1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠠᠳ ᠤ᠋ᠨ ᠢ᠋ᠶ᠋ᠠᠨ ᠴᠡᠭᠡᠷ ᠶᠣᠰᠣᠨ ᠤ᠋ ᠬᠥᠮᠦᠵᠢᠯ ᠢ᠋ ᠡᠷᠬᠢᠮᠯᠡᠶ᠎ᠡ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-09-ᠪᠣᠯᠣᠴᠢᠯᠠᠭᠤ

ᠠᠷᠠᠳ ᠤ᠋ᠨ ᠢ᠋ᠶ᠋ᠠᠨ ᠴᠡᠭᠡᠷ ᠶᠣᠰᠣᠨ ᠤ᠋ ᠬᠥᠮᠦᠵᠢᠯ ᠢ᠋ ᠡᠷᠬᠢᠮᠯᠡᠶ᠎ᠡ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-09-ᠪᠣᠯᠣᠴᠢᠯᠠᠭᠤ

2023-12-17

405

ᠶᠢᠰᠦ᠂ ᠠᠷᠠᠳ ᠤ᠋ᠨ ᠢ᠋ᠶ᠋ᠠᠨ ᠴᠡᠭᠡᠷ ᠶᠣᠰᠣᠨ ᠤ᠋ ᠬᠥᠮᠦᠵᠢᠯ ᠢ᠋ ᠡᠷᠬᠢᠮᠯᠡᠶ᠎ᠡ

   ᠮᠣᠩᠭᠣᠯ ᠠᠷᠠᠳ ᠤ᠋ᠨ ᠬᠡᠦᠬᠡᠳ ᠦ᠋ᠨ ᠬᠥᠮᠦᠵᠢᠯ ᠳ᠋ᠦ᠍ ᠵᠣᠷᠢᠭᠤᠯᠤᠭᠰᠠᠨ ᠣᠯᠠᠨ ᠰᠠᠢᠬᠠᠨ ᠴᠡᠭᠡᠷ ᠶᠣᠰᠣᠨ ᠪᠣᠯ ᠬᠡᠦᠬᠡᠳ ᠦ᠋ᠨ ᠰᠡᠳᠬᠢᠴᠡ ᠶ᠋ᠢᠨ ᠣᠨᠴᠠᠯᠢᠭ ᠲᠤ ᠶᠠᠪ ᠴᠠᠪ ᠵᠣᠬᠢᠴᠠᠭᠤᠯᠤᠨ᠂ ᠬᠡᠦᠬᠡᠳ ᠪᠠᠭᠠᠴᠤᠤᠯ ᠳ᠋ᠤ᠌ ᠶᠣᠰᠣ ᠰᠤᠷᠲᠠᠯ ᠢ᠋ ᠲᠤᠩ ᠬᠢᠯᠪᠠᠷᠬᠠᠨ ᠢ᠋ᠶ᠋ᠠᠷ ᠬᠡᠪᠰᠢᠭᠦᠯᠵᠦ ᠵᠠᠩᠰᠢᠭᠤᠯᠳᠠᠭ ᠰᠢᠯᠢᠳᠡᠭ ᠰᠣᠶᠣᠯ ᠤᠯᠠᠮᠵᠢᠯᠠᠯ ᠪᠠᠢᠭ᠎ᠠ ᠶᠤᠮ᠃ ᠠᠷᠠᠳ ᠤ᠋ᠨ ᠴᠡᠭᠡᠷ ᠶᠣᠰᠣ ᠪᠣᠯ《ᠮᠠᠭᠤ ᠢᠷᠣ᠎ᠠ ᠪᠣᠯᠤᠨ᠎ᠠ》᠂《ᠪᠤᠶᠠᠨ ᠢ᠋ᠶ᠋ᠠᠨ ᠪᠠᠷᠠᠨ᠎ᠠ》᠂《ᠨᠢᠭᠦᠯ ᠪᠣᠯᠤᠨ᠎ᠠ》᠂《ᠶᠠᠷ᠎ᠠ ᠬᠠᠲᠠᠭᠢ ᠭᠠᠷᠤᠨ᠎ᠠ》 ᠭᠡᠬᠦ ᠮᠡᠲᠦ ᠪᠡᠷ ᠬᠡᠦᠬᠡᠳ ᠦ᠋ᠨ ᠠᠶᠤᠨ ᠬᠢᠴᠢᠶᠡᠬᠦ ᠰᠡᠳᠬᠢᠴᠡ ᠳ᠋ᠦ᠍ ᠵᠣᠬᠢᠴᠠᠭᠤᠯᠤᠨ ᠶᠠᠭᠤ ᠶᠠᠭᠠᠬᠢᠬᠤ ᠲᠤᠬᠠᠢ ᠰᠣᠩᠭᠣᠯᠲᠠ ᠬᠢᠬᠦ ᠵᠠᠢ ᠥᠭᠬᠦ ᠡᠴᠡ ᠪᠢᠰᠢ《ᠢᠩᠭᠢᠵᠦ ᠪᠣᠯᠬᠤ ᠦᠭᠡᠢ》᠂《ᠲᠡᠭᠡᠵᠦ ᠪᠣᠯᠬᠤ ᠦᠭᠡᠢ》 ᠭᠡᠮᠡᠨ ᠬᠡᠦᠬᠡᠳ ᠦ᠋ᠨ ᠰᠡᠳᠬᠢᠯ ᠳ᠋ᠦ᠍ ᠰᠥᠷᠭᠡᠦ ᠰᠡᠳᠬᠢᠴᠡ ᠡᠭᠦᠰᠬᠦ ᠠᠯᠪᠠᠳᠠᠯᠭ᠎ᠠ ᠶ᠋ᠢᠨ ᠴᠢᠨᠠᠷᠲᠠᠢ ᠲᠠᠰᠤᠷᠬᠠᠢ ᠵᠠᠷᠯᠢᠭ ᠪᠠᠭᠤᠯᠭᠠᠳᠠᠭ ᠦᠭᠡᠢ ᠨᠢ ᠭᠠᠢᠬᠠᠮᠰᠢᠭ᠃ ᠬᠠᠷᠠᠮᠰᠠᠯᠲᠠᠢ ᠨᠢ ᠵᠠᠷᠢᠮ ᠬᠥᠮᠦᠰ ᠥᠷᠥᠭᠡᠯ ᠰᠣᠶᠣᠯᠲᠠᠨ ᠤ᠋ ᠪᠤᠷᠤᠭᠤ ᠣᠢᠯᠠᠭᠠᠯᠲᠠ ᠶ᠋ᠢ ᠰᠣᠬᠣᠷ ᠪᠠᠯᠠᠢ ᠪᠠᠷ ᠮᠥᠷᠳᠡᠨ᠂ ᠬᠡᠴᠢᠨᠡᠨ ᠮᠢᠩᠭᠠᠨ ᠵᠢᠯ ᠦ᠋ᠨ ᠤᠬᠠᠭᠠᠨ ᠲᠤᠷᠰᠢᠯᠭ᠎ᠠ ᠪᠠᠷ ᠬᠤᠷᠠᠮᠳᠤᠭᠤᠯᠤᠭᠰᠠᠨ ᠠᠷᠠᠳ ᠤ᠋ᠨ ᠢ᠋ᠶ᠋ᠠᠨ ᠥᠪ ᠰᠣᠶᠣᠯ ᠢ᠋ ᠮᠤᠬᠤᠷ ᠪᠢᠰᠢᠷᠡᠯ ᠲᠡᠢ ᠬᠤᠳᠬᠤᠨ ᠬᠠᠶᠠᠵᠤ ᠣᠷᠬᠢᠨ ᠪᠠᠢᠭ᠎ᠠ ᠨᠢ ᠲᠤᠩ ᠶᠡᠬᠡ ᠬᠣᠬᠢᠷᠠᠯ ᠭᠡᠳᠡᠭ ᠢ᠋ ᠮᠡᠳᠡᠬᠦ ᠦᠭᠡᠢ ᠪᠠᠢᠨ᠎ᠠ᠃
   ᠠᠷᠪᠢᠴᠢ ᠭᠠᠮᠴᠢ ᠶᠣᠰᠣ ᠵᠠᠩᠰᠢᠯ ᠢ᠋ ᠬᠡᠪᠰᠢᠭᠦᠯᠬᠦ ᠳ᠋ᠦ᠍ ᠥᠨᠥᠳᠥᠷ ᠦ᠋ᠨ ᠮᠣᠷᠠᠯ ᠤ᠋ᠨ ᠬᠥᠮᠦᠵᠢᠯ ᠦ᠋ᠨ ᠠᠪᠲᠠᠯ ᠪᠣᠯ᠂ ᠰᠤᠷᠤᠭᠴᠢ ᠬᠣᠭᠣᠯᠠᠯᠠᠬᠤ ᠳ᠋ᠤ᠌ ᠪᠠᠨ ᠠᠰᠬᠠᠵᠤ ᠴᠢᠳᠬᠤᠭᠰᠠᠨ ᠪᠠᠢᠪᠠᠯ《ᠠᠪᠤ ᠴᠢᠨᠢ ᠪᠠᠶᠠᠨ ᠪᠣᠯ ᠶᠠᠭᠠᠬᠢᠬᠤ ᠶᠤᠮ? ᠡᠨᠡ ᠴᠢᠨᠢ ᠲᠠᠷᠢᠶᠠᠴᠢᠨ ᠬᠥᠮᠦᠨ ᠦ᠌ ᠬᠥᠯᠥᠰᠥ ᠬᠥᠳᠡᠯᠮᠦᠷᠢ ᠰᠢᠦ᠂ ᠠᠮᠤ ᠬᠦᠨᠡᠰᠦ ᠶ᠋ᠢ ᠢᠩᠭᠢᠵᠦ ᠰᠦᠢᠳᠬᠡᠵᠦ ᠪᠣᠯᠬᠤ ᠦᠭᠡᠢ᠂ ᠳᠡᠯᠡᠬᠡᠢ ᠳᠡᠭᠡᠷ᠎ᠡ ᠲᠤᠩ ᠣᠯᠠᠨ ᠬᠣᠭᠣᠯᠠᠨ ᠳ᠋ᠤ᠌ ᠪᠠᠨ ᠴᠠᠳᠬᠤ ᠦᠭᠡᠢ ᠥᠯᠥᠰᠬᠦᠯᠡᠩ ᠬᠥᠮᠦᠨ ᠪᠠᠢᠭᠰᠠᠭᠠᠷ᠂᠂᠂》 ᠭᠡᠮᠡᠨ ᠶᠡᠬᠡ ᠶᠣᠰᠣ ᠶ᠋ᠢ ᠤᠷᠤᠰᠬᠠᠵᠤ ᠭᠠᠷᠬᠤ ᠳ᠋ᠤ᠌᠂ ᠬᠡᠦᠬᠡᠳ ᠦ᠋ᠨ ᠰᠥᠷᠭᠡᠦ ᠰᠡᠳᠬᠢᠴᠡ ᠶ᠋ᠢ ᠬᠥᠨᠳᠡᠵᠦ᠂ ᠶᠠᠭᠤᠮ᠎ᠠ ᠪᠦᠬᠦᠨ ᠢ᠋ᠶ᠋ᠡᠨ ᠠᠰᠬᠠᠵᠤ ᠴᠢᠳᠬᠤᠳᠠᠭ《ᠪᠤᠷᠤᠭᠤ ᠡᠰᠢᠯᠡᠭᠰᠡᠨ ᠰᠦᠬᠡ》 ᠪᠣᠯᠭᠠᠬᠤ ᠠ᠋ᠴᠠ ᠴᠠᠰᠢ ᠭᠠᠪᠢᠶ᠎ᠠ ᠭᠠᠷᠳᠠᠭ ᠦᠭᠡᠢ᠃ ᠥᠩᠭᠡᠷᠡᠭᠰᠡᠨ ᠦ᠌ ᠵᠤᠷᠰᠢᠯ ᠢ᠋ᠶ᠋ᠠᠷ ᠪᠣᠯ《ᠭᠠᠵᠠᠷ ᠳᠡᠭᠡᠷ᠎ᠡ ᠤᠨᠠᠭᠰᠠᠨ ᠮᠥᠬᠥᠯᠢᠭ ᠠᠮᠤ ᠲᠩᠷᠢ ᠳᠡᠭᠡᠷ᠎ᠡ ᠲᠡᠮᠡᠭᠡᠨ ᠴᠢᠨᠡᠭᠡ ᠬᠠᠷᠠᠭᠳᠠᠨ᠎ᠠ ᠭᠡᠨ᠎ᠡ ᠰᠢᠦ᠂ ᠪᠤᠶᠠᠨ ᠢ᠋ᠶ᠋ᠠᠨ ᠪᠠᠷᠠᠨ᠎ᠠ》 ᠭᠡᠳ ᠨᠠᠰᠤᠲᠠᠨ ᠨᠢ ᠳᠣᠯᠢᠶᠠᠪᠤᠷ ᠬᠤᠷᠤᠭᠤᠨ ᠳ᠋ᠤ᠌ ᠪᠠᠨ ᠨᠠᠭᠠᠵᠤ ᠠᠪᠤᠭᠠᠳ ᠢᠳᠡᠴᠢᠬᠡᠳᠡᠭ᠃ ᠮᠢᠬ᠎ᠠ ᠢᠳᠡᠬᠦ ᠳ᠋ᠦ᠍ ᠶᠠᠰᠤ ᠪᠠᠨ ᠠᠷᠵᠠᠢᠲᠠᠯ᠎ᠠ ᠮᠠᠭᠤᠬᠠᠢ ᠮᠥᠯᠵᠢᠪᠡᠯ ᠳᠠᠷᠠᠭ᠎ᠠ ᠲᠥᠷᠥᠯ ᠳ᠋ᠦ᠍ ᠪᠡᠨ ᠮᠠᠭᠤᠬᠠᠢ ᠵᠢᠰᠦ ᠲᠡᠢ ᠲᠥᠷᠥᠨ᠎ᠡ ᠭᠡᠮᠡᠨ ᠴᠡᠭᠡᠷᠯᠡᠭᠦᠯᠳᠡᠭ᠃ ᠡᠨᠡ ᠨᠢ ᠭᠡᠨᠡᠨ ᠴᠠᠢᠯᠭᠠᠨ ᠬᠡᠦᠬᠡᠳ ᠦ᠋ᠨ ᠨᠢᠯᠬ᠎ᠠ ᠤᠬᠠᠭᠠᠨ ᠳ᠋ᠤ᠌ ᠶᠠᠭ ᠲᠣᠬᠢᠷᠠᠵᠤ᠂ ᠳᠠᠷᠠᠭ᠎ᠠ ᠲᠥᠷᠥᠯ ᠳ᠋ᠦ᠍ ᠪᠡᠨ ᠮᠠᠭᠤᠬᠠᠢ ᠬᠥᠮᠦᠨ ᠪᠣᠯᠵᠤ ᠲᠥᠷᠥᠬᠦ ᠡᠴᠡ ᠬᠢᠴᠢᠶᠡᠨ ᠶᠠᠰᠤ ᠶ᠋ᠢ ᠭᠥᠯᠢᠢᠲᠡᠯ᠎ᠡ ᠮᠥᠯᠵᠢᠵᠦ ᠰᠤᠷᠳᠠᠭ᠃ ᠬᠡᠦᠬᠡᠳ ᠨᠠᠰᠤᠨ ᠳ᠋ᠤ᠌ ᠪᠠᠨ ᠬᠡᠪᠰᠢᠭᠰᠡᠨ ᠵᠠᠩᠰᠢᠯ ᠨᠠᠰᠤᠨ ᠲᠤᠷᠰᠢᠲᠠ ᠬᠤᠪᠢᠷᠠᠬᠤ ᠳ᠋ᠤ᠌ ᠬᠡᠴᠡᠭᠦᠦ ᠮᠤᠵᠢᠭᠤᠳᠠ ᠪᠠᠢᠳᠠᠭ ᠨᠢ ᠭᠠᠢᠬᠠᠯᠲᠠᠢ᠃ ᠲᠡᠭᠡᠬᠦ ᠪᠡᠷ《ᠰᠤᠷᠤᠭᠰᠠᠨ ᠵᠠᠩ ᠢ᠋ ᠰᠤᠷ ᠢ᠋ᠶ᠋ᠠᠷ ᠪᠣᠭᠣᠵᠤ ᠳᠡᠢᠯᠬᠦ ᠦᠭᠡᠢ》 ᠭᠡᠮᠡᠨ ᠬᠡᠯᠡᠳᠡᠭ᠃ ᠲᠣᠮᠣ ᠬᠥᠮᠦᠰ ᠲᠤ ᠲᠡᠭᠡᠵᠦ ᠴᠡᠭᠡᠷᠯᠡᠭᠦᠯᠬᠦ ᠶᠦᠮ ᠪᠣᠯ ᠳᠠᠷᠠᠭ᠎ᠠ ᠲᠥᠷᠥᠯ ᠳ᠋ᠦ᠍ ᠪᠡᠨ ᠴᠢᠳᠬᠥᠷ ᠪᠣᠯᠤᠭᠰᠠᠨ ᠴᠤ᠌ ᠶᠠᠭᠠᠮᠠᠢ ᠭᠡᠮᠡᠨ ᠣᠢᠰᠢᠶᠠᠬᠤ ᠦᠭᠡᠢ ᠰᠢᠦ ᠳᠡ᠂ ᠡᠨᠡ ᠪᠣᠯ ᠮᠠᠨ ᠤ᠋ ᠠᠷᠠᠳ ᠤ᠋ᠨ ᠰᠣᠶᠣᠯ ᠵᠠᠩᠰᠢᠯ ᠤ᠋ᠨ ᠭᠠᠢᠬᠠᠮᠰᠢᠭ ᠶᠤᠮ᠃ ᠨᠤᠭᠤᠰᠤ ᠢᠳᠡᠪᠡᠯ ᠨᠢᠰᠤᠩᠬᠠᠢ ᠪᠣᠯᠤᠨ᠎ᠠ᠂ ᠴᠢᠮᠥᠭᠡ ᠢᠳᠡᠪᠡᠯ ᠲᠡᠨᠡᠭ ᠪᠣᠯᠤᠨ᠎ᠠ ᠭᠡᠬᠦ ᠮᠡᠲᠦ ᠢᠳᠡᠬᠦ ᠲᠤᠬᠠᠢ ᠴᠡᠭᠡᠷ ᠣᠯᠠᠨ ᠪᠠᠢᠳᠠᠭ᠃ ᠲᠣᠮᠣ ᠬᠥᠮᠦᠰ ᠡᠳᠡᠭᠡᠷ ᠢ᠋ ᠢᠳᠡᠪᠡᠯ ᠲᠡᠵᠢᠭᠡᠯ ᠨᠥᠬᠥᠨ᠎ᠡ᠂ ᠪᠣᠢᠵᠢᠯᠲᠠ ᠶ᠋ᠢᠨ ᠨᠠᠰᠤᠨ ᠳ᠋ᠤ᠌ ᠪᠠᠨ ᠪᠠᠢᠭ᠎ᠠ ᠬᠡᠦᠬᠡᠳ ᠲᠤ ᠪᠣᠯ ᠡᠳᠡᠭᠡᠷ ᠨᠢ ᠠᠰᠢᠭ ᠦᠭᠡᠢ ᠭᠡᠰᠡᠨ ᠢ᠋ ᠰᠢᠨᠵᠢᠯᠡᠬᠦ ᠤᠬᠠᠭᠠᠨ ᠲᠣᠳᠣᠷᠬᠠᠢᠯᠠᠭᠰᠠᠨ᠃ ᠭᠡᠲᠡᠯ᠎ᠡ ᠬᠡᠦᠬᠡᠳ ᠰᠢᠨᠵᠢᠯᠡᠬᠦ ᠤᠬᠠᠭᠠᠨ ᠤ᠋ ᠶᠣᠰᠣ ᠶ᠋ᠢ ᠬᠦᠯᠢᠶᠡᠬᠦ ᠴᠤ᠌ ᠪᠢᠰᠢ ᠳᠡ᠂ ᠬᠠᠷᠢᠨ ᠡᠳᠡᠭᠡᠷ ᠴᠡᠭᠡᠷ ᠨᠢ ᠬᠡᠦᠬᠡᠳ ᠦ᠋ᠨ ᠰᠡᠳᠬᠢᠴᠡ ᠳ᠋ᠦ᠍ ᠲᠣᠬᠢᠷᠠᠵᠤ ᠪᠠᠢᠳᠠᠭ᠃ ᠮᠣᠷᠠᠯ ᠤ᠋ᠨ ᠬᠥᠮᠦᠵᠢᠯ ᠬᠢᠬᠦ ᠳ᠋ᠦ᠍ ᠪᠡᠨ ᠬᠥᠮᠦᠨ ᠦ᠌ ᠡᠮᠦᠨ᠎ᠡ ᠡᠴᠡ ᠲᠦᠢ ᠭᠡᠵᠦ ᠨᠢᠯᠪᠤᠪᠠᠯ ᠠᠮᠠᠨ ᠬᠦᠨᠡᠰᠦ ᠪᠡᠨ ᠪᠠᠷᠠᠨ᠎ᠠ᠂ ᠬᠥᠮᠦᠨ ᠬᠠᠷᠢᠶᠠᠪᠠᠯ ᠠᠮᠠᠨ ᠳᠡᠭᠡᠷ᠎ᠡ ᠴᠢᠨᠢ ᠶᠠᠷ᠎ᠠ ᠭᠠᠷᠤᠨ᠎ᠠ᠂ ᠵᠠᠮ ᠳᠡᠭᠡᠷ᠎ᠡ ᠪᠡᠶ᠎ᠡ ᠵᠠᠰᠠᠪᠠᠯ ᠰᠠᠭᠤᠳᠠᠯ ᠳᠡᠭᠡᠷ᠎ᠡ ᠨᠢ ᠬᠠᠲᠠᠭᠢ ᠭᠠᠷᠤᠨ᠎ᠠ ᠭᠡᠬᠦ ᠮᠡᠲᠦ ᠪᠡᠷ ᠴᠡᠭᠡᠷᠯᠡᠭᠦᠯᠳᠡᠭ ᠨᠢ ᠬᠡᠦᠬᠡᠳ ᠠᠮᠲᠠᠲᠠᠢ ᠶᠠᠭᠤᠮ᠎ᠠ ᠣᠯᠵᠤ ᠢᠳᠡᠬᠦ ᠦᠭᠡᠢ ᠪᠣᠯᠬᠤ ᠠ᠋ᠴᠠ ᠬᠢᠴᠢᠶᠡᠬᠦ᠂ ᠠᠮᠠ᠂ ᠰᠠᠭᠤᠳᠠᠯ ᠳᠡᠭᠡᠷ᠎ᠡ ᠨᠢ ᠶᠠᠷ᠎ᠠ ᠰᠢᠷᠬ᠎ᠠ ᠭᠠᠷᠬᠤ ᠠ᠋ᠴᠠ ᠠᠶᠤᠬᠤ ᠰᠡᠳᠬᠢᠴᠡ ᠶ᠋ᠢ ᠠᠰᠢᠭᠯᠠᠨ ᠲᠤᠩ ᠬᠢᠯᠪᠠᠷᠬᠠᠨ ᠢ᠋ᠶ᠋ᠠᠷ ᠬᠡᠦᠬᠡᠳ ᠢ᠋ᠶ᠋ᠡᠨ ᠪᠣᠯᠪᠠᠰᠤᠨ ᠰᠠᠢᠬᠠᠨ ᠵᠠᠩᠰᠢᠯ ᠲᠠᠢ ᠪᠣᠯᠭᠠᠨ ᠬᠡᠪᠰᠢᠭᠦᠯᠳᠡᠭ᠃
ᠪᠠᠢᠵᠠᠢ᠃ ᠬᠢᠲᠤᠭ᠎ᠠ ᠰᠢᠪᠦᠭᠡ ᠭᠠᠯ ᠤ᠋ᠨ ᠲᠤᠬᠠᠢ ᠴᠡᠭᠡᠷ ᠨᠢ ᠪᠦᠷ ᠠᠮᠤᠷ ᠲᠦᠪᠰᠢᠨ ᠦ᠌ ᠬᠥᠮᠦᠵᠢᠯ ᠪᠠᠢᠵᠤ᠂ ᠦᠷ᠎ᠡ ᠦᠨᠳᠦᠰᠦ ᠲᠡᠢ ᠡᠪᠡᠰᠦ ᠮᠣᠳᠣᠨ ᠤ᠋ ᠮᠥᠴᠢᠷ ᠰᠠᠯᠠᠭ᠎ᠠ ᠶ᠋ᠢ ᠬᠤᠭᠤᠴᠢᠪᠠᠯ ᠦᠨᠳᠦᠰᠦ ᠤᠭᠰᠠᠭ᠎ᠠ ᠲᠠᠰᠤᠷᠠᠨ᠎ᠠ ᠭᠡᠬᠦ᠂ ᠰᠢᠪᠠᠭᠤᠨ ᠤ᠋ ᠥᠨᠳᠡᠭᠡᠨ ᠳᠡᠭᠡᠷ᠎ᠡ ᠰᠡᠭᠦᠳᠡᠷ ᠢ᠋ᠶ᠋ᠡᠨ ᠳᠤᠰᠬᠠᠪᠠᠯ ᠰᠢᠪᠠᠭᠤᠳ ᠥᠨᠳᠡᠭᠡ ᠪᠡᠨ ᠬᠠᠶᠠᠨ᠎ᠠ ᠭᠡᠮᠡᠨ ᠴᠡᠭᠡᠷᠯᠡᠭᠦᠯᠳᠡᠭ ᠨᠢ ᠪᠠᠢᠭᠠᠯᠢ ᠣᠷᠴᠢᠨ ᠤ᠋ ᠲᠤᠬᠠᠢ ᠬᠥᠮᠦᠵᠢᠯ ᠪᠣᠯᠳᠠᠭ᠃
   ᠡᠨᠡ ᠮᠡᠲᠦ ᠪᠡᠷ ᠠᠵᠢᠯᠴᠢ ᠠᠷᠪᠢᠴᠢ᠂ ᠬᠥᠳᠡᠯᠮᠦᠷᠢᠴᠢ ᠪᠣᠷᠣᠭᠵᠢᠭᠤᠨ᠂ ᠪᠣᠯᠪᠠᠰᠤᠨ ᠮᠣᠷᠠᠯ᠂ ᠡᠷᠡᠭᠦᠯ ᠡᠩᠬᠡ ᠶ᠋ᠢᠨ ᠳᠠᠳᠬᠠᠯ ᠢ᠋ ᠬᠡᠦᠬᠡᠳ ᠦ᠋ᠨ ᠰᠡᠳᠬᠢᠴᠡ ᠳ᠋ᠦ᠍ ᠲᠣᠬᠢᠷᠠᠮᠵᠢᠲᠠᠢ ᠵᠠᠮ ᠢ᠋ᠶ᠋ᠠᠷ ᠲᠤᠩ ᠰᠢᠯᠤᠭᠤᠬᠠᠨ ᠬᠡᠪᠰᠢᠭᠦᠯᠵᠦ ᠪᠠᠢᠭᠰᠠᠨ ᠰᠢᠯᠢᠳᠡᠭ ᠤᠯᠠᠮᠵᠢᠯᠠᠯ ᠢ᠋ᠶ᠋ᠠᠨ ᠥᠪᠯᠡᠵᠦ ᠶᠠᠪᠤᠬᠤ ᠶ᠋ᠢ ᠭᠡᠷ ᠦ᠋ᠨ ᠠᠬᠠᠮᠠᠳ ᠪᠣᠯᠤᠭᠰᠠᠨ ᠪᠢᠳᠡ ᠨᠠᠷ ᠠᠩᠬᠠᠷᠬᠤ ᠴᠢᠬᠤᠯᠠ ᠲᠠᠢ ᠪᠠᠢᠨ᠎ᠠ᠃ ᠣᠨᠴᠠᠭᠠᠢᠯᠠᠨ ᠵᠠᠯᠠᠭᠤ ᠡᠴᠢᠭᠡ ᠡᠬᠡᠴᠦᠦᠯ ᠮᠠᠯᠴᠢᠨ ᠠᠷᠠᠳ ᠤ᠋ᠨ ᠰᠢᠯᠢᠳᠡᠭ ᠰᠠᠢᠬᠠᠨ ᠶᠣᠰᠣ ᠵᠠᠩᠰᠢᠯ ᠢ᠋ᠶ᠋ᠠᠨ ᠬᠠᠶᠠᠵᠤ ᠪᠠᠢᠬᠤ᠂ ᠨᠡᠩ ᠴᠤ᠌ ᠬᠡᠦᠬᠡᠳ ᠲᠤ ᠪᠡᠨ ᠤᠯᠠᠮᠵᠢᠯᠠᠬᠤ ᠦᠭᠡᠢ ᠪᠠᠢᠬᠤ ᠪᠣᠯ ᠮᠠᠨ ᠤ᠋ ᠥᠪ ᠰᠣᠶᠣᠯ ᠤ᠋ᠨ ᠲᠣᠮᠣᠬᠠᠨ ᠬᠣᠬᠢᠷᠠᠯ ᠭᠡᠳᠡᠭ ᠢ᠋ ᠮᠡᠳᠡᠬᠦ ᠴᠢᠬᠤᠯᠠ ᠲᠠᠢ᠃ ᠶᠡᠷᠦ ᠨᠢ ᠨᠢᠯᠬ᠎ᠠ ᠬᠡᠦᠬᠡᠳ ᠲᠤ ᠠᠩᠬᠠᠨ ᠤ᠋ ᠬᠥᠮᠦᠵᠢᠯ ᠢ᠋ᠶ᠋ᠡᠷ ᠳᠠᠮᠵᠢᠨ ᠰᠠᠢᠨ ᠮᠠᠭᠤ ᠶᠠᠮᠠᠷ ᠴᠤ᠌ ᠳᠠᠳᠬᠠᠯ ᠢ᠋ ᠬᠡᠪᠰᠢᠭᠦᠯᠬᠦ ᠳ᠋ᠦ᠍ ᠪᠦᠷ ᠬᠢᠯᠪᠠᠷᠬᠠᠨ ᠪᠠᠢᠳᠠᠭ᠂ ᠬᠠᠷᠢᠨ ᠬᠡᠦᠬᠡᠳ ᠲᠤ ᠶᠠᠮᠠᠷ ᠨᠢᠭᠡᠨ ᠵᠠᠩ ᠮᠣᠷᠠᠯ ᠬᠡᠪᠰᠢᠭᠰᠡᠨ ᠬᠣᠢᠨ᠎ᠠ ᠲᠡᠭᠦᠨ ᠢ᠋ ᠨᠢ ᠵᠠᠰᠠᠵᠤ ᠵᠠᠯᠠᠷᠠᠭᠤᠯᠬᠤ ᠳ᠋ᠤ᠌ ᠬᠠᠷᠢᠨ ᠲᠤᠩ ᠬᠡᠴᠡᠭᠦᠦ ᠪᠠᠢᠳᠠᠭ᠂ ᠲᠡᠭᠡᠬᠦ ᠪᠡᠷ ᠬᠡᠦᠬᠡᠳ ᠦ᠋ᠨ ᠢ᠋ᠶ᠋ᠡᠨ ᠠᠮᠢᠳᠤᠷᠠᠯ ᠬᠤᠪᠢ ᠵᠠᠶᠠᠭᠠᠨ ᠤ᠋ ᠤᠤᠭᠠᠨ ᠮᠥᠷᠲᠡᠭᠡᠨ ᠨᠠᠰᠤᠨ ᠲᠤᠷᠰᠢᠲᠠ ᠶ᠋ᠢᠨ ᠪᠠᠭᠰᠢ ᠪᠣᠯᠤᠭᠰᠠᠨ ᠡᠴᠢᠭᠡ ᠡᠬᠡ ᠶ᠋ᠢᠨ ᠠᠩᠬᠠᠨ ᠤ᠋ ᠬᠥᠮᠦᠵᠢᠯ ᠪᠤᠶᠤ ᠭᠡᠷ ᠪᠦᠯᠢ ᠶ᠋ᠢᠨ ᠤᠳᠤᠮᠰᠢᠯ ᠤᠬᠠᠭᠠᠨ ᠬᠡᠦᠬᠡᠳ ᠦ᠋ᠨ ᠬᠥᠮᠦᠨ ᠪᠣᠯᠬᠤ ᠳ᠋ᠤ᠌ ᠨᠠᠶᠠᠨ ᠬᠤᠪᠢ ᠶ᠋ᠢᠨ ᠬᠠᠷᠢᠭᠤᠴᠠᠯᠭ᠎ᠠ ᠪᠤᠶᠤ ᠭᠠᠪᠢᠶ᠎ᠠ ᠲᠠᠢ ᠭᠡᠮᠡᠨ ᠴᠢᠬᠤᠯᠠᠴᠢᠯᠠᠵᠤ ᠪᠠᠢᠳᠠᠭ ᠤ᠋ᠨ ᠤᠴᠢᠷ ᠶᠣᠰᠣ ᠨᠢ ᠡᠨᠳᠡ ᠪᠠᠢᠭ᠎ᠠ ᠶᠤᠮ᠃ ᠡᠨᠡ ᠨᠢ ᠮᠥᠨ ᠴᠦ᠍ ᠠᠪᠤ ᠡᠵᠢ ᠶ᠋ᠢᠨ ᠰᠣᠶᠣᠯ ᠰᠤᠷᠲᠠᠯ ᠤ᠋ᠨ ᠬᠢᠷᠢ ᠲᠦᠪᠰᠢᠨ ᠡᠴᠡ ᠬᠡᠦᠬᠡᠳ ᠦ᠋ᠨ ᠬᠡᠪ ᠴᠢᠨᠠᠷ ᠲᠣᠭᠲᠠᠭᠠᠭᠳᠠᠨ᠎ᠠ ᠭᠡᠳᠡᠭ ᠡᠰᠢ ᠤᠬᠠᠭᠠᠨ ᠢ᠋ ᠴᠤ᠌ ᠲᠣᠳᠣᠷᠬᠠᠢᠯᠠᠭᠰᠠᠨ ᠪᠠᠢᠨ᠎ᠠ᠂ ᠬᠢᠷᠢ ᠲᠡᠩᠴᠡᠭᠰᠡᠨ ᠠᠪᠤ ᠡᠵᠢ ᠰᠠᠭᠤᠶ᠎ᠠ ᠭᠡᠪᠡᠯ ᠪᠡᠶ᠎ᠡ ᠪᠡᠨ ᠦᠷᠭᠦᠯᠵᠢ ᠥᠭᠡᠳᠡ ᠨᠢ ᠲᠠᠲᠠᠵᠤ ᠶᠠᠪᠤᠭᠠᠷᠠᠢ ᠬᠥᠮᠦᠨ ᠦ᠌ ᠰᠠᠢᠬᠠᠨ ᠲᠩᠷᠢ ᠪᠣᠯᠤᠭᠰᠠᠨ ᠡᠴᠢᠭᠡ ᠡᠬᠡᠴᠦᠦᠯ ᠮᠢᠨᠢ!

   ᠦᠰᠦᠭ ᠠᠮᠢᠯᠠᠭᠤᠯᠤᠭᠴᠢ᠄ ᠬᠣᠩ ᠮᠧᠢ
   ᠬᠢᠨᠠᠭᠴᠢ᠄ ᠣᠳᠬᠠᠨᠰᠣ᠎ᠠ