1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠢ᠋ᠶ᠋ᠡᠷ ᠢ᠋ᠶ᠋ᠡᠨ ᠪᠠᠬᠠᠷᠬᠠᠶ᠎ᠠ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-08-ᠪᠣᠯᠣᠴᠢᠯᠠᠭᠤ

ᠬᠡᠦᠬᠡᠳ ᠢ᠋ᠶ᠋ᠡᠷ ᠢ᠋ᠶ᠋ᠡᠨ ᠪᠠᠬᠠᠷᠬᠠᠶ᠎ᠠ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-08-ᠪᠣᠯᠣᠴᠢᠯᠠᠭᠤ

2023-12-16

495

ᠬᠡᠦᠬᠡᠳ ᠢ᠋ᠶ᠋ᠡᠷ ᠢ᠋ᠶ᠋ᠡᠨ ᠪᠠᠬᠠᠷᠬᠠᠶ᠎ᠠ 

   ᠬᠡᠦᠬᠡᠳ ᠦ᠋ᠨ ᠬᠥᠮᠦᠵᠢᠯ ᠳᠤᠮᠳᠠ ᠬᠡᠦᠬᠡᠳ ᠢ᠋ᠶ᠋ᠡᠨ ᠰᠡᠳᠬᠢᠯ ᠡᠴᠡ ᠪᠡᠨ ᠪᠠᠬᠠᠷᠬᠠᠵᠤ ᠴᠢᠳᠠᠬᠤ ᠪᠣᠯ ᠬᠡᠦᠬᠡᠳ ᠦ᠋ᠨ ᠡᠷᠡᠭᠦᠯ ᠴᠣᠪᠣᠭᠣ ᠦᠰᠦᠨ ᠪᠣᠢᠵᠢᠯᠲᠠ ᠳ᠋ᠤ᠌ ᠲᠤᠩ ᠴᠢᠬᠤᠯᠠ ᠡᠶᠡᠷᠭᠦ ᠨᠥᠯᠥᠭᠡ ᠦᠵᠡᠭᠦᠯᠳᠡᠭ ᠬᠦᠴᠦᠨ ᠪᠣᠯᠬᠤ ᠶ᠋ᠢ ᠭᠡᠷ ᠦ᠋ᠨ ᠠᠬᠠᠮᠠᠳ ᠮᠡᠳᠡᠬᠦ ᠶᠣᠰᠣᠲᠠᠢ᠃
   ᠬᠡᠦᠬᠡᠳ ᠦ᠋ᠨ ᠲᠥᠷᠥᠯᠬᠢ ᠠᠪᠢᠶᠠᠰ ᠪᠤᠶᠤ ᠣᠯᠠᠨ ᠳᠠᠪᠠᠭᠤᠯᠢᠭ ᠲᠠᠯ᠎ᠠ ᠶ᠋ᠢ ᠬᠠᠮᠤᠭ ᠤ᠋ᠨ ᠣᠢᠷ᠎ᠠ ᠳᠣᠲᠣᠨᠣ ᠬᠥᠮᠦᠰ ᠯᠡ ᠬᠡᠨ ᠡᠴᠡ ᠴᠦ᠍ ᠢᠯᠡᠭᠦᠦ ᠣᠢᠯᠠᠭᠠᠬᠤ ᠶᠣᠰᠣᠲᠠᠢ᠃ ᠬᠡᠦᠬᠡᠳ ᠴᠦ᠍ ᠠᠳᠠᠯᠢᠬᠠᠨ ᠲᠣᠮᠣ ᠬᠥᠮᠦᠰ ᠴᠦ᠍ ᠠᠳᠠᠯᠢᠬᠠᠨ ᠥᠪᠡᠷᠰᠡᠳ ᠦ᠋ᠨ ᠭᠡᠷᠡᠯ ᠭᠡᠭᠡ ᠲᠡᠢ ᠳᠠᠪᠠᠭᠤᠯᠢᠭ ᠲᠠᠯ᠎ᠠ ᠪᠠᠨ ᠣᠯᠵᠤ ᠬᠠᠷᠠᠭᠰᠠᠨ ᠦᠶ᠎ᠡ ᠳ᠋ᠦ᠍ ᠪᠡᠶ᠎ᠡ ᠳ᠋ᠦ᠍ ᠪᠡᠨ ᠤᠯᠠᠮ ᠢᠲᠡᠭᠡᠯ ᠳᠦᠭᠦᠷᠡᠩ ᠪᠣᠯᠵᠤ᠂ ᠬᠠᠯᠠᠭᠤᠨ ᠵᠣᠷᠢᠭ ᠢᠳᠡᠪᠬᠢ ᠣᠪᠣᠷ ᠨᠢ ᠤᠯᠠᠮ ᠪᠠᠳᠠᠷᠠᠨ ᠬᠥᠭᠵᠢᠳᠡᠭ᠃ ᠭᠡᠲᠡᠯ᠎ᠡ ᠠᠮᠢᠳᠤᠷᠠᠯ ᠳᠤᠮᠳᠠ ᠣᠯᠠᠩᠬᠢ ᠭᠡᠷ ᠦ᠋ᠨ ᠠᠬᠠᠮᠠᠳ ᠤ᠋ᠨ ᠭᠠᠷᠭᠠᠳᠠᠭ ᠲᠦᠭᠡᠮᠡᠯ ᠠᠯᠳᠠᠭ᠎ᠠ ᠪᠣᠯ ᠥᠷᠥᠭᠡᠯ ᠦ᠋ᠨ ᠬᠡᠦᠬᠡᠳ ᠦ᠋ᠨ ᠳᠠᠪᠠᠭᠤᠯᠢᠭ ᠢ᠋ ᠣᠯᠵᠤ ᠬᠠᠷᠠᠭᠠᠳ ᠥᠪᠡᠷ ᠦ᠋ᠨ ᠬᠡᠦᠬᠡᠳ ᠦ᠋ᠨ ᠢ᠋ᠶ᠋ᠡᠨ ᠳᠤᠲᠠᠭᠳᠠᠯ ᠲᠠᠢ ᠬᠠᠷᠢᠴᠠᠭᠤᠯᠤᠭᠠᠳ᠂ ᠬᠡᠦᠬᠡᠳ ᠦ᠋ᠨ ᠤᠷᠮ᠎ᠠ ᠵᠣᠷᠢᠭ ᠢ᠋ ᠬᠤᠭᠤᠯᠳᠠᠭ᠃ ᠪᠢᠳᠡ ᠪᠣᠳᠣᠵᠤ ᠦᠵᠡᠶ᠎ᠡ ᠯᠡ ᠳᠡ᠂ ᠡᠨᠡ ᠳᠡᠯᠡᠬᠡᠢ ᠳᠡᠭᠡᠷ᠎ᠡ ᠬᠠᠮᠤᠭ ᠤ᠋ᠨ ᠣᠢᠷ᠎ᠠ ᠳᠣᠲᠣᠨᠣ ᠬᠥᠮᠦᠰ ᠮᠠᠨᠢ ᠬᠦᠷᠲᠡᠯ᠎ᠡ ᠨᠠᠳᠠ ᠶ᠋ᠢ ᠲᠣᠭᠣᠬᠤ ᠦᠭᠡᠢ᠂ ᠪᠠᠬᠠᠷᠬᠠᠬᠤ ᠦᠭᠡᠢ ᠪᠠᠢᠪᠠᠯ ᠥᠭᠡᠷ᠎ᠡ ᠬᠥᠮᠦᠨ ᠪᠠᠰᠠ ᠨᠠᠳᠠ ᠪᠠᠷ ᠪᠠᠬᠠᠷᠬᠠᠯ ᠪᠣᠯᠭᠠᠵᠤ ᠳᠡᠢᠯᠦᠨ᠎ᠡ ᠤᠤ? ᠬᠡᠦᠬᠡᠳ ᠲᠤ ᠡᠢᠮᠦᠷᠬᠦ ᠣᠢᠯᠠᠭᠠᠯᠲᠠ ᠰᠡᠳᠬᠢᠴᠡ ᠪᠣᠢ ᠪᠣᠯᠣᠮᠠᠭᠴᠠ ᠥᠪᠡᠷᠰᠡᠳ ᠦ᠋ᠨ ᠠᠵᠢᠯ ᠰᠤᠷᠤᠯᠭ᠎ᠠ ᠳ᠋ᠤ᠌ ᠪᠠᠨ ᠢᠲᠡᠭᠡᠯ ᠵᠣᠷᠢᠭ ᠢ᠋ᠶ᠋ᠠᠨ ᠠᠯᠳᠠᠵᠤ᠂ ᠢᠷᠡᠭᠡᠳᠦᠢ ᠳ᠋ᠦ᠍ ᠪᠡᠨ ᠬᠦᠰᠡᠯ ᠮᠥᠷᠥᠭᠡᠳᠦᠯ ᠦᠭᠡᠢ ᠪᠣᠯᠤᠨ᠎ᠠ᠃ ᠡᠨᠡ ᠪᠣᠯ ᠬᠡᠦᠬᠡᠳ ᠦ᠋ᠨ ᠨᠢᠯᠬ᠎ᠠ ᠣᠶᠤᠨ ᠳ᠋ᠤ᠌ ᠪᠠᠨ ᠣᠯᠬᠤ ᠬᠠᠮᠤᠭ ᠤ᠋ᠨ ᠬᠦᠨᠳᠦ ᠰᠡᠳᠬᠢᠴᠡ ᠶ᠋ᠢᠨ ᠰᠢᠷᠬ᠎ᠠ ᠭᠡᠳᠡᠭ ᠢ᠋ ᠮᠡᠳᠡᠬᠦ ᠬᠡᠷᠡᠭᠲᠡᠢ᠃ ᠰᠤᠷᠤᠯᠭ᠎ᠠ ᠠᠵᠢᠯ ᠳᠡᠭᠡᠷ᠎ᠡ ᠬᠡᠦᠬᠡᠳ ᠪᠦᠬᠦᠨ ᠲᠡᠷᠢᠭᠦᠨ ᠢ᠋ ᠣᠯᠬᠤ ᠪᠣᠯᠤᠮᠵᠢ ᠪᠠᠢᠬᠤ ᠦᠭᠡᠢ᠂ ᠭᠡᠪᠡᠴᠦ ᠬᠡᠦᠬᠡᠳ ᠪᠦᠬᠦᠨ ᠥᠪᠡᠷᠰᠡᠳ ᠦ᠋ᠨ ᠠᠪᠢᠶᠠᠰ ᠴᠢᠳᠠᠯ ᠤ᠋ᠨ ᠬᠡᠪᠴᠢᠶᠡᠨ ᠳ᠋ᠦ᠍ ᠬᠠᠮᠤᠭ ᠤ᠋ᠨ ᠰᠠᠢᠨ ᠪᠦᠲᠦᠮᠵᠢ ᠶ᠋ᠢ ᠪᠦᠲᠦᠭᠡᠬᠦ ᠪᠣᠯᠤᠮᠵᠢ ᠪᠠᠢᠳᠠᠭ᠃ ᠬᠡᠦᠬᠡᠳ ᠡᠨᠡᠬᠦ ᠢᠲᠡᠭᠡᠯ ᠵᠣᠷᠢᠭ ᠢ᠋ ᠭᠡᠷ ᠦ᠋ᠨ ᠠᠬᠠᠮᠠᠳ ᠤ᠋ᠨ ᠢ᠋ᠶ᠋ᠠᠨ ᠡᠩᠬᠦᠷᠡᠢ ᠳᠤᠯᠠᠭᠠᠨ ᠢᠲᠡᠭᠡᠯ ᠦ᠋ᠨ ᠬᠠᠷᠠᠴᠠ᠂ ᠦᠨᠡᠨᠴᠢ ᠭᠣᠣᠯᠴᠢ ᠦᠨᠡᠯᠡᠯᠲᠡ ᠵᠣᠷᠢᠭᠵᠢᠭᠤᠯᠤᠯ ᠠ᠋ᠴᠠ ᠣᠯᠳᠠᠭ᠃ ᠬᠡᠦᠬᠡᠳ ᠦ᠋ᠨ ᠲᠥᠷᠥᠯᠬᠢ ᠵᠥᠷᠢᠶ᠎ᠡ ᠣᠯᠠᠨ ᠲᠠᠯ᠎ᠠ ᠪᠠᠷ ᠢᠯᠡᠷᠡᠵᠦ ᠪᠠᠢᠳᠠᠭ ᠪᠥᠭᠡᠳ ᠳᠤᠷ᠎ᠠ ᠰᠣᠨᠢᠷᠬᠠᠯ ᠠᠪᠢᠶᠠᠰ ᠠᠳᠠᠯᠢ ᠪᠤᠰᠤ ᠪᠠᠢᠳᠠᠭ ᠠ᠋ᠴᠠ ᠭᠠᠳᠠᠨ᠎ᠠ ᠰᠡᠳᠬᠢᠴᠡ ᠶ᠋ᠢᠨ ᠣᠨᠴᠠᠯᠢᠭ ᠪᠠᠰᠠ ᠠᠳᠠᠯᠢ ᠪᠤᠰᠤ ᠪᠣᠯᠬᠣᠷ ᠠᠵᠢᠯᠯᠠᠵᠤ ᠰᠤᠷᠤᠯᠴᠠᠬᠤ ᠤᠷᠮ᠎ᠠ ᠰᠡᠳᠬᠢᠯᠭᠡᠨ᠂ ᠠᠷᠭ᠎ᠠ ᠠᠪᠴᠠᠯ᠂ ᠰᠠᠷᠠᠯ ᠤ᠋ᠨ ᠲᠤᠰᠬᠠᠯ ᠳ᠋ᠤ᠌ ᠬᠤᠷᠴᠠ ᠰᠡᠷᠭᠡᠭ ᠬᠤᠷᠳᠤᠨ ᠤᠳᠠᠭᠠᠯᠢᠭ ᠤ᠋ᠨ ᠵᠥᠷᠢᠶ᠎ᠡ ᠲᠡᠢ ᠪᠠᠢᠳᠠᠭ ᠢ᠋ ᠭᠡᠷ ᠦ᠋ᠨ ᠠᠬᠠᠮᠠᠳ ᠮᠡᠳᠡᠬᠦ ᠬᠡᠷᠡᠭᠲᠡᠢ᠃ ᠲᠡᠢᠮᠦ ᠡᠴᠡ ᠬᠡᠦᠬᠡᠳ ᠢ᠋ᠶ᠋ᠡᠨ ᠪᠤᠰᠤᠳ ᠤ᠋ᠨ ᠬᠡᠦᠬᠡᠳ ᠲᠡᠢ ᠬᠡᠲᠦᠷᠬᠡᠢ ᠠᠳᠠᠯᠢᠳᠬᠠᠵᠤ ᠳᠠᠷᠤᠭᠠᠰᠤ ᠥᠭᠬᠦ ᠡᠴᠡ ᠪᠡᠨ ᠢᠯᠡᠭᠦᠦ ᠬᠡᠦᠬᠡᠳ ᠦ᠋ᠨ ᠢ᠋ᠶ᠋ᠡᠨ ᠥᠩᠭᠡᠷᠡᠭᠰᠡᠨ ᠲᠡᠢ ᠨᠢ ᠠᠳᠠᠯᠢᠳᠬᠠᠵᠤ᠂ ᠬᠤᠪᠢᠷᠠᠯᠲᠠ ᠳᠡᠪᠰᠢᠯᠲᠡ ᠶ᠋ᠢ ᠨᠢ ᠮᠠᠭᠲᠠᠵᠤ ᠪᠠᠢᠪᠠᠯ ᠬᠡᠦᠬᠡᠳ ᠲᠤ ᠪᠡᠨ ᠤᠷᠮ᠎ᠠ ᠢᠲᠡᠭᠡᠯ ᠥᠭᠴᠦ ᠴᠢᠳᠠᠨ᠎ᠠ ᠰᠢᠦ᠃
   ᠮᠠᠨ ᠤ᠋ ᠬᠡᠦᠬᠡᠳ ᠦ᠋ᠳ ᠰᠠᠶᠢ ᠴᠡᠴᠡᠷᠯᠢᠭ ᠲᠤ ᠣᠷᠣᠬᠤ ᠦᠶᠡᠰ ᠨᠢᠭᠡᠨ ᠨᠢᠭᠡᠨ ᠡᠴᠡ ᠪᠡᠨ ᠢᠯᠡᠭᠦᠦ ᠴᠣᠪᠣᠭᠣ ᠳᠡᠭᠵᠢᠨ ᠰᠡᠴᠡᠨ ᠰᠡᠷᠭᠦᠯᠡᠩ ᠪᠠᠢᠳᠠᠭ ᠤ᠋ᠨ ᠨᠢᠭᠤᠴᠠ ᠨᠢ ᠲᠡᠷᠡ ᠦᠶ᠎ᠡ ᠳ᠋ᠦ᠍ ᠭᠡᠷ ᠦ᠋ᠨ ᠠᠬᠠᠮᠠᠳ ᠪᠦᠬᠦᠨ ᠬᠡᠦᠬᠡᠳ ᠦ᠋ᠨ ᠢ᠋ᠶ᠋ᠡᠨ ᠡᠳᠦᠷ ᠪᠦᠷᠢ ᠰᠤᠷᠴᠤ ᠢᠷᠡᠭᠰᠡᠨ ᠪᠠᠳᠠᠭ ᠳᠠᠭᠤᠤ ᠰᠢᠯᠦᠭ᠂ ᠪᠥᠵᠢᠭ ᠦ᠋ᠨ ᠭᠠᠭᠴᠠ ᠬᠥᠳᠡᠯᠭᠡᠭᠡᠨ ᠳ᠋ᠦ᠍ ᠨᠢ ᠬᠦᠷᠲᠡᠯ᠎ᠡ ᠰᠡᠳᠬᠢᠯ ᠳᠣᠭᠳᠣᠯᠤᠨ ᠪᠠᠬᠠᠷᠬᠠᠨ ᠰᠣᠨᠢᠷᠬᠠᠵᠤ᠂ ᠠᠯᠠᠭ᠎ᠠ ᠲᠡᠰᠢᠨ ᠤᠷᠮ᠎ᠠ ᠬᠠᠢᠷᠠᠯᠠᠳᠠᠭ ᠠ᠋ᠴᠠ ᠪᠣᠯᠤᠭᠰᠠᠨ᠃ ᠪᠠᠭ᠎ᠠ ᠰᠤᠷᠭᠠᠭᠤᠯᠢ ᠳ᠋ᠤ᠌ ᠣᠷᠣᠭᠰᠠᠨ ᠠ᠋ᠴᠠ ᠬᠣᠢᠰᠢ ᠣᠯᠠᠩᠬᠢ ᠭᠡᠷ ᠦ᠋ᠨ ᠠᠬᠠᠮᠠᠳ ᠡᠨᠡᠬᠦ ᠲᠡᠪᠴᠢᠶᠡᠷᠢ ᠪᠡᠨ ᠠᠯᠳᠠᠵᠤ᠂ ᠬᠡᠦᠬᠡᠳ ᠲᠤ ᠪᠡᠨ ᠰᠠᠢᠨ ᠰᠤᠷ ᠬᠡᠮᠡᠬᠦ ᠵᠠᠷᠯᠢᠭ ᠵᠢᠭᠠᠪᠤᠷᠢ ᠪᠠᠭᠤᠯᠭᠠᠵᠤ᠂ ᠰᠢᠯᠭᠠᠯᠲᠠ ᠶ᠋ᠢᠨ ᠬᠢᠷᠢ ᠪᠦᠲᠦᠮᠵᠢ ᠶ᠋ᠢᠨ ᠬᠦᠰᠦᠨᠦᠭᠲᠦ ᠪᠠᠭᠤᠬᠤ ᠶ᠋ᠢ ᠬᠦᠯᠢᠶᠡᠳᠡᠭ᠃ ᠵᠠᠷᠢᠮ ᠨᠢ ᠬᠡᠦᠬᠡᠳ ᠲᠡᠢ ᠪᠡᠨ ᠮᠠᠢᠮᠠᠢ ᠬᠢᠳᠡᠭ᠂ ᠰᠠᠢᠨ ᠰᠢᠯᠭᠠᠪᠠᠯ ᠶᠠᠭᠤ ᠶᠠᠭᠤ ᠠᠪᠴᠤ ᠥᠭᠭᠦᠶ᠎ᠡ ᠭᠡᠮᠡᠨ ᠶᠡᠬᠡ ᠦᠭᠡ ᠬᠡᠯᠡᠭᠡᠳ ᠬᠡᠦᠬᠡᠳ ᠦᠨᠡᠬᠡᠷ ᠲᠡᠷᠡ ᠦᠭᠡ ᠶ᠋ᠢ ᠨᠢ ᠢᠲᠡᠭᠡᠵᠦ ᠦᠬᠦᠨ ᠴᠢᠷᠮᠠᠢᠵᠤ ᠪᠠᠢᠭᠠᠳ ᠰᠠᠢᠨ ᠪᠦᠲᠦᠮᠵᠢ ᠣᠯᠬᠤ ᠳ᠋ᠤ᠌ ᠬᠡᠯᠡᠭᠰᠡᠨ ᠳ᠋ᠦ᠍ ᠪᠡᠨ ᠬᠦᠷᠬᠦ ᠦᠭᠡᠢ ᠬᠡᠦᠬᠡᠳ ᠲᠤ ᠪᠡᠨ ᠢᠲᠡᠭᠡᠯ ᠠᠯᠳᠠᠳᠠᠭ᠃ ᠡᠨᠡᠬᠦ ᠠᠷᠭ᠎ᠠ ᠠᠪᠴᠠᠯ ᠲᠤᠩ ᠮᠠᠭᠤ᠂ ᠠᠪᠤ ᠡᠵᠢ ᠬᠦᠷᠲᠡᠯ᠎ᠡ ᠢᠲᠡᠭᠡᠮᠵᠢ ᠦᠭᠡᠢ ᠪᠣᠯᠪᠠᠯ ᠡᠨᠡ ᠳᠡᠯᠡᠬᠡᠢ ᠳ᠋ᠦ᠍ ᠢᠲᠡᠭᠡᠵᠦ ᠪᠣᠯᠬᠤ ᠬᠥᠮᠦᠨ ᠪᠠᠢᠨ᠎ᠠ ᠤᠤ! ᠳᠠᠬᠢᠪᠠᠯ ᠬᠡᠦᠬᠡᠳ ᠳᠤᠷ᠎ᠠ ᠰᠣᠨᠢᠷᠬᠠᠯ ᠳ᠋ᠤ᠌ ᠪᠠᠨ ᠬᠥᠲᠥᠯᠦᠭᠳᠡᠵᠦ ᠤᠷᠮᠠᠲᠠᠢ ᠪᠠᠬᠠᠲᠠᠢ ᠰᠤᠷᠤᠭᠰᠠᠨ ᠪᠢᠰᠢ᠂ ᠠᠰᠢᠭ ᠮᠥᠩᠭᠥᠨ ᠦ᠌ ᠲᠥᠯᠥᠭᠡ ᠲᠠᠨ ᠲᠠᠢ ᠮᠠᠢᠮᠠᠢ ᠬᠢᠭᠰᠡᠨ ᠶᠠᠪᠤᠳᠠᠯ᠃ ᠵᠠ ᠲᠡᠭᠡᠪᠡᠯ ᠡᠭᠦᠨ ᠡᠴᠡ ᠥᠭᠡᠷ᠎ᠡ ᠶᠠᠩᠵᠤ ᠶ᠋ᠢᠨ ᠠᠷᠭ᠎ᠠ ᠠᠪᠲᠠᠯ ᠭᠡᠪᠡᠯ ᠰᠢᠯᠭᠠᠯᠲᠠ ᠶ᠋ᠢᠨ ᠬᠢᠷᠢ ᠪᠦᠲᠦᠮᠵᠢ ᠶ᠋ᠢᠨ ᠬᠦᠰᠦᠨᠦᠭᠲᠦ ᠳᠡᠭᠡᠷ᠎ᠡ ᠬᠡᠦᠬᠡᠳ ᠦ᠋ᠨ ᠨᠡᠷ᠎ᠡ ᠡᠮᠦᠨ᠎ᠡ ᠵᠢᠭᠰᠠᠭᠠᠭᠳᠠᠭᠰᠠᠨ ᠪᠣᠯ ᠮᠠᠭᠲᠠᠵᠤ᠂ᠬᠣᠢᠨ᠎ᠠ ᠣᠷᠣᠭᠰᠠᠨ ᠪᠣᠯ《ᠬᠡᠨ ᠬᠡᠨ ᠦ᠌ ᠬᠡᠦᠬᠡᠳ ᠢ᠋ ᠦᠵᠡ᠂ ᠴᠢ ᠶᠠᠭᠠᠬᠢᠭᠠᠳ ᠲᠡᠭᠦᠨ ᠲᠡᠢ ᠠᠳᠠᠯᠢ ᠰᠤᠷᠴᠤ ᠳᠡᠢᠯᠬᠦ ᠦᠭᠡᠢ ᠪᠣᠢ?》᠂《ᠴᠢ ᠶᠠᠭᠠᠬᠢᠭᠠᠳ ᠡᠢᠮᠦ ᠪᠢᠳᠠᠭᠤ ᠲᠥᠷᠥᠭᠰᠡᠨ ᠪᠣᠢ?》 ᠭᠡᠬᠦ ᠮᠡᠲᠦ ᠪᠡᠷ ᠬᠡᠦᠬᠡᠳ ᠢ᠋ᠶ᠋ᠡᠨ ᠮᠠᠭᠤᠯᠠᠵᠤ᠂ ᠬᠡᠦᠬᠡᠳ ᠦ᠋ᠨ ᠠᠯᠢᠪᠠ ᠴᠢᠷᠮᠠᠢᠯᠭ᠎ᠠ ᠶ᠋ᠢ ᠦᠭᠡᠢᠰᠬᠡᠵᠦ ᠡᠬᠢᠯᠡᠳᠡᠭ᠃ ᠲᠡᠭᠡᠬᠦ ᠳ᠋ᠦ᠍ ᠬᠠᠭᠤᠴᠢ ᠦᠭᠡᠨ ᠳ᠋ᠦ᠍《ᠦᠭᠡ ᠪᠡᠷ ᠴᠣᠬᠢᠬᠤ ᠪᠠᠷ ᠰᠦᠬᠡ ᠪᠡᠷ ᠴᠣᠬᠢ》᠂《ᠤᠷᠮ᠎ᠠ ᠶ᠋ᠢ ᠨᠢ ᠬᠤᠭᠤᠯᠬᠤ ᠪᠠᠷ ᠤᠭᠤᠴᠠ ᠶ᠋ᠢ ᠨᠢ ᠬᠤᠭᠤᠯ》 ᠭᠡᠬᠦ ᠮᠡᠲᠦ ᠭᠦᠨ ᠤᠬᠠᠭᠠᠨ ᠤ᠋ ᠦᠭᠡ ᠤᠷᠭᠤᠭᠰᠠᠨ ᠪᠠᠢᠳᠠᠭ᠃ ᠬᠡᠦᠬᠡᠳ ᠦ᠋ᠨ ᠬᠥᠮᠦᠵᠢᠯ ᠳ᠋ᠦ᠍ ᠤᠷᠮᠠᠰᠢᠭᠤᠯᠤᠯ ᠵᠣᠷᠢᠭᠵᠢᠭᠤᠯᠤᠯ ᠳᠤᠲᠠᠭᠳᠠᠭᠰᠠᠨ ᠠ᠋ᠴᠠ ᠰᠤᠷᠬᠤ ᠳ᠋ᠤ᠌ ᠰᠦᠷᠳᠡᠬᠦ᠂ ᠬᠥᠮᠦᠨ ᠦ᠌ ᠬᠠᠷᠢᠴᠠᠭᠠᠨ ᠠ᠋ᠴᠠ ᠰᠦᠷᠳᠡᠬᠦ᠂ ᠠᠵᠢᠯ ᠠ᠋ᠴᠠ ᠰᠦᠷᠳᠡᠬᠦ᠂ᠨᠡᠢᠭᠡᠮ ᠦ᠋ᠨ ᠬᠠᠷᠢᠯᠴᠠᠭᠠᠨ ᠠ᠋ᠴᠠ ᠰᠦᠷᠳᠡᠬᠦ ᠮᠡᠲᠦ ᠰᠡᠳᠬᠢᠴᠡ ᠶ᠋ᠢᠨ ᠭᠡᠮ ᠣᠯᠠᠰᠢᠷᠠᠵᠤ᠂ ᠬᠡᠦᠬᠡᠳ ᠦ᠋ᠨ ᠣᠮᠣᠭ ᠵᠣᠷᠢᠭ ᠴᠣᠭ ᠰᠦᠯᠳᠡ ᠪᠠᠭᠤᠷᠠᠵᠤ᠂ ᠠᠵᠢᠯ ᠰᠤᠷᠤᠯᠭ᠎ᠠ ᠳ᠋ᠤ᠌ ᠰᠢᠭᠤᠷᠬᠠᠢ ᠬᠠᠨᠳᠤᠬᠤ ᠵᠠᠩ ᠠᠷᠠᠨᠰᠢᠨ ᠠᠨᠠᠢ ᠪᠣᠯᠵᠠᠢ᠃《ᠰᠠᠢᠨ ᠬᠡᠦᠬᠡᠳ ᠢ᠋ ᠮᠠᠭᠲᠠᠵᠤ ᠪᠠᠢᠭᠠᠳ ᠭᠠᠷᠭᠠᠳᠠᠭ》 ᠶᠤᠮ᠃ ᠮᠠᠨ ᠤ᠋ ᠠᠷᠠᠳ ᠤ᠋ᠨ ᠰᠣᠶᠣᠯ ᠵᠠᠩᠰᠢᠯ ᠳ᠋ᠤ᠌ ᠶᠠᠮᠠᠷ ᠴᠤ᠌ ᠬᠥᠮᠦᠨ ᠢ᠋ ᠶᠠᠭᠤ ᠬᠢᠵᠦ ᠪᠠᠢᠭᠰᠠᠨ ᠴᠤ᠌ ᠦᠵᠡᠭᠰᠡᠨ ᠭᠠᠵᠠᠷ ᠨᠢ ᠢᠷᠦᠭᠡᠯ ᠬᠠᠢᠷᠠᠯᠠᠵᠤ ᠤᠷᠮ᠎ᠠ ᠵᠣᠷᠢᠭ ᠥᠭᠳᠡᠭ᠃ ᠠᠢᠯ ᠳ᠋ᠤ᠌ ᠣᠷᠣᠬᠤ ᠳ᠋ᠤ᠌ ᠬᠤᠷᠤᠳ ᠬᠢᠵᠦ ᠪᠠᠢᠭ᠎ᠠ ᠪᠦᠰᠡᠭᠦᠢ ᠶ᠋ᠢ ᠬᠤᠷᠤᠳ ᠴᠢᠨᠢ ᠰᠠᠢᠬᠠᠨ ᠪᠣᠯᠤᠭ ᠭᠡᠵᠦ᠂ ᠨᠣᠮ ᠤᠩᠰᠢᠵᠤ ᠪᠠᠢᠭᠰᠠᠨ ᠬᠡᠦᠬᠡᠳ ᠢ᠋ ᠡᠷᠳᠡᠮ ᠤᠬᠠᠭᠠᠨ ᠲᠠᠢ ᠬᠡᠦᠬᠡᠳ ᠪᠣᠯᠤᠭᠠᠷᠠᠢ᠂ ᠶᠠᠭᠤᠮ᠎ᠠ ᠣᠶᠣᠵᠤ ᠪᠠᠢᠭᠰᠠᠨ ᠥᠬᠢᠳ ᠢ᠋ ᠤᠷᠠᠨ ᠪᠣᠯᠤᠭᠠᠷᠠᠢ᠂ ᠵᠠᠮ ᠶᠠᠪᠤᠬᠤ ᠬᠥᠮᠦᠨ ᠳ᠋ᠦ᠍ ᠵᠠᠮ ᠮᠥᠷ ᠲᠦ᠍ ᠪᠡᠨ ᠥᠯᠵᠡᠢᠲᠡᠢ ᠶᠠᠪᠤᠭᠠᠷᠠᠢ ᠭᠡᠮᠡᠨ ᠠᠮᠠᠨ ᠪᠡᠯᠭᠡ ᠪᠡᠨ ᠬᠠᠢᠷᠠᠯᠠᠵᠤ ᠪᠠᠢᠳᠠᠭ᠃ ᠪᠢᠳᠡ ᠴᠢᠨᠢ ᠡᠢᠮᠦ ᠯᠡ ᠢᠷᠦᠭᠡᠯᠴᠢ ᠰᠣᠶᠣᠯᠲᠠᠨ ᠪᠠᠢᠭᠰᠠᠨ᠂ ᠡᠨᠡ ᠪᠣᠯ ᠮᠠᠯᠵᠢᠬᠤ ᠰᠣᠶᠣᠯ ᠤ᠋ᠨ ᠭᠠᠢᠬᠠᠮᠰᠢᠭ᠂ ᠡᠢᠮᠦ ᠡᠴᠡ ᠬᠡᠦᠬᠡᠳ ᠲᠦ᠍ ᠪᠡᠨ ᠢᠯᠡᠭᠦᠬᠡᠨ ᠮᠠᠭᠲᠠᠭᠠᠯ ᠢᠷᠦᠭᠡᠯ ᠬᠠᠢᠷᠠᠯᠠᠵᠤ ᠳᠤᠲᠠᠭᠤ ᠠᠭᠤᠷᠯᠠᠨ ᠵᠠᠩᠳᠤᠷᠴᠤ ᠤᠷᠮ᠎ᠠ ᠶ᠋ᠢ ᠨᠢ ᠬᠤᠭᠤᠯᠵᠤ ᠪᠠᠢᠶ᠎ᠠ᠃ ᠪᠠᠭ᠎ᠠ ᠨᠠᠰᠤᠨ ᠤ᠋ ᠬᠡᠦᠬᠡᠳ ᠢ᠋ ᠪᠣᠯ ᠰᠢᠭᠤᠳ ᠮᠠᠭᠲᠠᠨ᠎ᠠ᠂ ᠲᠣᠮᠣ ᠬᠡᠦᠬᠡᠳ ᠢ᠋ ᠪᠣᠯ ᠬᠡᠯᠡᠭᠰᠡᠨ ᠬᠢᠭᠰᠡᠨ ᠤᠴᠢᠷ ᠢ᠋ᠶ᠋ᠠᠷ ᠨᠢ ᠪᠠᠷᠢᠮᠲᠠ ᠲᠠᠢ ᠮᠠᠭᠲᠠᠵᠤ ᠪᠠᠢᠪᠠᠯ ᠬᠡᠦᠬᠡᠳ ᠦ᠋ᠨ ᠰᠡᠳᠬᠢᠯ ᠳ᠋ᠦ᠍ ᠨᠠᠷᠠ ᠤᠷᠭᠤᠭᠤᠯᠤᠭᠰᠠᠨ ᠲᠠᠢ ᠠᠳᠠᠯᠢ ᠰᠢᠦ᠃ ᠡᠭᠦᠨ ᠳ᠋ᠦ᠍ ᠮᠠᠯᠵᠢᠬᠤ ᠲᠠᠷᠢᠶᠠᠯᠠᠬᠤ ᠭᠡᠭᠴᠢ ᠠᠳᠠᠯᠢ ᠪᠤᠰᠤ ᠰᠣᠶᠣᠯ ᠠ᠋ᠴᠠ ᠪᠣᠯᠤᠭᠰᠠᠨ ᠤᠳᠤᠮ ᠴᠢᠰᠤᠨ ᠤ᠋ ᠵᠥᠷᠢᠶ᠎ᠡ ᠪᠠᠢᠳᠠᠭ᠃ ᠮᠣᠩᠭᠣᠯ ᠬᠡᠦᠬᠡᠳ ᠢ᠋ ᠰᠠᠢᠨ ᠢ᠋ ᠨᠢ ᠮᠠᠭᠲᠠᠵᠤ ᠤᠷᠮ᠎ᠠ ᠬᠠᠢᠷᠠᠯᠠᠨ ᠢᠷᠦᠭᠡᠬᠦ ᠳᠣᠳᠣᠮ ᠤᠯᠠᠮ ᠴᠣᠭ ᠰᠦᠯᠳᠡ ᠲᠡᠢ ᠪᠣᠯᠵᠤ᠂ ᠬᠥᠮᠦᠨ ᠦ᠌ ᠬᠠᠢᠷ᠎ᠠ ᠬᠠᠯᠠᠮᠵᠢ ᠶ᠋ᠢ ᠮᠡᠳᠡᠷᠡᠳᠡᠭ ᠦᠷᠦ ᠵᠥᠭᠡᠯᠡᠨ ᠬᠥᠮᠦᠯᠢᠭ ᠵᠠᠩ ᠠᠷᠠᠨᠰᠢᠨ ᠲᠥᠯᠥᠪᠰᠢᠨ᠎ᠡ᠂ ᠡᠭᠦᠨ ᠦ᠌ ᠡᠰᠡᠷᠭᠦ ᠪᠡᠷ ᠡᠳᠦᠷᠵᠢᠨ ᠮᠠᠭᠤ ᠶ᠋ᠢ ᠨᠢ ᠮᠠᠯᠲᠠᠵᠤ ᠡᠳᠦᠷᠵᠢᠨ ᠬᠡᠯᠡᠵᠦ ᠵᠠᠩᠨᠠᠬᠤ ᠳ᠋ᠤ᠌ ᠬᠦᠷᠪᠡᠯ ᠵᠥᠷᠢᠭᠦᠳ ᠥᠰᠢᠮᠡᠲᠡᠭᠡᠢ ᠰᠠᠷᠠᠯ ᠢ᠋ ᠨᠢ ᠬᠥᠨᠳᠡᠵᠦ᠂ ᠬᠠᠷᠢᠶᠠᠬᠤ ᠳᠣᠳᠣᠮ ᠬᠡᠳᠡᠷ ᠳᠣᠭᠰᠢᠨ ᠵᠠᠩ ᠲᠠᠢ ᠪᠣᠯᠵᠤ᠂ ᠴᠢᠨᠣ᠎ᠠ ᠪᠣᠯᠭᠠᠯ᠎ᠠ ᠭᠡᠰᠡᠨ ᠦᠭᠡ᠃ ᠡᠨᠡ ᠪᠣᠯ ᠴᠢᠰᠤ ᠶᠠᠰᠤᠨ ᠳ᠋ᠤ᠌ ᠨᠢ ᠪᠠᠢᠭ᠎ᠠ ᠭᠧᠨ ᠲᠡᠢ ᠬᠣᠯᠪᠣᠭ᠎ᠠ ᠲᠠᠢ ᠠᠷᠠᠨᠰᠢᠨ᠃ ᠳᠡᠭᠡᠳᠦ ᠲᠩᠷᠢ ᠡᠴᠡ ᠡᠰᠢ ᠲᠡᠢ ᠮᠣᠩᠭᠣᠯᠴᠤᠳ ᠪᠢᠳᠡ ᠴᠢᠨᠢ ᠶᠠᠰᠤ ᠪᠠᠨ ᠬᠤᠭᠤᠯᠬᠤ ᠠ᠋ᠴᠠ ᠪᠢᠰᠢ ᠨᠡᠷ᠎ᠡ ᠪᠡᠨ ᠬᠤᠭᠤᠯᠳᠠᠭ ᠦᠭᠡᠢ ᠡᠷᠬᠢᠮᠰᠦᠭ ᠰᠣᠶᠣᠯᠲᠠᠨ ᠭᠡᠳᠡᠭ ᠢ᠋ᠶ᠋ᠡᠨ ᠮᠠᠷᠲᠠᠵᠤ ᠪᠣᠯᠬᠤ ᠦᠭᠡᠢ᠃
ᠲᠡᠭᠡᠬᠦ ᠪᠡᠷ ᠮᠣᠩᠭᠣᠯ ᠬᠡᠦᠬᠡᠳ ᠲᠦ᠍ ᠪᠡᠨ ᠮᠣᠩᠭᠣᠯ ᠰᠡᠳᠬᠢᠴᠡ ᠪᠡᠷ ᠬᠠᠨᠳᠤᠵᠤ ᠪᠠᠢᠬᠤ ᠶ᠋ᠢ ᠡᠴᠢᠭᠡ ᠡᠬᠡᠴᠦᠦᠯ ᠮᠠᠨᠢ ᠰᠠᠨᠠᠵᠤ ᠪᠠᠢᠭᠠᠷᠠᠢ᠃ ᠡᠨᠡᠬᠦ ᠰᠣᠶᠣᠯ ᠰᠡᠳᠬᠢᠴᠡ ᠶᠠᠮᠠᠷᠬᠠᠨ ᠵᠥᠷᠢᠶ᠎ᠡ ᠲᠡᠢ ᠭᠡᠳᠡᠭ ᠢ᠋ ᠬᠡᠦᠬᠡᠳ ᠦ᠋ᠨ ᠬᠥᠮᠦᠵᠢᠯ ᠳ᠋ᠦ᠍ ᠪᠢᠲᠡᠭᠡᠢ ᠬᠡᠯᠡ᠂ ᠡᠳ᠋ᠯᠡᠭᠰᠡᠨ ᠮᠠᠯ ᠠᠳᠤᠭᠤᠰᠤᠨ ᠳᠡᠭᠡᠷ᠎ᠡ ᠴᠦ᠍ ᠢᠯᠡ ᠲᠣᠳᠣ ᠢᠯᠭᠠᠷᠠᠨ᠎ᠠ᠂ ᠮᠠᠯᠴᠢᠨ ᠬᠥᠮᠦᠨ ᠦ᠌ ᠭᠠᠷᠰᠢᠭᠤᠯᠤᠭᠰᠠᠨ ᠮᠣᠷᠢ ᠡᠵᠡᠨ ᠨᠢ ᠮᠣᠷᠳᠠᠭᠠᠳ ᠭᠠᠷᠬᠤ ᠳ᠋ᠤ᠌ ᠴᠢᠬᠢ ᠰᠡᠷᠲᠡᠯᠵᠡᠭᠦᠯᠦᠨ ᠠᠮᠠᠭᠠᠢ ᠪᠤᠯᠢᠶᠠᠯᠳᠤᠨ ᠡᠵᠡᠨ ᠮᠣᠷᠢ ᠲᠠᠢ ᠪᠠᠨ ᠬᠡᠢᠮᠣᠷᠢ ᠰᠦᠯᠳᠡ ᠲᠡᠢ ᠪᠠᠢᠬᠤ ᠳ᠋ᠤ᠌᠂ ᠲᠠᠷᠢᠶᠠᠴᠢᠨ ᠤ᠋ ᠭᠠᠷ ᠲᠤ᠌ ᠡᠳ᠋ᠯᠡᠭᠳᠡᠭᠰᠡᠨ ᠮᠣᠷᠢ ᠴᠢᠬᠢ ᠯᠠᠪᠲᠠᠢᠯᠭᠠᠨ᠂ ᠲᠣᠯᠣᠭᠠᠢ ᠤᠨᠵᠢᠭᠤᠯᠤᠨ᠂ ᠲᠠᠰᠢᠭᠤᠷ ᠤ᠋ᠨ ᠲᠣᠭᠠᠯᠠᠩ ᠢ᠋ᠶ᠋ᠠᠷ ᠬᠠᠱᠠᠩᠨᠠᠵᠤ ᠶᠠᠪᠤᠬᠤ ᠨᠢ ᠬᠠᠷᠠᠭᠳᠠᠨ᠎ᠠ᠃ ᠮᠠᠯ ᠠᠳᠤᠭᠤᠰᠤ ᠶ᠋ᠢ ᠴᠤ᠌ ᠬᠥᠮᠦᠨ ᠦ᠌ ᠰᠠᠨᠠᠭ᠎ᠠ ᠶ᠋ᠢ ᠣᠢᠯᠠᠭᠠᠮ᠎ᠠ ᠬᠥᠮᠦᠯᠢᠭ ᠭᠠᠷᠰᠢᠭᠤᠯᠵᠤ᠂ ᠬᠡᠦᠬᠡᠳ ᠢ᠋ᠶ᠋ᠡᠨ ᠪᠣᠯ ᠲᠩᠷᠢᠯᠢᠭ ᠬᠡᠢᠮᠣᠷᠢ ᠲᠠᠢ ᠬᠥᠮᠦᠵᠢᠭᠦᠯᠳᠡᠭ ᠨᠢ ᠮᠠᠯᠵᠢᠬᠤ ᠰᠣᠶᠣᠯ ᠤ᠋ᠨ ᠭᠠᠢᠬᠠᠮᠰᠢᠭ ᠭᠡᠳᠡᠭ ᠢ᠋ᠶ᠋ᠡᠨ ᠮᠠᠷᠲᠠᠵᠤ ᠦᠯᠦ ᠪᠣᠯᠤᠨᠠᠮ᠃
   ᠬᠡᠦᠬᠡᠳ ᠦ᠋ᠨ ᠰᠡᠳᠬᠢᠯ ᠳ᠋ᠦ᠍ ᠤᠷᠭᠤᠵᠤ ᠪᠠᠢᠭ᠎ᠠ ᠬᠦᠰᠡᠯ ᠮᠥᠷᠥᠭᠡᠳᠦᠯ ᠪᠦᠬᠦᠨ ᠢ᠋ ᠨᠢ ᠵᠥᠪ ᠬᠥᠲᠥᠯᠵᠦ ᠳᠠᠭᠠᠭᠤᠯᠬᠤ ᠪᠣᠯ ᠬᠡᠦᠬᠡᠳ ᠢ᠋ᠶ᠋ᠡᠨ ᠪᠠᠬᠠᠷᠬᠠᠵᠤ ᠴᠢᠳᠠᠭᠰᠠᠨ ᠤ᠋ ᠪᠣᠳᠠᠲᠤ ᠢᠯᠡᠷᠡᠯ ᠪᠠᠢᠭ᠎ᠠ ᠶᠤᠮ᠃ ᠣᠯᠠᠩᠬᠢ ᠭᠡᠷ ᠦ᠋ᠨ ᠠᠬᠠᠮᠠᠳ ᠬᠡᠦᠬᠡᠳ ᠦ᠋ᠨ ᠭᠡᠨᠡᠨ ᠴᠠᠢᠯᠭᠠᠨ ᠰᠡᠳᠬᠢᠯ ᠡᠴᠡ ᠤᠷᠭᠤᠭᠰᠠᠨ《ᠪᠢ ᠶᠡᠬᠡ ᠪᠣᠯᠪᠠᠯ ᠶᠠᠮᠠᠷ ᠶᠠᠮᠠᠷ ᠬᠥᠮᠦᠨ ᠪᠣᠯᠤᠨ᠎ᠠ》 ᠭᠡᠰᠡᠨ ᠰᠠᠢᠬᠠᠨ ᠬᠦᠰᠡᠯ ᠢ᠋ ᠨᠢ ᠠᠪᠤᠨ ᠳᠣᠣᠷ᠎ᠠ ᠨᠢ ᠦᠭᠡᠢᠰᠬᠡᠵᠦ ᠬᠠᠶᠠᠳᠠᠭ᠂《ᠨᠣᠮ ᠢ᠋ᠶ᠋ᠠᠨ ᠪᠠᠰᠠ ᠰᠠᠢᠨ ᠰᠤᠷᠴᠤ ᠴᠢᠳᠠᠬᠤ ᠦᠭᠡᠢ ᠪᠠᠢᠵᠤ ᠪᠢᠲᠡᠭᠡᠢ ᠲᠣᠮᠣ ᠦᠭᠡ ᠬᠡᠯᠡᠭᠡᠳ ᠪᠠᠢ》 ᠭᠡᠮᠡᠨ ᠬᠡᠦᠬᠡᠳ ᠦ᠋ᠨ ᠬᠠᠯᠠᠭᠤᠨ ᠰᠡᠳᠬᠢᠯ ᠳ᠋ᠦ᠍ ᠬᠦᠢᠲᠡᠨ ᠤᠰᠤ ᠠᠰᠬᠠᠵᠤ ᠪᠠᠢᠳᠠᠭ᠂ ᠲᠠᠪᠤ ᠵᠢᠷᠭᠤᠭᠠᠨ ᠨᠠᠰᠤ ᠲᠠᠢ ᠬᠦᠦᠴᠦᠦᠯ ᠲᠣᠮᠣ ᠪᠣᠯᠪᠠᠯ ᠴᠠᠭᠳᠠᠭ᠎ᠠ ᠪᠣᠯᠵᠤ ᠮᠠᠭᠤ ᠬᠥᠮᠦᠨ ᠢ᠋ ᠪᠠᠷᠢᠨ᠎ᠠ ᠭᠡᠬᠦ᠂ ᠰᠠᠶᠢ ᠰᠤᠷᠭᠠᠭᠤᠯᠢ ᠳ᠋ᠤ᠌ ᠣᠷᠣᠭᠰᠠᠨ ᠬᠡᠦᠬᠡᠳ ᠶᠡᠬᠡ ᠪᠣᠯᠤᠭᠠᠳ ᠰᠢᠨᠵᠢᠯᠡᠬᠦ ᠤᠬᠠᠭᠠᠨᠲᠠᠨ ᠪᠣᠯᠵᠤ ᠨᠢᠰᠬᠡᠯ ᠪᠦᠲᠦᠭᠡᠵᠦ ᠠᠪᠤ ᠡᠵᠢ ᠪᠡᠨ ᠳᠡᠯᠡᠬᠡᠢ ᠲᠣᠭᠣᠷᠢᠭᠤᠯᠤᠶ᠎ᠠ ᠭᠡᠬᠦ ᠣᠯᠠᠨ ᠰᠠᠢᠬᠠᠨ ᠭᠡᠨᠡᠨ ᠬᠦᠰᠡᠯ ᠤᠷᠭᠤᠵᠤ ᠪᠠᠢᠳᠠᠭ᠂ ᠭᠡᠲᠡᠯ᠎ᠡ ᠭᠡᠷ ᠦ᠋ᠨ ᠠᠬᠠᠮᠠᠳ ᠪᠣᠯᠣᠭᠰᠠᠳ ᠪᠢᠳᠡ ᠬᠡᠦᠬᠡᠳ ᠦ᠋ᠨ ᠡᠨᠡ ᠰᠠᠢᠬᠠᠨ ᠬᠥᠮᠦᠵᠢᠯ ᠦ᠋ᠨ ᠠᠯᠲᠠᠨ ᠮᠥᠴᠡ ᠶ᠋ᠢ ᠵᠥᠪ ᠠᠰᠢᠭᠯᠠᠵᠤ ᠴᠢᠳᠠᠳᠠᠭ ᠦᠭᠡᠢ ᠨᠢ ᠬᠠᠷᠠᠮᠰᠠᠯᠲᠠᠢ ᠪᠠᠢᠳᠠᠭ᠃《ᠪᠤᠤ ᠬᠡᠢ ᠬᠣᠭᠣᠰᠣᠨ ᠶᠠᠭᠤᠮ᠎ᠠ ᠶᠠᠷᠢᠭᠠᠳ ᠪᠠᠢ᠂ ᠨᠣᠮ ᠢ᠋ᠶ᠋ᠠᠨ ᠰᠠᠢᠨ ᠰᠤᠷᠴᠢᠬ᠎ᠠ》 ᠭᠡᠬᠦ᠂《ᠴᠢᠨᠦ ᠲᠡᠷᠡ ᠪᠣᠳᠣᠯ ᠴᠢᠨᠢ ᠬᠡᠵᠢᠶᠡᠳᠡ ᠪᠡᠶᠡᠯᠡᠭᠳᠡᠬᠦ ᠦᠭᠡᠢ᠂ ᠨᠡᠷᠡᠲᠡᠢ ᠶᠡᠬᠡ ᠰᠤᠷᠭᠠᠭᠤᠯᠢ ᠳ᠋ᠤ᠌ ᠣᠷᠣᠪᠠᠯ ᠰᠠᠶᠢ ᠰᠠᠢᠬᠠᠨ ᠠᠵᠢᠯ ᠣᠯᠤᠨ᠎ᠠ》 ᠭᠡᠬᠦ ᠮᠡᠲᠦ ᠪᠡᠷ ᠲᠣᠮᠣ ᠬᠥᠮᠦᠨ ᠦ᠌ ᠥᠪᠡᠷᠰᠡᠳ ᠦ᠋ᠨ ᠪᠣᠳᠣᠯ ᠵᠣᠷᠢᠯᠲᠠ ᠪᠠᠨ ᠬᠡᠦᠬᠡᠳ ᠦ᠋ᠨ ᠰᠡᠳᠬᠢᠯ ᠳ᠋ᠦ᠍ ᠲᠣᠬᠣᠭᠰᠠᠭᠠᠷ ᠪᠠᠢᠵᠤ᠂ ᠬᠡᠦᠬᠡᠳ ᠦ᠋ᠳ ᠮᠠᠨᠢ ᠳᠤᠮᠳᠠᠳᠤ ᠰᠤᠷᠭᠠᠭᠤᠯᠢ ᠳ᠋ᠤ᠌ ᠣᠷᠣᠭᠠᠳ ᠢᠷᠡᠬᠦ ᠪᠡᠷ ᠶᠠᠮᠠᠷ ᠴᠤ᠌ ᠥᠪᠡᠷ ᠦ᠋ᠨ ᠭᠡᠰᠡᠨ ᠰᠠᠢᠨ ᠰᠠᠢᠬᠠᠨ ᠬᠦᠰᠡᠯ ᠵᠣᠷᠢᠯᠲᠠ ᠦᠭᠡᠢ ᠪᠣᠯᠵᠤ᠂ ᠪᠠᠭᠰᠢ ᠭᠡᠷ ᠦ᠋ᠨ ᠠᠬᠠᠮᠠᠳ ᠤ᠋ᠨ ᠰᠢᠬᠠᠮᠳᠠᠯᠭ᠎ᠠ ᠳᠣᠣᠷᠠᠬᠢ ᠬᠢᠴᠢᠶᠡᠯ ᠰᠤᠷᠤᠯᠭ᠎ᠠ ᠳ᠋ᠤ᠌ ᠪᠠᠨ ᠠᠯᠪᠠ ᠬᠠᠰᠢᠳᠠᠭ ᠬᠠᠱᠠᠩ ᠠᠮᠢᠲᠠᠨ ᠪᠣᠯᠴᠢᠬᠠᠭᠰᠠᠨ ᠶᠠᠳᠠᠷᠠᠵᠤ ᠶᠠᠪᠤᠨ᠎ᠠ᠃ ᠡᠭᠦᠨ ᠦ᠌ ᠳ᠋ᠦᠩ ᠳ᠋ᠦ᠍ ᠮᠠᠨ ᠤ᠋ ᠵᠠᠯᠠᠭᠤᠰ ᠨᠡᠢᠭᠡᠮ ᠳᠡᠭᠡᠷ᠎ᠡ ᠭᠠᠷᠤᠭᠰᠠᠨ ᠤ᠋ ᠳᠠᠷᠠᠭ᠎ᠠ ᠠᠵᠢᠯ ᠦᠢᠯᠡᠰ ᠢ᠋ᠶ᠋ᠡᠨ ᠬᠠᠯᠠᠭᠤᠨ ᠰᠡᠳᠬᠢᠯ ᠢ᠋ᠶ᠋ᠡᠷ ᠬᠠᠷᠢᠴᠠᠭᠤᠯᠭ᠎ᠠ ᠲᠠᠢ ᠰᠠᠢᠬᠠᠨ ᠭᠢᠯᠠᠷᠠᠲᠠᠯ᠎ᠠ ᠪᠡᠶᠡᠯᠡᠭᠦᠯᠳᠡᠭ ᠨᠢ ᠳᠠᠩᠴᠤ ᠴᠥᠭᠡᠨ᠂ ᠶᠠᠭᠤᠮ᠎ᠠ ᠪᠦᠬᠦᠨ ᠳ᠋ᠦ᠍ ᠪᠤᠰᠤᠳ ᠤ᠋ᠨ ᠡᠭᠦᠷᠭᠡ ᠲᠤᠰᠢᠶᠠᠯ ᠢ᠋ᠶ᠋ᠠᠷ ᠠᠯᠪᠠ ᠬᠠᠰᠢᠳᠠᠭ ᠨᠢ ᠳᠠᠩᠴᠤ ᠬᠡᠴᠡᠭᠦᠦ᠃ ᠲᠡᠭᠡᠬᠦ ᠡᠴᠡ ᠬᠡᠦᠬᠡᠳ ᠦ᠋ᠨ ᠪᠠᠭ᠎ᠠ ᠨᠠᠰᠤᠨ ᠳ᠋ᠤ᠌ ᠤᠷᠭᠤᠵᠤ ᠪᠠᠢᠭ᠎ᠠ ᠬᠦᠰᠡᠯ ᠮᠥᠷᠥᠭᠡᠳᠦᠯ ᠢ᠋ ᠵᠥᠪ ᠬᠥᠲᠥᠯᠵᠦ ᠳᠠᠮᠵᠢᠨ ᠵᠣᠷᠢᠭᠵᠢᠭᠤᠯᠬᠤ ᠨᠢ ᠬᠡᠦᠬᠡᠳ ᠦ᠋ᠨ ᠰᠡᠳᠬᠢᠴᠡ ᠶ᠋ᠢᠨ ᠡᠷᠡᠭᠦᠯ ᠪᠣᠢᠵᠢᠯᠲᠠ ᠳ᠋ᠤ᠌ ᠲᠤᠩ ᠢᠳᠡᠪᠬᠢ ᠨᠥᠯᠥᠭᠡ ᠦᠵᠡᠭᠦᠯᠦᠨ᠎ᠡ ᠭᠡᠳᠡᠭ ᠢ᠋ ᠮᠡᠳᠡᠬᠦ ᠶᠣᠰᠣᠲᠠᠢ᠃
   ᠬᠡᠦᠬᠡᠳ ᠢ᠋ᠶ᠋ᠡᠨ ᠪᠠᠬᠠᠷᠬᠠᠬᠤ ᠳᠣᠣᠷᠠᠬᠢ ᠬᠡᠳᠦᠨ ᠲᠠᠯ᠎ᠠ ᠶ᠋ᠢ ᠬᠢᠨᠠᠯᠲᠠ ᠪᠣᠯᠭᠠᠵᠤ ᠦᠵᠡᠭᠡᠷᠡᠢ᠃(1) ᠬᠡᠦᠬᠡᠳ ᠦ᠋ᠨ ᠢ᠋ᠶ᠋ᠡᠨ ᠪᠠᠭ᠎ᠠ ᠯᠠ ᠴᠢᠷᠮᠠᠢᠯᠭ᠎ᠠ ᠢᠳᠡᠪᠬᠢ ᠢᠯᠡᠷᠡᠯ ᠢ᠋ ᠴᠥᠮ ᠮᠠᠭᠲᠠᠵᠤ ᠵᠣᠷᠢᠭᠵᠢᠭᠤᠯᠵᠤ ᠪᠠᠢᠬᠤ᠃(2) ᠬᠡᠦᠬᠡᠳ ᠦ᠋ᠨ ᠢ᠋ᠶ᠋ᠡᠨ ᠰᠢᠨ᠎ᠡ ᠰᠤᠷᠤᠭᠰᠠᠨ ᠵᠦᠢᠯ ᠢ᠋ ᠰᠡᠳᠬᠢᠯ ᠲᠠᠯᠪᠢᠨ ᠪᠠᠬᠠᠷᠬᠠᠨ ᠰᠣᠨᠢᠷᠬᠠᠵᠤ ᠰᠣᠨᠣᠰᠬᠤ(ᠡᠨᠡ ᠪᠣᠯ ᠬᠡᠦᠬᠡᠳ ᠲᠦ᠍ ᠪᠡᠨ ᠪᠠᠭᠰᠢᠯᠠᠬᠤ ᠬᠠᠮᠤᠭ ᠪᠦᠲᠦᠮᠵᠢᠲᠡᠢ ᠵᠣᠷ)᠃(3) ᠪᠦᠳᠦᠷᠢᠯ ᠳ᠋ᠦ᠍ ᠤᠴᠠᠷᠠᠬᠤ ᠪᠤᠶᠤ ᠰᠢᠯᠭᠠᠯᠲᠠ ᠳ᠋ᠤ᠌ ᠪᠠᠨ ᠠᠨᠠᠢ ᠪᠦᠲᠦᠮᠵᠢ ᠣᠯᠬᠤ ᠦᠶᠡᠰ ᠢᠯᠡᠭᠦᠬᠡᠨ ᠵᠣᠷᠢᠭᠵᠢᠭᠤᠯᠵᠤ᠂ ᠰᠤᠷᠤᠯᠭ᠎ᠠ ᠬᠣᠴᠣᠷᠴᠤ ᠪᠠᠢᠬᠤ ᠰᠢᠯᠲᠠᠭᠠᠨ ᠢ᠋ ᠨᠢ ᠣᠯᠬᠤ ᠬᠡᠷᠡᠭᠲᠡᠢ᠃(4) ᠬᠡᠦᠬᠡᠳ ᠦ᠋ᠨ ᠢ᠋ᠶ᠋ᠡᠨ ᠭᠡᠷᠡᠯ ᠭᠡᠭᠡ ᠲᠡᠢ ᠲᠠᠯ᠎ᠠ ᠪᠤᠶᠤ ᠳᠠᠪᠠᠭᠤᠯᠢᠭ ᠢ᠋ ᠡᠳᠦᠷᠵᠢᠨ ᠰᠠᠨᠠᠭᠤᠯᠵᠤ ᠪᠠᠢᠬᠤ᠃(5) ᠬᠡᠦᠬᠡᠳ ᠢ᠋ᠶ᠋ᠡᠨ ᠵᠣᠷᠢᠭᠵᠢᠭᠤᠯᠵᠤ ᠪᠠᠢᠮᠠᠨ ᠣᠯᠠᠨ ᠨᠡᠢᠲᠡ ᠶ᠋ᠢᠨ ᠬᠥᠳᠡᠯᠭᠡᠭᠡᠨ ᠳ᠋ᠦ᠍ ᠢᠯᠡᠭᠦᠬᠡᠨ ᠣᠷᠣᠯᠴᠠᠭᠤᠯᠬᠤ᠃(6) ᠬᠡᠦᠬᠡᠳ ᠢ᠋ᠶ᠋ᠡᠨ ᠪᠠᠬᠠᠷᠬᠠᠨ᠎ᠠ ᠭᠡᠳᠡᠭ ᠴᠢᠨᠢ ᠬᠡᠦᠬᠡᠳ ᠲᠦ᠍ ᠪᠡᠨ ᠢᠲᠡᠭᠡᠯ ᠲᠡᠢ ᠪᠠᠢᠨ᠎ᠠ ᠭᠡᠰᠡᠨ ᠦᠭᠡ᠂ ᠬᠡᠦᠬᠡᠳ ᠲᠦ᠍ ᠪᠡᠨ ᠢᠲᠡᠭᠡᠯ ᠲᠡᠢ ᠪᠠᠢᠪᠠᠯ ᠳᠣᠣᠷᠠᠬᠢ ᠮᠡᠲᠦ ᠦᠭᠡ ᠶ᠋ᠢ ᠡᠳᠦᠷ ᠳᠣᠳᠣᠮ ᠤ᠋ᠨ ᠬᠠᠷᠢᠯᠴᠠᠭᠠᠨ ᠳ᠋ᠤ᠌ ᠪᠠᠨ ᠵᠠᠪᠠᠯ ᠵᠠᠷᠤᠵᠤ ᠵᠠᠩᠰᠢᠯ ᠪᠣᠯᠭᠠᠭᠠᠷᠠᠢ᠃ a᠂ ᠮᠢᠨᠦ ᠪᠣᠳᠣᠵᠤ ᠣᠯᠤᠭᠰᠠᠨ ᠦᠭᠡᠢ ᠶ᠋ᠢ ᠴᠢ ᠪᠣᠳᠣᠭᠠᠳ ᠣᠯᠴᠢᠬᠠᠬᠤ ᠶᠤᠮ ᠠ᠋᠃ b᠂ ᠮᠢᠨᠦ ᠬᠦᠦ(ᠥᠬᠢᠨ) ᠦ᠌ ᠬᠡᠯᠡᠬᠦ ᠲᠤᠩ ᠵᠥᠪ ᠪᠠᠢᠨ᠎ᠠ᠂ ᠵᠠᠯᠭᠠᠭᠠᠳ ᠬᠡᠯᠡᠭᠡᠷᠡᠢ᠃ c᠂ ᠥᠨᠥᠳᠥᠷ ᠰᠤᠷᠭᠠᠭᠤᠯᠢ ᠳ᠋ᠤ᠌ ᠴᠢᠨᠢ ᠶᠠᠮᠠᠷ ᠭᠣᠶᠣ ᠤᠴᠢᠷ ᠭᠠᠷᠤᠭᠰᠠᠨ ᠪᠣᠢ? d᠂ ᠠᠪᠤ(ᠡᠵᠢ) ᠨᠢ ᠬᠠᠪᠰᠤᠷᠬᠤ ᠤᠴᠢᠷ ᠪᠠᠢᠨ᠎ᠠ ᠤᠤ? e᠂ ᠡᠨᠡ ᠰᠠᠶᠢ ᠮᠢᠨᠦ ᠬᠦᠦ ᠶᠠᠭᠤ ᠭᠡᠵᠦ ᠦᠵᠡᠵᠦ ᠪᠠᠢᠨ᠎ᠠ ᠪᠣᠢ? ᠶᠠᠮᠠᠷ ᠰᠠᠢᠬᠠᠨ ᠰᠢᠢᠳᠪᠦᠷᠢᠯᠡᠬᠦ ᠠᠷᠭ᠎ᠠ ᠪᠠᠢᠨ᠎ᠠ ᠪᠣᠢ? f᠂ ᠮᠢᠨᠦ ᠬᠦᠦ ᠪᠣᠯᠵᠤ ᠪᠠᠢᠨ᠎ᠠ ᠭᠡᠬᠦ ᠮᠡᠲᠦ ᠪᠡᠷ ᠬᠡᠦᠬᠡᠳ ᠲᠦ᠍ ᠪᠡᠨ ᠢᠲᠡᠭᠡᠯ ᠬᠠᠢᠷᠠᠯᠠᠭᠰᠠᠨ ᠡᠷᠬᠡ ᠲᠡᠭᠰᠢ ᠪᠡᠷ ᠠᠰᠠᠭᠤᠳᠠᠯ ᠵᠥᠪᠳᠡᠬᠦ ᠭᠡᠷ ᠪᠦᠯᠢ ᠶ᠋ᠢᠨ ᠠᠭᠠᠷ ᠢ᠋ ᠪᠣᠢ ᠪᠣᠯᠭᠠᠵᠤ ᠵᠠᠩᠰᠢᠪᠠᠯ ᠰᠠᠶᠢ ᠬᠡᠦᠬᠡᠳ ᠪᠡᠶ᠎ᠡ ᠳ᠋ᠦ᠍ ᠪᠡᠨ ᠢᠲᠡᠭᠡᠬᠦ᠂ ᠪᠡᠶ᠎ᠡ ᠪᠡᠨ ᠳᠠᠭᠠᠭᠠᠬᠤ ᠵᠠᠩ ᠰᠡᠳᠬᠢᠴᠡ ᠲᠡᠢ ᠪᠣᠯᠵᠤ ᠴᠢᠳᠠᠨ᠎ᠠ᠃ ᠡᠴᠢᠭᠡ ᠡᠬᠡᠴᠦᠦᠯ ᠦ᠋ᠨ ᠠᠮᠠᠨ ᠠ᠋ᠴᠠ ᠭᠠᠷᠴᠤ ᠪᠣᠯᠣᠰᠢ ᠦᠭᠡᠢ ᠦᠭᠡ ᠪᠣᠯ ᠬᠡᠦᠬᠡᠳ ᠦ᠋ᠨ ᠢ᠋ᠶ᠋ᠡᠨ ᠪᠠᠭᠤᠷᠢ ᠲᠠᠯ᠎ᠠ ᠶ᠋ᠢ ᠡᠳᠦᠷᠵᠢᠨ ᠰᠠᠨᠠᠭᠤᠯᠬᠤ᠂ ᠮᠠᠭᠤ ᠶ᠋ᠢ ᠨᠢ ᠮᠠᠯᠲᠠᠬᠤ ᠪᠤᠶᠤ ᠮᠠᠭᠤᠬᠠᠢ ᠪᠠᠷ ᠬᠡᠯᠡᠬᠦ᠂ ᠡᠨᠡ ᠪᠣᠯ ᠬᠠᠮᠤᠭ ᠤ᠋ᠨ ᠶᠡᠬᠡ ᠬᠡᠯᠡᠨ ᠦ᠌ ᠨᠢᠭᠦᠯ ᠪᠠᠢᠭ᠎ᠠ᠂ ᠴᠢᠩᠭ᠎ᠠ ᠴᠡᠭᠡᠷᠯᠡᠭᠡᠷᠡᠢ!

   ᠦᠰᠦᠭ ᠠᠮᠢᠯᠠᠭᠤᠯᠤᠭᠴᠢ᠄ ᠱᠠᠭᠰᠠᠯ᠂ ᠮᠣᠩᠭᠣᠯ ᠪᠠᠬᠠᠷᠬᠠᠯ᠂ ᠵ· ᠪᠤᠶᠠᠨᠲᠣᠭᠲᠠᠬᠤ᠂ ᠬᠣᠩ ᠮᠧᠢ
   ᠬᠢᠨᠠᠭᠴᠢ ᠪᠠᠭᠰᠢ᠄ ᠤᠳᠬᠠᠨᠰᠤ᠎ᠠ᠂ ᠬᠥᠬᠡ ᠮᠣᠩᠭᠣᠯ᠂ ᠰᠡᠬᠡᠭᠡᠷᠡᠯ᠂ ᠵ᠂ ᠪᠤᠶᠠᠨᠲᠣᠭᠲᠠᠬᠤ