ᠳᠤᠲᠠᠭᠤ ᠨᠢ ᠦᠭᠡᠢ ᠨᠤᠲᠤᠭ- ᠳᠠᠸᠠᠳᠣᠷᠵᠢДутуу ньгүй нутаг-Даваадорж
ᠳᠤᠲᠠᠭᠤ ᠨᠢ ᠦᠭᠡᠢ ᠨᠤᠲᠤᠭ
ᠦᠭᠡ᠄ ᠮᠢᠭᠮᠠᠷ ᠦᠨ ᠴᠡᠷᠡᠩᠲᠣᠭᠲᠠᠬᠤ
ᠠᠶ᠎ᠠ ᠄ ᠰᠣᠳᠣᠭᠡᠷᠡᠯ ᠦᠨ ᠠᠯᠲᠠᠨᠪᠥ᠋ᠷᠭᠦᠳ
ᠳᠠᠭᠤᠴᠢᠨ᠄ ᠳᠠᠸᠠᠳᠣᠷᠵᠢ
ᠠᠶᠠᠨ ᠤ᠋ ᠨᠡᠭᠦᠳᠡᠯ ᠤᠨ ᠴᠤᠪᠤᠭ᠎ᠠ ᠰᠢᠭ᠋
ᠠᠯᠤᠰ ᠤ᠋ᠨ ᠴᠡᠩᠬᠡᠷ ᠠᠭᠤᠯᠠᠰ ᠲᠠᠢ
ᠠᠳᠤᠭᠤ ᠦᠦᠷᠰᠡᠬᠦ ᠲᠠᠯ᠎ᠠ ᠪᠠᠷ ᠢ᠋ᠶ᠋ᠠᠨ
ᠬᠣᠩᠭᠣᠷ ᠰᠡᠪᠰᠢᠶ᠎ᠡ ᠰᠠᠯᠬᠢ ᠲᠠᠢ
ᠳᠥᠷᠪᠡᠨ ᠤᠯᠠᠷᠢᠯ ᠢ᠋ᠶ᠋ᠠᠨ ᠲᠣᠭᠣᠷᠢᠭᠠᠳ
ᠳᠦᠭᠦᠷᠡᠩ ᠵᠢᠷᠭᠠᠯ ᠡᠭᠡᠯᠵᠢᠯᠡᠭᠰᠡᠨ
ᠳᠠᠭᠤᠨ ᠳᠤ ᠪᠠᠨ ᠳᠡᠭᠡᠳᠦᠯᠡᠨ ᠳᠠᠭᠤᠯᠠᠮᠠᠷ
ᠳᠤᠲᠠᠭᠤ ᠨᠢ ᠦᠭᠡᠢ ᠨᠤᠲᠤᠭ ᠮᠢᠨᠢ ᠳᠡ
ᠮᠢᠩᠭᠠᠨ ᠪᠠᠷ᠎ᠠ ᠵᠢ ᠳᠤᠭᠤᠯᠤᠭᠠᠳ
ᠮᠢᠷᠠᠯᠵᠠᠨ ᠤᠷᠤᠰᠬᠤ ᠭᠣᠣᠯ ᠤ᠋ᠳ ᠲᠠᠢ
ᠮᠠᠩᠬᠠᠨ ᠬᠣᠩᠭᠣᠷ ᠭᠣᠪᠢ ᠶᠢᠨ
ᠳᠣᠮᠣᠭ ᠠᠮᠢᠯᠠᠭᠰᠠᠨ ᠦᠵᠡᠰᠬᠦᠯᠡᠩ ᠲᠠᠢ
ᠳᠥᠷᠪᠡᠨ ᠤᠯᠠᠷᠢᠯ ᠢ᠋ᠶ᠋ᠠᠨ ᠲᠣᠭᠣᠷᠢᠭᠠᠳ
ᠳᠦᠭᠦᠷᠡᠩ ᠵᠢᠷᠭᠠᠯ ᠡᠭᠡᠯᠵᠢᠯᠡᠭᠰᠡᠨ
ᠳᠠᠭᠤᠨ ᠳᠤ ᠪᠠᠨ ᠳᠡᠭᠡᠳᠦᠯᠡᠨ ᠳᠠᠭᠤᠯᠠᠮᠠᠷ
ᠳᠤᠲᠠᠭᠤ ᠨᠢ ᠦᠭᠡᠢ ᠨᠤᠲᠤᠭ ᠮᠢᠨᠢ ᠳᠡ
ᠠᠭᠤᠯᠠ ᠬᠥᠨᠳᠡᠢ ᠳᠦᠭᠦᠷᠦᠭᠡᠳ
ᠠᠯᠠᠭ ᠴᠡᠴᠡᠭ ᠭᠠᠩᠬᠤᠭᠠᠰᠤᠲᠠᠢ
ᠤᠷᠠᠨ ᠵᠡᠷᠭᠡᠯᠭᠡ ᠲᠤᠨᠤᠷᠠᠭᠠᠳ
ᠴᠠᠩ ᠲᠣᠭᠣᠷᠤᠤ ᠴᠠᠮᠨᠠᠭᠠᠰᠤᠲᠠᠢ
ᠳᠥᠷᠪᠡᠨ ᠤᠯᠠᠷᠢᠯ ᠢ᠋ᠶ᠋ᠠᠨ ᠲᠣᠭᠣᠷᠢᠭᠠᠳ
ᠳᠦᠭᠦᠷᠡᠩ ᠵᠢᠷᠭᠠᠯ ᠡᠭᠡᠯᠵᠢᠯᠡᠭᠰᠡᠨ
ᠳᠠᠭᠤᠨ ᠳᠤ ᠪᠠᠨ ᠳᠡᠭᠡᠳᠦᠯᠡᠨ ᠳᠠᠭᠤᠯᠠᠮᠠᠷ
ᠳᠤᠲᠠᠭᠤ ᠨᠢ ᠦᠭᠡᠢ ᠨᠤᠲᠤᠭ ᠮᠢᠨᠢ ᠳᠡ
ᠤᠨᠢᠶᠠᠷ ᠪᠤᠳᠠᠩ ᠬᠥᠪᠰᠥᠯᠵᠡᠵᠦ
ᠳᠤᠯᠠᠭᠠᠨ ᠪᠣᠷᠣᠭ᠎ᠠ ᠰᠢᠪᠡᠷᠡᠭᠡᠰᠦᠲᠡᠢ
ᠤᠷᠲᠤ ᠵᠢᠨ ᠳᠠᠭᠤᠨ ᠤ᠋ ᠰᠢᠷᠤᠩᠬᠠᠢ ᠲᠠᠢ
ᠮᠣᠷᠢᠨ ᠬᠤᠭᠤᠷ ᠤ᠋ᠨ ᠲᠠᠲᠠᠯᠭ᠎ᠠ ᠲᠠᠢ
ᠳᠥᠷᠪᠡᠨ ᠤᠯᠠᠷᠢᠯ ᠢ᠋ᠶ᠋ᠠᠨ ᠲᠣᠭᠣᠷᠢᠭᠠᠳ
ᠳᠦᠭᠦᠷᠡᠩ ᠵᠢᠷᠭᠠᠯ ᠡᠭᠡᠯᠵᠢᠯᠡᠭᠰᠡᠨ
ᠳᠠᠭᠤᠨ ᠳᠤ ᠪᠠᠨ ᠳᠡᠭᠡᠳᠦᠯᠡᠨ ᠳᠠᠭᠤᠯᠠᠮᠠᠷ
ᠳᠤᠲᠠᠭᠤ ᠨᠢ ᠦᠭᠡᠢ ᠨᠤᠲᠤᠭ ᠮᠢᠨᠢ ᠳᠡ
ᠳᠥᠷᠪᠡᠨ ᠤᠯᠠᠷᠢᠯ ᠢ᠋ᠶ᠋ᠠᠨ ᠲᠣᠭᠣᠷᠢᠭᠠᠳ
ᠳᠦᠭᠦᠷᠡᠩ ᠵᠢᠷᠭᠠᠯ ᠡᠭᠡᠯᠵᠢᠯᠡᠭᠰᠡᠨ
ᠳᠠᠭᠤᠨ ᠳᠤ ᠪᠠᠨ ᠳᠡᠭᠡᠳᠦᠯᠡᠨ ᠳᠠᠭᠤᠯᠠᠮᠠᠷ
ᠳᠤᠲᠠᠭᠤ ᠨᠢ ᠦᠭᠡᠢ ᠨᠤᠲᠤᠭ ᠮᠢᠨᠢ ᠳᠡ
ᠦᠰᠦᠭ ᠠᠮᠢᠯᠠᠭᠤᠯᠤᠭᠰᠠᠨ᠄ ᠪᠦᠷᠢᠨᠵᠢᠷᠭᠠᠯ
ᠦᠰᠦᠭ ᠬᠠᠲᠠᠭᠰᠠᠨ ᠨᠢ᠄ ᠪᠦᠷᠢᠨᠵᠢᠷᠭᠠᠯ
ᠬᠢᠨᠠᠭᠴᠢ᠄ ᠡᠩᠬᠡᠮᠡᠨᠳᠦ·ᠣᠤᠠᠬᠣᠩᠬᠤᠸᠠᠷ· ᠵᠢᠨ ᠬᠠᠢ
