣᠴᠢᠵᠤ ᠬᠥᠮᠦᠨ ᠦ᠌ ᠥᠷᠲᠡᠭ ᠢ᠋ ᠦᠨᠡᠯᠡᠳᠡᠭ ᠰᠠᠭᠤᠷᠢᠰᠢᠯ ᠢᠷᠭᠡᠳ ᠦ᠋ᠨ ᠰᠣᠶᠣᠯ ᠤᠬᠠᠮᠰᠠᠷ ᠢ᠋ᠶ᠋ᠠᠷ ᠣᠴᠢᠵᠤ᠂ ᠪᠢᠳᠡ ᠰᠣᠶᠣᠯ ᠦᠭᠡᠢ ᠭᠡᠮᠡᠨ ᠮᠠᠯᠴᠢᠨ ᠲᠦᠮᠡᠨ ᠮᠠᠨᠢ ᠪᠡᠶ᠎ᠡ ᠳ᠋ᠦ᠍ ᠪᠡᠨ ᠪᠢᠲᠡᠭᠡᠢ ᠪᠤᠷᠤᠭᠤ ᠣᠢᠯᠠᠭᠠᠯᠲᠠ ᠦᠨᠡᠯᠡᠯᠲᠡ ᠥᠭᠬᠦ ᠭᠡᠳ ᠪᠠᠢ ᠳᠠ! ᠮᠠᠨ ᠤ᠋ ᠮᠠᠯᠴᠢᠳ ᠮᠠᠨᠢ ᠰᠣᠶᠣᠯ ᠢᠷᠭᠡᠨᠰᠢᠯ ᠦ᠋ᠨ ᠲᠤᠬᠠᠢ ᠡᠢᠮᠦᠷᠬᠦ ᠪᠤᠷᠤᠭᠤ ᠣᠢᠯᠠᠭᠠᠯᠲᠠ ᠲᠠᠨᠢᠯᠲᠠ ᠲᠠᠢ ᠪᠣᠯᠵᠤ ᠡᠬᠢᠯᠡᠭᠰᠡᠨ ᠡᠴᠡ᠂ ᠤᠯᠠᠮᠵᠢᠯᠠᠯᠲᠤ ᠭᠡᠷ ᠪᠦᠯᠢ ᠶ᠋ᠢᠨ ᠬᠥᠮᠦᠵᠢᠯ ᠦ᠋ᠨ ᠥᠪ ᠰᠣᠶᠣᠯ ᠦᠨ᠎ᠡ ᠪᠡᠨ ᠠᠯᠳᠠᠵᠤ᠂ ᠬᠡᠦᠬᠡᠳ ᠦ᠋ᠨ ᠬᠥᠮᠦᠵᠢᠯ ᠦ᠋ᠨ ᠠᠷᠭ᠎ᠠ ᠵᠠᠭᠪᠤᠷ᠂ ᠬᠠᠷᠠᠯᠲᠠ ᠪᠦᠷ ᠭᠠᠵᠢᠵᠤ᠂ ᠨᠡᠢᠭᠡᠮ ᠦ᠋ᠨ ᠬᠥᠭᠵᠢᠯᠲᠡ ᠶ᠋ᠢᠨ ᠥᠩᠭᠡᠨ ᠲᠠᠯ᠎ᠠ ᠳᠡᠭᠡᠷ᠎ᠡ ᠬᠥᠪᠴᠦ ᠳᠡᠷᠪᠡᠵᠦ ᠪᠠᠢᠭᠠᠳ ᠬᠥᠯ ᠠᠯᠳᠠᠬᠤ ᠨᠢ ᠣᠯᠠᠨ ᠪᠣᠯᠵᠤ᠂ ᠦᠨ᠎ᠡ ᠴᠠᠨ᠎ᠠ ᠲᠠᠢ ᠵᠢᠩᠬᠢᠨᠢ ᠰᠣᠶᠣᠯ ᠵᠠᠩᠰᠢᠯ ᠢ᠋ᠶ᠋ᠠᠨ ᠭᠡᠭᠡᠵᠦ ᠪᠠᠢᠬᠤ ᠪᠠᠨ ᠤᠬᠠᠭᠠᠷᠠᠬᠤ ᠬᠡᠷᠡᠭᠲᠡᠢ ᠪᠣᠯᠵᠤ ᠪᠠᠢᠨ᠎ᠠ᠃ ᠡᠨᠡ ᠦᠨᠡᠬᠡᠷ《ᠳᠡᠭᠡᠷᠡᠬᠢ ᠨᠢ ᠰᠠᠭᠤᠳᠠᠯ ᠢ᠋ᠶ᠋ᠠᠨ ᠣᠯᠬᠤ ᠦᠭᠡᠢ ᠪᠣᠯ ᠳᠣᠣᠷᠠᠬᠢ ᠨᠢ ᠭᠦᠶᠦᠳᠡᠯ ᠢ᠋ᠶ᠋ᠡᠨ ᠣᠯᠬᠤ ᠦᠭᠡᠢ》 ᠭᠡᠰᠡᠨ ᠳᠡᠭᠡᠳᠦ ᠶ᠋ᠢᠨ ᠰᠤᠷᠭᠠᠯ ᠢ᠋ ᠰᠠᠨᠠᠬᠤ ᠴᠢᠬᠤᠯᠠ ᠲᠠᠢ ᠪᠣᠯᠵᠠᠢ᠃《ᠮᠢᠨᠦ ᠡᠵᠢ ᠮᠠᠯᠴᠢᠨ ᠬᠥᠮᠦᠨ》᠂《ᠮᠢᠨᠦ ᠠᠪᠤ ᠠᠳᠤᠭᠤᠴᠢᠨ ᠬᠥᠮᠦᠨ》 ᠭᠡᠬᠦ ᠮᠡᠲᠦ ᠣᠯᠠᠨ ᠰᠠᠢᠬᠠᠨ ᠳᠠᠭᠤᠤ ᠨᠠᠢᠷᠠᠭ ᠪᠠᠢᠳᠠᠭ ᠨᠢ ᠪᠢᠳᠡ ᠤᠳᠤᠮ ᠰᠣᠶᠣᠯ ᠮᠠᠯᠴᠢᠨ ᠵᠠᠶᠠᠭ᠎ᠠ ᠪᠠᠷ ᠢ᠋ᠶ᠋ᠠᠨ ᠪᠠᠬᠠᠷᠬᠠᠵᠤ ᠪᠠᠢᠭᠰᠠᠨ ᠠᠷᠠᠳ ᠲᠦᠮᠡᠨ᠂ ᠣᠳᠣ ᠬᠠᠷᠢᠨ ᠮᠠᠯᠴᠢᠨ ᠭᠠᠷᠤᠯ ᠢ᠋ᠶ᠋ᠠᠨ ᠭᠣᠯᠣᠬᠤ ᠬᠡᠦᠬᠡᠳ ᠵᠠᠯᠠᠭᠤᠰ ᠣᠯᠠᠰᠢᠷᠠᠵᠤ ᠪᠠᠢᠬᠤ ᠨᠢ ᠬᠣᠲᠠᠴᠢᠯᠠᠯᠲᠠ ᠶ᠋ᠢᠨ ᠥᠩᠭᠡᠪᠴᠢ ᠨᠥᠯᠥᠭᠡ ᠪᠤᠶᠤ ᠭᠡᠷ ᠦ᠋ᠨ ᠬᠥᠮᠦᠵᠢᠯ ᠦ᠋ᠨ ᠣᠰᠣᠯ ᠠ᠋ᠴᠠ ᠪᠣᠯᠵᠤ ᠳᠡᠯᠡᠬᠡᠢ ᠳ᠋ᠦ᠍ ᠬᠣᠣᠰ ᠦᠭᠡᠢ ᠠᠭᠤᠤ ᠶᠡᠬᠡ ᠮᠠᠯᠵᠢᠬᠤ ᠰᠣᠶᠣᠯ ᠢᠷᠭᠡᠨᠰᠢᠯ ᠢ᠋ᠶ᠋ᠡᠨ ᠪᠤᠷᠤᠭᠤ ᠣᠢᠯᠠᠭᠠᠵᠤ ᠪᠠᠢᠬᠤ ᠶ᠋ᠢᠨ ᠮᠠᠭᠤᠬᠠᠢ ᠰᠣᠪᠢᠩ ᠰᠢᠦ᠃ ᠥᠪᠡᠷ ᠦ᠋ᠨ ᠤᠳᠤᠮ ᠰᠣᠶᠣᠯ ᠢ᠋ᠶ᠋ᠠᠨ ᠭᠣᠯᠣᠭᠰᠠᠨ ᠬᠥᠮᠦᠰ ᠥᠷᠥᠭᠡᠯ ᠦ᠋ᠨ ᠲᠣᠭᠣᠰᠣ ᠶ᠋ᠢ ᠳᠠᠭᠠᠵᠤ ᠳᠡᠷᠪᠡᠭᠡᠳ ᠬᠠᠮᠢᠭ᠎ᠠ ᠬᠦᠷᠬᠦ ᠪᠣᠢ᠂ ᠨᠡᠩ ᠴᠤ᠌ ᠰᠠᠭᠤᠷᠢᠰᠢᠯ ᠢᠷᠭᠡᠨ ᠦ᠌ ᠲᠠᠪᠤᠨ ᠮᠢᠩᠭᠠᠨ ᠵᠢᠯ ᠪᠢᠰᠢᠯᠭᠠᠭᠠᠳ ᠶᠠᠰᠤ᠂ ᠴᠢᠰᠤ᠂ ᠭᠧᠨ ᠳ᠋ᠦ᠍ ᠨᠢ ᠰᠢᠩᠭᠡᠭᠡᠰᠦᠲᠡᠢ ᠰᠣᠶᠣᠯ ᠢ᠋ ᠶᠠᠭᠠᠬᠢᠵᠤ ᠰᠢᠲᠦᠭᠡᠳ ᠴᠦ᠍ ᠲᠤᠰᠠ ᠦᠭᠡᠢ᠂ ᠨᠠᠰᠢ ᠴᠤ᠌ ᠦᠭᠡᠢ ᠴᠠᠰᠢ ᠴᠤ᠌ ᠦᠭᠡᠢ ᠬᠣᠯᠢᠮᠠᠭ ᠰᠣᠶᠣᠯ ᠴᠢᠰᠤᠳᠠᠨ ᠪᠣᠯᠵᠤ᠂ ᠠᠯᠢ ᠠᠯᠢᠨ ᠳ᠋ᠤ᠌ ᠨᠢ ᠴᠦ᠍ ᠠᠭᠤᠰᠴᠤ ᠴᠢᠳᠠᠬᠤ ᠦᠭᠡᠢ ᠡᠬᠡ ᠰᠣᠶᠣᠯ ᠦᠭᠡᠢ ᠰᠦᠭ ᠰᠦᠨᠡᠰᠦ ᠨᠢ ᠭᠠᠭᠴᠠᠭᠠᠷᠳᠠᠨ᠎ᠠ! ᠠᠳᠤᠭᠤ ᠮᠠᠯ ᠤ᠋ᠨ ᠢ᠋ᠶ᠋ᠠᠨ ᠤᠳᠤᠮ ᠴᠢᠰᠤ ᠶ᠋ᠢ ᠴᠤ᠌ ᠴᠡᠪᠡᠷ ᠠᠪᠴᠤ ᠶᠠᠪᠤᠳᠠᠭ ᠰᠣᠶᠣᠯᠲᠤ ᠲᠦᠮᠡᠨ ᠪᠠᠢᠵᠤ᠂ ᠤᠷᠤᠭ ᠲᠥᠷᠥᠯ ᠦ᠋ᠨ ᠢ᠋ᠶ᠋ᠡᠨ ᠶᠠᠰᠤ᠂ ᠴᠢᠰᠤ᠂ ᠬᠡᠯᠡ ᠰᠣᠶᠣᠯ ᠢ᠋ᠶ᠋ᠠᠨ ᠠᠷᠢᠭᠤᠨ ᠠᠪᠴᠤ ᠶᠠᠪᠤᠬᠤ ᠶ᠋ᠢ ᠤᠷᠤᠭ ᠤ᠋ᠨ ᠤᠷᠤᠭ ᠲᠥᠷᠥᠯ ᠦ᠋ᠨ ᠲᠥᠷᠥᠯ ᠳ᠋ᠦ᠍ ᠴᠢᠩᠭ᠎ᠠ ᠪᠠᠷᠢᠮᠲᠠᠯᠠᠬᠤ ᠶ᠋ᠢ ᠭᠡᠷ ᠪᠦᠯᠢ ᠶ᠋ᠢᠨ ᠠᠯᠲᠠᠨ ᠰᠤᠷᠭᠠᠯ ᠪᠣᠯᠭᠠᠨ ᠵᠠᠬᠢᠵᠤ ᠪᠠᠢᠬᠤ ᠶᠣᠰᠣᠲᠠᠢ!
ᠬᠥᠮᠦᠰ ᠦ᠋ᠨ ᠰᠣᠶᠣᠯ ᠤ᠋ᠨ ᠬᠡᠪ ᠴᠢᠨᠠᠷ ᠬᠡᠴᠢᠨᠡᠨ ᠬᠠᠷᠢ ᠭᠠᠳᠠᠭᠠᠳᠤ ᠬᠡᠯᠡ ᠶ᠋ᠢ ᠮᠡᠳᠡᠬᠦ ᠳ᠋ᠦ᠍ ᠪᠡᠨ ᠪᠠᠢᠬᠤ ᠪᠢᠰᠢ᠂ ᠬᠠᠷᠢᠨ ᠠᠮᠢᠨ ᠭᠠᠭᠴᠠ ᠴᠡᠩᠬᠡᠷ ᠪᠥᠮᠪᠥᠷᠴᠡᠭ ᠪᠤᠶᠤ ᠪᠠᠢᠭᠠᠯᠢ ᠣᠷᠴᠢᠨ ᠬᠥᠮᠦᠨ ᠦ᠌ ᠠᠮᠢᠳᠤᠷᠠᠯ ᠤ᠋ᠨ ᠠᠵᠠ ᠵᠢᠷᠭᠠᠯ᠂ ᠠᠵᠢᠯ ᠦᠢᠯᠡᠰ ᠢ᠋ ᠶᠠᠮᠠᠷᠬᠠᠨ ᠰᠣᠶᠣᠯ ᠤ᠋ᠨ ᠨᠢᠳᠦ ᠪᠡᠷ ᠬᠠᠷᠠᠵᠤ ᠲᠠᠨᠢᠨ ᠮᠡᠳᠡᠷᠡᠬᠦ ᠳ᠋ᠦ᠍ ᠪᠡᠨ ᠪᠠᠢᠭ᠎ᠠ ᠶᠤᠮ᠂ ᠬᠡᠦᠬᠡᠳ ᠶᠠᠮᠠᠷ ᠬᠡᠯᠡ ᠰᠣᠶᠣᠯᠲᠠᠨ ᠪᠣᠯᠬᠤ ᠪᠠᠨ ᠰᠣᠩᠭᠣᠬᠤ ᠴᠤ᠌ ᠪᠢᠰᠢ ᠳᠡ᠂ ᠶᠠᠮᠠᠷ ᠤᠭᠰᠠᠭ᠎ᠠ ᠶᠠᠰᠤᠲᠠᠨ ᠳ᠋ᠤ᠌ ᠵᠠᠶᠠᠭᠠᠭᠳᠠᠭᠰᠠᠨ ᠨᠢ ᠲᠡᠭᠦᠨ ᠦ᠌ ᠲᠩᠷᠢᠯᠢᠭ ᠲᠠᠪᠢᠯᠠᠩ ᠪᠠᠢᠵᠤ ᠲᠠᠭᠠᠷᠠᠨ᠎ᠠ! ᠮᠣᠩᠭᠣᠯ ᠬᠥᠮᠦᠨ ᠬᠡᠯᠡ ᠪᠡᠷ ᠢ᠋ᠶ᠋ᠡᠨ ᠴᠦ᠍᠂ ᠬᠥᠮᠦᠨ ᠰᠣᠶᠣᠯ ᠢ᠋ᠶ᠋ᠠᠷ ᠢ᠋ᠶ᠋ᠠᠨ ᠴᠤ᠌ ᠳᠡᠯᠡᠬᠡᠢ ᠶ᠋ᠢᠨ ᠬᠠᠮᠤᠭ ᠳᠠᠪᠰᠢᠩᠭᠤᠢ ᠰᠣᠶᠣᠯ ᠤ᠋ᠨ ᠡᠩᠨᠡᠭᠡᠨ ᠳ᠋ᠦ᠍ ᠶᠠᠪᠤᠵᠤ ᠪᠠᠢᠬᠤ ᠶ᠋ᠢ ᠳᠡᠯᠡᠬᠡᠢ ᠶ᠋ᠢᠨ ᠡᠷᠳᠡᠮᠲᠡᠳ ᠪᠦᠷ ᠮᠡᠳᠡᠷᠡᠵᠦ ᠪᠢᠰᠢᠷᠡᠵᠦ ᠪᠠᠢᠬᠤ ᠳ᠋ᠤ᠌ ᠪᠢᠳᠡ ᠥᠪᠡᠷᠰᠡᠳ ᠢ᠋ᠶ᠋ᠡᠨ ᠰᠠᠢᠨ ᠮᠡᠳᠡᠬᠦ ᠦᠭᠡᠢ ᠪᠤᠶᠤ ᠵᠡᠷᠢᠮᠡᠳ ᠨᠢ ᠭᠣᠯᠣᠵᠤ ᠬᠠᠶᠠᠵᠤ ᠪᠠᠢᠭ᠎ᠠ ᠨᠢ ᠶᠠᠭᠤᠨ ᠠ᠋ᠴᠠ ᠪᠣᠯᠤᠭᠰᠠᠨ ᠪᠢᠯᠡ! ᠮᠠᠨᠤᠰ ᠤ᠋ᠨ ᠡᠬᠡ ᠰᠣᠶᠣᠯ ᠤ᠋ᠨ ᠬᠥᠮᠦᠵᠢᠯ ᠪᠤᠶᠤ ᠭᠡᠷ ᠪᠦᠯᠢ ᠶ᠋ᠢᠨ ᠬᠥᠮᠦᠵᠢᠯ ᠨᠢᠮᠭᠡᠷᠡᠵᠦ ᠪᠠᠢᠬᠤ ᠲᠠᠢ ᠰᠢᠭᠤᠳ ᠬᠣᠯᠪᠣᠭ᠎ᠠ ᠲᠠᠢ ᠶᠤᠮ᠂ ᠨᠤᠲᠤᠭ ᠤ᠋ᠨ ᠢ᠋ᠶ᠋ᠠᠨ ᠰᠢᠷᠬᠡᠭ ᠡᠪᠡᠰᠦ ᠥᠨᠥᠴᠢᠨ ᠴᠢᠯᠠᠭᠤ ᠶ᠋ᠢ ᠴᠤ᠌ ᠬᠠᠢᠷᠠᠯᠠᠵᠤ ᠶᠠᠪᠤᠳᠠᠭ ᠮᠠᠯᠴᠢᠨ ᠠᠷᠠᠳ ᠤ᠋ᠨ ᠭᠠᠷᠰᠢᠭᠤᠯᠤᠭᠰᠠᠨ ᠮᠣᠷᠢ ᠨᠣᠬᠠᠢ ᠨᠢ ᠬᠦᠷᠲᠡᠯ᠎ᠡ ᠲᠤᠩ ᠨᠤᠲᠤᠭᠰᠠᠭ ᠪᠠᠢᠳᠠᠭ ᠡᠨᠡ ᠰᠣᠶᠣᠯ ᠦᠨᠡᠬᠡᠷ ᠠᠭᠤᠤ ᠶᠡᠬᠡ ᠰᠢᠦ᠃
ᠲᠡᠢᠮᠦ ᠡᠴᠡ ᠭᠡᠷ ᠦ᠋ᠨ ᠠᠬᠠᠮᠠᠳ ᠪᠣᠯᠤᠭᠰᠠᠨ ᠪᠢᠳᠡ ᠨᠠᠷ ᠡᠨᠡ ᠤᠯᠠᠮᠵᠢᠯᠠᠯᠲᠤ ᠬᠡᠪ ᠰᠤᠷᠲᠠᠯ ᠰᠣᠶᠣᠯ ᠵᠠᠩᠰᠢᠯ ᠢ᠋ᠶ᠋ᠠᠨ ᠦᠬᠦᠨ ᠪᠠᠷᠢᠮᠲᠠᠯᠠᠵᠤ᠂ ᠨᠡᠢᠭᠡᠮ ᠦ᠋ᠨ ᠤᠷᠪᠠᠭᠠᠨ ᠬᠥᠷᠪᠡᠭᠡᠨ ᠳᠤᠮᠳᠠ ᠬᠥᠯ ᠠᠯᠳᠠᠬᠤ ᠦᠭᠡᠢ ᠯᠠᠪᠳᠠᠭᠤᠨ ᠲᠣᠭᠲᠠᠭᠤᠨ ᠠᠵᠤ ᠲᠥᠷᠥᠵᠦ ᠯᠡ ᠴᠢᠳᠠᠪᠠᠯ ᠰᠠᠶᠢ ᠥᠳᠥ ᠰᠣᠳᠣ ᠨᠢ ᠬᠠᠲᠠᠭᠤᠷᠠᠭᠠ ᠦᠭᠡᠢ ᠦᠷ᠎ᠡ ᠬᠡᠦᠬᠡᠳ ᠮᠠᠨᠢ ᠮᠠᠨ ᠤ᠋ ᠨᠥᠮᠥᠷᠢ ᠳ᠋ᠦ᠍ ᠥᠶᠥᠭ ᠳᠤᠯᠠᠭᠠᠨ ᠡᠷᠡᠭᠦᠯ ᠴᠢᠭᠢᠷᠠᠭ ᠦᠰᠦᠨ ᠪᠣᠢᠵᠢᠨᠠ ᠭᠡᠳᠡᠭ ᠢ᠋ ᠤᠬᠠᠭᠠᠷᠠᠵᠤ ᠶᠠᠪᠤᠶ᠎ᠠ!
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠭᠠᠷᠮ᠎ᠠ᠂ ᠰᠡᠬᠡᠭᠡᠷᠡᠯ᠂ ᠵ᠂ ᠪᠤᠶᠠᠨᠲᠣᠭᠲᠠᠬᠤ
ᠶᠡᠷᠦᠩᠬᠡᠢ ᠬᠢᠨᠠᠭᠴᠢ᠄ ᠣᠳᠬᠠᠨᠰᠤ᠎ᠠ