ᠨᠠᠢᠷ ᠤ᠋ᠨ ᠰᠥᠩ ᠦ᠋ᠨ ᠢᠷᠥᠭᠡᠯ Найрын сөнгийн ерөөл ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠢᠷ ᠤ᠋ᠨ ᠰᠥᠩ ᠦ᠋ᠨ ᠢᠷᠥᠭᠡᠯ Найрын сөнгийн ерөөл

ᠨᠠᠢᠷ ᠤ᠋ᠨ ᠰᠥᠩ ᠦ᠋ᠨ ᠢᠷᠥᠭᠡᠯ Найрын сөнгийн ерөөл

2024-12-16

520

ᠨᠠᠢᠷ ᠤ᠋ᠨ ᠰᠥᠩ ᠦ᠋ᠨ ᠢᠷᠥᠭᠡᠯ


ᠰᠦᠷ ᠨᠢ ᠪᠠᠳᠠᠷᠠᠭᠰᠠᠨ 
ᠰᠦᠷᠦᠭ ᠠᠳᠤᠭᠤ ᠪᠡᠨ ᠦᠷᠡᠵᠢᠭᠦᠯᠦᠭᠡᠳ 
ᠰᠦᠷᠦᠭ ᠦ᠋ᠨ ᠳᠡᠭᠡᠵᠢ ᠪᠣᠯᠤᠭᠰᠠᠨ 
ᠰᠦᠷᠲᠦ ᠶᠡᠬᠡ ᠭᠡᠭᠦᠦ ᠪᠡᠨ ᠵᠡᠯᠡᠯᠡᠭᠡᠳ 
ᠵᠤᠨ ᠨᠠᠮᠤᠷ ᠤ᠋ᠨ ᠵᠢᠷᠭᠠᠯ ᠳ᠋ᠤ᠌ ᠠᠪᠲᠠᠭᠳᠠᠵᠤ 
ᠵᠤᠳ ᠭᠠᠩ ᠢ᠋ ᠨᠡᠷ᠎ᠡ ᠶ᠋ᠢᠨ ᠲᠡᠳᠦᠢ ᠮᠠᠷᠲᠠᠵᠤ 
ᠵᠤᠭᠠᠴᠠᠨ ᠦᠢᠮᠡᠵᠦ ᠶᠠᠪᠤᠭ᠎ᠠ ᠣᠯᠠᠨ ᠲᠠ ᠪᠦᠭᠦᠳᠡ ᠶ᠋ᠢ 
ᠵᠠᠭᠤᠷ᠎ᠠ ᠬᠣᠭᠣᠷᠣᠨᠳᠣ ᠶ᠋ᠢᠨ ᠭᠠᠵᠠᠷ ᠠ᠋ᠴᠠ 
ᠲᠣᠭᠣᠰᠣ ᠲᠠᠲᠠᠭᠤᠯᠤᠨ ᠮᠣᠷᠢᠯᠠᠭᠠᠳ ᠢᠷᠡᠬᠦ ᠳ᠋ᠦ᠍ ᠨᠢ 
ᠲᠣᠰᠴᠤ ᠭᠠᠷᠤᠨ ᠪᠠᠷᠠᠭᠠᠯᠬᠠᠵᠤ 
ᠲᠣᠭᠲᠠᠵᠤ ᠶᠠᠳᠠᠨ ᠪᠠᠶᠠᠷᠯᠠᠵᠤ 
ᠳᠣᠪᠣ ᠲᠠᠢ ᠦᠭᠡ ᠬᠡᠯᠡᠯᠴᠡᠵᠦ 
ᠵᠦᠭ ᠪᠦᠷᠢ ᠳ᠋ᠦ᠍ ᠨᠢ ᠵᠠᠷᠯᠠᠵᠤ 
ᠵᠦᠢᠯ ᠪᠦᠷᠢ ᠶ᠋ᠢᠨ ᠢᠳᠡᠭᠡ ᠪᠡᠯᠡᠳᠬᠡᠵᠦ 
ᠰᠢᠷᠡᠭᠡ ᠪᠠᠨᠳᠡᠩ ᠤᠳ ᠢ᠋ ᠵᠠᠰᠠᠵᠤ 
ᠰᠢᠮ᠎ᠡ ᠠᠮᠲᠠ ᠲᠠᠢ ᠢᠳᠡᠭᠡᠨ ᠦ᠌ ᠳᠡᠭᠡᠵᠢ ᠶ᠋ᠢ 
ᠰᠢᠩᠭᠡᠨ ᠲᠤᠩᠭᠠᠯᠠᠭ ᠢ᠋ᠶ᠋ᠠᠷ ᠥᠷᠢᠵᠦ 
ᠰᠢᠷᠦᠭᠦᠨ ᠬᠠᠲᠠᠭᠤ ᠪᠠᠷ ᠠᠯᠪᠠᠳᠠᠯ ᠦᠭᠡᠢ ᠳᠤᠭᠠᠷᠠᠯᠠᠵᠤ 
ᠰᠢᠯᠵᠢᠭᠦᠯᠵᠦ ᠠᠯᠭᠠᠰᠠᠯ ᠦᠭᠡᠢ ᠲᠣᠭᠲᠠᠭᠠᠯᠭᠠᠵᠤ 
ᠬᠤᠷᠠᠨ ᠴᠢᠭᠤᠯᠤᠭᠰᠠᠨ ᠪᠦᠬᠦᠨ ᠢ᠋ᠶ᠋ᠡᠷ ᠢ᠋ᠶ᠋ᠡᠨ 
ᠬᠤᠪᠢ ᠬᠤᠪᠢ ᠳᠠᠭᠠᠨ ᠪᠠᠶᠠᠷᠯᠠᠵᠤ 
ᠬᠤᠷᠢᠮᠯᠠᠨ ᠴᠡᠩᠭᠡᠬᠦ ᠠᠢᠷᠠᠭ ᠤ᠋ᠳ  ᠴᠢᠨᠢ 
ᠬᠤᠪᠢᠩ ᠬᠤᠪᠢᠩ ᠢ᠋ᠶ᠋ᠠᠷ ᠰᠥᠩᠨᠡᠵᠦ 
ᠬᠤᠪᠠ ᠶ᠋ᠢᠨ ᠥ ᠶ᠋ᠢᠨ ᠥᠯᠵᠡᠢ ᠪᠦᠷᠢᠳᠦᠭᠰᠡᠨ 
«ᠬᠤᠭᠤᠷ ᠤ᠋ᠨ ᠮᠠᠩᠨᠠᠢ ᠶ᠋ᠢ» ᠡᠬᠢᠯᠡᠵᠦ 
ᠬᠠᠭᠤᠴᠢᠨ «ᠲᠦᠮᠡᠨ ᠦ᠌ ᠡᠬᠢ ᠶ᠋ᠢ» ᠳᠠᠷᠤᠭᠤᠯᠵᠤ 
ᠬᠤᠷᠳᠤᠨ ᠮᠣᠷᠢᠳ ᠨᠢ ᠥᠯᠵᠡᠢ ᠲᠡᠢ ᠭᠡᠵᠦ 
«ᠬᠣᠯᠠᠴᠢ ᠮᠣᠷᠢ ᠶ᠋ᠢ» ᠳᠠᠭᠤᠯᠠᠵᠠᠭᠠᠵᠤ 
ᠠᠳᠤᠭᠤ ᠨᠢ ᠲᠦᠮᠡ ᠬᠦᠷᠴᠦ
ᠠᠢᠷᠠᠭ ᠨᠢ ᠳᠠᠯᠠᠢ ᠪᠣᠯᠵᠤ 
ᠥᠨᠢ ᠪᠠᠲᠤ ᠵᠢᠷᠭᠠᠵᠤ 
ᠥᠯᠵᠡᠢ ᠬᠤᠲᠤᠭ ᠣᠷᠣᠰᠢᠵᠤ 
ᠥᠨᠳᠥᠷ ᠽᠠᠨᠳᠠᠨ ᠰᠥᠩ ᠢ ᠴᠢᠨᠢ 
ᠡᠷᠭᠦᠨ ᠪᠠᠷᠢᠵᠤ ᠲᠠᠯᠪᠢᠬᠤ ᠶ᠋ᠢᠨ 
ᠪᠡᠯᠭᠡ ᠶ᠋ᠢ ᠠᠢᠯᠠᠳᠬᠠᠶ᠎ᠠ᠃ 

Найрын сөнгийн ерөөл


Сүр нь бадарсан 
Сүрэг адуугаа үржүүлээд 
Сүргийн дээж болсон 
Сүрт их гүүгээ зэллээд 
Зун намрын жаргалд автагдаж 
Зуд ганг нэрийн төдий мартаж 
Зугаацан үймж яваа олон та бүгдийг 
Зуур хоорондын газраас 
Тоос татуулан морилоод ирэхэд нь 
Тосож гаран бараалхаж 
Тогтож ядан баярлаж 
Товтой үгээ хэлэлцэж 
Зүг бүрт нь зарлаж 
Зүйл бүрийн идээ бэлтгэж 
Ширээ вандангуудыг засаж 
Шим амттай идээний дээжийг 
Шингэн тунгалгаар өрж 
Ширүүн хатуугаар албадалгүй дугараалж 
Шилжүүлж алгасалгүй тогтоолгож 
Хуран чуулсан бүхнээрээ 
Хувь хувьдаа баярлаж 
Хуримлан цэнгэх айргууды чинь 
Хувин хувингаар сөгнөж 
Хувыай үөийн өлзий бүрдсэн 
«Хуурын магнайг» эхэлж 
Хуучин «Түмний эхийг» даруулж 
Хурдан морьдод нь өлзийтэй гэж 
«Холч морийг» дуулцгааж 
Адуу нь түм хурч 
Айраг нь далай болж 
Өнө бат жаргаж 
Өлзий хутаг оршиж 
Өндөр зандан сөнгий чинь 
Өргөн барьж тавихын Бэлгийг айлтгая.